ᠲᠡᠭᠷᠢ ᠬᠡᠮᠡᠨ ᠠᠯᠳᠠᠷᠰᠢᠭᠰᠠᠨ ᠶᠡᠭᠡ ᠠᠷᠰᠢ ᠶᠢᠨ ᠨᠢᠭᠡᠳᠦᠭᠡᠷ ᠪᠦᠯᠦᠭ
ᠨᠡᠶᠢᠲᠡᠯᠡᠭᠰᠡᠨ ᠴᠠᠭ᠄
2019/11/5
 ᠬᠦᠬᠡ ᠮᠣᠩᠭᠤᠯ ᠤᠨ ᠬᠦᠬᠡ ᠲᠤᠭ ︵ᠹᠷᠠᠨᠼᠢ︶ ᠯᠸᠣᠨ᠋ᠨ ᠺᠦᠨ᠋ᠨ ᠵᠣᠬᠢᠶᠠᠪᠠ ︵ᠪᠦᠷᠢᠶᠠᠳ︶ ᠵ᠊ · ᠴᠠᠸᠡᠩ ᠣᠷᠴᠢᠭᠤᠯᠪᠠ ᠨᠢᠭᠡ ᠮᠢᠩᠭ᠎ᠠ ᠨᠢᠭᠡᠨ ᠵᠠᠭᠤᠨ ᠶᠡᠷᠡᠨ ᠲᠦᠷᠪᠡᠳᠦᠭᠡᠷ ᠣᠨ ᠳᠤᠷ ᠠᠽᠢᠶ᠎ᠠ ᠲᠢᠪ ᠤᠨ ᠠᠯᠳᠠᠷᠳᠣ ᠶᠡᠭᠡ ᠣᠷᠣᠨ ᠳᠤᠷ ᠡᠪᠦᠯ ᠢᠨᠣ ᠬᠦᠢᠳᠡᠨ ᠴᠠᠰᠣᠨ ᠶᠡᠭᠡ᠂ ᠬᠤᠳᠣᠩ ᠤᠨ ᠨᠣᠳᠤᠭ ᠲᠣᠩ ᠴᠠᠭᠠᠨ ᠪᠣᠯᠵᠦ ᠨᠢᠳᠣ ᠬᠢᠯᠪᠠᠮᠦᠢ᠃ ᠲᠢᠶᠡᠨ ᠱᠠᠨ ᠬᠡᠮᠡᠬᠦ ᠲᠡᠭᠷᠢ ᠠᠭᠤᠯᠨ ᠶᠢᠨ ᠣᠯᠠᠨ ᠦᠨᠳᠦᠷ ᠤᠳ ᠬᠦᠬᠡ ᠣᠭᠳᠠᠷᠭᠤᠢ ᠯᠤᠭ᠎ᠠ ᠰᠠᠴᠣᠭᠤ ᠦᠵᠡᠭᠳᠡᠭᠡᠳ ᠪᠠᠯ ᠠᠴᠠ ᠲᠣᠷᠣᠭᠰᠢ ᠬᠠᠷᠠᠩᠭᠤᠢ ᠮᠠᠨᠠᠨ ᠪᠣᠳᠠᠩ ᠡᠬᠦᠯᠨ ᠮᠡᠳᠣ ᠲᠠᠳᠠᠵᠦ ᠣᠷᠴᠢᠨ ᠲᠣᠭᠤᠷᠢᠨ ᠴᠢᠮᠡᠭᠡ ᠠᠨᠢᠷ ᠦᠬᠡᠢ ᠪᠠᠶᠢᠳᠠᠯ᠎ᠠ᠂ ᠲᠣᠷᠣᠨ᠎ᠠ ᠵᠦᠭ ᠤᠨ ᠠᠭᠤᠯᠠᠰ ᠤᠨ ᠣᠷᠣᠢ ᠲᠡᠭᠡᠭᠦᠷ ᠴᠠᠭᠠᠨ ᠲᠣᠶᠠᠭ᠎ᠠ ᠴᠠᠶᠢᠵᠦ ᠦᠨᠳᠦᠷ ᠤᠳ ᠢ ᠲᠠᠪᠠᠭᠰᠠᠭᠠᠷ ᠨᠠᠷᠠᠨ ᠮᠠᠨᠳᠣᠬᠤᠢ ᠯᠤᠭ᠎ᠠ ᠬᠡᠳᠦᠷᠬᠡᠢ ᠠᠭᠤᠳᠠᠮ ᠴᠠᠭᠠᠨ ᠲᠠᠯ᠎ᠠ ᠳᠤ ᠠᠳᠡ ᠲᠡᠨᠳᠡ ᠠᠴᠠ ᠣᠳᠣᠭᠠᠨ ᠪᠣᠷ ᠪᠣᠷ ᠣᠷᠭᠢᠯᠣᠨ ᠭᠠᠷᠣᠭᠠᠳ ᠮᠠᠨᠠᠭᠠᠨ ᠤ ᠠᠳᠣᠭᠤᠳ ᠢᠨᠴᠠᠭᠠᠬᠤ ᠰᠣᠨᠣᠰᠳᠠᠮᠣᠢ᠃ ᠡᠨᠡ ᠣᠯᠠᠨ ᠰᠦᠷᠦᠭ ᠤᠳ ᠬᠡᠨ ᠤ ᠪᠣᠯᠣᠮᠣᠢ ᠬᠡᠮᠡᠨ ᠠᠰᠠᠭᠤᠪᠠᠰᠣ ᠯᠠᠯᠣ ᠶᠢᠨ ᠮᠦᠷᠭᠦᠯ ᠲᠠᠢ ᠣᠶᠢᠭᠤᠷ ᠠᠶᠢᠮᠠᠭ ᠨᠡᠬᠦᠵᠦ ᠢᠷᠡᠭᠡᠳ ᠢᠰᠡᠭ ᠬᠦᠯ ᠨᠠᠭᠤᠷ ᠤᠨ ᠬᠦᠪᠡᠭᠡ ᠳᠠᠬᠢ ᠠᠯᠮᠠᠳᠣ ᠬᠤᠳᠠ ᠶᠢᠨ ᠣᠷᠴᠢᠨ ᠡᠪᠦᠯᠵᠢᠨ ᠨᠣᠳᠣᠭᠯᠠᠮᠣᠢ᠃ ᠡᠨᠡᠬᠦ ᠣᠶᠢᠭᠤᠷ ᠠᠶᠢᠮᠠᠭ ᠤᠨ ᠡᠵᠡᠨ ᠢᠬᠡᠳᠦᠯᠮᠡᠭ ᠤᠨ ᠪᠡᠶ᠎ᠡ ᠦᠷᠯᠦᠭᠡ ᠡᠷᠳᠡ ᠪᠣᠰᠣᠭᠠᠳ ᠮᠣᠷᠢᠳ ᠤᠨ ᠬᠠᠰᠢᠶᠠᠨ ᠤ ᠡᠬᠦᠳᠡᠨ ᠳᠤ ᠬᠦᠷᠴᠦ ᠡᠴᠢᠭᠡᠳ ᠰᠠᠶᠢᠬᠠᠨ ᠴᠠᠭᠠᠨ ᠮᠣᠷᠢᠨ ᠢᠶᠠᠨ ᠦᠬᠡᠢ ᠪᠣᠯᠣᠭᠰᠠᠨ ᠢ ᠦᠵᠡᠵᠦ ᠶᠡᠬᠡᠳᠡ ᠰᠣᠴᠢᠨ ᠠᠮᠨ ᠪᠠᠨ ᠠᠩᠭᠠᠶᠢᠭᠠᠳ ᠴᠢᠷᠠᠢ ᠠᠨᠣ ᠣᠯᠠᠶᠢᠨ᠂ ᠬᠠᠳᠠᠩᠬᠢᠷ ᠬᠤᠷᠣᠭᠤ ᠪᠠᠨ ᠲᠡᠮᠡᠶᠢᠯᠨ ᠮᠣᠰᠬᠢᠯᠠᠨ ᠭᠠᠶᠢᠬᠠᠨ ᠵᠣᠭᠰᠣᠵᠣᠬᠤᠢ᠃ ᠮᠣᠷᠢᠨ ᠤ ᠪᠠᠶᠢᠭᠰᠠᠨ ᠭᠠᠵᠠᠷ ᠢ ᠬᠢᠨᠠᠵᠦ ᠦᠵᠡᠪᠡᠰᠦ ᠣᠶᠠᠭ᠎ᠠ ᠪᠠᠨ ᠲᠠᠰᠣᠯᠣᠭᠠᠳ ᠶᠠᠪᠣᠵᠣᠬᠤᠢ᠃ ᠲᠡᠨᠳᠡ ᠠᠴᠠ ᠬᠤᠷᠳᠣᠨ᠎ᠠ ᠬᠡᠬᠡᠷ᠎ᠡ ᠭᠠᠵᠠᠷ ᠭᠠᠷᠴᠦ ᠬᠠᠶᠢᠷᠠᠲᠠᠢ ᠮᠣᠷᠢ ᠪᠠᠨ ᠢᠰᠭᠡᠷᠦᠨ ᠲᠠᠭᠤᠳᠠᠵᠦ ᠭᠠᠷ ᠢᠶᠠᠨ ᠴᠢᠬᠢᠨ ᠳᠡᠭᠡᠨ ᠪᠠᠷᠢᠨ ᠴᠢᠩᠨᠠᠪᠠᠰᠣ ᠲᠦᠪᠡᠷᠭᠡᠨ ᠦᠯᠦ ᠰᠣᠨᠣᠰᠳᠠᠨ᠂ ᠶᠠᠮᠪᠠᠷ ᠴᠣ᠋ ᠴᠢᠮᠡᠭᠡ ᠠᠨᠢᠷ ᠭᠠᠷᠣᠭᠰᠠᠨ ᠦᠬᠡᠢ ᠠᠵᠣᠭᠤ᠃ ᠬᠠᠷᠢᠨ ᠲᠡᠷᠭᠡᠳᠡ ᠨᠢ ᠪᠣᠭᠤᠯᠴᠣᠳ ᠲᠣᠭᠤᠷᠢᠨ ᠡᠯᠢᠭᠡ ᠪᠠᠨ ᠲᠡᠪᠡᠷᠢᠵᠦ ᠡᠵᠡᠨ ᠤ ᠵᠠᠷᠯᠢᠭ ᠢ ᠬᠦᠯᠢᠶᠡᠨ ᠵᠣᠭᠰᠣᠵᠣᠬᠤᠢ᠃ ᠡᠵᠡᠨ ᠰᠠᠶ᠋ᠢ ᠠᠮᠨ ᠨᠡᠬᠡᠬᠡᠵᠦ ︽ᠮᠣᠷᠢᠳ ᠢᠶᠠᠨ ᠡᠮᠡᠬᠡᠯᠯᠡᠨ ᠮᠣᠷᠳᠠᠵᠦ ᠮᠢᠨᠣ ᠴᠠᠭᠠᠨ ᠠᠵᠢᠷᠭ᠎ᠠ ᠶᠢ ᠣᠯᠵᠦ ᠢᠷᠡᠭᠳᠦᠨ︕︾ ᠬᠡᠮᠡᠬᠦ ᠦᠬᠡ ᠲᠠᠭᠤᠰᠬᠤ ᠶᠢᠨ ᠣᠷᠢᠳ᠂ ᠪᠡᠶ᠎ᠡ ᠢᠨᠣ ᠭᠤᠸ᠎ᠠ ᠦᠵᠡᠰᠬᠦᠯᠡᠩᠲᠠᠢ᠂ ᠦᠰᠦᠨ ᠢᠨᠣ ᠵᠦᠬᠡᠯᠡᠨ ᠪᠦᠬᠡᠳ ᠬᠠᠷ᠎ᠠ ᠲᠡᠪᠬᠡ ᠬᠡᠵᠢᠬᠡ ᠲᠠᠢ᠂ ᠨᠢᠳᠣᠨ ᠢᠨᠣ ᠬᠤᠷᠴᠨ ᠵᠣᠷᠢᠮᠭᠠᠷ ᠨᠢᠭᠡᠨ ᠵᠠᠯᠠᠭᠤᠬᠠᠨ ᠬᠦᠪᠡᠬᠦᠨ ᠲᠡᠷᠭᠡᠳᠡ ᠢᠨᠣ ᠢᠷᠡᠵᠦ᠄ ︽ᠠᠪᠤ ᠮᠢᠨᠣ ᠡ᠂ ᠪᠢ ᠡᠳᠡᠨ ᠯᠦᠭᠡ ᠬᠠᠮᠳᠣ ᠶᠠᠪᠣᠶ᠎ᠠ︾ ᠬᠡᠮᠡᠪᠡᠰᠣ ᠢᠬᠡᠳᠦᠯᠮᠡᠭ ᠡᠵᠡᠨ ᠣᠷᠢᠬᠠᠨ ᠨᠢᠳᠣᠨ ᠢᠶᠠᠷ ᠬᠦᠪᠡᠬᠦᠨ ᠢᠶᠠᠨ ᠬᠠᠷᠠᠵᠦ᠂ ᠮᠦᠷᠦᠨ ᠲᠡᠭᠡᠷ᠎ᠡ ᠢᠨᠣ ᠭᠠᠷ ᠢᠶᠠᠨ ᠲᠠᠯᠪᠢᠨ᠂ ᠬᠦᠪᠡᠬᠦᠨ ᠤ ᠬᠢᠯᠠᠯᠵᠠᠭᠰᠠᠨ ᠪᠠᠭᠠᠳᠣᠷ ᠵᠣᠷᠢᠮᠠᠭ ᠠᠬᠤ ᠶᠢ ᠮᠡᠳᠡᠭᠡᠳ ᠦᠪᠡᠷ ᠤᠨ ᠢᠳᠡᠷ ᠵᠠᠯᠠᠭᠤ ᠶᠠᠪᠣᠭᠰᠠᠨ ᠢ ᠰᠠᠨᠠᠵᠦ ᠢᠨᠢᠶᠡᠮᠰᠦᠭᠯᠡᠨ ᠲᠣᠯᠣᠭᠠᠢ ᠪᠠᠨ ᠲᠣᠬᠢᠵᠦ ᠵᠦᠪᠰᠢᠶᠡᠷᠡᠪᠠᠢ᠃ ᠲᠡᠷᠨ ᠬᠦᠪᠡᠬᠦᠨ ᠪᠠᠶᠠᠷᠯᠠᠨ ᠬᠦᠬᠡᠷᠴᠦ᠂ ᠠᠪᠤ ᠡᠵᠢ᠂ ᠠᠬ᠎ᠠ ᠲᠡᠬᠦᠦ᠂ ᠦᠬᠢᠨ ᠲᠡᠭᠦᠦ ᠯᠦᠭᠡ ᠶᠠᠪᠣᠬᠤ ᠶᠢᠨ ᠮᠡᠨᠳᠣ ᠶᠢ ᠮᠡᠳᠡᠯᠴᠡᠬᠦᠢ  ᠳᠤᠷ ᠠᠷᠪᠠᠨ ᠭᠤᠷᠪᠠᠨ ᠨᠠᠰᠣᠳᠠᠢ ᠦᠬᠢᠨ ᠲᠡᠭᠦᠦ ᠢᠨᠣ ᠪᠠᠭ᠎ᠠ ᠠᠴᠠ ᠪᠠᠨ ᠢᠵᠢᠯᠢᠳᠣᠨ ᠨᠠᠭᠠᠳᠴᠣ ᠲᠠᠰᠣᠭᠰᠠᠨ ᠪᠠ ᠬᠤᠵᠢᠮ ᠰᠠᠶᠢᠨ ᠪᠠᠭᠠᠳᠣᠷ ᠪᠣᠯᠵᠣ᠂ ᠠᠶᠢᠮᠠᠭ ᠤᠨ ᠲᠡᠷᠢᠬᠦᠨ ᠮᠠᠭᠠᠳ ᠪᠣᠯᠣᠮᠦᠢ ᠬᠡᠮᠡᠨ ᠰᠠᠨᠠᠳᠠᠭ ᠲᠣᠯᠨ᠂ ᠠᠬ᠎ᠠ  ᠪᠠᠨ ᠴᠢᠩᠭ᠎ᠠ ᠲᠡᠪᠡᠷᠢᠵᠦ ᠠᠷᠠᠶᠢᠬᠠᠨ ᠬᠠᠭᠠᠴᠠᠪᠠᠢ᠃ ᠲᠡᠷᠨ ᠬᠦᠪᠡᠬᠦᠨ ᠬᠡᠳᠦᠨ ᠨᠦᠬᠦᠳ ᠤᠨ ᠬᠠᠮᠳᠣ ᠮᠣᠷᠢᠨ  ᠳᠠᠭᠠᠨ ᠮᠣᠷᠳᠠᠵᠦ ᠨᠢᠰᠬᠦ ᠮᠡᠳᠣ ᠲᠠᠪᠬᠢᠯᠳᠣᠨ᠂ ᠮᠣᠷᠢᠳ ᠤᠨ ᠲᠣᠭᠤᠷᠠᠢ ᠪᠠᠷ ᠴᠠᠰᠣᠨ ᠢ ᠬᠤᠢ ᠮᠡᠳᠣ ᠪᠣᠵᠢᠬᠢᠨᠠᠭᠤᠯᠣᠭᠰᠠᠭᠠᠷ ᠳᠠᠯᠳᠠ ᠣᠷᠣᠪᠠᠢ᠃ ᠲᠡᠨᠳᠡ ᠠᠴᠠ ᠴᠢᠨᠠᠭᠰᠢ ᠶᠠᠪᠣᠭᠰᠠᠨ ᠡᠷᠢᠯᠴᠢᠨ ᠨᠠᠷ ᠤᠨ ᠵᠠᠮ ᠳᠤᠷ ᠵᠠᠷᠢᠮ ᠦᠶ᠎ᠡ ᠬᠠᠷᠠᠩᠭᠤᠳᠣᠭᠰᠠᠨ ᠴᠢᠨ᠋ᠸ᠎ᠡ  ᠨᠤᠭᠤᠳ ᠰᠦᠷᠦᠭ ᠰᠦᠷᠦᠭ ᠢᠶᠠᠷ ᠡᠮᠦᠨᠡᠬᠦᠷ ᠢᠨᠣ ᠬᠦᠨᠳᠡᠯᠢᠳᠣᠨ ᠪᠣᠭᠤᠯᠢ ᠬᠠᠶᠠᠮᠠᠷ ᠣᠶᠢᠷᠠᠳᠣᠮᠣᠢ᠃ ᠲᠣᠯᠣᠭᠠᠢ ᠶᠢᠨ ᠲᠡᠭᠡᠭᠦᠷ ᠪᠦᠷᠬᠦᠳ ᠰᠢᠪᠠᠭᠤ᠂ ᠬᠠᠷ᠎ᠠ ᠬᠡᠷᠢᠶ᠎ᠠ ᠲᠣᠣᠭᠠᠷᠣᠮᠣᠢ᠃ ᠲᠡᠳᠡ ᠨᠠᠷ ᠴᠠᠰᠣᠳᠠᠢ ᠭᠤᠪᠢ ᠲᠠᠯ᠎ᠠ ᠪᠠ ᠠᠭᠤᠯᠨ ᠶᠢᠨ ᠬᠠᠪᠴᠢᠯ ᠬᠢᠭᠡᠳ ᠣᠢ ᠶᠢᠨ ᠵᠣᠵᠠᠭᠠᠨ ᠳᠤᠷ ᠶᠠᠪᠣᠵᠦ ᠵᠦᠭ ᠪᠦᠬᠦᠨ᠎ᠠ ᠡᠷᠢᠪᠡᠴᠦ ᠵᠠᠪᠬᠠᠷᠠᠭᠰᠠᠨ ᠴᠠᠭᠠᠨ ᠠᠵᠢᠷᠭ᠎ᠠ ᠮᠣᠷᠢ ᠶᠢ ᠴᠣ᠋ ᠦᠵᠡᠯ ᠦᠬᠡᠢ ᠭᠤᠷᠪᠠᠨ ᠬᠤᠨᠤᠭ ᠡᠷᠢᠭᠡᠳ ᠴᠣ᠋ ᠣᠯᠣᠭᠰᠠᠨ ᠦᠬᠡᠢ ᠪᠣᠯᠪᠠᠴᠣ ᠭᠠᠷ ᠬᠤᠭᠤᠰᠣᠨ ᠢᠶᠠᠷ ᠬᠡᠷ ᠲᠡᠭᠡᠨ ᠬᠠᠷᠢᠬᠤ ᠶᠢ ᠲᠦᠪᠳᠡᠭᠰᠡᠨ ᠦᠬᠡᠢ᠃ ᠮᠠᠰᠢ ᠴᠠᠭᠠᠨ ᠲᠠᠯ᠎ᠠ ᠶᠢᠨ ᠲᠣᠮᠳᠠᠭᠤᠷ ᠡᠴᠡᠵᠦ ᠵᠦᠳᠡᠭᠰᠡᠨ ᠮᠣᠷᠢᠳ ᠢᠶᠠᠨ ᠭᠤᠶᠠᠳᠠᠨ ᠬᠠᠳᠠᠷᠢᠭᠤᠯᠵᠦ ᠶᠠᠪᠣᠳᠠᠯ᠎ᠠ ᠬᠡᠨᠡᠳᠳᠡ ᠮᠣᠷᠢᠨ ᠤ ᠲᠦᠪᠡᠷᠬᠡᠨ ᠰᠣᠨᠣᠰᠳᠠᠬᠤᠢ ᠳᠤ ᠬᠠᠷᠠᠪᠠᠰᠣ᠂ ᠨᠢᠭᠡᠨ ᠮᠣᠷᠢᠲᠠᠢ ᠬᠦᠮᠦᠨ ᠮᠣᠷᠢᠨ ᠤ ᠠᠮᠨ ᠮᠡᠳᠡᠨ ᠲᠠᠪᠬᠢᠵᠦ᠂ ᠬᠤᠶᠢᠨ᠎ᠠ ᠠᠴᠠ ᠢᠨᠣ ᠮᠣᠷᠢᠲᠠᠢ ᠬᠦᠮᠦᠰ ᠵᠡᠪᠰᠡᠭ ᠢᠶᠠᠨ ᠲᠠᠯᠠᠶᠢᠨ ᠬᠦᠬᠡᠬᠡᠵᠣᠬᠦᠢ᠃ ᠲᠠᠪᠬᠢᠭᠰᠠᠨ ᠬᠦᠮᠦᠨ ᠬᠦᠷᠴᠦ ᠢᠷᠡᠬᠦᠢ ᠶᠢ ᠦᠵᠡᠪᠡᠰᠦ ᠬᠠᠷᠢᠨ ᠮᠠᠨ ᠤ ᠡᠷᠢᠯ ᠤᠨ ᠬᠦᠮᠦᠰ ᠠᠴᠠ ᠣᠷᠢᠳ ᠲᠠᠩᠨᠠᠷ᠎ᠠ ᠶᠠᠪᠣᠭᠰᠠᠨ ᠬᠦᠮᠦᠨ ᠠᠵᠡᠢ᠃ ᠮᠣᠷᠢᠨ ᠠᠨᠣ ᠣᠰᠣᠨ ᠳᠤ ᠣᠷᠣᠭᠰᠠᠨ ᠬᠤᠯᠣᠭᠠᠨ᠎ᠠ ᠮᠡᠳᠣ ᠪᠣᠯᠵᠣᠬᠤᠢ᠃ ᠲᠡᠷᠨ ᠬᠦᠮᠦᠨ ᠮᠠᠰᠢᠳᠠ ᠠᠶᠣᠨ ᠭᠠᠯᠵᠠᠭᠤ ᠮᠡᠳᠣ ᠵᠠᠭᠤᠷᠠᠭᠰᠠᠨ ᠳᠠᠭᠠᠨ ᠠᠮᠢ ᠲᠡᠮᠡᠴᠡᠵᠦ ᠠᠷᠠᠶᠢᠬᠠᠨ ᠢᠶᠠᠷ ︽ᠲᠡᠭᠷᠢᠰ ᠤᠳ︾ ᠬᠡᠮᠡᠨ ᠦᠬᠦᠯᠡᠭᠡᠳ ᠮᠣᠷᠢᠨ ᠠᠴᠠ ᠦᠬᠦᠳᠬᠡᠨ ᠣᠨᠠᠵᠦ᠂ ᠠᠮᠢᠨ ᠤ ᠬᠦᠨᠳᠣ ᠰᠢᠷᠬ᠎ᠠ ᠣᠯᠣᠭᠰᠠᠨ ᠲᠣᠯᠨ ᠲᠠᠷᠣᠢ ᠦᠬᠦᠪᠡᠢ᠃ ᠲᠠᠷᠠᠭᠠᠪᠠᠷ ᠣᠶᠢᠭᠤᠷ ᠠᠶᠢᠮᠠᠭ ᠯᠤᠭ᠎ᠠ ᠦᠰᠢᠶᠡᠲᠠᠢ ᠲᠡᠭᠡ ᠢᠷᠭᠡᠨ ᠬᠡᠮᠡᠭᠴᠢ ᠲᠡᠭᠷᠢᠰ ᠤᠳ ᠬᠤᠷ ᠲᠡᠯ ᠲᠠᠢ ᠪᠢᠴᠢᠬᠠᠨ ᠮᠣᠷᠢᠳ ᠢᠶᠠᠨ ᠣᠨᠣᠵᠦ ᠲᠠᠪᠬᠢᠭᠰᠠᠭᠠᠷ ᠣᠶᠢᠷ᠎ᠠ ᠪᠣᠯᠬᠤᠢ ᠳᠤᠷ ᠲᠡᠳᠡᠨ ᠤ ᠪᠠᠷᠢᠭᠳᠠᠬᠤ ᠴᠠᠭ ᠢᠷᠡᠭᠰᠡᠨ ᠪᠣᠯᠪᠠᠴᠣ ᠪᠣᠭᠤᠯᠴᠣᠳ ᠪᠡᠶ᠎ᠡ ᠪᠠᠨ ᠪᠠᠷᠢᠭᠳᠠᠬᠤ ᠠᠴᠠ ᠬᠠᠶᠢᠬᠤᠷᠣᠭᠰᠠᠨ ᠦᠬᠡᠢ᠂ ᠭᠠᠭᠴᠠᠬᠦ ᠡᠵᠡᠨ ᠤ ᠠᠷᠪᠠᠨ ᠲᠠᠪᠣᠨ ᠨᠠᠰᠣᠳᠠᠢ ᠪᠠᠭ᠎ᠠ ᠬᠦᠪᠡᠬᠦᠨ ᠢ ᠪᠠᠷᠢᠭᠳᠠᠬᠤ ᠠᠴᠠ ᠠᠶᠣᠵᠦ᠂ ᠲᠡᠷᠨ ᠬᠦᠪᠡᠬᠦᠨ᠎ᠠ ᠶᠡᠭᠡ ᠬᠠᠶᠢᠷᠠᠲᠠᠢ᠂ ᠪᠠᠭ᠎ᠠ ᠠᠴᠠ ᠢᠨᠣ ᠭᠠᠷ ᠲᠠᠭᠠᠨ ᠡᠷᠬᠦᠵᠦ ᠦᠰᠭᠡᠭᠰᠡᠨ ᠡᠪᠦᠬᠡᠨ ᠪᠣᠭᠤᠯ ᠠᠨᠣ ᠦᠬᠦᠯᠡᠷᠦᠨ᠄ ︽ᠵᠠᠨ᠎ᠠ ᠬᠦᠪᠡᠬᠦᠨ ᠴᠢᠨᠣ ᠮᠣᠷᠢᠨ ᠰᠠᠶᠢᠨ ᠲᠣᠯᠨ ᠴᠢ ᠠᠮᠢ ᠭᠠᠷᠬᠤ ᠶᠢ ᠪᠣᠳᠣᠵᠦ ᠡᠨᠡ ᠭᠤᠣᠯ ᠢ ᠣᠷᠣᠭᠤᠳᠠᠨ ᠵᠢᠭᠤᠳᠠ᠂ ᠴᠢᠮᠠᠢᠢ ᠪᠢᠳᠠᠨ ᠪᠡᠶᠡᠰ ᠢᠶᠠᠷ ᠬᠠᠯᠬᠠᠯᠠᠶ᠎ᠠ︕︾ ᠬᠡᠮᠡᠬᠦᠢ ᠯᠦᠭᠡ ᠵᠠᠨ᠎ᠠ ᠬᠦᠪᠡᠬᠦᠨ ᠮᠣᠷᠢᠨ ᠢᠶᠠᠨ ᠲᠠᠰᠢᠭᠤᠷᠳᠠᠨ ᠰᠠᠯᠬᠢᠨ ᠮᠡᠳᠣ ᠣᠳᠬᠤᠢ ᠳᠤᠷ ᠠᠪᠤ ᠶᠢᠨ ᠰᠢᠳᠣᠷᠭᠤ ᠪᠣᠭᠤᠯᠴᠣᠳ ᠬᠤᠶᠢᠨ᠎ᠠ ᠠᠴᠠ ᠰᠠᠶᠢᠨ ᠢᠷᠦᠭᠡᠯ ᠬᠡᠯᠡᠬᠦᠢ ᠶᠢ ᠰᠣᠨᠣᠰᠳᠠᠯ᠎ᠠ᠂ ᠪᠠᠰᠠᠬᠦ ᠲᠡᠭᠷᠢᠰ ᠤᠳ ᠤᠨ ᠲᠣᠭᠰᠢᠨ ᠬᠠᠰᠭᠢᠷᠬᠤᠢ ᠶᠢ ᠰᠣᠨᠣᠰᠪᠠᠢ᠃ ᠲᠡᠨᠳᠡ ᠠᠴᠠ ᠬᠠᠷᠠᠭᠳᠠᠬᠤ ᠪᠠᠷ᠎ᠠ᠂ ᠰᠣᠨᠣᠰᠳᠠᠬᠤ ᠴᠢᠮᠡᠭᠡ ᠣᠭᠳᠣ ᠦᠬᠡᠢ ᠪᠣᠯᠣᠭᠠᠳ᠂ ᠵᠠᠨ᠎ᠠ ᠬᠦᠪᠡᠬᠦᠨ ᠤ ᠮᠣᠷᠢᠨ ᠡᠴᠡᠭᠰᠡᠨ ᠤ ᠲᠣᠯᠨ ᠠᠭᠠᠵᠢᠮ ᠢᠶᠠᠷ ᠶᠠᠪᠣᠵᠦ ᠭᠠᠴᠣᠷ᠎ᠠ ᠮᠣᠳᠣᠨ ᠤ ᠣᠢ ᠳᠤᠷ ᠬᠦᠷᠦᠭᠡᠳ ᠲᠣᠯᠣᠭᠠᠢ ᠪᠠᠨ ᠭᠠᠩᠬᠤᠭᠤᠯᠵᠦ ᠴᠠᠰᠣᠨ ᠴᠢᠮᠡᠭ ᠪᠣᠯᠣᠭᠰᠠᠨ ᠮᠣᠳᠣᠨ ᠤ ᠮᠦᠴᠢᠷ ᠢ ᠭᠠᠶᠢᠬᠠᠨ ᠦᠵᠡᠵᠦ ᠶᠠᠪᠣᠭᠰᠠᠭᠠᠷ ᠣᠢ ᠲᠣᠳᠣᠷ᠎ᠠ ᠵᠡᠪᠰᠡᠭ ᠲᠠᠢ ᠬᠡᠳᠦᠨ ᠬᠦᠮᠦᠰ ᠶᠠᠪᠣᠵᠦ ᠪᠠᠶᠢᠭᠰᠠᠨ ᠢ ᠬᠠᠷᠠᠭᠰᠠᠨ ᠦᠬᠡᠢ ᠠᠵᠡᠢ᠃ ᠬᠡᠳᠡᠯ᠎ᠡ ᠬᠡᠨᠡᠳᠳᠡ ᠬᠡᠳᠦᠨ ᠲᠡᠭᠷᠢᠰ ᠤᠳ ᠮᠣᠳᠣᠨ ᠤ ᠴᠢᠨᠠᠳᠣ ᠠᠴᠠ ᠭᠠᠷᠴᠣ ᠵᠠᠮ ᠬᠦᠨᠳᠡᠯᠢᠳᠣᠨ᠂ ᠬᠤᠶᠠᠷ ᠴᠡᠷᠢᠭ ᠤᠨ ᠬᠦᠮᠦᠨ ᠮᠣᠷᠢᠨ ᠤ ᠬᠤᠶᠠᠷ ᠬᠠᠵᠠᠭᠤ ᠠᠴᠠ ᠢᠷᠡᠭᠡᠳ᠂ ᠵᠠᠨ᠎ᠠ ᠬᠦᠪᠡᠬᠦᠨ ᠢ ᠮᠣᠷᠢᠨ ᠠᠴᠠ ᠬᠤᠪᠬᠤᠯᠣᠨ ᠪᠠᠭᠤᠯᠭᠠᠵᠦ ᠬᠤᠶᠠᠷ ᠭᠠᠷ ᠢ ᠠᠨᠣ ᠠᠷᠣ ᠳᠤᠷ ᠬᠦᠯᠢᠭᠰᠡᠨ᠎ᠠ᠂ ᠵᠠᠨ᠎ᠠ ᠬᠦᠪᠡᠬᠦᠨ ᠠᠶᠣᠨ ᠰᠣᠴᠢᠭᠰᠠᠨ ᠳᠠᠭᠠᠨ ᠦᠬᠡ ᠣᠭᠳᠣ ᠬᠡᠯᠡᠭᠰᠡᠨ ᠦᠬᠡᠢ ᠪᠠᠶᠢᠲᠠᠯ᠎ᠠ᠂ ᠨᠢᠭᠡᠨ ᠲᠡᠭᠷᠢᠰ ᠦᠪᠡᠷ ᠤᠨ ᠬᠡᠯᠨ ᠪᠠᠷ ᠨᠦᠬᠦᠳ ᠲᠡᠭᠡᠨ ᠬᠡᠳᠦᠨ ᠦᠬᠡ ᠬᠡᠯᠡᠵᠣ᠂ ᠪᠦᠰᠡᠨ  ᠳᠡᠭᠡᠨ ᠪᠠᠶᠢᠭᠰᠠᠨ ᠬᠢᠳᠤᠭ᠎ᠠ ᠪᠠᠨ ᠰᠣᠭᠤᠯᠣᠨ ᠠᠪᠴᠣ ᠵᠠᠨ᠎ᠠ ᠬᠦᠪᠡᠬᠦᠨ ᠤ ᠬᠦᠯᠢᠶᠡᠰᠦᠨ ᠢ ᠣᠭᠳᠣᠯᠣᠭᠠᠳ ᠮᠣᠷᠢᠨ  ᠳᠤᠷ ᠠᠨᠣ ᠣᠨᠣᠭᠤᠯᠵᠦ ᠵᠢᠯᠣᠭᠤ ᠠᠴᠠ ᠬᠦᠲᠦᠯᠦᠨ᠂ ᠣᠢ ᠶᠢᠨ ᠲᠣᠳᠣᠷ᠎ᠠ ᠦᠪᠡᠷ ᠤᠨ ᠭᠠᠯ ᠲᠡᠭᠡᠷ᠎ᠡ ᠠᠪᠠᠴᠢᠪᠠ᠃ ᠬᠦᠷᠴᠦ ᠡᠴᠢᠪᠡᠰᠦ ᠬᠡᠳᠦᠨ ᠭᠠᠯ ᠨᠣᠴᠣᠵᠦ ᠲᠡᠭᠦᠨ ᠢ ᠲᠣᠭᠤᠷᠢᠨ ᠬᠡᠳᠣ ᠬᠡᠳᠣᠨ ᠲᠡᠭᠷᠢᠰ ᠤᠳ ᠮᠢᠬ᠎ᠠ ᠱᠣᠷᠣᠯᠠᠨ ᠰᠢᠷᠠᠵᠦ᠂ ᠲᠡᠷᠭᠡᠳᠡ ᠪᠠᠨ ᠵᠢᠳᠠ ᠨᠤᠭᠤᠳ ᠢ ᠴᠠᠰᠣᠨ ᠳᠤᠷ ᠬᠠᠶᠠᠭᠠᠳ ᠮᠣᠷᠢᠳ ᠢᠶᠠᠨ ᠮᠣᠳᠣᠨ ᠠᠴᠠ ᠣᠶᠠᠵᠣᠬᠤᠢ ᠃ ᠶᠡᠷᠦ ᠪᠠᠶᠢᠳᠠᠯ ᠲᠦᠯᠦᠪ ᠢ ᠠᠵᠢᠭᠯᠠᠪᠠᠰᠣ ᠶᠡᠬᠡᠯ᠎ᠡ ᠵᠢᠪᠡᠬᠦᠬᠡᠨ ᠪᠣᠯᠪᠠᠴᠣ ᠠᠷᠭ᠎ᠠ ᠦᠬᠡᠢ ᠮᠣᠷᠢᠨ ᠠᠴᠠ ᠪᠠᠭᠤᠵᠦ ᠭᠠᠯ ᠤᠨ ᠲᠡᠷᠭᠡᠳᠡ ᠡᠴᠢᠵᠦ ᠰᠠᠭᠤᠭᠰᠠᠨ ᠤ ᠲᠠᠷᠠᠭ᠎ᠠ᠂ ᠲᠡᠳᠡᠨ ᠤ ᠨᠢᠭᠡᠨ ᠬᠦᠮᠦᠨ ᠦᠪᠡᠷ ᠤᠨ ᠰᠢᠷᠠᠭᠰᠠᠨ ᠮᠢᠬ᠎ᠠ  ᠪᠠᠨ ᠵᠠᠨ᠎ᠠ ᠬᠦᠪᠡᠬᠦᠨ᠎ᠠ ᠦᠭᠬᠦ ᠳᠤᠷ᠂ ᠵᠠᠨ᠎ᠠ ᠬᠦᠪᠡᠬᠦᠨ ᠭᠠᠷ ᠢᠶᠠᠷ ᠲᠣᠰᠴᠣ ᠠᠪᠣᠭᠠᠳ ᠦᠯᠦᠰᠦᠭᠰᠡᠨ ᠳᠡᠭᠡᠨ ᠡᠮᠬᠦᠯᠡᠨ ᠢᠳᠡᠵᠦ ᠪᠠᠶᠢᠲᠠᠯ᠎ᠠ ᠲᠡᠭᠷᠢᠰ ᠠᠰᠠᠭᠤᠷᠠᠨ᠄ ︽ᠴᠢ ᠠᠯᠢ ᠠᠶᠢᠮᠠᠭ ᠤᠨ ᠬᠡᠨ ᠬᠡᠭᠴᠢ ᠶᠢᠨ ᠬᠦᠪᠡᠬᠦᠨ ᠪᠣᠢ︖︾ ᠬᠡᠮᠡᠭᠰᠡᠨ᠎ᠠ᠂ ᠮᠢᠬ᠎ᠠ ᠪᠠᠨ ᠵᠠᠵᠢᠯᠬᠤᠢ ᠶᠢᠨ ᠵᠠᠪᠰᠠᠷ ᠲᠤᠷ ᠬᠠᠷᠢᠭᠤ ᠶᠢ ᠬᠡᠯᠡᠭᠡᠳ᠂ ᠵᠠᠨ᠎ᠠ ᠬᠦᠪᠡᠬᠦᠨ ᠡᠯᠢᠬᠡ ᠪᠠᠨ ᠭᠠᠯ ᠲᠡᠰᠢ ᠬᠠᠨᠳᠣᠭᠤᠯᠵᠦ ᠪᠢᠴᠢᠬᠠᠨ ᠲᠡᠪᠡᠯ ᠢᠶᠠᠨ ᠬᠦᠨᠵᠢᠯᠯᠡᠵᠦ ᠲᠡᠳᠡᠨ ᠤ ᠦᠯᠦ ᠮᠡᠳᠡᠬᠦ ᠦᠬᠡ ᠶᠢ ᠴᠢᠩᠨᠠᠭᠰᠠᠭᠠᠷ ᠣᠨᠳᠠᠭᠠᠳ᠂ ᠦᠪᠡᠷ ᠤᠨ ᠡᠴᠢᠭᠡ ᠡᠬᠡ᠂ ᠬᠠᠷ᠎ᠠ ᠨᠢᠳᠣᠳᠠᠢ ᠦᠬᠢᠨ ᠲᠡᠭᠦᠦ ᠨᠠᠷ ᠲᠠᠢ ᠪᠠᠨ ᠣᠴᠠᠷᠠᠨ ᠪᠦᠬᠦᠢ ᠶᠢ ᠵᠡᠬᠦᠳᠦᠯᠡᠪᠠᠢ᠃ ᠦᠷᠯᠦᠭᠡ ᠪᠣᠰᠣᠮᠠᠭᠴᠨ ᠬᠦᠪᠡᠬᠦᠨ ᠤ ᠪᠢᠴᠢᠬᠠᠨ ᠮᠦᠩᠭᠦᠨ ᠲᠣᠪᠴᠢᠳ ᠢ ᠣᠭᠳᠣᠯᠣᠨ ᠠᠪᠴᠣ᠂ ᠰᠠᠶᠢᠨ ᠮᠣᠷᠢ ᠶᠢ ᠨᠢᠭᠡᠨ ᠮᠠᠭᠤ ᠮᠣᠷᠢ ᠪᠠᠷ ᠰᠣᠯᠢᠵᠦ ᠪᠠᠰᠨ ᠨᠣᠮᠣ ᠰᠣᠮᠣ ᠪᠠ ᠨᠢᠭᠡ ᠲᠣᠯᠠᠭᠠᠨ ᠬᠦᠨᠵᠢᠯᠨ ᠦᠭᠭᠦᠯᠦᠭᠡ᠃ ᠡᠬᠦᠨ ᠠᠴᠠ ᠬᠤᠶᠢᠰᠢ ᠵᠠᠨ᠎ᠠ ᠬᠦᠪᠡᠬᠦᠨ ᠲᠦᠷᠦᠭᠰᠡᠨ ᠣᠷᠣᠨ ᠨᠣᠳᠤᠭ᠂ ᠡᠴᠢᠬᠡ ᠡᠬᠡ᠂ ᠠᠬ᠎ᠠ ᠲᠡᠭᠦᠦ ᠠᠴᠠ ᠬᠠᠭᠠᠴᠠᠵᠦ ᠪᠦᠬᠡ ᠮᠦᠷᠬᠦᠯ ᠲᠠᠢ ᠲᠠᠨᠢᠭᠳᠠᠭᠠᠳᠦᠢ ᠮᠣᠩᠭᠤᠯ ᠠᠶᠢᠮᠠᠭ ᠤᠨ ᠬᠠᠷᠢᠶᠠᠳᠣ ᠪᠣᠯᠬᠤ ᠶᠢᠨ ᠴᠠᠭ ᠢᠷᠡᠵᠡᠬᠦᠢ᠃ ᠡᠶᠢᠨ ᠪᠣᠯᠪᠠᠴᠣ ᠦᠪᠡᠷ ᠤᠨ ᠯᠠᠯᠣ ᠶᠢᠨ ᠶᠣᠰᠣ ᠪᠠᠨ ᠣᠭᠤᠷᠬᠤ ᠶᠢ ᠦᠯᠦ ᠲᠣᠷᠠᠯᠠᠬᠤ ᠲᠣᠯᠨ᠂ ᠶᠡᠭᠡ ᠲᠡᠭᠷᠢ ᠮᠢᠨᠣ ᠠᠪᠣᠷᠨ ᠬᠡᠮᠡᠨ ᠵᠠᠯᠪᠠᠷᠢᠮᠣᠢ᠃ ᠲᠡᠨᠳᠡ ᠠᠴᠠ ᠲᠡᠭᠷᠢᠰ ᠤᠳ ᠣᠯᠵᠠᠯᠠᠭᠰᠠᠨ ᠵᠠᠯᠠᠭᠤ ᠬᠦᠪᠡᠬᠦᠨ ᠢᠶᠠᠨ ᠠᠪᠣᠭᠠᠳ ᠬᠤᠶᠢᠳᠣ ᠵᠦᠭ ᠲᠤᠷ ᠬᠤᠷᠢᠨ ᠨᠠᠢᠮᠠᠨ ᠬᠤᠨᠤᠭ ᠶᠠᠪᠣᠵᠦ ᠡᠷᠴᠢᠰ ᠮᠦᠷᠡᠨ ᠤ ᠬᠦᠪᠡᠬᠦᠨ ᠳᠤᠷ ᠪᠦᠬᠦᠢ ᠡᠪᠦᠯᠵᠢᠭᠰᠡᠨ ᠨᠣᠳᠤᠭ ᠲᠠᠭᠠᠨ ᠬᠦᠷᠪᠡᠢ᠃ ᠵᠠᠨ᠎ᠠ ᠬᠦᠪᠡᠬᠦᠨ ᠦᠪᠡᠷ ᠤᠨ ᠪᠡᠶ᠎ᠡ ᠶᠢ ᠡᠨᠡ ᠮᠡᠳᠣ ᠠᠮᠣᠷ ᠢᠶᠠᠷ ᠠᠪᠴᠣ ᠶᠠᠪᠣᠬᠤ ᠶᠢ ᠦᠵᠡᠭᠡᠳ ᠮᠠᠭᠠᠳ ᠠᠯᠠᠬᠤ ᠦᠬᠡᠢ ᠬᠡᠮᠡᠨ ᠮᠡᠳᠡᠪᠡᠴᠦ ᠠᠯᠣᠰ ᠲᠠᠭᠠᠨ ᠶᠠᠭᠤ ᠪᠣᠯᠬᠤ ᠶᠢ ᠮᠡᠳᠡᠬᠦ ᠦᠬᠡᠢ ᠵᠣᠪᠠᠨᠢᠨ ᠶᠠᠪᠣᠵᠣᠬᠤᠢ᠃ ᠴᠢᠩᠬᠢᠵᠦ ᠬᠤᠷᠢᠨ ᠢᠯᠡᠬᠦᠦ ᠬᠤᠨᠤᠭ ᠬᠠᠮᠳᠣ ᠶᠠᠪᠣᠬᠤᠢ ᠳᠠᠭᠠᠨ ᠲᠡᠭᠷᠢᠰ ᠤᠳ ᠬᠡᠯᠨ ᠶᠢ ᠪᠠᠭ᠎ᠠ ᠰᠠᠭ᠎ᠠ ᠲᠦᠰᠦᠭᠡᠯᠡᠬᠦ ᠪᠣᠯᠣᠭᠰᠠᠨ ᠲᠣᠯᠨ᠂ ᠨᠢᠭᠡᠨ ᠡᠳᠦᠷ ᠲᠡᠳᠡᠨ ᠤ ᠬᠤᠷᠠᠯᠳᠣᠨ ᠴᠣᠭᠯᠠᠬᠤᠢ ᠳᠤᠷ ᠡᠴᠢᠵᠦ ᠦᠵᠡᠪᠡᠰᠦ᠂ ᠪᠦᠬᠦᠳᠡᠭᠡᠷ ᠬᠦᠷᠢᠶᠡᠯᠡᠨ ᠰᠠᠭᠤᠵᠦ ᠪᠠᠶᠢᠳᠠᠯ᠎ᠠ ᠨᠢᠭᠡᠨ ᠴᠠᠯ ᠪᠣᠭᠤᠷᠣᠯ ᠲᠣᠯᠣᠭᠠᠢ ᠲᠠᠢ ᠦᠨᠳᠦᠷ ᠡᠪᠦᠬᠡᠨ ᠲᠡᠳᠡᠨ ᠤ ᠲᠣᠳᠣᠷ᠎ᠠ ᠣᠷᠣᠵᠦ ᠢᠷᠡᠭᠡᠳ ᠡᠶᠢᠨ ᠦᠬᠦᠯᠡᠷᠦᠨ᠄ ︽ᠮᠠᠨ ᠤ ᠶᠡᠭᠡ ᠠᠷᠰᠢ ᠬᠡᠳᠦᠶᠢᠨ ᠠᠴᠠ ᠲᠦᠷᠬᠡ ᠶᠢᠨ ᠬᠡᠯᠨ ᠪᠢᠴᠢᠭ ᠮᠡᠳᠡᠬᠦ ᠨᠢᠭᠡᠨ ᠪᠢᠴᠢᠬᠠᠨ ᠬᠦᠪᠡᠬᠦᠨ ᠣᠯᠵᠦ ᠠᠪᠰᠣᠭᠠᠢ ᠬᠡᠮᠡᠭᠰᠡᠭᠡᠷ ᠨᠡᠯᠢᠶᠡᠳ ᠣᠳᠠᠭᠰᠠᠨ ᠲᠣᠯᠨ᠂ ᠡᠨᠡ ᠪᠢᠴᠢᠬᠠᠨ ᠬᠦᠪᠡᠬᠦᠨ ᠢ ᠪᠠᠭᠰᠢ ᠳᠤᠷ ᠦᠭᠬᠦᠪᠡᠰᠣ ᠶᠠᠮᠪᠠᠷ ᠪᠣᠢ︖︾ ᠬᠡᠮᠡᠪᠡᠰᠦ ᠪᠦᠬᠦᠳᠡᠭᠡᠷ ᠨᠢᠭᠡᠨ ᠲᠠᠭᠤᠨ ᠢᠶᠠᠷ ᠵᠦᠪᠰᠢᠶᠡᠷᠡᠭᠡᠳ ᠦᠳᠡᠰᠢ ᠪᠣᠯᠣᠮᠠᠭᠴᠨ ᠲᠡᠳᠡᠨ ᠤ ᠲᠠᠪᠣᠨ ᠬᠦᠮᠦᠨ ᠵᠠᠨ᠎ᠠ ᠬᠦᠪᠡᠬᠦᠨ ᠪᠠ ᠬᠦᠨᠡᠰᠣ ᠬᠤᠭᠤᠯᠨ ᠶᠢ ᠠᠪᠴᠣ ᠡᠪᠦᠯᠵᠢᠶᠡᠨ ᠤ ᠭᠠᠵᠠᠷ ᠠᠴᠠ ᠲᠣᠷᠣᠨ᠎ᠠ ᠵᠦᠭ ᠴᠢᠭᠯᠡᠨ ᠨᠢᠭᠡᠨ ᠴᠦᠯ ᠭᠤᠪᠢ ᠭᠠᠵᠠᠷ ᠢᠶᠠᠷ ᠵᠢᠷᠭᠤᠭᠠᠨ ᠲᠣᠯᠤᠭ᠎ᠠ ᠲᠦᠴᠢᠨ ᠬᠤᠶᠠᠷ ᠬᠤᠨᠤᠭ ᠠᠶᠠᠯᠠᠨ ᠶᠠᠪᠣᠵᠦ ᠵᠣᠷᠢᠭᠰᠠᠨ ᠭᠠᠵᠠᠷ ᠲᠠᠭᠠᠨ ᠬᠦᠷᠦᠭᠡᠳ ᠨᠢᠭᠡᠨ ᠦᠨᠳᠦᠷ ᠬᠠᠳᠠ ᠴᠢᠯᠠᠭᠤ ᠭᠤᠣ ᠪᠣᠯᠣᠭᠰᠠᠨ ᠶᠡᠭᠡ ᠠᠭᠤᠯᠨ ᠶᠢᠨ ᠬᠤᠷᠮᠣᠢ ᠳᠤᠷ ᠪᠠᠭᠤᠳᠠᠯᠯᠠᠪᠠᠢ᠃ ᠮᠣᠷᠢᠨ ᠠᠴᠠ ᠪᠠᠭᠤᠵᠦ ᠮᠣᠷᠢᠳ ᠢᠶᠠᠨ ᠮᠣᠳᠣᠨ ᠠᠴᠠ ᠣᠶᠠᠭᠠᠳ ᠶᠡᠬᠡᠯ᠎ᠡ ᠪᠢᠰᠢᠷᠡᠬᠦᠢ ᠪᠠᠷ ᠬᠦᠰᠡᠷ᠎ᠡ ᠰᠦᠬᠦᠲᠦᠨ ᠮᠦᠷᠬᠦᠮᠦᠢ᠃ ᠡᠨᠡ ᠭᠠᠵᠠᠷ ᠤᠨ ᠶᠠᠭᠤᠮ᠎ᠠ ᠪᠦᠬᠦᠳᠡ ᠦᠬᠦᠭᠰᠡᠨ ᠠᠳᠠᠯᠢ ᠣᠭᠳᠣ ᠴᠢᠮᠡᠭᠡ ᠠᠨᠢᠷ ᠦᠬᠡᠢ᠂ ᠠᠭᠤᠯᠨ ᠦᠬᠡᠳᠡ ᠭᠠᠷᠣᠭᠰᠠᠨ ᠨᠠᠷᠢᠬᠠᠨ ᠵᠦᠷᠢᠭ ᠢᠶᠠᠷ ᠶᠠᠪᠣᠬᠤᠢ ᠯᠤᠭ᠎ᠠ ᠣᠯᠠᠮ ᠲᠡᠭᠡᠭᠰᠢᠯᠡᠬᠦ ᠲᠣᠳᠣᠮ ᠡᠭ᠍ᠴᠡ ᠬᠠᠳᠠ ᠴᠢᠯᠠᠭᠤ ᠭᠤᠣ ᠵᠢᠯᠠᠭ᠎ᠠ ᠣᠯᠠᠮ ᠰᠦᠷᠲᠠᠢ᠂ ᠠᠳᠡ ᠲᠡᠨᠳᠡ ᠴᠠᠰᠣᠨ ᠤ ᠲᠣᠣᠷ᠎ᠠ ᠠᠴᠠ ᠭᠠᠴᠣᠷ᠎ᠠ ᠮᠣᠳᠣᠨ ᠤ ᠨᠣᠭᠤᠭᠠᠨ ᠮᠦᠴᠢᠷ ᠴᠣᠬᠤᠶᠢᠮᠣᠢ᠃ ᠠᠭᠤᠯᠨ ᠶᠢᠨ ᠪᠠᠯ ᠳᠤᠷ ᠨᠢᠭᠡᠨ ᠬᠠᠷᠠᠩᠭᠤᠢ ᠠᠭᠤᠢ ᠰᠦᠮᠡᠯᠵᠡᠵᠦ ᠪᠠᠶᠢᠭᠰᠠᠨ ᠲᠡᠬᠦᠨ ᠤ ᠡᠭᠦᠳᠡᠨ᠎ᠠ ᠬᠦᠷᠦᠭᠡᠳ ᠦᠨᠦᠬᠢ ᠲᠠᠪᠣᠨ ᠲᠡᠭᠷᠢᠰ ᠶᠢᠰᠦᠨ ᠣᠳᠠᠭ᠎ᠠ ᠰᠦᠬᠦᠳᠣᠨ ᠮᠦᠷᠭᠦᠬᠦᠢ ᠳᠤᠷ ᠮᠠᠨ ᠤ ᠵᠠᠨ᠎ᠠ ᠬᠦᠪᠡᠬᠦᠨ ᠯᠠᠯᠣ ᠶᠢᠨ ᠶᠣᠰᠣᠨ ᠢᠶᠠᠨ ᠬᠦᠨᠳᠦᠳᠬᠡᠵᠦ᠂ ᠪᠦᠬᠡ ᠶᠢᠨ ᠶᠣᠰᠣ ᠶᠢ ᠦᠯᠦ ᠣᠶᠢᠰᠢᠶᠠᠨ ᠲᠡᠳᠡᠨ ᠢ ᠲᠠᠭᠤᠷᠢᠶᠠᠭᠰᠠᠨ ᠦᠬᠡᠢ ᠵᠦᠬᠡᠷ ᠵᠣᠭᠰᠣᠵᠦ ᠪᠠᠶᠢᠪᠠᠢ᠃ ᠲᠡᠳᠡᠭᠡᠷ ᠲᠡᠭᠷᠢᠰ ᠤᠳ ᠢ ᠮᠦᠷᠬᠦᠬᠦ ᠴᠠᠭ ᠲᠤᠷ ᠣᠷᠴᠢᠨ ᠲᠣᠭᠤᠷᠢᠨ ᠶᠡᠷᠦ ᠴᠢᠮᠡᠭᠡ ᠠᠨᠢᠷ ᠣᠭᠳᠣ ᠭᠠᠷᠣᠭᠰᠠᠨ ᠦᠬᠡᠢ ᠪᠢᠯᠨ᠃ ᠲᠡᠭᠷᠢᠰ ᠤᠳ ᠤᠨ ᠨᠢᠭᠡᠨ ᠢᠨᠣ ᠬᠦᠪᠡᠬᠦᠨ ᠤ ᠴᠢᠬᠢᠨ ᠳᠤᠷ ᠰᠡᠮᠡᠭᠡᠷᠬᠡᠨ ᠰᠢᠪᠡᠨᠡᠨ ᠦᠬᠦᠯᠡᠷᠦᠨ᠄ ︽ᠡᠨᠡ ᠠᠭᠤᠢ ᠲᠣᠳᠣᠷ᠎ᠠ ᠶᠡᠭᠡ ᠪᠣᠭᠳᠠ ᠣᠷᠣᠰᠢᠮᠣᠢ᠂ ᠡᠨᠡ ᠬᠢᠷᠢ ᠣᠭᠳᠠᠷᠭᠤᠢ ᠳᠤᠷ ᠲᠡᠭᠳᠡᠵᠦ ᠬᠦᠴᠦᠲᠦ ᠲᠡᠭᠷᠢ ᠯᠦᠭᠡ ᠵᠦᠪᠯᠡᠵᠦ ᠪᠠᠶᠢᠮᠣᠢ᠂ ᠡᠰᠡᠪᠡᠰᠦ ᠮᠠᠨ ᠤ ᠠᠯᠳᠠᠨ ᠲᠡᠯᠡᠬᠡᠢ ᠲᠡᠭᠡᠭᠦᠷ ᠴᠠᠭᠠᠨ ᠭᠤᠪᠢ ᠲᠠᠯ᠎ᠠ ᠶᠢ ᠭᠡᠰᠦᠨ ᠶᠠᠪᠣᠵᠦ ᠪᠠᠶᠢᠮᠦᠢ᠂ ᠠᠯᠢᠨ ᠢ ᠴᠣ᠋ ᠮᠡᠳᠡᠵᠦ ᠦᠯᠦ ᠪᠣᠯᠣᠮᠦᠢ᠂ ᠲᠡᠬᠦᠨ ᠤ ᠨᠢᠴᠦᠬᠦᠨ ᠬᠦᠯ ᠢ ᠴᠠᠰᠣᠨ ᠤ ᠬᠦᠢᠲᠡᠨ᠂ ᠬᠠᠳᠠᠨ ᠤ ᠢᠷᠮᠡᠭ ᠬᠤᠣᠷᠯᠠᠨ ᠦᠯᠦ ᠴᠢᠳᠠᠬᠤ ᠪᠣᠯᠠᠢ︾ ᠬᠡᠮᠡᠳᠡᠯ᠎ᠠ ᠪᠦᠬᠡ ᠮᠦᠷᠭᠦᠯᠳᠡᠨ ᠤ ᠭᠠᠶᠢᠬᠠᠮᠰᠢᠭᠳᠣ ᠶᠡᠭᠡ ᠪᠠᠭᠰᠢ ᠭᠠᠵᠠᠷ ᠲᠣᠣᠷ᠎ᠠ ᠠᠴᠠ ᠭᠠᠷᠣᠭᠰᠠᠨ ᠮᠡᠳᠣ ᠡᠮᠦᠨ᠎ᠠ ᠢᠨᠣ ᠵᠣᠭᠰᠣᠵᠦ ᠪᠠᠶᠢᠬᠤ ᠶᠢ ᠠᠵᠢᠭᠯᠠᠪᠠᠰᠣ ᠪᠠᠶᠢᠳᠠᠯ ᠲᠦᠯᠦᠪ ᠢᠨᠣ ᠡᠷᠭᠡ ᠦᠬᠡᠢ ᠰᠦᠰᠦᠭᠯᠡᠮᠡᠷ ᠪᠦᠬᠡᠳ ᠣᠷᠳᠣ ᠬᠠᠷ᠎ᠠ ᠦᠰᠦᠨ ᠢᠨᠣ ᠵᠠᠯᠠᠭᠤᠬᠠᠨ ᠨᠢᠭᠤᠷ ᠤᠨ ᠬᠤᠶᠠᠷ ᠬᠠᠵᠠᠭᠤ ᠪᠠᠷ ᠨᠢᠴᠦᠬᠦᠨ ᠮᠦᠷᠦᠨ ᠲᠡᠭᠡᠷ᠎ᠡ ᠪᠠᠭᠤᠵᠠᠬᠤᠢ᠃ ᠪᠦᠲᠦᠭᠦᠯᠢᠭ ᠬᠦᠩᠬᠡᠨ ᠨᠦᠮᠦᠷᠭᠡ ᠢᠨᠣ ᠨᠢᠴᠦᠭᠦᠨ ᠭᠠᠷ ᠬᠦᠯ ᠢ ᠦᠯᠦ ᠬᠠᠯᠬᠠᠯᠠᠮᠣᠢ᠃ ᠬᠡᠳᠦᠢ ᠪᠠᠭᠠᠳᠣᠷ ᠪᠣᠯᠪᠠᠴᠣ ᠲᠡᠭᠦᠨ ᠢ ᠦᠵᠡᠪᠡᠰᠦ ᠰᠦᠷᠳᠡᠨ ᠲᠠᠷᠣᠭᠳᠠᠬᠤ ᠶᠢᠨ ᠲᠣᠯᠨ᠂ ᠲᠡᠷᠨ ᠬᠦ ᠴᠡᠷᠢᠭ ᠤᠳ ᠴᠦᠮ ᠭᠠᠵᠠᠷ ᠲᠤᠷ ᠰᠦᠬᠦᠳᠴᠦ᠂ ᠵᠠᠨ᠎ᠠ ᠬᠦᠪᠡᠬᠦᠨ ᠦᠪᠡᠷ ᠤᠨ ᠡᠷᠭᠡ ᠦᠬᠡᠢ ᠰᠦᠭᠦᠲᠦᠨ ᠶᠡᠭᠡ ᠪᠣᠭᠳᠠ ᠲᠡᠭᠷᠢ ᠮᠢᠨᠣ ᠠᠪᠣᠷᠨ ᠬᠡᠮᠡᠨ ᠰᠢᠪᠡᠨᠡᠵᠦ ᠵᠣᠷᠢᠭ ᠣᠷᠣᠭᠠᠳ ᠭᠠᠶᠢᠬᠠᠮᠰᠢᠭᠳᠣ ᠠᠷᠰᠢ ᠶᠢᠨ ᠡᠮᠦᠨ᠎ᠠ ᠠᠴᠠ ᠰᠢᠷᠲᠡᠨ ᠬᠠᠷᠠᠪᠠᠰᠣ ᠲᠡᠷᠨ ᠣᠰᠬᠠᠯ ᠵᠦᠬᠡᠯᠡᠨ ᠨᠢᠳᠣ ᠪᠠᠷ ᠬᠦᠪᠡᠬᠦᠨ ᠤ ᠵᠦᠭ ᠰᠢᠷᠲᠡᠨ ᠬᠠᠷᠠᠵᠦ ᠴᠡᠷᠢᠭ ᠤᠳ ᠠᠴᠠ ᠠᠰᠠᠭᠤᠷᠠᠨ᠄ ︽ᠡᠨᠡ ᠶᠠᠮᠪᠠᠷ ᠬᠦᠪᠡᠬᠦᠨ ᠪᠣᠢ᠂ ᠨᠠᠳᠣᠷ ᠶᠠᠭᠤᠨ ᠳᠤᠷ ᠠᠪᠴᠢᠷᠠᠪᠠᠢ︾ ᠬᠡᠮᠡᠬᠦᠢ ᠳᠤᠷ᠂ ᠴᠡᠷᠢᠭ ᠤᠨ ᠲᠠᠷᠤᠭ᠎ᠠ ᠠᠨᠣ ᠭᠠᠵᠠᠷ ᠠᠴᠠ ᠨᠢᠭᠤᠷ ᠢᠶᠠᠨ ᠦᠨᠳᠡᠶᠢᠯᠭᠡᠯ ᠦᠬᠡᠢ ᠎ᠡ᠂ ︽ᠶᠡᠭᠡ ᠪᠣᠭᠳᠠ ᠮᠢᠨᠣ ᠡ᠂ ᠡᠨᠡ ᠬᠦᠪᠡᠬᠦᠨ ᠢᠨᠣ ᠲᠦᠷᠭᠡ ᠢᠵᠠᠭᠤᠷ ᠤᠨ ᠪᠦᠬᠡᠳ ᠪᠢᠴᠢᠭ ᠮᠡᠳᠡᠮᠦᠢ᠂ ᠲᠠ ᠡᠶᠢᠮᠦ ᠬᠦᠪᠡᠬᠦᠨ ᠢ ᠬᠡᠷᠡᠭᠯᠡᠮᠦᠢ ᠬᠡᠮᠡᠭᠰᠡᠨ ᠲᠣᠯᠨ ᠠᠪᠴᠢᠷᠠᠪᠠ︾ ᠬᠡᠮᠡᠭᠰᠡᠨ᠎ᠠ᠂ ᠠᠷᠰᠢ ᠲᠡᠷᠨ ᠬᠦᠪᠡᠬᠦᠨ ᠢ ᠲᠡᠷᠭᠡᠳᠡ ᠪᠠᠨ ᠲᠠᠭᠤᠳᠠᠨ ᠠᠪᠠᠴᠢᠭᠠᠳ ᠮᠦᠷᠦᠨ ᠲᠡᠭᠡᠷ᠎ᠡ ᠢᠨᠣ ᠭᠠᠷ ᠢᠶᠠᠨ ᠲᠠᠯᠪᠢᠵᠦ ᠡᠶᠡᠯᠳᠡᠭ ᠵᠦᠬᠡᠯᠡᠨ ᠢᠶᠠᠷ᠄ ︽ᠴᠢ ᠠᠯᠢ ᠠᠶᠢᠮᠠᠭ ᠤᠨ ᠬᠡᠨ ᠬᠡᠭᠴᠢ ᠨᠡᠷᠡᠲᠠᠢ ᠬᠦᠮᠦᠨ ᠪᠣᠢ︖︾ ᠬᠡᠮᠡᠨ ᠠᠰᠠᠭᠤᠪᠠᠰᠣ ᠬᠦᠪᠡᠬᠦᠨ ᠵᠣᠷᠢᠭ ᠣᠷᠣᠵᠦ ᠰᠡᠳᠬᠢᠯ ᠢᠶᠠᠨ ᠠᠭᠤᠣ ᠲᠠᠯᠪᠢᠨ ᠦᠬᠦᠯᠡᠷᠦᠨ᠄ ︽ᠮᠢᠨᠣ ᠨᠡᠷ᠎ᠡ ᠵᠠᠨ᠎ᠠ᠂ ᠡᠴᠢᠬᠡ ᠶᠢᠨ ᠨᠡᠷ᠎ᠡ ᠢᠬᠡᠳᠦᠯᠮᠡᠭ᠂ ᠣᠶᠢᠭᠤᠷ ᠠᠶᠢᠮᠠᠭ ᠤᠨ ᠡᠵᠡᠨ ᠪᠣᠯᠠᠢ︾ ᠬᠡᠮᠡᠭᠰᠡᠨ ᠳᠤᠷ᠂ ᠠᠷᠰᠢ ᠠᠨᠣ᠄ ︽ᠵᠠᠨ᠎ᠠ ᠴᠢ ᠯᠠᠯᠣ ᠶᠢᠨ ᠮᠦᠷᠭᠦᠯ ᠲᠠᠢ ᠪᠣᠶᠣ︖︾ ᠬᠡᠮᠡᠪᠡᠰᠦ ᠵᠠᠨ᠎ᠠ᠄ ︽ᠲᠡᠭᠡᠳᠣ ᠲᠡᠭᠷᠢ ᠶᠢᠨ ᠠᠪᠣᠷᠠᠯ ᠢᠶᠠᠷ ᠯᠠᠯᠣ ᠶᠢᠨ ᠮᠦᠷᠭᠦᠯᠳᠡᠨ ᠮᠦᠨ︾ ᠬᠡᠮᠡᠪᠠ᠃ ᠠᠷᠰᠢ ᠪᠠᠷ᠄ ︽ᠡ᠂ ᠬᠦᠪᠡᠬᠦᠨ ᠮᠢᠨᠣ ᠲᠡᠭᠷᠢ ᠪᠣᠷᠬᠠᠨ ᠬᠡᠮᠡᠭᠴᠢ ᠭᠠᠵᠠᠷ ᠣᠷᠣᠨ ᠤ ᠪᠦᠬᠦᠳᠡ ᠳᠤᠷ ᠲᠦᠬᠡᠮᠡᠯ ᠪᠠᠶᠢᠳᠠᠭ ᠲᠣᠯᠨ ᠯᠠᠯᠣ ᠬᠢᠬᠡᠳ ᠮᠠᠨ ᠤ ᠦᠨᠳᠦᠰᠦᠲᠡᠨ ᠳᠤᠷ ᠨᠢᠭᠡᠨ ᠠᠳᠠᠯᠢ ᠪᠣᠢ᠂ ᠵᠢᠴᠢ ᠣᠷᠭᠤᠵᠦ ᠪᠦᠬᠦᠢ ᠭᠠᠴᠣᠷ᠎ᠠ ᠮᠣᠳᠣᠨ ᠤ ᠮᠦᠴᠢᠷ ᠰᠢᠯᠪᠢ ᠪᠠ ᠴᠠᠰᠣᠨ ᠤ ᠰᠢᠷᠭᠡᠭ ᠬᠦᠷᠲᠡᠯ᠎ᠡ ᠨᠠᠷᠠᠨ ᠰᠠᠷᠠᠨ ᠣᠳᠣᠳ ᠴᠦᠮ ᠪᠦᠷᠢᠨ ᠪᠣᠷᠬᠠᠨ ᠤ ᠮᠦᠨ ᠴᠢᠨᠠᠷ ᠢ ᠬᠦᠷᠳᠡᠵᠣᠬᠦᠢ᠃ ᠢᠬᠡᠳᠦᠯᠮᠡᠭ ᠤᠨ ᠬᠦᠪᠡᠬᠦᠨ ᠵᠠᠨ᠎ᠠ ᠴᠢ ᠢᠨᠠᠭᠰᠢ ᠢᠷ᠎ᠡ᠂ ᠴᠢᠮᠠᠢᠢ ᠴᠣᠬᠤᠮ ᠬᠦ ᠲᠡᠭᠷᠢ ᠨᠠᠳᠣᠷ ᠢᠯᠡᠭᠡᠭᠰᠡᠨ ᠢᠨᠣ ᠪᠣᠯᠠᠢ᠂ ᠡᠨᠡ ᠡᠳᠦᠷ ᠠᠴᠠ ᠬᠤᠶᠢᠰᠢ ᠪᠢ ᠴᠢᠨᠣ ᠡᠴᠢᠬᠡ᠂ ᠴᠢ ᠮᠢᠨᠣ ᠬᠦᠪᠡᠬᠦᠨ ᠪᠣᠭᠤᠯ ᠪᠣᠯᠣᠮᠣᠢ︾ ᠬᠡᠮᠡᠨ ᠣᠶᠠᠷᠠᠩᠭᠤᠢ ᠰᠡᠳᠬᠢᠯ ᠢᠶᠠᠨ ᠭᠠᠷᠭᠠᠨ ᠬᠡᠯᠡᠵᠦ ᠭᠠᠷ ᠢᠶᠠᠷ ᠴᠡᠷᠢᠭ ᠤᠳ ᠢ ᠪᠣᠴᠠᠭᠳᠣᠨ ᠬᠡᠮᠡᠭᠰᠡᠨ᠎ᠠ ᠴᠡᠷᠢᠭ ᠤᠨ ᠲᠠᠷᠤᠭ᠎ᠠ ᠠᠨᠣ ᠰᠦᠷᠳᠡᠨ ᠪᠢᠰᠢᠷᠡᠭᠰᠡᠭᠡᠷ ᠠᠷᠠᠶᠢᠬᠠᠨ ᠦᠨᠳᠡᠶᠢᠵᠦ᠂ ︽ᠠᠷᠠᠳ ᠪᠢᠳᠠᠨ᠎ᠠ ᠰᠠᠶᠢᠨ ᠵᠠᠷᠯᠢᠭ ᠢᠶᠠᠨ ᠦᠷᠦᠰᠢᠶᠡᠬᠦ ᠪᠣᠯᠪᠠᠣ᠂ ᠡᠨᠡ ᠬᠢᠷᠢ ᠬᠦᠪᠡᠬᠦᠨ ᠳᠤᠷ ᠦᠬᠡ ᠬᠡᠯᠡᠭᠰᠡᠨ ᠪᠢᠰᠢᠣ︾ ᠬᠡᠮᠡᠨ ᠭᠤᠮᠣᠳᠠᠯ ᠭᠠᠷᠭᠠᠨ ᠦᠴᠢᠭᠰᠡᠨ ᠳᠤᠷ᠂ ᠠᠷᠰᠢ ᠪᠠᠷ ᠴᠡᠷᠢᠭ ᠤᠳ ᠤᠨ ᠲᠡᠷᠭᠡᠳᠡ ᠬᠦᠷᠴᠦ ᠬᠤᠶᠠᠷ ᠭᠠᠷ ᠢᠶᠠᠨ ᠠᠳᠢᠰ ᠲᠠᠯᠪᠢᠬᠤ ᠮᠡᠳᠣ ᠰᠣᠩᠭᠠᠬᠤᠢ ᠯᠤᠭ᠎ᠠ ᠪᠡᠶ᠎ᠡ ᠢᠨᠣ ᠷᠢᠳᠢ ᠬᠤᠪᠢᠯᠭᠠᠨ ᠤ ᠬᠦᠴᠦᠨ ᠢᠶᠠᠷ ᠣᠯᠠᠮ ᠶᠡᠭᠡ ᠪᠣᠯᠵᠦ᠂ ᠴᠡᠷᠢᠭ ᠤᠳ ᠮᠠᠰᠢ ᠰᠦᠷᠲᠡᠨ ᠠᠶᠣᠵᠦ ᠬᠦᠰᠡᠷ᠎ᠡ ᠬᠡᠪᠲᠡᠬᠦᠢ ᠳᠤᠷ ᠠᠷᠰᠢ ᠵᠠᠷᠯᠢᠭ ᠪᠣᠯᠣᠷᠣᠨ᠄ ︽ᠪᠦᠬᠦᠨ᠎ᠠ ᠲᠦᠬᠡᠮᠡᠯ ᠶᠢᠷᠲᠢᠨᠴᠣ ᠶᠢᠨ ᠣᠷᠭᠤᠮᠠᠯ ᠪᠣᠳᠠᠰ ᠪᠠ ᠬᠦᠮᠦᠨ ᠬᠢᠭᠡᠳ ᠠᠩ ᠬᠦᠷᠦᠭᠡᠰᠦ ᠪᠦᠬᠦᠳᠡ ᠶᠢ ᠠᠶᠢᠯᠠᠳᠣᠭᠴᠢ ᠪᠣᠷᠬᠠᠨ ᠴᠢᠮᠠᠳᠣᠷ ᠵᠠᠯᠪᠠᠷᠢᠮᠣᠢ᠃ ᠬᠠᠮᠤᠭ ᠢ ᠠᠶᠢᠯᠠᠳᠣᠭᠴᠢ ᠪᠣᠷᠬᠠᠨ ᠦᠷᠦᠰᠢᠶᠡᠵᠦ ᠠᠷᠠᠳ ᠪᠣᠭᠤᠯᠴᠣᠳ ᠤᠨ ᠠᠮᠢ ᠨᠠᠰᠣ᠂ ᠠᠵᠦ ᠠᠮᠢᠳᠣᠷᠠᠯ ᠪᠠ ᠠᠳᠣᠭᠤ ᠮᠠᠯ ᠢ ᠢᠪᠡᠬᠡᠵᠦ ᠠᠯᠢᠪᠠ ᠲᠣᠳᠬᠠᠷ ᠵᠣᠪᠠᠯᠠᠩ ᠠᠴᠠ ᠬᠡᠳᠦᠯᠭᠡᠨ ᠠᠶᠢᠯᠠᠳ᠂ ᠬᠠᠮᠤᠭ ᠢ ᠠᠶᠢᠯᠠᠳᠣᠭᠴᠢ ᠪᠣᠷᠬᠠᠨ ᠴᠢᠮ᠎ᠠ ᠳᠠᠭᠠᠨ ᠵᠠᠯᠪᠠᠷᠢᠮᠦᠢ︾ ᠬᠡᠮᠡᠨ ᠭᠠᠷ ᠢᠶᠠᠨ ᠰᠣᠩᠭᠠᠭᠰᠠᠭᠠᠷ ᠪᠠᠶᠢᠳᠠᠯ᠎ᠠ ᠰᠠᠶᠢᠬᠢ ᠴᠡᠷᠢᠭ ᠤᠳ ᠶᠡᠬᠡᠯ ᠪᠠᠶᠠᠰᠣᠨ ᠦᠬᠡ ᠲᠠᠭᠤᠨ ᠦᠬᠡᠢ ᠰᠡᠮᠡᠭᠡᠷ ᠪᠣᠰᠣᠭᠠᠳ ᠬᠡᠳᠡᠷᠬᠦ ᠬᠠᠷᠠᠯ ᠦᠬᠡᠢ ᠲᠣᠷᠣᠭᠰᠢ ᠪᠠᠭᠤᠵᠦ ᠣᠳᠪᠠᠢ᠃ ᠵᠠᠨ᠎ᠠ ᠬᠦᠪᠡᠬᠦᠨ ᠭᠠᠭᠴᠠᠭᠠᠷ ᠠᠷᠰᠢ ᠶᠢᠨ ᠬᠠᠮᠳᠣ ᠦᠯᠡᠳᠡᠭᠡᠳ ᠬᠡᠨᠡᠳᠳᠡ ᠠᠶᠣᠵᠦ ᠪᠠᠷᠬᠢᠷᠠᠨ ᠨᠢᠭᠤᠷ ᠢᠶᠠᠨ ᠪᠢᠴᠢᠬᠠᠨ ᠬᠤᠷᠮᠣᠢ ᠪᠠᠷ ᠲᠠᠷᠣᠵᠦ ᠨᠡᠯᠢᠶᠡᠳ ᠣᠬᠢᠯᠠᠭᠠᠳ ᠲᠣᠳᠣᠷ᠎ᠠ ᠠᠭᠤᠣ ᠪᠣᠯᠣᠨ ᠦᠨᠳᠡᠶᠢᠵᠦ ᠦᠵᠡᠪᠡᠰᠦ ᠬᠡᠨ ᠴᠦ᠋ ᠦᠬᠡᠢ᠂ ᠭᠠᠪ ᠭᠠᠭᠴᠠᠭᠠᠷ ᠠᠵᠦᠭᠤ᠃ ᠲᠡᠷᠭᠡᠳᠡ ᠢᠨᠣ ᠵᠢᠯᠠᠭ᠎ᠠ ᠶᠢᠨ ᠢᠷᠦᠭᠠᠷ ᠲᠤᠷ ᠪᠦᠲᠦᠭᠦᠨ ᠭᠠᠴᠣᠷ᠎ᠠ ᠮᠣᠳᠣᠨ ᠤ ᠦᠨᠳᠦᠰᠦᠨ ᠲᠣᠣᠷ᠎ᠠ ᠠᠴᠠ ᠣᠨᠳᠣᠷᠠᠭᠰᠠᠨ ᠲᠣᠩᠭᠠᠯᠠᠭ ᠪᠣᠯᠠᠭ ᠤᠨ ᠣᠰᠣᠨ ᠱᠣᠷ ᠱᠣᠷ ᠣᠷᠣᠰᠬᠤᠢ ᠶᠢ ᠰᠣᠨᠣᠰᠣᠭᠠᠳ ᠲᠡᠨᠳᠡ ᠣᠴᠢᠵᠦ ᠨᠢᠭᠤᠷ ᠭᠠᠷ ᠢᠶᠠᠨ ᠣᠬᠢᠶᠠᠭᠠᠳ ᠲᠡᠭᠷᠢ ᠳᠡᠭᠡᠨ ᠶᠡᠬᠡᠯ ᠵᠠᠯᠪᠠᠷᠢᠭᠰᠠᠭᠠᠷ ᠲᠡᠩᠭᠡᠭᠡ ᠲᠠᠰᠣᠷᠠᠵᠦ ᠨᠢᠳᠣ ᠪᠠᠨ ᠠᠨᠢᠵᠦ ᠣᠨᠳᠠᠭᠠᠳ ᠣᠣᠯ ᠨᠣᠳᠤᠭ ᠲᠠᠭᠠᠨ ᠣᠳᠴᠣᠬᠤᠢ ᠬᠡᠮᠡᠨ ᠵᠡᠬᠦᠳᠦᠯᠡᠬᠦᠢ ᠳᠤᠷ ᠦᠪᠡᠷ ᠤᠨ ᠪᠠᠭᠰᠢ ᠠᠨᠣ ᠬᠤᠷᠠᠯᠳᠣᠨ ᠢᠷᠡᠭᠡᠳ ᠬᠡᠯᠡᠭᠰᠡᠨ ᠢᠨᠣ᠄ ︽ᠰᠡᠳᠬᠢᠯ ᠢᠶᠠᠨ ᠠᠭᠤᠣ ᠲᠠᠯᠪᠢ᠂ ᠴᠢᠨᠣ ᠬᠠᠮᠢᠭ᠎ᠠ ᠶᠠᠪᠣᠭᠰᠠᠨ ᠭᠠᠵᠠᠷ  ᠲᠤᠷ ᠰᠠᠯᠣᠯ ᠦᠬᠡᠢ ᠲᠡᠭᠷᠢ ᠰᠠᠬᠢᠮᠣᠢ᠂ ᠣᠶᠢᠳᠬᠠᠷ ᠭᠠᠰᠢᠭᠤᠨ ᠢᠷᠡᠪᠡᠰᠦ ᠲᠡᠭᠷᠢ ᠳᠡᠭᠡᠨ ᠵᠠᠯᠪᠠᠷᠢ᠂ ᠮᠠᠭᠠᠳ ᠴᠢᠮᠠᠢᠢ ᠲᠣᠰᠠᠯᠠᠮᠣᠢ᠂ ᠡᠷ᠎ᠡ ᠵᠣᠷᠢᠭᠲᠠᠢ ᠶᠠᠪᠣᠭᠳᠣᠨ︕︾ ᠬᠡᠮᠡᠨ ᠢᠪ ᠢᠯᠡᠳᠳᠡ ᠵᠠᠷᠢᠯᠢᠭ ᠪᠣᠯᠬᠤᠢ ᠶᠢ ᠰᠣᠨᠣᠰᠣᠭᠠᠳ ᠰᠣᠴᠢᠨ ᠰᠡᠷᠡᠪᠡᠰᠣ ᠲᠡᠷᠭᠡᠳᠡ ᠢᠨᠣ ᠮᠦᠨᠦ ᠶᠡᠭᠡ ᠪᠠᠭᠰᠢ ᠰᠢᠷᠲᠡᠨ ᠵᠣᠭᠰᠣᠵᠦ ︽ᠶᠠᠮᠪᠠᠷ ᠵᠡᠬᠦᠳᠦᠨ ᠵᠡᠬᠦᠳᠦᠯᠡᠪᠠᠢ︾ ᠬᠡᠮᠡᠪᠡᠰᠦ ᠵᠠᠨ᠎ᠠ ᠬᠦᠪᠡᠬᠦᠨ ᠦᠬᠦᠯᠡᠷᠦᠨ᠄ ︽ᠴᠢ ᠮᠢᠨᠣ ᠵᠡᠭᠦᠳᠦᠯᠡᠭᠰᠡᠨ ᠢ ᠬᠡᠷᠬᠢᠵᠦ ᠮᠡᠳᠡᠮᠦᠢ︾ ᠬᠡᠮᠡᠪᠡᠰᠦ ᠠᠷᠰᠢ ᠦᠬᠦᠯᠡᠷᠦᠨ᠄ ︽ᠪᠢ ᠴᠦᠮ ᠮᠡᠳᠡᠵᠦ ᠪᠠᠶᠢᠮᠦᠢ᠂ ᠴᠢ ᠦᠪᠡᠷ ᠤᠨ ᠨᠣᠳᠤᠭ ᠤᠨ ᠪᠠᠭᠰᠢ ᠨᠠᠷ ᠢ ᠦᠵᠡᠵᠦ ᠵᠡᠭᠦᠳᠦᠯᠡᠭᠡᠳ ᠣᠳᠣ ᠲᠣᠳᠣᠷ᠎ᠠ ᠴᠢᠨᠣ ᠠᠭᠤᠵᠢᠮ᠂ ᠰᠡᠳᠬᠢᠯ ᠰᠡᠷᠭᠦᠵᠦ ᠵᠣᠷᠢᠭ ᠣᠷᠣᠭᠰᠠᠨ ᠪᠣᠰᠣ ᠤᠤ︖︾ ᠬᠡᠮᠡᠬᠦᠢ ᠳᠤᠷ᠂ ᠵᠠᠨ᠎ᠠ ᠬᠦᠪᠡᠬᠦᠨ ᠭᠠᠶᠢᠬᠠᠵᠦ᠄ ︽ᠦᠨᠡᠨ᠂ ᠦᠨᠡᠨ᠂ ᠴᠢ ᠡᠨᠡ ᠮᠡᠳᠣ ᠪᠦᠬᠦᠳᠡ ᠶᠢ ᠮᠡᠳᠡᠳᠡᠭ ᠪᠦᠬᠦᠨ ᠢ ᠴᠢᠳᠠᠳᠠᠭ ᠪᠣᠯᠪᠠᠰᠣ ᠨᠠᠮᠠᠢᠢ ᠲᠠᠷᠣᠶᠢᠬᠠᠨ᠎ᠠ ᠨᠣᠳᠤᠭ ᠲᠤᠷ ᠮᠢᠨᠣ ᠬᠦᠷᠭᠡᠵᠦ ᠡᠴᠢᠭᠡ ᠡᠬᠡ ᠲᠠᠢ ᠮᠢᠨᠣ ᠣᠴᠠᠷᠠᠭᠤᠯᠬᠤ ᠦᠬᠡᠢ ᠤᠤ︖︾ ᠬᠡᠮᠡᠪᠡᠰᠦ᠂ ᠶᠡᠭᠡ ᠠᠷᠰᠢ ᠬᠦᠪᠡᠬᠦᠨ ᠤ ᠵᠦᠭ ᠰᠢᠷᠲᠡᠨ ᠬᠠᠷᠠᠵᠦ᠄ ︽ᠵᠠᠨ᠎ᠠ ᠬᠦᠪᠡᠬᠦᠨ ᠴᠢ ᠲᠡᠰᠪᠦᠷᠢᠯᠡᠬᠦ ᠬᠡᠷᠡᠭᠲᠠᠢ᠂ ᠴᠢᠨᠣ ᠵᠠᠶᠠᠭ᠎ᠠ ᠪᠣᠯᠪᠠᠰᠣ ᠣᠳᠠᠭᠠᠨ ᠶᠠᠪᠣᠵᠦ ᠶᠡᠭᠡ ᠪᠠᠭᠠᠳᠣᠷ ᠭᠠᠪᠢᠶ᠎ᠠ ᠪᠠᠶᠢᠭᠤᠯᠣᠮᠦᠢ︾ ᠬᠡᠮᠡᠬᠦᠢ ᠳᠤᠷ ᠵᠠᠯᠠᠭᠤ ᠬᠦᠪᠡᠬᠦᠨ ᠶᠡᠬᠡᠯ᠎ᠡ ᠬᠦᠬᠡᠷᠴᠦ ᠦᠬᠦᠯᠡᠷᠦᠨ᠄ ︽ᠡ ᠨᠠᠮᠠᠢᠢ ᠲᠡᠭᠷᠢ ᠦᠷᠦᠰᠢᠶᠡᠵᠦ ᠭᠠᠪᠢᠶ᠎ᠠ ᠲᠠᠢ ᠬᠦᠮᠦᠨ ᠪᠣᠯᠭᠠᠪᠠᠰᠣ ᠡᠴᠢᠭᠡ ᠡᠪᠦᠭᠡᠳ ᠤᠨ ᠨᠡᠷ᠎ᠡ ᠶᠢ ᠠᠯᠳᠠᠷᠰᠢᠭᠤᠯᠣᠶ᠎ᠠ᠂ ᠪᠢ ᠣᠶᠢᠭᠤᠷ ᠬᠦᠮᠦᠨ ᠮᠦᠨ᠂ ᠮᠠᠨ ᠤ ᠣᠶᠢᠭᠤᠷ ᠠᠶᠢᠮᠠᠭ ᠪᠣᠯᠪᠠᠰᠣ ᠬᠠᠭᠤᠴᠢᠨ ᠪᠠᠭᠠᠳᠣᠷ ᠨᠡᠷᠡᠲᠠᠢ︾ ᠬᠡᠮᠡᠨ ᠦᠬᠦᠯᠡᠪᠡᠰᠦ᠄ ︽ᠬᠦᠪᠡᠬᠦᠨ ᠴᠢᠨᠣ ᠦᠬᠡ ᠶᠠᠭᠤᠳᠠᠢ ᠰᠠᠶᠢᠬᠠᠨ ᠪᠣᠢ᠂ ᠪᠠᠭᠠᠳᠣᠷ ᠵᠣᠷᠢᠭᠲᠠᠢ ᠡᠷᠡᠴᠣᠳ ᠲᠤᠷ ᠪᠢᠳᠠ ᠲᠣᠷᠠᠯᠠᠮᠣᠢ᠂ ᠣᠳᠣ ᠴᠢ ᠢᠨᠠᠭᠰᠢ ᠢᠷ᠎ᠠ᠂ ᠮᠢᠨᠣ ᠰᠠᠭᠤᠬᠤ ᠣᠷᠣᠨ ᠢ ᠦᠵᠡᠲᠦᠭᠡᠢ᠃ ᠭᠠᠪᠢᠶ᠎ᠠ ᠪᠠᠶᠢᠭᠤᠯᠬᠤ ᠳᠤ ᠣᠭᠤᠷᠴᠦ ᠦᠯᠦ ᠪᠣᠯᠬᠤ ᠶᠠᠭᠤᠮ᠎ᠠ ᠶᠢ ᠴᠢᠮᠠᠳᠣ ᠦᠭᠰᠦᠭᠡᠢ︾ ᠬᠡᠮᠡᠨ ᠬᠤᠶᠠᠭᠤᠯᠨ ᠬᠠᠨᠢᠯᠠᠨ ᠦᠬᠡᠳᠡ ᠠᠪᠴᠢᠷᠠᠵᠦ ᠠᠭᠤᠢ ᠳᠤᠷ ᠣᠷᠣᠪᠠᠰᠣ ᠶᠡᠭᠡ ᠪᠦᠬᠡ ᠶᠢᠨ ᠰᠠᠭᠤᠭ᠎ᠠ ᠠᠭᠤᠢ ᠶᠢᠨ ᠲᠣᠳᠣᠷ᠎ᠠ ᠬᠤᠭᠤᠰᠣᠨ ᠪᠦᠬᠡᠳ ᠬᠠᠷᠠᠩᠭᠤᠢ᠂ ᠭᠠᠭᠴᠠᠬᠦ ᠨᠢᠭᠡᠨ ᠶᠡᠭᠡ ᠵᠣᠯᠨ ᠪᠠᠳᠠᠷᠠᠵᠦ ᠪᠣᠢ᠃ ᠨᠢᠭᠡ ᠪᠣᠯᠣᠩ ᠳᠤᠷ ᠬᠠᠭᠤᠴᠢᠨ ᠠᠪᠳᠠᠷ᠎ᠠ᠂ ᠭᠠᠯ ᠤᠨ ᠲᠡᠷᠭᠡᠳᠡ ᠬᠤᠶᠠᠷ ᠰᠨᠳᠠᠯᠢ ᠴᠢᠯᠠᠭᠤ᠂ ᠭᠠᠯ ᠤᠨ ᠲᠡᠭᠡᠷ᠎ᠡ ᠵᠢᠪᠡᠷᠡᠭᠰᠡᠨ ᠪᠢᠴᠢᠬᠠᠨ ᠭᠠᠣᠯᠢᠨ ᠲᠣᠭᠤᠭ᠎ᠠ᠂ ᠪᠠᠰᠨ ᠨᠢᠭᠡᠨ ᠪᠣᠯᠣᠩ  ᠳᠤᠷ ᠣᠷᠠᠩᠬᠠᠢ ᠲᠠᠰᠣᠷᠬᠠᠢ ᠡᠳ᠋᠂ ᠬᠦᠷᠦᠭᠡᠰᠦᠨ ᠤ ᠬᠡᠳᠦᠨ ᠠᠷᠠᠰᠣ ᠪᠣᠢ᠂ ᠠᠭᠤᠢ ᠶᠢᠨ ᠡᠬᠦᠳᠡᠨ ᠤ ᠲᠡᠷᠭᠡᠳᠡ ᠦᠴᠦᠭᠡᠨ ᠮᠣᠳᠣᠨ ᠬᠦᠷᠢᠶᠡᠨ ᠤ ᠳᠣᠳᠣᠷ᠎ᠠ ᠲᠣᠯᠣᠭᠠᠢ ᠠᠨᠣ ᠰᠠᠶᠢᠬᠠᠨ᠂ ᠬᠦᠯ ᠢᠨᠣ ᠲᠡᠭᠰᠢ ᠨᠢᠭᠡᠨ ᠦᠵᠡᠰᠭᠦᠯᠡᠩᠳᠣ ᠮᠣᠷᠢ ᠢᠨᠴᠠᠭᠠᠨ ᠣᠭᠳᠣᠪᠠᠰᠣ ᠡᠵᠡᠨ ᠢᠨᠣ ᠡᠷᠭᠡᠯᠡᠭᠦᠯᠦᠨ ᠰᠠᠶᠢᠬᠠᠨ ᠮᠣᠷᠢᠨ ᠤ ᠨᠢᠷᠣᠭᠤ ᠶᠢ ᠭᠠᠷ ᠤᠨ ᠠᠯᠠᠭ᠎ᠠ ᠪᠠᠷ ᠲᠠᠰᠢᠵᠦ ᠦᠬᠦᠯᠡᠷᠦᠨ᠄ ︽ᠡᠨᠡ ᠴᠠᠭ ᠠᠴᠠ ᠡᠬᠢᠯᠡᠨ ᠵᠠᠨ᠎ᠠ ᠬᠦᠪᠡᠬᠦᠨ ᠴᠢᠨᠣ ᠮᠣᠷᠢ ᠡᠨᠡ ᠮᠦᠨ᠂ ᠡᠨᠡ ᠦᠷᠢᠶ᠎ᠠ ᠮᠣᠷᠢᠨ ᠤ ᠨᠡᠷ᠎ᠡ ᠶᠢ ᠰᠠᠶᠢᠨ ᠪᠣᠭᠤᠷᠣᠯ ᠬᠡᠮᠡᠮᠦᠢ︾ ᠬᠡᠮᠡᠪᠡᠰᠦ᠂ ᠵᠠᠨ᠎ᠠ ᠬᠦᠪᠡᠬᠦᠨ ᠶᠡᠬᠡᠯ᠎ᠡ ᠭᠠᠶᠢᠬᠠᠨ ᠪᠠᠶᠠᠷᠯᠠᠵᠦ ᠬᠡᠳᠦᠬᠡᠨ ᠪᠠᠶᠠᠷ ᠤᠨ ᠦᠬᠡ ᠲᠣᠳᠠᠭᠤ ᠵᠡᠮᠳᠡᠭ ᠬᠡᠯᠡᠭᠡᠳ ᠮᠣᠷᠢᠨ ᠤ ᠲᠡᠷᠭᠡᠳᠡ ᠡᠴᠢᠵᠦ ᠮᠣᠷᠢ ᠶᠢ ᠡᠷᠭᠡᠯᠡᠭᠦᠯᠦᠨ ᠬᠠᠶᠢᠷᠠᠯᠠᠪᠠᠰᠣ ᠨᠢᠭᠤᠷ ᠰᠠᠶᠢᠳᠣ ᠠᠳᠣᠭᠤᠰᠣᠨ ᠬᠦᠪᠡᠬᠦᠨ ᠤ ᠨᠦᠬᠦᠷᠯᠡᠬᠦ ᠰᠠᠨᠠᠯ ᠢ ᠮᠡᠳᠡᠵᠦ ᠶᠡᠬᠡᠳᠡ ᠪᠠᠶᠠᠷᠯᠠᠨ ᠢᠨᠴᠠᠭᠠᠭᠠᠳ ᠲᠣᠯᠣᠭᠠᠢ ᠪᠠᠨ ᠦᠯᠡᠶᠢᠵᠦ ᠬᠦᠪᠡᠬᠦᠨ ᠤ ᠮᠦᠷᠦᠨ ᠲᠡᠭᠡᠷ᠎ᠡ ᠲᠠᠯᠪᠢᠨ ᠦᠨᠦᠷᠰᠢᠪᠠᠢ ᠃ ᠲᠠᠷᠠᠭ᠎ᠠ ᠨᠢᠭᠡᠨ ᠪᠣᠯᠣᠩ ᠳᠤᠷ ᠠᠭᠤᠢ ᠶᠢᠨ ᠡᠵᠡᠨ ᠬᠦᠷᠦᠭᠡᠰᠣᠨ ᠤ ᠠᠷᠠᠰᠣᠨ ᠢ ᠲᠡᠪᠢᠰᠴᠦ ᠬᠦᠪᠡᠬᠦᠨ ᠳᠤᠷ ᠬᠡᠪᠳᠡᠰᠢ ᠵᠠᠰᠠᠨ ᠦᠭᠪᠠᠢ᠃ ᠣᠳᠠᠯ ᠦᠬᠡᠢ ᠬᠠᠪ ᠬᠠᠷᠠᠩᠭᠤᠢ ᠪᠣᠯᠵᠦ᠂ ᠶᠡᠭᠡ ᠠᠷᠰᠢ ᠰᠢᠨ᠎ᠠ ᠪᠠᠮᠪᠠᠷ ᠬᠡᠷᠡᠯ ᠨᠣᠴᠣᠭᠠᠵᠦ ᠬᠠᠳᠠᠨ ᠳᠤᠷ ᠬᠠᠳᠬᠤᠭᠠᠳ ᠬᠤᠷᠣᠭᠤ ᠪᠠᠷ ᠡᠬᠦᠳᠡᠨ ᠤ ᠬᠠᠵᠠᠭᠤ ᠳᠠᠬᠢ ᠬᠠᠳᠠᠨ ᠤ ᠲᠡᠪᠰᠡᠭ ᠢ ᠵᠢᠭᠠᠬᠤᠢ ᠳᠤᠷ ᠡᠴᠢᠵᠦ ᠦᠵᠡᠪᠡᠰᠦ᠂ ᠬᠤᠨᠢᠨ ᠤ ᠮᠢᠬ᠎ᠠ᠂ ᠭᠤᠷᠭᠤᠣᠯ ᠲᠠᠣᠯᠠᠢ᠂ ᠰᠦ ᠪᠢᠰᠢᠯᠠᠭ ᠲᠣᠰᠣ᠂ ᠬᠡᠳᠦᠨ ᠠᠶᠠᠭ᠎ᠠ ᠠᠶᠢᠷᠠᠭ ᠪᠠᠶᠢᠬᠤ ᠪᠦᠬᠡᠳ ᠵᠠᠷᠢᠮ ᠠᠨᠣ ᠰᠢᠨᠡᠬᠡᠨ ᠠᠪᠴᠢᠷᠠᠭᠰᠠᠨ ᠪᠠᠶᠢᠳᠠᠯ ᠲᠠᠢ᠂ ᠵᠠᠷᠢᠮ ᠠᠨᠣ ᠬᠠᠭᠤᠴᠢᠷᠠᠭᠰᠠᠨ ᠬᠠᠳᠠᠭᠰᠠᠨ ᠠᠮᠣᠢ᠂ ᠠᠷᠰᠢ ᠪᠠᠷ ᠦᠬᠦᠯᠡᠷᠦᠨ᠄ ︽ᠵᠠᠨ᠎ᠠ ᠬᠦᠪᠡᠬᠦᠨ ᠴᠢ ᠭᠠᠯ ᠲᠦᠯᠡᠵᠦ ᠬᠤᠭᠤᠯᠨ ᠠᠴᠠ ᠴᠢᠨᠠᠵᠦ ᠲᠣᠷᠠᠳᠠᠢ ᠪᠠᠨ ᠴᠠᠳᠳᠠᠯ᠎ᠠ ᠢᠳᠡ᠂ ᠦᠯᠡᠭᠰᠡᠨ ᠢ ᠨᠢ ᠣᠭᠳᠠᠷᠭᠤᠢ ᠶᠢᠨ ᠰᠢᠪᠠᠭᠤᠳ᠂ ᠠᠩ ᠭᠦᠷᠦᠭᠡᠰᠦᠨ ᠳᠤ ᠰᠠᠴᠣ ᠦᠭ᠂ ᠨᠠᠳᠠ ᠬᠤᠭᠤᠯᠨ ᠬᠡᠷᠡᠭ ᠦᠬᠡᠢ︾ ᠬᠡᠮᠡᠪᠠ᠃ ᠵᠠᠨ᠎ᠠ ᠬᠦᠪᠡᠬᠦᠨ ᠠᠷᠰᠢ ᠠᠴᠠ ᠠᠶᠣᠬᠤ ᠶᠢ ᠪᠠᠶᠢᠵᠦ᠂ ᠭᠠᠯ ᠨᠣᠴᠣᠭᠠᠨ ᠬᠤᠭᠤᠯᠨ ᠴᠢᠨᠠᠪᠠᠢ᠃ ᠠᠷᠰᠢ ᠠᠶᠠᠭᠠᠨ ᠳᠠᠭᠠᠨ ᠠᠶᠢᠷᠠᠭ ᠬᠢᠵᠦ ᠲᠡᠷᠭᠡᠳᠡ ᠪᠠᠨ ᠲᠠᠯᠪᠢᠭᠠᠳ ᠠᠪᠳᠠᠷ ᠲᠣᠳᠣᠷ᠎ᠠ ᠠᠴᠠ ᠨᠢᠭᠡᠨ ᠬᠠᠵᠠᠭᠠᠷ ᠪᠣᠷᠣᠭᠤ ᠦᠰᠦᠭᠲᠠᠢ ᠲᠡᠪᠳᠡᠷ ᠭᠠᠷᠭᠠᠵᠦ ᠠᠪᠣᠭᠠᠳ ᠭᠡᠷᠡᠯ ᠤᠨ ᠲᠡᠷᠭᠡᠳᠡ ᠢᠷᠡᠵᠦ ᠣᠩᠰᠢᠨ ᠰᠠᠭᠤᠮᠦᠢ᠃ ᠲᠡᠬᠦᠨ ᠤ ᠪᠠᠮᠪᠠᠷ ᠤᠨ ᠬᠡᠷᠡᠯ ᠲᠣᠰᠣᠭᠰᠠᠨ ᠨᠢᠭᠤᠷ ᠢ ᠠᠵᠢᠭᠯᠠᠪᠠᠰᠣ ᠴᠢᠷᠠᠢ ᠠᠨᠣ ᠮᠡᠷᠭᠡᠳ ᠤᠨ ᠰᠢᠨᠵᠢᠲᠠᠢ᠂ ᠬᠠᠪ ᠬᠠᠷ᠎ᠠ ᠦᠰᠦᠨ ᠠᠴᠠ ᠨᠢᠭᠡᠨ ᠵᠢᠭᠳᠡ ᠬᠡᠷᠡᠯ ᠰᠠᠴᠣᠷᠠᠮᠦᠢ᠃ ᠵᠠᠨ᠎ᠠ ᠬᠦᠪᠡᠬᠦᠨ ᠲᠡᠬᠦᠨ ᠢ ᠬᠠᠷᠠᠭᠠᠳ ᠨᠢᠳᠣᠨ ᠢᠶᠠᠨ ᠰᠠᠯᠭᠠᠵᠦ ᠴᠢᠳᠠᠭᠰᠠᠨ ᠦᠬᠡᠢ ᠬᠦᠯᠢᠷᠡᠵᠦ ᠨᠡᠯᠢᠶᠡᠳ ᠣᠳᠠᠭᠠᠨ ᠰᠠᠭᠤᠵᠦ ᠪᠠᠶᠢᠳᠠᠯ᠎ᠠ ᠨᠣᠶᠢᠷ ᠦᠯᠡᠮᠵᠢ ᠬᠦᠷᠬᠦ ᠯᠦᠭᠡ ᠵᠦᠬᠡᠯᠡᠨ ᠬᠡᠪᠲᠡᠰᠢᠨ ᠲᠡᠭᠡᠷ᠎ᠡ ᠡᠴᠢᠵᠦ ᠵᠠᠯᠠᠭᠤ ᠬᠦᠮᠦᠨ ᠤ ᠣᠨᠳᠠᠯᠠᠭ᠎ᠠ ᠪᠠᠷ ᠨᠣᠷᠰᠣᠵᠣᠬᠤᠢ᠃ ᠡᠨᠡ ᠮᠡᠳᠣ ᠪᠠᠷ ᠬᠤᠨᠤᠭ ᠦᠩᠭᠡᠷᠡᠭᠦᠯᠦᠭᠰᠡᠭᠡᠷ ᠬᠠᠪᠣᠷ ᠪᠣᠯᠵᠦ ᠪᠠᠰᠨ ᠵᠣᠨ ᠢᠷᠡᠪᠡᠰᠦ ᠵᠠᠨ᠎ᠠ ᠬᠦᠪᠡᠬᠦᠨ ᠤ ᠪᠠᠶᠢᠳᠠᠯ ᠶᠡᠷᠦ ᠬᠤᠪᠢᠯᠣᠭᠰᠠᠨ ᠵᠣᠶᠢᠯ ᠦᠬᠡᠢ᠂ ᠢᠳᠡᠬᠦ ᠣᠣᠭᠤᠬᠤ ᠪᠠ ᠦᠯᠡᠭᠰᠡᠨ ᠬᠤᠭᠤᠯᠨ ᠶᠢ ᠣᠭᠳᠠᠷᠭᠤᠢ ᠶᠢᠨ ᠰᠢᠪᠠᠭᠤᠳ᠂ ᠲᠡᠯᠡᠬᠡᠢ ᠶᠢᠨ ᠠᠩ ᠬᠦᠷᠦᠭᠡᠰᠦᠨ ᠳᠤ ᠬᠠᠶᠠᠵᠦ ᠦᠭᠭᠦᠬᠡᠳ᠂ ᠠᠭᠤᠯᠨ ᠶᠢᠨ ᠣᠢ ᠳᠤ ᠬᠡᠰᠦᠵᠦ ᠮᠣᠷᠢᠨ ᠢᠶᠠᠨ ᠡᠷᠭᠡᠯᠡᠭᠦᠯᠦᠨ ᠴᠠᠭ ᠢ ᠦᠩᠭᠡᠷᠡᠬᠦᠯᠦᠮᠦᠢ᠃ ᠨᠢᠭᠡᠨ ᠦᠷᠯᠦᠭᠡ ᠪᠣᠰᠣᠭᠠᠳ ᠰᠠᠶᠢᠨ ᠪᠣᠭᠤᠷᠣᠯ ᠮᠣᠷᠢ  ᠪᠠᠨ ᠣᠨᠣᠵᠦ ᠭᠤᠣᠯ ᠳᠤ ᠣᠷᠣᠬᠤ ᠬᠡᠳᠡᠯ᠎ᠡ ᠶᠡᠭᠡ ᠪᠦᠬᠡ ᠢᠨᠣ ᠲᠡᠷᠭᠡᠳᠡ ᠢᠷᠡᠵᠦ ᠦᠬᠦᠯᠡᠷᠦᠨ᠄ ︽ᠴᠢ ᠮᠢᠨᠣ ᠬᠦᠪᠡᠬᠦᠨ ᠲᠣᠯᠨ ᠬᠠᠭᠤᠴᠢᠷᠠᠭᠰᠠᠨ ᠬᠤᠪᠴᠠᠰᠣ ᠲᠠᠢ᠂ ᠵᠡᠪᠰᠡᠭ ᠦᠬᠡᠢ ᠪᠠᠷ ᠣᠯᠠᠨ ᠬᠦᠮᠦᠨ ᠤ ᠲᠣᠮᠳᠠ ᠦᠵᠡᠭᠳᠡᠵᠦ ᠦᠯᠦ ᠪᠣᠯᠣᠮᠣᠢ︾ ᠬᠡᠮᠡᠨ ᠠᠭᠤᠢ ᠳᠠᠭᠠᠨ ᠬᠦᠳᠦᠯᠵᠦ ᠣᠷᠣᠭᠤᠯᠣᠭᠠᠳ ᠨᠢᠭᠡᠨ ᠪᠣᠯᠣᠩ ᠳᠤ ᠲᠠᠯᠪᠢᠭᠰᠠᠨ ᠪᠣᠭᠤᠳᠠᠯ ᠢ ᠵᠠᠳᠠᠯᠵᠦ ᠶᠡᠭᠡ ᠦᠨ᠎ᠡ ᠲᠠᠢ ᠰᠠᠶᠢᠬᠠᠨ ᠬᠤᠪᠴᠠᠰᠣ ᠪᠠ ᠣᠷᠠᠨ ᠬᠡ ᠲᠠᠢ ᠰᠠᠭᠠᠳᠠᠭ ᠬᠤᠷᠣᠮᠰᠠᠭ᠎ᠠ᠂ ᠮᠦᠩᠭᠦᠨ ᠬᠤᠢ ᠲᠠᠢ ᠬᠢᠲᠤᠭ᠎ᠠ ᠭᠠᠷᠭᠠᠵᠦ ︽ᠡᠨᠡ ᠪᠦᠬᠦᠳᠡ ᠴᠢᠨᠣ ᠶᠠᠭᠤᠮ᠎ᠠ︾ ᠬᠡᠮᠡᠨ ᠬᠡᠯᠡᠵᠦ ᠦᠭᠪᠠᠢ᠃ ᠵᠠᠨ᠎ᠠ ᠬᠦᠪᠡᠬᠦᠨ ᠶᠡᠬᠡᠯ᠎ᠡ ᠪᠠᠶᠠᠷᠯᠠᠵᠦ ᠡᠪᠦᠳᠦᠭ ᠲᠤᠷ ᠴᠢᠨᠣ ᠮᠦᠷᠬᠦᠶ᠎ᠠ ᠬᠡᠮᠡᠳᠡᠯ᠎ᠡ ᠠᠷᠰᠢ ᠪᠠᠷ ᠪᠣᠴᠠᠨ ᠶᠠᠪᠣᠵᠣᠬᠤᠢ᠃ ᠵᠠᠨ᠎ᠠ ᠶᠡᠬᠡᠯ᠎ᠡ ᠪᠠᠶᠠᠰᠣᠨ ᠲᠡᠰᠴᠣ ᠶᠠᠳᠠᠬᠤᠢ ᠳᠠᠭᠠᠨ ᠰᠠᠶᠢᠨ ᠪᠣᠭᠤᠷᠣᠯ ᠮᠣᠷᠢᠨ ᠢᠶᠠᠨ ᠬᠦᠵᠦᠬᠦᠳᠡᠨ ᠲᠡᠪᠡᠷᠢᠵᠦ ᠲᠠᠭᠠᠯᠠᠨ᠂ ᠪᠠᠶᠠᠷᠯᠠᠭᠰᠠᠨ ᠢᠶᠠᠨ ᠬᠡᠯᠡᠵᠦ ᠮᠣᠷᠢᠨ ᠲᠡᠭᠡᠷ᠎ᠡ ᠪᠠᠨ ᠬᠠᠷᠠᠶᠢᠵᠦ ᠭᠠᠷᠣᠭᠠᠳ ᠠᠭᠤᠯᠨ ᠠᠴᠠ ᠭᠤᠣᠯ ᠳᠤᠷ ᠬᠦᠷᠳᠡᠯ᠎ᠡ ᠴᠣᠩᠬᠢᠭᠤᠯᠣᠨ ᠣᠷᠣᠬᠤᠢ ᠳᠤᠷ ᠮᠣᠩᠭᠤᠯ ᠢᠵᠠᠭᠤᠷ ᠤᠨ ᠠᠷᠣᠯᠠᠳ ᠠᠶᠢᠮᠠᠭ ᠤᠨ ᠬᠡᠳᠦᠨ ᠠᠶᠢᠯ ᠨᠣᠳᠣᠭᠯᠠᠨ ᠰᠠᠭᠤᠮᠣᠢ᠃ ᠵᠠᠨ᠎ᠠ ᠦᠶ᠎ᠡ ᠶᠢᠨ ᠵᠠᠯᠠᠭᠤᠴᠣᠳ ᠯᠤᠭ᠎ᠠ ᠨᠦᠬᠦᠷᠯᠡᠨ ᠬᠠᠨᠢᠯᠠᠳᠠᠭ ᠪᠦᠬᠡᠳ ᠡᠳᠡᠭᠡᠷ ᠤᠨ ᠳᠣᠳᠣᠷ᠎ᠠ ᠠᠴᠠ ᠠᠶᠢᠮᠠᠭ ᠤᠨ ᠡᠵᠡᠨ ᠤ ᠬᠦᠪᠡᠬᠦᠨ ᠠᠯᠠᠭ ᠬᠡᠮᠡᠬᠦ ᠪᠡᠶ᠎ᠡ ᠲᠣᠮᠣ᠂ ᠪᠠᠭᠠᠳᠣᠷ ᠰᠢᠨᠵᠢᠳᠠᠢ ᠨᠢᠭᠡᠨ ᠬᠦᠪᠡᠬᠦᠨ ᠯᠦᠭᠡ ᠢᠨᠠᠭᠯᠠᠨ ᠨᠦᠬᠦᠷᠯᠡᠪᠠᠢ᠃ ᠠᠯᠠᠭ ᠬᠦᠪᠡᠬᠦᠨ ᠬᠦᠭᠴᠦ ᠪᠦᠬᠡ ᠶᠢᠨ ᠱᠠᠪᠢ ᠵᠠᠨ᠎ᠠ ᠳᠤᠷ ᠶᠡᠬᠡᠯ᠎ᠡ ᠡᠶᠡᠯᠳᠡᠭ ᠲᠣᠷᠠᠳᠠᠢ ᠠᠵᠣᠭᠤ᠃ ᠮᠠᠨ ᠤ ᠵᠠᠨ᠎ᠠ ᠬᠦᠪᠡᠬᠦᠨ ᠢᠨᠠᠭ ᠨᠦᠬᠦᠷ ᠠᠯᠠᠭ ᠤᠨ ᠭᠡᠷ ᠲᠤᠷ ᠬᠦᠷᠦᠰᠭᠡᠢ ᠬᠡᠮᠡᠨ ᠶᠠᠪᠣᠳᠠᠯ᠎ᠠ ᠬᠠᠷᠢᠨ ᠰᠨᠠᠮᠰᠠᠷ ᠦᠬᠡᠢ ᠡᠮᠦᠨ᠎ᠠ ᠠᠴᠠ ᠢᠨᠣ ᠠᠯᠠᠭ ᠬᠦᠪᠡᠬᠦᠨ ᠬᠤᠷ ᠲᠡᠯ ᠲᠠᠢ ᠪᠢᠴᠢᠬᠠᠨ ᠮᠣᠷᠢ  ᠪᠠᠨ ᠣᠨᠣᠵᠦ ᠢᠰᠭᠡᠷᠦᠭᠰᠡᠭᠡᠷ ᠠᠶᠢᠰᠣᠢ᠂ ᠬᠦᠷᠴᠦ ᠢᠷᠡᠭᠡᠳ ᠵᠠᠨ᠎ᠠ ᠬᠦᠪᠡᠬᠦᠨ ᠢ ᠭᠠᠶᠢᠬᠠᠵᠦ ᠨᠢᠭᠡᠨ ᠬᠤᠶᠠᠷ ᠲᠣᠭᠤᠷᠢᠨ ᠬᠠᠷᠠᠭᠠᠳ ᠲᠡᠷᠭᠡᠳᠡ ᠢᠨᠣ ᠢᠷᠡᠵᠦ ᠨᠣᠮᠣ ᠶᠢ ᠠᠪᠴᠣ ᠦᠵᠡᠪᠠᠢ᠃ ᠪᠠᠰᠨ ᠰᠣᠷᠣᠮᠰᠠᠭ᠎ᠠ ᠰᠠᠭᠠᠳᠠᠭ ᠢ ᠭᠠᠶᠢᠬᠠᠨ ᠨᠠᠷᠢᠪᠴᠢᠯᠠᠵᠦ ᠦᠵᠡᠭᠡᠳ ᠭᠡᠳᠡᠷᠬᠦ ᠢᠨᠣ ᠪᠣᠴᠠᠭᠠᠵᠦ᠂ ᠪᠠᠰᠨ ᠪᠦᠰᠡᠨ ᠳᠤᠷ ᠪᠠᠶᠢᠭᠰᠠᠨ ᠬᠢᠳᠤᠭ᠎ᠠ ᠶᠢ ᠰᠣᠭᠤᠯᠣᠨ ᠠᠪᠴᠣ ᠦᠵᠡᠪᠠᠢ᠃ ᠬᠡᠳᠦᠢ ᠦᠵᠡᠪᠡᠰᠦ ᠭᠠᠶᠢᠬᠠᠵᠦ ᠬᠠᠨᠣᠬᠤ ᠦᠬᠡᠢ᠂ ᠨᠢᠭᠡᠨ ᠦᠶ᠎ᠡ ᠨᠣᠮᠣ ᠶᠢ ᠲᠠᠮᠰᠢᠶᠠᠯᠭᠠᠵᠦ ᠦᠵᠡᠨ᠂ ᠨᠢᠭᠡᠨ ᠦᠶ᠎ᠡ ᠰᠠᠭᠠᠳᠠᠭ ᠬᠤᠷᠣᠮᠰᠠᠭ᠎ᠠ ᠶᠢ ᠭᠠᠷ ᠲᠡᠭᠡᠷ᠎ᠡ ᠪᠠᠨ ᠡᠷᠭᠦᠨ ᠦᠵᠡᠮᠦᠢ᠃ ᠨᠢᠭᠡᠨ ᠦᠶ᠎ᠡ ᠰᠠᠶᠢᠬᠠᠨ ᠬᠢᠳᠤᠭ᠎ᠠ ᠶᠢ ᠰᠣᠭᠤᠯᠣᠨ ᠠᠪᠣᠭᠠᠳ ᠨᠠᠷᠠᠨ ᠳᠤᠷ ᠬᠢᠯᠠᠯᠵᠠᠭᠤᠯᠣᠨ ᠨᠠᠭᠠᠳᠣᠮᠣᠢ᠂ ᠡᠶᠢᠨ ᠬᠦ ᠠᠭᠰᠠᠭᠠᠷ ᠨᠡᠯᠢᠶᠡᠳ ᠣᠳᠠᠭᠰᠠᠨ ᠤ ᠬᠤᠶᠢᠨ᠎ᠠ ᠡᠶᠢᠨ ᠦᠬᠦᠯᠡᠷᠦᠨ᠄ ︽ᠵᠠᠨ᠎ᠠ ᠴᠢᠨᠣ ᠵᠡᠬᠦᠭᠰᠡᠨ ᠵᠡᠷ ᠵᠡᠪᠰᠡᠭ ᠪᠣᠯᠪᠠᠰᠣ ᠬᠠᠨ ᠬᠦᠮᠦᠨ ᠯᠦᠭᠡ ᠠᠳᠠᠯᠢ᠂ ᠴᠢ ᠡᠶᠢᠮᠦ ᠰᠠᠶᠢᠨ ᠵᠡᠪᠰᠡᠭ ᠢ ᠬᠠᠮᠢᠭ᠎ᠠ ᠠᠴᠠ ᠣᠯᠪᠠᠢ︾ ᠬᠡᠮᠡᠭᠰᠡᠨ ᠳᠤᠷ᠂ ︽ᠶᠡᠭᠡ ᠠᠷᠰᠢ ᠬᠦᠭᠴᠦ ᠪᠦᠬᠡ ᠨᠠᠳᠣᠷ ᠪᠡᠯᠡᠭ ᠦᠭᠪᠡᠢ︾ ᠬᠡᠮᠡᠪᠡᠰᠦ ᠠᠯᠠᠭ ᠬᠦᠪᠡᠬᠦᠨ ᠦᠬᠦᠯᠡᠷᠦᠨ᠄ ︽ᠴᠢᠮᠠᠢᠢ ᠡᠶᠢᠮᠦ ᠰᠠᠶᠢᠬᠠᠨ ᠵᠡᠪᠰᠡᠭ ᠲᠠᠢ ᠳᠤᠷ ᠶᠡᠬᠡᠳᠡ ᠪᠠᠶᠠᠰᠪᠠᠢ᠂ ᠣᠳᠣ ᠦᠶ᠎ᠡ ᠴᠢ ᠪᠢᠳᠠ ᠬᠤᠶᠠᠷ ᠲᠤᠷ ᠣᠨᠣᠬᠤ ᠮᠣᠷᠢ ᠠᠩᠨᠠᠬᠤ ᠵᠡᠪᠰᠡᠭ ᠬᠢᠦᠴᠡᠯᠳᠦᠵᠦᠬᠦᠢ᠃ ᠰᠠᠨᠠᠪᠠᠰᠣ ᠪᠢᠳᠠᠨ ᠳᠤᠷ ᠣᠳᠠᠯ ᠦᠬᠡᠢ ᠰᠡᠯᠡᠮ᠎ᠠ ᠵᠢᠳᠠ ᠦᠭᠬᠦᠮᠦᠢ ᠢ ᠎ᠡ᠂ ᠲᠡᠷᠨ ᠬᠦᠢᠴᠡᠯᠳᠦᠪᠠᠰᠣ ᠶᠡᠭᠡ ᠬᠠᠭᠠᠨ ᠲᠡᠮᠦᠵᠢᠨ ᠤ ᠲᠤᠭ ᠤᠨ ᠲᠣᠣᠷ᠎ᠠ ᠶᠠᠪᠣᠵᠦ ᠵᠢᠳᠬᠦᠰᠦᠬᠡᠢ︾ ᠬᠡᠮᠡᠪᠠ᠃ ᠲᠡᠮᠦᠵᠢᠨ ᠢ ᠴᠢ ᠡᠨᠡ ᠮᠡᠳᠣ ᠡᠷᠬᠦᠮᠵᠢᠯᠡᠳᠡᠭ ᠪᠣᠶᠣ ᠬᠡᠮᠡᠨ ᠠᠰᠠᠭᠤᠬᠤᠢ ᠳᠤᠷ ᠠᠯᠠᠭ ᠬᠦᠪᠡᠬᠦᠨ ᠰᠢᠮᠳᠠᠨ ᠬᠦᠬᠡᠷᠴᠦ ᠦᠬᠦᠯᠡᠷᠦᠨ᠄ ︽ᠶᠡᠭᠡ ᠬᠠᠭᠠᠨ ᠲᠡᠮᠦᠵᠢᠨ ᠬᠡᠮᠡᠭᠴᠢ ᠬᠠᠮᠤᠭ ᠪᠠᠭᠠᠳᠣᠷ ᠤᠳ ᠤᠨ ᠲᠡᠷᠢᠬᠦᠯᠡᠭᠴᠢ ᠡᠵᠡᠨ ᠢᠨᠣ ᠮᠦᠨ᠂ ᠲᠡᠬᠦᠨ ᠤ ᠬᠦᠴᠦᠨ ᠠᠷᠰᠯᠠᠨ ᠯᠤᠭ᠎ᠠ ᠠᠳᠠᠯᠢ᠂ ᠵᠣᠷᠢᠭ ᠠᠨᠣ ᠪᠦᠷᠭᠦᠳ ᠮᠡᠳᠣ᠂ ᠡᠴᠢᠭᠡ ᠢᠨᠣ ᠨᠡᠷᠡᠲᠠᠢ ᠶᠡᠭᠡ ᠪᠠᠭᠠᠳᠣᠷ ᠪᠣᠯᠪᠠᠴᠣ᠂ ᠬᠦᠪᠡᠬᠦᠨ ᠢᠨᠣ ᠪᠠᠭᠠᠳᠣᠷ ᠵᠣᠷᠢᠭ ᠢᠶᠠᠷ ᠡᠴᠢᠭᠡ ᠠᠴᠠ ᠢᠯᠡᠬᠦᠦ ᠬᠡᠮᠡᠬᠦ ᠴᠣ᠋ ᠪᠠᠶᠢᠳᠣᠭᠠᠢ᠂ ᠬᠦᠬᠡ ᠲᠡᠭᠷᠢ ᠠᠴᠠ ᠲᠣᠷᠣᠭᠰᠢ ᠬᠦᠷᠦᠰᠦᠳᠣ ᠠᠯᠳᠠᠨ ᠲᠡᠯᠡᠬᠡᠢ ᠲᠡᠭᠡᠷᠡᠬᠢ ᠦᠩᠭᠡᠷᠡᠭᠰᠡᠨ ᠪᠠ ᠡᠳᠦᠬᠡ ᠶᠢᠨ ᠣᠯᠠᠨ ᠪᠠᠭᠠᠳᠣᠷ ᠤᠳ ᠤᠨ ᠠᠯᠢᠨ ᠠᠴᠠ ᠴᠣ᠋ ᠢᠯᠡᠬᠦᠦ ᠪᠦᠯᠦᠭᠡ᠃ ᠴᠢ ᠡᠨᠡ ᠬᠦᠮᠦᠨ ᠢ ᠦᠵᠡᠬᠡᠳᠦᠢ ᠲᠣᠯᠨ ᠣᠯᠵᠦ ᠮᠡᠳᠡᠬᠦ ᠦᠬᠡᠢ ᠪᠠᠶᠢᠨ᠎ᠠ᠃ ᠲᠡᠬᠦᠨ ᠤ ᠨᠢᠳᠣᠨ ᠢᠨᠣ ᠬᠤᠷᠴᠨ ᠪᠦᠬᠡᠳ ᠰᠦᠷᠲᠠᠢ᠂ ᠨᠢᠭᠤᠷ ᠠᠨᠣ ᠠᠭᠤᠵᠢᠮ ᠪᠦᠬᠡᠳ ᠵᠣᠷᠢᠭᠳᠠᠢ᠂ ᠡᠨᠡ ᠣᠨᠣᠨ ᠮᠦᠷᠡᠨ ᠤ ᠬᠦᠪᠡᠬᠡᠨ ᠲᠡᠭᠡᠷ᠎ᠡ ᠮᠠᠷᠭᠠᠰᠢ ᠦᠷᠯᠦᠭᠡ ᠬᠤᠷᠠᠯ ᠳᠠᠭᠠᠨ ᠵᠠᠯᠠᠷᠠᠵᠦ ᠣᠯᠠᠨ ᠨᠦᠬᠦᠳ ᠢᠶᠠᠨ ᠬᠤᠷᠢᠮᠯᠠᠬᠤ ᠲᠣᠯᠨ ᠣᠳᠠᠯ ᠦᠬᠡᠢ ᠲᠡᠮᠦᠵᠢᠨ ᠢ ᠦᠵᠡᠮᠦᠢ︾ ᠬᠡᠮᠡᠭᠡᠳ ᠬᠤᠶᠠᠷ ᠬᠦᠪᠡᠬᠦᠨ ᠰᠠᠶ᠋ᠢᠬᠠᠨ ᠣᠷᠭᠤᠵᠦ ᠪᠠᠶᠢᠭ᠎ᠠ ᠨᠢᠯᠬ᠎ᠠ ᠨᠣᠭᠤᠭᠠᠨ ᠤ ᠲᠡᠷᠭᠡᠳᠡ ᠮᠣᠷᠢ ᠪᠠᠨ ᠲᠠᠯᠪᠢᠵᠦ᠂ ᠦᠪᠡᠷᠰᠡᠳ ᠢᠶᠠᠨ ᠲᠣᠪᠣᠨ ᠤ ᠲᠡᠭᠡᠷ᠎ᠡ ᠰᠠᠭᠤᠭᠠᠳ ᠠᠪᠴᠣ ᠶᠠᠪᠣᠭᠰᠠᠨ ᠬᠤᠨᠢᠨ ᠤ ᠮᠢᠬ᠎ᠠ ᠶᠢ ᠢᠳᠡᠬᠦ ᠵᠠᠭᠤᠷ᠎ᠠ ᠠᠯᠠᠭ ᠬᠦᠪᠡᠬᠦᠨ ᠲᠡᠮᠦᠵᠢᠨ ᠤ ᠪᠠᠭᠠᠳᠣᠷ ᠢ ᠶᠡᠬᠡᠯ᠎ᠡ ᠮᠠᠭᠳᠠᠨ ᠦᠬᠦᠯᠡᠭᠰᠡᠨ ᠢᠨᠣ᠄ ︽ᠠᠩᠬᠠᠨ ᠳᠤᠷ ᠡᠨᠡ ᠲᠡᠮᠦᠵᠢᠨ ᠪᠣᠯᠪᠠᠰᠣ ᠨᠢᠭᠡᠨ ᠬᠡᠳᠦᠨ ᠪᠠᠭ᠎ᠠ ᠣᠳᠤᠭ ᠤᠳ ᠤᠨ ᠲᠡᠷᠢᠬᠦᠨ ᠪᠦᠯᠦᠭᠡ᠂ ᠬᠤᠵᠢᠮ ᠪᠠᠶᠢᠯᠳᠣᠭᠰᠠᠭᠠᠷ ᠣᠯᠠᠨ ᠠᠶᠢᠮᠠᠭ ᠤᠳ ᠢ ᠲᠠᠭᠠᠭᠤᠯᠵᠦ᠂ ᠡᠨᠡ ᠬᠢᠷᠢ ᠳᠤ ᠨᠣᠶᠠᠳ᠂ ᠠᠷᠣᠯᠠᠳ᠂ ᠮᠠᠩᠭᠤᠳ - ᠲᠡᠭᠷᠢᠰ᠂ ᠣᠯᠭᠤᠨᠣᠳ ᠵᠡᠷᠭᠡ ᠶᠢᠨ ᠮᠣᠩᠭᠤᠯ ᠢᠵᠠᠭᠤᠷ ᠤᠨ ᠣᠯᠠᠨ ᠠᠶᠢᠮᠠᠭ ᠤᠳ ᠪᠦᠬᠦᠳᠡ ᠶᠢ ᠡᠵᠡᠯᠡᠵᠦ ᠪᠣᠢ᠃ ᠣᠳᠣ ᠣᠨᠣᠨ ᠮᠦᠷᠡᠨ ᠤ ᠬᠦᠪᠡᠬᠦᠨ ᠲᠡᠭᠡᠷ᠎ᠡ ᠮᠣᠷᠢᠨ ᠤ ᠬᠦᠬᠦᠯ ᠢᠶᠠᠷ ᠬᠢᠭᠰᠡᠨ ᠶᠢᠰᠦᠨ ᠬᠦᠯᠳᠣ ᠴᠠᠭᠠᠨ ᠰᠦᠯᠳᠡ ᠪᠠᠨ ᠬᠠᠳᠬᠤᠵᠦ ᠪᠦᠬᠦ ᠮᠣᠩᠭᠤᠯ ᠤᠨ ᠠᠶᠢᠮᠠᠭ ᠤᠳ ᠢ ᠨᠢᠭᠡᠨ ᠭᠡᠷ ᠪᠣᠯᠭᠠᠰᠣᠭᠠᠢ ᠬᠡᠮᠡᠮᠦᠢ᠃ ᠮᠦᠨ ᠬᠦ ᠬᠡᠷᠡᠭ ᠢᠶᠠᠷ ᠣᠨᠣᠨ ᠮᠦᠷᠡᠨ ᠤ ᠬᠦᠪᠡᠬᠡᠨ ᠳᠤᠷ ᠬᠢᠭᠰᠡᠨ ᠬᠤᠷᠠᠯ ᠳᠠᠭᠠᠨ ᠲᠡᠮᠦᠵᠢᠨ ᠦᠪᠡᠷ ᠢᠶᠠᠨ ᠵᠠᠯᠠᠷᠠᠵᠦ ᠢᠷᠡᠵᠦᠬᠦᠢ᠃ ᠬᠤᠷᠠᠯᠳᠣᠭᠠᠨ ᠳᠤᠷ ᠵᠠᠯᠠᠷᠠᠭᠰᠠᠨ ᠣᠴᠢᠷ ᠂ ᠬᠤᠷᠠᠯᠳᠣᠭᠠᠨ ᠤ ᠬᠦᠮᠦᠨ ᠪᠦᠬᠦᠳᠡ ᠬᠦᠭᠴᠦ ᠪᠦᠬᠡ ᠶᠢ ᠦᠵᠡᠰᠦᠬᠡᠢ ᠬᠡᠮᠡᠭᠰᠡᠨ ᠤ ᠲᠣᠯᠨ ᠪᠣᠯᠠᠢ᠃ ᠡᠨᠡ ᠶᠡᠭᠡ ᠪᠦᠬᠡ ᠶᠢᠨ ᠦᠬᠡ ᠶᠢ ᠪᠠᠭᠠᠳᠣᠷ ᠤᠳ ᠶᠡᠬᠡᠯ᠎ᠡ ᠣᠶᠢᠰᠢᠶᠠᠮᠦᠢ︾ ᠬᠡᠮᠡᠨ ᠦᠬᠦᠯᠡᠪᠡᠰᠦ ᠵᠠᠨ᠎ᠠ ᠬᠦᠪᠡᠬᠦᠨ ᠦᠪᠡᠷ ᠤᠨ ᠪᠡᠶ᠎ᠡ ᠶᠢ ᠦᠷᠡᠴᠢᠯᠡᠭᠰᠡᠨ ᠡᠴᠢᠭᠡ ᠶᠢᠨ ᠨᠡᠷ᠎ᠡ ᠶᠢ ᠰᠣᠨᠣᠰᠣᠭᠠᠳ ᠵᠢᠷᠦᠬᠡᠨ ᠢᠨᠣ ᠶᠡᠬᠡᠳᠡ ᠬᠦᠳᠡᠯᠦᠮᠦᠢ᠂ ᠠᠯᠠᠭ ᠤᠨ ᠦᠬᠡᠨ ᠳᠤᠷ ᠶᠡᠭᠡ ᠠᠷᠰᠢ ᠶᠢ ᠪᠦᠬᠦᠳᠡᠭᠡᠷ ᠬᠦᠨᠳᠦᠯᠡᠬᠦ ᠢᠨᠣ ᠪᠠᠭᠠᠳᠣᠷ ᠲᠡᠮᠦᠵᠢᠨ ᠠᠴᠠ ᠢᠯᠡᠬᠦᠦ ᠬᠡᠮᠡᠬᠦ ᠶᠢ ᠮᠡᠳᠡᠵᠦ ᠂ ᠡᠨᠡ ᠵᠠᠨ᠎ᠠ ᠬᠦᠪᠡᠬᠦᠨ ᠠᠯᠠᠭ ᠲᠤᠷ ᠦᠬᠦᠯᠡᠷᠦᠨ᠄ ︽ᠶᠡᠭᠡ ᠬᠠᠭᠠᠨ ᠲᠡᠮᠦᠵᠢᠨ ᠬᠡᠮᠡᠭᠴᠢ ᠬᠦᠬᠡ ᠲᠡᠭᠷᠢ ᠶᠢᠨ ᠲᠣᠣᠷ᠎ᠠ᠂ ᠬᠦᠷᠦᠰᠦᠲᠣ ᠠᠯᠳᠠᠨ ᠲᠡᠯᠡᠬᠡᠢ ᠶᠢᠨ ᠲᠡᠭᠡᠷᠡᠬᠢ ᠪᠠᠭᠠᠳᠣᠷ ᠤᠳ ᠤᠨ ᠲᠡᠷᠢᠬᠦᠨ ᠪᠣᠯᠣᠭᠰᠠᠨ ᠪᠠᠶᠢᠳᠠᠯ᠎ᠠ᠂ ᠬᠦᠭᠴᠦ ᠪᠦᠬᠡ ᠶᠢ ᠶᠠᠭᠤᠨ ᠳᠤᠷ ᠲᠡᠬᠦᠨ ᠠᠴᠠ ᠢᠯᠡᠬᠦᠦ ᠬᠦᠨᠳᠦᠯᠡᠮᠦᠢ︾ ᠬᠡᠮᠡᠭᠰᠡᠨ ᠳᠤᠷ᠂ ᠠᠯᠠᠭ ᠬᠦᠪᠡᠬᠦᠨ ᠶᠡᠬᠡᠯ᠎ᠡ ᠠᠶᠣᠭᠰᠠᠨ ᠪᠠᠶᠢᠳᠠᠯ ᠢᠶᠠᠷ ᠣᠷᠴᠢᠨ ᠲᠣᠭᠤᠷᠢᠨ ᠢ ᠡᠷᠭᠡᠴᠡᠭᠦᠯᠦᠨ ᠬᠠᠷᠠᠭᠠᠳ ᠰᠢᠪᠡᠨᠡᠵᠦ ᠦᠬᠦᠯᠡᠷᠦᠨ᠄ ︽ᠲᠡᠮᠦᠵᠢᠨ ᠬᠡᠳᠦᠢ ᠬᠦᠮᠦᠨ ᠲᠦᠷᠦᠯᠬᠢᠳᠠᠨ ᠤ ᠣᠬᠠᠭᠠᠨ ᠵᠣᠷᠢᠭ ᠢᠶᠠᠷ ᠢᠯᠡᠬᠦᠦ ᠪᠣᠯᠪᠠᠴᠣ ᠪᠠᠰᠠᠯ᠎ᠠ ᠮᠦᠩᠬᠡ ᠪᠣᠰᠣ ᠶᠢᠨ ᠬᠤᠪᠢᠷᠠᠯᠳᠣ ᠬᠦᠮᠦᠨ ᠠᠵᠣᠭᠤ᠂ ᠬᠦᠭᠴᠦ ᠪᠣᠯᠪᠠᠰᠣ ᠡᠩ ᠤᠨ ᠬᠦᠮᠦᠨ ᠪᠣᠰᠣ ᠪᠣᠯᠠᠢ︾ ᠬᠡᠮᠡᠬᠦᠢ ᠳᠤᠷ ᠵᠠᠨ᠎ᠠ ᠠᠰᠠᠭᠤᠷᠠᠨ᠄ ︽ᠮᠢᠨᠣ ᠪᠡᠶ᠎ᠡ ᠶᠢ ᠲᠡᠵᠢᠬᠡᠭᠰᠡᠨ ᠡᠴᠢᠬᠡ ᠴᠢ ᠪᠢᠳᠠ ᠬᠤᠶᠠᠷ ᠯᠤᠭ᠎ᠠ ᠠᠳᠠᠯᠢ ᠬᠦᠮᠦᠨ ᠪᠣᠰᠣ ᠪᠣᠶᠣ︾ ᠬᠡᠮᠡᠪᠡᠰᠦ ᠠᠯᠠᠭ ᠲᠠᠬᠢᠨ ᠠᠶᠣᠭᠰᠠᠨ ᠮᠡᠳᠣ ᠡᠷᠬᠢᠵᠦ ᠬᠠᠷᠠᠭᠠᠳ ᠦᠬᠦᠯᠡᠷᠦᠨ᠄ ︽ᠲᠣᠭᠤᠢ ᠲᠣᠭᠤᠢ᠂ ᠶᠡᠭᠡ ᠠᠷᠰᠢ ᠶᠢ ᠴᠢᠩᠭ᠎ᠠ ᠲᠣᠷᠠᠳᠴᠦ ᠪᠣᠯᠬᠤ ᠦᠬᠡᠢ᠃ ᠲᠡᠷᠨ ᠬᠡᠳᠦᠢ ᠬᠦᠮᠦᠨ ᠤ ᠲᠦᠷᠢᠲᠠᠢ ᠪᠣᠯᠪᠠᠴᠣ ᠴᠣᠬᠤᠮ  ᠳᠠᠭᠠᠨ ᠬᠦᠮᠦᠨ ᠪᠣᠰᠣ᠂ ᠮᠠᠭᠠᠳ ᠲᠡᠭᠡᠳᠣ ᠲᠦᠷᠦᠯᠬᠢᠳᠠᠨ ᠪᠦᠬᠡᠳ ᠲᠡᠭᠷᠢ ᠪᠣᠶᠣ ᠬᠤᠪᠢᠯᠭᠠᠨ ᠪᠡᠶᠡᠳᠡᠨ ᠠᠮᠣᠢ᠃ ᠲᠡᠬᠦᠨ ᠤ ᠬᠤᠭᠤᠯᠨ ᠢᠳᠡᠬᠦ᠂ ᠣᠮᠳᠠ ᠣᠣᠭᠤᠬᠤ ᠶᠢ ᠴᠢ ᠦᠵᠡᠭᠰᠡᠨ ᠤᠤ᠂ ᠮᠦᠰᠦᠲᠠᠢ ᠠᠭᠤᠯᠨ ᠴᠠᠰᠣᠳᠠᠢ ᠲᠠᠯ᠎ᠠ  ᠪᠠᠷ ᠬᠦᠯ ᠨᠢᠴᠦᠬᠦᠨ ᠠᠵᠢᠯ ᠦᠬᠡᠢ ᠶᠠᠪᠣᠬᠤ ᠶᠢ ᠴᠢ ᠦᠵᠡᠭᠰᠡᠨ ᠦᠬᠡᠢ ᠤᠤ᠂ ᠨᠢᠭᠡᠨ ᠴᠠᠭ ᠲᠤᠷ ᠠᠳᠡ ᠲᠡᠨᠳᠡ ᠣᠯᠠᠨ ᠭᠠᠵᠠᠷ ᠦᠵᠡᠭᠳᠡᠳᠡᠭ ᠢᠨᠣ ᠦᠨᠡᠨ ᠪᠣᠰᠣ ᠤᠤ︖︾ ᠬᠡᠮᠡᠬᠦᠢ ᠳᠤᠷ᠂ ᠵᠠᠨ᠎ᠠ ᠲᠠᠭᠤᠨ ᠦᠬᠡᠢ ᠰᠠᠭᠤᠵᠣᠬᠤᠢ᠃ ᠡᠶᠢᠨ ᠬᠦ ᠦᠬᠦᠯᠡᠯᠳᠦᠭᠰᠡᠭᠡᠷ ᠪᠠᠶᠢᠳᠠᠯ᠎ᠠ ᠦᠳᠡᠰᠢ ᠪᠣᠯᠵᠦ ᠰᠦᠨᠢ ᠢᠷᠡᠬᠦᠢ ᠯᠦᠭᠡ ᠠᠯᠠᠭ ᠬᠡᠨᠡᠳᠳᠡ ᠶᠠᠭᠠᠷᠠᠨ ᠮᠠᠩᠳᠠᠨ ︽ᠣᠷᠣᠢ ᠪᠣᠯᠪᠠ᠂ ᠠᠪᠤ ᠨᠠᠳᠣᠷ ᠴᠢᠬᠤᠯᠳᠠᠮᠦᠢ᠂ ᠮᠠᠯ ᠬᠦᠳᠡᠭᠡ ᠪᠡᠯᠴᠢᠵᠦ ᠪᠣᠢ ᠲᠣᠯᠨ ᠬᠠᠷᠠᠩᠭᠤᠢ ᠪᠠᠷ ᠬᠤᠷᠢᠶᠠᠵᠦ ᠬᠡᠷ ᠲᠡᠭᠡᠨ ᠠᠪᠠᠴᠢᠬᠤᠢ ᠳᠤᠷ ᠠᠮᠣᠷ ᠦᠬᠡᠢ ᠪᠣᠯᠣᠮᠦᠢ︾ ᠬᠡᠮᠡᠪᠡᠰᠦ ᠵᠠᠨ᠎ᠠ ᠦᠬᠦᠯᠡᠷᠦᠨ᠄ ︽ᠪᠢ ᠴᠢᠮᠠᠳᠣᠷ ᠲᠣᠰᠠᠯᠠᠶ᠎ᠠ᠂ ᠴᠢ ᠰᠢᠯᠪᠢᠬᠦᠷ ᠲᠠᠢ ᠲᠣᠯᠨ ᠣᠨᠠᠭ᠎ᠠ ᠲᠠᠭ᠎ᠠ ᠪᠠᠨ ᠴᠣᠭᠯᠠᠭᠤᠯ᠂ ᠪᠢ ᠪᠣᠰᠣᠳ ᠢ ᠬᠤᠷᠢᠶᠠᠰᠦᠭᠠᠢ︾ ᠬᠡᠮᠡᠯᠳᠦᠵᠦ ᠬᠤᠶᠠᠭᠤᠯᠨ ᠠᠳᠣᠭᠤᠨ ᠤ ᠲᠡᠷᠭᠡᠳᠡ ᠨᠢᠰᠬᠦ ᠮᠡᠳᠣ ᠲᠠᠪᠬᠢᠯᠳᠣᠨ ᠬᠦᠷᠦᠭᠡᠳ ᠢᠰᠭᠡᠷᠦᠯᠳᠦᠨ ᠠᠳᠣᠭᠤ ᠪᠠᠨ ᠬᠤᠷᠢᠶᠠᠨ ᠴᠣᠭᠯᠠᠭᠤᠯᠣᠭᠠᠳ ᠠᠯᠠᠭ ᠤᠨ ᠬᠡᠷ ᠦᠬᠡᠳᠡ ᠲᠠᠭᠤᠵᠦ ᠮᠣᠷᠢᠨ ᠤ ᠠᠮᠨ ᠮᠡᠳᠡᠨ ᠲᠠᠪᠬᠢᠯᠳᠣᠭᠰᠠᠭᠠᠷ ᠬᠦᠷᠦᠭᠡᠳ ᠪᠦᠷᠢᠳᠬᠡᠨ ᠲᠣᠭᠠᠯᠠᠵᠦ ᠬᠤᠷᠣᠭᠠᠨ ᠳᠤᠷ ᠠᠨᠣ ᠬᠤᠷᠢᠭᠠᠳ ᠰᠢᠯᠪᠢᠭᠦᠷ ᠪᠣᠭᠤᠯᠢ ᠨᠤᠭᠤᠳ ᠢᠶᠠᠨ ᠡᠬᠦᠳᠡᠨ ᠳᠤᠷ ᠲᠠᠯᠪᠢᠨ ᠠᠯᠠᠭ ᠤᠨ ᠡᠴᠢᠭᠡ ᠪᠠᠶᠢᠰᠣᠩᠭᠤᠷ ᠤᠨ ᠭᠡᠷ ᠲᠤᠷ ᠣᠷᠣᠪᠠᠢ᠃ ᠲᠠᠷᠠᠭ᠎ᠠ ᠶᠠᠭᠤ ᠪᠣᠯᠬᠤ ᠶᠢ ᠬᠤᠶᠢᠳᠣ ᠪᠦᠯᠦᠭ ᠲᠤᠷ ᠦᠵᠡᠲᠦᠭᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号