| ᠲᠡᠨᠳᠡ ᠠᠴᠠ ᠬᠤᠶᠠᠷ ᠬᠦᠪᠡᠬᠦᠨ ᠬᠡᠷ ᠲᠡᠭᠡᠨ ᠣᠷᠣᠪᠠᠰᠣ ᠭᠠᠯ ᠤᠨ ᠲᠡᠭᠡᠷ᠎ᠡ ᠲᠣᠭᠤᠭᠠᠨ ᠤ ᠲᠣᠳᠣᠷ᠎ᠠ ᠶᠠᠭᠤᠮ᠎ᠠ | ᠪᠣᠴᠠᠯᠵᠦ ᠪᠠᠶᠢᠰᠣᠩᠭᠤᠷ ᠭᠡᠷ ᠲᠡᠭᠡᠨ ᠭᠠᠯ ᠢᠶᠠᠨ ᠲᠣᠭᠤᠷᠢᠨ ᠰᠠᠭᠤᠵᠦ ᠪᠣᠢ᠃ ᠪᠠᠶᠢᠰᠣᠩᠭᠤᠷ ᠬᠡᠮᠡᠭᠴᠢ ᠨᠢᠳᠣᠨ | ᠳᠡᠭᠡᠨ ᠭᠠᠯ ᠲᠠᠢ᠂ ᠨᠢᠭᠤᠷ ᠲᠡᠭᠡᠨ ᠴᠤᠭ ᠲᠠᠢ ᠢᠳᠡᠷ ᠲᠣᠮᠳᠠ ᠨᠠᠰᠣᠨ ᠤ ᠬᠦᠮᠦᠨ ᠬᠤᠶᠢᠮᠣᠷ ᠰᠠᠭᠤᠵᠦ᠂ ᠬᠤᠶᠠᠷ | ᠬᠦᠪᠡᠬᠦᠨ ᠢ ᠣᠷᠣᠵᠦ ᠢᠷᠡᠬᠦᠢ ᠳᠤᠷ ᠲᠣᠯᠣᠭᠠᠢ ᠪᠠᠨ ᠪᠠᠭ᠎ᠠ ᠦᠯᠡᠶᠢᠵᠦ ᠬᠠᠷᠠᠭᠠᠳ ᠬᠦᠪᠡᠬᠦᠨ ᠳᠡᠭᠡᠨ ︽ᠶᠠᠭᠤᠨ | ᠳᠤ ᠡᠶᠢᠮᠦ ᠣᠷᠣᠢ ᠢᠷᠡᠪᠠ︾ ᠬᠡᠮᠡᠬᠦᠢ ᠳᠤᠷ ᠠᠯᠠᠭ ᠬᠦᠪᠡᠬᠦᠨ ᠡᠴᠢᠬᠡ ᠶᠢᠨ ᠡᠮᠦᠨ᠎ᠠ ᠠᠴᠠ ᠦᠬᠡ ᠲᠠᠭᠤᠨ ᠭᠠᠷᠣᠯ | ᠦᠬᠡᠢ᠂ ᠵᠠᠨ᠎ᠠ ᠯᠤᠭ᠎ᠠ ᠪᠣᠰᠣᠳ ᠭᠠᠯ ᠲᠣᠭᠤᠷᠢᠭᠴᠢᠳ ᠯᠤᠭ᠎ᠠ ᠵᠡᠷᠭᠡᠴᠡᠨ ᠰᠠᠭᠤᠪᠠᠢ᠃ ᠪᠠᠶᠢᠰᠣᠩᠭᠤᠷ ᠰᠠᠶ᠋ᠢ | ᠵᠠᠯᠠᠭᠤ ᠵᠣᠴᠢᠨ ᠢᠷᠡᠭᠰᠡᠨ ᠢ ᠦᠵᠡᠭᠡᠳ᠄ ︽ᠡ ᠰᠠᠶᠢᠨ ᠪᠠᠶᠢᠨᠠᠣ᠂ ᠶᠡᠭᠡ ᠪᠦᠬᠡ ᠬᠦᠭᠴᠦ ᠶᠢᠨ ᠱᠠᠪᠢ ᠨᠠᠰᠢ | ᠢᠷᠡᠵᠦ ᠠᠳᠡ ᠰᠠᠭᠤ︾ ᠬᠡᠮᠡᠨ ᠪᠠᠷᠠᠭᠤᠨ ᠭᠠᠷ ᠤᠨ ᠲᠡᠷᠭᠡᠳᠡ ᠰᠠᠭᠤᠯᠭᠠᠵᠦ ᠦᠬᠦᠯᠡᠷᠦᠨ᠄ ︽ᠮᠢᠨᠣ ᠭᠡᠷ ᠲᠤᠷ ᠴᠢ | ᠣᠷᠣᠵᠦ ᠢᠷᠡᠭᠰᠡᠨ ᠢᠨᠣ ᠶᠡᠬᠡᠯ᠎ᠡ ᠵᠣᠯ ᠵᠠᠶᠠᠭ᠎ᠠ ᠲᠣᠬᠢᠶᠠᠵᠣᠬᠤᠢ᠃ ᠶᠡᠭᠡ ᠪᠠᠭᠰᠢ ᠶᠢᠨ ᠢᠷᠦᠭᠡᠯ ᠢᠨᠣ ᠦᠨᠡᠨ ᠱᠠᠪᠢ | ᠴᠢᠨᠣ ᠬᠤᠶᠢᠨ᠎ᠠ ᠠᠴᠠ ᠰᠠᠯᠣᠯ ᠦᠬᠡᠢ ᠮᠠᠭᠠᠳ ᠢᠷᠡᠳᠡᠭ ᠪᠣᠯᠠᠢ︾ ᠬᠡᠮᠡᠭᠡᠳ᠂ ᠵᠠᠨ᠎ᠠ ᠬᠦᠪᠡᠬᠦᠨ ᠤ ᠰᠢᠨ᠎ᠠ | ᠵᠡᠪᠰᠡᠭ ᠢ ᠦᠵᠡᠨ ᠪᠠᠶᠠᠷᠯᠠᠭᠰᠠᠨ ᠴᠢᠷᠠᠢ ᠶᠢ ᠠᠨᠣ ᠲᠠᠨᠢᠭᠠᠳ᠄ ︽ᠡᠨᠡ ᠰᠠᠶᠢᠬᠠᠨ ᠵᠡᠷ ᠵᠡᠪᠰᠡᠭ ᠢ ᠪᠠᠭᠰᠢ ᠴᠢᠨᠣ | ᠮᠠᠭᠠᠳ ᠦᠭᠬᠦᠭᠰᠡᠨ ᠪᠣᠢ ᠢ ᠡ᠂ ᠪᠠᠰᠨ ᠭᠠᠳᠠᠭ᠎ᠠ ᠰᠠᠶᠢᠬᠠᠨ ᠪᠣᠭᠤᠷᠣᠯ ᠤᠨ ᠢᠨᠴᠠᠭᠠᠬᠤ ᠠᠨᠣ ᠰᠣᠨᠣᠰᠳᠠᠮᠣᠢ᠃ | ᠡᠬᠦᠨ ᠢ ᠪᠠᠰᠨ ᠬᠦᠭᠴᠦ ᠪᠦᠬᠡ ᠦᠭᠬᠦᠭᠰᠡᠨ ᠪᠣᠢ ᠢ ᠡ᠂ ᠬᠦᠭᠴᠦ ᠪᠦᠬᠡ ᠲᠣᠶᠢᠯ ᠤᠨ ᠰᠠᠶᠢᠨ ᠬᠦᠮᠦᠨ ᠪᠣᠯᠠᠢ︾ | ᠬᠡᠮᠡᠨ ᠲᠣᠪ ᠲᠣᠭᠤᠢ ᠨᠡᠯᠢᠶᠡᠳ ᠰᠠᠭᠤᠭᠰᠠᠨ ᠤ ᠬᠤᠶᠢᠨ᠎ᠠ ᠪᠠᠰᠨ ᠲᠠᠬᠢᠨ ᠦᠬᠦᠯᠡᠷᠦᠨ᠄ ︽ᠮᠠᠨ ᠤ ᠶᠡᠭᠡ ᠪᠦᠬᠡ | ᠪᠠᠭ᠎ᠠ ᠬᠦᠪᠡᠬᠦᠳ ᠢ ᠶᠣᠰᠣᠳᠠᠢ ᠴᠡᠷᠢᠭ ᠯᠦᠭᠡ ᠠᠳᠠᠯᠢ ᠵᠡᠪᠰᠡᠭᠯᠡᠬᠦᠯᠬᠦ ᠶᠢ ᠦᠵᠡᠪᠡᠰᠦ ᠣᠳᠣ ᠶᠡᠭᠡ ᠴᠠᠭ ᠢᠷᠡᠵᠦᠬᠦᠢ | ︾ ᠬᠡᠮᠡᠮᠡᠭᠴᠡ ᠭᠠᠳᠠᠨ᠎ᠠ ᠠᠴᠠ ︽ᠶᠡᠭᠡ ᠴᠠᠭ ᠢᠷᠡᠪᠠᠢ︾ ᠬᠡᠮᠡᠭᠰᠡᠭᠡᠷ ᠨᠢᠭᠡᠨ ᠬᠦᠮᠦᠨ ᠡᠬᠦᠳᠡ ᠡᠷᠭᠦᠵᠦ ᠪᠣᠱᠤᠭ᠎ᠠ ᠶᠢ | ᠠᠯᠬᠤᠭᠠᠳ ᠣᠷᠣᠵᠦ ᠢᠷᠡᠬᠦ ᠶᠢ ᠦᠵᠡᠪᠡᠰᠦ ᠴᠡᠭᠡᠵᠢ ᠦᠷᠭᠡᠨ ᠪᠡᠶ᠎ᠡ ᠦᠨᠳᠦᠷ᠂ ᠠᠷᠰᠯᠠᠨ ᠤ ᠲᠡᠯ ᠮᠡᠳᠣ ᠦᠳᠬᠡᠨ | ᠬᠠᠷ᠎ᠠ ᠦᠰᠦ ᠲᠠᠢ᠂ ᠨᠢᠭᠤᠷ ᠢᠨᠣ ᠰᠢᠷ᠎ᠠ᠂ ᠰᠢᠳᠣᠨ ᠢᠨᠣ ᠲᠣᠩ ᠴᠠᠭᠠᠨ᠂ ᠦᠨᠳᠦᠷ ᠮᠠᠯᠠᠭᠠᠢ ᠶᠢᠨ ᠣᠷᠣᠢ ᠳᠤᠷ | ᠭᠤᠷᠭᠤᠣᠯ ᠰᠢᠪᠠᠭᠤᠨ ᠤ ᠦᠳᠦ ᠬᠠᠳᠬᠤᠭᠰᠠᠨ ᠨᠢᠭᠡᠨ ᠬᠦᠮᠦᠨ ᠢ ᠪᠠᠶᠢᠰᠣᠩᠭᠤᠷ ᠦᠵᠡᠭᠡᠳ ᠣᠭᠳᠣᠵᠦ ᠶᠡᠬᠡᠯ᠎ᠡ | ᠪᠠᠶᠠᠰᠣᠭᠰᠠᠨ ᠪᠠᠶᠢᠳᠠᠯ ᠢᠶᠠᠷ᠄ ︽ᠵᠣᠷᠢᠭᠳᠣ ᠪᠣᠭᠤᠷᠵᠢ ᠴᠢ ᠮᠢᠨᠢ ᠰᠠᠶᠢᠨ ᠤᠤ︖︾ ᠬᠡᠮᠡᠪᠡᠰᠦ᠂ ᠪᠣᠭᠤᠷᠵᠢ | ᠴᠢᠩᠭ᠎ᠠ ᠪᠦᠲᠦᠭᠦᠨ ᠲᠠᠭᠤ ᠪᠠᠷ ᠦᠭᠦᠯᠡᠷᠦᠨ᠄ ︽ᠨᠦᠬᠦᠷ ᠴᠢ ᠪᠠ ᠴᠢᠨᠣ ᠡᠬᠡᠨᠡᠷ ᠬᠡᠣᠬᠡᠳ ᠵᠠᠷᠣᠴᠨ ᠪᠣᠭᠤᠯ ᠨᠠᠷ᠂ | ᠪᠠᠰᠨ ᠲᠠᠨᠢᠭᠳᠠᠭᠠᠳᠣᠢ ᠵᠠᠯᠠᠭᠤ ᠬᠦᠪᠡᠬᠦᠨ ᠲᠨ ᠪᠦᠬᠦᠳᠡᠭᠡᠷ ᠰᠠᠶᠢᠨ ᠤᠤ︖︾ ᠬᠡᠮᠡᠨ ᠮᠡᠨᠳᠣ ᠶᠢ ᠠᠰᠠᠭᠤᠯᠴᠠᠨ | ᠰᠠᠭᠤᠵᠣᠬᠤᠢ᠃ ᠪᠠᠶᠢᠰᠣᠩᠭᠤᠷ ᠦᠬᠦᠯᠡᠷᠦᠨ᠄ ︽ᠶᠡᠭᠡ ᠬᠦᠭᠴᠦ ᠶᠢᠨ ᠲᠡᠵᠢᠭᠡᠭᠰᠡᠨ ᠬᠦᠪᠡᠬᠦᠨ ᠵᠠᠨ᠎ᠠ ᠬᠡᠮᠡᠭᠴᠢ ᠡᠨᠡ | ᠪᠦᠯᠦᠭᠡ︾ ᠬᠡᠮᠡᠪᠡᠰᠦ ᠪᠣᠭᠤᠷᠵᠢ ᠲᠣᠯᠣᠭᠠᠢ ᠪᠠᠨ ᠲᠣᠬᠢᠵᠦ᠄ ︽ᠶᠡᠭᠡ ᠠᠷᠰᠢ ᠳᠤᠷ ᠵᠠᠯᠪᠠᠷᠢᠮᠣᠢ︾ ᠬᠡᠮᠡᠨ | ᠦᠬᠦᠯᠡᠭᠡᠳ᠂ ᠭᠠᠯ ᠤᠨ ᠵᠠᠬ᠎ᠠ ᠳᠤ ᠰᠠᠭᠤᠪᠠᠢ᠃ ᠪᠠᠶᠢᠰᠣᠩᠭᠤᠷ ᠤᠨ ᠡᠬᠡᠨᠡᠷ ᠢᠨᠣ ᠠᠶᠢᠷᠠᠭ ᠪᠠ ᠬᠤᠨᠢᠨ ᠤ ᠮᠢᠬ᠎ᠠ | ᠠᠪᠴᠢᠷᠠᠵᠦ ᠲᠠᠯᠪᠢᠭᠰᠠᠨ ᠢ ᠪᠦᠬᠦᠳᠡᠭᠡᠷ ᠲᠣᠰ ᠲᠣᠰ ᠲᠠᠭᠠᠨ ᠢᠳᠡᠵᠦ ᠪᠠᠶᠢᠳᠠᠯ᠎ᠠ᠂ ᠪᠣᠭᠤᠷᠵᠢ ᠦᠬᠦᠯᠡᠷᠦᠨ᠄ ︽ | ᠲᠠ ᠨᠠᠷ ᠠᠳᠡ ᠠᠮᠣᠭᠤᠯᠠᠩ ᠰᠠᠭᠤᠮᠣᠢ᠂ ᠭᠠᠳᠠᠨ᠎ᠠ ᠬᠠᠷᠠᠩᠭᠤᠢ ᠰᠦᠨᠢ ᠪᠣᠯᠵᠦ᠂ ᠵᠦᠭ ᠪᠦᠷᠢ ᠠᠴᠠ ᠮᠠᠨ ᠤ | ᠣᠯᠣᠰ ᠤᠨ ᠬᠦᠮᠦᠨ ᠠᠮᠢᠳᠠᠨ ᠴᠣᠭᠯᠠᠷᠠᠨ ᠢᠷᠡᠵᠦ ᠭᠤᠣᠯ ᠲᠦᠭᠦᠷᠡᠩ ᠪᠣᠢ᠂ ᠣᠨᠣᠨ ᠮᠦᠷᠡᠨ ᠤ ᠬᠦᠪᠡᠬᠦᠨ ᠳᠤᠷ | ᠵᠡᠷ ᠵᠡᠪᠰᠡᠭ ᠲᠠᠬᠢᠨ ᠬᠠᠩᠬᠢᠨᠠᠬᠤ ᠴᠢᠮᠡᠭᠡ ᠰᠣᠨᠣᠰᠳᠠᠮᠣᠢ᠃ ᠮᠠᠷᠭᠠᠰᠢ ᠦᠷᠯᠦᠭᠡ ᠲᠡᠮᠦᠵᠢᠨ ᠡᠵᠡᠨ ᠤ ᠲᠡᠷᠬᠡᠳᠡ | ᠭᠠᠪᠢᠶᠠᠳᠣ ᠪᠠᠭᠠᠳᠣᠷ ᠤᠳ ᠪᠠ ᠭᠤᠪᠢ ᠶᠢᠨ ᠡᠷᠡᠴᠣᠳ ᠴᠣᠭᠯᠠᠷᠠᠭᠰᠠᠨ ᠣᠯᠠᠨ ᠢ ᠭᠠᠶᠢᠬᠠᠬᠤ ᠬᠢᠭᠡᠳ ᠶᠡᠭᠡ ᠬᠡᠷᠡᠭ ᠢ | ᠡᠬᠦᠳᠬᠦ ᠴᠠᠭ ᠪᠣᠯᠣᠭᠰᠠᠨ ᠠᠨᠣ ᠲᠨ ᠪᠦᠬᠦᠳᠡᠭᠡᠷ ᠲᠤᠷ ᠰᠣᠨᠣᠰᠳᠠᠮᠣᠢ ᠢ ᠡ︾ ᠬᠡᠮᠡᠬᠦ ᠯᠦᠭᠡ ᠬᠡᠨᠡᠳᠳᠡ ᠨᠣᠬᠠᠢ | ᠶᠡᠬᠡᠯ᠎ᠡ ᠬᠤᠴᠠᠵᠦ ᠭᠡᠷ ᠲᠣᠭᠤᠷᠢᠨ ᠬᠦᠶᠦᠯᠳᠦᠭᠡᠳ ᠠᠳᠣᠭᠤ ᠢᠨᠴᠠᠭᠠᠯᠳᠣᠨ᠂ ᠦᠬᠡᠷ ᠮᠦᠬᠡᠷᠡᠯᠳᠦᠨ᠂ ᠬᠤᠨᠢ | ᠢᠮᠠᠭ᠎ᠠ ᠮᠠᠶᠢᠯᠠᠯᠳᠣᠵᠦ᠂ ᠲᠡᠮᠡᠭᠡᠳ ᠲᠡᠪᠡᠷᠡᠬᠤ ᠰᠣᠨᠣᠰᠳᠠᠮᠣᠢ᠃ ᠡᠳᠡᠭᠡᠷ ᠣᠯᠠᠨ ᠠᠮᠢᠳᠠᠳ ᠰᠠᠨᠳᠣᠷᠬᠤ ᠶᠢ | ᠰᠣᠨᠣᠰᠣᠭᠠᠳ ᠣᠴᠢᠷ ᠢ ᠣᠯᠵᠣ ᠦᠯᠦ ᠮᠡᠳᠡᠬᠦ ᠲᠣᠯᠨ᠂ ᠪᠦᠬᠦᠳᠡ ᠰᠣᠴᠢᠨ ᠭᠠᠶᠢᠬᠠᠯᠳᠣᠨ ᠰᠠᠭᠤᠳᠠᠯ ᠡᠴᠡᠭᠡᠨ | ᠪᠣᠰᠴᠠᠭᠠᠵᠦ ᠵᠣᠭᠰᠣᠨ ᠪᠠᠶᠢᠳᠠᠯ᠎ᠠ ᠪᠠᠶᠢᠰᠣᠩᠭᠤᠷ ᠰᠠᠶ᠋ᠢ ᠣᠬᠠᠭᠠᠨ ᠣᠯᠵᠦ ᠬᠦᠪᠡᠬᠦᠨ ᠳᠡᠭᠡᠨ᠄ ︽ᠴᠢ ᠶᠠᠭᠠᠬᠢᠵᠦ | ᠠᠳᠡ ᠰᠠᠭᠤᠮᠣᠢ᠂ ᠬᠤᠷᠳᠣᠨ ᠭᠠᠷᠴᠦ ᠮᠠᠯ ᠢᠶᠠᠨ ᠦᠵᠡ︕︾ ᠬᠡᠮᠡᠨ ᠵᠠᠩᠳᠣᠷᠣᠨ ᠬᠡᠯᠡᠬᠦᠢ ᠳᠤᠷ᠂ ᠬᠤᠶᠠᠷ | ᠬᠦᠪᠡᠬᠦᠨ ᠬᠦᠶᠦᠯᠳᠦᠨ ᠭᠠᠷᠪᠠᠰᠣ ᠣᠨᠣᠨ ᠭᠤᠣᠯ ᠲᠦᠭᠦᠷᠡᠩ ᠮᠠᠨᠠᠨ ᠲᠠᠳᠠᠭᠰᠠᠨ ᠪᠣᠯᠪᠠᠴᠣ ᠰᠠᠷᠠᠨ ᠤ ᠬᠡᠷᠡᠯ | ᠮᠠᠨᠠᠨ ᠢ ᠨᠡᠪᠳᠡᠯᠦᠨ ᠬᠡᠶᠢᠬᠦᠯᠦᠭᠡᠳ ᠶᠠᠭᠤᠮ᠎ᠠ ᠪᠦᠬᠦᠳᠡ ᠮᠠᠰᠢ ᠲᠣᠮᠣ ᠪᠣᠯᠣᠨ ᠦᠵᠡᠭᠳᠡᠮᠦᠢ᠃ ᠡᠬᠦᠨ ᠳᠤᠷ ᠠᠯᠠᠭ | ᠬᠦᠪᠡᠬᠦᠨ ᠠᠳᠣᠭᠤᠨ ᠤ ᠵᠦᠭ ᠣᠳᠪᠠᠢ᠃ | ᠲᠡᠨᠳᠡ ᠠᠴᠠ ᠵᠠᠨ᠎ᠠ ᠬᠦᠪᠡᠬᠦᠨ ᠮᠠᠯ ᠤᠨ ᠬᠤᠷᠣᠭᠠᠨ ᠤ ᠡᠬᠦᠳᠡᠨ ᠳᠤᠷ ᠲᠠᠯᠪᠢᠭᠰᠠᠨ ᠰᠢᠯᠪᠢᠭᠦᠷ ᠢ ᠠᠪᠴᠣ ᠬᠡᠳᠦᠨ | ᠣᠳᠠᠭ᠎ᠠ ᠴᠣᠬᠢᠵᠦ ᠲᠣᠣᠭᠠᠷᠭᠠᠬᠤᠢ ᠯᠤᠭ᠎ᠠ ᠲᠠᠭᠠᠵᠦ ᠶᠠᠪᠣᠭᠰᠠᠨ ᠬᠤᠳᠠᠴᠢ ᠨᠣᠬᠠᠢ ᠨᠤᠭᠤᠳ ᠴᠢᠩᠭ᠎ᠠ ᠬᠤᠴᠠᠯᠳᠣᠨ | ᠬᠦᠶᠦᠯᠴᠡᠵᠦ ᠮᠠᠯ ᠤᠳ ᠢᠶᠠᠨ ᠡᠷᠬᠢᠨ ᠲᠣᠭᠤᠷᠢᠨ ᠬᠤᠷᠢᠵᠦ᠂ ᠰᠦᠷᠦᠭ ᠤᠳ ᠨᠠᠮ ᠬᠦᠮ ᠴᠢᠮᠡᠭᠡ ᠦᠬᠡᠢ | ᠪᠣᠯᠣᠭᠰᠠᠨ ᠳᠤᠷ ᠵᠠᠨ᠎ᠠ ᠬᠦᠪᠡᠬᠦᠨ ᠨᠦᠬᠦᠷ ᠤᠨ ᠢᠶᠠᠨ ᠬᠤᠶᠢᠨ᠎ᠠ ᠠᠴᠠ ᠡᠴᠢᠪᠡᠰᠦ ᠠᠳᠣᠭᠤᠨ ᠤ ᠲᠣᠮᠳᠠ ᠲᠠᠭᠤ | ᠭᠠᠷᠣᠮᠣᠢ᠃ ᠠᠳᠣᠭᠤ ᠪᠠᠨ ᠲᠣᠭᠳᠠᠭᠠᠭᠰᠠᠨ ᠤ ᠬᠤᠶᠢᠨ᠎ᠠ ᠬᠤᠶᠠᠷ ᠬᠦᠪᠡᠬᠦᠨ ᠮᠣᠷᠢᠨ ᠳᠠᠭᠠᠨ ᠮᠣᠷᠳᠠᠵᠦ ᠬᠡᠷ ᠲᠡᠭᠡᠨ | ᠬᠠᠷᠢᠶ᠎ᠠ ᠬᠡᠮᠡᠨ ᠮᠣᠷᠢᠨ ᠤ ᠠᠮᠠᠨ ᠢ ᠵᠠᠯᠠᠬᠤ ᠬᠡᠮᠡᠳᠡᠯ᠎ᠡ ᠠᠯᠠᠭ ᠬᠦᠪᠡᠬᠦᠨ ᠵᠠᠨ᠎ᠠ ᠶᠢᠨ ᠭᠠᠷ ᠠᠴᠠ ᠪᠠᠷᠢᠭᠠᠳ ᠬᠡᠳᠡᠷᠭᠦ | ᠡᠷᠬᠢᠵᠦ ᠦᠬᠦᠯᠡᠷᠦᠨ᠂ ︽ᠨᠦᠬᠦᠷ ᠡ ᠬᠠᠷᠠᠵᠦ ᠦᠵᠡ᠂ ᠲᠡᠯᠢᠭᠦᠨ ᠪᠣᠯᠳᠤᠭ ᠲᠣᠪᠣᠶᠢᠵᠦ ᠪᠠᠶᠢᠮᠣᠢ︾ ᠬᠡᠮᠡᠭᠰᠡᠨ | ᠳᠤᠷ ᠵᠠᠨ᠎ᠠ ᠬᠦᠪᠡᠬᠦᠨ ᠵᠢᠭᠠᠭᠰᠠᠨ ᠵᠦᠭ ᠬᠠᠷᠠᠭᠠᠳ ᠮᠠᠰᠢᠳᠠ ᠭᠠᠶᠢᠬᠠᠨ ᠪᠠᠰᠨ ᠠᠶᠣᠨ ᠰᠠᠶᠢᠨ ᠪᠣᠭᠤᠷᠣᠯ ᠤᠨ | ᠲᠣᠯᠣᠭᠠᠢ ᠳᠤᠷ ᠰᠢᠷᠭᠤᠨ ᠲᠣᠩᠭᠤᠶᠢᠵᠣᠬᠤᠢ᠃ ᠡᠨᠡ ᠶᠠᠭᠤᠨ ᠪᠣᠯᠪᠠ ᠬᠡᠮᠡᠪᠡᠰᠦ ᠲᠡᠯᠢᠭᠦᠨ ᠪᠣᠯᠳᠤᠭ ᠤᠨ ᠣᠷᠣᠢ | ᠳᠤᠷ ᠮᠠᠨᠠᠨ ᠤ ᠲᠣᠮᠳᠠ ᠠᠴᠠ ᠨᠢᠭᠡᠨ ᠲᠦᠬᠦᠷᠢᠭ ᠬᠢᠯᠭᠠᠷ ᠬᠡᠷᠡᠯ ᠭᠠᠷᠣᠭᠠᠳ ᠣᠯᠠᠮ ᠶᠡᠬᠡᠳᠦᠭᠰᠡᠭᠡᠷ ᠴᠢᠰᠦᠨ | ᠣᠯᠠᠭᠠᠨ ᠦᠩᠭᠡᠲᠠᠢ ᠪᠣᠯᠵᠦ ᠭᠠᠳᠠᠭᠰᠢ ᠪᠠᠨ ᠮᠠᠰᠢ ᠬᠤᠷᠴᠨ ᠲᠠᠪᠣᠨ ᠦᠩᠭᠡ ᠶᠢᠨ ᠬᠡᠷᠡᠯ ᠰᠠᠴᠣᠷᠠᠭᠤᠯᠣᠮᠦᠢ᠃ | ᠲᠡᠯᠢᠬᠦᠨ ᠪᠣᠯᠳᠤᠭ ᠤᠨ ᠣᠷᠣᠢ ᠶᠢ ᠪᠦᠷᠬᠦᠭᠰᠡᠨ ᠡᠬᠦᠯᠨ ᠪᠣᠳᠠᠩ ᠢ ᠬᠠᠭ᠎ᠠ ᠲᠣᠰᠣᠭᠰᠠᠨ ᠴᠣᠭᠤᠷᠣᠬᠠᠢ ᠲᠣᠳᠣᠷ᠎ᠠ | ᠨᠢᠭᠡᠨ ᠮᠣᠷᠢ ᠣᠨᠣᠭᠰᠠᠨ ᠮᠡᠳᠣ ᠶᠡᠭᠡ ᠪᠡᠶᠡᠲᠠᠢ ᠬᠦᠮᠦᠨ ᠬᠦᠳᠡᠯᠦᠯ ᠦᠬᠡᠢ ᠵᠣᠭᠰᠣᠵᠦ᠂ ᠲᠡᠬᠦᠨ ᠤ ᠪᠡᠶ᠎ᠡ ᠳᠤᠷ | ᠰᠠᠶᠢᠬᠢ ᠭᠠᠶᠢᠬᠠᠮᠰᠢᠭᠳᠠᠢ ᠲᠣᠶᠠᠭ᠎ᠠ ᠲᠣᠰᠣᠵᠣᠬᠤᠢ᠃ ᠮᠠᠨ ᠤ ᠬᠤᠶᠠᠷ ᠬᠦᠪᠡᠬᠦᠨ ᠶᠡᠬᠡᠯ᠎ᠡ ᠠᠶᠣᠨ ᠡᠮᠢᠶᠡᠪᠡᠴᠦ | ᠨᠢᠳᠣᠨ ᠢᠶᠠᠨ ᠰᠠᠯᠭᠠᠯ ᠦᠬᠡᠢ ᠰᠣᠷᠢᠨᠵᠢᠨ ᠬᠦᠷᠦ ᠳᠤᠷ ᠲᠠᠳᠠᠭᠳᠠᠭᠰᠠᠨ ᠮᠡᠳᠣ ᠬᠠᠷᠠᠵᠦ ᠭᠠᠶᠢᠬᠠᠨ ᠪᠠᠶᠢᠳᠠᠯ᠎ᠠ ᠬᠡᠳᠦᠨ | ᠬᠤᠪᠢ ᠦᠩᠭᠡᠷᠡᠭᠡᠳ᠂ ᠣᠷᠢᠳ ᠪᠦᠲᠦᠭᠦᠨ ᠬᠦᠮᠦᠨ ᠦᠬᠡᠢ ᠪᠣᠯᠣᠨ᠂ ᠲᠠᠷᠠᠭ᠎ᠠ ᠪᠠᠷ ᠲᠣᠶᠠᠭ᠎ᠠ ᠨᠠᠮᠬᠠᠷᠠᠭᠰᠠᠭᠠᠷ | ᠮᠠᠨᠠᠨ ᠪᠣᠳᠠᠩ ᠲᠣᠳᠣᠷ᠎ᠠ ᠰᠢᠩᠬᠡᠬᠦᠢ ᠯᠦᠭᠡ ᠬᠠᠷ᠎ᠠ ᠡᠬᠦᠯᠡᠨ ᠤ ᠴᠢᠨᠠᠳᠣ ᠠᠴᠠ ᠰᠠᠷᠠᠨ ᠮᠠᠨᠳᠣᠵᠦ᠂ ᠴᠢᠰᠦᠨ ᠣᠯᠠᠭᠠᠨ | ᠦᠩᠭᠡᠲᠣ ᠲᠦᠭᠦᠷᠢᠭ ᠬᠡᠷᠡᠯ ᠣᠭᠳᠣ ᠦᠵᠡᠭᠳᠡᠬᠦ ᠦᠬᠡᠢ ᠪᠣᠯᠣᠭᠠᠳ ᠣᠷᠴᠢᠨ ᠲᠣᠭᠤᠷᠢᠨ ᠬᠠᠭᠤᠴᠢᠨ ᠬᠡᠪ ᠢᠶᠠᠷ | ᠪᠦᠷᠦᠭ ᠰᠦᠨᠢ ᠪᠣᠯᠵᠣᠬᠤᠢ᠃ ᠵᠠᠯᠠᠭᠤ ᠬᠦᠪᠡᠬᠦᠳ ᠰᠠᠶ᠋ᠢ ᠮᠡᠳᠡᠭᠡ ᠣᠷᠣᠵᠦ ᠵᠠᠨ᠎ᠠ ᠦᠬᠦᠯᠡᠷᠦᠨ᠄ ︽ᠠᠢ ᠨᠦᠬᠦᠷ | ᠮᠢᠨᠥ ᠰᠣᠨᠣᠰ᠂ ᠡᠨᠡ ᠪᠦᠬᠦᠳᠡ ᠭᠠᠶᠢᠬᠠᠮᠰᠢᠭ ᠤᠳ ᠢ ᠠᠵᠢᠭᠯᠠᠪᠠᠰᠣ ᠨᠢᠭᠡᠨ ᠶᠡᠭᠡ ᠴᠠᠭ ᠣᠶᠢᠷᠠᠳᠣᠵᠣᠬᠤᠢ᠂ ᠮᠠᠨ ᠤ | ᠬᠦᠭᠴᠦ ᠪᠦᠬᠡ ᠶᠢᠨ ᠦᠬᠡ ᠪᠠᠷ ᠪᠣᠯᠪᠠᠰᠣ ︿ᠲᠡᠯᠢᠭᠦᠨ ᠪᠣᠯᠳᠤᠭ ᠲᠡᠭᠡᠷ᠎ᠡ ᠶᠡᠷᠦ ᠪᠣᠰᠣ ᠶᠢᠨ ᠦᠵᠡᠭᠳᠡᠯ ᠭᠠᠷᠬᠤᠢ | ᠯᠤᠭ᠎ᠠ ᠶᠡᠭᠡ ᠭᠠᠶᠢᠬᠠᠮᠰᠢᠭᠲᠠᠢ ᠡᠳᠦᠷ ᠤᠳ ᠢᠷᠡᠮᠦᠢ﹀ ᠬᠡᠮᠡᠨ ᠬᠡᠯᠡᠳᠡᠭ ᠪᠢᠯᠨ︾ ᠬᠡᠮᠡᠪᠡᠰᠦ ᠠᠯᠠᠭ ᠬᠦᠪᠡᠬᠦᠨ | ᠨᠦᠬᠦᠷ ᠤᠨ ᠵᠦᠭ ᠵᠡᠪᠡᠭᠦᠷᠬᠡᠨ ᠬᠠᠷᠠᠵᠦ ᠶᠡᠭᠡ ᠠᠷᠰᠢ ᠶᠢᠨ ᠬᠠᠮᠤᠭ ᠨᠢᠭᠤᠴᠨ ᠶᠢ ᠵᠠᠨ᠎ᠠ ᠮᠡᠳᠡᠮᠦᠢ ᠢ ᠡ ᠬᠡᠮᠡᠨ | ᠰᠠᠨᠠᠭᠠᠳ ᠪᠢᠰᠢᠷᠡᠭᠰᠡᠭᠡᠷ ᠬᠤᠶᠠᠷ ᠬᠦᠪᠡᠬᠦᠨ ᠲᠠᠭᠤᠨ ᠦᠬᠡᠢ ᠨᠢᠰᠬᠦ ᠮᠡᠳᠣ ᠭᠡᠷ ᠲᠡᠭᠡᠨ ᠬᠦᠷᠪᠡᠰᠦ ᠪᠣᠭᠤᠷᠵᠢ ᠰᠠᠶ᠋ᠢ | ᠮᠡᠨᠳᠣ ᠪᠠᠨ ᠠᠰᠠᠭᠤᠯᠴᠠᠨ ᠮᠣᠷᠳᠠᠵᠦ ᠮᠣᠷᠢ ᠪᠠᠨ ᠲᠠᠰᠢᠭᠤᠷᠳᠠᠨ ᠮᠠᠨᠠᠨ ᠲᠣᠳᠣᠷ᠎ᠠ ᠲᠠᠯᠳᠠ ᠣᠷᠣᠪᠠ᠃ ᠬᠡᠷ ᠲᠡᠭᠡᠨ | ᠣᠷᠣᠪᠠᠰᠣ ᠪᠠᠶᠢᠰᠣᠩᠭᠤᠷ ᠶᠡᠬᠡᠳᠡ ᠪᠣᠳᠣᠯᠭ᠎ᠠ ᠲᠠᠢ ᠪᠠᠷ ᠭᠡᠷ ᠲᠣᠳᠣᠷ᠎ᠠ ᠪᠠᠨ ᠣᠷᠣᠭᠰᠢ ᠬᠤᠶᠢᠰᠢ ᠠᠯᠬᠤᠯᠠᠮᠣᠢ᠃ | ᠬᠦᠪᠡᠬᠦᠳ ᠤᠨ ᠣᠷᠣᠵᠦ ᠢᠷᠡᠬᠦ ᠶᠢ ᠦᠵᠡᠪᠡᠰᠦ ᠦᠪᠡᠷ ᠤᠨ ᠬᠦᠪᠡᠬᠦᠨ ᠠᠯᠠᠭ ᠤᠨ ᠴᠢᠷᠠᠢ ᠠᠨᠣ ᠴᠠᠪ ᠴᠠᠭᠠᠨ | ᠪᠣᠯᠣᠭᠰᠠᠨ ᠢ ᠦᠵᠡᠭᠡᠳ ᠬᠦᠪᠡᠬᠦᠨ ᠢᠶᠠᠨ ᠲᠡᠪᠡᠷᠢᠵᠦ᠄ ︽ᠶᠠᠭᠤᠨ ᠠᠴᠠ ᠠᠶᠣᠪᠠ︾ ᠬᠡᠮᠡᠨ ᠠᠰᠠᠭᠤᠪᠠᠰᠣ ᠡᠨᠡ | ᠬᠤᠶᠠᠷ ᠬᠦᠪᠡᠬᠦᠨ ᠦᠵᠡᠭᠰᠡᠨ ᠪᠦᠬᠦᠳᠡ ᠶᠢ ᠨᠢᠭᠡ ᠨᠢᠭᠡᠨ ᠢᠶᠠᠷ ᠲᠣᠭᠠᠴᠢᠨ ᠬᠡᠯᠡᠬᠦᠢ ᠯᠦᠭᠡ ᠮᠣᠩᠭᠤᠯ ᠤᠨ ᠵᠠᠩᠵᠣᠨ | ᠰᠡᠳᠬᠢᠯ ᠬᠦᠳᠡᠯᠦᠭᠰᠡᠨ ᠪᠣᠯᠪᠠᠴᠣ ᠢᠯᠨ ᠭᠠᠷᠭᠠᠯ ᠦᠬᠡᠢ ᠰᠠᠨᠠᠭᠠᠨ ᠠᠯᠳᠠᠵᠦ ᠦᠬᠦᠯᠡᠷᠦᠨ᠄ ︽ᠬᠡᠣᠬᠡᠳ ᠮᠢᠨᠥ | ᠬᠡᠪᠳᠡᠵᠦ ᠣᠨᠳᠠᠭᠳᠣᠨ᠂ ᠦᠵᠡᠭᠳᠡᠯ ᠦᠬᠡᠢ ᠣᠴᠢᠷ ᠠᠨᠣ ᠬᠤᠵᠢᠮ ᠮᠡᠳᠡᠭᠳᠡᠮᠦᠢ ᠢ ᠡ᠂ ᠵᠠᠨ᠎ᠠ ᠬᠦᠪᠡᠬᠦᠨ ᠴᠢ | ᠮᠠᠨ ᠤ ᠭᠡᠷ ᠲᠤᠷ ᠣᠨᠳᠠᠳᠣᠭᠠᠢ᠂ ᠬᠠᠷᠠᠩᠭᠤᠢ ᠰᠦᠨᠢ ᠲᠡᠶᠢᠮᠦ ᠲᠦᠪᠡᠭᠲᠠᠢ ᠠᠭᠤᠯᠠᠨ ᠳᠤᠷ ᠭᠠᠷᠴᠣ ᠪᠣᠯᠬᠤ ᠦᠬᠡᠢ᠂ | ᠶᠠᠭᠤᠨ ᠴᠣ᠋ ᠪᠣᠯᠪᠠ᠂ ᠮᠠᠨ ᠤ ᠢᠯᠡᠳᠳᠡ ᠶᠢᠨ ᠲᠠᠶᠢᠰᠣᠨ ᠳᠤᠷ ᠬᠦᠴᠦᠲᠦ ᠲᠡᠮᠦᠵᠢᠨ ᠪᠠᠶᠢᠯᠳᠣᠮᠣᠢ᠂ ᠲᠠᠯᠳᠠ ᠶᠢᠨ | ᠲᠠᠶᠢᠰᠦᠨ ᠳᠤᠷ ᠬᠦᠭᠴᠦ ᠪᠦᠬᠡ ᠲᠣᠰᠠᠯᠠᠯᠴᠠᠮᠣᠢ ᠠᠮᠣᠷ ᠣᠨᠳᠠᠭᠳᠣᠨ︾ ᠬᠡᠮᠡᠬᠦᠢ ᠳᠤᠷ ᠬᠤᠶᠠᠷ ᠬᠦᠪᠡᠬᠦᠨ ᠢᠰᠡᠭᠡᠢ | ᠲᠡᠪᠢᠰᠴᠦ ᠵᠡᠷᠭᠡᠴᠡᠨ ᠣᠨᠳᠠᠪᠠᠢ᠃ ᠪᠠᠶᠢᠰᠣᠩᠭᠤᠷ ᠵᠡᠷ ᠵᠡᠪᠰᠡᠭ ᠢᠶᠠᠨ ᠨᠢᠭᠡᠨ ᠣᠳᠠᠭ᠎ᠠ ᠦᠵᠡᠭᠡᠳ ᠦᠪᠡᠷ ᠤᠨ | ᠲᠣᠯᠣᠭᠠᠢ ᠶᠢᠨ ᠲᠡᠷᠭᠡᠳᠡ ᠲᠠᠯᠪᠢᠨ ᠣᠨᠳᠠᠭᠰᠠᠨᠠ᠂ ᠣᠳᠠᠯ ᠦᠬᠡᠢ ᠬᠡᠷ ᠲᠣᠳᠣᠷᠠᠬᠢ ᠬᠦᠮᠦᠰ ᠴᠦᠮ ᠣᠨᠳᠠᠵᠠᠭᠠᠪᠠᠢ᠃ | ᠭᠠᠭᠴᠨ ᠵᠠᠨ᠎ᠠ ᠬᠦᠪᠡᠬᠦᠨ ᠤ ᠰᠡᠳᠬᠢᠯ ᠬᠦᠳᠡᠯᠦᠨ ᠨᠣᠶᠢᠷ ᠰᠡᠷᠭᠦᠵᠦ ᠬᠡᠪᠳᠡᠰᠢᠨ ᠳᠡᠭᠡᠨ ᠲᠡᠮᠡᠶᠢᠯᠨ ᠬᠦᠷᠪᠡᠭᠰᠡᠭᠡᠷ | ᠦᠷ ᠴᠠᠶᠢᠯᠭᠠᠵᠦ ᠰᠡᠮᠡᠭᠡᠷ ᠭᠠᠷᠣᠭᠠᠳ ᠦᠷᠦᠭᠡᠯᠳᠦᠵᠦ ᠪᠠᠶᠢᠭᠰᠠᠨ ᠰᠠᠶᠢᠨ ᠪᠣᠭᠤᠷᠣᠯ ᠮᠣᠷᠢ ᠪᠠᠨ ᠲᠠᠶᠢᠯᠵᠦ ᠠᠪᠣᠨ | ᠬᠦᠵᠦᠬᠦᠣ ᠶᠢ ᠴᠣᠬᠢᠵᠦ ᠡᠷᠬᠢᠭᠦᠯᠦᠨ ᠣᠨᠣᠭᠠᠳ ᠬᠡᠷ ᠤᠨ ᠵᠦᠭ ᠶᠠᠪᠣᠪᠠᠢ᠃ ᠵᠠᠨ᠎ᠠ ᠬᠦᠪᠡᠬᠦᠨ ᠮᠣᠷᠢ ᠪᠠᠨ | ᠠᠯᠬᠤᠯᠠᠭᠤᠯᠣᠨ ᠶᠠᠪᠣᠬᠤ ᠶᠢᠨ ᠵᠠᠪᠰᠠᠷ᠎ᠠ ᠡᠶᠢᠨ ᠰᠡᠳᠬᠢᠷᠦᠨ᠂ ᠡᠨᠡ ᠡᠳᠦᠷ ᠶᠡᠭᠡ ᠬᠤᠷᠠᠯᠳᠣᠭᠠᠨ ᠪᠣᠯᠵᠦ ᠣᠨᠣᠨ | ᠮᠦᠷᠡᠨ ᠤ ᠬᠦᠪᠡᠬᠡᠨ ᠲᠡᠭᠡᠷ᠎ᠡ ᠣᠯᠠᠨ ᠮᠢᠩᠭᠠᠨ ᠮᠣᠩᠭᠤᠯ ᠤᠨ ᠴᠡᠷᠢᠭ ᠴᠣᠭᠯᠠᠷᠠᠬᠤ ᠠᠨᠣ ᠲᠡᠳᠡ ᠪᠦᠬᠦᠳᠡᠭᠡᠷ | ᠪᠦᠬᠡ ᠶᠢᠨ ᠮᠦᠷᠭᠦᠯ ᠲᠠᠢ᠂ ᠭᠠᠭᠴᠨ ᠪᠢ ᠯᠠᠯᠣ ᠶᠢᠨ ᠮᠦᠷᠭᠦᠯ ᠲᠠᠢ᠂ ᠡᠳᠡ ᠪᠦᠬᠦᠳᠡ ᠵᠢᠷᠦᠬᠡ ᠲᠠᠢ ᠪᠦᠬᠡᠳ | ᠰᠣᠷᠣᠮᠠᠭᠠᠢ ᠴᠡᠷᠢᠭ ᠤᠳ ᠮᠠᠭᠠᠳ ᠮᠦᠨ᠂ ᠪᠢ ᠭᠠᠭᠴᠠᠭᠠᠷ ᠨᠠᠰᠣᠨ ᠪᠠᠭ᠎ᠠ᠂ ᠵᠡᠪᠰᠡᠭ ᠢᠶᠠᠨ ᠬᠡᠷᠡᠭᠯᠡᠵᠦ ᠴᠢᠳᠠᠬᠤ | ᠦᠬᠡᠢ ᠮᠡᠳᠣ ᠪᠠᠶᠢᠨᠠᠮ᠂ ᠣᠳᠣ ᠶᠠᠭᠠᠬᠢᠶ᠎ᠠ ᠬᠡᠮᠡᠨ ᠭᠤᠨᠢᠭᠯᠠᠵᠦ ᠰᠡᠳᠬᠡᠬᠦᠢ ᠯᠦᠭᠡ ᠰᠠᠭᠠᠳᠠᠭ ᠲᠣᠳᠣᠷᠠᠬᠢ ᠰᠣᠮᠣ | ᠨᠤᠭᠤᠳ ᠰᠡᠮᠡᠬᠡᠨ ᠢᠶᠠᠷ ᠴᠢᠩᠭᠢᠨᠡᠨ ᠨᠠᠮᠠᠢᠢ ᠠᠪᠴᠣ ᠦᠵᠡᠨ᠎ᠡ ᠤᠤ ᠬᠡᠮᠡᠬᠦ ᠮᠡᠳᠣ ᠴᠢᠮᠡᠭᠡ ᠭᠠᠷᠬᠤ ᠶᠢ ᠰᠣᠨᠣᠰᠣᠭᠠᠳ | ᠰᠠᠶᠢᠬᠠᠨ ᠵᠡᠷ ᠵᠡᠪᠰᠡᠭ ᠢᠶᠠᠨ ᠦᠵᠡᠰᠦᠬᠡᠢ ᠬᠡᠮᠡᠬᠦ ᠰᠡᠳᠬᠢᠯ ᠶᠡᠬᠡᠳᠡ ᠲᠦᠷᠦᠵᠦᠬᠦᠢ᠃ ᠡᠨᠡᠬᠦ ᠶᠠᠪᠣᠵᠦ ᠪᠦᠬᠦᠢ ᠭᠠᠵᠠᠷ | ᠠᠨᠣ ᠬᠤᠶᠠᠷ ᠬᠠᠵᠠᠭᠤ ᠪᠠᠷ ᠪᠣᠭᠤᠨᠢ ᠨᠠᠷᠠᠰᠣᠨ ᠮᠣᠳᠣ ᠪᠠᠷ ᠪᠦᠷᠬᠦᠭᠰᠡᠨ ᠪᠠᠭ᠎ᠠ ᠪᠠᠭ᠎ᠠ ᠠᠭᠤᠯᠨ ᠲᠠᠢ ᠭᠤᠣᠯ | ᠪᠦᠬᠡᠳ ᠠᠳᠡ ᠲᠡᠨᠳᠡ ᠬᠤᠨᠢᠨ ᠤ ᠴᠢᠨᠡᠭᠡ ᠪᠣᠯᠣ ᠴᠢᠯᠠᠭᠤ ᠪᠠᠶᠢᠮᠣᠢ᠃ ᠵᠠᠨ᠎ᠠ ᠬᠦᠪᠡᠬᠦᠨ ᠮᠣᠷᠢᠨ ᠠᠴᠠ ᠪᠠᠭᠤᠵᠦ | ᠨᠣᠭᠤᠭᠠᠨ ᠳᠤᠷ ᠲᠠᠯᠪᠢᠭᠠᠳ ᠦᠬᠡᠷ ᠴᠢᠯᠠᠭᠤᠨ ᠲᠡᠭᠡᠷ᠎ᠡ ᠰᠠᠭᠤᠵᠦ ᠰᠠᠶ᠋ᠢ ᠰᠠᠭᠠᠳᠠᠭ ᠬᠤᠷᠣᠮᠰᠠᠭ᠎ᠠ ᠪᠠᠨ ᠨᠡᠭᠡᠭᠡᠵᠦ | ᠦᠵᠡᠪᠡᠰᠦ ᠰᠠᠭᠠᠳᠠᠭ ᠲᠣᠳᠣᠷ᠎ᠠ ᠬᠤᠷᠢᠨ ᠬᠡᠳᠦᠨ ᠰᠣᠮᠣ ᠪᠣᠢ᠂ ᠵᠠᠷᠢᠮ ᠠᠨᠣ ᠶᠡᠭᠡ ᠵᠡᠪᠡ ᠲᠠᠢ ᠠᠯᠠᠯᠳᠣᠭᠠᠨ ᠳᠤ | ᠪᠠᠷᠢᠬᠤ ᠬᠦᠨᠳᠣ᠂ ᠵᠠᠷᠢᠮ ᠠᠨᠣ ᠠᠪᠠ ᠳᠤ ᠪᠠᠷᠢᠬᠤ ᠬᠦᠩᠬᠡᠨ᠂ ᠣᠨᠢ ᠠᠨᠣ ᠪᠦᠬᠦᠳᠡ ᠰᠠᠶᠢᠬᠠᠨ ᠶᠠᠩᠵᠦ ᠪᠠᠷ | ᠬᠢᠭᠰᠡᠨ᠂ ᠪᠠᠰᠨ ᠵᠠᠷᠢᠮ ᠰᠣᠮᠣ ᠶᠢᠨ ᠮᠦᠰᠦᠨ ᠲᠡᠭᠡᠷ᠎ᠡ ᠡᠯᠳᠡᠪ ᠢᠶᠠᠷ ᠬᠠᠭᠠᠷᠢᠵᠦ ᠬᠡᠬᠡᠯᠡᠭᠰᠡᠨ ᠵᠢᠷᠤᠭ ᠲᠠᠢ ᠠᠵᠣᠭᠤ᠃ | ᠮᠠᠨᠠᠨ ᠲᠠᠷᠬᠠᠵᠦ ᠵᠡᠬᠦᠨ ᠵᠦᠭ ᠠᠴᠠ ᠨᠠᠷᠠᠨ ᠮᠠᠨᠳᠣᠵᠦ ᠠᠭᠤᠯᠨ ᠶᠢᠨ ᠣᠷᠣᠢ ᠪᠠᠷ ᠨᠠᠷᠠᠨ ᠤ ᠬᠡᠷᠡᠯ ᠲᠣᠰᠴᠣ | ᠬᠡᠶᠢᠬᠦᠯᠦᠨ ᠢᠷᠡᠪᠡᠰᠦ ᠵᠠᠨ᠎ᠠ ᠬᠦᠪᠡᠬᠦᠨ ᠰᠣᠮᠣᠳ ᠤᠨ ᠰᠠᠶᠢᠬᠠᠨ ᠢ ᠰᠠᠶ᠋ᠢ ᠨᠠᠷᠢᠪᠴᠢᠯᠠᠨ ᠦᠵᠡᠭᠡᠳ ᠶᠡᠬᠡᠯ᠎ᠡ | ᠪᠠᠶᠠᠷᠯᠠᠨ ᠨᠣᠮᠣ ᠪᠠᠨ ᠠᠪᠴᠣ ᠣᠨᠢᠯᠠᠨ ᠲᠠᠳᠠᠶ᠎ᠠ ᠬᠡᠮᠡᠪᠡᠰᠦ ᠶᠡᠭᠡ ᠴᠡᠷᠢᠭ ᠤᠨ ᠪᠠᠷᠢᠬᠤ ᠨᠣᠮᠣ ᠲᠣᠯᠨ ᠵᠠᠨ᠎ᠠ | ᠬᠦᠪᠡᠬᠦᠨ ᠠᠷᠠᠶᠢᠬᠠᠨ ᠲᠠᠳᠠᠵᠦ ᠬᠦᠪᠴᠢ ᠶᠢ ᠨᠢ ᠬᠠᠭᠠᠰ ᠲᠤᠷ ᠬᠦᠷᠬᠡᠭᠡᠳ ᠠᠯᠳᠠᠵᠣᠬᠤᠢ᠃ ᠬᠦᠪᠴᠢ ᠢᠨᠣ | ᠲᠡᠪᠬᠡᠨ ᠤ ᠲᠡᠭᠡᠷ᠎ᠡ ᠪᠠᠨ ᠬᠠᠩᠬᠢᠨᠠᠨ ᠪᠠᠭᠤᠬᠤᠢ ᠳᠤᠷ ᠵᠠᠨ᠎ᠠ ᠬᠦᠪᠡᠬᠦᠨ ᠬᠤᠶᠠᠷ ᠭᠤᠷᠪᠠᠨ ᠣᠳᠠᠭ᠎ᠠ ᠲᠠᠳᠠᠵᠦ | ᠣᠷᠣᠯᠳᠣᠪᠠᠴᠣ ᠶᠡᠷᠦ ᠬᠦᠴᠦᠨ ᠬᠦᠷᠦᠭᠰᠡᠨ ᠦᠬᠡᠢ ᠲᠣᠯᠨ᠂ ᠬᠦᠨᠡᠰᠦ ᠬᠤᠭᠤᠯᠨ ᠶᠢᠨ ᠬᠡᠳᠡᠪᠴᠢᠨ ᠤ | ᠲᠣᠳᠣᠷ᠎ᠠ ᠠᠴᠠ ᠨᠢᠭᠡᠨ ᠪᠦᠬᠡᠮ ᠲᠣᠰᠣ ᠠᠪᠣᠭᠠᠳ ᠨᠣᠮᠣ ᠪᠠᠨ ᠵᠦᠬᠡᠯᠡᠨ ᠪᠣᠯᠬᠤ ᠪᠣᠯᠪᠠᠣ ᠬᠡᠮᠡᠨ ᠲᠣᠰᠣᠯᠠᠵᠦ ᠲᠠᠬᠢᠨ | ᠲᠣᠷᠰᠢᠪᠠᠰᠣ ᠰᠣᠮᠣᠨ ᠤ ᠪᠣᠯᠴᠣᠣ ᠳᠤᠷ ᠠᠷᠠᠶᠢᠬᠠᠨ ᠣᠶᠢᠷᠠᠳᠣᠭᠤᠯᠣᠭᠠᠳ ᠪᠠᠰᠠᠯᠠ ᠠᠯᠳᠠᠪᠠᠢ᠂ ᠨᠣᠮᠣᠨ ᠤ ᠬᠦᠪᠴᠢ | ᠪᠠᠰᠠᠯᠠ ᠬᠠᠩᠭᠢᠨᠠᠨ ᠪᠠᠭᠤᠵᠣᠬᠤᠢ᠃ | ᠲᠡᠨᠳᠡ ᠠᠴᠠ ᠵᠠᠨ᠎ᠠ ᠬᠦᠪᠡᠬᠦᠨ ᠣᠷᠮ᠎ᠠ ᠬᠤᠭᠤᠷᠠᠨ ᠭᠤᠨᠢᠷᠬᠠᠵᠦ ᠴᠡᠷᠢᠭ ᠪᠣᠯᠣᠶ᠎ᠠ ᠬᠡᠮᠡᠬᠦ ᠰᠠᠨᠠᠯ ᠪᠠᠶᠢᠪᠠᠴᠣ ᠵᠡᠪᠰᠡᠭ | ᠬᠡᠷᠡᠭᠯᠡᠵᠦ ᠦᠯᠦ ᠴᠢᠳᠠᠮᠣᠢ᠂ ᠰᠠᠶᠢᠬᠠᠨ ᠨᠣᠮᠣ ᠡᠷᠬᠢᠮ ᠰᠣᠮᠣ ᠴᠦᠮ ᠪᠠᠶᠢᠪᠠᠴᠣ ᠨᠣᠮᠣᠨ ᠤ ᠬᠦᠪᠴᠢ ᠶᠢ ᠲᠠᠳᠠᠵᠦ | ᠦᠯᠦ ᠴᠢᠳᠠᠮᠦᠢ ᠬᠡᠮᠡᠨ ᠴᠢᠯᠠᠭᠤᠨ ᠲᠡᠭᠡᠷ᠎ᠡ ᠰᠠᠭᠤᠵᠦ ᠨᠢᠭᠤᠷ ᠢᠶᠠᠨ ᠬᠤᠶᠠᠷ ᠭᠠᠷ ᠢᠶᠠᠷ ᠲᠠᠷᠣᠭᠠᠳ ᠴᠣᠷᠬᠢᠷᠠᠳᠠᠯᠠ | ᠣᠬᠢᠯᠠᠨ ᠭᠠᠰᠠᠯᠪᠠᠢ᠂ ᠣᠬᠢᠯᠠᠬᠤᠢ ᠶᠢᠨ ᠶᠡᠭᠡ ᠳᠤᠷ ᠦᠪᠡᠷ ᠤᠨ ᠲᠡᠷᠭᠡᠳᠡ ᠮᠠᠰᠢ ᠦᠵᠡᠰᠭᠦᠯᠡᠩᠳᠣ ᠰᠠᠶᠢᠬᠠᠨ ᠮᠣᠷᠢ | ᠣᠨᠣᠭᠰᠠᠨ ᠨᠢᠭᠡᠨ ᠬᠦᠮᠦᠨ ᠢᠷᠡᠭᠰᠡᠨ ᠢ ᠮᠡᠳᠡᠭᠰᠡᠨ ᠦᠬᠡᠢ ᠠᠵᠡᠢ᠃ ᠡᠨᠡ ᠬᠦᠮᠦᠨ ᠪᠣᠭᠤᠨᠢᠬᠠᠨ ᠢᠯᠬᠢᠨ ᠲᠡᠪᠡᠯ | ᠲᠠᠢ᠂ ᠬᠠᠷ᠎ᠠ ᠦᠨᠡᠬᠡᠨ ᠮᠠᠯᠠᠭᠠᠢ ᠲᠠᠢ᠂ ᠠᠯᠳᠠᠨ ᠣᠳᠣᠨ ᠰᠢᠬᠢᠳᠭᠡᠭᠰᠡᠨ ᠭᠤᠷᠬᠢᠨ ᠪᠦᠰᠡ ᠲᠠᠢ᠂ ᠪᠣᠭᠤᠨᠢ ᠰᠡᠯᠮᠡ | ᠵᠡᠬᠦᠭᠰᠡᠨ᠂ ᠠᠷᠣ ᠳᠠᠭᠠᠨ ᠰᠠᠭᠠᠳᠠᠭ ᠨᠣᠮᠣ ᠠᠭᠰᠠᠭᠰᠠᠨ ᠬᠦᠮᠦᠨ ᠵᠠᠨ᠎ᠠ ᠶᠢᠨ ᠲᠡᠷᠭᠡᠳᠡ ᠢᠷᠡᠵᠦ ᠮᠣᠷᠢ ᠪᠠᠨ | ᠲᠠᠳᠠᠭᠠᠳ ᠮᠣᠷᠢᠨ ᠤ ᠬᠦᠵᠦᠬᠦᠦ ᠶᠢ ᠲᠦᠰᠢᠭᠰᠡᠨᠠ᠂ ᠲᠡᠷᠨ ᠮᠣᠷᠢ ᠢᠨᠴᠠᠭᠠᠬᠤᠢ ᠳᠤᠷ ᠵᠠᠨ᠎ᠠ ᠬᠦᠪᠡᠬᠦᠨ ᠲᠣᠯᠣᠭᠠᠢ | ᠪᠠᠨ ᠦᠨᠳᠡᠶᠢᠵᠦ ᠬᠠᠷᠠᠪᠠᠰᠣ ᠨᠢᠭᠡᠨ ᠶᠡᠭᠡ ᠪᠡᠶᠡᠲᠠᠢ ᠬᠦᠮᠦᠨ ᠮᠣᠷᠢᠨ ᠲᠡᠭᠡᠷ᠎ᠡ ᠪᠠᠨ ᠵᠣᠭᠰᠣᠵᠦ ᠪᠣᠢ᠂ ᠪᠠᠶᠢᠳᠠᠯ | ᠲᠦᠯᠦᠪ ᠢ ᠠᠵᠢᠭᠯᠠᠪᠠᠰᠣ ᠰᠠᠶᠢᠬᠢ ᠰᠦᠨᠢ ᠶᠢᠨ ᠦᠵᠡᠳᠡᠭ ᠢᠨᠣ ᠰᠠᠨᠠᠭᠠᠨ ᠳᠤᠷ ᠣᠷᠣᠮᠣᠢ᠃ ᠡᠨᠡ ᠬᠦᠮᠦᠨ ᠤ | ᠨᠢᠭᠤᠷ ᠢ ᠨᠢᠭᠡᠨᠳᠡ ᠬᠠᠷᠠᠭᠰᠠᠨ ᠬᠦᠮᠦᠨ ᠨᠠᠰᠣᠨ ᠳᠠᠭᠠᠨ ᠮᠠᠷᠳᠠᠮᠠᠷ ᠪᠣᠰᠣ᠂ ᠡᠷᠬᠡ ᠦᠬᠡᠢ ᠪᠢᠰᠢᠷᠡᠨ ᠠᠶᠣᠮᠠᠷ | ᠰᠢᠨᠵᠢᠲᠠᠢ ᠲᠣᠯᠨ ᠵᠠᠨ᠎ᠠ ᠬᠦᠪᠡᠬᠦᠨ ᠬᠠᠷᠠᠭᠠᠳ ᠨᠢᠳᠣᠨ ᠢᠶᠠᠨ ᠰᠠᠯᠭᠠᠵᠦ ᠴᠢᠳᠠᠭᠰᠠᠨ ᠦᠬᠡᠢ᠂ ᠡᠨᠡ ᠬᠦᠮᠦᠨ | ᠦᠷᠭᠡᠨ ᠠᠭᠤᠣ ᠮᠠᠩᠨᠠᠢ ᠶᠢᠨ ᠲᠣᠣᠷ᠎ᠠ ᠠᠴᠠ ᠠᠶᠣᠮᠰᠢᠭᠳᠠᠢ ᠬᠤᠷᠴᠨ ᠨᠢᠳᠣ ᠪᠠᠷ ᠰᠢᠷᠲᠡᠨ ᠬᠠᠷᠠᠬᠤ ᠠᠨᠣ ᠪᠦᠷᠭᠦᠳ | ᠪᠣᠶᠣ ᠠᠷᠰᠯᠠᠨ ᠤ ᠨᠢᠳᠣ ᠯᠦᠭᠡ ᠠᠳᠠᠯᠢ ᠪᠦᠬᠡᠳ ᠬᠦᠮᠦᠨ ᠤ ᠵᠢᠷᠦᠬᠡᠨ ᠤ ᠣᠭ ᠲᠤᠷ ᠬᠦᠷᠦᠨ ᠬᠠᠮᠤᠭ ᠰᠠᠨᠠᠭᠰᠠᠨ | ᠰᠠᠨᠠᠭ᠎ᠠ ᠶᠢ ᠨᠡᠪᠳᠡ ᠰᠢᠪᠳᠣ ᠬᠠᠷᠠᠬᠤ ᠮᠡᠳᠣ᠂ ᠬᠠᠪᠠᠷ ᠠᠨᠣ ᠪᠦᠷᠬᠦᠳ ᠤᠨ ᠬᠤᠰᠢᠭᠤ ᠮᠡᠳᠣ ᠦᠨᠳᠦᠷ᠂ ᠦᠳᠬᠡᠨ | ᠬᠠᠷ᠎ᠠ ᠰᠠᠬᠠᠯ ᠠᠨᠣ ᠠᠮᠠᠨ ᠤ ᠵᠡᠪᠡᠵᠢ ᠳᠤᠷ ᠬᠦᠷᠦᠭᠰᠡᠨ ᠦᠬᠡᠢ ᠲᠣᠯᠨ ᠦᠯᠡᠮᠵᠢ ᠵᠣᠷᠢᠭ ᠰᠢᠲᠦᠯᠭᠡ ᠶᠡᠬᠡᠲᠠᠢ | ᠬᠦᠮᠣᠨ ᠤ ᠰᠢᠨᠵᠢᠲᠠᠢ᠂ ᠬᠦᠳᠡᠯᠬᠦ ᠪᠠᠷᠢᠬᠤ ᠶᠢᠨ ᠲᠦᠯᠦᠪ ᠢ ᠦᠵᠡᠪᠡᠰᠦ ᠣᠳᠠᠭᠠᠨ ᠪᠦᠬᠡᠳ ᠲᠠᠯᠪᠢᠭᠤ᠂ ᠬᠦᠴᠦᠨ | ᠲᠡᠬᠦᠯᠳᠡᠷ ᠣᠭᠳᠠᠷᠭᠤᠢ ᠳᠤᠷ ᠬᠠᠯᠢᠵᠦ ᠪᠠᠶᠢᠭᠰᠠᠨ ᠪᠦᠷᠭᠦᠳ ᠰᠢᠪᠠᠭᠤ ᠯᠤᠭ᠎ᠠ ᠠᠳᠠᠯᠢ ᠪᠣᠯᠠᠢ᠃ ᠵᠠᠨ᠎ᠠ ᠬᠦᠪᠡᠬᠦᠨ | ᠣᠶᠢᠭᠤᠷ ᠣᠯᠣᠰ ᠤᠨ ᠶᠣᠰᠣ ᠪᠠᠷ ᠬᠤᠶᠠᠷ ᠭᠠᠷ ᠢ ᠰᠣᠯᠪᠢᠴᠠᠨ ᠴᠡᠭᠡᠵᠢᠨ ᠳᠡᠭᠡᠨ ᠪᠠᠷᠢᠵᠦ ᠪᠦᠬᠦᠶᠢᠪᠡᠰᠣ ᠲᠡᠷᠨ | ᠬᠦᠮᠦᠨ ᠠᠰᠠᠭᠤᠷᠠᠨ᠄ ︽ᠬᠦᠪᠡᠬᠦᠨ ᠮᠢᠨᠣ ᠶᠠᠮᠪᠠᠷ ᠣᠴᠢᠷ ᠢᠶᠠᠷ ᠣᠬᠢᠯᠠᠪᠠ︖︾ ᠬᠡᠮᠡᠬᠦᠢ ᠳᠤᠷ ︽ᠡᠴᠢᠭᠡ ᠮᠢᠨᠣ | ᠡ᠂ ᠪᠢ ᠡᠨᠡ ᠨᠣᠮᠣ ᠶᠢ ᠲᠠᠳᠠᠵᠦ ᠦᠯᠦ ᠲᠡᠶᠢᠯᠬᠦ ᠲᠣᠯᠨ᠂ ᠡᠶᠢᠨ ᠬᠦ ᠣᠬᠢᠯᠠᠪᠠᠢ︾ ᠬᠡᠮᠡᠪᠡᠰᠦ ᠦᠨᠦᠬᠢ ᠬᠦᠮᠦᠨ | ᠦᠬᠦᠯᠡᠷᠦᠨ᠄ ︽ᠴᠢᠳᠠᠯ ᠬᠡᠮᠡᠳᠡᠭ ᠢᠨᠣ ᠵᠢᠷᠦᠬᠡᠨ ᠠᠴᠠ ᠭᠠᠷᠣᠭᠠᠳ ᠭᠠᠷ ᠲᠤᠷ ᠣᠷᠣᠮᠣᠢ᠃ ᠨᠣᠮᠣ ᠪᠠᠨ ᠠᠪᠴᠣ | ᠰᠣᠮᠣ ᠪᠠᠨ ᠣᠨᠢᠯᠨ︾ ᠬᠡᠮᠡᠭᠰᠡᠨ ᠳᠤᠷ ᠵᠠᠨ᠎ᠠ ᠬᠦᠪᠡᠬᠦᠨ ᠲᠡᠷᠨ ᠬᠦᠮᠦᠨ ᠤ ᠦᠬᠡ ᠶᠢ ᠲᠠᠭᠠᠵᠦ ᠨᠣᠮᠣ ᠰᠣᠮᠣ ᠪᠠᠨ | ᠠᠪᠬᠤ ᠯᠤᠭ᠎ᠠ᠂ ᠲᠡᠷᠨ ᠲᠠᠨᠢᠬᠤ ᠦᠬᠡᠢ ᠬᠦᠮᠦᠨ ᠬᠤᠯᠨ ᠠᠭᠠᠷ ᠲᠤᠷ ᠡᠯᠢᠵᠦ ᠬᠠᠯᠢᠵᠦ ᠶᠠᠪᠣᠭᠰᠠᠨ ᠪᠦᠷᠭᠦᠳ | ᠰᠢᠪᠠᠭᠤᠨ ᠤ ᠵᠦᠭ ᠵᠢᠭᠠᠵᠦ ᠦᠬᠦᠯᠡᠷᠦᠨ᠄ ︽ᠡᠨᠡ ᠰᠢᠪᠠᠭᠤ ᠶᠢ ᠰᠢᠭᠠᠵᠦ ᠬᠠᠷᠪᠤ᠂ ᠡᠷᠭᠡ ᠦᠬᠡᠢ ᠣᠨᠠᠮᠣᠢ︾ | ᠬᠡᠮᠡᠭᠰᠡᠨ ᠳᠤᠷ ︽ᠮᠢᠨᠣ ᠬᠦᠴᠦᠨ ᠪᠠᠭ᠎ᠠ ᠲᠣᠯᠨ ᠨᠣᠮᠣᠨ ᠤ ᠬᠦᠪᠴᠢ ᠶᠢ ᠲᠠᠯᠡᠵᠦ ᠦᠯᠦ ᠴᠢᠳᠠᠮᠦᠢ︾ ᠬᠡᠮᠡᠪᠡᠰᠦ | ᠲᠡᠷᠨ ᠵᠠᠨ᠎ᠠ ᠶᠢ ᠠᠶᠣᠮᠰᠢᠭᠳᠠᠢ ᠪᠠᠷ ᠰᠢᠷᠲᠡᠨ ᠬᠠᠷᠠᠬᠤᠢ ᠳᠤᠷ ᠵᠠᠨ᠎ᠠ ᠰᠣᠴᠢᠨ ᠠᠷᠵᠢᠰᠬᠢᠵᠦ ᠮᠦᠨ ᠲᠡᠬᠦᠨ ᠤ | ᠲᠠᠯᠢᠮ ᠳᠤᠷ ᠴᠡᠭᠡᠵᠢ ᠢᠨᠣ ᠬᠦᠯᠬᠦᠶᠢᠵᠦ ᠬᠤᠶᠠᠷ ᠭᠠᠷ ᠲᠤᠷ ᠨᠢᠭᠡᠨ ᠵᠢᠭᠲᠡᠶᠢᠬᠡᠨ ᠬᠦᠴᠦᠨ ᠣᠷᠣᠰᠣᠨ ᠢᠷᠡᠬᠦ ᠮᠡᠳᠣ | ᠪᠣᠯᠵᠡᠢ᠃ ᠰᠠᠶᠢᠬᠢ ᠬᠦᠮᠦᠨ ︽ᠨᠣᠮᠣ ᠪᠠᠨ ᠲᠠᠳᠠ︾ ᠬᠡᠮᠡᠪᠡᠰᠦ ᠮᠠᠨ ᠤ ᠵᠠᠯᠠᠭᠤ ᠬᠦᠮᠦᠨ ᠡᠨᠡ ᠦᠬᠡ ᠶᠢ | ᠰᠣᠨᠣᠰᠣᠮᠣᠭᠴᠨ ᠬᠡᠨᠡᠳᠳᠡ ᠭᠠᠷ ᠤᠨ ᠪᠣᠯᠴᠢᠩ ᠤᠳ ᠲᠦᠬᠦᠷᠴᠦ ᠨᠣᠮᠣᠨ ᠤ ᠬᠦᠪᠴᠢ ᠶᠢ ᠠᠵᠢᠭ ᠦᠬᠡᠢ ᠲᠠᠳᠠᠨ | ᠪᠣᠯᠴᠣᠣ ᠳᠤᠷ ᠲᠣᠯᠭᠠᠭᠠᠳ ᠲᠠᠯᠪᠢᠵᠣᠬᠤᠢ᠃ ᠲᠡᠷᠨ ᠰᠣᠮᠣᠨ ᠠᠨᠣ ᠢᠰᠬᠡᠷᠦᠨ ᠣᠳᠬᠤ ᠯᠤᠭ᠎ᠠ ᠰᠢᠪᠠᠭᠤᠳ ᠤᠨ | ᠴᠠᠭᠠᠨ ᠣᠮᠣᠭᠳᠣ ᠪᠦᠷᠭᠦᠳ ᠬᠤᠶᠠᠷ ᠲᠠᠯᠠᠪᠴᠢᠨ ᠢᠶᠠᠨ ᠲᠡᠯᠭᠡᠵᠦ᠂ ᠵᠠᠨ᠎ᠠ᠂ ᠲᠡᠷᠨ ᠬᠦᠮᠦᠨ ᠬᠤᠶᠠᠷ ᠤᠨ ᠲᠡᠷᠭᠡᠳᠡ | ᠬᠤᠷᠢᠨ ᠠᠯᠬᠤᠮ ᠤᠨ ᠭᠠᠵᠠᠷ ᠣᠨᠠᠨ ᠢᠷᠡᠵᠣᠬᠦᠢ᠃ ᠰᠠᠶᠢᠬᠢ ᠬᠦᠮᠦᠨ ᠨᠢᠭᠡᠴᠦ ᠦᠬᠡ ᠬᠡᠯᠡᠭᠰᠡᠨ ᠦᠬᠡᠢ ᠬᠦᠯ ᠢᠶᠠᠨ | ᠦᠴᠦᠬᠡᠨ ᠬᠦᠳᠡᠯᠭᠡᠮᠡᠭᠴᠡ ᠢᠵᠠᠭᠤᠷ ᠰᠠᠶᠢᠲᠠᠢ ᠮᠣᠷᠢ ᠬᠠᠷᠪᠣᠭᠰᠠᠨ ᠰᠣᠮᠣ ᠮᠡᠳᠣ ᠲᠠᠪᠬᠢᠨ ᠦᠵᠡᠭᠳᠡᠬᠦ ᠦᠬᠡᠢ | ᠪᠣᠯᠪᠠᠢ᠃ ᠵᠠᠨ᠎ᠠ ᠬᠦᠪᠡᠬᠦᠨ ᠦᠪᠡᠷ ᠢᠶᠠᠨ ᠨᠣᠮᠣ ᠶᠢ ᠬᠡᠳᠦᠨ ᠣᠳᠠᠭ᠎ᠠ ᠣᠷᠣᠯᠳᠣᠵᠦ ᠣᠭᠳᠣ ᠴᠢᠳᠠᠭᠰᠠᠨ ᠦᠬᠡᠢ | ᠪᠠᠶᠢᠳᠠᠯ᠎ᠠ ᠲᠡᠷᠨ ᠬᠦᠮᠦᠨ ᠤ ᠰᠢᠷᠲᠡᠨ ᠬᠠᠷᠠᠬᠤᠢ ᠯᠤᠭ᠎ᠠ ᠬᠦᠴᠣᠨ ᠬᠦᠷᠴᠦ ᠲᠠᠳᠠᠭᠰᠠᠨ ᠢ ᠶᠡᠬᠡᠯ᠎ᠡ ᠭᠠᠶᠢᠬᠵᠣ ᠡᠨᠡ | ᠴᠢᠳᠠᠯ ᠨᠠᠳᠣᠷ ᠦᠷᠭᠦᠯᠵᠢ ᠪᠠᠶᠢᠬᠤ ᠪᠣᠯᠪᠠᠣ᠂ ᠪᠠᠰᠠᠬᠦ ᠪᠢ ᠵᠡᠬᠦᠳᠦᠯᠡᠵᠦ ᠪᠠᠶᠢᠭ᠎ᠠ ᠪᠣᠶᠣ ᠦᠬᠡᠢ ᠤᠤ ᠬᠡᠮᠡᠬᠦ ᠵᠡᠷᠭᠡ ᠶᠢ | ᠪᠣᠳᠣᠭᠠᠳ ᠲᠠᠬᠢᠨ ᠨᠣᠮᠣ ᠪᠠᠨ ᠲᠠᠳᠠᠵᠦ ᠴᠢᠳᠠᠭᠰᠠᠨ ᠳᠤᠷ ᠴᠠᠭᠯᠠᠰᠢ ᠦᠬᠡᠢ ᠪᠠᠶᠠᠷᠯᠠᠵᠦ ᠰᠠᠶᠢᠬᠢ ᠬᠦᠮᠦᠨ ᠳᠤᠷ | ᠰᠡᠳᠬᠢᠯ ᠤᠨ ᠪᠠᠶᠠᠷ ᠬᠦᠷᠭᠡᠵᠦ᠂ ᠪᠠᠰᠨ ᠡᠨᠡ ᠭᠠᠶᠢᠬᠠᠮᠰᠢᠭᠲᠠᠢ ᠣᠴᠢᠷ ᠢ ᠲᠣᠷᠠᠳᠬᠠᠯ ᠪᠣᠯᠭᠠᠨ ᠪᠦᠷᠬᠦᠳ ᠤᠨ | ᠬᠤᠶᠠᠷ ᠦᠳᠦ ᠶᠢ ᠠᠪᠴᠣ ᠮᠠᠯᠠᠭᠠᠨ ᠳᠠᠭᠠᠨ ᠬᠠᠳᠬᠤᠭᠠᠳ ᠰᠠᠶᠢᠨ ᠪᠣᠭᠤᠷᠣᠯ ᠮᠣᠷᠢᠨ ᠢᠶᠠᠨ ᠢᠰᠭᠡᠷᠪᠡᠰᠦ ᠪᠠᠶᠠᠷᠯᠠᠨ | ᠢᠨᠴᠠᠭᠠᠭᠰᠠᠭᠠᠷ ᠡᠵᠡᠨ ᠳᠡᠭᠡᠨ ᠢᠷᠡᠬᠦᠢ ᠳᠤᠷ ᠵᠠᠨ᠎ᠠ ᠬᠦᠪᠡᠬᠦᠨ ᠮᠣᠷᠢᠨ ᠳᠠᠭᠠᠨ ᠦᠰᠦᠷᠦᠨ ᠮᠣᠷᠳᠠᠵᠦ | ᠪᠠᠶᠢᠰᠣᠩᠭᠤᠷ ᠤᠨ ᠬᠡᠷ ᠤᠨ ᠵᠦᠭ ᠶᠠᠪᠣᠪᠠᠢ᠃ ᠲᠡᠶᠢᠨ ᠬᠦ ᠶᠠᠪᠣᠬᠤ ᠶᠢᠨ ᠵᠠᠮ ᠳᠤᠷ ᠪᠠᠭ᠎ᠠ ᠨᠠᠰᠣᠨ ᠳᠠᠭᠠᠨ | ᠰᠣᠨᠣᠰᠣᠭᠰᠠᠨ ᠲᠦᠷᠭᠡ ᠠᠶᠢᠮᠠᠭ ᠤᠳ ᠤᠨ ᠨᠢᠭᠡᠨ ᠲᠡᠣᠬᠡ ᠢᠨᠣ ︽ᠲᠣᠷᠣᠨ᠎ᠠ ᠵᠦᠭ ᠠᠴᠠ ᠨᠢᠭᠡᠨ ᠪᠠᠭᠠᠳᠣᠷ ᠡᠷ᠎ᠡ | ᠭᠠᠷᠴᠣ ᠨᠡᠬᠦᠳᠡᠯ ᠠᠶᠢᠮᠠᠭ ᠤᠳ ᠢ ᠲᠤᠭ ᠤᠨ ᠲᠣᠣᠷ᠎ᠠ ᠴᠣᠭᠯᠠᠭᠤᠯᠣᠨ ᠲᠡᠯᠡᠬᠡᠢ ᠳ᠋ᠠᠬᠢᠨ ᠢ ᠴᠦᠮ ᠡᠵᠡᠷᠬᠡᠮᠦᠢ︾ | ᠬᠡᠮᠡᠭᠰᠡᠨ ᠵᠣᠶᠢᠯ ᠢ ᠰᠠᠨᠠᠵᠦ᠂ ᠲᠡᠣᠬᠡ ᠲᠣᠳᠣᠷᠠᠬᠢ ᠪᠠᠭᠠᠳᠣᠷ ᠡᠷ᠎ᠡ ᠬᠡᠮᠡᠭᠴᠢ ᠡᠨᠡ ᠬᠦᠮᠦᠨ ᠮᠦᠨ ᠪᠣᠯᠪᠠᠣ ᠬᠡᠮᠡᠨ | ᠪᠣᠳᠣᠵᠣᠬᠤᠢ᠃ | ᠲᠡᠨᠳᠡ ᠠᠴᠠ ᠰᠡᠳᠬᠢᠯ ᠵᠢᠷᠦᠬᠡ ᠠᠨᠣ ᠶᠡᠭᠡ ᠪᠠᠭᠠᠳᠣᠷ ᠵᠣᠷᠢᠭ ᠣᠷᠣᠵᠦ ᠣᠨᠣᠨ ᠮᠦᠷᠡᠨ ᠤ ᠬᠦᠪᠡᠬᠦᠨ ᠳᠤᠷ | ᠴᠣᠭᠯᠠᠷᠠᠭᠰᠠᠨ ᠪᠠᠭᠠᠳᠣᠷ ᠭᠠᠪᠢᠶᠠᠳᠠᠨ ᠤ ᠲᠣᠮᠳᠠ ᠣᠷᠣᠪᠠᠰᠣ ᠠᠶᠣᠮᠠᠷ ᠪᠣᠰᠣ ᠮᠡᠳᠣ ᠰᠠᠨᠠᠭᠳᠠᠮᠣᠢ᠃ ᠡᠨᠡ | ᠴᠠᠭ ᠠᠴᠠ ᠡᠬᠢᠯᠡᠨ ᠮᠠᠨ ᠤ ᠵᠠᠨ᠎ᠠ ᠬᠦᠪᠡᠬᠦᠨ ᠪᠠᠶᠢᠰᠢᠩ ᠪᠠᠯᠭᠠᠰᠣ ᠦᠬᠡᠢ ᠭᠤᠪᠢ ᠲᠠᠯ᠎ᠠ ᠤᠨ ᠬᠡᠣᠬᠡᠳ ᠪᠠᠯᠭᠠᠳ ᠤᠨ | ᠵᠢᠷᠭᠠᠯ ᠳᠠᠭᠠᠨ ᠲᠠᠰᠢᠭᠤᠷᠠᠭᠰᠠᠨ ᠣᠯᠣᠰ ᠯᠤᠭ᠎ᠠ ᠪᠠᠶᠢᠯᠳᠣᠬᠤᠢ ᠳᠤᠷ ᠶᠡᠪᠣᠯᠴᠠᠬᠤ ᠴᠡᠷᠢᠭ ᠤᠨ ᠬᠦᠮᠦᠨ ᠪᠣᠯᠵᠣᠬᠤᠢ᠃ | ᠡᠶᠢᠨ ᠬᠦ ᠶᠠᠪᠣᠵᠦ ᠡᠳᠦᠷ ᠪᠣᠯᠣᠭᠰᠠᠨ ᠳᠤᠷ ᠬᠦᠬᠡ ᠮᠠᠩᠨᠤᠭ ᠲᠡᠭᠷᠢ ᠬᠦᠷᠦᠰᠦᠲᠣ ᠠᠯᠳᠠᠨ ᠲᠡᠯᠡᠬᠡᠢ ᠶᠢ | ᠪᠦᠷᠬᠦᠬᠦᠯ ᠤᠨ ᠠᠳᠠᠯᠢ ᠬᠠᠯᠬᠠᠯᠠᠵᠦ ᠬᠤᠯᠨ ᠣᠶᠢᠷ᠎ᠠ ᠣᠷᠴᠢᠨ ᠲᠣᠭᠤᠷᠢᠨ ᠶᠡᠭᠡ ᠴᠢᠮᠡᠭᠡ ᠰᠣᠨᠣᠰᠳᠠᠮᠣᠢ᠃ ᠵᠠᠨ᠎ᠠ | ᠬᠦᠪᠡᠬᠦᠨ ᠮᠣᠷᠢᠨ ᠤ ᠠᠮᠨ ᠶᠢ ᠲᠠᠯᠪᠢᠨ ᠶᠠᠪᠣᠭᠤᠯᠵᠦ ᠶᠡᠭᠡ ᠣᠳᠠᠯ ᠦᠬᠡᠢ ᠨᠢᠭᠡᠨ ᠲᠠᠯᠠᠩ ᠲᠡᠭᠡᠷ᠎ᠡ ᠭᠠᠷᠴᠣ | ᠢᠷᠡᠪᠡᠰᠦ ᠨᠢᠳᠣᠨ ᠠᠯᠳᠠᠮᠠᠷ ᠣᠯᠠᠨ ᠶᠠᠭᠤᠮ᠎ᠠ ᠦᠵᠡᠭᠳᠡᠵᠦᠬᠦᠢ᠃ ᠭᠤᠣᠯ ᠢᠶᠠᠷ ᠲᠦᠬᠦᠷᠡᠩ ᠵᠡᠷ ᠵᠡᠪᠰᠡᠭ ᠢᠶᠠᠨ | ᠠᠭᠰᠠᠭᠰᠠᠨ ᠲᠤᠭ ᠬᠢᠬᠢᠷᠢ ᠨᠤᠭᠤᠳ ᠶᠢ ᠬᠡᠶᠢᠰᠭᠡᠭᠰᠡᠨ ᠮᠣᠷᠢᠲᠠᠢ ᠬᠦᠮᠦᠰ ᠶᠡᠭᠡ ᠣᠯᠠᠨ ᠮᠠᠯ ᠰᠦᠷᠦᠭ | ᠰᠦᠷᠦᠭ ᠢᠶᠠᠷ᠂ ᠪᠠᠰᠨ ᠦᠬᠡᠷ ᠬᠦᠯᠦᠭᠰᠡᠨ ᠬᠠᠰᠠᠭ ᠪᠠ ᠮᠣᠬᠤᠯᠠᠭ ᠲᠡᠷᠭᠡ ᠨᠤᠭᠤᠳ ᠪᠠᠭᠰᠢᠷᠠᠨ ᠶᠠᠪᠣᠵᠦ ᠠᠳᠡ | ᠲᠡᠨᠳᠡ ᠣᠨᠠᠭ᠎ᠠ ᠨᠤᠭᠤᠳ ᠤᠨ ᠬᠦᠵᠦᠬᠦᠨ ᠳᠠᠬᠢ ᠬᠤᠩᠬᠤ ᠬᠠᠩᠬᠢᠨᠠᠨ᠂ ᠦᠨᠢᠶᠡᠳ ᠮᠦᠭᠡᠷᠡᠯᠳᠦᠨ᠂ ᠬᠤᠨᠢ | ᠮᠠᠶᠢᠯᠠᠯᠳᠣᠨ᠂ ᠢᠮᠠᠭ᠎ᠠ ᠮᠠᠶᠢᠯᠠᠵᠦ᠂ ᠬᠤᠳᠠᠴᠢ ᠨᠣᠬᠠᠢ ᠨᠤᠭᠤᠳ ᠰᠦᠷᠦᠭ ᠤᠳ ᠢᠶᠠᠨ ᠲᠣᠭᠤᠷᠢᠨ ᠬᠤᠴᠠᠯᠳᠣᠨ | ᠬᠦᠶᠦᠯᠴᠡᠮᠦᠢ᠃ ᠪᠠᠰᠨ ᠡᠬᠡᠨᠡᠷ ᠤᠳ ᠴᠢᠩᠭ᠎ᠠ ᠴᠢᠩᠭ᠎ᠠ ᠵᠠᠩᠳᠣᠷᠣᠯᠳᠣᠨ ᠨᠢᠯᠬ᠎ᠠ ᠬᠡᠣᠬᠡᠳ ᠣᠬᠢᠯᠠᠯᠳᠣᠵᠦ᠂ ᠮᠠᠯ | ᠠᠳᠣᠭᠤᠯᠣᠭᠴᠢᠳ ᠤᠨ ᠰᠢᠯᠪᠢᠬᠦᠷ ᠠᠳᠡ ᠲᠡᠨᠳᠡ ᠲᠠᠰ ᠨᠢᠰ ᠴᠣᠬᠢᠯᠳᠣᠨ ᠮᠠᠯ ᠤᠳ ᠢᠶᠠᠨ ᠬᠤᠷᠢᠶᠠᠮᠦᠢ᠃ ᠪᠠᠰᠨ | ᠡᠳᠡᠭᠡᠷ ᠤᠨ ᠲᠣᠮᠳᠠ ᠢᠰᠡᠬᠡᠢ ᠬᠡᠷ ᠠᠴᠢᠭᠰᠠᠨ ᠲᠡᠮᠡᠭᠡᠳ ᠦᠵᠡᠭᠳᠡᠮᠦᠢ᠃ ᠵᠠᠷᠢᠮ ᠲᠡᠮᠡᠭᠡᠳ ᠳᠤᠷ ᠠᠳᠣᠭᠤᠨ ᠤ | ᠬᠢᠯᠭᠠᠰᠣᠨ ᠬᠦᠷᠦᠮᠡᠯ ᠣᠭᠤᠳᠠ ᠠᠴᠢᠵᠦ᠂ ᠲᠣᠳᠣᠷ᠎ᠠ ᠠᠴᠠ ᠠᠨᠣ ᠪᠠᠭ᠎ᠠ ᠬᠡᠣᠬᠡᠳ ᠤᠨ ᠲᠣᠯᠣᠭᠠᠢ ᠴᠣᠬᠤᠶᠢᠮᠣᠢ᠃ | ᠡᠬᠡᠨᠡᠷ ᠤᠳ ᠤᠨ ᠵᠠᠷᠢᠮ ᠠᠨᠣ ᠡᠮᠡᠭᠡᠯ ᠲᠠᠢ ᠬᠡᠬᠦᠦ ᠪᠠᠷ ᠶᠠᠪᠣᠨ᠂ ᠵᠠᠷᠢᠮ ᠠᠨᠣ ᠬᠡᠣᠬᠡᠳ ᠢᠶᠠᠨ ᠲᠡᠪᠡᠷᠢᠵᠦ ᠡᠮᠡᠭᠡᠯ | ᠲᠡᠭᠡᠷ᠎ᠡ ᠰᠠᠭᠤᠭᠰᠠᠨ ᠪᠠ ᠵᠠᠷᠢᠮ ᠠᠨᠣ ᠬᠡᠣᠬᠡᠳ ᠢᠶᠠᠨ ᠡᠬᠦᠷᠴᠦ ᠶᠠᠪᠠᠭᠠᠨ ᠶᠠᠪᠣᠮᠣᠢ᠃ ᠪᠠᠭᠠᠬᠠᠨ ᠦᠰᠦᠭᠰᠡᠨ | ᠦᠬᠢᠳ ᠢᠨᠣ ᠰᠠᠭᠠᠮᠠᠭᠠᠢ ᠬᠡᠬᠦᠦ ᠲᠠᠭ᠎ᠠ ᠣᠨᠣᠵᠦ ᠲᠠᠪᠬᠢᠯᠳᠣᠨ᠂ ᠢᠳᠡᠷ ᠵᠠᠯᠠᠭᠤ ᠦᠬᠢᠳ ᠢᠨᠣ ᠠᠭᠰᠣᠮ | ᠠᠭᠰᠣᠮ ᠮᠣᠷᠢ ᠣᠨᠣᠵᠦ ᠠᠷᠣ ᠳᠠᠭᠠᠨ ᠨᠣᠮᠣ ᠰᠣᠮᠣ ᠠᠭᠰᠠᠵᠦ ᠭᠠᠷ ᠲᠠᠭᠠᠨ ᠲᠠᠰᠢᠭᠤᠷ ᠪᠠᠷᠢᠨ ᠶᠠᠪᠣᠮᠣᠢ᠃ ᠵᠠᠷᠢᠮ | ᠦᠬᠢᠳ ᠲᠡᠮᠡᠭᠡᠨ ᠲᠡᠭᠡᠷ᠎ᠡ ᠵᠠᠰᠠᠯ ᠴᠢᠮᠡᠭ ᠢᠶᠠᠨ ᠴᠡᠪᠡᠷᠯᠡᠨ ᠠᠷᠴᠢᠵᠦ ᠣᠶᠠᠩᠭᠠᠯᠠᠨ ᠲᠠᠭᠤᠯᠠᠨ ᠠᠶᠢᠮᠠᠭ ᠢᠵᠠᠭᠤᠷ ᠪᠠ | ᠦᠪᠡᠷ ᠤᠨ ᠪᠠᠭᠠᠳᠣᠷ ᠴᠡᠷᠢᠭ ᠤᠳ ᠢ ᠮᠠᠭᠳᠠᠮᠣᠢ᠂ ᠵᠠᠷᠢᠮ ᠤᠳ ᠠᠨᠣ ᠬᠤᠭᠤᠷ ᠲᠠᠳᠠᠵᠦ ᠶᠠᠳᠤᠭ᠎ᠠ ᠴᠣᠬᠢᠬᠤ ᠪᠠ | ᠵᠠᠷᠢᠮ ᠴᠡᠷᠢᠭ ᠤᠳ ᠢᠨᠣ ᠪᠦᠷᠢᠶ᠎ᠠ ᠬᠡᠩᠬᠡᠷᠡᠭᠡ ᠶᠢᠨ ᠬᠦᠭᠵᠢᠮ ᠲᠠᠭᠠᠭᠤᠯᠣᠨ ᠣᠷᠣᠭᠰᠢ ᠨᠢᠭᠡᠨ ᠵᠢᠭᠳᠡ ᠶᠠᠪᠣᠮᠣᠢ᠃ | ᠴᠡᠷᠢᠭ ᠤᠳ ᠤᠨ ᠬᠤᠶᠢᠨ᠎ᠠ ᠠᠴᠠ ᠰᠠᠶᠢᠬᠢ ᠣᠯᠠᠨ ᠬᠦᠷᠦᠩᠭᠡ ᠬᠤᠭᠰᠢᠯ ᠬᠡᠷ ᠪᠦᠯᠢ ᠢᠨᠣ ᠦᠳᠦ ᠰᠢᠷᠭᠤᠯᠵᠢᠨ ᠤ | ᠠᠳᠠᠯᠢ ᠠᠷᠵᠠᠭᠠᠨᠠᠨ ᠲᠠᠭᠠᠮᠣᠢ᠃ ᠡᠨᠡ ᠪᠦᠬᠦᠳᠡ ᠶᠢ ᠦᠵᠡᠪᠡᠰᠦ ᠴᠣᠬᠤᠮ ᠬᠦ ᠣᠯᠠᠨ ᠣᠯᠣᠰ ᠨᠡᠬᠦᠵᠦ ᠠᠬᠤ ᠠᠨᠣ | ᠪᠣᠯᠠᠢ᠃ ᠵᠠᠨ᠎ᠠ ᠬᠦᠪᠡᠬᠦᠨ ᠤ ᠵᠢᠷᠦᠬᠡᠨ ᠶᠡᠬᠡᠯ᠎ᠡ ᠲᠣᠭᠳᠣᠯᠵᠦ ᠲᠠᠪᠬᠢᠨ ᠲᠡᠷᠭᠡᠳᠡ ᠬᠦᠷᠴᠦ ᠦᠵᠡᠪᠡᠰᠦ ᠵᠣᠷᠢᠭᠳᠣ | ᠪᠣᠭᠤᠷᠵᠢ ᠠᠯᠠᠭ ᠤᠨ ᠠᠪᠤ ᠪᠠᠶᠢᠰᠣᠩᠭᠤᠷ ᠬᠤᠶᠠᠷ ᠢ ᠲᠠᠨᠢᠪᠠᠢ᠃ ᠡᠮᠦᠨ᠎ᠠ ᠠᠴᠠ ᠠᠯᠠᠭ ᠲᠠᠪᠬᠢᠵᠣ ᠬᠤᠯᠨ ᠠᠴᠠ | ᠲᠠᠭᠤᠳᠠᠨ ᠦᠬᠦᠯᠡᠷᠦᠨ᠄ ︽ᠴᠢ ᠮᠠᠨ ᠤ ᠭᠡᠷ ᠠᠴᠠ ᠶᠠᠭᠤᠨ ᠡᠷᠳᠡ ᠶᠠᠪᠣᠪᠠᠢ︾ ᠬᠡᠮᠡᠬᠦᠢ ᠳᠤᠷ ︽ᠮᠢᠨᠣ ᠰᠡᠳᠬᠢᠯ | ᠬᠦᠳᠡᠯᠦᠭᠰᠡᠨ ᠲᠣᠯᠨ ᠨᠣᠶᠢᠷ ᠡᠰᠡ ᠬᠦᠷᠪᠠᠢ᠂ ᠪᠠᠰᠨ ᠰᠠᠶᠢᠬᠠᠨ ᠦᠷᠯᠦᠭᠡᠨ ᠤ ᠬᠤᠩᠭᠤᠷ ᠵᠢᠪᠠᠷ ᠲᠤᠷ ᠵᠣᠭᠠᠬᠢᠶᠠ | ᠬᠡᠮᠡᠭᠰᠡᠨ ᠪᠢᠯᠨ᠂ ᠬᠠᠷᠢᠨ ᠰᠠᠨᠠᠮᠰᠠᠷ ᠦᠬᠡᠢ ᠨᠢᠭᠡᠨ ᠭᠠᠶᠢᠬᠠᠮᠰᠢᠭᠳᠣ ᠬᠦᠮᠦᠨ ᠯᠦᠭᠡ ᠣᠴᠠᠷᠠᠭᠰᠠᠨ ᠢ ᠨᠠᠰᠣ | ᠲᠠᠭᠤᠰᠳᠠᠯ᠎ᠠ ᠮᠠᠷᠳᠠᠰᠢ ᠦᠬᠡᠢ︾ ᠬᠡᠮᠡᠭᠡᠳ ᠴᠢᠨᠠᠭᠰᠢ ᠦᠬᠦᠯᠡᠯᠳᠦᠰᠦᠬᠡᠢ ᠬᠡᠮᠡᠳᠡᠯ᠎ᠡ ᠨᠢᠭᠡᠨ ᠦᠯᠦ ᠲᠠᠨᠢᠬᠤ ᠮᠣᠷᠢᠳᠣ | ᠴᠡᠷᠢᠭ ᠤᠨ ᠠᠩᠬᠢ ᠴᠣᠪᠣᠷᠠᠨ ᠭᠠᠷᠴᠣ ᠢᠷᠡᠬᠦᠢ ᠳᠤᠷ ᠠᠯᠠᠭ ᠦᠬᠦᠯᠡᠷᠦᠨ᠄ ︽ᠡᠳᠡ ᠪᠦᠬᠦᠳᠡ ᠨᠡᠬᠦᠳᠡᠯ | ᠠᠶᠢᠮᠠᠭ ᠤᠳ ᠤᠨ ᠪᠠᠭᠠᠳᠣᠷ ᠤᠳ ᠪᠣᠯᠠᠢ᠂ ᠴᠢ ᠡᠨᠡ ᠨᠢᠭᠡᠨ ᠬᠡᠰᠡᠭ ᠴᠡᠷᠢᠭ ᠤᠨ ᠣᠳᠣᠷᠢᠳᠣᠭᠴᠢ ᠶᠢ ᠦᠵᠡᠪᠠᠣ᠂ | ᠪᠣᠷᠣ ᠮᠣᠷᠢ ᠣᠨᠣᠵᠦ ᠵᠡᠬᠦᠨ ᠭᠠᠷ ᠲᠠᠭᠠᠨ ᠲᠤᠭ ᠢᠶᠠᠨ ᠪᠠᠷᠢᠭᠰᠠᠨ ᠡᠨᠡ ᠬᠡᠨ ᠬᠡᠮᠡᠪᠡᠰᠦ ᠲᠡᠮᠦᠵᠢᠨ ᠤ ᠬᠠᠨᠢ | ᠪᠠᠷᠰ ᠤᠳ ᠢ ᠲᠠᠷᠣᠭᠴᠢ ᠢᠯᠠᠣ ᠪᠠᠭᠠᠳᠣᠷ ᠮᠦᠨ︾ ᠬᠡᠮᠡᠪᠠ᠃ ᠢᠯᠠᠣ ᠪᠠᠭᠠᠳᠣᠷ ᠦᠪᠡᠷ ᠤᠨ ᠴᠡᠷᠢᠭ ᠤᠳ ᠯᠦᠭᠡ | ᠬᠠᠮᠳᠣ ᠦᠩᠭᠡᠷᠡᠭᠰᠡᠨ ᠤ ᠲᠠᠷᠠᠭ᠎ᠠ᠂ ᠪᠠᠰᠨ ᠨᠢᠭᠡᠨ ᠰᠠᠶᠢᠬᠠᠨ ᠣᠯᠠᠭᠠᠨ ᠮᠣᠷᠢ ᠣᠨᠣᠭᠰᠠᠨ ᠦᠷᠭᠡᠨ ᠴᠡᠭᠡᠵᠢᠲᠠᠢ | ᠪᠠᠷᠣᠭᠠᠷ ᠬᠠᠷ᠎ᠠ ᠴᠢᠷᠠᠶᠢᠳᠠᠢ ᠪᠠᠭᠠᠳᠣᠷ ᠣᠯᠠᠭᠠᠨ ᠲᠤᠭ ᠪᠠᠷᠢᠵᠦ ᠶᠠᠪᠣᠬᠤᠢ ᠳᠤᠷ ᠠᠯᠠᠭ ᠦᠬᠦᠯᠡᠷᠦᠨ᠄ ︽ᠡᠨᠡ | ᠬᠦᠮᠦᠨ ᠪᠣᠯᠪᠠᠰᠣ ᠬᠢᠳᠠᠳ ᠤᠨ ᠭᠤᠷᠪᠠᠨ ᠸᠠᠩ ᠤᠳ ᠢ ᠲᠡᠶᠢᠯᠦᠭᠰᠡᠨ ᠴᠢᠩᠰᠠᠩ ᠲᠠᠶᠢᠵᠢ ᠬᠡᠮᠡᠬᠦ ᠪᠠᠭᠠᠳᠣᠷ᠂ | ᠡᠬᠦᠨ ᠤ ᠰᠠᠭᠤᠬᠤ ᠣᠷᠣᠨ ᠠᠨᠣ ᠬᠦᠮᠦᠨ ᠶᠠᠪᠣᠵᠦ ᠦᠯᠦ ᠪᠣᠯᠬᠤ ᠵᠣᠵᠠᠭᠠᠨ ᠣᠢ ᠲᠠᠶᠢᠭ᠎ᠠ ᠲᠣᠳᠣᠷ᠎ᠠ ᠬᠠᠷ᠎ᠠ | ᠦᠳᠦᠭᠡ ᠯᠦᠭᠡ ᠣᠯᠠᠭᠠᠨ ᠨᠢᠳᠣᠷᠭ᠎ᠠ ᠪᠠᠷ ᠲᠣᠯᠣᠯᠳᠣᠨ ᠠᠯᠠᠵᠦ ᠰᠠᠭᠤᠮᠣᠢ᠃ ᠡᠬᠦᠨ ᠤ ᠲᠠᠷᠠᠭ᠎ᠠ ᠶᠠᠪᠣᠭᠴᠢ ᠠᠨᠣ | ᠵᠣᠷᠢᠭᠳᠣ ᠪᠠᠭᠠᠳᠣᠷ ᠪᠣᠭᠤᠷᠵᠢ ᠶᠢᠨ ᠨᠦᠬᠦᠷ ᠠᠨᠳᠠ ᠮᠣᠬᠤᠯᠠᠢ ᠰᠡᠴᠡᠨ ᠬᠡᠮᠡᠮᠦᠢ᠃ ᠲᠡᠷᠢᠬᠦᠳ ᠤᠨ ᠬᠤᠷᠠᠯᠳᠣᠭᠠᠨ ᠤ | ᠲᠣᠳᠣᠷ᠎ᠠ ᠡᠨᠡ ᠮᠣᠬᠤᠯᠠᠢ ᠰᠡᠴᠡᠨ ᠤ ᠡᠷᠭᠡ ᠶᠡᠬᠡᠯ᠎ᠡ ᠬᠦᠨᠳᠣ ᠪᠦᠬᠦᠳᠡᠭᠡᠷ ᠣᠶᠢᠰᠢᠶᠠᠮᠣᠢ︾ ᠬᠡᠮᠡᠨ ᠦᠬᠦᠯᠡᠳᠡᠯᠡ | ᠨᠢᠭᠡᠨ ᠮᠠᠰᠢ ᠦᠵᠡᠰᠬᠦᠯᠡᠩᠳᠣ ᠰᠠᠶᠢᠬᠠᠨ ᠮᠣᠷᠢ ᠣᠨᠣᠭᠰᠠᠨ ᠨᠠᠢᠮᠠᠨ ᠬᠦᠮᠦᠨ ᠲᠠᠭᠠᠭᠤᠯᠣᠭᠰᠠᠨ ᠵᠠᠯᠠᠭᠤ ᠪᠠᠭᠠᠳᠣᠷ | ᠣᠶᠢᠷᠠᠳᠣᠨ ᠢᠷᠡᠵᠦᠬᠦᠢ᠃ ᠡᠬᠦᠨ ᠤ ᠪᠡᠶ᠎ᠡ ᠳᠡᠭᠡᠨ ᠡᠮᠦᠰᠦᠭᠰᠡᠨ ᠢᠨᠣ ᠦᠨᠳᠦᠷ ᠠᠷᠠᠰᠣᠨ ᠲᠡᠪᠡᠯ᠂ ᠲᠣᠯᠣᠭᠠᠢ | ᠳᠠᠭᠠᠨ ᠴᠢᠨᠣ ᠡ ᠶᠢᠨ ᠠᠷᠠᠰᠣᠨ ᠮᠠᠯᠠᠭᠠᠢ ᠲᠠᠯᠪᠢᠵᠦᠬᠤᠢ᠃ ᠵᠡᠪᠰᠡᠭ ᠢᠨᠣ ᠨᠣᠮᠣ ᠰᠣᠮᠣ ᠠᠭᠰᠠᠵᠦ᠂ ᠰᠡᠯᠡᠮ᠎ᠡ | ᠵᠡᠬᠦᠵᠦ᠂ ᠪᠠᠷᠠᠭᠤᠨ ᠭᠠᠷ ᠲᠠᠭᠠᠨ ᠣᠷᠳᠣ ᠵᠢᠳᠠ ᠶᠢᠨ ᠦᠵᠦᠬᠦᠷ ᠲᠤᠷ ᠬᠦᠬᠡ ᠲᠤᠭ ᠡᠯᠬᠦᠵᠦᠬᠦᠢ᠃ ᠡᠨᠡ | ᠬᠦᠮᠦᠨ ᠤ ᠪᠠᠶᠢᠳᠠᠯ ᠲᠦᠯᠦᠪ ᠢ ᠠᠵᠢᠭᠯᠠᠪᠠᠰᠣ ᠬᠡᠮᠵᠢᠶ᠎ᠠ ᠦᠬᠡᠢ ᠵᠣᠷᠢᠭᠳᠣ ᠪᠠᠭᠠᠳᠣᠷ ᠠᠵᠣᠭᠤ᠃ ᠵᠠᠨ᠎ᠠ ᠬᠦᠪᠡᠬᠦᠨ | ᠠᠯᠠᠭ ᠤᠨ ᠵᠦᠭ ᠬᠠᠨᠳᠣᠨ ᠨᠢᠳᠣᠨ ᠤ ᠦᠨᠴᠦᠭ ᠢᠶᠠᠷ ᠠᠰᠠᠭᠤᠪᠠᠰᠣ ᠠᠯᠠᠭ ᠲᠠᠷᠣᠢ ᠮᠠᠭᠳᠠᠵᠦ ᠦᠬᠦᠯᠡᠷᠦᠨ᠄ ︽ | ᠡᠨᠡ ᠪᠠᠭᠠᠳᠣᠷ ᠢ ᠪᠢ ᠲᠠᠨᠢᠬᠤ ᠦᠬᠡᠢ᠂ ᠪᠠᠶᠢᠵᠨ᠂ ᠬᠡᠨ ᠪᠣᠯᠣᠯᠲᠠᠢ ᠪᠢᠯᠨ︾ ᠬᠡᠮᠡᠨ ᠰᠠᠨᠠᠵᠦ ᠶᠠᠳᠠᠨ ᠪᠠᠶᠢᠳᠠᠯ᠎ᠠ | ᠠᠯᠠᠭ ᠤᠨ ᠲᠡᠷᠭᠡᠳᠡᠬᠢ ᠲᠠᠭᠠᠯᠳᠠ ᠡᠪᠦᠬᠡᠨ ᠦᠬᠦᠯᠡᠷᠦᠨ᠄ ︽ᠡᠨᠡ ᠬᠦᠯᠦᠭ ᠰᠠᠶᠢᠬᠠᠨ ᠮᠣᠷᠢᠳ ᠤᠨ ᠪᠡᠯᠴᠢᠳᠡᠭ | ᠬᠦᠬᠡ ᠨᠠᠭᠤᠷ ᠤᠨ ᠬᠦᠪᠡᠬᠡᠨ ᠲᠡᠭᠡᠷ᠎ᠡ ᠠᠴᠠ ᠢᠷᠡᠭᠰᠡᠨ ᠪᠠᠰᠣᠳ ᠠᠶᠢᠮᠠᠭ ᠤᠨ ᠵᠡᠪᠡ ᠴᠢᠨ᠋ᠸ᠎ᠡ ᠬᠡᠮᠡᠳᠡᠭ᠂ ᠡᠬᠦᠨ ᠤ | ᠨᠠᠰᠣᠨ ᠬᠡᠳᠦᠢ ᠵᠠᠯᠠᠭᠤ ᠪᠣᠯᠪᠠᠴᠣ ᠨᠦᠬᠦᠳ ᠢᠨᠣ ᠲᠣᠭᠤᠮᠵᠢᠯᠠᠳᠠᠭ᠂ ᠲᠠᠶᠢᠰᠣᠨ ᠠᠨᠣ ᠠᠶᠣᠳᠠᠭ ᠪᠣᠯᠠᠢ᠃ ᠡᠬᠦᠨ ᠤ | ᠠᠶᠢᠮᠠᠭ ᠣᠯᠠᠨ ᠪᠣᠰᠣ ᠲᠣᠯᠨ᠂ ᠮᠠᠨ ᠤ ᠡᠨᠡ ᠭᠠᠵᠠᠷ ᠴᠦᠭᠡᠨ ᠬᠦᠮᠦᠨ ᠲᠠᠭᠠᠭᠤᠯᠵᠦ ᠢᠷᠡᠭᠰᠡᠨ ᠪᠣᠯᠣᠯᠳᠠᠢ︾ | ᠬᠡᠮᠡᠮᠦᠢ᠃ ᠡᠨᠡ ᠮᠡᠳᠦᠴᠢᠯᠡᠨ ᠬᠤᠶᠠᠷ ᠬᠦᠪᠡᠬᠦᠳ ᠤᠨ ᠡᠮᠦᠨᠡᠬᠦᠷ ᠬᠡᠳᠦ ᠬᠡᠳᠦᠨ ᠠᠩᠬᠢ ᠶᠢᠨ ᠴᠡᠷᠢᠭ ᠶᠠᠪᠣᠨ | ᠦᠩᠭᠡᠷᠡᠵᠦ᠂ ᠲᠠᠷᠠᠭ᠎ᠠ ᠪᠠᠷ ᠠᠨᠣ ᠬᠠᠰᠠᠭ ᠪᠠ ᠮᠣᠬᠤᠯᠠᠭ ᠲᠡᠷᠭᠡ᠂ ᠰᠦᠷᠦᠭ ᠮᠠᠯ ᠲᠠᠢ ᠲᠠᠰᠣᠷᠠᠰᠢ ᠦᠬᠡᠢ | ᠶᠠᠪᠣᠬᠤᠢ ᠶᠢ ᠦᠵᠡᠬᠦᠯ᠎ᠡ ᠠᠳᠡ ᠪᠦᠬᠦᠳᠡᠭᠡᠷ ᠭᠠᠭᠴᠨ ᠨᠢᠭᠡᠨ ᠠᠶᠢᠮᠠᠭ ᠴᠣ᠋ ᠪᠣᠰᠣ᠂ ᠨᠢᠭᠡᠨ ᠪᠦᠬᠦᠯᠢ ᠠᠤᠭ᠎ᠠ | ᠬᠦᠴᠦᠨ ᠲᠡᠭᠦᠯᠳᠡᠷ ᠣᠯᠣᠰ᠂ ᠡᠨᠡ ᠠᠭᠤᠯᠨ ᠶᠢᠨ ᠨᠢᠷᠦᠭᠤᠨ ᠤ ᠬᠤᠷᠮᠣᠢ ᠳᠤᠷ ᠣᠳᠣᠷᠢᠳᠣᠭᠴᠢ ᠡᠵᠡᠨ ᠢᠶᠠᠨ | ᠬᠦᠯᠢᠶᠡᠨ ᠠᠵᠣᠭᠤ᠃ ᠡᠨᠡ ᠲᠣᠭᠠᠯᠠᠰᠢ ᠦᠬᠡᠢ ᠠᠷᠪᠢᠨ ᠴᠡᠷᠢᠭ ᠢ ᠬᠠᠷᠠᠭᠠᠳ ᠠᠯᠠᠭ ᠤᠨ ᠲᠣᠳᠣᠷ᠎ᠠ᠂ ᠪᠢ ᠴᠣ᠋ | ᠮᠦᠨ ᠡᠨᠡ ᠣᠯᠠᠨ ᠣᠯᠣᠰ ᠤᠨ ᠨᠢᠭᠡᠨ ᠦᠨᠳᠦᠰᠦ ᠭᠡᠰᠢᠬᠦᠨ ᠢᠨᠣ ᠮᠦᠨ ᠬᠡᠮᠡᠬᠦ ᠣᠮᠤᠭ ᠰᠡᠳᠬᠢᠯ ᠲᠦᠷᠦᠵᠦᠬᠦᠢ᠃ | ᠵᠠᠨ᠎ᠠ ᠬᠦᠪᠡᠬᠦᠨ ᠡᠳᠡᠭᠡᠷ ᠣᠯᠠᠨ ᠪᠠᠭᠠᠳᠣᠷ ᠴᠡᠷᠢᠭ ᠤᠳ ᠢ ᠬᠠᠷᠠᠵᠦ ᠨᠢᠳᠣᠨ ᠢᠶᠠᠨ ᠰᠠᠯᠭᠠᠵᠦ ᠶᠠᠳᠠᠨ ᠪᠢ ᠴᠣ᠋ ᠮᠦᠨ | ᠨᠡᠬᠦᠳᠡᠯ ᠤᠨ ᠠᠶᠢᠮᠠᠭ ᠤᠨ ᠬᠦᠮᠦᠨ ᠲᠣᠯᠨ ᠡᠳᠡᠭᠡᠷ ᠪᠠᠭᠠᠳᠣᠷ ᠤᠳ ᠯᠤᠭ᠎ᠠ ᠨᠡᠶᠢᠯᠡᠪᠡᠰᠦ ᠪᠣᠯᠣᠮᠣᠢ ᠬᠡᠮᠡᠨ ᠪᠠᠰᠠᠯᠠ | ᠣᠮᠤᠭ ᠲᠦᠷᠦᠵᠦ ᠨᠢᠳᠦᠨ ᠢᠶᠠᠨ ᠬᠢᠯᠪᠠᠯᠵᠠᠭᠤᠯᠣᠨ ᠦᠨᠳᠦᠷ ᠲᠠᠭᠤᠨ ᠢᠶᠠᠷ ᠦᠬᠦᠯᠡᠷᠦᠨ᠄ ︽ᠲᠡᠭᠡᠳᠣ ᠲᠡᠭᠷᠢ ᠶᠡᠭᠡ | ᠪᠣᠯᠠᠢ᠂ ᠶᠢᠷᠲᠢᠨᠴᠣ ᠶᠢ ᠶᠡᠷᠦᠩᠬᠡᠶᠢᠯᠡᠬᠦ ᠪᠦᠬᠦᠳᠡ ᠶᠢ ᠮᠡᠳᠡᠭᠴᠢ ᠠᠤᠭ᠎ᠠ ᠬᠦᠴᠦᠲᠣ ᠲᠡᠭᠷᠢ ᠴᠢᠮᠠᠢᠢ ᠶᠤᠭᠠᠨ ᠮᠠᠭᠳᠠᠮᠣᠢ | ︾ ᠬᠡᠮᠡᠳᠡᠯ᠎ᠡ᠂ ᠪᠠᠶᠢᠰᠣᠩᠭᠤᠷ ᠲᠡᠷᠭᠡᠳᠡ ᠬᠦᠷᠦᠨ ᠢᠷᠡᠵᠦ ︽ᠴᠢ ᠰᠠᠶ᠋ᠢ ᠶᠠᠭᠤ ᠦᠬᠦᠯᠡᠪᠠᠢ︾ ᠬᠡᠮᠡᠨ ᠠᠰᠠᠭᠤᠪᠠᠰᠣ | ᠵᠠᠨ᠎ᠠ ᠦᠬᠦᠯᠡᠷᠦᠨ᠄ ︽ᠮᠠᠨ ᠤ ᠡᠵᠡᠨ ᠤ ᠠᠯᠳᠠᠷ ᠢ ᠲᠣᠷᠠᠳᠣᠨ ᠢᠯᠭᠤᠭᠳᠠᠰᠢ ᠦᠬᠡᠢ ᠲᠡᠮᠦᠵᠢᠨ ᠤ ᠰᠦᠷ | ᠬᠦᠴᠦᠨ ᠢ ᠮᠠᠭᠳᠠᠪᠠᠢ᠃ ᠮᠠᠨ ᠤ ᠣᠯᠣᠰ ᠤᠨ ᠶᠡᠭᠡ ᠬᠦᠴᠦᠲᠠᠢ ᠪᠣᠯᠣᠭᠰᠠᠨ ᠠᠨᠣ᠂ ᠭᠠᠭᠴᠠᠬᠦ ᠡᠨᠡ ᠲᠡᠮᠦᠵᠢᠨ | ᠡᠵᠡᠨ ᠤ ᠬᠠᠷᠢᠶ᠎ᠠ ᠪᠣᠯᠠᠢ︾ ᠬᠡᠮᠡᠪᠡᠰᠦ ᠪᠠᠶᠢᠰᠣᠩᠭᠤᠷ ᠭᠠᠷ ᠢᠶᠠᠨ ᠵᠠᠨ᠎ᠠ ᠶᠢᠨ ᠮᠦᠷᠦᠨ ᠲᠡᠭᠡᠷ᠎ᠡ ᠲᠠᠯᠪᠢᠵᠦ | ᠦᠬᠦᠯᠡᠷᠦᠨ᠄ ︽ᠬᠦᠪᠡᠬᠦᠨ ᠮᠢᠨᠣ ᠰᠠᠶᠢᠨ ᠰᠠᠶᠢᠨ᠂ ᠠᠤᠭ᠎ᠠ ᠬᠦᠴᠦᠲᠣ ᠲᠡᠭᠷᠢ ᠠᠮᠢ ᠶᠢ ᠴᠢᠨᠢ ᠰᠠᠬᠢᠬᠤ ᠪᠣᠯᠳᠣᠭᠠᠢ᠃ | ᠠᠶᠣᠮᠰᠢᠭᠳᠣ ᠲᠠᠶᠢᠰᠦᠨ ᠳᠤᠷ ᠦᠯᠦ ᠢᠯᠭᠠᠭᠳᠠᠬᠤ ᠡᠷ᠎ᠡ ᠶᠢᠨ ᠬᠦᠴᠦᠨ ᠦᠭᠬᠦ ᠪᠣᠯᠳᠣᠭᠠᠢ︕︾ ᠬᠡᠮᠡᠭᠡᠳ᠂ | ᠦᠪᠡᠷ ᠤᠨ ᠬᠦᠪᠡᠬᠦᠨ ᠠᠯᠠᠭ ᠤᠨ ᠮᠣᠷᠢ ᠶᠢ ᠭᠠᠷ ᠢᠶᠠᠨ ᠴᠣᠬᠢᠵᠦ ᠡᠷᠭᠢᠬᠦᠯᠦᠨ ︽ᠮᠢᠨᠣ ᠬᠤᠶᠢᠨ᠎ᠠ ᠠᠴᠠ ᠶᠠᠪᠣᠭᠳᠣᠨ | ︾ ᠬᠡᠮᠡᠨ ᠬᠤᠶᠠᠭᠤᠯᠨ ᠶᠢ ᠲᠠᠭᠠᠭᠤᠯᠵᠣ ᠣᠶᠢᠮᠡᠯᠳᠦᠭᠰᠡᠨ ᠣᠯᠠᠨ ᠠᠷᠠᠳ ᠤᠨ ᠲᠣᠮᠳᠠᠭᠤᠷ ᠬᠠᠭ᠎ᠠ ᠵᠦᠰᠦᠨ ᠶᠠᠪᠣᠵᠦ | ᠨᠢᠭᠡᠨ ᠪᠣᠯᠳᠤᠭ ᠲᠣᠯᠣᠭᠠᠢ ᠶᠢᠨ ᠬᠠᠵᠠᠭᠤ ᠳᠤᠷ ᠣᠯᠠᠨ ᠪᠠᠭᠠᠳᠣᠷ ᠴᠣᠭᠯᠠᠷᠠᠭᠰᠠᠨ ᠤ ᠲᠡᠷᠭᠡᠳᠡ ᠬᠦᠷᠴᠦ ᠡᠴᠢᠪᠡᠰᠦ | ᠰᠠᠶᠢᠬᠢ ᠵᠠᠨ᠎ᠠ ᠬᠦᠪᠡᠬᠦᠨ ᠤ ᠦᠷᠯᠦᠭᠡ ᠡᠷᠳᠡ ᠦᠵᠡᠭᠰᠡᠨ ᠭᠠᠶᠢᠬᠠᠮᠰᠢᠭᠳᠣ ᠬᠦᠮᠦᠨ ᠰᠠᠶᠢᠬᠠᠨ ᠮᠣᠷᠢ ᠣᠨᠣᠵᠦ | ᠨᠢᠳᠣᠨ ᠢᠶᠠᠨ ᠴᠠᠬᠢᠯᠭᠠᠨ ᠮᠡᠳᠣ ᠬᠢᠯᠪᠠᠯᠵᠠᠭᠤᠯᠣᠨ ᠲᠡᠷᠡ ᠪᠣᠯᠳᠤᠭ ᠲᠣᠯᠣᠭᠠᠢ ᠲᠡᠭᠡᠷ᠎ᠡ ᠵᠣᠭᠰᠣᠨ ᠪᠦᠬᠦᠢ ᠶᠢ ᠵᠠᠨ᠎ᠠ | ᠬᠦᠪᠡᠬᠦᠨ ᠶᠡᠬᠡᠯ᠎ᠡ ᠭᠠᠶᠢᠬᠠᠵᠦ ᠨᠦᠬᠦᠷ ᠤᠨ ᠵᠦᠭ ᠬᠠᠨᠳᠣᠨ ᠦᠬᠡ ᠬᠡᠯᠡᠶ᠎ᠠ ᠬᠡᠮᠡᠳᠡᠯ᠎ᠡ᠂ ᠠᠯᠠᠭ ᠬᠠᠰᠬᠢᠷᠦᠨ | ᠦᠬᠦᠯᠡᠷᠦᠨ᠄ ︽ᠲᠡᠮᠦᠵᠢᠨ ᠬᠠᠭᠠᠨ ᠤ ᠠᠯᠳᠠᠷ ᠮᠠᠨᠳᠣᠳᠣᠭᠠᠢ︕︾ ᠬᠡᠮᠡᠨ ᠪᠠᠷᠬᠢᠷᠠᠪᠠᠰᠣ᠄ ︽ᠲᠡᠮᠦᠵᠢᠨ ᠤ ᠠᠯᠳᠠᠷ | ᠂ ᠲᠡᠮᠦᠵᠢᠨ ᠤ ᠠᠯᠳᠠᠷ︕︾ ᠬᠡᠮᠡᠯᠳᠦᠨ ᠵᠦᠭ ᠪᠦᠷᠢ ᠠᠴᠠ ᠨᠢᠭᠡᠨ ᠵᠢᠭᠳᠡ ᠲᠦᠮᠡᠨ ᠲᠦᠮᠡᠨ ᠬᠦᠮᠦᠨ | ᠬᠠᠰᠭᠢᠷᠦᠯᠳᠦᠨ ᠲᠡᠭᠷᠢ ᠲᠦᠩᠬᠢᠨᠡᠬᠦ ᠮᠡᠳᠣ ᠠᠭᠤᠯᠨ ᠬᠠᠳᠠ ᠬᠤᠩᠬᠢᠨᠠᠨ ᠴᠣᠣᠷᠢᠶᠠᠳᠣᠮᠦᠢ᠃ ᠵᠠᠨ᠎ᠠ ᠬᠦᠪᠡᠬᠦᠨ ᠰᠠᠶ᠋ᠢ | ᠲᠡᠮᠦᠵᠢᠨ ᠬᠡᠮᠡᠳᠡᠭ ᠡᠶᠢᠮᠦ ᠰᠦᠷᠲᠠᠢ ᠠᠵᠣᠭᠤ ᠬᠡᠮᠡᠨ ᠵᠢᠷᠦᠬᠡᠨ ᠳᠡᠭᠡᠨ ᠬᠦᠷᠲᠡᠯ᠎ᠡ ᠮᠡᠳᠡᠪᠠᠢ᠃ ᠲᠡᠮᠦᠵᠢᠨ ᠮᠣᠷᠢᠨ ᠤ | ᠲᠡᠭᠡᠷ᠎ᠡ ᠬᠦᠳᠡᠯᠦᠯ ᠦᠬᠡᠢ ᠵᠣᠭᠰᠣᠵᠦ ᠴᠣᠭᠯᠠᠷᠠᠭᠰᠠᠨ ᠣᠯᠠᠨ ᠴᠡᠷᠢᠭ ᠤᠳ ᠢᠶᠠᠨ ᠬᠠᠷᠠᠵᠦ ᠨᠡᠯᠢᠶᠡᠳ ᠣᠳᠠᠭᠰᠠᠨ ᠤ | ᠬᠤᠶᠢᠨ᠎ᠠ ᠪᠠᠷᠠᠭᠤᠨ ᠭᠠᠷ ᠢᠶᠠᠨ ᠡᠷᠬᠦᠵᠦ ᠵᠠᠩᠭᠠᠬᠤᠢ ᠯᠤᠭ᠎ᠠ ᠨᠢᠭᠡᠮᠦᠰᠦᠨ ᠴᠢᠮᠡᠭᠡ ᠦᠬᠡᠢ ᠪᠣᠯᠵᠦ ᠲᠡᠭᠷᠢ ᠶᠢᠨ | ᠲᠠᠭᠤᠨ ᠮᠡᠳᠣ ᠦᠨᠳᠦᠷ ᠲᠠᠭᠤᠨ ᠢᠶᠠᠷ ᠲᠡᠮᠦᠵᠢᠨ ᠦᠬᠦᠯᠡᠷᠦᠨ᠄ ︽ᠭᠤᠪᠢ ᠶᠢᠨ ᠣᠯᠠᠨ ᠪᠠᠭᠠᠳᠣᠷ ᠤᠳ ᠠᠮᠣᠷ | ᠰᠠᠶᠢᠨ ᠤᠤ︖ ᠡᠨᠡ ᠪᠠᠶᠠᠰᠬᠤᠯᠠᠩᠳᠣ ᠰᠠᠶᠢᠨ ᠡᠳᠦᠷ ᠣᠨᠣᠨ ᠮᠦᠷᠡᠨ ᠤ ᠬᠦᠪᠡᠬᠡᠨ ᠲᠡᠭᠡᠷ᠎ᠡ ᠲᠠ ᠨᠠᠷ ᠤᠨ | ᠪᠦᠬᠦᠳᠡ ᠶᠢᠨ ᠠᠮᠣᠷ ᠢ ᠡᠷᠢᠮᠦ᠃ ᠬᠤᠵᠢᠮ ᠬᠤᠵᠢᠮ ᠤᠨ ᠠᠴᠢ ᠦᠷ᠎ᠡ ᠨᠦᠭᠦᠳ ᠡᠨᠡ ᠰᠠᠶᠢᠬᠠᠨ ᠮᠠᠨ ᠤ | ᠣᠯᠣᠰ ᠤᠨ ᠮᠠᠨᠳᠣᠭᠰᠠᠨ ᠰᠠᠶᠢᠨ ᠡᠳᠦᠷ ᠢ ᠦᠯᠦ ᠮᠠᠷᠳᠠᠮᠣᠢ ᠶᠡ᠃ ᠡᠨᠡ ᠡᠳᠦᠷ ᠠᠴᠠ ᠡᠬᠢᠯᠡᠵᠦ ᠮᠠᠨ ᠤ ᠣᠯᠣᠰ ᠤᠨ | ᠨᠡᠷ᠎ᠡ ᠮᠣᠬᠤᠰᠢ ᠦᠬᠡᠢ ᠵᠣᠷᠢᠭᠳᠣ ᠮᠣᠩᠭᠤᠯ ᠬᠡᠮᠡᠨ ᠠᠯᠳᠠᠷᠰᠢᠵᠦ ᠪᠦᠬᠦᠳᠡ ᠶᠢᠷᠲᠢᠨᠴᠦ ᠶᠢ ᠡᠪᠦᠳᠦᠭ ᠲᠣᠶᠢᠭ ᠤᠨ | ᠲᠣᠣᠷ᠎ᠠ ᠪᠠᠨ ᠣᠷᠣᠭᠤᠯᠣᠮᠣᠢ᠃ ᠲᠠ ᠪᠦᠬᠦᠳᠡ ᠰᠠᠶᠢᠳᠣᠷ ᠰᠣᠨᠣᠰ᠂ ᠡᠨᠡ ᠡᠳᠦᠷ ᠠᠴᠠ ᠡᠬᠢᠯᠡᠨ ᠡᠬᠦᠷᠢᠳᠡ ᠲᠠᠭᠠᠵᠦ | ᠶᠠᠪᠣᠬᠤ ᠴᠠᠭᠠᠵᠨ᠂ ᠠᠶᠣᠬᠤ ᠮᠡᠳᠣ ᠣᠳᠣᠷᠢᠳᠣᠭᠴᠢ ᠨᠣᠶᠠᠳ ᠤᠨ ᠦᠬᠡ ᠶᠢ ᠣᠭᠳᠣ ᠵᠦᠷᠢᠴᠡᠯ ᠦᠬᠡᠢ ᠰᠢᠭᠤᠳ | ᠲᠠᠭᠠᠭᠳᠣᠨ᠂ ᠣᠷᠪᠠᠭᠰᠠᠳ ᠢ ᠦᠰᠢᠶᠡᠯᠡᠨ ᠲᠠᠯᠳᠢᠷᠠᠭᠰᠠᠳ ᠢ ᠠᠯᠨ᠂ ᠪᠡᠶ᠎ᠡ ᠪᠡᠶ᠎ᠡ ᠪᠠᠨ ᠬᠠᠰ ᠬᠠᠳᠠ ᠮᠡᠳᠣ ᠶᠠᠪᠣᠵᠦ | ᠦᠮᠦᠭᠯᠨ᠂ ᠡᠬᠡᠨᠡᠷ ᠬᠦᠮᠦᠨ ᠢ ᠪᠣᠣ ᠬᠦᠩᠬᠡᠯᠨ᠂ ᠵᠡᠷ ᠵᠡᠪᠰᠡᠭ ᠤᠨ ᠰᠣᠷᠭᠠᠭᠤᠯᠢ ᠶᠢ ᠲᠠᠰᠣᠷᠠᠯᠳᠠ ᠦᠬᠡᠢ ᠬᠢᠭᠲᠦᠨ᠂ | ᠪᠡᠶ᠎ᠡ ᠪᠠᠨ ᠪᠠᠭ᠎ᠠ ᠨᠠᠰᠣᠨ ᠠᠴᠠ ᠠᠯᠢᠪᠠ ᠵᠦᠬᠡᠯᠡᠨ ᠰᠢᠷᠦᠬᠦᠨ ᠶᠠᠪᠣᠳᠠᠯ ᠢᠶᠠᠷ ᠬᠠᠳᠠᠭᠤᠵᠢᠨ ᠰᠣᠷᠭ᠎ᠠ᠂ ᠲᠡᠭᠡᠳᠣ | ᠲᠡᠭᠷᠢ ᠳᠤ ᠪᠢᠰᠢᠷᠨ᠂ ᠪᠣᠰᠣᠳ ᠤᠨ ᠶᠣᠰᠣ ᠶᠢ ᠠᠳᠠᠯᠢ ᠬᠦᠨᠳᠦᠯᠨ᠂ ᠮᠣᠬᠤᠰᠢ ᠦᠬᠡᠢ ᠵᠣᠷᠢᠭᠳᠣ ᠮᠣᠩᠭᠤᠯ ᠤᠳ | ᠮᠢᠨᠣ ᠡᠨᠡ ᠵᠠᠰᠠᠭ ᠢ ᠵᠢᠷᠦᠮᠯᠠᠨ ᠲᠠᠭᠠᠪᠠᠰᠣ ᠪᠦᠬᠦᠢ ᠶᠢᠷᠲᠢᠨᠴᠦ ᠲᠠᠨ ᠤ ᠲᠣᠣᠷ᠎ᠠ ᠣᠨᠠᠵᠦ ᠦᠭᠬᠦᠮᠦᠢ︕︾ ᠬᠡᠮᠡᠬᠦᠢ | ᠯᠦᠭᠡ ᠲᠦᠮᠡᠨ ᠲᠦᠮᠡᠨ ᠠᠮᠨ ᠨᠢᠭᠡᠨ ᠵᠡᠷᠭᠡ ᠪᠠᠷ ᠠᠩᠭᠠᠶᠢᠵᠦ ᠲᠡᠭᠷᠢ ᠶᠢᠨ ᠲᠠᠭᠤᠨ ᠠᠳᠠᠯᠢ᠄ ︽ᠲᠡᠮᠦᠵᠢᠨ ᠤ | ᠠᠯᠳᠠᠷ᠂ ᠲᠡᠮᠦᠵᠢᠨ ᠤ ᠠᠯᠳᠠᠷ᠂ ᠮᠣᠩᠭᠤᠯ ᠣᠯᠣᠰ ᠮᠠᠨᠳᠣᠳᠣᠭᠠᠢ᠂ ᠮᠠᠨᠳᠣᠳᠣᠭᠠᠢ︕︾ ᠬᠡᠮᠡᠨ ᠪᠠᠬᠢᠷᠠᠯᠳᠣᠨ | ᠴᠡᠷᠢᠭ ᠤᠨ ᠬᠡᠩᠬᠡᠷᠭᠡ ᠲᠡᠯᠡᠳᠴᠦ᠂ ᠴᠠᠩ ᠴᠣᠬᠢᠵᠦ᠂ ᠶᠡᠭᠡ ᠪᠠᠭ᠎ᠠ ᠪᠦᠷᠢᠶ᠎ᠠ ᠪᠠᠨ ᠲᠠᠳᠠᠨ᠂ ᠵᠡᠷ ᠵᠡᠪᠰᠡᠭ ᠶᠦᠭᠡᠨ | ᠬᠠᠩᠭᠢᠨᠠᠭᠤᠯᠵᠦ᠂ ᠶᠡᠭᠡ ᠲᠠᠯᠠᠢ ᠢᠷᠦᠭᠠᠷ ᠠᠴᠠ ᠬᠦᠳᠡᠯᠦᠭᠰᠡᠨ ᠮᠡᠳᠣ᠄ ︽ᠣᠯᠠᠨ ᠴᠡᠷᠢᠭ ᠤᠳ ᠲᠤᠷ | ᠲᠣᠩᠬᠠᠭᠯᠠᠰᠣᠭᠠᠢ᠂ ᠮᠠᠨ ᠤ ᠡᠮᠦᠨ᠎ᠠ ᠠᠴᠠ ᠡᠰᠡᠷᠭᠦᠴᠡᠭᠰᠡᠨ ᠣᠯᠣᠰ ᠢ ᠬᠦᠢᠰᠦ ᠲᠡᠮᠳᠡᠷᠢᠨ ᠠᠯᠠᠭᠳᠣᠨ᠂ ᠮᠠᠨ ᠢ | ᠲᠠᠭᠠᠭᠰᠠᠨ ᠣᠯᠣᠰ ᠢ ᠦᠷᠦᠰᠢᠶᠡᠭᠳᠦᠨ︕︾ ᠬᠡᠮᠡᠨ ᠡᠵᠡᠨ ᠬᠠᠭᠠᠨ ᠶᠠᠷᠢᠯᠴᠠᠨ ᠪᠠᠶᠢᠳᠠᠯ᠎ᠠ ᠬᠡᠨᠡᠳᠳᠡ ᠲᠣᠪ | ᠲᠣᠭᠤᠢ ᠪᠣᠯᠵᠣᠬᠤᠢ᠃ ᠣᠴᠢᠷ ᠶᠠᠭᠤᠨ ᠬᠡᠮᠡᠪᠡᠰᠦ ᠲᠣᠯᠣᠭᠠᠢ ᠲᠡᠭᠡᠷ᠎ᠡ ᠲᠡᠮᠦᠵᠢᠨ ᠤ ᠬᠠᠵᠠᠭᠤ ᠳᠤᠷ ᠭᠠᠵᠠᠷ ᠲᠣᠣᠷ᠎ᠠ | ᠭᠠᠷᠣᠭᠰᠠᠨ ᠮᠡᠳᠣ ᠲᠠᠪ ᠲᠡᠭᠷᠢ ᠬᠦᠭᠴᠦ ᠪᠦᠬᠡ᠂ ᠴᠠᠭᠠᠨ ᠴᠠᠮᠴᠨ ᠡᠮᠦᠰᠴᠦ᠂ ᠬᠦᠯ ᠨᠢᠴᠦᠬᠦᠨ᠂ ᠦᠰᠦ ᠪᠠᠨ | ᠵᠠᠳᠠᠷᠠᠭᠤᠯᠣᠨ ᠣᠨᠵᠢᠭᠤᠯᠣᠭᠰᠠᠨ ᠢᠶᠠᠷ ᠭᠠᠷᠴᠦ ᠢᠷᠡᠨ ᠵᠣᠭᠰᠣᠬᠤᠢ ᠳᠤᠷ ᠪᠦᠬᠦᠳᠡ ᠬᠦᠮᠦᠨ ᠶᠡᠭᠡ ᠪᠠᠭᠰᠢ ᠶᠤᠭᠠᠨ | ᠲᠠᠨᠢᠭᠠᠳ ᠴᠦᠮ ᠬᠦᠰᠡᠷ᠎ᠡ ᠰᠦᠭᠦᠳᠴᠦ ᠲᠡᠮᠦᠵᠢᠨ ᠭᠠᠭᠴᠠᠭᠠᠷ ᠮᠣᠷᠢᠨ ᠲᠡᠭᠡᠷ᠎ᠡ ᠪᠠᠨ ᠬᠦᠳᠡᠯᠦᠯ ᠦᠬᠡᠢ ᠵᠣᠭᠰᠣᠵᠦ | ᠶᠡᠭᠡ ᠪᠦᠬᠡ ᠭᠠᠭᠴᠠᠭᠠᠷ ᠭᠠᠵᠠᠷ ᠬᠦᠩᠬᠢᠨᠡᠬᠦ ᠮᠡᠳᠣ ᠲᠠᠭᠤᠨ ᠢᠶᠠᠷ ᠦᠬᠦᠯᠡᠭᠰᠡᠨ ᠢᠨᠣ ᠢᠪ ᠢᠯᠡᠷᠬᠡᠢ ᠬᠤᠯᠨ ᠣᠶᠢᠷ᠎ᠠ | ᠪᠦᠬᠦᠳᠡ ᠳᠤᠷ ᠨᠢᠭᠡᠯᠡ ᠠᠳᠠᠯᠢ ᠰᠣᠨᠣᠰᠳᠠᠮᠣᠢ᠄ ︽ᠡᠨᠡ ᠬᠦᠮᠦᠨ ᠯᠦᠭᠡ ᠶᠠᠪᠣᠪᠠᠰᠣ᠂ ᠲᠡᠯᠡᠬᠡᠢ ᠶᠢᠷᠲᠢᠨᠴᠦ ᠲᠠᠨ ᠤ | ᠪᠣᠯᠣᠮᠣᠢ᠂ ᠬᠠᠷᠢ ᠶᠢᠨ ᠣᠯᠣᠰ ᠤᠳ ᠡᠬᠦᠨ ᠢ ᠲᠡᠭᠷᠢ ᠶᠢᠨ ᠲᠠᠰᠢᠭᠤᠷ ᠬᠡᠮᠡᠨ ᠨᠡᠷᠡᠶᠢᠳᠦᠮᠦᠢ᠃ ᠡᠬᠦᠨ ᠤ ᠮᠣᠩᠭᠤᠯ | ᠠᠶᠢᠮᠠᠭ ᠤᠳ ᠠᠨᠣ ᠣᠷᠣᠨ ᠭᠠᠵᠠᠷ ᠡᠯ᠎ᠡ ᠪᠦᠬᠦᠳᠡ ᠶᠢ ᠬᠢᠵᠠᠭᠠᠷ ᠬᠦᠷᠲᠡᠯ᠎ᠡ ᠶᠠᠪᠣᠮᠣᠢ᠃ ᠴᠢ ᠶᠡᠭᠡ ᠴᠢᠩᠭᠢᠰ | ᠬᠠᠭᠠᠨ ᠬᠡᠮᠡᠬᠦ ᠴᠣᠯᠨ ᠲᠠᠢ ᠪᠣᠯᠵᠦ ᠬᠡᠨ ᠳᠤᠷ ᠴᠣ᠋ ᠦᠯᠦ ᠢᠯᠠᠭᠤᠭᠳᠠᠬᠤ ᠪᠣᠯᠠᠢ᠂ ᠲᠡᠭᠡᠳᠣ ᠲᠡᠭᠷᠢ ᠶᠢᠨ | ᠵᠠᠷᠯᠢᠭ ᠢᠶᠠᠷ ᠴᠢᠩᠭᠢᠰ ᠬᠠᠭᠠᠨ ᠴᠣᠯᠨ ᠶᠢ ᠡᠭᠦᠷᠢᠳᠡ ᠠᠯᠳᠠᠷᠰᠢᠭᠤᠯᠬᠤ ᠶᠢᠨ ᠲᠣᠯᠨ ᠪᠢ ᠴᠢᠮᠠᠳᠠᠭᠠᠨ ᠦᠭᠰᠦᠬᠡᠢ᠂ | ᠰᠦᠯᠳᠡ ᠲᠤᠭ ᠶᠤᠭᠠᠨ ᠲᠡᠭᠡᠭᠰᠢ ᠡᠷᠭᠦᠵᠦ᠂ ᠶᠡᠭᠡ ᠴᠡᠷᠢᠭ ᠢᠶᠠᠨ ᠣᠳᠣᠷᠢᠳᠣᠨ ᠲᠠᠭᠠᠭᠤᠯᠵᠦ᠂ ᠲᠡᠯᠡᠬᠡᠢ | ᠶᠢᠷᠲᠢᠨᠴᠣ ᠶᠢ ᠪᠠᠶᠢᠯᠳᠣᠷ᠎ᠠ ᠶᠠᠪᠤ᠂ ᠡᠨᠡ ᠲᠡᠯᠡᠬᠡᠢ ᠶᠢᠷᠲᠢᠨᠴᠦ ᠪᠣᠯᠪᠠᠰᠣ ᠴᠦᠮ ᠴᠢᠨᠣ ᠪᠣᠯᠠᠢ︕︾ ᠬᠡᠮᠡᠨ | ᠦᠬᠦᠯᠡᠪᠡᠰᠦ ᠲᠡᠮᠦᠵᠢᠨ ᠬᠠᠳᠠᠭᠤ ᠲᠠᠭᠤᠨ ᠢᠶᠠᠷ ᠦᠬᠦᠯᠡᠷᠦᠨ᠄ ︽ᠲᠡᠯᠡᠬᠡᠢ ᠴᠣᠬᠤᠮ ᠬᠦ ᠮᠢᠨᠣ ᠪᠣᠯᠣᠮᠣᠢ︕︾ | ᠬᠡᠮᠡᠪᠡᠰᠦ ᠲᠡᠭᠷᠢ ᠬᠠᠭᠠᠷᠠᠭᠰᠠᠨ ᠠᠳᠠᠯᠢ᠄ ︽ᠴᠢᠩᠭᠢᠰ ᠬᠠᠭᠠᠨ ᠤ ᠠᠯᠳᠠᠷ ᠢᠯᠭᠤᠭᠳᠠᠰᠢ ᠦᠬᠡᠢ᠂ ᠲᠡᠮᠦᠵᠢᠨ ᠤ | ᠠᠯᠳᠠᠷ︕︾ ᠬᠡᠮᠡᠯᠳᠦᠬᠦ ᠶᠡᠭᠡ ᠲᠠᠭᠤᠨ ᠵᠦᠭ ᠪᠦᠷᠢ ᠠᠴᠠ ᠨᠢᠷᠬᠢᠷᠡᠨ ᠰᠣᠨᠣᠰᠳᠠᠮᠣᠢ᠂ ᠮᠦᠨ ᠲᠡᠷᠨ ᠲᠠᠷᠣᠢ ᠲᠡᠪ | ᠲᠡᠭᠷᠢ ᠬᠡᠮᠡᠬᠦ ᠬᠦᠭᠴᠦ ᠪᠦᠬᠡ ᠬᠡᠨᠡᠳᠳᠡ ᠭᠠᠷᠴᠦ ᠢᠷᠡᠭᠰᠡᠨ ᠯᠦᠭᠡ ᠠᠳᠠᠯᠢ ᠬᠡᠨᠡᠳᠳᠡ ᠦᠵᠡᠭᠳᠡᠬᠦ ᠦᠬᠡᠢ ᠪᠣᠯᠪᠠᠢ᠃ | ᠣᠳᠠᠯ ᠦᠬᠡᠢ ᠴᠠᠩ ᠬᠡᠩᠭᠡᠷᠭᠡ ᠲᠡᠯᠡᠳᠴᠦ ᠪᠦᠬᠦᠳᠡᠭᠡᠷ ᠲᠡᠷᠨ ᠭᠠᠯ ᠲᠡᠭᠡᠷ᠎ᠡ ᠪᠠᠨ ᠪᠠᠭᠤᠵᠦ᠂ ᠡᠬᠡᠨᠡᠷ ᠬᠡᠣᠬᠡᠳ | ᠨᠦᠭᠦᠳ ᠢᠨᠣ ᠪᠦᠳᠦᠬᠦᠯᠢᠭ ᠬᠤᠭᠤᠯᠨ ᠪᠠᠨ ᠬᠢᠪᠠᠢ᠃ ᠲᠡᠮᠦᠵᠢᠨ ᠡᠵᠡᠨ ᠣᠳᠴᠦ ᠬᠠᠷᠠᠭᠳᠠᠬᠤ ᠦᠬᠡᠢ ᠪᠣᠯᠪᠠᠢ᠃ | ᠡᠬᠦᠨ ᠠᠴᠠ ᠬᠤᠶᠢᠰᠢ ᠶᠠᠭᠤ ᠪᠣᠯᠬᠤ ᠶᠢ ᠬᠤᠶᠢᠳᠣ ᠪᠦᠯᠦᠭ ᠲᠤᠷ ᠦᠵᠡᠳᠦᠬᠡᠢ᠃ | |