| | ᠠᠶᠢᠷᠠᠭ ᠦᠰᠦᠨ ᠤ ᠦᠨᠦᠷ ᠠᠩᠬᠢᠯᠠᠭᠰᠠᠨ᠂ ᠤᠭᠤᠵᠤ ᠰᠠᠭᠤᠬᠤ ᠳᠤ ᠤᠷᠠᠮᠡ ᠶᠢ ᠬᠥᠭᠵᠢᠭᠡᠭᠰᠡᠨ ᠠᠮᠠᠨ ᠳᠤ | ᠵᠥᠬᠡᠯᠡᠨ᠂ ᠰᠡᠳᠬᠡᠯ ᠳᠤ ᠲᠠᠭᠠᠯᠠᠮᠵᠢᠲᠠᠢ ᠰᠠᠭᠠᠯᠢ ᠶᠢᠨ ᠠᠷᠢᠭᠢ ᠶᠢ ᠮᠠᠨ ᠤ ᠣᠶᠢᠷᠠᠳ ᠮᠣᠩᠭᠤᠯᠴᠤᠳ ᠡᠷᠲᠡ | ᠳᠡᠭᠡᠳᠦ ᠶᠢᠨ ᠦᠶ᠎ᠡ ᠠᠴᠠ ᠪᠠᠨ ᠡᠬᠢᠯᠠᠨ ᠨᠡᠷᠡᠵᠤ᠂ ᠣᠳᠣ ᠬᠦᠷᠲᠡᠯ᠎ᠡ ᠡᠳᠡᠯᠡᠭᠰᠡᠭᠡᠷ ᠢᠷᠡᠵᠠᠢ᠃ ᠠᠳᠡᠬᠢ ᠶᠢᠨ | ᠬᠦᠮᠦᠰ ᠰᠠᠭᠠᠯᠢ ᠶᠢᠨ ᠠᠷᠢᠬᠢ ᠶᠢ ᠮᠠᠯ ᠤᠨ ᠠᠷᠢᠬᠢ᠂ ᠠᠶᠢᠷᠠᠭ ᠢᠶᠠᠷ ᠨᠡᠷᠡᠭᠰᠡᠨ ᠠᠷᠢᠬᠢ᠂ ᠮᠣᠩᠭᠤᠯ ᠠᠷᠢᠬᠢ ᠭᠡᠵᠤ | ᠪᠠᠰᠨ ᠬᠡᠯᠡᠳᠡᠭ᠃ | ᠵᠢᠯ ᠪᠦᠷᠢ ᠬᠠᠪᠤᠷ ᠤᠨ ᠬᠤᠨᠢᠨ ᠤ ᠲᠥᠯ ᠲᠤᠰᠠᠯᠳᠠ ᠤᠨ ᠬᠤᠭᠤᠴᠠᠭ᠎ᠠ ᠥᠩᠭᠡᠷᠴᠤ᠂ ᠵᠤᠨ ᠤ ᠤᠯᠢᠷᠠᠯ ᠤᠨ | ᠲᠡᠷᠢᠬᠦᠨ ᠰᠠᠷ᠎ᠠ ᠪᠣᠯᠬᠤ ᠲᠠᠪᠤᠨ ᠰᠠᠷ᠎ᠠ ᠳᠤ ᠥᠬᠡᠷ ︵ᠦᠨᠢᠶ᠎ᠠ︶᠂ ᠰᠠᠷᠯᠤᠭ ᠲᠥᠷᠥᠮᠡᠭᠴᠨ ᠣᠶᠢᠷᠠᠳ | ᠮᠣᠩᠭᠤᠯᠴᠤᠳ ᠰᠠᠭᠠᠯᠢ ᠪᠠᠨ ᠡᠬᠡᠯᠡᠵᠤ ᠬᠡᠳᠡᠭ᠃ ᠡᠩ ᠤᠨ ᠪᠠᠶᠢᠳᠠᠯ ᠳᠣᠣᠷ᠎ᠡ ᠨᠢᠭᠡ ᠠᠶᠢᠯ ᠲᠠᠪᠤᠨ ᠦᠬᠦᠷ ᠶᠤᠮ | ᠤᠤ︖ ᠡᠰᠡᠬᠦᠯ᠎ᠡ ᠲᠠᠪᠤᠨ ᠰᠠᠷᠯᠤᠭ ᠢᠶᠠᠷ ᠨᠢᠭᠡ ᠵᠢᠯ ᠤᠨ ᠰᠠᠭᠠᠯᠢ ᠪᠠᠨ ᠬᠡᠳᠡᠭ᠃ ᠵᠠᠷᠢᠮ ᠨᠢᠭᠡ ᠡᠴᠢᠭᠡ ᠬᠥᠪᠡᠬᠦᠨ | ᠬᠤᠶᠠᠷ ᠬᠠᠮᠲᠤ ᠪᠠᠨ ᠪᠠᠶᠢᠭᠰᠠᠨ ᠠᠶᠢᠯ ᠤᠨ ᠡᠬᠡ ᠪᠡᠷᠢ ᠬᠤᠶᠠᠷ ᠬᠠᠮᠲᠤᠷᠠᠨ ᠠᠷᠪᠠᠨ ᠦᠬᠡᠷ ᠰᠠᠭᠠᠵᠤ ᠰᠠᠭᠠᠯᠢ ᠬᠡᠬᠦ | ᠪᠥᠭᠡᠳ ᠥᠳᠥᠷ ᠥᠨᠵᠢᠭᠡᠳ ᠠᠷᠢᠬᠢ ᠨᠡᠷᠡᠳᠡᠭ᠃ ᠰᠠᠭᠠᠯᠢ ᠶᠢᠨ ᠠᠷᠢᠬᠢ ᠶᠢ ᠭᠤᠣᠯᠳᠠᠵᠤ ᠦᠬᠡᠷ᠂ ᠰᠠᠷᠯᠤᠭ ᠤᠨ | ᠦᠰᠦ ᠪᠠᠷ ᠢᠰᠬᠡᠭᠰᠡᠨ ᠠᠶᠢᠷᠠᠭ ᠢᠶᠠᠷ ᠨᠡᠷᠡᠵᠤ ᠭᠠᠷᠭᠠᠳᠠᠭ᠃ ᠬᠤᠨᠢᠨ᠂ ᠢᠮᠠᠭ᠎ᠠ᠂ ᠲᠡᠮᠡᠭᠡᠨ ᠤ ᠦᠰᠦ ᠪᠠᠷ ᠠᠶᠢᠷᠠᠭ | ᠢᠰᠬᠡᠳᠡᠭ ᠪᠣᠯᠪᠠᠴᠤ ᠠᠷᠢᠬᠢ ᠨᠡᠷᠡᠬᠦ ᠦᠭᠡᠢ᠃ ᠤᠴᠢᠷ ᠨᠢ ᠬᠤᠨᠢᠨ ᠢᠮᠠᠭ᠎ᠠ ᠶᠢ ᠰᠠᠭᠠᠬᠤ ᠳᠤ ᠭᠠᠷᠬᠤ ᠦᠰᠦ ᠨᠢ | ᠪᠠᠭ᠎ᠠ ᠪᠣᠯᠬᠤᠷ ᠲᠡᠬᠦᠨ ᠢ ᠴᠤᠭᠯᠠᠭᠤᠯᠠᠭᠠᠳ ᠠᠷᠢᠬᠢ ᠨᠡᠷᠡᠲᠡᠯᠡ ᠠᠶᠢᠷᠠᠭ ᠨᠢ ᠭᠠᠰᠢᠭᠤᠷᠴᠤ ᠦᠭᠰᠢᠷᠡᠭᠡᠳ᠂ | ᠴᠠᠭᠠᠰᠢᠳᠠ ᠡᠪᠳᠡᠷᠡᠳᠡᠭ ᠲᠤᠯᠨ ᠠᠷᠢᠬᠢ ᠨᠡᠷᠡᠬᠦ ᠦᠭᠡᠢ ᠶᠤᠮ᠃ ᠵᠥᠪᠬᠡᠨ ᠠᠮᠠᠨ ᠤ ᠠᠶᠢᠷᠠᠭ ᠬᠡᠵᠤ ᠬᠦᠮᠦᠰ ᠤᠨ | ᠰᠣᠨᠢᠮᠰᠤᠨ ᠤᠤᠭᠤᠬᠤ ᠳᠤ ᠬᠡᠷᠡᠭᠯᠡᠳᠡᠭ᠃ | ᠣᠶᠢᠷᠠᠳ ᠮᠣᠩᠭᠤᠯᠴᠤᠳ ᠤᠨ ᠰᠠᠭᠠᠯᠢ ᠶᠢᠨ ᠠᠷᠢᠬᠢ ᠨᠡᠷᠡᠬᠦ ᠠᠷᠭ᠎ᠠ ᠨᠢ ᠭᠡᠪᠡᠯ᠄ | ᠣᠶᠢᠷᠠᠳᠴᠤᠳ ᠰᠠᠭᠠᠯᠢ ᠶᠢᠨ ᠠᠷᠢᠬᠢ ᠨᠡᠷᠡᠬᠦ ᠳᠡᠭᠡᠨ ᠶᠠᠷᠬᠤ ᠴᠣᠷᠭᠤ ᠪᠠᠷ ᠨᠡᠷᠡᠬᠦ ᠪᠠ ᠪᠦᠷᠭᠡᠭᠡᠯᠢ ︵ᠵᠠᠷᠢᠮ | ᠭᠠᠵᠠᠷ ᠳᠤ ᠪᠠᠰᠨ ᠬᠥᠪᠭᠡᠭᠡᠷᠢ ᠭᠡᠳᠡᠭ︶ ᠪᠠᠷ ᠨᠡᠷᠡᠬᠦ ᠬᠤᠶᠠᠷ ᠵᠦᠢᠯ ᠤᠨ ᠠᠷᠭ᠎ᠠ ᠶᠢ ᠬᠡᠷᠡᠭᠯᠡᠵᠤ ᠢᠷᠡᠵᠠᠢ᠃ | ᠴᠢᠯᠥᠭᠡᠯᠡᠭᠳᠡᠬᠦ ᠶᠢᠨ ᠡᠮᠥᠨ᠎ᠡ ᠠᠴᠠ ᠠᠪᠤᠭᠠᠳ ᠵᠢᠷᠠᠭᠡᠳ ᠣᠨ ᠤ ᠡᠬᠡᠨ ᠬᠦᠷᠲᠡᠯ᠎ᠡ ᠰᠠᠭᠠᠯᠢ ᠶᠢᠨ ᠠᠷᠢᠬᠢ ᠶᠢ ᠶᠠᠷᠬᠤ | ᠴᠣᠷᠭᠤ ᠪᠠᠷ ᠨᠡᠷᠡᠬᠦ ᠬᠦᠮᠦᠨ ᠣᠯᠠᠨ ᠪᠠᠶᠢᠵᠤ᠂ ᠬᠤᠶᠢᠨ᠎ᠠ ᠨᠢ ᠳᠠᠯᠠᠭᠠᠳ ᠣᠨ ᠳᠤ ᠬᠦᠷᠴᠤ ᠢᠷᠡᠬᠦ ᠳᠤ ᠶᠠᠷᠬᠤ | ᠴᠣᠷᠭᠤ ᠪᠠᠷ ᠠᠷᠢᠬᠢ ᠨᠡᠷᠡᠬᠦ ᠳᠤ ᠯᠨ᠂ ᠪᠠᠯᠴᠢᠭ ᠵᠢᠭᠤᠷᠠᠬᠤ ᠨᠢ ᠶᠠᠷᠰᠢᠭ ᠲᠠᠢ ᠭᠡᠵᠤ ᠴᠥᠮᠳᠡᠭᠡᠨ ᠪᠦᠷᠭᠡᠭᠡᠯᠢ ᠪᠠᠷ | ᠰᠠᠭᠠᠯᠢ ᠶᠢᠨ ᠠᠷᠢᠬᠢ ᠨᠡᠷᠡᠬᠦ ᠪᠣᠯᠵᠠᠢ᠃ ᠣᠳᠣ ᠶᠠᠷᠬᠤ ᠴᠣᠷᠭᠤ ᠪᠠᠷ ᠠᠷᠢᠬᠢ ᠨᠡᠷᠡᠬᠦ ᠬᠦᠮᠦᠨ ᠲᠤᠩ ᠴᠥᠬᠡᠨ ᠶᠤᠮ᠃ | | ᠰᠠᠭᠠᠯᠢ ᠶᠢᠨ ᠠᠷᠢᠬᠢ ᠶᠢ ᠨᠡᠷᠡᠬᠦ ᠳᠤ ᠠᠶᠢᠷᠠᠭ ᠢᠰᠭᠡᠬᠦ ᠠᠷᠬᠠᠲ ᠪᠠ ᠪᠥᠳᠥᠬᠦᠨ ᠮᠣᠳᠣᠨ ᠰᠠᠭᠤᠯᠭ᠎ᠠ᠂ ᠪᠦᠷᠭᠡᠭᠡᠯᠢ | ᠂ ᠠᠶᠢᠷᠠᠭ ᠢ ᠪᠤᠴᠠᠯᠭᠠᠬᠤ ᠪᠥᠳᠥᠬᠦᠨ ᠴᠥᠭᠡ ᠬᠠᠶᠢᠰᠤᠨ ︵ᠲᠤᠭᠤᠭ᠎ᠠ )᠂ ᠠᠷᠢᠬᠢ ᠲᠣᠰᠣᠬᠤ ᠬᠤᠶᠠᠷ ᠴᠢᠬᠢᠲᠠᠢ | ᠪᠢᠴᠢᠭᠡᠨ ᠫᠠᠯᠢᠩᠲᠠᠢ ︵ᠰᠢᠷ ᠲᠠᠢ︶ ᠬᠠᠶᠢᠰᠤᠨ ᠪᠠ ᠭᠦᠢᠲᠡᠨ ᠤᠰᠤ ᠰᠡᠯᠪᠡᠬᠦ ᠲᠥᠷᠪᠡᠨ ᠴᠢᠬᠢᠲᠠᠢ ᠵᠢᠯᠢᠪᠴᠢ | ᠬᠠᠶᠢᠰᠤᠨ᠂ ᠵᠢᠯᠢᠪᠴᠢ ᠬᠠᠶᠢᠰᠤ ᠶᠢ ᠣᠷᠢᠶᠠᠬᠤ ᠢᠰᠡᠬᠡᠢ ᠣᠷᠢᠶᠠᠯᠳᠠ ᠵᠡᠷᠭᠡ ᠵᠦᠢᠯ ᠢ ᠳᠤᠲᠠᠭᠤ ᠦᠭᠡᠢ ᠪᠡᠯᠡᠳᠬᠡᠬᠦ | ᠬᠡᠷᠡᠭᠲᠡᠢ᠃ | ᠠᠷᠬᠠᠲ ᠭᠡᠳᠡᠭ ᠨᠢ ᠪᠣᠯᠪᠠᠯᠨ ᠦᠬᠡᠷ ᠤᠨ ᠠᠷᠠᠰᠤᠨ ᠤ ᠨᠣᠭᠤᠰᠤ ᠶᠢ ᠨᠢ ᠬᠤᠰᠤᠵᠤ ᠬᠠᠶᠠᠭᠠᠳ ᠬᠠᠷᠭᠠᠢ ᠶᠢᠨ | ᠰᠠᠨᠴᠢᠭ ᠢᠶᠠᠷ ᠤᠳᠠᠵᠤ ᠬᠡᠭᠰᠡᠨ ᠠᠷᠠᠰᠤᠨ ᠰᠠᠪᠠ ᠪᠣᠯᠤᠨ᠎ᠠ᠃ ᠪᠥᠳᠥᠬᠦᠨ ᠠᠷᠬᠠᠲ ᠪᠠᠭ᠎ᠠ ᠳᠠᠭᠠᠨ ᠵᠢᠷᠭᠤᠭᠠᠨ | ᠰᠠᠭᠤᠯᠭ᠎ᠠ ᠠᠶᠢᠷᠠᠭ ᠢᠰᠡᠬᠡᠵᠤ ᠪᠣᠯᠳᠠᠭ᠃ ᠪᠦᠷᠭᠡᠭᠡᠯᠢ ᠭᠡᠳᠡᠭ ᠨᠢ ᠮᠣᠳᠣ ᠪᠠᠷ ᠬᠡᠭᠰᠡᠨ ᠳᠡᠭᠡᠬᠦᠷ ᠢᠶᠠᠨ ᠰᠣᠪᠭᠤᠷ᠂ | ᠳᠣᠷᠣᠣᠭᠤᠷ ᠢᠶᠠᠨ ᠰᠠᠷᠪᠠᠭᠠᠷ᠂ ᠳᠡᠭᠡᠷ᠎ᠡ᠂ ᠳᠤᠮᠳᠠ᠂ ᠳᠣᠣᠷ᠎ᠡ ᠭᠤᠷᠪᠠᠨ ᠪᠡᠶ᠎ᠡ ᠶᠢ ᠨᠢ ᠨᠠᠷᠢᠨ ᠲᠡᠮᠥᠷ ᠤᠲᠠᠰᠤ ᠪᠠᠷ | ᠪᠦᠰᠡᠯᠡᠭᠰᠡᠨ ᠲᠥᠬᠦᠷᠢᠭ ᠬᠡᠯᠪᠡᠷᠢᠲᠡᠢ ᠬᠥᠨᠳᠡᠢ ᠮᠣᠳᠣᠨ ᠬᠡᠷᠡᠭᠰᠡᠯ ᠪᠣᠯᠤᠨ᠎ᠠ᠃ ᠬᠤᠶᠠᠷ ᠴᠢᠬᠢᠲᠡᠢ ᠫᠠᠯᠠᠩᠲᠠᠢ | ᠬᠠᠶᠢᠰᠤᠨ ᠭᠡᠳᠡᠭ ᠨᠢ ᠪᠦᠷᠭᠡᠭᠡᠯᠢ ᠶᠢᠨ ᠳᠣᠲᠣᠷ᠎ᠡ ᠥᠯᠬᠦᠵᠤ ᠠᠷᠢᠬᠢ ᠲᠣᠰᠣᠬᠤ ᠪᠠᠭᠠᠴᠠᠷ ᠰᠢᠷ ᠲᠠᠢ ᠬᠠᠶᠢᠰᠤᠨ | ᠰᠠᠪᠠ ᠪᠣᠯᠤᠨ᠎ᠠ᠃ ᠵᠢᠯᠢᠪᠴᠢ ᠬᠠᠶᠢᠰᠤᠨ ᠭᠡᠳᠡᠭ ᠨᠢ ᠪᠦᠷᠭᠡᠭᠡᠯᠢ ᠳᠡᠭᠡᠷ᠎ᠡ ᠲᠠᠪᠢᠵᠤ ᠭᠦᠢᠲᠡᠨ ᠤᠰᠤ ᠬᠡᠬᠦ ᠳᠥᠷᠪᠠᠨ | ᠴᠢᠬᠢᠲᠡᠢ ᠪᠢᠴᠢᠬᠡᠨ ᠴᠥᠭᠡ ᠬᠠᠶᠢᠰᠤᠨ ᠪᠣᠯᠤᠨ᠎ᠠ᠃ | ᠪᠦᠷᠭᠡᠭᠡᠯᠢ ᠪᠠᠷ ᠠᠷᠢᠬᠢ ᠨᠡᠷᠡᠬᠦ ᠳᠤ ᠪᠦᠲᠡᠬᠦᠦ ᠨᠡᠷᠡᠬᠦ ᠪᠠ ᠵᠠᠳᠠᠭᠠᠢ ᠨᠡᠷᠡᠬᠦ ᠬᠤᠶᠠᠷ ᠵᠦᠢᠯ ᠪᠠᠶᠢᠳᠠᠭ᠃ ᠪᠦᠲᠡᠬᠦᠦ | ᠨᠡᠷᠡᠬᠦ ᠳᠤ ᠠᠷᠬᠠᠲ ᠲᠠᠢ ᠠᠶᠢᠷᠠᠭ ᠪᠠᠨ ᠪᠦᠯᠡᠬᠦᠦᠷ ᠢᠶᠠᠷ ᠨᠢᠭᠡ ᠬᠤᠶᠠᠷ ᠴᠠᠭ ᠪᠣᠯᠢᠵᠤ᠂ ᠠᠶᠢᠷᠠᠭ ᠳᠡᠭᠡᠷ᠎ᠡ | ᠴᠤᠭᠯᠠᠷᠠᠭᠰᠠᠨ ᠰᠠᠷ᠎ᠡ ᠲᠣᠰᠤ ᠶᠢ ᠨᠢ ᠭᠠᠷᠭᠠᠵᠤ ᠠᠪᠤᠭᠰᠠᠨ ᠤ ᠳᠠᠷᠠᠭ᠎ᠠ᠂ ᠠᠶᠢᠷᠠᠭ ᠢᠶᠠᠨ ᠪᠥᠳᠥᠬᠦᠨ ᠴᠥᠭᠡ | ᠬᠠᠶᠢᠰᠤᠨ ᠳᠤ ᠪᠢᠴᠢᠬᠡᠨ ᠮᠣᠳᠣᠨ ᠰᠠᠭᠤᠯᠭ᠎ᠠ ᠪᠠᠷ ᠵᠣᠭᠡᠭᠡᠵᠤ ᠬᠡᠳᠡᠭ᠃ ᠢᠩᠭᠡᠬᠦ ᠳᠡᠭᠡᠨ ᠨᠢᠭᠡ ᠤᠳᠠᠭ᠎ᠠ ᠠᠷᠢᠬᠢ | ᠨᠡᠷᠡᠬᠦ ᠳᠤ ᠪᠢᠴᠢᠬᠡᠨ ᠮᠣᠳᠣᠨ ᠰᠠᠭᠤᠯᠭ᠎ᠠ ᠪᠠᠷ ᠲᠠᠪᠤᠨ ᠠᠴᠠ ᠵᠢᠷᠭᠤᠭᠠᠨ ᠰᠠᠭᠤᠯᠭ᠎ᠠ ᠠᠶᠢᠷᠠᠭ ᠬᠡᠷᠡᠭᠯᠡᠨ᠎ᠡ᠃ | ᠠᠶᠢᠷᠠᠭ ᠢᠶᠠᠨ ᠪᠥᠳᠥᠬᠦᠨ ᠴᠥᠭᠡ ᠬᠠᠶᠢᠰᠤᠨ ᠳᠤ ᠬᠡᠬᠦ ᠲᠡᠭᠡᠨ ᠨᠢᠭᠡ ᠰᠥᠭᠡᠮ ᠵᠠᠶᠢᠲᠠᠢ ᠪᠠᠶᠢᠯᠭᠠᠵᠤ᠂ ᠳᠡᠭᠡᠷ᠎ᠡ ᠨᠢ | ᠪᠦᠷᠭᠡᠭᠡᠯᠢ ᠪᠠᠨ ᠬᠥᠮᠦᠷᠴᠤ ᠲᠠᠪᠢᠭᠠᠳ ᠪᠦᠷᠭᠡᠭᠡᠯᠢ ᠶᠢᠨ ᠳᠣᠣᠷ᠎ᠡ ᠪᠡᠶ᠎ᠡ ᠶᠢᠨ ᠠᠮᠨ ᠶᠢ ᠬᠠᠶᠢᠰᠤᠲᠠᠢ ᠠᠶᠢᠷᠠᠭ ᠤᠨ | ᠳᠣᠲᠣᠷ᠎ᠡ ᠳᠥᠷᠪᠠᠨ ᠬᠤᠷᠭᠤᠨ ᠣᠷᠣᠭᠤᠯᠤᠨ᠎ᠠ᠃ ᠳᠠᠷᠠᠭ᠎ᠠ ᠨᠢ ᠪᠦᠷᠭᠡᠭᠡᠯᠢ ᠶᠢᠨ ᠳᠣᠲᠣᠷ᠎ᠡ ᠠᠷᠢᠬᠢ ᠲᠣᠰᠣᠬᠤ | ᠬᠤᠶᠠᠷ ᠴᠢᠬᠢᠲᠠᠢ ᠫᠠᠯᠢᠩᠲᠠᠢ ᠬᠠᠶᠢᠰᠤ ᠪᠠᠨ ᠲᠡᠬᠦᠵᠢᠯᠡᠵᠤ᠂ ᠡᠨ᠋ᠨ ᠬᠠᠶᠢᠰᠤᠨ ᠤ ᠬᠤᠶᠠᠷ ᠴᠢᠬᠢᠨ ᠠᠴᠠ ᠬᠤᠶᠠᠷ | ᠨᠠᠷᠢᠨ ᠤᠲᠠᠰᠤ ᠤᠶᠠᠵᠤ᠂ ᠲᠡᠷᠨ ᠨᠠᠷᠢᠨ ᠤᠲᠠᠰᠤ ᠶᠢ ᠪᠦᠷᠭᠡᠭᠡᠯᠢ ᠶᠢᠨ ᠠᠮᠨ ᠪᠠᠷ ᠭᠠᠷᠭᠠᠵᠤ᠂ ᠪᠦᠷᠭᠡᠭᠡᠯᠢ ᠶᠢᠨ | ᠬᠤᠶᠠᠷ ᠲᠠᠯᠨ ᠳᠤ ᠬᠠᠳᠠᠭᠰᠠᠨ ᠬᠤᠶᠠᠷ ᠨᠠᠷᠢᠨ ᠬᠠᠳᠠᠭᠠᠰᠤᠨ ᠳᠤ ᠥᠯᠬᠦᠨᠡ᠃ ᠲᠡᠬᠦᠨ ᠤ ᠳᠡᠭᠡᠷ᠎ᠡ ᠨᠢ ᠵᠢᠯᠢᠪᠴᠢ | ᠬᠠᠶᠢᠰᠤ ᠪᠠᠨ ᠨᠡᠷᠡᠵᠤ᠂ ᠵᠢᠯᠢᠪᠴᠢ ᠬᠠᠶᠢᠰᠤᠨ ᠪᠠ ᠪᠦᠷᠭᠡᠭᠡᠯᠢ ᠶᠢᠨ ᠵᠠᠭᠠᠭ ᠢᠶᠠᠷ ᠠᠭᠤᠷ ᠭᠠᠷᠬᠤ ᠵᠠᠢ ᠵᠠᠪᠰᠠᠷ ᠢ | ᠪᠥᠭᠯᠡᠭᠡᠳ᠂ ᠬᠤᠶᠠᠷ ᠠᠯᠳᠠ ᠤᠷᠲᠤ ᠰᠢᠨ᠎ᠡ ᠢᠰᠡᠬᠡᠢ ᠪᠤᠶᠤ ᠰᠢᠨ᠎ᠡ ᠪᠥᠰ ᠢᠶᠠᠷ ᠬᠡᠭᠰᠡᠨ ᠨᠠᠷᠢᠨ ᠣᠷᠢᠶᠠᠯᠳᠠ ᠪᠠᠷ | ᠵᠢᠯᠢᠪᠴᠢ ᠬᠠᠶᠢᠰᠤ ᠶᠢ ᠭᠤᠷᠪᠠ ᠳᠠᠪᠬᠤᠷᠯᠠᠨ ᠣᠷᠢᠶᠠᠵᠤ᠂ ᠢᠰᠡᠬᠡᠢ ᠣᠷᠢᠶᠠᠯᠳᠠ ᠶᠢᠨ ᠪᠦᠴᠢ ᠪᠠᠷ ᠳᠠᠬᠢᠨ | ᠳᠡᠭᠡᠷ᠎ᠡ ᠠᠴᠠ ᠨᠢ ᠴᠢᠩᠭ᠎ᠠ ᠪᠠᠭᠯᠠᠨ᠎ᠠ᠃ ᠢᠩᠭᠡᠭᠡᠳ ᠬᠠᠮᠤᠭ ᠤᠨ ᠠᠳᠠᠭ ᠲᠤ ᠵᠢᠯᠢᠪᠴᠢ ᠬᠠᠶᠢᠰᠤᠨ ᠳᠤ ᠪᠠᠨ | ᠭᠦᠢᠲᠡᠨ ᠪᠤᠯᠠᠭ ᠤᠨ ᠤᠰᠤ ᠶᠢ ᠲᠡᠬᠦᠷᠭᠡᠵᠤ ᠬᠢᠭᠡᠳ ᠠᠶᠢᠷᠠᠭ ᠢᠶᠠᠨ ᠪᠤᠴᠠᠯᠭᠠᠨ᠎ᠠ᠃ ᠪᠥᠳᠥᠬᠦᠨ ᠴᠥᠭᠡ ᠬᠠᠶᠢᠰᠤᠲᠠᠢ | ᠠᠶᠢᠷᠠᠭ ᠪᠤᠴᠠᠯᠠᠬᠤ ᠳᠤ ᠠᠶᠢᠷᠠᠭ ᠤᠨ ᠠᠭᠤᠷ ᠥᠭᠡᠳᠡ ᠪᠠᠨ ᠳᠡᠭᠳᠡᠵᠤ ᠭᠠᠷᠤᠭᠠᠳ᠂ ᠵᠢᠯᠢᠪᠴᠢ ᠬᠠᠶᠢᠰᠤᠨ ᠤ | ᠢᠷᠤᠭᠠᠯ ᠳᠤ ᠬᠦᠷᠴᠤ᠂ ᠳᠠᠬᠢᠨ ᠲᠡᠷᠨ ᠨᠢ ᠤᠰᠤᠨ ᠮᠥᠬᠦᠯᠢᠭ ᠪᠣᠯᠵᠤ ᠬᠤᠪᠢᠷᠠᠭᠠᠳ ᠪᠦᠷᠭᠡᠭᠡᠯᠢ ᠶᠢᠨ ᠳᠣᠲᠣᠷ᠎ᠡ | ᠥᠯᠭᠦᠭᠰᠡᠨ ᠫᠠᠯᠢᠩᠲᠠᠢ ᠬᠠᠶᠢᠰᠤᠨ ᠳᠤ ᠲᠣᠰ ᠲᠣᠰ ᠭᠡᠵᠤ ᠨᠢᠭᠡ ᠨᠢᠭᠡ ᠪᠠᠷ ᠳᠤᠰᠠᠵᠤ ᠣᠷᠣᠳᠠᠭ᠃ ᠡᠨ᠋ᠨ ᠨᠢ ᠳᠠᠷᠤᠢ | ᠰᠠᠭᠠᠯᠢ ᠶᠢᠨ ᠠᠷᠢᠬᠢ ᠪᠣᠯᠬᠤ ᠶᠤᠮ᠃ | ᠰᠠᠭᠠᠯᠢ ᠶᠢᠨ ᠠᠷᠢᠬᠢ ᠶᠢᠨ ᠠᠮᠳᠠ ᠨᠢ ᠰᠠᠶᠢᠨ ᠮᠠᠭᠤ ᠪᠣᠯᠬᠤ ᠪᠠ ᠢᠳᠡ ᠬᠦᠴᠦ ᠨᠢ ᠴᠢᠩᠭ᠎ᠠ ᠰᠤᠯᠨ ᠪᠣᠯᠬᠤ ᠨᠢ | ᠠᠶᠢᠷᠠᠭ ᠤᠨ ᠬᠥᠷᠥᠩᠬᠡ ᠲᠠᠢ ᠰᠢᠭᠤᠳ ᠬᠤᠯᠪᠤᠭᠠᠲᠠᠢ ᠪᠠᠶᠢᠬᠤ ᠶᠢᠨ ᠬᠠᠮᠲᠤ ᠵᠢᠯᠢᠪᠴᠢ ᠬᠠᠶᠢᠰᠤᠨ ᠤ ᠤᠰᠤ ᠶᠢ | ᠣᠯᠠᠨ ᠰᠣᠯᠢᠬᠤ ᠪᠠ ᠵᠢᠯᠢᠪᠴᠢ ᠬᠠᠶᠢᠰᠤᠨ ᠤ ᠣᠷᠢᠶᠠᠯᠳᠠ ᠨᠢ ᠴᠢᠩᠭ᠎ᠠ ᠣᠷᠢᠶᠠᠭᠳᠠᠭᠰᠠᠨ ᠡᠰᠡᠬᠦ ᠲᠠᠢ ᠨᠢᠭᠳᠠ | ᠬᠤᠯᠪᠤᠭᠳᠠᠯᠲᠠᠢ ᠪᠠᠶᠢᠳᠠᠭ᠃ ᠵᠢᠯᠢᠪᠴᠢ ᠬᠠᠶᠢᠰᠤᠨ ᠤ ᠤᠰᠤ ᠶᠢ ᠬᠤᠶᠠᠷ ᠠᠴᠠ ᠭᠤᠷᠪᠠᠨ ᠤᠳᠠᠭ᠎ᠠ ᠰᠣᠯᠢᠬᠤ ᠳᠤ | ᠪᠦᠷᠭᠡᠭᠡᠯᠢ ᠶᠢᠨ ᠳᠣᠲᠣᠷ᠎ᠡ ᠲᠡᠬᠦᠵᠢᠯᠡᠭᠰᠡᠨ ᠬᠠᠶᠢᠰᠤᠨ ᠳᠤ ᠭᠤᠷᠪᠠᠨ ᠯᠣᠩᠬᠤ ᠠᠷᠢᠬᠢ ᠭᠠᠷᠬᠤ ᠪᠥᠭᠡᠳ ᠡᠨ᠋ᠨ ᠠᠷᠢᠬᠢ | ᠲᠤᠩ ᠬᠦᠴᠦᠲᠡᠢ ᠪᠠᠶᠢᠳᠠᠭ᠃ ᠬᠡᠷᠪᠡ ᠵᠢᠯᠢᠪᠴᠢ ᠬᠠᠶᠢᠰᠤᠨ ᠤ ᠬᠦᠢᠲᠡᠨ ᠤᠰᠤ ᠶᠢ ᠲᠠᠪᠤᠨ ᠠᠴᠠ ᠵᠢᠷᠭᠤᠭᠠᠨ | ᠤᠳᠠᠭ᠎ᠠ ᠰᠣᠯᠢᠬᠤ ᠳᠤ ᠠᠷᠢᠬᠢ ᠨᠢ ᠰᠤᠯᠨ ᠭᠠᠷᠳᠠᠭ᠃ ᠡᠮᠡᠭᠲᠡᠶᠢᠴᠤᠳ ᠨᠡᠷᠡᠭᠰᠡᠨ ᠠᠷᠢᠬᠢ ᠶᠢᠨ ᠢᠶᠠᠨ ᠬᠦᠴᠦᠲᠡᠢ | ᠭᠠᠷᠤᠭᠰᠠᠨ ᠡᠰᠡᠬᠦ ᠶᠢ ᠰᠢᠯᠭᠠᠬᠤ ᠳᠠᠭᠠᠨ ᠰᠢᠨᠡᠬᠡᠨ ᠨᠡᠷᠡᠭᠰᠡᠨ ᠠᠷᠢᠬᠢ ᠠᠴᠠ ᠪᠠᠨ ᠰᠠᠨᠠᠭ᠎ᠠ ᠪᠠᠷ ᠪᠠᠭ᠋ᠠᠭᠠᠨ ᠶᠤᠮᠤ | ᠬᠤᠳᠬᠠᠵᠤ ᠠᠪᠤᠭᠠᠳ ᠭᠠᠯ ᠳᠠᠭᠠᠨ ᠰᠠᠴᠤᠯ ᠥᠷᠬᠦᠳᠡᠭ᠃ ᠡᠨ᠋ᠨ ᠦᠶ᠎ᠡ ᠳᠤ ᠳᠦᠷᠢᠯᠵᠡᠭᠰᠡᠨ ᠭᠠᠯ ᠤᠨ ᠵᠠᠯᠢ | ᠵᠤᠤᠬ᠎ᠠ ᠶᠢᠨ ᠠᠮᠨ ᠪᠠᠷ ᠭᠠᠳᠠᠭᠰᠢ ᠪᠠᠨ ᠴᠣᠷᠬᠢᠵᠤ ᠭᠠᠷᠤᠭᠰᠠᠨ ᠪᠠᠶᠢᠪᠠᠯᠨ ᠠᠷᠢᠬᠢ ᠰᠠᠶᠢᠨ ᠭᠠᠷᠴᠤ᠂ ᠠᠶᠢᠯ ᠡᠷᠦᠭᠡ | ᠥᠭᠡᠳᠡᠯᠡᠬᠦ ᠶᠢᠨ ᠪᠡᠯᠭᠡ ᠲᠡᠮᠳᠡᠭ ᠭᠡᠵᠤ ᠠᠷᠢᠬᠢ ᠨᠡᠷᠡᠭᠰᠡᠨ ᠠᠶᠢᠯ ᠶᠡᠭᠡ ᠪᠠᠭ᠎ᠠ ᠦᠭᠡᠢ ᠪᠦᠬᠦ ᠭᠡᠷ ᠪᠠᠷ ᠢᠶᠠᠨ | ᠴᠥᠮᠳᠡᠭᠡᠨ ᠰᠡᠳᠬᠡᠯ ᠨᠢ ᠪᠠᠶᠠᠰᠳᠠᠭ᠃ ᠬᠠᠷᠢᠨ ᠭᠠᠯ ᠤᠨ ᠵᠠᠯᠢ ᠨᠢ ᠭᠠᠳᠠᠭᠰᠢ ᠬᠦᠴᠦᠳᠡᠢ ᠭᠠᠷᠬᠤ ᠦᠭᠡᠢ ᠭᠠᠯ ᠤᠨ | ᠴᠤᠭ ᠢ ᠬᠠᠷᠯᠠᠭᠤᠯᠠᠭᠠᠳ ᠤᠨᠲᠤᠷᠠᠭᠠᠪᠠᠯ ᠠᠷᠢᠬᠢ ᠮᠠᠭᠤ ᠭᠠᠷᠴᠤ᠂ ᠠᠶᠢᠯ ᠡᠷᠦᠬᠡ ᠶᠢᠨ ᠬᠢᠰᠢᠭ ᠨᠢ ᠬᠠᠷᠢᠵᠤ ᠬᠢᠮᠦᠷᠢ | ᠨᠢ ᠬᠡᠪᠲᠡᠬᠦ ᠪᠣᠯᠤᠯ᠎ᠡ ᠬᠡᠵᠤ ᠤᠷᠠᠮᠡ ᠦᠭᠡᠢ ᠪᠣᠯᠳᠠᠭ᠃ ᠠᠷᠢᠬᠢ ᠶᠢ ᠵᠠᠳᠠᠭᠠᠢ ᠨᠡᠷᠡᠬᠦ ᠳᠤ ᠪᠦᠷᠭᠡᠭᠡᠯᠢ ᠶᠢᠨ ᠬᠠᠵᠢᠭᠤ | ᠳᠤ ᠴᠣᠷᠭᠤ ᠭᠠᠷᠭᠠᠵᠤ᠂ ᠳᠠᠬᠢᠨ ᠴᠣᠷᠭᠤ ᠶᠢᠨ ᠲᠣᠣᠷ᠎ᠡ ᠠᠷᠢᠬᠢ ᠲᠣᠰᠣᠬᠤ ᠲᠣᠰᠣᠭᠤᠷ ᠲᠠᠪᠢᠳᠠᠭ᠃ ᠲᠤᠰᠠᠭᠠᠷ | ᠲᠠᠯᠠᠷ ᠪᠦᠲᠡᠬᠦᠦ ᠨᠡᠷᠡᠬᠦ ᠲᠠᠢ ᠠᠳᠠᠯᠢ ᠶᠤᠮ᠃ ᠠᠳᠡᠬᠢ ᠶᠢᠨ ᠬᠦᠮᠦᠰ ᠰᠠᠭᠠᠯᠢ ᠶᠢᠨ ᠠᠷᠢᠬᠢ ᠨᠡᠷᠡᠬᠦ ᠳᠡᠭᠡᠨ ᠪᠦᠷᠢ | ᠪᠦᠲᠡᠬᠦᠦ ᠪᠠᠷ ᠨᠡᠷᠡᠬᠦ ᠠᠷᠭ᠎ᠠ ᠶᠢ ᠬᠡᠷᠡᠭᠯᠡᠳᠡᠭ ᠪᠣᠯᠬᠤᠷ ᠵᠠᠳᠠᠭᠠᠢ ᠠᠷᠭ᠎ᠠ ᠪᠠᠷ ᠠᠷᠢᠬᠢ ᠨᠡᠷᠡᠬᠦ ᠬᠦᠮᠦᠨ ᠣᠯᠠᠨ | ᠪᠠᠶᠢᠬᠤ ᠦᠭᠡᠢ᠃ | ᠶᠠᠷᠬᠤ ᠴᠣᠷᠭᠤ ᠪᠠᠷ ᠠᠷᠢᠬᠢ ᠨᠡᠷᠡᠬᠦ ᠳᠤ ᠪᠠᠰᠨ ᠪᠥᠳᠥᠬᠦᠨ ᠴᠥᠭᠡ ᠬᠠᠶᠢᠰᠤᠨ ᠶᠠᠷᠬᠤ᠂᠂ ᠴᠣᠷᠭᠤ᠂ ᠪᠢᠴᠢᠬᠡᠨ | ᠴᠥᠭᠡ ᠬᠠᠶᠢᠰᠤᠨ ᠵᠡᠷᠭᠡ ᠳᠥᠷᠪᠠᠨ ᠵᠦᠢᠯ ᠤᠨ ᠲᠥᠬᠦᠭᠡᠷᠦᠮᠵᠢ ᠶᠢ ᠬᠡᠷᠡᠭᠯᠡᠳᠡᠭ᠃ ᠢᠩᠭᠡᠬᠦ ᠳᠡᠭᠡᠨ ᠪᠥᠳᠥᠬᠦᠨ | ᠴᠥᠭᠡ ᠬᠠᠶᠢᠰᠤᠨ ᠤ ᠪᠦᠷᠭᠡᠭᠡᠰᠦᠨ ᠪᠠ ᠪᠢᠴᠢᠬᠡᠨ ᠪᠦᠷᠭᠡᠭᠡᠰᠦ ᠶᠢ ᠪᠦᠷ ᠵᠥᠭᠡᠯᠡᠨ ᠰᠢᠷᠤᠢ ᠪᠠᠷ ᠬᠠᠲᠠᠭᠤ ᠯᠨ | ᠪᠠᠯᠴᠢᠭ ᠵᠢᠭᠤᠷᠴᠢ ᠶᠠᠷᠬᠤ ᠴᠣᠷᠭᠤ ᠳᠠᠮᠵᠢᠭᠤᠯᠬᠤ ᠵᠠᠭᠠᠭ ᠢ ᠪᠥᠭᠯᠡᠳᠡᠭ ᠪᠣᠯᠬᠤᠷ ᠶᠠᠷᠬᠤ ᠴᠣᠷᠭᠤ ᠪᠠᠷ ᠠᠷᠢᠬᠢ | ᠨᠠᠷᠠᠬᠦ ᠳᠤ ᠯᠨ ᠪᠠᠯᠴᠢᠭ ᠵᠢᠭᠤᠷᠠᠬᠤ ᠨᠢ ᠶᠡᠭᠡ ᠶᠠᠷᠱᠢᠭᠲᠠᠢ ᠠᠵᠢᠯ ᠪᠠᠶᠢᠪᠠ᠃ ᠡᠬᠦᠨ ᠲᠠᠢ ᠬᠠᠷᠢᠴᠠᠭᠤᠯᠪᠠᠯᠨ | ᠪᠦᠷᠭᠡᠭᠡᠯᠢ ᠪᠠᠷ ᠠᠷᠢᠬᠢ ᠨᠡᠷᠡᠬᠦ ᠨᠢ ᠳᠥᠬᠦᠮ ᠳᠡᠭᠡᠷ᠎ᠡ ᠪᠠᠨ ᠴᠡᠪᠠᠷ ᠪᠣᠯᠬᠤᠷ ᠬᠦᠮᠦᠰ ᠴᠥᠮᠳᠡᠭᠡᠨ ᠪᠦᠷᠭᠡᠭᠡᠯᠢ ᠪᠠᠷ | ᠠᠷᠢᠬᠢ ᠨᠡᠷᠡᠬᠦ ᠶᠢ ᠡᠷᠬᠢᠮᠨᠡᠵᠤ ᠢᠷᠡᠵᠡᠢ᠃ | ᠣᠶᠢᠷᠠᠳ ᠮᠣᠩᠭᠤᠯᠴᠤᠳ ᠠᠶᠢᠷᠠᠭ ᠢᠶᠠᠷ ᠨᠡᠷᠡᠵᠤ ᠭᠠᠷᠭᠠᠭᠰᠠᠨ ᠰᠠᠭᠠᠯᠢ ᠶᠢᠨ ᠠᠷᠢᠬᠢ ᠪᠠᠨ ᠬᠤᠷᠢᠮ ᠨᠠᠶᠢᠷ᠂ | ᠣᠪᠣᠭ᠎ᠠ ᠲᠠᠬᠢᠬᠤ ᠪᠠᠶᠠᠷ᠂ ᠭᠡᠦᠭᠡᠳ ᠤᠨ ᠦᠰᠦ ᠤ ᠥᠷᠪᠦᠯᠢᠭ ᠬᠠᠶᠢᠴᠢᠯᠠᠬᠤ ᠨᠠᠶᠢᠷ᠂ ᠬᠥᠪᠦᠦᠨ ᠳᠡᠭᠡᠨ ᠠᠶᠢᠯ ᠤᠨ | ᠬᠡᠦᠬᠡᠨ ᠳᠤ ᠬᠤᠳᠠ ᠪᠣᠯᠵᠤ᠂ ᠵᠡᠲ ᠳᠠᠭᠠᠴᠠᠢ ᠬᠦᠷᠭᠡᠬᠦ ᠪᠤᠶᠤ ᠬᠠᠳᠠᠭ ᠵᠢᠰᠤ ᠲᠠᠪᠢᠬᠤ ᠮᠡᠲᠦ ᠶᠢᠨ ᠴᠢᠬᠤᠯᠨ | ᠴᠢᠬᠤᠯᠨ ᠨᠠᠶᠢᠷ ᠨᠠᠭᠠᠳᠤᠮ ᠴᠤᠭᠯᠠᠷᠠᠭᠠᠨ ᠳᠤ ᠬᠡᠷᠡᠭᠯᠡᠳᠡᠭ᠃ ᠣᠶᠢᠷᠠᠳ ᠮᠣᠩᠭᠤᠯᠴᠤᠳ ᠤᠨ ᠤᠯᠠᠮᠵᠢᠯᠠᠯᠳᠤ | ᠵᠠᠩᠰᠢᠯ ᠢᠶᠠᠷ ᠪᠣᠯᠪᠠᠯᠨ ᠨᠢᠭᠡᠳᠦᠭᠡᠷ ᠤᠳᠠᠭ᠎ᠠ ᠨᠡᠷᠡᠵᠤ ᠭᠠᠷᠭᠠᠭᠰᠠᠨ ᠰᠠᠭᠠᠯᠢ ᠶᠢᠨ ᠠᠷᠢᠬᠢ ᠪᠠᠨ ᠢᠳᠡᠭᠡᠨ ᠴᠢᠭᠡᠨ ᠤ | ᠳᠡᠭᠡᠵᠤ ᠬᠡᠵᠤ ᠬᠡᠯᠡᠭᠡᠳ ᠬᠥᠪᠦᠦᠨ ᠤ ᠪᠠᠨ ᠬᠤᠳᠠ ᠠᠶᠢᠯ ᠳᠤ ᠬᠦᠷᠭᠡᠳᠡᠭ᠃ | ᠰᠠᠭᠠᠯᠢ ᠶᠢᠨ ᠠᠷᠢᠬᠢ ᠶᠢ ᠣᠶᠢᠷᠠᠳᠴᠤᠳ ᠵᠤᠨ ᠤ ᠭᠤᠷᠪᠠᠨ ᠰᠠᠷ᠎ᠠ ᠳᠤ ᠰᠢᠨ᠎ᠡ ᠰᠣᠷᠭᠤᠭ ᠢᠶᠠᠷ ᠨᠢ ᠤᠤᠭᠤᠬᠤ ᠪᠠᠷ | ᠪᠠᠷᠠᠬᠤ ᠦᠭᠡᠢ᠂ ᠠᠷᠠᠰᠤᠨ ᠬᠥᠬᠦᠷ ᠲᠡᠭᠡᠨ ᠬᠡᠵᠤ ᠳᠡᠭᠡᠷ᠎ᠡ ᠠᠴᠠ ᠨᠢ ᠮᠣᠳᠣᠨ ᠪᠥᠭᠯᠡᠭᠡ ᠪᠠᠷ ᠴᠢᠩᠭ᠎ᠠ ᠪᠥᠭᠯᠡᠵᠤ | ᠬᠠᠳᠠᠭᠠᠯᠠᠭᠠᠳ ᠡᠪᠦᠯ᠂ ᠬᠠᠪᠤᠷ ᠬᠦᠷᠲᠡᠯ᠎ᠡ ᠴᠠᠭᠠᠰᠢᠳᠠ ᠰᠢᠨ᠎ᠡ ᠵᠢᠯ ᠤᠨ ᠰᠠᠭᠠᠯᠢ ᠶᠢᠨ ᠠᠷᠢᠬᠢ ᠭᠠᠷᠬᠤ ᠴᠠᠭ | ᠬᠦᠷᠲᠡᠯ᠎ᠡ ᠬᠠᠳᠠᠭᠠᠯᠠᠵᠤ ᠤᠤᠭᠤᠳᠠᠭ᠃ ᠰᠠᠭᠠᠯᠢ ᠶᠢᠨ ᠠᠷᠢᠬᠢ ᠶᠢ ᠤᠳᠠᠭᠠᠨ ᠬᠠᠳᠠᠭᠠᠯᠠᠵᠤ ᠤᠤᠭᠤᠵᠤ ᠪᠣᠯᠬᠤ ᠠᠴᠠ | ᠭᠠᠳᠠᠨ᠎ᠠ ᠪᠠᠰᠨ ᠵᠠᠷᠢᠮ ᠨᠢᠭᠡ ᠦᠶ᠎ᠡ ᠳᠤ ᠰᠢᠩᠭᠡᠭᠡᠯᠳᠠ ᠮᠠᠭᠤᠳᠠᠬᠤ ᠳᠤ ᠰᠠᠭᠠᠯᠢ ᠶᠢᠨ ᠠᠷᠢᠬᠢ ᠳᠡᠭᠡᠷ᠎ᠡ ᠪᠠᠭ᠋ᠠᠭᠠᠨ | ᠰᠠᠷ᠎ᠡ ᠲᠣᠰᠤ ᠬᠡᠵᠤ ᠭᠠᠯ ᠳᠤ ᠬᠠᠯᠠᠭᠤᠯᠠᠭᠠᠳ ᠤᠤᠭᠤᠬᠤ ᠳᠤ ᠰᠢᠩᠭᠡᠭᠡᠯᠳᠠ ᠶᠢ ᠰᠠᠶᠢᠵᠢᠷᠠᠭᠤᠯᠳᠠᠭ ᠦᠢᠯᠡᠳᠦᠯ ᠲᠠᠢ | ᠪᠠᠶᠢᠯ᠎ᠡ᠃ ᠠᠳᠡᠬᠢ ᠶᠢᠨ ᠬᠦᠮᠦᠰ ᠤᠨ ᠰᠠᠭᠠᠯᠢ ᠶᠢᠨ ᠠᠷᠢᠬᠢ ᠤᠤᠭᠤᠭᠰᠠᠨ ᠲᠤᠷᠰᠢᠯᠭ᠎ᠠ ᠠᠴᠠ ᠦᠵᠡᠪᠡᠯ᠂ | ᠰᠠᠭᠠᠯᠢ ᠶᠢᠨ ᠠᠷᠢᠬᠢ ᠢ ᠲᠠᠰᠤᠯᠠᠯ ᠦᠭᠡᠢ ᠪᠠᠭ᠎ᠠ ᠰᠠᠭ᠎ᠠ ᠤᠤᠭᠤᠪᠠᠯ ᠵᠠᠷᠢᠮ ᠨᠢᠭᠡ ᠬᠦᠮᠦᠰ ᠤᠨ ᠴᠢᠭᠢᠭ ᠠᠴᠠ | ᠪᠣᠯᠤᠭᠰᠠᠨ ᠬᠥᠯ ᠨᠢᠷᠤᠭᠠᠨ ᠡᠪᠡᠳᠬᠦ ᠭᠡᠮ ᠢ ᠡᠳᠡᠭᠡᠭᠡᠵᠤ ᠪᠣᠯᠬᠤ ᠶᠢᠨ ᠬᠠᠮᠲᠤ ᠪᠠᠰᠨ ᠬᠦᠮᠦᠨ ᠳᠤ ᠲᠠᠮᠢᠷ ᠲᠡᠩᠭᠡᠭᠡ | ᠣᠷᠣᠭᠤᠯᠵᠤ᠂ ᠬᠦᠮᠦᠰ ᠤᠨ ᠡᠪᠠᠳᠴᠢᠨ ᠡᠰᠡᠷᠭᠦᠴᠠᠬᠦ ᠴᠢᠳᠠᠪᠤᠷᠢ ᠶᠢ ᠨᠡᠮᠡᠭᠳᠡᠬᠦᠯᠬᠦ ᠠᠴᠠ ᠭᠠᠳᠠᠨ᠎ᠠ ᠪᠠᠰᠨ ᠵᠢᠰᠦ | ᠴᠢᠷᠠᠢ ᠶᠢ ᠰᠠᠶᠢᠬᠠᠷᠠᠭᠤᠯᠵᠤ᠂ ᠥᠲᠡᠯᠡᠬᠦ ᠶᠢ ᠤᠳᠠᠭᠠᠰᠢᠷᠠᠭᠤᠯᠬᠤ ᠦᠢᠯᠡᠳᠦᠯ ᠲᠠᠢ ᠪᠠᠶᠢᠯ᠎ᠡ᠃ |