| | ᠤᠶᠢᠢᠭᠤᠷᠵᠢᠨ ᠦᠰᠦᠭ — ᠮᠤᠩᠭᠤᠯᠴᠤᠳ ᠤᠨ ᠬᠠᠮᠤᠭ ᠤᠨ ᠠᠩᠬᠠᠨ ᠤ ᠦᠰᠦᠭ ᠪᠢᠴᠢᠭ ᠪᠤᠯᠬᠤ ᠪᠦᠭᠡᠳ | ᠬᠠᠮᠤᠭ ᠤᠨ ᠤᠷᠳᠤ ᠤᠳᠠᠭᠠᠨ ᠭᠡᠷᠡᠭᠯᠡᠭᠳᠡᠭᠰᠡᠨ ᠦᠰᠦᠭ ᠪᠢᠴᠢᠭ ᠪᠤᠯᠤᠨ᠎ᠠ᠃ | ᠠᠯᠢ ᠭᠠᠯᠢ — ᠰᠢᠰᠲ᠋ᠧᠮ ᠲᠠᠢ ᠡᠮᠬᠢᠳᠭᠡᠵᠤ ᠨᠠᠶᠢᠢᠷᠠᠭᠤᠯᠤᠨ ᠪᠢᠴᠢᠭᠰᠡᠨ ᠬᠦᠮᠦᠨ ᠪᠤᠯ ᠠᠶᠤᠰᠢ ᠬᠦᠤᠱᠢ | ᠪᠤᠯᠤᠨ᠎ᠠ᠃ ᠠᠯᠢ ᠭᠠᠯᠢ ᠪᠤᠯ ᠰᠠᠨ᠋ᠰᠺᠷᠢᠲ ᠲᠦᠪᠡᠳ ᠠᠪᠢᠶ᠎ᠠ ᠶᠢ ᠪᠠᠭᠤᠯᠭᠠᠨ ᠲᠡᠮᠳᠡᠭᠯᠡᠬᠦ ᠭᠠᠯᠢᠭ ᠪᠤᠯᠤᠨ᠎ᠠ᠂ | ᠠᠯᠢ ᠨᠢ ᠡᠭᠡᠰᠢᠭ᠂ ᠭᠠᠯᠢ ᠨᠢ ᠭᠡᠶᠢᠢᠬᠦᠯᠦᠭᠴᠢ ᠭᠡᠰᠡᠨ ᠤᠳᠬ᠎ᠠ ᠲᠠᠢ᠃ | ᠲᠦᠷᠪᠡᠯᠵᠢᠨ ᠦᠰᠦᠭ — ᠶᠤᠸᠠᠨ ᠤᠯᠤᠰ ᠤᠨ ᠦᠶ᠎ᠠ ᠳᠤ ︽ᠬᠠᠭᠠᠨ ᠤ ᠪᠠᠭᠰᠢ︾ ᠴᠤᠯᠠ ᠲᠠᠢ ᠲᠦᠪᠡᠳ | ᠯᠠᠮᠠ ᠫᠠᠭᠪᠠ ︵1235 — 1280︶᠂ ᠬᠤᠪᠢᠯᠠᠢ ᠬᠠᠭᠠᠨ ᠤ ᠵᠠᠷᠯᠢᠭ ᠢᠶᠠᠷ ᠵᠤᠬᠢᠶᠠᠨ ᠪᠦᠳᠤᠭᠡᠭᠰᠡᠨ ᠪᠠᠶᠢᠢᠨ᠎ᠠ | ᠃ ᠲᠦᠷᠪᠡᠯᠵᠢᠨ ᠦᠰᠦᠭ ᠭᠡᠳᠡᠭ ᠪᠤᠯ ᠡᠨᠡᠬᠦ ᠦᠰᠦᠭ ᠤᠨ ᠲᠦᠷᠰᠤ ᠶᠢ ᠨᠢ ᠦᠨᠳᠤᠰᠦᠯᠡᠭᠰᠡᠨ ᠨᠠᠷᠠᠶᠢᠢᠳᠤᠯ ᠪᠤᠯᠤᠨ᠎ᠠ | ᠂ ᠪᠠᠰᠠ ︽ᠫᠠᠭᠪᠠ ᠦᠰᠦᠭ︾ ᠭᠡᠳᠡᠭ᠃ | ᠮᠠᠨᠵᠤ ᠦᠰᠦᠭ — ᠡᠨᠡᠬᠦ ᠦᠰᠦᠭ ᠪᠢᠴᠢᠭ ᠨᠢ ᠮᠤᠩᠭᠤᠯ ᠭᠠᠷᠤᠯ ᠲᠠᠢ᠂ ᠪᠠᠰᠠ ᠲᠤᠬᠠᠢ ᠶᠢᠨ ᠦᠶ᠎ᠠ ᠶᠢᠨ | ᠮᠤᠩᠭᠤᠯ ᠪᠢᠴᠢᠭ ᠲᠤ ᠵᠤᠬᠢᠬᠤ ᠭᠡᠮᠵᠢᠶᠠᠨ ᠤ ᠨᠦᠯᠦᠭᠡ ᠦᠵᠡᠬᠦᠯᠦᠭᠰᠡᠨ ᠪᠤᠯᠬᠤᠷ ᠮᠠᠨᠵᠤ ᠦᠰᠦᠭ ᠪᠢᠴᠢᠭ ᠤᠨ | ᠦᠭᠡᠷᠡᠴᠢᠯᠠᠯᠳᠠ ᠶᠢᠨ ᠪᠠᠶᠢᠢᠳᠠᠯ ᠢ ᠮᠤᠩᠭᠤᠯ ᠦᠰᠦᠭ ᠪᠢᠴᠢᠭ ᠤᠨ ᠲᠠᠤᠭᠡᠨ ᠳᠠᠬᠢ ᠦᠰᠦᠭ ᠪᠢᠴᠢᠭ ᠤᠨ | ᠦᠭᠡᠷᠡᠴᠢᠯᠠᠯᠳᠠ ᠶᠢᠨ ᠨᠢᠭᠡᠨ ᠵᠤᠶᠢᠢᠯ ᠤᠨ ᠲᠤᠷᠰᠢᠯᠭ᠎ᠠ ᠰᠤᠷᠭᠠᠮᠵᠢ ᠪᠤᠯᠭᠠᠨ ᠴᠢᠬᠤᠯᠠᠴᠢᠯᠠᠳᠠᠭ᠃ | ᠲᠤᠳᠤ ᠦᠰᠦᠭ — ᠤᠶᠢᠢᠷᠠᠳ ᠤᠨ ᠼᠠᠶᠠ ᠪᠠᠨᠳᠢᠳᠠ ᠨᠠᠮᠬᠠᠶᠢᠢᠵᠠᠮᠰᠤ ︵1599 — 1662︶ 1648 | ᠤᠨ ᠳᠤ ᠨᠠᠶᠢᠢᠳᠠ ᠮᠤᠩᠭᠤᠯᠴᠤᠳ ᠤᠨ ᠭᠡᠷᠡᠭᠯᠡᠵᠤ ᠪᠠᠶᠢᠢᠭᠰᠠᠨ ᠮᠤᠩᠭᠤᠯ ᠦᠰᠦᠭ ᠤᠨ ᠦᠨᠳᠤᠰᠤᠨ ᠲᠠᠭᠡᠷ᠎ᠠ | ᠬᠠᠯᠠᠨ ᠰᠠᠶᠢᠢᠵᠢᠷᠠᠭᠤᠯᠵᠤ ᠵᠤᠬᠢᠶᠠᠭᠰᠠᠨ ᠪᠠᠶᠢᠢᠨ᠎ᠠ᠃ ᠤᠶᠢᠢᠷᠠᠳ ᠠᠶᠠᠯᠭᠤᠨ ᠤ ᠤᠨᠴᠠᠯᠢᠭ ᠲᠤ ᠵᠤᠬᠢᠴᠠᠭᠤᠯᠤᠨ | ᠵᠤᠬᠢᠶᠠᠵᠠᠢ᠃ | ᠸᠠᠬᠢᠨᠳᠠᠷᠠ ᠦᠰᠦᠭ — ᠡᠷᠳᠡᠮ ᠮᠠᠳᠡᠯᠭᠡ ᠲᠠᠢ ᠪᠤᠷᠢᠶᠠᠳ ᠯᠠᠮᠠ ᠠᠭᠸᠠᠩᠳᠤᠷᠵᠢ 1905 ᠤᠨ ᠳᠤ | ᠵᠤᠬᠢᠶᠠᠭᠰᠠᠨ ᠪᠠᠶᠢᠢᠨ᠎ᠠ᠃ ᠠᠭᠸᠠᠩ ᠭᠡᠭᠴᠢ ᠲᠦᠪᠡᠳ ᠨᠠᠷᠠ᠂ ᠲᠠᠬᠦᠨ ᠢ ᠰᠠᠨ᠋ᠰᠺᠷᠢᠲ ᠢᠶᠠᠷ ᠤᠷᠴᠢᠭᠤᠯᠪᠠᠯ | ᠸᠠᠬᠢᠨᠳᠠᠷᠠ ᠪᠤᠯᠬᠤ ᠲᠤᠯᠠ ︽ᠸᠠᠬᠢᠨᠳᠠᠷᠠ ᠦᠰᠦᠭ︾ ᠭᠡᠵᠤ ᠨᠠᠷᠠᠶᠢᠢᠳᠦᠭᠰᠡᠨ ᠪᠠᠶᠢᠢᠨ᠎ᠠ᠃ | ᠺᠢᠷᠢᠯ ᠮᠤᠩᠭᠤᠯ ᠦᠰᠦᠭ — ᠪᠠᠰᠠ ᠰᠢᠨ᠎ᠠ ᠮᠤᠩᠭᠤᠯ ᠦᠰᠦᠭ ᠭᠡᠳᠡᠭ᠃ ᠺᠢᠷᠢᠯ ᠦᠰᠦᠭ ᠢᠶᠠᠷ ᠦᠨᠳᠤᠰᠤ | ᠪᠤᠯᠭᠠᠭᠰᠠᠨ ᠰᠠᠯᠧ ᠴᠠᠭᠠᠨ ᠲᠤᠯᠤᠭᠠᠢ ᠶᠢ ᠰᠢᠯᠵᠢᠬᠦᠯᠦᠨ ᠭᠡᠷᠡᠭᠯᠡᠭᠰᠡᠨ ᠮᠤᠩᠭᠤᠯ ᠦᠰᠦᠭ ᠪᠢᠴᠢᠭ ᠤᠨ ᠰᠢᠰᠲ᠋ᠧᠮ ᠢ | ᠵᠢᠭᠠᠵᠤ ᠪᠠᠶᠢᠢᠨ᠎ᠠ᠃ |