ᠲᠤᠩᠭᠤᠶᠢᠳ ᠤᠪᠤᠭᠳᠡᠨ ᠬᠢᠭᠡᠳ ᠮᠦᠰᠦᠴᠢᠨ ᠤᠪᠤᠭᠲᠠᠨ
ᠨᠡᠶᠢᠲᠡᠯᠡᠭᠰᠡᠨ ᠴᠠᠭ᠄
2019/12/11
            ᠮᠤᠩᠭᠤᠯ ᠤᠪᠤᠭ ᠶᠠᠰᠤᠲᠠᠨ᠃ ᠡᠭᠦᠨ ᠳᠤ ᠲᠤᠩᠭᠠᠢ᠂ ᠲᠤᠩᠭᠠᠶᠢᠳ᠂ ᠲᠤᠩᠬᠠᠢ᠂ ᠲᠤᠩᠬᠠᠶᠢᠳ᠂ ᠲᠤᠩᠭᠤᠰ᠂ ᠲᠤᠩᠭᠤᠶᠢᠲᠠᠢ ᠭᠡᠬᠦ ᠵᠡᠷᠭᠡ ᠶᠢᠨ ᠤᠪᠤᠭᠰᠢᠯ ᠪᠢᠴᠢᠯᠭᠡ ᠲᠠᠢ᠃ ᠬᠠᠮᠢᠶ᠎ᠠ ᠪᠦᠬᠦᠢ ᠲᠡᠦᠬᠡᠨ ᠨᠤᠮ ᠰᠤᠲᠤᠷ ᠢ ᠦᠨᠳᠦᠰᠦᠯᠡᠪᠡᠯ᠂ ᠡᠨᠡ ᠨᠢ ᠬᠡᠷᠡᠶᠢᠳ ᠠᠶᠢᠮᠠᠭ ᠤᠨ ᠰᠠᠯᠪᠤᠷᠢ ᠤᠪᠤᠭ᠃ ᠲᠤᠩᠭᠤᠶᠢᠳ ᠨᠢ ︽ᠲᠤᠩᠭᠤᠢ︾ ᠬᠡᠮᠡᠬᠦ ᠦᠭᠡ ᠠᠴᠠ ᠡᠭᠦᠰᠦᠯ ᠲᠠᠢ᠂ ︽ ᠤᠨ︾ ᠭᠡᠲᠡᠭ ᠨᠢ ᠤᠯᠠᠨ ᠲᠤᠭ᠎ᠠ ᠶᠢ ᠵᠢᠭᠠᠭᠰᠠᠨ ᠲᠠᠭᠠᠪᠤᠷᠢ ᠶᠤᠮ᠃ ᠲᠤᠰ ᠤᠪᠤᠭ ᠤᠨ ᠵᠠᠷᠢᠮ ᠬᠦᠮᠦᠰ ᠤᠲᠤ ᠮᠤᠩᠭᠤᠯ ᠤᠪᠤᠭ ᠤᠨ ᠢᠶᠠᠨ ᠲᠡᠷᠢᠭᠦᠨ ᠦᠶ᠎ᠠ ᠶᠢᠨ ᠠᠪᠢᠶ᠎ᠠ ᠦᠶ᠎ᠠ ᠶᠢᠨ ᠠᠪᠢᠶ᠎ᠠ ᠪᠠᠷ ︽ᠲᠦᠩ ︵佟︶︾ ᠬᠡᠮᠡᠬᠦ ᠬᠢᠲᠠᠳᠴᠢᠯᠠᠭᠰᠠᠨ ᠤᠪᠤᠭ ᠢᠶᠠᠨ ᠶᠠᠪᠤᠵᠤ ᠪᠤᠢ᠃ ᠡᠨᠡ ᠤᠪᠤᠭᠲᠠᠨ ᠤᠲᠤ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠠᠷᠤ ᠬᠤᠷᠴᠢᠨ ᠬᠤᠰᠢᠭᠤ᠂ ᠰᠢᠨ᠎ᠡ ᠪᠠᠷᠭᠤ ᠪᠠᠷᠠᠭᠤᠨ ᠬᠤᠰᠢᠭᠤ ᠵᠡᠷᠭᠡ ᠭᠠᠵᠠᠷ ᠤᠷᠤᠨ ᠢᠶᠠᠷ ᠲᠦᠪᠯᠡᠷᠡᠵᠦ ᠪᠠᠶᠢᠨ᠎ᠠ᠃          ᠮᠤᠩᠭᠤᠯ ᠤᠪᠤᠭ ᠶᠠᠰᠤᠲᠠᠨ᠃ ᠦᠭᠡ ᠶᠢᠨ ᠢᠵᠠᠭᠤᠷ ᠨᠢ ︽ᠮᠦᠰᠦ︾᠃ ︽ᠰᠤᠮᠤᠨ ᠡᠰᠢ︾ ᠭᠡᠰᠡᠨ ᠤᠳᠬ᠎ᠠ ᠲᠠᠢ᠂ ︽ᠴᠢᠨ︾ ᠭᠡᠲᠡᠭ ᠨᠢ ᠨᠡᠷ᠎ᠡ ᠦᠭᠡ ᠡᠭᠦᠰᠭᠡᠬᠦ ᠲᠠᠭᠠᠪᠤᠷᠢ ᠪᠤᠯᠤᠨ᠎ᠠ᠃ ᠲᠠᠷᠤᠢ ᠲᠡᠭᠡᠳᠦᠰ ᠤᠨ ᠢᠶᠠᠨ ᠡᠷᠬᠢᠯᠡᠵᠦ ᠪᠠᠶᠢᠭᠰᠠᠨ ᠠᠵᠢᠯ ᠦᠢᠯᠡᠰ ᠤᠨ ᠤᠨᠴᠠᠯᠢᠭ ᠢᠶᠠᠷ ᠨᠢ ᠤᠪᠤᠭᠰᠢᠭᠰᠠᠨ ᠪᠠᠶᠢᠵᠠᠢ᠃ ᠲᠤᠰ ᠤᠪᠤᠭ ᠤᠨ ᠵᠠᠷᠢᠮ ᠬᠦᠮᠦᠰ ᠤᠲᠤ ᠮᠤᠩᠭᠤᠯ ᠤᠪᠤᠭ ᠤᠨ ᠢᠶᠠᠨ ᠲᠡᠷᠢᠭᠦᠨ ᠦᠶ᠎ᠠ ᠶᠢᠨ ᠠᠪᠢᠶ᠎ᠠ ᠪᠠᠷ ᠨᠢ ᠠᠪᠢᠶᠠᠴᠢᠯᠠᠵᠤ᠂ ︽ᠮᠣ ︵慕︶︾᠂ ︽ᠮᠦ ︵穆︶︾ ᠬᠡᠮᠡᠬᠦ ᠬᠢᠲᠠᠳᠴᠢᠯᠠᠭᠰᠠᠨ ᠤᠪᠤᠭ ᠢᠶᠠᠷ ᠶᠠᠪᠤᠵᠤ ᠪᠤᠢ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号