ᠠᠯᠠᠱᠠ ᠮᠤᠩᠭᠤᠯᠴᠤᠳ ᠤᠨ ᠠᠮᠠᠨ ᠢᠷᠦᠭᠡᠯ ᠢᠶᠠᠷ ᠪᠡᠯᠭᠡᠰᠢᠶᠡᠬᠦ ᠵᠠᠩᠰᠢᠯ
ᠨᠡᠶᠢᠲᠡᠯᠡᠭᠰᠡᠨ ᠴᠠᠭ᠄
2019/12/11
ᠲᠠᠷᠠᠬᠠᠢ ᠪᠤᠳᠠᠷᠬᠠᠢ ᠰᠠᠭᠤᠷᠢᠰᠢᠠᠠᠰᠡᠨ ᠮᠠᠯᠵᠢᠬᠤ ᠤᠷᠤᠨ᠂ ᠬᠦᠳᠡᠭᠡ ᠨᠤᠳᠤᠭ ᠤᠨ ᠮᠠᠯᠴᠢᠨ ᠮᠤᠩᠭᠤᠯᠴᠤᠳ ᠨᠢᠭᠡ ᠨᠢᠭᠡᠨ ᠤ ᠳᠡᠭᠡᠨ ᠵᠠᠮ ᠲᠠᠭᠠᠷᠠᠵᠤ ᠤᠴᠢᠬᠤ ᠪᠤᠶᠤ ᠠᠶᠢᠯᠴᠢᠯᠠᠵᠤ ᠲᠤᠭᠤᠷᠢᠵᠤ ᠬᠦᠷᠬᠦ ᠳᠤ ᠠᠶᠢᠯ ᠤᠨ ᠡᠵᠡᠨ ᠤ ᠶᠠᠮᠠᠷᠪᠠ ᠨᠢᠭᠡᠨ ᠠᠵᠢᠯ ᠦᠢᠯᠨ ᠶᠢ ᠭᠠᠷᠳᠠᠵᠤ ᠬᠢᠵᠤ ᠪᠠᠶᠢᠬᠤ ᠲᠠᠢ ᠲᠠᠭᠠᠷᠠᠯᠳᠤᠭᠰᠡᠨ ᠪᠤᠯ ᠶᠠᠮᠠᠷ ᠨᠢᠭᠡᠨ ᠪᠡᠯᠭᠡ ᠲᠡᠮᠪᠡᠷᠢᠯ ᠲᠠᠢ ᠠᠮᠠᠨ ᠢᠷᠦᠭᠡᠯ ᠬᠡᠯᠡᠵᠤ ᠠᠵᠢᠯ ᠢ ᠨᠢ ᠢᠷᠦᠭᠡᠵᠤ ᠡᠵᠡᠨ ᠢ ᠨᠢ ᠪᠠᠶᠠᠰᠬᠠᠳᠠᠭ ᠵᠠᠩᠰᠢᠯ ᠲᠠᠢ ᠪᠠᠶᠢᠳᠠᠭ᠃ ᠠᠶᠢᠷᠠᠭ ᠪᠦᠯᠢᠵᠤ ᠴᠠᠭᠠᠨ ᠲᠤᠰᠤᠨ ᠬᠠᠮᠤᠵᠤ ᠪᠠᠶᠢᠬᠤ ᠲᠠᠢ ᠲᠠᠭᠠᠷᠠᠯᠳᠤᠭᠰᠡᠨ ᠪᠤᠯ ︽ᠲᠤᠰᠤ ᠶᠡᠭᠡ︕︾᠂ ︽ᠲᠤᠰᠤ ᠶᠡᠭᠡ ᠤᠨᠠᠵᠤ ᠪᠠᠶᠢᠨ᠎ᠠ ᠤᠤ︖︾ ᠭᠡᠬᠦ ᠮᠡᠳᠤ ᠶᠢᠨ ᠢᠷᠦᠭᠡᠯ ᠲᠠᠢ ᠦᠭᠡ ᠪᠠᠷ ᠠᠰᠠᠭᠤᠳᠠᠭ᠃ ᠠᠵᠢᠯ ᠦᠢᠯᠨ ᠶᠢᠨ ᠡᠵᠡᠨ ᠨᠢ ︽ᠪᠡᠯᠭᠡ ᠪᠠᠷ ᠪᠤᠯᠳᠤᠭᠠᠢ︕︾᠂ ︽ᠢᠷᠦᠭᠡᠯ ᠲᠤᠭᠳᠠᠳᠤᠭᠠᠢ︕︾ ᠭᠡᠬᠦ ᠮᠡᠳᠤ ᠶᠢᠨ ᠬᠠᠷᠢᠭᠤ ᠲᠠᠯᠠᠷᠬᠠᠯ ᠤᠨ ᠦᠭᠡ ᠬᠡᠯᠡᠵᠤ ᠪᠡᠯᠭᠡᠰᠢᠶᠡᠳᠡᠭ᠃ ᠲᠡᠭᠡᠭᠡᠳ ᠪᠠᠰᠠ ᠰᠢᠨ᠎ᠡ ᠪᠦᠯᠢᠭᠰᠡᠨ ᠠᠶᠢᠷᠠᠭ ᠠᠴᠠ ᠪᠠᠨ ᠠᠶᠠᠭᠠᠯᠠᠵᠤ ᠢᠷᠡᠭᠰᠡᠨ ᠬᠦᠮᠤᠨ ᠳᠡᠭᠡᠨ ᠵᠠᠰᠠᠵᠤ ᠤᠤᠭᠤᠯᠭᠠᠬᠤ ᠪᠤᠶᠤ ᠠᠮᠰᠠᠭᠤᠯᠳᠠᠭ᠃ ᠲᠡᠪᠡᠯ ᠬᠤᠪᠴᠠᠰᠤ ᠡᠰᠭᠡᠵᠤ ᠦᠢᠯᠨ ᠤᠶᠤᠳᠠᠯ ᠤᠶᠤᠵᠤ ᠪᠠᠶᠢᠬᠰᠡᠨ ᠪᠤᠯ ︽ᠦᠢᠯᠨ ᠪᠦᠳᠤ︕︾ ︽ᠬᠠᠶᠢᠴᠢ ᠤᠷᠠᠨ︾ ᠭᠡᠵᠤ ᠢᠷᠦᠭᠡᠳᠡᠭ᠃ ᠡᠵᠡᠨ ᠨᠢ ︽ᠵᠠᠷᠯᠢᠭ ᠢᠶᠠᠷ ᠪᠤᠯᠳᠤᠭᠠᠢ︕︾ ︽ᠪᠡᠯᠭᠡ ᠪᠠᠷ ᠪᠦᠳᠦᠳᠦᠭᠡᠢ︕︾ ᠭᠡᠵᠤ ᠬᠠᠷᠢᠭᠤᠯᠳᠠᠭ᠃ ᠢᠷᠡᠭᠰᠡᠨ ᠬᠦᠮᠤᠨ ᠨᠢ ᠤᠶᠤᠳᠠᠯ ᠤᠶᠤᠵᠤ ᠴᠢᠳᠠᠳᠠᠭ ᠬᠦᠮᠤᠨ ᠪᠠᠶᠢᠬᠰᠡᠨ ᠪᠤᠯ ᠡᠵᠡᠨ ᠢ ᠨᠢ ᠬᠠᠮᠵᠢᠵᠤ ᠭᠡᠳᠤᠨ ᠤᠴᠢᠭ ᠤᠶᠤᠯᠴᠠᠵᠤ ᠦᠭᠳᠡᠭ᠃ ᠦᠢᠯᠨ ᠶᠢᠨ ᠡᠵᠡᠨ ᠨᠢ ᠬᠦᠭᠰᠢᠨ ᠨᠠᠰᠤᠳᠠᠢ ᠬᠦᠮᠤᠨ ᠪᠠᠶᠢᠬᠰᠡᠨ ᠪᠤᠯ ᠬᠠᠪᠰᠤᠷᠴᠤ ᠵᠡᠬᠦᠤ ᠤᠳᠠᠰᠤ ᠶᠢ ᠨᠢ ᠰᠦᠪᠡᠯᠡᠵᠤ ᠦᠭᠳᠡᠭ᠃ ᠭᠡᠳᠡᠯ᠎ᠡ ᠵᠡᠬᠦᠤ ᠳᠤ ᠰᠦᠪᠡᠯᠡᠭᠰᠡᠨ ᠤᠳᠠᠰᠤᠨ ᠤ ᠦᠵᠦᠬᠦᠷ ᠢ ᠨᠢ ᠵᠠᠩᠬᠢᠯᠠᠵᠤ ᠦᠭᠳᠡᠭ ᠶᠤᠰᠤ ᠦᠭᠡᠢ ᠶᠤᠮ᠃ ᠠᠶᠢᠷᠠᠭ ᠴᠠᠭ᠎ᠠ ᠴᠢᠨᠠᠵᠤ ᠠᠭᠠᠷᠤᠤᠯ ᠬᠤᠷᠤᠳ ᠬᠢᠵᠤ ᠪᠠᠶᠢᠬᠤ ᠲᠠᠢ ᠲᠤᠬᠢᠶᠠᠯᠳᠤᠭᠰᠡᠨ ᠪᠤᠯ ︽ᠰᠠᠭᠠᠯᠢ ᠰᠦ ᠡᠯᠪᠡᠭ︕︾᠂ ︽ᠠᠭᠠᠷᠤᠤᠯ ᠠᠮᠳᠠᠳᠠᠢ︕︾ ᠭᠡᠵᠤ ᠢᠷᠦᠭᠡᠨ᠎ᠡ᠃ ᠡᠵᠡᠨ ᠨᠢ ︽ᠡᠯᠪᠡᠭ ᠰᠠᠶᠢᠬᠠᠨ ᠪᠠᠶᠢᠨ᠎ᠡ︕︾᠂ ︽ᠠᠮᠠᠨ ᠤ ᠪᠡᠯᠭᠡ ᠢᠶᠠᠷ ᠪᠤᠯᠳᠤᠭᠠᠢ︕︾ ᠭᠡᠵᠤ ᠬᠠᠷᠢᠭᠤᠯᠳᠠᠭ᠂ ᠲᠡᠭᠡᠭᠡᠳ ᠪᠠᠰᠠ ︽ᠴᠠᠭᠠᠨ ᠢᠳᠡᠭᠡ ᠵᠤᠭᠤᠭᠯᠨ︕︾ ᠭᠡᠵᠤ ᠶᠠᠩᠨᠠᠳᠠᠭ ᠪᠦᠭᠡᠳ ᠢᠷᠡᠭᠰᠡᠨ ᠬᠦᠮᠤᠨ ᠴᠦ ᠠᠭᠠᠷᠤᠤᠯ ᠬᠤᠷᠤᠳ ᠠᠴᠠ ᠨᠢ ᠢᠳᠡᠵᠤ ᠠᠮᠰᠠᠳᠠᠭ ᠶᠤᠰᠤ ᠲᠠᠢ ᠪᠢᠯᠠ᠃ ᠠᠷᠠᠰᠤ ᠨᠡᠭᠡᠢ ᠢᠳᠡᠭᠡᠯᠡᠵᠤ ᠡᠯᠳᠡᠵᠤ ᠪᠠᠶᠢᠬᠤ ᠲᠠᠢ ᠲᠠᠭᠠᠷᠠᠯᠳᠤᠭᠰᠡᠨ ᠪᠤᠯ ︽ᠨᠡᠭᠡᠢ ᠵᠦᠭᠡᠯᠡᠨ︕︾ ᠭᠡᠬᠦ ᠪᠤᠶᠤ ︽ᠡᠯᠳᠡᠬᠦᠷ ᠵᠦᠭᠡᠯᠡᠨ ᠪᠤᠯ︕︾ ᠭᠡᠵᠤ ᠢᠷᠦᠭᠡᠳᠡᠭ᠃ ᠡᠵᠡᠨ ᠨᠢ ︽ᠲᠡᠷᠨ ᠪᠡᠯᠭᠡ ᠪᠠᠷ ᠪᠤᠯᠳᠤᠭᠠᠢ︕︾ ᠭᠡᠬᠦ ᠮᠡᠳᠤ ᠪᠠᠷ ᠬᠠᠷᠢᠭᠤ ᠪᠡᠯᠭᠡᠰᠢᠶᠡᠯ ᠬᠡᠯᠡᠳᠡᠭ᠃ ᠰᠢᠨᠡᠭᠡᠨ ᠮᠠᠨᠴᠦ᠋ᠢᠯᠠᠭᠰᠡᠨ ᠨᠢᠯᠬ᠎ᠠ ᠬᠡᠤᠭᠡᠳ ᠲᠠᠢ ᠠᠶᠢᠯ ᠳᠤ ᠤᠴᠢᠵᠤ ᠲᠠᠭᠠᠷᠠᠯᠳᠤᠭᠰᠡᠨ ᠪᠤᠯ ︽ᠰᠢᠨ᠎ᠡ ᠪᠦᠯᠢ ᠨᠡᠮᠡᠭᠳᠡᠵᠠᠢ︕︾ ᠭᠡᠳ ︽ᠠᠳᠤᠭᠤᠴᠢᠨ ᠤᠤ︖ ᠬᠤᠨᠢᠴᠢᠨ ᠤᠤ︖︾ ᠭᠡᠵᠤ ᠠᠰᠠᠭᠤᠳᠠᠭ᠃ ᠭᠡᠷ ᠤᠨ ᠡᠵᠡᠨ ᠬᠠᠷᠢᠭᠤᠯᠬᠤ ᠳᠠᠭᠠᠨ ᠬᠦᠤ ᠲᠦᠷᠦᠭᠰᠡᠨ ᠪᠤᠯ ︽ᠠᠳᠤᠭᠤᠴᠢᠨ︾ ᠭᠡᠵᠤ᠂ ᠦᠬᠢᠨ ᠲᠦᠷᠦᠭᠰᠡᠨ ᠪᠤᠯ ︽ᠬᠤᠨᠢᠴᠢᠨ ︾ ᠭᠡᠵᠤ ᠬᠠᠷᠢᠭᠤᠯᠳᠠᠭ᠃ ᠪᠠᠰᠠ ᠵᠠᠷᠢᠮ ᠨᠠᠰᠤᠳᠠᠶᠢᠴᠤᠤᠯ ᠦᠬᠢᠨ ᠬᠡᠤᠭᠡᠳ ᠢ ︽ᠬᠡᠶᠢᠴᠢᠨ ᠬᠡᠤᠭᠡᠳ︾ ᠭᠡᠵᠤ ᠴᠦ ᠬᠡᠯᠡᠳᠡᠭ ᠪᠠᠶᠢᠬᠰᠡᠨ᠃ ᠡᠨᠡ ᠨᠢ ᠦᠬᠢᠨ ᠬᠡᠤᠭᠡᠳ ᠬᠤᠵᠢᠮ ᠲᠤᠮᠤ ᠪᠤᠯᠪᠠᠯ ᠬᠠᠷᠢ ᠳᠤ ᠮᠤᠷᠳᠠᠵᠤ ᠠᠶᠢᠯ ᠤᠨ ᠪᠦᠯᠢ ᠪᠤᠯᠵᠤ ᠤᠭ ᠭᠡᠷ ᠲᠤᠨᠢ ᠠᠪᠴᠤ ᠬᠡᠯᠡᠪᠡᠯ ᠡᠷᠬᠢᠭᠡᠳ ᠬᠡᠶᠢᠴᠢᠨ ᠵᠤᠴᠢᠨ ᠳᠤ ᠲᠤᠭᠠᠴᠢᠭᠳᠠᠨ᠎ᠠ ᠬᠡᠰᠡᠨ ᠤᠳᠬ᠎ᠠ ᠲᠠᠢ ᠶᠤᠮ᠃ ᠠᠶᠠᠨ ᠵᠢᠩ ᠤᠨ ᠬᠦᠮᠤᠨ ᠪᠤᠶᠤ ᠠᠩ ᠬᠦᠷᠦᠭᠡ ᠬᠢᠭᠰᠡᠨ ᠬᠦᠮᠤᠨ ᠲᠠᠢ ᠵᠠᠮ ᠵᠠᠭᠤᠷ᠎ᠠ ᠠᠭᠤᠯᠵᠠᠵᠤ ᠵᠤᠯᠭᠠᠬᠤ ᠪᠠ ᠭᠡᠷ ᠦᠷᠦᠭᠡ ᠳᠤ ᠨᠢ ᠲᠠᠭᠠᠷᠠᠯᠳᠤᠭᠰᠡᠨ ᠪᠤᠯ ︽ᠠᠶᠠᠨ ᠠᠮᠢᠵᠢᠭᠤᠯᠭ᠎ᠠ ᠰᠠᠶᠢᠨ︕︾᠂ ︽ᠭᠠᠨᠵᠤᠭ᠎ᠠ ᠲᠦᠬᠦᠷᠡᠩ︕︾ ᠭᠡᠵᠤ ᠢᠷᠦᠭᠡᠳᠡᠭ᠃ ᠠᠶᠠᠨᠴᠢᠨ ᠪᠠ ᠬᠦᠷᠦᠭᠡᠴᠢᠨ ᠡᠮᠤᠨ᠎ᠡ ᠠᠴᠠ ᠨᠢ ︽ᠰᠠᠶᠢᠨ᠂ ᠰᠠᠶᠢᠨ︕︾᠂ ︽ᠢᠷᠦᠭᠡᠯ ᠤᠷᠤᠰᠢᠳᠤᠭᠠᠢ︕︾᠂ ︽ᠪᠡᠯᠭᠡ ᠪᠠᠷ ᠪᠤᠯᠳᠤᠭᠠᠢ︕︾ ᠭᠡᠵᠤ ᠬᠠᠷᠢᠭᠤᠯᠳᠠᠭ᠃ ᠡᠶᠢᠮᠤᠷᠬᠦᠤ ᠠᠮᠠᠨ ᠢᠷᠦᠭᠡᠯ ᠢᠶᠠᠷ ᠪᠡᠯᠭᠡᠳᠡᠬᠦ ᠵᠠᠩᠰᠢᠯ ᠨᠢ ᠮᠠᠯᠴᠢᠳ ᠤᠨ ᠠᠵᠢᠯ ᠬᠦᠳᠡᠯᠮᠤᠷᠢ ᠶᠢ ᠨᠢ ᠬᠠᠪᠰᠤᠷᠴᠤ ᠲᠡᠮᠵᠢᠭᠰᠡᠨ ᠬᠦᠮᠤᠨ ᠳᠡᠭᠡᠨ ᠦᠨᠡᠨ ᠰᠡᠳᠬᠢᠯ ᠠᠴᠠ ᠪᠠᠨ ᠲᠠᠯᠠᠷᠬᠠᠳᠠᠭ ᠲᠠᠷᠤᠤ ᠬᠢᠴᠢᠶᠡᠩᠬᠦᠢ ᠲᠠᠳᠬᠠᠯ ᠦᠷᠬᠦᠯᠵᠢ ᠢᠯᠡᠷᠡᠵᠤ ᠪᠠᠶᠢᠳᠠᠭ ᠶᠤᠮ᠃ ᠵᠢᠱᠢᠶᠡᠯᠡᠪᠡᠯ ︽ᠰᠠᠶᠢᠨ ᠪᠤᠯᠤᠯ᠎ᠠ︕︾᠂ ︽ᠠᠴᠢ ᠲᠠᠢ ᠰᠠᠶᠢᠨ ᠪᠤᠯᠤᠯ᠎ᠠ︕︾᠂ ︽ᠲᠠᠨ ᠢ ᠴᠢᠯᠡᠭᠡᠯ᠎ᠡ︾ ᠭᠡᠬᠦ ᠮᠡᠳᠤᠰ ᠤᠨ ᠲᠠᠯᠠᠷᠬᠠᠯ ᠦᠭᠡ ᠪᠠᠨ ᠬᠡᠯᠡᠭᠡᠳ ︽ᠲᠠᠨ ᠤ ᠶᠠᠪᠤᠳᠠᠯ ᠲᠠᠨᠢ ᠰᠠᠨᠠᠭ᠎ᠠ ᠪᠠᠷ ᠪᠦᠳᠦᠬᠦ ᠪᠤᠯᠳᠤᠭᠠᠢ︕︾ ᠭᠡᠬᠦ ᠪᠤᠶᠤ ᠮᠠᠯ ᠲᠡᠮᠡᠭᠡ ᠦᠭᠡᠷ ᠠᠳᠤᠭᠤ ᠡᠷᠢᠵᠤ ᠶᠠᠪᠤᠭ᠎ᠠ ᠬᠦᠮᠤᠨ ᠳᠤ ︽ᠡᠷᠢᠯ ᠴᠢᠨᠢ ᠠᠮᠠᠷᠬᠠᠨ ᠤᠯᠳᠠᠬᠤ ᠪᠤᠯᠳᠤᠭᠠᠢ︕︾ ᠭᠡᠵᠤ᠂ ᠵᠠᠯᠠᠭᠤ ᠪᠠᠭᠠᠴᠤᠳ ᠢ ᠪᠤᠯ ︽ᠤᠷᠳᠤ ᠨᠠᠰᠤᠯᠠᠵᠤ ᠤᠳᠠᠭᠠᠨ ᠵᠢᠷᠭᠠᠬᠤ ᠪᠤᠯᠳᠤᠭᠠᠢ︕︾ ᠭᠡᠬᠦ ᠮᠡᠳᠤ ᠪᠠᠷ ᠠᠮᠠᠨ ᠢᠷᠦᠭᠡᠯ ᠬᠡᠯᠡᠵᠤ ᠪᠡᠯᠭᠡᠳᠡᠳᠡᠭ ᠵᠦᠢᠯ ᠤᠯᠠᠨ ᠪᠤᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号