ᠠᠯᠠᠱᠠ ᠮᠤᠩᠭᠤᠯᠴᠤᠳ ᠤᠨ ᠠᠪᠤᠭᠠᠶᠢᠯᠠᠬᠤ ᠵᠠᠩᠰᠢᠯ
ᠨᠡᠶᠢᠲᠡᠯᠡᠭᠰᠡᠨ ᠴᠠᠭ᠄
2019/12/11
       ᠠᠪᠤᠭᠠᠶᠢᠯᠠᠬᠤ ᠭᠡᠳᠡᠭ ᠨᠢ ᠨᠢᠭᠡ ᠵᠦᠢᠯ ᠤᠨ ᠬᠦᠨᠳᠦᠳᠭᠡᠯ ᠲᠠᠭᠤᠳᠠᠯᠭ᠎ᠠ ᠪᠤᠯᠤᠨ᠎ᠡ᠃ ᠢᠯᠠᠩᠭᠤᠶ᠎ᠠ ᠠᠬᠢᠮᠠᠭ ᠨᠠᠰᠤᠨ ᠤ ᠬᠦᠮᠤᠰ ᠢ ᠵᠠᠯᠠᠭᠤ ᠪᠠᠭ᠎ᠠ ᠦᠶ᠎ᠡ ᠶᠢᠨ ᠬᠢᠨ ᠠᠴᠠ ᠤᠭ ᠨᠡᠷ᠎ᠡ ᠪᠠᠷ ᠨᠢ ᠰᠢᠭᠤᠳ ᠲᠠᠭᠤᠳᠠᠬᠤ ᠶᠢ ᠪᠤᠯᠭᠤᠮᠵᠢᠯᠠᠨ ᠴᠡᠭᠡᠷᠯᠡᠵᠤ᠂ ᠵᠤᠬᠢᠬᠤ ᠨᠢᠭᠡᠨ ᠬᠦᠨᠳᠤᠳᠭᠡᠯ ᠲᠠᠭᠤᠳᠠᠯᠭ᠎ᠠ ᠪᠠᠷ ᠤᠷᠤᠯᠠᠭᠤᠯᠵᠤ ᠲᠠᠭᠤᠳᠠᠬᠤ ᠨᠢ ᠮᠠᠰᠢ ᠰᠠᠶᠢᠬᠠᠨ ᠪᠤᠯᠪᠠᠰᠤᠨ ᠮᠤᠷᠠᠯ ᠤᠨ ᠢᠯᠡᠷᠡᠯ ᠪᠤᠯᠵᠤ ᠪᠠᠶᠢᠳᠠᠭ᠃          ᠠᠯᠠᠱᠠ ᠨᠤᠳᠤᠭ ᠤᠨ ᠮᠤᠩᠭᠤᠯᠴᠤᠳ ᠶᠡᠷᠤ ᠨᠢ ᠢᠳᠡᠷ ᠨᠠᠰᠤᠨ ᠳᠤ ᠬᠦᠷᠦᠭᠰᠡᠨ ᠬᠦᠮᠤᠰ ᠲᠤ ᠠᠪᠤᠭᠠᠶᠢᠯᠠᠭ᠎ᠠ ᠶᠢᠨ ᠲᠤᠰᠬᠠᠢ ᠨᠡᠷ᠎ᠡ ᠤᠨᠤᠭᠳᠠᠭᠤᠯᠵᠤ ᠬᠦᠨᠳᠦᠳᠭᠡᠨ ᠲᠠᠭᠤᠳᠠᠳᠠᠭ ᠵᠠᠩᠰᠢᠯ ᠲᠠᠢ᠂ ᠡᠨᠡ ᠨᠢ ᠠᠯᠠᠱᠠ ᠨᠤᠳᠤᠭ ᠤᠨ ᠮᠤᠩᠭᠤᠯᠴᠤᠳ ᠤᠨ ᠤᠯᠠᠮᠵᠢᠯᠠᠯᠳᠤ ᠵᠠᠩ ᠦᠢᠯᠨ ᠶᠢᠨ ᠲᠤᠳᠤᠷᠠᠬᠢ ᠴᠢᠬᠤᠯᠨ ᠨᠢᠭᠡᠨ ᠦᠪᠡᠷᠮᠢᠴᠨ ᠤᠨᠴᠠᠯᠢᠭ ᠪᠤᠯᠤᠨ ᠲᠤᠪᠤᠶᠢᠵᠤ᠂ ᠤᠷᠤᠨ ᠨᠤᠳᠤᠭ ᠤᠨ ᠴᠢᠨᠠᠷ ᠲᠠᠢ ᠪᠤᠯᠪᠠᠰᠤᠨ ᠵᠤᠷᠰᠢᠯ ᠪᠤᠯᠤᠭᠰᠠᠭᠠᠷ ᠢᠷᠡᠵᠠᠢ᠃ ᠲᠡᠭᠡᠬᠦ ᠳᠡᠭᠡᠨ ᠬᠦᠮᠤᠰ ᠤᠨ ᠠᠪᠤᠭᠠᠶᠢᠯᠠᠭ᠎ᠠ ᠶᠢ ᠲᠤᠰᠬᠠᠢ ᠬᠦᠮᠤᠨ ᠲᠤᠭᠳᠠᠭᠠᠵᠤ ᠦᠭᠳᠡᠭ ᠪᠢᠰᠢ᠂ ᠬᠠᠷᠢᠨ ᠠᠷᠠᠳ ᠤᠯᠠᠨ ᠤ ᠲᠤᠮᠳᠠ ᠠᠴᠠ ᠲᠤᠰ ᠬᠦᠮᠤᠨ ᠤ ᠬᠢᠨᠢ ᠢᠷᠡᠯ ᠭᠠᠷᠤᠯ᠂ ᠡᠷᠡᠭᠳᠠᠢ ᠡᠮᠡᠭᠳᠠᠢ᠂ ᠯᠠᠮᠨ ᠬᠠᠷ᠎ᠠ᠂  ᠡᠷᠳᠡᠮ ᠮᠡᠷᠭᠡᠵᠢᠯ᠂ ᠴᠢᠨᠠᠭᠰᠢᠯᠠᠪᠠᠯ ᠪᠡᠶ᠎ᠡ ᠶᠢᠨ ᠲᠦᠷᠬᠦ ᠪᠠᠶᠢᠳᠠᠯ ᠵᠡᠷᠭᠡ ᠶᠠᠮᠠᠷ ᠨᠢᠭᠡᠨ ᠤᠨᠴᠠᠯᠢᠭ ᠢ ᠨᠢ ᠠᠵᠢᠵᠤ ᠤᠨᠤᠭᠳᠠᠭᠤᠯᠤᠭᠠᠳ ᠠᠶᠠᠨᠳᠠᠭᠠᠨ ᠲᠠᠭᠤᠳᠠᠵᠤ ᠵᠠᠩᠰᠢᠬᠰᠡᠨ ᠪᠠᠶᠢᠳᠠᠭ᠃ ᠵᠢᠱᠢᠶᠡᠯᠡᠪᠡᠯ᠂ ᠡᠷᠡᠭᠳᠠᠢ᠂ ᠬᠠᠷ᠎ᠠ ᠬᠦᠮᠤᠨ ︵ᠯᠠᠮᠨ ᠪᠤᠰᠤ︶ ᠢ ᠪᠠ — ᠭᠠ᠂ ᠪᠠᠭ᠋ᠠᠨᠠᠢ᠂ ᠳ᠋ᠠ — ᠳ᠋ᠠᠢ ᠁ ᠯᠠᠮᠨ ᠬᠤᠸᠠᠷᠠᠭ ᠬᠦᠮᠤᠨ ᠢ ᠯᠠᠮᠠᠭ᠎ᠠ᠂ ᠯᠠᠮᠠᠬ᠎ᠠ᠂ ᠯᠠᠮᠠᠪᠠᠭᠠᠢ ᠁ ᠬᠡᠵᠦ᠂ ᠡᠮᠡᠭᠳᠠᠢ ᠬᠦᠮᠤᠨ ᠢ ᠵᠢᠡᠵᠢᠭᠡ᠂ ᠮᠢᠡᠵᠢᠭᠡ᠂ ᠵᠦᠣᠨᠠᠢ ᠁︔ ᠨᠤᠮ ᠮᠡᠷᠭᠡᠵᠢᠯ ᠤᠨ ᠴᠤᠯᠨ ᠲᠠᠢ ᠬᠦᠮᠤᠨ ᠢ ᠮᠠᠷᠠᠮᠪᠠ᠂ ᠽᠢᠷᠠᠮᠪᠠ ︵ᠵᠢᠷᠤᠬᠠᠶᠢᠴᠢ︶᠂ ᠭᠠᠪᠵᠤ ᠁︔ ᠤᠷᠠᠨ ᠲᠠᠷᠬᠠᠨ ᠬᠦᠮᠤᠨ ᠢ ᠤᠷᠠᠨ ᠠᠬ᠎ᠠ ᠭᠡᠬᠦ ᠮᠡᠳᠤ ᠪᠠᠷ ᠠᠪᠤᠭᠠᠶᠢᠯᠠᠵᠤ ᠲᠠᠭᠤᠳᠠᠳᠠᠭ᠃ ᠪᠠᠰᠠ ᠪᠡᠶ᠎ᠡ ᠶᠢᠨ ᠲᠦᠷᠬᠦ ᠪᠠᠶᠢᠳᠠᠯ᠂ ᠵᠠᠩ ᠠᠭᠠᠯᠢ ᠶᠢ ᠨᠢ ᠠᠵᠢᠵᠤ ᠤᠨᠤᠭᠳᠠᠭᠤᠯᠤᠭᠰᠡᠨ ᠠᠪᠤᠭᠠᠶᠢᠯᠠᠭ᠎ᠠ ᠨᠡᠯᠢᠶᠡᠳ ᠠᠷᠪᠢᠨ ᠪᠠᠶᠢᠳᠠᠭ᠃  ᠵᠢᠱᠢᠶᠡᠯᠡᠪᠡᠯ᠂ ᠦᠨᠳᠤᠷ ᠠᠬ᠎ᠠ᠂ ᠪᠢᠴᠢᠬᠠᠨ ᠠᠬ᠎ᠠ᠂ ᠰᠠᠶᠢᠨ ᠠᠬ᠎ᠠ᠂ ᠨᠤᠮᠤᠬᠠᠨ ᠡᠭᠡᠴᠢ ᠭᠡᠬᠦ ᠮᠡᠳᠤ᠃ ᠠᠬ᠎ᠠ᠂ ᠡᠭᠡᠴᠢ ᠲᠡᠬᠦᠤ ᠬᠦᠮᠤᠰ ᠤᠨ ᠶᠡᠭᠡ ᠪᠠᠭ᠎ᠠ ᠶᠢᠨ ᠲᠠᠷᠠᠭᠠᠯᠠᠯ ᠢ ᠠᠵᠢᠵᠤ᠂ ᠬᠠᠮᠤᠭ ᠤᠨ ᠠᠬᠠᠮᠠᠳ ᠢ ᠨᠢ ᠣᠣᠭᠠᠨᠠᠢ᠂ ᠬᠠᠮᠤᠭ ᠪᠠᠭ᠎ᠠ ᠶᠢ ᠨᠢ ᠤᠳᠬᠤᠨ ᠠᠬ᠎ᠠ ᠭᠡᠬᠦ ᠮᠡᠳᠦᠴᠢᠯᠡᠨ ᠤᠨᠤᠭᠳᠠᠭᠤᠯᠤᠭᠰᠡᠨ ᠪᠠᠶᠢᠳᠠᠭ᠃ ᠪᠠᠰᠠ ᠵᠠᠷᠢᠮ ᠠᠶᠢᠯ ᠤᠨ ᠬᠡᠤᠭᠡᠳ ᠪᠠᠭᠠᠴᠤᠤᠯ ᠠᠴᠠ ᠦᠪᠡᠷ ᠤᠨ ᠠᠪᠠᠭ᠎ᠠ᠂ ᠨᠠᠭᠠᠴᠤ ᠲᠡᠭᠡᠳᠦᠬᠦᠯ ᠢᠶᠠᠨ ᠠᠵᠢᠶᠠ᠂ ᠵᠢᠤ ᠵᠢᠤ ᠭᠡᠬᠦ ᠮᠡᠳᠤ ᠪᠠᠷ ᠲᠠᠭᠤᠳᠠᠵᠤ ᠪᠠᠶᠢᠬᠰᠡᠨ ᠢ ᠦᠭᠡᠷ᠎ᠡ ᠪᠤᠰᠤᠳ ᠬᠦᠮᠤᠰ ᠮᠦᠨ ᠲᠡᠷᠡᠬᠦ ᠬᠡᠤᠭᠡᠳ ᠤᠨ ᠲᠠᠭᠤᠳᠠᠯᠭ᠎ᠠ ᠪᠠᠷ ᠨᠢ ᠠᠵᠢᠶᠠ ᠪᠤᠶᠤ ᠵᠢᠤ ᠵᠢᠤ ᠭᠡᠬᠦ ᠮᠡᠳᠤ ᠪᠠᠷ ᠠᠪᠤᠭᠠᠶᠢᠯᠠᠵᠤ ᠵᠠᠩᠰᠢᠬᠰᠡᠨ ᠨᠢ ᠴᠦ ᠪᠢᠰᠢᠬᠦᠢ ᠬᠠᠷᠠᠭᠳᠠᠳᠠᠭ᠃ ᠡᠳᠡᠭᠡᠷ ᠠᠪᠤᠭᠠᠶᠢᠯᠠᠭ᠎ᠠ ᠲᠠᠭᠤᠳᠠᠯᠭ᠎ᠠ ᠨᠢ ᠪᠠᠰᠠ ᠠᠪᠤᠭᠠᠶᠢᠯᠠᠭᠳᠠᠭᠰᠡᠨ ᠬᠦᠮᠤᠨ ᠤ ᠤᠭ ᠵᠢᠩᠬᠢᠨᠢ ᠨᠡᠷ᠎ᠡ ᠲᠠᠢ ᠨᠢ ᠮᠠᠰᠢ ᠰᠠᠶᠢᠬᠠᠨ ᠵᠤᠬᠢᠴᠠᠩᠭᠤᠢ ᠲᠤᠬᠢᠷᠠᠮᠵᠢᠳᠠᠢ᠂ ᠲᠠᠭᠤᠳᠠᠵᠤ ᠪᠠᠷᠢᠬᠤ ᠳᠤ ᠤᠷᠤᠰᠤᠮ᠎ᠠ ᠰᠢᠯᠤᠭᠤᠨ ᠪᠠᠶᠢᠳᠠᠭ᠃ ᠵᠢᠱᠢᠶᠡᠯᠡᠪᠡᠯ᠂ ᠪᠠᠭᠠᠳᠤᠷ ᠪᠠ — ᠭᠠ᠂ ᠵᠠᠮᠪᠠᠯ ᠤᠤᠭᠠᠨᠠᠢ᠂ ᠤᠶᠤᠨ ᠲᠤᠮᠳᠠᠢ᠂ ᠬᠡᠷᠡᠯ ᠨᠢᠩᠭ᠎ᠠ᠂ ᠨᠠᠷᠠᠨ ᠭᠠᠵᠢᠶᠠ᠂ ᠰᠧᠷᠵᠢ ᠵᠢᠡᠵᠢᠭᠡ ᠭᠡᠬᠦ ᠮᠡᠳᠤᠴᠢᠯᠡᠨ ᠠᠪᠢᠶ᠎ᠠ ᠬᠤᠷᠰᠢᠭᠤᠯᠵᠤ ᠠᠶᠠᠳᠠᠢ ᠰᠠᠶᠢᠬᠠᠨ ᠤᠨᠤᠭᠳᠠᠭᠤᠯᠤᠭᠰᠡᠨ ᠪᠠᠶᠢᠳᠠᠭ ᠪᠢᠯᠨ᠃             ᠠᠯᠠᠱᠠᠴᠤᠳ ᠤᠨ ᠡᠶᠢᠮᠤᠷᠬᠦᠤ ᠬᠦᠨᠳᠦᠳᠭᠡᠯ ᠠᠪᠤᠭᠠᠶᠢᠯᠠᠭ᠎ᠠ ᠶᠢᠨ ᠵᠠᠩᠰᠢᠯ ᠨᠢ ᠬᠦᠮᠤᠰ ᠤᠨ ᠬᠠᠷᠢᠯᠴᠡᠨ ᠬᠦᠨᠳᠦᠳᠭᠡᠵᠤ᠂ ᠡᠶ᠎ᠡ ᠨᠠᠶᠢᠷᠰᠠᠭ ᠵᠠᠩ ᠮᠤᠷᠠᠯ ᠤᠨ ᠢᠯᠡᠷᠡᠯ ᠪᠤᠯᠵᠤ᠂ ᠲᠠᠭᠤᠳᠠᠬᠤ ᠪᠠ ᠰᠤᠨᠤᠰᠬᠤ ᠳᠤ ᠴᠦ ᠡᠶᠡᠪᠡᠷᠬᠦᠤ ᠲᠤᠳᠤᠨᠤᠰᠤᠭ ᠲᠦᠷᠦᠭᠳᠡᠯ ᠤᠯᠭᠤᠳᠠᠭ ᠪᠠᠶᠢᠨ᠎ᠡ᠃ ᠲᠡᠭᠡᠪᠡᠯ᠂ ᠦᠪᠡᠷ ᠤᠨ ᠦᠷ᠎ᠡ ᠬᠡᠤᠭᠡᠳ ᠠᠴᠠ ᠦᠭᠡᠷ᠎ᠡ ᠪᠤᠰᠤᠳ ᠶᠠᠮᠠᠷᠪᠠ ᠬᠦᠮᠤᠨ᠂ ᠢᠯᠠᠩᠭᠤᠶ᠎ᠠ ᠢᠳᠡᠷ ᠨᠠᠰᠤᠨ᠎ᠠ ᠰᠢᠯᠵᠢᠭᠰᠡᠨ ᠬᠦᠮᠤᠨ ᠢ ᠶᠡᠷᠤ ᠨᠢ ︽ᠲᠠ︾ ᠭᠡᠵᠤ ᠲᠠᠭᠤᠳᠠᠳᠠᠭ᠂ ︽ᠴᠢ︾ ᠭᠡᠵᠤ ᠲᠠᠭᠤᠳᠠᠳᠠᠭ ᠦᠭᠡᠢ᠃ ᠡᠨᠡ ᠨᠢ ᠪᠠᠰᠠ ᠴᠤ ᠠᠯᠠᠱᠠ ᠮᠤᠩᠭᠤᠯᠴᠤᠳ ᠤᠨ ᠦᠪᠡᠷᠮᠢᠴᠨ ᠴᠢᠨᠠᠷ ᠲᠠᠢ ᠲᠠᠷᠤᠤ ᠵᠠᠩ᠂ ᠡᠶᠡᠪᠡᠷᠬᠦᠤ ᠲᠠᠳᠬᠠᠯ ᠪᠤᠯᠤᠭᠰᠠᠭᠠᠷ ᠢᠷᠡᠭᠰᠡᠨ ᠪᠠᠶᠢᠨ᠎ᠡ᠃ ︵ᠴᠤᠷᠤᠰ ᠪᠠᠳᠤᠸ᠋ᠴᠢᠷ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号