ᠣᠶᠢᠷᠠᠳ ᠤᠨ ᠮᠠᠶᠢᠳᠠᠷᠢ ᠶᠢᠨ ᠨᠠᠶᠢᠷ ᠤᠨ ᠲᠤᠬᠠᠢ
ᠨᠡᠶᠢᠲᠡᠯᠡᠭᠰᠡᠨ ᠴᠠᠭ᠄
2019/12/11
ᠮᠠᠨ ᠤ ᠤᠶᠢᠷᠠᠳ ᠨᠤᠳᠤᠭ ᠲᠤ ᠡᠷᠳᠠᠨ ᠠᠴᠠ ᠨᠠᠭᠠᠰᠢ ᠵᠢᠯ ᠪᠦᠷᠢ ᠶᠢᠨ ᠪᠢᠯᠢᠭ ᠤᠨ ᠤᠯᠠᠷᠢᠯ ᠤᠨ ᠴᠠᠭᠠᠨ ᠰᠠᠷ᠎ᠡ  ᠶᠢᠨ ᠠᠷᠪᠠᠨ ᠲᠠᠪᠤᠨ ᠳᠤ ᠮᠠᠶᠢᠳᠠᠷᠢ ᠪᠤᠷᠬᠠᠨ ᠢᠯᠠᠳᠠᠭᠰᠠᠨ ᠲᠠᠮᠪᠠᠷᠠᠯ ᠲᠠᠢ ᠡᠳᠤᠷ ᠭᠢᠵᠤ ᠮᠠᠶᠢᠳᠠᠷᠢ ᠶᠢᠨ ᠨᠠᠶᠢᠷ ᠬᠢᠳᠡᠭ ᠶᠤᠰᠤ ᠲᠠᠢ ᠪᠢᠯᠠ᠃ ᠮᠠᠶᠢᠳᠠᠷᠢ ᠪᠤᠯ ᠠᠩᠬᠠᠨ ᠲᠠᠭᠠᠨ ᠨᠢᠭᠡ ᠵᠦᠢᠯ ᠤᠨ ᠱᠠᠰᠢᠨ ᠤ ᠭᠦᠳᠠᠯᠭᠡᠭᠡᠨ ᠪᠠᠶᠢᠵᠠᠢ᠃ ᠱᠠᠰᠢᠨ ᠤ ᠲᠤᠳᠤᠷ᠎ᠡ ᠮᠠᠶᠢᠳᠠᠷᠢ ᠪᠤᠷᠬᠠᠨ ᠢ ᠢᠷᠠᠭᠡᠳᠤᠢ ᠶᠢᠨ ᠪᠤᠷᠬᠠᠨ ᠭᠢᠵᠤ ᠨᠠᠷᠡᠯᠠᠳᠡᠭ ᠪᠦᠭᠡᠳ ᠲᠤᠰ ᠪᠤᠷᠬᠠᠨ ᠢ ᠭᠦᠮᠤᠰ ᠰᠢᠳᠤᠭᠡᠳ ᠪᠠᠷᠤᠭ 900 ᠢᠯᠠᠭᠦᠦ ᠵᠢᠯ ᠪᠤᠯᠵᠠᠢ᠃ ᠴᠠᠭᠠᠨ ᠰᠠᠷ᠎ᠠ ᠶᠢᠨ 15 ᠤ ᠡᠳᠤᠷ ᠪᠤᠯ ᠪᠤᠷᠬᠠᠨ ᠪᠠᠭᠰᠢ ᠱᠠᠰᠢᠨ ᠤ ᠨᠤᠮ ᠰᠤᠷᠤᠭᠠᠳ ᠲᠠᠭᠦᠰᠭᠡᠭᠰᠠᠨ ᠡᠳᠤᠷ᠂ 16 ᠤ ᠡᠳᠤᠷ ᠪᠤᠯ ᠮᠠᠶᠢᠳᠠᠷᠢ ᠪᠤᠷᠬᠠᠨ ᠤ ᠨᠤᠮ ᠡᠬᠢᠯᠠᠬᠦ ᠡᠳᠤᠷ ᠪᠣᠯᠬᠤᠷ ᠱᠠᠰᠢᠨ ᠤ ᠨᠤᠮ ᠢ ᠲᠠᠰᠤᠷᠠᠯᠳᠠ ᠦᠭᠡᠢ ᠦᠷᠬᠦᠯᠵᠢᠯᠠᠬᠦᠯᠬᠦ ᠶᠢᠨ ᠲᠦᠯᠤᠭᠡ 15 ᠤ ᠡᠳᠤᠷ ᠢ ᠮᠠᠶᠢᠳᠠᠷᠢ ᠪᠤᠷᠬᠠᠨ ᠢᠯᠠᠳᠠᠭᠰᠠᠨ ᠡᠳᠤᠷ ᠭᠢᠵᠤ ᠲᠤᠭᠳᠠᠭᠰᠠᠨ ᠪᠠᠶᠢᠨ᠎ᠠ᠃ ᠡᠷᠳᠠ ᠤᠷᠢᠳᠤ ᠳᠤ ᠮᠠᠨ ᠤ ᠮᠤᠩᠭᠤᠯᠴᠤᠳ ᠨᠠᠭᠦᠳᠠᠯᠯᠠᠨ ᠠᠮᠢᠳᠤᠷᠠᠵᠤ ᠪᠠᠶᠢᠭᠰᠠᠨ ᠪᠤᠯᠬᠤᠷ ᠨᠠᠶᠢᠳᠠ ᠶᠢᠨ ᠭᠦᠳᠠᠯᠭᠡᠭᠡᠨ ᠬᠢᠬᠦ ᠲᠠᠯᠠᠪᠠᠢ ᠨᠢ ᠵᠦᠪᠡᠬᠡᠨ ᠰᠦᠮ᠎ᠠ ᠬᠡᠶᠢᠳ ᠪᠠᠶᠢᠵᠠᠢ ᠃ ᠲᠠᠶᠢᠮᠤ ᠠᠴᠠ ᠴᠠᠭᠠᠨ ᠰᠠᠷ᠎ᠡ ᠶᠢᠨ 15 ᠤ ᠡᠳᠤᠷ — ᠮᠠᠶᠢᠳᠠᠷᠢ ᠢᠯᠠᠳᠠᠭᠰᠠᠨ ᠡᠳᠤᠷ ᠤᠯᠠᠨ ᠢᠶᠠᠷ ᠢᠶᠠᠨ ᠰᠦᠮ᠎ᠠ ᠳᠤ ᠪᠠᠨ ᠢᠷᠠᠵᠤ ᠮᠦᠷᠬᠦᠬᠦᠯ ᠬᠢᠭᠰᠡᠨ ᠤ ᠲᠠᠷᠠᠭ᠎ᠠ ᠬᠠᠷᠢᠯᠴᠠᠨ ᠴᠠᠭᠠᠯᠠᠵᠤ ᠪᠠᠶᠢᠵᠠᠢ᠃ ᠬᠤᠶᠢᠨ᠎ᠠ ᠨᠢ ᠴᠠᠭ ᠦᠶ᠎ᠠ ᠶᠢᠨ ᠬᠤᠪᠢᠷᠠᠯᠳᠠ᠂ ᠨᠠᠶᠢᠭᠡᠮ ᠤᠨ ᠬᠦᠭᠵᠢᠯᠳᠠ ᠶᠢ ᠲᠠᠭᠠᠯᠳᠤᠨ ᠨᠠᠨ ᠭᠦ ᠰᠠᠱᠢᠨ ᠤ ᠭᠦᠳᠠᠯᠭᠡᠭᠡᠨ ᠨᠢ ᠬᠠᠮᠳᠤ  ᠪᠠᠷ ᠢᠶᠠᠨ ᠴᠠᠭᠠᠨ ᠲᠠᠶᠢᠯᠠᠬᠤ ᠮᠤᠩᠭᠤᠯ ᠦᠨᠳᠤᠰᠤᠳᠠᠨ ᠤ ᠤᠯᠠᠮᠵᠢᠯᠠᠯᠳᠤ ᠪᠠᠶᠠᠷ ᠪᠤᠯᠤᠨ ᠬᠤᠪᠢᠷᠠᠭᠰᠠᠨ ᠪᠠᠶᠢᠨ᠎ᠠ᠃ ᠤᠶᠢᠷᠠᠳ ᠮᠤᠩᠭᠤᠯᠴᠤᠳ ᠦᠩᠭᠡᠷᠡᠭᠰᠠᠨ ᠳᠤ ᠮᠠᠶᠢᠳᠠᠷᠢ ᠢᠯᠠᠳᠠᠭᠡᠭᠦ ᠨᠠᠶᠢᠷ ᠢᠶᠠᠨ ᠲᠠᠭᠢᠯᠭᠠᠨ ᠤ ᠪᠠᠶᠠᠷ ᠲᠠᠢ ᠠᠳᠠᠯᠢ ᠪᠠᠰᠨ ᠮᠠᠰᠢ ᠬᠦᠷ ᠬᠦᠭᠵᠢᠶᠠᠨ ᠲᠠᠢ ᠬᠢᠳᠡᠭ ᠪᠠᠶᠢᠵᠠᠢ᠃ ᠮᠠᠶᠢᠳᠠᠷᠢ ᠶᠢᠨ ᠡᠳᠤᠷ ᠬᠤᠰᠢᠭᠤ᠂ ᠰᠤᠮᠤ᠂ ᠠᠶᠢᠯ ᠢᠶᠠᠷ  ᠢᠶᠠᠨ ᠡᠷᠡᠭᠳᠡᠢ ᠡᠮᠡᠭᠳᠡᠢ᠂ ᠭᠦᠭᠰᠢᠨ ᠵᠠᠯᠠᠭᠤ᠂ ᠪᠠᠭ᠎ᠠ ᠨᠢᠯᠬᠠᠰ ᠬᠦᠷᠳᠠᠯ᠎ᠠ ᠴᠤᠬᠠᠭᠠᠷ ᠦᠷᠯᠤᠭᠡ ᠡᠷᠳᠠ ᠪᠤᠰᠤᠭᠠᠳ ᠪᠠᠶᠠᠷ ᠤᠨ ᠡᠳᠤᠷ ᠡᠮᠤᠰᠳᠡᠭ ᠬᠤᠪᠴᠠᠰᠤ ᠬᠤᠨᠠᠷ ᠢᠶᠠᠨ ᠡᠮᠤᠰᠴᠣ᠂ ᠮᠦᠷᠢᠨ ᠤ ᠰᠠᠶᠢᠨ ᠢ ᠤᠨᠤᠵᠤ᠂ ᠭᠡᠳᠤ ᠭᠡᠳᠤᠨ ᠲᠠᠭᠤᠨ ᠤ ᠬᠤᠯᠠ ᠭᠠᠵᠠᠷ ᠠᠴᠠ ᠰᠦᠮ᠎ᠠ ᠭᠡᠶᠢᠳ ᠲᠡᠭᠡᠷ᠎ᠠ ᠤᠴᠢᠵᠤ ᠮᠠᠶᠢᠳᠠᠷᠢ ᠶᠢᠨ ᠨᠠᠶᠢᠷ ᠲᠤ ᠤᠷᠤᠯᠴᠠᠳᠠᠭ ᠪᠠᠶᠢᠵᠠᠢ᠃ ᠪᠠᠶᠠᠠᠭᠤᠤᠯ ᠤᠨ ᠲᠤᠷᠭᠤᠳ᠂ ᠬᠤᠱᠤᠳ ᠨᠤᠳᠤᠭ ᠲᠤ ᠮᠠᠶᠢᠳᠠᠷᠢ ᠤᠨ ᠨᠠᠶᠢᠷ ᠬᠢᠬᠦ ᠳᠡᠭᠡᠨ ᠶᠠᠭᠤᠨ ᠤ ᠡᠮᠤᠨ᠎ᠠ ᠯᠠᠮᠠ ᠬᠤᠸᠠᠷᠠᠭ ᠤᠳ ᠪᠤᠷᠬᠠᠨ ᠱᠠᠰᠢᠨ ᠤ ᠬᠤᠷᠠᠯ ᠬᠤᠷᠠᠳᠠᠭ ᠶᠤᠰᠤ ᠪᠠᠷ ᠪᠦᠷᠢᠶ᠎ᠠ ᠪᠢᠰᠬᠢᠬᠦᠷ ᠢᠶᠠᠨ ᠦᠯᠢᠶᠠᠵᠤ᠂ ᠴᠠᠠᠩ ᠬᠡᠩᠬᠡᠷᠭᠡ ᠴᠤᠬᠢᠵᠤ᠂ ᠮᠠᠶᠢᠳᠠᠷᠢ ᠢᠯᠠᠳᠠᠭᠡᠭᠦ ᠤᠩᠰᠢᠯᠠᠭ᠎ᠠ ᠬᠢᠨ᠎ᠠ᠃ ᠨᠠᠠ ᠦᠶ᠎ᠠ ᠳᠤ ᠮᠠᠶᠢᠳᠠᠷᠢ  ᠶᠢᠨ ᠨᠠᠶᠢᠷ ᠲᠤ ᠢᠷᠠᠭᠰᠠᠨ ᠭᠦᠮᠤᠰ ᠮᠠᠶᠢᠳᠠᠷᠢ ᠳᠤ ᠮᠦᠷᠭᠦᠨ᠎ᠠ᠃ ᠢᠩᠭᠢᠭᠦ ᠳᠡᠭᠡᠨ ᠨᠤᠳᠤᠭ ᠤᠨ ᠠᠬᠠᠮᠠᠳ ᠨᠠᠷ ᠲᠦᠷᠤᠬᠦᠯᠠᠵᠤ ᠰᠦᠮ᠎ᠠ ᠭᠡᠶᠢᠳ ᠤᠨ ᠡᠭᠦᠳᠠᠨ ᠤ ᠡᠮᠤᠨ᠎ᠠ ᠢᠷᠠᠭᠡᠳ ᠲᠠᠷᠢᠬᠦᠨ ᠳᠤᠨᠢ ᠵᠤᠭᠰᠤᠵᠤ ᠪᠤᠰᠤ ᠭᠦᠮᠤᠰ ᠲᠠᠳᠠᠨ ᠤ ᠬᠤᠶᠢᠨ᠎ᠠ ᠠᠴᠠ ᠰᠦᠬᠦᠳᠤᠨ ᠬᠤᠶᠠᠷ ᠭᠠᠷ ᠢᠶᠠᠨ ᠮᠠᠩᠨᠠᠢ ᠳᠠᠭᠠᠨ ᠨᠠᠮᠠᠴᠢᠯᠠᠨ᠂ ᠮᠠᠶᠢᠳᠠᠷᠢ ᠳᠤ ᠮᠦᠷᠭᠦᠨ᠎ᠠ ᠃ ᠮᠦᠷᠬᠦᠯ ᠨᠢ ᠪᠦᠷ ᠲᠤᠭᠠᠳᠠᠢ ᠶᠤᠮ᠃ ᠮᠦᠷᠬᠦᠯ ᠬᠦᠢᠴᠠᠳᠭᠡᠭᠰᠠᠨ ᠤ ᠲᠠᠷᠠᠭ᠎ᠠ᠂ ᠭᠦᠮᠦᠰ ᠪᠤᠰᠴᠤ ᠮᠠᠶᠢᠳᠠᠷᠢ ᠪᠤᠷᠬᠠᠨ ᠤ ᠡᠮᠤᠨ᠎ᠠ ᠤᠴᠢᠵᠤ ᠠᠪᠴᠤ ᠢᠷᠠᠭᠰᠠᠨ ᠰᠢᠷ᠎ᠠ ᠲᠤᠰᠤ᠂ ᠵᠤᠯᠠ ᠶᠢᠨ ᠴᠦᠬᠦᠴᠨ᠂ ᠵᠤᠭᠤᠰ ᠮᠦᠩᠭᠦ ᠵᠠᠷᠭᠡ ᠪᠠᠯᠠᠩ ᠢᠶᠠᠨ ᠮᠠᠶᠢᠳᠠᠷᠢ ᠪᠤᠷᠬᠠᠨ ᠤ ᠡᠮᠤᠨᠠᠬᠢ ᠰᠢᠷᠠᠭᠡᠨ ᠲᠠᠭᠡᠷ᠎ᠠ ᠲᠠᠯᠪᠢᠵᠤ ᠮᠠᠶᠢᠳᠠᠷᠢ ᠪᠤᠷᠬᠠᠨ ᠤ ᠢ ᠵᠦᠪ ᠡᠷᠬᠢᠵᠤ ᠴᠠᠭᠠᠰᠢ ᠭᠠᠷᠤᠭᠠᠳ ᠰᠦᠮ᠎ᠠ ᠶᠢ ᠪᠠᠰᠨ ᠵᠦᠪ ᠢᠶᠠᠷ ᠭᠡᠳᠤ ᠡᠷᠬᠢᠨ᠎ᠠ᠃ ᠢᠩᠬᠢᠵᠤ ᠮᠦᠷᠬᠦᠯ ᠲᠠᠭᠤᠰᠴᠤ ᠮᠠᠶᠢᠳᠠᠷᠢ  ᠶᠢᠨ ᠨᠠᠶᠢᠷ ᠤᠨ ᠮᠤᠷᠢ ᠤᠷᠤᠯᠳᠤᠭᠤᠯᠬᠤ᠂ ᠪᠦᠭᠡ ᠪᠠᠷᠢᠯᠳᠤᠬᠤ᠂ ᠰᠤᠷ ᠬᠠᠷᠪᠤᠬᠤ ᠵᠠᠷᠭᠡ ᠤᠯᠠᠨ ᠵᠤᠶᠢᠯ ᠤᠨ ᠭᠡᠯᠪᠠᠷᠢ ᠲᠠᠢ ᠨᠠᠶᠢᠷ ᠨᠠᠭᠠᠳᠤᠮ ᠡᠬᠢᠯᠠᠨ᠎ᠠ᠃ ᠮᠠᠨᠳᠤ ᠠᠮᠤᠭᠤᠯᠠᠩ ᠰᠠᠶᠢᠬᠠᠨ ᠠᠮᠢᠳᠤᠷᠠᠭᠰᠠᠨ ᠦᠩᠭᠡᠷᠠᠭᠰᠠᠨ ᠪᠣᠣᠷ᠎ᠡ ᠵᠢᠯ ᠢᠶᠠᠨ ᠦᠳᠠᠨ ᠦᠳᠠᠰᠢᠯᠠᠵᠤ ᠦᠯᠵᠠᠢ ᠲᠠᠮᠪᠠᠷᠠᠯ ᠲᠠᠢ ᠪᠤᠳᠤᠭᠤ ᠵᠢᠯ ᠢᠶᠠᠨ ᠤᠭᠳᠤᠨ ᠪᠡᠯᠭᠡᠯᠠᠵᠤ᠂ ᠮᠠᠰᠢ ᠭᠦᠷ ᠬᠦᠭᠵᠢᠶᠠᠨ ᠲᠠᠢ ᠦᠩᠭᠡᠷᠠᠭᠦᠯᠳᠠᠭ ᠪᠠᠶᠢᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号