| | ﹇ᠠᠭᠤᠯᠭ᠎ᠠ ᠶᠢᠨ ᠲᠣᠪᠴᠢ﹈ ᠲᠤᠰ ᠥᠭᠦᠯᠡᠯ ᠳᠤ ᠤᠶᠢᠷᠠᠳ ᠠᠷᠠᠳ ᠤᠨ ᠳᠠᠭᠤᠤ ︽ᠵᠢᠷᠤᠭᠡᠨ ᠬᠤ ᠶᠢᠨ ᠡᠭᠡᠨ | ᠳᠤ︾ ᠭᠡᠳᠡᠭ ᠲᠠᠭᠤᠨ ᠤ ᠵᠤᠭᠢᠶᠠᠭᠳᠠᠭᠰᠠᠨ ᠠᠶᠢᠮᠠᠭ ᠶᠠᠰᠤᠳᠠᠨ᠂ ᠭᠠᠵᠡᠷ ᠤᠷᠤᠨ᠂ ᠴᠠᠭ ᠬᠤᠭᠤᠴᠠᠭᠠᠨ ᠤ ᠲᠤᠬᠠᠢ | ᠤᠷᠳᠤ ᠤᠳᠠᠭᠠᠨ ᠭᠡᠭᠡᠷ᠎ᠠ ᠶᠢᠨ ᠪᠠᠶᠢᠴᠠᠭᠠᠯᠠᠯᠳᠠ ᠪᠤᠶᠤ ᠲᠠᠤᠭᠡ ᠶᠢᠨ ᠨᠤᠮ ᠰᠤᠳᠤᠷ ᠢ ᠨᠠᠷᠢᠨ ᠠᠵᠢᠭᠯᠠᠯᠲᠠ ᠬᠢᠵᠦ᠂ | ᠦᠪᠡᠷ ᠤᠨ ᠪᠤᠯᠪᠠᠰᠤᠨ ᠪᠤᠰᠤ ᠦᠵᠠᠯᠳᠠ ᠪᠠᠨ ᠲᠤᠷᠠᠳᠵᠤ ᠠᠩᠬ᠎ᠠ ᠠᠯᠬᠤᠮ ᠤᠨ ᠰᠢᠠᠵᠢᠯᠠᠯᠳᠠ ᠭᠡᠵᠡᠢ᠃ | ﹇ᠵᠠᠩᠭᠢᠯᠠᠭ᠎ᠠ ᠦᠭᠡ﹈ ᠤᠶᠢᠷᠠᠳ ᠠᠷᠠᠳ ᠤᠨ ᠲᠠᠭᠤᠤ᠂ ᠵᠢᠷᠤᠭᠡᠨ ᠬᠤ ᠶᠢᠨ ᠡᠭᠡᠨ ᠳᠤ᠂ ᠰᠤᠳᠤᠯᠤᠯ | ᠮᠤᠩᠭᠤᠯ ᠠᠷᠠᠳ ᠤᠨ ᠲᠠᠭᠤᠤ ᠪᠤᠯ ᠮᠤᠩᠭᠤᠯ ᠠᠷᠠᠳ ᠤᠨ ᠠᠮᠠᠨ ᠵᠤᠭᠢᠶᠠᠯ ᠤᠨ ᠴᠢᠬᠤᠯᠠ ᠨᠢᠭᠡᠨ ᠪᠦᠷᠢᠯᠳᠤᠭᠦᠨ | ᠭᠡᠰᠡᠭ ᠪᠤᠯᠤᠨ᠎ᠠ᠃ ᠮᠦᠨ ᠴᠦ ᠴᠠᠭ ᠦᠶ᠎ᠠ ᠪᠠᠶᠢᠳᠠᠯ ᠢ ᠲᠤᠰᠬᠠᠭᠰᠠᠨ᠂ ᠨᠠᠶᠢᠭᠡᠮ ᠤᠨ ᠡᠯ᠎ᠡ ᠲᠠᠪᠬᠤᠷᠠᠭᠠ ᠶᠢᠨ | ᠪᠦᠷᠢᠯᠳᠤᠭᠦᠨ ᠢ ᠬᠠᠮᠤᠷᠤᠩᠰᠠᠨ᠂ ᠨᠤᠳᠤᠭ ᠨᠢᠷᠤᠭᠤᠨ᠂ ᠨᠤᠶᠠᠨ ᠰᠠᠶᠢᠳ᠂ ᠯᠠᠮᠠ ᠬᠤᠸᠠᠷᠠᠭ᠂ ᠠᠪᠤ ᠡᠵᠢ᠂ ᠠᠬ᠎ᠠ | ᠶᠡᠭᠡᠰ᠂ ᠠᠳᠤᠭᠤᠨ ᠮᠠᠯ᠂ ᠮᠤᠳᠤᠨ ᠤᠷᠭᠤᠮᠠᠯ᠂ ᠢᠨᠠᠭ ᠠᠮᠠᠷᠠᠭ᠂ ᠡᠭᠦᠷ ᠬᠠᠨᠢ ᠢᠶᠠᠨ ᠰᠠᠨᠠᠨ ᠮᠦᠷᠤᠭᠡᠳᠤᠭ᠍ᠰᠠᠨ᠂ | ᠮᠠᠭᠳᠠᠨ ᠲᠠᠭᠤᠯᠠᠭᠰᠠᠨ ᠪᠠᠶᠠᠯᠢᠭ ᠰᠠᠶᠢᠬᠠᠨ ᠠᠭᠤᠯᠭ᠎ᠠ᠂ ᠰᠢᠯᠦᠭᠯᠢᠭ ᠢᠷᠠᠭᠤ ᠭᠡᠯᠪᠡᠷᠢ ᠲᠠᠢ᠂ ᠵᠤᠶᠢᠷ ᠦᠭᠡ᠂ | ᠬᠠᠪᠤᠳᠤ ᠦᠭᠡ᠂ ᠰᠤᠷᠭᠠᠯ ᠦᠭᠡ᠂ ᠢᠷᠤᠭᠡᠯ ᠮᠠᠭᠳᠠᠭᠠᠯ ᠢ ᠠᠷᠪᠢᠨ ᠭᠡᠷᠡᠭᠯᠠᠵᠤ᠂ ᠦᠭᠡ ᠶᠢᠨ ᠤᠤᠬ᠎ᠠ ᠨᠢ ᠭᠦᠨ᠂ | ᠠᠳᠠᠯᠢᠳᠬᠠᠯ᠂ ᠵᠤᠶᠢᠷᠯᠠᠯ᠂ ᠠᠮᠢᠳᠤᠴᠢᠯᠠᠯ᠂ ᠭᠦᠮᠤᠠᠴᠢᠯᠠᠯ ᠢ ᠢᠯᠠᠳᠭᠡᠭᠰᠠᠨ᠂ ᠤᠬᠠᠮᠰᠠᠷ ᠲᠠᠨᠢᠯᠳᠠ ᠶᠢ ᠪᠤᠳᠠᠳᠠᠢ ᠪᠠᠷ | ᠲᠤᠰᠬᠠᠨ ᠤᠶᠠᠩᠭᠠᠯᠠᠯ ᠲᠦᠷᠰᠤᠯᠠᠯ ᠪᠠᠷ ᠢᠯᠠᠳᠭᠡᠭᠦ ᠰᠠᠨᠠᠭ᠎ᠠ ᠪᠤᠯᠤᠨ ᠵᠤᠷᠢᠯᠭ᠎ᠠ ᠢᠶᠠᠨ ᠬᠠᠷᠠᠭᠤᠯᠤᠭᠰᠠᠨ ᠦᠪᠡᠷᠮᠢᠴᠠ | ᠤᠠᠴᠠᠯᠢᠭ ᠲᠠᠢ ᠨᠠᠭᠦᠳᠠᠯ ᠤᠨ ᠠᠮᠢᠳᠤᠷᠠᠯ ᠤᠨ ᠶᠠᠪᠤᠴᠠ ᠶᠢ ᠭᠦᠢᠴᠠᠰ ᠡᠭᠦᠳᠤᠭ᠍ᠰᠠᠨ ᠠᠮᠢᠳᠤᠯᠢᠭ ᠤᠷᠠᠯᠢᠭ ᠤᠨ | ᠨᠢᠭᠡᠨ ᠵᠤᠶᠢᠯ ᠤᠨ ᠤᠠᠴᠠᠭᠠᠢ ᠲᠦᠷᠤᠯ ᠵᠤᠶᠢᠯ ᠪᠤᠯᠤᠨ᠎ᠠ᠃ ᠲᠠᠶᠢᠮᠤ ᠠᠴᠠ ᠮᠤᠩᠭᠤᠯ ᠠᠷᠠᠳ ᠤᠨ ᠲᠠᠭᠤᠤ ᠪᠤᠯ | ᠲᠡᠯᠡᠭᠡᠢ ᠶᠢᠨ ᠭᠠᠶᠢᠬᠠᠮᠰᠢᠭᠳᠤ ᠰᠤᠶᠤᠯ ᠤᠨ ᠭᠦᠮᠤᠷᠭᠡ ᠶᠢᠨ ᠵᠦᠭᠡᠷᠢ᠂ ᠠᠷᠠᠳ ᠲᠦᠮᠠᠨ ᠤ ᠡᠭᠦᠳᠤᠨ ᠪᠦᠳᠤᠭᠡᠭᠰᠠᠨ | ᠤᠷᠠᠯᠢᠭ ᠤᠨ ᠤᠭᠢ ᠺᠠᠨᠳᠠ᠂ ᠠᠭᠤᠯᠭ᠎ᠠ ᠪᠠᠷ ᠦᠷᠭᠡᠨ ᠲᠡᠯᠭᠡᠷ᠂ ᠤᠤᠬ᠎ᠠ ᠰᠠᠨᠠᠭ᠎ᠠ ᠭᠦᠨ ᠢᠵᠠᠭᠤᠷ ᠰᠤᠶᠤᠯ ᠤᠨ | ᠪᠠᠶᠠᠨ ᠰᠠᠩ ᠢᠶᠠᠷ ᠲᠡᠯᠡᠭᠡᠢ ᠨᠠᠶᠢᠳᠠ ᠳᠤ ᠲᠠᠨᠢᠭᠳᠠᠭᠰᠠᠨ ᠮᠤᠩᠭᠤᠯᠴᠤᠤᠨ ᠤᠨ ᠵᠠᠩ ᠲᠠᠳᠬᠠᠯ᠂ ᠲᠡᠤᠭᠡ ᠰᠤᠶᠤᠯ | ᠶᠢᠨ ᠰᠤᠳᠤᠯᠤᠯᠳᠠ ᠳᠤ ᠤᠯᠳᠠᠰᠢ ᠦᠭᠡᠢ ᠬᠤᠪᠤᠷ ᠨᠠᠠᠳᠢᠨ ᠵᠤᠶᠢᠯ ᠪᠦᠭᠡᠳ ᠦᠠᠳᠤᠰᠤᠳᠠᠨ ᠤ ᠤᠠᠴᠠᠯᠢᠭ ᠢ | ᠬᠠᠳᠠᠭᠠᠯᠠᠭᠰᠠᠨ ᠰᠤᠶᠤᠯ ᠤᠨ ᠦᠵᠡᠭᠳᠠᠯ ᠤᠨ ᠨᠢᠭᠡᠳᠤᠮᠠᠯ ᠴᠤᠭᠴᠠ ᠶᠢᠨ ᠡᠭᠡ ᠰᠤᠷᠪᠤᠯᠵᠢ ᠶᠢ ᠰᠤᠳᠤᠯᠠᠬᠤ ᠳᠤ | ᠤᠯᠳᠠᠰᠢ ᠦᠭᠡᠢ ᠬᠤᠪᠤᠷ ᠴᠤᠬᠠᠭ ᠮᠠᠲ᠋ᠧᠷᠢᠶᠠᠯ ᠪᠤᠯᠤᠭᠰᠠᠨ ᠪᠠᠶᠢᠨ᠎ᠠ᠃ ᠤᠶᠢᠷᠠᠳ ᠮᠤᠩᠭᠤᠯ ᠤᠨ ᠠᠷᠠᠳ ᠤᠨ | ᠲᠠᠭᠤᠤ ᠤ ᠵᠠᠩ ᠵᠠᠩᠰᠢᠯ ᠤᠨ ᠲᠠᠭᠤᠤ ᠪᠤᠯᠬᠤ ︽ᠰᠠᠪᠠ ᠶᠡᠭᠡ ᠶᠢᠷᠳᠢᠠᠴᠤ︾᠂ ︽ᠪᠤᠷᠬᠠᠨ ᠱᠠᠵᠢᠨ ᠤᠭᠳᠠᠷᠭᠤᠢ︾ | ᠂ ︽ᠵᠢᠷᠤᠭᠡᠨ ᠬᠤ ᠶᠢᠨ ᠡᠭᠡᠨ ᠳᠤ︾ ᠭᠡᠳᠡᠭ ᠲᠠᠭᠤᠤ ᠨᠤᠭᠤᠳ ᠲᠦᠷᠤ ᠶᠢᠨ ᠨᠠᠶᠢᠷ᠂ ᠨᠠᠶᠢᠷ ᠨᠠᠭᠠᠳᠤᠮ᠂ ᠬᠤᠷᠢᠮ | ᠭᠡᠶᠢᠴᠢ ᠪᠤᠶᠤ ᠡᠩ ᠤᠨ ᠨᠠᠶᠢᠷ ᠴᠦ ᠭᠦᠮᠤᠨ ᠤ ᠪᠠᠶᠢᠷᠢ ᠰᠠᠭᠤᠷᠢ ᠪᠤᠶᠤ ᠨᠠᠰᠤ ᠬᠤᠳᠤᠭ ᠵᠠᠷᠭᠡ ᠶᠢ ᠦᠠᠳᠤᠰᠤᠯᠠᠨ | ᠦᠷᠭᠦᠯᠵᠢ ᠶᠢᠨ ᠰᠢᠠᠵᠢᠳᠠᠢ ᠲᠠᠭᠤᠯᠠᠳᠠᠭ ᠶᠤᠮ᠂ ᠪᠢ ᠤᠠᠴᠠᠭᠠᠶᠢᠯᠠᠨ ᠤᠶᠢᠷᠠᠳ ᠠᠷᠠᠳ ᠤᠨ ᠳᠠᠭᠤᠤ ︽ᠵᠢᠷᠤᠭᠡᠨ | ᠬᠤ ᠶᠢᠨ ᠡᠭᠡᠨ ᠳᠤ︾ ᠭᠡᠳᠡᠭ ᠲᠠᠭᠤᠤ ᠨᠢ ᠵᠤᠭᠢᠶᠠᠭᠳᠠᠭᠰᠠᠨ ᠠᠶᠢᠮᠠᠭ ᠶᠠᠰᠤᠳᠠᠨ᠂ ᠭᠠᠵᠡᠷ ᠤᠷᠤᠨ᠂ ᠴᠠᠭ | ᠬᠤᠭᠤᠴᠠᠭᠠᠨ ᠤ ᠲᠤᠬᠠᠢ ᠤᠷᠳᠤ ᠤᠳᠠᠭᠠᠨ ᠭᠡᠭᠡᠷ᠎ᠠ ᠶᠢᠨ ᠪᠠᠶᠢᠴᠠᠭᠠᠯᠠᠯᠳᠠ ᠪᠤᠶᠤ ᠲᠠᠤᠭᠡ ᠶᠢᠨ ᠨᠤᠮ ᠰᠤᠳᠤᠷ ᠢ | ᠨᠠᠷᠢᠨ ᠠᠵᠢᠭᠯᠠᠯᠲᠠ ᠭᠡᠭᠰᠠᠨ ᠪᠢᠯᠠ᠃ | ᠨᠢᠭᠡ᠂ ᠲᠤᠰ ᠲᠠᠭᠤᠨ ᠤ ᠵᠤᠭᠢᠶᠠᠭᠳᠠᠭᠰᠠᠨ ᠠᠶᠢᠮᠠᠭ ᠶᠠᠰᠤᠳᠠᠨ ᠢ ᠰᠢᠠᠵᠢᠭᠦ | ᠬᠤᠱᠤᠤᠨ ᠪᠤᠯ ᠤᠶᠢᠷᠠᠳ ᠮᠤᠩᠭᠤᠯ ᠤᠨ ᠲᠦᠷᠪᠠᠨ ᠠᠶᠢᠮᠠᠭ ᠤᠨ ᠨᠢᠭᠡ ᠮᠦᠨ᠃ ᠬᠤᠱᠤᠤᠨ ᠢᠵᠠᠭᠤᠷᠳᠠᠨ ᠪᠠ | ᠲᠠᠭᠦᠨ ᠤ ᠨᠢᠭᠡ ᠭᠡᠰᠡᠭ ᠠᠯᠪᠠᠳᠤ ᠨᠠᠷ ᠨᠢ ᠦᠪᠤᠷ ᠮᠤᠩᠭᠤᠯ ᠤᠨ ᠵᠠᠭᠦᠨ ᠪᠠᠶ᠎ᠠ ᠳᠤ ᠪᠠᠶᠢᠭᠰᠠᠨ ᠤᠷᠢᠶᠠᠩᠬᠠᠢ | ᠲᠦᠮᠠᠨ ᠤ ᠲᠤᠳᠤᠷ᠎ᠠ ᠪᠠᠭᠳᠠᠵᠤ᠂ ᠬᠤᠷᠴᠢᠨ᠂ ᠠᠷᠤ ᠬᠤᠷᠴᠢᠨ᠂ ᠲᠦᠷᠪᠠᠳ᠂ ᠵᠠᠯᠠᠶᠢᠳ᠂ ᠤᠷᠠᠳ᠂ ᠮᠤᠤᠮᠢᠩᠭᠠᠨ | ᠭᠡᠭᠦ ᠠᠶᠢᠮᠠᠭ ᠤᠳ ᠲᠠᠢ ᠬᠠᠮᠳᠤ ᠭᠢᠨᠭ᠍ᠭᠠᠨ ᠠᠭᠤᠯᠠ ᠶᠢᠨ ᠤᠷᠴᠢᠮ ᠭᠠᠵᠠᠷ ᠤᠳ ᠢᠶᠠᠷ ᠨᠤᠳᠤᠭᠯᠠᠵᠤ ᠪᠠᠶᠢᠵᠠᠢ᠃ | ᠡᠳᠡᠭᠡᠷ ᠠᠶᠢᠮᠠᠭ ᠤᠨ ᠢᠵᠠᠭᠤᠷᠳᠠᠨ ᠴᠦᠮ ᠬᠠᠪᠤᠳᠤ ᠬᠠᠰᠠᠷ ᠤᠨ ᠬᠤᠶᠢᠴᠢᠰ ᠪᠤᠯᠬᠤ ᠲᠤᠯᠠ ᠪᠤᠷᠵᠢᠭᠢᠳ ᠤᠪᠤᠭ | ᠲᠠᠢ ᠶᠤᠮ᠃ ᠬᠠᠪᠤᠳᠤ ᠬᠠᠰᠠᠷ ᠤᠨ ᠨᠠᠶᠢᠮᠠᠳᠤᠭᠠᠷ ᠦᠶ᠎ᠠ ᠶᠢᠨ ᠠᠷᠤᠭ ᠲᠠᠮᠤᠷ᠂ ᠦᠷᠤᠭ᠌ ᠲᠠᠮᠤᠷ ᠭᠡᠭᠦ ᠠᠬ᠎ᠠ ᠲᠠᠭᠦᠤ | ᠬᠤᠶᠠᠷ ᠦᠪᠠᠷ ᠤᠨ ᠡᠴᠢᠭᠡ ᠠᠭᠰᠠᠬᠠᠯᠳᠠᠢ ᠨᠤᠶᠠᠨ ᠠᠴᠠ ᠦᠯᠠᠳᠡᠭᠰᠠᠨ ᠦᠮᠴᠢ ᠠᠯᠪᠠᠳᠤ ᠶᠢ ᠪᠤᠯᠢᠶᠠᠯᠳᠤᠨ | ᠡᠪᠳᠡᠷᠡᠯ ᠭᠠᠷᠴᠠᠢ᠂ ᠦᠷᠤᠭ᠌ ᠲᠠᠮᠤᠷ ᠲᠤ ᠬᠤᠰᠢᠭᠤᠨ ᠪᠤᠯᠭᠠᠨ ᠤ ᠠᠳᠠᠭ ᠮᠠᠭᠤ ᠠᠯᠪᠠᠳᠤ ᠶᠢ ᠬᠤᠪᠢᠶᠠᠵᠤ | ᠦᠭᠭᠦᠭᠰᠠᠨ ᠳᠤ᠂ ᠲᠠᠷᠠ ᠮᠠᠰᠢ ᠭᠤᠮᠤᠳᠠᠨ ᠠᠯᠪᠠᠳᠤ ᠨᠠᠷ ᠢᠶᠠᠨ ᠲᠠᠭᠠᠭᠤᠯᠤᠨ 15 ᠳ᠋ᠤᠭᠠᠷ ᠵᠠᠭᠤᠨ ᠤ ᠭᠤᠴᠢᠭᠠᠳ | ᠤᠨ ᠦᠶ᠎ᠠ ᠪᠠᠷ ᠬᠠᠮᠤᠭ ᠮᠤᠩᠭᠤᠯ ᠢ ᠨᠢᠭᠡᠳᠭᠡᠨ ᠨᠤᠶᠠᠷᠬᠠᠵᠤ ᠪᠠᠶᠢᠭᠰᠠᠨ ᠤᠶᠢᠷᠠᠳ ᠤᠨ ᠲᠤᠭᠤᠭᠠᠨ ᠲᠠᠶᠢᠱᠢ ᠶᠢ | ᠲᠦᠰᠢᠭᠦ ᠪᠠᠷ ᠤᠴᠢᠵᠠᠢ᠃ ᠲᠤᠭᠤᠭᠠᠨ ᠲᠠᠶᠢᠱᠢ ᠲᠤᠩ ᠪᠠᠶᠠᠷᠯᠠᠵᠤ᠂ ᠦᠪᠡᠷ ᠤᠨ ᠦᠭᠢᠨ ᠢᠶᠠᠨ ᠦᠷᠤᠭ᠌ ᠲᠠᠮᠤᠷ | ᠲᠤ ᠦᠭᠴᠤ᠂ ᠤᠶᠢᠷᠠᠳ ᠠᠴᠠ ᠪᠠᠰᠠ ᠨᠢᠭᠡ ᠪᠦᠯᠤᠭ᠌ ᠠᠯᠪᠠᠳᠤ ᠶᠢ ᠲᠠᠭᠦᠨ ᠳᠤ ᠰᠠᠯᠭᠠᠵᠤ ᠦᠭᠴᠠᠢ᠂ ᠲᠡᠷᠡ ᠨᠢ | ᠬᠤᠰᠢᠭᠤᠨ ᠬᠤᠰᠢᠭᠤᠨ ᠠᠴᠠ ᠴᠤᠭᠯᠠᠷᠠᠭᠰᠠᠨ ᠤᠴᠢᠷ ᠠᠴᠠ ︽ᠬᠤᠱᠤᠤᠨ︾ ᠭᠡᠮᠡᠭᠦ ᠨᠡᠷ᠎ᠠ ᠦᠭᠴᠠᠢ᠃ ᠲᠠᠭᠦᠨ | ᠠᠴᠠ ᠬᠤᠶᠢᠰᠢ ᠲᠦᠷᠪᠠᠨ ᠤᠶᠢᠷᠠᠳ ᠠᠴᠠ ᠤᠯᠠᠨ ᠭᠦᠮᠤᠨ ᠬᠤᠱᠤᠤᠨ ᠲᠤ ᠨᠠᠶᠢᠯᠠᠵᠠᠢ᠃ ᠢᠯᠠᠩᠭᠤᠶ᠎ᠠ ᠬᠤᠶᠢᠳ᠂ | ᠪᠠᠭᠠᠳᠤᠤᠨ ᠬᠤᠶᠠᠷ ᠠᠶᠢᠮᠠᠭ ᠤᠨ ᠤᠯᠠᠩᠭᠢ ᠨᠢ ᠬᠤᠱᠤᠤᠨ ᠲᠤ ᠰᠢᠩᠭᠡᠵᠡᠢ᠃ 16 ᠳ᠋ᠤᠭᠠᠷ ᠵᠠᠭᠤᠨ ᠤ ᠲᠤᠮᠳᠠᠴᠢ | ᠦᠶ᠎ᠠ ︵ᠲᠤᠮᠳᠠᠳᠤ ᠲᠦᠷᠪᠠᠨ ᠤᠶᠢᠷᠠᠳ ᠪᠦᠷᠢᠯᠳᠤᠭᠦᠨ ᠳᠤ︶᠂ ᠪᠦᠭᠦᠶᠢᠯᠠ ᠤᠶᠢᠷᠠᠳ ᠢ ᠡᠵᠠᠨ ᠮᠠᠳᠠᠵᠤ | ᠪᠠᠶᠢᠭᠰᠠᠨ ᠡᠰᠠᠨ ᠬᠠᠭᠠᠨ ᠨᠠᠰᠤ ᠪᠠᠷᠠᠬᠤ ᠶᠢ ᠲᠠᠭᠠᠯᠳᠤᠨ ᠴᠤᠷᠤᠰ ︿ᠦᠭᠡᠯᠠᠳ﹀ ᠠᠶᠢᠮᠠᠭ ᠲᠤᠷᠤᠶᠢᠳᠠᠨ ᠪᠠᠭᠤᠷᠠᠵᠤ | ᠂ ᠬᠤᠱᠤᠤᠨ ᠠᠶᠢᠮᠠᠭ ᠭᠦᠴᠤᠷᠭᠡᠭᠵᠢᠨ ᠤᠶᠢᠷᠠᠳ ᠤᠨ ᠴᠢᠭᠤᠯᠭᠠᠨ ᠢ ᠡᠵᠠᠨ ᠮᠡᠳᠡᠵᠠᠢ᠃ 17 ᠳ᠋ᠤᠭᠠᠷ ᠵᠠᠭᠤᠨ ᠤ | ᠡᠭᠡᠨ ᠤ ᠦᠶ᠎ᠠ ᠳᠤ ᠤᠶᠢᠷᠠᠳ ᠤᠨ ᠬᠤᠯᠪᠤᠭᠠᠨ ᠤᠷᠢᠳ ᠡᠮᠤᠨ᠎ᠠ ᠭᠠᠷᠠᠭᠠᠳ ᠦᠭᠡᠢ ᠶᠡᠭᠡᠪᠡᠷ ᠭᠦᠴᠤᠷᠭᠡᠭᠵᠢᠵᠤ᠂ | ᠭᠦᠮᠤᠨ ᠠᠮᠨ ᠨᠠᠮᠡᠭᠳᠠᠵᠤ᠂ ᠮᠠᠯ ᠰᠦᠷᠦᠭ ᠤᠯᠠᠰᠢᠷᠠᠨ᠂ ᠨᠤᠳᠤᠭ ᠪᠠᠯᠴᠢᠭᠡᠷ ᠭᠦᠷᠤᠯᠴᠠᠭᠦ ᠦᠭᠡᠢ ᠪᠤᠯᠵᠤ᠂ ᠦᠮᠴᠢ | ᠨᠤᠳᠤᠭ ᠪᠡᠯᠴᠢᠭᠡᠷ ᠪᠤᠯᠢᠶᠠᠯᠳᠤᠬᠤ ᠲᠤᠳᠤᠭᠠᠳᠤ ᠶᠢᠨ ᠲᠠᠶᠢᠨ ᠴᠦ ᠲᠠᠰᠤᠷᠠᠯᠳᠠ ᠦᠭᠡᠢ ᠡᠭᠦᠰᠵᠤ ᠪᠠᠶᠢᠭᠰᠠᠨ ᠪᠤᠯᠬᠤᠷ | ᠤᠶᠢᠷᠠᠳ ᠤᠨ ᠬᠤᠯᠪᠤᠭᠠᠨ ᠤ ᠵᠠᠷᠢᠮ ᠠᠶᠢᠮᠠᠭ ᠤᠨ ᠨᠤᠶᠠᠳ ᠠᠯᠪᠠᠳᠤ ᠪᠠᠨ ᠲᠠᠭᠠᠭᠤᠯᠤᠨ ᠭᠠᠳᠠᠭᠰᠢ ᠨᠠᠭᠦᠳᠠᠯᠯᠠᠵᠤ | ᠡᠭᠡᠯᠡᠵᠠᠢ᠃ 17 ᠳ᠋ᠤᠭᠠᠷ ᠵᠠᠭᠤᠨ ᠤ ᠭᠤᠴᠢᠭᠠᠳ ᠤᠨ ᠳᠤ ᠲᠤᠷᠭᠤᠤᠨ ᠤᠨ ᠬᠤ ᠦᠷᠯᠤᠭ᠌ ᠠᠯᠪᠠᠳᠤ ᠪᠠᠨ | ᠲᠠᠭᠠᠭᠤᠯᠤᠨ ᠪᠠᠷᠭᠤᠨᠰᠢ ᠢᠵᠢᠯ ᠵᠠᠢ ᠤᠷᠤᠭᠤ ᠨᠠᠭᠦᠳᠠᠯᠯᠠᠵᠤ ᠨᠤᠳᠤᠭᠰᠢᠯᠠᠪᠠ᠃ ᠭᠦᠭᠡᠨᠠᠭᠤᠷ ᠲᠦᠪᠠᠳ ᠭᠠᠵᠠᠷ | ᠤᠷᠤᠨ ᠳᠤ ᠤᠯᠠᠭᠠᠨ ᠤ ᠱᠠᠰᠢᠨ ᠪᠤᠯᠤᠨ ᠰᠢᠷ᠎ᠠ ᠶᠢᠨ ᠱᠠᠰᠢᠨ ᠤ ᠤᠶᠢᠮᠠᠭᠡᠨ ᠡᠭᠦᠰᠤᠭ᠍ᠰᠠᠨ ᠳᠤ ᠰᠢᠷ᠎ᠠ ᠶᠢᠨ ᠱᠠᠰᠢᠨ | ᠮᠦᠭᠦᠵᠤ ᠰᠦᠨᠤᠭᠦ ᠠᠶᠤᠯᠳᠠᠢ ᠪᠤᠯᠤᠭᠰᠠᠨ ᠳᠤ ᠲᠠᠯᠠᠢ ᠯᠠᠮᠠ ᠪᠠ ᠪᠠᠨᠴᠢᠨ ᠪᠤᠭᠳᠠ ᠨᠠᠷ ᠤᠶᠢᠷᠠᠳ ᠤᠨ ᠬᠤᠯᠪᠤᠭᠠᠨ | ᠳᠤ ᠡᠯᠴᠢ ᠶᠠᠪᠤᠭᠤᠯᠵᠤ ᠲᠠᠮᠵᠢᠯᠭᠡ ᠭᠤᠶᠤᠴᠢᠯᠠᠭᠰᠠᠨ ᠳᠤ ᠤᠶᠢᠷᠠᠳ ᠤᠨ ᠬᠤᠯᠪᠣᠭᠠᠨ ᠤ ᠨᠤᠶᠠᠳ ᠵᠦᠪᠰᠢᠶᠠᠷᠠᠵᠤ | ᠬᠤᠯᠪᠤᠭᠠᠳᠤ ᠴᠡᠷᠡᠭ ᠭᠠᠷᠭᠠᠵᠤ ᠭᠦᠭᠡᠨᠠᠭᠤᠷ ᠲᠦᠪᠠᠳ ᠤᠷᠤᠨ ᠤ ᠤᠶᠢᠮᠠᠭᠡᠨ ᠢ ᠰᠦᠨᠤᠭᠡᠵᠤ ᠦᠪᠡᠷ ᠤᠨ ᠡᠷᠭᠡᠰᠢᠶᠠᠯ | ᠳᠡᠭᠡᠨ ᠤᠷᠤᠭᠤᠯᠤᠨ ᠠᠪᠴᠤ ᠭᠦᠤᠱᠢ ᠬᠠᠭᠠᠨ ᠤ ᠱᠠᠭᠠᠷᠳᠠᠯᠭ᠎ᠠ ᠪᠠᠷ ᠬᠤᠱᠤᠤᠨ ᠨᠢ ᠭᠦᠭᠡᠨᠠᠭᠤᠷ ᠳᠤ ᠨᠤᠳᠤᠭᠯᠠᠵᠤ | ᠤᠶᠢᠷᠠᠳ ᠤᠨ ᠪᠤᠰᠤᠤᠨ ᠠᠶᠢᠮᠠᠭ ᠨᠢ ᠴᠡᠷᠢᠭ ᠠᠪᠴᠤ ᠪᠤᠴᠠᠵᠤ ᠢᠷᠠᠪᠠ᠃ 1660 ᠤᠨ ᠤ ᠤᠷᠴᠢᠮ ᠳᠤ | ᠵᠠᠭᠦᠠᠭᠠᠷ ᠲᠤ ᠲᠠᠰᠤᠷᠠᠯᠳᠠ ᠦᠭᠡᠢ ᠡᠪᠳᠠᠷᠠᠯ ᠭᠠᠷᠭᠠᠳ ᠪᠠᠶᠢᠬᠤ ᠳᠤ ᠬᠤᠱᠤᠤᠨ ᠤᠨ ᠭᠦᠠᠳᠤᠯᠦᠩ ᠤᠪᠠᠰᠢ | ᠭᠤᠷᠪᠠᠨ ᠮᠢᠩᠭᠠᠨ ᠡᠷᠤᠭᠡ ᠠᠯᠪᠠᠳᠤ ᠪᠠᠨ ᠲᠠᠭᠠᠭᠤᠯᠤᠭᠠᠳ ᠵᠠᠭᠦᠠᠭᠠᠷ ᠠᠴᠠ ᠨᠠᠭᠦᠵᠤ ᠢᠵᠢᠯ ᠳᠤ ᠭᠦᠷᠴᠤ | ᠲᠤᠷᠭᠤᠤᠨ ᠲᠠᠢ ᠨᠠᠶᠢᠯᠡᠭᠰᠠᠨ ᠪᠠᠶᠢᠨ᠎ᠠ᠃ ᠬᠤᠱᠤᠤᠨ ᠠᠶᠢᠮᠠᠭ ᠨᠢ ᠳᠤᠮᠳᠠᠳᠤ ᠲᠦᠷᠪᠡᠨ ᠤᠶᠢᠷᠠᠳ ᠤᠨ ᠬᠤᠯᠪᠤᠭᠠᠨ | ᠤ ᠲᠦᠷᠤᠭᠦᠤ ᠪᠠᠶᠢᠬᠤ ᠳᠠᠭᠠᠨ ᠦᠷᠤᠮᠴᠢ᠂ ᠪᠠᠯᠠᠭᠠᠱ ᠨᠠᠭᠤᠷ᠂ ᠴᠦᠢ ᠭᠤᠤᠯ᠂ ᠲᠡᠭᠷᠢ ᠠᠭᠤᠯᠠ ᠭᠦᠷᠳᠠᠯ᠎ᠠ ᠭᠠᠵᠠᠷ | ᠤᠷᠤᠨ ᠤ ᠨᠤᠳᠤᠭ ᠪᠠᠯᠴᠢᠭᠡᠷ ᠳᠤ ᠨᠠᠭᠦᠳᠠᠯᠯᠠᠨ ᠮᠠᠯᠵᠢᠳᠠᠭ ᠪᠠᠶᠢᠵᠠᠢ᠃ | ᠬᠤᠶᠠᠷ᠂ ᠲᠤᠰ ᠲᠠᠭᠤᠨ ᠤ ᠵᠤᠭᠢᠶᠠᠭᠳᠠᠭᠰᠠᠨ ᠭᠠᠵᠠᠷ ᠤᠷᠤᠨ ᠢ ᠰᠢᠠᠵᠢᠭᠦ | ᠬᠤᠱᠤᠤᠨ ᠠᠶᠢᠮᠠᠭ ᠲᠤᠮᠳᠠᠳᠤ ᠲᠦᠷᠪᠠᠨ ᠤᠶᠢᠷᠠᠳ ᠤᠨ ᠬᠤᠯᠪᠤᠭᠠᠨ ᠤ ᠲᠦᠷᠤᠭᠦᠤ ᠪᠠᠶᠢᠭᠰᠠᠨ ᠦᠶ᠎ᠠ ᠳᠡᠭᠡᠨ | ᠦᠷᠤᠮᠴᠢ ᠵᠡᠷᠭᠡ ᠭᠠᠵᠠᠷ ᠤᠷᠤᠨ ᠨᠠᠭᠦᠳᠠᠯᠯᠠᠨ ᠮᠠᠯᠵᠢᠵᠤ ᠪᠠᠶᠢᠬᠤ ᠲᠠᠭᠠᠨ ᠲᠤᠰ ᠲᠠᠭᠤᠤ ᠵᠤᠭᠢᠶᠠᠭᠳᠠᠭᠰᠠᠨ ᠪᠠᠶᠢᠨ᠎ᠠ᠂ | ᠶᠠᠭᠠᠭᠢᠭᠠᠳ ᠭᠡᠪᠡᠯ ᠲᠤᠰ ᠲᠠᠭᠤᠤ ᠳᠤ ᠡᠭᠡ ᠪᠠᠶᠢᠭᠠᠯᠢ᠂ ᠨᠤᠳᠤᠭ ᠤᠰᠤᠨ ᠤ ᠤᠠᠴᠠᠯᠢᠭ ᠪᠠᠶᠢᠴᠠ᠂ ᠤᠷᠴᠢᠨ | ᠠᠬᠤᠢ᠂ ᠬᠤᠭᠤᠯᠠ ᠤᠮᠳᠠ ᠶᠢ ᠲᠦᠷᠰᠤᠯᠠᠵᠤ᠂ ᠦᠪᠠᠷᠰᠠᠳ ᠤᠨ ᠢᠶᠠᠨ ᠨᠠᠰᠢ ᠴᠠᠰᠢ ᠨᠠᠭᠦᠵᠤ ᠨᠤᠳᠤᠭ | ᠰᠠᠯᠭᠦᠴᠡᠭᠰᠠᠨ ᠲᠠᠤᠭᠡᠨ ᠦᠡᠭᠭᠡᠷᠠᠯᠳᠠ ᠪᠠᠨ ᠲᠤᠷᠠᠰᠤᠨ ᠠᠬ᠎ᠠ ᠶᠡᠭᠡᠰ ᠰᠠᠨᠠᠭᠠᠯᠵᠠᠵᠤ ᠤᠶᠠᠩᠭᠠᠯᠠᠬᠤ ᠪᠠᠷ | ᠲᠠᠮᠵᠢᠭᠤᠯᠵᠤ ᠨᠤᠳᠤᠭᠴᠢ ᠦᠵᠠᠯ ᠰᠡᠳᠭᠢᠯᠭᠡ ᠶᠢ ᠲᠤᠰᠬᠠᠭᠰᠠᠨ ᠪᠠᠶᠢᠳᠠᠭ᠂ ᠲᠤᠰ ᠲᠠᠭᠤᠤ ᠳᠤ ᠢᠯᠡᠷᠡᠳᠡᠭ ᠭᠠᠵᠠᠷ | ᠤᠷᠤᠨ ᠤ ᠦᠷᠤᠮᠴᠢ ᠶᠢᠨ ᠤᠶᠢᠷ᠎ᠠ ᠬᠠᠪᠢ ᠶᠢᠨ ᠭᠠᠵᠠᠷ ᠤᠨ ᠨᠠᠷ᠎ᠡ ᠭᠠᠷᠭᠠᠳᠠᠭ᠃ ︽ᠵᠢᠷᠤᠭᠡᠨ ᠬᠤ ᠶᠢᠨ ᠡᠭᠡᠨ ᠳᠤ | ︾᠄ | ᠵᠢᠷᠤᠭᠡᠨ ᠬᠤ ᠶᠢᠨ ᠡᠭᠡᠨ ᠤ ᠱᠤᠷᠤᠩ ᠳᠤ | ᠵᠦᠷ ᠭᠦᠷᠤᠭᠡᠰᠤᠨ ᠢᠳᠡᠰᠢᠯᠡᠳᠡᠭ | ᠵᠤᠶᠢᠴᠢᠯᠠᠵᠤ ᠶᠠᠰᠠᠭᠰᠠᠨ ᠢᠳᠡᠭᠡᠨ ᠤ ᠲᠡᠭᠡᠵᠢ ᠶᠢ | ᠵᠤᠶᠢᠳᠠᠢ ᠰᠢᠭ᠋ ᠠᠬ᠎ᠠ ᠨᠠᠷ ᠵᠤᠭᠤᠭᠯᠠᠭᠠᠷᠠᠢ ᠲᠠ | ᠶᠠᠮᠠᠭᠠᠳᠤ ᠬᠤ ᠶᠢᠨ ᠡᠭᠡᠨ ᠤ ᠱᠤᠷᠤᠩ ᠳᠤ | ᠶᠠᠮᠠᠨ ᠭᠦᠷᠤᠭᠡᠰᠤᠨ ᠢᠳᠡᠰᠢᠯᠡᠳᠡᠭ | ᠶᠠᠮᠠᠯᠠᠭᠤᠯᠤᠨ ᠶᠠᠰᠠᠭᠰᠠᠨ ᠢᠳᠡᠭᠡᠨ ᠤ ᠲᠡᠭᠡᠵᠢ ᠶᠢ | ᠶᠠᠮᠤ ᠲᠠᠢ ᠰᠢᠭ᠋ ᠠᠬ᠎ᠠ ᠨᠠᠷ ᠵᠤᠭᠤᠭᠯᠠᠭᠠᠷᠠᠢ ᠲᠠ | ᠲᠤᠤᠳᠤᠨ ᠬᠤ ᠶᠢᠨ ᠡᠭᠡᠨ ᠤ ᠱᠤᠷᠤᠩ ᠳᠤ | ᠲᠤᠷ ᠭᠦᠷᠤᠭᠡᠰᠤᠨ ᠢᠳᠡᠰᠢᠯᠡᠳᠡᠭ | ᠲᠠᠭᠠᠴᠠᠳᠠᠢ ᠶᠠᠰᠠᠭᠰᠠᠨ ᠢᠳᠡᠭᠡᠨ ᠤ ᠲᠡᠭᠡᠵᠢ ᠶᠢ | ᠲᠤᠭᠤᠮᠰᠤᠷᠳᠠᠢ ᠰᠢᠭ᠋ ᠠᠬ᠎ᠠ ᠨᠠᠷ ᠵᠤᠭᠤᠭᠯᠠᠭᠠᠷᠠᠢ ᠲᠠ︾ ᠭᠡᠵᠤ ᠲᠠᠭᠤᠯᠠᠳᠠᠭ᠃ | ︽ᠦᠷᠤᠮᠴᠢ︾ ᠭᠡᠳᠡᠭ ᠭᠠᠵᠠᠷ ᠤᠨ ᠨᠠᠷᠠᠶᠢᠳᠤᠯ ᠲᠤᠬᠠᠢ ᠤᠯᠠᠨ ᠡᠷᠳᠡᠮᠳᠡᠨ ᠤᠯᠠᠨ ᠵᠤᠶᠢᠯ ᠢᠶᠠᠷ ᠲᠠᠶᠢᠯᠪᠤᠷᠢᠯᠠᠵᠤ | ᠢᠷᠡᠭᠰᠠᠨ ᠶᠤᠮ᠃ ᠭᠡᠳᠡᠯ᠎ᠠ ᠦᠷᠤᠮᠴᠢ ᠭᠡᠳᠡᠭ ᠨᠢ ᠮᠤᠩᠭᠤᠯ ᠦᠭᠡ᠂ ᠤᠭᠢ ᠰᠠᠶᠢᠨ ᠠᠪᠠ ᠬᠤᠮᠤᠷᠭ᠎ᠠ ᠶᠢᠨ ᠭᠠᠵᠠᠷ | ᠪᠤᠶᠤ ᠦᠡᠭ ᠰᠢᠮ᠎ᠠ ᠲᠠᠢ ᠪᠠᠯᠴᠢᠭᠡᠷ ᠨᠤᠳᠤᠭ ᠭᠡᠰᠠᠨ ᠤᠤᠬ᠎ᠠ ᠲᠠᠢ ᠦᠭᠡ ᠪᠤᠯᠤᠨ᠎ᠠ᠃ ︽ᠵᠢᠷᠤᠭᠡᠨ ᠬᠤ︾ ᠭᠡᠳᠡᠭ | ᠭᠠᠵᠠᠷ ᠤ ᠪᠠᠷᠤᠭ ᠤᠳᠤ ᠶᠢᠨ ᠦᠷᠤᠮᠴᠢ ᠬᠤᠳᠠ ᠶᠢᠨ ᠤᠯᠠᠭᠠᠨᠪᠠᠢ ᠶᠢᠨ ᠨᠢᠭᠡ ᠬᠤ ᠶᠢ ᠵᠢᠭᠠᠵᠤ ᠪᠠᠶᠢᠨ᠎ᠠ᠂ ︽ | ᠶᠠᠮᠠᠭᠠᠳᠤ ᠬᠤ︾ ᠭᠡᠳᠡᠭ ᠭᠠᠵᠠᠷ ᠤ ᠤᠳᠤ ᠶᠢᠨ ᠴᠠᠠᠵᠢ ᠶᠢᠨ ᠢᠮᠠᠭᠠᠯᠢᠭ ᠠᠭᠤᠯᠠ ᠶᠢᠨ ᠬᠤ ᠶᠢ ᠵᠢᠭᠠᠵᠤ ᠪᠠᠶᠢᠨ᠎ᠠ᠂ | ᠤᠳᠤ ᠶᠢᠨ ᠦᠷᠤᠮᠴᠢ ᠬᠤᠳᠠ ᠶᠢᠨ ᠪᠠᠷᠠᠭᠤᠨ ᠡᠮᠤᠨ᠎ᠠ ᠲᠡᠭᠦᠷᠭᠡ ᠳᠠᠬᠢ ᠬᠤᠪᠠᠭ᠋ᠠᠢ ᠠᠭᠤᠯᠠ ᠴᠦ ᠢᠮᠠᠭᠠᠯᠢᠭ | ᠠᠭᠤᠯᠠ ᠭᠡᠳᠡᠭ᠃ ︽ᠲᠤᠤᠳᠤᠨ ᠬᠤ︾ ᠭᠡᠳᠡᠭ ᠭᠠᠵᠠᠷ ᠤ ᠤᠳᠤ ᠶᠢᠨ ᠴᠠᠠᠵᠢ ᠶᠢᠨ ᠲᠧᠤ ᠲᠦᠨ ᠾᠧ ᠭᠤᠤᠯ | ᠤᠨ ᠠᠭᠤᠯᠠ ᠶᠢᠨ ᠬᠤ ᠶᠢ ᠵᠢᠭᠠᠵᠤ ᠪᠠᠶᠢᠨ᠎ᠠ ᠭᠡᠵᠤ ᠪᠢ ᠰᠢᠠᠵᠢᠶᠠᠩ ᠤᠨ ᠶᠡᠭᠡ ᠰᠤᠷᠭᠠᠭᠤᠯᠢ ᠳᠤ ᠤᠡᠭᠰᠢᠵᠤ | ᠪᠠᠶᠢᠬᠤ ᠳᠤ ᠲᠤᠰ ᠰᠤᠷᠭᠠᠭᠤᠯᠢ ᠶᠢᠨ ᠲᠡᠤᠭᠡ ᠶᠢᠨ ᠰᠠᠯᠪᠤᠷᠢ ᠶᠢᠨ ᠲᠡᠳ᠋ ᠫᠷᠤᠹᠧᠰᠰᠤᠷ᠂ ᠤᠶᠢᠷᠠᠳ ᠲᠡᠤᠭᠡ ᠶᠢᠨ | ᠡᠷᠳᠡᠮᠳᠡᠨ᠂ ᠨᠤᠳᠤᠭ ᠤᠨ ᠠᠬᠠᠮᠠᠳ ᠰᠢ᠊᠂ ᠨᠤᠷᠪᠤ ᠪᠠᠭᠰᠢ ᠦᠷᠭᠦᠯᠵᠢ ᠶᠢᠨ ᠰᠢᠠᠵᠢᠳᠠᠢ ᠤᠶᠢᠷᠠᠳ ᠲᠡᠤᠭᠡ ᠶᠢᠨ | ᠵᠤᠭᠤᠭ ᠲᠠᠯᠭᠡᠨ ᠰᠠᠭᠤᠬᠤ ᠳᠠᠭᠠᠨ ᠬᠠᠭᠤᠴᠢᠯᠠᠳᠠᠭ ᠪᠢᠯᠠ᠃ | ᠳᠤᠮᠳᠠᠳᠤ ᠲᠦᠷᠪᠡᠨ ᠤᠶᠢᠷᠠᠳ ᠤᠨ ᠬᠤᠯᠪᠤᠭᠠᠨ ᠤ ᠲᠦᠷᠤᠭᠦᠤ ᠪᠠᠶᠢᠭᠰᠠᠨ ᠬᠤᠱᠤᠤᠨ ᠠᠶᠢᠮᠠᠭ ᠤᠨ ᠶᠡᠭᠡ ᠭᠡᠰᠡᠭ | ᠨᠢ ᠭᠦᠤᠱᠢ ᠬᠠᠭᠠᠨ ᠤᠨ ᠰᠢᠨ᠎ᠠ ᠡᠵᠡᠯᠡᠭᠰᠠᠨ ᠨᠤᠳᠤᠭ ᠪᠡᠯᠴᠢᠭᠡᠷ ᠭᠦᠭᠡᠨᠠᠭᠤᠷ ᠳᠤ ᠰᠢᠯᠵᠢᠵᠤ᠂ ᠪᠠᠰᠠ ᠨᠢᠭᠡ ᠭᠡᠰᠡᠭ | ᠬᠤᠱᠤᠳ ᠲᠠᠰᠤᠷᠠᠵᠤ ᠠᠯᠠᠱᠠ ᠳᠤ ᠨᠤᠳᠤᠭᠯᠠᠵᠠᠢ᠂ ᠨᠢᠭᠡ ᠭᠡᠰᠡᠭ ᠬᠤᠱᠤᠳ ᠢ ᠭᠦᠠᠳᠤᠯᠦᠩ ᠤᠪᠠᠰᠢ | ᠲᠠᠭᠠᠭᠤᠯᠤᠭᠠᠳ ᠵᠠᠭᠦᠠᠭᠠᠷ ᠠᠴᠠ ᠨᠠᠭᠦᠵᠤ ᠢᠵᠢᠯ ᠳᠤ ᠭᠦᠷᠴᠤ ᠲᠤᠷᠭᠤᠤᠨ ᠲᠠᠢ ᠨᠠᠶᠢᠯᠡᠭᠰᠠᠨ ᠠᠴᠠ ᠬᠤᠱᠤᠳ | ᠠᠶᠢᠮᠠᠭ ᠤᠨ ᠭᠦᠴᠤ ᠪᠠᠭᠤᠷᠠᠵᠤ ᠳᠤᠮᠳᠠᠳᠤ ᠲᠦᠷᠪᠡᠨ ᠤᠶᠢᠷᠠᠳ ᠤᠨ ᠬᠤᠯᠪᠤᠭᠠᠨ ᠨᠢ ᠤᠰᠠᠳᠵᠤ ᠦᠷᠤᠮᠴᠢ ᠵᠡᠷᠭᠡ | ᠨᠤᠳᠤᠭ ᠪᠡᠯᠴᠢᠭᠡᠷ ᠨᠢ ᠵᠠᠭᠦᠠᠭᠠᠷ ᠤᠨ ᠦᠭᠡᠯᠠᠳ ᠶᠠᠰᠤᠳᠠᠨ ᠤ ᠮᠠᠯᠵᠢᠯ ᠤᠨ ᠭᠠᠵᠠᠷ ᠪᠤᠯᠤᠭᠰᠠᠨ ᠪᠠᠶᠢᠨ᠎ᠠ᠃ | ᠭᠤᠷᠪᠠ᠂ ᠲᠤᠰ ᠲᠠᠭᠤᠨ ᠤ ᠵᠤᠭᠢᠶᠠᠭᠳᠠᠭᠰᠠᠨ ᠴᠠᠭ ᠢ ᠰᠢᠠᠵᠢᠭᠦ | ︽ᠵᠢᠷᠤᠭᠡᠨ ᠬᠤ ᠶᠢᠨ ᠡᠭᠡᠨ ᠳᠤ︾ ᠭᠡᠳᠡᠭ ᠠᠷᠠᠳ ᠤᠨ ᠲᠠᠭᠤᠤ ᠵᠤᠭᠢᠶᠠᠭᠳᠠᠭᠰᠠᠨ ᠴᠠᠭ ᠬᠤᠭᠤᠴᠠᠭᠠᠨ ᠨᠢ | ᠳᠤᠮᠳᠠᠳᠤ ᠲᠦᠷᠪᠡᠨ ᠤᠶᠢᠷᠠᠳ ᠤᠨ ᠬᠤᠯᠪᠤᠭᠠᠨ ᠤ ᠰᠠᠭᠦᠯᠴᠢ ᠦᠶ᠎ᠠ ︵1660 ᠤᠨ ᠠᠴᠠ 1680 ᠤᠨ ᠤ | ᠬᠤᠭᠤᠷᠤᠠᠳᠤ︶ ᠪᠤᠯᠤᠨ᠎ᠠ᠃ ᠲᠤᠬᠠᠢ ᠶᠢᠨ ᠦᠶ᠎ᠠ ᠶᠢᠨ ᠲᠦᠷᠪᠠᠨ ᠤᠶᠢᠷᠠᠳ ᠤᠨ ᠬᠤᠯᠪᠤᠭᠠᠨ ᠤ ᠡᠷᠭᠡ ᠨᠢ | ᠬᠤᠱᠤᠤᠨ ᠠᠶᠢᠮᠠᠭ ᠳᠤ ᠬᠠᠷᠢᠶᠠᠭᠳᠠᠵᠤ ᠪᠠᠶᠢᠭᠰᠠᠨ ᠴᠠᠭ ᠦᠶ᠎ᠠ ᠪᠤᠯᠤᠨ᠎ᠠ᠃ ᠡᠶᠢᠮᠤ ᠶᠡᠭᠡ ᠠᠶᠢᠮᠠᠭ ᠤᠶᠢᠷᠠᠳ ᠤᠨ | ᠲᠤᠳᠤᠭᠠᠳᠤ ᠶᠢᠨ ᠥᠢᠮᠡᠭᠡᠨ ᠠᠴᠠ ᠪᠤᠯᠵᠤ ᠭᠦᠭᠡᠨᠠᠭᠤᠷ᠂ ᠢᠵᠢᠯ ᠵᠠᠢ᠂ ᠠᠯᠠᠱᠠ ᠵᠡᠷᠭᠡ ᠭᠠᠵᠠᠷ ᠤᠷᠤᠨ ᠳᠤ | ᠨᠤᠳᠤᠭᠯᠠᠨ ᠰᠠᠭᠤᠷᠢᠰᠢᠵᠤ᠂ ᠨᠢᠭᠡ ᠭᠡᠰᠡᠭ ᠤ ᠵᠠᠭᠦᠠᠭᠠᠷ ᠤᠨ ᠭᠠᠯᠳᠠᠨ ᠪᠤᠱᠤᠭᠳᠤ ᠬᠠᠭᠠᠨ ᠤ ᠬᠠᠷᠢᠶᠠᠳᠤ ᠤᠷᠤᠭᠰᠠᠨ | ᠪᠠᠶᠢᠨ᠎ᠠ᠃ | ᠤᠠᠴᠠᠭᠠᠶᠢᠯᠠᠨ ᠭᠦᠠᠳᠤᠯᠦᠩ ᠤᠪᠠᠰᠢ ᠭᠤᠷᠪᠠᠨ ᠮᠢᠩᠭᠠᠨ ᠡᠷᠤᠭᠡ ᠠᠯᠪᠠᠳᠤ ᠪᠠᠨ ᠲᠠᠭᠠᠭᠤᠯᠤᠭᠠᠳ ᠵᠠᠭᠦᠠᠭᠠᠷ ᠠᠴᠠ | ᠨᠠᠭᠦᠵᠤ ᠢᠵᠢᠯ ᠳᠤ ᠭᠦᠷᠴᠤ ᠲᠤᠷᠭᠤᠤᠨ ᠲᠠᠢ ᠨᠠᠶᠢᠯᠡᠭᠰᠠᠨ ᠪᠠᠶᠢᠨ᠎ᠠ᠃ ᠰᠢᠠᠵᠢᠶᠠᠩ ᠤᠨ ᠶᠡᠭᠡ ᠰᠤᠷᠭᠠᠭᠤᠯᠢ ᠶᠢᠨ | ᠲᠡᠤᠭᠡ ᠶᠢᠨ ᠰᠠᠯᠪᠤᠷᠢ ᠶᠢᠨ ᠲᠡᠳ᠋ ᠫᠷᠤᠹᠧᠰᠰᠤᠷ᠂ ᠤᠶᠢᠷᠠᠳ ᠲᠡᠤᠭᠡ ᠶᠢᠨ ᠡᠷᠳᠡᠮᠳᠡᠨ ᠰᠢ᠊᠂ ᠨᠤᠷᠪᠤ ᠪᠠᠭᠰᠢ ︽ | ᠽᠠᠶ᠎ᠠ ᠪᠠᠨᠳᠢᠳᠠ︾ ᠭᠡᠳᠡᠭ ᠨᠤᠮ ᠢ ᠲᠤᠯᠭᠠᠨ ᠬᠠᠷᠢᠴᠠᠭᠤᠯᠵᠤ ᠲᠠᠶᠢᠯᠪᠤᠷᠢᠯᠠᠬᠤ ᠳᠡᠭᠡᠨ᠄ ﹇ᠭᠦᠠᠳᠤᠯᠦᠩ ᠤᠪᠠᠰᠢ | ᠪᠤᠯ ᠬᠤᠱᠤᠤᠨ ᠢᠵᠠᠭᠤᠷᠳᠠᠨ ᠬᠠᠨᠢ ᠨᠤᠶᠠᠨ ᠬᠤᠨᠭ᠍ᠭᠤᠷ ᠤᠨ ᠬᠤᠶᠠᠳᠤᠭᠠᠷ ᠭᠦᠪᠠᠭᠦᠨ ᠮᠥᠨ᠃ ᠠᠯᠳᠠᠷᠳᠤ | ᠪᠠᠶᠢᠪᠠᠭᠠᠰ ᠪᠠᠭᠠᠳᠤᠷ ᠨᠤᠶᠠᠨ ᠤ ᠲᠦᠷᠤᠭ᠍ᠰᠠᠨ ᠲᠠᠭᠦᠤ ᠮᠥᠨ ᠪᠦᠭᠡᠳ ᠸᠴᠢᠷᠳᠤ ᠴᠠᠴᠠᠨ ᠬᠠᠭᠠᠨ ᠤ ᠠᠪᠠᠭ᠎ᠠ ᠶᠤᠮ᠃ | ᠲᠠᠭᠦᠨ ᠤ ᠤᠶᠢᠯᠠ ᠶᠠᠪᠤᠳᠠᠯ ᠤ ᠲᠤᠳᠤ᠂ ᠭᠢᠳᠡᠳ᠂ ᠤᠷᠤᠰ ᠭᠡᠯᠡ ᠪᠠᠷ ᠪᠢᠴᠢᠩᠳᠡᠭᠰᠠᠨ ᠲᠡᠤᠭᠡ ᠳᠤ | ᠲᠡᠮᠳᠡᠭᠡᠯᠡᠭᠳᠠᠵᠠᠢ᠃ ᠵᠢᠱᠢᠶᠠᠯᠠᠪᠠᠯ᠄ ᠭᠦᠠᠳᠤᠯᠦᠩ ᠤᠪᠠᠰᠢ ᠬᠠᠮᠤᠭ ᠠᠯᠪᠠᠳᠤ ᠪᠠᠨ ᠭᠦᠪᠠᠭᠦᠨ ᠲᠡᠭᠡᠨ ᠬᠤᠪᠢᠶᠠᠨ | ᠦᠭᠴᠤ ᠤᠷᠭᠢᠭᠠᠳ᠂ ᠪᠠᠶ᠎ᠠ ᠳᠡᠭᠡᠨ ᠭᠡᠮᠰᠢᠵᠤ᠂ ᠲᠤᠷᠭᠤᠤᠨ ᠤᠨ ᠱᠦᠭᠦᠷ ᠲᠠᠶᠢᠴᠢᠩ ᠳᠤ᠄ ︽ᠴᠢ ᠤᠬᠠᠭᠠᠨ ᠲᠠᠢ | ᠳᠠᠭᠠᠨ ᠤᠯᠤᠰ ᠤᠨ ᠶᠡᠭᠡᠨᠭᠭᠢ ᠶᠢ ᠦᠪᠡᠷ ᠢᠶᠠᠨ ᠠᠪᠤᠭᠠᠳ ᠡᠮᠤᠨᠠᠭᠢ ᠤᠷᠤᠨ ᠳᠠᠭᠠᠨ ᠪᠠᠶᠢᠪᠠᠢ ᠴᠢ᠂ ᠪᠢ ᠭᠦᠪᠡᠭᠦᠨ | ᠲᠡᠭᠡᠨ ᠴᠦᠮ ᠢ ᠮᠡᠳᠡᠭᠦᠯᠵᠤ ᠤᠷᠭᠢᠭᠠᠳ ᠦᠪᠡᠷ ᠢᠶᠠᠨ ᠪᠠᠭᠤᠷᠠᠪᠠ︾ ᠭᠡᠵᠡᠢ᠃ ᠪᠠᠰᠠ ᠭᠦᠠᠳᠤᠯᠦᠩ ᠤᠪᠠᠰᠢ | ᠲᠦᠪᠠᠳ ᠲᠤ ᠭᠦᠷᠤᠭᠡᠳ ᠵᠤᠤ ᠶᠢᠨ ᠭᠡᠭᠡᠨ ᠳᠤ ᠮᠦᠷᠭᠦᠭᠦ ᠳᠡᠭᠡᠨ᠄ ︽ᠪᠠᠶᠠᠵᠢᠬᠤ ᠳᠤ ᠮᠢᠨᠢ ᠬᠠᠷᠠᠮᠴᠢ ᠪᠤᠤ | ᠲᠦᠷᠤᠭᠦᠯ᠂ ᠨᠤᠶᠠᠵᠢᠬᠤ ᠳᠤ ᠮᠢᠨᠢ ᠤᠮᠤᠭ ᠪᠤᠤ ᠲᠦᠷᠤᠭᠦᠯ︾ ᠭᠡᠵᠤ ᠵᠠᠯᠪᠠᠷᠢᠵᠠᠢ᠃ ᠭᠦᠠᠳᠤᠯᠦᠩ ᠤᠪᠠᠰᠢ ᠶᠢᠨ | ᠭᠡᠯᠡᠭᠰᠠᠨ ᠲᠡᠭᠡᠷᠡᠭᠢ ᠬᠤᠶᠠᠷ ᠦᠭᠡᠰ ᠢ ᠦᠵᠡᠪᠠᠯ ᠨᠠᠯᠢᠶᠠᠳ ᠨᠠᠠᠳᠢᠨ ᠮᠤᠷᠠᠯ ᠲᠠᠢ ᠭᠦᠮᠤᠨ ᠰᠠᠠᠵᠠᠢ ᠭᠡᠵᠤ ᠭᠡᠯᠡᠵᠤ | ᠪᠤᠯᠤᠮᠠᠷ ᠪᠠᠶᠢᠨ᠎ᠠ᠃﹈ ᠭᠡᠵᠤ ︽ᠬᠠᠯᠢᠮᠠᠭ ᠬᠠᠳ ᠤᠨ ᠲᠤᠭᠤᠵᠢ︾᠂ ᠭᠠᠪᠠᠨᠭ᠌ ᠰᠢᠷᠠᠪ ᠪᠤᠯᠤᠨ ᠪᠠᠭᠠᠳᠤᠷ ᠤᠪᠠᠰᠢ | ᠲᠦᠮᠠᠨ ᠤ ᠪᠢᠴᠢᠭᠰᠡᠨ ︽ᠲᠦᠷᠪᠠᠨ ᠤᠶᠢᠷᠠᠳ ᠤᠨ ᠲᠡᠤᠭᠡ︾ ᠳᠤ ᠪᠢᠴᠢᠭᠰᠡᠨ ᠢᠶᠠᠷ ᠲᠠᠶᠢᠯᠪᠤᠷᠢᠯᠡᠭᠰᠠᠨ ᠪᠠᠶᠢᠳᠠᠭ᠃ | ᠲᠤᠰ ᠲᠠᠭᠤᠤ ᠶᠠᠭ ᠭᠦᠠᠳᠤᠯᠦᠩ ᠤᠪᠠᠰᠢ ᠲᠠᠭᠠᠭᠤᠯᠤᠭᠠᠳ ᠵᠠᠭᠦᠠᠭᠠᠷ ᠠᠴᠠ ᠨᠠᠭᠦᠵᠤ ᠢᠵᠢᠯ ᠳᠤ ᠭᠦᠷᠴᠤ | ᠲᠤᠷᠭᠤᠤᠨ ᠲᠠᠢ ᠨᠠᠶᠢᠯᠡᠭᠰᠠᠨ ᠬᠤᠱᠤᠳ ᠠᠶᠢᠮᠠᠭ ᠪᠠ ᠲᠤᠷᠭᠤᠤᠨ ᠠᠶᠢᠮᠠᠭ ᠳᠤ ᠲᠡᠯᠭᠡᠷᠠᠯᠡᠭᠰᠠᠨ ᠠᠴᠠ ᠦᠵᠠᠪᠠᠯ | ᠭᠦᠠᠳᠤᠯᠦᠩ ᠤᠪᠠᠰᠢ ᠦᠪᠡᠷ ᠤᠨ ᠠᠬ᠎ᠠ ᠲᠠᠭᠦᠤ ᠪᠠ ᠤᠭ ᠤᠨ ᠨᠤᠳᠤᠭ ᠤᠰᠤᠨ ᠪᠠ ᠤᠭᠢ ᠰᠠᠶᠢᠨ ᠠᠪᠠ | ᠬᠤᠮᠤᠷᠭ᠎ᠠ ᠭᠡᠵᠤ ᠪᠠᠶᠢᠭᠰᠠᠨ ᠢᠶᠠᠨ ᠲᠤᠷᠠᠰᠤᠨ ᠰᠠᠨᠠᠭᠠᠯᠵᠠᠵᠤ᠂ ᠡᠪ ᠤᠶᠤᠳᠠᠢ ᠠᠮᠢᠳᠤᠷᠠᠬᠤ ᠶᠢ ᠪᠡᠯᠭᠡᠳᠠᠵᠤ | ᠵᠤᠭᠢᠶᠠᠨ ᠲᠠᠭᠤᠯᠠᠭᠰᠠᠨ ᠪᠤᠯᠤᠯᠳᠠᠢ ᠭᠡᠵᠤ ᠪᠠᠳᠤᠯᠮᠠᠷ︕ | ᠠᠰᠢᠯᠠᠭᠰᠠᠨ ᠪᠦᠳᠤᠭᠡᠯ᠄ | 1᠂ ︽ᠼᠠᠶᠠ ᠪᠠᠨᠳᠢᠳᠠ︾ ᠷᠠᠳᠨᠠᠪᠠᠾᠠᠳ᠋ᠷᠨ ᠵᠤᠭᠢᠶᠠᠪᠠ᠂ ᠰᠢ᠊᠂ ᠨᠤᠷᠪᠤ ᠲᠤᠯᠭᠠᠨ ᠬᠠᠷᠢᠴᠠᠭᠤᠯᠵᠤ ᠲᠠᠶᠢᠯᠪᠤᠷᠢᠯᠠᠪᠠ | ᠂ ᠦᠪᠤᠷ ᠮᠤᠩᠭᠤᠯ ᠤᠨ ᠠᠷᠠᠳ ᠤᠨ ᠭᠡᠪᠯᠠᠯ ᠤᠨ ᠬᠤᠷᠢᠶ᠎ᠠ᠂ 1990᠂ 5 | 2᠂ ︽ᠪᠠᠶᠠᠠᠭᠤᠤᠯ ᠤᠨ ᠰᠤᠶᠤᠯ ᠲᠡᠤᠭᠡ ᠮᠠᠲ᠋ᠧᠷᠢᠶᠠᠯ 14︾ ︵ᠲᠤᠳᠤᠭᠠᠳᠤ ᠶᠢᠨ ᠮᠠᠲ᠋ᠧᠷᠢᠶᠠᠯ︶᠂ ᠲᠤᠮᠳᠠᠳᠤ | ᠤᠯᠤᠰ ᠤᠨ ᠠᠷᠠᠳ ᠤᠨ ᠤᠯᠤᠰ ᠲᠦᠷᠤ ᠶᠢᠨ ᠵᠦᠪᠯᠠᠯᠭᠡᠨ ᠤ ᠪᠠᠶᠠᠠᠭᠤᠤᠯ ᠮᠤᠩᠭᠤᠯ ᠦᠪᠡᠷᠳᠡᠭᠡᠨ ᠵᠠᠰᠠᠬᠤ ᠵᠧᠤ | ᠶᠢᠨ ᠵᠦᠪᠯᠠᠯ᠂ 2014᠂ 7 | 3᠂ ︽ᠾᠧᠵᠢᠩ ᠰᠢᠶᠠᠨ ᠤ ᠰᠤᠶᠤᠯ ᠲᠡᠤᠭᠡ ᠶᠢᠨ ᠮᠠᠲ᠋ᠧᠷᠢᠶᠠᠯ 8︾ ︵ᠲᠤᠳᠤᠭᠠᠳᠤ ᠶᠢᠨ ᠮᠠᠲ᠋ᠧᠷᠢᠶᠠᠯ︶᠂ | ᠲᠤᠮᠳᠠᠳᠤ ᠤᠯᠤᠰ ᠤᠨ ᠠᠷᠠᠳ ᠤᠨ ᠤᠯᠤᠰ ᠲᠦᠷᠤ ᠶᠢᠨ ᠵᠦᠪᠯᠠᠯᠭᠡᠨ ᠤ ᠾᠧᠵᠢᠩ ᠰᠢᠶᠠᠨ ᠤ ᠵᠦᠪᠯᠠᠯ᠂ 2015 | | 4᠂ ︽ᠤᠶᠢᠷᠠᠳ ᠮᠤᠩᠭᠤᠯ ᠤᠨ ᠰᠤᠶᠤᠯ ᠰᠤᠳᠤᠯᠤᠯ︾᠂ ᠳ᠋᠊᠂ ᠲᠠᠶᠠ ᠵᠤᠭᠢᠶᠠᠪᠠ᠂ ᠦᠪᠤᠷ ᠮᠤᠩᠭᠤᠯ ᠤᠨ | ᠠᠷᠠᠳ ᠤᠨ ᠭᠡᠪᠯᠠᠯ ᠤᠨ ᠬᠤᠷᠢᠶ᠎ᠠ᠂ 2006᠂ 8 | 5᠂ ︽ᠤᠶᠢᠷᠠᠳ ᠮᠤᠩᠭᠤᠯ ᠤᠨ ᠲᠡᠤᠭᠡ︾᠂ ᠭᠡ᠊᠂ ᠯᠢᠵᠠᠢ ᠨᠠᠶᠢᠷᠠᠭᠤᠯᠤᠨ ᠵᠤᠭᠢᠶᠠᠪᠠ᠂ ᠪᠠᠶᠠᠠᠭᠤᠤᠯ ᠵᠧᠤ ᠶᠢᠨ | ᠮᠤᠩᠭᠤᠯ ᠦᠠᠳᠤᠰᠤᠳᠠᠨ ᠤ ᠲᠡᠭᠡᠳᠤ ᠵᠠᠷᠭᠡ ᠲᠤᠮᠳᠠᠳᠤ ᠰᠤᠷᠭᠠᠭᠤᠯᠢ᠂ 2011 | 6᠂ ︽ᠤᠶᠢᠷᠠᠳ ᠮᠤᠩᠭᠤᠯ ᠤᠨ ᠲᠡᠤᠭᠡ ᠰᠤᠶᠤᠯ ᠤᠨ ᠰᠤᠳᠤᠯᠤᠯ︾᠂ ᠤ᠂ ᠡᠷᠳᠡᠢ ᠪᠠ᠊᠂ ᠪᠠᠳᠤᠪᠠᠶᠠᠷ ᠭᠤᠤᠯᠯᠠᠨ | ᠨᠠᠶᠢᠷᠠᠭᠤᠯᠪᠠ᠂ ᠰᠢᠠᠵᠢᠶᠠᠩ ᠤᠨ ᠠᠷᠠᠳ ᠤᠨ ᠭᠡᠪᠯᠠᠯ ᠤᠨ ᠶᠠᠷᠤᠩᠭᠡᠢ ᠬᠤᠷᠢᠶ᠎ᠠ᠂ ᠰᠢᠠᠵᠢᠶᠠᠩ ᠤᠨ ᠠᠷᠠᠳ ᠤᠨ | ᠭᠡᠪᠯᠠᠯ ᠤᠨ ᠬᠤᠷᠢᠶ᠎ᠠ᠂ 2012᠂ 12 | 7᠂ ︽ᠪᠠᠷᠠᠭᠤᠨ ᠭᠢᠵᠠᠭᠠᠷ ᠤᠨ ᠡᠷᠳᠠᠨ ᠤ ᠮᠤᠩᠭᠤᠯ ᠭᠠᠵᠠᠷ ᠤᠨ ᠨᠠᠷᠠ ᠶᠢᠨ ᠰᠤᠳᠤᠯᠤᠯ︾ ᠳ᠋ᠤ᠋᠂ ᠮᠦᠡᠭᠭᠡ | ᠵᠤᠭᠢᠶᠠᠪᠠ᠂ ᠰᠢᠠᠵᠢᠶᠠᠩ ᠤᠨ ᠠᠷᠠᠳ ᠤᠨ ᠭᠡᠪᠯᠠᠯ ᠤᠨ ᠬᠤᠷᠢᠶ᠎ᠠ᠂ 2007᠂ 12 | 8᠂ ︽ᠮᠤᠩᠭᠤᠯ ᠤᠲ᠋ᠤ ᠲᠠᠭᠤᠤ ᠨᠢ ᠦᠭᠡ ︵1︶︾ ︵ᠲᠤᠳᠤ︶ ᠰᠢᠠᠵᠢᠶᠠᠩ ᠤᠨ ᠠᠷᠠᠳ ᠤᠨ ᠭᠡᠪᠯᠠᠯ ᠤᠨ | ᠬᠤᠷᠢᠶ᠎ᠠ᠂ 1980᠂ 11 | 9᠂ ︽ᠰᠢᠠᠵᠢᠶᠠᠩ ᠤᠶᠢᠷᠠᠳ ᠤᠨ ᠦᠯᠢᠭᠡᠷᠳᠤ ᠲᠠᠭᠤᠤ︾ ᠨᠠ᠊᠂ ᠪᠠᠰᠠᠩ ᠨᠠᠶᠢᠷᠠᠭᠤᠯᠪᠠ᠂ ᠦᠪᠤᠷ ᠮᠤᠩᠭᠤᠯ ᠤᠨ | ᠰᠢᠠᠵᠢᠯᠠᠭᠦ ᠤᠬᠠᠭᠠᠨ ᠲᠧᠭᠨᠢᠭ ᠮᠡᠷᠭᠡᠵᠢᠯ ᠤᠨ ᠭᠡᠪᠯᠡᠯ ᠤᠨ ᠬᠤᠷᠢᠶ᠎ᠠ᠂ 1999᠂ 9 | 〔 ᠲᠤᠷᠠᠭᠤᠳ ᠨᠤᠮ ᠤᠨ ᠦᠷᠭᠦᠭᠡ 〕 ᠳᠤ | | |