ᠤᠶᠢᠷᠠᠳ ᠮᠤᠩᠭᠤᠯᠴᠤᠳ ᠤᠨ ᠭᠦᠳᠡᠯᠮᠤᠷᠢ ᠶᠢᠨ ᠲᠠᠭᠤᠨ ᠤ ᠲᠤᠬᠠᠢ ᠲᠦᠭᠦᠮ ᠠᠵᠢᠭᠯᠠᠯᠳᠠ
ᠨᠡᠶᠢᠲᠡᠯᠡᠭᠰᠡᠨ ᠴᠠᠭ᠄
2019/12/11
ᠰᠢᠨᠵᠢᠶᠠᠩ ᠤᠨ ᠤᠶᠢᠷᠠᠳ ᠮᠤᠩᠭᠤᠯᠴᠤᠳ ᠪᠤᠯ ᠪᠦᠭᠦ ᠮᠤᠩᠭᠤᠯ ᠦᠨᠳᠤᠰᠤᠳᠡᠨ ᠤ ᠴᠢᠬᠤᠯᠨ ᠨᠢᠭᠡ ᠪᠦᠷᠢᠯᠳᠤᠭᠦᠨ ᠭᠡᠰᠡᠭ ᠪᠤᠯᠬᠤ ᠪᠦᠭᠡᠳ ᠤᠶᠠᠩᠭ᠎ᠠ ᠲᠠᠭᠤᠤ᠂ ᠪᠢᠢ ᠤᠷᠠᠯᠢᠭ ᠤᠨ ᠦᠨᠡᠳᠡᠢ ᠦᠪ ᠤᠯᠠᠮᠵᠢᠯᠠᠯ ᠲᠠᠢ ᠡᠷᠳᠡᠨ ᠤ ᠰᠤᠶᠤᠯᠳᠤ ᠠᠶᠢᠮᠠᠭ ᠤᠨ ᠨᠢᠭᠡᠨ ᠶᠤᠮ᠃ ᠮᠤᠩᠭᠤᠯ ᠦᠨᠳᠤᠰᠤᠳᠡᠨ ᠤ ᠠᠷᠠᠳ ᠤᠨ ᠠᠮᠠᠨ ᠵᠤᠭᠢᠶᠠᠯ ᠳᠤ ᠡᠩ ᠲᠡᠷᠢᠭᠦᠨ ᠳᠤ ᠠᠷᠠᠳ ᠤᠨ ᠲᠠᠭᠤᠤ ᠵᠢᠭᠰᠠᠭᠠᠭᠳᠠᠬᠤ ᠶᠤᠰᠤᠳᠠᠢ᠃ ᠡᠶᠢᠮᠤ ᠠᠴᠠ ᠡᠷᠳᠡᠮᠳᠡᠨ ᠮᠠᠷᠭᠡᠳ ︿︿ᠠᠷᠠᠳ ᠤᠨ ᠨᠢᠭᠡ ᠡᠭᠢ ᠲᠠᠭᠤᠤ ᠨᠢ ᠨᠢᠭᠡ ᠭᠡᠰᠡᠭ ᠠᠯᠳᠠ﹀﹀ ᠭᠡᠵᠤ ᠦᠨᠡᠯᠡᠨ ᠭᠡᠯᠡᠭᠰᠡᠨ ᠪᠠᠶᠢᠳᠠᠭ᠃ ᠲᠡᠷᠨ ᠨᠢ ᠪᠤᠰᠤᠳ ᠠᠷᠠᠳ ᠤᠨ ᠠᠮᠠᠨ ᠵᠤᠭᠡᠶᠠᠯ ᠤᠳ ᠲᠠᠢ ᠠᠳᠠᠯᠢ ᠠᠭᠤᠯᠭ᠎ᠠ ᠪᠠᠷ ᠪᠠᠶᠠᠯᠢᠭ᠂ ᠰᠢᠯᠤᠭᠡᠯᠢᠭ ᠢᠷᠭᠤ ᠭᠡᠯᠪᠡᠷᠢ  ᠲᠠᠢ᠂ ᠲᠦᠷᠤᠯ ᠵᠤᠶᠢᠯ ᠨᠢ ᠤᠯᠠᠨ ᠲᠠᠭᠤᠯᠭᠬᠤ ᠠᠷᠭ᠎ᠠ ᠪᠠᠷᠢᠯ ᠨᠢ ᠦᠭᠡᠷ᠎ᠠ ᠦᠭᠡᠷ᠎ᠠ ᠤᠨᠴᠠᠯᠢᠭ ᠲᠠᠢ ᠪᠠᠶᠢᠳᠠᠭ  ᠠᠴᠠ ᠠᠷᠠᠳ ᠤᠨ ᠠᠮᠠᠨ ᠵᠤᠭᠢᠶᠠᠯ ᠤᠨ ᠲᠤᠳᠤᠷ᠎ᠠ ᠴᠢᠬᠤᠯᠨ ᠪᠠᠶᠢᠷᠢ ᠶᠢ ᠡᠵᠡᠯᠡᠵᠤ᠂ ᠲᠡᠳᠡᠨ ᠤ ᠨᠡᠭᠦᠳᠡᠯ ᠮᠠᠯᠴᠢᠯ ᠤᠨ ᠠᠵᠤ ᠠᠮᠢᠳᠤᠷᠠᠯ ᠤᠨ ᠵᠠᠩ ᠲᠠᠳᠬᠠᠯ ᠢ ᠤᠯᠠᠨ ᠲᠠᠯ᠎ᠠ ᠠᠴᠠ ᠢᠯᠡᠷᠠᠭᠦᠯᠤᠨ ᠲᠤᠰᠬᠠᠭᠰᠠᠨ ᠪᠠᠶᠢᠳᠠᠭ᠃ ᠪᠠᠶᠠᠨᠭᠤᠤᠯ ᠵᠸᠤ ᠶᠢᠨ ᠦᠷᠭᠡᠨ ᠠᠭᠤᠳᠠᠮ ᠨᠤᠳᠤᠭ ᠪᠠᠷ ᠲᠠᠷᠬᠠᠵᠤ ᠪᠠᠶᠢᠭ᠎ᠠ ᠠᠷᠠᠳ ᠤᠨ ᠲᠠᠭᠤᠤ ᠶᠢ ᠴᠤᠭᠯᠠᠭᠤᠯᠤᠨ ᠡᠮᠭᠡᠳᠭᠡᠭᠰᠡᠨ ᠾᠧᠵᠢᠩ ᠰᠢᠶᠠᠨ ᠤ ᠠᠷᠠᠳ ᠤᠨ ᠲᠠᠭᠤᠨ ᠤ ᠬᠤᠪᠢᠶᠡᠷᠢ ᠡᠮᠭᠡᠳᠭᠡᠯ ᠳᠤ ᠤᠷᠤᠭᠰᠠᠨ ᠠᠷᠠᠳ ᠤᠨ ᠲᠠᠭᠤᠤ ᠶᠢ ᠴᠠᠭ ᠲᠦᠷᠤ ᠶᠢᠨ ᠲᠠᠭᠤᠤ᠂ ᠶᠠᠰᠤᠯᠠᠯ ᠤᠨ ᠲᠠᠭᠤᠤ᠂ ᠢᠨᠠᠭ ᠠᠮᠠᠷᠠᠭ ᠤᠨ ᠲᠠᠭᠤᠤ᠂ ᠠᠮᠢᠳᠤᠷᠠᠯ ᠤᠨ ᠲᠠᠭᠤᠤ᠂ ᠭᠡᠤᠭᠡᠳ ᠤᠨ ᠲᠠᠭᠤᠤ᠂ ᠭᠦᠳᠡᠯᠮᠤᠷᠢ ᠶᠢᠨ ᠲᠠᠭᠤᠤ ᠭᠡᠵᠤ ᠲᠦᠷᠤᠯ ᠵᠤᠶᠢᠯ ᠬᠤᠪᠢᠶᠠᠨ ᠡᠮᠭᠡᠳᠭᠡᠭᠰᠡᠨ ᠪᠤᠯᠪᠠᠴᠤ ᠭᠦᠳᠡᠯᠮᠤᠷᠢ ᠶᠢᠨ ᠲᠠᠭᠤᠤ ᠨᠢ ᠪᠤᠰᠤᠳ ᠲᠦᠷᠤᠯ ᠳᠤ ᠬᠠᠮᠤᠷᠤᠭᠳᠠᠨ ᠤᠷᠤᠭᠰᠠᠨ ᠨᠢ ᠢᠯᠡᠳᠳᠠ ᠪᠠᠶᠢᠨ᠎ᠠ᠃ ᠡᠭᠦᠨ ᠳᠤ ᠲᠤᠰ ᠲᠡᠭᠦᠪᠤᠷᠢ ᠪᠠ ᠪᠤᠰᠤᠳ ᠭᠡᠳᠤᠨ ᠭᠠᠷ ᠲᠡᠪᠳᠡᠷ᠂ ᠦᠪᠡᠷ ᠤᠨ ᠴᠤᠭᠯᠠᠭᠤᠯᠤᠨ ᠡᠮᠭᠡᠳᠭᠡᠭᠰᠡᠨ ᠪᠠᠷ ᠢᠶᠠᠨ ᠰᠠᠭᠤᠷᠢᠯᠠᠨ ᠪᠠᠶᠠᠨᠭᠤᠤᠯ ᠤᠨ ᠮᠤᠩᠭᠤᠯᠴᠤᠳ ᠤᠨ ᠭᠦᠳᠡᠯᠮᠤᠷᠢ ᠶᠢᠨ ᠲᠠᠭᠤᠨ ᠤ ᠲᠤᠬᠠᠢ ᠦᠪᠡᠷ ᠤᠨ ᠲᠦᠭᠦᠮ ᠠᠵᠢᠭᠯᠠᠯᠳᠠ ᠢᠶᠠᠨ ᠲᠤᠷᠠᠳᠤᠶ᠎ᠠ᠃ ᠨᠢᠭᠡ᠂ ᠮᠠᠯ ᠮᠠᠯᠵᠢᠯ ᠳᠤ ᠬᠠᠮᠢᠶᠠᠳᠠᠢ ᠲᠠᠭᠤᠤ ᠮᠤᠩᠭᠤᠯ ᠦᠨᠳᠤᠰᠤᠳᠡᠨ ᠡᠷᠡᠯᠭᠡᠭ ᠪᠠᠭᠠᠳᠤᠷᠯᠢᠭ ᠲᠠᠶᠢᠴᠢᠨ ᠤᠳᠤᠮᠰᠢᠯ ᠪᠠ ᠢᠷᠠᠭᠤ ᠰᠠᠶᠢᠬᠠᠨ ᠪᠤᠯᠪᠠᠰᠤᠨ ᠰᠤᠶᠤᠯ ᠤᠨ ᠦᠪ ᠲᠠᠢ᠂ ᠠᠵᠢᠯᠴᠢ ᠭᠦᠳᠡᠯᠮᠤᠷᠢᠴᠢ ᠪᠠᠷ ᠢᠶᠠᠨ ᠲᠡᠯᠡᠭᠡᠢ ᠳᠤ ᠠᠯᠳᠠᠷᠰᠢᠭᠰᠠᠨ᠃ ᠡᠭᠦᠨ ᠤ ᠲᠤᠳᠤᠷ᠎ᠠ ᠮᠤᠩᠭᠤᠯ ᠦᠨᠳᠤᠰᠤᠳᠡᠨ ᠤ ᠡᠷᠳᠠᠨ ᠤ ᠠᠵᠢᠯ ᠭᠦᠳᠡᠯᠮᠤᠷᠢ ᠶᠢᠨ ᠲᠤᠬᠠᠢ ᠲᠠᠭᠤᠤ ᠳᠤ ᠠᠩᠴᠢᠨ᠂ ᠮᠠᠯᠴᠢᠨ ᠭᠦᠮᠤᠰ ᠤᠨ ᠭᠦᠳᠡᠯᠮᠤᠷᠢ ᠭᠡᠭᠡᠳ ᠲᠡᠳᠡᠨ ᠤ ᠠᠮᠢᠳᠤᠷᠠᠯ ᠤᠨ ᠶᠤᠰᠤ ᠵᠠᠩ ᠵᠠᠩᠰᠢᠯ ᠲᠠᠢ ᠬᠤᠯᠪᠤᠭᠳᠠᠭᠰᠠᠨ ᠵᠠᠩ ᠦᠢᠯᠨ ᠶᠢᠨ ᠲᠠᠭᠤᠤ ᠪᠠᠶᠢᠳᠠᠭ᠃ ᠲᠡᠯᠡᠭᠡᠢ ᠶᠢᠨ ᠡᠯ᠎ᠠ ᠤᠯᠤᠰ ᠦᠨᠳᠤᠰᠤᠳᠡᠨ ᠤ ᠠᠷᠠᠳ ᠤᠨ ᠲᠠᠭᠤᠤ ᠶᠢ ᠠᠭᠤᠯᠭ᠎ᠠ ᠶᠢᠨ ᠳᠠᠯ᠎ᠠ ᠠᠴᠠ ᠨᠢ ᠠᠪᠴᠤ ᠦᠵᠡᠪᠡᠯ ᠦᠨᠳᠤᠰᠤᠳᠡᠨ ᠤ ᠠᠷᠠᠳ ᠤᠨ ᠲᠠᠭᠤᠤ ᠳᠤ ᠤᠶᠢᠯᠡᠳᠪᠤᠷᠢᠯᠡᠯ ᠭᠦᠳᠡᠯᠮᠤᠷᠢ ᠶᠢᠨ ᠲᠠᠭᠤᠤ ᠮᠠᠰᠢ ᠤᠯᠠᠨ ᠬᠠᠷᠠᠭᠳᠠᠨ᠎ᠠ᠃ ᠭᠡᠳᠡᠯ᠎ᠠ ᠮᠤᠩᠭᠤᠯ ᠠᠷᠠᠳ ᠤᠨ ᠲᠠᠭᠤᠤ ᠳᠤ ᠭᠦᠳᠡᠯᠮᠤᠷᠢ ᠦᠢᠯᠡᠳᠪᠤᠷᠢᠯᠡᠯ ᠲᠠᠢ ᠰᠢᠭᠤᠳ ᠬᠤᠯᠪᠤᠭᠳᠠᠭᠰᠠᠨ ᠲᠠᠭᠤᠤ ᠬᠠᠷᠢᠨ ᠡᠯᠪᠡᠭ ᠪᠢᠰᠢ᠂ ᠨᠡᠨ ᠨᠢ ᠮᠠᠨ ᠤ ᠦᠨᠳᠤᠰᠤᠳᠡᠨ ᠤ ᠡᠷᠭᠡᠯᠡᠵᠤ ᠪᠠᠶᠢᠭ᠎ᠠ ᠠᠵᠢᠯ ᠭᠦᠳᠡᠯᠮᠤᠷᠢ ᠶᠢᠨ ᠰᠢᠨᠵᠢ ᠴᠢᠨᠡᠷ ᠠᠴᠠ ᠰᠢᠯᠳᠡᠭᠠᠭᠯᠠᠭᠳᠠᠭᠰᠠᠨ ᠶᠤᠮ᠃ ᠮᠤᠩᠭᠤᠯ ᠦᠨᠳᠤᠰᠤᠳᠡᠨ ᠤ ᠠᠵᠤ ᠠᠬᠤᠢ ᠶᠢ ᠠᠪᠴᠤ ᠦᠵᠡᠪᠡᠯ᠂ ᠤᠭ ᠠᠴᠠ ᠠᠩ ᠠᠩᠨᠠᠨ ᠮᠠᠯ ᠮᠠᠯᠯᠠᠬᠤ ᠪᠠᠷ ᠭᠤᠤᠯ ᠪᠤᠯᠭᠠᠵᠤ ᠢᠷᠡᠭᠰᠡᠨ ᠲᠡᠤᠭᠡ ᠲᠠᠢ ᠶᠤᠮ᠃ ᠡᠶᠢᠮᠤ ᠠᠴᠠ ᠭᠦᠳᠡᠯᠮᠤᠷᠢ ᠶᠢᠨ ᠲᠠᠭᠤᠤ ᠪᠤᠯ ᠮᠤᠩᠭᠤᠯ ᠠᠷᠠᠳ ᠤᠨ ᠠᠵᠤ ᠪᠠᠶᠢᠳᠠᠯ ᠤᠨ ᠲᠠᠭᠤᠤ ᠶᠢᠨ ᠲᠤᠳᠤᠷ᠎ᠠ ᠬᠠᠮᠤᠭ ᠤᠨ ᠡᠷᠳᠠᠨ ᠤ ᠭᠠᠷᠤᠯ ᠪᠦᠭᠦᠢ ᠲᠠᠭᠤᠤ ᠶᠤᠮ᠃ ᠤ᠂ ᠴᠡᠷᠠᠨ ︿︿ᠮᠠᠯᠴᠢᠨ ᠭᠦᠮᠤᠨ ᠤ ᠮᠠᠯ ᠳᠠᠭᠠᠨ ᠰᠤᠨᠤᠰᠬᠠᠬᠤ ᠲᠤᠭᠡᠶ᠎ᠠ ᠵᠠᠩᠭᠢ ︿︿ᠴᠤᠩ᠂ ᠴᠤᠩ﹀﹀᠂ ︿︿ᠬᠠ ᠬᠤᠴᠢ﹀﹀᠂ ᠭᠤᠷᠤᠢ᠂ ᠭᠤᠷᠤᠢ﹀﹀ ᠭᠡᠭᠦ ᠮᠡᠳᠤ ᠶᠢᠨ ᠭᠦᠳᠡᠯᠮᠤᠷᠢ ᠶᠢᠨ ᠭᠡᠷᠡᠭᠴᠢᠭᠡᠨ ᠤ ᠭᠡᠵᠤ ᠳ᠋ᠦᠩᠨᠡᠵᠤ ᠪᠤᠯᠤᠮᠠᠷ ᠲᠠᠭᠤᠤ ᠠᠶᠠᠠᠯᠭᠤ ᠨᠢ ᠮᠠᠯᠵᠢᠯ ᠤᠨ ᠲᠠᠭᠤᠤ ᠨᠢ ᠡᠭᠡ ᠮᠦᠨ﹀﹀ ① ᠭᠡᠵᠡᠢ᠃ ᠭᠦᠳᠡᠯᠮᠤᠷᠢ ᠶᠢᠨ ᠲᠠᠭᠤᠤ ᠶᠢᠨ ᠬᠤᠪᠢᠷᠠᠯ ᠭᠦᠭᠵᠢᠯ ᠨᠢ ᠨᠡᠶᠢᠭᠡᠮ ᠤᠨ ᠭᠦᠳᠡᠯᠮᠤᠷᠢ ᠶᠢᠨ ᠬᠤᠪᠢᠷᠠᠯ ᠭᠦᠭᠵᠢᠯ ᠲᠠᠢ ᠰᠠᠯᠵᠤ ᠪᠤᠯᠤᠰᠢ ᠦᠭᠡᠢ ᠬᠤᠯᠪᠤᠭᠠᠳᠠᠢ ᠶᠤᠮ᠃ ᠪᠢᠳᠠ ᠦᠩᠭᠡᠷᠡᠭᠰᠡᠨ ᠤ ᠲᠡᠤᠭᠡ ᠶᠢ ᠰᠡᠭᠦᠨ ᠦᠵᠡᠪᠡᠯ ᠡᠷᠳᠠᠨ ᠤ ᠮᠤᠩᠭᠤᠯᠴᠤᠳ ᠲᠠᠩ ᠭᠠᠭᠴᠠ ᠠᠩ ᠭᠦᠷᠤᠭᠡ ᠭᠡᠵᠤ ᠠᠮᠢᠳᠤᠷᠠᠵᠤ ᠪᠠᠶᠢᠭᠰᠠᠨ ᠪᠢᠰᠢ᠂ ᠲᠡᠳᠠ ᠠᠩ ᠭᠦᠷᠤᠭᠡ ᠭᠡᠵᠤ ᠪᠠᠶᠢᠭᠰᠠᠨ ᠠᠴᠠ ᠪᠠᠨ ᠮᠠᠯ ᠮᠠᠯᠵᠢᠬᠤ ᠶᠢ ᠰᠤᠷᠴᠤ ᠡᠭᠡᠯᠡᠨ ᠬᠠᠭᠠᠰ ᠠᠩᠴᠢᠯᠠᠬᠤ᠂ ᠬᠠᠭᠠᠰ ᠮᠠᠯᠵᠢᠯᠠᠬᠤ ᠶᠢ ᠤᠶᠠᠯᠳᠤᠭᠤᠯᠤᠨ ᠠᠮᠢᠳᠤᠷᠠᠵᠤ ᠪᠠᠶᠢᠭᠰᠠᠨ ᠪᠦᠭᠡᠳ ᠬᠤᠵᠢᠮ ᠨᠢ ᠪᠠᠰᠠ ᠲᠠᠷᠢᠶᠠᠯᠠᠬᠤ ᠶᠢ ᠡᠷᠭᠢᠯᠡᠭᠰᠡᠨ ᠲᠡᠤᠭᠡᠨ ᠶᠠᠪᠤᠴᠠ ᠶᠢ ᠦᠩᠭᠡᠷᠡᠭᠦᠯᠵᠤ ᠢᠷᠡᠵᠡᠢ᠃ ᠸᠧᠢᠺᠡᠲ᠋ᠦ᠋ᠯᠤᠸ᠋ᠨ ᠶᠢᠨ ︿︿ᠮᠤᠩᠭᠤᠯ ᠭᠦᠮᠤᠨ᠄ ᠦᠨᠳᠤᠰᠤᠳᠡᠨ ᠤ ᠡᠭᠦᠰᠤᠯ ᠭᠡᠭᠡᠳ ᠰᠤᠶᠤᠯ ᠤᠨ ᠡᠭᠢ ᠰᠤᠷᠪᠤᠯᠵᠢ﹀﹀ ᠳᠡᠭᠡᠨ ︿︿ᠭᠦᠷᠡᠯ ᠵᠡᠪᠰᠢᠭ ᠤᠨ ᠦᠶ᠎ᠡ ᠪᠤᠯᠤᠨ ᠲᠡᠮᠤᠷ ᠵᠡᠪᠰᠢᠭ ᠤᠨ ᠦᠶ᠎ᠡ ᠳᠤ ᠪᠠᠶᠢᠭᠠᠯ ᠨᠠᠭᠤᠷ ᠤᠨ ᠤᠷᠴᠢᠮ ᠤᠨ ᠠᠩᠴᠢᠨ ᠠᠶᠢᠮᠠᠭ ᠨᠡᠭᠦᠳᠡᠯ ᠤᠨ ᠮᠠᠯᠵᠢᠯ ᠳᠤ ᠰᠢᠯᠵᠢᠭᠰᠡᠨ ᠤ ᠠᠷᠭ᠎ᠠ ᠵᠠᠮ ᠨᠢ ᠬᠠᠭᠠᠰ ᠰᠠᠭᠤᠷᠰᠢᠯ ᠤᠨ ᠶᠡᠷᠤᠩᠭᠡᠶᠢᠯᠡᠭᠰᠡᠨ ᠴᠤ ᠠᠬᠤᠢ ︿ᠮᠠᠯᠵᠢᠯ — ᠡᠭᠡᠨᠠᠭᠤᠷ — ᠲᠠᠷᠢᠶᠠᠯᠠᠩ﹀ ᠶᠢᠨ ᠭᠡᠯᠪᠡᠷᠢ᠂ ᠰᠢᠯᠵᠢᠯᠳᠡ ᠶᠢᠨ ᠴᠠᠭ ᠨᠢ ᠤᠨ ᠲᠤᠭᠠᠯᠠᠯ ᠤᠨ ᠡᠮᠤᠨᠡᠭᠢ ᠬᠤᠶᠠᠷ ᠮᠢᠩᠭᠠᠨ ᠤᠨ ᠤ ᠡᠬᠢ ᠪᠠᠷ ᠪᠤᠯᠤᠨ᠎ᠠ﹀﹀ ᠭᠡᠵᠡᠢ᠃ ᠮᠤᠩᠭᠤᠯ ᠠᠷᠠᠳ ᠤᠨ ᠭᠦᠳᠡᠯᠮᠤᠷᠢ ᠶᠢᠨ ᠲᠠᠭᠤᠤ ᠶᠢ ᠳᠡᠳᠡᠨ ᠤ ᠵᠠᠩ ᠦᠢᠯᠨ ᠪᠠ ᠭᠦᠳᠡᠯᠮᠤᠷᠢ ᠶᠢᠨ ᠤᠨᠴᠠᠯᠢᠭ ᠢ ᠳᠤᠰᠬᠠᠭᠰᠠᠨ ᠪᠠᠶᠢᠳᠠᠯ ᠪᠠᠷ ᠨᠢ ᠲᠡᠳᠡᠭᠡᠷ ᠤᠨ ᠵᠤᠭᠢᠶᠠᠮᠵᠢ ᠨᠠᠶᠢᠷᠠᠭᠤᠯᠭ᠎ᠠ ᠂ ᠵᠤᠷᠢᠯᠭ᠎ᠠ ᠪᠤᠯᠤᠨ ᠲᠠᠭᠤᠯᠬᠤ ᠤᠶᠢᠯᠡᠳᠤᠯ ᠪᠠᠷ ᠨᠢ ᠬᠤᠨᠢ ᠲᠤᠶᠢᠭᠯᠠᠬᠤ᠂ ᠪᠤᠳᠤᠭᠤ ᠠᠪᠤᠭᠤᠯᠬᠤ ᠲᠠᠭᠤᠤ ᠶᠢ ᠶᠠᠭᠤᠨ ᠤ ᠡᠮᠤᠨ᠎ᠠ ᠲᠤᠷᠠᠳᠤᠭᠤᠰᠢᠳᠠᠢ ᠶᠤᠮ᠃ ᠬᠤᠷᠠᠭ᠎ᠠ ᠠᠪᠤᠭᠤᠯᠬᠤ ᠳᠤ ︿︿ᠲᠤᠶᠢᠭ﹀﹀ ᠢᠰᠢᠭᠡ ᠠᠪᠤᠭᠤᠯᠬᠤ ᠳᠤ ︿︿ᠰᠢᠭᠡᠭ ︵ᠵᠦᠭᠡᠭ︶﹀﹀᠂ ᠪᠤᠳᠤᠭᠤ ᠠᠪᠤᠭᠤᠯᠬᠤ ᠳᠤ ︿︿ᠪᠤᠵᠤᠤᠯᠢ ︵ᠪᠤᠵᠢᠭᠤᠨ︶﹀﹀ ᠭᠡᠭᠦ ᠲᠠᠭᠤᠤ ᠮᠤᠩᠭᠤᠯ ᠶᠠᠰᠤᠳᠠᠨ ᠤ ᠲᠤᠮᠳᠠ ᠲᠦᠭᠡᠮᠡᠯ ᠪᠦᠭᠡᠳ ᠡᠳᠡᠭᠡᠷ ᠲᠠᠭᠤᠤ ᠶᠢ ᠲᠠᠭᠤᠯᠬᠤ ᠳᠠᠭᠠᠨ ᠦᠭᠡᠷ᠎ᠠ ᠪᠤᠰᠤᠳ ᠵᠠᠩ ᠦᠢᠯᠨ ᠶᠢ ᠢᠯᠡᠷᠭᠡᠶᠢᠯᠡᠭᠦ ᠦᠪᠡᠷᠮᠢᠴᠡ ᠪᠠᠶᠢᠳᠠᠯ ᠲᠠᠢ᠃ ᠬᠠᠪᠤᠷ ᠬᠤᠨᠢ ᠬᠤᠷᠭᠠᠯᠠᠬᠤ᠂ ᠢᠮᠠᠭ᠎ᠠ ᠢᠰᠢᠭᠡᠯᠡᠭᠦ ᠦᠶ᠎ᠡ ᠪᠠᠷ ᠭᠡᠭᠡᠷ᠎ᠠ ᠶᠢᠨ ᠪᠡᠯᠴᠢᠭᠡᠷ ᠲᠤ ᠬᠤᠷᠭᠠᠯᠠᠭᠰᠠᠨ ᠬᠤᠨᠢ᠂ ᠢᠰᠢᠭᠡᠯᠡᠭᠰᠡᠨ ᠢᠮᠠᠭ᠎ᠠ᠂ ᠬᠤᠷᠠᠭ᠎ᠠ ᠢᠰᠢᠭᠡ ᠪᠠᠨ ᠭᠤᠯᠤᠬᠤ ᠨᠢ ᠮᠠᠯᠴᠢᠳ ᠤᠨ ᠮᠠᠯ ᠮᠠᠯᠠᠯᠭᠠᠨ ᠳᠤ ᠨᠡᠯᠢᠶᠡᠳ ᠦᠷᠭᠡᠨ ᠲᠡᠯᠭᠡᠷ ᠦᠵᠡᠭᠳᠡᠵᠤ ᠪᠠᠶᠢᠭᠰᠠᠨ ᠪᠠ ᠮᠠᠯᠴᠢᠳ ᠬᠤᠷᠠᠭ᠎ᠠ᠂ ᠢᠰᠢᠭᠡ ᠶᠢ ᠠᠪᠤᠭᠤᠯᠬᠤ ᠳᠠᠭᠠᠨ ᠬᠤᠨᠢ ᠶᠢ ᠲᠤᠶᠢᠯᠠᠬᠤ ᠢᠮᠠᠭ᠎ᠠ ᠶᠢ ᠰᠢᠭᠡᠭᠡᠯᠡᠭᠦ ᠲᠠᠭᠤᠤ ᠲᠠᠭᠤᠯᠠᠳᠠᠭ ᠶᠤᠰᠤ ᠡᠷᠳᠡ ᠲᠡᠭᠡᠷ᠎ᠠ ᠦᠶ᠎ᠡ ᠠᠴᠠ ᠵᠠᠩᠰᠢᠵᠤ ᠢᠷᠡᠵᠡᠢ᠃ ᠦᠢᠷᠠᠳ ᠮᠤᠩᠭᠤᠯᠴᠤᠳ ᠪᠦᠭᠦ ᠮᠤᠩᠭᠤᠯ ᠤᠭᠰᠠᠭᠠᠳᠠᠨ ᠲᠠᠢ ᠠᠳᠠᠯᠢ ᠡᠷᠳᠡ ᠲᠡᠭᠡᠳᠤ ᠶᠢᠨ ᠦᠶ᠎ᠡ ᠠᠴᠠ ᠠᠪᠤᠭᠠᠳ ᠮᠠᠯ ᠮᠠᠯᠵᠢᠯ ᠪᠠᠷ ᠭᠤᠤᠯ ᠠᠮᠢᠳᠤᠷᠠᠯ ᠤᠨ ᠤᠷᠤᠰᠢᠨ ᠠᠮᠢᠳᠤᠷᠠᠬᠤ ᠶᠢᠨ ᠰᠭᠤᠷᠢ ᠪᠤᠯᠭᠠᠭᠰᠠᠭᠠᠷ ᠢᠷᠡᠭᠰᠡᠨ ᠪᠢᠯᠨ᠃ ᠲᠡᠳᠡ ᠤᠷᠳᠤ ᠤᠳᠠᠭᠠᠨ ᠤ ᠠᠵᠢᠯ ᠭᠦᠳᠡᠯᠮᠤᠷᠢ ᠶᠢᠨ ᠲᠤᠮᠳᠠ ᠪᠠᠨ ᠮᠠᠯ ᠠᠳᠤᠭᠤᠰᠤᠨ ᠢ ᠴᠤ ᠭᠦᠷᠳᠡᠯ᠎ᠠ ᠤᠶᠠᠷᠠᠭᠤᠯᠤᠨ ᠬᠠᠶᠢᠯᠠᠭᠤᠯᠠᠵᠤ ᠴᠢᠳᠡᠳᠡᠭ ︿︿ᠲᠦᠯ ᠠᠪᠤᠭᠤᠯᠬᠤ ᠲᠠᠭᠤᠤ﹀﹀ ᠶᠢ ᠵᠤᠭᠢᠶᠠᠨ ᠦᠶ᠎ᠡ ᠤᠯᠠᠮᠵᠢᠯᠠᠨ ᠮᠠᠯ ᠬᠠᠷ᠎ᠠ ᠪᠠᠨ ᠲᠤᠳᠤᠮᠳᠠᠨ ᠮᠠᠯᠵᠢᠬᠤ ᠠᠵᠤ ᠠᠮᠢᠳᠤᠷᠠᠯ ᠤᠨ ᠲᠤᠮᠳᠠ ᠪᠠᠨ ᠲᠠᠭᠤᠯᠠᠵᠤ ᠢᠷᠡᠭᠰᠡᠨ ᠪᠠᠶᠢᠳᠠᠭ᠃ ᠡᠭᠦᠨ ᠳᠤ ᠪᠠᠶᠠᠨᠭᠤᠤᠯ ᠤᠨ ᠮᠤᠩᠭᠤᠯᠴᠤᠳ ᠬᠤᠨᠢ ᠬᠤᠷᠠᠭ᠎ᠠ ᠠᠪᠤᠭᠤᠯᠬᠤ ᠳᠤ ᠡᠭᠡ ᠬᠤᠨᠢ ᠶᠢ ᠴᠤᠭᠢᠵᠤ ᠵᠤᠪᠠᠭᠠᠳᠠᠭ ᠦᠭᠡᠢ᠂ ᠬᠠᠷᠢᠨ ᠨᠢᠯᠭ᠎ᠠ ᠬᠤᠷᠠᠭ᠎ᠠ ᠨᠢ ᠰᠡᠭᠦᠯ ᠪᠤᠶᠤ ᠨᠢᠷᠤᠭᠤᠨ ᠳᠤ ᠡᠭᠡ ᠬᠤᠨᠢ ᠰᠦ ᠪᠤᠶᠤ ᠪᠦᠭᠰᠡ ᠶᠢᠨ ᠪᠦᠵᠠᠷ ᠴᠢᠰᠤ ᠶᠢ ᠠᠷᠴᠢᠭᠠᠳ ︿︿ᠲᠦᠭᠡᠢ﹀﹀ ᠭᠡᠭᠦ ᠲᠠᠭᠤᠤ ᠲᠠᠭᠤᠯᠳᠠᠭ᠃ ᠡᠭᠦᠨ ᠳᠤ᠄ ᠬᠠᠪᠤᠷ ᠤᠨ ᠬᠠᠷ᠎ᠠ ᠰᠠᠯᠭᠢᠨ ᠳᠤ ᠬᠠᠵᠢᠭᠤ ᠳᠠᠭᠠᠨ ᠶᠠᠭᠤ ᠪᠠᠨ ᠭᠡᠪᠳᠡᠭᠦᠯᠤᠨ᠎ᠠ ᠴᠢ᠂ ᠲᠦᠭᠡᠢ᠂ ᠲᠦᠭᠡᠢ ᠲᠡᠯᠢᠩ ᠦᠭᠡᠢ ᠲᠡᠭᠡᠳᠠᠮᠠᠯ ᠲᠡᠭᠡᠳᠡᠭᠡᠢ ᠪᠠᠨ ᠲᠠᠭᠠᠭᠤᠯᠤᠨ᠎ᠠ ᠲᠡᠯᠢᠩ ᠲᠠᠢ ᠴᠢ ᠶᠠᠭᠤ ᠪᠠᠨ ᠲᠠᠭᠠᠯᠭᠤᠯᠤᠨ᠎ᠠ ᠴᠢ ② ᠭᠡᠵᠤ ᠤᠶᠠᠩᠭ᠎ᠠ ᠨᠠᠮᠤᠭᠤᠨ ᠬᠤᠭᠤᠯᠡᠢ ᠪᠠᠷ ᠦᠭᠦᠯᠡᠨ ᠲᠠᠭᠤᠯᠠᠵᠤ᠂ ᠦᠷ᠎ᠠ ᠲᠦᠯ ᠢᠶᠠᠨ ᠲᠠᠨᠢᠵᠤ ᠠᠪᠤᠭᠠᠳ ᠤᠭᠤᠷᠤᠭ ᠰᠦ ᠪᠠᠨ ᠭᠦᠭᠦᠯᠡᠭᠦ ᠶᠢ ᠭᠦᠰᠡᠵᠤ᠂ ᠨᠢᠭᠡ ᠦᠷ᠎ᠠ ᠶᠢᠨ ᠡᠨᠡᠷᠢᠩᠭᠦᠢ ᠶᠤᠰᠤ ᠶᠢ ᠰᠤᠷᠭᠠᠮᠵᠢᠯᠠᠵᠤ ᠲᠠᠭᠤᠯᠠᠳᠠᠭ ᠪᠦᠭᠡᠳ ᠡᠭᠡ ᠬᠤᠨᠢ ᠬᠤᠷᠠᠭ᠎ᠠ ᠪᠠᠨ ᠠᠪᠬᠤ ᠦᠭᠡᠢ ᠪᠤᠯ᠄ ᠬᠠᠪᠢᠰᠤ ᠶᠢ ᠴᠢᠨᠢ ᠬᠠᠳᠠᠷᠠᠭᠠᠳ ᠬᠠᠯᠢᠬ᠎ᠠ ᠶᠢ ᠴᠢᠨᠢ ᠰᠤᠯᠤᠨ᠎ᠠ ᠪᠢ᠂ ᠲᠦᠭᠡᠢ᠂ ᠲᠦᠭᠡᠢ ᠰᠡᠭᠡᠷ ᠶᠢ ᠴᠢᠨᠢ ᠨᠤᠭᠤᠯᠠᠭᠠᠳ ᠰᠡᠮᠵᠨ ᠶᠢ ᠴᠢᠨᠢ ᠳᠡᠯᠭᠡᠨ᠎ᠠ ᠪᠢ᠂ ᠲᠦᠭᠡᠢ᠂ ᠲᠦᠭᠡᠢ ᠭᠦᠵᠤᠭᠦᠤ ᠶᠢ ᠴᠢᠨᠢ ᠭᠡᠷᠴᠢᠭᠡᠳ ᠭᠥᠦᠷ ᠢ ᠴᠢᠨᠢ ᠬᠠᠶᠠᠨ᠎ᠠ ᠪᠢ ③ ᠭᠡᠵᠤ ᠲᠠᠭᠤᠯᠠᠳᠠᠭ᠃ ᠪᠢᠳᠡ ᠡᠳᠡᠭᠡᠷ ᠲᠠᠭᠤᠨ ᠤ ᠦᠭᠡ ᠢ ᠰᠢᠨᠵᠢᠨ ᠦᠵᠢᠪᠡᠯ ᠵᠠᠷᠢᠮ ᠨᠢ᠂ ᠬᠠᠷᠢᠶᠠᠯ ᠰᠦᠷᠳᠡᠭᠦᠯᠭᠡ ᠰᠢᠭ ᠪᠤᠯᠪᠠᠴᠤ᠂ ᠨᠢᠭᠡ᠂ ᠬᠤᠶᠠᠷ ᠦᠭᠡ ᠪᠠᠷ ᠭᠦᠮᠤᠨ ᠠᠴᠠ ᠭᠡᠯᠨ ᠮᠡᠳᠡᠳᠡᠭ ᠦᠭᠡᠢ ᠠᠳᠤᠭᠤᠰᠤᠨ ᠢ ᠦᠭᠡ ᠪᠠᠷ ᠴᠤ ᠭᠡᠰᠡᠨ ᠨᠢᠭᠡᠨ ᠨᠢᠭᠡᠨ ᠲᠠᠢ ᠪᠠᠨ ᠨᠠᠪᠳᠠᠷᠠᠯᠴᠠᠵᠤ᠂ ᠲᠠᠭᠤᠨ ᠤ ᠠᠶᠠᠯᠭᠤ ᠶᠢᠨ ᠢᠳᠡ ᠭᠦᠴᠤ ᠪᠠᠷ ᠤᠶᠠᠷᠠᠭᠤᠯᠵᠤ᠂ ᠭᠤᠯᠤᠭᠰᠠᠨ ᠬᠤᠷᠠᠭ᠎ᠠ ᠶᠢ ᠠᠪᠬᠠᠭᠤᠯᠳᠠᠭ᠃ ᠢᠯᠠᠭ᠎ᠠ ᠶᠢ ᠲᠠᠭᠤᠤ ᠲᠠᠭᠤᠯᠠᠳᠠᠭ ᠦᠭᠡᠢ ᠪᠤᠯᠪᠠᠴᠤ ᠬᠠᠷᠢᠨ ᠵᠦᠪᠭᠡᠨ ᠤᠶᠠᠷᠭᠤᠨ ᠠᠶᠠᠰ ᠪᠠᠷ ︿︿ᠵᠤᠭᠡᠢ᠂ ᠵᠤᠭᠡᠢ ﹀﹀ ᠭᠡᠵᠤ ᠢᠰᠢᠭᠡ ᠢ ᠨᠢ ᠠᠪᠬᠠᠭᠤᠯᠳᠠᠭ᠃ ᠲᠡᠮᠡᠭᠡ ᠨᠢ ᠪᠤᠳᠤᠭᠤ ᠭᠡᠭᠡᠭᠳᠡᠭᠦ ᠪᠤᠶᠤ ᠭᠤᠯᠤᠬᠤ ᠳᠤ ᠨᠢᠯᠭ᠎ᠠ ᠪᠤᠳᠤᠭᠤ ᠶᠢ ᠤᠰᠤ ᠳᠤ ᠪᠦᠭᠦ ᠪᠢᠶ᠎ᠡ ᠶᠢ ᠨᠢ ᠨᠤᠷᠤᠭᠠᠵᠤ᠂ ᠡᠮᠤᠨ᠎ᠡ ᠨᠢ ᠰᠠᠪᠠ ᠲᠠᠢ ᠤᠰᠤ ᠲᠠᠯᠪᠢᠭᠠᠳ᠄ ᠠᠯᠳᠠᠨ ᠰᠢᠷ᠎ᠠ ᠤᠭᠤᠷᠠᠭ ᠢᠶᠠᠨ ᠠᠮᠠᠯᠠᠭᠠᠳ ᠦᠭᠡᠢ ᠪᠤᠵᠢᠭᠤᠨ ᠠᠯᠳᠠᠨ ᠰᠢᠷ᠎ᠠ ᠬᠠᠷᠠᠭᠠᠨ᠎ᠠ ᠠᠴᠠ ᠠᠮᠰᠠᠭᠠᠳ ᠦᠭᠡᠢ ᠪᠤᠵᠢᠭᠤᠨ ᠡᠯᠢᠭᠡ ᠪᠦᠭᠡᠷ᠎ᠠ ᠳᠡᠭᠡᠨ ᠡᠯᠭᠡᠪᠠᠴᠢ ᠦᠭᠡᠢ ᠪᠤᠵᠢᠭᠤᠨ ᠡᠭᠡ ᠶᠢᠨ ᠴᠠᠭᠠᠨ ᠦᠰᠤᠨ ᠠᠴᠠ ᠠᠮᠳᠠᠯᠠᠭᠠᠳ ᠦᠭᠡᠢ ᠪᠤᠵᠢᠭᠤᠨ ᠲᠠᠪᠤ ᠪᠠᠷ ᠭᠦᠷᠦᠭᠰᠡᠨ ᠬᠤᠱᠢᠯᠠᠩ ᠪᠠᠷ ᠲᠠᠪᠠᠭᠯᠠᠭᠠᠳ ᠦᠭᠡᠢ ᠪᠤᠵᠢᠭᠤᠨ ᠲᠠᠩᠰᠤᠭ ᠴᠠᠭᠠᠨ ᠦᠰᠤᠨ ᠠᠴᠠ ᠲᠠᠮᠰᠢᠯᠠᠨ ᠠᠮᠰᠠᠭᠠᠳ ᠦᠭᠡᠢ ᠪᠤᠵᠢᠭᠤᠨ ᠪᠢᠴᠢᠭᠡᠨ ᠪᠤᠯᠠᠭ ᠤᠨ ᠤᠰᠤᠨ ᠠᠴᠠ ᠪᠠᠯᠭᠠᠭᠠᠳ ᠦᠭᠡᠢ ᠪᠤᠵᠢᠭᠤᠨ ᠪᠦᠴᠢᠷᠳᠠᠢ ᠮᠤᠳᠤᠨ ᠤ ᠨᠠᠪᠴᠢ ᠠᠴᠠ ᠠᠮᠰᠠᠭᠠᠳ ᠦᠭᠡᠢ ᠪᠤᠵᠢᠭᠤᠨ ᠲᠡᠮᠡᠭᠡᠨ ᠠᠳᠠᠨ ᠪᠤᠯᠵᠤ ᠲᠡᠩᠭᠡᠵᠢᠭᠠᠳ ᠦᠭᠡᠢ ᠪᠤᠵᠢᠭᠤᠨ ᠲᠡᠩᠭᠡᠰ ᠨᠠᠭᠤᠷ ᠤᠨ ᠤᠰᠤᠨ ᠢ ᠭᠠᠳᠤᠯᠠᠭᠠᠳ ᠦᠭᠡᠢ ᠪᠤᠵᠢᠭᠤᠨ ④ ᠭᠡᠵᠤ ᠦᠭᠦᠯᠡᠨ ᠲᠠᠭᠤᠯᠠᠳᠠᠭ ᠪᠦᠭᠡᠳ ᠮᠤᠷᠢᠨ ᠬᠤᠭᠤᠷ ᠪᠤᠶᠤ ᠶᠠᠳᠤᠭ᠎ᠠ᠂ ᠲᠤᠪᠰᠢᠭᠤᠷ ᠤᠨ ᠬᠠᠪᠰᠤᠷᠤᠯᠭ᠎ᠠ ᠪᠠᠷ ᠤᠶᠠᠩᠭᠠᠯᠠᠭᠤᠯᠤᠨ ᠭᠦᠭᠵᠢᠮᠳᠡᠨ ᠲᠠᠭᠤᠯᠠᠳᠠᠭ ᠪᠠᠶᠢᠨ᠎ᠠ ᠡᠭᠦᠨ ᠠᠴᠠ ᠭᠠᠳᠠᠨ᠎ᠠ ᠲᠠᠪᠠᠭᠯᠠᠵᠤ ᠦᠰᠭᠡᠭᠰᠡᠨ ᠪᠤᠵᠢᠭᠤᠨ ᠲᠠᠪᠠᠭᠯᠠᠭ᠎ᠠ ᠪᠠᠨ ᠪᠠᠨ ᠡᠷᠭᠢᠵᠤ ᠪᠤᠤᠯᠢᠳᠠᠭ ᠲᠠᠩᠰᠤᠭᠯᠠᠭᠤᠯᠠᠵᠤ ᠦᠰᠭᠡᠭᠰᠡᠨ ᠡᠵᠢ ᠨᠢ ᠮᠠᠨ ᠢ ᠪᠠᠨ ᠲᠤᠷᠳᠤᠭᠤᠨ ᠰᠠᠭᠤᠳᠠᠭ ᠪᠢᠳᠡᠭᠦᠤ ᠳᠤ ᠨᠢ ᠬᠤᠨᠭᠢᠯᠠᠭᠰᠠᠨ ᠪᠦᠷᠭᠦᠳ ᠪᠢᠳᠡᠭᠦᠤ ᠪᠠᠨ ᠡᠷᠭᠡᠭᠡᠳ ᠬᠠᠪᠰᠢᠳᠠᠭ ᠪᠤᠤᠪᠠᠯᠡᠵᠤ ᠦᠰᠭᠡᠭᠰᠡᠨ ᠡᠵᠢ ᠨᠢ ᠮᠠᠨ ᠢ ᠪᠠᠨ ᠲᠤᠷᠳᠤᠭᠠᠳ ᠰᠠᠭᠤᠳᠠᠭ ᠲᠡᠩᠭᠡᠰ ᠨᠢ ᠤᠷᠤᠰᠤᠳᠠᠭ ᠪᠤᠯᠪᠠᠴᠤ ᠲᠡᠮᠡᠭᠡᠨ ᠲᠡᠭᠡᠭᠦᠷ ᠴᠠᠶᠢᠯᠵᠠᠬᠠᠢ ᠤᠤ ᠲᠡᠨᠢᠩᠭᠡᠢ ᠮᠤᠩᠬᠠᠭ ᠪᠤᠯᠪᠠᠴᠤ ᠡᠵᠢ ᠶᠢ ᠪᠠᠨ ᠬᠠᠶᠠᠭᠠᠳ ᠶᠠᠪᠤᠬᠠᠢ ᠤᠤ︖ ᠬᠠᠰ ᠨᠢ ᠤᠷᠤᠭᠤᠰᠳᠠᠭ ᠪᠤᠯᠪᠠᠴᠤ ᠬᠠᠮᠠᠷ ᠲᠡᠭᠡᠭᠦᠷ ᠴᠠᠶᠢᠯᠵᠠᠬᠠᠢ ᠤᠤ ᠬᠠᠷᠠᠩᠭᠤᠢ ᠮᠤᠩᠬᠠᠭ ᠪᠤᠯᠪᠠᠴᠤ ᠡᠵᠢ ᠶᠢ ᠪᠠᠨ ᠬᠠᠶᠠᠭᠠᠳ ᠶᠠᠪᠤᠬᠤ ᠤᠤ᠂ ⑤ ᠭᠡᠭᠦ ᠮᠡᠳᠤ ᠡᠵᠢ ᠶᠢᠨ ᠲᠠᠭᠤᠤ ᠶᠢ ᠴᠤ ᠲᠠᠭᠤᠯᠠᠬᠤ ᠳᠤ ᠲᠡᠮᠡᠭᠡᠨ ᠤ ᠨᠢᠳᠤᠨ ᠠᠴᠠ ᠨᠢᠯᠪᠤᠰᠤ ᠴᠠᠶᠢᠷᠠᠵᠤ ᠪᠤᠵᠢᠭᠤᠨ ᠪᠠᠨ ᠠᠪᠳᠠᠭ ᠭᠡᠵᠤ ᠨᠠᠰᠤᠳᠠᠶᠢᠴᠤᠳ ᠭᠡᠯᠡᠳᠡᠭ ᠪᠠᠶᠢᠨ᠎ᠠ᠃ ᠭᠡᠭᠦᠣ ᠳᠤ ᠤᠨᠠᠭ᠎ᠠ ᠠᠪᠬᠠᠭᠤᠯᠬᠤ ᠦᠶ᠎ᠡ ᠳᠤ ᠦᠭᠦᠭᠰᠡᠨ ᠤᠨᠠᠭ᠎ᠠ ᠨᠢ ᠠᠷᠠᠰᠤ ᠶᠢ ᠦᠭᠡᠷ᠎ᠠ ᠤᠨᠠᠭ᠎ᠠ ᠨᠢ ᠪᠢᠶ᠎ᠡ ᠲᠡᠭᠡᠷ᠎ᠠ ᠲᠤᠬᠤᠵᠤ ᠮᠤᠷᠢᠨ ᠬᠤᠭᠤᠷ ᠲᠠᠳᠠᠵᠤ ᠠᠪᠬᠠᠭᠤᠯᠠᠳᠠᠭ ᠭᠡᠳᠡᠭ ᠭᠡᠯᠡᠯᠭᠡ ᠮᠠᠯᠴᠢᠳ ᠤᠨ ᠲᠤᠮᠳᠠ ᠶᠠᠷᠢᠭᠳᠠᠵᠤ ᠪᠠᠶᠢᠳᠠᠭ ᠪᠤᠯᠪᠠᠴᠤ ᠲᠠᠭᠤᠯᠠᠬᠤ ᠲᠠᠭᠤᠤ ᠪᠠᠶᠢᠬᠤ ᠡᠰᠡᠭᠦ ᠪᠦᠷᠢᠨ ᠮᠠᠲ᠋ᠧᠷᠢᠶᠠᠯ ᠤᠳᠤ ᠪᠤᠯᠳᠠᠯ᠎ᠠ ᠤᠯᠳᠠᠭ᠎ᠠ ᠦᠭᠡᠢ ᠪᠠᠶᠢᠭᠰᠠᠭᠠᠷ᠃ ᠬᠤᠶᠠᠷ᠂ ᠠᠩ ᠠᠩᠨᠠᠯ ᠤᠨ ᠲᠠᠭᠤᠤ ᠲᠠᠭᠤᠤ ᠭᠦᠭᠵᠢᠮ ᠨᠢ ᠭᠦᠮᠤᠰ ᠤᠨ ᠤᠶᠢᠯᠡᠳᠪᠤᠷᠢᠯᠡᠯ ᠭᠦᠳᠡᠯᠮᠤᠷᠢ ᠭᠡᠭᠡᠳ ᠨᠡᠶᠢᠭᠡᠮ ᠤᠨ ᠤᠶᠢᠯᠡᠳᠤᠯᠭᠡ ᠲᠤᠮᠳᠠ  ᠠᠴᠠ ᠡᠭᠦᠰᠦᠭᠰᠡᠨ᠃ ᠪᠤᠳᠠᠳᠠᠢ ᠪᠠᠷ ᠭᠡᠯᠡᠪᠡᠯ᠂ ᠪᠠᠯᠠᠷ ᠡᠷᠳᠠᠨ ᠤ ᠨᠡᠶᠢᠭᠡᠮ ᠠᠴᠠ ᠡᠭᠡᠯᠡᠨ ᠭᠦᠮᠤᠰ ᠪᠠᠶᠢᠭᠠᠯᠢ ᠲᠠᠢ ᠲᠡᠯᠡᠴᠠᠵᠤ᠂ ᠪᠠᠶᠢᠭᠠᠯᠢ ᠶᠢ ᠡᠷᠭᠢᠰᠢᠶᠡᠯ ᠳᠡᠭᠡᠨ ᠤᠷᠤᠭᠤᠯᠬᠤ ᠪᠠᠷ ᠭᠦᠴᠤ ᠨᠢᠭᠡᠳᠭᠡᠨ ᠲᠠᠭᠤ ᠭᠠᠷᠭᠠᠵᠤ ᠲᠠᠭᠤᠤ ᠠᠶᠠᠯᠭᠤ ᠨᠢ ᠪᠤᠢ ᠪᠤᠯᠤᠭᠰᠠᠨ ᠭᠡᠵᠤ ᠡᠷᠳᠡᠮᠳᠡᠨ ᠨᠢᠭᠡᠨᠳᠡ ᠰᠤᠳᠤᠯᠤᠭᠰᠡᠨ᠃ ᠡᠭᠦᠨ ᠲᠠᠢ ᠠᠳᠠᠯᠢ ᠮᠠᠨ ᠤ ᠮᠤᠩᠭᠤᠯᠴᠤᠳ ᠤᠭ ᠠᠴᠠ ᠪᠠᠨ ᠠᠩ ᠭᠦᠷᠤᠭᠡ ᠭᠡᠵᠤ ᠮᠠᠯ ᠮᠠᠯᠴᠢᠨ ᠨᠡᠭᠦᠳᠡᠯᠡᠨ ᠠᠮᠢᠳᠤᠷᠠᠵᠤ ᠢᠷᠡᠭᠰᠡᠨ᠃ ᠡᠭᠦᠨ ᠳᠤ ᠨᠠᠰᠤᠳᠠᠶᠢᠴᠤᠳ ︿︿ᠤᠯᠵᠠ ᠲᠠᠢ᠂ ᠤᠮᠤᠭ ᠲᠠᠢ﹀﹀ ᠶᠠᠪᠤᠳᠤᠭᠠᠢ ᠭᠡᠵᠤ ᠰᠦ ᠪᠠᠷ ᠢᠷᠤᠭᠡᠵᠤ ᠠᠩ ᠰᠠᠭᠤᠷᠢ ᠲᠠᠯᠪᠢᠳᠠᠭ ᠪᠠᠶᠢᠭᠰᠠᠨ᠃ ᠡᠭᠦᠨ ᠳᠤ᠄ ︿︿ᠪᠤᠷᠤ ᠬᠠᠯᠵᠢᠨ ᠲᠠᠤᠯᠠᠢ ᠪᠠᠷ ᠪᠦᠭᠦᠷᠭᠡ ᠪᠠᠨ ᠮᠢᠯᠢᠶ᠋ᠨ ᠬᠠᠷ᠎ᠠ ᠬᠠᠯᠵᠢᠨ ᠲᠠᠤᠯᠠᠢ ᠪᠠᠷ ᠭᠠᠨᠵᠤᠭ᠎ᠠ ᠪᠠᠨ ᠮᠢᠯᠢᠶ᠋ᠨ﹀﹀ ⑥ ᠭᠡᠵᠤ ᠲᠠᠤᠯᠠᠢ ᠶᠢ ᠪᠢᠶ᠎ᠡ ᠨᠢ ᠪᠠᠭ᠎ᠠ᠂ ᠠᠷᠠᠰᠤ ᠨᠢ ᠨᠢᠮᠭᠡᠨ ᠭᠡᠵᠤ ᠭᠤᠯᠤᠳᠠᠭ ᠦᠭᠡᠢ᠂ ᠬᠠᠷᠢᠨ ᠠᠩ ᠤᠨ ᠮᠦᠷ ᠠᠷᠪᠢᠵᠢᠵᠤ᠂ ᠤᠯᠵᠠ ᠤᠮᠤᠭ ᠨᠡᠮᠡᠭᠳᠡᠳᠡᠭ ᠭᠡᠵᠤ ᠦᠵᠡᠳᠡᠭ ᠪᠤᠯᠬᠤᠷ᠂ ᠲᠡᠭᠦᠨ ᠤ ᠴᠢᠰᠤ ᠪᠠᠷ ᠭᠠᠨᠵᠤᠭ᠎ᠠ ᠪᠠᠨ ᠮᠢᠯᠢᠶᠠᠳᠠᠭ ᠵᠠᠩᠰᠢᠯ ᠲᠠᠢ ᠭᠡᠵᠡᠢ᠃ ᠡᠭᠦᠨ ᠠ ᠭᠠᠳᠠᠨ᠎ᠠ ᠪᠠᠳᠠ ᠪᠠᠰᠠ᠄ ᠬᠤ ᠶᠢᠨ ᠢᠶᠠᠨ ᠲᠠᠷᠭᠤᠨ ᠳᠤ ᠬᠤᠰ ᠦᠭᠡᠢ ᠮᠤᠷᠳᠠᠯ᠎ᠠ ᠪᠢ ᠬᠤᠷᠢᠨ ᠨᠠᠰᠤᠨ ᠤ ᠡᠷᠭᠡᠨ ᠳᠤ ᠬᠠᠨᠢ ᠦᠭᠡᠢ ᠮᠤᠷᠳᠠᠯ᠎ᠠ ᠪᠢ᠂ ᠬᠠᠷ᠎ᠠ ᠶᠢᠨ ᠲᠠᠷᠭᠤᠨ ᠳᠤ ᠬᠠᠶᠢᠰᠤᠨ ᠦᠭᠡᠢ ᠮᠤᠷᠳᠠᠯ᠎ᠠ ᠪᠢ ᠬᠠᠪᠤᠯ ᠤᠨ ᠢᠶᠠᠨ ᠰᠡᠴᠡᠨ ᠳᠤ ᠭᠦᠨᠡᠰᠤ ᠦᠭᠡᠢ ᠮᠤᠷᠳᠠᠯ᠎ᠠ ᠪᠢ᠂ ᠭᠦᠷᠠᠩ ᠤᠨ ᠢᠶᠠᠨ ᠭᠦᠳᠡᠷ ᠲᠤ ᠭᠦᠳᠤᠯᠪᠤᠷ ᠦᠭᠡᠢ ᠮᠤᠷᠳᠠᠯ᠎ᠠ ᠪᠢ ᠭᠦᠨᠳᠤ ᠶᠢᠨ ᠢᠶᠠᠨ ᠰᠡᠴᠡᠨ ᠳᠤ ᠭᠦᠨᠡᠰᠤ ᠦᠭᠡᠢ ᠮᠤᠷᠳᠠᠯ᠎ᠠ ᠪᠢ᠂ ᠪᠤᠷᠤ ᠶᠢᠨ ᠢᠶᠠᠨ ᠲᠠᠷᠭᠤᠨ ᠳᠤ ᠪᠤᠯᠵᠤᠭ ᠦᠭᠡᠢ ᠮᠤᠷᠳᠠᠯ᠎ᠠ ᠪᠢ ᠫᠤᠤ ᠶᠢᠨ ᠢᠶᠠᠨ ᠰᠡᠴᠡᠨ ᠳᠤ ᠭᠦᠨᠡᠰᠤ ᠦᠭᠡᠢ ᠮᠤᠷᠳᠠᠯ᠎ᠠ ᠪᠢ ⑦ ᠭᠡᠵᠤ ᠮᠤᠷᠢᠨ ᠤ ᠲᠠᠷᠤᠭᠤ ᠰᠠᠶᠢᠳᠠᠢ ᠡᠷ᠎ᠠ ᠵᠠᠯᠠᠭᠤ ᠶᠢᠨ ᠭᠦᠴᠤ ᠴᠢᠳᠡᠯ᠂ ᠬᠠᠷᠪᠤᠭᠠᠴᠢ ᠮᠡᠷᠭᠡᠨ ᠢ ᠪᠠᠭ᠋ᠠᠷᠠᠨ ᠲᠠᠭᠤᠯᠠᠭᠰᠠᠨ ᠪᠠᠶᠢᠨ᠎ᠠ᠃ ᠡᠶᠢᠮᠤ ᠠᠴᠠ ᠮᠤᠩᠭᠤᠯᠴᠤᠳ ᠤᠨ ᠠᠩ ᠠᠩᠨᠠᠯ ᠤᠨ ᠲᠠᠭᠤᠤ ᠨᠢ ᠭᠦᠳᠡᠯᠮᠤᠷᠢ ᠶᠢᠨ ᠲᠠᠭᠤᠤ ᠠᠴᠠ ᠲᠤᠳᠠᠭᠳᠠᠵᠤ ᠪᠤᠯᠤᠰᠢ ᠦᠭᠡᠢ᠃ ᠭᠤᠷᠪᠠ᠂ ᠠᠶᠢᠷᠠᠭ ᠪᠤᠯᠢᠬᠤ ᠲᠠᠭᠤᠤ ᠪᠢᠳᠡ ᠪᠠᠭ᠎ᠠ ᠶᠢᠨ ᠦᠶ᠎ᠡ ᠳᠤ ᠮᠠᠨ ᠤ ᠡᠭᠡ ᠠᠶᠢᠷᠠᠭ ᠪᠤᠯᠢᠵᠤ ᠲᠤᠰᠤ ᠤᠨᠠᠭᠠᠬᠤ ᠳᠤ ᠲᠤᠭ᠎ᠠ ᠲᠤᠭᠠᠯᠠᠵᠤ᠂ ᠲᠤᠭ᠎ᠠ ᠭᠡᠴᠢᠨᠡᠨ ᠤᠯᠠᠨ ᠪᠤᠯ ᠲᠡᠳᠤᠢ ᠴᠢᠨᠡᠭᠡᠨ ᠰᠢᠷ᠎ᠠ ᠲᠤᠰᠤ ᠤᠨᠠᠳᠠᠭ ᠭᠡᠵᠤ ᠭᠡᠯᠡᠳᠡᠭ᠃ ᠨᠡᠨ ᠤ ᠭᠡᠳᠤᠶᠢᠪᠡᠷ ᠲᠤᠭ᠎ᠠ ᠲᠤᠭᠠᠯᠠᠬᠤ ᠶᠢᠨ ᠲᠡᠳᠤᠢ ᠪᠤᠯᠪᠠᠴᠤ ᠦᠨᠡᠨ ᠳᠡᠭᠡᠨ ᠭᠡᠤᠭᠡᠳ ᠤᠨ ᠠᠰᠭᠠᠪᠤᠷᠢ ᠴᠠᠶᠢᠯᠭᠠᠨ ᠠᠵᠢᠯᠴᠢ ᠭᠦᠳᠡᠯᠮᠤᠷᠰᠡᠭ ᠢ ᠬᠠᠷᠠᠭᠤᠯᠬᠤ ᠠᠴᠠ ᠭᠠᠳᠠᠨ᠎ᠠ ᠠᠯᠵᠠᠭᠤ ᠵᠠᠯᠠᠬᠤ᠂ ᠶᠠᠳᠠᠷᠠᠵᠤ ᠮᠠᠭᠤᠳᠠᠭᠰᠠᠨ ᠢ ᠲᠠᠶᠢᠯᠠᠬᠤ ︿︿ᠭᠦᠳᠡᠯᠮᠤᠷᠢᠯᠡᠭᠰᠡᠨ ᠤ ᠭᠡᠷᠢ ᠪᠠᠷ ᠬᠤᠪᠢᠶᠠᠷᠯᠠᠬᠤ﹀﹀ ᠭᠡᠳᠡᠭ ᠵᠠᠷᠴᠢᠮ ᠢ ᠢᠯᠡᠷᠡᠭᠦᠯᠦᠭᠰᠡᠨ ᠪᠠᠶᠢᠨ᠎ᠠ᠃ ᠲᠦᠷᠪᠠ᠂ ᠭᠡᠤᠭᠡᠳ ᠰᠠᠭᠠᠳᠠᠭᠤᠯᠬᠤ ᠲᠠᠭᠤᠤ ᠪᠠᠶᠠᠨᠭᠤᠤᠯ ᠤᠨ ᠮᠤᠩᠭᠤᠯᠴᠤᠳ ᠦᠷ᠎ᠠ ᠭᠡᠣᠭᠡᠳ ᠢᠶᠠᠨ ᠠᠰᠠᠷᠠᠨ ᠭᠦᠮᠤᠵᠢᠭᠦᠯᠭᠦ ᠳᠡᠭᠡᠨ ᠪᠠᠭ᠎ᠠ ᠠᠴᠠ ᠨᠢ ᠡᠭᠢᠯᠡᠨ ᠰᠠᠭᠠᠳᠠᠭᠤᠯᠵᠤ᠂ ᠰᠠᠭᠠᠳᠤᠭᠤᠯᠬᠤ ᠦᠭᠡ ᠪᠦᠷᠢ ᠳᠤ ᠨᠢ ᠡᠷᠭᠢᠮ ᠨᠠᠨᠳᠢᠨ ᠰᠤᠷᠭᠠᠯ᠂ ᠢᠷᠡᠭᠡᠳᠤᠢ ᠶᠢᠨ ᠭᠦᠰᠡᠯ ᠡᠷᠠᠮᠯᠡᠵᠡᠯ ᠠᠭᠤᠯᠠᠭᠳᠠᠵᠤ ᠪᠠᠶᠢᠳᠠᠭ᠃ ᠡᠭᠦᠨ ᠳᠤ᠄ ᠬᠠᠷᠢᠶᠠᠳᠡᠢ ᠬᠠᠨ ᠤ ᠠᠴᠢ ᠯᠠ ᠪᠢᠯᠨ ᠬᠠᠷᠪᠤᠭᠠᠴᠢ ᠮᠡᠷᠭᠡᠨ ᠤ ᠭᠦᠪᠡᠭᠦᠨ ᠪᠢᠯᠨ ᠪᠦᠳᠡᠷ ᠮᠡᠷᠭᠡᠨ ᠤ ᠵᠢᠭᠢ ᠯᠠ ᠪᠢᠯᠨ ᠵᠢᠩ ᠤᠨ ᠬᠠᠷ᠎ᠠ ᠶᠢᠨ ᠢᠪᠡᠷ ᠪᠤᠤᠪᠡᠯᠳᠠᠢ ᠵᠢᠩ ᠤᠨ ᠠᠷᠢᠭᠢ ᠶᠢᠨ ᠠᠮᠨ ᠲᠠᠢ ᠪᠤᠤᠪᠡᠯᠳᠠᠢ ᠠᠶᠢᠷᠠᠭ ᠠᠷᠢᠭᠢ ᠶᠢᠨ ᠠᠮᠳᠠ ᠲᠠᠢ ᠪᠤᠤᠪᠡᠯᠳᠠᠢ ᠠᠶᠢᠯ ᠭᠦᠮᠤᠨ ᠤ ᠵᠤᠭᠤᠭ ᠯᠠ ᠪᠤᠤᠪᠡᠯᠳᠠᠢ ᠦᠷᠯᠤᠬᠡ ᠰᠦᠨᠢ ᠶᠢᠨ ᠵᠡᠭᠦᠳᠡᠨ ᠪᠤᠤᠪᠡᠯᠳᠠᠢ ᠡᠷᠤᠭᠡ ᠠᠶᠢᠯ ᠤᠨ ᠵᠤᠭᠤᠭ ᠯᠠ ᠪᠤᠤᠪᠡᠯᠳᠠᠢ ᠬᠠᠷᠠᠩᠭᠤᠢ ᠰᠦᠨᠢ ᠶᠢᠨ ᠵᠡᠭᠦᠳᠡᠨ ᠪᠤᠤᠪᠡᠯᠳᠠᠢ ᠬᠠᠨ ᠲᠦᠷᠤ ᠶᠢᠨ ᠰᠦᠯᠵᠢᠯ ᠪᠤᠤᠪᠡᠯᠳᠠᠢ ᠠᠪᠤ ᠶᠢᠨ ᠡᠪᠤᠷ ᠲᠡᠭᠡᠷᠭᠢ ᠠᠮᠤᠷᠭᠠᠳ ᠦᠰᠦᠭᠰᠡᠨ ᠪᠤᠤᠪᠡᠯᠳᠠᠢ ᠡᠷᠪᠡᠭᠡᠢ ᠮᠡᠳᠤ ᠰᠡᠷᠪᠡᠯᠵᠢᠭᠰᠡᠨ ᠪᠤᠤᠪᠡᠯᠳᠠᠢ ᠡᠷᠢᠶᠡᠳᠡᠢ ᠪᠤᠷᠤ ᠨᠠᠰᠤᠮ᠎ᠠ ᠲᠠᠢ ᠪᠤᠤᠪᠡᠯᠳᠠᠢ ⑧ ᠭᠡᠵᠤ ᠰᠠᠭᠠᠳᠠᠭᠤᠯᠵᠤ ᠪᠠᠶᠢᠭᠠᠳ ᠬᠠᠨ ᠲᠦᠷᠤ ᠶᠢᠨ ᠭᠦᠮᠤᠨ ᠤ ᠦᠢᠯᠨ ᠶᠠᠪᠤᠳᠠᠯ᠂ ᠪᠠᠶᠠᠷ ᠪᠠᠶᠠᠰᠠᠬᠤᠯᠠᠩ ᠲᠠᠢ ᠠᠮᠢᠳᠤᠷᠠᠯ ᠢ ᠦᠨᠡᠨ ᠮᠦᠨ ᠪᠠᠷ ᠲᠤᠰᠬᠠᠵᠢ᠃ ᠲᠡᠭᠡᠷᠠᠭᠢ ᠲᠠᠭᠤᠤ ᠤᠳ ᠠᠭᠤᠯᠭ᠎ᠠ ᠠᠴᠠ ᠦᠵᠡᠭᠦ ᠳᠤ ᠮᠠᠨ ᠤ ᠮᠤᠩᠭᠤᠯᠴᠤᠳ ᠤᠨ ᠨᠡᠭᠦᠳᠡᠯᠴᠢᠨ ᠠᠷᠠᠳ ᠤᠨ ᠭᠡᠪ ᠵᠠᠩᠰᠢᠯ ᠵᠢᠴᠢ ᠬᠠᠶᠢᠷ᠎ᠠ ᠰᠡᠳᠭᠡᠯᠭᠡ᠂ ᠭᠦᠳᠡᠭᠡ ᠲᠠᠯ᠎ᠠ᠂ ᠠᠭᠤᠯᠠᠨ ᠤᠰᠤ ᠨᠢ ᠪᠠᠶᠢᠭᠠᠯᠢ ᠶᠢᠨ ᠦᠵᠡᠮᠵᠢ ᠶᠢ ᠲᠠᠭᠤᠤ  ᠳᠠᠭᠠᠨ ᠤᠷᠠᠯᠢᠭᠰᠢᠭᠤᠯᠤᠨ ᠢᠷᠠᠭᠤ ᠲᠤᠳᠤ ᠪᠠᠶᠢᠳᠠᠯ ᠢᠶᠠᠷ ᠢᠯᠡᠳᠭᠡᠨ ᠭᠠᠷᠭᠠᠭᠰᠠᠨ ᠪᠠᠶᠢᠨ᠎ᠠ᠃ ᠵᠡᠭᠦᠯᠳᠡ᠄ ① ︽ᠦᠷ ᠤᠨ ᠴᠤᠯᠮᠤᠨ︾᠂ 106 ᠳ᠋ᠦ᠋ᠭᠠᠷ ᠨᠢᠭᠤᠷ᠃ ② ③ ⑷⑸ ⑦⑻ ︽ᠪᠠᠶᠠᠨᠭᠤᠤᠯ ᠵᠸᠤ ᠶᠢᠨ ᠾᠧᠵᠢᠩ ᠰᠢᠶᠠᠨ ᠤ ᠠᠷᠠᠳ ᠤᠨ ᠲᠠᠭᠤᠨ ᠤ ᠬᠤᠪᠢᠶᠡᠷᠢ ᠡᠮᠭᠡᠳᠭᠡᠯ︾᠂ 245 — 151 ᠳ᠋ᠦ᠋ᠭᠠᠷ ᠨᠢᠭᠤᠷ᠂ 4 ᠳ᠋ᠦ᠋ᠭᠠᠷ ᠨᠢᠭᠤᠷ᠂ 403 ᠳ᠋ᠦ᠋ᠭᠠᠷ ᠨᠢᠭᠤᠷ᠃ ⑥ ︽ᠮᠤᠩᠭᠤᠯ ᠤᠨᠳᠤᠰᠤᠳᠡᠨ ᠤ ᠲᠠᠭᠤᠤ ᠭᠦᠭᠵᠢᠮ ᠤᠨ ᠲᠡᠤᠭᠡ︾᠂ 153 ᠳ᠋ᠦ᠋ᠭᠠᠷ ᠨᠢᠭᠤᠷ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号