ᠮᠤᠩᠭᠤᠯ ᠤᠨ ᠤᠪᠠᠰᠢ ᠬᠤᠩ ᠲᠠᠶᠢᠵᠢ ᠶᠢᠨ ᠲᠤᠭᠤᠵᠢ
ᠨᠡᠶᠢᠲᠡᠯᠡᠭᠰᠡᠨ ᠴᠠᠭ᠄
2019/12/11
ᠮᠤᠩᠭᠤᠯ ᠤᠨ ᠤᠪᠠᠰᠢ ᠬᠤᠩ ᠲᠠᠶᠢᠵᠢ ﹇1﹈ ᠠᠭᠤᠯᠠ ᠶᠢᠨ ᠬᠠᠷ᠎ᠠ ᠪᠠᠷᠰ ᠪᠤᠯᠤᠭᠰᠠᠨ ᠤᠷᠢᠶᠠᠩᠬᠠᠢ ᠶᠢᠨ ᠰᠠᠶᠢᠨ ᠮᠠᠵᠢᠭ ᠬᠤᠶᠠᠭᠤᠯᠠ ᠬᠠᠩᠭᠠᠢ ᠶᠢᠨ ᠬᠠᠷ᠎ᠠ ᠪᠤᠯᠠᠭ ᠠᠴᠠ ᠬᠠᠷᠢ ᠲᠦᠷᠪᠡᠨ ᠦᠢᠷᠠᠳ ᠢ ᠲᠠᠶᠢᠯᠠᠶ᠎ᠠ ᠭᠡᠵᠦ ᠨᠠᠢᠮᠠᠨ ᠲᠦᠮᠡᠨ ᠴᠡᠷᠢᠭ ᠮᠤᠷᠳᠠᠵᠤ ᠢᠷᠡᠬᠦᠢ ᠳᠡᠭᠡᠨ ᠨᠠᠯᠠᠬᠤ ᠦᠭᠡᠷ ᠤᠨ ᠲᠠᠪᠠᠭ᠎ᠠ ᠲᠠᠪᠠᠵᠤ ᠨᠠᠯ ᠬᠠᠷ᠎ᠠ ᠪᠦᠷᠦᠭ ᠲᠤ ᠨᠠᠢᠮᠠᠨ ᠲᠦᠮᠡᠨ ᠴᠡᠷᠢᠭ ᠬᠦᠷᠴᠦ ᠢᠷᠡᠵᠦ ᠲᠦᠷᠪᠡᠨ ᠦᠢᠷᠠᠳ ᠤᠨ ᠨᠤᠲᠤᠭ ᠲᠤ ᠲᠦᠷᠪᠡᠨ ᠠᠩᠬᠢ ᠲᠤᠷᠰᠢᠭᠤᠯ ᠲᠠᠯᠪᠢᠵᠤ ᠤᠯᠵᠤ ᠶᠠᠳᠠᠭᠠᠳ ᠮᠤᠩᠭᠤᠯ ᠤᠨ ᠤᠪᠠᠰᠢ ᠬᠤᠩ ᠲᠠᠶᠢᠵᠢ ᠰᠠᠶᠢᠨ ᠮᠠᠭᠤ ᠲᠤᠮᠳᠠ ﹇2﹈ ᠭᠤᠷᠪᠠᠭᠤᠯᠠᠨ ᠴᠢᠭᠤᠯᠭᠠᠨ ᠴᠢᠭᠤᠯᠤᠭᠠᠳ ᠤᠷᠢᠶᠠᠩᠬᠠᠢ ᠶᠢᠨ ᠰᠠᠶᠢᠨ ᠮᠠᠵᠢᠭ ᠡᠬᠢᠯᠡᠨ ᠤᠯᠠᠨ ᠰᠠᠶᠢᠳ ᠤᠳ ᠲᠤ ᠤᠪᠠᠰᠢ ᠬᠤᠩ ᠲᠠᠶᠢᠵᠢ ᠵᠠᠷᠯᠢᠭ ᠪᠤᠯᠪᠠ᠃ ᠵᠠ ᠵᠠᠯᠠᠭᠤᠰ ᠰᠤᠨᠤᠰᠤᠭᠲᠤᠨ᠃ ᠲᠦᠷᠪᠡᠨ ᠦᠢᠷᠠᠳ ᠤᠨ ᠵᠠᠩᠬᠢ ᠨᠢ ᠨᠤᠲᠤᠭ ᠲᠠᠭᠠᠨ ᠢᠷᠡᠭᠰᠡᠨ ᠲᠠᠶᠢᠰᠤᠨ ᠳᠤ ᠬᠤᠯᠠᠴᠢ ᠮᠤᠷᠢ ᠬᠤᠲᠠᠴᠢ ᠨᠤᠬᠠᠢ ᠮᠡᠲᠦ ᠲᠡᠷᠡᠮᠳᠡᠵᠦ ﹇3﹈ ᠦᠯᠦ ᠤᠯᠳᠠᠳᠠᠭ ᠪᠢᠰᠢᠦ᠃ ᠲᠦᠷᠪᠡᠨ ᠦᠢᠷᠠᠳ ᠲᠤ ᠬᠡᠯᠡᠭᠦᠯᠦᠭᠡᠳ ᠬᠠᠷᠢᠪᠠᠰᠤ ᠶᠠᠮᠠᠷ ᠪᠤᠢ᠃ ᠲᠠ ᠵᠠᠯᠠᠭᠤᠰ ᠮᠢᠨᠢ᠂ ᠰᠠᠨᠠᠭᠰᠠᠨ ᠰᠠᠨᠠᠭ᠎ᠠ ᠡᠨᠡ ᠪᠠᠶᠢᠨ᠎ᠠ᠃ ᠡᠭᠦᠨ ᠢ ᠵᠦᠪᠰᠢᠶᠡᠷᠡᠪᠡᠰᠦ ᠬᠠᠷᠢᠶ᠎ᠠ᠂ ᠪᠤᠷᠤᠭᠤᠰᠢᠶᠠᠪᠠᠰᠤ ᠶᠠᠪᠤᠶ᠎ᠠ᠂ ᠭᠡᠵᠦ ᠬᠡᠯᠡᠪᠡ᠃ ᠤᠪᠠᠰᠢ ᠬᠤᠩ ᠲᠠᠶᠢᠵᠢ ᠶᠢᠨ ᠡᠨᠡ ᠵᠠᠷᠯᠢᠭ ᠤᠨ ᠬᠠᠷᠢᠭᠤ ᠶᠢ ᠠᠭᠤᠯᠠ ᠶᠢᠨ ᠬᠠᠷ᠎ᠠ ᠪᠠᠷᠰ ᠪᠤᠯᠤᠭᠰᠠᠨ ᠤᠷᠢᠶᠠᠩᠬᠠᠢ ᠶᠢᠨ ᠰᠠᠶᠢᠨ ᠮᠠᠵᠢᠭ ᠤᠷᠠᠯᠠᠨ ﹇4﹈ ᠰᠠᠭᠤᠭᠠᠳ ᠤᠪᠠᠰᠢ ᠬᠤᠩ ᠲᠠᠶᠢᠵᠢ ᠳᠤ ᠮᠡᠲᠡᠭᠦᠯᠵᠡᠢ᠃ ᠨᠤᠶᠠᠳ ᠤᠨ ᠵᠠᠷᠯᠢᠭ ᠵᠦᠪ ᠪᠤᠯᠪᠠᠴᠤ ᠮᠤᠩᠭᠤᠯ ᠤᠨ ᠤᠪᠠᠰᠢ᠂ ᠤᠷᠢᠶᠠᠩᠬᠠᠢ ᠶᠢᠨ ᠮᠠᠵᠢᠭ ᠬᠤᠶᠠᠭᠤᠯᠠᠨ᠂ ᠬᠠᠩᠭᠠᠢ ᠶᠢᠨ ᠬᠠᠷ᠎ᠠ ᠪᠤᠯᠠᠭ ᠠᠴᠠ ᠬᠠᠷᠢ ᠲᠦᠷᠪᠡᠨ ᠦᠢᠷᠠᠳ ᠢ ᠦᠵᠡᠶ᠎ᠡ ᠬᠡᠵᠦ ᠴᠡᠷᠢᠭ ᠮᠤᠷᠳᠠᠵᠤ ᠢᠷᠡᠪᠡ ᠭᠡᠬᠦ ᠶᠢ ᠬᠠᠷᠢ ᠬᠠᠯᠠᠭᠤᠨ ᠤᠶᠢᠷ᠎ᠠ ᠬᠤᠯᠠ ᠴᠦᠮ ᠰᠤᠨᠤᠰᠤᠭᠰᠠᠨ ᠪᠢᠯᠡ᠃ ᠤᠳᠤ ᠮᠠᠯ ᠤᠨ ᠪᠠᠷᠠᠭ᠎ᠠ ᠶᠢ ᠦᠵᠡᠭᠡᠳ ᠠᠶᠢᠵᠤ ﹇5﹈ ᠵᠤᠯᠠᠵᠤ ﹇6﹈ ᠬᠠᠷᠢᠪᠠᠯ ᠦᠷ᠎ᠡ ᠶᠢᠨ ᠦᠷ᠎ᠡ ᠳᠤ ᠮᠠᠭᠤ ᠨᠡᠷ᠎ᠡ ᠰᠤᠨᠤᠰᠤᠭᠳᠠᠬᠤ ᠪᠤᠢ ‍ᠶ᠎ᠠ ᠨᠤᠶᠠᠳ ᠬᠡᠪᠡ᠃ ᠮᠤᠩᠭᠤᠯ ᠤᠨ ᠰᠠᠶᠢᠨ ᠮᠠᠭᠤ ᠲᠤᠮᠲᠠ ᠭᠤᠷᠪᠠᠭᠤᠯᠠ ᠡᠭᠦᠨ ᠢ ᠵᠦᠪᠰᠢᠶᠡᠭᠡᠳ ᠤᠪᠠᠰᠢ ᠬᠤᠩ ᠲᠠᠶᠢᠵᠢ ᠵᠠᠷᠯᠢᠭ ᠪᠤᠯᠪᠠ᠃ ᠲᠦᠷᠪᠡᠨ ᠦᠢᠷᠠᠳ ᠤᠨ ᠨᠤᠲᠤᠭ ᠡᠮᠦᠨ᠎ᠡ ᠴᠤ ᠪᠠᠶᠢᠨ᠎ᠠ᠂ ᠬᠤᠶᠢᠨ᠎ᠠ ᠴᠤ ᠪᠠᠶᠢᠨ᠎ᠠ ᠬᠠᠮᠢᠭ᠎ᠠ ᠭᠡᠵᠦ ᠶᠠᠪᠤᠨ᠎ᠠ ᠲᠠ ᠭᠡᠪᠡ᠃ ᠤᠷᠢᠶᠠᠩᠬᠠᠢ ᠶᠢᠨ ᠰᠠᠶᠢᠨ ᠮᠠᠵᠢᠭ᠂ ᠨᠤᠶᠠᠳ ᠤᠨ ᠵᠠᠷᠯᠢᠭ ᠵᠦᠪ᠃ ᠲᠦᠷᠪᠡᠨ ᠦᠢᠷᠠᠳ ᠤᠨ ᠨᠤᠲᠤᠭ ᠶᠡᠭᠡ ᠪᠤᠯᠪᠠᠴᠤ ᠨᠢᠭᠡ ᠲᠢᠪ ᠲᠤ ᠬᠠᠮᠲᠤ ᠪᠠᠶᠢᠳᠠᠭ᠃ ᠨᠠᠢᠮᠠᠨ ᠬᠤᠨᠤᠭ ᠢᠶᠠᠷ ᠪᠤᠯᠵᠤᠶ᠎ᠠ᠃ ᠨᠠᠷᠢᠨ ᠢᠶᠠᠷ ᠬᠠᠶᠢᠯᠭᠠᠶ᠎ᠠ᠃ ᠨᠠᠰᠢ ᠴᠠᠰᠢ ᠶᠠᠪᠤᠬᠤ ᠭᠠᠵᠠᠷ ᠢ ᠨᠢ ᠪᠢ ᠵᠢᠭᠠᠶ᠎ᠠ ᠬᠡᠪᠡ᠃ ᠨᠠᠢᠮᠠᠨ ᠲᠦᠮᠡᠨ ᠬᠦᠮᠦᠨ ᠠᠴᠠ ᠲᠠᠶᠠᠭᠠᠷ ᠮᠡᠲᠡᠲᠡᠭ ᠬᠤᠶᠠᠷ ᠵᠠᠭᠤᠨ ᠵᠠᠯᠠᠭᠤ ᠶᠢ ᠭᠠᠷᠭᠠᠶ᠎ᠠ᠃ ᠪᠤᠮ ᠵᠢᠷᠭᠤᠭᠠᠨ ᠲᠦᠮᠡᠨ ᠠᠭᠲᠠᠨ ᠠᠴᠠ ᠲᠦᠷᠪᠡᠨ ᠵᠠᠭᠤᠨ ᠮᠤᠷᠢ ᠭᠠᠷᠭᠠᠶ᠎ᠠ᠃ ᠮᠢᠨᠦ ᠵᠢᠭᠠᠭᠰᠠᠨ ᠭᠠᠵᠠᠷ ᠢᠶᠠᠷ ᠶᠠᠪᠤᠵᠤ ᠬᠠᠶᠢᠳᠤᠭᠠᠢ᠃ ᠤᠯᠪᠠᠴᠤ ᠡᠰᠡ ᠤᠯᠪᠠᠴᠤ ᠨᠠᠢᠮᠠᠨ ᠬᠤᠨᠤᠭ ᠲᠤ ᠢᠷᠡᠲᠦᠭᠡᠢ ᠬᠡᠪᠡ᠃ ᠴᠦᠮ ᠢᠶᠠᠷ ᠡᠭᠦᠨ ᠢ ᠵᠦᠪᠰᠢᠶᠡᠭᠡᠳ ᠬᠤᠶᠠᠷ ᠵᠠᠭᠤᠨ ᠲᠤᠷᠰᠢᠭᠤᠯ ᠢ ᠠᠭᠤᠯᠠ ᠶᠢᠨ ᠬᠠᠷ᠎ᠠ ᠪᠠᠷᠰ ᠪᠤᠯᠤᠭᠰᠠᠨ ᠤᠷᠢᠶᠠᠩᠬᠠᠢ ᠶᠢᠨ ᠰᠠᠶᠢᠨ ᠮᠠᠵᠢᠭ ᠲᠠᠭᠠᠭᠤᠯᠵᠤ ᠭᠠᠷᠤᠭᠠᠳ ᠴᠡᠷᠢᠭ ᠤᠨ ᠵᠠᠬ᠎ᠠ ᠳᠤ ᠬᠠᠷ᠎ᠠ ᠠᠭᠤᠯᠠ ᠶᠢᠨ ᠤᠷᠬᠢᠯ ᠲᠡᠭᠡᠷ᠎ᠡ ᠭᠠᠷᠴᠤ ᠬᠤᠶᠠᠷ ᠵᠠᠭᠤᠨ ᠲᠤᠷᠰᠢᠭᠤᠯ ᠳᠠᠭᠠᠨ ᠲᠦᠷᠪᠡᠨ ᠦᠢᠷᠠᠳ ᠤᠨ ᠨᠤᠲᠤᠭ ᠤᠨ ᠵᠦᠭ ᠢ ᠵᠢᠭᠠᠵᠤ ᠦᠭᠪᠡ᠃ ᠡᠨᠡ ᠵᠦᠭ ᠲᠤ ᠶᠠᠪᠤᠭᠲᠤᠨ᠃ ᠡᠮᠦᠨ᠎ᠡ ᠴᠢᠨᠢ ᠡᠷᠴᠢᠰ ᠬᠡᠳᠡᠭ ᠮᠦᠷᠡᠨ ᠲᠠᠭᠠᠷᠢᠯᠳᠤᠨ᠎ᠠ᠃ ᠡᠷᠴᠢᠰ ᠢ ᠤᠷᠤᠭᠤᠳᠠᠭᠲᠤᠨ᠃ ᠲᠡᠭᠡᠳᠦ ᠪᠠᠶ᠎ᠠ ᠨᠢ ᠬᠠᠷ᠎ᠠ ᠮᠤᠳᠤᠨ᠂ ᠲᠤᠤᠷᠠᠳᠤ ᠪᠡᠶ᠎ᠡ ᠨᠢ ᠰᠢᠷ᠎ᠠ ᠬᠤᠯᠤᠰᠤᠨ᠂ ᠲᠡᠷᠡ ᠬᠤᠶᠠᠷ ᠤᠨ ᠵᠠᠪᠰᠠᠷ ᠲᠤ ᠮᠠᠨᠢ ᠭᠡᠳᠡᠭ ᠭᠠᠳᠤᠯᠭ᠎ᠠ ᠪᠤᠢ᠃ ᠲᠡᠭᠦᠪᠡᠷ ᠭᠠᠲᠤᠯᠤᠭᠲᠤᠨ᠃ ᠲᠡᠷᠡ ᠲᠠᠯ᠎ᠠ ᠪᠠᠷ ᠨᠢ ᠦᠭᠡᠲᠡ ᠤᠷᠤᠭᠤ ᠬᠠᠶᠢᠭᠳᠤᠨ᠃ ᠲᠡᠭᠦᠨ ᠳᠤ ᠶᠠᠭᠤᠮ᠎ᠠ ᠡᠰᠡ ᠤᠯᠳᠠᠮᠠᠭᠴᠠ ᠲᠠᠭᠦᠨ ᠠᠴᠠ ᠦᠭᠡᠳᠡᠯᠡᠰ ᠭᠡᠳ ᠡᠭ᠍ᠴᠡ ᠳᠡᠭᠡᠨ ᠭᠠᠷᠤᠭᠲᠤᠨ᠃ ᠮᠠᠷᠭᠠᠰᠢ ᠠᠰᠬᠠᠨ ﹇7﹈ ᠳᠠᠭᠠᠨ ᠤᠰᠤ ᠤᠤᠭᠤᠵᠤ ᠠᠮᠠᠷᠠᠭᠲᠤᠨ᠃ ᠡᠮᠡᠭᠡᠯ ᠤᠨ ᠠᠳᠠᠭ ᠰᠢᠷ᠎ᠠ ᠬᠤᠯᠤᠰᠤᠨ ᠭᠡᠳᠡᠭ ᠨᠠᠮᠤᠭ ᠪᠤᠯᠠᠭ ᠲᠠᠢ ᠬᠠᠷ᠎ᠠ ᠠᠭᠤᠯᠠ ᠪᠤᠯᠤᠨ᠎ᠠ᠃ ᠲᠡᠭᠦᠪᠡᠷ ᠶᠠᠪᠤᠵᠤ ᠬᠠᠶᠢᠭᠲᠤᠨ᠃ ᠲᠡᠭᠦᠨ ᠳᠤ ᠶᠠᠭᠤᠮ᠎ᠠ ᠡᠰᠡ ᠤᠯᠳᠠᠮᠠᠭᠴᠠ ᠲᠡᠷᠡ ᠠᠭᠤᠯᠠᠨ  ᠳᠤ ᠰᠢᠳᠠᠷᠬᠠᠨ ᠢᠷᠡᠵᠦ ᠲᠠᠰᠤᠷᠠᠳᠠᠭ ᠪᠠᠵᠢ᠂ ᠬᠢᠨᠵᠢᠯᠢ ᠭᠡᠳᠡᠭ ᠬᠤᠶᠠᠷ ᠭᠤᠤᠯ ᠤᠨ ᠡᠬᠢᠨ ᠢᠷᠡᠳᠡᠭ᠃ ᠲᠡᠭᠦᠪᠡᠷ ᠬᠠᠶᠢᠭᠲᠤᠨ᠃ ᠡᠨᠡ ᠭᠤᠷᠪᠠᠭᠤᠯᠠᠨ ᠳᠤ ᠶᠠᠭᠤᠮ᠎ᠠ ᠡᠰᠡ ᠤᠯᠳᠠᠪᠠᠰᠤ ᠬᠠᠷᠢᠵᠤ ᠢᠷᠡᠭᠲᠤᠨ᠃ ᠴᠢᠳᠠᠪᠠᠯ ᠲᠠ ᠬᠡᠯᠡ ᠪᠠᠷᠢᠵᠤ ﹇8﹈ ᠢᠷᠡᠭᠲᠤᠨ᠃ ᠶᠠᠳᠠᠪᠠᠯ ᠲᠠ ᠦᠵᠡᠵᠦ ᠢᠷᠡᠭᠲᠤᠨ᠃ ᠤᠯᠪᠠᠴᠤ ᠡᠰᠡ ᠤᠯᠪᠠᠴᠤ ᠨᠠᠢᠮᠠᠨ ᠬᠤᠨᠤᠭ ᠲᠤ ᠴᠢᠩᠭᠠᠳᠠ ᠶᠠᠪᠤᠵᠤ ᠨᠠᠰᠢ ᠢᠷᠡᠵᠤ ᠵᠠᠩᠬᠢ ﹇9﹈ ᠪᠠᠨ ᠦᠭᠭᠦᠭᠲᠦᠨ᠃ ᠵᠠ ᠵᠠᠯᠠᠭᠤᠰ ᠲᠠ ᠴᠤ ᠦᠢᠯᠡ ᠪᠠᠨ ᠪᠦᠲᠦᠭᠡᠵᠦ ᠮᠠᠨᠳᠤᠰᠤᠨ ﹇10﹈ ᠢᠷᠡᠭᠲᠦᠨ᠃ ᠪᠢ ᠴᠤ ᠴᠡᠷᠢᠭ ᠲᠡᠭᠡᠨ ᠬᠠᠷᠢᠶ᠎ᠠ᠂ ᠭᠡᠮᠡᠭᠡᠳ ᠬᠠᠷᠢᠪᠡᠢ᠃ ᠲᠡᠭᠡᠭᠡᠳ ᠰᠠᠶᠢᠨ ᠮᠠᠵᠢᠭ ᠤᠨ ᠵᠠᠬᠢᠭᠰᠠᠨ ᠶᠤᠰᠤᠭᠠᠷ ᠮᠤᠩᠭᠤᠯ ᠤᠨ ᠲᠤᠷᠰᠢᠭᠤᠯ ᠡᠷᠴᠢᠰ ᠤᠨ ᠮᠠᠨᠢ ᠭᠠᠳᠤᠯᠭ᠎ᠠ ᠪᠠᠷ ᠭᠠᠳᠤᠯᠤᠭᠠᠳ ᠲᠡᠷᠡ ᠳᠠᠯ᠎ᠠ ᠪᠠᠷ ᠨᠢ ᠦᠭᠡᠳᠡ ᠤᠷᠤᠭᠤ ᠬᠠᠶᠢᠵᠤ ᠶᠠᠭᠤᠮ᠎ᠠ ᠡᠰᠡ ᠤᠯᠪᠠ᠃ ᠡᠮᠡᠭᠡᠯ ᠤᠨ ᠠᠳᠠᠭ ᠰᠢᠷ᠎ᠠ ᠬᠤᠯᠤᠰᠤ ᠪᠠᠷ ᠬᠠᠶᠢᠪᠠᠴᠤ ᠨᠤᠲᠤᠭ ᠡᠰᠡ ᠤᠯᠳᠠᠪᠠ᠃ ᠪᠠᠵᠢ ᠬᠢᠨᠵᠢᠯᠢ ᠶᠢᠨ ᠡᠬᠢ ᠪᠠᠷ ᠬᠠᠶᠢᠵᠤ ᠶᠠᠪᠤᠲᠠᠯ᠎ᠠ ᠭᠭᠢᠪ ᠪᠦᠰᠡᠲᠠᠢ ᠬᠢᠯᠢᠩ ᠦᠢᠮᠤᠰᠤᠲᠠᠢ ᠲᠤᠯᠤᠭᠠᠨ ᠨᠠᠰᠤᠲᠠᠢ ᠭᠤᠨᠠᠨ ᠬᠠᠯᠲᠠᠷ ᠮᠤᠷᠢᠲᠠᠢ ᠬᠦᠪᠡᠭᠦᠨ ᠬᠠᠷᠭᠤᠯᠳᠤᠪᠠᠢ᠃ ᠲᠡᠷᠡ ᠬᠦᠪᠡᠭᠦᠨ ᠢ ᠦᠷᠯᠦᠭᠡ ᠬᠦᠭᠡᠭᠡᠭᠡᠳ ᠠᠰᠬᠠᠨ ᠭᠦᠢᠴᠡᠵᠦ ᠪᠠᠷᠢᠪᠡᠢ᠃ ᠬᠤᠶᠠᠷ ᠵᠠᠭᠤᠨ ᠲᠤᠷᠰᠢᠭᠤᠯ ᠲᠤᠮᠳᠠ ᠪᠠᠨ ᠠᠪᠴᠤ ᠰᠠᠭᠤᠯᠭᠠᠭᠠᠳ ᠵᠠᠩᠬᠢ ᠶᠢ ᠨᠢ ᠰᠤᠷᠠᠪᠠ ﹇11﹈᠃ ᠬᠡᠨ ᠤ ᠬᠦᠪᠡᠭᠦᠨ ᠪᠤᠢ ᠴᠢ᠃ ᠶᠠᠭᠤ ᠬᠢᠵᠤ ᠶᠠᠪᠤᠪᠠ ᠴᠢ᠃ ᠬᠡᠯᠡ ᠬᠦᠪᠡᠭᠦᠨ ᠭᠡᠪᠡ᠃ ᠪᠢ ᠪᠠᠶᠢᠪᠠᠭᠠᠰ ᠬᠠᠨ ᠤ ᠠᠯᠪᠠᠲᠤ ᠪᠢᠯᠡ᠃ ᠶᠢᠰᠦᠨ ᠴᠠᠭᠠᠨ ᠲᠡᠮᠡᠭᠡ ᠬᠠᠶᠢᠵᠤ ᠶᠠᠪᠤᠯᠤᠭ᠎ᠠ ᠪᠢ᠂ ᠬᠡᠪᠡ᠃ ᠲᠦᠷᠪᠡᠨ ᠦᠢᠷᠠᠳ ᠴᠡᠷᠢᠭ ᠲᠠᠢ ᠤᠤ᠃ ᠴᠡᠷᠢᠭ ᠦᠭᠡᠢ ᠤᠤ᠃ ᠨᠤᠲᠤᠭ ᠨᠢ ᠬᠠᠮᠢᠭ᠎ᠠ ᠪᠠᠶᠢᠨ᠎ᠠ᠂ ᠭᠡᠪᠡ᠃ ᠬᠦᠪᠡᠭᠦᠨ ᠬᠡᠯᠡᠪᠡ᠂ ᠲᠠᠨ ᠢ ᠰᠤᠷᠠᠵᠤ ᠢᠷ᠎ᠡ ᠬᠡᠮᠡᠭᠰᠡᠨ ᠪᠢᠰᠢ᠂ ᠪᠠᠷᠢᠵᠤ ᠢᠷ᠎ᠡ ᠭᠡᠮᠡᠭᠰᠡᠨ ᠪᠢᠰᠢᠤ᠃ ᠦᠭᠡ ᠶᠢ ᠠᠬᠠᠮᠠᠳ ᠲᠤᠨᠢ ᠬᠡᠯᠡᠳᠡᠭ᠂ ᠲᠡᠪᠡᠯ ᠢ ᠵᠠᠬ᠎ᠠ ᠪᠠᠷ ᠨᠢ ᠡᠮᠦᠰᠳᠡᠭ ᠪᠢᠰᠢᠦ᠃ ᠠᠮᠢᠳᠤ ᠬᠦᠷᠭᠡᠭᠲᠦᠨ ᠨᠠᠮᠠᠶᠢᠬᠢ ﹇12﹈ ᠃ ᠠᠮᠠ ᠪᠠᠷ ᠢᠶᠠᠨ ᠬᠦᠷᠴᠦ ᠮᠡᠲᠡᠭᠦᠯᠦᠶ᠎ᠡ ᠬᠡᠪᠡ᠃ ᠬᠦᠪᠡᠭᠦᠨ ᠤ ᠦᠭᠡ ᠡᠨᠡ᠃ ᠵᠠᠰᠠᠵᠤ ᠲᠠᠭᠤ ᠭᠠᠷᠭᠠᠵᠤ ᠶᠠᠳᠠᠭᠠᠳ ᠵᠠᠩᠳᠠᠵᠤ ᠦᠭᠡ ᠰᠤᠷᠠᠵᠤ ᠶᠠᠳᠠᠭᠠᠳ ᠠᠶᠢᠯᠭᠠᠵᠤ ᠴᠤ ᠶᠠᠳᠠᠭᠠᠳ ᠠᠷᠭᠠᠳᠠᠵᠤ ᠴᠤ ᠶᠠᠳᠠᠭᠠᠳ ᠵᠦᠪᠰᠢᠯᠲᠦᠪᠡ᠃ ᠮᠠᠨ ᠢ ᠰᠤᠷᠠᠵᠤ ᠢᠷ᠎ᠡ ᠭᠡᠮᠡᠭᠰᠡᠨ ᠪᠢᠰᠢ᠂ ᠪᠠᠷᠢᠵᠤ ᠢᠷ᠎ᠡ ᠭᠡᠮᠡᠭᠰᠡᠨ ᠪᠢᠯᠡ᠃ ᠡᠭᠦᠨ ᠢ ᠠᠮᠢᠳᠤ ᠬᠦᠷᠭᠡᠶ᠎ᠡ᠂ ᠭᠡᠮᠡᠭᠡᠳ ᠠᠪᠤᠭᠠᠳ ᠬᠠᠷᠢᠪᠠᠢ᠃ ᠲᠦᠷᠪᠡᠨ ᠦᠢᠷᠠᠳ ᠤᠨ ᠵᠠᠩᠬᠢ ᠶᠢ ᠮᠡᠳᠡᠭᠦᠯ ᠬᠡᠵᠤ ᠬᠤᠶᠠᠷ ᠬᠦᠮᠦᠨ ᠤᠷᠢᠳᠠ ᠪᠠᠷ ᠢᠯᠡᠭᠡᠪᠡ᠃ ᠲᠦᠷᠪᠡᠨ ᠦᠢᠷᠠᠳ ᠤᠨ ᠵᠠᠬ᠎ᠠ ᠠᠴᠠ ᠲᠤᠯᠤᠭᠠᠨ ᠨᠠᠰᠤᠳᠠᠢ ᠬᠦᠪᠡᠭᠦᠨ ᠢ ᠪᠠᠷᠢᠪᠠᠢ᠃ ᠵᠠᠩᠬᠢ ᠨᠢ ᠡᠨᠡ ᠬᠡᠪᠡ᠃ ᠮᠤᠩᠭᠤᠯ ᠤᠨ ᠤᠪᠠᠰᠢ ᠬᠤᠩ ᠲᠠᠶᠢᠵᠢ ᠡᠬᠢᠯᠡᠨ ᠤᠯᠠᠨ ᠰᠠᠶᠢᠨ ᠮᠠᠭᠤ ᠲᠤᠮᠳᠠ ᠭᠤᠷᠪᠠᠭᠤᠯᠠᠨ ᠳᠤ ᠡᠭᠦᠨ ᠢ ᠬᠡᠯᠡᠵᠤ ᠪᠠᠶᠢᠳᠠᠯ᠎ᠠ᠂ ᠲᠤᠯᠤᠭᠠᠨ ᠨᠠᠰᠤᠲᠠᠢ ᠬᠦᠪᠡᠭᠦᠨ ᠢ ᠠᠪᠴᠤ ᠢᠷᠡᠪᠡᠢ᠃ ᠬᠦᠪᠡᠭᠦᠨ ᠢ ᠬᠠᠲᠠᠭᠤ ᠦᠭᠡᠲᠠᠢ ᠬᠦᠪᠡᠭᠦᠨ ᠬᠡᠭᠦ ᠶᠢ ᠰᠤᠨᠤᠰᠤᠭᠠᠳ ᠨᠠᠢᠮᠠᠨ ᠬᠦᠯᠲᠠᠢ ᠽᠠᠨᠳᠠᠨ ᠰᠢᠷᠡᠭᠡᠨ ᠲᠡᠭᠡᠷ᠎ᠡ ᠢᠯᠲᠦ ᠰᠤᠭᠤᠯᠤᠭᠠᠳ ᠲᠠᠯᠪᠢᠪᠡᠢ᠃ ᠤᠪᠠᠰᠢ ᠬᠤᠩ ᠲᠠᠶᠢᠵᠢ ᠨᠠᠢᠮᠠᠨ ᠲᠠᠷᠮᠠᠳᠠᠢ ﹇13﹈ ᠬᠠᠷ᠎ᠠ ᠴᠤᠬᠤᠷ ᠪᠠᠷᠰ ᠤᠨ ᠠᠷᠠᠰᠤ ᠪᠠᠷ ᠪᠦᠷᠢᠭᠰᠡᠨ ᠬᠤᠱ ﹇14﹈ ᠦᠷᠬᠦᠭᠡᠨ ᠳᠤ ᠲᠤᠯᠤᠭᠠᠨ ᠨᠠᠰᠤᠲᠠᠢ ᠬᠦᠪᠡᠭᠦᠨ ᠢ ᠠᠪᠴᠤ ᠢᠷᠡᠪᠡ᠃ ᠨᠠᠢᠮᠠᠨ ᠬᠦᠯᠲᠠᠢ ᠽᠠᠨᠳᠠᠨ ᠰᠢᠷᠡᠭᠡᠨ ᠲᠤᠤᠷ᠎ᠠ ᠰᠦᠭᠦᠳᠦᠭᠦᠯᠵᠤ ᠰᠠᠭᠤᠯᠭᠠᠭᠠᠳ ᠬᠤᠶᠠᠷ ᠭᠠᠷ ᠢ ᠨᠢ ᠠᠷᠤ  ᠳᠤᠨᠢ ᠭᠦᠯᠢᠵᠤ᠂ ᠪᠠᠷᠠᠭᠤᠨ ᠡᠪᠦᠳᠦᠭ ᠢ ᠨᠢ ᠠᠭᠤᠯᠠ ᠶᠢᠨ ᠬᠠᠷ᠎ᠠ ᠪᠠᠷᠰ ᠪᠤᠯᠤᠭᠰᠠᠨ ᠤᠷᠢᠶᠠᠩᠬᠠᠢ ᠶᠢᠨ ᠰᠠᠶᠢᠨ ᠮᠠᠵᠢᠭ ᠲᠠᠷᠤᠵᠤ᠂ ᠵᠠᠭᠦᠨ ᠡᠪᠦᠲᠦᠭ ᠢ ᠨᠢ ᠪᠠᠭ᠋ᠠᠨ ᠴᠡᠴᠡᠨ ᠲᠠᠷᠤᠵᠤ ᠰᠠᠭᠤᠪᠠ᠃ ᠤᠪᠠᠰᠢ ᠬᠤᠩ ᠲᠠᠶᠢᠵᠢ᠂ ᠬᠦᠪᠡᠭᠦᠨ ᠤ ᠦᠭᠡ ᠶᠢ ᠰᠤᠷᠠᠬᠤ ᠳᠠᠭᠠᠨ᠂ ᠵᠠ ᠢᠰᠡᠯᠡ ﹇15﹈ ᠬᠦᠪᠡᠭᠦᠨ ᠦᠭᠡ ᠪᠠᠨ ᠬᠡᠯᠡ ᠭᠡᠪᠡ᠃ ᠲᠦᠷᠪᠡᠨ ᠦᠢᠷᠠᠳ ᠴᠡᠷᠢᠭ ᠲᠠᠢ ᠤᠤ᠂ ᠴᠡᠷᠢᠭ ᠦᠭᠡᠢ ᠤᠤ᠃ ᠲᠠᠳᠡ ᠶᠠᠭᠤ ᠬᠢᠵᠤ ᠪᠠᠶᠢᠨ᠎ᠠ᠃ ᠬᠡᠯᠡ ᠬᠡᠪᠡ᠃ ᠲᠡᠭᠡᠮᠡᠭᠴᠡ ᠬᠦᠪᠡᠭᠦᠨ᠂ ᠤᠪᠠᠰᠢ ᠬᠤᠩ ᠲᠠᠶᠢᠵᠢ ᠳᠤ ᠮᠡᠲᠡᠭᠦᠯᠵᠡᠢ᠃ ᠨᠤᠶᠠᠳ᠂ ᠠᠶᠢᠯᠭᠠᠯ ᠦᠭᠡᠢ ᠰᠤᠷᠠᠭᠳᠤᠨ᠂ ᠠᠯᠳᠠᠯ ᠦᠭᠡᠢ ᠮᠡᠲᠡᠭᠦᠯᠦᠶ᠎ᠡ᠃ ᠬᠤᠬᠢᠮᠨᠠᠯ ᠦᠭᠡᠢ ﹇16﹈ ᠠᠰᠠᠭᠤᠭᠳᠤᠨ᠂ ᠬᠤᠴᠤᠷᠯᠢ ᠦᠭᠡᠢ ᠮᠡᠲᠡᠭᠦᠯᠦᠶ᠎ᠡ᠃ ᠲᠦᠷᠪᠡᠨ ᠦᠢᠷᠠᠳ᠂ ᠵᠠᠷᠠᠭᠠᠨ ᠤ ᠦᠰᠦ᠂ ᠬᠢᠷᠦᠭᠡᠨ ᠤ ᠰᠢᠲᠦ ᠪᠤᠯᠵᠤ᠂ ᠪᠠᠲᠤ ᠲᠦᠷᠪᠡᠯᠵᠢᠨ ᠪᠤᠯᠵᠤ᠂ ᠪᠠᠶᠢᠩᠭᠤ ᠴᠤᠭ ᠪᠠᠶᠢᠳᠠᠭ᠃ ᠮᠡᠲᠡᠭᠰᠡᠨ ᠢᠶᠠᠨ ᠮᠡᠲᠡᠭᠦᠯᠦᠶ᠎ᠡ᠃ ᠦᠯᠦ ᠮᠡᠲᠡᠭᠰᠡᠨ ᠢ ᠮᠡᠲᠡᠭᠦᠯᠵᠦ ᠪᠤᠯᠬᠤ ᠦᠭᠡᠢ ᠬᠡᠪᠡ᠃ ᠤᠪᠠᠰᠢ ᠬᠤᠩ ᠲᠠᠶᠢᠵᠢ᠂ ᠬᠦᠪᠡᠭᠦᠨ ᠤ ᠲᠡᠷᠡ ᠦᠭᠡᠨ ᠳᠤ ᠪᠤᠭᠤᠭᠳᠠᠭᠠᠳ᠂ ᠦᠢᠷᠠᠳ ᠤᠨ ᠨᠠᠭᠠᠳᠤ ᠵᠠᠬ᠎ᠠ ᠳᠤ ᠬᠡᠨ ᠪᠠᠶᠢᠨ᠎ᠠ᠂ ᠴᠡᠷᠢᠭ ᠨᠤᠲᠤᠭ ᠠᠯᠢᠨ ᠢ ᠴᠤ ᠬᠡᠯᠡ ᠬᠡᠪᠡ᠃ ᠬᠦᠪᠡᠭᠦᠨ ᠮᠡᠳᠡᠭᠦᠯᠦᠨ᠎ᠡ᠂ ᠦᠢᠷᠠᠳ ᠤᠨ ᠨᠠᠭᠠᠳᠤ ᠵᠠᠬ᠎ᠠ ᠳᠤ ᠲᠤᠵᠢ ᠮᠦᠩᠭᠦᠨ ᠲᠤᠭᠤᠯᠠᠭᠠᠳᠠᠢ ﹇17﹈᠂ ᠲᠤᠪᠤᠷᠤᠤᠲᠤ ᠤᠯᠠᠭᠠᠨ ᠬᠤᠶᠠᠭ ᠲᠠᠢ᠂ ᠲᠤᠷᠭᠠᠨ ᠰᠠᠶᠢᠬᠠᠨ ᠤᠯᠪᠠ ᠲᠠᠢ ﹇18﹈᠂ ᠲᠤᠯᠪᠤᠲᠠᠢ ᠴᠤᠬᠤᠷ ᠮᠤᠷᠢᠲᠠᠢ ᠂ ᠮᠢᠩᠭᠠᠳ ᠤᠨ ᠬᠦᠪᠡᠭᠦᠨ ᠰᠠᠶᠢᠨ ᠰᠠᠷᠲᠠᠩᠬᠢ᠂ ᠬᠤᠶᠠᠷ ᠮᠢᠩᠭᠠᠨ ᠵᠠᠯᠠᠭᠤ ᠪᠠᠨ ᠲᠠᠭᠠᠭᠤᠯᠵᠤ᠂ ᠬᠤᠶᠠᠷ ᠮᠢᠩᠭᠠᠨ ᠵᠢᠳᠠ ᠪᠠᠨ ᠬᠠᠳᠬᠤᠵᠤ᠂ ᠬᠤᠶᠠᠷ ᠮᠢᠩᠭᠠᠨ ᠮᠤᠷᠢ ᠪᠠᠨ ᠰᠤᠶᠢᠵᠤ᠂ ᠲᠠᠭᠠᠷᠢᠬᠤ ᠭᠦᠷᠦᠭᠡᠰᠦ ᠬᠠᠮᠢᠭ᠎ᠠ ᠪᠠᠶᠢᠨ᠎ᠠ᠂ ᠲᠠᠶᠢᠯᠠᠯᠳᠤᠬᠤ ᠲᠠᠶᠢᠰᠤᠨ ᠬᠠᠮᠢᠭ᠎ᠠ ᠪᠠᠶᠢᠨ᠎ᠠ ᠭᠡᠵᠤ᠂ ᠰᠢᠲᠦ ᠪᠠᠨ ᠬᠠᠪᠢᠷᠴᠦ ᠰᠢᠯᠦᠰᠦ ᠪᠠᠨ ᠵᠠᠯᠬᠢᠵᠤ ᠰᠠᠭᠤᠨ᠎ᠠ᠃ ᠨᠤᠶᠠᠳ ᠲᠠᠭᠦᠨ ᠳᠤ ᠲᠤᠷ᠎ᠠ ᠴᠢᠨᠢ ᠶᠠᠮᠠᠷ ᠪᠠᠶᠢᠨ᠎ᠠ᠃ ᠢᠰᠠᠯᠠ ᠲᠡᠷᠡ ᠴᠢᠨᠢ ᠭᠠᠢ ᠦᠭᠡᠢ᠃ ᠲᠠᠭᠦᠨ ᠤ ᠴᠠᠭᠠᠨ᠎ᠠ ᠬᠡᠨ ᠪᠠᠶᠢᠳᠠᠭ ᠪᠤᠢ᠃ ᠬᠡᠯᠡ ᠬᠡᠪᠡ᠃ ᠡᠷᠴᠢᠰ ᠭᠤᠤᠯ ᠤᠨ ᠡᠬᠢᠨ ᠳᠤ ᠪᠠᠭᠤᠭᠠᠳ᠂ ᠢᠷᠵᠢᠨ ᠬᠠᠷᠵᠢᠨ ᠬᠤᠶᠠᠷ ᠨᠤᠲᠤᠭ ᠢᠶᠠᠨ ᠴᠤᠭᠯᠠᠭᠤᠯᠵᠤ᠂ ᠬᠠᠷ᠎ᠠ ᠡᠷᠳᠡᠭᠴᠢ ᠶᠢᠨ ﹇19﹈ ᠴᠠᠭᠠᠨ ᠡᠯᠢᠭᠡ ᠮᠡᠲᠦ᠂ ᠬᠠᠮᠤᠭ ᠠᠴᠠ ᠢᠯᠡᠷᠡᠵᠦ᠂ ᠬᠤᠶᠢᠳ ᠢᠰᠡᠯᠪᠡᠢ ᠶᠢᠨ ᠰᠠᠶᠢᠨ ᠬᠢᠶ᠎ᠡ ᠂ ᠲᠦᠷᠪᠡᠨ ᠮᠢᠩᠭᠠᠨ ᠵᠠᠯᠠᠭᠤ ᠪᠠᠨ ᠲᠠᠭᠠᠭᠤᠯᠵᠤ᠂ ᠲᠦᠷᠪᠡᠨ ᠮᠢᠩᠭᠠᠨ ᠵᠢᠳᠠ ᠪᠠᠨ ᠬᠠᠳᠬᠤᠵᠤ᠂ ᠲᠦᠷᠪᠡᠨ ᠮᠢᠩᠭᠠᠨ ᠮᠤᠷᠢ ᠪᠠᠨ ᠰᠤᠶᠢᠵᠤ ᠪᠠᠶᠢᠨ᠎ᠠ᠃ ᠦᠬᠦᠯᠳᠦᠬᠦ ᠲᠠᠶᠢᠰᠦᠨ ᠪᠢᠯᠢᠦ᠂ ᠦᠭᠡᠴᠡᠬᠦ ᠵᠠᠯᠠᠭᠤ ᠪᠢᠯᠢᠦ ᠬᠡᠵᠦ᠂ ᠰᠢᠲᠦ ᠪᠠᠨ ᠬᠠᠪᠢᠷᠴᠦ᠂ ᠰᠢᠯᠦᠰᠦ ᠪᠠᠨ ᠵᠠᠯᠬᠢᠵᠤ ᠰᠠᠭᠤᠨ᠎ᠠ᠃ ᠨᠤᠶᠠᠳ ᠲᠠᠭᠦᠨ ᠳᠤ ᠲᠤᠷ᠎ᠠ ᠴᠢᠨᠢ ᠶᠠᠮᠠᠷ ᠪᠠᠶᠢᠨ᠎ᠠ ᠭᠡᠪᠡ᠃ ᠢᠰᠠᠯᠠ ᠲᠡᠷᠡ ᠴᠢᠨᠢ ᠭᠠᠢ ᠦᠭᠡᠢ᠃ ᠲᠡᠭᠦᠨ ᠤ ᠴᠠᠭᠠᠨ᠎ᠠ ᠬᠡᠨ ᠪᠠᠶᠢᠳᠠᠭ ᠪᠤᠢ᠃ ᠬᠡᠯᠡ ᠭᠡᠪᠡ᠃ ᠤᠯᠠᠨ ᠰᠦᠷᠦᠭ ᠬᠤᠨᠢᠨ ᠳᠤ ᠲᠤᠪᠳᠤᠯᠣᠭᠰᠠᠨ᠂ ᠤᠭᠤᠳᠤᠷ ᠬᠦᠭᠡ ᠴᠢᠨ᠋ᠸ᠎ᠠ ᠶᠢᠨ ᠬᠡᠪᠲᠠᠢ ﹇20﹈᠂ ᠦᠨᠵᠢᠨ ᠶᠠᠭᠤᠮ᠎ᠠ ᠢᠳᠡᠭᠡ ᠦᠭᠡᠢ᠂ ᠦᠯᠦᠩ ᠪᠦᠷᠭᠦᠳ ᠤᠨ ᠨᠢᠲᠦᠲᠠᠢ᠂ ᠵᠠᠭᠦᠨ ᠭᠠᠷ ᠬᠤᠳᠤᠭᠤᠶᠢᠳ ᠤᠨ ᠨᠤᠶᠠᠨ ᠬᠠᠷ᠎ᠠ ᠬᠤᠯᠠ᠂ ᠵᠢᠷᠭᠤᠭᠠᠨ ᠮᠢᠩᠭᠠᠨ ᠬᠦᠮᠦᠨ ᠲᠠᠢ᠂ ᠲᠡᠷᠡ ᠬᠡᠪ ᠢᠶᠠᠷ ᠪᠠᠶᠢᠳᠠᠭ᠃ ᠨᠤᠶᠠᠳ ᠲᠠᠭᠦᠨ ᠳᠤ ᠲᠤᠷ᠎ᠠ ᠴᠢᠨᠢ ᠶᠠᠮᠪᠠᠷ ᠪᠠᠶᠢᠨ᠎ᠠ᠃ ᠢᠰᠠᠯᠠ ᠲᠡᠷᠡ ᠴᠢᠨᠢ ᠭᠠᠢ ᠦᠭᠡᠢ᠃ ᠲᠡᠭᠦᠨ ᠠᠴᠠ ᠴᠠᠭᠠᠨ᠎ᠠ ᠬᠡᠨ ᠪᠠᠶᠢᠳᠠᠭ ᠪᠤᠢ᠃ ᠬᠡᠯᠡ ᠬᠡᠪᠡ᠃ ᠨᠠᠷᠢᠨ ᠭᠤᠤᠯ ᠤᠨ ᠡᠬᠢᠨ ᠳᠤ᠂ ᠨᠠᠷᠢᠬᠠᠨ ᠰᠢᠷᠭ᠎ᠠ ᠮᠤᠷᠢᠲᠠᠢ᠂ ᠨᠠᠢᠮᠠᠨ ᠮᠢᠩᠭᠠᠨ ᠴᠡᠷᠢᠭ ᠲᠠᠢ᠂ ᠤᠷᠲᠤ ᠭᠤᠤᠯ ᠤᠨ ᠪᠡᠯᠴᠢᠷ ᠲᠤ ᠦᠢᠷᠠᠳ ᠤᠨ ᠰᠠᠶᠢᠨ ᠲᠠᠮᠠᠨ᠎ᠠ ᠪᠠᠭᠠᠲᠤᠷ ᠲᠡᠷᠡ ᠬᠡᠪ ᠢᠶᠠᠷ ᠪᠠᠶᠢᠳᠠᠭ᠃ ᠨᠤᠶᠠᠳ ᠲᠡᠭᠦᠨ ᠳᠤ ᠲᠤᠷ᠎ᠠ ᠴᠢᠨᠢ ᠶᠠᠮᠠᠷ ᠪᠤᠢ ᠭᠡᠪᠡ᠃ ᠢᠰᠠᠯᠠ ᠲᠡᠷᠡ ᠴᠢᠨᠢ ᠭᠠᠢ ᠦᠭᠡᠢ᠃ ᠲᠡᠭᠦᠨ ᠤ ᠴᠠᠭᠠᠨ᠎ᠠ ᠬᠡᠨ ᠪᠠᠶᠢᠳᠠᠭ ᠪᠤᠢ᠃ ᠬᠡᠯᠡ ᠭᠡᠪᠡ᠃ ᠠᠯᠠᠬᠤ ᠪᠤᠯᠠᠬᠤ ᠳᠠᠭᠠᠨ ᠲᠤᠷᠠᠲᠠᠢ᠂ ᠠᠷᠪᠠᠨ ᠪᠠᠷᠰ ᠤᠨ ᠲᠠᠭᠤᠲᠠᠢ᠂ ᠠᠶᠢᠬᠤᠪᠲᠤᠷ ᠲᠠᠪᠤᠨ ᠪᠠᠷᠰ ᠤᠨ ᠠᠬ᠎ᠠ᠂ ᠬᠤᠱᠤᠳ ᠪᠠᠶᠢᠪᠠᠭᠠᠰ ᠬᠠᠨ᠂ ᠲᠦᠮᠡ ᠵᠢᠷᠭᠤᠭᠠᠨ ᠮᠢᠩᠭᠠᠨ ᠵᠠᠯᠠᠭᠤ ᠪᠠᠨ ᠲᠠᠭᠠᠭᠤᠯᠵᠤ ᠠᠷᠪᠠᠨ ᠲᠠᠪᠤᠨ ᠲᠡᠷᠮᠡᠲᠠᠢ᠂ ᠠᠯᠠᠭ ᠪᠠᠶᠢᠪᠠᠩ ᠤᠷᠳᠤᠨ ᠳᠠᠭᠠᠨ᠂ ᠲᠦᠷᠪᠡᠨ ᠦᠢᠷᠠᠳ ᠤᠨ ᠲᠦᠷᠦ ᠱᠠᠵᠢᠨ ᠬᠤᠶᠠᠷ ᠢ ᠭᠦᠦᠨᠡᠵᠦ ﹇21﹈᠂ ᠲᠦᠷᠪᠡᠨ ᠵᠦᠭ ᠲᠤ ᠨᠠᠳᠠ ᠲᠠᠢ ᠠᠳᠠᠯᠢᠴᠠᠬᠤ ᠨᠢᠭᠡᠨ ᠴᠢᠨᠡᠭᠡ ᠬᠦᠮᠦᠨ ᠦᠭᠡᠢ ᠪᠤᠢ ‍ᠶ᠎ᠠ ᠭᠡᠵᠦ᠂ ᠠᠮᠠ ᠪᠠᠨ ᠠᠩᠭᠠᠶᠢᠵᠤ᠂ ᠠᠯᠠᠭ᠎ᠠ ᠪᠠᠨ ᠰᠠᠷᠪᠠᠶᠢᠵᠤ ᠰᠠᠭᠤᠨ᠎ᠠ ᠭᠡᠳᠡᠭ᠃ ᠪᠡᠶ᠎ᠡ ᠮᠢᠨᠢ ᠮᠠᠭᠤ ᠬᠦᠮᠦᠨ ᠤ ᠬᠦᠪᠡᠭᠦᠨ ᠪᠢ᠃ ᠨᠠᠰᠤ ᠮᠢᠨᠢ ᠲᠤᠯᠤᠭᠠᠨ ᠨᠠᠰᠤᠲᠠᠢ᠂ ᠲᠦᠷᠪᠡᠨ ᠤᠶᠢᠷᠠᠳ ᠢ ᠡᠷᠭᠢᠭ᠍ᠰᠡᠨ ᠦᠭᠡᠢ ᠪᠢ᠃ ᠤᠶᠢᠷᠠᠳ ᠤᠨ ᠬᠦᠪᠡᠭᠦᠳ ᠲᠦᠷᠪᠡᠨ ᠵᠦᠭ ᠲᠤ ᠪᠤᠢ᠃ ᠮᠢᠨᠦ ᠵᠠᠩᠬᠢ ᠡᠨᠡ ᠭᠡᠪᠡ᠃ ᠲᠡᠭᠡᠭᠡᠳ ᠤᠪᠠᠰᠢ ᠬᠤᠩ ᠲᠠᠶᠢᠵᠢ ᠲᠠᠷᠡ ᠬᠦᠪᠡᠭᠦᠨ ᠢ ᠠᠪᠴᠤ ᠭᠠᠷᠴᠤ ᠲᠤᠭ ᠲᠠᠬᠢ ᠭᠡᠪᠡ᠃ ᠬᠤᠶᠠᠷ ᠬᠦᠮᠦᠨ ᠠᠪᠴᠤ ᠭᠠᠷᠲᠠᠯ᠎ᠠ ᠨᠤᠶᠠᠳ ᠲᠤ ᠦᠭᠡ ᠮᠡᠳᠡᠭᠦᠯᠦᠶ᠎ᠡ ᠪᠢ᠂ ᠭᠡᠪᠡ᠂ ᠲᠡᠬᠢᠵᠤ ᠰᠠᠭᠤᠯᠭᠠᠭᠠᠳ᠂ ᠢᠰᠠᠯᠠ ᠬᠦᠪᠡᠭᠦᠨ ᠦᠭᠡ ᠪᠠᠨ ᠬᠡᠯᠡ ᠭᠡᠪᠡ᠃ ᠬᠦᠪᠡᠭᠦᠨ ᠬᠡᠯᠡᠨ᠎ᠡ᠂ ᠮᠤᠩᠭᠤᠯ ᠤᠨ ᠰᠠᠶᠢᠨ ᠯᠠᠶᠢᠬᠤᠷ ᠬᠠᠨ᠂ ᠲᠦᠷᠪᠡᠨ ᠤᠶᠢᠷᠠᠳ ᠤᠨ ᠰᠠᠶᠢᠨ ᠨᠤᠶᠠᠳ ᠬᠤᠶᠠᠷ᠂ ᠡᠮᠡᠭᠡᠯ ᠤᠨ ᠠᠳᠠᠭ ᠰᠢᠷ᠎ᠠ ᠬᠤᠯᠤᠰᠤᠨ ᠳᠤ ᠪᠠᠶᠢᠷᠢ ᠬᠢᠭᠡᠳ ᠡᠪᠯᠡᠵᠦ ᠡᠶᠡᠯᠳᠡᠭᠡᠳ ᠬᠠᠷᠢᠬᠤ ᠳᠠᠭᠠᠨ ᠭᠦᠦᠨᠡᠯᠳᠡᠪᠡ ᠬᠡᠵᠦ ᠡᠰᠡ ᠪᠢᠯᠢᠦ᠃ ᠬᠡᠯᠡ ᠪᠠᠷᠢᠭᠰᠠᠨ ᠬᠦᠮᠦᠨ ᠢ ᠬᠡᠯᠡᠭᠦᠯᠦᠨ ᠪᠠᠶᠢᠵᠤ ᠠᠯᠠᠳᠠᠭ ᠪᠤᠯᠵᠤ ᠬᠡᠮᠡᠨᠢ᠂ ᠬᠡᠯᠡ ᠲᠠᠰᠤᠷᠠᠵᠤ ᠬᠤᠴᠤᠷᠤᠶ᠎ᠠ ᠬᠡᠵᠦ ᠠᠨᠳᠠᠭᠠᠶᠢᠯᠠᠯᠳᠤᠭᠰᠠᠨ ᠦᠭᠡᠢ ᠪᠢᠯᠢᠦ᠃ ᠬᠡᠯᠡᠭᠰᠡᠨ ᠰᠠᠶᠢᠨ ᠦᠭᠡ ᠪᠠᠨ ᠮᠠᠷᠲᠠᠵᠤ᠂ ᠬᠢᠭᠰᠡᠨ ᠰᠠᠶᠢᠨ ᠠᠨᠳᠠᠭᠠᠢ ᠪᠠᠨ ᠵᠦᠷᠢᠴᠡᠵᠦ᠂ ᠨᠠᠮᠠᠶᠢᠬᠢ ᠶᠠᠭᠤᠨ ᠳᠤ ᠦᠬᠦᠭᠦᠯᠦᠨ᠎ᠡ ᠲᠠ᠃ ᠨᠠᠰᠤᠨ ᠮᠢᠨᠢ ᠲᠤᠯᠤᠭᠠᠨ ᠨᠠᠰᠤᠲᠠᠢ᠂ ᠮᠠᠭᠤ ᠬᠦᠮᠦᠨ ᠤ ᠬᠦᠪᠡᠭᠦᠨ ᠪᠢᠯᠡ ᠪᠢ᠃ ᠠᠮᠢ ᠶᠢ ᠮᠢᠨᠢ ᠬᠠᠶᠢᠷᠠᠯᠠᠭᠲᠤᠨ᠂ ᠨᠤᠶᠠᠳ ᠡ ᠭᠡᠪᠡ᠃ ᠤᠪᠠᠰᠢ ᠬᠤᠩ ᠲᠠᠶᠢᠵᠢ ᠬᠠᠷᠢᠭᠤ ᠵᠠᠷᠯᠢᠭ ᠡᠰᠡ ᠪᠤᠯᠵᠤ ᠪᠠᠰᠤᠮ ᠬᠦᠪᠡᠭᠦᠨ ﹇22﹈ ᠢ ᠬᠤᠶᠠᠷ ᠬᠦᠮᠦᠨ ᠠᠪᠴᠤ ᠭᠠᠷᠲᠠᠯ᠎ᠠ᠂ ᠤᠶᠢᠷᠠᠳ ᠤᠨ ᠵᠠᠩᠬᠢ ᠶᠢ ᠮᠡᠳᠡᠭᠦᠯᠦᠨ᠎ᠡ ᠪᠢ ᠭᠡᠪᠡ᠃ ᠬᠡᠯᠡ᠂ ᠬᠦᠪᠡᠭᠦᠨ ᠭᠡᠪᠡ᠃ ᠠᠯᠠᠬᠤ ᠪᠤᠯᠠᠬᠤ ᠳᠤ ᠲᠤᠷᠠᠲᠠᠢ᠂ ᠠᠶᠢᠬᠤᠪᠲᠤᠷ ᠲᠠᠪᠤᠨ ᠪᠠᠷᠰ ᠤᠨ ᠠᠬ᠎ᠠ ᠬᠤᠱᠤᠳ ᠪᠠᠶᠢᠪᠠᠭᠠᠰ ᠬᠠᠨ ᠬᠡᠯᠡᠨ᠎ᠡ ᠬᠡᠳᠡᠭ ᠪᠢᠯᠡ᠃ ᠤᠪᠠᠰᠢ ᠬᠤᠩ ᠲᠠᠶᠢᠵᠢ ᠶᠢᠨ ᠬᠠᠷᠴᠠᠭ᠎ᠠ ᠶᠠᠰᠤ ᠶᠢ ᠨᠢ ᠲᠡᠷᠡᠯᠡᠭᠦᠯᠵᠦ᠂ ᠬᠠᠷ᠎ᠠ ᠴᠢᠰᠤ ᠶᠢ ᠨᠢ ᠠᠰᠬᠠᠷᠠᠭᠤᠯᠵᠤ᠂ ᠬᠠᠷ᠎ᠠ ᠲᠤᠭ ᠢ ᠨᠢ ᠬᠠᠮᠤᠭ ᠤᠨ ᠡᠮᠦᠨ᠎ᠡ ᠬᠤᠭᠤᠴᠢᠵᠤ ᠤᠷᠬᠢᠭᠠᠳ᠂ ᠬᠠᠶᠢᠷᠠᠯᠠᠳᠠᠭ ᠳ᠋ᠠᠷ᠎ᠠ ᠬᠠᠲᠤᠨ ᠲᠠᠢ ᠨᠢ ᠨᠡᠶᠢᠯᠡᠵᠦ᠂ ᠴᠢᠰᠤᠨ ᠤᠯᠠᠭᠠᠨ ᠬᠠᠴᠠᠷ ᠢ ᠨᠢ ᠦᠨᠦᠰᠴᠦ᠂ ᠴᠤᠤᠲᠠᠢ ᠴᠠᠭᠠᠨ ᠪᠠᠶ᠎ᠠ ᠶᠢ ᠨᠢ ᠲᠡᠪᠡᠷᠢᠵᠤ᠂ ᠠᠷᠳᠠᠢ ᠴᠠᠭᠠᠨ ᠠᠷᠪᠢᠨ ﹇23﹈ ᠳᠤᠨᠢ ᠠᠷᠪᠠᠨ ᠬᠠᠷ᠎ᠠ ᠰᠠᠪᠠᠷ ᠢᠶᠠᠨ ᠬᠦᠷᠭᠡᠵᠦ᠂ ᠪᠤᠳᠤᠮᠠᠯ ᠤᠯᠠᠭᠠᠨ ᠬᠠᠴᠠᠷ ᠲᠤ ᠨᠢ ᠪᠤᠶᠠᠨᠳᠤ ᠰᠠᠶᠢᠬᠠᠨ ᠰᠠᠬᠠᠯ ᠢᠶᠠᠨ ᠬᠦᠷᠭᠡᠵᠦ᠂ ᠪᠤᠶᠠᠨ ᠬᠡᠰᠢᠭ ᠬᠤᠶᠠᠷ ᠢ ᠨᠢ ᠡᠵᠡᠯᠡᠪᠡ ᠭᠡᠵᠦ᠂ ᠡᠷᠲᠡ ᠪᠠᠮᠪᠠᠳᠠ ﹇24﹈ ᠠᠴᠠ ᠠᠪᠤᠭᠰᠠᠨ ᠬᠢᠨᠲ᠋ᠠ ᠪᠤᠯᠤᠤᠨ ᠢᠯᠲᠦ ﹇25﹈ ᠪᠠᠷ ᠢᠶᠠᠨ᠂ ᠬᠠᠳᠠᠭᠠᠵᠤ ᠬᠢᠭᠰᠡᠨ ᠬᠠᠷ᠎ᠠ ᠪᠤᠯᠤᠤᠨ ᠲᠤᠯᠭ᠎ᠠ ᠪᠠᠨ ᠭᠠᠯ ᠭᠠᠷᠲᠠᠯ᠎ᠠ ᠴᠠᠪᠴᠢᠪᠡᠢ ᠭᠡᠳᠡᠭ᠃ ᠲᠡᠷᠡ ᠦᠭᠡ ᠶᠢ ᠲᠠ ᠰᠠᠨᠠᠬᠤ ᠦᠭᠡᠢ ᠪᠠᠶᠢᠨᠠᠤ ᠭᠡᠪᠡ᠃ ᠲᠡᠭᠡᠭᠡᠳ ᠬᠦᠪᠡᠭᠦᠨ ᠢ ᠠᠪᠴᠤ ᠭᠠᠷᠤᠭᠠᠳ ᠲᠤᠭ ᠲᠠᠶᠢᠬᠤ ᠪᠤᠯᠪᠠ᠃ ᠮᠤᠩᠭᠤᠯ ᠤᠨ ᠲᠤᠳᠤᠷᠠᠴᠠ ᠲᠤᠭ ᠢᠷᠦᠭᠡᠬᠦ ᠬᠦᠮᠦᠨ ᠡᠰᠡ ᠭᠠᠷᠴᠤ᠂ ᠲᠤᠭ ᠤᠨ ᠡᠵᠡᠨ ᠪᠢ ᠪᠤᠯᠪᠠ᠃ ᠪᠢ ᠢᠷᠦᠭᠡᠪᠡᠯ ᠶᠠᠮᠠᠷ ᠭᠡᠵᠦ ᠬᠦᠪᠡᠭᠦᠨ ᠬᠡᠯᠡᠪᠡ᠃ ᠬᠦᠪᠡᠭᠦᠨ ᠰᠠᠶᠢᠲᠤᠷ ᠢᠷᠦᠭᠡ ᠭᠡᠪᠡ᠃ ᠪᠢ ᠴᠤ ᠰᠠᠶᠢᠲᠤᠷ ᠢᠷᠦᠭᠡᠶ᠎ᠡ᠃ ᠲᠠ ᠴᠤ ᠰᠠᠶᠢᠲᠤᠷ ᠰᠤᠨᠤᠰᠤᠭᠲᠤᠨ ᠭᠡᠪᠡ ᠬᠠᠶᠢᠷᠠᠬᠠᠨ ᠲᠠᠶᠢᠴᠢᠨ ᠲᠡᠭᠷᠢ ᠢᠳᠡᠵᠦ ᠤᠤᠭᠤᠭᠲᠤᠨ᠃ ᠤᠪᠠᠰᠢ ᠬᠤᠩ ᠲᠠᠶᠢᠵᠢ ᠶᠢᠨ ᠬᠠᠷ᠎ᠠ ᠴᠢᠰᠤ ᠶᠢ ᠨᠢ ᠠᠰᠬᠠᠷᠠᠭᠤᠯᠪᠠ᠃ ᠬᠠᠷᠴᠠᠭ᠎ᠠ ᠶᠠᠰᠤ ᠶᠢ ᠨᠢ ᠲᠡᠷᠡᠯᠡᠭᠦᠯᠪᠡ᠃ ᠬᠠᠷ᠎ᠠ ᠲᠤᠭ ᠢ ᠨᠢ ᠬᠠᠮᠤᠭ ᠤᠨ ᠬᠠᠭᠠᠯᠭᠠᠨ ᠳᠤ ﹇26﹈ ᠬᠤᠭᠤᠴᠢᠵᠤ ᠬᠠᠶᠠᠪᠠ᠃ ᠬᠠᠶᠢᠷᠠᠯᠠᠳᠠᠭ ᠳ᠋ᠠᠷ᠎ᠠ ᠬᠠᠲᠤᠨ ᠢ ᠨᠢ ᠬᠠᠮᠤᠭ ᠤᠨ ᠡᠵᠡᠨ ᠪᠠᠶᠢᠪᠠᠭᠠᠰ ᠠᠪᠤᠪᠠ᠃ ᠤᠷᠲᠤ ᠬᠠᠷ᠎ᠠ ᠲᠤᠭ ᠨᠢ ᠤᠶᠢᠷᠠᠳ ᠤᠨ ᠬᠦᠯ ᠳᠤ ᠬᠤᠭᠤᠷᠠᠨ ᠬᠤᠴᠤᠷᠪᠠ᠃ ᠤᠨᠤᠳᠠᠭ ᠤᠷᠤᠭ ᠰᠢᠷᠭᠠᠯ ᠮᠤᠷᠢ ᠨᠢ ᠤᠯᠠᠭᠠᠨ ᠲᠤᠷᠭᠠᠨ ᠴᠤᠯᠪᠤᠭᠤᠷ ᠢᠶᠠᠨ ᠤᠨᠵᠢᠭᠤᠯᠤᠭᠠᠳ ᠶᠠᠪᠤᠭᠰᠠᠨ ᠢ ᠤᠶᠢᠷᠠᠳ ᠤᠨ ᠨᠢᠭᠡ ᠬᠦᠪᠡᠭᠦᠨ ᠵᠢᠯᠤᠭᠤᠨ ᠠᠴᠠ ᠵᠢᠳᠠ ᠪᠠᠷ ᠢᠶᠠᠨ ᠡᠯᠭᠦᠵᠦ ᠠᠪᠤᠭᠠᠳ ᠤᠨᠤᠵᠤ ᠶᠠᠪᠤᠬᠤ ᠪᠤᠯᠳᠤᠭᠠᠢ᠃ ᠪᠡᠵᠢ ᠭᠤᠤᠯ ᠳᠤ ᠪᠠᠯᠪᠠᠷᠠᠲᠠᠯ᠎ᠠ ᠴᠤᠬᠢᠭᠤᠯᠤᠭᠠᠳ᠂ ᠬᠦᠳᠡᠭᠡ ᠲᠠᠯ᠎ᠠ ᠳᠤ ᠬᠦᠮᠦᠷᠢᠲᠡᠯ᠎ᠡ ᠴᠢᠴᠢᠭᠦᠯᠦᠭᠲᠦᠨ᠃ ᠡᠮᠡᠭᠡᠯ ᠤᠨ ᠤᠯᠠᠨ ᠲᠤᠯᠤᠭᠠᠲᠠᠢ ᠳᠤ ᠡᠯᠢᠭᠡ ᠪᠦᠭᠡᠷ᠎ᠡ ᠪᠠᠨ ᠠᠪᠳᠠᠭᠳᠤᠨ᠃ ᠬᠡᠨᠲᠡᠢ ᠭᠤᠤᠯ ᠤᠨ ᠡᠬᠢᠨ ᠳᠤ ᠬᠠᠶᠢᠷ ᠶᠠᠶᠢᠷ ᠴᠤᠬᠢᠭᠤᠯᠤᠭᠲᠤᠨ᠃ ᠪᠤᠯᠠᠭ ᠲᠤ ᠬᠦᠨᠲᠡᠢ ᠶᠢᠨ ᠠᠳᠠᠭ ᠲᠤ ᠪᠤᠲᠠ ᠨᠢᠴᠠ ᠴᠢᠴᠢᠭᠦᠯᠦᠭᠲᠦᠨ᠃ ᠪᠤᠶᠠᠨ ᠬᠡᠰᠢᠭ ᠬᠤᠶᠠᠷ ᠢ ᠴᠢᠨᠢ ᠤᠶᠢᠷᠠᠳ ᠤᠨ ᠬᠦᠪᠡᠭᠦᠳ ᠠᠪᠬᠤ ᠪᠤᠯᠳᠤᠭᠠᠢ᠃ ᠦᠨᠲᠦᠷ ᠠᠭᠤᠯᠠᠨ ᠳᠤ ᠬᠦᠷᠦᠭᠡᠳ ᠦᠩᠭᠦᠷᠢᠵᠦ ᠤᠨᠠᠬᠤ ᠪᠤᠯᠲᠤᠭᠠᠢ᠂ ᠭᠡᠮᠡᠭᠡᠳ ᠬᠦᠪᠡᠭᠦᠨ ᠤ ᠠᠮᠢ ᠲᠠᠰᠤᠷᠠᠪᠠ᠃ ᠲᠡᠭᠡᠭᠡᠳ ᠮᠤᠩᠭᠤᠯ ᠤᠨ ᠴᠡᠷᠢᠭ ᠨᠡᠶᠢᠲᠡ ᠪᠠᠷ ᠲᠤᠮᠤᠭᠴᠢ ︵TyMaΓЧ ᠡᠯᠭᠦᠭᠳᠡᠭᠴᠢ ) ᠲᠡᠷᠡ ᠬᠦᠪᠡᠭᠦᠨ ᠤ ᠦᠭᠡ ᠦᠨᠡᠨ ᠬᠤᠳᠠᠯ ᠶᠠᠮᠠᠷ ᠪᠤᠯᠪᠠᠴᠤ ᠮᠠᠭᠤ ᠢᠷᠸ᠎ᠠ ᠪᠤᠯᠪᠠ ᠭᠡᠵᠦ ᠡᠨᠡ ᠶᠠᠭᠤ ᠪᠤᠯᠪᠠ ᠭᠡᠵᠦ ᠶᠡᠭᠡ ᠵᠤᠪᠠᠪᠠᠢ᠃ ᠲᠡᠭᠡᠪᠡᠴᠦ ᠮᠤᠩᠭᠤᠯ ᠤᠨ ᠰᠠᠶᠢᠨ ᠤᠪᠠᠰᠢ ᠬᠤᠩ ᠲᠠᠶᠢᠵᠢ᠂ ᠲᠠᠶᠢᠨ ᠠᠴᠠ ᠵᠤᠯᠠᠵᠤ ᠬᠠᠷᠢᠪᠠᠢ ᠬᠡᠬᠦ ᠨᠡᠷ᠎ᠡ ᠰᠣᠨᠣᠰᠬᠤ ᠶᠢᠨ ᠤᠷᠤᠨ ᠳᠤ᠂ ᠰᠠᠶᠢᠳᠠᠬᠤ ᠮᠠᠭᠤᠳᠠᠬᠤ ᠶᠠᠮᠠᠷ ᠪᠤᠯᠪᠠᠴᠤ ᠶᠠᠪᠤᠨ ᠪᠠᠶᠢᠵᠤ ᠬᠢᠷᠢ ᠪᠠᠨ ᠮᠡᠳᠡᠶ᠎ᠡ ᠭᠡᠮᠡᠭᠡᠳ ᠶᠠᠪᠤᠪᠠ᠃ ᠡᠷᠴᠢᠰ ᠭᠤᠤᠯ ᠢ ᠭᠠᠲᠤᠯᠤᠭᠠᠳ ᠡᠮᠡᠭᠡᠯ ᠤᠨ ᠠᠳᠠᠭ ᠰᠢᠷ᠎ᠠ ᠬᠤᠯᠤᠰᠤ ᠪᠠᠷ ᠶᠠᠪᠤᠭᠠᠳ᠂ ᠪᠠᠵᠢ ᠬᠢᠨᠵᠢᠯᠢ ᠶᠢᠨ ᠡᠬᠢᠨ ᠳᠤ ᠤᠴᠢᠵᠤ᠂ ᠲᠡᠨᠳᠡ ᠨᠠᠢᠮᠠᠨ ᠲᠦᠮᠡᠨ ᠴᠡᠷᠢᠭ ᠪᠠᠭᠤᠵᠤ ᠪᠠᠶᠢᠭᠠᠳ᠂ ᠠᠷᠪᠠᠨ ᠭᠤᠷᠪᠠᠲᠠᠢ ᠠᠴᠠ ᠪᠠᠨ ᠨᠠᠰᠢ᠂ ᠭᠤᠴᠢᠨ ᠲᠤᠯᠤᠭᠠᠨ ᠨᠠᠰᠤ ᠬᠦᠷᠲᠡᠯ᠎ᠡ ᠪᠠᠨ ᠲᠠᠶᠢᠨ ᠤ ᠬᠦᠯ ᠳᠤ ᠠᠲᠡᠭᠦᠷᠡᠵᠦ ᠦᠵᠡᠭᠡ ᠦᠭᠡᠢ᠂ ᠪᠠᠭ᠋ᠠᠨ ᠪᠤᠯᠪᠠᠰᠤᠨ ᠢ ᠨᠠᠴᠢᠨ ᠬᠠᠯᠲᠠᠷ ᠮᠤᠷᠢᠲᠠᠢ ᠨᠢ ᠲᠦᠷᠪᠡᠨ ᠤᠶᠢᠷᠠᠳ ᠲᠤ ᠬᠤᠶᠠᠷ ᠬᠤᠨᠤᠭ ᠢᠶᠠᠷ ᠪᠤᠯᠵᠤᠭᠠᠳ ᠲᠤᠷᠰᠢᠭᠤᠯ ᠲᠠᠯᠪᠢᠪᠡᠢ᠃ ᠤᠪᠠᠰᠢ ᠬᠤᠩ ᠲᠠᠶᠢᠵᠢ᠂ ᠬᠤᠱ ᠠᠴᠢᠭᠰᠠᠨ ᠬᠤᠲᠤᠩ ᠴᠠᠭᠠᠨ ᠲᠡᠮᠡᠭᠡ ᠪᠠᠨ ᠦᠬᠦᠭᠦᠯᠦᠭᠡᠳ ᠵᠠᠯᠠᠭᠤᠰ ᠢᠶᠠᠨ ᠢᠷᠡᠭᠦᠯᠦᠭᠡᠳ ᠮᠠᠭᠲᠠᠭᠠᠯ ᠤᠨ ᠦᠭᠡ ᠬᠡᠯᠡᠵᠦ ᠦᠭᠪᠡᠢ᠃ ᠵᠠ ᠤᠰᠤᠨ ᠳᠤ ᠤᠷᠤᠳᠠᠭ ᠰᠡᠷᠬᠡ ᠶᠢᠨ ᠡᠪᠡᠷ ᠪᠤᠯᠤᠭᠰᠠᠨ᠂ ᠤᠤᠯᠭᠠᠯᠠᠨ ᠲᠠᠭᠠᠷᠢᠳᠠᠭ ᠤᠯᠠᠭᠠᠨ ᠮᠤᠷᠢᠨ ᠤ ᠮᠢᠨᠢ ᠴᠢᠬᠢ ᠪᠤᠯᠤᠭᠰᠠᠨ ᠵᠠᠯᠠᠭᠤᠰ ᠮᠢᠨᠢ ᠰᠤᠨᠤᠰᠤᠭᠲᠤᠨ᠃ ᠬᠠᠷ᠎ᠠ ᠮᠦᠷ ᠲᠠᠢ ᠬᠦᠪᠡᠭᠦᠨ ᠤ ᠬᠠᠷᠢᠶᠠᠯ ᠲᠡᠷᠡ ᠪᠢᠰᠢᠦ᠃ ᠬᠠᠷᠢ ᠲᠦᠷᠪᠡᠨ ᠤᠶᠢᠷᠠᠳ ᠤᠨ ᠵᠠᠩᠬᠢ ᠲᠡᠷᠡ ᠪᠢᠰᠢᠦ᠃ ᠬᠠᠷ᠎ᠠ ᠬᠦᠯᠦᠰᠦ ᠪᠠᠨ ᠪᠤᠤ ᠬᠠᠶᠢᠷᠠᠯᠠᠭᠲᠤᠨ ᠭᠡᠪᠡ᠃ ᠵᠠᠯᠠᠭᠤᠰ ᠨᠤᠶᠠᠨ ᠳᠠᠭᠠᠨ ᠮᠡᠲᠡᠭᠦᠯᠪᠡ᠃ ᠬᠡᠵᠢᠶ᠎ᠡ ᠴᠤ ᠠᠰᠬᠠᠬᠤ ᠴᠢᠰᠤ ᠨᠢᠭᠡ᠂ ᠬᠡᠭᠡᠷ᠎ᠡ ᠬᠡᠪᠲᠡᠬᠦ ᠶᠠᠰᠤ ᠨᠢᠭᠡ᠂ ᠨᠤᠶᠠᠳ ᠤᠨ ᠦᠢᠯᠠᠨ ᠠᠴᠠ ᠤᠷᠪᠠᠭ᠋ᠤ ᠦᠭᠡᠢ ᠪᠢᠳᠠ᠂ ᠭᠡᠵᠦ ᠬᠦᠷᠵᠢᠬᠢᠨᠡᠭᠰᠡᠭᠡᠷ ﹇27﹈ ᠭᠠᠷᠴᠤ ᠤᠳᠪᠠᠢ᠃ ᠲᠡᠭᠡᠭᠡᠳ ᠪᠠᠭ᠋ᠠᠨ ᠪᠤᠯᠪᠠᠰᠤᠨ ᠢᠷᠡᠭᠡᠳ ᠲᠦᠷᠪᠡᠨ ᠤᠶᠢᠷᠠᠳ ᠤᠨ ᠵᠠᠩᠬᠢ ᠶᠢ ᠤᠪᠠᠰᠢ ᠬᠤᠩ ᠲᠠᠶᠢᠵᠢ ᠳᠤ ᠮᠡᠳᠡᠭᠦᠯᠵᠡᠢ᠃ ᠲᠦᠷᠪᠡᠨ ᠤᠶᠢᠷᠠᠳ᠂ ᠵᠠᠷᠠᠭ᠎ᠠ ᠶᠢᠨ ᠦᠰᠦᠨ ᠪᠤᠯᠵᠤ ᠬᠢᠷᠦᠭᠡ ᠶᠢᠨ ᠰᠢᠲᠤ ᠪᠤᠯᠵᠤ ᠲᠦᠷᠪᠡᠯᠵᠢᠯᠡᠨ ᠬᠠᠮᠳᠤ ᠪᠠᠶᠢᠨᠡᠢ᠃ ᠮᠠᠨ ᠢ ᠠᠶᠢᠰᠦᠢ ᠭᠡᠮᠡᠭᠡᠳ ᠰᠠᠭᠯᠠᠵᠤ ﹇28﹈ ᠪᠠᠶᠢᠬᠤ ᠶᠢ ᠴᠤ ᠮᠡᠳᠡᠭᠰᠡᠨ ᠦᠭᠡᠢ᠃ ᠪᠢ ᠶᠡᠷᠦ ᠠᠴᠠ ᠰᠠᠭᠲᠠᠢ ᠪᠠᠶᠢᠳᠠᠭ ᠢ ᠴᠤ ᠮᠡᠳᠡᠭᠰᠡᠨ ᠦᠭᠡᠢ ᠪᠢ᠃ ᠤᠶᠢᠷᠠᠳ ᠤᠨ ᠵᠠᠩᠬᠢ ᠡᠨᠡ ᠭᠡᠪᠡ᠃ ᠤᠪᠠᠰᠢ ᠬᠤᠩ ᠲᠠᠶᠢᠵᠢ ᠵᠠᠷᠯᠢᠭ ᠪᠤᠯᠪᠠ᠃ ᠲᠦᠷᠪᠡᠨ ᠲᠦᠮᠡ ᠪᠠᠷ ᠤᠤᠯᠭᠠᠴᠢ ﹇29﹈ ᠬᠢᠭᠡᠳ ᠲᠦᠷᠪᠡᠨ ᠲᠦᠮᠡ ᠪᠠᠷ ᠡᠬᠢ ᠬᠢᠭᠡᠳ ᠤᠶᠢᠷᠠᠳ ᠤᠷᠤᠭᠤ ᠶᠠᠪᠤᠪᠠᠯ ᠶᠠᠮᠠᠷ ᠪᠤᠢ᠃ ᠵᠠ ᠭᠡᠨ᠎ᠡ ᠴᠢ ᠭᠡᠪᠡ᠃ ᠪᠠᠭ᠋ᠠᠨ ᠪᠤᠯᠪᠠᠰᠤᠨ ᠮᠡᠲᠡᠭᠦᠯᠪᠡ᠃ ᠲᠦᠷᠪᠡᠨ ᠤᠶᠢᠷᠠᠳ ᠲᠠᠢ ᠪᠡᠶᠢᠷᠢᠯᠳᠤᠭᠠᠳ ᠦᠷᠦᠨ ᠵᠤᠯᠬᠤᠨᠠ ﹇30﹈ ᠬᠦᠯ ᠭᠠᠷᠬᠤ ᠪᠢᠳᠠ᠂ ᠠᠰᠬᠠᠨ ᠵᠤᠯᠬᠤᠨᠠ ﹇31﹈ ᠲᠤᠯᠤᠭᠠᠢ ᠲᠠᠰᠤᠷᠠᠬᠤ ᠪᠢᠳᠠ᠂ ᠭᠡᠮᠡᠭᠰᠡᠨ ᠳᠤ᠂ ᠤᠪᠠᠰᠢ ᠬᠤᠩ ᠲᠠᠶᠢᠵᠢ ᠴᠢᠬᠤᠯᠳᠠᠭᠠᠳ ᠦᠨᠡᠨ ᠬᠤᠳᠠᠯ ᠪᠤᠯᠪᠠᠴᠤ ᠴᠢ ᠬᠠᠶᠢᠷᠠᠨ ᠵᠠᠯᠠᠭᠤᠰ ᠤᠨ ᠮᠢᠨᠢ ᠵᠢᠷᠦᠬᠡ ᠶᠢ ᠰᠢᠨᠲᠠᠷᠠᠭᠤᠯᠬᠤ ᠦᠭᠡ ᠶᠢ ᠬᠡᠯᠡᠪᠡ ᠭᠡᠵᠦ᠂ ᠤᠷᠢᠳᠤᠬᠢ ᠬᠦᠪᠡᠭᠦᠨ ᠤ ᠶᠤᠰᠤᠭᠠᠷ ᠪᠤᠯᠭ᠎ᠠ ᠭᠡᠪᠡ᠃ ᠪᠠᠭ᠋ᠠᠨ ᠪᠤᠯᠪᠠᠰᠤᠨ ᠨᠠᠴᠢᠨ ᠬᠠᠯᠲᠠᠷ ᠮᠤᠷᠢ ᠪᠠᠷ ᠢᠶᠠᠨ ᠠᠷᠠᠶᠢᠬᠠᠨ ᠭᠡᠵᠦ ᠵᠤᠯᠠᠵᠤ ᠭᠠᠷᠪᠠᠢ᠃ ᠲᠡᠭᠡᠭᠡᠳ ᠤᠪᠠᠰᠢ ᠬᠤᠩ ᠲᠠᠶᠢᠵᠢ᠂ ᠤᠷᠢᠶᠠᠩᠬᠠᠢ ᠶᠢᠨ ᠰᠠᠶᠢᠨ ᠮᠠᠵᠢᠭ ᠬᠤᠶᠠᠷ ᠬᠤᠶᠢᠳᠤ ᠨᠡᠷ᠎ᠡ ᠶᠢᠨ ᠲᠤᠯᠠ ᠶᠠᠪᠤᠬᠤ ᠶᠢ ᠵᠦᠪᠰᠢᠶᠡᠷᠡᠭᠡᠳ ᠤᠤᠯᠭ᠎ᠠ ᠶᠢ ᠦᠷᠯᠦᠭᠡ ᠲᠠᠯᠪᠢᠶ᠎ᠠ ᠭᠡᠵᠦ ᠪᠠᠶᠢᠭᠠᠳ᠂ ᠤᠪᠠᠰᠢ ᠬᠤᠩ ᠲᠠᠶᠢᠵᠢ᠂ ᠤᠤᠯᠭ᠎ᠠ ᠶᠢᠨ ᠬᠦᠮᠦᠰ ᠢ ᠤᠷᠢᠳᠠ ᠪᠠᠷ ᠲᠠᠯᠪᠢᠵᠤ ᠶᠠᠪᠤᠭᠤᠯᠪᠠ᠃ ᠤᠷᠢᠶᠠᠩᠬᠠᠢ ᠶᠢᠨ ᠰᠠᠶᠢᠨ ᠮᠠᠵᠢᠭ᠂ ᠲᠠᠭᠦᠨ ᠳᠤ  ᠨᠢ ᠤᠶᠢᠯᠢᠵᠤ ﹇32﹈ ᠤᠪᠠᠰᠢ ᠬᠤᠩ ᠲᠠᠶᠢᠵᠢ ᠳᠤ ᠤᠴᠢᠵᠤ ᠮᠡᠳᠡᠭᠦᠯᠪᠡ᠃ ᠬᠡᠷᠲᠦ ᠠᠴᠠ ᠭᠠᠷᠴᠤ ᠶᠠᠪᠤᠭᠰᠠᠨ ᠠᠴᠠ ᠨᠠᠰᠢ᠂ ᠲᠠ ᠤᠯᠠᠨ ᠪᠤᠷᠤᠭᠤ ᠬᠡᠷᠡᠭ ᠢ ᠬᠢᠪᠡ᠃ ᠤᠳᠤ ᠡᠨᠡ ᠪᠤᠷᠤᠭᠤ ᠶᠢ ᠴᠢᠨᠢ ᠲᠠᠭᠠᠭᠠᠬᠤ ᠪᠢᠰᠢ ᠪᠢ᠃ ᠬᠡᠯᠡ ᠪᠠᠷᠢᠭᠰᠠᠨ ᠬᠦᠪᠡᠭᠦᠨ ᠤ ᠬᠡᠯᠡᠬᠦ ᠦᠭᠡ ᠶᠢ ᠰᠤᠨᠤᠰᠤᠭᠠᠳ ᠦᠭᠦᠭᠦᠯᠦᠭᠰᠡᠨ ᠨᠢᠭᠡ ᠮᠠᠭᠤ ᠢᠷᠸ᠎ᠠ ᠴᠢᠨᠢ ᠲᠡᠷᠡ᠃ ᠨᠠᠢᠮᠠᠨ ᠬᠦᠯᠲᠡᠢ ᠽᠠᠨᠳᠠᠨ ᠰᠢᠷᠡᠭᠡᠨ ᠤ ᠪᠠᠨ ᠬᠦᠯ ᠢ ᠬᠤᠭᠤᠴᠢᠵᠤ ᠬᠠᠶᠠᠭᠰᠠᠨ ᠬᠤᠶᠠᠷ ᠮᠠᠭᠤ ᠢᠷᠸ᠎ᠠ ᠴᠢᠨᠢ ᠲᠡᠷᠡ᠃ ᠬᠤᠳᠤᠩ ᠴᠠᠭᠠᠨ ᠲᠡᠮᠡᠭᠡ ᠪᠠᠨ ᠲᠦᠯᠢᠰᠢᠨ ﹇33﹈ ᠳᠤ ᠢᠳᠡᠭᠦᠯᠦᠭᠰᠡᠨ᠂ ᠭᠤᠷᠪᠠᠨ ᠮᠠᠭᠤ ᠢᠷᠸ᠎ᠠ ᠴᠢᠨᠢ ᠲᠡᠷᠡ᠃ ᠤᠳᠤ ᠨᠠᠳᠠ ᠠᠴᠠ ᠲᠠᠶᠢᠰᠤᠨ ᠤ ᠮᠠᠯ ᠬᠠᠷᠠᠮᠯᠠᠭᠠᠳ ᠤᠤᠯᠭ᠎ᠠ ᠶᠢᠨ ᠬᠦᠮᠦᠰ ᠢ ᠤᠷᠢᠳᠠ ᠪᠠᠷ ᠶᠠᠪᠤᠭᠤᠯᠤᠭᠰᠠᠨ ᠲᠦᠷᠪᠡᠨ ᠮᠠᠭᠤ ᠢᠷᠸ᠎ᠠ ᠴᠢᠨᠢ ᠲᠡᠷᠡ᠃ ᠬᠦᠲᠦᠴᠢ ᠶᠠᠪᠤᠭᠰᠠᠨ ᠰᠠᠶᠢᠨ ᠨᠦᠭᠦᠳ ᠠᠴᠠ ᠪᠠᠨ ᠲᠠᠶᠢᠰᠤᠨ ᠤ ᠮᠠᠯ ᠬᠠᠷᠠᠮᠨᠠᠭᠰᠠᠨ ᠤᠴᠢᠷ ᠴᠢᠨᠢ᠂ ᠬᠠᠷ᠎ᠠ ᠨᠤᠬᠠᠢ ᠶᠢᠨ ᠴᠢᠰᠤ ᠬᠠᠷᠠᠮᠨᠠᠭᠰᠠᠨ ᠠᠴᠠ ᠢᠯᠭᠠᠯ ᠦᠭᠡᠢ ᠪᠠᠶᠢᠨ᠎ᠠ᠃ ᠬᠠᠷᠢᠨ᠎ᠠ ᠪᠢ ᠭᠡᠮᠡᠭᠡᠳ ᠲᠦᠮᠡ ᠲᠠᠪᠤᠨ ᠮᠢᠩᠭᠠᠨ ᠤᠤᠯᠭᠠᠴᠢ ᠪᠠᠨ ᠠᠪᠤᠭᠠᠳ ᠬᠠᠷᠢᠪᠡᠢ᠃ ᠤᠪᠠᠰᠢ ᠬᠤᠩ ᠲᠠᠶᠢᠵᠢ ᠲᠦᠷᠪᠡᠨ ᠤᠶᠢᠷᠠᠳ ᠢ ᠵᠤᠷᠢᠨ ᠶᠠᠪᠤᠪᠠᠢ᠃ ᠤᠷᠢᠶᠠᠩᠬᠠᠢ ᠶᠢᠨ ᠰᠠᠶᠢᠨ ᠮᠠᠵᠢᠭ᠂ ᠬᠦᠮᠦᠨ ᠪᠦᠷᠢ ᠲᠦᠷᠪᠡᠨ ᠮᠤᠷᠢᠲᠠᠢ ᠬᠤᠶᠠᠷ ᠮᠢᠩᠭᠠᠨ ᠬᠦᠮᠦᠨ ᠢ ᠲᠠᠯᠪᠢᠵᠤ᠂ ᠪᠠᠭ᠋ᠠᠨ ᠪᠤᠯᠪᠠᠰᠤᠨ ᠳᠤ ᠵᠠᠬᠢᠵᠤ᠂ ᠪᠦᠭᠡᠷ᠎ᠡ ᠪᠠᠷ ᠬᠦᠷᠴᠦ ᠲᠤᠪᠲᠤᠯᠤᠭᠠᠳ ᠬᠡᠯᠲᠡᠬᠡᠢ ᠪᠠᠷ ᠬᠠᠷᠢᠵᠤ ᠢᠷ᠎ᠡ ﹇34﹈᠃ ᠬᠡᠯᠡ ᠪᠠᠷᠢᠵᠤ ᠲᠦᠷᠪᠡᠨ ᠤᠶᠢᠷᠠᠳ ᠲᠤ ᠵᠠᠩᠬᠢ ᠤᠷᠤᠭᠤᠯ᠃ ᠨᠤᠲᠤᠭ ᠮᠢᠨᠢ ᠬᠠᠩᠭᠠᠢ ᠶᠢᠨ ᠬᠠᠷ᠎ᠠ ᠪᠤᠯᠠᠭ ᠲᠤ ᠪᠠᠶᠢᠨ᠎ᠠ᠃ ᠬᠠᠷᠢ ᠲᠦᠷᠪᠡᠨ ᠤᠶᠢᠷᠠᠳ ᠲᠠᠨ ᠢ ᠦᠵᠡᠶ᠎ᠡ ᠭᠡᠵᠦ ᠢᠷᠡᠯᠦᠭᠡ ᠪᠢᠳᠠ᠃ ᠤᠳᠤ ᠲᠦᠷᠪᠡᠨ ᠲᠦᠮᠡᠨ ᠬᠦᠮᠦᠨ ᠢᠶᠠᠨ ᠠᠪᠤᠭᠠᠳ ᠬᠠᠷᠢᠪᠠᠢ ᠪᠢ᠃ ᠨᠠᠭᠠᠨ᠎ᠠ ᠠᠴᠠ ᠴᠢᠨᠢ᠂ ᠤᠪᠠᠰᠢ ᠬᠤᠩ ᠲᠠᠶᠢᠵᠢ ᠴᠤᠪᠤᠭᠰᠠᠨ ᠰᠦᠷᠦᠭ ᠮᠡᠲᠦ ᠤᠳᠪᠡᠢ᠃ ᠲᠡᠭᠦᠨ ᠢ ᠶᠠᠭᠠᠬᠢᠬᠤ ᠪᠠᠨ ᠦᠪᠡᠷ ᠢᠶᠠᠨ ᠮᠡᠳᠡᠲᠦᠭᠡᠢ ᠭᠡᠵᠦ ᠬᠡᠯᠡ ᠤᠷᠤᠭᠤᠯ ᠭᠡᠮᠡᠭᠡᠳ ᠢᠯᠡᠭᠡᠪᠡᠢ᠃ ᠰᠠᠶᠢᠨ ᠮᠠᠵᠢᠭ ᠤᠨ ᠵᠠᠬᠢᠭᠰᠠᠨ ᠶᠤᠰᠤᠭᠠᠷ ᠪᠠᠭ᠋ᠠᠨ ᠪᠤᠯᠪᠠᠰᠤᠨ ᠤᠷᠢᠳᠴᠢᠯᠠᠨ ᠬᠦᠷᠦᠭᠡᠳ ᠤᠷᠲᠤ ᠬᠦᠯᠲᠦ ﹇35﹈ ᠶᠢ ᠤᠯᠵᠠᠯᠠᠵᠤ ᠠᠪᠤᠭᠠᠳ ᠠᠷᠤ ᠳᠠᠭᠠᠨ ᠬᠡᠯᠡ ᠤᠷᠤᠭᠤᠯᠵᠠᠢ᠃ ᠤᠪᠠᠰᠢ ᠬᠤᠩ ᠲᠠᠶᠢᠵᠢ ᠶᠢᠨ ᠤᠤᠯᠭᠠᠴᠢ᠃ ᠦᠬᠡᠷ ᠬᠤᠨᠢ ᠤᠯᠵᠠᠯᠠᠭᠠᠳ ᠵᠤᠭᠰᠤᠵᠠᠢ᠃ ᠲᠡᠭᠡᠭᠡᠳ ᠲᠦᠷᠪᠡᠨ ᠤᠶᠢᠷᠠᠳ ᠤᠨ ᠴᠡᠷᠢᠭ ᠴᠤᠭᠯᠠᠵᠤ ᠢᠷᠡᠭᠡᠳ ᠤᠪᠠᠰᠢ ᠬᠤᠩ ᠲᠠᠶᠢᠵᠢ ᠶᠢ ᠭᠡᠳᠡᠷᠭᠦ ᠭᠠᠷᠭᠠᠯ ᠦᠭᠡᠢ᠂ ᠤᠷᠤᠭᠰᠢ ᠶᠠᠪᠤᠭᠤᠯᠤᠯ ᠦᠭᠡᠢ᠂ ᠮᠦᠨ ᠲᠤᠤᠷ᠎ᠠ ᠨᠢ ᠪᠠᠭᠤᠯᠭᠠᠭᠠᠳ᠂ ᠭᠤᠷᠪᠠᠨ ᠬᠤᠨᠤᠭ ᠲᠠᠶᠢᠯᠠᠪᠠᠢ᠃ ᠮᠤᠩᠭᠤᠯ ᠤᠨ ᠴᠡᠷᠢᠭ ᠨᠡᠶᠢᠳᠡ ᠪᠠᠷ ᠮᠠᠭᠤᠳᠠᠵᠤ ᠢᠷᠡᠬᠦᠯᠡᠷ ᠨᠢ ᠤᠪᠠᠰᠢ ᠬᠤᠩ ᠲᠠᠶᠢᠵᠢ᠂ ᠬᠠᠷ᠎ᠠ ᠲᠤᠭ ᠢᠶᠠᠨ ᠴᠢᠷᠦᠭᠡᠳ᠂ ᠬᠠᠶᠢᠷᠠᠯᠠᠳᠠᠭ ᠵᠠᠯᠠᠭᠤᠰ ᠢᠶᠠᠨ ᠠᠪᠤᠭᠠᠳ ᠭᠠᠷᠴᠤ ᠶᠠᠪᠤᠳᠠᠯ᠎ᠠ᠂ ᠤᠶᠢᠷᠠᠳ ᠤᠨ ᠰᠠᠶᠢᠨ ᠰᠠᠷᠲᠠᠩᠬᠢ᠂ ᠤᠯᠠᠨ ᠴᠡᠷᠢᠭ ᠠᠴᠠ ᠤᠨᠴᠠᠯᠠᠨ ᠤᠷᠤᠭᠠᠳ᠂ ᠤᠪᠠᠰᠢ ᠬᠤᠩ ᠲᠠᠶᠢᠵᠢ ᠳᠤ ᠵᠢᠳᠠ ᠡᠷᠭᠦᠭᠦ ᠳᠡᠭᠡᠨ ᠮᠡᠳᠡᠭᠦᠯᠦᠭᠰᠡᠨ ᠦᠭᠡ ᠨᠢ᠂ ᠵᠠ ᠨᠤᠶᠠᠳ ᠡ᠂ ᠵᠢᠭᠠᠷᠳᠤ ᠬᠤᠪᠴᠠᠰᠤᠨ ᠠᠴᠠ ᠴᠢᠨᠢ ᠡᠮᠦᠰᠴᠦ ᠶᠠᠪᠤᠯᠤᠭ᠎ᠠ ᠪᠢ᠃ ᠲᠠᠪᠤᠰᠤᠲᠤ ᠰᠢᠭᠦᠰᠦᠨ ᠠᠴᠠ ᠴᠢᠨᠢ ᠬᠦᠷᠲᠡᠵᠦ ᠶᠠᠪᠤᠯᠤᠭ᠎ᠠ ᠪᠢ᠃ ᠲᠡᠭᠡᠪᠡᠴᠦ ᠤᠳᠤ ᠬᠠᠷᠢ ᠲᠦᠷᠪᠡᠨ ᠤᠶᠢᠷᠠᠳ ᠤᠨ ᠨᠡᠷ᠎ᠡ ᠶᠢᠨ ᠲᠦᠯᠦᠭᠡ᠂ ᠪᠤᠷᠤ ᠪᠦᠭᠡᠷᠡᠨ ᠳᠤ ᠴᠢᠨᠢ ᠪᠤᠯᠤᠳ ᠵᠢᠳᠠ ᠡᠷᠭᠦᠶ᠎ᠡ᠃ ᠬᠠᠵᠠᠭᠤ ᠰᠦᠪᠡᠭᠡᠨ ᠳᠤ ᠴᠢᠨᠢ ᠬᠠᠳᠠᠨ ᠢᠯᠲᠦ ᠡᠷᠭᠦᠶ᠎ᠡ᠃ ᠨᠤᠶᠠᠳ ᠡ᠂ ᠲᠤᠯᠤᠭᠠᠢ ᠮᠢᠨᠢ ᠲᠡᠷᠡ ᠭᠡᠮᠡᠭᠡᠳ ᠴᠢᠴᠢᠪᠡ᠃ ᠲᠡᠭᠡᠭᠡᠳ ᠤᠪᠠᠰᠢ ᠬᠤᠩ ᠲᠠᠶᠢᠵᠢ᠂ ᠲᠡᠷᠡ ᠰᠢᠷᠬ᠎ᠠ ᠳᠠᠭᠠᠨ ᠦᠭᠡᠳᠡ ᠪᠤᠯᠬᠤ ᠶᠢᠨ ᠤᠷᠢᠳᠠ᠂ ᠤᠷᠤᠭ ᠰᠢᠷᠭᠠᠯ ᠢ ᠮᠢᠨᠢ ᠲᠠᠯᠪᠢᠭᠲᠤᠨ᠃ ᠨᠤᠲᠤᠭ ᠲᠤ ᠮᠢᠨᠢ ᠵᠠᠩᠬᠢ ᠤᠷᠤᠭᠤᠯᠳᠤᠭᠠᠢ᠃ ᠵᠠᠯᠠᠭᠤᠰ ᠲᠠ ᠨᠠᠷ ᠴᠤ ᠬᠠᠷᠢᠬᠤ ᠦᠭᠡᠢ ᠪᠤᠢ ‍ᠶ᠎ᠠ᠃ ᠬᠠᠶᠢᠷᠠᠨ ᠨᠡᠷ᠎ᠡ ᠪᠠᠨ ᠰᠠᠨᠠᠵᠤ᠂ ᠬᠠᠯᠠᠰᠢᠷᠠᠯ ᠦᠭᠡᠢ ᠪᠠᠶᠢᠯᠳᠤᠵᠤ᠂ ᠬᠠᠷᠢᠵᠤ ᠨᠢᠴᠦᠯ ᠦᠭᠡᠢ᠂ ᠨᠢᠭᠡ ᠨᠢᠭᠡ ᠶᠢ ᠪᠠᠨ ᠲᠡᠷᠡᠯᠡᠨ ᠤᠷᠤᠭᠲᠤᠨ ﹇36﹈᠂ ᠭᠡᠮᠡᠭᠡᠳ ᠤᠷᠤᠭ ᠰᠢᠷᠭᠠᠯ ᠤᠨ ᠪᠤᠷᠤᠭᠤ ᠪᠡᠶ᠎ᠡ ᠪᠠᠷ ᠬᠡᠶᠢᠰᠦᠨ ᠤᠳᠪᠡᠢ᠃ ᠤᠪᠠᠰᠢ ᠬᠤᠩ ᠲᠠᠶᠢᠵᠢ ᠶᠢᠨ ᠬᠠᠶᠢᠷᠠᠯᠠᠳᠠᠭ ᠵᠠᠯᠠᠭᠤᠰ᠂ ᠨᠤᠶᠠᠨ ᠤ ᠪᠠᠨ ᠶᠠᠰᠤᠨ ᠲᠡᠭᠡᠷ᠎ᠡ ᠮᠤᠷᠢᠨ ᠤ ᠪᠠᠨ ᠮᠤᠷᠳᠠᠬᠤ ᠲᠠᠯ᠎ᠠ ᠶᠢᠨ ᠲᠦᠷᠦᠭᠡᠨ ᠤ ᠰᠤᠷ ᠢ ᠤᠭᠲᠤᠯᠵᠤ ︵ᠮᠤᠷᠢᠨ ᠠᠴᠠ ᠬᠡᠷᠪᠡ ᠪᠠᠭᠤᠪᠠᠯ᠎ᠠ ᠮᠤᠷᠳᠠᠵᠤ ᠴᠢᠳᠠᠬᠤ ᠦᠭᠡᠢ ᠪᠤᠯᠭᠠᠭᠠᠳ︶ ᠲᠦᠷᠪᠡᠨ ᠤᠶᠢᠷᠠᠳ ᠤᠨ ᠴᠡᠷᠢᠭ ᠤᠳ ᠲᠠᠢ ᠮᠦᠨ ᠲᠠᠨᠲᠡ ᠴᠠᠪᠴᠢᠯᠳᠤᠨ ᠪᠠᠶᠢᠵᠤ ᠦᠬᠦᠭᠰᠡᠨ ᠪᠢᠯᠡ᠃ ᠲᠦᠷᠪᠡᠨ ᠤᠶᠢᠷᠠᠳ ᠮᠤᠩᠭᠤᠯ ᠢ ᠲᠠᠷᠤᠭᠰᠠᠨ ᠲᠤᠭᠤᠵᠢ ᠡᠨᠡ᠃ ᠤᠶᠢᠷᠠᠳ ᠤᠨ ᠰᠠᠬᠢᠭᠤᠰᠤᠨ ᠲᠤᠯᠤᠭᠠᠨ ᠨᠠᠰᠤᠲᠠᠢ ᠬᠦᠪᠡᠬᠦᠨ ᠳᠤ ᠬᠤᠪᠢᠯᠵᠤ ᠮᠤᠩᠭᠤᠯ ᠳᠤ ᠴᠠᠯᠢᠭ ﹇37﹈ ᠤᠷᠬᠢᠭᠰᠠᠨ ᠨᠢ ᠲᠡᠷᠡ ᠪᠤᠯᠤᠨ᠎ᠠ᠃ ᠡᠨᠡ ᠲᠠᠶᠢᠨ ᠭᠠᠯ ᠭᠠᠭ᠋ᠠᠢ ᠵᠢᠯ ︵1587 ᠤᠨ︶ ᠳᠤ ᠪᠤᠯᠪᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号