ᠤᠶᠢᠷᠠᠳ ᠤᠨ ᠠᠯᠳᠠᠷᠲᠤ ᠡᠷᠳᠡᠮᠲᠡᠨ ᠷᠠᠪᠵᠠᠮᠪᠠ ᠽᠠᠶ᠎ᠠ ᠪᠠᠨᠳᠢᠳᠠ ᠨᠠᠮᠬᠠᠶᠢᠵᠠᠮᠰᠦ ᠶᠢᠨ ᠲᠤᠬᠠᠢ ᠦᠬᠦᠯᠡᠬᠦ  ᠨᠢ
ᠨᠡᠶᠢᠲᠡᠯᠡᠭᠰᠡᠨ ᠴᠠᠭ᠄
2019/12/11
【 ᠠᠭᠤᠯᠭ᠎ᠠ ᠶᠢᠨ ᠲᠤᠪᠴᠢ 】 ᠲᠤᠰ ᠦᠬᠦᠯᠡᠯ ᠳᠤ ᠽᠠᠶ᠎ᠠ ᠪᠠᠨᠳᠢᠳᠠ ᠶᠢᠨ ᠭᠠᠷᠤᠯ ᠤᠭᠰᠠᠭ᠎ᠠ᠂ ᠰᠠᠬᠢᠯ ᠠᠪᠴᠦ ᠲᠤᠶᠢᠨ ᠪᠤᠯᠤᠭᠰᠠᠨ᠂ ᠲᠦᠪᠡᠳ ᠲᠤ ᠰᠤᠷᠤᠯᠴᠠᠵᠦ ᠠᠵᠶᠯᠯᠠᠭᠰᠠᠨ ᠪᠠᠶᠢᠳᠠᠯ᠂ ᠤᠶᠢᠷᠠᠳ ᠨᠤᠳᠤᠭ ᠲᠤ ᠪᠠᠨ ᠪᠤᠴᠠᠭᠰᠠᠨ ᠰᠢᠯᠳᠠᠭᠠᠨ ᠵᠢᠴᠢ ᠤᠶᠢᠷᠠᠳ ᠲᠤ ᠪᠠᠨ ᠪᠤᠴᠠᠭᠰᠠᠨ ᠤ ᠲᠠᠷᠠᠭᠠᠬᠢ ᠠᠵᠢᠯᠯᠠᠭ᠎ᠠ᠂ ᠲᠡᠬᠦᠨ ᠤ ᠭᠠᠪᠢᠶ᠎ᠠ ᠵᠢᠳᠭᠦᠯ ᠵᠡᠷᠭᠡ ᠵᠢᠷᠭᠤᠭᠠᠨ ᠲᠠᠯ᠎ᠠ ᠪᠠᠷ ᠨᠠᠮᠲᠠᠷ ᠲᠡᠥᠬᠡ ᠶᠢ ᠨᠢ ᠬᠤᠷᠢᠶᠠᠩᠭᠤᠶᠢᠯᠠᠨ ᠳ᠋ᠦᠩᠨᠡᠬᠦ ᠶᠢ ᠵᠤᠷᠢᠵᠠᠢ᠃ 【 ᠵᠠᠩᠭᠢᠯᠠᠭ᠎ᠠ ᠶᠢᠨ ᠦᠭᠡ 】 ᠷᠠᠪᠵᠠᠮᠪᠠ ᠽᠠᠶ᠎ᠠ ᠪᠠᠨᠳᠢᠳᠠ ᠨᠠᠮᠬᠠᠶᠢᠵᠠᠮᠰᠦ ᠭᠠᠷᠤᠯ ᠤᠭᠰᠠᠭ᠎ᠠ ᠠᠮᠢᠳᠤᠷᠠᠯ ᠦᠢᠯᠡᠰ ᠭᠠᠪᠢᠶ᠎ᠠ ᠵᠢᠳᠬᠦᠯ 17 ᠳ᠋ᠤᠭᠠᠷ ᠵᠠᠭᠤᠨ ᠤ ᠦᠶ᠎ᠡ ᠪᠠᠷ ᠠᠮᠢᠳᠤᠷᠠᠵᠦ ᠪᠠᠶᠢᠭᠰᠠᠨ ᠷᠠᠪᠵᠠᠮᠪᠠ ᠽᠠᠶ᠎ᠠ ᠪᠠᠨᠳᠢᠳᠠ ᠨᠠᠮᠬᠠᠶᠢᠵᠠᠮᠰᠦ ᠪᠣᠯ ᠤᠶᠢᠷᠠᠳ ᠮᠤᠩᠭᠤᠯ ᠤᠨ ᠲᠦᠷᠦ ᠱᠠᠰᠢᠨ ᠤ ᠶᠡᠭᠡ ᠪᠠᠭᠰᠢ᠂ ᠬᠤᠯᠪᠤᠵᠦ ᠨᠠᠶᠢᠷᠠᠭᠤᠯᠬᠤ ᠳᠤ ᠪᠠᠨ ᠠᠪᠢᠶᠠᠰ ᠲᠠᠢ ᠢᠷᠠᠭᠤ ᠨᠠᠶᠢᠷᠠᠭᠴᠢ᠂ ᠠᠯᠳᠠᠷᠲᠦ ᠤᠷᠴᠢᠭᠤᠯᠤᠭᠴᠢ ᠪᠦᠭᠡᠳ ᠮᠤᠩᠭᠤᠯᠴᠤᠳ ᠤᠨ ᠰᠤᠶᠤᠨ ᠬᠡᠶᠢᠬᠦᠯᠦᠭᠴᠢ᠂ ᠪᠤᠷᠬᠠᠨ ᠤ ᠱᠠᠰᠢᠨ ᠪᠠ ᠲᠦᠪᠡᠳ᠂ ᠮᠤᠩᠭᠤᠯ ᠤᠨ ᠬᠠᠷᠢᠯᠴᠠᠭᠠᠨ ᠤ ᠭᠠᠪᠢᠶᠠᠲᠠᠨ᠂ ᠤᠶᠢᠷᠠᠳ ᠮᠤᠩᠭᠤᠯᠴᠤᠳ ᠲᠤ ᠲᠤᠲᠦ ᠦᠰᠦᠭ ᠢ ᠵᠤᠬᠢᠶᠠᠨ ᠦᠯᠡᠳᠡᠭᠡᠭᠰᠡᠨ ᠬᠡᠯᠡᠨ ᠤ ᠡᠷᠳᠡᠮᠳᠡᠨ᠂ ᠤᠶᠢᠷᠠᠳ ᠮᠤᠩᠭᠤᠯ ᠤᠨ ᠲᠤᠳᠤᠭᠠᠲᠦ ᠶᠢᠨ ᠬᠢᠮᠤᠷᠠᠯ ᠢ ᠡᠪᠰᠡᠬᠦᠯᠵᠦ ᠶᠠᠪᠤᠭᠰᠠᠨ ᠤᠯᠤᠰ ᠲᠦᠷᠦ ᠶᠢᠨ ᠭᠦᠨ ᠪᠤᠳᠤᠯᠭᠠᠲᠠᠨ᠂ ᠮᠤᠩᠭᠤᠯ ᠤᠨ ᠠᠯᠳᠠᠷᠲᠦ ᠰᠤᠶᠤᠯ  ᠤᠨ ᠵᠢᠳᠬᠦᠯᠲᠡᠨ ᠪᠤᠯᠬᠤ ᠶᠤᠮ᠃ ᠡᠭᠦᠨ ᠳᠤ᠄ ᠷᠠᠪᠵᠠᠮᠪᠠ ᠭᠡᠳᠡᠭ ᠪᠣᠯ᠂ ᠰᠣᠲᠤᠷ ᠤᠨ ᠶᠤᠰᠤᠨ ᠤ ᠲᠠᠪᠤᠨ ᠪᠤᠲᠢ ᠨᠤᠮ ᠳᠤ ᠨᠡᠪᠲᠡᠷᠡᠭᠰᠡᠳ ᠲᠤ ᠤᠯᠭᠤᠳᠠᠭ ᠮᠢᠨᠳᠠᠭ ᠴᠤᠯᠠ᠃ ᠮᠠᠰᠢ ᠬᠡᠲᠦᠷᠭᠡᠢ ᠭᠡᠰᠡᠨ ᠤᠳᠬ᠎ᠠ ᠲᠠᠢ ᠲᠦᠪᠡᠳ ᠦᠭᠡ 【1】᠃ ᠽᠠᠶ᠎ᠠ ᠬᠡᠳᠡᠭ ᠪᠣᠯ᠂ ᠢᠯᠭᠤᠭᠰᠠᠨ ᠪᠤᠶᠤ ᠭᠤᠴᠤ ᠬᠡᠳᠦᠷᠬᠡᠢ᠂ ᠢᠯᠭᠠᠷᠠᠭᠰᠠᠨ᠂ ᠴᠤᠯᠭᠤᠷᠠᠭᠰᠠᠨ ᠭᠡᠰᠡᠨ ᠦᠭᠡ 【2】᠃ ᠪᠠᠨᠳᠢᠳᠠ ᠬᠡᠳᠡᠭ ᠪᠣᠯ᠂ ᠠᠩᠬ᠎ᠠ ᠡᠨᠡᠳᠬᠡᠭ ᠤᠨ ᠤᠷᠤᠨ ᠳᠤ ᠬᠠᠮᠠᠭᠠᠯᠠᠵᠦ ᠪᠠᠶᠢᠭᠰᠠᠨ ᠮᠢᠨᠳᠠᠭ ᠴᠤᠯᠠ᠃ ᠪᠤᠷᠬᠠᠨ ᠤ ᠱᠠᠰᠢᠨ ᠤ ᠲᠠᠪᠤᠨ ᠶᠡᠭᠡ ᠤᠬᠠᠭᠠᠨ᠄ ᠲᠠᠭᠤᠨ ᠤᠬᠠᠭᠠᠨ ᠪᠤᠶᠤ ᠬᠡᠯᠡ ᠰᠢᠨᠵᠢᠯᠡᠯ᠂ ᠤᠴᠢᠷ ᠰᠢᠯᠲᠠᠭᠠᠨ ᠤ ᠤᠬᠠᠭᠠᠨ ᠪᠤᠶᠤ ᠰᠢᠯᠭᠠᠳᠠᠭ ᠤᠨ ᠤᠬᠠᠭᠠᠨ᠂ ᠤᠷᠠᠯᠠᠬᠤᠢ ᠤᠬᠠᠭᠠᠨ ᠪᠤᠶᠤ ᠤᠷᠠᠯᠠᠨ ᠦᠢᠯᠡᠳᠬᠦ ᠤᠬᠠᠭᠠᠨ᠂ ᠲᠡᠵᠢᠭᠡᠬᠦᠢ ᠤᠬᠠᠭᠠᠨ ᠪᠤᠶᠤ ᠠᠨᠠᠭᠠᠬᠤ ᠤᠬᠠᠭᠠᠨ᠂ ᠲᠤᠲᠤᠭᠠᠲᠦ ᠤᠬᠠᠭᠠᠨ ᠪᠤᠶᠤ ᠱᠠᠰᠢᠨ ᠤ ᠬᠦᠨ ᠤᠬᠠᠭᠠᠨ ᠳᠤ ᠨᠡᠪᠲᠡᠷᠡᠭᠰᠡᠤᠨ ᠲᠤ ᠤᠯᠭᠤᠳᠠᠭ 【3】᠃ ᠨᠠᠮᠬᠠᠶᠢᠵᠠᠮᠰᠦ ᠬᠡᠳᠡᠭ ᠪᠣᠯ ᠬᠤᠭᠤᠰᠤᠨ ᠲᠠᠯᠠᠢ 【4】 ᠪᠤᠶᠤ ᠤᠭᠳᠠᠷᠭᠤᠢ ᠶᠢᠨ ᠲᠠᠯᠠᠢ ᠬᠡᠬᠦ ᠤᠳᠬ᠎ᠠ ᠲᠠᠢ ᠦᠭᠡ᠃ ᠨᠢᠭᠡ᠂ ᠽᠠᠶ᠎ᠠ ᠪᠠᠨᠳᠢᠳᠠ ᠶᠢᠨ ᠭᠠᠷᠤᠯ ᠤᠭᠰᠠᠭ᠎ᠠ ᠽᠠᠶ᠎ᠠ ᠪᠠᠨᠳᠢᠳᠠ ᠶᠢᠨ ᠮᠡᠨᠳᠦᠯᠡᠭᠰᠡᠨ ᠤᠨ ᠤ ᠲᠤᠬᠠᠢ ︽ᠷᠠᠪᠵᠠᠮᠪᠠ ᠽᠠᠶ᠎ᠠ ᠪᠠᠨᠳᠢᠳᠠ ᠶᠢᠨ ᠲᠤᠭᠤᠵᠢ ᠰᠠᠷᠠᠨ ᠤ ᠭᠡᠷᠡᠯ ᠤᠷᠤᠰᠢᠪᠠᠢ︾ ᠳᠤ ︽ᠭᠡᠭᠡᠨ ᠨᠠᠰᠤᠨ ᠤ ᠬᠤᠪᠢᠯᠤᠭᠰᠠᠨ ᠵᠢᠯ ᠠᠨᠤ ᠰᠢᠷᠤᠢ ᠭᠠᠭ᠋ᠠᠢ ︵1599︶ ᠲᠠᠢ ᠠᠮᠤᠢ 【5】︾ ᠬᠡᠵᠦ᠂ ︽ᠠᠯᠲᠠᠨ ᠡᠷᠢᠬᠡᠨ︾ ᠳᠤ᠄ ︽ᠡᠭᠦᠨ ᠤ ᠬᠤᠶᠢᠳᠤᠨ ᠵᠢᠯ ᠢᠯᠭᠤᠭᠰᠠᠨ ᠡᠷᠳᠡᠮ ᠤᠨ ᠳᠠᠯᠠᠢ ᠮᠦᠩᠭᠡ ᠵᠤᠤ ᠳᠤ ᠵᠠᠯᠠᠷᠠᠪᠠᠢ᠃ ᠡᠭᠦᠨ ᠤ ᠬᠤᠶᠢᠲᠦ ᠭᠦᠬᠡ ᠯᠤᠤ ᠵᠢᠯ ᠢᠯᠭᠤᠭᠰᠠᠨ ᠡᠷᠳᠡᠮ ᠲᠠᠯᠠᠢ ᠪᠯᠠᠮ᠎ᠠ  ᠪᠠᠷ ᠯᠾᠨᠰᠠ ᠶᠢᠨ ᠶᠡᠭᠡ ᠢᠷᠦᠭᠡᠯ ᠤᠨ ᠬᠤᠷᠠᠯ ᠲᠡᠷᠢᠭᠦᠯᠪᠠᠢ᠃ ᠡᠨᠡ ᠵᠢᠯ ᠤᠶᠢᠷᠠᠳ ᠬᠤᠳᠤᠭᠲᠦ ᠬᠤᠳᠤᠭ ᠲᠤᠶᠢᠨ ᠭᠡᠭᠡᠨ ᠵᠢᠷᠭᠤᠭᠠᠨ ᠰᠡᠭᠦᠳᠡᠷ ᠵᠤᠭᠤᠭᠯᠠᠪᠠᠢ ᠬᠡᠮᠡᠭᠰᠡᠨ︾᠃ ᠡᠬᠦᠨ ᠳᠤ ︽ᠰᠠᠷᠠᠨ ᠤ ᠭᠡᠷᠡᠯ︾ ᠳᠤ ᠳᠤᠷᠠᠳᠤᠭᠰᠠᠨ ︽ᠰᠢᠷᠤᠢ ᠭᠠᠭ᠋ᠠᠢ ᠵᠢᠯ︾ ᠨᠢ 1599 ᠤᠨ ᠪᠠᠶᠢᠵᠦ ︽ᠠᠯᠲᠠᠨ ᠡᠷᠢᠬᠡᠨ︾ ᠳᠤ ᠳᠤᠷᠠᠳᠤᠭᠰᠠᠨ ︽ᠬᠦᠭᠡ ᠯᠤᠤ ᠵᠢᠯ︾ ᠨᠢ 1604 ᠤᠨ ᠲᠤᠯᠠ ᠽᠠᠶ᠎ᠠ ᠪᠠᠨᠳᠢᠳᠠ 1599 ᠤᠨ ᠳᠤ ᠲᠦᠷᠦᠵᠠᠢ᠃ ᠡᠭᠦᠨ ᠳᠤ ︽ᠠᠯᠲᠠᠨ ᠡᠷᠢᠬᠡᠨ︾ ᠤ ᠵᠤᠬᠢᠶᠠᠭᠴᠢ ᠽᠠᠶ᠎ᠠ ᠪᠠᠨᠳᠢᠳᠠ ᠶᠢ ᠬᠡᠢ ᠨᠠᠰᠤ  ᠪᠠᠷ ᠪᠤᠳᠤᠭᠰᠠᠨ ᠲᠤᠯᠠ 1604 ᠤᠨ ᠳᠤ ︽ᠵᠢᠷᠭᠤᠭᠠᠨ ᠰᠡᠭᠦᠳᠡᠷ ᠵᠤᠭᠤᠭᠯᠠᠪᠠᠢ︾ ᠭᠡᠰᠡᠨ ᠪᠠᠶᠢᠨ᠎ᠠ᠃ ︽ᠰᠠᠷᠠᠨ  ᠤ ᠭᠡᠷᠡᠯ︾ ᠳᠤ ᠳᠤᠷᠠᠳᠤᠭᠰᠠᠨ ︽ᠭᠡᠭᠡᠨ ᠨᠠᠰᠤᠨ ᠤ ᠬᠤᠪᠢᠯᠤᠭᠰᠠᠨ︾ ᠬᠡᠵᠦ ᠰᠢᠷ᠎ᠠ ᠶᠢᠨ ᠱᠠᠰᠢᠨ ᠳᠤ ᠬᠤᠳᠤᠭᠲᠦ ᠬᠤᠪᠢᠯᠭᠠᠳ ᠤᠷᠢᠲᠦ ᠲᠦᠷᠦᠯ ᠳᠡᠭᠡᠨ ᠪᠠᠰᠠ ᠭᠡᠭᠡᠨ᠂ ᠶᠡᠭᠡ ᠯᠠᠮᠠ᠂ ᠪᠠᠨᠳᠢᠳᠠ ᠪᠤᠭᠳᠠ ᠪᠤᠯᠵᠦ ᠪᠠᠶᠢᠭᠠᠳ ᠨᠠᠰᠤ ᠪᠠᠷᠠᠭᠰᠠᠨ ᠤ ᠬᠤᠶᠢᠨ᠎ᠠ ᠲᠡᠭᠦᠨ ᠤ ᠬᠤᠪᠢᠯᠭᠠᠳ ᠳᠠᠬᠢᠨ ᠬᠦᠮᠦᠨ ᠪᠤᠯᠵᠦ ᠲᠦᠷᠦᠳᠡᠭ ᠬᠡᠵᠦ ᠢᠳᠡᠭᠡᠳᠡᠭ ᠲᠤᠯᠠ ᠬᠡᠭᠡᠨ ᠬᠤᠳᠤᠭᠲᠦ ᠨᠠᠷ ᠤᠨ ᠲᠦᠷᠦᠬᠦ ᠶᠢ ︽ᠨᠠᠰᠤᠨ ᠤ ᠬᠤᠪᠢᠯᠠᠬᠤ︾ ᠪᠤᠶᠤ ︽ᠬᠤᠪᠢᠯᠤᠨ ᠦᠭᠡᠳᠡ ᠪᠤᠯᠪᠠ︾ ᠬᠡᠳᠡᠭ᠃ ᠽᠠᠶ᠎ᠠ ᠪᠠᠨᠳᠢᠳᠠ ᠰᠢᠷᠦᠢ ᠭᠠᠭ᠋ᠠᠢ ᠵᠢᠯ ︵1599 ᠤᠨ︶ ᠮᠡᠨᠳᠦᠯᠡᠭᠰᠡᠠ ᠲᠤᠯᠠ ᠭᠠᠭ᠋ᠠᠢ ᠵᠢᠯ ᠲᠠᠢ ᠪᠤᠯᠵᠠᠢ᠃ ᠽᠠᠶ᠎ᠠ ᠪᠠᠨᠳᠢᠳᠠ ᠤᠷᠢᠲᠦ ᠲᠦᠷᠦᠯ ᠳᠡᠭᠡᠨ ᠪᠠᠰᠠ ᠪᠠᠨᠳᠢᠳᠠ᠂ ᠬᠡᠬᠡᠨ᠂ ᠯᠠᠮᠠ ᠪᠤᠯᠵᠦ ᠪᠠᠶᠢᠭᠠᠳ ᠳᠠᠬᠢᠨ ᠤᠶᠢᠷᠠᠳ ᠲᠤ ᠲᠦᠷᠦᠭᠰᠡᠨ ᠤᠴᠢᠷ ︽ᠬᠡᠬᠡᠨ ᠨᠠᠰᠤᠨ ᠤ ᠬᠤᠪᠢᠯᠤᠭᠰᠠᠨ︾ ᠬᠡᠳᠡᠭ᠃ ᠡᠨᠡ ᠨᠢ ᠰᠢᠷᠦᠢ ᠭᠠᠭ᠋ᠠᠢ ᠵᠢᠯ ᠳᠠᠬᠢᠵᠦ ᠬᠤᠪᠢᠯᠤᠨ ᠲᠦᠷᠦᠪᠡ ᠭᠡᠰᠡᠨ ᠤᠳᠬ᠎ᠠ ᠲᠠᠢ᠃ ︽ᠰᠠᠷᠠᠨ ᠤ ᠭᠡᠷᠡᠯ︾ ᠳᠤ᠄ ᠶᠠᠰᠤᠨ ᠠᠨᠤ ᠬᠤᠱᠤᠳ᠂ ᠤᠳᠤᠭ ᠠᠨᠤ ᠬᠦᠷᠦᠭᠡᠴᠢᠨ᠂ ᠬᠦᠷᠦᠭᠡᠴᠢᠨ ︵ ᠤ︶ ᠳᠤᠳᠤᠷ᠎ᠠ ᠪᠠᠨ ᠱᠠᠩᠭᠠᠰ ᠠᠮᠤᠢ᠂ ᠡᠪᠦᠭᠡ ᠢᠨᠤ ᠲᠦᠷᠪᠡᠨ ᠤᠶᠢᠷᠠᠳ ᠲᠤ ᠶᠡᠭᠡ ᠰᠡᠴᠡᠨ ᠳᠤ ᠠᠯᠳᠠᠷᠰᠢᠭᠰᠠᠨ ᠬᠦᠩᠭᠦᠢ ᠵᠠᠶᠠᠭᠠᠴᠢ ᠬᠡᠮᠡᠬᠦ ᠪᠤᠢ᠃ ᠬᠦᠩᠭᠦᠢ ᠶᠢᠨ ᠤᠯᠨᠨ ᠬᠦᠪᠡᠭᠦᠨ ᠪᠤᠢ ᠠᠴᠠ ᠶᠡᠭᠡ ᠬᠦᠪᠡᠭᠦᠨ ᠢᠨᠤ ᠪᠠᠪᠠᠭ᠋ᠠᠨ ︵ᠮᠤᠩᠭᠤᠯ ᠤᠯᠤᠰ ᠤᠨ ᠬᠤᠪᠢᠲᠦ ᠠᠶᠢᠮᠠᠭ ᠤᠨ ᠮᠠᠩᠬᠠᠨ ᠰᠤᠮᠤᠨ ᠤ ︽ᠷᠠᠪᠵᠠᠮᠪᠠ ᠽᠠᠶ᠎ᠠ ᠪᠠᠨᠳᠢᠳᠠ ᠶᠢᠨ ᠲᠤᠭᠤᠵᠢ ᠰᠠᠷᠠᠨ ᠤ ᠬᠡᠷᠡᠯ ᠬᠡᠮᠡᠬᠦ ᠤᠷᠤᠰᠢᠪᠠᠢ︾ ᠭᠡᠬᠦ ᠲᠤᠳᠤ ᠭᠠᠷ ᠪᠢᠴᠢᠮᠡᠯ ᠤᠨ ᠭᠡᠷᠡᠯ ᠵᠢᠷᠤᠭ ᠤᠨ ᠬᠠᠭᠤᠯᠪᠤᠷᠢ ᠳᠤ ᠪᠠᠪᠠᠭ᠋ᠠᠨ ᠬᠡᠵᠦ ᠲᠡᠮᠳᠡᠭᠯᠡᠵᠦ ᠪᠤᠢ᠃ ᠬᠠᠯᠬ᠎ᠠ ᠽᠠᠶ᠎ᠠ ᠪᠠᠨᠳᠢᠳᠠ ᠯᠤᠪᠰᠠᠩᠫᠧᠷᠡᠩᠯᠠᠢ ᠶᠢᠨ ᠨᠤᠮ ᠤᠨ ᠰᠠᠩ ᠤᠨ ︽ᠷᠠᠪᠵᠨᠮᠪᠠ ᠽᠠᠶ᠎ᠠ ᠪᠠᠨᠳᠢᠳᠠ ᠶᠢᠨ ᠲᠤᠭᠤᠵᠢ᠂ ᠰᠠᠷᠠᠨ ᠤ ᠭᠡᠷᠡᠯ ᠬᠡᠮᠡᠭᠳᠡᠬᠦ ᠡᠨᠡ ᠮᠡᠲᠦ ᠪᠤᠯᠠᠢ︾ ᠬᠡᠬᠦ ᠬᠤᠳᠤᠮ ᠡᠭᠡ ᠪᠢᠴᠢᠭ ᠤᠨ ᠭᠡᠷᠡᠯ ᠵᠢᠷᠤᠭ ᠤᠨ ᠬᠠᠭᠤᠯᠪᠤᠷᠢ ᠳᠤ ᠪᠠᠭᠪᠠᠭᠠᠰ ᠬᠡᠵᠦ ᠲᠡᠮᠳᠡᠭᠯᠡᠵᠦ ᠪᠤᠢ᠃ ᠰᠢᠠᠵᠢᠶᠠᠩ ᠤᠨ ︽ᠬᠠᠨ ᠲᠡᠭᠷᠢ︾ ᠰᠡᠳᠬᠦᠯ ᠤᠨ 1983 ᠤᠨ ᠤ 4 ᠳ᠋ᠤᠭᠡᠷ ᠬᠤᠭᠤᠴᠠᠭᠠᠨ ᠳᠤ ᠬᠡᠪᠯᠡᠭᠳᠡᠭᠰᠡᠨ ︽ᠷᠠᠪᠵᠠᠮᠪᠠ ᠽᠠᠶ᠎ᠠ ᠪᠠᠨᠳᠢᠳᠠ ᠶᠢᠨ ᠲᠤᠭᠤᠵᠢ᠂ ᠰᠠᠷᠠᠨ ᠤ ᠬᠡᠷᠡᠯ ᠬᠡᠮᠡᠬᠦ ᠤᠷᠤᠰᠢᠪᠠ︾ ᠬᠡᠬᠦ ᠲᠤᠳᠤ ᠬᠡᠪᠯᠡᠯ ᠳᠤ ᠪᠠᠶᠢᠪᠠᠭᠠᠰ ᠬᠡᠵᠦ ᠲᠡᠮᠳᠡᠭᠯᠡᠵᠦ ᠪᠤᠢ᠃︶ ᠬᠡᠮᠡᠬᠦ ᠪᠤᠢ᠂ ᠪᠠᠪᠠᠭ᠋ᠠᠨ ᠳᠤ ᠨᠠ᠊ ᠵᠮᠠᠨ ᠬᠦᠪᠡᠬᠦᠨ ᠪᠤᠢ ᠠᠴᠠ ᠲᠠᠪᠤᠳᠤᠭᠠᠷ ᠬᠦᠪᠡᠭᠦᠨ ᠢᠨᠤ ᠪᠤᠭᠳᠠ ᠽᠠᠶ᠎ᠠ ᠪᠠᠨᠳᠢᠳᠠ ᠪᠤᠢ 【6】 ᠬᠡᠵᠠᠢ᠃ ᠽᠠᠶ᠎ᠠ ᠪᠠᠨᠳᠢᠳᠠ ᠪᠣᠯ ᠤᠶᠢᠷᠠᠳ ᠮᠤᠩᠭᠤᠯ ᠤᠨ ᠲᠦᠷᠪᠡᠨ ᠠᠶᠢᠮᠠᠭ ᠤᠨ ᠨᠢᠭᠡ ᠪᠤᠯᠬᠤ ᠬᠤᠱᠤᠳ ᠤᠨ ᠬᠦᠷᠦᠭᠡᠴᠢᠨ ︵ᠤᠳᠤ ᠰᠢᠨᠵᠢᠶᠠᠩ ᠪᠠ ᠬᠦᠬᠡᠨᠠᠭᠤᠷ ᠤᠨ ᠬᠤᠱᠤᠳ ᠳᠤᠳᠤᠷ᠎ᠠ ᠬᠦᠷᠦᠭᠡᠴᠢᠨ ᠬᠡᠬᠦ ᠨᠡᠷ᠎ᠡ ᠲᠠᠢ ᠬᠤᠰᠢᠭᠤ ᠰᠤᠮᠤ ᠪᠤᠢ᠃︶ ᠬᠡᠬᠦ ᠤᠳᠤᠭ ︵ᠲᠤᠬᠠᠢ ᠶᠢᠨ ᠦᠶ᠎ᠡ ᠶᠢᠨ ᠵᠠᠰᠠᠭ ᠵᠠᠬᠢᠷᠭᠠᠨ ᠤ ᠨᠢᠭᠡᠴᠡ︶᠂ ︵ᠰᠠᠷᠠᠩᠭᠡᠷᠡᠯ ᠦᠭᠦᠯᠡᠯ  ᠳᠤ ᠪᠠᠨ ᠬᠦᠷᠦᠭᠡᠴᠢᠨ ᠤᠪᠤᠭ ᠤᠨ ᠬᠦᠮᠦᠨ ᠬᠡᠵᠦ ᠲᠠᠰᠢᠶᠠᠷᠠᠭᠤᠯᠵᠠᠢ 【7】︶ ᠤᠨ ᠱᠠᠩᠭᠠᠰ ᠤᠪᠤᠭ ᠤᠨ ᠬᠦᠮᠦᠨ᠃ ᠪᠠᠭ᠎ᠠ ᠶᠢᠨ ᠨᠡᠷ᠎ᠡ ᠨᠢ ᠰᠢᠷᠠᠬᠠᠪᠤᠭ᠃ ᠬᠤᠱᠤᠳ ᠠᠶᠢᠮᠠᠭ ᠤᠨ ᠲᠤᠬᠠᠢ ᠰᠢ᠊᠂ ᠨᠤᠷᠪᠤ ᠠᠴᠠ᠄ ︽ᠬᠤᠱᠤᠳ ᠢᠵᠠᠭᠤᠷᠳᠠᠨ ᠪᠠ ᠲᠡᠬᠦᠨ ᠤ ᠨᠢᠭᠡ ᠬᠡᠰᠡᠭ ᠠᠯᠪᠠᠲᠦ ᠨᠠᠷ ᠨᠢ ᠦᠪᠦᠷ ᠮᠤᠩᠭᠤᠯ ᠤᠨ ᠵᠡᠭᠦᠨ ᠪᠠᠶ᠎ᠡ ᠳᠤ ᠪᠠᠶᠢᠬᠰᠠᠨ ᠤᠷᠢᠶᠠᠩᠬᠠᠢ ᠲᠦᠮᠡᠨ ᠤ ᠳᠤᠲᠤᠷ᠎ᠠ ᠪᠠᠭᠳᠠᠵᠦ᠂ ᠬᠤᠷᠴᠢᠨ᠂ ᠠᠷᠤ ᠬᠤᠷᠴᠢᠨ᠂ ᠲᠦᠷᠪᠡᠳ᠂ ᠵᠠᠯᠠᠶᠢᠳ᠂ ᠤᠷᠠᠠᠳ᠂ ᠮᠤᠤᠮᠢᠩᠭᠠᠨ ᠬᠡᠬᠦ ᠠᠶᠢᠮᠠᠭ ᠤᠳ ᠲᠠᠢ ᠬᠠᠮᠲᠦ ᠬᠢᠩᠭᠠᠨ ᠠᠭᠤᠯᠠ ᠶᠢᠨ ᠤᠷᠴᠢᠮ ᠭᠠᠵᠠᠷ ᠤᠳ ᠢᠶᠠᠷ ᠨᠤᠳᠤᠭᠯᠠᠵᠦ ᠪᠠᠶᠢᠵᠠᠢ᠃ ᠡᠳᠡᠭᠡᠷ ᠠᠶᠢᠮᠠᠭ ᠤᠨ ᠢᠵᠠᠭᠤᠷᠳᠠᠨ ᠴᠦᠮ ᠬᠠᠪᠤᠲᠦ ᠬᠠᠰᠠᠷ ᠤᠨ ᠬᠤᠶᠢᠴᠢᠰ ᠪᠤᠯᠬᠤ ᠲᠤᠯᠠ ᠪᠤᠷᠵᠢᠬᠢᠤᠨ ᠤᠪᠤᠭ ᠲᠠᠢ ᠶᠤᠮ᠃ ᠬᠠᠪᠤᠲᠦ ᠬᠠᠰᠠᠷ ᠤᠨ ᠨᠠᠶᠮᠠᠳᠤᠭᠠᠷ ᠦᠶ᠎ᠡ ᠶᠢᠨ ᠠᠷᠤᠭ ᠲᠡᠮᠦᠷ᠂ ᠦᠷᠦᠭ ᠲᠡᠮᠦᠷ ᠬᠡᠬᠦ ᠠᠬ᠎ᠠ ᠲᠡᠭᠦᠤ ᠬᠤᠶᠠᠷ ᠦᠪᠡᠷ ᠤᠨ ᠡᠴᠢᠭᠡ ᠠᠭᠰᠠᠬᠠᠯᠳᠠᠢ ᠨᠤᠶᠠᠨ ᠠᠴᠠ ᠦᠯᠡᠳᠡᠭᠰᠡᠨ ᠦᠮᠴᠢ ᠠᠯᠪᠠᠲᠦ ᠶᠢ ᠪᠤᠯᠢᠶᠠᠯᠳᠤᠨ ᠡᠪᠳᠡᠷᠡᠯ ᠭᠠᠷᠴᠠᠢ᠃ ᠦᠷᠦᠭ ᠲᠡᠮᠦᠷ ᠲᠤ ᠬᠤᠰᠢᠭᠤᠨ ᠪᠤᠯᠭᠠᠨ ᠤ ᠠᠳᠠᠭ ᠮᠠᠭᠤ ᠠᠯᠪᠠᠲᠦ ᠶᠢ ᠬᠤᠪᠢᠶᠠᠵᠦ ᠦᠭᠭᠦᠭᠰᠡᠨ ᠳᠤ᠂ ᠲᠡᠷᠡ ᠮᠠᠰᠢ ᠭᠤᠮᠤᠳᠠᠨ ᠠᠯᠪᠠᠲᠦ ᠨᠠᠷ ᠢᠶᠠᠨ ᠳᠠᠭᠠᠭᠤᠯᠤᠨ ᠠᠷᠪᠠᠨ ᠲᠠᠪᠤᠳᠤᠭᠠᠷ ᠵᠠᠭᠤᠨ ᠤ ᠭᠤᠴᠢᠭᠠᠳ ᠤᠨ ᠤ ᠦᠶ᠎ᠡ ᠪᠠᠷ ᠬᠠᠮᠤᠭ ᠮᠤᠩᠭᠤᠯ ᠢ ᠨᠢᠭᠡᠳᠬᠡᠨ ᠨᠤᠶᠠᠷᠬᠠᠵᠦ ᠪᠠᠶᠢᠭᠰᠠᠨ ᠦᠢᠷᠠᠳ ᠤᠨ ᠲᠤᠭᠤᠭᠠᠨ ᠲᠠᠶᠢᠱᠢ ᠶᠢ ᠲᠦᠰᠢᠬᠦ ᠪᠠᠷ ᠤᠴᠢᠵᠠᠢ᠃ ᠲᠤᠭᠤᠭᠠᠨ ᠲᠠᠶᠢᠱᠢ ᠲᠤᠩ ᠪᠠᠶᠠᠷᠯᠠᠵᠦ ᠦᠪᠡᠷ  ᠤᠨ ᠦᠬᠢᠨ ᠢᠶᠠᠨ ᠦᠷᠦᠭ ᠲᠡᠮᠦᠷ ᠲᠤ ᠦᠭᠴᠦ᠂ ᠤᠶᠢᠷᠠᠳ ᠠᠴᠠ ᠪᠠᠰᠠ ᠨᠢᠭᠡ ᠪᠦᠯᠦᠭ ᠠᠯᠪᠠᠲᠦ ᠶᠢ ᠲᠡᠬᠦᠨ ᠳᠤ ᠰᠠᠯᠭᠠᠵᠦ ᠦᠭᠴᠠᠢ᠃ ᠲᠡᠷᠡ ᠨᠢ ᠬᠤᠰᠢᠭᠤᠨ ᠬᠤᠰᠢᠭᠤᠨ ᠠᠴᠠ ᠴᠤᠭᠯᠠᠷᠠᠭᠰᠠᠨ ᠤᠴᠢᠷ ᠠᠴᠠ ︽ᠬᠤᠱᠤᠳ︾ ᠬᠡᠮᠡᠬᠦ ᠨᠡᠷ᠎ᠡ ᠦᠭᠴᠠᠢ᠃ ︵︽ᠴᠢᠩᠭᠢᠰ ᠤᠨ ᠲᠦᠷᠦ ᠶᠢ ᠪᠠᠷᠢᠭᠠᠳ ᠬᠠᠭᠠᠨ ᠦᠷᠭᠦᠭᠡ ᠳᠡᠳᠭᠦᠭᠰᠡᠨ ᠲᠡᠤᠭᠡ ᠲᠤᠳᠤ ᠭᠠᠷ ᠪᠢᠴᠢᠮᠡᠯ︾︶ ᠲᠡᠭᠦᠨ ᠠᠴᠠ ᠬᠤᠶᠢᠰᠢ ᠲᠦᠷᠪᠡᠨ ᠤᠶᠢᠷᠠᠳ ᠠᠴᠠ ᠤᠯᠠᠨ ᠬᠦᠮᠦᠨ ᠬᠤᠱᠤᠳ ᠲᠤ ᠰᠢᠩᠭᠡᠵᠠᠢ 【8】᠃︾ ᠬᠡᠵᠦ ᠲᠠᠯᠪᠤᠷᠢᠯᠠᠵᠦ ᠦᠭᠴᠠᠢ᠃ ᠽᠠᠶ᠎ᠠ ᠪᠠᠨᠳᠢᠳᠠ ᠶᠢᠨ ᠡᠪᠦᠭᠡ ᠨᠢ ᠲᠦᠷᠪᠡᠨ ᠤᠶᠢᠷᠠᠳ ᠲᠤ ᠶᠡᠭᠡ ᠰᠡᠴᠡᠨ ᠬᠡᠵᠦ ᠠᠯᠳᠠᠷᠰᠢᠭᠰᠠᠨ ᠬᠦᠩᠭᠦᠢ ᠵᠠᠶᠠᠭᠠᠴᠢ ᠬᠡᠬᠦ ᠬᠦᠮᠦᠨ᠃ ︽ᠬᠦᠩᠭᠦᠢ ᠵᠠᠶᠠᠭᠠᠴᠢ ᠬᠡᠵᠦ ᠲᠡᠭᠦᠨ ᠤ ᠨᠡᠷ᠎ᠡ ᠪᠢᠰᠢ᠂ ᠬᠠᠷᠢᠨ ᠴᠤᠯᠠ ᠨᠢ ᠪᠤᠯᠬᠤ ᠪᠠᠶᠢᠬ᠎ᠠ᠂᠂᠂᠂ ᠡᠨᠡ ᠬᠦᠩᠭᠦᠢ ᠵᠠᠶᠠᠭᠠᠴᠢ ᠶᠢᠨ ᠲᠤᠬᠠᠢ ᠲᠤᠮᠤᠭ ᠤᠳᠤ ᠰᠢᠨᠵᠢᠶᠠᠩ ᠤᠨ ᠬᠤᠱᠤᠳ ᠢᠶᠠᠷ ᠤᠯᠠᠨ ᠪᠤᠢ 【9】᠃︾ ᠬᠡᠳᠡᠭ᠃ ︽ᠰᠠᠷᠠᠨ ᠤ ᠬᠡᠷᠡᠯ︾ ᠳᠤ ︽ᠬᠦᠩᠬᠦᠢ ᠶᠢᠨ ᠤᠯᠠᠨ ᠬᠦᠪᠡᠬᠦᠨ ᠪᠤᠢ ᠠᠴᠠ ᠶᠡᠭᠡ ᠬᠦᠪᠡᠬᠦᠨ ᠢᠨᠤ ᠪᠠᠪᠠᠭ᠋ᠠᠨ ᠬᠡᠮᠡᠬᠦ ᠪᠤᠢ 【10】︾ ᠬᠡᠵᠦ ᠲᠡᠮᠳᠡᠭᠯᠡᠵᠦ ᠪᠠᠶᠢᠳᠠᠯ᠎ᠠ ᠰᠢ᠊᠂ ᠨᠤᠷᠪᠤ ᠶᠢᠨ ︽ᠪᠠᠪᠠᠭ᠋ᠠᠨ᠄ ᠡᠨᠡ ᠪᠣᠯ ᠲᠦᠷᠪᠡᠨ ᠤᠶᠢᠷᠠᠳ  ᠲᠤ ᠰᠡᠴᠡᠨ ᠬᠡᠵᠦ ᠠᠯᠳᠠᠷᠰᠢᠭᠰᠠᠨ ᠬᠦᠩᠭᠦᠢ ᠵᠠᠶᠠᠭᠠᠴᠢ ᠶᠢᠨ ᠲᠠᠪᠤᠳᠤᠭᠠᠷ ᠬᠦᠪᠡᠭᠦᠨ ᠮᠥᠨ ᠪᠦᠭᠡᠳ ᠽᠠᠶ᠎ᠠ ᠪᠠᠨᠳᠢᠳᠠ ᠶᠢᠨ ᠲᠦᠷᠦᠭᠰᠡᠨ ᠡᠴᠢᠭᠡ ᠪᠤᠯᠤᠨ᠎ᠠ 【11】᠃︾ ᠬᠡᠬᠦ ᠲᠠᠶᠢᠯᠪᠤᠷᠢ ᠲᠠᠰᠢᠶᠠᠷᠠᠵᠠᠢ᠃ ᠪᠠᠪᠠᠭ᠋ᠠᠨ 【12】 ᠳᠤ ᠨᠠᠶᠮᠠᠨ ᠬᠦᠤ ᠪᠠᠶᠢᠵᠦ ᠲᠠᠪᠤᠳᠤᠭᠠᠷ ᠬᠦᠤ ᠨᠢ ᠲᠠᠷᠤᠢ ᠽᠠᠶ᠎ᠠ ᠪᠠᠨᠳᠢᠳᠠ ᠮᠥᠨ᠃ ᠬᠤᠶᠠᠷ᠂ ᠽᠠᠶ᠎ᠠ ᠪᠠᠨᠳᠢᠳᠠ ᠰᠠᠬᠢᠯ ᠠᠪᠴᠦ ᠲᠤᠶᠢᠨ ᠪᠤᠯᠤᠭᠰᠠᠨ ᠽᠠᠶ᠎ᠠ ᠪᠠᠨᠳᠢᠳᠠ ᠰᠠᠬᠢᠯ ᠠᠪᠴᠦ ᠲᠤᠶᠢᠨ ᠪᠤᠯᠤᠭᠰᠠᠨ ᠨᠢ ᠲᠦᠷᠪᠡᠨ ᠤᠶᠢᠷᠠᠳ ᠤᠨ ᠰᠢᠷ᠎ᠠ ᠶᠢᠨ ᠱᠠᠰᠢᠨ ᠳᠤ ᠤᠷᠤᠭᠰᠠᠨ ᠲᠤᠮᠤ ᠦᠢᠯᠡ ᠭᠡᠷᠡᠭ ᠲᠠᠢ ᠰᠢᠭᠤᠳ ᠬᠤᠯᠪᠤᠭ᠎ᠠ ᠲᠠᠢ᠃ ᠲᠦᠷᠪᠡᠨ ᠤᠶᠢᠷᠠᠳ ᠰᠢᠷ᠎ᠠ ᠶᠢᠨ ᠱᠠᠰᠢᠨ ᠢ ᠬᠡᠵᠢᠶ᠎ᠡ ᠠᠴᠠ ᠡᠬᠢᠯᠡᠵᠦ ᠰᠢᠲᠦᠬᠦ ᠪᠤᠯᠤᠭᠰᠠᠨ ᠪᠤᠢ ᠬᠡᠬᠦ ᠠᠰᠠᠭᠤᠳᠠᠯ ᠮᠠᠳᠠᠭ ᠲᠠᠢ ᠪᠠᠶᠢᠨ᠎ᠠ᠃ ᠡᠨᠡ ᠲᠤᠬᠠᠢ ᠬᠤᠶᠠᠷ ᠵᠤᠶᠢᠯ ᠤᠨ ᠦᠵᠡᠯᠲᠡ ᠪᠠᠶᠢᠨ᠎ᠠ᠃ ᠨᠢᠭᠡ ᠨᠢ᠂ 1616 ᠤᠨ ᠳᠤ ᠤᠶᠢᠷᠠᠳ ᠤᠨ ᠹᠸᠥᠳᠠᠯ ᠤᠨ ᠨᠤᠶᠠᠳ ᠬᠦᠮᠦᠨ ᠪᠦᠷᠢ ᠨᠢᠵᠡᠭᠡᠳ ᠬᠦᠪᠡᠭᠦᠨ ᠢᠶᠠᠨ ᠭᠡᠷ ᠠᠴᠠ ᠭᠠᠷᠭᠠᠵᠦ ᠯᠠᠮᠠ ᠪᠤᠯᠭᠠᠭᠰᠠᠨ ᠠᠴᠠ ᠡᠭᠢᠯᠡᠵᠠᠢ ᠬᠡᠬᠦ ᠦᠵᠡᠯᠲᠡ᠂ ᠨᠦᠭᠦᠭᠡ ᠨᠢᠭᠡ ᠨᠢ᠂ 1616 ᠤᠨ ᠠᠴᠠ ᠡᠮᠦᠨ᠎ᠡ ᠤᠶᠢᠷᠠᠳ ᠲᠤ ᠰᠢᠷ᠎ᠠ ᠶᠢᠨ ᠱᠠᠰᠢᠨ ᠲᠡᠯᠭᠡᠷᠡᠵᠠᠢ 【13】 ᠬᠡᠬᠦ ᠦᠵᠡᠯᠲᠡ ᠪᠤᠯᠤᠨ᠎ᠠ᠃ ᠰᠤᠷᠪᠤᠯᠵᠢ ᠪᠢᠴᠢᠭ ᠢ ᠦᠨᠳᠦᠰᠦᠯᠡᠪᠡᠯ᠂ ᠤᠶᠢᠷᠠᠳ ᠤᠨ ᠹᠸᠥᠳᠠᠯ ᠤᠨ ᠨᠤᠶᠠᠳ ᠲᠤᠳᠤᠷ᠎ᠠ ᠠᠴᠠ ᠰᠢᠷ᠎ᠠ ᠶᠢᠨ ᠱᠠᠰᠢᠨ ᠢ ᠲᠡᠯᠭᠡᠷᠡᠭᠦᠯᠦᠭᠴᠢ ᠲᠠᠢ ᠬᠠᠮᠤᠭ ᠠᠩᠬ᠎ᠠ ᠬᠠᠷᠢᠴᠠᠭ᠎ᠠ ᠪᠠᠶᠢᠭᠤᠯᠵᠦ ᠱᠠᠰᠢᠨ ᠲᠡᠯᠭᠡᠷᠡᠭᠦᠯᠦᠭᠴᠢ ᠶᠢᠨ ᠡᠷᠭᠦᠮᠵᠢᠯᠡᠯ ᠢ ᠬᠦᠯᠢᠶᠡᠨ ᠠᠪᠤᠭᠰᠠᠨ ᠬᠦᠮᠦᠨ ᠪᠣᠯ ᠬᠤᠱᠤᠳ ᠤᠨ ᠨᠤᠶᠠᠨ ᠲᠦᠷᠦᠪᠠᠶᠢᠬᠤ ᠪᠤᠯᠤᠨ᠎ᠠ᠃ 1607 ᠤᠨ ᠳᠤ᠂ ᠬᠠᠯᠬ᠎ᠠ ᠪᠠ ᠤᠶᠢᠷᠠᠳ ᠤᠨ ᠬᠤᠭᠤᠷᠤᠨᠲᠦ ᠨᠢᠭᠡ ᠤᠳᠠᠭᠠᠨ ᠤ ᠲᠠᠶᠢᠨ ᠪᠤᠯᠤᠭᠰᠨ ᠪᠠ ᠡᠨᠡ ᠤᠳᠠᠭᠠᠨ ᠤ ᠲᠠᠶᠢᠨ ᠨᠢ ᠬᠤᠶᠠᠷ ᠠᠶᠢᠮᠠᠭ ᠤᠨ ᠠᠷᠠᠳ ᠲᠦᠮᠡᠨ ᠳᠤ ᠲᠤᠶᠢᠯ ᠤᠨ ᠶᠡᠭᠡ ᠠᠶᠤᠯ ᠵᠤᠪᠠᠯᠠᠩ ᠠᠪᠴᠢᠷᠠᠭᠰᠠᠨ ᠪᠠᠶᠢᠨ᠎ᠠ᠃ ᠡᠨᠡᠬᠦ ᠵᠠᠩᠭᠢᠯᠭ᠎ᠠ ᠶᠢᠨ ᠦᠶ᠎ᠡ ᠳᠤ᠂ ᠲᠦᠷᠦᠪᠠᠶᠢᠬᠤ ᠠᠴᠠ ᠠᠯᠢᠪᠠ ᠠᠶᠤᠯ ᠢ ᠬᠠᠶᠢᠬᠤᠷᠤᠯ ᠦᠭᠡᠢ ᠬᠠᠯᠬ᠎ᠠ ᠳᠤ ᠢᠷᠡᠵᠦ᠂ ᠡᠨᠡ ᠤᠳᠠᠭᠠᠨ ᠤ ᠲᠠᠶᠢᠨ ᠢ ᠡᠪᠰᠡᠭᠦᠯᠵᠦ᠂ ᠨᠠᠶᠢᠷᠠᠮᠳᠠᠯ ᠢ ᠠᠪᠴᠢᠷᠠᠵᠠᠢ ᠃ ᠡᠶᠢᠮᠦ ᠠᠴᠠ ᠬᠯᠠᠬ᠎ᠠ ᠶᠢᠨ ᠬᠠᠳ ᠨᠤᠶᠠᠳ ᠬᠢᠬᠡᠳ ᠰᠢᠷ᠎ᠠ ᠶᠢᠨ ᠱᠠᠰᠢᠨ ᠢ ᠲᠡᠯᠭᠡᠷᠡᠭᠦᠯᠦᠭᠴᠢ ᠲᠦᠩᠭᠦᠷ ᠨᠤᠮ  ᠤᠨ ᠬᠠᠭᠠᠨ ᠠᠴᠠ ᠲᠡᠭᠦᠨ ᠳᠤ ︽ᠬᠦᠥᠰᠢ ᠨᠤᠮ ᠤᠨ ᠬᠠᠭᠠᠨ︾ ᠬᠡᠬᠦ ᠴᠤᠯᠠ ᠤᠯᠭᠤᠵᠠᠢ᠃ ᠡᠬᠦᠨ ᠠᠴᠠ ᠦᠵᠡᠭᠦ  ᠳᠤ᠂ 1607 ᠤᠨ ᠳᠤ᠂ ᠲᠦᠩᠭᠦᠷ ᠮᠠᠠᠽᠤᠰᠢᠷᠢ ᠬᠤᠲᠤᠭᠲᠦ ᠠᠴᠠ ᠤᠶᠢᠷᠠᠳ ᠲᠤ ᠱᠠᠰᠢᠨ ᠲᠡᠯᠭᠡᠷᠡᠭᠦᠯᠬᠦ ᠠᠵᠢᠯ  ᠢᠶᠠᠨ ᠡᠬᠢᠯᠡᠨ ᠬᠢᠭᠰᠡᠨ ᠪᠠᠶᠢᠨ᠎ᠠ᠃ 1607 ᠤᠨ ᠤ ᠤᠷᠴᠢᠮ ᠢᠶᠠᠷ ᠤᠶᠢᠷᠠᠳ ᠲᠤ ᠡᠭᠦᠰᠦᠭᠰᠡᠨ ᠪᠠᠰᠠ ᠨᠢᠭᠡᠨ ᠴᠢᠬᠤᠯᠠ ᠶᠠᠪᠤᠳᠠᠯ ᠭᠡᠪᠡᠯ᠂ ᠲᠤᠷᠭᠤᠳ ᠤᠨ ᠮᠡᠷᠭᠡᠨ ᠲᠡᠮᠡᠨ᠎ᠡ ᠬᠦᠪᠡᠭᠦᠨ ᠢᠶᠠᠨ ᠲᠤᠶᠢᠨ ᠪᠤᠯᠭᠠᠭᠰᠠᠨ ᠶᠠᠪᠤᠳᠠᠯ ᠪᠤᠯᠤᠨ᠎ᠠ᠃ ᠵᠠᠷᠢᠮ ᠡᠷᠲᠡᠮᠲᠡᠨ ︽ᠲᠤᠷᠭᠤᠳ ᠠᠶᠢᠮᠠᠭ ᠤᠨ ᠮᠡᠷᠭᠡᠨ ᠲᠡᠮᠡᠨ᠎ᠡ ᠪᠣᠯ ᠬᠠᠮᠤᠭ ᠠᠩᠬ᠎ᠠ ᠪᠤᠷᠬᠠᠨᠨ ᠱᠠᠰᠢᠨ ᠰᠢᠲᠦᠬᠦ ᠶᠠᠪᠤᠳᠠᠯ ᠢ ᠲᠤᠷᠠᠳᠴᠦ ᠭᠠᠷᠭᠠᠭᠰᠠᠨ ᠬᠦᠮᠦᠨ ᠮᠥᠨ 【14】︾ ᠬᠡᠵᠠᠢ᠃ ᠲᠡᠭᠦᠨ ᠤ ᠡᠨᠡᠬᠦ ᠲᠤᠶᠢᠨ ᠪᠤᠯᠭᠠᠭᠰᠠᠨ ᠭᠦᠪᠡᠭᠦᠨ ᠨᠢ ᠬᠤᠵᠢᠮ ᠨᠢ ᠵᠠᠭᠦᠨ ᠮᠤᠩᠭᠤᠯ ᠳᠤ ᠱᠠᠰᠢᠨ ᠲᠡᠯᠭᠡᠷᠡᠭᠦᠯᠬᠦ ᠳᠤ ᠴᠢᠬᠤᠯᠠ ᠦᠢᠯᠡᠲᠦᠯ ᠦᠵᠡᠭᠦᠯᠦᠭᠰᠡᠨ ᠨᠡᠶᠢᠴᠢ ᠲᠤᠶᠢᠨ ᠪᠤᠯᠤᠨ᠎ᠠ᠃ ᠮᠦᠨ ᠴᠦ 1607 ᠤᠨ ᠤ ᠤᠷᠴᠢᠮ ᠢᠶᠠᠷ ᠨᠢᠭᠡᠨ ᠤᠶᠢᠷᠠᠳ ᠬᠦᠮᠦᠨ᠂ ᠲᠦᠪᠡᠳ ᠤᠨ ᠯᠾᠠᠰᠠ ᠳᠤ ᠲᠠᠯᠠᠢ ᠯᠠᠮᠠ ᠠᠴᠠ ᠪᠤᠷᠬᠠᠨ ᠤ ᠨᠤᠮ ᠠᠪᠬᠤ ᠪᠠᠷ ᠬᠦᠷᠦᠭᠰᠡᠨ ᠲᠤᠬᠠᠢ ᠲᠡᠮᠳᠡᠭᠯᠡᠯ ᠪᠤᠢ 【15】᠃ ᠬᠡᠬᠦ ᠳᠡᠭᠡᠨ ︽ᠤᠶᠢᠷᠠᠳ ᠤᠨ ᠨᠤᠶᠠᠳ ᠴᠠᠭᠠᠨ ᠨᠤᠮ ᠤᠨ ᠬᠠᠭᠠᠨ ᠢ ᠵᠠᠯᠠᠵᠦ ᠤᠶᠢᠷᠠᠳ ᠲᠤ ᠡᠬᠡ ᠦᠰᠦᠭ ᠵᠢᠭᠠᠯᠭᠠᠭᠰᠠᠨ ᠤ ᠬᠠᠮᠲᠦ ᠬᠦᠮᠦ ᠲᠤᠮᠢᠯᠠᠨ ᠭᠠᠰ᠂ ᠪᠠᠷᠬᠦ᠋ᠯ ᠢᠶᠠᠷ ᠲᠦᠪᠡᠳ ᠲᠤ ᠤᠷᠤᠬᠤ ᠵᠠᠮ ᠨᠡᠭᠡᠭᠡᠯᠭᠡᠪᠡ 【16】︾ ᠬᠡᠵᠦ ᠲᠡᠮᠲᠡᠭᠯᠡᠵᠦ ᠪᠠᠶᠢᠨ᠎ᠠ᠃ ᠡᠶᠢᠨᠬᠦ ᠴᠠᠭᠠᠨ ᠨᠤᠮ ᠤᠨ ᠬᠠᠭᠠᠨ ᠤ ᠱᠠᠰᠢᠨ ᠲᠡᠯᠬᠡᠷᠡᠬᠦᠯᠬᠦ ᠠᠵᠢᠯᠯᠠᠭ᠎ᠠ ᠮᠠᠰᠢ ᠤᠷᠤᠭᠰᠢᠲᠠᠢ ᠶᠠᠪᠤᠭᠲᠠᠨ ᠪᠠᠶᠢᠪᠠᠭᠠᠰ ᠬᠠᠨ ᠴᠠᠭᠠᠨ ᠨᠤᠮ ᠤᠨ ᠬᠠᠭᠠᠨ ᠤ ᠪᠤᠷᠬᠠᠨ ᠤ ᠨᠤᠮ ᠤᠨ ᠲᠠᠶᠢᠯᠤᠮᠵᠢ ᠶᠢ ᠤᠯᠠᠨᠲᠠ ᠰᠤᠨᠤᠰᠪᠠ᠃ ᠲᠡᠭᠡᠭᠡᠳ ᠪᠠᠶᠢᠪᠠᠭᠠᠰ ᠶᠢᠷᠲᠢᠨᠴᠦ ᠲᠡᠯᠡᠬᠡᠢ ᠴᠦᠮ ᠬᠡᠢ ᠬᠤᠭᠤᠰᠤᠨ᠂ ᠦᠪᠡᠷ ᠤᠨ ᠠᠮᠢ ᠨᠠᠰᠤᠨ ᠨᠢ ᠴᠦ ᠡᠭᠦᠷᠢᠲᠡ ᠶᠢᠨ ᠪᠤᠰᠤ ᠬᠡᠵᠦ ᠰᠠᠨᠠᠭᠳᠠᠭᠰᠠᠨ ᠤᠴᠢᠷ ᠲᠤᠶᠢᠨ ᠪᠤᠯᠬᠤ ᠪᠠᠷ ᠵᠤᠷᠢᠭ ᠪᠠᠷᠢᠵᠠᠢ᠃ ᠲᠡᠷᠡ ᠡᠨᠡ ᠪᠤᠳᠤᠯ ᠢᠶᠠᠨ ᠤᠶᠢᠷᠠᠳ ᠤᠨ ᠨᠤᠶᠠᠳ ᠲᠤ ᠵᠠᠷᠯᠠᠭᠰᠠᠨ ᠳᠤ᠂ ᠬᠦᠮᠦᠰ ᠴᠦᠮ ᠤᠶᠢᠷᠠᠳ ᠤᠨ ᠵᠢᠯᠤᠭᠤ ᠪᠠᠶᠢᠪᠠᠭᠠᠰ ᠤᠨ ᠭᠠᠷ ᠲᠤ ᠪᠠᠶᠢᠨ᠎ᠠ ᠬᠡᠵᠠᠢ᠃ ᠡᠨᠡ ᠨᠢ ᠤᠶᠢᠷᠠᠳ ᠲᠤ ᠪᠠᠶᠢᠪᠠᠭᠠᠰ  ᠤᠨ ᠤᠲᠤᠷᠢᠳᠤᠯᠭ᠎ᠠ ᠪᠠᠶᠢᠬᠤ ᠴᠢᠬᠤᠯᠲᠠᠢ ᠬᠡᠰᠡᠨ ᠦᠭᠡ ᠶᠤᠮ᠃ ᠴᠢᠩᠭᠢᠭᠡᠳ ᠤᠯᠠᠨ ᠢᠶᠠᠷ ᠢᠶᠠᠨ ᠴᠠᠭᠠᠨ ᠨᠤᠮ ᠤᠨ ᠬᠠᠭᠠᠨ ᠠᠴᠠ᠄ ᠨᠢᠭᠡ ᠬᠦᠮᠦᠨ ᠲᠤᠶᠢᠨ ᠪᠤᠯᠪᠠᠯ ᠪᠤᠶᠠᠨ ᠶᠡᠭᠡ ᠤᠤ᠂ ᠡᠰᠡᠪᠡᠯ ᠪᠢᠲᠡ ᠲᠤᠰ ᠲᠤᠰ ᠨᠢᠭᠡ ᠬᠦᠪᠡᠬᠦᠨ  ᠢᠶᠠᠨ ᠭᠠᠷᠭᠠᠵᠦ ᠲᠤᠶᠢᠨ ᠪᠤᠯᠭᠠᠪᠠᠯ ᠪᠤᠶᠠᠨ ᠶᠡᠭᠡ ᠤᠤ ᠬᠡᠵᠦ ᠠᠰᠠᠭᠤᠭᠰᠠᠨ ᠳᠤ᠂ ᠴᠠᠭᠠᠨ ᠨᠤᠮ ᠤᠨ ᠬᠠᠭᠠᠨ ᠤᠯᠠᠨ ᠬᠦᠮᠦᠨ ᠲᠤᠶᠢᠨ ᠪᠤᠯᠪᠠᠯ ᠪᠤᠶᠠᠨ ᠶᠡᠭᠡ ᠬᠡᠵᠦ ᠬᠠᠷᠢᠭᠤᠯᠵᠠᠢ᠃ ᠡᠭᠦᠨ ᠤ ᠳ᠋ᠦᠩ ᠳᠤ ᠲᠠᠯᠠᠢ ᠲᠠᠶᠢᠱᠢ᠂ ᠬᠠᠷ᠎ᠠ ᠬᠤᠯᠠᠨ᠂ ᠬᠤ᠂ ᠦᠷᠯᠦᠭ᠂ ᠯᠤᠪᠰᠠᠩ᠂ ᠬᠦᠨᠳᠡᠯᠡᠩ ᠤᠪᠠᠰᠢ᠂ ᠴᠦᠬᠦᠷ ᠵᠡᠷᠭᠡ ᠬᠦᠮᠦᠨ ᠲᠤᠰ ᠲᠤᠰ ᠨᠢᠭᠡ ᠬᠦᠪᠡᠭᠦᠨ ᠢᠶᠠᠨ ᠭᠠᠷᠭᠠᠵᠦ ᠲᠤᠶᠢᠨ ᠪᠤᠯᠭᠠᠪᠠ᠃ ᠡᠶᠢᠨᠬᠦ 1616 ᠤᠨ ︵1615 ᠤᠨ 【17】︶ ᠳᠤ ᠲᠦᠷᠪᠡᠨ ᠤᠶᠢᠷᠠᠳ ᠤᠨ ᠴᠢᠭᠤᠯᠭᠠᠨ ᠡᠵᠡᠨ ᠪᠠᠶᠢᠪᠠᠭᠠᠰ ᠬᠠᠨ ᠢᠶᠠᠷ ᠴᠠᠭᠠᠨ ᠨᠤᠮ ᠤᠨ ᠬᠠᠭᠠᠨ ᠢ ᠵᠠᠯᠠᠵᠦ ᠲᠦᠷᠪᠡᠨ ᠤᠶᠢᠷᠠᠳ ᠤᠨ ᠬᠤᠯᠪᠤᠭ᠎ᠠ ᠶᠢ ᠤᠳᠤᠷᠢᠳᠤᠨ ᠰᠢᠷ᠎ᠠ ᠶᠢᠨ ᠱᠠᠰᠢᠨ ᠢ ᠵᠢᠩᠭᠢᠨᠢ ᠪᠠᠷ ᠬᠦᠯᠢᠶᠡᠨ ᠠᠪᠴᠠᠢ᠃ ᠲᠦᠷᠪᠡᠨ ᠤᠶᠢᠷᠠᠳ ᠤᠨ ᠱᠠᠰᠢᠨ ᠲᠦᠷᠦ ᠶᠢᠨ ᠶᠡᠭᠡ ᠦᠢᠯᠡ ᠳᠤ ᠬᠤᠯᠪᠤᠭᠳᠠᠭᠰᠠᠨ ᠲᠡᠷᠡ ᠶᠡᠭᠡ ᠴᠢᠭᠤᠯᠭᠠᠨ ᠲᠡᠭᠡᠷ᠎ᠡ ᠽᠠᠶ᠎ᠠ ᠪᠠᠨᠳᠢᠳᠠ ᠪᠠᠶᠢᠪᠠᠭᠠᠰ ᠬᠠᠨ ᠤ ᠦᠷ᠎ᠡ ᠶᠢᠨ ᠡᠮᠦᠨ᠎ᠡ ᠠᠴᠠ ᠲᠤᠶᠢᠨ ᠪᠤᠯᠵᠦ ᠮᠠᠠᠽᠤᠰᠢᠷᠢ ᠬᠤᠳᠤᠭᠲᠦ ᠠᠴᠠ ᠠᠷᠪᠠᠨ ᠲᠤᠯᠤᠭᠠᠲᠠᠢ ᠳᠠᠭᠠᠨ ᠰᠠᠬᠢᠯ ᠠᠪᠤᠭᠰᠠᠨ ᠪᠠᠶᠢᠨ᠎ᠠ᠃ ᠲᠡᠶᠢᠮᠦ ᠠᠴᠠ ᠽᠠᠶ᠎ᠠ ᠪᠠᠨᠳᠢᠳᠠ ᠶᠢᠨ ᠭᠡᠷ ᠠᠴᠠ ᠭᠠᠷᠴᠦ ᠲᠤᠶᠢᠨ ᠪᠤᠯᠤᠭᠰᠠᠨ ᠨᠢ ᠲᠦᠷᠪᠡᠨ ᠤᠶᠢᠷᠠᠳ ᠤᠨ ᠰᠢᠷ᠎ᠠ ᠶᠢᠨ ᠱᠠᠰᠢᠨ ᠢ ᠨᠡᠶᠢᠲᠡ ᠪᠠᠷ ᠬᠦᠯᠢᠶᠡᠨ ᠠᠪᠤᠭᠰᠠᠨ ᠠᠤᠭ᠎ᠠ ᠶᠡᠭᠡ ᠦᠢᠯᠡᠰ ᠲᠠᠢ ᠰᠢᠭᠤᠳ ᠬᠤᠯᠪᠤᠭ᠎ᠠ ᠲᠠᠢ᠃ ᠲᠦᠷᠪᠡᠨ ᠤᠶᠢᠷᠠᠳ ᠤᠨ ᠨᠤᠶᠠᠳ ᠦᠪᠡᠷ ᠤᠨ ᠬᠦᠪᠡᠭᠦᠳ ᠢᠶᠠᠨ ᠪᠠᠨᠳᠢ ᠪᠤᠯᠭᠠᠵᠦ ᠪᠠᠶᠢᠭ᠎ᠠ ᠨᠢ ᠭᠠᠭᠴᠠ ᠲᠦᠷᠪᠡᠨ ᠤᠶᠢᠷᠠᠳ ᠰᠢᠷ᠎ᠠ ᠶᠢᠨ ᠱᠠᠰᠢᠨ ᠳᠤ ᠤᠷᠦᠬᠤ  ᠳᠤ ᠯᠠ ᠦᠢᠯᠡᠲᠦᠭᠰᠡᠨ ᠵᠦᠢᠯ ᠤᠭᠲᠦ ᠪᠢᠰᠢ᠂ ᠬᠠᠷᠢᠨ ᠲᠤᠬᠠᠢ ᠶᠢᠨ ᠦᠶ᠎ᠡ ᠳᠤ ᠮᠤᠩᠭᠤᠯ ᠤᠨ ᠢᠵᠠᠭᠤᠷᠳᠠᠳ  ᠠᠴᠠ ᠮᠤᠩᠭᠤᠯ ᠪᠠ ᠰᠢᠷ᠎ᠠ ᠶᠢᠨ ᠱᠠᠰᠢᠨ ᠤ ᠪᠠᠷᠢᠯᠲᠤᠯᠭ᠎ᠠ ᠶᠢ ᠤᠯᠠᠮ ᠪᠠᠲᠤᠳᠬᠠᠬᠤ ᠶᠢᠨ ᠲᠦᠯᠦᠭᠡ ᠬᠢᠵᠦ ᠪᠠᠶᠢᠭᠰᠠᠨ ᠴᠢᠬᠤᠯᠠ ᠨᠢᠬᠡᠨ ᠵᠢᠷᠤᠮ ᠪᠠᠶᠢᠭᠰᠠᠨ ᠬᠡᠵᠦ ᠦᠵᠡᠵᠦ ᠪᠤᠯᠤᠨ᠎ᠠ᠃ ᠽᠠᠶ᠎ᠠ ᠪᠠᠨᠳᠢᠳᠠ ᠪᠠᠨᠳᠢ ᠪᠤᠯᠤᠭᠰᠠᠨ ᠨᠢ ᠲᠦᠷᠪᠡᠨ ᠤᠶᠢᠷᠠᠳ ᠤᠨ ᠨᠤᠶᠠᠳ ᠰᠢᠷ᠎ᠠ ᠶᠢᠨ ᠱᠠᠰᠢᠨ ᠢ ᠬᠦᠯᠢᠶᠠᠨ ᠠᠪᠤᠭᠰᠠᠨ ᠦᠢᠯᠡᠰ ᠲᠠᠢ ᠬᠤᠯᠪᠤᠭᠲᠠᠬᠤ ᠠᠴᠠ ᠪᠢᠰᠢ ᠪᠠᠶᠢᠪᠠᠭᠠᠰ ᠬᠠᠨ ᠤ ᠲᠤᠶᠢᠨ ᠪᠤᠯᠬᠤ ᠭᠡᠰᠡᠨ ᠠᠴᠠ ᠪᠤᠯᠤᠭᠰᠠᠨ ᠪᠢᠰᠢ ᠶᠤᠮ᠃ ᠭᠤᠷᠪᠠ᠂ ᠽᠠᠶ᠎ᠠ ᠪᠠᠨᠳᠢᠳᠠ ᠲᠦᠪᠡᠳ ᠲᠤ ᠤᠴᠢᠭᠰᠠᠨ ᠵᠢᠴᠢ ᠲᠦᠪᠡᠳ ᠲᠤ ᠰᠤᠷᠤᠯᠴᠠᠵᠦ ᠠᠵᠯᠯᠠᠭᠰᠠᠨ ᠪᠠᠶᠢᠳᠠᠯ ᠽᠠᠶ᠎ᠠ ᠪᠠᠨᠳᠢᠳᠠ ᠮᠠᠨᠽᠤᠰᠢᠷᠢ ᠬᠤᠲᠤᠭᠲᠦ ᠠᠴᠠ ᠰᠠᠬᠢᠯ ᠠᠪᠤᠭᠰᠠᠨ ᠤ ᠲᠠᠷᠠᠭ᠎ᠠ᠂ ᠪᠤᠲᠠᠲᠠᠢ ᠪᠠᠷ ᠬᠡᠯᠡᠪᠡᠯ 1616 ᠤᠨ ᠳᠤ ᠤᠶᠢᠷᠠᠳ ᠤᠨ ᠨᠤᠲᠤᠭ ᠠᠴᠠ ᠬᠦᠬᠡᠨᠠᠭᠤᠷ ᠲᠤ ᠬᠦᠷᠦᠭᠰᠡᠨ ᠪᠦᠭᠡᠳ 1617 ᠤᠨ ᠳᠤ ᠲᠦᠪᠡᠳ ᠲᠤ ᠬᠦᠷᠴᠠᠢ᠃ ᠲᠦᠪᠡᠳ ᠲᠤ ᠬᠦᠷᠦᠭᠰᠡᠨ ᠤ ᠲᠠᠷᠠᠭ᠎ᠠ ᠳ᠋ᠢᠪᠠ ᠶᠢᠨ ᠲᠡᠷᠭᠡᠲᠡ ᠲᠦᠷ ᠴᠠᠭ ᠪᠠᠷ᠎ᠠ ᠪᠤᠯᠵᠦ ᠲᠠᠷᠠᠭ᠎ᠠ ᠨᠢ ᠴᠤᠭᠲᠦ ᠪᠡᠷᠡᠶᠢᠪᠤᠩ ᠬᠡᠶᠢᠳ ᠲᠤ ᠤᠷᠤᠵᠦ ᠨᠤᠮ ᠰᠤᠷᠴᠠᠢ᠃ ᠲᠡᠷᠡ ᠨᠤᠮ ᠰᠤᠷᠬᠤ ᠳᠠᠭᠠᠨ ᠮᠡᠷᠭᠡᠨ ᠪᠠᠶᠢᠵᠦ ᠤᠯᠠᠨ  ᠤ ᠠᠩᠬᠠᠷᠤᠯ ᠢ ᠲᠠᠲᠠᠵᠦ ᠪᠠᠶᠢᠭᠰᠠᠨ ᠪᠦᠭᠡᠳ ᠵᠤᠤ ᠶᠢᠨ ᠷᠠᠪᠵᠠᠮᠪᠠ ᠪᠤᠯᠬᠤ ᠳᠠᠭᠠᠨ ᠨᠢᠭᠡ ᠴᠦ ᠦᠭᠡ ᠠᠯᠳᠠᠭᠰᠠᠨ ᠦᠭᠡᠢ ᠲᠤᠯᠠ ᠠᠯᠲᠠᠷ ᠨᠡᠷ᠎ᠡ ᠲᠠᠭᠤᠷᠢᠰᠴᠠᠢ᠃ ︽ᠽᠠᠨᠢᠳ ᠲᠤ ᠠᠷᠪᠠᠨ ᠵᠢᠯ ᠪᠤᠯᠤᠭᠠᠳ︾ ᠬᠡᠵᠦ ᠪᠤᠢ ᠠᠴᠠ ᠦᠵᠡᠭᠦ ᠳᠤ ᠲᠡᠭᠦᠨ ᠤ ᠷᠠᠪᠵᠠᠮᠪᠠ ᠴᠤᠯᠠ ᠠᠪᠤᠭᠰᠠᠨ ᠨᠢ ᠪᠠᠷᠤᠭ 1627 ᠤᠨ ᠤ ᠤᠷᠴᠢᠮ ᠪᠤᠯᠤᠯᠲᠠᠢ 【18】᠃ ᠽᠠᠶ᠎ᠠ ᠪᠠᠨᠳᠢᠳᠠ ᠷᠠᠪᠵᠠᠮᠪᠠ ᠪᠤᠯᠤᠭᠰᠠᠨ ᠤ ᠲᠠᠷᠠᠭ᠎ᠠ ᠠᠭᠪᠠ ᠳ᠋ᠠᠴᠠᠩ ᠤᠨ ᠪᠯᠠᠮ᠎ᠠ ᠪᠤᠯᠤᠭᠰᠠᠨ ᠪᠦᠭᠡᠳ 1638 ᠤᠨ ᠤ 3 ᠰᠠᠷ᠎ᠠ ᠶᠢᠨ 5 ᠳᠤ ᠤᠶᠢᠷᠠᠳ ᠲᠠᠭᠠᠨ ᠪᠤᠴᠠᠬᠤ ᠶᠢᠨ ᠢᠶᠠᠨ ᠡᠮᠦᠨᠡᠭᠡᠨ ᠲᠠᠪᠤᠳᠤᠭᠠᠷ ᠲᠠᠯᠠᠢ ᠯᠠᠮᠠ ᠠᠷᠪᠠ ᠶᠢᠰᠦᠨ ᠨᠠᠰᠤᠲᠠᠢ ᠳᠠᠭᠠᠨ ᠲᠦᠷᠪᠡᠲᠦᠭᠡᠷ ᠪᠠᠨᠴᠢᠨ ᠡᠷᠳᠡᠨᠢ ᠠᠴᠠ ᠰᠠᠬᠢᠯ ᠠᠪᠬᠤ ᠦᠶ᠎ᠡ ᠳᠤ ᠦᠢᠯᠡ ᠶᠢᠨ ᠰᠠᠭᠤᠳᠠᠯ ᠤᠨ ᠨᠢᠭᠡ ᠭᠡᠯᠦᠩ ᠢᠶᠠᠷ ᠤᠷᠤᠯᠴᠠᠵᠠᠢ᠃ ᠡᠭᠦᠨ ᠳᠤ ︽ᠲᠠᠪᠤᠳᠤᠭᠠᠷ ᠲᠠᠯᠠᠢ ᠯᠠᠮᠠ ᠶᠢᠨ ᠨᠠᠮᠲᠠᠷ︾ ᠲᠤ ᠪᠠᠰᠠ ︽ᠲᠠᠷᠨᠢᠴᠢ ᠰᠤᠷᠭᠠᠯ ︵ᠠᠭᠪᠠ︶ ᠤᠨ ᠪᠠᠭᠰᠢ ᠴᠡᠴᠡᠨ ᠨᠠᠮᠺᠠᠶᠢᠵᠠᠮᠰᠤ︾ ᠬᠡᠵᠦ ᠲᠡᠮᠲᠡᠭᠯᠡᠵᠦ ᠪᠠᠶᠢᠬᠤ ᠠᠴᠠ ᠦᠵᠡᠬᠦ ᠳᠤ ᠽᠠᠶ᠎ᠠ ᠪᠠᠨᠳᠢᠳᠠ 1638 ᠤᠨ ᠳᠤ ᠤᠶᠢᠷᠠᠳ ᠲᠠᠭᠠᠨ ᠪᠤᠴᠠᠬᠤ ᠪᠤᠯᠲᠠᠯ᠎ᠠ ᠠᠭᠪᠠ ᠳ᠋ᠠᠴᠠᠩ ᠳᠤ ᠲᠠᠷᠨᠢ ᠤᠪᠠᠳᠢᠰ ᠤᠨ ᠪᠠᠭᠰᠢ ᠪᠤᠯᠤᠨ ᠰᠠᠭᠤᠵᠦ ᠪᠠᠶᠢᠭᠰᠠᠨ ᠬᠡᠳᠡᠭ ᠨᠢ ᠲᠤᠳᠤᠷᠬᠠᠢ ᠪᠠᠶᠢᠨ᠎ᠠ᠂ ᠲᠡᠷᠡ ᠪᠠᠰᠠ ᠵᠢᠪᠽᠠᠩ ᠳ᠋ᠠᠴᠠᠩ ᠤᠨ ᠪᠯᠠᠮ᠎ᠠ ᠪᠤᠯᠵᠦ ᠶᠠᠪᠤᠵᠠᠢ᠃ ᠠᠭᠪᠠ ᠳ᠋ᠠᠴᠠᠩ ᠪᠣᠯ ᠭᠤᠤᠯᠲᠠᠭᠤ ᠲᠠᠷᠨᠢᠳᠠᠬᠤ᠂ ᠵᠤᠳ ᠪᠠᠷᠢᠬᠤ᠂ ᠰᠢᠭᠤᠷᠭᠠᠨ ᠵᠤᠭᠰᠤᠭᠠᠬᠤ᠂ ᠴᠤᠶᠢᠵᠠᠩ ᠪᠠᠭᠤᠯᠭᠠᠬᠤ ᠵᠡᠷᠭᠡ ᠲᠠᠷᠨᠢᠳᠠᠬᠤ ᠤᠪᠠᠳᠢᠰ ᠰᠤᠷᠭᠠᠳᠠᠭ ᠬᠡᠶᠢᠳ ᠶᠤᠮ᠃ ᠲᠡᠶᠢᠮᠦ ᠠᠴᠠ ᠽᠠᠶ᠎ᠠ ᠪᠠᠨᠳᠢᠳᠠ ᠪᠤᠷᠬᠠᠨ ᠱᠠᠰᠢᠨ ᠤ ᠲᠠᠷᠨᠢ ᠤᠪᠠᠳᠢᠰ ᠤᠨ ᠤᠬᠠᠭᠠᠨ ᠳᠤ ᠨᠡᠪᠲᠡᠷᠡᠭᠰᠡᠨ ᠬᠦᠮᠦᠨ ᠪᠠᠶᠢᠭ᠎ᠠ ᠶᠤᠮ᠃ 1622 ᠤᠨ ᠤ ᠦᠶ᠎ᠡ ᠳᠤ ᠽᠠᠶ᠎ᠠ ᠪᠠᠨᠳᠢᠳᠠ ᠶᠢ ᠪᠠᠰᠠ ︽ᠴᠡᠴᠡᠨ ᠤᠮᠪᠤ︾ ᠬᠡᠳᠡᠭ ᠪᠠᠶᠢᠵᠠᠢ᠃ ︽ᠤᠮᠪᠤ︾ ᠬᠡᠳᠡᠭ ᠦᠭᠡ ᠲᠦᠪᠡᠳ ᠬᠡᠯᠡᠨ ᠲᠡᠭᠡᠷ᠎ᠡ ︽ᠪᠤᠮᠪᠤ︾ ᠬᠡᠳᠡᠭ ᠤᠳᠬ᠎ᠠ ᠲᠠᠢ ᠪᠦᠭᠡᠳ ᠰᠢᠷ᠎ᠠ ᠶᠢᠨ ᠱᠠᠰᠢᠨ ᠤ ᠰᠦᠮ᠎ᠡ ᠬᠡᠶᠢᠳ ᠤᠨ ᠰᠠᠯᠪᠤᠷᠢ ᠰᠠᠩ ᠤᠨ ᠬᠠᠷᠢᠭᠤᠴᠠᠯᠭᠠᠲᠠᠨ ᠢ ᠵᠢᠭᠠᠳᠠᠭ ᠲᠤᠰᠢᠶᠠᠯ ᠪᠤᠯᠤᠨ᠎ᠠ᠃ ᠲᠡᠶᠢᠮᠦ ᠠᠴᠠ ᠲᠤᠬᠠᠢ ᠶᠢᠨ ᠦᠶ᠎ᠡ ᠳᠤ ᠽᠠᠶ᠎ᠠ ᠪᠠᠨᠳᠢᠳᠠ ᠪᠡᠷᠡᠶᠢᠪᠤᠩ ᠬᠡᠶᠢᠳ ᠤᠨ ᠰᠠᠩ ᠤᠨ ᠤᠮᠪᠤ ᠪᠠᠶᠢᠭᠰᠡᠨ ᠶᠤᠮ ᠪᠠᠶᠢᠨ᠎ᠠ᠃ ᠲᠦᠷᠪᠡ᠂ ᠽᠠᠶ᠎ᠠ ᠪᠠᠨᠳᠢᠳᠠ ᠤᠶᠢᠷᠠᠳ ᠨᠤᠳᠤᠭ ᠲᠤ ᠪᠠᠨ ᠪᠤᠴᠠᠭᠰᠠᠨ ᠰᠢᠯᠳᠠᠭᠠᠨ 1616 ᠤᠨ ᠳᠤ᠂ ᠲᠦᠷᠪᠡᠨ ᠤᠶᠢᠷᠠᠳ ᠤᠨ ᠠᠬᠠᠯᠠᠭᠴᠢ ᠪᠠᠶᠢᠭᠰᠠᠨ ᠪᠠᠶᠢᠪᠠᠭᠠᠰ ᠬᠠᠨ ᠳᠤ ᠦᠷᠡᠴᠢᠯᠡᠭᠳᠡᠵᠦ ᠲᠤᠶᠢᠨ ᠪᠤᠯᠵᠦ ᠪᠠᠷᠠᠭᠤᠨ ᠵᠤᠤ ᠳᠤ ᠶᠠᠪᠤᠵᠠᠢ᠃ ᠡᠨᠡ ᠲᠤᠬᠠᠢ ︽ᠰᠠᠷᠠᠨ ᠤ ᠭᠡᠷᠡᠯ︾ ᠵᠡᠷᠭᠡ ᠰᠤᠷᠪᠤᠯᠵᠢ ᠪᠢᠴᠢᠭ  ᠲᠤ ︽ᠤᠯᠠᠭᠠᠨ ᠯᠤᠤ ᠵᠢᠯ︾ ︵1616 ᠣᠨ︶ ᠨᠤᠳᠤᠭ ᠠᠴᠠ ᠭᠠᠷᠤᠨ ᠬᠦᠬᠡᠨᠠᠭᠤᠷ ᠢ ᠳᠠᠮᠵᠢᠨ᠂ ᠪᠠᠷᠠᠭᠤᠨᠰᠢ ᠠᠶᠠᠯᠠᠭᠠᠳ᠂ ᠮᠤᠭᠠᠢ ᠵᠢᠯ ᠲᠦᠪᠡᠳ ᠲᠤ ᠬᠦᠷᠦᠭᠰᠡᠨ ᠬᠡᠵᠦ ᠲᠤᠳᠤᠷᠬᠠᠢ ᠲᠡᠮᠳᠡᠭᠯᠡᠵᠦ ᠪᠠᠶᠢᠨ᠎ᠠ 【19】᠃ ᠽᠠᠶ᠎ᠠ ᠪᠠᠨᠳᠢᠳᠠ ᠪᠠᠷᠠᠭᠤᠨ ᠲᠦᠪᠡᠳ ᠲᠤ ᠬᠤᠷᠢᠨ ᠬᠤᠶᠠᠷ ᠵᠢᠯ ᠠᠮᠢᠳᠤᠷᠠᠵᠦ ᠰᠤᠷᠤᠯᠴᠠᠨ᠂ 1638 ᠤᠨ ᠳᠤ ᠤᠶᠢᠷᠠᠳ ᠨᠤᠳᠤᠭ ᠲᠤ ᠪᠠᠨ ᠪᠤᠴᠠᠵᠠᠢ᠃ ᠲᠤᠬᠠᠢ ᠶᠢᠨ ᠦᠶ᠎ᠡ ᠳᠤ᠂ ᠶᠠᠭ ᠰᠠᠶᠢᠬᠠᠨ ᠭᠦᠥᠰᠢ ᠬᠠᠨ ᠤᠶᠢᠷᠠᠳ ᠤᠨ ᠬᠤᠯᠪᠤᠭᠠᠲᠦ ᠴᠡᠷᠢᠭ ᠢ ᠲᠠᠶᠢᠴᠢᠯᠠᠨ ᠬᠦᠭᠡᠨᠠᠭᠤᠷ ᠲᠦᠪᠡᠳ ᠤᠨ ᠦᠨᠲᠦᠷᠯᠢᠭ ᠲᠤ ᠢᠷᠡᠵᠦ᠂ ᠤᠯᠠᠭᠠᠨ ᠤ ᠱᠠᠰᠢᠨ  ᠤ ᠬᠤᠯᠪᠤᠭᠠᠲᠠᠤᠨ ᠢ ᠲᠠᠷᠦᠨ ᠲᠦᠪᠰᠢᠳᠬᠡᠵᠦ᠂ ᠰᠢᠷ᠎ᠠ ᠶᠢᠨ ᠱᠠᠰᠢᠨ ᠢ ᠳᠡᠳᠬᠦᠨ ᠲᠡᠮᠵᠢᠵᠦ ᠪᠠᠶᠢᠭᠰᠠᠨ ᠦᠶ᠎ᠡ ᠶᠤᠮ᠃ ᠲᠡᠭᠡᠪᠡᠯ ᠽᠠᠶ᠎ᠠ ᠪᠠᠨᠳᠢᠳᠠ ᠶᠠᠮᠠᠷ ᠰᠢᠯᠳᠠᠭᠠᠨ ᠠᠴᠠ ᠬᠤᠷᠢ ᠭᠠᠷᠤᠢ ᠵᠢᠯ ᠠᠮᠢᠳᠤᠷᠠᠵᠦ ᠰᠤᠷᠤᠯᠴᠠᠭᠰᠨ ᠲᠦᠪᠡᠳ ᠤᠷᠤᠨ ᠠᠴᠠ ᠪᠠᠨ ᠤᠶᠢᠷᠠᠳ ᠨᠤᠳᠤᠭ ᠲᠤ ᠪᠠᠨ ᠪᠤᠴᠠᠵᠦ ᠢᠷᠡᠭᠰᠡᠨ ᠪᠤᠢ ᠭᠡᠪᠡᠯ᠄ ︽ᠰᠠᠷᠠᠨ ᠤ ᠭᠡᠷᠡᠯ︾ ᠳᠤ ᠡᠨᠡ ᠲᠤᠬᠠᠢ ︽ᠭᠠᠯ ᠦᠭᠡᠷ ᠵᠢᠯ ᠳᠤ ᠤᠭᠲᠠᠷᠭᠤᠢ ᠭᠠᠵᠠᠷ ᠤᠨ ᠡᠷᠬᠡᠲᠦ ᠱᠠᠵᠢᠨ ᠢ ᠪᠠᠷᠢᠭᠴᠢ ᠨᠤᠮ ᠤᠨ ᠬᠠᠭᠠᠨ᠂ ᠪᠢᠲᠡᠨ ᠤ ᠮᠤᠩᠭᠤᠯ ᠤᠷᠤᠨ ᠳᠤ ᠢᠷᠡᠲᠦᠭᠡᠢ ᠬᠡᠮᠡᠭᠰᠡᠨ ᠳᠤ ᠦᠳᠲᠡᠷ ᠵᠦᠪᠰᠢᠶᠡᠨ ᠠᠮᠠ ᠠᠪᠤᠭᠰᠠᠨ ᠰᠢᠯᠲᠠᠭᠠᠨ ᠢᠶᠠᠷ ᠵᠠᠯᠭᠠᠮᠵᠢᠯᠠᠨ ᠬᠤᠶᠢᠨ᠎ᠠ ᠰᠢᠷᠤᠢ ᠪᠠᠷᠰ ᠵᠢᠯ ᠳᠤ ᠰᠢᠮᠨᠤᠰ ᠨᠤᠮᠤᠳᠬᠠᠭᠴᠢ ᠪᠺᠺ ᠱᠧᠰ ᠷᠠᠪ ᠷᠰ ᠮᠽᠤ᠋ ᠬᠢᠬᠡᠳ ᠵᠠᠢ ᠰᠠᠩ ᠬᠦᠥᠰᠢ ᠡᠬᠢᠯᠡᠨ ᠲᠠᠪᠤᠨ ᠰᠠᠶᠢᠳ ᠡᠯᠴᠢ ᠢᠯᠡᠭᠡᠭᠰᠡᠨ ᠳᠤ ᠲᠠᠷᠤᠶᠢᠲᠠᠨ ᠤᠳᠴᠦ᠂ ᠦᠯᠦ ᠪᠤᠯᠬᠤᠢ ᠪᠠᠴᠢᠮ ᠪᠤᠯᠤᠭᠰᠠᠨ ᠳᠤ᠂ ᠮᠦᠨ ᠲᠤᠰ ᠦᠪᠡᠷ ᠤᠨ ᠪᠡᠶ᠎ᠡ ᠶᠢᠨ ᠲᠦᠯᠦᠭᠡ ᠪᠤᠯᠭᠠᠨ ᠢᠯᠡᠭᠡᠭᠰᠡᠨ ᠳᠤ ᠰᠠᠪᠠ ᠨᠤᠮ ᠤᠨ ᠬᠠᠭᠠᠨ ᠷᠠᠪᠵᠠᠮᠪᠠ ᠬᠤᠳᠤᠭᠲᠦ ᠬᠡᠮᠡᠨ ᠶᠡᠭᠡ ᠪᠯᠠᠮ᠎ᠠ ᠪᠤᠯᠤᠨ ᠡᠷᠭᠦᠭᠳᠡᠵᠦ᠂ ᠤᠶᠢᠷᠠᠳ ᠤᠨ ᠲᠦᠷᠦ ᠱᠠᠰᠢᠨ ᠳᠤ ᠶᠡᠭᠡ ᠲᠤᠰᠠ ᠦᠢᠯᠡᠲᠦᠭᠡᠳ ᠬᠤᠶᠢᠨ᠎ᠠ ᠲᠡᠮᠦᠷ ᠲᠠᠥᠯᠠᠢ ᠵᠢᠯ ᠳᠤ ᠪᠠᠷᠠᠭᠤᠨ ᠲᠠᠯ᠎ᠠ ᠡ᠊ ᠵᠷᠡᠭᠰᠡᠨ ᠳᠡᠭᠡᠨ ᠪᠤᠶᠠᠨ ᠨᠤᠮ ᠢ ᠮᠠᠰᠢ ᠶᠡᠭᠡᠲᠡ ᠦᠢᠯᠡᠲᠦᠭᠰᠡᠨ ᠠᠴᠠ᠂ ᠬᠠᠷᠢᠨ ᠪᠠᠰᠠ ᠱᠠᠵᠢᠨ ᠳᠤ ᠲᠤᠰᠠᠯᠠᠬᠤᠢ ᠶᠢᠨ ᠲᠤᠯᠠ ᠢᠯᠡᠭᠡᠭᠰᠡᠨ ᠪᠤᠢ 【20】᠃︾ ᠬᠡᠵᠦ ᠲᠠᠪᠤᠳᠤᠭᠠᠷ ᠳᠠᠯᠠᠢ ᠯᠠᠮ᠎ᠠ ᠶᠢᠨ ᠵᠠᠬᠢᠳᠠᠯ ᠤᠨ ᠬᠤᠪᠢ ᠪᠠᠷ ᠲᠡᠮᠳᠡᠭᠯᠡᠭᠰᠡᠨ ᠪᠠᠶᠢᠨ᠎ᠠ᠃ ᠽᠠᠶ᠎ᠠ ᠪᠠᠨᠳᠢᠳᠠ ᠶᠢᠨ ᠲᠤᠬᠠᠢ ᠬᠤᠶᠠᠷ ᠤᠴᠢᠷ ᠢ ᠲᠡᠮᠳᠡᠭᠯᠡᠭᠰᠡᠨ ᠨᠢ ᠲᠡᠭᠦᠨ ᠤ ᠨᠤᠳᠤᠭ ᠲᠤ ᠪᠠᠨ ᠪᠤᠴᠠᠭᠰᠠᠨ ᠲᠠᠢ ᠬᠤᠯᠪᠤᠭᠳᠠᠨ᠎ᠠ᠃ ᠨᠢᠭᠡ ᠳᠤ᠂ ᠭᠠᠯ ᠦᠭᠡᠷ ᠵᠢᠯ ︵1638 ᠤᠨ︶ ᠪᠠ ᠰᠢᠷᠦᠢ ᠪᠠᠷᠰ ᠵᠢᠯ ︵1639 ᠤᠨ︶ ᠬᠤᠶᠠᠷ ᠤᠳᠠᠭ᠎ᠠ ︽ᠤᠬᠳᠠᠷᠭᠤᠢ ᠭᠠᠵᠠᠷ ᠤᠨ ᠡᠷᠬᠡᠲᠦ ᠱᠠᠵᠢᠨ ᠢ ᠪᠠᠷᠢᠭᠴᠢ ᠨᠤᠮ ᠤᠨ ᠬᠠᠭᠠᠨ︾ ︵ᠭᠡᠭᠡᠨ ᠬᠦᠥᠰᠢ ᠬᠠᠨ︶ ᠲᠠᠯᠠᠢ ᠯᠠᠮ᠎ᠠ ᠶᠢ ᠮᠤᠩᠭᠤᠯ ᠤᠷᠤᠨ ᠳᠤ ᠵᠠᠯᠠᠭᠰᠠᠨ᠃ ᠡᠬᠢᠨ ᠤ ᠤᠳᠠᠭ᠎ᠠ ᠶᠢᠨ ᠵᠠᠯᠠᠯᠭ᠎ᠠ ᠳᠤᠨᠢ ᠲᠠᠯᠠᠢ ᠯᠠᠮᠠ ︵ᠭᠠᠯ ᠦᠬᠡᠷ ᠵᠢᠯ︶ ︽ᠦᠳᠲᠡᠷ ᠵᠦᠪᠰᠢᠶᠡᠷᠡᠨ ᠠᠮᠠ ᠠᠪᠤᠭᠰᠠᠨ︾ ᠪᠠᠶᠢᠵᠠᠢ᠃ ᠬᠡᠳᠡᠯ᠎ᠠ ︽ᠦᠳᠲᠡᠷ ᠵᠦᠪᠰᠢᠶᠡᠷᠡᠭᠰᠡᠨ︾ ᠬᠢᠷᠢ ᠨᠢ ᠤᠴᠢᠵᠦ ᠴᠢᠳᠠᠭ᠎ᠠ ᠦᠭᠡᠢ ᠪᠠᠶᠢᠵᠦ ᠪᠠᠶᠢᠳᠠᠯ᠎ᠠ᠂ ᠲᠡᠷᠡ ︽ᠰᠢᠯᠲᠠᠭᠠᠨ ᠢᠶᠠᠷ ᠵᠠᠯᠭᠠᠨ︾᠂ ᠲᠠᠷᠠᠭ᠎ᠠ ᠵᠢᠯ  ᠨᠢ ᠰᠢᠷᠦᠢ ᠪᠠᠷᠰ ᠵᠢᠯ ᠲᠠᠬᠢᠨᠲᠠ ᠵᠠᠯᠠᠵᠠᠢ᠃ ᠠᠩᠬ᠎ᠠ ᠤᠴᠢᠨ᠎ᠠ ᠬᠡᠵᠦ ︽ᠠᠮᠠ ᠠᠪᠤᠭᠰᠠᠨ︾ ᠬᠢᠷᠢ ᠨᠢ ᠤᠴᠢᠭ᠎ᠠ ᠦᠭᠡᠢ ᠪᠠᠶᠢᠭᠠᠳ ᠡᠨᠡ ᠤᠳᠠᠭ᠎ᠠ ᠲᠠᠬᠢᠨᠲᠠ ᠵᠠᠯᠠᠬᠤ ᠳᠤ ᠡᠰᠡ ᠤᠴᠢᠵᠦ ᠪᠤᠯᠬᠤ ᠦᠭᠡᠢ ᠪᠠᠶᠢᠭᠰᠠᠨ ᠪᠤᠯᠪᠠᠴᠦ ᠪᠠᠰᠠ ︽ᠳᠠᠷᠤᠶᠢᠲᠠ ᠤᠳᠴᠦ ᠦᠯᠦ ᠪᠤᠯᠬᠤᠢ ᠪᠠᠴᠢᠮ ᠪᠤᠯᠤᠭᠰᠠᠨ︾ ᠲᠤᠯᠠ ᠠᠷᠭ᠎ᠠ ᠪᠤᠰᠤ ︽ᠦᠪᠡᠷ ᠤᠨ ᠪᠡᠶ᠎ᠠ ᠶᠢᠨ ᠲᠦᠯᠦᠭᠡ︾ ᠽᠠᠶ᠎ᠠ ᠪᠠᠨᠳᠢᠳᠠ ᠨᠠᠮᠬᠠᠶᠢᠵᠠᠮᠰᠦ ᠶᠢ ᠢᠯᠡᠭᠡᠭᠰᠡᠨ ᠪᠠᠶᠢᠵᠠᠢ᠃ ᠬᠤᠶᠠᠷ ᠲᠤ᠂ ᠽᠠᠶ᠎ᠠ ᠪᠠᠨᠳᠢᠳᠠ ᠨᠠᠮᠬᠠᠶᠢᠵᠠᠮᠰᠦ ᠲᠠᠯᠠᠢ ᠯᠠᠮᠠ ᠶᠢᠨ ᠲᠦᠯᠦᠭᠡᠨ ᠳᠤ ᠬᠦᠥᠰᠢ ᠬᠠᠨ ᠲᠠᠢ ᠵᠤᠯᠭᠠᠬᠤ  ᠪᠠᠷ ᠬᠦᠬᠡᠨᠠᠭᠤᠷ ᠤᠨ ᠦᠨᠲᠦᠷᠯᠢᠭ ᠲᠤ ᠬᠦᠷᠴᠦ᠂ ᠴᠢᠨᠠᠭᠰᠢ ᠭᠡᠭᠡᠨ ᠬᠦᠥᠰᠢ ᠶᠢᠨ ᠬᠠᠵᠠᠭᠤ ᠠᠴᠠ ᠤᠶᠢᠷᠠᠳ ᠨᠤᠳᠤᠭ ᠲᠤ ᠪᠠᠨ ᠪᠤᠴᠠᠭᠠᠳ ︽ᠤᠶᠢᠷᠠᠳ ᠤᠨ ᠲᠦᠷᠦ ᠱᠠᠰᠢᠨ ᠳᠤ ᠶᠡᠭᠡ ᠲᠤᠰᠠ ᠦᠢᠯᠡᠳᠦᠭᠡᠳ︾ ᠬᠤᠶᠢᠨ᠎ᠠ ᠲᠡᠮᠦᠷ ᠲᠠᠥᠯᠠᠢ ᠵᠢᠯ ︵1652 ᠤᠨ︶ ᠪᠠᠷᠠᠭᠤᠨ ᠲᠠᠯ᠎ᠠ ᠢᠷᠡᠭᠰᠡᠨ᠂᠂᠂᠂ ᠪᠠᠶᠢᠵᠠᠢ᠃ ᠲᠡᠭᠡᠷᠡᠬᠢ ᠪᠠᠶᠢᠳᠠᠯ ᠠᠴᠠ ᠦᠵᠡᠬᠦ ᠳᠤ᠂ ᠽᠠᠶ᠎ᠠ ᠪᠠᠨᠳᠢᠳᠠ ᠭᠠᠯ ᠦᠭᠡᠷ ᠵᠢᠯ ︵1638 ᠤᠨ︶ ᠳᠤ ᠠᠩᠬ᠎ᠠ ᠲᠦᠪᠡᠳ ᠠᠴᠠ ᠮᠤᠷᠳᠠᠬᠤ ᠳᠤ ᠪᠠᠨ ᠵᠦᠪᠬᠡᠨ ᠲᠠᠯᠠᠢ ᠯᠠᠮᠠ ᠶᠢ ᠲᠦᠯᠦᠭᠡᠯᠡᠨ᠂ ᠬᠦᠬᠡᠨᠠᠭᠤᠷ ᠲᠤ ᠴᠡᠷᠢᠭᠯᠡᠵᠦ ᠢᠷᠡᠭᠰᠡᠨ ᠬᠡᠬᠡᠨ ᠬᠦᠥᠰᠢ ᠬᠠᠨ ᠳᠤ ᠵᠤᠯᠭᠠᠬᠤ ᠪᠠᠷ ᠢᠷᠡᠵᠠᠢ᠃ ᠽᠠᠶ᠎ᠠ ᠪᠠᠨᠳᠢᠳᠠ ᠠᠷᠦ ᠲᠠᠯ᠎ᠠ ᠶᠢᠨ ᠤᠶᠢᠷᠠᠳ ᠨᠤᠳᠤᠭ ᠲᠤ ᠪᠠᠨ ᠪᠤᠴᠠᠵᠦ᠂ ᠱᠠᠰᠢᠨ ᠤ ᠦᠢᠯᠡ ᠠᠵᠢᠯᠯᠠᠭ᠎ᠠ ᠪᠠᠨ ᠦᠷᠨᠢᠭᠦᠯᠬᠦ ᠪᠤᠯᠤᠭᠰᠠᠨ ᠨᠢ ᠲᠡᠷᠡ ᠬᠡᠬᠡᠨ ᠬᠦᠥᠰᠢ ᠬᠠᠨ ᠲᠠᠢ ᠠᠭᠤᠯᠵᠠᠭᠰᠠᠨ ᠤ ᠲᠠᠷᠠᠭ᠎ᠠ ᠰᠠᠶ᠋ᠢ ᠰᠢᠢᠲᠦᠭᠰᠡᠨ ᠤᠴᠢᠷ ᠶᠤᠮ ᠪᠠᠶᠢᠨ᠎ᠠ᠃ ᠲᠠᠯᠠᠢ ᠯᠠᠮᠠ ᠪᠡᠶ᠎ᠡ  ᠪᠠᠨ ᠲᠦᠯᠦᠭᠡᠯᠡᠭᠦᠯᠦᠨ ᠬᠦᠥᠰᠢ ᠬᠠᠨ ᠤ ᠵᠦᠭ ᠽᠠᠶ᠎ᠠ ᠪᠠᠨᠳᠢᠳᠠ ᠶᠢ ᠶᠠᠪᠤᠭᠤᠯᠬᠤ ᠦᠶ᠎ᠡ ᠳᠤ ᠮᠠᠰᠢ ︽ᠪᠠᠴᠢᠮ ᠪᠤᠯᠤᠭᠰᠠᠨ︾ ᠪᠤᠯᠬᠤᠷ᠂ ᠮᠤᠩᠭᠤᠯ ᠤᠷᠤᠨ ᠳᠤ ᠵᠤᠷᠢᠯᠭ᠎ᠠ ᠲᠠᠢ᠂ ᠠᠯᠬᠤᠮ ᠲᠠᠷᠠᠭ᠎ᠠ ᠲᠠᠢ᠂ ᠲᠦᠯᠦᠪᠯᠡᠭᠡ ᠲᠠᠢ ᠪᠠᠷ ᠱᠠᠰᠢᠨ ᠲᠡᠯᠭᠡᠷᠡᠭᠦᠯᠬᠦ ᠪᠠᠷ ᠶᠠᠪᠤᠭᠤᠯᠬᠤ ᠴᠠᠭ᠂ ᠨᠦᠬᠦᠴᠠᠯ ᠪᠤᠯᠤᠮᠵᠢ ᠦᠭᠡᠢ᠃ ᠡᠨᠡ ᠠᠰᠠᠭᠤᠳᠠᠯ ᠢ ᠪᠤᠳᠤᠯᠬᠢᠯᠠᠬᠤ ᠴᠠᠭ ᠪᠤᠯᠤᠯᠴᠠᠭ᠎ᠠ ᠪᠠᠶᠢᠭ᠎ᠠ ᠦᠭᠡᠢ᠃ ᠲᠦᠷᠦ ᠲᠦᠪᠰᠢᠨ ᠡᠩᠭᠡ ᠲᠠᠶᠢᠪᠤᠩ ᠪᠠᠶᠢᠮᠠᠨᠵᠢᠨ ᠰᠠᠶ᠋ᠢ ᠱᠠᠰᠢᠨ ᠴᠢᠯᠦᠭᠡ  ᠲᠠᠢ ᠲᠡᠯᠭᠡᠷᠡᠵᠦ ᠴᠢᠳᠠᠳᠠᠭ᠃ ᠲᠤᠬᠠᠢ ᠶᠢᠨ ᠦᠶ᠎ᠡ ᠳᠤ ᠲᠦᠪᠡᠳ ᠤᠨ ᠪᠠᠶᠢᠳᠠᠯ ᠮᠠᠰᠢ ᠪᠤᠳᠤᠯᠢᠶᠠᠨᠳᠠᠢ ᠪᠠᠶᠢᠵᠦ᠂ ᠲᠠᠯᠠᠢ ᠯᠠᠮᠠ ᠶᠢᠨ ᠰᠢᠷ᠎ᠠ ᠶᠢᠨ ᠱᠠᠰᠢᠨ ᠶᠠᠭ ᠬᠢᠳᠤᠭᠠᠨ ᠢᠷ ᠲᠡᠭᠡᠷ᠎ᠡ ᠪᠠᠶᠢᠭᠰᠠᠨ ᠶᠤᠮ᠃ ᠶᠡᠭᠡ ᠤᠷᠴᠢᠨ ᠢ ᠠᠪᠴᠦ ᠬᠡᠯᠡᠪᠡᠯ᠂ ᠲᠤᠬᠠᠢ ᠶᠢᠨ ᠦᠶ᠎ᠡ ᠶᠢᠨ ᠲᠦᠪᠡᠳ ᠤᠨ ᠲᠤᠳᠤᠭᠠᠲᠦ ᠳᠤ ᠡᠯ᠎ᠠ ᠤᠷᠤᠨ ᠨᠤᠳᠤᠭ ᠤᠨ ᠹᠸᠥᠳᠠᠯ ᠤᠨ ᠬᠦᠴᠦᠨ ᠲᠤᠰ ᠲᠤᠰ ᠦᠨᠳᠡᠶᠢᠵᠦ᠂ ᠦᠪᠡᠷ ᠦᠪᠡᠷ ᠤᠨ ᠲᠤᠭ ᠢᠶᠠᠨ ᠪᠤᠰᠬᠠᠵᠦ᠂ ᠬᠠᠷᠢᠯᠴᠠᠨ ᠵᠦᠷᠢᠯᠲᠦᠬᠦ ᠶᠢ ᠲᠠᠭᠠᠯᠲᠦᠨ᠂ ᠪᠤᠷᠬᠠᠨ ᠤ ᠱᠠᠰᠢᠨ ᠤ ᠤᠯᠠᠨ ᠤᠷᠤᠰᠬᠠᠯ ᠪᠦᠯᠦᠭ ᠤᠳ ᠤᠨ ᠬᠤᠭᠤᠷᠤᠨᠳᠤ ᠴᠦ ᠵᠠᠳᠠᠷᠠᠯ ᠡᠭᠦᠰᠴᠦ᠂ ᠱᠠᠰᠢᠨ ᠤ ᠲᠠᠶᠢᠨ ᠢᠯᠡ ᠳᠠᠯᠲᠠ ᠶᠠᠪᠤᠭᠳᠠᠵᠦ ᠡᠬᠢᠯᠡᠭᠰᠡᠨ ᠪᠠᠶᠢᠨ᠎ᠠ᠃ ᠢᠯᠩᠭᠤᠶ᠎ᠠ ᠽᠤᠩᠺᠠᠪᠠ ᠶᠢᠨ ᠰᠢᠷ᠎ᠠ ᠶᠢᠨ ᠱᠠᠰᠢᠨ ︵ᠭᠡᠯᠦ᠋ᠭᠪᠠ ᠶᠢᠨ ᠪᠦᠯᠦᠭ︶ ᠪᠠ ᠤᠯᠠᠭᠠᠨ ᠤ ᠱᠠᠰᠢᠨ ︵ᠭᠠᠷᠮᠠᠪᠠ ᠶᠢᠨ ᠪᠦᠯᠦᠭ︶ ᠤ ᠲᠡᠮᠡᠴᠡᠯ ᠤᠷᠢᠳ ᠭᠠᠷᠤᠭ᠎ᠠ ᠦᠭᠡᠢ ᠰᠢᠷᠦᠭᠦᠨ ᠪᠤᠯᠵᠦ᠂ ︽ᠭᠡᠯᠦ᠋ᠭᠪᠠ ᠶᠢᠨ ᠪᠦᠯᠦᠭ︾᠂ ︽ᠭᠡᠯᠦ᠋ᠭᠪᠠ ᠶᠢᠨ ᠬᠦᠴᠦᠨ ᠲᠦᠪᠡᠳ  ᠤᠨ ᠭᠠᠵᠠᠷ ᠬᠦᠯ ᠲᠤᠭᠳᠠᠨᠢᠬᠤᠶ᠎ᠠ ᠪᠡᠷᠭᠡ ᠬᠡᠮᠵᠢᠶᠠᠨ ᠳᠤ ᠲᠤᠯᠪᠠ 【21】᠃︾ ᠡᠶᠢᠮᠦᠷᠬᠦ ᠪᠠᠴᠢᠮ ᠲᠤᠯᠭᠠᠮ ᠴᠠᠭ ᠲᠤ ᠰᠢᠷ᠎ᠠ ᠶᠢᠨ ᠱᠠᠰᠢᠨ ᠤ ᠲᠦᠷᠦᠭᠦᠤ ᠲᠠᠯᠠᠢ ᠯᠠᠮᠠ ᠶᠠᠭᠠᠬᠢᠵᠦ ᠠᠮᠢ ᠭᠠᠷᠬᠤ ᠶᠢ ᠪᠤᠳᠤᠯᠬᠢᠯᠠᠬᠤ ᠠᠴᠠ ᠦᠭᠡᠷ᠎ᠡ ᠠᠯᠤᠰ ᠤᠨ ᠲᠦᠯᠦᠪᠯᠡᠭᠡ ᠵᠤᠬᠢᠶᠠᠬᠤ ᠵᠠᠪ ᠴᠢᠯᠦᠭᠡ᠂ ᠰᠠᠨᠠᠭ᠎ᠠ ᠰᠡᠳᠬᠢᠯ᠂ ᠪᠤᠯᠤᠮᠵᠢ ᠵᠠᠪᠰᠢᠶᠠᠨ ᠤᠭᠲᠦ ᠪᠠᠶᠢᠬᠤ ᠦᠭᠡᠢ ᠪᠠᠶᠢᠭᠰᠠᠨ ᠶᠤᠮ᠃ ᠲᠠᠯᠠᠢ ᠯᠠᠮᠠ ᠡᠨᠡᠬᠦ ᠪᠠᠴᠢᠮ ᠲᠤᠯᠭᠠᠮ ᠠᠶᠤᠯ ᠠᠴᠠ ᠬᠡᠯᠲᠦᠷᠢᠬᠦ ᠠᠷᠭ᠎ᠠ ᠵᠠᠮ ᠡᠷᠢᠯᠬᠢᠯᠡᠵᠦ ᠤᠶᠢᠷᠠᠳ ᠤᠨ ᠲᠤᠰᠠᠯᠠᠮᠵᠢ ᠶᠢ ᠭᠤᠶᠤᠵᠠᠢ᠃ ᠤᠶᠢᠷᠠᠳ ᠤᠨ ᠬᠤᠯᠪᠤᠭᠠᠲᠦ ᠴᠡᠷᠢᠭ ᠬᠦᠥᠰᠢ ᠬᠠᠨ ᠤ ᠲᠠᠭᠠᠭᠤᠯᠭ᠎ᠠ ᠪᠠᠷ ᠬᠦᠭᠡᠨᠠᠭᠤᠷ ᠲᠤ ᠢᠷᠡᠵᠦ᠂ ᠰᠢᠷ᠎ᠠ ᠶᠢᠨ ᠱᠠᠰᠢᠨ ᠤ ᠡᠰᠡᠷᠬᠦ ᠬᠤᠯᠪᠤᠭᠠᠨ ᠤ ᠨᠢᠭᠡ ᠲᠠᠯᠠᠪᠴᠢ ᠪᠤᠯᠵᠦ ᠪᠠᠶᠢᠭᠰᠠᠨ ᠴᠤᠭᠲᠦ ᠲᠠᠶᠢᠵᠢ ᠶᠢ ᠲᠠᠷᠤᠵᠦ᠂ ᠲᠡᠨᠲᠡ ᠠᠴᠠ ᠪᠠᠨ ᠲᠦᠪᠡᠳ ᠲᠤ ᠤᠴᠢᠵᠦ᠂ ᠲᠠᠯᠠᠢ ᠯᠠᠮᠠ  ᠠᠴᠠ ︽ᠲᠠᠨᠵᠢᠨ ᠴᠤᠶᠢᠵᠢ ᠵᠠᠯᠪᠤ︾ ᠬᠡᠮᠡᠬᠦ ᠴᠤᠯᠠ ᠭᠦᠷᠳᠡᠵᠦ᠂ ᠲᠡᠨᠲᠡ ᠲᠠᠯᠠᠢ ᠯᠠᠮᠠ ᠶᠢ ᠬᠦᠬᠡᠨᠠᠭᠤᠷ ᠲᠤ ᠵᠠᠯᠠᠨ ᠶᠠᠮᠠᠷ ᠨᠢᠭᠡᠨ ᠴᠢᠨᠠᠭᠰᠢᠲᠠ ᠶᠢᠨ ᠲᠦᠯᠦᠪᠯᠡᠭᠡ ᠪᠠᠨ ᠵᠦᠪᠳᠡᠬᠦ ᠭᠡᠰᠡᠨ ᠪᠤᠯᠤᠯᠲᠠᠢ᠃ ᠬᠡᠲᠡᠯ᠎ᠡ ᠲᠡᠶᠢᠮᠦ ᠪᠠᠴᠢᠮ ᠲᠤᠯᠭᠠᠮ ᠴᠠᠭ ᠮᠦᠴᠡ ᠳᠤ ᠲᠠᠯᠠᠢ ᠯᠠᠮᠠ ᠪᠡᠶ᠎ᠡ ᠪᠠᠷ ᠢᠷᠡᠵᠦ ᠴᠢᠳᠠᠬᠤ ᠦᠭᠡᠢ᠂ ᠲᠤᠯᠭᠠᠮᠳᠠᠬᠤ ᠳᠤ ᠪᠠᠨ ᠽᠠᠶ᠎ᠠ ᠪᠠᠨᠳᠢᠳᠠ ᠶᠢ ᠲᠤᠮᠢᠯᠠᠭᠰᠠᠨ ᠪᠠᠶᠢᠨ᠎ᠠ᠃ ᠲᠡᠭᠡᠪᠡᠯ ᠬᠦᠥᠰᠢ ᠬᠠᠨ ᠶᠠᠮᠠᠷ ᠤᠴᠢᠷ ᠠᠴᠠ ᠲᠠᠯᠠᠢ ᠯᠠᠮᠠ ᠶᠢ ᠬᠦᠬᠡᠨᠠᠭᠤᠷ  ᠲᠤ ᠵᠠᠯᠠᠭᠰᠠᠨ ᠪᠤᠢ ᠬᠡᠪᠡᠯ᠂ ᠡᠨᠡ ᠠᠰᠠᠭᠤᠳᠠᠯ ᠨᠢ ᠬᠦᠥᠰᠢ ᠬᠠᠨ ᠽᠠᠶ᠎ᠠ ᠪᠠᠨᠳᠢᠳᠠ ᠶᠢ ᠤᠶᠢᠷᠠᠳ ᠨᠤᠳᠤᠭ ᠲᠤᠨᠢ ᠪᠤᠰᠢᠭᠤᠬᠠᠨ ᠪᠤᠴᠠᠭᠠᠭᠰᠠᠨ ᠲᠠᠢ ᠬᠤᠯᠪᠤᠭᠠᠲᠠᠢ ᠶᠤᠮ᠃ ᠴᠢᠨᠠᠭᠰᠢᠯᠠᠪᠠᠯ᠂ ᠤᠶᠢᠷᠠᠳ ᠤᠨ ᠲᠤᠬᠠᠢ ᠶᠢᠨ ᠦᠶ᠎ᠡ ᠶᠢᠨ ᠲᠡᠥᠬᠡᠨ ᠪᠠᠶᠢᠳᠠᠯ ᠲᠠᠢ ᠰᠢᠭᠤᠳ ᠬᠤᠯᠪᠤᠭᠠᠲᠠᠢ ᠶᠤᠮ᠃ ᠲᠤᠬᠠᠢ ᠶᠢᠨ ᠦᠶ᠎ᠡ ᠶᠢᠨ ᠲᠦᠷᠪᠡᠨ ᠤᠶᠢᠷᠠᠳ ᠤᠨ ᠲᠦᠷᠦ ᠱᠠᠰᠢᠨ ᠤ ᠪᠠᠶᠢᠳᠠᠯ ᠶᠠᠮᠠᠷ ᠪᠠᠶᠢᠭᠰᠠᠨ ᠪᠤᠢ ᠭᠡᠪᠡᠯ᠂ ᠪᠠᠰᠠ ᠮᠠᠰᠢ ᠰᠢᠷᠦᠭᠦᠨ ᠲᠤᠯᠭᠠᠮ ᠪᠠᠶᠢᠳᠠᠯ ᠳᠤ ᠤᠷᠤᠭᠠᠳ ᠪᠠᠶᠢᠵᠠᠢ᠃ ᠤᠶᠢᠷᠠᠳᠴᠤᠳ ᠶᠠᠷᠦ ᠤᠶᠢᠷᠠᠬᠠᠨ ᠠᠴᠠ ᠬᠡᠯᠡᠬᠦ ᠳᠤ ᠠᠷᠪᠠᠨ ᠲᠠᠪᠤᠳᠤᠭᠠᠷ ᠵᠠᠭᠤᠨ ᠤ ᠲᠤᠮᠳᠠᠴᠢ ᠡᠰᠡᠨ ᠬᠠᠭᠠᠨ ᠤ ᠦᠶ᠎ᠡ ᠠᠴᠠ ᠡᠬᠢᠯᠡᠨ ᠠᠷᠪᠠᠨ ᠵᠢᠷᠭᠤᠳᠤᠭᠠᠷ ᠵᠠᠭᠤᠨ ᠤ ᠰᠡᠭᠦᠯᠴᠢ ᠶᠢᠨ ᠪᠤᠪᠠᠢ ᠮᠢᠷᠽᠠ — — ᠬᠠᠨ ᠨᠤᠶᠠᠨ ᠬᠤᠩᠭᠤᠷ — — ᠪᠠᠶᠢᠪᠠᠭᠠᠰ — — ᠬᠦᠥᠰᠢ ᠲᠦᠷᠦᠪᠠᠶᠢᠬᠤ ᠶᠢᠨ ᠦᠶ᠎ᠡ ᠪᠤᠯᠲᠠᠯ᠎ᠠ᠂ ᠤᠷᠤᠰ᠂ ᠬᠠᠰᠠᠭ᠂ ᠦᠽᠠᠪᠧᠺ ᠵᠡᠷᠭᠡ ᠬᠠᠷᠢ ᠤᠯᠤᠰ ᠦᠨᠲᠦᠰᠦᠲᠡᠨ ᠲᠠᠢ ᠪᠠᠶᠢᠨ ᠲᠠᠬᠢᠨ ᠳᠠᠶᠢᠳᠤᠵᠦ ᠪᠠᠶᠢᠵᠠᠢ᠃ ᠤᠶᠢᠷᠠᠳ ᠲᠤᠳᠤᠭᠠᠲᠦ ᠳᠤ ᠪᠠᠨ ᠴᠦ᠂ ᠬᠤᠱᠤᠳ᠂ ᠴᠤᠷᠤᠰ᠂ ᠲᠤᠷᠭᠤᠳ᠂ ᠲᠦᠷᠪᠡᠳ᠂ ᠬᠤᠶᠢᠳ ᠵᠡᠷᠭᠡ ᠤᠪᠤᠭ ᠶᠠᠰᠤᠲᠠᠨ᠂ ᠠᠶᠢᠮᠠᠭ ᠤᠭᠰᠠᠭᠠᠳᠠᠨ ᠤ ᠬᠤᠭᠤᠷᠤᠨᠲᠦ ᠴᠦ ᠲᠡᠮᠡᠴᠡᠬᠡᠨ ᠦᠷᠭᠦᠯᠵᠢ ᠭᠠᠷᠴᠦ ᠪᠠᠶᠢᠵᠢ᠃ ᠬᠦᠥᠰᠢ ᠬᠠᠨ ᠲᠦᠷᠪᠠᠨ ᠤᠶᠢᠷᠠᠳ ᠤᠨ ᠬᠤᠯᠪᠤᠭᠠᠨ ᠤ ᠲᠦᠷᠦᠭᠦᠤ ᠶᠢᠨ ᠬᠤᠪᠢ ᠪᠠᠷ ᠤᠯᠤᠰ ᠢᠶᠠᠨ ᠵᠠᠰᠠᠬᠤ ᠶᠢᠨ ᠲᠦᠯᠦᠭᠡ᠂ ᠲᠠᠶᠢᠯᠠᠬᠤ᠂ ᠡᠪᠰᠡᠬᠦ᠂ ᠡᠪᠰᠡᠭᠦᠯᠬᠦ᠂ ᠱᠠᠰᠢᠨ ᠲᠡᠯᠭᠡᠷᠡᠭᠦᠯᠬᠦ ᠵᠡᠷᠭᠡ ᠶᠠᠩᠵᠦ ᠪᠦᠷᠢ ᠶᠢᠨ ᠠᠷᠭ᠎ᠠ ᠬᠡᠮᠵᠢᠶ᠎ᠡ ᠠᠪᠴᠦ ᠪᠠᠶᠢᠵᠠᠢ᠃ ᠲᠡᠶᠢᠮᠦ ᠴᠦ ᠤᠴᠢᠷ ᠠᠴᠠ ᠲᠡᠷᠡ ᠲᠦᠪᠡᠳ ᠤᠨ ᠲᠠᠯ᠎ᠠ ᠠᠴᠠ ᠰᠢᠷ᠎ᠠ ᠶᠢᠨ ᠱᠠᠰᠢᠨ ᠤ ᠲᠦᠷᠦᠭᠦᠤ ᠶᠢᠨ ᠭᠤᠶᠤᠯᠲᠠ ᠶᠢ ᠬᠦᠯᠢᠶᠠᠨ ᠠᠪᠴᠦ ᠴᠡᠷᠢᠭ ᠮᠤᠷᠳᠠᠭᠰᠠᠨ ᠨᠢ ᠪᠠᠰᠠ ᠴᠦ ᠤᠶᠢᠷᠠᠳ ᠤᠨ ᠲᠦᠷᠦ ᠱᠠᠰᠢᠨ ᠤ ᠡᠩᠭᠡ ᠲᠦᠪᠰᠢᠨ ᠢ ᠪᠠᠳᠤᠳᠬᠠᠬᠤ ᠨᠢᠭᠡ ᠠᠷᠭ᠎ᠠ ᠬᠡᠮᠵᠢᠶ᠎ᠡ ᠪᠠᠶᠢᠭᠰᠠᠨ ᠪᠦᠭᠡᠳ ᠲᠡᠷᠡ ᠬᠦᠭᠡᠨᠠᠭᠤᠷ ᠲᠤ ᠮᠤᠷᠳᠠᠵᠦ᠂ ᠠᠷᠤ ᠨᠤᠳᠤᠭ ᠪᠠᠨ ᠶᠠᠭᠠᠬᠢᠵᠦ ᠲᠦᠪᠰᠢᠨ ᠪᠠᠶᠢᠯᠭᠠᠬᠤ ᠠᠷᠭ᠎ᠠ ᠵᠠᠮ ᠰᠡᠳᠬᠢᠵᠦ ᠪᠠᠶᠢᠭᠰᠠᠨ ᠶᠤᠮ ᠪᠠᠶᠢᠨ᠎ᠠ᠃ ᠡᠶᠢᠮᠦ ᠠᠴᠠ ᠽᠠᠶ᠎ᠠ ᠪᠠᠨᠳᠢᠳᠠ ᠱᠠᠰᠢᠨ ᠤ ᠲᠠᠯ᠎ᠠ ᠠᠴᠠ ᠬᠡᠯᠩᠰᠡᠨ ᠴᠦ᠂ ᠲᠦᠷᠦ ᠶᠢᠨ ᠲᠠᠯ᠎ᠠ ᠠᠴᠠ ᠬᠡᠯᠩᠰᠡᠨ ᠴᠦ᠂ ᠬᠦᠥᠰᠢ ᠬᠠᠨ ᠤ ᠠᠷᠦ ᠨᠤᠳᠤᠭ ᠤᠨ ᠱᠠᠰᠢᠨ ᠲᠦᠷᠦ ᠶᠢᠨ ᠡᠩᠭᠡ ᠲᠠᠶᠢᠪᠤᠩ ᠢ ᠪᠠᠳᠤᠯᠠᠬᠤ ᠳᠤ ᠲᠤᠰᠠᠯᠠᠵᠦ ᠴᠢᠳᠠᠬᠤ ᠬᠠᠮᠤᠭ ᠤᠨ ᠲᠤᠬᠢᠷᠠᠮᠵᠢᠲᠠᠢ ᠬᠦᠮᠦᠨ ᠪᠠᠶᠢᠵᠠᠢ᠃ ᠡᠬᠦᠨ ᠢ ᠲᠠᠯᠠᠢ ᠯᠠᠮᠠ ᠴᠦ ᠲᠤᠲᠤᠷᠬᠠᠢ ᠮᠡᠳᠡᠵᠦ ᠪᠠᠶᠢᠭᠰᠠᠨ ᠪᠠᠶᠢᠬ᠎ᠠ᠃ ᠱᠠᠰᠢᠨ ᠤ ᠲᠠᠯ᠎ᠠ ᠠᠴᠠ ᠠᠪᠴᠦ ᠬᠡᠯᠡᠪᠡᠯ᠂ ᠲᠠᠷᠡ ᠨᠡᠷ᠎ᠡ ᠠᠯᠳᠠᠷ ᠢᠶᠠᠨ ᠮᠠᠨᠳᠤᠭᠤᠯᠵᠦ᠂ ᠱᠠᠰᠢᠨ ᠤ ᠲᠠᠪᠤᠨ ᠤᠬᠠᠭᠠᠨ ᠳᠤ ᠨᠡᠪᠲᠡᠷᠡᠭᠰᠡᠨ ᠮᠡᠷᠭᠡᠨ ᠯᠠᠮᠠ ᠪᠤᠯᠵᠦ᠂ ᠤᠯᠠᠨ ᠤ ᠢᠳᠡᠭᠡᠯ ᠬᠦᠨᠲᠦ ᠶᠢ ᠤᠯᠵᠦ ᠪᠠᠶᠢᠭᠰᠠᠨ᠂ ᠲᠦᠷᠦ ᠶᠢᠨ ᠲᠠᠯ᠎ᠠ ᠠᠴᠠ ᠬᠡᠯᠡᠪᠠᠯ᠂ ᠲᠡᠷᠡ ᠲᠦᠷᠪᠡᠨ ᠤᠶᠢᠷᠠᠳ ᠤᠨ ᠲᠦᠷᠦᠭᠦᠤ ᠪᠠᠶᠢᠭᠰᠠᠨ ᠪᠠᠶᠢᠪᠠᠭᠠᠰ ᠬᠠᠭᠠᠨ ᠤ ᠵᠢᠷᠤᠮ ᠤᠨ ᠬᠦᠤ — — ᠤᠶᠢᠷᠠᠳ ᠤᠨ ᠢᠵᠠᠭᠤᠷᠳᠠᠨ ᠤ ᠪᠠᠶᠢᠷᠢ ᠰᠠᠭᠤᠷᠢ ᠲᠠᠢ ᠃ ᠤᠶᠢᠷᠠᠳ ᠤᠨ ᠹᠸᠥᠳᠠᠯ ᠨᠤᠶᠠᠳ ᠤᠨ ᠲᠤᠮᠳᠠ ᠴᠦ ᠢᠳᠡᠬᠡᠯ ᠬᠦᠨᠲᠦᠲᠠᠢ᠂ ᠵᠤᠬᠢᠬᠤ ᠪᠠᠶᠢᠷᠢ ᠰᠠᠭᠤᠷᠢ ᠲᠠᠢ ᠬᠦᠮᠦᠨ ᠶᠤᠮ᠃ ᠢᠩᠭᠡᠭᠡᠳ ᠬᠦᠥᠰᠢ ᠬᠠᠨ ᠪᠠᠷᠰ ᠵᠢᠯ ( 1639 ᠤᠨ ) ᠳᠤ ᠽᠠᠶ᠎ᠠ ᠪᠠᠨᠳᠢᠳᠠ ᠲᠠᠢ ᠤᠴᠠᠷᠠᠵᠦ᠂ ᠲᠠᠭᠦᠨ ᠳᠤ ᠠᠷᠦ ᠲᠠᠯ᠎ᠠ ᠶᠢᠨ ᠤᠶᠢᠷᠠᠳ ᠨᠤᠳᠤᠭ ᠲᠤ ᠱᠠᠰᠢᠨ ᠲᠡᠯᠭᠡᠷᠡᠭᠦᠯᠤᠨ᠂ ᠲᠤᠳᠤᠭᠠᠲᠦ ᠭᠠᠳᠠᠭᠠᠲᠦ ᠶᠢᠨ ᠲᠠᠶᠢᠨ ᠳᠠᠵᠢᠨ ᠢ ᠡᠪᠰᠡᠭᠦᠯᠵᠦ᠂ ᠱᠠᠰᠢᠨ ᠲᠦᠷᠦ ᠶᠢᠨ ᠡᠩᠭᠡ ᠲᠠᠶᠢᠪᠤᠩ ᠢ ᠪᠠᠳᠤᠯᠠᠵᠦ ᠪᠠᠶᠢᠬᠤ ᠲᠤᠬᠠᠢ ᠵᠠᠬᠢᠨ ᠲᠤᠰᠢᠶᠠᠵᠤ᠂ ᠠᠷᠦ ᠨᠤᠳᠤᠭ ᠲᠤᠨᠢ ᠪᠤᠴᠠᠭᠠᠭᠠᠳ᠂ ᠦᠪᠡᠷ ᠢᠶᠠᠨ ᠰᠠᠶ᠋ᠢ ᠰᠡᠳᠬᠢᠯ ᠠᠮᠤᠷ ᠺᠠᠮ ᠤᠨ ᠤᠷᠤᠨ ᠵᠦᠭ ᠲᠠᠶᠢᠯᠠᠵᠦ᠂ ᠰᠢᠷ᠎ᠠ ᠶᠢᠨ ᠱᠠᠰᠢᠨ ᠤ ᠡᠰᠡᠷᠭᠦ ᠤᠯᠠᠭᠠᠨ ᠤ ᠱᠠᠰᠢᠨ ᠤ ᠬᠤᠯᠪᠤᠭᠠᠲᠠᠳ ᠤᠨ ᠨᠢᠭᠡ ᠵᠢᠬᠦᠷ ᠪᠤᠯᠬᠤ ᠪᠠᠷᠢ  ᠶᠢᠨ ᠸᠠᠩ ᠲᠤᠩᠶᠤᠳᠲᠤᠷᠵᠢ ᠶᠢ ᠤᠰᠠᠳᠬᠠᠬᠤ ᠪᠠᠷ ᠮᠤᠷᠳᠠᠭᠰᠠᠨ ᠶᠤᠮ᠃ ᠡᠨᠡ ᠲᠠᠯ᠎ᠠ ᠪᠠᠷ ᠵᠠᠯᠠᠭᠤ ᠡᠷᠳᠡᠮᠲᠡᠨ ᠮᠢᠩᠭᠠᠳ᠂ ᠡᠷᠲᠡᠮᠲᠦ ᠦᠬᠦᠯᠡᠯ ᠳᠤ ᠪᠠᠨ ︽ᠽᠠᠶ᠎ᠠ ᠪᠠᠨᠳᠢᠳᠠ ᠶᠢᠨ ᠲᠦᠪᠡᠳ ᠠᠴᠠ ᠤᠶᠢᠷᠠᠳ ᠲᠠᠭᠠᠨ ᠪᠤᠴᠠᠭᠰᠠᠨ  ᠤ ᠴᠤᠬᠤᠮ ᠰᠢᠯᠲᠠᠭᠠᠨ ᠨᠢ 1638 ᠤᠨ ᠳᠤ ᠬᠦᠥᠰᠢ ᠬᠠᠨ ᠤ ᠤᠷᠢᠯᠭ᠎ᠠ ᠶᠢ ᠲᠠᠬᠢᠨᠲᠠ ᠤᠯᠤᠭᠰᠠᠨ ᠤ ᠲᠠᠷᠠᠭ᠎ᠠ ᠲᠠᠪᠤᠳᠤᠭᠠᠷ ᠲᠠᠯᠠᠢ ᠯᠠᠮᠠ ᠠᠴᠠ ᠦᠪᠡᠷ ᠤᠨ ᠲᠦᠯᠦᠭᠡ ᠽᠠᠶ᠎ᠠ ᠪᠠᠨᠳᠢᠳᠠ ᠶᠢ ᠤᠶᠢᠷᠠᠳ ᠵᠦᠭ ᠶᠠᠪᠤᠭᠤᠯᠵᠠᠢ 【22】᠃︾ ᠬᠡᠵᠦ ᠪᠢᠴᠢᠭᠰᠡᠨ ᠨᠢ ᠮᠠᠰᠢ ᠵᠦᠢᠲᠠᠢ᠃ ᠽᠠᠶ᠎ᠠ ᠪᠠᠨᠳᠢᠳᠠ ᠶᠢ ᠬᠦᠥᠰᠢ ᠬᠠᠨ ᠤᠶᠢᠷᠠᠳ ᠨᠤᠳᠤᠭ ᠲᠤᠨᠢ ᠲᠤᠮᠢᠯᠠᠭᠰᠠᠨ ᠬᠡᠷᠡᠭ ᠢ ᠬᠡᠷᠡᠴᠢᠯᠡᠵᠦ ᠪᠤᠯᠬᠤ ᠦᠭᠡᠷ᠎ᠡ ᠨᠢᠭᠡ ᠰᠦᠪᠡᠭᠴᠢ ᠪᠣᠯ ᠽᠠᠶ᠎ᠠ ᠪᠠᠨᠳᠢᠳᠠ ᠤᠶᠢᠷᠠᠳ ᠲᠤ ᠪᠤᠴᠠᠭᠠᠳ ︽ᠤᠶᠢᠷᠠᠳ ᠤᠨ ᠲᠦᠷᠦ ᠱᠠᠰᠢᠨ ᠳᠤ ᠶᠡᠭᠡ ᠲᠤᠰᠠ ᠦᠢᠯᠡᠲᠦᠭᠡᠳ᠂ ᠬᠤᠶᠢᠨ᠎ᠠ ᠲᠡᠮᠦᠷ ᠲᠠᠥᠯᠠᠢ ᠵᠢᠯ ᠳᠤ ᠪᠠᠷᠠᠭᠤᠨ ᠲᠠᠯ᠎ᠠ ᠳᠤ ᠢᠷᠡᠭᠰᠡᠨ ᠳᠡᠭᠡᠨ ᠪᠤᠶᠠᠨ ᠨᠤᠮ ᠢ ᠮᠠᠰᠢ ᠶᠡᠭᠡᠲᠡ ᠦᠢᠯᠡᠲᠦᠭᠰᠡᠨ ᠠᠴᠠ᠂ ᠬᠠᠷᠢᠨ ᠪᠠᠰᠠ ᠱᠠᠵᠢᠨ ᠳᠤ ᠲᠤᠰᠠᠯᠠᠬᠤᠢ ᠶᠢᠨ ᠲᠤᠯᠠᠲᠠ ᠢᠯᠡᠭᠡᠭᠰᠡᠨ ᠪᠤᠢ 【23】᠃︾ ᠬᠡᠵᠠᠢ᠃ ᠲᠤᠰ ᠲᠡᠮᠳᠡᠭᠯᠡᠯ ᠠᠴᠠ ᠪᠢᠳᠡ ᠬᠤᠶᠠᠷ ᠵᠤᠶᠢᠯ ᠢ ᠠᠩᠬᠠᠷᠴᠦ ᠪᠤᠯᠤᠨ᠎ᠠ᠃ ᠨᠢᠭᠡ  ᠳᠤ᠂ ᠲᠠᠯᠠᠢ ᠯᠠᠮᠠ ᠽᠠᠶ᠎ᠠ ᠪᠠᠨᠳᠢᠳᠠ ᠶᠢ ︽ᠪᠡᠶ᠎ᠠ ᠶᠢᠨ ᠲᠦᠯᠦᠭᠡ ᠪᠤᠯᠭᠠᠨ ᠢᠯᠡᠭᠡᠭᠰᠡᠨ︾ ᠠᠴᠠ ᠬᠤᠶᠢᠰᠢ ︽ᠬᠤᠶᠢᠨ᠎ᠠ ᠲᠡᠮᠦᠷ ᠲᠠᠥᠯᠠᠢ ᠵᠢᠯ ᠳᠤ︾ ᠲᠦᠪᠡᠳ ᠲᠤ ᠲᠠᠬᠢᠨ ᠡᠷᠬᠢᠵᠦ ᠢᠷᠡᠬᠦ ᠪᠤᠯᠳᠠᠯᠠᠬᠢ ᠲᠡᠬᠦᠨ ᠤ ᠦᠢᠯᠡ ᠠᠵᠢᠯᠯᠠᠭᠠᠨ ᠤ ᠲᠤᠬᠠᠢ ᠮᠡᠳᠡᠬᠦ ᠦᠭᠡᠢ ᠪᠠᠶᠢᠭᠰᠠᠨ᠃ ᠤᠴᠢᠷ ᠨᠢ ᠲᠠᠯᠠᠢ ᠯᠠᠮᠠ ᠽᠠᠶ᠎ᠠ ᠪᠠᠨᠳᠢᠳᠠ ᠶᠢ ᠵᠦᠪᠬᠡᠨ ᠪᠡᠶ᠎ᠠ  ᠶᠢᠨ ᠲᠦᠯᠦᠭᠡ ᠬᠦᠥᠰᠢ ᠬᠠᠨ ᠲᠠᠢ ᠠᠭᠤᠯᠵᠠᠭᠤᠯᠬᠤ ᠪᠠᠷ ᠶᠠᠪᠤᠭᠤᠯᠤᠭᠰᠠᠨ ᠠᠴᠠ ᠪᠢᠰᠢ᠂ ᠤᠶᠢᠷᠠᠳ ᠲᠤ ᠱᠠᠰᠢᠨ ᠲᠡᠯᠬᠡᠷᠡᠭᠦᠯᠬᠦ ᠪᠠᠷ ᠶᠠᠪᠤᠭᠤᠯᠤᠭᠰᠠᠨ ᠦᠭᠡᠢ᠃ ᠬᠤᠶᠠᠷ ᠲᠤ᠂ ᠽᠠᠶ᠎ᠠ ᠪᠠᠨᠳᠢᠳᠠ ᠲᠡᠮᠦᠷ ᠲᠠᠥᠯᠠᠢ ᠵᠢᠯ ᠲᠦᠪᠡᠳ ᠲᠤ ᠡᠷᠬᠢᠵᠦ ᠬᠦᠷᠦᠭᠡᠳ ︽ᠪᠤᠶᠠᠨ ᠨᠤᠮ ᠢ ᠮᠠᠰᠢ ᠶᠡᠭᠡ ᠦᠢᠯᠡᠲᠦᠭᠰᠡᠨ︾ ᠢᠶᠠᠨ ᠬᠡᠯᠡᠵᠦ᠂ ᠮᠡᠳᠡᠭᠦᠯᠦᠭᠰᠡᠨ ᠠᠴᠠ ᠰᠠᠶ᠋ᠢ ᠲᠡᠬᠦᠨ ᠤ ᠤᠶᠢᠷᠠᠳ ᠨᠤᠳᠤᠭ ᠲᠤ ᠱᠠᠰᠢᠨ ᠶᠡᠭᠡ ᠪᠠᠷ ᠲᠡᠯᠭᠡᠷᠡᠭᠦᠯᠵᠦ᠂ ᠪᠤᠶᠠᠨ ᠶᠡᠭᠡ ᠬᠤᠷᠢᠶᠠᠭᠰᠠᠨ ᠢ ᠮᠡᠳᠡᠵᠦ ︽ᠬᠠᠷᠢᠨ ᠪᠠᠰᠠ ᠱᠠᠵᠢᠨ ᠳᠤ ᠲᠤᠰᠠᠯᠠᠬᠤᠢ ᠶᠢᠨ ᠲᠤᠯᠠ ᠢᠯᠡᠭᠡᠭᠰᠡᠨ︾ ᠪᠠᠶᠢᠨ᠎ᠠ᠃ ᠠᠳᠡ ︽ᠪᠠᠰᠠ︾ ᠬᠡᠬᠦ ᠦᠭᠡ  ᠶᠢ ᠭᠡᠷᠡᠭᠯᠡᠵᠦ ᠲᠠᠬᠢᠨᠲᠠ ᠢᠯᠡᠬᠡᠵᠦ ᠪᠠᠶᠢᠭ᠎ᠠ ᠰᠠᠨᠠᠭ᠎ᠠ ᠪᠠᠨ ᠲᠤᠳᠤ ᠢᠯᠡᠳᠬᠡᠵᠠᠢ᠃ ᠽᠠᠶ᠎ᠠ ᠪᠠᠨᠳᠢᠳᠠ ᠶᠢ ᠬᠦᠥᠰᠢ ᠬᠠᠨ ᠲᠤᠮᠢᠯᠠᠭᠰᠠᠨ ᠤ ᠪᠠᠰᠠ ᠨᠢᠭᠡ ᠪᠠᠷᠢᠮᠲᠠ ᠪᠤᠯᠬᠤ ᠵᠤᠶᠢᠯ ᠭᠡᠪᠡᠯ᠂ ᠽᠠᠶ᠎ᠠ ᠪᠠᠨᠳᠢᠳᠠ ᠠᠴᠠ ᠡᠮᠦᠨ᠎ᠡ ᠤᠶᠢᠷᠠᠳ ᠨᠤᠲᠤᠭ ᠲᠤ ᠡᠶᠢᠮᠦᠷᠬᠦ ᠱᠠᠰᠢᠨ ᠢ ᠶᠡᠭᠡ ᠪᠠᠷ ᠰᠢᠲᠦᠬᠦ᠂ ᠲᠡᠯᠭᠡᠷᠡᠭᠦᠯᠬᠦ᠂ ᠪᠠᠰᠠ ᠤᠶᠢᠷᠠᠳ ᠤᠨ ᠪᠠ ᠮᠤᠩᠭᠤᠯᠴᠤᠳ ᠤᠨ ᠲᠤᠳᠤᠭᠠᠲᠦ ᠶᠢᠨ ᠵᠦᠷᠢᠴᠡᠯ ᠲᠡᠮᠡᠴᠡᠯ ᠢ ᠡᠪᠰᠡᠭᠦᠯᠵᠦ ᠪᠠᠶᠢᠭᠰᠠᠨ ᠬᠦᠮᠦᠨ ᠪᠣᠯ ᠬᠡᠬᠡᠨ ᠬᠦᠥᠰᠢ ᠬᠠᠨ ᠶᠤᠮ᠃ ᠤᠯᠠᠭᠠᠨ ᠮᠤᠷᠢᠨ ᠵᠢᠯ ︵1606︶ ᠳᠤ ᠡᠭᠡ ᠨᠢ ᠨᠠᠰᠤ ᠪᠠᠷᠠᠭᠰᠠᠨ ᠳᠤ ᠲᠡᠷᠡ ᠪᠦᠬᠦ ᠭᠦᠷᠦᠩᠭᠡ ᠪᠠᠷ ᠢᠶᠠᠨ ᠦᠭᠯᠢᠭᠡ ᠦᠭᠴᠦ ᠪᠤᠶᠠᠨ ᠦᠢᠯᠡᠲᠦᠨ 【24】 ᠲᠦᠮᠡᠨ ᠤᠯᠠᠨ ᠤ ᠰᠡᠳᠬᠢᠯ ᠢ ᠤᠯᠵᠠᠢ᠃ ᠶᠠᠭ ᠦᠨᠡᠨ ᠳᠤ ᠪᠠᠨ ᠬᠦᠥᠰᠢ ᠬᠠᠨ ᠪᠣᠯ ︽ᠤᠶᠢᠷᠠᠳ ᠢ ᠰᠢᠷ᠎ᠠ ᠶᠢᠨ ᠱᠠᠰᠢᠨ ᠳᠤ ᠲᠠᠭᠠᠭᠤᠯᠤᠨ ᠤᠷᠤᠭᠤᠯᠤᠭᠰᠠᠨ ᠠᠴᠢᠲᠠᠢ ᠬᠠᠭᠠᠨ︾ ᠬᠡᠮᠡᠭᠳᠡᠳᠡᠭ ᠪᠠᠶᠢᠪᠠᠭᠠᠰ ᠬᠠᠭᠠᠨ ᠠᠴᠠ ᠴᠦ ᠡᠷᠲᠡ ᠰᠢᠷ᠎ᠠ ᠶᠢᠨ ᠱᠠᠰᠢᠨ ᠤ ᠨᠦᠯᠦᠭᠡ ᠶᠢ ᠬᠦᠷᠳᠡᠵᠦ᠂ ᠱᠠᠰᠢᠨ ᠢᠶᠠᠷ ᠲᠦᠷᠦ ᠵᠠᠰᠠᠬᠤ ᠶᠢ ᠤᠬᠠᠭᠠᠷᠠᠵᠦ ᠶᠠᠪᠤᠭᠰᠠᠨ ᠬᠦᠮᠦᠨ ᠶᠤᠮ᠃ ᠽᠠᠶ᠎ᠠ ᠪᠨᠳᠢᠳᠠ ᠤᠶᠢᠷᠠᠳ ᠨᠤᠳᠤᠭ ᠲᠤ ᠪᠠᠨ ᠪᠤᠴᠠᠭᠰᠠᠨ ᠤ ᠲᠠᠷᠠᠭ᠎ᠠ ᠶᠠᠭ ᠬᠦᠥᠰᠢ ᠬᠠᠨ ᠤ ᠡᠬᠢᠯᠡᠵᠦ ᠬᠢᠵᠦ ᠪᠠᠶᠢᠭᠰᠠᠨ ᠱᠠᠰᠢᠨ ᠲᠡᠯᠭᠡᠷᠡᠭᠦᠯᠬᠦ᠂ ᠮᠤᠩᠭᠤᠯᠴᠤᠳ ᠤᠨ ᠲᠤᠳᠤᠭᠠᠲᠦ ᠶᠢᠨ ᠵᠦᠷᠢᠴᠡᠯ᠂ ᠲᠠᠶᠢᠨ ᠲᠠᠵᠢᠨ ᠢ ᠡᠪᠰᠡᠭᠦᠯᠵᠦ ᠵᠤᠭᠰᠤᠭᠠᠬᠤ ᠦᠢᠯᠡᠰ ᠢ ᠦᠷᠭᠦᠯᠵᠢᠯᠠᠬᠦᠯᠦᠭᠰᠡᠨ ᠪᠠᠶᠢᠨ᠎ᠠ᠃ ᠵᠠᠯᠠᠭᠤ ᠡᠷᠳᠡᠮᠲᠡᠨ ᠮᠢᠩᠭᠠᠳ᠂ ᠡᠷᠲᠡᠮᠲᠦ ᠽᠠᠶ᠎ᠠ ᠪᠠᠨᠳᠢᠳᠠ ᠤᠶᠢᠷᠠᠳ ᠨᠤᠳᠤᠭ ᠲᠤ ᠪᠠᠨ ᠪᠤᠴᠠᠭᠰᠠᠨ ᠰᠢᠯᠲᠠᠭᠠᠨ ᠤ ᠲᠤᠬᠠᠢ ︽ᠦᠨᠡᠨ ᠳᠡᠭᠡᠨ ᠽᠠᠶ᠎ᠠ ᠪᠠᠨᠳᠢᠳᠠ ᠶᠢᠨ ᠤᠶᠢᠷᠠᠳ ᠨᠤᠳᠤᠭ ᠲᠠᠭᠠᠨ ᠪᠤᠴᠠᠭᠰᠠᠨ ᠨᠢ ᠴᠦ ᠬᠡᠳ ᠬᠦᠨ ᠬᠦᠨᠵᠡᠬᠡᠢ ᠤᠯᠤᠰ ᠲᠦᠷᠦ᠂ ᠲᠡᠥᠬᠡ ᠶᠢᠨ ᠰᠢᠯᠲᠠᠭᠠᠨ  ᠲᠠᠢ ᠪᠠᠶᠢᠭᠰᠠᠨ ᠶᠤᠮ 【25】᠃︾ ᠬᠡᠵᠦ ᠮᠠᠰᠢ ᠤᠨᠤᠪᠴᠢᠲᠠᠢ ᠦᠨᠡᠯᠡᠵᠠᠢ᠃ ᠠᠩᠬ᠎ᠠ ᠲᠦᠪᠡᠳ ᠠᠴᠠ ᠤᠶᠢᠷᠠᠳ ᠲᠤ ᠪᠠᠨ ᠪᠤᠴᠠᠬᠤ ᠪᠤᠯᠤᠭᠰᠠᠨ ᠨᠢ ᠵᠦᠪᠬᠡᠨ ᠱᠠᠰᠢᠨ ᠲᠡᠯᠭᠡᠷᠡᠬᠦᠯᠬᠦ ᠶᠢᠨ ᠲᠦᠯᠦᠭᠡ ᠪᠢᠰᠢ᠃ ᠡᠬᠦᠨ ᠤ ᠪᠠᠰᠠ ᠨᠢᠭᠡᠨ ᠪᠠᠷᠢᠮᠲᠠ ᠭᠡᠪᠡᠯ᠄ ︽ᠰᠠᠷᠠᠨ ᠤ ᠭᠡᠷᠡᠯ︾ ᠳᠤ ︽ᠲᠠᠯᠠᠢ ᠯᠠᠮᠠ ᠴᠢ ᠮᠢᠨᠤ ᠲᠦᠯᠦᠭᠡ ᠮᠤᠩᠭᠤᠯ ᠬᠡᠯᠡᠲᠡᠨ ᠳᠤ ᠭᠠᠷᠴᠦ᠂ ᠱᠠᠵᠢᠨ ᠬᠢᠬᠡᠳ ᠠᠮᠢᠲᠠᠨ ᠳᠤ ᠨᠤᠮ ᠤᠷᠴᠢᠭᠤᠯᠵᠦ ᠲᠤᠰᠠᠯᠠᠨ ᠦᠢᠯᠡᠳ ᠬᠡᠮᠡᠨ ᠵᠠᠷᠯᠢᠭ ᠪᠤᠯᠪᠠᠢ 【26】᠃︾ ᠬᠡᠬᠦ ᠮᠡᠲᠦ ᠪᠠᠷ ᠲᠡᠮᠲᠡᠭᠯᠡᠵᠦ ᠪᠠᠶᠢᠭ᠎ᠠ ᠨᠢ ᠬᠠᠷᠢᠨ ︽ᠲᠠᠪᠤᠲᠤᠭᠠᠷ ᠲᠠᠯᠠᠢ ᠯᠠᠮᠠ ᠶᠢᠨ ᠨᠠᠮᠲᠠᠷ︾ ᠪᠠ ︽ᠲᠦᠪᠡᠳ ᠤᠨ ᠦᠶ᠎ᠡ ᠵᠠᠯᠭᠠᠮᠵᠢ ᠶᠢᠨ ᠲᠡᠮᠳᠡᠭᠯᠡᠯ︾ ᠮᠡᠲᠦ ᠲᠦᠪᠡᠳ ᠰᠤᠷᠪᠤᠯᠵᠢ ᠳᠤ ᠬᠠᠷᠠᠭᠳᠠᠬᠤ ᠦᠭᠡᠢ ᠪᠠᠶᠢᠨ᠎ᠠ᠃ ᠡᠭᠦᠨ ᠳᠤ ᠬᠤᠶᠠᠷ ᠵᠤᠶᠢᠯ ᠤᠨ ᠪᠤᠯᠤᠯᠴᠠᠭ᠎ᠠ ᠪᠠᠶᠢᠨ᠎ᠠ᠃ ᠨᠢᠭᠡ ᠨᠢ᠄ ᠲᠤᠬᠠᠢ ᠶᠢᠨ ᠦᠶ᠎ᠡ ᠶᠢᠨ ᠤᠯᠤᠰ ᠲᠦᠷᠦ ᠶᠢᠨ ᠭᠡᠷᠡᠭᠴᠡᠭᠡ ᠪᠠᠷ ᠲᠦᠮᠡᠨ ᠢ ᠨᠤᠮᠤᠬᠠᠳᠬᠠᠵᠦ᠂ ᠰᠡᠳᠬᠢᠯ ᠨᠢᠭᠡᠲᠦᠭᠦᠯᠬᠦ᠂ ᠲᠠᠶᠢᠪᠤᠩ ᠲᠤᠭᠳᠠᠭᠤᠨ ᠪᠠᠶᠢᠯᠭᠠᠬᠤ ᠶᠢᠨ ᠲᠦᠯᠦᠭᠡ ᠰᠢᠷ᠎ᠠ ᠶᠢᠨ ᠱᠠᠰᠢᠨ ᠢ ᠲᠡᠯᠭᠡᠷᠡᠭᠦᠯᠬᠦ᠂ ᠵᠢᠴᠢ ᠲᠡᠬᠦᠨ ᠤ ᠢᠲᠡᠭᠡᠯ ᠬᠦᠨᠲᠦ ᠪᠠ ᠨᠦᠯᠦᠭᠡ ᠶᠢ ᠬᠦᠨ ᠬᠦᠨᠵᠡᠬᠡᠢ ᠪᠤᠯᠭᠠᠬᠤ ᠶᠢᠨ ᠲᠦᠯᠦᠭᠡ ︽ᠬᠤᠶᠠᠷ ᠪᠤᠭᠳᠠ ᠶᠢ ᠲᠦᠯᠦᠭᠡᠯᠡᠵᠦ ᠢᠷᠡᠭᠰᠡᠨ︾ ᠪᠤᠶᠤ ︽ᠬᠤᠶᠠᠷ ᠪᠤᠭᠲᠠ︾ ᠲᠤᠮᠢᠯᠠᠭᠰᠠᠨ ᠬᠡᠵᠦ᠂᠂᠂᠂ ᠨᠡᠷ᠎ᠡ ᠠᠯᠳᠠᠷᠰᠢᠭᠤᠯᠵᠦ ᠪᠠᠶᠢᠭᠰᠠᠨ ᠪᠤᠯᠤᠯᠲᠠᠢ᠃ ᠬᠤᠶᠠᠳᠠᠬᠢ ᠪᠤᠯᠤᠯᠴᠠᠭ᠎ᠠ ᠨᠢ ᠬᠡᠪᠡᠯ᠄ ᠰᠡᠭᠦᠯ ᠳᠤᠨᠢ ᠽᠠᠶ᠎ᠠ ᠪᠠᠨᠳᠢᠳᠠ ᠶᠢᠨ ᠱᠠᠪᠢ ᠨᠠᠷ ᠪᠠᠭᠰᠢ ᠶᠢᠨ ᠢᠶᠠᠨ ᠨᠦᠯᠦᠭᠡ ᠪᠠ ᠨᠡᠷ᠎ᠡ ᠬᠦᠨᠲᠦ ᠶᠢ ᠪᠤᠳᠤᠵᠦ᠂ ᠬᠤᠶᠠᠷ ᠪᠤᠭᠳᠠ ᠶᠢᠨ ᠲᠤᠮᠢᠯᠠᠯ ᠢᠶᠠᠷ ᠤᠶᠢᠷᠠᠳ ᠲᠤ ᠱᠠᠰᠢᠨ ᠳᠡᠯᠬᠡᠷᠡᠬᠦᠯᠦᠭᠰᠡᠨ ᠬᠡᠵᠦ ᠮᠠᠭᠳᠠᠭᠰᠠᠨ ᠪᠠᠶᠢᠵᠦ ᠪᠤᠯᠬᠤ ᠶᠤᠮ᠃ ᠱᠠᠪᠢ ᠷᠠᠳᠨᠠᠪᠡᠾᠡᠳ᠋ᠷᠠ ᠨᠢ ︽ᠰᠠᠷᠠᠨ ᠤ ᠭᠡᠷᠡᠯ︾ ᠢ ᠪᠠᠷᠤᠭ ᠪᠠᠭᠰᠢ  ᠶᠢᠨ ᠢᠶᠠᠨ 1662 ᠤᠨ ᠳᠤ ᠲᠠᠭᠠᠯᠠᠯ ᠲᠡᠭᠦᠰᠦᠭᠰᠡᠨ ᠤ ᠭᠤᠴᠢᠭᠠᠳ ᠵᠢᠯ ᠤᠨ ᠲᠠᠷᠠᠭ᠎ᠠ᠂ ᠪᠤᠲᠠᠲᠠᠢ ᠬᠡᠯᠡᠪᠡᠯ 1691--1695 ᠤᠨ ᠤ ᠬᠤᠭᠤᠷᠤᠨᠲᠦ 【27】 ᠪᠢᠴᠢᠵᠠᠢ᠃ ᠲᠡᠶᠢᠮᠦ ᠠᠴᠠ ᠵᠠᠷᠢᠮ ᠨᠢᠭᠡᠨ ᠦᠭᠡ ᠶᠠᠷᠢᠶᠠᠨ  ᠤ ᠴᠠᠭ ᠬᠤᠭᠤᠴᠠᠭ᠎ᠠ ᠶᠢ ᠮᠠᠰᠢ ᠤᠨᠤᠪᠴᠢᠲᠠᠢ ᠬᠡᠵᠦ ᠬᠡᠯᠡᠬᠦ ᠶᠢᠨ ᠠᠷᠭ᠎ᠠ ᠦᠭᠡᠢ᠃ ᠽᠠᠶ᠎ᠠ ᠪᠠᠨᠳᠢᠳᠠ ᠤᠶᠢᠷᠠᠳ ᠨᠤᠳᠤᠭ ᠲᠤ ᠪᠠᠨ ᠪᠤᠴᠠᠵᠦ᠂ ᠱᠠᠰᠢᠨ ᠢ ᠦᠷᠭᠡᠨ ᠢᠶᠠᠷ ᠲᠡᠯᠭᠡᠷᠡᠭᠦᠯᠵᠦ᠂ ᠮᠤᠩᠭᠤᠯ ᠨᠤᠳᠤᠭ ᠲᠤ ᠶᠡᠭᠡ ᠦᠭᠯᠢᠭᠡ ᠪᠠᠷᠢᠴᠠ ᠪᠠᠷᠢᠭᠰᠠᠨ ᠦᠶ᠎ᠡ ᠳᠤ ᠲᠠᠯᠠᠢ ᠯᠠᠮᠠ ᠰᠠᠶ᠋ᠢ ︽ᠶᠡᠷᠦ ᠪᠤᠰᠤ ᠶᠢᠨ ᠱᠠᠪᠢ︾ ᠬᠡᠳᠡᠭ ᠢ ᠲᠠᠨᠢᠵᠦ᠂ ︽ᠮᠢᠨᠤ ᠲᠦᠯᠦᠭᠡ ᠮᠤᠩᠭᠤᠯ ᠬᠡᠯᠡᠲᠡᠨ ᠳᠤ ᠱᠠᠵᠢᠨ ᠲᠡᠯᠭᠡᠷᠡᠬᠦᠯᠵᠦ︾ ᠴᠢᠳᠠᠨ᠎ᠠ ᠬᠡᠳᠡᠭ ᠢ ᠢᠳᠡᠭᠡᠵᠦ᠂ ᠲᠠᠬᠢᠵᠦ ᠵᠠᠬᠢᠭᠰᠠᠨ ᠪᠠᠶᠢᠵᠦ ᠪᠤᠯᠬᠤ ᠶᠤᠮ᠃ ᠽᠠᠶ᠎ᠠ ᠪᠠᠨᠳᠢᠳᠠ ᠪᠠ ᠬᠦᠥᠰᠢ ᠬᠠᠨ ᠤ ᠱᠠᠰᠢᠨ ᠲᠦᠷᠦ ᠶᠢᠨ ᠲᠦᠯᠦᠭᠡᠨ ᠤ ᠬᠠᠷᠢᠴᠠᠭ᠎ᠠ ᠬᠤᠯᠪᠤᠭ᠎ᠠ ᠶᠢ ᠢᠯᠡᠳᠭᠡᠵᠦ ᠴᠢᠳᠠᠬᠤ ᠪᠠᠰᠠ ᠨᠢᠭᠡᠨ ᠪᠠᠷᠢᠮᠲᠠ ᠬᠡᠪᠡᠯ᠄ ᠴᠢᠩ ᠤᠯᠤᠰ ᠲᠤ ᠠᠪᠴᠦ ᠪᠠᠶᠢᠭᠰᠠᠨ ᠤᠪᠤᠷ ᠪᠠ ᠤᠷᠤᠯᠳᠤᠯᠭ᠎ᠠ ᠪᠤᠯᠤᠨ᠎ᠠ᠃ ᠬᠦᠥᠰᠢ ᠬᠠᠨ ᠪᠣᠯ ᠰᠢᠯᠭᠠᠷᠠᠭᠰᠠᠨ ᠤᠯᠤᠰ ᠲᠦᠷᠦᠴᠢ᠂ ᠠᠯᠤᠰ ᠬᠤᠯᠠ  ᠶᠢᠨ ᠪᠤᠳᠤᠯᠭᠠᠲᠠᠨ ᠪᠠᠶᠢᠭᠰᠠᠨ ᠪᠤᠯᠬᠤᠷ᠂ ᠬᠤᠶᠢᠲᠦ ᠲᠠᠯ᠎ᠠ ᠶᠢᠨ ᠤᠷᠤᠰ ᠯᠤᠭ᠎ᠠ ᠶᠢᠨ ᠡᠩᠭᠡ ᠲᠠᠶᠢᠪᠤᠩ ᠢ ᠪᠠᠳᠤᠯᠠᠭᠰᠠᠨ ᠢᠶᠠᠷ ᠪᠠᠷᠠᠬᠤ ᠦᠭᠡᠢ᠂ ᠤᠷᠶᠲᠦ ᠲᠠᠯ᠎ᠠ ᠳᠤ ᠪᠠᠨ ᠴᠦ ᠪᠠᠶᠢᠳᠠᠯ ᠢ ᠠᠵᠢᠭᠯᠠᠵᠦ ᠪᠠᠶᠢᠵᠠᠢ᠃ ᠶᠠᠭ ᠡᠷᠳᠡᠮᠲᠡᠨ ᠪᠤᠷᠵᠢᠬᠢᠲᠠᠢ ᠤᠶᠤᠨᠪᠢᠯᠢᠭ᠌ ᠤᠨ ᠰᠢᠨᠵᠢᠯᠡᠭᠡᠨ ᠰᠢᠭ ᠬᠦᠥᠰᠢ ᠬᠠᠨ ᠬᠦᠬᠡᠨᠠᠭᠤᠷ ᠲᠦᠪᠡᠳ ᠤᠨ ᠦᠨᠲᠦᠷᠯᠢᠭ ᠳᠠᠬᠢ ᠲᠦᠷᠦ ᠱᠠᠰᠢᠨ ᠤ ᠡᠷᠭᠡ ᠪᠠᠶᠢᠷᠢ ᠪᠠᠨ ᠪᠠᠬᠢᠵᠢᠭᠦᠯᠦᠶ᠎ᠡ ᠬᠡᠪᠡᠯ ᠵᠦᠪᠬᠡᠨ ︽ᠲᠦᠪᠡᠳ ᠤᠷᠤᠨ  ᠳᠠᠬᠢ ᠲᠦᠷᠦ ᠱᠠᠰᠢᠨ ᠤ ᠲᠠᠶᠢᠰᠤᠨ ᠨᠤᠭᠤᠳ ᠢᠶᠠᠨ ᠮᠦᠭᠦᠭᠡᠭᠡᠳ ᠯᠠ ᠪᠤᠯᠴᠢᠬᠠᠬᠤ ᠪᠢᠰᠢ᠂ ᠪᠠᠰᠠ ᠤᠷᠴᠢᠨ ᠲᠤᠭᠤᠷᠢᠨ ᠤ ᠤᠯᠤᠰ ᠲᠦᠷᠦ ᠶᠢᠨ ᠬᠦᠴᠦᠨ ᠨᠦᠭᠦᠳ ᠲᠠᠢ ᠡᠪᠲᠠᠢ ᠤᠷᠤᠯᠲᠤᠬᠤ ᠬᠡᠷᠡᠭᠲᠡᠢ 【28】᠃︾ ᠬᠡᠳᠡᠭ ᠢ ᠠᠯᠢ ᠡᠷᠲᠡ ᠤᠬᠠᠭᠠᠷᠠᠵᠦ᠂ 1636 ᠣᠨ ᠳᠤ ᠪᠤᠭᠤᠮᠲᠠ ᠶᠢᠨ ᠲᠤᠳᠤᠭᠠᠲᠦ ᠳᠤ ᠨᠡᠪᠲᠡᠷᠡᠨ ᠤᠷᠤᠵᠦ ᠵᠠᠪᠳᠤᠭ᠎ᠠ ᠦᠭᠡᠢ ᠪᠠᠶᠢᠭᠰᠠᠨ ᠲᠠᠶᠢᠴᠢᠩ ᠤᠯᠤᠰ ᠲᠤ ᠡᠯᠴᠢᠨ ᠲᠤᠮᠢᠯᠠᠵᠦ ᠪᠠᠶᠢᠵᠠᠢ᠃ ᠢᠩᠭᠢᠭᠡᠳ ᠲᠠᠶᠢᠴᠢᠩ ᠤᠯᠤᠰ ᠢᠶᠠᠷ ᠲᠠᠯᠠᠢ ᠯᠠᠮᠠ ᠶᠢ ᠲᠤᠳᠤᠷ᠎ᠠ ᠭᠠᠵᠠᠷ ᠵᠠᠯᠠᠬᠤ ᠶᠢ ᠰᠠᠨᠠᠭᠠᠴᠢᠯᠠᠵᠦ ᠪᠠᠶᠢᠵᠠᠢ᠃ ᠰᠡᠭᠦᠯ ᠳᠤᠨᠢ ᠽᠠᠶ᠎ᠠ ᠪᠠᠨᠳᠢᠳᠠ ᠴᠦ ᠶᠠᠭ ᠡᠶᠢᠮᠦ ᠤᠷᠤᠯᠲᠤᠯᠭ᠎ᠠ ᠬᠢᠵᠦ ᠲᠠᠪᠤᠲᠤᠭᠠᠷ ᠲᠠᠯᠠᠢ ᠯᠠᠮᠠ ᠶᠢ ᠪᠡᠭᠡᠵᠢᠩ ᠳᠤ ᠵᠠᠯᠠᠭᠤᠯᠵᠤ ᠪᠠᠶᠢᠵᠠᠢ᠃ ᠬᠡᠬᠡᠨ ᠬᠦᠥᠰᠢ ᠬᠠᠨ 1638 ᠤᠨ ᠳᠤ ᠬᠦᠭᠡᠨᠠᠭᠤᠷ ᠢ ᠡᠵᠡᠯᠡᠭᠡᠳ ᠤᠶᠢᠷ᠎ᠠ ᠬᠤᠯᠠ ᠶᠢᠨ ᠲᠦᠰᠦᠪ ᠲᠦᠯᠦᠪᠯᠡᠯᠭᠡ  ᠪᠠᠨ ᠨᠠᠷᠢᠨ ᠰᠠᠶᠢᠨ ᠬᠢᠵᠦ ᠪᠠᠶᠢᠵᠠᠢ᠃ ᠵᠡᠭᠦᠨᠰᠢ ᠢᠯᠭᠤᠭᠰᠠᠨ ᠬᠤᠲᠤᠭᠲᠦ ᠲᠡᠷᠢᠭᠦᠲᠠᠢ ᠡᠯᠴᠢᠨ ᠤ ᠪᠦᠯᠭᠦᠮ ᠢ ᠮᠦᠭᠳᠡᠨ ᠵᠦᠭ ᠢᠯᠡᠭᠡᠵᠦ᠂ ᠲᠠᠶᠢᠴᠢᠩ ᠬᠦᠷᠦᠨ ᠲᠠᠢ ᠨᠠᠶᠢᠷᠰᠠᠭ ᠬᠠᠷᠢᠴᠠᠬᠤ ᠶᠢ ᠵᠤᠷᠢᠵᠦ᠂ ᠪᠠᠷᠠᠭᠤᠨᠰᠢ ᠪᠠᠰᠠ ᠬᠦᠮᠦᠨ ᠲᠤᠮᠢᠯᠠᠵᠦ ᠲᠠᠯᠠᠢ ᠯᠠᠮᠠ ᠶᠢ ᠵᠠᠯᠠᠵᠠᠢ᠃ ᠲᠠᠯᠠᠢ ᠯᠠᠮᠠ ᠬᠦᠥᠰᠢ ᠬᠠᠨ ᠤ ᠵᠠᠯᠠᠯᠭ᠎ᠠ ᠳᠤ ︽ᠲᠠᠷᠤᠶᠢᠲᠠ ᠤᠳᠴᠦ ᠦᠯᠦ ᠪᠤᠯᠬᠤᠢ ᠪᠠᠴᠢᠮ ᠪᠤᠯᠤᠭᠰᠠᠨ︾ ᠦᠶ᠎ᠡ ᠳᠤ ᠽᠠᠶ᠎ᠠ ᠪᠠᠨᠳᠢᠳᠠ ᠶᠢ ᠬᠦᠥᠰᠢ ᠬᠠᠨ ᠵᠦᠭ ᠢᠯᠡᠭᠡᠬᠦ ᠳᠤ  ᠪᠠᠨ ᠶᠠᠮᠠᠷ ᠴᠦ ᠵᠡᠷᠭᠡ ᠴᠤᠯᠠ ᠡᠷᠭᠦᠮᠵᠢᠯᠡᠭᠰᠡᠨ ᠦᠭᠡᠢ ᠰᠢᠭᠤᠳ ᠢᠯᠡᠭᠡᠭᠰᠡᠨ ᠢ ︽ᠪᠠᠴᠢᠮ ᠪᠤᠯᠤᠭᠰᠠᠨ︾ ᠬᠡᠳᠡᠭ  ᠢᠶᠠᠷ ᠢᠯᠡᠷᠭᠡᠶᠢᠯᠡᠵᠦ᠂ ᠬᠦᠥᠰᠢ ᠬᠠᠨ ᠬᠠᠷᠢᠨ ᠲᠡᠬᠦᠨ ᠢ ︽ᠬᠤᠳᠤᠭᠲᠦ ᠬᠡᠮᠡᠨ ᠶᠡᠭᠡ ᠯᠠᠮᠠ ᠪᠤᠯᠤᠨ︾ ᠡᠷᠬᠦᠮᠵᠢᠯᠡᠵᠠᠢ᠃ ᠬᠦᠥᠰᠢ ᠬᠠᠨ ᠳᠤ ︽ᠬᠤᠳᠤᠭᠲᠦ ᠡᠷᠭᠦᠮᠵᠢᠯᠡᠭᠳᠡᠭᠰᠡᠨ︾ ᠤ ᠲᠠᠷᠠᠭ᠎ᠠ ᠰᠠᠶ᠋ᠢ ᠤᠶᠢᠷᠠᠳ ᠨᠤᠳᠤᠭ  ᠲᠤ ᠪᠠᠨ ᠪᠤᠴᠠᠵᠦ᠂ ︽ᠤᠶᠢᠷᠠᠳ ᠤᠨ ᠲᠦᠷᠦ ᠱᠠᠰᠢᠨ ᠳᠤ ᠶᠡᠭᠡ ᠲᠤᠰᠠ ᠦᠢᠯᠡᠲᠦᠭᠡᠳ︾᠂ ᠬᠤᠶᠢᠨ᠎ᠠ ᠨᠢ ︽ᠲᠡᠮᠦᠷ ᠲᠠᠥᠯᠠᠢ ᠵᠢᠯ ᠳᠤ ᠪᠠᠷᠠᠭᠤᠨ ᠲᠠᠯ᠎ᠠ ᠢᠷᠡᠭᠰᠡᠨ ᠳᠤ ᠪᠠᠨ ᠪᠤᠶᠠᠨ ᠨᠤᠮ ᠢ ᠮᠠᠰᠢ ᠶᠡᠭᠡ ᠦᠢᠯᠡᠲᠦᠭᠰᠡᠨ ᠠᠴᠠ︾ ᠲᠠᠯᠠᠢ ᠯᠠᠮᠠ ᠦᠪᠡᠷ ᠤᠨ ᠪᠡᠶ᠎ᠡ ᠪᠠᠷ ᠵᠢᠩᠬᠢᠨᠢ ᠪᠠᠷ ᠽᠠᠶ᠎ᠠ ᠪᠠᠨᠳᠢᠳᠠ ᠶᠢ ︽ᠱᠠᠵᠢᠨ ᠳᠤ ᠲᠤᠰᠠᠯᠠᠬᠤᠢ ᠶᠢᠨ ᠲᠤᠯᠠ ᠢᠯᠡᠭᠡᠭᠰᠡᠨ︾ ᠪᠠᠶᠢᠨ᠎ᠠ᠃ ᠽᠠᠶ᠎ᠠ ᠪᠠᠨᠳᠢᠳᠠ ᠶᠢ ᠬᠤᠶᠠᠷ ᠤᠳᠠᠭ᠎ᠠ ᠤᠶᠢᠷᠠᠳ ᠨᠤᠳᠤᠭ ᠲᠤᠨᠢ ︽ᠢᠯᠡᠭᠡᠭᠰᠡᠨ︾ ᠤ ᠵᠤᠷᠢᠯᠲᠠ ᠬᠠᠷᠠᠯᠲᠠ ᠪᠠ ︽ᠢᠯᠡᠭᠡᠭᠰᠡᠨ︾ ᠬᠦᠮᠦᠨ ᠨᠢ ᠠᠳᠠᠯᠢ ᠦᠭᠡᠢ᠃ ᠬᠦᠥᠰᠢ ᠬᠠᠨ ᠪᠣᠯ ︽ᠲᠦᠷᠦ ᠱᠠᠰᠢᠨ︾ ᠳᠤ ᠲᠤᠰᠠ ᠬᠢᠬᠦ ᠵᠤᠷᠢᠯᠭ᠎ᠠ ᠪᠠᠷ᠂ ᠲᠠᠯᠠᠢ ᠯᠠᠮᠠ ᠪᠣᠯ ︽ᠱᠠᠵᠢᠨ ᠤ ᠲᠤᠰᠠᠯᠠᠬᠤᠢ︾ ᠵᠤᠷᠢᠯᠭ᠎ᠠ ᠪᠠᠷ ᠢᠯᠡᠭᠡᠭᠰᠡᠨ ᠪᠠᠶᠢᠵᠠᠢ᠃ ᠶᠡᠷᠤᠩᠭᠡᠶᠢᠯᠡᠭᠡᠳ ᠬᠡᠯᠡᠪᠡᠯ᠂ ᠽᠠᠶ᠎ᠠ ᠪᠠᠨᠳᠢᠳᠠ ᠲᠦᠪᠡᠳ ᠲᠤ ᠬᠤᠷᠢᠨ ᠬᠤᠶᠠᠷ ᠵᠢᠯ ᠰᠠᠭᠤᠵᠦ ᠬᠡᠲᠦᠶᠢᠳᠡᠭᠰᠡᠨ ᠤᠢ ᠪᠢᠯᠢᠭ ᠢᠶᠠᠷ ᠢᠶᠠᠨ ᠱᠠᠰᠢᠨ ᠤ ᠤᠬᠠᠭᠠᠨ ᠳᠤ ᠨᠡᠪᠲᠡᠷᠡᠵᠦ᠂ ᠤᠯᠠᠨ ᠤ ᠠᠩᠬᠠᠷᠤᠯ ᠢ ᠲᠠᠳᠠᠵᠦ ᠪᠠᠶᠢᠭᠰᠠᠨ ᠪᠦᠭᠡᠳ ᠲᠠᠪᠤᠳᠤᠭᠠᠷ ᠲᠠᠯᠠᠢ ᠯᠠᠮᠠ ᠪᠠ ᠲᠦᠷᠪᠡᠲᠦᠭᠡᠷ ᠪᠠᠨᠴᠢᠨ ᠡᠷᠳᠡᠨᠢ ᠲᠠᠢ ᠤᠳᠠᠭᠠᠨ ᠵᠢᠯ ᠬᠠᠮᠲᠦ ᠪᠠᠶᠢᠵᠦ ᠲᠡᠳᠡᠨ ᠤ ᠢᠳᠡᠭᠡᠯ ᠢ ᠬᠦᠨ᠎ᠡ ᠤᠯᠤᠭᠰᠠᠨ ᠪᠠᠶᠢᠳᠠᠭ᠃ ᠲᠤᠬᠠᠢ ᠶᠢᠨ ᠦᠶ᠎ᠡ ᠳᠤ ᠬᠤᠱᠤᠳ ᠠᠶᠢᠮᠠᠭ ᠤᠨ ᠬᠦᠥᠰᠢ ᠬᠠᠨ ᠬᠦᠬᠡᠨᠠᠭᠤᠷ ᠲᠤ ᠢᠷᠡᠵᠦ᠂ ᠰᠢᠷ᠎ᠠ ᠶᠢᠨ ᠱᠠᠰᠢᠨ ᠲᠠᠢ ᠲᠠᠶᠢᠰᠤᠩᠨᠠᠵᠦ ᠪᠠᠶᠢᠭᠰᠠᠨ ᠴᠤᠭᠲᠦ ᠲᠠᠶᠢᠵᠢ ᠨᠢᠭᠡᠨᠲᠡ ᠤᠰᠠᠳᠬᠠᠭᠳᠠᠭᠰᠠᠨ ᠪᠠᠶᠢᠪᠠ᠃ ᠭᠡᠪᠡᠴᠦ ᠽᠠᠩᠪᠠ ᠬᠠᠨ ᠤᠯᠠᠭᠠᠨ ᠤ ᠱᠠᠰᠢᠨ ᠪᠤᠯᠤᠨ ᠪᠠᠷᠢ ᠲᠠᠶᠢᠵᠢ ᠨᠠᠷ ᠠᠴᠠ ᠪᠤᠯᠤᠭᠰᠠᠨ ᠰᠦᠷᠳᠡᠭᠦᠯᠦᠯ ᠪᠠᠰᠠ ᠤᠷᠤᠰᠢᠭᠰᠠᠭᠠᠷ ᠪᠠᠶᠢᠪᠠ᠃ ᠰᠢᠷ᠎ᠠ ᠶᠢᠨ ᠱᠠᠰᠢᠨ ᠤ ᠲᠡᠭᠡᠲᠦ ᠲᠠᠪᠬᠤᠷᠭᠠᠲᠠᠨ ᠢᠯᠠᠩᠭᠤᠶ᠎ᠠ ᠤᠶᠢᠷᠠᠳ ᠮᠤᠩᠭᠤᠯ ᠤᠨ ᠠᠯᠢᠪᠠ ᠠᠶᠢᠮᠠᠭ ᠤᠨ ᠤᠯᠠᠮ ᠨᠢᠭᠡ ᠠᠯᠬᠤᠮ ᠤᠨ ᠲᠡᠮᠵᠢᠯᠭᠡ ᠶᠢ ᠤᠯᠬᠤ ᠨᠢ ᠲᠤᠩ ᠴᠢᠬᠤᠯᠠ ᠲᠠᠢ ᠪᠠᠶᠢᠪᠠ᠃ ᠡᠶᠢᠮᠦ ᠠᠴᠠ ᠲᠠᠯᠠᠢ ᠯᠠᠮᠠ ᠠᠴᠠ ᠦᠪᠡᠷ ᠤᠨ ᠢᠶᠠᠨ ᠲᠦᠯᠦᠭᠡ ᠮᠤᠩᠭᠤᠯ ᠭᠠᠵᠠᠷ ᠶᠠᠪᠤᠭᠤᠯᠬᠤ ᠳᠤ ᠵᠠᠪᠠᠯ ᠵᠠᠷᠯᠢᠭ ᠵᠢᠭᠠᠪᠤᠷᠢ ᠶᠤᠰᠤᠭᠠᠷ ᠨᠢ ᠪᠡᠶᠡᠯᠡᠭᠦᠯᠳᠡᠭ ᠬᠦᠮᠦᠨ ᠢ ᠬᠠᠶᠢᠬᠤ ᠭᠡᠷᠡᠭᠲᠡᠢ᠃ ᠲᠦᠪᠡᠳ  ᠤᠨ ᠲᠠᠯ᠎ᠠ ᠳᠤ ᠠᠪᠴᠦ ᠦᠵᠡᠪᠡᠯ ᠽᠠᠶ᠎ᠠ ᠪᠠᠨᠳᠢᠳᠠ ᠪᠣᠯ ᠬᠠᠮᠤᠭ ᠤᠨ ᠲᠤᠬᠢᠷᠠᠮᠵᠢᠲᠠᠢ ᠬᠦᠮᠦᠨ ᠪᠠᠶᠢᠭᠰᠠᠨ ᠶᠤᠮ᠃ ᠽᠠᠶ᠎ᠠ ᠪᠠᠨᠳᠢᠳᠠ ᠲᠠᠪᠤᠳᠤᠭᠠᠷ ᠲᠠᠯᠠᠢ ᠯᠠᠮᠠ ᠪᠠ ᠲᠦᠷᠪᠡᠲᠦᠭᠡᠷ ᠪᠠᠨᠴᠢᠨ ᠡᠷᠳᠡᠨᠢ ᠶᠢᠨ ᠨᠡᠷ᠎ᠡ ᠪᠠᠷ ᠤᠶᠢᠷᠠᠳ ᠲᠤ ᠪᠠᠨ ᠪᠤᠴᠠᠭᠰᠠᠨ ᠪᠤᠯᠪᠠᠴᠦ ᠵᠢᠩᠭᠢᠨᠢ ᠲᠤᠮᠢᠯᠠᠭᠰᠠᠨ ᠬᠦᠮᠦᠨ ᠨᠢ ᠪᠣᠯ ᠬᠡᠬᠡᠨ ᠬᠦᠥᠰᠢ ᠬᠠᠨ ᠶᠤᠮ᠃ ᠪᠠᠰᠠ ᠨᠢᠭᠡ ᠲᠤᠳᠤᠷᠬᠠᠶᠢᠯᠠᠬᠤ ᠴᠢᠬᠤᠯᠠ ᠲᠠᠢ ᠵᠦᠢᠯ ᠨᠢ᠂ ︽ᠬᠡᠬᠡᠨ ᠬᠦᠥᠰᠢ ᠬᠠᠨ ᠪᠠ ᠽᠠᠶ᠎ᠠ ᠪᠠᠨᠳᠢᠳᠠ ᠡᠷᠭᠦᠮᠡᠯ ᠠᠪᠠᠭ᠎ᠠ ᠠᠴᠢ ᠶᠢᠨ ᠬᠠᠷᠢᠴᠠᠭ᠎ᠠ ᠲᠠᠢ᠂ ᠬᠠᠷᠢᠯᠴᠠᠨ ᠨᠢᠭᠡ ᠨᠢᠭᠡ ᠪᠠᠨ ᠲᠡᠮᠵᠢᠬᠦ᠂ ᠲᠤᠰᠠᠯᠠᠬᠤ᠂ ᠪᠡᠶ᠎ᠠ ᠪᠡᠶ᠎ᠠ ᠶᠢᠨ ᠨᠡᠷ᠎ᠡ ᠨᠦᠯᠦᠭᠡ ᠪᠠᠨ ᠦᠷᠭᠡᠳᠬᠡᠬᠦ ᠪᠠᠷ ᠴᠢᠷᠮᠠᠶᠢᠬᠤ ᠨᠢ ᠵᠦᠢ ᠶᠤᠰᠤᠨ ᠤ ᠭᠡᠷᠡᠭ ᠶᠤᠮ 【29】᠃︾ ᠲᠠᠪᠤ᠂ ᠽᠠᠶ᠎ᠠ ᠪᠠᠨᠳᠢᠳᠠ ᠶᠢᠨ ᠤᠶᠢᠷᠠᠳ ᠲᠤ ᠪᠠᠨ ᠪᠤᠴᠠᠭᠰᠠᠨ ᠤ ᠲᠠᠷᠠᠭᠠᠬᠢ ᠠᠵᠢᠯᠯᠠᠭ᠎ᠠ ᠽᠠᠶ᠎ᠠ ᠪᠠᠨᠳᠢᠳᠠ ᠤᠶᠢᠷᠠᠳ ᠲᠤ ᠪᠠᠨ ᠪᠤᠴᠠᠵᠦ ᠢᠷᠡᠭᠰᠡᠨ ᠤ ᠲᠠᠷᠠᠭ᠎ᠠ 1638 ᠤᠨ ᠳᠤ᠂ ᠲᠠᠷᠪᠠᠭᠠᠲᠠᠢ ᠬᠡᠬᠦ ᠭᠠᠵᠠᠷ ᠲᠤ ᠵᠠᠩᠬᠢᠶ᠎ᠠ ᠬᠤᠳᠤᠭᠲᠦ ᠠᠭᠸᠠᠩᠴᠤᠶᠢᠲᠠᠨ ᠠᠴᠠ ᠲᠡᠭᠦᠨ ᠢ ᠤᠷᠢᠵᠦ ᠠᠭᠤᠯᠵᠠᠭᠠᠤᠨ ᠵᠠᠩᠭᠢᠶ᠎ᠠ ᠬᠤᠳᠤᠭᠲᠦ᠄ ︽ᠨᠡᠷ᠎ᠡ ᠢᠨᠤ ᠪᠢ ᠶᠡᠭᠡ ᠪᠤᠯᠪᠠᠴᠦ᠂ ᠡᠷᠳᠡᠮ ᠢᠨᠤ ᠴᠢ ᠶᠡᠭᠡ ᠶᠤᠮ︾ ᠬᠡᠵᠦ ᠬᠡᠯᠡᠭᠡᠳ ︽ᠷᠠᠪᠵᠠᠮᠪᠠ ᠬᠤᠲᠤᠭᠲᠦ︾ ᠴᠤᠯᠠ ᠬᠠᠶᠢᠷᠠᠯᠠᠵᠠᠢ᠃ ᠲᠡᠬᠦᠨ ᠠᠴᠠ ᠬᠤᠶᠢᠰᠢ ᠽᠠᠶ᠎ᠠ ᠪᠠᠨᠳᠢᠳᠠ ᠤᠶᠢᠷᠠᠳ ᠤᠨ ᠰᠢᠷ᠎ᠠ  ᠶᠢᠨ ᠱᠠᠰᠢᠨ ᠤ ᠲᠦᠷᠦᠭᠦᠤ ᠬᠤᠲᠤᠭᠲᠦ ᠬᠤᠪᠢᠯᠭᠠᠨ ᠪᠤᠯᠵᠦ ᠪᠤᠷᠬᠠᠨ ᠤ ᠱᠠᠰᠢᠨ ᠢ ᠲᠡᠯᠭᠡᠷᠡᠭᠦᠯᠬᠦ ᠠᠵᠢᠯ ᠳᠤ ᠬᠦᠴᠦᠨ ᠴᠢᠳᠠᠯ ᠢᠶᠠᠨ ᠡᠷᠬᠦᠵᠦ᠂ ᠬᠦᠷᠢᠶ᠎ᠡ ᠵᠤᠬᠢᠶᠠᠨ ᠪᠠᠶᠢᠭᠤᠯᠵᠦ᠂ ᠱᠠᠪᠢᠨᠠᠷ ᠲᠤ ᠪᠠᠨ ᠨᠤᠮ ᠵᠢᠭᠠᠵᠦ᠂ ᠲᠤᠲᠦ ᠦᠰᠦᠭ ᠵᠤᠬᠢᠶᠠᠨ᠂ ᠲᠦᠪᠡᠳ ᠬᠡᠯᠡ ᠠᠴᠠ ᠨᠤᠮ ᠤᠷᠴᠢᠭᠤᠯᠵᠦ ᠪᠠᠶᠢᠵᠠᠢ᠃ 1640 ᠤᠨ ᠳᠤ᠂ ᠲᠠᠷᠪᠠᠭᠠᠲᠠᠢ ᠳᠤ ᠪᠤᠯᠤᠭᠰᠠᠨ ᠮᠤᠩᠭᠤᠯ ᠤᠶᠢᠷᠠᠳ ᠤᠨ ᠬᠤᠷᠠᠯᠲᠠᠢ ᠳᠤ ᠤᠷᠤᠯᠴᠠᠵᠦ 【30】᠂ ︽ᠮᠤᠩᠭᠤᠯ ᠤᠶᠢᠷᠠᠳ ᠤᠨ ᠶᠡᠭᠡ ᠴᠠᠭᠠᠵᠠ︾ ᠶᠢ ᠲᠤᠭᠳᠠᠭᠠᠬᠤ ᠳᠤ ᠬᠠᠮᠵᠢᠭᠰᠠᠨ ᠪᠠᠶᠢᠨ᠎ᠠ᠃ ᠲᠡᠨᠲᠡ ᠠᠴᠠ ᠠᠷᠤ ᠬᠠᠯᠬ᠎ᠠ ᠶᠢᠨ ᠵᠠᠰᠠᠭᠲᠦ ᠬᠠᠨ ᠤ ᠤᠷᠢᠯᠭ᠎ᠠ ᠪᠠᠷ ᠠᠷᠦ ᠬᠠᠯᠬ᠎ᠠ ᠳᠤ ᠬᠦᠷᠴᠦ᠂ ᠠᠷᠦ ᠬᠠᠯᠬ᠎ᠠ  ᠶᠢᠨ ᠭᠤᠷᠪᠠᠨ ᠬᠠᠨ ᠲᠤᠯᠤᠭᠠᠨ ᠬᠤᠰᠢᠭᠤᠨ ᠤ ᠲᠠᠬᠢᠯ ᠤᠨ ᠯᠠᠮᠠ ᠪᠤᠯᠤᠭᠰᠠᠨ ᠪᠠᠶᠢᠨ᠎ᠠ᠃ ᠲᠡᠬᠦᠨ ᠢ ᠵᠠᠰᠠᠭᠲᠦ ᠬᠠᠨ ᠬᠤᠶᠠᠷ ᠭᠤᠷᠪᠠᠨ ᠵᠢᠯ ᠰᠠᠭᠤᠳᠤᠭᠠᠢ ᠬᠡᠵᠦ ᠬᠦᠰᠡᠭᠰᠡᠨ ᠪᠤᠯᠪᠠᠴᠦ᠂ ᠲᠠᠯᠠᠢ ᠯᠠᠮᠠ ᠪᠤᠯᠤᠨ ᠪᠠᠨᠴᠢᠨ ᠡᠷᠳᠡᠨᠢ ᠠᠴᠠ ᠸᠴᠢᠷ ᠳ᠋ᠠᠷ᠎ᠠ ᠬᠤᠳᠤᠭᠲᠦ ᠶᠢ ᠠᠷᠦ ᠬᠠᠯᠬ᠎ᠠ ᠳᠤ ᠯᠠᠮᠠ ᠪᠤᠯᠭᠠᠨ ᠲᠤᠮᠢᠯᠠᠨ ᠵᠠᠷᠯᠠᠭᠰᠠᠨ ᠲᠤᠯᠠ ᠤᠶᠢᠷᠠᠳ ᠲᠤ ᠪᠠᠨ ᠪᠤᠴᠠᠬᠤ ᠶᠢ ᠨᠢ ᠵᠦᠪᠰᠢᠶᠠᠷᠡᠵᠦ᠂ ᠲᠡᠬᠦᠨ ᠳᠤ ︽ᠷᠠᠪᠵᠠᠮᠪᠠ ᠽᠠᠶ᠎ᠠ ᠪᠠᠨᠳᠢᠳᠠ︾ ᠴᠤᠯᠠ ᠤᠯᠭᠤᠠ ᠡᠷᠭᠦᠮᠵᠢᠯᠡᠵᠠᠢ᠃ ᠲᠡᠬᠦᠨ ᠠᠴᠠ ᠬᠤᠶᠢᠰᠢ ᠤᠶᠢᠷᠠᠳ ᠤᠨ ᠽᠠᠶ᠎ᠠ ᠪᠠᠨᠳᠢᠳᠠ ᠬᠡᠵᠦ ᠠᠯᠳᠠᠷᠰᠢᠵᠠᠢ᠃ 1641 ᠤᠨ ᠳᠤ ᠬᠠᠯᠬ᠎ᠠ ᠶᠢᠨ ᠭᠤᠷᠪᠠᠨ ᠬᠠᠨ ᠤ ᠤᠷᠢᠯᠭ᠎ᠠ ᠪᠠᠷ ᠬᠠᠯᠬ᠎ᠠ ᠳᠤ ᠬᠦᠷᠴᠦ ᠪᠤᠷᠬᠠᠨ ᠤ ᠱᠠᠰᠢᠨ ᠤ ᠨᠤᠮ ᠨᠤᠮᠯᠠᠬᠤ᠂ ᠤᠷᠴᠢᠭᠤᠯᠬᠤ᠂ ᠰᠠᠨᠸᠠᠷ ᠬᠦᠷᠳᠡᠭᠡᠬᠦ ᠵᠠᠷᠭᠡ ᠠᠵᠢᠯ ᠤᠳ ᠢ ᠬᠢᠵᠦ ᠪᠠᠶᠢᠵᠠᠢ᠃ 1644 ᠤᠨ ᠳᠤ᠂ ᠡᠷᠴᠢᠰ ᠤᠨ ᠲᠠᠷᠬᠠᠨ ᠴᠤᠷᠵᠢ ᠶᠢᠨ ᠰᠦᠮ᠎ᠡ ᠳᠤ ᠵᠠᠯᠠᠭᠲᠠᠨ ᠬᠦᠷᠴᠦ᠂ ︽ᠮᠠᠨᠢ ᠭᠠᠮᠪᠤᠮ︾  ᠢ ᠤᠷᠴᠢᠭᠤᠯᠤᠨ᠂ ᠰᠦᠰᠦᠭᠲᠡᠨ ᠤᠯᠠᠨ ᠳᠤ ᠨᠤᠮ ᠬᠦᠷᠳᠡᠭᠡᠬᠦ ᠪᠠ ᠠᠪᠢᠰᠢᠭ᠌ ᠦᠭᠭᠦ ᠵᠡᠷᠭᠡ ᠪᠠᠷ ᠱᠠᠰᠢᠨ ᠠᠮᠢᠲᠠᠨ ᠤ ᠲᠤᠰᠠ ᠶᠢ ᠦᠢᠯᠡᠳᠴᠠᠢ᠃ ᠲᠡᠨᠲᠡ ᠠᠴᠠ ᠢᠵᠢᠯ ᠵᠠᠢ ᠶᠢᠨ ᠲᠤᠷᠭᠤᠳ ᠤᠨ ᠱᠦᠭᠦᠷ ᠲᠠᠶᠢᠴᠢᠩ᠂ ᠭᠤᠮᠪᠤ ᠢᠯᠳᠠᠩ ᠂ ᠯᠤᠪᠰᠠᠩ᠂ ᠰᠠᠩᠵᠠᠢ ᠨᠠᠷ ᠲᠤ ᠵᠠᠯᠠᠭᠳᠠᠨ ᠶᠡᠭᠡ ᠡᠷᠭᠦᠯ ᠬᠦᠨᠳᠦᠯᠡᠯ ᠢ ᠤᠯᠤᠭᠰᠠᠨ ᠪᠠᠶᠢᠨ᠎ᠠ᠃ 1646 ᠤᠨ ᠳᠤ᠂ ᠰᠡᠬᠦᠯ ᠤᠨ ᠲᠦᠷᠪᠡᠨ ᠤᠶᠢᠷᠠᠳ ᠤᠨ ᠬᠦᠨᠳᠡᠯᠡᠨ ᠤᠪᠠᠰᠢ ᠴᠡᠷᠢᠭ ᠢᠶᠠᠷ ᠪᠠᠭᠠᠲᠤᠷ ᠬᠤᠩ ᠲᠠᠶᠢᠵᠢ ᠶᠢ ᠲᠤᠪᠳᠤᠯᠤᠨ ᠲᠠᠶᠢᠨ ᠲᠡᠭᠳᠡᠭᠡᠳ᠂ ᠭᠤᠷᠪᠠᠨ ᠤᠪᠤᠭ᠎ᠠ ᠬᠡᠳᠡᠭ ᠭᠠᠵᠠᠷ ᠶᠡᠭᠡ ᠪᠠᠷ ᠲᠤᠯᠤᠯᠳᠤᠵᠠᠢ᠃ ᠲᠡᠷᠡ ᠲᠤᠯᠤᠯᠳᠤᠭᠠᠨ ᠳᠤ ᠪᠠᠭᠠᠲᠤᠷ ᠬᠤᠩ ᠲᠠᠶᠢᠵᠢ ᠪᠤᠯᠤᠨ ᠸᠴᠢᠷᠲᠦ ᠬᠠᠨ ᠤ ᠲᠠᠯ᠎ᠠ ᠢᠯᠠᠵᠦ᠂ ᠬᠦᠨᠳᠡᠯᠡᠨ ᠤᠪᠠᠰᠢ ᠶᠢᠨ ᠬᠦᠮᠦᠨ ᠮᠠᠯ ᠨᠢ ᠶᠡᠭᠡ ᠪᠠᠷ ᠬᠤᠬᠢᠷᠠᠭᠰᠠᠨ ᠪᠠᠶᠢᠪᠠ᠃ ᠲᠡᠷᠡ ᠦᠶ᠎ᠡ ᠳᠤ ᠨᠠᠮᠬᠠᠶᠢᠵᠠᠮᠰᠦ ᠲᠡᠳᠡ ᠭᠤᠷᠪᠠ ᠶᠢ ᠡᠪᠰᠡᠭᠦᠯᠬᠦ ᠠᠵᠢᠯᠯᠠᠭ᠎ᠠ ᠬᠢᠵᠦ᠂ ᠪᠠᠭᠠᠲᠤᠷ ᠬᠤᠩ ᠲᠠᠶᠢᠵᠢ ᠶᠢᠨ ᠴᠢᠭᠤᠯᠭᠠᠨ ᠲᠠᠷᠤᠭ᠎ᠠ ᠶᠢᠨ ᠪᠠᠶᠢᠷᠢ ᠰᠠᠭᠤᠷᠢ ᠶᠢ ᠨᠠᠶᠢᠷᠠᠮᠳᠠᠯ ᠢᠶᠠᠷ ᠬᠠᠮᠠᠭᠠᠯᠠᠵᠠᠢ᠃ 1648 ᠤᠨ ᠳᠤ ᠽᠠᠶ᠎ᠠ ᠪᠠᠨᠳᠢᠳᠠ ᠠᠪᠠᠯᠢ ᠲᠠᠶᠢᠵᠢ ᠪᠠ ᠡᠷᠳᠡᠨᠢ ᠪᠠᠭᠠᠲᠤᠷ ᠬᠤᠩ ᠲᠠᠶᠢᠵᠢ ᠪᠠᠷ ᠲᠡᠷᠢᠬᠦᠯᠡᠬᠦᠯᠦᠭᠰᠡᠨ ᠤᠶᠢᠷᠠᠳ ᠨᠤᠶᠠᠳ ᠪᠠ ᠨᠡᠶᠢᠭᠡᠮ ᠨᠡᠶᠢᠲᠡ ᠶᠢᠨ ᠰᠠᠨᠠᠯ ᠢᠶᠠᠷ᠂ ᠲᠦᠷᠪᠡᠨ ᠤᠶᠢᠷᠠᠳ ᠢᠶᠠᠷ ᠭᠤᠤᠯ ᠪᠤᠯᠭᠠᠭᠰᠡᠨ ᠪᠦᠬᠦ ᠮᠤᠩᠭᠤᠯ ᠤᠨ ᠲᠠᠬᠢᠨ ᠨᠡᠭᠡᠳᠬᠦ ᠳᠤ ᠵᠤᠷᠢᠭᠤᠯᠵᠦ᠂ ᠬᠠᠭᠤᠴᠢᠨ ᠬᠤᠳᠤᠮ ᠦᠰᠦᠭ ᠢ ᠦᠭᠡᠷᠡᠴᠢᠯᠡᠵᠦ ᠲᠤᠲᠦ ᠦᠰᠦᠭ ᠵᠤᠬᠢᠶᠠᠵᠠᠢ᠃ ᠲᠤᠲᠦ ᠦᠰᠦᠭ ᠵᠤᠬᠢᠶᠠᠭᠰᠠᠨ ᠤ ᠲᠠᠷᠠᠭ᠎ᠠ ᠲᠦᠪᠡᠳ ᠬᠡᠯᠡᠨ ᠠᠴᠠ ᠤᠶᠢᠷᠠᠳ ᠮᠤᠩᠭᠤᠯ ᠬᠡᠯᠡᠨ ᠳᠤ ᠪᠤᠷᠬᠠᠨ ᠤ ᠱᠠᠰᠢᠨ ᠤ ᠶᠡᠭᠡ ᠬᠦᠯᠭᠡᠨ ᠤ ᠰᠤᠲᠤᠷ᠂ ᠦᠨᠲᠦᠰᠦᠨ ᠵᠠᠷᠯᠢᠭ᠂ ᠱᠠᠰᠲᠢᠷ ᠬᠡᠬᠦ ᠮᠡᠲᠦ ᠨᠢᠭᠡ ᠵᠠᠭᠤ ᠲᠠᠯᠠᠨ ᠬᠡᠲᠦᠨ ᠨᠤᠮ ᠰᠤᠲᠤᠷ ᠤᠷᠴᠢᠭᠤᠯᠵᠠᠢ᠃ ᠽᠠᠶ᠎ᠠ ᠪᠠᠨᠳᠢᠳᠠ ᠤᠶᠢᠷᠠᠳ ᠲᠤ ᠶᠡᠭᠡ ᠭᠦᠷᠢᠶ᠎ᠠ ᠶᠢ ᠪᠠᠶᠢᠭᠤᠯᠵᠦ᠂ ᠱᠠᠪᠢᠨᠠᠷ ᠴᠤᠭᠯᠠᠭᠤᠯᠵᠦ᠂ ᠨᠤᠮ ᠤᠷᠴᠢᠭᠤᠯᠬᠤ ᠬᠤᠷᠠᠯ ᠬᠤᠷᠠᠬᠤ᠂ ᠦᠭᠦᠭᠰᠡᠳ ᠤᠨ ᠪᠤᠶᠠᠨ ᠢ ᠬᠢᠵᠦ ᠤᠷᠤᠰᠢᠭᠤᠯᠬᠤ᠂ ᠴᠢᠨᠳᠠᠷᠯᠠᠬᠤ᠂ ᠪᠦᠭᠡ ᠶᠢᠨ ᠱᠠᠰᠢᠨ ᠢ ᠴᠠᠭᠠᠵᠠᠯᠠᠬᠤ᠂ ᠤᠩᠭᠤᠳ ᠢ ᠰᠢᠲᠠᠭᠠᠬᠤ᠂ ᠪᠦᠭᠡ ᠢᠳᠦᠭᠠᠨ ᠨᠠᠷ ᠤᠨ ᠢᠲᠤᠭᠠᠯᠠᠬᠤ ᠶᠢ ᠬᠤᠷᠢᠵᠦ᠂ ᠡᠶᠢᠮᠦ ᠦᠢᠯᠡ ᠦᠢᠯᠡᠲᠦᠭᠴᠢᠳ ᠢ ᠮᠠᠯ ᠢᠶᠠᠷ ᠲᠤᠷᠭᠠᠬᠤ ᠠᠵᠢᠯ ᠤᠳ ᠢ ᠬᠢᠵᠦ ᠪᠠᠶᠢᠵᠠᠢ᠃ 1645 ᠤᠨ ᠪᠠ 1656 ᠤᠨ ᠳᠤ ᠽᠠᠶ᠎ᠠ ᠪᠠᠨᠳᠢᠳᠠ ᠢᠵᠢᠯ ᠤᠨ ᠲᠤᠷᠭᠤᠳ᠂ ᠲᠦᠷᠪᠡᠳ᠂ ᠬᠤᠱᠤᠳ ᠨᠠᠷ ᠲᠤ ᠬᠤᠶᠠᠷ ᠤᠳᠠᠭ᠎ᠠ ᠬᠦᠷᠴᠦ᠂ ᠨᠤᠮ ᠨᠤᠮᠯᠠᠬᠤ ᠮᠦᠷᠭᠦᠯ ᠬᠢᠬᠦ ᠮᠡᠲᠦ ᠶᠢᠨ ᠱᠠᠰᠢᠨ ᠲᠡᠯᠭᠡᠷᠡᠭᠦᠯᠬᠦ ᠠᠵᠢᠯ ᠬᠢᠵᠠᠢ᠃ 1651 ᠤᠨ ᠳᠤ᠂ ᠲᠦᠪᠡᠳ ᠲᠤ ᠭᠦᠷᠴᠦ᠂ ᠲᠠᠯᠠᠢ ᠯᠠᠮᠠ ᠳᠤ ᠨᠢᠭᠡ ᠲᠦᠮᠡᠨ ᠯᠠᠩ ᠮᠦᠩᠬᠦ᠂ ᠷᠠᠰᠢᠯᠾᠦ᠋ᠨᠪᠦ ᠬᠡᠶᠢᠳ ᠲᠤ ᠨᠢᠭᠡ ᠲᠦᠮᠡ ᠲᠠᠪᠤᠨ ᠮᠢᠩᠭᠠᠨ ᠯᠠᠩ ᠮᠦᠩᠭᠦ ᠡᠷᠭᠦᠭᠰᠡᠨ ᠪᠠᠶᠢᠨ᠎ᠠ᠃ 1657 ᠤᠨ ᠠᠴᠠ ᠵᠡᠭᠦᠡᠭᠠᠷ ᠤᠨ ᠨᠤᠶᠠᠳ ᠤᠨ ᠬᠤᠭᠤᠷᠤᠨᠲᠦ ᠵᠦᠷᠢᠴᠡᠯ ᠡᠭᠦᠰᠦᠭᠡᠳ᠂ ᠬᠡᠳᠦᠨ ᠵᠢᠯ ᠲᠠᠶᠢᠨ ᠪᠠᠶᠢᠯᠳᠤᠭᠠᠨ ᠪᠤᠯᠤᠭᠰᠠᠨ ᠳᠤ ᠨᠠᠮᠬᠠᠶᠢᠵᠠᠮᠰᠦ ᠤᠳᠠᠭ᠎ᠠ ᠲᠠᠷᠠᠭ᠎ᠠ ᠪᠠᠷ ᠡᠪᠰᠡᠭᠦᠯᠬᠦ ᠠᠵᠢᠯᠯᠠᠭ᠎ᠠ ᠬᠢᠭᠰᠡᠭᠡᠷ ᠪᠠᠶᠢᠵᠠᠢ᠃ ᠽᠠᠶ᠎ᠠ ᠪᠠᠨᠳᠢᠳᠠ ᠪᠣᠷᠬᠠᠨ ᠤ ᠱᠠᠰᠢᠨ ᠢ ᠲᠡᠯᠭᠡᠷᠡᠭᠦᠬᠦ ᠦᠢᠯᠡᠰ ᠲᠤ ᠵᠢᠳᠭᠦᠵᠦ ᠶᠠᠪᠣᠬᠤ ᠳᠠᠭᠠᠨ ᠲᠦᠪᠡᠳ ᠡᠨᠡᠳᠭᠡᠭ ᠬᠢᠭᠡᠳ ᠮᠣᠩᠭᠤᠯ ᠤᠨ ᠰᠣᠶᠣᠯ ᠢ ᠬᠠᠷᠢᠴᠠᠭ᠎ᠠ ᠶᠢ ᠮᠠᠰᠢᠳᠠ ᠠᠬᠢᠭᠤᠯᠣᠭᠰᠠᠨ ᠪᠠᠶᠢᠨ᠎ᠠ᠃ ᠲᠡᠷᠡ ᠲᠦᠪᠡᠳ ᠣᠷᠣᠨ  ᠳᠤ ᠯᠠᠮᠠ ᠢᠯᠡᠭᠡᠵᠦ ᠨᠣᠮ ᠰᠣᠷᠣᠯᠴᠠᠭᠤᠯᠵᠦ᠂ ᠪᠣᠷᠬᠠᠨ ᠤ ᠬᠦᠷᠦᠭ᠂ ᠲᠡᠬᠢᠯ ᠤᠨ ᠵᠣᠶᠢᠯᠡᠰ᠂ ᠡᠮ ᠲᠣᠮ ᠠᠪᠴᠢᠷᠠᠭᠤᠯᠵᠦ ᠪᠠᠶᠢᠵᠠᠢ᠃ ᠲᠦᠪᠡᠳ ᠢ ᠵᠣᠷᠢᠭᠰᠠᠨ ᠮᠦᠷᠭᠦᠯᠴᠢᠳ ᠲᠤ ᠲᠦᠭᠦᠮ ᠦᠵᠡᠭᠦᠯᠵᠦ ᠰᠠᠩ ᠪᠣᠯᠣᠨ ᠰᠠᠭᠤᠷᠢᠨᠴᠢ ᠪᠠᠶᠢᠭᠤᠯᠣᠭᠰᠠᠨ ᠪᠠᠶᠢᠨ᠎ᠠ᠃ ᠣᠶᠢᠷᠠᠳᠴᠣᠳ ᠤᠨ ᠰᠢᠳᠦᠭᠡᠨ ᠤ ᠣᠷᠣᠨ ᠪᠣᠯ ᠲᠦᠪᠡᠳ ᠣᠷᠣᠨ ᠪᠦᠭᠡᠳ ᠲᠦᠪᠡᠳ ᠲᠤ ᠬᠦᠷᠴᠦ ᠮᠦᠷᠭᠦᠯ ᠲᠠᠭᠠᠳᠬᠠᠯ ᠬᠢᠬᠦ᠂ ︽ᠡᠷᠭᠦᠴᠨ ᠪᠠᠷᠢᠴᠠ︾ ᠪᠠᠷᠢᠬᠤ ᠨᠢ ᠲᠡᠭᠡᠳᠦ ᠲᠠᠪᠬᠤᠷᠭᠠᠳᠠᠨ ᠤ ᠬᠦᠷᠢᠶ᠎ᠡ ᠬᠡᠪᠴᠢᠶᠡᠨ ᠲᠣᠳᠣᠷ᠎ᠠ ᠴᠢᠬᠤᠯᠠ ᠨᠢᠭᠡᠨ ᠱᠠᠰᠢᠨ ᠰᠣᠷᠳᠠᠬᠤᠨ᠂ ᠣᠯᠣᠰ ᠲᠦᠷᠦ ᠶᠢᠨ ᠬᠦᠳᠡᠯᠭᠡᠭᠡᠨ ᠪᠣᠯᠵᠠᠢ᠃ ᠣᠶᠢᠷᠠᠳ ᠨᠣᠶᠠᠳ ᠭᠡᠳᠣᠨ ᠲᠦᠮᠨ ᠴᠢᠨᠠᠭᠰᠢᠯᠠᠪᠠᠯ ᠭᠡᠳᠣᠨ ᠠᠷᠪᠠᠨ ᠲᠦᠮᠡᠨ ᠪᠣᠭ ᠮᠠᠯ᠂ ᠪᠣᠳᠠ ᠮᠠᠯ ᠢ ︽ᠡᠷᠭᠦᠴᠨ ᠪᠠᠷᠢᠴᠠ︾ ᠪᠣᠯᠭᠠᠨ ᠽᠠᠶ᠎ᠠ ᠪᠠᠨᠳᠢᠳᠠ ᠪᠠᠷ ᠲᠠᠮᠵᠢᠭᠤᠯᠵᠦ ᠲᠦᠪᠡᠳ ᠤᠨ ᠱᠠᠰᠢᠨ ᠤ ᠲᠡᠭᠡᠳᠦ ᠲᠠᠪᠬᠤᠷᠭᠠᠳᠠᠨ ᠨᠠᠷ ᠲᠤ ᠬᠦᠷᠭᠡᠵᠦ ᠪᠠᠶᠢᠵᠠᠢ᠃ ᠽᠠᠶ᠎ᠠ ᠪᠠᠨᠳᠢᠳᠠ ᠵᠡᠭᠦᠨᠭᠠᠷ ᠨᠣᠳᠤᠭ ᠪᠣᠯᠣᠨ ᠬᠠᠯᠬ᠎ᠠ ᠮᠣᠩᠭᠤᠯ ᠤᠨ ᠬᠠᠭᠠᠳ ᠨᠣᠶᠠᠳ ᠤᠨ ᠵᠠᠯᠠᠯᠭ᠎ᠠ ᠪᠠᠷ ᠬᠠᠯᠬ᠎ᠠ ᠮᠣᠩᠭᠤᠯ ᠤᠨ ᠦᠷᠭᠡᠨ ᠨᠣᠳᠤᠭ ᠮᠦᠨ ᠲᠡᠭᠦᠨᠴᠢᠯᠡᠨ ᠢᠵᠢᠯ ᠤᠨ ᠲᠣᠷᠭᠤᠳ ᠨᠣᠶᠠᠳ ᠤᠨ ᠵᠠᠯᠠᠯᠭ᠎ᠠ ᠪᠠᠷ ᠢᠵᠢᠯ ᠵᠠᠢ ᠳᠠᠬᠢ ᠣᠶᠢᠷᠠᠳ ᠨᠣᠳᠤᠭ ᠲᠤ ᠬᠦᠷᠳᠡᠯ᠎ᠡ ᠠᠶᠠᠯᠠᠨ ᠶᠠᠪᠣᠵᠦ᠂ ᠲᠦᠷᠪᠡᠨ ᠦᠢᠷᠠᠳ ᠤᠨ ᠨᠣᠶᠠᠳ ᠤᠨ ᠬᠤᠭᠤᠷᠣᠨᠳᠣᠬᠢ ᠡᠪᠳᠡᠷᠡᠯ ᠤᠳ ᠢ ᠨᠠᠶᠢᠷᠡᠮᠳᠠᠭᠤᠯᠵᠦ᠂ ᠲᠦᠷᠪᠡᠨ ᠣᠶᠢᠷᠠᠳ ᠤᠨ ᠲᠦᠷᠦ ᠶᠢ ᠣᠯᠠᠮ ᠲᠣᠭᠳᠠᠭᠤᠨ ᠬᠦᠴᠦᠳᠡᠢ ᠪᠣᠯᠭᠠᠬᠤ ᠶᠢᠨ ᠲᠦᠯᠦᠭᠡ ᠴᠠᠭ ᠦᠷᠭᠦᠯᠵᠢ ᠴᠢᠷᠮᠠᠶᠢᠨ ᠵᠢᠳᠬᠦᠵᠦ ᠪᠠᠶᠢᠪᠠ᠃ ᠵᠢᠱᠢᠶᠡᠯᠡᠪᠡᠯ᠄ ︽1656 ᠣᠨ ᠳᠤ᠂ ᠣᠶᠢᠷᠠᠳ ᠤᠨ ᠨᠣᠶᠠᠳ ᠯᠣᠪᠰᠠᠩ᠂ ᠣᠶᠢᠵᠢᠳᠠᠪᠠ᠂ ᠲᠣᠭᠤᠯ ᠮᠡᠷᠭᠡᠨ ᠲᠠᠶᠢᠵᠢ ᠨᠠᠷ ᠬᠤᠭᠤᠷᠣᠨᠳᠦ ᠪᠠᠨ ᠮᠠᠭᠤᠳᠠᠯᠴᠠᠭᠰᠠᠨ ᠢ ᠽᠠᠶ᠎ᠠ ᠪᠠᠨᠳᠢᠳᠠ ᠣᠴᠢᠵᠦ ᠡᠪᠰᠡᠭᠦᠯᠵᠡᠢ᠂ ᠪᠠᠰᠠ 1657 ᠣᠨ ᠤ ᠵᠣᠨ ᠵᠡᠭᠦᠨᠭᠠᠷ ᠤᠨ ᠨᠣᠶᠠᠳ ᠬᠤᠶᠠᠷ ᠠᠩᠬᠢ ᠪᠣᠯᠵᠦ᠂ ᠪᠠᠷᠠᠭᠤᠨ ᠭᠡᠰᠡᠭ ᠢ ᠨᠢ ᠰᠡᠴᠡᠨ ᠬᠠᠭᠠᠨ᠂ ᠵᠡᠬᠦᠨ ᠬᠡᠰᠡᠭ ᠢ ᠨᠢ ᠠᠪᠠᠯᠢ ᠪᠠᠷ ᠲᠣᠯᠣᠭᠠᠶᠢᠯᠠᠭᠠᠳ ᠲᠣᠯᠣᠯᠳᠣᠬᠤ ᠪᠣᠯᠵᠦ ᠪᠠᠶᠢᠳᠠᠯ᠎ᠠ ᠽᠠᠶ᠎ᠠ ᠪᠠᠨᠳᠢᠳᠠ ᠣᠴᠢᠵᠦ ᠬᠤᠭᠤᠷᠣᠨᠳᠦ ᠨᠢ ᠡᠪᠰᠡᠭᠦᠯᠦᠭᠡᠳ ᠪᠦᠭᠦᠨᠡ ᠭᠤᠣᠯ ᠳᠤ ᠡᠪᠣᠯᠵᠢᠵᠡᠢ︾ ︵︽ᠪᠠᠶᠠᠨᠭᠤᠣᠯ ᠤᠨ ᠰᠣᠶᠣᠯ ᠲᠡᠣᠭᠡ ᠶᠢᠨ ᠲᠣᠬᠠᠢ ᠮᠠᠲ᠋ᠧᠷᠢᠶᠡᠯ︾᠂ ᠪᠠᠶᠠᠨᠭᠤᠣᠯ ᠤᠨ ᠰᠣᠨᠢᠨ ᠤ ᠬᠤᠷᠢᠶ᠎ᠠ᠂ 1987 ᠣᠨ︶ ᠭᠡᠬᠦ ᠮᠠᠲ᠋ᠧᠷᠢᠶᠠᠯ ᠪᠠᠶᠢᠳᠠᠭ᠃ ᠵᠠᠷᠢᠮ ᠡᠷᠳᠡᠮᠳᠡᠳ ᠬᠠᠯᠬ᠎ᠠ ᠣᠶᠢᠷᠠᠳ ᠤᠨ ᠶᠡᠭᠡ ᠴᠠᠭᠠᠵᠠ ᠶᠢ ᠲᠣᠭᠳᠠᠭᠠᠬᠤ ᠳᠤ᠂ ᠽᠠᠶ᠎ᠠ ᠪᠠᠨᠳᠢᠳᠠ ᠣᠷᠣᠯᠴᠠᠵᠦ ᠪᠣᠷᠬᠠᠨ ᠤ ᠱᠠᠰᠢᠨ ᠢ ᠣᠯᠣᠰ  ᠤᠨ ᠱᠠᠰᠢᠨ ᠪᠣᠯᠭᠠᠨ ᠲᠣᠭᠳᠠᠭᠠᠭᠰᠠᠨ ᠶᠠᠪᠣᠳᠠᠯ ᠨᠢ ᠽᠠᠶ᠎ᠠ ᠪᠠᠨᠳᠢᠳᠠ ᠶᠢᠨ ᠭᠠᠪᠢᠶ᠎ᠠ ᠵᠢᠳᠭᠦᠯ ᠭᠡᠵᠦ ᠦᠵᠡᠵᠦ ᠪᠣᠢ᠃ ᠭᠡᠪᠡᠴᠦ ᠡᠭᠦᠨ ᠤ ᠲᠣᠬᠠᠢ ᠣᠨᠣᠪᠴᠢᠳᠠᠢ ᠮᠠᠲ᠋ᠧᠷᠢᠶᠠᠯ ᠣᠯᠳᠠᠭ᠎ᠠ ᠦᠬᠡᠢ ᠣᠴᠢᠷ ᠠᠴᠠ ᠠᠳᠡ ᠵᠦᠪᠭᠡᠨ ᠴᠣᠬᠤᠰ ᠲᠣᠷᠠᠳᠣᠶ᠎ᠠ᠃ ᠽᠠᠶ᠎ᠠ ᠪᠠᠨᠳᠢᠳᠠ ᠲᠠᠯᠠᠢ ᠯᠠᠮᠠ᠂ ᠪᠠᠨᠴᠢᠨ ᠡᠷᠳᠡᠨᠢ ᠶᠢᠨ ᠢᠳᠡᠭᠡᠯ ᠨᠠᠶᠢᠳᠠᠪᠤᠷᠢ ᠶᠢ ᠬᠦᠰᠡᠷᠳᠡᠭᠦᠯᠦᠭᠰᠡᠨ ᠦᠭᠡᠢ ᠪᠠᠷ ᠰᠢᠷᠤᠢ ᠪᠠᠷᠰ ᠵᠢᠯ ︵1638 ᠤᠨ︶ ᠠᠴᠠ ᠤᠰᠤᠨ ᠪᠠᠷᠰ ᠵᠢᠯ ︵1662 ᠤᠨ︶ ᠬᠦᠷᠳᠡᠯᠡᠬᠢ ᠬᠤᠷᠢᠨ ᠲᠦᠷᠪᠡᠨ ᠵᠢᠯ ᠤᠨ ᠬᠤᠭᠤᠴᠠᠭᠠᠨ ᠳᠤ᠂ ᠠᠶᠠᠨ ᠵᠠᠮ ᠤᠨ ᠠᠯᠵᠢᠶᠠᠯ ᠵᠦᠳᠡᠷᠡᠯ ᠢ ᠲᠡᠪᠴᠢᠨ᠂ ᠵᠡᠭᠦᠨᠰᠢ ᠬᠦᠬᠡᠨᠠᠭᠤᠷ  ᠠᠴᠠ ᠡᠬᠢᠯᠡᠨ᠂ ᠪᠠᠷᠠᠭᠤᠨᠰᠢ ᠦᠷᠡᠯ ᠭᠤᠤᠯ᠂ ᠡᠮᠦᠨᠡᠰᠢ ᠵᠤᠯᠲᠤᠰ᠂ ᠬᠤᠶᠢᠰᠢ ᠡᠷᠴᠢᠰ ᠬᠦᠷᠴᠦ᠂ ᠲᠦᠷᠪᠡᠨ ᠤᠶᠢᠷᠠᠳ ᠤᠨ ᠭᠠᠵᠠᠷ ᠪᠤᠯᠭᠠᠨ ᠢᠶᠠᠷ ᠶᠠᠪᠤᠵᠦ᠂ ᠲᠡᠭᠦᠨᠴᠢᠯᠡᠨ ᠬᠠᠯᠬ᠎ᠠ ᠳᠤ ᠪᠠᠰᠠ ᠬᠦᠷᠪᠡ 【31】᠃ ᠽᠠᠶ᠎ᠠ ᠪᠠᠨᠳᠢᠳᠠ 1662 ᠤᠨ ᠤ ᠨᠠᠮᠤᠷ᠂ ᠤᠶᠢᠷᠠᠳ ᠨᠤᠳᠤᠭ ᠠᠴᠠ ᠲᠦᠪᠡᠳ ᠲᠤ ᠤᠴᠢᠬᠤ ᠵᠠᠮ ᠤᠨ ᠵᠠᠭᠤᠷ᠎ᠠ ᠡᠪᠡᠳᠴᠦ ᠨᠠᠰᠤ ᠪᠠᠷᠠᠭᠰᠠᠨ ᠪᠠᠶᠢᠨ᠎ᠠ 【32】᠃ ᠵᠢᠷᠭᠤᠭ᠎ᠠ᠂ ᠽᠠᠶ᠎ᠠ ᠪᠠᠨᠳᠢᠳᠠ ᠶᠢᠨ ᠭᠠᠪᠢᠶ᠎ᠠ ᠵᠢᠳᠭᠦᠯ ᠽᠠᠶ᠎ᠠ ᠪᠠᠨᠳᠢᠳᠠ ᠪᠣᠯ ᠤᠶᠢᠷᠠᠳ ᠮᠤᠩᠭᠤᠯ ᠤᠨ ᠲᠦᠷᠦ ᠱᠠᠰᠢᠨ ᠤ ᠶᠡᠭᠡ ᠪᠠᠭᠰᠢ᠂ ᠬᠤᠯᠪᠤᠵᠦ ᠨᠠᠶᠢᠷᠠᠭᠤᠯᠬᠤ ᠳᠤ  ᠪᠠᠨ ᠠᠪᠢᠶᠠᠰ ᠲᠠᠢ ᠢᠷᠠᠭᠤ ᠨᠠᠶᠢᠷᠠᠭᠴᠢ᠂ ᠠᠯᠳᠠᠷᠲᠦ ᠤᠷᠴᠢᠭᠤᠯᠤᠭᠴᠢ ᠪᠦᠭᠡᠳ ᠮᠤᠩᠭᠤᠯᠴᠤᠳ ᠤᠨ ᠰᠤᠶᠤᠨ ᠬᠡᠶᠢᠬᠦᠯᠦᠭᠴᠢ᠂ ᠪᠤᠷᠬᠠᠨ ᠤ ᠱᠠᠰᠢᠨ ᠪᠠ ᠲᠦᠪᠡᠳ᠂ ᠮᠤᠩᠭᠤᠯ ᠤᠨ ᠬᠠᠷᠢᠯᠴᠠᠭᠠᠨ ᠤ ᠭᠠᠪᠢᠶᠠᠲᠠᠨ᠂ ᠤᠶᠢᠷᠠᠳ ᠮᠤᠩᠭᠤᠯᠴᠤᠳ ᠲᠤ ᠲᠤᠲᠦ ᠦᠰᠦᠭ ᠢ ᠵᠤᠬᠢᠶᠠᠨ ᠦᠯᠡᠳᠡᠭᠡᠭᠰᠡᠨ ᠬᠡᠯᠡᠨ ᠤ ᠡᠷᠳᠡᠮᠳᠡᠨ᠂ ᠮᠤᠩᠭᠤᠯ ᠤᠨ ᠠᠯᠳᠠᠷᠲᠦ ᠰᠤᠶᠤᠯ ᠤᠨ ᠵᠢᠳᠬᠦᠯᠲᠡᠨ᠂ ᠤᠶᠢᠷᠠᠳ ᠮᠤᠩᠭᠤᠯ ᠤᠨ ᠲᠤᠳᠤᠭᠠᠲᠦ ᠶᠢᠨ ᠬᠢᠮᠤᠷᠠᠯ ᠢ ᠡᠪᠰᠡᠬᠦᠯᠵᠦ ᠶᠠᠪᠤᠭᠰᠠᠨ ᠤᠯᠤᠰ ᠲᠦᠷᠦ ᠶᠢᠨ ᠭᠦᠨ ᠪᠤᠳᠤᠯᠭᠠᠲᠠᠨ ᠪᠤᠯᠬᠤ ᠶᠤᠮ᠃ ᠲᠤᠤᠷ᠎ᠠ ᠭᠤᠤᠯ ᠨᠢ ᠲᠡᠬᠦᠨ ᠤ ᠰᠤᠶᠤᠯ ᠪᠠ ᠤᠯᠤᠰ ᠲᠦᠷᠦ ᠶᠢᠨ ᠲᠠᠯ᠎ᠠ ᠪᠠᠷ ᠲᠦᠪᠡᠳ ᠮᠤᠩᠭᠤᠯ ᠤᠨ ᠬᠠᠷᠢᠴᠠᠭᠠᠨ ᠳᠤ ᠦᠵᠡᠭᠦᠯᠦᠭᠰᠡᠨ ᠭᠠᠪᠢᠶ᠎ᠠ ᠵᠢᠳᠬᠦᠯ ᠢ ᠨᠢ ᠲᠤᠭᠠᠴᠠᠨ᠎ᠠ᠃ ᠽᠠᠶ᠎ᠠ ᠪᠠᠨᠳᠢᠳᠠ 1650--1662 ᠤᠨ ᠤ ᠬᠤᠭᠤᠷᠤᠨᠲᠦ ᠰᠢᠷᠭᠠᠭᠠᠤ ᠠᠵᠢᠯᠯᠠᠵᠦ ᠲᠦᠪᠡᠳ ᠬᠡᠯᠡᠨ ᠠᠴᠠ ᠵᠠᠭᠤ ᠲᠠᠯᠠ ᠭᠠᠷᠤᠢ ᠨᠤᠮ ᠤᠷᠴᠢᠭᠤᠯᠵᠠᠢ᠃ ᠡᠭᠦᠨ ᠠᠴᠠ ᠭᠠᠳᠠᠨ᠎ᠠ᠂ ᠲᠦᠪᠡᠳ ᠬᠡᠯᠡᠨ ᠠᠴᠠ ᠬᠠᠮᠤᠭ ᠤᠨ ᠲᠡᠷᠢᠬᠦᠨ ᠳᠤ ︽ᠠᠨᠠᠭᠠᠬᠤ ᠤᠬᠠᠭᠠᠨ ᠤ ᠲᠦᠷᠪᠡᠨ ᠦᠨᠲᠦᠰᠦ︾ ᠶᠢ ᠮᠤᠩᠭᠤᠯ ᠬᠡᠯᠡᠨ ᠲᠡᠭᠡᠷ᠎ᠡ ᠲᠤᠳᠤ ᠦᠰᠦᠭ ᠢᠶᠠᠷ ᠤᠷᠴᠢᠭᠤᠯᠤᠭᠰᠠᠨ ᠪᠠᠶᠢᠨ᠎ᠠ 【33】᠃ ᠲᠠᠷᠡ ᠪᠠᠰᠠ ᠲᠦᠪᠡᠳ ᠬᠡᠯᠡ ᠪᠠᠷ ᠡᠲᠦᠢ ᠲᠡᠳᠤᠢ ᠵᠤᠬᠢᠶᠠᠯ ᠪᠦᠳᠦᠭᠡᠪᠡ ᠭᠡᠰᠡᠨ ᠰᠤᠷᠠᠭ ᠲᠠᠢ᠃ ᠡᠶᠢᠮᠦ ᠠᠴᠠ ᠽᠠᠶ᠎ᠠ ᠪᠠᠨᠳᠢᠳᠠ ᠪᠣᠯ ᠲᠦᠪᠡᠳ ᠮᠤᠩᠭᠤᠯ ᠤᠨ ᠰᠤᠶᠤᠯ ᠤᠨ ᠬᠠᠷᠢᠴᠠᠭ᠎ᠠ ᠶᠢ ᠠᠬᠢᠭᠤᠯᠤᠭᠴᠢ ᠮᠥᠨ᠃ ᠽᠠᠶ᠎ᠠ ᠪᠠᠨᠳᠢᠳᠠ ᠦᠪᠡᠷ ᠤᠨ ᠤᠯᠤᠰ ᠲᠦᠷᠦ᠂ ᠱᠠᠰᠢᠨ ᠤ ᠪᠠᠶᠢᠷᠢ ᠰᠠᠭᠤᠷᠢ ᠪᠠᠨ ᠬᠦᠢᠴᠡᠳ ᠠᠰᠢᠭᠯᠠᠨ ᠤᠶᠢᠷᠠᠳ ᠤᠨ ᠨᠡᠶᠢᠭᠡᠮ ᠢ ᠨᠦᠯᠦᠭᠡᠯᠡᠵᠦ ᠪᠠᠶᠢᠵᠠᠢ᠃ ᠲᠡᠷᠡ ᠬᠡᠳᠦᠶᠢᠪᠡᠷ ᠬᠠᠷᠠᠴᠦ ᠠᠷᠠᠳ ᠤᠨ ᠭᠡᠷ ᠲᠤ ᠲᠦᠷᠦᠭᠰᠡᠨ ᠪᠤᠯᠪᠠᠴᠦ ᠹᠸᠥᠳᠠᠯ ᠤᠨ ᠲᠤᠮᠤ ᠨᠤᠶᠠᠠ ᠳᠤ ᠦᠷᠡᠴᠢᠯᠡᠭᠳᠡᠨ ᠂ ᠲᠦᠪᠡᠳ ᠤᠨ ᠲᠠᠯᠠᠢ ᠯᠠᠮᠠ᠂ ᠪᠠᠨᠴᠢᠨ ᠡᠷᠳᠡᠨᠢ ᠠᠴᠠ ᠴᠤᠯᠠ ᠡᠷᠭᠦᠮᠵᠢ ᠬᠦᠷᠳᠡᠵᠦ᠂ ᠱᠠᠰᠢᠨ ᠨᠤᠮ ᠳᠤ ᠨᠡᠪᠲᠡᠷᠡᠭᠰᠡᠨ ᠲᠤᠯᠠ ᠤᠶᠢᠷᠠᠳ ᠤᠨ ᠬᠦᠨᠲᠦᠳᠭᠡᠯ ᠢ ᠤᠯᠵᠦ ᠪᠠᠶᠢᠭᠰᠠᠨ ᠠᠴᠠ ᠪᠦᠬᠦᠶᠢᠯᠡ ᠤᠶᠢᠷᠠᠳ ᠤᠨ ᠱᠠᠰᠢᠨ ᠱᠤᠷᠳᠠᠬᠤᠨ᠂ ᠠᠵᠦ ᠠᠬᠤᠢ᠂ ᠤᠯᠤᠰ ᠲᠦᠷᠦ ᠶᠢᠨ ᠭᠡᠷᠡᠭ ᠲᠤ ᠢᠳᠡᠪᠬᠢᠲᠠᠢ ᠪᠠᠷ ᠤᠷᠤᠯᠴᠠᠵᠦ ᠪᠠᠶᠢᠵᠠᠢ᠃ ᠽᠠᠶ᠎ᠠ ᠪᠠᠨᠳᠢᠳᠠ ᠲᠦᠪᠡᠳ ᠮᠤᠩᠭᠤᠯ ᠤᠨ ᠬᠤᠭᠤᠷᠤᠨᠳᠤᠬᠢ ᠵᠦᠷᠢᠴᠡᠯ ᠮᠦᠷᠭᠦᠯᠲᠦᠭᠡᠨ ᠢ ᠡᠶᠡᠳᠡᠭᠦᠯᠬᠦ᠂ ᠮᠤᠩᠭᠤᠯ ᠤᠨ ᠲᠤᠳᠤᠭᠠᠲᠦ ᠶᠢᠨ ᠡᠪᠳᠡᠷᠡᠯ ᠰᠠᠮᠠᠭᠤᠷᠠᠯ ᠢ ᠡᠪᠰᠡᠭᠦᠯᠬᠦ ᠠᠵᠢᠯ ᠢ ᠬᠢᠵᠦ᠂ ᠤᠶᠢᠷᠠᠳ ᠤᠨ ᠠᠷᠠᠳ ᠲᠦᠮᠡᠨ ᠢ ᠲᠠᠶᠢᠨ ᠳᠠᠵᠢᠨ ᠤ ᠭᠠᠯ ᠤᠰᠤᠨ ᠤ ᠭᠠᠰᠢᠭᠤᠨ ᠵᠤᠪᠠᠯᠠᠩ ᠠᠴᠠ ᠠᠪᠤᠷᠠᠵᠦ ᠴᠢᠳᠠᠭᠰᠠᠨ ᠪᠠᠶᠢᠨ᠎ᠠ᠃ ᠽᠠᠶ᠎ᠠ ᠪᠠᠨᠳᠢᠳᠠ ᠤᠶᠢᠷᠠᠳ ᠤᠨ ᠨᠢᠭᠡᠲᠦᠭᠰᠡᠨ ᠲᠦᠷᠦ ᠬᠦᠷᠦᠨ ᠢ ᠪᠠᠬᠢᠵᠢᠬᠦᠯᠬᠦ ᠳᠤ ᠵᠤᠬᠢᠬᠤ ᠵᠢᠳᠬᠦᠯ ᠢᠶᠠᠨ ᠦᠵᠡᠭᠦᠯᠦᠭᠰᠡᠨ ᠶᠤᠮ᠃ ᠤᠯᠠᠨ ᠤ ᠮᠡᠳᠡᠬᠡᠵᠢ ᠪᠠᠷ 1648 ᠤᠨ ᠳᠤ ᠲᠡᠷᠡ ᠮᠤᠩᠭᠤᠯ ᠦᠰᠦᠭ ᠢ ᠵᠠᠰᠠᠪᠤᠷᠢᠯᠠᠨ ︽ᠲᠤᠲᠦ ᠦᠰᠦᠭ︾ ᠢ ᠵᠤᠬᠢᠶᠠᠵᠠᠢ᠃ ᠡᠨᠡᠬᠦ ᠦᠰᠦᠭ ᠢ ᠵᠤᠬᠢᠶᠠᠭᠰᠠᠨ ᠨᠢ ᠤᠶᠢᠷᠠᠳ ᠤᠨ ᠨᠢᠭᠡᠲᠦᠭᠰᠡᠨ ᠲᠦᠷᠦ ᠳᠤ ᠦᠢᠯᠡᠴᠢᠯᠡᠬᠦᠯᠬᠦ ᠭᠡᠰᠡᠨ ᠤᠯᠤᠰ ᠲᠦᠷᠦ ᠶᠢᠨ ᠵᠤᠷᠢᠯᠭ᠎ᠠ ᠠᠴᠠ ᠪᠤᠯᠤᠭᠰᠡᠨ ᠪᠠᠶᠢᠬ᠎ᠠ᠃ ᠬᠤᠷᠢᠶᠠᠩᠭᠤᠶᠢᠯᠠᠪᠠᠯ᠂ ᠽᠠᠶ᠎ᠠ ᠪᠠᠨᠳᠢᠳᠠ ᠮᠣᠩᠭᠤᠯ ᠪᠢᠴᠢᠭ ᠰᠣᠶᠣᠯ ᠤᠨ ᠬᠦᠭᠵᠢᠯᠳᠡ ᠳᠤ ᠣᠶᠣᠨ ᠬᠦᠴᠦᠨ ᠢᠶᠠᠨ ᠡᠷᠭᠦᠵᠦ᠂ ᠬᠡᠯᠡ ᠪᠢᠴᠢᠭ ︵ᠲᠠᠭᠤᠨ ᠣᠬᠠᠭᠠᠨ︶᠂ ᠲᠦᠪᠡᠳ ᠰᠠᠨᠰᠺᠷᠢᠲ ᠬᠡᠯᠡ᠂ ᠬᠡᠯᠡ ᠵᠦᠢ᠂ ᠠᠪᠢᠶᠠᠨ ᠵᠦᠢ᠂ ᠬᠡᠯᠡ ᠰᠢᠨᠵᠢᠯᠡᠯ᠂ ᠱᠠᠰᠢᠨ ᠤ ᠰᠣᠳᠣᠷ᠂ ᠵᠠᠷᠯᠢᠭ᠂ ᠱᠠᠰᠢᠨ ᠲᠡᠯᠭᠡᠷᠡᠭᠰᠡᠨ ᠲᠡᠣᠭᠡ᠂ ᠣᠷᠠᠨ ᠵᠣᠬᠢᠶᠠᠯ ᠤᠨ ᠣᠨᠣᠯ᠂ ᠲᠦᠪᠡᠳ ᠬᠡᠯᠡ ᠶᠢ ᠮᠣᠩᠭᠤᠯᠴᠢᠯᠠᠬᠤ ᠣᠨᠣᠯ ᠪᠣᠯᠣᠨ ᠦᠢᠯᠡᠳᠣᠯᠬᠡ ᠶᠢ ᠰᠠᠶᠢᠳᠣᠷ ᠬᠢᠭᠰᠡᠨ ᠪᠠᠶᠢᠨ᠎ᠠ᠃ ᠲᠡᠷᠡ ᠬᠤᠱᠤᠳ ᠤᠶᠢᠷᠠᠳ ᠤᠨ ᠲᠡᠥᠭᠡᠨ ᠲᠡᠭᠡᠷᠡᠬᠢ ᠨᠡᠷ᠎ᠡ ᠴᠤᠤᠲᠦ ᠬᠦᠮᠦᠨ ᠪᠤᠯᠬᠤ ᠪᠠᠷ ᠪᠠᠷᠠᠬᠤ ᠦᠭᠡᠢ ᠴᠢᠨᠠᠭᠰᠢᠲᠠ ᠪᠠᠨ ᠮᠤᠩᠭᠤᠯ ᠦᠨᠲᠦᠰᠦᠲᠡᠨ ᠤ ᠰᠤᠶᠤᠯ ᠭᠡᠭᠡᠷᠡᠯ᠂ ᠪᠠᠳᠠᠷᠠᠯ ᠬᠦᠭᠵᠢᠯ ᠳᠤ ᠴᠢᠬᠤᠯᠠ ᠭᠠᠪᠢᠶ᠎ᠠ ᠵᠢᠳᠭᠦᠯ ᠦᠵᠡᠭᠦᠯᠦᠭᠰᠡᠨ ᠬᠦᠭᠡ ᠲᠦᠷᠦ ᠶᠢᠨ ᠭᠦᠲᠦᠴᠢ ᠪᠠᠶᠢᠭᠰᠠᠨ ᠶᠤᠮ᠃ ᠵᠡᠭᠦᠯᠲᠡ᠄ 【1】【3】【12】 ︽ᠮᠤᠩᠭᠤᠯ ᠰᠤᠳᠤᠯᠤᠯ ᠤᠨ ᠨᠡᠪᠲᠡᠷᠭᠡᠢ ᠲᠤᠯᠢ︾ ᠱᠠᠰᠢᠨ ᠰᠤᠷᠲᠠᠬᠤᠨ᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 2007 ᠤᠨ 712᠂ 161᠂ 144 ᠳ᠋ᠤᠭᠠᠷ ᠨᠢᠭᠤᠷ 【2】 张怡荪主编:《藏汉大辞典》· 民族出版社᠂ 1985年·第2331页 【4】【14】【16】【17】【31】 ᠯᠤᠷᠠ᠂ ᠲᠠᠷᠢᠮ᠎ᠠ᠂ ᠬᠡᠷᠡᠯᠮ᠎ᠠ ᠬᠤᠳᠤᠮᠴᠢᠯᠠᠪᠠ᠂ ︽ᠤᠶᠢᠷᠠᠳ ᠮᠤᠩᠭᠤᠯ ᠤᠨ ᠲᠤᠪᠴᠢ ᠲᠡᠥᠭᠡ︾ ︵ᠲᠡᠭᠡᠲᠦ ᠳᠡᠪᠲᠡᠷ︶᠂ ᠰᠢᠨᠵᠢᠶᠠᠩ ᠤᠨ ᠠᠷᠠᠳ ᠤᠨ ᠬᠡᠪᠯᠡᠯ ᠤᠨ ᠬᠤᠷᠢᠶ᠎ᠠ᠂ 2000 ᠤᠨ᠂ 100᠂ 97᠂ 99 ᠳ᠋ᠤᠭᠡᠷ ᠨᠢᠭᠤᠷ ᠲᠤ 【5】【6】 【8】【9】【10】【11】【19】【23】 ᠷᠠᠳᠨᠠᠪᠠᠾ ᠷᠠ ᠵᠣᠬᠢᠶᠠᠵᠦ᠂ ᠰᠢ᠊ · ᠨᠣᠷᠪᠤ ᠲᠣᠯᠭᠠᠨ ᠬᠠᠷᠢᠴᠠᠭᠤᠯᠵᠦ ᠲᠠᠶᠢᠯᠪᠣᠷᠢᠯᠠᠭᠰᠠᠨ᠄ 《 ᠽᠠᠶ᠎ᠠ ᠪᠠᠨᠳᠢᠳᠠ 》 ᠦᠪᠦᠷ ᠮᠣᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ᠂ 1990 ᠣᠨ᠂ 17᠂ 2᠂ 14᠂ 15᠂ 2᠂ 16 ᠨᠢᠭᠤᠷ ᠲᠤ 【7】 ︽ᠤᠶᠢᠷᠠᠳ ᠮᠤᠩᠭᠤᠯ ᠤᠨ ᠲᠡᠥᠬᠡ ᠰᠤᠶᠤᠯ ᠤᠨ ᠰᠤᠳᠤᠯᠤᠯ︾᠂ ᠦᠨᠲᠦᠰᠦᠲᠡᠨ ᠤ ᠬᠡᠪᠯᠡᠯ ᠤᠨ ᠬᠤᠷᠢᠶ᠎ᠠ᠂ 2007 ᠤᠨ᠂ 139 ᠳ᠋ᠤᠭᠡᠷ ᠨᠢᠭᠤᠷ ᠲᠤ 【13】【15】 ︽ᠤᠶᠢᠷᠠᠳ ᠲᠤ ᠰᠢᠷ᠎ᠠ ᠶᠢᠨ ᠱᠠᠰᠢᠨ ᠲᠡᠯᠭᠡᠷᠡᠭᠰᠡᠨ ᠲᠤᠬᠠᠢ︾᠂ ᠬᠡ᠊᠂ ᠯᠢᠵᠠᠢ᠂ ᠰ᠊᠂ ᠱᠠᠩ ᠴᠢᠩ᠄ ︽ᠭᠡᠯᠡ ᠪᠠ ᠤᠷᠴᠢᠭᠤᠯᠭ᠎ᠠ︾᠂ 1989 ᠤᠨ ᠤ 1 ᠳ᠋ᠤᠭᠡᠷ ᠬᠤᠭᠤᠴᠠᠭ᠎ᠠ 49--50᠂ 51 ᠨᠢᠭᠤᠷ ᠲᠤ 【18】【22】【25】 ᠮᠢᠩᠭᠠᠳ᠂ ᠡᠷᠳᠡᠮᠲᠦ᠄ ︽ᠷᠠᠪᠵᠠᠮᠪᠠ ᠽᠠᠶ᠎ᠠ ᠪᠠᠨᠳᠢᠳᠠ ᠨᠠᠮᠬᠠᠶᠢᠵᠠᠮᠰᠦ ᠶᠢᠨ ᠰᠤᠳᠤᠯᠤᠯ︾ ᠲᠦᠪ ᠤᠨ ᠦᠨᠳᠦᠰᠦᠲᠡᠨ ᠤ ᠲᠡᠭᠡᠲᠦ ᠰᠤᠷᠭᠠᠭᠤᠯᠢ ᠶᠢᠨ ᠳ᠋ᠤᠺᠲ᠋ᠤᠷ ᠴᠤᠯᠠ ᠬᠠᠮᠠᠭᠠᠯᠠᠬᠤ ᠦᠬᠦᠯᠡᠯ 2005 ᠤᠨ᠂ ᠪᠡᠭᠡᠵᠢᠩ ᠳᠤ᠂ 44᠂ 39 ᠳ᠋ᠤᠭᠡᠷ ᠨᠢᠭᠤᠷ 【20】【26】【29】 ᠰᠠᠷᠠᠩᠭᠡᠷᠡᠯ᠄ ︽ᠽᠠᠶ᠎ᠠ ᠪᠠᠨᠳᠢᠳᠠ ᠤᠶᠢᠷᠠᠳ ᠨᠤᠳᠤᠭ ᠲᠠᠭᠠᠨ ᠪᠤᠴᠠᠭᠰᠠᠨ ᠰᠢᠯᠲᠠᠭᠠᠨ ᠪᠠ ᠬᠦᠥᠰᠢ ᠬᠠᠭᠠᠨ ᠯᠤᠭ᠎ᠠ ᠶᠢᠨ ᠬᠠᠷᠢᠴᠠᠭ᠎ᠠ︾᠂ ︽ᠤᠶᠢᠷᠠᠳ ᠮᠤᠩᠭᠤᠯ ᠤᠨ ᠲᠡᠥᠬᠡ ᠰᠤᠶᠤᠯ ᠤᠨ ᠰᠤᠳᠤᠯᠤᠯ︾᠂ ᠦᠨᠲᠦᠰᠦᠲᠡᠨ ᠤ ᠬᠡᠪᠯᠡᠯ ᠤᠨ ᠬᠤᠷᠢᠶ᠎ᠠ᠂ 2007 ᠤᠨ᠂ 145 ᠳ᠋ᠤᠭᠠᠷ ᠨᠢᠭᠤᠷ 【21】【28】 ᠪᠤᠷᠵᠢᠬᠢᠳᠠᠢ ᠤᠶᠤᠨᠪᠢᠯᠢᠭ᠌᠄ ︽ᠬᠤᠱᠤᠳ ᠲᠤᠪᠴᠢᠶᠠᠨ︾᠂ ᠦᠪᠦᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ᠂ 1991 ᠤᠨ᠂ ᠬᠠᠶᠢᠯᠠᠷ ᠲᠤ᠂ 99 ᠳ᠋ᠤᠭᠡᠷ ᠨᠢᠭᠤᠷ 【24】 《西藏王臣记》,第五世达赖喇嘛著,郭和卿译,民族出版社,1983年,北京,176页》 【27】 ᠴ᠊᠂ ᠬᠡᠰᠢᠭᠳᠦᠭ᠌ᠳᠠᠬᠤ᠄ ︽ᠮᠤᠩᠭᠤᠯ ᠤᠨ ᠡᠷᠲᠡᠨ ᠤ ᠤᠷᠠᠨ ᠵᠤᠬᠢᠶᠠᠯ ᠤᠨ ᠰᠢᠨ᠎ᠡ ᠰᠤᠳᠤᠯᠤᠯ︾᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1998 ᠤᠨ᠂ ᠬᠦᠬᠡᠬᠤᠲᠠ ᠳᠤ᠂ 239 ᠳ᠋ᠤᠭᠡᠷ ᠨᠢᠭᠤᠷ 【30】 ᠨᠠ᠊᠂ ᠠᠯᠲᠠᠨᠱᠠ ᠨᠠᠶᠢᠷᠠᠭᠤᠯᠤᠨ ᠵᠤᠬᠢᠶᠠᠵᠦ᠂ ᠬᠦ᠊᠂ ᠳ᠋ᠤᠷᠪᠠ ᠬᠢᠨᠠᠨ ᠲᠤᠭᠳᠠᠭᠠᠭᠰᠠᠨ᠄ ︽ᠤᠶᠢᠷᠠᠠᠳ  ᠤᠨ ᠲᠡᠥᠬᠡᠨ ᠳᠠᠬᠢ ᠨᠡᠷᠡᠲᠦ ᠬᠦᠮᠦᠰ︾᠂ ᠰᠢᠨᠵᠢᠶᠠᠩ ᠤᠨ ᠠᠷᠠᠳ ᠤᠨ ᠬᠡᠪᠯᠡᠯ ᠤᠨ ᠬᠤᠷᠢᠶ᠎ᠠ᠂ 1995 ᠤᠨ 138 ᠳ᠋ᠤᠭᠠᠷ ᠨᠢᠭᠤᠷ 【32】 ᠴ᠊᠂ ᠳᠠᠮᠳᠢᠨᠰᠦᠷᠦ᠋ᠩ᠂ ᠳ᠋᠊᠂ ᠴᠠᠩᠲᠦ ᠶᠢᠨ ︽ᠮᠤᠩᠭᠤᠯ ᠤᠷᠠᠨ ᠵᠤᠬᠢᠶᠠᠯ ᠤᠨ ᠲᠤᠶᠢᠮᠦ︾ ᠲᠡᠭᠡᠲᠦ ᠲᠡᠪᠲᠡᠷ᠂ ᠦᠪᠦᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ᠂ 1982 ᠤᠨ 494 ᠳ᠋ᠤᠭᠡᠷ ᠨᠢᠭᠤᠷ ᠲᠤ 【33】 ︽ᠮᠤᠩᠭᠤᠯ ᠦᠨᠳᠦᠰᠦᠲᠡᠨ ᠤ ᠲᠤᠪᠴᠢ ᠲᠡᠥᠬᠡ︾᠂ ᠦᠪᠦᠷ ᠮᠤᠩᠭᠤᠯ ᠤᠨ ᠠᠷᠠᠳ ᠤᠨ ᠬᠡᠪᠯᠡᠯ  ᠤᠨ ᠬᠤᠷᠢᠶ᠎ᠠ᠂ 1985 ᠤᠨ ᠤ ᠬᠢᠳᠠᠳ ᠬᠡᠪᠯᠡᠯ ᠤᠨ 194 ᠳ᠋ᠤᠭᠡᠷ ᠨᠢᠭᠤᠷ ᠲᠤ ᠠᠰᠢᠭᠯᠠᠭᠰᠠᠨ ᠨᠤᠮ ᠮᠠᠲ᠋ᠧᠷᠢᠶᠠᠯ᠄ 1· ᠴ᠊᠂ ᠳᠠᠮᠳᠢᠨᠰᠦᠷᠦ᠋ᠩ᠂ ᠳ᠋᠊᠂ ᠴᠡᠩᠲᠦ ︽ᠮᠤᠩᠭᠤᠯ ᠤᠷᠠᠨ ᠵᠤᠬᠢᠶᠠᠯ ᠤᠨ ᠲᠤᠶᠢᠮᠦ︾᠂ ᠦᠪᠦᠷ ᠮᠤᠩᠭᠤᠯ  ᠤᠨ ᠠᠷᠠᠳ ᠤᠨ ᠬᠡᠪᠯᠡᠯ ᠤᠨ ᠬᠤᠷᠢᠶ᠎ᠠ᠂ 1982 ᠤᠨ 2· ᠪᠤ᠂ ᠮᠦᠩᠬᠡ ︽ᠤᠶᠢᠷᠠᠳ ᠮᠤᠩᠭᠤᠯ ᠤᠨ ᠤᠳᠬ᠎ᠠ ᠵᠤᠬᠢᠶᠠᠯ ᠤᠨ ᠰᠤᠳᠤᠯᠤᠯ︾᠂ ᠦᠨᠳᠦᠰᠦᠲᠡᠨ ᠤ ᠬᠡᠪᠯᠡᠯ ᠤᠨ ᠬᠤᠷᠢᠶ᠎ᠠ 2007 ᠤᠨ 3· ᠪ᠊᠂ ᠭᠡᠷᠡᠯᠲᠦ ︽ᠮᠤᠩᠭᠤᠯ ᠵᠤᠬᠢᠶᠠᠯ ᠤᠨ ᠤᠨᠤᠯ ᠦᠭᠦᠯᠡᠬᠦᠢ ᠶᠢᠨ ᠦᠪ ᠱᠦᠭᠦᠯᠲᠡ︾᠂ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠬᠡᠪᠯᠡᠯ ᠤᠨ ᠬᠤᠷᠢᠶ᠎ᠠ 4· 乌云毕力格、 白拉都格其编著 《 蒙古史纲要 》内蒙古人民出版社 2007年 5· ᠪᠠᠳᠠᠢ᠂ ᠠᠯᠲᠠᠨ ᠤᠷᠬᠢᠯ᠂ ᠡᠷᠳᠡᠨᠢ ︽ᠤᠶᠢᠷᠠᠳ ᠲᠡᠥᠬᠡ ᠶᠢᠨ ᠰᠤᠷᠪᠤᠯᠵᠢ ᠪᠢᠴᠢᠭ︾᠂ ᠦᠪᠦᠷ ᠮᠤᠩᠭᠤᠯ  ᠤᠨ ᠰᠤᠶᠤᠯ ᠤᠨ ᠬᠡᠪᠯᠡᠯ ᠤᠨ ᠬᠤᠷᠢᠶ᠎ᠠ 6· ᠷᠠᠳᠨᠠᠪᠠᠾ ᠷᠠ ᠵᠣᠬᠢᠶᠠᠵᠦ᠂ ᠰᠢ᠊ · ᠨᠣᠷᠪᠤ ᠲᠣᠯᠭᠠᠨ ᠬᠠᠷᠢᠴᠠᠭᠤᠯᠵᠦ ᠲᠠᠶᠢᠯᠪᠣᠷᠢᠯᠠᠭᠰᠠᠨ᠄ 《 ᠽᠠᠶ᠎ᠠ ᠪᠠᠨᠳᠢᠳᠠ 》᠂ ᠦᠪᠦᠷ ᠮᠣᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ᠂ 1990 7· ᠲᠣ ᠪᠠᠳᠮ᠎ᠠ᠄ ︽ᠲᠣᠮᠳᠠᠳᠣ ᠵᠠᠭᠤᠨ ᠤ ᠦᠶ᠎ᠡ ᠶᠢᠨ ᠣᠶᠢᠷᠠᠳ ᠤᠨ ᠠᠯᠳᠠᠷᠳᠦ ᠡᠷᠳᠡᠮᠳᠡᠨ ᠽᠠᠶ᠎ᠠ ᠪᠠᠨᠳᠢᠳᠠ ᠨᠠᠮᠬᠠᠶᠢᠵᠠᠮᠰᠦ ᠶᠢᠨ ᠲᠣᠬᠠᠢ︾᠂ ︽ᠦᠷ ᠤᠨ ᠴᠣᠯᠮᠣᠨ︾᠂ 1988 ᠣᠨ ᠤ 12 ᠳ᠋ᠣᠭᠠᠷ ᠬᠤᠭᠤᠴᠠᠭ᠎ᠠ 8· ᠪᠡ᠊ · ᠭᠡᠷᠡᠯᠳᠦ᠄ ︽ᠮᠣᠩᠭᠤᠯ ᠵᠣᠬᠢᠶᠠᠯ ᠤᠨ ᠣᠨᠣᠯ ᠦᠬᠦᠯᠡᠭᠦᠢ ᠶᠢᠨ ᠦᠪ ᠱᠦᠭᠦᠯᠳᠡ︾᠂ ᠦᠪᠦᠷ ᠮᠣᠩᠭᠤᠯ ᠤᠨ ᠶᠡᠭᠡ ᠰᠣᠷᠭᠠᠭᠤᠯᠢ ᠶᠢᠨ ᠬᠡᠪᠯᠡᠯ ᠤᠨ ᠬᠤᠷᠢᠶ᠎ᠠ᠂ 2003 ᠣᠨ 9· ᠠᠯᠳ᠋ᠬᠠᠣᠷᠬᠢᠯ ᠳ᠋ᠠᠮᠪᠢᠫᠧᠯᠵᠢᠳ ᠰᠣᠩᠭᠤᠨ ᠨᠠᠶᠢᠷᠠᠭᠤᠯᠣᠭᠰᠠᠨ᠄ ︽ᠣᠶᠢᠷᠠᠳ ᠲᠡᠣᠭᠡ ᠶᠢᠨ ᠰᠣᠳᠣᠯᠣᠯ ᠤᠨ ᠦᠬᠦᠯᠡᠯ ᠤᠨ ᠲᠡᠭᠦᠪᠣᠷᠢ︾᠂ ᠰᠢᠨᠵᠢᠶᠡᠩ ᠤᠨ ᠠᠷᠠᠳ ᠤᠨ ᠭᠡᠪᠯᠡᠯ ᠤᠨ ᠬᠤᠷᠢᠶ᠎ᠠ᠂ 1997 ᠣᠨ 10· ᠴ᠊ · ᠲᠠᠮᠳᠢᠨᠰᠦ᠋ᠷᠦᠩ᠄ ︽ᠮᠣᠩᠭᠤᠯ ᠤᠨ ᠣᠷᠠᠨ ᠵᠣᠬᠢᠶᠠᠯ ᠤᠨ ᠲᠣᠶᠢᠮᠦ︾ ︵ᠲᠡᠭᠡᠳᠦ︶᠂ ᠦᠪᠦᠷ ᠮᠣᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ᠂ 1982 ᠣᠨ 11· ᠦ᠊ · ᠨᠠᠷᠠᠨᠪᠠᠳᠦ ᠨᠠᠷ᠄ ︽ᠮᠣᠩᠭᠤᠯ ᠪᠦᠳ᠋ᠳ᠋ᠾᠠ ᠶᠢᠨ ᠰᠣᠶᠣᠯ︾᠂ ᠦᠪᠣᠷ ᠮᠣᠩᠭᠤᠯ ᠤᠨ ᠰᠣᠶᠣᠯ ᠤᠨ ᠭᠡᠪᠯᠡᠯ ᠤᠨ ᠬᠤᠷᠢᠶ᠎ᠠ᠂ 1997 ᠣᠨ 12· ᠮ᠊ · ᠦᠨᠢᠠᠣᠯᠠᠭᠠᠨ ᠨᠠᠷ᠄ ︽ᠮᠣᠩᠭᠤᠯ ᠤᠨ ᠡᠷᠳᠡᠨ ᠤ ᠣᠷᠠᠨ ᠵᠣᠬᠢᠶᠠᠯ ᠤᠨ ᠰᠣᠳᠣᠯᠣᠯ︾᠂ ᠦᠪᠦᠷ ᠮᠣᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ᠂ 2000 ᠣᠨ 13· ᠬᠡ᠊᠂ ᠯᠢᠵᠠᠢ᠄ ︽ᠣᠶᠢᠷᠠᠳ ᠤᠨ ᠲᠡᠣᠭᠡ ᠱᠠᠰᠢᠨ ᠤ ᠰᠣᠳᠣᠯᠣᠯ︾᠂ ᠰᠢᠨᠵᠢᠶᠡᠩ ᠤᠨ ᠠᠷᠠᠳ ᠤᠨ ᠭᠡᠪᠯᠡᠯ ᠤᠨ ᠬᠤᠷᠢᠶ᠎ᠠ᠂ 2002 ᠣᠨ 14· ᠪᠣᠯᠠᠭ᠄ ︽ᠱᠠᠰᠢᠨ ᠰᠣᠷᠳᠠᠬᠤᠨ︾ ︵ᠲᠣᠣᠷᠠᠳᠦ︶᠂ ᠦᠪᠣᠷ ᠮᠣᠩᠭᠤᠯ ᠤᠨ ᠰᠣᠷᠭᠠᠨ ᠬᠦᠮᠦᠵᠢᠯ ᠤᠨ ᠭᠡᠪᠯᠡᠯ ᠤᠨ ᠬᠤᠷᠢᠶ᠎ᠠ᠂ 2003 ᠣᠨ 15· ︽ᠮᠤᠩᠭᠤᠯ ᠰᠤᠳᠤᠯᠤᠯ ᠤᠨ ᠨᠡᠪᠲᠡᠷᠭᠡᠢ ᠲᠤᠯᠢ︾ ᠱᠠᠰᠢᠨ ᠰᠤᠷᠲᠠᠬᠤᠨ᠂ ᠦᠪᠦᠷ ᠮᠤᠩᠭᠤᠯ ᠤᠨ ᠠᠷᠠᠳ  ᠤᠨ ᠬᠡᠪᠯᠡᠯ ᠤᠨ ᠬᠤᠷᠢᠶ᠎ᠠ᠂ 2007 ᠤᠨ 16· ︽ᠤᠶᠢᠷᠠᠳ ᠮᠤᠩᠭᠤᠯ ᠤᠨ ᠲᠡᠥᠬᠡ ᠰᠤᠶᠤᠯ ᠤᠨ ᠰᠤᠳᠤᠯᠤᠯ︾᠂ ᠦᠨᠲᠦᠰᠦᠲᠡᠨ ᠤ ᠬᠡᠪᠯᠡᠯ ᠤᠨ ᠬᠤᠷᠢᠶ᠎ᠠ᠂ 2007 ᠤᠨ 17· ︽ᠭᠡᠯᠡ ᠪᠠ ᠤᠷᠴᠢᠭᠤᠯᠭ᠎ᠠ︾᠂ 1989 ᠤᠨ ᠤ 1 ᠳ᠋ᠤᠭᠡᠷ ᠬᠤᠭᠤᠴᠠᠭ᠎ᠠ 18· ᠯᠤᠷᠠ᠂ ᠲᠠᠷᠢᠮ᠎ᠠ᠂ ᠬᠡᠷᠡᠯᠮ᠎ᠠ ᠬᠤᠳᠤᠮᠴᠢᠯᠠᠪᠠ᠄ ︽ᠤᠶᠢᠷᠠᠳ ᠮᠤᠩᠭᠤᠯ ᠤᠨ ᠲᠤᠪᠴᠢ ᠲᠡᠥᠭᠡ︾ ︵ᠲᠡᠭᠡᠲᠦ ᠳᠡᠪᠲᠡᠷ︶᠂ ᠰᠢᠨᠵᠢᠶᠠᠩ ᠤᠨ ᠠᠷᠠᠳ ᠤᠨ ᠬᠡᠪᠯᠡᠯ ᠤᠨ ᠬᠤᠷᠢᠶ᠎ᠠ᠂ 2000 ᠤᠨ 19· ᠮᠢᠩᠭᠠᠳ᠂ ᠡᠷᠳᠡᠮᠲᠦ᠄ ︽ᠷᠠᠪᠵᠠᠮᠪᠠ ᠽᠠᠶ᠎ᠠ ᠪᠠᠨᠳᠢᠳᠠ ᠨᠠᠮᠬᠠᠶᠢᠵᠠᠮᠰᠦ ᠶᠢᠨ ᠰᠤᠳᠤᠯᠤᠯ︾᠂ ᠲᠦᠪ ᠤᠨ ᠦᠨᠳᠦᠰᠦᠲᠡᠨ ᠤ ᠲᠡᠭᠡᠲᠦ ᠰᠤᠷᠭᠠᠭᠤᠯᠢ ᠶᠢᠨ ᠳ᠋ᠤᠺᠲ᠋ᠤᠷ ᠴᠤᠯᠠ ᠬᠠᠮᠠᠭᠠᠯᠠᠬᠤ ᠦᠬᠦᠯᠡᠯ᠂ 2005 ᠤᠨ᠂ ᠪᠡᠭᠡᠵᠢᠩ ᠳᠤ 20· ᠪᠤᠷᠵᠢᠬᠢᠳᠠᠢ ᠤᠶᠤᠨᠪᠢᠯᠢᠭ᠌᠄ ︽ᠬᠤᠱᠤᠳ ᠲᠤᠪᠴᠢᠶᠠᠨ︾᠂ ᠦᠪᠦᠷ ᠮᠤᠩᠭᠤᠯ ᠤᠨ ᠰᠤᠶᠤᠯ ᠤᠨ ᠬᠡᠪᠯᠡᠯ  ᠤᠨ ᠬᠤᠷᠢᠶ᠎ᠠ᠂ 1991 ᠤᠨ᠂ ᠬᠠᠶᠢᠯᠠᠷ ᠲᠤ 21· 《西藏王臣记》,第五世达赖喇嘛著,郭和卿译,民族出版社,1983年,北京 22· ᠴ᠊᠂ ᠬᠡᠰᠢᠭᠳᠦᠭ᠌ᠳᠠᠬᠤ᠄ ︽ᠮᠤᠩᠭᠤᠯ ᠤᠨ ᠡᠷᠲᠡᠨ ᠤ ᠤᠷᠠᠨ ᠵᠤᠬᠢᠶᠠᠯ ᠤᠨ ᠰᠢᠨ᠎ᠡ ᠰᠤᠳᠤᠯᠤᠯ︾᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1998 ᠤᠨ᠂ ᠬᠦᠬᠡᠬᠤᠲᠠ ᠳᠤ᠂ 23· ︽ᠮᠤᠩᠭᠤᠯ ᠦᠨᠳᠦᠰᠦᠲᠡᠨ ᠤ ᠲᠤᠪᠴᠢ ᠲᠡᠥᠬᠡ︾᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1985 ᠤᠨ ᠤ ᠬᠢᠳᠠᠳ ᠬᠡᠪᠯᠡᠯ 24· 敖举·嘉样成来:《蒙古地区三个"咱雅班第达"活佛系统说之辩正》·《卫拉特研究》2004年第1期 25· 阿音娜᠂ 哈斯巴根 :《清代蒙古的三位咱雅班第达及其相关问题》1《中国藏学》2008年第3期 26· ᠬᠡ᠊᠂ ᠯᠢᠵᠠᠢ᠄ 《 ᠽᠠᠶ᠎ᠠ ᠪᠠᠨᠳᠢᠳᠠ ᠶᠢᠨ ᠤᠶᠢᠷᠠᠳ ᠲᠡᠥᠭᠡᠨ ᠳᠤ ᠦᠵᠡᠭᠦᠯᠦᠭᠰᠡᠨ ᠭᠠᠪᠢᠶ᠎ᠠ ᠵᠢᠳᠬᠦᠯ 》᠂ ︽ᠤᠶᠢᠷᠠᠳ ᠤᠨ ᠰᠤᠳᠤᠯᠤᠯ︾᠂ 1999 ᠤᠨ ᠤ 3 - 4 ᠬᠤᠭᠤᠴᠠᠭ᠎ᠠ 27· ᠨᠠ᠊᠂ ᠠᠯᠲᠠᠨᠱᠠ ᠨᠠᠶᠢᠷᠠᠭᠤᠯᠤᠨ ᠵᠤᠬᠢᠶᠠᠵᠦ᠂ ᠬᠦ᠊᠂ ᠳ᠋ᠤᠷᠪᠠ ᠬᠢᠨᠠᠨ ᠲᠤᠭᠳᠠᠭᠠᠭᠰᠠᠨ᠄ ︽ᠤᠶᠢᠷᠠᠠᠳ ᠤᠨ ᠲᠡᠥᠬᠡᠨ ᠳᠠᠬᠢ ᠨᠡᠷᠡᠲᠦ ᠬᠦᠮᠦᠰ︾᠂ ᠰᠢᠨᠵᠢᠶᠠᠩ ᠤᠨ ᠠᠷᠠᠳ ᠤᠨ ᠬᠡᠪᠯᠡᠯ ᠤᠨ ᠬᠤᠷᠢᠶ᠎ᠠ᠂ 1995 ᠤᠨ 28· ᠸᠠᠩ ᠮᠠᠨᠳᠤᠭ᠎ᠠ ᠭᠤᠤᠯᠯᠠᠨ ᠨᠠᠶᠢᠷᠠᠭᠤᠯᠤᠭᠰᠠᠨ᠄ ︽ᠮᠤᠩᠭᠤᠯ ᠤᠨ ᠲᠡᠥᠬᠡ ᠶᠢᠨ ᠲᠤᠯᠢ︾᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1999 ᠤᠨ 29· 谢启晃等:《中国少数民族历史人物志》4卷·1989年 30· 达力扎布:《读"咱雅班第达传"札记》·《西部蒙古论坛》2010年第1期 31· 札奇斯钦:《佛教在卫拉特诸部弘通的概况》·《卫拉特文献与研究》·卫来特文献馆出版1991年
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号