ᠪᠠᠭᠠᠲᠤᠷ ᠵᠤᠷᠢᠭᠲᠠᠨ ᠡᠷᠳᠡᠨᠢ ᠪᠠᠭᠠᠲᠤᠷ ᠬᠤᠩ ᠲᠠᠶᠢᠵᠢ
ᠨᠡᠶᠢᠲᠡᠯᠡᠭᠰᠡᠨ ᠴᠠᠭ᠄
2019/12/11
ᠡᠷᠳᠡᠨᠢ ᠪᠠᠭᠠᠲᠤᠷ ᠬᠤᠩ ᠲᠠᠶᠢᠵᠢ ᠦᠢᠷᠠᠳ ᠤᠨ ᠴᠤᠷᠤᠰ ᠠᠶᠢᠮᠠᠭ ︵ᠤᠳᠤ ᠶᠢᠨ ᠦᠬᠡᠯᠠᠳ ᠶᠠᠰᠤᠲᠠᠨ︶ ᠤᠨ ᠬᠦᠮᠤᠨ ᠪᠤᠯᠤᠨ᠎ᠠ᠃ ᠲᠠᠬᠦᠨ ᠤ ᠡᠴᠢᠬᠡ ᠬᠠᠷ᠎ᠠ ᠬᠤᠯᠠᠨ ᠪᠤᠯ ᠳᠦᠷᠪᠠᠨ ᠦᠢᠷᠠᠳ ᠤᠨ ᠴᠢᠭᠤᠯᠭᠠᠨ ᠤ ᠳᠠᠷᠤᠭ᠎ᠠ ᠪᠠᠶᠢᠪᠠ᠃ 1634 ᠤᠨ ᠳᠤ ᠡᠴᠢᠬᠡ ᠬᠠᠷ᠎ᠠ ᠬᠤᠯᠠᠨ ᠨᠠᠰᠤ ᠨᠦᠭᠴᠢᠭᠰᠡᠨ ᠤ ᠳᠠᠷᠠᠭ᠎ᠠ᠂ ᠪᠠᠭᠠᠲᠤᠷ ᠬᠤᠩ ᠲᠠᠶᠢᠵᠢ ᠡᠴᠢᠬᠡ ᠶᠢᠨ ᠢᠶᠠᠨ ᠵᠡᠷᠬᠡ ᠬᠡᠷᠬᠢᠮ ᠢ ᠵᠠᠯᠭᠠᠮᠵᠢᠯᠠᠨ ᠵᠠᠬᠦᠠᠭᠠᠷ ᠬᠠᠭᠠᠨᠲᠤ ᠤᠯᠤᠰ ᠢ ᠪᠠᠶᠢᠭᠤᠯᠤᠭᠰᠠᠨ ᠪᠠᠶᠢᠨ᠎ᠠ᠃ 1636 ᠤᠨ ᠤ ᠨᠠᠮᠤᠷ᠂ ᠴᠤᠷᠤᠰ ᠠᠶᠢᠮᠠᠭ ᠤᠨ ᠪᠠᠭᠠᠲᠤᠷ ᠬᠤᠩ ᠲᠠᠶᠢᠵᠢ᠂ ᠮᠡᠷᠬᠡᠨ ᠳᠠᠶᠢᠴᠢᠩ᠂ ᠬᠤᠱᠤᠳ ᠠᠶᠢᠮᠠᠭ ᠤᠨ ᠬᠦᠤᠰᠢ ᠬᠠᠨ᠂ ᠲᠦᠷᠤᠬᠦᠴᠢ ᠨᠤᠶᠠᠨ᠂ ᠲᠤᠷᠭᠤᠳ ᠠᠶᠢᠮᠠᠭ ᠤᠨ ᠮᠡᠷᠬᠡᠨ ᠲᠡᠮᠡᠨ᠎ᠠ᠂ ᠭᠤᠮᠪᠤ ᠢᠯᠳᠡᠩ ᠂ ᠬᠤᠶᠢᠳ ᠠᠶᠢᠮᠠᠭ ᠤᠨ ᠰᠤᠯᠲᠠᠨ ᠲᠠᠶᠢᠵᠢ᠂ ᠰᠤᠮᠢᠷ ᠲᠠᠶᠢᠵᠢ᠂ ᠳᠦᠷᠪᠠᠳ ᠠᠶᠢᠮᠠᠭ ᠤᠨ ᠳᠠᠯᠠᠢ ᠲᠠᠶᠢᠵᠢ᠂ ᠪᠤᠮ ᠢᠯᠳᠡᠩ ᠨᠠᠷ ᠬᠤᠯᠪᠤᠭᠠᠲᠤ ᠴᠡᠷᠢᠭ ᠢ ᠠᠪᠴᠤ ᠬᠦᠬᠡᠨᠠᠭᠤᠷ ᠤᠨ ᠴᠤᠭᠲᠤ ᠲᠠᠶᠢᠵᠢ ᠶᠢ ᠳᠠᠶᠢᠯᠠᠬᠤ ᠪᠠᠷ ᠮᠤᠷᠳᠠᠭᠰᠠᠨ ᠪᠠᠶᠢᠨ᠎ᠠ᠃ ᠲᠡᠷᠠ ᠦᠶ᠎ᠠ ᠳᠤ ᠭᠤᠤᠯ ᠳᠤᠮᠳᠠ ᠨᠢ ᠬᠤᠱᠤᠳ ᠴᠡᠷᠢᠭ᠂ ᠵᠠᠬᠦᠨ ᠭᠠᠷ ᠲᠤᠨᠢ ᠴᠤᠷᠤᠰ ᠴᠡᠷᠢᠭ᠂ ᠪᠠᠷᠠᠭᠤᠨ ᠭᠠᠷ ᠲᠤᠨᠢ ᠲᠤᠷᠭᠤᠳ ᠴᠡᠷᠢᠭ᠂ ᠰᠠᠬᠦᠯ ᠳᠤᠨᠢ ᠳᠦᠷᠪᠠᠳ ᠪᠤᠯᠤᠨ ᠬᠤᠶᠢᠳ ᠬᠤᠶᠠᠷ ᠠᠶᠢᠮᠠᠭ ᠤᠨ ᠴᠡᠷᠢᠭ ᠶᠠᠪᠤᠵᠠᠢ᠃ ᠲᠡᠬᠦᠨ ᠠᠴᠠ ᠡᠬᠢᠯᠠᠨ ᠴᠤᠷᠤᠰ ᠲᠤ ᠵᠠᠬᠦᠠᠭᠠᠷ ᠨᠠᠷ᠎ᠠ᠂ ᠲᠤᠷᠭᠤᠳ ᠲᠤ ᠪᠠᠷᠠᠭᠤᠠ ᠭᠠᠷ ᠨᠠᠷ᠎ᠠ ᠲᠤᠰ ᠲᠤᠰ ᠰᠢᠩᠬᠡᠭᠰᠠᠨ ᠪᠠᠶᠢᠨ᠎ᠠ᠃ 1637 ᠤᠨ ᠤ ᠴᠠᠭᠠᠨ ᠰᠠᠷ᠎ᠠ ᠳᠤ᠂ ᠳᠦᠷᠪᠠᠨ ᠤᠶᠢᠷᠠᠳ ᠤᠨ ᠬᠤᠯᠪᠤᠭᠠᠲᠤ ᠴᠡᠷᠢᠭ ᠪᠠᠭᠠᠲᠤᠷ ᠬᠤᠩ ᠲᠠᠶᠢᠵᠢ  ᠶᠢᠨ ᠤᠳᠤᠷᠢᠳᠤᠯᠭ᠎ᠠ ᠳᠤᠤᠷ᠎ᠠ ᠪᠠᠷᠬᠦ᠋ᠯ᠂ ᠬᠠᠮᠢᠯ ᠢ ᠳᠠᠮᠵᠢᠵᠤ᠂ ᠠᠮᠳᠤᠤ ᠶᠢᠨ ᠭᠠᠵᠠᠷ ᠲᠤ ᠴᠦᠮᠤᠷᠠᠨ ᠤᠷᠤᠭᠠᠳ ᠬᠠᠯᠬ᠎ᠠ ᠶᠢᠨ ᠴᠤᠭᠲᠤ ᠲᠠᠶᠢᠵᠢ ᠶᠢ ᠤᠯᠠᠭᠠᠨ ᠬᠤᠰᠢᠭᠤ ᠬᠡᠮᠠᠬᠦ ᠭᠠᠵᠠᠷ ᠲᠤ ᠳᠠᠶᠢᠯᠠᠵᠤ᠂ ᠬᠦᠬᠡᠨᠠᠭᠤᠷ ᠢ ᠡᠵᠡᠯᠡᠭᠰᠠᠨ ᠪᠠᠶᠢᠨ᠎ᠠ᠃ ᠪᠠᠭᠠᠲᠤᠷ ᠬᠤᠩ ᠲᠠᠶᠢᠵᠢ ᠶᠢᠨ ᠤᠳᠤᠷᠢᠳᠤᠭᠰᠠᠨ ᠤᠶᠢᠷᠠᠳ ᠤᠨ ᠴᠡᠷᠢᠭ ᠬᠦᠬᠡᠨᠠᠭᠤᠷ ᠠᠴᠠ ᠴᠢᠨᠠᠭᠰᠢ ᠲᠦᠪᠠᠳ ᠲᠤ ᠬᠦᠷᠴᠤ ᠤᠯᠠᠭᠠᠨ ᠤ ᠱᠠᠰᠢᠨ ᠢ ᠳᠠᠷᠤᠩᠭᠤᠯᠤᠨ ᠰᠢᠷ᠎ᠠ ᠶᠢᠨ ᠱᠠᠰᠢᠨ ᠶᠢ ᠲᠤᠰᠠᠯᠠᠭᠰᠠᠨ ᠳᠤ ᠲᠠᠪᠤᠳᠤᠭᠠᠷ ᠳᠦᠷᠢ ᠶᠢᠨ ᠳᠠᠯᠠᠢ ᠯᠠᠮ᠎ᠠ ᠬᠤᠱᠤᠳ ᠠᠶᠢᠮᠠᠭ ᠤᠨ ᠲᠦᠷᠤᠪᠠᠶᠢᠬᠤ ᠬᠦᠤᠰᠢ ᠬᠠᠨ ᠳᠤ ︽ᠲᠠᠩᠵᠢᠨᠴᠦᠶᠢᠷᠵᠢᠯ︾ ᠬᠡᠳᠡᠭ ᠴᠤᠯᠠ ᠡᠷᠬᠦᠮᠵᠢᠯᠠᠨ᠂ ᠴᠤᠷᠤᠰ ᠠᠶᠢᠮᠠᠭ ᠤᠨ ᠪᠠᠭᠠᠲᠤᠷ ᠬᠤᠩ ᠲᠠᠶᠢᠵᠢ ᠳᠤ ︽ᠡᠷᠳᠡᠨᠢ︾ ᠴᠤᠯᠠ ᠰᠤᠶᠤᠷᠬᠠᠵᠤ᠂ ᠲᠡᠬᠦᠨ ᠠᠴᠠ ᠡᠬᠢᠯᠠᠬᠡᠳ ︽ᠡᠷᠳᠡᠨᠢ ᠪᠠᠭᠠᠲᠤᠷ ᠬᠤᠩ ᠲᠠᠶᠢᠵᠢ︾ ᠬᠡᠵᠤ ᠨᠡᠷᠡᠯᠠᠬᠦ ᠪᠤᠯᠵᠠᠢ᠃ 1640 ᠤᠨ ᠤ ᠪᠢᠯᠢᠭ ᠤᠨ ᠤᠯᠠᠷᠢᠯ ᠤᠨ 8 ᠳ᠋ᠤᠭᠠᠷ ᠰᠠᠷ᠎ᠠ ᠶᠢᠨ ᠰᠢᠨ᠎ᠠ ᠶᠢᠨ 5 ᠤ ᠡᠳᠤᠷ ᠵᠠᠬᠦᠠᠭᠠᠷ ᠤᠨ ᠬᠠᠨ ᠡᠷᠳᠡᠨᠢ ᠪᠠᠭᠠᠲᠤᠷ ᠬᠤᠩ ᠲᠠᠶᠢᠵᠢ ᠶᠢᠨ ᠡᠵᠡᠷᠬᠡᠵᠤ ᠪᠠᠶᠢᠭᠰᠠᠨ ᠨᠤᠲᠤᠭ ᠪᠠ ᠬᠠᠯᠬ᠎ᠠ ᠮᠤᠩᠭᠤᠯ ᠤᠨ ᠨᠤᠲᠤᠭ ᠤᠨ ᠬᠡᠰᠡᠭ ᠨᠤᠶᠠᠳ ᠬᠠᠯᠠᠬ᠎ᠠ ᠤᠶᠢᠷᠠᠳ ᠤᠨ ᠨᠤᠲᠤᠭ ᠤᠨ ᠬᠠᠷᠢᠯᠴᠠᠨ ᠶᠠᠪᠤᠯᠴᠠᠬᠤ ᠵᠠᠮ ᠤᠨ ᠠᠭᠤᠯᠵᠠᠷ ᠪᠤᠯᠬᠤ ᠡᠷᠴᠢᠰ ᠭᠤᠤᠯ ᠤᠨ ᠮᠠᠨᠢᠲᠤ ᠭᠠᠲᠤᠯᠭᠠᠨ ᠤ ᠤᠷᠴᠢᠮ ᠤᠨ ᠭᠠᠵᠠᠷ ᠲᠤ ︽ᠮᠤᠩᠭᠤᠯ — ᠤᠶᠢᠷᠠᠳ︾ ᠤᠨ ᠶᠡᠭᠡ ᠬᠤᠷᠠᠯ  ᠢ ᠬᠢᠭᠰᠡᠨ ᠶᠤᠮ᠃ ᠡᠨᠠ ᠤᠳᠠᠭ᠎ᠠ ᠶᠢᠨ ᠬᠤᠷᠠᠯᠳᠤᠭᠠᠨ ᠳᠤ ᠡᠷᠳᠡᠨᠢ ᠪᠠᠭᠠᠲᠤᠷ ᠬᠤᠩ ᠲᠠᠶᠢᠵᠢ ᠪᠠᠷ ᠲᠡᠷᠢᠬᠦᠯᠡᠭᠰᠠᠨ ᠦᠢᠷᠠᠳ ᠤᠨ ᠶᠠᠬᠡᠰ ᠨᠤᠶᠠᠳ ᠪᠤᠯᠤᠨ ᠬᠠᠯᠠᠬ᠎ᠠ ᠶᠢᠨ ᠵᠠᠰᠠᠭᠲᠤ ᠬᠠᠨ ᠰᠤᠪᠢᠳᠢ ᠪᠠᠷ ᠲᠡᠷᠢᠬᠦᠯᠡᠭᠰᠠᠨ ᠳᠤᠯᠤᠭᠠᠨ ᠤᠲᠤᠭ ᠤᠨ ᠡᠷᠬᠡ ᠪᠠᠷᠢᠭᠴᠢᠳ ᠲᠤᠰ ᠪᠦᠷᠢ ᠠᠷᠪᠠᠨ ᠭᠤᠷᠪᠠᠨ ᠬᠦᠮᠤᠨ ᠪᠠ ᠬᠠᠯᠠᠬ᠎ᠠ ᠶᠢᠨ ᠵᠢᠪᠽᠤᠩᠳᠠᠮᠪᠠ ᠬᠤᠳᠤᠭᠲᠤ ᠲᠠᠬᠦᠠᠴᠢᠯᠠᠨ ᠤᠶᠢᠷᠠᠳ ᠤᠨ ᠽᠠᠶ᠎ᠠ ᠪᠠᠨᠳᠢᠳᠠ ᠬᠡᠬᠡᠨ ᠵᠡᠷᠬᠡ ᠬᠤᠷᠢᠨ ᠨᠠᠢᠮᠠᠨ ᠬᠠᠷ᠎ᠠ ᠰᠢᠷ᠎ᠠ ᠶᠠᠬᠡᠰ ᠨᠤᠶᠠᠳ ᠤᠷᠤᠯᠴᠠᠪᠠ᠃ ᠡᠷᠳᠡᠨᠢ ᠪᠠᠭᠠᠲᠤᠷ ᠬᠤᠩ ᠲᠠᠶᠢᠵᠢ ᠪᠠᠷ ᠤᠳᠤᠷᠢᠳᠤᠭᠤᠯᠤᠭᠰᠠᠨ ᠡᠨᠠ ᠤᠳᠠᠭ᠎ᠠ ᠶᠢᠨ ︽ᠤᠶᠢᠷᠠᠳ — ᠮᠤᠩᠭᠤᠯ︾ ᠤᠨ ᠶᠡᠭᠡ ᠬᠤᠷᠠᠯ ᠪᠤᠯ ᠤᠶᠢᠷᠠᠳ ᠤᠨ ᠵᠠᠬᠢᠷᠭᠠᠨ ᠳᠤᠤᠷᠠᠬᠢ ᠬᠡᠷᠬᠢᠰ ︵ᠬᠢᠷᠭᠠᠽᠢ︶ ᠨᠤᠲᠤᠭ ᠤᠨ ᠵᠠᠷᠢᠮ ᠬᠡᠰᠡᠭ ᠭᠠᠵᠠᠷ ᠪᠤᠯᠤᠨ ᠬᠠᠯᠠᠬ᠎ᠠ ᠶᠢᠨ ᠵᠠᠬᠢᠷᠭᠠᠨ ᠳᠤᠤᠷᠠᠬᠢ ᠪᠠᠷᠭᠤ ᠪᠤᠷᠢᠶᠠᠳ ᠤᠨ ᠭᠠᠵᠠᠷ ᠨᠤᠲᠤᠭ ᠤᠷᠤᠰ ᠤᠯᠤᠰ ᠲᠤ ᠲᠦᠷᠢᠮᠠᠬᠡᠶᠢᠯᠡᠭᠳᠡᠵᠤ᠂ ᠭᠤᠪᠢ ᠡᠮᠤᠨᠠᠬᠢ ᠦᠪᠤᠷ ᠮᠤᠩᠭᠤᠯ ᠤᠨ ᠭᠠᠵᠠᠷ ᠨᠤᠲᠤᠭ ᠴᠢᠩ ᠤᠯᠤᠰ ᠲᠤ ᠡᠵᠡᠯᠡᠭᠳᠡᠭᠰᠠᠨ ᠬᠦᠨᠳᠤ ᠰᠦᠷᠠᠬᠡᠢ ᠪᠠᠶᠢᠳᠠᠯ ᠤᠨ ᠳᠤᠤᠷ᠎ᠠ ᠬᠤᠷᠠᠯᠳᠤᠭᠰᠠᠨ ᠶᠤᠮ᠃ ᠡᠶᠢᠮᠤ ᠠᠴᠠ ᠡᠨᠠᠬᠦ ᠬᠤᠷᠠᠯ ᠨᠢ ᠮᠤᠩᠭᠤᠯ — ᠤᠶᠢᠷᠠᠳ ᠤᠨ ᠡᠯ᠎ᠠ ᠠᠶᠢᠮᠠᠭ ᠤᠨ ᠬᠦᠴᠤᠨ ᠢ ᠨᠢᠬᠡᠳᠬᠡᠵᠤ᠂ ᠬᠠᠷᠢ ᠶᠢᠨ ᠲᠦᠷᠢᠮᠠᠬᠡᠶᠢᠯᠠᠯ ᠢ ᠡᠰᠡᠷᠬᠦᠴᠠᠬᠦ ᠪᠠᠷ ᠭᠤᠤᠯ ᠵᠤᠷᠢᠯᠲᠠ ᠪᠠᠨ ᠪᠤᠯᠭᠠᠭᠰᠠᠨ ᠪᠠᠶᠢᠵᠠᠢ᠃ ᠲᠤᠰ ᠬᠤᠷᠠᠯᠳᠤᠭᠠᠨ ᠠᠴᠠ ︽ᠮᠤᠩᠭᠤᠯ — ᠤᠶᠢᠷᠠᠳ ᠤᠨ ᠶᠡᠭᠡ ᠴᠠᠭᠠᠵᠠ︾ ᠶᠢᠨ ᠪᠢᠴᠢᠭ ᠢ ᠰᠠᠨᠠᠯ ᠨᠢᠬᠡᠲᠠᠢ ᠪᠠᠲᠤᠯᠠᠭᠰᠠᠨ ᠪᠠᠶᠢᠨ᠎ᠠ᠃ ᠡᠨᠠᠬᠦ ᠴᠠᠭᠠᠵᠠ ᠨᠢ ᠲᠠᠤᠬᠡᠨ ᠳᠤ ᠮᠤᠩᠭᠤᠯ — ᠤᠶᠢᠷᠠᠳ ᠤᠨ ᠬᠠᠷᠢᠴᠠᠭ᠎ᠠ᠂ ᠨᠢᠭᠲᠠᠷᠠᠯ᠂ ᠪᠦᠯᠬᠦᠮᠳᠠᠯ ᠪᠠ ᠬᠠᠷᠢ ᠶᠢᠨ ᠲᠦᠷᠢᠠᠮᠬᠡᠶᠢᠯᠠᠯ ᠢ ᠬᠠᠮᠲᠤ ᠲᠠᠭᠠᠨ ᠡᠰᠡᠷᠬᠦᠴᠠᠬᠦ ᠵᠤᠷᠢᠭ ᠰᠠᠨᠠᠭ᠎ᠠ ᠶᠢ ᠢᠯᠡᠳᠬᠡᠭᠰᠠᠨ ︽ᠮᠤᠩᠭᠤᠯ — ᠤᠶᠢᠷᠠᠳ  ᠤᠨ ᠶᠡᠭᠡ ᠴᠠᠭᠠᠵᠠ︾ ᠪᠤᠶᠤ ︽ᠳᠦᠴᠢᠨ᠂ ᠳᠦᠷᠪᠠᠨ ᠬᠤᠶᠠᠷ ᠤᠨ ᠶᠡᠭᠡ ᠴᠠᠭᠠᠵᠠ︾ ᠵᠡᠷᠬᠡ ᠪᠠᠷ ᠨᠡᠷᠯᠡᠭᠳᠠᠨ ᠠᠯᠳᠠᠷᠰᠢᠵᠠᠢ᠃ ᠳᠦᠴᠢᠨ᠂ ᠳᠦᠷᠪᠠᠨ ᠬᠤᠶᠠᠷ ᠤᠨ ᠶᠡᠭᠡ ᠴᠠᠭᠠᠵᠠ ᠬᠡᠰᠠᠨ ᠨᠢ ᠳᠦᠴᠢᠨ ᠲᠦᠮᠠᠨ ᠮᠤᠩᠭᠤᠯ ᠪᠠ ᠳᠦᠷᠪᠠᠨ ᠤᠶᠢᠷᠠᠳ ᠬᠠᠮᠲᠤᠷᠠᠨ ᠲᠤᠭᠲᠠᠭᠠᠭᠰᠠᠨ ᠴᠠᠭᠠᠵᠠ ᠬᠡᠰᠠᠨ ᠤᠳᠬ᠎ᠠ ᠲᠠᠢ ᠶᠤᠮ᠃ ︽ᠮᠤᠩᠭᠤᠯ — ᠤᠶᠢᠷᠠᠳ ᠤᠨ ᠶᠡᠭᠡ ᠴᠠᠭᠠᠵᠠ︾ ᠨᠢ ᠤᠶᠢᠷᠠᠳ᠂ ᠬᠠᠯᠠᠬ᠎ᠠ ᠮᠤᠩᠭᠤᠯ ᠤᠨ ᠨᠤᠶᠠᠳ ᠤᠨ ᠬᠤᠭᠤᠷᠤᠨᠳᠠᠬᠢ ᠬᠠᠷᠢᠴᠠᠭ᠎ᠠ ᠶᠢ ᠵᠤᠬᠢᠴᠠᠭᠤᠯᠵᠤ᠂ ᠬᠠᠷᠢᠶᠠᠲᠤ ᠬᠠᠮᠵᠢᠯᠠᠭ᠎ᠠ ᠪᠠᠨ ᠵᠠᠬᠢᠷᠤᠨ ᠪᠠᠷᠢᠮᠲᠠᠯᠬᠤ ᠡᠷᠬᠡ ᠬᠡᠮᠵᠢᠶ᠎ᠠ ᠶᠢ ᠬᠠᠤᠯᠢ ᠶᠢᠨ ᠡᠬᠦᠳᠠᠨ ᠠᠴᠠ ᠤᠯᠠᠮ ᠪᠠᠲᠤᠳᠬᠠᠵᠤ᠂ ᠬᠠᠷᠢ ᠶᠢᠨ ᠲᠦᠷᠢᠮᠠᠬᠡᠶᠢᠯᠠᠯ ᠢ ᠡᠰᠡᠷᠬᠦᠴᠠᠬᠦ ᠮᠤᠩᠭᠤᠯᠴᠤᠳ ᠤᠨ ᠬᠠᠮᠲᠤᠷᠠᠭᠰᠠᠨ ᠬᠦᠴᠤ ᠶᠢ ᠵᠤᠬᠢᠶᠠᠨ ᠪᠠᠶᠢᠭᠤᠯᠬᠤ᠂ ᠰᠢᠷ᠎ᠠ ᠶᠢᠨ ᠱᠠᠰᠢᠨ ᠤ ᠡᠷᠬᠡ ᠨᠦᠯᠤᠬᠡ ᠶᠢ ᠳᠡᠯᠬᠡᠷᠠᠬᠦᠯᠬᠦ ᠵᠡᠷᠬᠡ ᠭᠤᠤᠯ ᠠᠭᠤᠯᠭ᠎ᠠ ᠲᠠᠢ ᠪᠤᠯᠬᠤᠷ ᠲᠤᠬᠠᠢ ᠦᠶ᠎ᠠ ᠶᠢᠨ ᠮᠤᠩᠭᠤᠯ ᠤᠨ ᠨᠠᠶᠢᠬᠡᠮ ᠤᠨ ᠬᠦᠭᠵᠢᠯᠲᠠ  ᠳᠤ ᠶᠠᠬᠡᠬᠡᠨ ᠦᠢᠯᠠᠳᠤᠯ ᠦᠵᠡᠬᠦᠯᠤᠭ᠍ᠰᠠᠨ ᠢᠶᠠᠷ ᠪᠠᠷᠠᠬᠤ ᠦᠬᠡᠢ᠂ ᠤᠳᠤ ᠴᠤ ᠬᠡᠰᠠᠨ ᠠᠷᠪᠠᠨ ᠳᠤᠯᠤᠳᠤᠭᠠᠷ ᠵᠠᠭᠤᠨ  ᠤ ᠦᠶ᠎ᠠ ᠶᠢᠨ ᠮᠤᠩᠭᠤᠯ ᠤᠨ ᠨᠠᠶᠢᠬᠡᠮ᠂ ᠤᠯᠤᠰ ᠲᠦᠷᠤ᠂ ᠡᠳ᠋ ᠶᠢᠨ ᠵᠠᠰᠠᠭ᠂ ᠬᠦᠮᠤᠨ ᠠᠷᠠᠳ ᠤᠨ ᠠᠵᠤ ᠠᠮᠢᠳᠤᠷᠠᠯ᠂ ᠰᠤᠶᠤᠯ᠂ ᠵᠠᠩ ᠰᠤᠷᠲᠠᠬᠤᠨ᠂ ᠬᠠᠤᠯᠢ ᠴᠠᠭᠠᠵᠠ ᠶᠢ ᠰᠤᠳᠤᠯᠬᠤ ᠳᠤ ᠴᠢᠬᠤᠯᠠ ᠦᠢᠯᠠᠳᠤᠯ ᠲᠠᠢ ᠪᠠᠶᠢᠭᠰᠠᠭᠠᠷ ᠶᠤᠮ᠃ ᠡᠷᠳᠡᠨᠢ ᠪᠠᠭᠠᠲᠤᠷ ᠬᠤᠩ ᠲᠠᠶᠢᠵᠢ ᠵᠠᠬᠦᠠᠭᠠᠷ ᠤᠨ ᠬᠠᠨ ᠰᠠᠭᠤᠵᠤ ᠪᠠᠶᠢᠬᠤ ᠦᠶ᠎ᠠ ᠳᠡᠭᠡᠨ ᠲᠠᠷᠬᠠᠢ ᠪᠤᠲᠠᠷᠬᠠᠢ ᠮᠤᠩᠭᠤᠯᠴᠤᠳ ᠪᠠᠨ ᠨᠢᠬᠡᠳᠬᠡᠨ ᠤᠯᠠᠮ ᠨᠢᠬᠡ ᠬᠦᠴᠤᠷᠬᠡᠭ ᠤᠯᠤᠰ ᠬᠦᠷᠤᠨ ᠪᠠᠶᠢᠭᠤᠯᠬᠤ ᠶᠢ ᠬᠦᠰᠡᠭᠰᠠᠬᠡᠷ ᠢᠷᠡᠭᠰᠠᠨ ᠪᠠᠶᠢᠨ᠎ᠠ᠃ ᠲᠡᠷᠠ 1643 ᠤᠨ ᠳᠤ ᠵᠠᠬᠦᠠᠭᠠᠷ ᠪᠤᠯᠤᠨ ᠢᠵᠢᠯ — ᠵᠠᠢ ᠶᠢᠨ ᠬᠤᠭᠤᠷᠤᠨᠳᠠᠬᠢ ᠵᠠᠮ ᠬᠠᠷᠢᠯᠴᠠᠭᠠᠨ ᠤ ᠰᠠᠭᠠᠳ ᠬᠠᠷᠰᠢ ᠶᠢ ᠤᠰᠤᠳᠬᠠᠬᠤ ᠶᠢᠨ ᠲᠦᠯᠤᠬᠡ᠂ ᠳᠦᠷᠪᠠᠨ ᠦᠢᠷᠠᠳ᠂ ᠬᠠᠯᠠᠬ᠎ᠠ ᠮᠤᠩᠭᠤᠯ ᠤᠨ ᠵᠠᠰᠠᠭᠲᠤ ᠬᠠᠨ ᠠᠶᠢᠮᠠᠭ ᠪᠤᠯᠤᠨ ᠢᠵᠢᠯ — ᠵᠠᠢ ᠶᠢᠨ ᠲᠤᠷᠭᠤᠳ ᠤᠨ ᠬᠤᠯᠪᠤᠭᠠᠲᠤ ᠴᠡᠷᠢᠭ ᠢ ᠳᠠᠶᠢᠴᠢᠯᠠᠵᠤ ᠬᠠᠰᠠᠭᠴᠤᠳ ᠢ ᠳᠠᠶᠢᠯᠠᠪᠠ᠃ ᠡᠨᠠ ᠤᠳᠠᠭ᠎ᠠ ᠶᠢᠨ ᠳᠠᠶᠢᠨ ᠳᠤ ᠪᠦᠷᠢᠨ ᠢᠯᠠᠯᠲᠠ ᠤᠯᠵᠤ ᠴᠢᠳᠠᠭᠰᠠᠨ ᠦᠬᠡᠢ ᠤᠴᠢᠷ ᠠᠴᠠ᠂ 1644 ᠤᠨ ᠳᠤ ᠲᠡᠷᠠ ᠢᠵᠢᠯ — ᠵᠠᠢ ᠳᠤ ᠪᠠᠶᠢᠭᠰᠠᠨ ᠲᠤᠷᠭᠤᠳ ᠤᠨ ᠬᠠᠨ ᠬᠤ ᠦᠷᠯᠤᠭ᠌ ᠲᠤ ᠳᠠᠬᠢᠨ ᠪᠢᠴᠢᠭ ᠶᠠᠪᠤᠭᠤᠯᠵᠤ ᠬᠠᠰᠠᠭᠴᠤᠳ ᠢ ᠵᠠᠬᠦᠨ ᠪᠠᠷᠠᠭᠤᠨ ᠲᠠᠯ᠎ᠠ ᠠᠴᠠ ᠨᠢ ᠬᠠᠪᠴᠢᠨ ᠴᠤᠬᠢᠬᠤ ᠪᠠᠷ ᠪᠡᠯᠡᠳᠬᠡᠯ ᠬᠢᠵᠠᠢ᠃ ᠬᠡᠲᠠᠯ᠎ᠠ ᠠᠰᠲ᠋ᠠᠷᠬᠠᠨ ᠤ ᠳᠠᠶᠢᠨ ᠤ ᠳᠤᠮᠳᠠ ᠬᠤ ᠦᠷᠯᠤᠭ᠌ ᠬᠠᠨ ᠤᠷᠤᠰ ᠤᠨ ᠴᠡᠷᠢᠭ ᠤᠨ ᠭᠠᠷ ᠲᠤ ᠵᠠᠪᠰᠢᠶᠠᠨ ᠪᠤᠰᠤ ᠪᠠᠷ ᠨᠠᠰᠤ ᠪᠠᠷᠠᠵᠤ᠂ ᠡᠷᠳᠡᠨᠢ ᠪᠠᠭᠠᠲᠤᠷ ᠬᠤᠩ ᠲᠠᠶᠢᠵᠢ ᠶᠢᠨ ᠬᠠᠰᠠᠭ ᠢ ᠳᠠᠶᠢᠯᠠᠬᠤ ᠲᠦᠯᠤᠪᠯᠡᠯᠡᠭᠡ ᠨᠢ ᠪᠠᠶᠠᠯᠡᠭᠳᠠᠵᠤ ᠴᠢᠳᠠᠭᠰᠠᠨ ᠦᠬᠡᠢ ᠪᠠᠶᠢᠨ᠎ᠠ᠃ ᠡᠨᠠ ᠦᠶᠠᠰ ᠳᠤᠮᠳᠠ ᠠᠽᠢᠶ᠎ᠠ ᠶᠢᠨ ᠳᠠᠶᠢᠨ ᠳᠠᠵᠢᠨ ᠪᠤᠯᠤᠨ ᠡᠧᠦ᠋ᠷᠤᠫᠠ ᠶᠢᠨ ᠳᠠᠶᠢᠨ ᠪᠠᠶᠢᠯᠳᠤᠭᠠᠨ ᠳᠤ᠂ ᠮᠤᠩᠭᠤᠯ — ᠤᠶᠢᠷᠠᠳ ᠤᠨ ᠬᠤᠯᠪᠤᠭᠠᠲᠤ ᠴᠡᠷᠢᠭ ᠬᠦᠴᠢᠷ ᠪᠡᠷᠬᠡᠰᠢᠶᠠᠯ ᠳᠤ ᠲᠤᠯᠭᠠᠷᠠᠭᠰᠠᠨ ᠤᠴᠢᠷ ᠠᠴᠠ᠂ 1645 — 1646 ᠤᠨ ᠤ ᠬᠤᠭᠤᠷᠤᠨᠳᠤ ᠡᠷᠳᠡᠨᠢ ᠪᠠᠭᠠᠲᠤᠷ ᠬᠤᠩ ᠲᠠᠶᠢᠵᠢ᠂ ᠢᠵᠢᠯ — ᠵᠠᠢ ᠶᠢᠨ ᠲᠤᠷᠭᠤᠳ ᠨᠤᠲᠤᠭ ᠲᠤ ᠤᠳᠠᠭ᠎ᠠ ᠳᠠᠷᠠᠭ᠎ᠠ ᠡᠯᠴᠢ ᠶᠠᠪᠤᠭᠤᠯᠵᠤ᠂ ᠲᠡᠳᠡᠨ ᠢ ᠡᠬᠡ ᠨᠤᠲᠤᠭ ᠵᠠᠬᠦᠠᠭᠠᠷ ᠲᠠᠭᠠᠨ ᠪᠤᠴᠠᠵᠤ ᠢᠷᠠᠬᠦ ᠶᠢ ᠱᠠᠭᠠᠷᠳᠠᠭᠰᠠᠨ ᠪᠠᠶᠢᠨ᠎ᠠ᠃ ᠬᠡᠲᠠᠯ᠎ᠠ ᠢᠵᠢᠯ — ᠵᠠᠢ ᠶᠢᠨ ᠲᠤᠷᠭᠤᠳ ᠪᠤᠯᠤᠨ ᠤᠷᠤᠰ ᠤᠯᠤᠰ ᠤᠨ ᠬᠠᠷᠢᠴᠠᠭ᠎ᠠ ᠳᠤ ᠰᠢᠨ᠎ᠠ ᠬᠤᠪᠢᠷᠠᠯᠲᠠ ᠭᠠᠷᠴᠤ᠂ ᠬᠤ ᠦᠷᠯᠤᠭ᠌ ᠤᠨ ᠬᠦᠪᠠᠬᠦᠨ ᠱᠦᠬᠦᠷ ᠳᠠᠶᠢᠴᠢᠩ ᠪᠤᠯᠤᠨ ᠭᠤᠮᠪᠤ ᠢᠯᠳᠡᠩ ᠨᠤᠶᠠᠨ ᠤ ᠡᠷᠳᠡᠨᠢ ᠪᠠᠭᠠᠲᠤᠷ ᠬᠤᠩ ᠲᠠᠶᠢᠵᠢ ᠶᠢᠨ ᠱᠠᠭᠠᠷᠳᠠᠯᠭ᠎ᠠ ᠪᠠᠷ ᠭᠤᠷᠪᠠᠨ ᠮᠢᠩᠭᠠᠨ ᠡᠷᠤᠬᠡ ᠬᠠᠷᠢᠶᠠᠲᠤ ᠠᠯᠪᠠᠲᠤ ᠪᠠᠨ ᠮᠠᠯ ᠰᠦᠷᠤᠭ᠌ ᠲᠠᠢ ᠨᠢ ᠡᠬᠡ ᠨᠤᠲᠤᠭ ᠵᠠᠬᠦᠠᠭᠠᠷ ᠲᠠᠭᠠᠨ ᠬᠠᠷᠢᠭᠤᠯᠵᠤ᠂ ᠦᠪᠠᠷᠰᠠᠳ ᠤᠨ ᠪᠠᠶ᠎ᠠ ᠨᠢ ᠤᠭ ᠬᠡᠪ ᠢᠶᠠᠷ ᠢᠵᠢᠯ — ᠵᠠᠢ ᠳᠤ ᠬᠤᠴᠤᠷᠤᠭᠰᠠᠨ ᠪᠠᠶᠢᠵᠠᠢ᠃ ᠡᠶᠢᠮᠤ ᠠᠴᠠ ᠡᠷᠳᠡᠨᠢ ᠪᠠᠭᠠᠲᠤᠷ ᠬᠤᠩ ᠲᠠᠶᠢᠵᠢ ᠤᠷᠤᠰ ᠲᠠᠢ ᠬᠠᠷᠢᠴᠠᠬᠤ ᠳᠠᠭᠠᠨ ᠴᠤ ᠪᠤᠯᠭᠤᠮᠵᠢᠲᠠᠢ ᠲᠦᠷᠤ ᠶᠢᠨ ᠪᠤᠳᠤᠯᠭ᠎ᠠ ᠶᠢ ᠠᠪᠴᠤ ᠡᠬᠢᠯᠠᠵᠠᠢ᠃ ᠲᠡᠷᠠ 1643 ᠤᠨ ᠳᠤ ᠤᠷᠤᠰ ᠤᠯᠤᠰ ᠤᠨ ᠬᠠᠭᠠᠨ ᠮᠢᠬᠠᠶᠢᠯ ᠹᠧᠶᠤᠳᠤᠷᠤᠸᠢᠴ ᠳᠤ ᠲᠤᠰᠬᠠᠢ ᠪᠢᠴᠢᠭ ᠪᠡᠯᠡᠭ ᠲᠠᠢ ᠡᠯᠴᠢ ᠶᠠᠪᠤᠭᠤᠯᠵᠤ ᠬᠤᠶᠠᠷ ᠤᠯᠤᠰ ᠤᠨ ᠬᠤᠭᠤᠷᠤᠨᠳᠠᠬᠢ ᠨᠠᠶᠢᠷᠠᠰᠠᠭ ᠬᠠᠷᠢᠴᠠᠭ᠎ᠠ ᠬᠤᠯᠪᠤᠭ᠎ᠠ ᠪᠠᠨ ᠪᠠᠲᠤᠳᠬᠠᠨ ᠨᠦᠬᠦᠷᠰᠡᠭ ᠪᠠᠶᠢᠬᠤ ᠶᠢ ᠬᠦᠰᠡᠭᠰᠠᠨ ᠪᠠᠶᠢᠨ᠎ᠠ 1650 ᠤᠨ ᠳᠤ ᠬᠤᠶᠠᠳᠤᠭᠠᠷ ᠤᠳᠠᠭ᠎ᠠ ᠡᠯᠴᠢ ᠲᠦᠮᠢᠯᠠᠵᠤ ᠬᠢᠯᠢ ᠬᠢᠵᠠᠭᠠᠷ ᠤᠨ ᠵᠠᠷᠢᠮ ᠮᠦᠷᠬᠦᠯᠳᠤᠬᠡᠨ ᠤ ᠠᠰᠠᠭᠤᠳᠠᠯ ᠢ ᠵᠦᠪ ᠪᠠᠷ ᠰᠢᠳᠪᠤᠷᠢᠯᠡᠭᠰᠠᠨ ᠪᠠᠶᠢᠨ᠎ᠠ᠃ 1646 ᠤᠨ ᠳᠤ ᠡᠷᠳᠡᠨᠢ ᠪᠠᠭᠠᠲᠤᠷ ᠬᠤᠩ ᠲᠠᠶᠢᠵᠢ ᠤᠷᠤᠰ ᠤᠨ ᠵᠠᠰᠠᠭ ᠤᠨ ᠭᠠᠵᠠᠷ ᠠᠴᠠ ᠲᠡᠳᠡᠨ ᠲᠠᠢ ᠱᠤᠤ ᠭᠠᠶᠢᠯᠢ ᠦᠬᠡᠢ ᠬᠤᠳᠤᠯᠳᠠᠭ᠎ᠠ ᠮᠠᠶᠢᠮᠠᠢ ᠬᠡᠬᠦ ᠡᠷᠬᠡ ᠶᠢ ᠤᠯᠤᠭᠰᠠᠨ ᠪᠠ 1653 ᠤᠨ ᠳᠤ ᠤᠷᠤᠰ ᠤᠨ ᠲᠤᠮᠠᠰᠺ ᠬᠤᠲᠠᠨ ᠳᠤ ᠤᠶᠢᠷᠠᠳ ᠤᠨ ᠬᠤᠳᠠᠯᠳᠤᠭᠠᠴᠤᠳ ᠲᠠᠪᠤᠨ ᠤᠳᠠᠭ᠎ᠠ ᠤᠴᠢᠬᠤ ᠳᠤ᠂ ᠲᠡᠳᠡᠨ ᠳᠤ ᠵᠤᠷᠢᠭᠤᠯᠤᠨ ᠲᠤᠰᠬᠠᠢ ᠮᠠᠶᠢᠮᠠᠢ ᠬᠤᠳᠠᠯᠳᠤᠭᠠᠨ ᠤ ᠵᠠᠬ᠎ᠠ ᠳᠡᠯᠬᠡᠬᠦᠷ ᠨᠡᠬᠡᠬᠡᠵᠤ ᠦᠭᠬᠦᠭᠰᠠᠨ ᠪᠠᠶᠢᠨ᠎ᠠ᠃ ᠡᠷᠳᠡᠨᠢ ᠪᠠᠭᠠᠲᠤᠷ ᠬᠤᠩ ᠲᠠᠶᠢᠵᠢ ᠤᠷᠤᠰ ᠲᠠᠢ ᠪᠤᠯᠤᠭᠰᠠᠨ ᠬᠠᠷᠢᠴᠠᠭ᠎ᠠ ᠪᠠᠨ ᠤᠯᠠᠮ ᠨᠢᠬᠡ ᠠᠯᠬᠤᠮ ᠬᠦᠴᠤᠷᠬᠦᠯᠤᠨ ᠮᠠᠶᠢᠮᠠᠢ ᠬᠤᠳᠠᠯᠳᠤᠭᠠᠨ  ᠤ ᠬᠦᠴᠤᠯᠴᠠ ᠪᠠᠨ ᠴᠢᠩᠭᠠᠳᠬᠠᠵᠤ᠂ ᠶᠡᠭᠡ ᠬᠡᠮᠵᠢᠶᠠᠨ ᠤ ᠠᠰᠢᠭ ᠬᠤᠨᠵᠢᠭ ᠤᠯᠤᠭᠰᠠᠨ ᠤ ᠰᠠᠭᠤᠷᠢ ᠳᠡᠬᠡᠷ᠎ᠠ ᠬᠤᠪᠤᠭᠰᠠᠶᠢᠷᠢ ᠶᠢᠨ ᠨᠤᠲᠤᠭ ᠲᠤ ᠨᠠᠶᠢᠰᠯᠠᠯ ᠪᠠᠶᠢᠭᠤᠯᠤᠨ ᠬᠤᠲᠠ ᠬᠦᠷᠢᠶ᠎ᠠ ᠪᠠᠷᠢᠭᠤᠯᠵᠤ᠂ ᠰᠦᠮ᠎ᠠ ᠬᠡᠶᠢᠳ ᠪᠠᠶᠢᠭᠤᠯᠵᠤ᠂ ᠲᠡᠭᠷᠢ ᠠᠭᠤᠯᠠ ᠶᠢᠨ ᠡᠮᠤᠨ᠎ᠠ ᠪᠠᠶ᠎ᠠ ᠳᠤ ᠠᠮᠢᠳᠤᠷᠴᠤ ᠪᠠᠶᠢᠭ᠎ᠠ ᠤᠶᠢᠭᠤᠷ ᠲᠠᠷᠢᠶᠠᠴᠢᠳ ᠢ ᠨᠠᠬᠦᠯᠬᠡᠨ ᠠᠪᠴᠢᠷᠠᠵᠤ ᠲᠠᠷᠢᠶᠠᠯᠠᠩ ᠤᠨ ᠰᠠᠭᠤᠷᠢ ᠭᠠᠵᠠᠷ ᠪᠠᠶᠢᠭᠤᠯᠬᠤ ᠶᠢᠨ ᠵᠡᠷᠬᠡᠴᠠᠬᠡᠪᠠᠷ ᠮᠠᠯ ᠲᠠᠷᠢᠶᠠᠯᠠᠩ ᠢ ᠤᠶᠠᠯᠳᠠᠭᠤᠯᠤᠨ᠂ ᠭᠠᠷ ᠤᠶᠢᠯᠡᠳᠪᠤᠷᠢ ᠶᠢ ᠳᠠᠭᠠᠮᠠᠢ ᠬᠦᠭᠵᠢᠬᠦᠯᠬᠦ ᠲᠦᠷᠤ ᠪᠤᠳᠤᠯᠭ᠎ᠠ ᠶᠢ ᠬᠡᠷᠡᠭᠵᠢᠬᠦᠯᠵᠤ ᠬᠤᠵᠢᠮ ᠤᠨ ᠵᠠᠬᠦᠠᠭᠠᠷ ᠬᠠᠭᠠᠨᠲᠤ ᠤᠯᠤᠰ ᠤᠨ ᠮᠠᠨᠳᠤᠨ ᠬᠦᠭᠵᠢᠬᠦ ᠳᠤ ᠵᠤᠬᠢᠬᠤ ᠬᠡᠮᠵᠢᠶᠠᠨ ᠤ ᠤᠶᠢᠯᠠᠳᠤᠯ ᠦᠵᠡᠬᠦᠯᠤᠭ᠍ᠰᠠᠨ ᠪᠠᠶᠢᠨ᠎ᠠ᠃ ᠡᠬᠦᠨ ᠠᠴᠠ ᠭᠠᠳᠠᠨ᠎ᠠ ᠡᠷᠳᠡᠨᠢ ᠪᠠᠭᠠᠲᠤᠷ ᠬᠤᠩ ᠲᠠᠶᠢᠵᠢ ᠰᠢᠷ᠎ᠠ ᠶᠢᠨ ᠱᠠᠰᠢᠨ ᠶᠢ ᠶᠠᠬᠡᠪᠠᠷ ᠳᠡᠯᠬᠡᠷᠠᠬᠦᠯᠤᠨ᠂ ᠰᠤᠶᠤᠯ ᠪᠢᠴᠢᠭ ᠢ ᠴᠢᠬᠤᠯᠴᠢᠯᠠᠨ ᠡᠷᠳᠡᠮ ᠮᠡᠳᠡᠯᠬᠡ ᠶᠢ ᠬᠦᠨᠳᠤᠳᠬᠡᠨ᠂ 1648 ᠤᠨ ᠳᠤ᠂ ᠰᠢᠷ᠎ᠠ ᠶᠢᠨ ᠱᠠᠰᠢᠨ  ᠤ ᠬᠡᠬᠡᠨ ᠷᠠᠪᠵᠠᠮᠪᠠ ᠽᠠᠶ᠎ᠠ ᠪᠠᠨᠳᠢᠳᠠ ᠨᠠᠮᠬᠠᠶᠢᠮᠵᠠᠮᠰᠤ ᠪᠠᠭᠰᠢᠲᠠᠨ ᠢ ᠵᠠᠯᠠᠵᠤ ᠤᠶᠢᠷᠠᠳ ᠨᠤᠲᠤᠭ ᠲᠤ ᠲᠤᠰᠬᠠᠢ ᠦᠰᠤᠭ᠌ ᠪᠢᠴᠢᠭ ᠵᠤᠬᠢᠶᠠᠯᠭᠠᠭᠰᠠᠨ ᠪᠠᠶᠢᠨ᠎ᠠ᠃ ᠽᠠᠶ᠎ᠠ ᠪᠠᠨᠳᠢᠳᠠ ᠪᠠᠭᠰᠢᠲᠠᠨ ᠬᠠᠭᠤᠴᠢᠨ ᠤᠶᠢᠭᠤᠷᠴᠢᠨ ᠮᠤᠩᠭᠤᠯ ᠦᠰᠤᠭ᠌ ᠢ ᠦᠢᠷᠠᠳ ᠠᠶᠠᠯᠭᠤᠨ ᠳᠤ ᠲᠤᠬᠢᠷᠠᠭᠤᠯᠤᠨ ᠲᠤᠳᠤᠳᠬᠠᠬᠤ ᠵᠡᠷᠬᠡ ᠪᠠᠷ ᠦᠬᠡᠷᠠᠴᠢᠯᠠᠯᠲᠠ ᠤᠷᠤᠭᠤᠯᠤᠨ ︽ᠲᠤᠳᠤ ᠦᠰᠤᠭ᠌︾ ᠪᠤᠯᠭᠠᠨ ᠵᠤᠬᠢᠶᠠᠵᠤ᠂ ᠪᠦᠬᠦ ᠦᠢᠷᠠᠳ ᠨᠤᠲᠤᠭ ᠲᠤ ᠲᠦᠬᠡᠮᠵᠢᠯᠠᠵᠠᠢ᠃ ᠡᠨᠠ ᠨᠢ ᠤᠶᠢᠷᠠᠳ ᠰᠤᠶᠤᠯ ᠤᠨ ᠲᠠᠤᠬᠡᠨ ᠳᠤ ᠭᠠᠷᠤᠭᠰᠠᠨ ᠨᠢᠬᠡᠨ ᠳᠠᠪᠰᠢᠯᠲᠠ ᠪᠤᠯᠬᠤ ᠶᠤᠰᠤᠲᠠᠢ᠃ ᠲᠤᠳᠤ ᠦᠰᠤᠭ᠌ ᠵᠤᠬᠢᠶᠠᠭᠳᠠᠭᠰᠠᠨ  ᠤ ᠰᠠᠶᠢᠨ ᠢᠶᠠᠷ ᠦᠢᠷᠠᠳ ᠨᠤᠲᠤᠭ ᠲᠤ ᠡᠨᠡᠳᠬᠡᠭ ᠤᠯᠤᠰ ᠠᠴᠠ ᠲᠦᠪᠠᠳ ᠲᠤ ᠤᠷᠤᠵᠤ ᠢᠷᠡᠭᠰᠠᠨ ᠬᠦᠭᠵᠢᠭᠰᠡᠨ ᠰᠢᠨᠵᠢᠯᠠᠬᠦ ᠤᠬᠠᠭᠠᠨ᠂ ᠡᠮ ᠡᠮᠨᠠᠯᠬᠡ᠂ ᠤᠳᠤᠨ ᠤᠷᠤᠨ ᠤ ᠰᠤᠳᠤᠯᠠᠯ ᠤᠨ ᠨᠤᠮ ᠪᠢᠴᠢᠭ ᠶᠠᠬᠡᠪᠠᠷ ᠤᠷᠴᠢᠭᠤᠯᠠᠭᠳᠠᠨ ᠬᠡᠪᠯᠡᠭᠳᠡᠭᠰᠠᠨ ᠪᠠ ᠶᠡᠭᠡ ᠬᠡᠮᠵᠢᠶᠠᠨ ᠤ ᠤᠶᠢᠷᠠᠳ ᠤᠨ ᠲᠠᠤᠬᠡ ᠰᠤᠳᠤᠷ ᠪᠢᠴᠢᠭᠳᠡᠨ ᠬᠤᠴᠤᠷᠤᠭᠰᠠᠨ ᠪᠠᠶᠢᠨ᠎ᠠ᠃ ᠡᠷᠳᠡᠨᠢ ᠪᠠᠭᠠᠲᠤᠷ ᠬᠤᠩ ᠲᠠᠶᠢᠵᠢ ᠪᠠᠷᠤᠭ 1660 ᠤᠨ ᠤ ᠦᠶ᠎ᠠ ᠪᠠᠷ ᠨᠠᠰᠤ ᠪᠠᠷᠠᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号