ᠬᠤ ᠦᠷᠯᠤᠭ᠌ ᠪᠠ ᠲᠣᠷᠭᠤᠳᠴᠤᠳ ᠢᠵᠢᠯ ᠵᠠᠢ ᠳᠤ ᠶᠠᠪᠤᠭᠰᠠᠨ ᠤᠴᠢᠷ
ᠨᠡᠶᠢᠲᠡᠯᠡᠭᠰᠡᠨ ᠴᠠᠭ᠄
2019/12/11
ᠠᠷᠪᠠᠨ ᠳᠤᠯᠤᠳᠤᠭᠠᠷ ᠵᠠᠭᠤᠨ ᠤ ᠡᠬᠢᠨ ᠤ ᠦᠶ᠎ᠠ ᠪᠠᠷ ᠳᠦᠷᠪᠠᠨ ᠤᠶᠢᠷᠠᠳ ᠶᠠᠬᠡᠪᠠᠷ ᠬᠦᠴᠤᠷᠬᠡᠨ ᠬᠦᠮᠤᠨ ᠠᠮᠠ ᠨᠡᠮᠡᠭᠳᠠᠨ᠂ ᠮᠠᠯ ᠰᠦᠷᠤᠭ᠌ ᠶᠠᠬᠡᠪᠠᠷ ᠨᠡᠮᠡᠭᠳᠠᠨ  ᠲᠠᠷᠢᠶᠠᠯᠠᠩ ᠤᠨ ᠭᠠᠵᠠᠷ᠂ ᠪᠡᠯᠴᠢᠬᠡᠷ ᠡᠪᠠᠰᠤ ᠬᠦᠷᠤᠯᠴᠠᠬᠦ ᠦᠬᠡᠢ ᠬᠡᠮᠵᠢᠶᠠᠨ ᠳᠤ ᠬᠦᠷᠤᠭ᠍ᠰᠠᠨ ᠪᠠᠶᠢᠨ᠎ᠠ᠃ ᠡᠨᠠ ᠦᠶ᠎ᠠ ᠳᠤ ᠳᠠᠷᠤᠢ 1607 ᠤᠨ ᠳᠤ ᠦᠢᠷᠠᠳ ᠤᠨ ᠲᠤᠷᠭᠤᠳ ᠠᠶᠢᠮᠠᠭ ᠤᠨ ᠠᠬᠠᠯᠠᠴᠢ ᠨᠤᠶᠠᠨ ᠬᠤ ᠦᠷᠯᠤᠭ᠌᠄ ︽ᠬᠤᠪᠤᠭᠰᠠᠶᠢᠷᠢ ᠶᠢᠨ ᠭᠠᠵᠠᠷ ᠨᠤᠲᠤᠭ ᠠᠬᠢᠷ ᠴᠢᠬᠢᠷ ᠬᠠᠭᠰᠠᠭᠤ ᠮᠦᠷᠲᠠᠬᠡᠨ ᠬᠦᠮᠤᠨ ᠠᠮᠠ ᠪᠠᠰᠠ ᠦᠰᠴᠤ ᠪᠠᠶᠢᠨ᠎ᠠ᠂ ᠠᠯᠪᠠᠲᠤ ᠬᠠᠷᠢᠶᠠᠲᠤ ᠮᠢᠨᠢ ᠠᠩ ᠬᠦᠷᠤᠬᠡ ᠬᠡᠬᠦ ᠶᠢ ᠪᠠᠶᠢᠲᠤᠭᠠᠢ᠂ ᠠᠳᠤᠭᠤ ᠮᠠᠯ ᠴᠤ ᠬᠠᠷᠢᠭᠤᠯᠬᠤ ᠭᠠᠵᠠᠷ ᠤᠯᠳᠠᠬᠤ ᠦᠬᠡᠢ ᠪᠠᠶᠢᠨ᠎ᠠ᠃ ᠲᠠᠬᠦᠨᠴᠢᠯᠠᠨ ᠲᠠᠷᠢᠶ᠎ᠠ ᠲᠦᠮᠤᠰᠤ ᠲᠠᠷᠢᠵᠤ ᠠᠮᠢ ᠭᠤᠤᠯ ᠪᠠᠨ ᠲᠡᠵᠢᠬᠡᠶ᠎ᠠ ᠬᠡᠬᠦ ᠳᠤ ᠴᠤ ᠬᠦᠴᠢᠷ ᠪᠤᠯᠤᠭᠠᠳ ᠪᠤᠢ᠃ ᠡᠶᠢᠮᠤ ᠠᠴᠠ ᠭᠠᠵᠠᠷ ᠨᠤᠲᠤᠭ ᠪᠤᠯᠢᠶᠠᠯᠳᠤᠵᠤ ᠨᠢᠬᠡ ᠨᠢ ᠨᠢᠬᠡᠨ ᠠᠯᠠᠵᠤ ᠬᠢᠳᠤᠭᠠᠳ᠂ ᠠᠯᠪᠠᠲᠤ ᠢᠷᠬᠡᠳ ᠢᠶᠠᠨ ᠬᠤᠷᠤᠭᠠᠭᠰᠠᠨ ᠠᠴᠠ ᠬᠤᠯᠠ ᠭᠠᠵᠠᠷ ᠤᠳᠴᠤ᠂ ᠬᠠᠷᠢ ᠶᠠᠰᠤᠲᠤ ᠤᠯᠤᠰ ᠤᠨ ᠤᠶᠢᠷ᠎ᠠ ᠰᠠᠭᠤᠨ᠂ ᠲᠡᠳᠡᠨ ᠯᠦᠭᠡ ᠳᠠᠶᠢᠯᠠᠯᠳᠤᠨ ᠤᠯᠵᠠ ᠠᠰᠢᠭ ᠠᠪᠴᠤ ᠶᠠᠪᠤᠪᠠᠯ ᠳᠡᠬᠡᠷ᠎ᠠ ᠪᠠᠶᠢᠬ᠎ᠠ᠃ ᠰᠤᠨᠤᠰᠬᠤᠯᠠᠷ ᠬᠤᠶᠢᠳ ᠤᠨ ᠬᠤᠶᠢᠲᠤ ᠵᠠᠬ᠎ᠠ ᠳᠤ ᠤᠷᠤ ᠶᠢᠨ ᠭᠠᠭᠴᠠ ᠮᠤᠲᠤ ᠬᠡᠳᠡᠭ ᠡᠵᠠᠬᠦᠢ ᠰᠤᠯᠠ ᠭᠠᠵᠠᠷ ᠪᠠᠶᠢᠬᠤ ᠶᠤᠮ ᠬᠡᠨ᠎ᠠ᠃ ᠪᠢᠳᠠᠨ ᠲᠡᠨᠳᠠ ᠬᠦᠷᠴᠤ ᠮᠠᠯ ᠮᠠᠯᠠᠯᠠᠨ᠂ ᠲᠠᠷᠢᠶ᠎ᠠ ᠲᠠᠷᠢᠵᠤ᠂ ᠠᠷᠠᠳ ᠢᠷᠬᠡᠳ ᠢᠶᠠᠨ ᠲᠡᠩᠬᠡᠷᠠᠬᠦᠯᠤᠨ ᠠᠪᠤᠶ᠎ᠠ ᠬᠡᠮᠠᠨ ᠪᠤᠳᠤᠵᠤ ᠪᠤᠢ︾ ᠬᠡᠵᠤ ᠳᠦᠷᠪᠠᠨ ᠤᠶᠢᠷᠠᠳ ᠤᠨ ᠴᠢᠭᠤᠯᠭᠠᠨ ᠳᠠᠷᠤᠭ᠎ᠠ ᠪᠠᠶᠢᠭᠰᠠᠨ ᠡᠷᠳᠡᠨᠢ ᠪᠠᠭᠠᠲᠤᠷ ᠬᠤᠩ ᠲᠠᠶᠢᠵᠢ ᠳᠤ ᠠᠶᠢᠯᠠᠳᠬᠠᠪᠠ᠃ ᠡᠷᠳᠡᠨᠢ ᠪᠠᠭᠠᠲᠤᠷ ᠬᠤᠩ ᠲᠠᠶᠢᠵᠢ ᠵᠦᠪᠰᠢᠶᠠᠷᠠᠭᠰᠠᠨ ᠲᠤᠯᠠ᠂ ᠬᠤ ᠦᠷᠯᠤᠭ᠌ ᠬᠠᠭᠠᠨᠲᠤ ᠤᠷᠤᠰ ᠤᠨ ᠵᠠᠰᠠᠭ ᠤᠨ ᠭᠠᠵᠠᠷ ᠲᠤ ᠡᠯᠴᠢ ᠲᠤᠮᠢᠯᠠᠨ ᠶᠠᠪᠤᠭᠤᠯᠵᠤ ᠡᠪ ᠨᠠᠶᠢᠷ ᠲᠠᠢ ᠵᠡᠷᠬᠡᠴᠠᠨ ᠤᠷᠤᠰᠢᠬᠤ᠂ ᠬᠦᠷᠰᠢ ᠵᠡᠷᠬᠡᠯᠳᠡᠭᠡ ᠤᠯᠤᠰ ᠪᠤᠯᠵᠤ ᠠᠮᠢᠳᠤᠷᠬᠤ ᠶᠢ ᠬᠦᠰᠡᠭᠰᠠᠨ ᠪᠠᠶᠢᠨ᠎ᠠ᠃ ᠲᠡᠬᠡᠬᠡᠳ ᠬᠤ ᠦᠷᠯᠤᠭ᠌ ᠦᠪᠠᠷ ᠤᠨ ᠠᠯᠪᠠᠲᠤ ᠲᠤᠷᠭᠤᠳ ᠢ ᠨᠡᠬᠦᠯᠬᠡᠨ ᠶᠠᠪᠤᠬᠤ ᠪᠤᠯᠤᠭᠰᠠᠨ ᠳᠤ ᠬᠠᠮᠲᠤ ᠬᠤᠰᠢᠶ᠎ᠠ ᠪᠠᠶᠢᠭᠰᠠᠨ ᠬᠡᠰᠡᠭ ᠬᠤᠱᠤᠳ᠂ ᠳᠦᠷᠪᠠᠳ ᠤᠨ ᠠᠷᠠᠳ ᠴᠤ ᠬᠠᠮᠲᠤ ᠨᠠᠬᠦᠭᠰᠠᠨ ᠪᠠᠶᠢᠨ᠎ᠠ᠃ ᠲᠡᠳᠡᠨ ᠬᠤᠪᠤᠭᠰᠠᠶᠢᠷᠢ᠂ ᠡᠮᠠᠬᠡᠯ ᠠᠴᠠ ᠬᠦᠨᠳᠠᠯᠤᠨ ᠭᠠᠷᠤᠭᠠᠳ᠂ ᠤᠳᠤ ᠶᠢᠨ ᠭᠠᠭᠴᠠ ᠮᠤᠲᠤ ᠬᠡᠳᠡᠭ ᠭᠠᠵᠠᠷ ᠨᠡᠬᠦᠳᠠᠯᠠᠨ ᠬᠦᠷᠴᠤ ᠨᠤᠲᠤᠭᠯᠠᠨ ᠰᠠᠭᠤᠷᠢᠰᠢᠭᠠᠳ᠂ ᠮᠠᠯ ᠮᠠᠯᠠᠯᠠᠨ᠂ ᠲᠠᠷᠢᠶ᠎ᠠ ᠲᠠᠷᠢᠵᠤ ᠠᠮᠤᠷ ᠵᠢᠮᠠᠷ ᠠᠮᠢᠳᠤᠷᠴᠤ ᠡᠬᠢᠯᠠᠪᠠ᠃ ᠡᠨᠠᠬᠦ ᠴᠢᠮᠡᠭᠡ ᠶᠢ ᠦᠢᠷᠠᠳ ᠤᠨ ᠪᠤᠰᠤᠳ ᠬᠦᠮᠤᠰ ᠤᠯᠵᠤ ᠰᠤᠨᠤᠰᠠᠭᠠᠳ᠂ ᠠᠷᠤ ᠠᠷᠤ ᠠᠴᠠ ᠪᠠᠨ ᠬᠤ ᠦᠷᠯᠤᠭ᠌ ᠤᠨ ᠬᠤᠶᠢᠨ᠎ᠠ ᠠᠴᠠ ᠨᠠᠬᠦᠳᠠᠯᠠᠨ ᠤᠴᠢᠵᠤ ᠨᠠᠶᠢᠯᠡᠭᠰᠠᠬᠡᠷ ᠬᠡᠳᠤᠨ ᠵᠢᠯ ᠤᠨ ᠳᠤᠲᠤᠷ᠎ᠠ ᠳᠦᠷᠪᠠᠨ ᠲᠦᠮᠠ ᠢᠯᠠᠬᠦᠦ ᠡᠷᠤᠬᠡ ᠪᠤᠯᠵᠤ ᠦᠰᠤᠭ᠍ᠰᠠᠨ ᠪᠠᠶᠢᠵᠠᠢ᠃ 1608 ᠤᠨ ᠳᠤ ᠬᠤ ᠦᠷᠯᠤᠭ᠌ ᠡᠷᠴᠢᠰ ᠭᠤᠤᠯ ᠤᠨ ᠳᠤᠮᠳᠠ ᠤᠷᠤᠰᠬᠠᠯ ᠳᠠᠭᠠᠬᠤ ᠲᠠᠯ᠎ᠠ ᠬᠤᠳᠠ ᠶᠢᠨ ᠤᠷᠴᠢᠨ  ᠳᠤ ᠬᠦᠷᠬᠡᠳ᠂ ᠢᠵᠢᠯ — ᠵᠠᠢ ᠳᠤ ᠬᠦᠮᠤᠨ ᠶᠠᠪᠤᠭᠤᠯᠵᠤ ᠬᠠᠶᠢᠨ ᠪᠠᠶᠢᠴᠠᠭᠠᠯᠭᠠᠪᠠ᠃ ᠬᠤ ᠦᠷᠯᠤᠭ᠌ ᠡᠷᠴᠢᠰ ᠭᠤᠤᠯ ᠤᠨ ᠳᠤᠮᠳᠠ ᠤᠷᠤᠰᠬᠠᠯ ᠳᠠᠭᠠᠠᠤ ᠲᠠᠯ᠎ᠠ ᠬᠤᠲᠠ ᠳᠤ ᠨᠠᠬᠦᠵᠤ ᠤᠳᠬᠤ ᠠᠴᠠ ᠡᠮᠤᠨ᠎ᠠ᠂ ᠳᠦᠷᠪᠠᠳ ᠤᠨ ᠳᠠᠯᠠᠢ ᠲᠠᠶᠢᠱᠢ ᠪᠤᠯᠤᠨ ᠲᠠᠬᠦᠨ ᠤ ᠵᠠᠬᠢᠷᠭᠠᠨ ᠳᠤᠤᠷᠠᠬᠢ ᠬᠤᠶᠢᠳ ᠤᠨ ᠰᠠᠶᠢᠨ ᠬᠢᠶ᠎ᠠ ᠶᠢᠨ ᠬᠠᠷᠢᠶᠠᠲᠤ ᠠᠶᠢᠮᠠᠭ ᠤᠳ ᠲᠡᠨᠳᠠ ᠮᠠᠯᠵᠢᠵᠤ ᠪᠠᠶᠢᠭᠰᠠᠨ ᠪᠢᠯᠠ᠃ ᠬᠤ ᠦᠷᠯᠤᠭ᠌ ᠢ ᠨᠡᠬᠡᠵᠤ ᠤᠳᠤᠭᠰᠠᠨ ᠤ ᠳᠠᠷᠠᠭ᠎ᠠ᠂ ᠲᠤᠷᠭᠤᠳ ᠤᠨ ᠡᠵᠠᠨᠢ ᠲᠠᠶᠢᠱᠢ ᠶᠢᠨ ᠬᠠᠲᠤᠨ᠂ ᠲᠠᠬᠦᠨ ᠤ ᠬᠦᠪᠠᠬᠦᠳ ᠪᠤᠯᠤᠨ ᠴᠤᠷᠤᠰ ᠤᠨ ᠬᠠᠷ᠎ᠠ ᠬᠤᠯᠠᠨ ᠤ ᠬᠦᠪᠠᠬᠦᠨ ᠴᠦᠬᠦᠷ ᠤᠪᠠᠰᠢ ᠴᠤ ᠠᠷᠤ ᠠᠷᠤ ᠨᠠᠬᠦᠵᠤ ᠤᠳᠤᠭᠰᠠᠨ ᠶᠤᠮ᠃ ᠢᠩᠬᠢᠬᠡᠳ ᠡᠳᠡᠬᠡᠷ ᠠᠶᠢᠮᠠᠭ ᠤᠨ ᠬᠦᠮᠤᠰ ᠢ ᠳᠦᠷᠪᠠᠳ  ᠤᠨ ᠳᠠᠯᠠᠢ ᠲᠠᠶᠢᠱᠢ ᠪᠤᠯᠤᠨ ᠲᠤᠷᠭᠤᠳ ᠤᠨ ᠡᠵᠡᠨᠠᠢ ᠲᠠᠶᠢᠱᠢ ᠶᠢᠨ ᠬᠠᠲᠤᠨ ᠠᠴᠠ ᠵᠠᠬᠢᠷᠠᠬᠤ ᠪᠤᠯᠵᠠᠢ᠃ ᠲᠤᠬᠠᠢ  ᠶᠢᠨ ᠦᠶ᠎ᠠ ᠳᠤ᠂ ᠤᠶᠢᠷᠠᠳ ᠤᠨ ᠡᠳᠡᠬᠡᠷ ᠠᠶᠢᠮᠠᠭ ᠤᠨ ᠬᠦᠮᠤᠰ ᠬᠡᠳᠤᠶᠢᠪᠠᠷ ᠳᠤᠲᠤᠭᠠᠳᠤ ᠳᠠᠭᠠᠨ ᠴᠤᠷᠤᠰ ᠤᠨ ᠴᠤᠬᠦᠷ ᠤᠪᠠᠰᠢ ᠶᠢᠨ ᠤᠶᠢᠮᠠᠬᠡᠨ ᠳᠤ ᠤᠴᠠᠷᠠᠵᠤ᠂ ᠭᠠᠳᠠᠭᠠᠳᠤ ᠪᠠᠨ ᠬᠠᠭᠠᠨᠲᠤ ᠤᠷᠤᠰ ᠪᠤᠯᠤᠨ ᠬᠠᠯᠬ᠎ᠠ ᠶᠢᠨ ᠵᠠᠰᠠᠭᠲᠤ ᠬᠠᠨ ᠠᠶᠢᠮᠠᠭ ᠤᠨ ᠤᠮᠪᠤ ᠡᠷᠳᠡᠨᠢ ᠶᠢᠨ ᠰᠦᠷᠳᠠᠬᠦᠯᠤᠯ ᠳᠤ ᠲᠤᠬᠢᠶᠠᠯᠳᠤᠵᠤ ᠪᠠᠶᠢᠭᠰᠠᠨ ᠪᠤᠯᠪᠠᠴᠤ᠂ ᠲᠤᠷᠭᠤᠳ ᠤᠨ ᠬᠤ ᠦᠷᠯᠤᠭ᠌ ᠪᠤᠯᠤᠨ ᠴᠤᠷᠤᠰ ᠤᠨ ᠬᠠᠷ᠎ᠠ ᠬᠤᠯᠠᠨ ᠲᠠᠬᠦᠨ ᠤ ᠬᠦᠪᠠᠬᠦᠨ ᠪᠠᠭᠠᠲᠤᠷ ᠬᠤᠩ ᠲᠠᠶᠢᠵᠢ  ᠶᠢᠨ ᠤᠳᠤᠷᠢᠳᠤᠯᠭ᠎ᠠ ᠳᠤᠤᠷ᠎ᠠ᠂ ᠡᠯᠳᠡᠪ ᠵᠤᠶᠢᠯ ᠤᠨ ᠬᠦᠴᠢᠷ ᠪᠡᠷᠬᠡᠰᠢᠶᠠᠯ ᠢ ᠴᠦᠮ ᠳᠠᠶᠢᠯᠤᠨ ᠳᠠᠪᠠᠭᠠᠳ᠂ ᠲᠤᠰ ᠭᠠᠵᠠᠷ ᠤᠷᠤᠨ ᠳᠤ ᠪᠠᠨ ᠲᠠᠷᠢᠶᠠᠯᠠᠩ ᠮᠠᠯ ᠠᠵᠤ ᠠᠬᠤᠢ ᠶᠢ ᠶᠠᠬᠡᠪᠠᠷ ᠬᠦᠭᠵᠢᠬᠦᠯᠵᠤ ᠪᠠᠶᠢᠭᠰᠠᠨ ᠪᠠᠶᠢᠨ᠎ᠠ᠃ 1628 ᠤᠨ ᠳᠤ᠂ ᠬᠤ ᠦᠷᠯᠤᠭ᠌ ᠦᠪᠠᠷ ᠤᠨ ᠠᠯᠪᠠᠲᠤ ᠲᠤᠷᠭᠤᠳ ᠪᠠ ᠬᠤᠱᠤᠳ᠂ ᠳᠦᠷᠪᠠᠳ ᠤᠨ ᠲᠠᠪᠤᠨ ᠲᠦᠮᠠᠨ ᠡᠷᠤᠬᠡ ︵ᠭᠤᠴᠢᠨ ᠲᠦᠮᠠᠨ ᠬᠦᠮᠤᠨ ᠠᠮᠢᠨ︶ ᠨᠤᠲᠤᠭ ᠪᠠᠨ ᠳᠠᠭᠠᠭᠤᠯᠠᠵᠤ ᠤᠷᠤ ᠶᠢᠨ ᠭᠠᠭᠴᠠ ᠮᠤᠲᠤ  ᠠᠴᠠ ᠨᠠᠬᠦᠵᠤ᠂ ᠲᠦᠷᠤᠯᠬᠢ ᠨᠤᠲᠤᠭ ᠵᠠᠬᠦᠠᠭᠠᠷ ᠠᠴᠠ ᠰᠠᠯᠵᠤ ᠨᠠᠷᠠᠨ ᠰᠢᠩᠬᠡᠬᠦ ᠪᠠᠷᠠᠭᠤᠨ ᠵᠦᠭ ᠲᠤ ᠬᠦᠷᠴᠤ ᠲᠡᠨᠳᠠ ᠪᠠᠶᠢᠭᠰᠠᠨ ᠴᠦᠬᠡᠨ ᠲᠠᠲ᠋ᠠᠷᠴᠤᠳ ᠢ ᠳᠠᠶᠢᠯᠳᠤᠨ ᠳᠠᠭᠠᠭᠤᠯᠤᠭᠠᠳ᠂ ᠢᠵᠢᠯ ᠮᠦᠷᠢᠨ ᠤ ᠬᠦᠪᠡᠭᠡ ᠳᠤ ᠬᠦᠷᠴᠤ ᠨᠤᠲᠤᠭᠰᠢᠪᠠ᠃ ᠡᠨᠠ ᠭᠠᠵᠠᠷ ᠠᠭᠤᠳᠠᠮ ᠲᠠᠯ᠎ᠠ ᠪᠦᠬᠡᠳ ᠡᠪᠠᠰᠤ ᠤᠰᠤ ᠡᠯᠪᠡᠭ᠂ ᠮᠠᠯ ᠤᠨ ᠪᠡᠯᠴᠢᠬᠡᠷ ᠠᠭᠤᠵᠢᠮ᠂ ᠮᠠᠯᠴᠢᠨ ᠬᠦᠮᠤᠨ ᠠᠮᠢᠳᠤᠷᠬᠤ ᠮᠠᠰᠢ ᠲᠤᠬᠢᠷᠠᠮᠵᠢᠲᠠᠢ ᠨᠤᠲᠤᠭ ᠪᠠᠶᠢᠵᠠᠢ᠃ ᠡᠶᠢᠮᠤ ᠠᠴᠠ ᠬᠤ ᠦᠷᠯᠤᠭ᠌ ᠵᠠᠢ ︵ᠤᠷᠠᠯ ᠭᠤᠤᠯ︶ ᠠᠴᠠ ᠢᠵᠢᠯ ᠬᠦᠷᠲᠠᠯ᠎ᠠ᠂ ᠠᠰᠲ᠋ᠠᠷᠬᠠᠨ ᠠᠴᠠ ᠰᠠᠮᠠᠷᠺᠠᠨ ᠬᠦᠷᠲᠠᠯ᠎ᠠ ᠪᠦᠬᠦ ᠭᠠᠵᠠᠷ ᠤᠷᠤᠨ  ᠢ ᠴᠦᠮ ᠢ ᠨᠢ ᠡᠵᠠᠯᠠᠨ ᠠᠪᠤᠭᠠᠳ ᠦᠪᠠᠷ ᠳᠠᠭᠠᠭᠤᠯᠵᠤ ᠢᠷᠡᠭᠰᠠᠨ ᠠᠯᠪᠠᠲᠤ ᠨᠠᠷ ᠤᠨ ᠮᠦᠩᠬᠡ ᠶᠢᠨ ᠨᠤᠲᠤᠭ ᠪᠤᠯᠭᠠᠭᠰᠠᠨ ᠪᠠᠶᠢᠨ᠎ᠠ᠃ ᠡᠳᠡᠬᠡᠷ ᠭᠠᠵᠠᠷ ᠤᠷᠤᠨ ᠢ ᠬᠤ ᠦᠷᠯᠤᠭ᠌ ᠡᠵᠠᠯᠠᠬᠦ ᠬᠦᠷᠲᠠᠯ᠎ᠠ ᠬᠠᠭᠠᠨᠲᠤ ᠤᠷᠤᠰ ᠠᠴᠠ ᠡᠨᠠ ᠭᠠᠵᠠᠷ ᠢ ᠪᠦᠷᠢᠮᠤᠰᠤᠨ ᠡᠷᠬᠡᠰᠢᠶᠠᠯ ᠳᠡᠭᠡᠨ ᠤᠷᠤᠭᠤᠯᠵᠤ ᠴᠢᠳᠠᠭᠠᠳ ᠦᠬᠡᠢ ᠪᠠᠶᠢᠵᠠᠢ᠃ ᠬᠤ ᠦᠷᠯᠤᠭ᠌ ᠡᠳᠡᠬᠡᠷ ᠭᠠᠵᠠᠷ ᠢ ᠡᠵᠡᠯᠡᠭᠰᠠᠨ ᠠᠴᠠ ᠪᠤᠯᠵᠤ᠂ ᠬᠢᠷᠬᠢᠰ ᠨᠤᠲᠤᠭ ᠤᠨ ᠬᠤᠶᠢᠲᠤ ᠵᠠᠬ᠎ᠠ ᠠᠴᠠ ᠪᠠᠷᠠᠭᠤᠠᠰᠢ ᠡᠷᠴᠢᠰ ᠭᠤᠤᠯ  ᠤᠨ ᠳᠤᠮᠳᠠ ᠤᠷᠤᠰᠬᠠᠯ ᠲᠤᠪᠤᠯ ᠭᠤᠤᠯ ᠤᠨ ᠠᠭᠤᠯᠵᠠᠷ ᠵᠠᠢ ᠮᠦᠷᠢᠨ ᠤ ᠡᠬᠢ᠂ ᠢᠵᠢᠯ ᠮᠦᠷᠢᠨ ᠤ ᠳᠤᠮᠳᠠ ᠤᠷᠤᠰᠬᠠᠯ ᠳᠠᠭᠠᠠᠤ ᠭᠠᠵᠠᠷ ᠤᠷᠤᠨ ᠳᠤ ᠬᠦᠷᠬᠦ ᠬᠡᠳᠤᠨ ᠮᠢᠩᠭᠠᠨ ᠺᠢᠯᠤᠮᠧᠲᠷ ᠤᠷᠲᠤ ᠭᠠᠵᠠᠷ ᠨᠢ ᠳᠦᠷᠪᠠᠨ ᠦᠢᠷᠠᠳ ᠤᠨ ᠬᠤᠶᠢᠲᠤ ᠲᠠᠯ᠎ᠠ ᠶᠢᠨ ᠰᠢᠨ᠎ᠠ ᠬᠢᠯᠢ ᠬᠢᠵᠠᠭᠠᠷ ᠢ ᠪᠦᠷᠢᠯᠳᠤᠭ᠍ᠰᠠᠨ ᠶᠤᠮ᠃ ᠲᠤᠷᠭᠤᠳ ᠠᠶᠢᠮᠠᠭ ᠬᠡᠳᠤᠶᠢᠬᠡᠷ ᠢᠵᠢᠯ — ᠵᠠᠢ ᠳᠤ ᠨᠠᠬᠦᠵᠤ ᠶᠠᠪᠤᠭᠰᠠᠨ ᠪᠤᠯᠪᠠᠴᠤ ᠳᠦᠷᠪᠠᠨ ᠤᠶᠢᠷᠠᠳ ᠤᠨ ᠬᠤᠯᠪᠤᠭ᠎ᠠ ᠶᠠᠷᠤ ᠲᠠᠰᠤᠷᠠᠭᠰᠠᠨ ᠦᠬᠡᠢ ᠪᠠᠶᠢᠨ᠎ᠠ᠃ 1636 ᠤᠨ ᠳᠤ ᠳᠦᠷᠪᠠᠨ ᠤᠶᠢᠷᠠᠳ ᠬᠦᠬᠡᠨᠠᠭᠤᠷ ᠲᠦᠪᠠᠳ ᠲᠤ ᠴᠡᠷᠢᠭ ᠤᠷᠤᠭᠤᠯᠬᠤ ᠦᠶ᠎ᠠ ᠳᠤ ᠠᠯᠤᠰ ᠬᠤᠯᠠ ᠪᠠᠶᠢᠭᠰᠠᠨ ᠲᠤᠷᠭᠤᠳ ᠠᠶᠢᠮᠠᠭ ᠤᠨ ᠠᠬᠠᠯᠠᠴᠢ ᠬᠤ ᠦᠷᠯᠤᠭ᠌ ᠦᠪᠠᠷ ᠤᠨ ᠬᠦᠪᠠᠬᠦᠨ ᠭᠤᠮᠪᠤ ᠢᠯᠳᠡᠩ ᠢ ᠲᠤᠮᠢᠯᠠᠨ ᠶᠠᠪᠤᠭᠤᠯᠵᠤ ᠬᠠᠪᠰᠤᠷᠠᠭᠰᠠᠨ ᠪᠠᠶᠢᠪᠠ᠃ 1640 ᠤᠨ ᠳᠤ ᠡᠷᠴᠢᠰ ᠭᠤᠤᠯ ᠤᠨ ᠮᠠᠨᠢᠲᠤ ᠭᠠᠲᠤᠯᠭᠠᠨ ᠤ ᠤᠷᠴᠢᠮ ᠭᠠᠵᠠᠷ ᠲᠤ ᠮᠤᠩᠭᠤᠯ — ᠤᠶᠢᠷᠠᠳ ᠤᠨ ᠶᠡᠭᠡ ᠬᠤᠷᠠᠯ ᠢ ᠬᠤᠷᠠᠯᠳᠤᠭᠤᠯᠵᠤ᠂ ︽ᠮᠤᠩᠭᠤᠯ — ᠤᠶᠢᠷᠠᠳ ᠤᠨ ᠶᠡᠭᠡ ᠴᠠᠭᠠᠵᠠ︾ ᠶᠢ ᠲᠤᠭᠲᠠᠭᠠᠬᠤ ᠦᠶ᠎ᠠ ᠳᠤ᠂ ᠬᠤ ᠦᠷᠯᠤᠭ᠌ ᠪᠠᠰᠠ ᠠᠯᠤᠰ ᠬᠤᠯᠠ ᠶᠢᠨ ᠢᠵᠢᠯ — ᠵᠠᠢ ᠠᠴᠠ ᠪᠠᠶ᠎ᠠ ᠪᠠᠷ ᠢᠶᠠᠨ ᠬᠦᠷᠤᠯᠴᠠᠨ ᠤᠷᠤᠯᠴᠠᠭᠰᠠᠨ ᠪᠦᠬᠡᠳ ᠲᠤᠭᠲᠠᠭᠠᠭᠰᠠᠨ ᠴᠠᠭᠠᠵᠠ ᠶᠢ ᠨᠤᠲᠤᠭ ᠲᠠᠭᠠᠨ ᠠᠪᠴᠤ ᠬᠦᠷᠤᠬᠡᠳ ᠬᠡᠷᠡᠭᠵᠠᠬᠦᠯᠤᠭ᠍ᠰᠠᠨ ᠪᠠᠶᠢᠨ᠎ᠠ᠃ 1644 ᠤᠨ ᠳᠤ ᠡᠷᠳᠡᠨᠢ ᠪᠠᠭᠠᠲᠤᠷ ᠬᠤᠩ ᠲᠠᠶᠢᠵᠢ᠂ ᠬᠤ ᠦᠷᠯᠤᠭ᠌ ᠲᠤ ᠪᠢᠴᠢᠭ ᠶᠠᠪᠤᠭᠤᠯᠵᠤ ᠬᠠᠰᠠᠭᠴᠤᠳ ᠢ ᠵᠠᠬᠦᠨ ᠪᠠᠷᠠᠭᠤᠨ ᠬᠤᠶᠠᠷ ᠲᠠᠯ᠎ᠠ ᠠᠴᠠ ᠨᠢ ᠬᠠᠪᠴᠢᠨ ᠪᠠᠶᠢᠯᠳᠤᠬᠤ ᠪᠡᠯᠡᠳᠬᠡᠯ ᠬᠢᠵᠠᠢ᠃ ᠡᠨᠠ ᠦᠶ᠎ᠠ ᠳᠤ᠂ ᠬᠠᠭᠠᠨᠲᠤ ᠤᠷᠤᠰ ᠠᠴᠠ ᠡᠷᠳᠡᠨᠢ ᠪᠠᠭᠠᠲᠤᠷ ᠬᠤᠩ ᠲᠠᠶᠢᠵᠢ ᠶᠢ ᠠᠰᠢᠭᠯᠠᠵᠤ᠂ ᠬᠤ ᠦᠷᠯᠤᠭ᠌ ᠤᠨ ᠨᠤᠲᠤᠭ ᠢ ᠳᠠᠶᠢᠯᠠᠭᠤᠯᠬᠤ ᠪᠠᠷ ᠤᠷᠤᠯᠳᠤᠪᠠ᠃ ᠡᠬᠦᠨ ᠳᠤ ᠡᠷᠳᠡᠨᠢ ᠪᠠᠭᠠᠲᠤᠷ ᠬᠤᠩ ᠲᠠᠶᠢᠵᠢ᠄ ︽ᠬᠤ ᠦᠷᠯᠤᠭ᠌ ᠪᠤᠯ ᠮᠢᠨᠢ ᠳᠠᠶᠢᠰᠤᠨ ᠪᠢᠰᠢ᠂ ᠬᠠᠷᠢᠨ ᠮᠢᠨᠤ ᠬᠠᠳᠠᠮ ᠡᠴᠢᠬᠡ ᠮᠦᠨ᠃ ᠨᠠᠳᠠ ᠪᠠᠷ ᠲᠠᠬᠦᠨ ᠢ ᠳᠠᠶᠢᠯᠠᠭᠤᠯᠬᠤ ᠬᠡᠳᠡᠭ ᠨᠢ ᠬᠦᠪᠠᠬᠦᠨ ᠢᠶᠠᠷ ᠨᠢ ᠡᠴᠢᠬᠡ ᠶᠢ ᠨᠢ ᠳᠠᠶᠢᠯᠠᠭᠤᠯᠬᠤ ᠬᠡᠰᠠᠨ ᠬᠡᠷᠡᠭ ᠪᠤᠯᠤᠨ᠎ᠠ᠃ ᠮᠢᠨᠤ ᠨᠦᠬᠦᠳ ᠶᠠᠭᠠᠬᠢᠭᠰᠠᠨ ᠴᠤ ᠲᠠᠬᠦᠨ ᠲᠠᠢ ᠳᠠᠶᠢᠯᠳᠤᠬᠤ ᠦᠬᠡᠢ ᠶᠤᠮ᠃︾ ᠬᠡᠵᠤ ᠬᠠᠭᠠᠨᠲᠤ ᠤᠷᠤᠰ ᠤᠨ ᠵᠠᠰᠠᠭ ᠤᠨ ᠭᠠᠵᠠᠷ ᠬᠠᠷᠢᠭᠤᠯᠵᠠᠢ᠃ ᠬᠡᠲᠠᠯ᠎ᠠ ᠡᠨᠠ ᠬᠤᠭᠤᠷᠤᠨᠳᠤ ᠬᠤ ᠦᠷᠯᠤᠭ᠌ ᠬᠠᠨ ᠠᠰᠲ᠋ᠠᠷᠬᠠᠨ ᠶᠢ ᠳᠤᠪᠳᠤᠯᠬᠤ ᠳᠠᠶᠢᠨ ᠤ ᠳᠤᠮᠳᠠ ᠨᠠᠰᠤ ᠪᠠᠷᠠᠭᠰᠠᠨ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号