ᠪᠠᠭᠠᠳᠤᠷ ᠬᠤᠩ ᠲᠠᠶᠢᠵᠢ
ᠨᠡᠶᠢᠲᠡᠯᠡᠭᠰᠡᠨ ᠴᠠᠭ᠄
2019/12/11
ᠤᠶᠢᠷᠠᠳ ᠠᠶᠢᠮᠠᠭ ᠤᠨ ᠴᠤᠷᠤᠰ ᠤᠪᠤᠭᠳᠠᠨ᠃ ᠲᠡᠭᠦᠨ ᠤ ᠡᠴᠢᠬᠡ ᠬᠠᠷ᠎ᠠ ᠬᠤᠯᠠᠨ ᠪᠤᠯ ᠲᠦᠷᠪᠡᠨ ᠤᠶᠢᠷᠠᠳ ᠢ ᠵᠠᠬᠢᠷᠤᠭᠰᠠᠨ ᠲᠠᠶᠢᠵᠢ ᠪᠠᠶᠢᠭᠰᠠᠨ ᠪᠦᠭᠡᠳ ᠤᠶᠢᠷᠠᠳ ᠤᠨ ᠤᠯᠠᠨ ᠵᠢᠵᠢᠭ ᠨᠤᠶᠠᠳ ᠤᠨ ᠬᠤᠭᠤᠷᠤᠨᠳᠤᠬᠢ ᠲᠠᠶᠢᠨ ᠲᠠᠵᠢᠨ ᠢ ᠨᠠᠮᠳᠠᠭᠠᠵᠤ ᠲᠡᠳᠡᠨ ᠢ ᠡᠷᠬᠡᠰᠢᠶᠡᠯ ᠳᠡᠭᠡᠨ ᠤᠷᠤᠭᠤᠯᠤᠨ᠂ ᠤᠶᠢᠷᠠᠳ ᠤᠨ ᠬᠤᠯᠪᠤᠭᠠᠨ ᠤ ᠨᠢᠭᠡᠳᠦᠮᠡᠯ ᠤᠯᠤᠰ ᠢ ᠪᠠᠶᠢᠭᠤᠯᠬᠤ ᠶᠢᠨ ᠲᠦᠯᠦᠬᠡ ᠴᠦᠭᠦᠷᠡᠯᠳᠡ ᠦᠭᠡᠢ ᠲᠡᠮᠡᠴᠡᠭᠰᠡᠨ ᠬᠦᠮᠦᠨ ᠪᠤᠯᠬᠤ ᠶᠤᠮ᠃ 1634 ᠣᠨ ᠳᠤ ᠬᠠᠷ᠎ᠠ ᠬᠤᠯᠠᠨ ᠨᠠᠰᠤ ᠪᠠᠷᠠᠭᠰᠠᠨ ᠤ ᠲᠠᠷᠠᠭ᠎ᠠ᠂ ᠲᠡᠭᠦᠨ ᠤ ᠬᠦᠪᠡᠭᠦᠨ ᠪᠠᠭᠠᠳᠤᠷ ᠬᠤᠩ ᠲᠠᠶᠢᠵᠢ ᠤᠶᠢᠷᠠᠳ ᠤᠨ ᠲᠠᠶᠢᠵᠢ ᠶᠢᠨ ᠲᠤᠰᠢᠶᠠᠯ ᠢ ᠵᠠᠯᠭᠠᠮᠵᠢᠯᠠᠭᠠᠳ ᠤᠶᠢᠷᠠᠳ ︵ᠵᠦᠩᠭᠠᠷ︶ ᠬᠠᠨ ᠤᠯᠤᠰ ᠢ ᠪᠠᠶᠢᠭᠤᠯᠵᠠᠢ᠃ 1636 ᠣᠨ ᠤ ᠨᠠᠮᠤᠷ᠂ ᠦᠭᠡᠯᠡᠳ ᠤᠨ ᠪᠠᠭᠠᠳᠤᠷ ᠬᠤᠩ ᠲᠠᠶᠢᠵᠢ᠂ ᠮᠡᠷᠭᠡᠨ ᠲᠠᠶᠢᠴᠢᠩ᠂ ᠬᠤᠱᠤᠳ ᠤᠨ ᠬᠦᠦᠰᠢ ᠬᠠᠨ᠂ ᠲᠦᠷᠦᠭᠦᠴᠢ ᠨᠤᠶᠠᠨ᠂ ᠲᠤᠷᠭᠤᠳ ᠠᠴᠠ ᠲᠧᠨᠠᠰ᠂ ᠮᠡᠷᠭᠡᠨ ᠵᠢᠨᠦᠩ᠂ ᠭᠤᠮᠪᠤ ᠢᠯᠳᠠᠩ᠂ ᠬᠤᠶᠢᠳ  ᠠᠴᠠ ᠰᠤᠯᠳᠠᠨ ᠲᠠᠶᠢᠵᠢ᠂ ᠰᠤᠮᠢᠷ ᠲᠠᠶᠢᠵᠢ᠂ ᠲᠦᠷᠪᠡᠳ ᠠᠴᠠ ᠲᠠᠯᠠᠢ ᠲᠠᠶᠢᠵᠢ᠂ ᠪᠤᠮ ᠢᠯᠳᠠᠩ ᠨᠠᠷ ᠲᠦᠷᠪᠡᠨ ᠤᠶᠢᠷᠠᠳ ᠤᠨ ᠬᠤᠯᠪᠤᠭᠠᠳᠤ ᠴᠡᠷᠢᠭ ᠢ ᠠᠪᠤᠭᠠᠳ ᠬᠦᠬᠡᠨᠠᠭᠤᠷ ᠢ ᠲᠠᠶᠢᠯᠠᠷ᠎ᠠ ᠮᠤᠷᠳᠠᠪᠠ᠃ ᠲᠡᠷᠡ ᠲᠤᠬᠠᠢ ᠭᠤᠤᠯ ᠲᠤᠮᠳᠠ ᠨᠢ ᠬᠤᠱᠤᠳ ᠴᠡᠷᠢᠭ᠂ ᠵᠡᠭᠦᠨ ᠭᠠᠷ ᠲᠤᠨᠢ ᠦᠭᠡᠯᠡᠳ ᠴᠡᠷᠢᠭ᠂ ᠪᠠᠷᠠᠭᠤᠨ ᠭᠠᠷ ᠲᠤᠨᠢ ᠲᠤᠷᠭᠤᠳ ᠴᠡᠷᠢᠭ ᠂ ᠰᠡᠭᠦᠯ ᠳᠤᠨᠢ ᠲᠦᠷᠪᠡᠳ ᠬᠤᠶᠢᠳ ᠬᠤᠶᠠᠷ ᠠᠶᠢᠮᠠᠭ ᠤᠨ ᠴᠡᠷᠢᠭ ᠶᠠᠪᠤᠵᠠᠢ᠃ ᠲᠡᠭᠦᠨ ᠠᠴᠠ ᠡᠬᠢᠯᠡᠭᠡᠳ ᠦᠭᠡᠯᠡᠳ  ᠲᠤ ᠵᠡᠭᠦᠨᠭᠠᠷ ︵ᠵᠦᠩᠭᠠᠷ︶ ᠭᠡᠳᠡᠭ ᠨᠡᠷ᠎ᠡ᠂ ᠲᠤᠷᠭᠤᠳ ᠲᠤ ᠪᠠᠷᠠᠭᠤᠨ ᠭᠠᠷ ᠭᠡᠳᠡ ᠨᠡᠷ᠎ᠡ ᠲᠤᠰ ᠲᠤᠰ ᠰᠢᠩᠭᠡᠭᠰᠡᠨ ᠶᠤᠮ᠃ 1637 ᠣᠨ ᠤ ᠴᠠᠭᠠᠨ ᠰᠠᠷ᠎ᠠ ᠳᠤ ᠲᠦᠷᠪᠡᠨ ᠤᠶᠢᠷᠠᠳ ᠤᠨ ᠬᠤᠯᠪᠤᠭᠠᠳᠤ ᠴᠡᠷᠢᠭ ᠪᠠᠭᠠᠳᠤᠷ ᠬᠤᠩ ᠲᠠᠶᠢᠵᠢ ᠶᠢᠨ ᠤᠳᠤᠷᠢᠳᠤᠯᠭ᠎ᠠ ᠲᠤᠤᠷ᠎ᠠ ᠪᠠᠷᠰ ᠬᠦᠯ᠂ ᠬᠠᠮᠢᠯ ᠢ ᠲᠠᠮᠵᠢᠵᠤ᠂ ᠬᠦᠬᠡᠨᠠᠭᠤᠷ ᠤᠨ ᠭᠠᠵᠠᠷ ᠲᠤ ᠴᠦᠮᠦᠷᠡᠨ ᠤᠷᠤᠭᠠᠳ ᠬᠠᠯᠬ᠎ᠠ ᠶᠢᠨ ᠴᠤᠭᠲᠤ ᠬᠤᠩ ᠲᠠᠶᠢᠵᠢ ᠶᠢ ᠤᠯᠠᠭᠠᠨ ᠬᠤᠰᠢᠭᠤ ᠬᠡᠮᠡᠬᠦ ᠭᠠᠵᠠᠷ ᠲᠤ ᠢᠯᠠᠵᠤ ᠬᠦᠬᠡᠨᠠᠭᠤᠷ ᠢ ᠡᠵᠡᠯᠡᠭᠰᠡᠨ ᠪᠠᠶᠢᠨ᠎ᠠ᠃ ᠪᠠᠭᠠᠳᠤᠷ ᠬᠤᠩ ᠲᠠᠶᠢᠵᠢ ᠶᠢᠨ ᠤᠳᠤᠷᠢᠳᠤᠭᠰᠠᠨ ᠤᠶᠢᠷᠠᠳ ᠤᠨ ᠴᠡᠷᠢᠭ ᠬᠦᠬᠡᠨᠠᠭᠤᠷ ᠠᠴᠠ ᠴᠢᠨᠠᠭᠰᠢ ᠲᠦᠪᠡᠳ ᠤᠨ ᠯᠾᠠᠰᠠ ᠳᠤ ᠬᠦᠷᠦᠭᠰᠡᠨ᠎ᠡ ︽ᠲᠠᠪᠤᠳᠤᠭᠠᠷ ᠲᠦᠷᠢ ᠶᠢᠨ ᠲᠠᠯᠠᠢ ᠯᠠᠮᠠ᠂ ᠬᠦᠦᠰᠢ ᠬᠠᠨ ᠢ ᠰᠠᠶᠢᠰᠢᠶᠠᠨ ᠡᠷᠭᠦᠮᠵᠢᠯᠡᠵᠤ᠂ ᠬᠦᠦᠰᠢ ᠲᠠᠨᠵᠢᠨᠴᠤᠶᠢᠵᠢᠯ ᠬᠠᠭᠠᠨ︾ ᠭᠡᠮᠡᠨ ᠴᠤᠯᠠ ᠬᠠᠶᠢᠷᠠᠯᠠᠪᠠᠢ᠃ ᠲᠤᠰ ᠵᠢᠯ ᠤᠨ ᠡᠪᠤᠯ᠂ ᠲᠦᠷᠪᠡᠨ ᠤᠶᠢᠷᠠᠳ ᠤᠨ ᠨᠤᠶᠠᠨ ᠯᠾᠠᠰᠠ ᠠᠴᠠ ᠬᠦᠬᠡᠨᠠᠭᠤᠷ ᠤᠨ ᠤᠷᠴᠢᠮ ᠪᠤᠴᠠᠵᠤ ᠢᠷᠡᠭᠡᠳ᠂ ᠤᠷᠤᠰ ᠤᠨ ᠵᠠᠬ᠎ᠠ ᠵᠡᠷᠬᠡᠯᠡᠳᠡᠭᠡ ᠮᠠᠯᠵᠢᠳᠠᠭ ᠤᠶᠢᠷᠠᠳ ᠤᠨ ᠬᠤᠶᠢᠳᠤ ᠬᠡᠰᠡᠭ ᠤᠨ ᠲᠦᠷᠪᠡᠳ᠂ ᠬᠤᠶᠢᠳ ᠤᠨ ᠴᠡᠷᠢᠭ ᠢ ᠨᠤᠲᠤᠭ ᠲᠤᠨᠢ ᠪᠤᠴᠠᠭᠤᠯᠤᠭᠰᠠᠨ ᠪᠠᠶᠢᠨ᠎ᠠ᠃ ᠵᠦᠩᠭᠠᠷ ᠤᠨ ᠪᠠᠭᠠᠳᠤᠷ ᠬᠤᠩ ᠲᠠᠶᠢᠵᠢ᠂ ᠬᠤᠱᠤᠳ ᠤᠨ ᠬᠦᠦᠰᠢ ᠬᠠᠨ᠂ ᠲᠤᠷᠭᠤᠳ ᠤᠨ ᠮᠡᠷᠭᠡᠨ ᠵᠢᠨᠦᠩ ᠪᠤᠯᠤᠨ ᠰᠤᠩᠭᠤᠷᠵᠠᠪ ᠪᠠᠭᠠᠳᠤᠷ ᠲᠦᠷᠪᠡᠭᠦᠯᠡ ᠬᠦᠬᠡᠨᠠᠭᠤᠷ ᠲᠤ ᠬᠤᠴᠤᠷᠴᠤ᠂ 1639 ᠣᠨ ᠤ 5 ᠰᠠᠷ᠎ᠠ ᠳᠤ ᠲᠠᠩᠭᠤᠳ ᠤᠨ ᠭᠠᠵᠠᠷ ᠤᠷᠤᠨ ᠢ ᠪᠠᠶᠢᠯᠳᠤᠨ ᠡᠵᠡᠯᠡᠭᠡᠳ ᠲᠤᠩᠶᠤᠳ ᠬᠠᠭᠠᠨ ᠢ ᠲᠠᠷᠠᠭ᠎ᠠ ᠵᠢᠯ ᠨᠢ ᠪᠠᠷᠢᠪᠴᠢᠯᠠᠨ ᠠᠪᠤᠭᠠᠳ ᠬᠢᠨᠳᠠᠨ ᠳᠤ ᠬᠤᠷᠢᠵᠠᠢ᠃ 1639 ᠣᠨ ᠳᠤ ᠪᠠᠭᠠᠳᠤᠷ ᠬᠤᠩ ᠲᠠᠶᠢᠵᠢ᠂ ᠮᠡᠷᠭᠡᠨ ᠵᠢᠨᠣᠩ ᠬᠤᠶᠠᠷ ᠴᠡᠷᠢᠭ ᠢᠶᠠᠨ ᠲᠠᠭᠠᠭᠤᠯᠤᠨ ᠬᠠᠷᠢᠬᠤ ᠴᠠᠭ  ᠲᠤ ᠬᠦᠦᠰᠢ ᠬᠠᠨ᠄ ︽ᠰᠢᠷᠭᠤᠯᠵᠢ ᠮᠡᠳᠣ ᠡᠨᠡ ᠤᠯᠠᠨ ᠲᠠᠩᠭᠤᠳ ᠤᠨ ᠲᠤᠳᠤᠷ᠎ᠠ ᠭᠠᠭᠴᠠ ᠪᠢ ᠶᠠᠭᠠᠬᠢᠵᠤ ᠰᠠᠭᠤᠬᠤ ᠪᠤᠢ᠃ ᠲᠠ ᠬᠤᠶᠠᠷ ᠬᠠᠷᠢᠭᠰᠠᠨ ᠤ ᠰᠡᠭᠦᠯᠡᠷ ᠮᠢᠨᠤ ᠬᠤᠪᠢ ᠶᠢᠨ ᠠᠯᠪᠠᠳᠤ ᠪᠠ ᠨᠦᠬᠦᠳ ᠪᠤᠯᠬᠤ ᠤᠯᠤᠰ ᠢ ᠶᠠᠪᠤᠭᠤᠯᠵᠤ ᠦᠭᠭᠦᠭᠳᠦᠨ︾ ᠭᠡᠵᠤ ᠬᠦᠰᠡᠪᠡ᠃ ᠲᠠᠶᠢᠨ ᠬᠦ ᠪᠠᠭᠠᠳᠤᠷ ᠬᠤᠩ ᠲᠠᠶᠢᠵᠢ ᠨᠤᠲᠤᠭ ᠲᠠᠭᠠᠨ ᠬᠠᠷᠢᠵᠤ ᠢᠷᠡᠮᠡᠭᠴᠡ᠂ ᠦᠪᠡᠷ ᠤᠨ ᠬᠦᠪᠡᠭᠦᠨ ᠦᠨᠦᠴᠢᠨ ᠰᠡᠴᠡᠨ ᠢ ᠠᠯᠪᠠᠳᠤ ᠨᠠᠷ ᠲᠠᠢ ᠨᠢ᠂ ᠲᠤᠷᠭᠤᠳ ᠤᠨ ᠮᠡᠷᠭᠡᠨ ᠵᠢᠨᠤᠩ ᠢ ᠠᠯᠪᠠᠳᠤ ᠨᠠᠷ ᠲᠠᠢ ᠨᠢ᠂ ᠬᠤᠱᠤᠳ ᠤᠨ ᠬᠦᠨᠳᠡᠯᠡᠨ ᠤᠪᠠᠰᠢ ᠶᠢ ᠠᠯᠪᠠᠳᠤ ᠨᠠᠷ ᠲᠠᠢ ᠨᠢ ᠬᠦᠦᠰᠢ ᠬᠠᠨ ᠤ ᠲᠡᠷᠭᠡᠳᠡ ᠶᠠᠪᠤᠭᠤᠯᠵᠤ ᠦᠭᠭᠦᠭᠰᠡᠨ ᠪᠠᠶᠢᠨ᠎ᠠ᠃ 1640 ᠣᠨ ᠤ ᠪᠢᠯᠢᠭ ᠤᠨ ᠤᠯᠠᠷᠢᠯ ᠤᠨ 8 ᠰᠠᠷ᠎ᠠ ᠶᠢᠨ ᠰᠢᠨ᠎ᠡ ᠶᠢᠨ 5 ᠤ ᠡᠳᠦᠷ᠂ ᠵᠦᠩᠭᠠᠷ ᠤᠨ ᠪᠠᠭᠠᠳᠤᠷ ᠬᠤᠩ ᠲᠠᠶᠢᠵᠢ ᠶᠢᠨ ᠨᠤᠲᠤᠭ ᠪᠦᠭᠡᠳ ᠬᠠᠯᠬ᠎ᠠ ᠮᠤᠩᠭᠤᠯ ᠠᠴᠠ ᠲᠦᠷᠪᠡᠨ ᠤᠶᠢᠷᠠᠳ ᠤᠨ ᠨᠤᠲᠤᠭ ᠲᠤ ᠬᠦᠷᠬᠦ ᠵᠠᠮ ᠤᠨ ᠠᠭᠤᠯᠵᠠᠷ ᠪᠤᠯᠬᠤ ᠡᠷᠴᠢᠰ ᠮᠦᠷᠡᠨ ᠤ ᠮᠠᠨᠢᠳᠤ ᠭᠠᠳᠤᠯᠭᠠᠨ ᠤ ᠤᠷᠴᠢᠮ ᠭᠠᠵᠠᠷ ᠲᠤ᠂ ᠮᠤᠩᠭᠤᠯ ᠤᠶᠢᠷᠠᠳ ᠤᠨ ᠶᠡᠭᠡ ᠬᠤᠷᠠᠯ ᠢ ᠬᠢᠭᠰᠡᠨ ᠶᠤᠮ᠃ ᠡᠨᠡ ᠤᠳᠠᠭ᠎ᠠ ᠶᠢᠨ ᠬᠤᠷᠠᠯᠳᠤᠭᠠᠨ ᠳᠤ ᠪᠠᠭᠠᠳᠤᠷ ᠬᠤᠩ ᠲᠠᠶᠢᠵᠢ  ᠪᠠᠷ ᠲᠡᠷᠢᠬᠦᠯᠡᠭᠰᠡᠨ ᠤᠶᠢᠷᠠᠳ ᠤᠨ ᠶᠡᠬᠡᠰ ᠨᠤᠶᠠᠳ ᠪᠤᠯᠤᠨ ᠵᠠᠰᠠᠬᠳᠣ ᠬᠠᠨ ᠰᠤᠪᠠᠳᠠᠢ ᠪᠠᠷ ᠲᠡᠷᠢᠬᠦᠯᠡᠭᠰᠡᠨ ᠲᠤᠯᠤᠭᠠᠨ ᠤᠳᠤᠭ ᠬᠠᠯᠬ᠎ᠠ ᠶᠢᠨ ᠡᠷᠬᠡ ᠪᠠᠷᠢᠭᠴᠢᠳ ᠲᠤᠰ ᠪᠦᠷᠢ 13 ᠬᠦᠮᠦᠨ ᠪᠠ ᠬᠠᠯᠬ᠎ᠠ ᠶᠢᠨ ᠵᠢᠪᠽᠣᠩᠳᠠᠮᠪᠠ ᠬᠤᠳᠤᠭᠳᠤ ᠵᠢᠴᠢ ᠤᠶᠢᠷᠠᠳ ᠤᠨ ᠽᠠᠶ᠎ᠠ ᠪᠠᠨᠳᠢᠳᠠ ᠵᠡᠷᠭᠡ ᠬᠦᠮᠦᠰ ᠤᠷᠤᠯᠴᠠᠪᠠ᠃ ᠪᠠᠭᠠᠳᠤᠷ ᠬᠤᠩ ᠲᠠᠶᠢᠵᠢ ᠪᠠᠷ ᠤᠳᠤᠷᠢᠳᠤᠭᠤᠯᠤᠭᠰᠠᠨ ︽ᠮᠤᠩᠭᠤᠯ ᠤᠶᠢᠷᠠᠳ ᠤᠨ ᠵᠦᠩᠭᠠᠷ ᠤᠨ ᠶᠡᠭᠡ ᠬᠤᠷᠠᠯ︾ ᠪᠤᠯ ᠤᠶᠢᠷᠠᠳ ᠤᠨ ᠵᠠᠬᠢᠷᠭᠠᠨ ᠲᠤᠤᠷᠠᠬᠢ ᠬᠢᠷᠬᠢᠰ ᠲᠦᠮᠡᠨ ᠤ ᠵᠠᠷᠢᠮ ᠬᠡᠰᠡᠭ ᠭᠠᠵᠠᠷ ᠨᠤᠲᠤᠭ ᠪᠤᠯᠤᠨ ᠬᠠᠯᠬ᠎ᠠ ᠶᠢᠨ ᠵᠠᠬᠢᠷᠭᠠᠨ ᠲᠤᠤᠷᠠᠬᠢ ᠪᠠᠷᠭᠤ ᠪᠤᠷᠢᠶᠠᠳ ᠤᠨ ᠭᠠᠵᠠᠷ ᠨᠤᠲᠤᠭ ᠤᠷᠤᠰ ᠤᠯᠤᠰ ᠲᠤ ᠲᠦᠷᠢᠮᠡᠬᠡᠶᠢᠯᠡᠭᠳᠡᠵᠤ᠂ ᠭᠤᠪᠢ ᠶᠢᠨ ᠡᠮᠦᠨᠡᠬᠢ ᠦᠪᠦᠷ ᠮᠤᠩᠭᠤᠯ ᠤᠨ ᠭᠠᠵᠠᠷ ᠨᠤᠲᠤᠭ ᠴᠢᠩ ᠣᠯᠣᠰ ᠲᠤ ᠡᠵᠡᠯᠡᠭᠳᠡᠭᠰᠡᠨ ᠬᠦᠨᠳᠤ ᠰᠦᠷᠡᠬᠡᠢ ᠪᠠᠶᠢᠳᠠᠯ ᠤᠨ ᠲᠤᠤᠷ᠎ᠠ ᠬᠤᠷᠠᠯᠳᠤᠭᠰᠠᠨ ᠶᠤᠮ᠃ ᠡᠶᠢᠮᠤ ᠠᠴᠠ ᠡᠨᠡ ᠬᠦ ᠬᠤᠷᠠᠯ ᠨᠢ ᠮᠤᠩᠭᠤᠯ ᠤᠶᠢᠷᠠᠳ ᠤᠨ ᠡᠯ᠎ᠡ ᠠᠶᠢᠮᠠᠭ ᠤᠨ ᠬᠦᠴᠦᠨ ᠢ ᠨᠢᠭᠡᠳᠭᠡᠵᠤ ᠬᠠᠷᠢ ᠶᠢᠨ ᠲᠦᠷᠢᠮᠡᠬᠡᠶᠢᠯᠡᠯ ᠢ ᠡᠰᠡᠷᠬᠦᠴᠡᠬᠦ ᠪᠠᠷ ᠭᠤᠤᠯ ᠵᠤᠷᠢᠯᠳᠠ ᠪᠠᠨ ᠪᠤᠯᠭᠠᠭᠰᠠᠨ ᠪᠠᠶᠢᠵᠠᠢ᠃ ᠲᠤᠰ ᠬᠤᠷᠠᠯᠳᠤᠭᠠᠨ ᠠᠴᠠ ᠴᠠᠭᠠᠵᠠ ᠶᠢᠨ ᠪᠢᠴᠢᠭ ᠢ ᠰᠠᠨᠠᠯ ᠨᠢᠭᠡᠳᠡᠢ ᠪᠠᠳᠤᠯᠠᠭᠰᠠᠨ ᠪᠠᠶᠢᠨ᠎ᠠ᠃ ᠡᠨᠡ ᠴᠠᠭᠠᠵᠠ ᠨᠢ ᠲᠡᠦᠬᠡᠨ  ᠳᠤ ︽ᠮᠤᠩᠭᠤᠯ ᠤᠶᠢᠷᠠᠳ ᠤᠨ ᠬᠠᠤᠯᠢ︾᠂ ︽ᠲᠦᠴᠢᠨ ᠲᠦᠷᠪᠡᠨ ᠬᠤᠶᠠᠷ ᠤᠨ ᠶᠡᠭᠡ ᠴᠠᠭᠠᠵᠠ︾ ᠬᠡᠬᠦ ᠵᠡᠷᠭᠡ  ᠪᠠᠷ ᠨᠡᠷᠡᠯᠡᠭᠳᠡᠨ ᠠᠯᠳᠠᠷᠰᠢᠵᠠᠢ᠃ ᠲᠦᠴᠢᠨ ᠲᠦᠷᠪᠡᠨ ᠬᠤᠶᠠᠷ ᠤᠨ ᠴᠠᠭᠠᠵᠠ ᠬᠡᠰᠡᠨ ᠨᠢ ᠲᠦᠴᠢᠨ ᠲᠦᠮᠡᠨ ᠮᠤᠩᠭᠤᠯ᠂ ᠲᠦᠷᠪᠡᠨ ᠤᠶᠢᠷᠠᠳ ᠤᠨ ᠬᠠᠮᠳᠤᠷᠠᠨ ᠲᠤᠭᠳᠠᠭᠠᠭᠰᠠᠨ ᠴᠠᠭᠠᠵᠠ ᠬᠡᠰᠡᠨ ᠤᠳᠬ᠎ᠠ ᠲᠠᠢ ᠶᠤᠮ᠃ ︽ᠮᠤᠩᠭᠤᠯ ᠤᠶᠢᠷᠠᠳ ᠤᠨ ᠬᠠᠤᠯᠢ︾ ᠨᠢ ᠨᠤᠶᠠᠳ ᠤᠨ ᠬᠤᠭᠤᠷᠤᠨᠳᠤᠬᠢ ᠬᠠᠷᠢᠴᠠᠭ᠎ᠠ ᠶᠢ ᠵᠤᠬᠢᠴᠠᠭᠤᠯᠵᠤ᠂ ᠬᠠᠷᠢᠶᠠᠳᠣ ᠬᠠᠮᠵᠢᠯᠭ᠎ᠠ ᠪᠠᠨ ᠵᠠᠬᠢᠷᠤᠨ ᠪᠠᠷᠢᠮᠳᠠᠯᠠᠬᠤ ᠡᠷᠬᠡ ᠬᠡᠮᠵᠢᠶ᠎ᠡ ᠶᠢ ᠬᠠᠤᠯᠢ ᠶᠢᠨ ᠶᠤᠰᠤᠭᠠᠷ ᠤᠯᠠᠮ ᠪᠠᠳᠤᠳᠬᠠᠬᠤ᠂ ᠬᠠᠷᠢ ᠶᠢᠨ ᠲᠦᠷᠢᠮᠡᠬᠡᠶᠢᠯᠡᠯ ᠤᠨ ᠡᠰᠡᠷᠬᠦ ᠮᠤᠩᠭᠤᠯᠴᠤᠳ ᠤᠨ ᠬᠠᠮᠳᠤᠷᠠᠭᠰᠠᠨ ᠬᠦᠴᠦ ᠶᠢ ᠵᠤᠬᠢᠶᠠᠨ ᠪᠠᠶᠢᠭᠤᠯᠬᠤ᠂ ᠰᠢᠷ᠎ᠠ ᠶᠢᠨ ᠱᠠᠰᠢᠨ ᠤ ᠡᠷᠬᠡ ᠨᠦᠯᠦᠬᠡᠨ ᠢ ᠲᠡᠯᠭᠡᠷᠡᠭᠦᠯᠭᠦ ᠵᠡᠷᠭᠡ ᠭᠤᠤᠯ ᠠᠭᠤᠯᠭ᠎ᠠ ᠲᠠᠢ ᠪᠤᠯᠬᠤᠷ ᠲᠤᠬᠠᠢ ᠶᠢᠨ ᠦᠶ᠎ᠡ  ᠳᠤ ᠮᠤᠩᠭᠤᠯ ᠤᠨ ᠨᠡᠶᠢᠭᠡᠮ ᠤᠨ ᠭᠦᠭᠵᠢᠯᠳᠡ ᠳᠤ ᠲᠤᠮᠤᠬᠠᠨ ᠦᠢᠯᠡᠳᠦᠯ ᠦᠵᠡᠭᠦᠯᠦᠭᠰᠡᠨ ᠢᠶᠠᠷ ᠦᠯᠦ ᠪᠠᠷᠠᠨ ᠤᠳᠤ ᠴᠦ ᠬᠡᠰᠡᠨ 17 ᠳ᠋ᠤᠭᠠᠷ ᠵᠠᠭᠤᠨ ᠤ ᠦᠶ᠎ᠡ ᠶᠢᠨ ᠮᠤᠩᠭᠤᠯ ᠤᠨ ᠨᠡᠶᠢᠭᠡᠮ — ᠤᠯᠤᠰ ᠲᠦᠷᠦ᠂ ᠡᠳ᠋ ᠤᠨ ᠵᠠᠰᠠᠭ᠂ ᠬᠦᠮᠦᠨ ᠠᠷᠠᠳ ᠤᠨ ᠠᠵᠤ ᠠᠮᠢᠳᠤᠷᠠᠯ᠂ ᠰᠤᠶᠤᠯ᠂ ᠵᠠᠩ ᠰᠤᠷᠳᠠᠬᠤᠨ᠂ ᠬᠠᠤᠯᠢ ᠵᠦᠢ ᠶᠢ ᠰᠤᠳᠤᠯᠬᠤ ᠳᠤ ᠴᠢᠬᠤᠯᠠ ᠦᠢᠯᠡᠳᠦᠯ ᠲᠠᠢ ᠪᠠᠶᠢᠭᠰᠠᠭᠠᠷ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号