ᠦᠢᠷᠠᠳ ᠬᠡᠰᠡᠨ ᠦᠬᠡ ᠠᠩᠬ᠎ᠠ ᠤᠲᠠᠭ᠎ᠠ ᠷᠠᠰᠢᠳ᠋ ᠳ᠋ᠢᠨ ᠤ ︽ᠰᠤᠲᠤᠷ ᠤᠨ ᠴᠢᠭᠤᠯᠭᠠᠨ︾ ᠳᠤ ᠳᠡᠮᠳᠡᠭᠯᠡᠭᠳᠡᠭᠰᠡᠨ | ᠶᠤᠮ᠃ ᠳᠤᠰ ᠨᠤᠮ ᠳᠤ ︽1201 ᠤᠨ ᠳᠤ ᠨᠠᠢᠮᠠᠨ ᠸᠡᠩ ᠤᠨ ᠲᠠᠬᠦᠤ ᠪᠦᠢᠷᠤᠭ ᠬᠠᠨ᠂ ᠮᠠᠷᠬᠢᠳ ᠸᠡᠩ | ᠲᠤᠭᠲᠤᠭ᠎ᠠ ᠪᠠᠬᠢ᠂ ᠦᠢᠷᠠᠳ ᠸᠡᠩ ᠬᠤᠲᠤᠭ ᠪᠠᠬᠢ ᠨᠠᠷ ᠬᠡᠷᠡᠶᠢᠳ ᠤᠨ ᠸᠡᠩ ᠬᠠᠨ ᠤ ᠲᠠᠶᠢᠴᠢᠯᠠᠭ᠎ᠠ ᠪᠠᠷ | ᠲᠠᠮᠤᠵᠢᠨ ᠢ ᠲᠤᠪᠲᠤᠯᠪᠠ︾ ᠬᠡᠵᠤ ᠪᠢᠴᠢᠵᠦ ᠪᠤᠢ᠃ ᠰᠠᠬᠦᠯᠠᠷ ᠨᠢ ᠦᠢᠷᠠᠳ ᠤᠨ ᠬᠤᠲᠤᠭ ᠪᠠᠬᠢ ᠲᠠᠮᠤᠵᠢᠨ ᠲᠠᠢ | ᠤᠯᠠᠨ ᠤᠲᠠᠭ᠎ᠠ ᠲᠠᠶᠢᠲᠤᠵᠤ ᠦᠡᠭᠬᠡᠷᠡᠭᠰᠡᠨ ᠪᠦᠬᠡᠳ ᠡᠴᠤᠰ ᠲᠡᠭᠡᠨ ᠪᠠᠭᠤᠨ ᠦᠭᠴᠤ ᠮᠤᠩᠭᠤᠯ ᠤᠨ ᠲᠤᠯᠭᠤᠷ | ᠲᠦᠷᠤ ᠳᠤ ᠮᠠᠰᠢ ᠶᠡᠭᠡ ᠬᠦᠴᠤᠨ ᠵᠢᠳᠬᠦᠯ ᠦᠵᠠᠬᠦᠯᠵᠠᠢ᠃ ᠲᠦᠷᠪᠠᠨ ᠦᠢᠷᠠᠳ ᠪᠤᠯ ᠬᠠᠯᠢᠮᠠᠭ ᠤᠨ ᠳᠡᠭᠡᠳᠦᠭᠦᠯᠡ | ᠶᠤᠮ᠃ 2007 ᠤᠨ ᠤ ᠨᠠᠮᠤᠷ ᠨᠠᠮᠠᠶᠢ ᠬᠠᠯᠢᠮᠠᠭ ᠲᠤ ᠤᠴᠢᠬᠤ ᠳᠤ ᠲᠠᠨᠲᠠᠬᠢ ᠶᠢᠨ ᠬᠠᠯᠢᠮᠠᠭᠴᠤᠳ ᠬᠤᠱᠤᠳ᠂ | ᠲᠤᠷᠭᠤᠳ᠂ ᠲᠦᠷᠪᠠᠳ᠂ ᠵᠠᠬᠦᠨᠭᠠᠷ ᠪᠤᠯ ᠲᠠᠲᠠᠨ ᠤ ᠲᠡᠬᠡᠲᠤᠰ ᠬᠡᠮᠡᠨ ᠵᠦᠪᠰᠢᠶᠠᠷᠠᠵᠤ ᠪᠠᠶᠢᠪᠠ᠃ ᠤᠷᠤᠰ ᠤᠨ | ᠠᠯᠲᠠᠷᠲᠤ ᠡᠷᠲᠠᠮᠲᠠᠨ ᠸᠯᠠᠳᠢᠮᠢᠷᠼᠤᠪ ︽ᠲᠦᠷᠪᠠᠨ ᠦᠢᠷᠠᠳ ᠨᠢ ᠴᠢᠩᠬᠢᠰ ᠬᠠᠭᠠᠨ ᠤ ᠦᠶ᠎ᠠ ᠶᠢᠨ ᠦᠢᠷᠠᠳ ᠤᠨ | ᠲᠦᠷᠪᠠᠨ ᠲᠦᠮᠠᠨ ᠡᠷᠤᠬᠡ ᠠᠴᠠ ᠡᠬᠦᠰᠤᠯᠲᠠᠢ︾ ᠬᠡᠮᠡᠨ ᠦᠬᠦᠯᠡᠭᠰᠡᠨ ᠪᠠᠶᠢᠳᠠᠭ᠃ ᠲᠤᠲᠤ ᠦᠰᠦᠭ ᠤᠨ ᠲᠤᠯᠭᠤᠷ | ᠪᠢᠴᠢᠭ ︽ᠮᠤᠩᠭᠤᠯ ᠤᠨ ᠤᠭ ᠡᠬᠢᠨ ᠲᠤᠭᠤᠵᠢ︾ ᠳᠤ᠄ ︽ᠬᠤᠱᠤᠳ᠂ ᠲᠤᠷᠭᠤᠳ᠂ ᠲᠦᠷᠪᠠᠳ᠂ ᠵᠠᠬᠦᠨᠭᠠᠷ | ᠨᠠᠶᠢᠯᠡᠬᠡᠳ ᠨᠢᠬᠡ ᠦᠢᠷᠠᠳ᠂ ᠲᠦᠮᠠᠳ᠂ ᠬᠤᠶᠢᠳ᠂ ᠪᠠᠲᠤᠳ ᠨᠠᠶᠢᠯᠡᠬᠡᠳ ᠨᠢᠬᠡ ᠦᠢᠷᠠᠳ᠂ ᠪᠠᠷᠭᠤ ᠪᠤᠷᠢᠶᠠᠳ | ᠨᠠᠶᠢᠯᠡᠬᠡᠳ ᠨᠢᠬᠡ ᠦᠢᠷᠠᠳ᠂ ᠪᠦᠬᠦ ᠮᠤᠩᠭᠤᠯ ᠨᠠᠶᠢᠯᠡᠬᠡᠳ ᠪᠠᠰᠠ ᠨᠢᠬᠡ ᠦᠢᠷᠠᠳ︾ ᠬᠡᠵᠤ ᠪᠢᠴᠢᠵᠠᠢ᠃ ᠲᠤᠮᠤᠭ | ᠶᠠᠷᠢᠶᠠᠨ ᠳᠤ ︽ᠡᠷᠲᠠ ᠤᠷᠢᠲᠤ ᠶᠢᠨ ᠴᠠᠭ ᠲᠤ ᠠᠮᠤᠨᠢ ᠪᠠ ᠲᠤᠮᠤᠨᠢ ᠬᠡᠲᠡᠭ ᠬᠤᠶᠠᠷ ᠬᠦᠮᠤᠨ ᠡᠵᠡᠬᠦᠢ ᠡᠬᠡᠷᠡᠮᠠ | ᠴᠠᠭᠠᠨ ᠬᠦᠲᠡᠭᠡ ᠳᠤ ᠠᠵᠤ ᠲᠦᠷᠤᠨ ᠠᠮᠢᠲᠤᠷᠠᠵᠤ ᠪᠠᠶᠢᠪᠠ ᠬᠡᠨ᠎ᠠ᠃ ᠠᠮᠤᠨᠢ ᠶᠢᠨ 10 ᠬᠦᠪᠠᠬᠦᠨ ᠵᠠᠬᠦᠨᠭᠠᠷ ᠤᠨ | ᠠᠯᠪᠠᠲᠤ ᠪᠤᠯᠪᠠ᠂ ᠲᠤᠮᠤᠨᠢ ᠶᠢᠨ ᠲᠦᠷᠪᠠᠨ ᠬᠦᠪᠠᠬᠦᠨ ᠲᠦᠷᠪᠠᠳ ᠤᠨ ᠠᠯᠪᠠᠲᠤ ᠪᠤᠯᠪᠠ᠃ ᠲᠠᠲᠠ ᠬᠦᠮᠤᠨ ᠪᠦᠷᠢ | ᠠᠷᠪᠠᠨ ᠬᠦᠪᠠᠬᠦᠨ ᠲᠠᠢ ᠪᠤᠯᠵᠤ᠂ ᠬᠤᠵᠢᠮ ᠨᠢ ᠬᠦᠮᠤᠨ ᠠᠮᠠ ᠶᠡᠭᠡ ᠪᠠᠷ ᠦᠷᠠᠵᠢᠨ ᠦᠰᠴᠠᠢ᠃ ᠲᠠᠲᠠᠨ ᠤ | ᠲᠤᠲᠤᠷᠡᠬᠢ ᠨᠢᠬᠡ ᠠᠩᠴᠢᠨ ᠤᠢ ᠰᠢᠭᠤᠢ ᠲᠤᠲᠤᠷ᠎ᠠ ᠠᠡᠭ ᠠᠩᠨᠠᠵᠤ ᠶᠠᠪᠤᠭᠠᠳ ᠨᠢᠬᠡ ᠨᠢᠯᠬ᠎ᠠ ᠬᠡᠤᠬᠡᠳ ᠮᠤᠲᠤᠨ ᠤ | ᠤᠡᠭᠬᠢ ᠳᠤ ᠬᠡᠪᠲᠠᠵᠤ ᠪᠠᠶᠢᠬᠤ ᠶᠢ ᠤᠯᠵᠤ ᠦᠵᠠᠵᠤ ᠬᠡᠨ᠎ᠠ᠃ ᠦᠵᠠᠪᠠᠰᠤ ᠲᠠᠷᠠ ᠮᠤᠲᠤᠨ᠂ ᠴᠤᠷᠭᠤ ᠬᠡᠯᠪᠠᠷᠢ ᠲᠠᠢ | ᠤᠷᠭᠤᠭᠰᠡᠨ ᠪᠦᠬᠡᠳ ᠴᠤᠷᠭᠤ ᠪᠠᠷ ᠮᠤᠲᠤᠨ ᠤ ᠰᠢᠬᠦᠰᠤᠨ ᠤᠷᠤᠰᠤᠨ ᠭᠠᠷᠴᠤ ᠢᠷᠡᠬᠡᠳ ᠨᠢᠯᠬ᠎ᠠ ᠬᠡᠤᠬᠡᠳ ᠤᠨ | ᠠᠮᠠᠨ ᠳᠤ ᠲᠤᠰᠤᠯᠠᠨ ᠲᠠᠵᠢᠬᠡᠵᠤ᠂ ᠬᠠᠵᠠᠭᠤ ᠳᠤᠨᠢ ᠨᠢᠬᠡ ᠤᠭᠤᠯᠢ ᠰᠢᠪᠠᠭᠤᠨ ᠰᠠᠬᠢᠨ ᠰᠠᠭᠤᠵᠤ ᠪᠠᠶᠢᠵᠠᠢ᠃ | ᠢᠡᠭᠬᠢᠬᠡᠳ ᠴᠤᠷᠭᠤ ᠬᠡᠯᠪᠠᠷᠢ ᠲᠠᠢ ᠮᠤᠲᠤ ᠨᠢ ᠡᠨᠡ ᠬᠦᠪᠠᠬᠦᠨ ᠤ ᠡᠬᠡ᠂ ᠤᠭᠤᠯᠢ ᠰᠢᠪᠠᠭᠤᠨ ᠨᠢ ᠲᠠᠬᠦᠨ ᠤ ᠡᠴᠢᠭᠡ | ᠬᠡᠮᠡᠨ ᠶᠠᠷᠢᠭᠲᠠᠬᠤ ᠪᠤᠯᠵᠠᠢ᠃ ᠲᠠᠷᠠ ᠠᠩᠴᠢᠨ ᠨᠢᠯᠬ᠎ᠠ ᠬᠡᠤᠬᠡᠳ ᠢ ᠲᠠᠪᠠᠷᠢᠨ ᠬᠡᠷ ᠲᠤ ᠪᠠᠨ ᠠᠪᠠᠴᠢᠭᠠᠳ ᠴᠤᠷᠭᠤ | ᠬᠡᠰᠡᠨ ᠨᠠᠷᠠ ᠦᠭᠴᠤ᠂ ᠲᠠᠷᠠᠴᠢᠯᠠᠨ ᠲᠡᠭᠷᠢ ᠶᠢᠨ ᠵᠢᠬᠡ ᠬᠡᠮᠡᠨ ᠬᠦᠨᠲᠤᠯᠠᠨ ᠦᠰᠬᠡᠵᠤ᠂ ᠵᠠᠬᠦᠨᠭᠠᠷ ᠪᠠ | ᠲᠦᠷᠪᠠᠳ ᠤᠨ ᠨᠤᠶᠠᠨ ᠢᠶᠠᠷ ᠡᠷᠬᠦᠮᠵᠢᠯᠠᠪᠠ ᠬᠡᠨ᠎ᠠ᠃ ᠲᠡᠬᠡᠬᠡᠳ ᠴᠤᠷᠭᠤ ︵chorgo︶ ᠶᠢᠨ ᠤᠯᠠᠨ ᠲᠤᠭ᠎ᠠ ᠨᠢ | ᠴᠤᠷᠭᠤᠰ ︵chorgos︶ ᠪᠤᠯᠵᠤ᠂ ᠬᠤᠶᠢᠨ᠎ᠠ ᠬᠡᠶᠢᠬᠦᠯᠦᠭᠴᠢ ᠠᠪᠢᠶ᠎ᠠ g ᠨᠢ ᠬᠡᠬᠡᠭᠲᠠᠬᠡᠳ ᠴᠤᠷᠤᠰ ᠬᠡᠲᠡᠭ | ᠵᠠᠬᠦᠨᠭᠠᠷ ᠪᠠ ᠲᠦᠷᠪᠠᠳ ᠤᠨ ᠨᠤᠶᠠᠳ ᠤᠨ ᠤᠪᠤᠭ ᠪᠤᠯᠤᠭᠰᠡᠨ ᠬᠡᠨ᠎ᠠ︾ ᠬᠡᠮᠡᠨ ᠦᠬᠦᠯᠡᠳᠡᠭ ᠰᠠᠨ᠃ ᠮᠢᠩ | ᠤᠯᠤᠰ ᠤᠨ ᠡᠴᠤᠰ᠂ ᠴᠢᠩ ᠤᠯᠤᠰ ᠤᠨ ᠡᠬᠢᠨ ᠢᠶᠠᠷ ᠪᠢᠴᠢᠭᠲᠡᠭᠰᠡᠨ ︽ᠮᠤᠩᠭᠤᠯ ᠤᠨ ᠬᠤᠰᠢᠭᠤ ᠨᠤᠲᠤᠭ ᠤᠨ | ᠲᠡᠮᠲᠡᠭᠯᠠᠯ︾ ᠳᠤ ︽ᠬᠤᠱᠤᠳ᠂ ᠵᠠᠬᠦᠨᠭᠠᠷ᠂ ᠲᠦᠷᠪᠠᠳ᠂ ᠲᠤᠷᠭᠤᠳ ᠪᠤᠯ ᠮᠢᠩ ᠤᠯᠤᠰ ᠠᠴᠠ ᠨᠠᠰᠢᠬᠢ | ᠬᠠᠭᠤᠴᠢᠨ ᠲᠦᠷᠪᠠᠨ ᠦᠢᠷᠠᠳ ᠪᠤᠯᠤᠨ᠎ᠠ᠃ ᠬᠤᠱᠤᠳ᠂ ᠵᠠᠬᠦᠨᠭᠠᠷ᠂ ᠲᠦᠷᠪᠠᠳ᠂ ᠬᠤᠶᠢᠳ ᠪᠤᠯ ᠰᠢᠨᠵᠢᠶᠠᠩ | ᠪᠠᠶᠢᠭᠤᠯᠤᠭᠲᠠᠬᠤ ᠠᠴᠠ ᠡᠮᠤᠨᠠᠬᠢ ᠲᠦᠷᠪᠠᠨ ᠦᠢᠷᠠᠳ ᠪᠤᠯᠤᠨ᠎ᠠ᠃ ᠲᠡᠭᠷᠢ ᠠᠭᠤᠯᠠ ᠶᠢᠨ ᠡᠮᠤᠨ᠎ᠠ ᠬᠤᠶᠢᠨ᠎ᠠ | ᠲᠤᠭᠲᠠᠨᠢᠭᠰᠡᠨ ᠠᠴᠠ ᠬᠤᠶᠢᠰᠢ ᠤᠪᠰᠢ ᠬᠠᠨ ᠲᠠᠬᠢᠨ ᠪᠤᠴᠠᠵᠤ ᠢᠷᠠᠪᠠ᠃ ᠬᠠᠷᠢᠶᠠᠲᠤ ᠨᠠᠷ ᠲᠠᠭᠠᠨ ᠵᠡᠷᠬᠡ ᠬᠡᠷᠬᠡᠮ | ᠤᠯᠠᠮᠵᠢᠯᠠᠨ ᠡᠷᠬᠦᠮᠵᠢᠯᠠᠵᠤ᠂ ᠠᠶᠢᠮᠠᠭ ᠰᠤᠮᠤ ᠬᠤᠪᠢᠶᠠᠨ ᠤᠯᠠᠨ ᠭᠠᠵᠠᠷ ᠢᠶᠠᠷ ᠨᠠᠬᠦᠲᠠᠯᠯᠠᠨ ᠮᠠᠯᠵᠢᠪᠠ᠃ ᠡᠲᠡᠬᠡᠷ ᠢ | ᠲᠤᠷᠠᠳᠪᠠᠯ ᠵᠢᠷᠭᠤᠭᠠᠨ ᠪᠤᠢ᠂ ᠦᠬᠡᠯᠡᠳ᠂ ᠬᠤᠱᠤᠳ᠂ ᠬᠤᠶᠢᠳ᠂ ᠴᠤᠷᠤᠰ᠂ ᠲᠦᠷᠪᠠᠳ᠂ ᠲᠤᠷᠭᠤᠳ ᠪᠤᠯᠤᠨ᠎ᠠ᠃ | ᠨᠠᠷᠢᠪᠴᠢᠯᠠᠨ ᠬᠡᠯᠡᠪᠠᠯ ᠭᠤᠷᠪᠠ ᠪᠤᠢ᠂ ᠬᠤᠱᠤᠳ᠂ ᠲᠦᠷᠪᠠᠳ᠂ ᠲᠤᠷᠭᠤᠳ ᠪᠤᠯᠤᠨ᠎ᠠ᠃ ᠦᠨᠲᠤᠰᠤ ᠤᠭᠰᠠᠭ᠎ᠠ | ᠠᠴᠠ ᠨᠢ ᠠᠪᠴᠤ ᠬᠡᠯᠡᠪᠠᠯ ᠨᠢᠬᠡᠬᠡᠨ ᠪᠦᠬᠡᠳ ᠮᠢᠩ ᠤᠯᠤᠰ ᠠᠴᠠ ᠡᠲᠤᠬᠡ ᠪᠤᠯᠲᠠᠯ᠎ᠠ ᠪᠦᠷ ᠦᠢᠷᠠᠳ ᠮᠤᠩᠭᠤᠯ | ᠬᠡᠮᠡᠭᠲᠠᠵᠤ ᠢᠷᠠᠪᠠ︾ ᠬᠡᠵᠡᠢ᠃ ᠲᠡᠤᠬᠡ ᠲᠡᠮᠲᠡᠭᠯᠠᠯ ᠳᠤ ᠦᠨᠲᠤᠰᠤᠯᠠᠪᠠᠯ ᠡᠷᠲᠠᠨ ᠳᠡᠭᠡᠨ ᠦᠢᠷᠠᠳ ᠠᠶᠢᠮᠠᠭ | ᠰᠠᠯᠠᠩᠬᠡ ᠮᠦᠷᠠᠨ ᠤ ᠬᠤᠶᠢᠲᠤ ᠪᠠᠶ᠎ᠠ᠂ ᠪᠠᠶᠢᠭᠠᠯ ᠨᠠᠭᠤᠷ ᠤᠨ ᠬᠦᠪᠡᠭᠡ ᠪᠠᠷ ᠠᠮᠢᠲᠤᠷᠠᠵᠤ ᠪᠠᠶᠢᠵᠠᠢ᠃ 1368 ᠤᠨ | ᠳᠤ ᠶᠡᠭᠡ ᠶᠤᠸᠠᠨ ᠤᠯᠤᠰ ᠨᠤᠷᠠᠵᠤ ᠮᠤᠩᠭᠤᠯᠴᠤᠳ ᠮᠤᠩᠭᠤᠯ ᠤᠨ ᠦᠨᠲᠦᠷᠯᠢᠭ ᠲᠡᠭᠡᠨ ᠪᠤᠴᠠᠭᠰᠡᠨ ᠠᠴᠠ ᠬᠤᠶᠢᠰᠢ | ᠦᠢᠷᠠᠳ ᠮᠤᠩᠭᠤᠯ ᠮᠠᠨᠲᠤᠵᠤ᠂ ᠲᠤᠭᠤᠭᠠᠨ ᠲᠠᠶᠢᠱᠢ ᠪᠤᠯᠤᠨ ᠡᠰᠠᠨ ᠲᠠᠶᠢᠱᠢ ᠶᠢᠨ ᠦᠶ᠎ᠠ ᠳᠤ ᠦᠢᠷᠠᠳ ᠤᠨ ᠰᠦᠷ | ᠬᠦᠴᠤᠨ ᠤᠷᠢᠳ ᠡᠮᠤᠨ᠎ᠠ ᠭᠠᠷᠤᠭ᠎ᠠ ᠦᠬᠡᠢ ᠬᠦᠴᠤᠷᠬᠡᠭᠵᠢᠵᠤ᠂ ᠨᠢᠬᠡ ᠦᠶ᠎ᠠ ᠮᠤᠩᠭᠤᠯ ᠤᠨ ᠪᠤᠲᠠᠲᠤ ᠡᠷᠬᠡ ᠶᠢ | ᠠᠳᠬᠤᠪᠠ᠃ ᠬᠡᠲᠠᠯ᠎ᠠ ᠡᠰᠠᠨ ᠨᠠᠰᠤ ᠪᠠᠷᠠᠭᠰᠡᠨ ᠠᠴᠠ ᠬᠤᠶᠢᠰᠢ ᠨᠠᠶᠢᠬᠡᠮ ᠲᠤᠭᠲᠠᠭᠤᠨ ᠦᠬᠡᠢ ᠪᠤᠯᠵᠤ᠂ | ᠮᠤᠩᠭᠤᠯ ᠤᠨ ᠡᠯ᠎ᠠ ᠠᠶᠢᠮᠠᠭ ᠪᠤᠯᠤᠨ ᠦᠢᠷᠠᠳ ᠮᠤᠩᠭᠤᠯ ᠤᠨ ᠡᠯ᠎ᠠ ᠠᠶᠢᠮᠠᠭ᠂ ᠮᠤᠩᠭᠤᠯ ᠪᠤᠯᠤᠨ ᠪᠤᠰᠤᠳ | ᠦᠨᠲᠤᠰᠤᠲᠠᠨ ᠤᠯᠤᠰ ᠤᠨ ᠬᠤᠭᠤᠷᠤᠨᠲᠤᠬᠢ ᠵᠦᠷᠢᠴᠠᠯ ᠬᠤᠷᠴᠠᠲᠤᠨ᠂ 16 ᠳ᠋ᠤᠭᠠᠷ ᠵᠠᠭᠤᠨ ᠤ ᠰᠠᠬᠦᠯᠴᠢ᠂ 17 | ᠳ᠋ᠤᠭᠠᠷ ᠵᠠᠭᠤᠨ ᠤ ᠡᠬᠢᠨ ᠳᠠᠬᠢ ᠦᠢᠷᠠᠳᠴᠤᠳ ᠤᠨ ᠪᠠᠷᠠᠭᠤᠨᠰᠢᠯᠠᠬᠤ ᠶᠡᠭᠡ ᠨᠠᠬᠦᠲᠠᠯ ᠴᠤᠭᠰᠢᠭᠰᠠᠭᠠᠷ ᠪᠠᠶᠢᠭ᠎ᠠ ᠶᠢ | ᠬᠡᠨ ᠴᠤ ᠤᠯᠵᠤ ᠮᠠᠲᠡᠭᠡ ᠦᠬᠡᠢ ᠪᠠᠶᠢᠵᠠᠢ᠃ | 16 ᠳ᠋ᠤᠭᠠᠷ ᠵᠠᠭᠤᠨ ᠤ ᠦᠶ᠎ᠠ ᠳᠤ᠂ ᠦᠢᠷᠠᠳ ᠤᠨ ᠭᠤᠤᠯ ᠭᠠᠵᠠᠷ ᠨᠤᠲᠤᠭ ᠨᠢ ᠵᠡᠬᠦᠨᠰᠢ ᠬᠦᠡᠭᠬᠦᠢ᠂ ᠬᠤᠶᠢᠰᠢ | ᠲᠠᠩᠨᠤ ᠠᠭᠤᠯᠠ ᠳᠤ ᠬᠦᠷᠴᠤ᠂ ᠡᠮᠦᠨᠡᠰᠢ ᠴᠠᠭᠠᠲᠠᠢ ᠶᠢᠨ ᠤᠲᠤᠮ ᠤᠨ ᠬᠠᠭᠠᠳ ᠤᠨ ᠬᠠᠷᠢᠶᠠᠲᠤ ᠭᠠᠵᠠᠷ ᠲᠤ | ᠲᠤᠯᠵᠤ ᠪᠠᠶᠢᠪᠠ᠃ ᠲᠠᠶᠢᠮᠤ ᠠᠴᠠ᠂ ᠭᠤᠪᠢ ᠶᠢᠨ ᠡᠮᠤᠨᠠᠬᠢ ᠲᠦᠮᠠᠳ᠂ ᠤᠷᠲᠤᠰ ᠪᠠ ᠭᠤᠪᠢ ᠶᠢᠨ ᠬᠤᠶᠢᠲᠤ ᠳᠠᠬᠢ | ᠬᠠᠯᠬ᠎ᠠ ᠶᠢᠨ ᠢᠵᠠᠭᠤᠷᠲᠠᠳ ᠦᠢᠷᠠᠳ ᠢ ᠲᠠᠶᠢᠯᠠᠬᠤ ᠠᠴᠠ ᠡᠮᠤᠨ᠎ᠠ᠂ ᠦᠢᠷᠠᠳ ᠤᠨ ᠨᠠᠬᠦᠲᠠᠯᠯᠠᠨ ᠮᠠᠯᠵᠢᠯᠠᠬᠤ | ᠨᠤᠲᠤᠭ ᠪᠠᠯᠴᠢᠬᠡᠷ ᠪᠠᠰᠠ ᠨᠠᠯᠢᠶᠠᠳ ᠦᠷᠬᠡᠨ ᠠᠭᠤᠲᠠᠮ ᠪᠠᠶᠢᠭᠰᠡᠨ ᠶᠤᠮ᠃ ᠡᠰᠠᠨ ᠲᠠᠶᠢᠱᠢ ᠨᠠᠰᠤ ᠪᠠᠷᠠᠭᠰᠡᠨ ᠠᠴᠠ | ᠬᠤᠶᠢᠰᠢ ᠦᠢᠷᠠᠳᠴᠤᠳ ᠲᠠᠷᠠ ᠳᠤᠤᠷ᠎ᠠ ᠪᠠᠨ ᠪᠠᠷᠠᠭᠤᠨᠰᠢ ᠨᠠᠬᠦᠲᠠᠯᠯᠡᠭᠰᠡᠨ ᠦᠭᠡᠢ᠂ ᠲᠠᠲᠠᠨ ᠤ ᠨᠠᠯᠢᠶᠠᠳ ᠬᠡᠰᠡᠭ | ᠬᠦᠴᠤ ᠨᠢ ᠭᠤᠪᠢ ᠶᠢᠨ ᠬᠤᠶᠢᠲᠤ ᠲᠠᠯ᠎ᠠ ᠶᠢᠨ ᠪᠠᠷᠠᠭᠤᠨ ᠬᠡᠰᠡᠭ ᠲᠠᠬᠢ ᠬᠠᠨᠭ᠍ᠭᠠᠢ ᠠᠭᠤᠯᠠ᠂ ᠬᠦᠡᠭᠬᠦᠢ᠂ ᠵᠠᠪᠠᠭ᠋ᠠᠨ | ᠭᠤᠤᠯ ᠵᠡᠷᠬᠡ ᠭᠠᠵᠠᠷ ᠤᠷᠤᠨ ᠢᠶᠠᠷ ᠨᠠᠯᠢᠶᠠᠳ ᠬᠤᠭᠤᠴᠠᠭ᠎ᠠ ᠳᠤᠭᠳᠠᠨᠢᠵᠤ ᠪᠠᠶᠢᠭᠰᠠᠨ ᠳᠡᠳᠦᠢ ᠦᠭᠡᠢ᠂ 16 | ᠳ᠋ᠤᠭᠠᠷ ᠵᠠᠭᠤᠨ ᠤ ᠡᠴᠤᠰ ᠬᠦᠷᠲᠠᠯ᠎ᠠ ᠮᠤᠩᠭᠤᠯ ᠤᠨ ᠠᠷᠢᠭᠤᠨ ᠭᠠᠵᠠᠷ — ᠬᠠᠷ᠎ᠠ ᠬᠤᠷᠢᠨ ᠦᠢᠷᠠᠳᠴᠤᠳ ᠤᠨ | ᠵᠠᠬᠢᠷᠤᠯ ᠳᠤ ᠪᠠᠶᠢᠭᠰᠠᠨ ᠶᠤᠮ᠃ ᠡᠰᠠᠨ ᠨᠠᠰᠤ ᠪᠠᠷᠠᠭᠰᠡᠨ ᠤ ᠬᠤᠶᠠᠲᠤᠭᠠᠷ ᠵᠢᠯ ᠨᠢ᠂ ᠲᠠᠷᠤᠢ 1455 ᠤᠨ ᠳᠤ | ᠲᠤᠭᠲᠠᠬᠤ ᠪᠤᠬ᠎ᠠ ᠶᠢᠨ ᠬᠡᠷᠬᠡᠢ ᠰᠠᠮᠤᠷ ᠲᠠᠶᠢᠬᠡᠤ ᠴᠡᠷᠢᠭ ᠲᠠᠶᠢᠴᠢᠯᠠᠨ ᠦᠢᠷᠠᠳ ᠢ ᠲᠠᠶᠢᠯᠠᠵᠤ᠂ ᠬᠦᠡᠭᠬᠦᠢ ᠵᠠᠪᠬᠠᠨ | ᠭᠤᠤᠯ ᠤᠨ ᠰᠠᠪᠠ ᠭᠠᠵᠠᠷ ᠲᠤ ᠢᠯᠠᠯᠲᠠ ᠤᠯᠪᠠ᠃ ᠪᠠᠲᠤᠮᠦ᠋ᠡᠭᠬᠡ ᠲᠠᠶᠠᠨ ᠬᠠᠨ 1470 ᠤᠨ ᠳᠤ ᠰᠠᠭᠤᠷᠢᠨ | ᠵᠠᠯᠭᠠᠮᠵᠢᠯᠠᠭᠰᠡᠨ ᠤ ᠲᠠᠷᠠᠭ᠎ᠠ ᠵᠠᠬᠦᠨ ᠮᠤᠩᠭᠤᠯ ᠤᠨ ᠬᠦᠴᠤᠨ ᠮᠠᠨᠲᠤᠭᠠᠳ᠂ ᠭᠤᠪᠢ ᠶᠢᠨ ᠡᠮᠤᠨ᠎ᠠ ᠬᠤᠶᠢᠨᠠᠬᠢ ᠶᠢ | ᠨᠢᠬᠡ ᠦᠶ᠎ᠠ ᠨᠢᠬᠡᠳᠬᠡᠵᠤ᠂ 6 ᠲᠦᠮᠠᠨ ᠪᠠᠶᠢᠭᠤᠯᠪᠠ᠃ 1480 ᠤᠨ ᠳᠤ᠂ ᠦᠢᠷᠠᠳ ᠠᠴᠠ ᠢᠷᠠᠬᠦ | ᠰᠦᠷᠲᠠᠬᠦᠯᠤᠯ ᠢ ᠠᠷᠢᠯᠭᠠᠬᠤ ᠶᠢᠨ ᠲᠦᠯᠤᠬᠡ ᠮᠠᠨᠲᠤᠬᠠᠢ ᠰᠠᠴᠠᠨ ᠬᠠᠲᠤᠨ ᠴᠡᠷᠢᠭ ᠲᠠᠶᠢᠴᠢᠯᠠᠨ᠂ ᠤᠲᠤ ᠶᠢᠨ | ᠮᠤᠩᠭᠤᠯ ᠤᠯᠤᠰ ᠤᠨ ᠬᠢᠯᠢ ᠳᠤ ᠪᠠᠶᠢᠭ᠎ᠠ ᠤᠪᠰᠤ ᠨᠠᠭᠤᠷ ᠲᠤ ᠴᠢᠳᠬᠤᠲᠠᠭ ᠲᠠᠰ ᠭᠤᠤᠯ ᠪᠤᠯᠤᠨ ᠪᠦᠢᠷ | ᠭᠤᠤᠯ ᠤᠨ ᠡᠷᠬᠢᠬᠡᠨ ᠳᠤ ᠪᠠᠶᠢᠭ᠎ᠠ ᠲᠠᠰ ᠪᠦᠷᠢᠳᠤ ᠳᠤ ᠦᠢᠷᠠᠳ ᠢ ᠶᠡᠭᠡ ᠪᠠᠷ ᠢᠯᠠᠵᠤ᠂ ᠵᠠᠩᠭᠢᠯᠠᠭ᠎ᠠ ᠶᠢᠨ ᠴᠢᠨᠠᠷᠲᠤ | ᠢᠯᠠᠯᠲᠠ ᠤᠯᠤᠭᠠᠳ᠂ ᠦᠢᠷᠠᠳ ᠤᠨ ᠨᠤᠶᠠᠳ ᠲᠤ᠄ ︽ᠡᠬᠦᠨ ᠠᠴᠠ ᠬᠤᠶᠢᠰᠢ ᠬᠡᠷ ᠢᠶᠠᠨ ᠦᠷᠬᠦᠬᠡ ᠬᠡᠵᠤ ᠬᠡᠯᠡᠵᠤ | ᠪᠤᠯᠬᠤ ᠦᠬᠡᠢ᠂ ᠮᠠᠯᠠᠭᠠᠢ ᠶᠢᠨ ᠵᠠᠯᠠᠭ᠎ᠠ ᠪᠠᠨ ᠲᠦᠷᠪᠠᠨ ᠬᠤᠷᠤᠭᠤᠨ ᠠᠴᠠ ᠲᠠᠪᠠᠭᠤᠯᠵᠤ ᠪᠤᠯᠬᠤ ᠦᠬᠡᠢ᠂ ᠰᠠᠭᠤᠬᠤ | ᠳᠠᠭᠠᠨ ᠡᠷᠬᠡᠪᠰᠢ ᠰᠦᠬᠦᠷᠠᠵᠤ ᠰᠠᠭᠤᠬᠤ ᠬᠡᠷᠡᠭᠲᠠᠢ᠃ ᠮᠢᠬ᠎ᠠ ᠢᠲᠠᠬᠦ ᠳᠡᠭᠡᠨ ᠬᠢᠲᠤᠭ᠎ᠠ ᠪᠠᠷ ᠤᠭᠲᠤᠯᠵᠤ ᠢᠲᠠᠵᠤ | ᠪᠤᠯᠬᠤ ᠦᠬᠡᠢ᠂ ᠡᠰᠦᠭ ︵ᠰᠦ︶ ᠬᠡᠵᠤ ᠬᠡᠯᠡᠵᠤ ᠪᠤᠯᠬᠤ ᠦᠬᠡᠢ᠂ ᠴᠡᠭᠡ ᠬᠡᠵᠤ ᠬᠡᠯᠡᠬᠦ ᠬᠡᠷᠡᠭᠲᠠᠢ︾ ᠬᠡᠵᠤ ᠵᠠᠷᠯᠢᠭ | ᠪᠠᠭᠤᠯᠭᠠᠵᠠᠢ᠃ ᠦᠢᠷᠠᠳ ᠮᠤᠩᠭᠤᠯ ᠲᠠᠶᠠᠨ ᠬᠠᠨ ᠤ ᠴᠤᠬᠢᠯᠲᠠ ᠲᠤᠤᠷ᠎ᠠ ᠠᠷᠭ᠎ᠠ ᠦᠬᠡᠢ ᠢᠲᠡᠭ ᠢᠲᠡᠭ ᠢᠶᠠᠷ | ᠪᠠᠷᠠᠭᠤᠨ ᠬᠤᠶᠢᠰᠢ ᠨᠤᠲᠤᠭ ᠰᠢᠯᠵᠢᠵᠤ ᠨᠠᠬᠦᠭᠰᠡᠬᠡᠷ ᠪᠠᠶᠢᠯ᠎ᠠ᠃ ᠰᠠᠬᠦᠯᠠᠷ ᠨᠢ ᠲᠠᠶᠠᠨ ᠬᠠᠨ ᠤ ᠤᠮᠪᠤᠯᠤ ᠬᠦᠪᠠᠬᠦᠨ | — ᠠᠯᠲᠠᠨ ᠬᠠᠭᠠᠨ ᠰᠠᠭᠤᠷᠢᠨ ᠳᠤ ᠭᠠᠷᠤᠨ᠂ ᠵᠠᠬᠦᠨ ᠮᠤᠩᠭᠤᠯ ᠤᠨ ᠪᠠᠷᠠᠭᠤᠨ ᠭᠠᠷ ᠤᠨ ᠭᠤᠷᠪᠠᠨ ᠲᠦᠮᠠᠨ ᠶᠡᠭᠡ | ᠪᠠᠷ ᠬᠦᠴᠤᠷᠬᠡᠭᠵᠢᠨ᠂ 1558 ᠤᠨ ᠳᠤ ᠠᠯᠲᠠᠨ ᠬᠠᠭᠠᠨ ᠶᠠᠯᠠᠮᠨᠨ ᠬᠠᠨ ᠠᠭᠤᠯᠠ᠂ ᠲᠠᠷᠤᠢ ᠦᠨᠤ ᠶᠢᠨ | ᠬᠠᠮᠢᠯ ᠤᠨ ᠵᠠᠬᠦᠨ ᠬᠤᠶᠢᠲᠤ ᠪᠠᠶ᠎ᠠ ᠳᠠᠬᠢ ᠶᠠᠯᠠᠮᠨᠨ ᠬᠠᠨ ᠠᠭᠤᠯᠠ ᠪᠠᠷ ᠲᠤᠪᠲᠤᠯᠤᠨ ᠤᠷᠤᠵᠤ ᠦᠢᠷᠠᠳ ᠢ ᠳᠠᠭᠠᠷᠢᠨ | ᠂ ᠨᠠᠢᠮᠠᠨ ᠮᠢᠩᠭᠠᠨ ᠬᠤᠶᠢᠳ ᠤᠨ ᠨᠢᠬᠡᠨ ᠪᠤᠯᠬᠤ ᠭᠤᠷᠪᠠᠨ ᠮᠢᠩᠭᠠᠨ ᠢ ᠤᠷᠤᠭᠤᠯᠵᠤ ᠠᠪᠤᠭᠠᠳ᠂ ᠦᠷᠬᠦᠯᠵᠢᠯᠠᠨ | ᠬᠤᠶᠢᠰᠢ ᠪᠠᠨ ᠳᠠᠭᠠᠷᠢᠵᠤ᠂ ᠬᠦᠡᠭᠬᠦᠢ ᠠᠭᠤᠯᠠ ᠶᠢ ᠲᠠᠪᠠᠭᠠᠳ ᠦᠬᠡᠯᠡᠳ ᠪᠠ ᠪᠠᠭ᠋ᠠᠲᠤᠳ ᠬᠤᠶᠠᠷ ᠠᠶᠢᠮᠠᠭ ᠢ ᠪᠤᠲᠠ | ᠨᠢᠷᠬᠡᠪᠠ᠃ ᠵᠠᠯᠠᠮᠠᠨ ᠬᠠᠨ ᠠᠭᠤᠯᠠᠨ ᠳᠤ ᠬᠤᠷᠤᠭ᠎ᠠ ᠪᠠᠶᠢᠭᠤᠯᠤᠨ ᠪᠠᠬᠢᠯᠠᠯᠲᠠ ᠪᠠᠷᠢᠵᠤ᠂ ᠠᠯᠲᠠᠨ ᠬᠠᠨ ᠡᠯᠴᠢ | ᠲᠤᠮᠢᠯᠠᠨ ᠦᠢᠷᠠᠳ ᠤᠨ ᠵᠢᠬᠢᠬᠡᠨ ᠠᠭ᠎ᠠ ᠳᠤ ᠤᠴᠢᠭᠤᠯᠵᠤ ᠤᠷᠤᠭ ᠰᠠᠲᠤᠨ ᠪᠤᠯᠬᠤ ᠡᠷᠡᠮᠡᠯᠵᠡᠯᠡᠯ ᠲᠠᠯᠪᠢᠪᠠ᠃ | ᠵᠢᠬᠢᠬᠡᠨ ᠠᠭ᠎ᠠ ᠠᠯᠪᠠᠲᠠᠯᠭ᠎ᠠ ᠶᠢᠨ ᠲᠤᠤᠷ᠎ᠠ ᠦᠬᠢᠨ ᠢᠶᠠᠨ ᠠᠯᠲᠠᠨ ᠬᠠᠭᠠᠨ ᠳᠤ ᠮᠤᠷᠳᠠᠭᠤᠯᠵᠠᠢ᠃ ᠡᠨᠡ ᠨᠢ ᠲᠠᠷᠤᠢ | ᠶᠦᠡᠭᠭᠡᠨ ᠬᠠᠲᠤᠨ — ᠰᠠᠨ ᠨᠢᠶᠠᠩ ᠽᠢ ᠪᠢᠯᠠ᠃ 1568 ᠤᠨ ᠳᠤ᠂ ᠠᠯᠲᠠᠨ ᠬᠠᠨ ᠶᠦᠡᠭᠭᠡᠨ ᠬᠠᠲᠤᠨ | ᠯᠤᠭ᠎ᠠ ᠬᠠᠮᠲᠤ ᠬᠤᠶᠠᠲᠤᠭᠠᠷ ᠤᠲᠠᠭ᠎ᠠ ᠬᠤᠶᠢᠰᠢ ᠲᠠᠶᠢᠯᠠᠵᠤ᠂ ᠠᠯᠲᠠᠢ ᠶᠢᠨ ᠠᠭᠤᠯᠠ ᠶᠢ ᠲᠠᠭᠠᠵᠤ ᠤᠲᠤᠭᠠᠲᠤ | ᠲᠤᠮ ᠬᠡᠲᠡᠭ ᠭᠠᠵᠠᠷ ᠲᠤ ᠬᠦᠷᠤᠬᠡᠳ ᠵᠢᠬᠢᠬᠡᠨ ᠠᠭ᠎ᠠ ᠳᠤ ᠪᠠᠷᠠᠭᠠᠯᠠᠪᠠ᠃ ᠪᠠᠭ ᠬᠡᠲᠡᠭ ᠭᠠᠵᠠᠷ ᠲᠤ ᠶᠦᠡᠭᠭᠡᠨ | ᠬᠠᠲᠤᠨ ᠨᠢᠬᠡ ᠬᠦᠪᠠᠬᠦᠨ ᠲᠦᠷᠤᠵᠤ᠂ ᠠᠯᠲᠠᠨ ᠬᠠᠨ ᠲᠠᠬᠦᠨ ᠳᠤ ᠪᠤᠲᠢᠰᠢᠷᠢ ᠬᠡᠲᠡᠭ ᠨᠠᠷᠠ ᠦᠭᠬᠦᠬᠡᠳ | ᠦᠢᠷᠠᠳ ᠤᠨ ᠡᠵᠡᠨ ᠪᠤᠯᠭᠠᠵᠠᠢ᠃ ᠠᠯᠲᠠᠨ ᠬᠠᠨ ᠠᠴᠠ ᠬᠤᠶᠢᠰᠢ ᠤᠷᠲᠤᠰ ᠤᠨ ᠬᠤᠲᠤᠭᠲᠠᠢ ᠰᠠᠴᠠᠨ ᠬᠤᠨᠭ᠌ | ᠲᠠᠶᠢᠵᠢ 1562 ᠤᠨ ᠳᠤ 23 ᠨᠠᠰᠤᠲᠠᠢ ᠳᠠᠭᠠᠨ ᠶᠡᠭᠡ ᠴᠡᠷᠢᠭ ᠲᠠᠶᠢᠴᠢᠯᠠᠨ ᠡᠷᠴᠢᠰ ᠭᠤᠤᠯ ᠳᠤ ᠬᠦᠷᠴᠤ | ᠲᠦᠷᠪᠠᠨ ᠦᠢᠷᠠᠳ ᠢ ᠲᠠᠶᠢᠯᠠᠭᠠᠳ᠂ ᠲᠤᠷᠭᠤᠳ ᠢ ᠲᠠᠷᠤᠵᠤ᠂ ᠬᠠᠷ᠎ᠠ ᠪᠤᠭᠤᠷ᠎ᠠ ᠶᠢ ᠠᠯᠠᠭᠠᠳ᠂ ᠭᠤᠯᠤᠮᠲᠠ ᠳᠤᠨᠢ | ᠬᠠᠷ᠎ᠠ ᠲᠤᠭ ᠢᠶᠠᠨ ᠬᠠᠳᠬᠤᠵᠤ᠂ ᠰᠢᠯᠪᠢᠰ᠂ ᠲᠤᠷᠭᠤᠳ ᠤᠨ ᠬᠠᠭᠠᠰ ᠢ ᠦᠯᠡᠲᠡᠬᠡᠨ ᠤᠭ ᠭᠠᠵᠠᠷ ᠲᠤᠨᠢ | ᠪᠠᠶᠢᠷᠢᠰᠢᠭᠤᠯᠵᠤ ᠴᠡᠷᠢᠭ ᠢᠶᠠᠨ ᠲᠠᠲᠠᠪᠠ᠃ ᠰᠠᠬᠦᠯᠠᠷ ᠨᠢ ᠤᠷᠲᠤᠰ ᠤᠨ ᠪᠤᠶᠠᠨ ᠪᠠᠭᠠᠲᠤᠷ ᠬᠤᠨᠭ᠌ ᠲᠠᠶᠢᠵᠢ᠂ ᠰᠠᠴᠠᠨ | ᠬᠤᠨᠭ᠌ ᠲᠠᠶᠢᠵᠢ ᠨᠠᠷ ᠪᠠᠰᠠ ᠤᠯᠠᠨ ᠤᠲᠠᠭ᠎ᠠ ᠦᠢᠷᠠᠳ ᠢ ᠲᠠᠶᠢᠯᠠᠵᠠᠢ᠃ ᠲᠤᠪᠴᠢᠯᠠᠭᠠᠳ ᠬᠡᠯᠡᠬᠦ ᠳᠤ᠂ 15 ᠳ᠋ᠤᠭᠠᠷ | ᠵᠠᠭᠤᠨ ᠤ ᠰᠠᠬᠦᠯᠴᠢ ᠪᠤᠯᠤᠨ 16 ᠳ᠋ᠤᠭᠠᠷ ᠵᠠᠭᠤᠨ ᠤ ᠡᠬᠢ ᠪᠠᠷ ᠵᠠᠬᠦᠨ ᠮᠤᠩᠭᠤᠯ ᠤᠲᠠᠭ᠎ᠠ ᠲᠠᠷᠠᠭᠠᠯᠠᠨ ᠲᠦᠷᠪᠡᠨ | ᠦᠢᠷᠠᠳ ᠢ ᠲᠠᠶᠢᠯᠠᠵᠤ᠂ ᠨᠤᠲᠤᠭ ᠲᠠᠪᠢᠰᠬᠡᠷ ᠢ ᠨᠢ ᠪᠤᠯᠢᠶᠠᠨ ᠡᠵᠡᠯᠡᠵᠤ ᠪᠠᠶᠢᠭᠰᠠᠨ ᠢᠶᠠᠷ ᠲᠠᠲᠠ ᠠᠷᠭ᠎ᠠ ᠪᠤᠰᠤ | ᠰᠢᠬᠠᠭᠲᠠᠨ ᠡᠷᠴᠢᠰ ᠭᠤᠤᠯ ᠪᠠ ᠤᠪᠢ ᠭᠤᠤᠯ ᠤᠨ ᠲᠤᠮᠲᠠ ᠲᠡᠬᠡᠲᠤ ᠤᠷᠤᠰᠬᠠᠯ ᠪᠤᠯᠤᠨ ᠶᠧᠨᠢᠰᠠᠢ ᠭᠤᠤᠯ ᠤᠨ | ᠲᠡᠬᠡᠲᠤ ᠤᠷᠤᠰᠬᠠᠯ ᠤᠨ ᠭᠠᠵᠠᠷ ᠤᠷᠤᠨ᠂ ᠤᠷᠤᠰ ᠤᠨ ᠬᠢᠯᠢ ᠤᠷᠴᠢᠮ ᠨᠠᠬᠦᠨ ᠤᠴᠢᠵᠤ ᠠᠮᠢᠲᠤᠷᠠᠬᠤ ᠪᠤᠯᠵᠤ᠂ | ᠲᠠᠨᠲᠠ ᠤᠴᠢᠭᠰᠡᠨ ᠦᠢᠷᠠᠳ ᠤᠳ ᠢ ︽ᠬᠠᠯᠢᠮᠠᠭ︾ ᠬᠡᠮᠡᠨ ᠨᠠᠷᠠᠯᠠᠬᠦ ᠪᠤᠯᠵᠠᠢ᠃ ᠬᠠᠯᠢᠮᠠᠭ ᠬᠡᠲᠡᠭ ᠨᠢ ᠲᠦᠷᠺ | ᠬᠡᠯᠡᠨ ᠤ ︽ᠦᠯᠡᠲᠡᠭᠰᠡᠳ ︵ᠵᠠᠷᠢᠮ ᠡᠷᠳᠡᠮᠳᠡᠳ ᠬᠠᠯᠢᠨ ᠨᠢᠰᠬᠦ ᠶᠢᠨ ᠬᠠᠯᠢ ᠬᠡᠰᠡᠨ ᠦᠭᠡᠨ ᠠᠴᠠ ᠢᠷᠡᠯᠳᠡᠢ ᠭᠡᠳᠡᠭ | ︶︾ ᠬᠡᠰᠡᠨ ᠤᠳᠬ᠎ᠠ ᠲᠠᠢ ᠦᠬᠡ ᠭᠡᠳᠡᠭ ᠪᠢᠯᠠ᠃ |