| ᠬᠠᠨᠢ ᠨᠤᠶᠠᠨ ᠬᠤᠨᠭ᠍ᠭᠤᠷ ᠲᠤ ᠲᠤᠯᠤᠭᠠᠨ ᠬᠥᠪᠡᠬᠦᠨ ᠲᠠᠢ ᠠᠵᠢ᠃ ᠭᠤᠤᠯ ᠬᠠᠳᠤᠨ ᠠᠪᠠᠢ ᠠᠴᠠ ᠲᠠᠪᠤᠨ | ᠬᠥᠪᠡᠬᠦᠨ ᠲᠥᠷᠤᠪᠡ᠃ ᠲᠡᠳᠡ ᠪᠤᠯ ᠪᠠᠶᠢᠪᠠᠭᠠᠰ᠂ ᠲᠥᠮᠡᠨᠳᠡᠢ ᠤᠢᠢᠵᠠᠩ᠂ ᠬᠥᠨᠳᠡᠯᠡᠨ ᠲᠥᠷᠭᠡᠴᠢ ᠤᠪᠠᠰᠢ᠂ | ᠲᠥᠷᠤᠪᠠᠶᠢᠬᠤ ᠬᠥᠤᠰᠢ ᠬᠠᠭᠠᠨ᠂ ᠵᠠᠰᠠᠬᠳᠤ ᠴᠢᠩ ᠪᠠᠭᠠᠳᠤᠷ ᠪᠤᠶᠠᠨ ᠬᠠᠳᠠᠨ ᠪᠠᠭᠠᠳᠤᠷ ︵ᠪᠠᠰᠠ ᠪᠤᠶᠠᠨ ᠤᠳᠬᠤᠨ | ᠭᠡᠳᠡᠭ︶ ᠨᠡᠷ ᠪᠤᠯᠤᠨ᠎ᠠ᠃ ᠡᠳᠡ ᠲᠠᠪᠤᠭᠤᠯᠠ ᠶᠢ ᠲᠡᠤᠭᠡᠨ ᠳᠤ ᠪᠠᠰᠠ ︽ᠲᠠᠪᠤᠨ ᠪᠠᠷᠰ︾ ᠭᠡᠳᠡᠭ᠃ ᠠᠯᠪᠠᠳᠤ | ᠠᠬᠠᠢ ᠠᠴᠠ ᠲᠥᠷᠥᠭᠰᠡᠨ ᠬᠤᠶᠠᠷ ᠬᠥᠪᠡᠬᠦᠨ ᠨᠢ ᠬᠠᠶᠢᠨᠠᠬ ᠲᠥᠰᠢᠶᠡᠳᠤ ᠪᠤᠯᠤᠨ ᠬᠠᠮᠤᠭᠠᠢ ᠪᠸᠡᠭᠳᠤ ᠭᠡᠳᠡᠭ᠃ ᠬᠠᠨᠢ | ᠨᠤᠶᠠᠨ ᠬᠤᠨᠭ᠍ᠭᠤᠷ ᠲᠠᠶᠢᠨ ᠳᠤ ᠠᠳᠡᠬᠦ ᠥᠶᠡᠰ ᠲᠡᠬᠦᠨ ᠤ ᠠᠬᠠᠮᠠᠳ ᠬᠥᠪᠡᠬᠦᠨ ᠪᠠᠶᠢᠪᠠᠭᠠᠰ ᠬᠠᠷᠠᠬᠠᠨ ᠪᠠᠭ᠎ᠠ ᠪᠠᠯᠴᠢᠷ | ᠪᠠᠶᠢᠬᠰᠠᠨ ᠪᠤᠯᠪᠠᠴᠤ ᠲᠡᠬᠦᠤ ᠨᠠᠷ ᠢᠶᠠᠨ ᠲᠡᠳᠬᠦᠨ ᠥᠰᠭᠡᠭᠰᠡᠨ ᠪᠠᠶᠢᠨ᠎ᠠ᠃ ᠬᠠᠷᠢᠨ ᠤᠢᠢᠷᠠᠳ ᠤᠨ ᠵᠢᠯᠤᠭᠤ ᠶᠢ | ᠠᠳᠬᠤᠭᠤᠯᠤᠬᠰᠠᠨ ᠨᠢ ᠲᠡᠳᠡ ᠨᠠᠷ ᠤᠨ ᠲᠥᠷᠥᠬᠦᠯᠥᠭᠰᠡᠨ ᠡᠭᠡ ᠠᠪᠠᠢ ᠬᠠᠳᠤᠨ ︵︖ — 1606︶ ᠪᠤᠯᠤᠨ᠎ᠠ | ᠃ ᠠᠪᠠᠢ ᠬᠠᠳᠤᠨ ᠤᠤᠯ ᠨᠢ ᠬᠠᠨᠢ ᠨᠤᠶᠠᠨ ᠬᠤᠨᠭ᠍ᠭᠤᠷ ᠤᠨ ᠥᠶ᠎ᠠ ᠠᠬ᠎ᠠ ᠶᠠᠳᠠᠢ ᠴᠢᠩᠰᠠᠩ ᠤᠨ ᠬᠠᠳᠤᠨ ᠪᠠᠶᠢᠵᠡᠢ᠃ | ᠶᠠᠳᠠᠢ ᠴᠢᠩᠰᠠᠩ ᠥᠡᠭᠭᠡᠷᠡᠭᠰᠡᠨ ᠬᠤᠶᠢᠨ᠎ᠠ ᠬᠠᠨᠢ ᠨᠤᠶᠠᠨ ᠬᠤᠨᠭ᠍ᠭᠤᠷ ᠲᠠᠢ ᠵᠠᠯᠭᠠᠨ ᠰᠠᠭᠤᠵᠤ ᠲᠠᠪᠤᠨ ᠬᠥᠪᠡᠬᠦᠨ | ᠲᠥᠷᠤᠪᠡ᠃ ᠤᠢᠢᠷᠠᠳ ᠤᠨ ᠰᠤᠷᠪᠤᠯᠵᠢ ᠪᠢᠴᠢᠭ ᠲᠤ ︽ᠥᠨᠤᠴᠢᠨ ᠲᠠᠪᠤᠨ ᠬᠥᠪᠡᠬᠦᠨ ᠢᠶᠠᠨ ᠤᠢᠢᠷᠠᠳ ᠤᠨ ᠰᠠᠶᠢᠨ | ᠪᠤᠯᠭᠠᠵᠤ᠂ ᠲᠠᠪᠤᠨ ᠪᠠᠷᠰ ᠨᠡᠷ᠎ᠠ ᠥᠭᠬᠦᠬᠦᠯᠥᠭᠰᠡᠨ ᠠᠪᠠᠢ ᠬᠠᠳᠤᠨ︾ ᠭᠡᠳᠡᠭ ᠮᠠᠬᠳᠠᠭᠠᠯ ᠠᠴᠠ ᠨᠢ ᠬᠠᠨᠢ ᠨᠤᠶᠠᠨ | ᠬᠤᠨᠭ᠍ᠭᠤᠷ ᠲᠠᠶᠢᠨ ᠳᠤ ᠠᠳᠡᠭᠰᠡᠨ ᠠᠴᠠ ᠠᠪᠤᠭᠠᠳ ᠪᠠᠶᠢᠪᠠᠭᠠᠰ ᠠᠬ᠎ᠠ ᠲᠡᠬᠦᠤ ᠨᠠᠷ ᠥᠰᠴᠤ ᠥᠭᠡᠯᠡᠢ ᠪᠤᠯᠳᠠᠯ᠎ᠠ | ᠬᠤᠱᠤᠳ ᠠᠶᠢᠮᠠᠬ ᠢ ᠠᠪᠠᠢ ᠬᠠᠳᠤᠨ ᠮᠡᠳᠡᠵᠤ ᠶᠠᠪᠤᠵᠤ ᠪᠠᠶᠢᠬᠰᠠᠨ ᠢ ᠵᠢᠱᠢᠨ ᠮᠡᠳᠡᠵᠤ ᠪᠤᠯᠤᠨ᠎ᠠ᠃ | ᠠᠷᠪᠠᠨ ᠵᠢᠷᠭᠤᠳᠤᠭᠠᠷ ᠵᠠᠭᠤᠨ ᠤ ᠶᠡᠷᠡᠭᠡᠳ ᠤᠨ ᠳᠤ ᠬᠠᠯᠬ᠎ᠠ ᠶᠢᠨ ᠪᠠᠷᠠᠭᠤᠨ ᠭᠠᠷ ᠤᠨ ᠯᠠᠶᠢᠬᠤᠷ ᠬᠠᠨ ᠨᠢ | ᠰᠤᠪᠠᠭᠤᠳᠠᠢ ᠶᠢᠨ ᠠᠯᠠᠬᠳᠠᠬᠰᠠᠨ ᠥᠰᠢᠶᠠ ᠬᠤᠷᠤᠰᠤᠯ ᠢ ᠠᠪᠴᠤ᠂ ᠤᠢᠢᠷᠠᠳ ᠤᠨ ᠤᠯᠠᠨ ᠢ ᠥᠪᠡᠷ ᠤᠨ ᠬᠠᠷᠢᠶᠠᠳᠤ | ᠠᠯᠪᠠᠳᠤ ᠪᠤᠯᠭᠠᠬᠤ ᠭᠡᠮᠡᠨ ᠶᠡᠭᠡ ᠴᠡᠷᠢᠭ ᠬᠥᠳᠡᠯᠭᠡᠵᠤ ᠪᠠᠷᠠᠭᠤᠨᠰᠢ ᠠᠯᠳᠠᠢ ᠠᠭᠤᠯᠠ ᠶᠢ ᠲᠠᠪᠠᠭᠠᠳ ᠵᠠᠶᠢᠰᠠᠩ | ᠨᠠᠭᠤᠷ ᠤᠨ ᠡᠮᠤᠨᠡᠬᠢ ᠮᠠᠨᠢᠳᠤ ᠭᠠᠳᠤᠯᠭᠠᠨ ᠢᠶᠠᠷ ᠡᠷᠴᠢᠰ ᠮᠥᠷᠡᠨ ᠢ ᠭᠡᠳᠤᠯᠤᠨ ᠤᠮᠠᠷᠠᠰᠢ ᠬᠤᠱᠤᠳ ᠠᠶᠢᠮᠠᠬ ᠤᠨ | ᠨᠤᠳᠤᠬᠯᠠᠭᠠ ᠡᠷᠴᠢᠰ ᠮᠥᠷᠡᠨ ᠤ ᠲᠡᠭᠡᠳᠤ ᠤᠷᠤᠰᠬᠠᠯ ᠤᠨ ᠪᠠᠷᠠᠭᠤᠨ ᠡᠷᠬᠢ ᠵᠥᠭ ᠲᠠᠪᠰᠢᠵᠡᠢ᠃ ᠲᠥᠷᠪᠡᠨ | ᠤᠢᠢᠷᠠᠳ ᠤᠨ ᠲᠠᠶᠢᠵᠢ ᠨᠠᠷ ᠬᠠᠯᠬ᠎ᠠ ᠶᠢᠨ ᠴᠡᠷᠢᠭ ᠢᠷᠡᠬᠦ ᠮᠡᠳᠡᠭᠡ ᠶᠢ ᠤᠯᠤᠮᠠᠬᠴᠠ ᠴᠢᠭᠤᠯᠭᠠᠨ ᠤ ᠴᠡᠷᠢᠭ ᠢᠶᠠᠷ | ᠲᠤᠰᠴᠤ ᠤᠴᠢᠭᠠᠳ ᠡᠮᠢᠯ ᠤᠨ ᠠᠳᠠᠬ ᠤᠨ ᠬᠠᠷ᠎ᠠ ᠬᠤᠯᠤᠰᠤᠨ ᠭᠡᠬᠦ ᠭᠠᠵᠠᠷ ᠲᠤ ᠬᠤᠶᠠᠷ ᠲᠠᠯ᠎ᠠ ᠲᠤᠯᠵᠤ | ᠪᠠᠶᠢᠯᠳᠤᠭᠠᠳ ᠭᠡᠨ ᠠᠯᠢᠨ ᠳᠠᠭᠠᠨ ᠲᠡᠶᠢᠯᠥᠭᠳᠡᠭᠰᠡᠨ ᠥᠭᠡᠢ ᠪᠤᠯᠬᠤᠷ ᠡᠴᠤᠰ ᠲᠡᠭᠡᠨ ᠬᠤᠶᠠᠷ ᠲᠠᠯ᠎ᠠ ᠶᠢᠨ | ᠭᠡᠯᠡᠯᠴᠡᠭᠡᠷ ᠢᠶᠠᠷ ᠲᠠᠮᠵᠢᠨ ᠬᠠᠯᠬ᠎ᠠ ᠲᠠᠢ ᠡᠪᠰᠡᠭᠡᠳ ᠲᠤᠰ ᠲᠤᠰ ᠲᠠᠭᠠᠨ ᠪᠤᠴᠠᠵᠡᠢ᠃ ᠬᠠᠯᠬ᠎ᠠ ᠶᠢᠨ ᠶᠡᠭᠡ ᠴᠡᠷᠢᠭ | ᠲᠤᠬᠠᠢ ᠶᠢᠨ ᠥᠶ᠎ᠠ ᠳᠤ ᠲᠥᠷᠪᠡᠨ ᠤᠢᠢᠷᠠᠳ ᠲᠤ ᠨᠡᠯᠢᠶᠡᠳ ᠶᠡᠭᠡ ᠰᠥᠷᠳᠡᠬᠦᠯᠥᠯ ᠪᠤᠯᠵᠤ ᠪᠠᠶᠢᠯ᠎ᠠ᠃ ᠬᠠᠨᠢ ᠨᠤᠶᠠᠨ | ᠬᠤᠨᠭ᠍ᠭᠤᠷ ᠬᠥᠪᠭᠡᠷ ︵ᠬᠥᠪᠡᠭᠡᠷ︶ ᠤᠨ ᠪᠠᠶᠢᠷᠢ ᠳᠤ ᠠᠯᠠᠬᠳᠠᠬᠰᠠᠨ ᠤ ᠲᠠᠷᠠᠭ᠎ᠠ ᠤᠢᠢᠷᠠᠳ ᠤᠨ ᠴᠢᠭᠤᠯᠭᠠᠨ ᠤ | ᠬᠠᠭᠠᠨ ᠤᠷᠤ ᠬᠤᠭᠤᠰᠤᠳᠠᠭᠠᠳ ᠨᠡᠯᠢᠶᠡᠳ ᠭᠡᠳᠤᠨ ᠤᠨ ᠪᠤᠯᠵᠡᠢ᠃ ᠬᠠᠨᠢ ᠨᠤᠶᠠᠨ ᠬᠤᠨᠭ᠍ᠭᠤᠷ ᠤᠨ ᠬᠥᠪᠡᠬᠦᠨ | ᠪᠠᠶᠢᠪᠠᠭᠠᠰ ᠬᠠᠷᠠᠬᠠᠨ ᠪᠠᠭ᠎ᠠ ᠪᠠᠯᠴᠢᠷ ᠪᠠᠶᠢᠬᠰᠠᠨ ᠪᠤᠯᠬᠤᠷ ᠤᠢᠢᠷᠠᠳ ᠤᠨ ᠢᠵᠠᠭᠤᠷᠳᠠᠨ ᠨᠠᠷ ᠬᠠᠨᠢ ᠨᠤᠶᠠᠨ | ᠬᠤᠨᠭ᠍ᠭᠤᠷ ᠤᠨ ᠪᠠᠭᠠᠳᠤᠷ ᠰᠥᠷ ᠢ ᠬᠥᠨᠳᠤᠳᠭᠡᠨ ᠮᠥᠷᠤᠭᠡᠳᠴᠤ᠂ ᠲᠡᠬᠦᠨ ᠤ ᠬᠠᠳᠤᠨ ᠠᠪᠠᠢ ᠶᠢ ᠵᠤᠷᠢᠬ | ᠤᠬᠠᠭᠠᠨ ᠲᠠᠢ ᠭᠡᠮᠡᠨ ᠰᠠᠶᠢᠰᠢᠶᠠᠵᠤ᠂ ᠪᠠᠶᠢᠪᠠᠭᠠᠰ ᠢ ᠬᠥᠮᠤᠨ ᠤ ᠵᠡᠷᠭᠡ ᠪᠤᠯᠬᠤ ᠪᠤᠯᠳᠠᠯ᠎ᠠ ᠤᠢᠢᠷᠠᠳ ᠤᠨ | ᠴᠢᠭᠤᠯᠭᠠᠨ ᠤ ᠡᠷᠭᠡ ᠶᠢ ᠠᠳᠬᠤᠭᠤᠯᠵᠤ ᠪᠠᠶᠢᠬᠰᠠᠨ ᠶᠤᠮ᠃ | 1608 ᠤᠨ ᠳᠤ ᠬᠠᠯᠭᠠ ᠶᠢᠨ ᠯᠠᠶᠢᠬᠤᠷ ᠬᠠᠨ ᠤ ᠥᠶ᠎ᠠ ᠲᠡᠬᠦᠤ ᠬᠤᠳᠤᠭᠤᠢᠢᠳ ᠤᠨ ᠤᠷᠤ ᠶᠢ ᠡᠵᠡᠯᠡᠵᠤ | ᠪᠠᠶᠢᠬᠰᠠᠨ ᠱᠤᠯᠤᠢ ᠤᠪᠠᠰᠢ ᠬᠤᠨᠭ᠌ ᠲᠠᠶᠢᠵᠢ ᠭᠡᠭᠴᠢ ᠬᠠᠰᠠᠬ ᠤᠨ ᠬᠠᠨ ᠲᠠᠢ ᠬᠤᠯᠪᠤᠭᠠᠯᠠᠨ ᠤᠢᠢᠷᠠᠳ ᠢ ᠪᠠᠷᠠᠭᠤᠨ | ᠵᠡᠬᠦᠨ ᠡᠮᠤᠨ᠎ᠠ ᠬᠤᠶᠠᠷ ᠲᠠᠯ᠎ᠠ ᠠᠴᠠ ᠬᠠᠪᠴᠢᠨ ᠲᠤᠪᠳᠤᠯᠵᠡᠢ᠃ ᠭᠡᠪᠡᠴᠤ ᠠᠪᠠᠢ ᠬᠠᠳᠤᠨ ᠮᠡᠷᠭᠡᠨ ᠤᠬᠠᠭᠠᠨ | ᠪᠠᠭᠠᠳᠤᠷ ᠵᠤᠷᠢᠬ ᠢᠶᠠᠷ ᠤᠢᠢᠷᠠᠳ ᠤᠨ ᠤᠯᠠᠨ ᠢ ᠲᠠᠶᠢᠴᠢᠯᠠᠨ ᠡᠷᠴᠢᠰ ᠮᠥᠷᠠᠨ ᠤ ᠪᠠᠷᠠᠭᠤᠨ ᠡᠷᠬᠢ ᠶᠢᠨ ᠬᠤᠱᠤᠳ | ᠲᠤᠷᠭᠤᠳ ᠠᠶᠢᠮᠠᠬ ᠢ ᠵᠢᠯᠤᠭᠤᠳᠤᠨ ᠬᠠᠯᠬ᠎ᠠ ᠶᠢᠨ ᠱᠤᠯᠤᠢ ᠤᠪᠠᠰᠢ ᠬᠤᠨᠭ᠌ ᠲᠠᠶᠢᠵᠢ ᠶᠢᠨ ᠲᠤᠪᠳᠤᠯᠤᠯᠳᠠ ᠶᠢ ᠪᠤᠳᠠ | ᠨᠢᠷᠭᠡᠭᠰᠡᠨ ᠪᠠᠶᠢᠯ᠎ᠠ᠃ | 1609 ᠤᠨ ᠤ ᠬᠠᠪᠤᠷ ᠤᠨ ᠠᠳᠠᠬ ᠰᠠᠷ᠎ᠠ ᠳᠤ ᠤᠷᠤᠰ ᠤᠨ ᠲᠠᠯ᠎ᠠ ᠬᠤᠳᠠ ᠶᠢᠨ ᠵᠠᠩᠵᠤᠨ ᠤ ᠲᠤᠮᠢᠯᠠᠬᠰᠠᠨ ᠡᠯᠴᠢ | ᠭᠧᠯᠦ᠋ᠫᠢᠨ ᠭᠡᠭᠴᠢ ᠤᠢᠢᠷᠠᠳ ᠤᠨ ᠨᠤᠳᠤᠬ ᠲᠤ ᠬᠥᠷᠴᠤ ᠢᠷᠡᠭᠡᠳ ᠤᠷᠤᠰ ᠤᠨ ᠬᠠᠷᠢᠶᠠᠳᠤ ᠪᠤᠯᠵᠤ ᠭᠠᠶᠢᠯᠢ | ᠲᠠᠳᠠᠪᠤᠷᠢ ᠲᠤᠰᠢᠶᠠᠪᠠᠯ ᠰᠠᠶ᠋ᠢ ᠰᠢᠪᠧᠷᠢᠶ᠎ᠠ ᠶᠢᠨ ᠲᠠᠯ᠎ᠠ ᠳᠤ ᠮᠠᠯᠵᠢᠬᠤ ᠶᠢ ᠵᠥᠪᠰᠢᠶᠡᠷᠡᠨ᠎ᠠ ᠭᠡᠵᠤ ᠰᠥᠷᠳᠡᠬᠦᠯᠥᠯ | ᠥᠵᠡᠬᠦᠯᠵᠡᠢ᠃ ᠲᠡᠷᠡ ᠥᠶ᠎ᠠ ᠳᠤ ᠴᠢᠭᠤᠯᠭᠠᠨ ᠲᠠᠷᠤᠭ᠎ᠠ ᠪᠠᠶᠢᠬᠰᠠᠨ ᠠᠪᠠᠢ ᠬᠠᠳᠤᠨ ᠶᠡᠭᠡᠳᠡ ᠠᠭᠤᠷᠯᠠᠨ᠄ ︽ᠪᠢᠳᠠ | ᠶᠡᠷᠤ ᠠᠴᠠ ᠶᠠᠮᠠᠷᠪᠠ ᠬᠥᠮᠤᠨ ᠳᠤ ᠠᠯᠪᠠ ᠪᠠᠷᠢᠵᠤ ᠥᠵᠡᠭᠡᠳᠤᠢ᠃ ᠬᠠᠷᠢᠨ ᠴᠠᠭᠠᠨ ᠬᠠᠯᠢᠮᠠᠬ ᠠᠴᠠ ᠠᠯᠪᠠ ᠠᠪᠳᠠᠬ᠃ | ᠬᠤᠵᠢᠮ ᠬᠤᠶᠢᠰᠢ ᠳᠠᠭᠠᠨ ᠶᠠᠮᠠᠷ ᠬᠥᠮᠤᠨ ᠳᠤ ᠴᠤ ᠡᠳ᠋ ᠶᠠᠭᠤᠮ᠎ᠠ ᠪᠠᠷ ᠭᠠᠶᠢᠯᠢ ᠲᠤᠰᠢᠶᠠᠬᠤ ᠥᠭᠡᠢ︾ ᠭᠡᠵᠤ | ᠤᠷᠤᠰ ᠤᠨ ᠡᠯᠴᠢ ᠳᠤ ᠬᠠᠳᠠᠭᠤ ᠴᠢᠩᠭ᠎ᠠ ᠬᠠᠷᠢᠭᠤᠯᠳᠠ ᠥᠭᠬᠦᠭᠰᠡᠨ ᠭᠡᠳᠡᠭ᠃ | ᠤᠢᠢᠷᠠᠳ ᠤᠨ ︽ᠲᠠᠪᠤᠨ ᠪᠠᠷᠰ︾ ᠥᠰᠴᠤ ᠪᠤᠵᠠᠭᠠᠢᠢᠷᠠᠬᠤ ᠶᠢᠨ ᠲᠠᠠᠭᠤ ᠬᠤᠱᠤᠳ ᠠᠶᠢᠮᠠᠬ ᠴᠤ ᠤᠷᠢᠳ | ᠪᠠᠶᠢᠭ᠎ᠠ ᠥᠭᠡᠢ ᠶᠡᠭᠡᠳᠡ ᠬᠥᠴᠥᠷᠭᠡᠭᠵᠢᠵᠡᠢ᠃ 1610 ᠤᠨ ᠪᠤᠶᠤ 1611 ᠤᠨ ᠳᠤ ᠠᠪᠠᠢ ᠬᠠᠳᠤᠨ ᠥᠪᠡᠷ ᠤᠨ | ᠴᠢᠭᠤᠯᠭᠠᠨ ᠲᠠᠷᠤᠭ᠎ᠠ ᠶᠢᠨ ᠡᠬᠦᠷᠭᠡ ᠪᠠᠨ ᠪᠠᠶᠢᠪᠠᠭᠠᠰ ᠲᠤ ᠵᠢᠩᠬᠢᠨᠢ ᠶᠤᠰᠤᠭᠠᠷ ᠰᠢᠯᠵᠢᠬᠦᠯᠥᠨ ᠥᠭᠴᠡᠢ᠃ | ᠲᠤᠬᠠᠢ ᠶᠢᠨ ᠥᠶ᠎ᠠ ᠤᠢᠢᠷᠠᠳ ᠤᠨ ᠲᠡᠮᠳᠡᠭᠯᠡᠯ ᠪᠤᠯᠤᠨ ᠮᠤᠩᠭᠤᠯ ᠤᠷᠤᠰ ᠰᠤᠷᠪᠤᠯᠵᠢ ᠪᠢᠴᠢᠭ ᠲᠤ | ᠲᠡᠮᠳᠡᠭᠯᠡᠭᠳᠡᠭᠰᠡᠨ ᠮᠠᠲᠧᠷᠢᠶᠠᠯ ᠢ ᠥᠵᠡᠪᠡᠯ᠂ ᠪᠠᠶᠢᠪᠠᠭᠠᠰ ᠢ ︽ᠲᠥᠷᠪᠡᠨ ᠤᠢᠢᠷᠠᠳ ᠤᠨ ᠵᠢᠯᠤᠭᠤ ᠪᠠᠷᠢᠬᠰᠠᠨ︾ | ᠤᠳᠤᠷᠢᠳᠤᠬᠴᠢ ᠭᠡᠵᠤ ᠴᠢᠭᠤᠯᠭᠠᠨ ᠡᠵᠡᠨ ᠤ ᠬᠤᠪᠢ ᠳᠤ ᠤᠢᠢᠷᠠᠳ ᠤᠨ ᠶᠡᠭᠡ ᠭᠡᠷᠡᠭ ᠲᠤ ᠭᠠᠷ ᠡᠷᠬᠢᠬᠦᠯᠵᠤ᠂ ᠡᠯ᠎ᠠ | ᠠᠶᠢᠮᠠᠬ ᠤᠨ ᠹᠸᠤᠳᠠᠯᠴᠤᠳ ᠤᠨ ᠬᠠᠷᠢᠴᠠᠭ᠎ᠠ ᠬᠤᠯᠪᠤᠭ᠎ᠠ ᠶᠢ ᠵᠤᠬᠢᠴᠠᠭᠤᠯᠬᠤ᠂ ᠪᠠᠰᠠ ᠤᠢᠢᠷᠠᠳ ᠤᠨ ᠤᠯᠠᠨ ᠢ | ᠤᠳᠤᠷᠢᠳᠤᠨ ᠬᠠᠷᠢ ᠠᠶᠢᠮᠠᠬ ᠲᠠᠢ ᠬᠠᠷᠢᠴᠠᠬᠤ ᠪᠤᠶᠤ ᠲᠠᠶᠢᠳᠤᠵᠤ ᠪᠠᠶᠢᠵᠡᠢ᠃ | ᠪᠠᠶᠢᠪᠠᠭᠠᠰ ᠴᠢᠭᠤᠯᠭᠠᠨ ᠤ ᠡᠵᠡᠨ ᠪᠤᠯᠤᠮᠠᠬᠴᠠ ᠪᠥᠬᠦ ᠤᠢᠢᠷᠠᠳ ᠤᠨ ᠲᠠᠶᠢᠵᠢ ᠨᠠᠷ ᠢ ᠴᠤᠬᠯᠠᠭᠤᠯᠤᠨ ᠴᠢᠭᠤᠯᠭᠠᠨ | ᠬᠢᠵᠤ᠂ ᠡᠯ᠎ᠠ ᠠᠶᠢᠮᠠᠬ ᠤᠨ ᠬᠠᠷᠢᠴᠠᠭ᠎ᠠ ᠶᠢ ᠵᠤᠬᠢᠴᠠᠭᠤᠯᠬᠤ ᠪᠤᠶᠤ ᠴᠡᠷᠢᠭ ᠵᠠᠰᠠᠬ ᠤᠨ ᠶᠡᠭᠡ ᠭᠡᠷᠡᠭ ᠢ ᠵᠥᠪᠳᠡᠵᠤ᠂ | ᠲᠠᠶᠢᠵᠢ ᠨᠠᠷ ᠤᠨ ᠡᠷᠭᠡ ᠪᠠ ᠬᠠᠷᠠᠴᠤ ᠶᠢᠨ ᠠᠯᠪᠠ ᠶᠢ ᠲᠤᠳᠤᠷᠬᠠᠢᠢᠯᠠᠵᠤ ᠲᠤᠳᠤᠭᠠᠳᠤ ᠶᠢᠨ ᠡᠮᠬᠢ ᠵᠢᠷᠤᠮ ᠢ | ᠴᠡᠭᠴᠡᠯᠡᠬᠦ ᠶᠢᠨ ᠬᠠᠮᠳᠤ ︽ᠮᠤᠩᠭᠤᠯᠴᠤᠳ ᠬᠤᠭᠤᠷᠤᠨᠳᠤ ᠪᠠᠨ ᠶᠠᠰᠤ ᠮᠢᠬᠠᠨ ᠤ ᠬᠤᠯᠪᠤᠭ᠎ᠠ ᠲᠠᠢ ᠪᠤᠯᠬᠤᠷ ᠵᠠᠷᠢᠮ | ᠨᠢᠭᠡ ᠬᠥᠮᠤᠨ ᠲᠤᠷᠦ᠋ᠢᠳᠠᠵᠤ ᠠᠯᠪᠠᠳᠤ ᠪᠤᠯᠤᠬᠰᠠᠨ ᠪᠤᠯᠪᠠᠴᠤ᠂ ᠲᠤᠰᠤ ᠨᠡᠬᠦᠷᠡᠰᠤᠨ ᠳᠤ ᠪᠢᠳᠡᠭᠡᠢ ᠵᠠᠷᠤᠶ᠎ᠠ᠃ | ᠭᠡᠤᠭᠡᠨ ᠢ ᠨᠢ ᠥᠪᠡᠷᠰᠡᠳ ᠤᠨ ᠢᠶᠠᠨ ᠢᠨᠵᠢ ᠪᠢᠳᠡᠭᠡᠢ ᠪᠤᠯᠭᠠᠶ᠎ᠠ᠃ ᠥᠭᠡᠷ᠎ᠠ ᠶᠠᠰᠤᠳᠠᠨ ᠤ ᠬᠥᠮᠤᠨ ᠳᠤ ᠪᠢᠳᠡᠭᠡᠢ | ᠤᠷᠤᠬᠯᠠᠨ ᠥᠭᠬᠦᠶ᠎ᠠ ᠁︾ ᠭᠡᠰᠡᠨ ᠰᠢᠢᠳᠪᠤᠷᠢ ᠭᠠᠷᠭᠠᠬᠰᠠᠨ ᠪᠠᠶᠢᠵᠡᠢ᠃ | 1616 ᠤᠨ ᠳᠤ ᠪᠠᠶᠢᠪᠠᠭᠠᠰ ᠨᠤᠶᠠᠨ ᠲᠤᠷᠭᠤᠳ ᠠᠶᠢᠮᠠᠬ ᠤᠨ ᠮᠡᠷᠭᠡᠨ ᠲᠡᠮᠡᠨᠠ ᠶᠢᠨ ᠴᠢᠷᠮᠠᠶᠢᠯᠭ᠎ᠠ ᠪᠠᠷ | ᠮᠠᠨᠽᠤᠰᠢᠷᠢ ᠬᠤᠳᠤᠬᠳᠤ ᠴᠠᠭᠠᠨ ᠨᠤᠮᠤᠨ ᠬᠠᠭᠠᠨ ᠢ ᠮᠤᠩᠭᠤᠯ ᠤᠷᠤᠨ᠎ᠠ ᠰᠠᠭᠤᠬᠤ ᠲᠠᠯᠠᠢ ᠯᠠᠮᠠ ᠶᠢᠨ ᠲᠤᠰ | ᠪᠡᠶ᠎ᠠ ᠶᠢᠨ ᠬᠢᠨᠢ ᠲᠥᠯᠤᠭᠡᠯᠡᠭᠴᠢ ᠪᠠᠷ ᠬᠠᠯᠬ᠎ᠠ ᠠᠴᠠ ᠵᠠᠯᠠᠨ ᠠᠪᠴᠢᠷᠠᠵᠡᠢ᠃ ᠡᠨᠡ ᠴᠠᠭᠠᠨ ᠨᠤᠮᠤᠨ ᠬᠠᠭᠠᠨ ᠤᠤᠯ ᠨᠢ | ᠲᠥᠪᠡᠳ ᠬᠥᠮᠤᠨ ᠪᠠᠶᠢᠬᠰᠠᠨ ᠠᠵᠢ᠃ 1588 ᠤᠨ ᠳᠤ ᠭᠤᠷᠪᠠᠳᠤᠭᠠᠷ ᠲᠥᠷᠢ ᠶᠢᠨ ᠲᠠᠯᠠᠢ ᠯᠠᠮᠠ ᠰᠤᠳᠨᠠᠮᠵᠠᠮᠰᠤ | ᠬᠠᠷᠠᠴᠢᠨ ᠤ ᠵᠢᠭᠠᠰᠤᠳᠠᠢ ᠭᠡᠮᠡᠬᠦ ᠭᠠᠵᠠᠷ ᠲᠠᠭᠠᠯᠠᠯ ᠲᠡᠬᠦᠰᠴᠡᠢ᠃ 1702 ᠤᠨ ᠳᠤ ᠲᠥᠪᠡᠳ ᠤᠨ ᠭᠤᠷᠪᠠᠨ ᠶᠡᠭᠡ | ᠭᠡᠶᠢᠳ ᠤᠨ ᠬᠢᠨ ᠠᠴᠠ ᠮᠤᠩᠭᠤᠯ ᠤᠷᠤᠨ ᠳᠤ ᠬᠥᠮᠤᠨ ᠲᠤᠮᠢᠯᠠᠨ ᠲᠥᠮᠡᠳ ᠤᠨ ᠰᠠᠩᠭᠡ ᠲᠥᠬᠦᠷᠡᠩ ᠲᠠᠶᠢᠵᠢ ᠶᠢᠨ | ᠲᠥᠷᠪᠡᠳᠤᠭᠡᠷ ᠬᠥᠪᠡᠬᠦᠨ ᠶᠤᠨᠳᠤᠨᠵᠠᠮᠰᠤ ᠶᠢ ᠲᠠᠯᠠᠢ ᠯᠠᠮᠠ ᠶᠢᠨ ᠬᠤᠪᠢᠯᠭᠠᠨ ᠭᠡᠵᠤ ᠲᠤᠳᠤᠯᠠᠭᠠᠳ 1603 ᠤᠨ ᠳᠤ | ᠲᠥᠪᠡᠳ ᠤᠨ ᠭᠠᠵᠠᠷ ᠲᠠᠯᠠᠢ ᠯᠠᠮᠠ ᠶᠢᠨ ᠰᠢᠷᠡᠭᠡᠨ ᠳᠤ ᠰᠠᠭᠤᠯᠭᠠᠪᠠ᠃ ᠲᠡᠭᠡᠭᠡᠳ ᠮᠤᠩᠭᠤᠯ ᠤᠷᠤᠨ ᠤ ᠰᠢᠷ᠎ᠠ ᠶᠢᠨ | ᠱᠠᠰᠢᠨ ᠢ ᠲᠤᠰᠬᠠᠢ ᠬᠥᠮᠤᠨ ᠢᠶᠠᠷ ᠵᠠᠬᠢᠷᠤᠭᠤᠯᠬᠤ ᠭᠡᠮᠡᠨ ᠮᠠᠨᠵᠤᠰᠢᠷᠢ ᠨᠤᠮᠤᠨ ᠬᠠᠨ ᠢ ᠲᠤᠮᠢᠯᠠᠨ ᠢᠷᠡᠬᠦᠯᠥᠭᠰᠡᠨ | ᠪᠠᠶᠢᠪᠠ᠃ 1605 ᠤᠨ ᠳᠤ ᠲᠡᠷᠡ ᠤᠢᠢᠷᠠᠳ ᠲᠤ ᠢᠷᠠᠵᠤ ᠰᠢᠷ᠎ᠠ ᠶᠢᠨ ᠱᠠᠰᠢᠨ ᠲᠡᠯᠭᠡᠷᠡᠬᠦᠯᠬᠦ ᠶᠢ ᠵᠤᠷᠢᠪᠠ᠃ | ᠲᠤᠬᠠᠢ ᠶᠢᠨ ᠥᠶ᠎ᠠ ᠳᠤ ᠰᠢᠷ᠎ᠠ ᠶᠢᠨ ᠱᠠᠰᠢᠨ ᠢ ᠲᠥᠪ ᠶᠤᠰᠤ ᠪᠠᠷ ᠬᠥᠯᠢᠶᠡᠨ ᠠᠪᠤᠬᠰᠠᠨ ᠨᠢ ᠪᠠᠶᠢᠪᠠᠭᠠᠰ ᠤᠨ | ᠥᠶ᠎ᠠ ᠶᠢᠨ ᠤᠢᠢᠷᠠᠳ ᠴᠢᠭᠤᠯᠭᠠᠨ ᠤ ᠴᠢᠬᠤᠯᠠ ᠰᠢᠢᠳᠪᠤᠷᠢ ᠶᠢᠨ ᠨᠢᠭᠡ ᠨᠢ ᠪᠤᠯᠤᠬᠰᠠᠨ ᠶᠤᠮ᠃ ᠡᠨᠡ | ᠰᠢᠢᠳᠪᠤᠷᠢ ᠶᠢ 1616 ᠤᠨ ᠳᠤ ᠭᠠᠷᠭᠠᠵᠡᠢ᠃ ᠲᠡᠷᠡ ᠴᠠᠬ ᠲᠤ ᠤᠤᠯ ᠠᠴᠠ ᠰᠡᠳᠬᠢᠯ ᠵᠥᠭᠡᠯᠡᠨ ᠪᠠᠶᠢᠪᠠᠭᠠᠰ | ᠬᠠᠭᠠᠨ ᠱᠠᠰᠢᠨ ᠤ ᠬᠥᠨ ᠨᠠᠷᠢᠨ ᠥᠬᠦᠯᠡᠯ ᠰᠤᠷᠭᠠᠯ ᠳᠤ ᠰᠡᠳᠬᠢᠯ ᠶᠡᠭᠡᠳᠡ ᠬᠥᠳᠡᠯᠤᠭᠡᠳ ᠨᠤᠮ ᠤᠨ ᠡᠬᠦᠳᠡᠨᠠ | ᠤᠷᠤᠵᠤ ᠲᠦᠢᠨ ᠪᠤᠯᠬᠤ ᠭᠡᠰᠡᠨ ᠳᠤ ᠤᠢᠢᠷᠠᠳ ᠲᠠᠶᠢᠵᠢ ᠨᠠᠷ ︽ᠬᠠᠷᠢ ᠲᠥᠷᠪᠡᠨ ᠤᠢᠢᠷᠠᠳ ᠢ ᠲᠠᠩ ᠢᠶᠠᠷ | ᠵᠢᠯᠤᠭᠤᠳᠴᠤ ᠪᠠᠶᠢᠬᠰᠠᠨ ᠬᠠᠭᠠᠨ ᠪᠠᠶᠢᠪᠠᠭᠠᠰ ᠠᠴᠠ ᠰᠠᠯᠪᠠᠯ ᠤᠷᠤᠨ ᠨᠤᠳᠤᠬ ᠪᠤᠯᠬᠤ ᠮᠢᠨᠢ ᠪᠡᠷᠭᠡ︾ ᠭᠡᠳ | ᠲᠡᠬᠦᠨ ᠤ ᠲᠦᠢᠨ ᠪᠤᠯᠬᠤ ᠶᠢ ᠪᠠᠶᠢᠯᠭᠠᠪᠠ᠃ ᠤᠢᠢᠷᠠᠳ ᠤᠨ ᠲᠠᠶᠢᠵᠢ ᠨᠠᠷ ᠪᠠᠰᠠ ᠮᠠᠨᠵᠤᠰᠢᠷᠢ ᠬᠤᠳᠤᠬᠳᠤ ᠶᠢᠨ | ᠲᠡᠷᠭᠡᠳᠡ ᠤᠴᠢᠵᠤ᠄ ︽ᠪᠠᠶᠢᠪᠠᠭᠠᠰ ᠭᠠᠭᠴᠠᠭᠠᠷ ᠲᠦᠢᠨ ᠪᠤᠯᠪᠠᠯ ᠰᠠᠶᠢᠨ ᠤᠤ︖ ᠡᠰᠡᠬᠦᠯ᠎ᠠ ᠨᠤᠶᠠᠳ ᠪᠥᠷᠢ ᠨᠢᠭᠡᠨ | ᠬᠥᠪᠡᠬᠦᠨ ᠢᠶᠠᠨ ᠲᠦᠢᠨ ᠪᠤᠯᠭᠠᠪᠠᠯ ᠰᠠᠶᠢᠨ ᠤᠤ︖︾ ᠭᠡᠵᠤ ᠠᠰᠠᠭᠤᠪᠠ᠃ ᠡᠬᠦᠨ ᠤ ᠤᠯᠠᠮ ᠠᠴᠠ ᠬᠤᠱᠤᠳ ᠤᠨ | ᠬᠥᠨᠳᠡᠯᠡᠨ ᠤᠪᠠᠰᠢ᠂ ᠲᠤᠷᠭᠤᠳ ᠤᠨ ᠬᠤ · ᠥᠷᠯᠥᠭ᠂ ᠲᠥᠷᠪᠡᠳ ᠤᠨ ᠲᠠᠯᠠᠢ ᠲᠠᠶᠢᠵᠢ᠂ ᠴᠤᠷᠤᠰ ᠤᠨ ᠬᠠᠷ᠎ᠠ | ᠬᠤᠯᠠᠨ ᠨᠠᠷ ᠲᠤᠰ ᠪᠥᠷᠢ ᠨᠢᠭᠡ ᠬᠥᠪᠡᠬᠦᠨ ᠢᠶᠠᠨ ᠵᠤᠤ ᠳᠤ ᠲᠦᠢᠨ ᠪᠤᠯᠭᠠᠬᠤ ᠪᠠᠷ ᠪᠤᠯᠪᠠ᠃ ᠲᠡᠷᠡ ᠥᠶ᠎ᠠ ᠳᠤ | ᠪᠠᠶᠢᠪᠠᠭᠠᠰ ᠥᠷ᠎ᠠ ᠥᠭᠡᠢ ᠪᠠᠶᠢᠬᠰᠠᠨ ᠤᠴᠢᠷ ᠬᠤᠱᠤᠳ ᠶᠠᠰᠤᠳᠠᠨ ᠤ ᠱᠠᠩᠭᠠᠰ ᠤᠪᠤᠬ ᠤᠨ ᠪᠠᠪᠠᠭ᠋ᠠᠨ ᠤ | ᠲᠠᠪᠤᠳᠤᠭᠠᠷ ᠬᠥᠪᠡᠬᠦᠨ ᠨᠠᠮᠬᠠᠢᠢᠵᠠᠮᠰᠤ ᠶᠢ ᠡᠷᠬᠦᠵᠤ ᠥᠷ᠎ᠠ ᠪᠠᠨ ᠪᠤᠯᠭᠠᠨ ᠮᠠᠨᠵᠤᠰᠢᠷᠢ ᠬᠤᠳᠤᠬᠳᠤ ᠠᠴᠠ ᠪᠠᠨᠳᠢ ᠶᠢᠨ | ᠰᠠᠨᠸᠠᠷ ᠬᠥᠷᠳᠡᠭᠡᠵᠡᠢ᠃ ᠡᠨᠡ ᠮᠡᠳᠤ ᠪᠠᠷ ᠤᠢᠢᠷᠠᠳ ᠤᠨ ᠢᠵᠠᠭᠤᠷᠳᠠᠨ ᠭᠤᠴᠢᠨ ᠬᠤᠶᠠᠷ ᠬᠥᠪᠡᠬᠦᠨ ᠢᠶᠠᠨ | ᠪᠠᠶᠢᠪᠠᠭᠠᠰ ᠬᠠᠭᠠᠨ ᠤ ᠶᠠᠪᠤᠭᠤᠯᠤᠬᠰᠠᠨ ᠬᠤᠶᠠᠷ ᠵᠠᠭᠤᠨ ᠠᠯᠪᠠᠳᠤ ᠶᠢᠨ ᠬᠠᠮᠳᠤ ᠲᠥᠪᠡᠳ ᠲᠤ ᠤᠴᠢᠭᠤᠯᠤᠬᠰᠠᠨ | ᠲᠤᠬᠠᠢ ᠭᠠᠪᠠᠨᠭ᠌ ᠰᠢᠷᠠᠪ ᠤᠨ ︽ᠲᠥᠷᠪᠡᠨ ᠤᠢᠢᠷᠠᠳ ᠤᠨ ᠲᠡᠤᠭᠡ︾ ᠳᠤ ᠨᠠᠷᠢᠨ ᠲᠤᠳᠤᠷᠬᠠᠢ ᠲᠡᠮᠳᠡᠭᠯᠡᠭᠰᠡᠨ ᠪᠠᠶᠢᠨ᠎ᠠ | ᠃ | 1620 ᠤᠨ ᠳᠤ ᠪᠠᠶᠢᠪᠠᠭᠠᠰ ᠯᠤᠭ᠎ᠠ ᠡᠴᠢᠭᠡ ᠤᠨᠳᠤᠤ ᠡᠭᠡ ᠨᠢᠭᠡᠳᠡᠢ ᠲᠡᠬᠦᠤ ᠴᠥᠬᠦᠷ ᠲᠠᠶᠢᠵᠢ ︵ᠪᠠᠶᠢᠪᠠᠭᠠᠰ ᠤᠨ | ᠥᠶ᠎ᠠ ᠠᠬ᠎ᠠ ᠶᠠᠳᠠᠢ ᠲᠠᠶᠢᠵᠢ ᠶᠢᠨ ᠬᠥᠪᠡᠬᠦᠨ︶᠂ ᠲᠥᠷᠪᠡᠳ ᠤᠨ ᠲᠠᠯᠠᠢ ᠲᠠᠶᠢᠵᠢ᠂ ᠲᠤᠷᠭᠤᠳ ᠤᠨ ᠬᠤ · ᠥᠷᠯᠥᠭ | ᠲᠠᠶᠢᠵᠢ᠂ ᠨᠢᠭᠡ ᠪᠥᠯᠥᠭ ᠬᠥᠮᠤᠰ ᠨᠠᠶᠢᠯᠡᠨ ᠤᠷᠤᠰ ᠤᠨ ᠬᠢᠯᠢ ᠳᠤ ᠴᠥᠮᠤᠷᠠᠨ ᠤᠷᠤᠵᠤ᠂ ᠥᠹᠠ ᠭᠡᠳᠡᠭ ᠭᠠᠵᠠᠷ ᠢ | ᠶᠡᠭᠡ ᠪᠠᠷ ᠤᠤᠯᠭᠠᠯᠠᠨ ᠬᠥᠮᠤᠨ ᠠᠯᠠᠵᠤ᠂ ᠡᠭᠡᠨᠡᠷ ᠭᠡᠤᠭᠡᠳ᠂ ᠬᠥᠷᠤᠩᠭᠡ ᠮᠠᠯ ᠪᠤᠯᠢᠶᠠᠬᠰᠠᠨ ᠭᠡᠷᠡᠭ ᠭᠠᠷᠪᠠ᠃ | ᠡᠬᠦᠨ ᠳᠤ ᠤᠷᠤᠰ ᠤᠨ ᠴᠠᠭᠠᠨ ᠬᠠᠭᠠᠨ ᠠᠴᠠ ᠤᠢᠢᠷᠠᠳ ᠲᠤ ᠡᠯᠴᠢ ᠲᠤᠮᠢᠯᠠᠨ ᠤᠯᠵᠠᠯᠠᠬᠳᠠᠬᠰᠠᠨ ᠬᠥᠮᠤᠨ ᠪᠤᠯᠤᠨ | ᠮᠠᠯ ᠬᠥᠷᠤᠩᠭᠡ ᠪᠠᠨ ᠪᠤᠴᠠᠭᠠᠵᠤ ᠠᠪᠬᠤ ᠱᠠᠭᠠᠷᠳᠠᠯᠭ᠎ᠠ ᠲᠠᠯᠪᠢᠵᠡᠢ᠃ ᠴᠢᠭᠤᠯᠭᠠᠨ ᠲᠠᠷᠤᠭ᠎ᠠ ᠪᠠᠶᠢᠪᠠᠭᠠᠰ | ᠤᠷᠤᠰ ᠯᠤᠭ᠎ᠠ ᠨᠠᠶᠢᠷᠠᠮᠳᠠᠬᠤ ᠶᠢ ᠬᠥᠰᠡᠵᠤ ᠬᠥᠴᠤᠨ ᠢᠶᠠᠨ ᠬᠤᠷᠠᠮᠳᠤᠭᠤᠯᠤᠨ ᠪᠤᠰᠤᠳ ᠲᠠᠯ᠎ᠠ ᠶᠢᠨ ᠲᠠᠶᠢᠰᠤᠨ ᠢ | ᠡᠰᠡᠷᠬᠦᠴᠡᠬᠦ ᠶᠢᠨ ᠲᠥᠯᠤᠭᠡ ᠲᠠᠯᠠᠢ᠂ ᠬᠤ ᠥᠷᠯᠥᠭ ᠪᠠ ᠴᠥᠬᠦᠷ ᠵᠡᠷᠭᠡ ᠲᠠᠶᠢᠵᠢ ᠨᠠᠷ ᠯᠤᠭ᠎ᠠ ᠴᠢᠭᠤᠯᠭᠠᠨ | ᠴᠢᠭᠤᠯᠵᠤ᠂ ︽ᠪᠠᠱᠺᠢᠷ ︵ᠥᠹᠠ ᠶᠢᠨ ᠬᠠᠷᠢᠶ᠎ᠠ ᠲᠤᠰᠬᠤᠨ︶ ᠤᠨ ᠤᠯᠵᠠᠯᠠᠬᠳᠠᠬᠰᠠᠳ ᠢ ᠨᠠᠩᠵᠢᠨ ᠭᠠᠷᠭᠠᠵᠤ | ᠪᠤᠴᠠᠭᠠᠯᠭᠠ︕ ᠡᠬᠦᠨ ᠠᠴᠠ ᠬᠤᠶᠢᠰᠢ ᠠᠡᠭ ᠬᠢᠬᠦ ᠳᠡᠭᠡᠨ ᠪᠠᠱᠺᠢᠷ ᠤᠨ ᠬᠥᠮᠤᠨ ᠢ ᠥᠯᠥ ᠠᠯᠠᠬᠤ᠂ ᠶᠠᠮᠠᠷᠴᠤ ᠮᠠᠭᠤ | ᠶᠠᠪᠤᠳᠠᠯ ᠥᠯᠥ ᠬᠢᠬᠦ ᠁︾ ᠭᠡᠰᠡᠨ ᠰᠢᠢᠳᠪᠤᠷᠢ ᠶᠢ ᠭᠠᠷᠭᠠᠬᠰᠠᠨ ᠪᠥᠭᠡᠳ ᠲᠠᠷᠠᠭ᠎ᠠ ᠨᠢ ᠪᠠᠶᠢᠪᠠᠭᠠᠰ ᠬᠠᠭᠠᠨ | ᠤᠷᠤᠰ ᠲᠤ ᠡᠯᠴᠢ ᠶᠠᠪᠤᠭᠤᠯᠵᠤ ᠲᠠᠯᠠᠢ ᠵᠡᠷᠭᠡ ᠤᠯᠠᠨ ᠲᠠᠶᠢᠵᠢ ᠨᠠᠷ ᠢ ᠲᠥᠯᠥᠭᠡᠯᠡᠨ ᠲᠠᠩᠭᠠᠷᠢᠬ ᠬᠢᠯᠭᠡᠵᠡᠢ ᠭᠡᠮᠡᠨ | ᠶᠠᠫᠤᠨ ᠤ ᠮᠤᠩᠭᠤᠯᠴᠢ ᠡᠷᠳᠡᠮᠳᠡᠨ ᠸᠠᠺᠠᠮᠠᠽᠥ᠋ ᠾᠢᠷᠤᠰᠢ ︽ᠤᠷᠤᠰ ᠤᠨ ᠰᠤᠷᠪᠤᠯᠵᠢᠰ ᠲᠤ ᠬᠠᠷᠠᠬᠳᠠᠬᠤ ᠬᠥᠤᠰᠢ | ᠬᠠᠭᠠᠨ ᠤ ᠤᠢᠢᠯᠡ ᠶᠠᠪᠤᠳᠠᠯ ᠤᠳ︾ ᠭᠡᠳᠡᠭ ᠵᠤᠬᠢᠶᠠᠯ ᠤᠨ 1976 ᠤᠨ ᠤ ᠭᠡᠪᠯᠡᠯ ᠳᠡᠭᠡᠨ ᠲᠡᠮᠳᠡᠭᠯᠡᠵᠡᠢ᠃ | 1620 ᠤᠨ ᠤ ᠨᠠᠮᠤᠷ ᠪᠠᠶᠢᠪᠠᠭᠠᠰ ᠬᠠᠭᠠᠨ ᠢᠶᠠᠷ ᠲᠡᠷᠢᠬᠦᠯᠡᠬᠦᠯᠥᠭᠰᠡᠨ ᠤᠢᠢᠷᠠᠳ ᠤᠨ ᠹᠸᠤᠳᠠᠯᠴᠤᠳ ᠬᠠᠰᠠᠬ ᠤᠨ | ᠶᠡᠭᠡ ᠤᠷᠳᠤᠨ ᠤ ᠢᠱᠠᠮᠠᠨ ᠬᠠᠭᠠᠨ ︵1598 ᠤᠨ ᠠᠴᠠ 1628 ᠤᠨ ᠤ ᠬᠤᠭᠤᠷᠤᠨᠳᠤ ᠬᠠᠰᠠᠬ ᠤᠨ ᠬᠠᠭᠠᠨ | ᠪᠠᠶᠢᠵᠡᠢ︶ ᠳᠤ ᠲᠠᠭᠠᠷᠢᠯᠳᠠ ᠬᠢᠭᠰᠡᠨ ᠪᠠᠶᠢᠨ᠎ᠠ᠃ ᠪᠠᠶᠢᠪᠠᠭᠠᠰ ᠬᠠᠭᠠᠨ ᠤᠷᠢᠳ ᠢᠶᠠᠷ ᠨᠠᠶᠢᠷᠠᠮᠳᠠᠯ ᠤᠨ ᠡᠯᠴᠢ | ᠶᠠᠪᠤᠭᠤᠯᠵᠤ ᠮᠡᠭᠡᠯᠡᠭᠡᠳ ᠠᠷᠤ ᠠᠴᠠ ᠨᠢ ᠶᠡᠭᠡ ᠴᠡᠷᠢᠭ ᠤᠷᠤᠭᠤᠯᠵᠤ᠂ ᠬᠠᠰᠠᠬ ᠤᠨ ᠶᠡᠭᠡ ᠤᠷᠳᠤᠨ ᠳᠤ ᠴᠥᠮᠤᠷᠠᠨ | ᠤᠷᠤᠵᠤ ᠭᠡᠨᠡᠳᠡᠬᠦᠯᠥᠨ ᠲᠠᠭᠠᠷᠢᠬᠰᠠᠨ ᠪᠤᠯᠪᠠᠴᠤ ᠠᠮᠵᠢᠯᠳᠠ ᠤᠯᠤᠬᠰᠠᠨ ᠥᠭᠡᠢ᠂ ᠬᠠᠷᠢᠨ ᠬᠠᠰᠠᠬ ᠤᠨ ᠢᠱᠠᠮᠠᠨ | ᠬᠠᠭᠠᠨ ᠳᠤ ᠡᠯᠴᠢ ᠪᠠᠨ ᠠᠯᠠᠭᠤᠯᠤᠨ ᠴᠡᠷᠢᠭ ᠢᠶᠠᠨ ᠲᠠᠷᠤᠬᠳᠠᠭᠤᠯᠵᠤ ᠢᠯᠠᠬᠳᠠᠯ ᠢᠶᠠᠷ ᠲᠡᠬᠦᠰᠪᠡ᠃ ᠪᠠᠶᠢᠪᠠᠭᠠᠰ | ᠬᠠᠭᠠᠨ ᠡᠨᠡ ᠲᠠᠶᠢᠨ ᠳᠤ ᠶᠠᠮᠠᠷ ᠴᠤ ᠠᠰᠢᠬ ᠤᠯᠤᠬᠰᠠᠨ ᠥᠭᠡᠢ᠃ 1623 ᠤᠨ ᠳᠤ ᠬᠠᠯᠬ᠎ᠠ ᠶᠢᠨ ᠤᠪᠠᠰᠢ | ᠬᠤᠨᠭ᠌ ᠲᠠᠶᠢᠵᠢ ︵ᠱᠤᠯᠤᠢ︶ ᠪᠤᠯᠤᠨ ᠤᠷᠢᠶᠠᠩᠬᠠᠢ ᠶᠢᠨ ᠰᠠᠶᠢᠨ ᠮᠠᠵᠢᠬ ᠨᠠᠢᠮᠠᠨ ᠲᠥᠮᠡᠨ ᠴᠡᠷᠢᠭ ᠠᠪᠴᠤ ᠤᠢᠢᠷᠠᠳ | ᠵᠥᠭ ᠲᠤᠪᠳᠤᠯᠪᠠ᠃ ᠭᠡᠪᠡᠴᠤ ᠪᠠᠶᠢᠪᠠᠭᠠᠰ ᠬᠠᠭᠠᠨ ᠰᠠᠶᠢᠨ ᠪᠡᠯᠡᠳᠭᠡᠯ ᠲᠠᠢ ᠪᠠᠶᠢᠬᠰᠠᠨ ᠲᠤᠯᠠ ᠬᠠᠯᠳᠠᠨ ᠢᠷᠡᠬᠦ | ᠲᠠᠶᠢᠰᠤᠨ ᠤ ᠲᠤᠪᠳᠤᠯᠤᠯᠳᠠ ᠶᠢ ᠪᠤᠳᠠ ᠨᠢᠷᠭᠡᠪᠡ᠃ ᠡᠨᠡ ᠲᠠᠶᠢᠨ ᠳᠤ ᠬᠠᠯᠬ᠎ᠠ ᠶᠢᠨ ᠤᠪᠠᠰᠢ ᠬᠤᠨᠭ᠌ ᠲᠠᠶᠢᠵᠢ | ᠥᠷᠡᠭᠳᠡᠵᠤ᠂ ᠬᠠᠯᠬ᠎ᠠ ᠶᠢᠨ ᠲᠠᠶᠢᠵᠢ ᠨᠠᠷ ᠤᠨ ᠪᠠᠷᠠᠭᠤᠨᠰᠢ ᠥᠷᠭᠡᠵᠢᠨ ᠲᠥᠷᠢᠬᠦ ᠶᠢ ᠠᠮᠵᠢᠯᠳᠠᠳᠠᠢ ᠪᠠᠷ ᠬᠤᠷᠢᠬᠯᠠᠨ | ᠴᠢᠳᠠᠬᠰᠠᠨ ᠪᠥᠭᠡᠳ ᠤᠢᠢᠷᠠᠳ ᠠᠶᠢᠮᠠᠬ ᠤᠨ ᠤᠯᠠᠮ ᠢᠶᠠᠷ ᠬᠥᠴᠥᠷᠭᠡᠭᠵᠢᠨ ᠮᠠᠨᠳᠤᠬᠤ ᠳᠤ ᠪᠠᠳᠤ ᠪᠠᠬᠢ ᠰᠠᠭᠤᠷᠢ | ᠲᠠᠯᠪᠢᠵᠤ ᠥᠭᠬᠦᠭᠰᠡᠨ ᠪᠠᠶᠢᠨ᠎ᠠ᠃ | 1625 ᠤᠨ ᠤ ᠬᠠᠪᠤᠷ ᠤᠨ ᠡᠬᠢᠨ ᠤ ᠥᠶ᠎ᠠ ᠪᠠᠷ ᠪᠠᠶᠢᠪᠠᠭᠠᠰ ᠤᠨ ᠲᠡᠬᠦᠤ ᠵᠠᠰᠠᠬᠳᠤ ᠴᠢᠩ ᠪᠠᠭᠠᠳᠤᠷ ᠪᠡᠶ᠎ᠠ | ᠥᠡᠭᠭᠡᠷᠡᠪᠡ᠃ ᠶᠠᠬ ᠡᠨᠡ ᠲᠠᠯᠢᠮ ᠢᠶᠠᠷ ᠪᠠᠶᠢᠪᠠᠭᠠᠰ ᠬᠠᠭᠠᠨ ᠤ ᠥᠶ᠎ᠠ ᠲᠡᠬᠦᠤ ᠪᠤᠯᠬᠤ ᠴᠥᠬᠦᠷ ᠲᠠᠶᠢᠵᠢ ᠵᠠᠰᠠᠬᠳᠤ | ᠴᠢᠩ ᠪᠠᠭᠠᠳᠤᠷ ᠤᠨ ᠡᠮᠡᠰ ᠭᠡᠤᠭᠡᠳ᠂ ᠠᠯᠪᠠᠳᠤ ᠪᠤᠯᠤᠨ ᠠᠳᠤᠭᠤ ᠮᠠᠯ᠂ ᠭᠡᠷ ᠬᠥᠷᠤᠩᠭᠡ ᠶᠢ ᠭᠠᠭᠴᠠᠭᠠᠷ | ᠡᠵᠡᠷᠭᠡᠭᠯᠡᠨ ᠵᠡᠯᠬᠢᠭᠠᠳ ᠠᠬ᠎ᠠ ᠪᠤᠯᠬᠤ ᠪᠠᠶᠢᠪᠠᠭᠠᠰ ᠬᠠᠭᠠᠨ ᠳᠤ ᠥᠴᠤᠭᠡᠨ ᠴᠤ ᠶᠠᠭᠤᠮ᠎ᠠ ᠥᠯᠡᠳᠡᠭᠡᠭᠰᠡᠨ ᠥᠭᠡᠢ | ᠪᠠᠶᠢᠵᠡᠢ᠃ ᠡᠬᠦᠨ ᠳᠤ ᠪᠠᠶᠢᠪᠠᠭᠠᠰ ᠬᠠᠭᠠᠨ ᠶᠡᠭᠡᠳᠡ ᠠᠭᠤᠷᠯᠠᠨ ᠴᠡᠷᠢᠭ ᠬᠥᠳᠡᠯᠭᠡᠨ ᠥᠶ᠎ᠠ ᠲᠡᠬᠦᠤ ᠴᠥᠬᠦᠷ | ᠲᠠᠶᠢᠵᠢ ᠶᠢᠨ ᠭᠠᠷ ᠠᠴᠠ ᠵᠠᠰᠠᠬᠳᠤ ᠴᠢᠩ ᠪᠠᠭᠠᠳᠤᠷ ᠤᠨ ᠪᠥᠬᠦ ᠬᠥᠷᠤᠩᠭᠡ ᠶᠢ ᠪᠤᠯᠢᠶᠠᠨ ᠠᠪᠤᠬᠰᠠᠨ ᠪᠠᠶᠢᠨ᠎ᠠ᠃ ᠶᠠᠬ | ᠡᠨᠡ ᠥᠶ᠎ᠠ ᠳᠤ ᠲᠠᠯᠠᠢ ᠲᠠᠶᠢᠵᠢ ᠮᠢᠩᠭᠠᠨ ᠴᠡᠷᠢᠭ ᠠᠪᠴᠤ ᠪᠠᠶᠢᠪᠠᠭᠠᠰ ᠬᠠᠭᠠᠨ ᠪᠤᠯᠤᠨ ᠴᠥᠬᠦᠷ ᠢ ᠡᠪᠰᠡᠬᠦᠯᠥᠨ | ᠪᠠᠶᠢᠪᠠᠭᠠᠰ ᠬᠠᠭᠠᠨ ᠠᠴᠠ ᠴᠥᠬᠦᠷ ᠲᠤ ᠵᠠᠰᠠᠬᠳᠤ ᠴᠢᠩ ᠪᠠᠭᠠᠳᠤᠷ ᠤᠨ ᠲᠠᠪᠤᠨ ᠵᠠᠭᠤᠨ ᠠᠯᠪᠠᠳᠤ ᠶᠢ ᠡᠭᠡᠬᠦᠯᠥᠨ | ᠥᠭᠪᠡ᠃ ᠭᠡᠪᠡᠴᠤ ᠵᠠᠰᠠᠬᠳᠤ ᠴᠢᠩ ᠪᠠᠭᠠᠳᠤᠷ ᠤᠨ ᠪᠥᠬᠦ ᠬᠥᠷᠤᠩᠭᠡ ᠶᠢ ᠭᠠᠭᠴᠠᠭᠠᠷ ᠵᠠᠯᠬᠢᠬᠤ ᠭᠡᠰᠡᠨ ᠴᠥᠬᠦᠷ | ᠡᠨᠡᠤᠭᠡᠨ ᠢᠶᠠᠷ ᠵᠤᠬᠰᠤᠬᠰᠠᠨ ᠥᠭᠡᠢ᠂ ᠬᠠᠷᠢᠨ ᠲᠠᠯᠳᠠᠭᠤᠷ ᠬᠠᠯᠢᠮᠠᠬ ᠤᠨ ᠮᠡᠷᠭᠡᠨ ᠲᠡᠮᠡᠨᠠ᠂ ᠬᠥᠶᠡᠩ ᠲᠠᠪᠤᠨᠳᠠᠢ | ᠭᠡᠭᠴᠢ ᠲᠠᠶᠢᠵᠢ ᠨᠠᠷ ᠲᠠᠢ ᠬᠤᠯᠪᠤᠭᠠᠯᠠᠨ ᠭᠤᠷᠪᠠᠨ ᠲᠥᠮᠡᠨ ᠴᠡᠷᠢᠭ ᠬᠥᠳᠡᠯᠭᠡᠵᠤ ᠪᠠᠶᠢᠪᠠᠭᠠᠰ ᠬᠠᠭᠠᠨ ᠢ | ᠲᠠᠶᠢᠯᠠᠬᠤ ᠪᠠᠷ ᠢᠷᠡᠭᠰᠡᠨ ᠪᠠᠶᠢᠨ᠎ᠠ᠃ ᠡᠨᠡ ᠴᠢᠮᠡᠭᠡᠨ ᠢᠶᠠᠷ ᠴᠤᠷᠤᠰ ᠤᠨ ᠬᠠᠷ᠎ᠠ ᠬᠤᠯᠠᠨ ᠨᠤᠶᠠᠨ ᠵᠡᠷᠭᠡ ᠲᠠᠶᠢᠵᠢ ᠨᠠᠷ | ᠲᠥᠮᠡᠨ ᠴᠡᠷᠢᠭ ᠠᠪᠴᠤ ᠪᠠᠶᠢᠪᠠᠭᠠᠰ ᠬᠠᠭᠠᠨ ᠢ ᠲᠤᠰᠠᠯᠠᠬᠤ ᠪᠠᠷ ᠢᠷᠡᠬᠦ ᠶᠢᠨ ᠵᠠᠪ ᠲᠤ ᠴᠥᠬᠦᠷ ᠨᠢᠭᠡᠨᠳᠡ ᠪᠠᠶᠢᠪᠠᠭᠠᠰ | ᠬᠠᠭᠠᠨ ᠢ ᠬᠤᠷᠤᠭᠠᠭᠠᠳ ᠬᠥᠮᠤᠨ ᠮᠠᠯ ᠢ ᠶᠡᠭᠡ ᠪᠠᠷ ᠤᠤᠯᠭᠠᠯᠠᠨ ᠪᠤᠯᠢᠶᠠᠬᠰᠠᠨ ᠤ ᠲᠠᠷᠠᠭ᠎ᠠ ᠪᠠᠷᠠᠭᠤᠨᠰᠢ ᠵᠤᠯᠠᠵᠤ | ᠶᠠᠪᠤᠬᠰᠠᠨ ᠪᠠᠶᠢᠨ᠎ᠠ᠃ | ᠪᠠᠶᠢᠪᠠᠭᠠᠰ ᠬᠠᠭᠠᠨ ᠪᠤᠯ ᠲᠡᠬᠦᠨ ᠤ ᠡᠴᠢᠭᠡ ᠬᠠᠨᠢ ᠨᠤᠶᠠᠨ ᠨᠠᠰᠤ ᠨᠥᠭᠴᠢᠭᠰᠡᠨ ᠤ ᠲᠠᠷᠠᠭ᠎ᠠ ᠲᠥᠷᠪᠡᠨ | ᠤᠢᠢᠷᠠᠳ ᠤᠨ ᠴᠢᠭᠤᠯᠭᠠᠨ ᠲᠠᠷᠤᠭ᠎ᠠ ᠪᠤᠯᠵᠤ᠂ ᠲᠡᠭᠡᠳᠤ ᠡᠷᠭᠡ ᠶᠢ ᠡᠵᠡᠮᠰᠢᠨ ᠲᠥᠷᠪᠡᠨ ᠤᠢᠢᠷᠠᠳ ᠤᠨ ᠲᠥᠷᠤ᠂ | ᠱᠠᠰᠢᠨ᠂ ᠬᠠᠤᠯᠢ ᠴᠠᠭᠠᠵᠠ᠂ ᠴᠡᠷᠢᠭ ᠲᠠᠶᠢᠨ ᠤ ᠶᠠᠪᠤᠳᠠᠯ᠂ ᠭᠠᠳᠠᠭᠠᠳᠤ ᠬᠠᠷᠢᠯᠴᠠᠭ᠎ᠠ ᠵᠡᠷᠭᠡ ᠶᠢ ᠪᠥᠬᠦ ᠲᠠᠯ᠎ᠠ ᠪᠠᠷ | ᠡᠵᠡᠮᠳᠡᠨ᠂ ᠵᠡᠬᠦᠨ ᠮᠤᠩᠭᠤᠯ ᠲᠠᠢ ᠡᠰᠡᠷᠬᠦᠴᠡᠯᠳᠤᠵᠤ᠂ ᠬᠤᠱᠤᠳ ᠠᠶᠢᠮᠠᠬ ᠤᠨ ᠬᠥᠴᠤᠷᠭᠡᠭᠵᠢᠨ ᠮᠠᠨᠳᠤᠬᠤ ᠳᠤ | ᠲᠤᠩ ᠶᠡᠭᠡ ᠬᠤᠪᠢ ᠨᠡᠮᠡᠷᠢ ᠥᠵᠡᠬᠦᠯᠥᠭᠰᠡᠨ ᠪᠠᠶᠢᠨ᠎ᠠ᠃ ᠪᠠᠶᠢᠪᠠᠭᠠᠰ ᠥᠡᠭᠭᠡᠷᠡᠭᠰᠡᠨ ᠤ ᠲᠠᠷᠠᠭ᠎ᠠ ᠲᠡᠬᠦᠨ ᠤ ᠲᠡᠬᠦᠤ | ᠲᠥᠷᠤᠪᠠᠶᠢᠬᠤ ᠬᠥᠤᠰᠢ ᠬᠠᠭᠠᠨ ᠲᠥᠷᠪᠡᠨ ᠤᠢᠢᠷᠠᠳ ᠤᠨ ᠴᠢᠭᠤᠯᠭᠠᠨ ᠲᠠᠷᠤᠭ᠎ᠠ ᠪᠤᠯᠤᠬᠰᠠᠨ ᠪᠠᠶᠢᠨ᠎ᠠ᠃ |