ᠣᠶᠢᠷᠠᠳ ᠤᠨ ᠨᠡᠷᠡᠲᠦ ᠬᠥᠮᠥᠰ — ᠪᠠᠶᠢᠪᠠᠭᠠᠰ
ᠨᠡᠶᠢᠲᠡᠯᠡᠭᠰᠡᠨ ᠴᠠᠭ᠄
2019/12/11
ᠪᠠᠶᠢᠪᠠᠭᠠᠰ ᠪᠤᠯ ᠤᠶᠢᠷᠠᠳ ᠤᠨ ᠬᠤᠱᠤᠳ ᠠᠶᠢᠮᠠᠭ ᠤᠨ ᠬᠦᠮᠤᠨ ᠪᠤᠯᠤᠨ᠎ᠠ᠃ ᠲᠡᠷᠡ ᠪᠤᠯ ᠳᠦᠷᠪᠡᠨ ᠤᠶᠢᠷᠠᠳ ᠤᠨ ᠡᠷᠭᠡ ᠶᠢ ᠮᠡᠳᠡᠵᠦ ᠪᠠᠶᠢᠭᠰᠠᠨ ᠬᠤᠱᠤᠳ ᠠᠶᠢᠮᠠᠭ ᠤᠨ ᠲᠦᠷᠤᠭᠦᠦ ᠬᠠᠨᠢ ᠨᠤᠶᠠᠨ ᠬᠤᠨᠭ᠍ᠭᠤᠷ ᠤᠨ ᠠᠭᠠᠢ ᠬᠠᠳᠤᠨ ᠠᠴᠠ ᠲᠦᠷᠦᠭᠰᠡᠨ ᠠᠬᠠᠮᠠᠳ ᠬᠦᠪᠡᠭᠦᠨ ᠪᠤᠯᠬᠤ ᠶᠤᠮ᠃ 1585 ᠤᠨ ᠤ ᠤᠷᠴᠢᠮ ᠢᠶᠠᠷ᠂ ᠬᠠᠯᠬ᠎ᠠ ᠶᠢᠨ ᠬᠡᠷᠡᠰᠡᠨᠵᠡ ᠵᠠᠯᠠᠶᠢᠷ ᠬᠤᠨᠭ᠌ ᠳᠠᠶᠢᠵᠢ ᠶᠢᠨ ᠠᠴᠢ ᠪᠤᠯᠬᠤ ᠠᠪᠠᠳᠠᠢ ᠬᠠᠨ ᠤᠷᠢᠳᠤ ᠵᠡᠭᠦᠨ ᠮᠤᠩᠭᠤᠯ ᠤᠨ ᠢᠵᠠᠭᠤᠷᠳᠠᠨ ᠢ ᠡᠰᠡᠨ ᠬᠠᠨ ᠠᠯᠠᠭᠰᠠᠨ ᠦᠰᠢᠶ᠎ᠡ ᠬᠤᠷᠤᠰᠤᠯ ᠢ ᠠᠪᠬᠤ ᠪᠠᠷ ᠤᠶᠢᠷᠠᠳ ᠵᠦᠭ ᠳᠤᠪᠳᠤᠯᠤᠨ ᠢᠷᠡᠪᠡ᠃ ᠳᠡᠭᠡᠭᠰᠡᠨ ᠠᠴᠠ ᠪᠠᠶᠢᠪᠠᠭᠠᠰ ᠤᠨ ᠡᠴᠢᠭᠡ ᠬᠠᠨᠢ ᠨᠤᠶᠠᠨ ᠬᠤᠨᠭ᠍ᠭᠤᠷ ᠳᠦᠷᠪᠡᠨ ᠤᠶᠢᠷᠠᠳ ᠤᠨ ᠴᠡᠷᠢᠭ ᠢᠶᠠᠨ ᠠᠪᠴᠤ ᠬᠦᠪᠭᠡᠷ ᠭᠡᠷᠢᠶ᠎ᠡ ᠭᠡᠮᠡᠬᠦ ᠭᠠᠵᠠᠷ ᠲᠤ ᠳᠤᠰᠤᠨ ᠪᠠᠶᠢᠯᠳᠤᠭᠠᠳ ᠶᠡᠭᠡᠳᠡ ᠳᠡᠶᠢᠯᠦᠭᠳᠡᠵᠦ ᠬᠠᠯᠬᠠᠴᠤᠳ ᠲᠤ ᠠᠯᠠᠭᠳᠠᠵᠠᠢ᠃ ᠬᠠᠨᠢ ᠨᠤᠶᠠᠨ ᠬᠤᠨᠭ᠍ᠭᠤᠷ ᠢ ᠦᠭᠦᠭᠰᠡᠨ ᠤ ᠰᠡᠭᠦᠯᠡᠷ᠂ ᠬᠠᠯᠬ᠎ᠠ ᠶᠢᠨ ᠠᠪᠠᠳᠠᠢ ᠬᠠᠨ ᠬᠦᠪᠡᠭᠦᠨ ᠰᠤᠪᠠᠭᠤᠳᠠᠢ ᠪᠠᠨ ᠤᠶᠢᠷᠠᠳ ᠤᠨ ᠬᠠᠨ ᠢᠶᠠᠷ ᠳᠤᠮᠢᠯᠠᠨ ᠢᠷᠡᠭᠦᠯᠪᠡ᠃ ᠭᠡᠳᠡᠯ᠎ᠡ 1588 ᠤᠨ ᠳᠤ᠂ ᠠᠪᠠᠳᠠᠢ ᠬᠠᠨ ᠢ ᠨᠠᠰᠤ ᠨᠦᠭᠴᠢᠭᠰᠡᠨ ᠤ ᠬᠤᠶᠢᠨ᠎ᠠ᠂ ᠤᠶᠢᠷᠠᠳᠴᠤᠳ ᠪᠤᠰᠤᠯᠴᠠᠭᠠᠳ ᠰᠤᠪᠠᠭᠤᠳᠠᠢ ᠶᠢ ᠤᠭ ᠨᠤᠳᠤᠭ ᠲᠤᠨᠢ ᠬᠦᠭᠡᠭᠡᠨ ᠶᠠᠪᠤᠭᠤᠯᠪᠠ᠃ ᠬᠠᠨᠢ ᠨᠤᠶᠠᠨ ᠬᠤᠨᠭ᠍ᠭᠤᠷ ᠨᠠᠰᠤ ᠪᠠᠷᠠᠬᠤ ᠦᠶ᠎ᠡ ᠳᠤ᠂ ᠪᠠᠶᠢᠪᠠᠭᠠᠰ ᠬᠠᠷᠠᠬᠠᠨ ᠪᠠᠯᠴᠢᠷ ᠪᠠᠭ᠎ᠠ ᠪᠠᠶᠢᠭᠰᠠᠨ ᠲᠤᠯᠠ᠂ ᠬᠤᠱᠤᠳ ᠠᠶᠢᠮᠠᠭ ᠪᠠ ᠳᠦᠷᠪᠡᠨ ᠤᠶᠢᠷᠠᠳ ᠤᠨ ᠤᠳᠤᠷᠢᠳᠬᠤ ᠡᠷᠭᠡ ᠶᠢ ᠳᠡᠭᠦᠨ ᠤ ᠡᠭᠡ ᠠᠭᠠᠢ ᠬᠠᠳᠤᠨ ᠠᠳᠬᠤᠵᠤ ᠪᠠᠶᠢᠪᠠ᠃ ᠠᠭᠠᠢ ᠪᠤᠯ ᠤᠭ ᠲᠠᠭᠠᠨ ᠬᠠᠨᠢ ᠨᠤᠶᠠᠨ ᠬᠤᠨᠭ᠍ᠭᠤᠷ ᠤᠨ ᠦᠶᠡᠯᠢᠳ ᠠᠬ᠎ᠠ ᠶᠠᠳᠠᠢ ᠴᠧᠡᠭᠰᠢᠶᠠᠩ ᠤᠨ ᠬᠠᠳᠤᠨ ᠪᠠᠶᠢᠪᠠ᠃ ᠶᠠᠳᠠᠢ ᠶᠢ ᠦᠭᠦᠭᠰᠡᠨ ᠤ ᠰᠡᠭᠦᠯᠡᠷ ᠬᠠᠨᠢ ᠨᠤᠶᠠᠨ ᠬᠤᠨᠭ᠍ᠭᠤᠷ ᠲᠠᠢ ᠤᠷᠤᠭᠯᠠᠨ ᠰᠠᠭᠤᠭᠠᠳ ᠪᠠᠶᠢᠪᠠᠭᠠᠰ᠂ ᠲᠦᠮᠡᠨᠳᠠᠢ᠂ ᠤᠶᠢᠵᠢᠩ᠂ ᠬᠦᠨᠳᠡᠯᠡᠨ ᠤᠪᠠᠰᠢ᠂ ᠲᠦᠷᠤᠪᠠᠶᠢᠬᠤ ᠬᠦᠦᠰᠢ ᠬᠠᠨ᠂ ᠵᠠᠰᠠᠭᠳᠤ ᠴᠢᠩ ᠪᠠᠭᠠᠳᠤᠷ᠂ ᠪᠤᠶᠠᠨ ᠬᠠᠳᠠᠨ ᠪᠠᠭᠠᠳᠤᠷ ᠵᠡᠷᠭᠡ ᠤᠶᠢᠷᠠᠳ ᠤᠨ ᠳᠡᠤᠭᠡᠨ ᠳᠤ ᠠᠯᠳᠠᠷ ᠨᠡᠷᠡᠳᠠᠢ ᠵᠢᠷᠭᠤᠭᠠᠨ ᠬᠦᠪᠡᠭᠦᠨ ᠲᠦᠷᠤᠵᠡᠢ᠃ ᠡᠨᠡ ᠵᠢᠷᠭᠤᠭᠠᠨ ᠬᠦᠪᠡᠭᠦᠨ ᠤ ᠳᠤᠳᠤᠷ᠎ᠠ ᠪᠠᠶᠢᠪᠠᠭᠠᠰ ᠪᠤᠯ ᠬᠠᠮᠤᠭ ᠤᠨ ᠠᠬ᠎ᠠ  ᠨᠢ ᠪᠤᠯᠬᠤ ᠪᠦᠭᠡᠳ ᠡᠴᠢᠭᠡ ᠶᠢᠨ ᠢᠶᠠᠨ ᠦᠯᠡᠳᠡᠭᠡᠭᠰᠡᠨ ᠦᠮᠴᠢ ᠬᠤᠪᠢ ᠶᠢ ᠴᠤ ᠬᠠᠮᠤᠭ ᠠᠴᠠ ᠢᠯᠡᠭᠦᠦ ᠬᠤᠪᠢᠶᠠᠵᠤ ᠤᠯᠤᠭᠰᠠᠨ ᠲᠤᠯᠠ᠂ ᠡᠷ᠎ᠡ ᠶᠢᠨ ᠴᠡᠭᠡᠯ ᠳᠤ ᠬᠦᠷᠦᠮᠡᠭᠴᠡ ᠲᠤᠩ ᠬᠢᠯᠪᠠᠷᠬᠠᠨ ᠢᠶᠠᠷ ᠳᠦᠷᠪᠡᠨ ᠤᠶᠢᠷᠠᠳ ᠤᠨ ᠴᠢᠭᠤᠯᠭᠠᠨ ᠳᠠᠷᠤᠭ᠎ᠠ ᠪᠤᠯᠤᠭᠰᠠᠨ ᠪᠠᠶᠢᠨ᠎ᠠ᠃ ᠪᠠᠶᠢᠪᠠᠭᠠᠰ ᠴᠢᠭᠤᠯᠭᠠᠨ ᠳᠠᠷᠤᠭ᠎ᠠ ᠪᠤᠯᠤᠮᠠᠭᠴᠠ ᠳᠦᠷᠪᠡᠨ ᠤᠶᠢᠷᠠᠳ ᠤᠨ ᠨᠤᠶᠠᠳ ᠢ ᠴᠤᠭᠯᠠᠭᠤᠯᠵᠤ ᠶᠡᠭᠡ ᠬᠤᠷᠠᠯ ᠬᠤᠷᠠᠯᠳᠤᠭᠤᠯᠤᠨ᠂ ᠡᠯ᠎ᠡ ᠠᠶᠢᠮᠠᠭ ᠤᠨ ᠬᠤᠭᠤᠷᠤᠨᠳᠤᠬᠢ ᠬᠠᠷᠢᠴᠠᠭ᠎ᠠ ᠬᠤᠯᠪᠤᠭ᠎ᠠ ᠶᠢ ᠵᠤᠬᠢᠴᠠᠭᠤᠯᠵᠤ᠂ ᠴᠡᠷᠢᠭ ᠵᠠᠰᠠᠭ ᠤᠨ ᠶᠡᠭᠡ ᠭᠡᠷᠡᠭ ᠢ ᠵᠦᠪᠳᠡᠨ᠂ ᠨᠤᠶᠠᠳ ᠤᠨ ᠡᠷᠭᠡ ᠪᠠ ᠬᠠᠷᠠᠴᠤ ᠶᠢᠨ ᠠᠯᠪᠠ ᠶᠢ ᠳᠤᠳᠤᠷᠬᠠᠶᠢᠯᠠᠵᠤ᠂ ᠳᠤᠳᠤᠭᠠᠳᠤ ᠶᠢᠨ ᠡᠮᠬᠢ ᠵᠢᠷᠤᠮ ᠢᠶᠠᠨ ᠲᠢᠭᠯᠡᠵᠦ ᠪᠠᠶᠢᠪᠠ᠃ 1620 ᠤᠨ ᠳᠤ᠂ ᠪᠠᠶᠢᠪᠠᠭᠠᠰ ᠯᠤᠭ᠎ᠠ ᠡᠴᠢᠭᠡ ᠦᠭᠡᠷ᠎ᠡ᠂ ᠡᠬᠡ ᠨᠢᠭᠡᠳᠠᠢ ᠳᠡᠭᠦᠦ ᠴᠦᠭᠦᠷ ︵ᠪᠠᠶᠢᠪᠠᠭᠠᠰ ᠤᠨ ᠦᠶᠡᠯᠢᠳ ᠠᠬ᠎ᠠ ᠶᠠᠳᠠᠢ ᠶᠢᠨ ᠬᠦᠪᠡᠭᠦᠨ︶᠂ ᠳᠦᠷᠪᠡᠳ ᠤᠨ ᠲᠦᠷᠤᠭᠦᠦ ᠳᠠᠯᠠᠢ᠂ ᠳᠤᠷᠭᠤᠳ ᠤᠨ ᠲᠦᠷᠤᠭᠦᠦ ᠦᠷᠯᠦᠭ ᠵᠡᠷᠭᠡ ᠬᠦᠮᠦᠰ ᠤᠷᠤᠰ ᠤᠨ ᠬᠢᠯᠢ ᠳᠤ ᠴᠦᠮᠤᠷᠢᠨ ᠤᠷᠤᠭᠠᠳ ᠶᠡᠬᠡᠪᠡᠷ ᠳᠡᠭᠡᠷᠡᠮᠳᠡᠵᠦ ᠪᠤᠴᠠᠭᠰᠠᠨ ᠳᠤ᠂ ᠴᠠᠭᠠᠨ ᠬᠠᠭᠠᠨ ᠡᠯᠴᠢ ᠳᠤᠮᠢᠯᠠᠨ ᠢᠷᠡᠭᠦᠯᠵᠦ ᠤᠯᠵᠠᠯᠠᠭᠳᠠᠭᠰᠠᠨ ᠬᠦᠮᠤᠰ ᠪᠠ ᠬᠦᠷᠤᠩᠭᠡ ᠮᠠᠯ ᠢᠶᠠᠨ ᠪᠤᠴᠠᠭᠠᠵᠤ ᠠᠪᠠᠴᠢᠬᠤ ᠶᠢ ᠱᠠᠭᠠᠷᠳᠠᠪᠠ᠃ ᠡᠭᠦᠨ ᠳᠤ ᠪᠠᠶᠢᠪᠠᠭᠠᠰ ᠤᠷᠤᠰ ᠯᠤᠭ᠎ᠠ ᠨᠠᠶᠢᠷᠠᠮᠳᠠᠵᠤ ᠪᠤᠰᠤᠳ ᠳᠠᠯ᠎ᠠ ᠶᠢᠨ ᠳᠠᠶᠢᠰᠤᠨ ᠢ ᠡᠰᠡᠷᠭᠦᠴᠡᠬᠦ ᠶᠢᠨ ᠲᠦᠯᠦᠭᠡ᠂ ︽ᠴᠠᠭᠠᠨ ᠬᠠᠭᠠᠨ ᠤ ᠡᠵᠡᠮᠰᠢᠯ ᠨᠤᠳᠤᠭ ᠢ ᠳᠠᠬᠢᠵᠤ ᠳᠠᠭᠠᠷᠢᠨ ᠳᠤᠪᠳᠤᠯᠬᠤ ᠦᠭᠡᠢ᠂ ᠶᠠᠮᠠᠷ ᠴᠤ ᠮᠠᠭᠤ ᠶᠠᠪᠤᠳᠠᠯ ᠬᠢᠬᠦ ᠦᠭᠡᠢ᠂ ᠠᠡᠭ ᠬᠦᠷᠤᠭᠡ ᠬᠢᠬᠦ ᠳᠡᠭᠡᠨ ᠪᠤᠯᠢᠶᠠᠵᠤ ᠳᠡᠭᠡᠷᠡᠮᠳᠡᠬᠦ ᠦᠭᠡᠢ᠂ ᠤᠯᠵᠠᠯᠠᠭᠳᠠᠭᠰᠠᠳ ᠢ ᠴᠦᠮ ᠪᠤᠴᠠᠭᠠᠨ᠎ᠠ︾ ᠭᠡᠵᠦ ᠡᠯᠴᠢ ᠨᠠᠷ ᠲᠤ ᠭᠡᠯᠡᠵᠦ ᠢᠯᠡᠭᠡᠪᠡ᠃ ᠳᠡᠭᠦᠨ ᠤ ᠬᠤᠶᠢᠨ᠎ᠠ᠂ ᠪᠠᠶᠢᠪᠠᠭᠠᠰ ᠬᠠᠰᠠᠭ ᠤᠨ ᠢᠱᠢᠮ ᠬᠠᠨ ᠳᠤ ᠤᠷᠢᠳᠠᠪᠠᠷ ᠨᠠᠶᠢᠷᠠᠮᠳᠠᠯ ᠤᠨ ᠡᠯᠴᠢ ᠶᠠᠪᠤᠭᠤᠯᠵᠤ ᠮᠡᠭᠡᠯᠡᠭᠡᠳ᠂ ᠠᠷᠤ ᠠᠴᠠ ᠨᠢ ᠴᠡᠷᠢᠭ ᠤᠷᠤᠭᠤᠯᠵᠤ᠂ ᠶᠡᠭᠡ ᠤᠷᠳᠤᠨ ᠢ ᠨᠢ ᠭᠡᠨᠡᠳᠡᠭᠦᠯᠤᠨ ᠳᠠᠭᠠᠷᠢᠪᠠ᠃ ᠭᠡᠳᠡᠯ᠎ᠡ ᠡᠨᠡ ᠤᠳᠠᠭ᠎ᠠ ᠶᠢᠨ ᠳᠠᠶᠢᠨ ᠳᠤ ᠪᠠᠶᠢᠪᠠᠭᠠᠰ ᠳᠡᠮᠡᠢ ᠠᠰᠢᠭ ᠤᠯᠤᠭᠰᠠᠨ ᠦᠭᠡᠢ ᠪᠠᠷ ᠪᠤᠴᠠᠵᠠᠢ᠃ 1623 ᠤᠨ ᠳᠤ᠂ ᠬᠠᠯᠬ᠎ᠠ ᠶᠢᠨ ᠤᠪᠠᠰᠢ ᠬᠤᠨᠭ᠌ ᠳᠠᠶᠢᠵᠢ ︵ᠱᠤᠯᠤᠢ︶ ᠪᠤᠯᠤᠨ ᠤᠷᠢᠶᠠᠩᠬᠠᠢ ᠶᠢᠨ ᠰᠠᠶᠢᠨ ᠮᠠᠵᠢᠭ ᠬᠤᠶᠠᠭᠤᠯᠠ ᠨᠠᠢᠮᠠᠨ ᠲᠦᠮᠡᠨ ᠴᠡᠷᠢᠭ ᠠᠪᠴᠤ ᠤᠶᠢᠷᠠᠳ ᠢ ᠳᠤᠪᠳᠤᠯᠬᠤ ᠪᠠᠷ ᠢᠷᠡᠪᠡ᠃ ᠲᠡᠷᠡ ᠦᠶ᠎ᠡ ᠳᠤ᠂ ᠪᠠᠶᠢᠪᠠᠭᠠᠰ ᠲᠦᠷᠤᠭᠦᠦ ᠲᠠᠢ ᠤᠶᠢᠷᠠᠳ ᠤᠨ ᠨᠤᠶᠠᠳ ᠡᠰᠡᠷᠭᠦᠴᠡᠨ ᠪᠠᠶᠢᠯᠳᠤᠭᠠᠳ᠂ ᠤᠪᠠᠰᠢ ᠬᠤᠨᠭ᠌ ᠳᠠᠶᠢᠵᠢ ᠶᠢ ᠠᠯᠠᠭᠰᠠᠨ ᠪᠦᠭᠡᠳ ᠬᠠᠯᠬ᠎ᠠ ᠶᠢᠨ ᠪᠦᠬᠦ ᠴᠡᠷᠢᠭ ᠢ ᠪᠤᠳᠠ ᠨᠢᠷᠭᠡᠪᠡ᠃ ᠡᠭᠦᠨ ᠤ ᠤᠯᠠᠮ ᠠᠴᠠ ᠪᠠᠶᠢᠪᠠᠭᠠᠰ ᠬᠠᠯᠬ᠎ᠠ ᠶᠢᠨ ᠨᠤᠶᠠᠳ ᠤᠨ ᠪᠠᠷᠠᠭᠤᠨᠰᠢ ᠦᠷᠭᠡᠵᠢᠨ ᠲᠦᠷᠢᠬᠦ ᠶᠢ ᠬᠤᠷᠢᠭᠯᠠᠨ ᠴᠢᠳᠠᠭᠰᠠᠨ ᠪᠦᠭᠡᠳ ᠤᠶᠢᠷᠠᠳ ᠤᠨ ᠤᠯᠠᠮ ᠢᠶᠠᠷ ᠬᠦᠴᠤᠷᠭᠡᠭᠵᠢᠨ ᠮᠠᠨᠳᠤᠬᠤ ᠳᠤ ᠪᠠᠳᠤ ᠪᠠᠬᠢ ᠰᠠᠭᠤᠷᠢ ᠶᠢ ᠳᠠᠯᠪᠢᠵᠤ ᠦᠭᠭᠦᠭᠰᠡᠨ ᠶᠤᠮ᠃ 1625 ᠤᠨ ᠤ ᠬᠠᠪᠤᠷ ᠤᠨ ᠡᠬᠢᠨ ᠳᠤ᠂ ᠪᠠᠶᠢᠪᠠᠭᠠᠰ ᠤᠨ ᠳᠡᠭᠦᠦ ᠵᠠᠰᠠᠭᠳᠤ ᠴᠢᠩ ᠪᠠᠭᠠᠳᠤᠷ ᠨᠠᠰᠤ ᠪᠠᠷᠠᠪᠠ᠃ ᠳᠡᠭᠡᠭᠡᠳ ᠪᠠᠶᠢᠪᠠᠭᠠᠰ ᠤᠨ ᠳᠡᠭᠦᠦ ᠴᠦᠭᠦᠷ ᠨᠢ ᠵᠠᠰᠠᠭᠳᠤ ᠴᠢᠩ ᠪᠠᠭᠠᠳᠤᠷ ᠤᠨ ᠠᠷᠠᠳ ᠢᠷᠭᠡᠨ ᠪᠤᠯᠤᠨ ᠠᠳᠤᠭᠤ ᠮᠠᠯ ᠢ ᠭᠠᠭᠴᠠᠭᠠᠷ ᠡᠵᠡᠯᠡᠭᠡᠳ᠂ ᠠᠬ᠎ᠠ ᠪᠠᠶᠢᠪᠠᠭᠠᠰ ᠲᠠᠭᠠᠨ ᠶᠠᠭᠤ ᠴᠤ ᠦᠭᠭᠦᠭᠰᠡᠨ ᠦᠭᠡᠢ ᠪᠠᠶᠢᠵᠠᠢ᠃ ᠡᠭᠦᠨ ᠳᠤ ᠪᠠᠶᠢᠪᠠᠭᠠᠰ ᠶᠡᠭᠡᠳᠡ ᠠᠭᠤᠷᠯᠠᠭᠠᠳ᠂ ᠵᠠᠰᠠᠭᠳᠤ ᠴᠢᠩ ᠪᠠᠭᠠᠳᠤᠷ ᠤᠨ ᠤᠯᠤᠰ ᠪᠠ ᠮᠠᠯ ᠢ ᠴᠦᠭᠦᠷ ᠠᠴᠠ ᠳᠠᠬᠢᠨ ᠪᠤᠯᠢᠶᠠᠵᠤ ᠠᠪᠤᠪᠠ᠃ ᠡᠨᠡ ᠦᠶ᠎ᠡ ᠳᠤ᠂ ᠳᠠᠯᠠᠢ ᠳᠠᠶᠢᠵᠢ ᠮᠢᠩᠭᠠᠨ ᠴᠡᠷᠢᠭ ᠠᠪᠴᠤ ᠠᠬ᠎ᠠ ᠳᠡᠭᠦᠦ ᠬᠤᠶᠠᠷ ᠢ ᠡᠪᠰᠡᠭᠦᠯᠬᠦ ᠪᠠᠷ ᠢᠷᠡᠭᠡᠳ᠂ ᠪᠠᠶᠢᠪᠠᠭᠠᠰ ᠠᠴᠠ ᠵᠠᠰᠠᠭᠳᠤ ᠴᠢᠩ ᠪᠠᠭᠠᠳᠤᠷ ᠤᠨ ᠳᠠᠪᠤᠨ ᠵᠠᠭᠤᠨ ᠬᠦᠮᠤᠨ ᠢ ᠡᠭᠡᠭᠦᠯᠤᠨ ᠠᠪᠴᠤ ᠴᠦᠭᠦᠷ ᠲᠤ ᠪᠤᠴᠠᠭᠠᠨ ᠦᠭᠪᠡ᠃ ᠭᠡᠳᠡᠯ᠎ᠡ ᠵᠠᠰᠠᠭᠳᠤ ᠴᠢᠩ ᠪᠠᠭᠠᠳᠤᠷ ᠤᠨ ᠪᠦᠬᠦ ᠬᠦᠮᠤᠨ ᠪᠠ ᠬᠦᠷᠤᠩᠭᠡ ᠶᠢ ᠴᠦᠮ ᠭᠠᠭᠴᠠᠭᠠᠷ ᠡᠵᠡᠮᠰᠢᠬᠦ ᠰᠠᠨᠠᠭ᠎ᠠ ᠲᠠᠢ ᠪᠠᠶᠢᠭᠰᠠᠨ ᠲᠤᠯᠠ᠂ ᠴᠦᠭᠦᠷ ᠬᠠᠯᠢᠮᠠᠭ ᠤᠨ ᠮᠡᠷᠭᠡᠨ ᠳᠡᠮᠡᠨ᠎ᠡ᠂ ᠬᠦᠶᠡᠩ᠂ ᠳᠠᠪᠤᠨᠳᠠᠢ ᠵᠡᠷᠭᠡ ᠳᠠᠶᠢᠵᠢ ᠨᠠᠷ ᠲᠠᠢ ᠬᠤᠯᠪᠤᠭᠠᠯᠠᠨ᠂ ᠭᠤᠷᠪᠠᠨ ᠲᠦᠮᠡᠨ ᠴᠡᠷᠢᠭ ᠠᠪᠴᠤ ᠪᠠᠶᠢᠪᠠᠭᠠᠰ ᠢ ᠳᠠᠶᠢᠯᠠᠬᠤ ᠪᠠᠷ ᠢᠷᠡᠭᠰᠡᠨ ᠪᠠᠶᠢᠨ᠎ᠠ᠃ ᠡᠨᠡ ᠴᠢᠮᠡᠭᠡ ᠶᠢ ᠬᠠᠷ᠎ᠠ ᠬᠤᠯᠠᠨ ᠨᠠᠷ ᠰᠤᠨᠤᠰᠤᠭᠠᠳ᠂ ᠲᠦᠮᠡᠨ ᠴᠡᠷᠢᠭ ᠠᠪᠴᠤ ᠪᠠᠶᠢᠪᠠᠭᠠᠰ ᠢ ᠳᠤᠰᠠᠯᠠᠬᠤ ᠪᠠᠷ ᠢᠷᠡᠳᠡᠯ᠎ᠡ᠂ ᠴᠦᠭᠦᠷ ᠨᠢᠭᠡᠨᠳᠡ ᠪᠠᠶᠢᠪᠠᠭᠠᠰ ᠢ ᠬᠤᠷᠤᠭᠠᠭᠠᠳ᠂ ᠬᠦᠮᠤᠨ ᠮᠠᠯ ᠢ ᠨᠢ ᠶᠡᠬᠡᠪᠡᠷ ᠪᠤᠯᠢᠶᠠᠨ ᠤᠤᠯᠭᠠᠯᠠᠵᠤ᠂ ᠪᠠᠷᠠᠭᠤᠨᠰᠢ ᠵᠤᠯᠵᠤ ᠶᠠᠪᠤᠭᠰᠠᠨ ᠪᠠᠶᠢᠵᠠᠢ᠃ ᠪᠠᠶᠢᠪᠠᠭᠠᠰ ᠨᠠᠰᠤ ᠪᠠᠷᠠᠭᠰᠠᠨ ᠤ ᠰᠡᠭᠦᠯᠡᠷ᠂ ᠳᠡᠭᠦᠨ ᠤ ᠳᠡᠭᠦᠦ ᠲᠦᠷᠤᠪᠠᠶᠢᠬᠤ ᠬᠦᠤᠰᠢ ᠬᠠᠨ ᠳᠦᠷᠪᠡᠨ ᠤᠶᠢᠷᠠᠳ ᠤᠨ ᠴᠢᠭᠤᠯᠭᠠᠨ ᠳᠠᠷᠤᠭ᠎ᠠ ᠪᠤᠯᠪᠠ᠃ ᠬᠦᠤᠰᠢ ᠬᠠᠨ ᠨᠤᠳᠤᠭ ᠠᠴᠠ ᠪᠠᠨ ᠰᠠᠯᠤᠭᠠᠳ ᠬᠦᠬᠡᠨᠠᠭᠤᠷ᠂ ᠲᠦᠪᠡᠳ ᠲᠤ ᠬᠤᠱᠤᠳ ᠬᠠᠨ ᠤᠷᠳᠤᠨ ᠪᠠᠶᠢᠭᠤᠯᠤᠭᠰᠠᠨ ᠤ ᠳᠠᠷᠠᠭ᠎ᠠ᠂ ᠪᠠᠶᠢᠪᠠᠭᠠᠰ ᠤᠨ ᠬᠦᠪᠡᠭᠦᠨ ᠸᠴᠢᠷᠳᠤ ᠰᠡᠴᠡᠡ ᠬᠠᠨ ᠴᠢᠭᠤᠯᠭᠠᠨ ᠳᠠᠷᠤᠭ᠎ᠠ ᠪᠤᠯᠤᠭᠰᠠᠨ ᠶᠤᠮ᠃ ᠡᠶᠢᠮᠤ ᠠᠴᠠ ᠪᠦᠪᠡᠢ ᠮᠢᠷᠽᠠ ᠠᠴᠠ ᠸᠴᠢᠷᠳᠤ ᠴᠠᠭᠠᠨ ᠬᠠᠨ ᠬᠦᠷᠳᠡᠯ᠎ᠡ ᠵᠠᠭᠤ ᠭᠠᠷᠤᠢ ᠵᠢᠯ ᠤᠨ ᠳᠤᠷᠰᠢ ᠳᠦᠷᠪᠡᠨ ᠤᠶᠢᠷᠠᠳ ᠤᠨ ᠴᠢᠭᠤᠯᠭᠠᠨ ᠳᠠᠷᠤᠭ᠎ᠠ ᠶᠢᠨ ᠪᠠᠶᠢᠷᠢ ᠰᠠᠭᠤᠷᠢ ᠶᠢ ᠴᠦᠮ ᠬᠤᠱᠤᠳ ᠤᠭᠰᠠᠭ᠎ᠠ ᠶᠢᠨ ᠢᠵᠠᠭᠤᠷᠳᠠᠳ ᠠᠳᠬᠤᠵᠤ ᠪᠠᠶᠢᠭᠰᠠᠨ ᠪᠢᠯᠡ᠃ ᠡᠭᠦᠨ ᠤ ᠳᠤᠳᠤᠷ᠎ᠠ ᠪᠠᠶᠢᠪᠠᠭᠠᠰ ᠪᠤᠯ ᠬᠠᠮᠤᠭ ᠤᠨ ᠴᠢᠬᠤᠯᠠ ᠦᠢᠯᠡᠳᠤᠯ ᠦᠵᠡᠭᠦᠯᠦᠭᠰᠡᠨ ᠬᠦᠮᠤᠨ ᠪᠤᠯᠬᠤ ᠪᠦᠭᠡᠳ ᠤᠶᠢᠷᠠᠳ ᠤᠨ ᠬᠦᠴᠤᠷᠭᠡᠭᠵᠢᠨ ᠮᠠᠨᠳᠤᠬᠤ ᠳᠤ ᠴᠤ ᠲᠤᠩ ᠶᠡᠭᠡ ᠬᠤᠪᠢ ᠨᠡᠮᠡᠷᠢ ᠪᠠᠨ ᠦᠵᠡᠭᠦᠯᠦᠭᠰᠡᠨ ᠬᠦᠮᠤᠨ ᠪᠤᠯᠬᠤ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号