ᠣᠶᠢᠷᠠᠳ ᠤᠨ ᠨᠡᠷᠡᠲᠦ ᠬᠥᠮᠥᠰ — ᠠᠪᠤᠯᠠᠢ
ᠨᠡᠶᠢᠲᠡᠯᠡᠭᠰᠡᠨ ᠴᠠᠭ᠄
2019/12/11
ᠠᠪᠤᠯᠠᠢ ᠪᠤᠯ ᠤᠶᠢᠷᠠᠳ ᠤᠨ ᠬᠤᠱᠤᠳ ᠠᠶᠢᠮᠠᠭ ᠤᠨ ᠬᠦᠮᠤᠨ ᠪᠤᠯᠤᠨ᠎ᠠ᠃ ᠳᠡᠭᠦᠨ ᠤ ᠡᠴᠢᠭᠡ ᠨᠢ ᠪᠠᠶᠢᠪᠠᠭᠠᠰ ᠪᠠᠭᠠᠳᠤᠷ ᠨᠤᠶᠠᠨ ᠪᠤᠯᠬᠤ ᠪᠦᠭᠡᠳ ᠡᠬᠡ ᠨᠢ ᠳᠠᠶᠢᠰᠦ᠋ᠡᠭ ᠠᠬ᠎ᠠ ︵ᠬᠠᠳᠤᠨ︶ ᠭᠡᠳᠡᠭ ᠶᠤᠮ᠃ ᠲᠡᠷᠡ ᠪᠤᠯ ᠸᠴᠢᠷᠳᠤ ᠰᠡᠴᠡᠨ ᠬᠠᠨ ᠤ ᠡᠴᠢᠭᠡ ᠨᠢᠭᠡ᠂ ᠡᠬᠡ ᠦᠭᠡᠷ᠎ᠡ ᠳᠡᠭᠦᠦ ᠪᠤᠯᠤᠨ᠎ᠠ᠂ ᠦᠭᠡᠷ᠎ᠡ ᠪᠠᠷ ᠭᠡᠯᠡᠪᠡᠯ ᠪᠠᠶᠢᠪᠠᠭᠠᠰ ᠪᠠᠭᠠᠳᠤᠷ ᠨᠤᠶᠠᠨ ᠤ ᠬᠤᠶᠠᠳᠤᠭᠠᠷ ᠬᠦᠪᠡᠭᠦᠨ ᠪᠤᠯᠬᠤ ᠶᠤᠮ᠃ ᠪᠠᠶᠢᠪᠠᠭᠠᠰ ᠢ ᠨᠠᠰᠤ ᠨᠦᠭᠴᠢᠭᠰᠡᠨ ᠤ ᠳᠠᠷᠠᠭ᠎ᠠ᠂ ᠸᠴᠢᠷᠳᠤ ᠠᠬᠠᠮᠠᠳ ᠬᠦᠪᠡᠭᠦᠨ ᠤ ᠬᠤᠪᠢ ᠪᠠᠷ ᠡᠴᠢᠭᠡ ᠶᠢᠨ ᠢᠶᠠᠨ ᠵᠡᠷᠭᠡ ᠭᠡᠷᠭᠡᠮ ᠢ ᠵᠠᠯᠭᠠᠮᠵᠢᠯᠠᠵᠤ ᠬᠤᠱᠤᠳ ᠠᠶᠢᠮᠠᠭ ᠤᠨ ᠬᠠᠨ ᠪᠤᠯᠤᠭᠰᠠᠨ ᠪᠦᠭᠡᠳ ᠳᠦᠷᠪᠡᠨ ᠤᠶᠢᠷᠠᠳ ᠤᠨ ᠴᠤ ᠴᠢᠬᠤᠯᠠ ᠨᠢᠭᠡᠨ ᠤᠳᠤᠷᠢᠳᠤᠭᠴᠢ ᠪᠤᠯᠪᠠ᠃ ᠳᠡᠶᠢᠨ ᠬᠦ 1643 ᠤᠨ ᠳᠤ᠂ ᠸᠴᠢᠷᠳᠤ ᠰᠡᠴᠡᠨ ᠬᠠᠨ ᠪᠤᠯᠤᠨ ᠪᠠᠭᠠᠳᠤᠷ ᠬᠤᠨᠭ᠌ ᠳᠠᠶᠢᠵᠢ ᠳᠦᠷᠪᠡᠨ ᠤᠶᠢᠷᠠᠳ ᠤᠨ ᠬᠤᠯᠪᠤᠭᠠᠳᠤ ᠴᠡᠷᠢᠭ ᠢ ᠠᠪᠴᠤ᠂ ᠬᠠᠰᠠᠭ ᠤᠨ ᠶᠠᠩᠵᠠᠷ ᠰᠤᠯᠳᠠᠨ ᠢ ᠳᠠᠶᠢᠯᠠᠬᠤ ᠦᠶ᠎ᠡ ᠳᠤ᠂ ᠠᠪᠤᠯᠠᠢ ᠴᠤ ᠤᠷᠤᠯᠴᠠᠭᠰᠠᠨ ᠪᠠᠶᠢᠨ᠎ᠠ᠃ ᠳᠡᠭᠡᠭᠡᠳ ᠠᠪᠤᠯᠠᠢ ᠨᠠᠷ ᠶᠠᠩᠵᠠᠷ ᠤᠨ ᠪᠦᠭᠭᠦᠭᠰᠡᠨ ᠴᠡᠷᠢᠭ ᠲᠤ ᠤᠴᠠᠷᠠᠭᠰᠠᠨ ᠪᠤᠯᠬᠤᠷ ᠰᠠᠨᠠᠮᠰᠠᠷ ᠦᠭᠡᠢ ᠪᠠᠷ ᠶᠡᠭᠡᠳᠡ ᠳᠡᠶᠢᠯᠦᠭᠳᠡᠭᠰᠡᠨ ᠪᠤᠴᠠᠵᠠᠢ᠃ 1652 ᠤᠨ ᠳᠤ᠂ ᠸᠴᠢᠷᠳᠤ ᠰᠡᠴᠡᠡ ᠬᠠᠨ ᠬᠠᠰᠠᠭᠴᠤᠳ ᠠᠴᠠ ᠬᠠᠭᠤᠴᠢᠨ ᠦᠰᠢᠶ᠎ᠡ ᠪᠠᠨ ᠠᠪᠬᠤ ᠶᠢᠨ ᠲᠦᠯᠦᠭᠡ᠂ ᠳᠡᠭᠦᠦ ᠠᠪᠤᠯᠠᠢ ᠳᠠᠭᠠᠨ ᠨᠢᠭᠡᠨ ᠰᠠᠯᠠᠭᠠᠨ ᠤ ᠴᠡᠷᠢᠭ ᠦᠭᠴᠤ᠂ ᠬᠠᠰᠠᠭ ᠤᠨ ᠶᠠᠩᠵᠠᠷ ᠰᠤᠯᠳᠠᠨ ᠲᠠᠢ ᠳᠠᠬᠢᠨ ᠪᠠᠶᠢᠯᠳᠤᠭᠤᠯᠬᠤ ᠪᠠᠷ ᠮᠤᠷᠳᠠᠭᠤᠯᠤᠭᠰᠠᠨ ᠳᠤ ᠠᠪᠤᠯᠠᠢ ᠶᠡᠭᠡᠪᠡᠷ ᠳᠠᠶᠢᠯᠵᠤ ᠪᠤᠴᠠᠭᠰᠠᠨ ᠪᠠᠶᠢᠪᠠ᠃ 1653 ᠤᠨ ᠳᠤ᠂ ᠪᠠᠭᠠᠳᠤᠷ ᠬᠤᠨᠭ᠌ ᠳᠠᠶᠢᠵᠢ ᠨᠠᠰᠤ ᠨᠦᠭᠴᠢᠭᠰᠡᠨ ᠪᠦᠭᠡᠳ ᠳᠡᠭᠦᠨ ᠤ ᠳᠠᠪᠤᠳᠤᠭᠠᠷ ᠬᠦᠪᠡᠭᠦᠨ ᠰᠡᠩᠭᠡ ᠵᠡᠷᠭᠡ ᠭᠡᠷᠭᠡᠮ ᠢ ᠨᠢ ᠵᠠᠯᠭᠠᠮᠵᠢᠯᠠᠵᠤ᠂ ᠴᠤᠷᠤᠰ ᠠᠶᠢᠮᠠᠭ ᠤᠨ ᠬᠠᠨ ᠡᠷᠭᠦᠮᠵᠢᠯᠡᠭᠳᠡᠪᠡ᠃ ᠳᠡᠭᠦᠨᠴᠢᠯᠡᠨ ᠰᠡᠩᠭᠡ ᠴᠤᠷᠤᠰ ᠠᠶᠢᠮᠠᠭ ᠢ ᠵᠠᠬᠢᠷᠬᠤ ᠶᠡᠭᠡ ᠡᠷᠭᠡ ᠶᠢ ᠠᠳᠬᠤᠭᠰᠠᠨ ᠢᠶᠠᠷ ᠪᠠᠷᠠᠬᠤ ᠦᠭᠡᠢ᠂ ᠡᠴᠢᠭᠡ ᠪᠠᠭᠠᠳᠤᠷ ᠬᠤᠨᠭ᠌ ᠳᠠᠶᠢᠵᠢ ᠶᠢᠨ ᠢᠶᠠᠨ ᠵᠠᠬᠢᠷᠴᠤ ᠪᠠᠶᠢᠭᠰᠠᠨ ᠴᠡᠷᠢᠭ ᠠᠷᠠᠳ ᠪᠤᠯᠤᠨ ᠦᠮᠴᠢ ᠬᠦᠷᠤᠩᠭᠡ ᠶᠢᠨ ᠶᠡᠭᠡᠨᠭᠬᠢ ᠭᠡᠰᠡᠭ ᠢ ᠨᠢ ᠬᠤᠪᠢᠶᠠᠨ ᠤᠯᠵᠠᠢ᠃ ᠡᠭᠦᠨ ᠳᠤ ᠠᠬ᠎ᠠ ᠰᠡᠴᠡᠨ ᠪᠤᠯᠤᠨ ᠵᠤᠳᠪᠠ ᠪᠠᠭᠠᠳᠤᠷ ᠳᠤᠷ᠎ᠠ ᠦᠭᠡᠶᠢᠴᠡᠵᠦ᠂ ᠦᠷᠭᠦᠯᠵᠢ ᠭᠡᠷᠡᠭ ᠡᠭᠦᠰᠭᠡᠨ ᠰᠡᠩᠭᠡ ᠶᠢ ᠳᠠᠭᠠᠷᠢᠨ ᠳᠤᠪᠳᠤᠯᠬᠤ ᠪᠤᠯᠪᠠ᠃ ᠡᠨᠡ ᠦᠶ᠎ᠡ ᠳᠤ᠂ ᠸᠴᠢᠷᠳᠤ ᠰᠡᠴᠡᠨ ᠬᠠᠨ ᠪᠠᠭᠠᠳᠤᠷ ᠬᠤᠨᠭ᠌ ᠳᠠᠶᠢᠵᠢ ᠶᠢᠨ ᠬᠠᠤᠯᠢ ᠶᠤᠰᠤᠨ ᠤ ᠵᠠᠯᠭᠠᠮᠵᠢᠯᠠᠭᠴᠢ ᠪᠤᠯᠬᠤ ᠰᠡᠩᠭᠡ ᠶᠢ ᠡᠷᠡᠰ ᠳᠡᠮᠵᠢᠵᠤ ᠪᠠᠶᠢᠭᠰᠠᠨ ᠶᠤᠮ᠃ ᠸᠴᠢᠷᠳᠤ ᠰᠡᠴᠡᠨ ᠬᠠᠨ ᠰᠡᠩᠭᠡ ᠶᠢᠨ ᠳᠠᠯ᠎ᠠ ᠳᠤ ᠵᠤᠭᠰᠤᠵᠤ᠂ ᠰᠡᠴᠡᠨ ᠬᠢᠭᠡᠳ ᠵᠤᠳᠪᠠ ᠪᠠᠭᠠᠳᠤᠷ ᠢ ᠡᠰᠡᠷᠭᠦᠴᠡᠵᠤ ᠪᠤᠢ ᠭᠡᠬᠦ ᠶᠢ ᠰᠤᠨᠤᠰᠤᠭᠠᠳ᠂ ᠠᠪᠤᠯᠠᠢ ᠨᠢ ᠰᠡᠴᠡᠨ ᠪᠤᠯᠤᠨ ᠵᠤᠳᠪᠠ ᠪᠠᠭᠠᠳᠤᠷ ᠲᠠᠢ ᠬᠤᠯᠪᠤᠭᠠᠯᠠᠵᠤ ᠸᠴᠢᠷᠳᠤ ᠰᠡᠴᠡᠨ ᠬᠠᠨ᠂ ᠰᠡᠩᠭᠡ ᠨᠠᠷ ᠢ ᠡᠰᠡᠷᠭᠦᠴᠡᠵᠦ ᠡᠬᠢᠯᠡᠪᠡ᠃ ᠡᠨᠡᠬᠦ ᠲᠡᠮᠡᠴᠡᠯ ᠨᠢ ᠵᠡᠭᠦᠨᠭᠠᠷ ᠤᠨ ᠳᠠᠶᠢᠵᠢ ᠨᠠᠷ ᠤᠨ ᠬᠤᠭᠤᠷᠤᠨᠳᠤᠬᠢ ᠳᠡᠮᠡᠴᠡᠯ ᠪᠠᠶᠢᠭᠰᠠᠨ ᠠᠴᠠ ᠪᠠᠨ ᠠᠯᠭᠤᠷ ᠠᠭᠠᠵᠢᠮ ᠢᠶᠠᠷ ︽ᠤᠶᠢᠷᠠᠳ ᠤᠨ ᠴᠢᠭᠤᠯᠭᠠᠨ︾ ᠤ ᠪᠦᠬᠦ ᠳᠠᠯ᠎ᠠ ᠶᠢ ᠬᠠᠮᠤᠷᠤᠭᠰᠠᠨ ᠳᠠᠶᠢᠨ ᠪᠤᠯᠵᠤ ᠬᠤᠪᠢᠷᠠᠵᠠᠢ᠃ ᠲᠦᠷᠤᠭᠦᠨ ᠤᠳᠠᠭ᠎ᠠ ᠳᠤ᠂ ᠠᠪᠤᠯᠠᠢ ᠤᠯᠠᠨ ᠬᠦᠮᠤᠨ᠂ ᠢᠯᠠᠩᠭᠤᠶ᠎ᠠ ᠽᠠᠶ᠎ᠠ ᠪᠠᠨᠳᠢᠳᠠ ᠪᠠᠷ ᠠᠬᠠᠯᠠᠭᠤᠯᠤᠭᠰᠠᠨ ᠳᠡᠭᠡᠳᠤ ᠯᠠᠮᠠ ᠨᠠᠷ ᠤᠨ ᠢᠳᠬᠠᠯ ᠬᠤᠷᠢᠭᠯᠠᠯ ᠢ ᠳᠠᠭᠠᠬᠤ ᠦᠭᠡᠢ ᠪᠠᠷ ᠬᠤᠶᠠᠷ ᠡᠳᠡᠭᠡᠳ ᠢᠶᠠᠷ ᠢᠶᠠᠨ ᠡᠮᠡᠭᠡᠯ ᠭᠤᠤᠯ ᠤᠨ ᠬᠦᠪᠡᠭᠡ ᠳᠤ ᠴᠡᠷᠢᠭ ᠮᠤᠷᠢ ᠪᠠᠨ ᠴᠤᠭᠯᠠᠭᠤᠯᠵᠤ᠂ ᠪᠠᠶᠢᠯᠳᠤᠨ ᠳᠡᠮᠡᠴᠡᠯᠳᠤᠬᠦ ᠪᠠᠷ ᠪᠤᠯᠵᠤ ᠪᠠᠶᠢᠳᠠᠯ᠎ᠠ᠂ ᠸᠴᠢᠷᠳᠤ ᠰᠡᠴᠡᠨ ᠬᠠᠨ ᠤ ᠬᠤᠶᠠᠳᠤᠭᠠᠷ ᠬᠦᠪᠡᠭᠦᠨ ᠭᠠᠯᠳᠠᠮᠪᠠ ᠪᠤᠯᠤᠨ ᠠᠪᠤᠯᠠᠢ ᠶᠢᠨ ᠬᠦᠪᠡᠭᠦᠨ ᠴᠠᠭᠠᠨ ᠬᠤᠶᠠᠭᠤᠯᠠ ᠪᠠᠶᠢᠯᠳᠤᠭᠠᠨ ᠤ ᠳᠠᠯᠠᠪᠤᠷ ᠤᠨ ᠳᠤᠮᠳᠠ ᠰᠠᠭᠤᠵᠤ ᠰᠢᠳᠠᠷ᠎ᠠ ᠳᠠᠯᠪᠢᠭᠰᠠᠨ ᠳᠤ ᠬᠤᠶᠠᠷ ᠡᠳᠡᠭᠡᠳ ᠢᠶᠠᠷ ᠢᠶᠠᠨ ᠰᠠᠶ᠋ᠢ ᠪᠠᠶᠢᠯᠳᠤᠭᠰᠠᠨ ᠦᠭᠡᠢ ᠪᠠᠷ ᠡᠪᠰᠡᠪᠡ᠃ ᠭᠡᠳᠡᠯ᠎ᠡ ᠳᠡᠮᠡᠢ ᠤᠳᠠᠭᠰᠠᠨ ᠦᠭᠡᠢ ᠬᠤᠶᠠᠷ ᠡᠳᠡᠭᠡᠳ ᠲᠡᠭᠢᠨ ᠡᠪᠳᠡᠷᠡᠯᠴᠡᠵᠦ᠂ ᠳᠠᠶᠢᠨ ᠪᠠᠶᠢᠯᠳᠤᠭᠠᠨ ᠬᠢᠵᠤ ᠡᠬᠢᠯᠡᠭᠰᠡᠨ ᠪᠠᠶᠢᠵᠠᠢ᠃ 1661 ᠤᠨ ᠤ ᠵᠤᠨ ᠤ ᠳᠡᠷᠢᠭᠦᠨ ᠰᠠᠷ᠎ᠠ ᠶᠢᠨ ᠰᠢᠨ᠎ᠡ ᠶᠢᠨ 3 ᠤ ᠡᠳᠤᠷ᠂ ᠠᠪᠤᠯᠠᠢ ᠭᠤᠷᠪᠠᠨ ᠲᠦᠮᠡᠨ ᠴᠡᠷᠢᠭ ᠠᠪᠴᠤ ᠡᠮᠡᠭᠡᠯ ᠤᠨ ᠰᠢᠪᠡᠭᠡᠳᠤ ᠭᠤᠤᠯ ᠳᠤ ᠢᠷᠡᠵᠦ ᠸᠴᠢᠷᠳᠤ ᠰᠡᠴᠡᠨ ᠬᠠᠨ ᠤ ᠭᠤᠷᠪᠠᠨ ᠲᠦᠮᠡᠨ ᠴᠡᠷᠢᠭ ᠲᠠᠢ ᠪᠠᠶᠢᠯᠳᠤᠬᠤ ᠪᠠᠷ ᠬᠤᠶᠠᠷ ᠪᠠᠶᠢᠷᠢ ᠪᠤᠯᠵᠤ ᠨᠢᠭᠤᠷᠠᠯᠳᠤᠪᠠ᠃ ᠸᠴᠢᠷᠳᠤ ᠰᠡᠴᠡᠨ ᠬᠠᠨ ᠢ ᠳᠡᠮᠵᠢᠬᠦ ᠪᠠᠷ ᠵᠡᠭᠦᠨᠭᠠᠷ ᠤᠨ ᠰᠡᠩᠭᠡ ᠬᠤᠨᠭ᠌ ᠳᠠᠶᠢᠵᠢ ᠪᠤᠯᠤᠨ ᠠᠯᠤᠰ ᠬᠤᠯᠠ ᠶᠢᠨ ᠵᠤᠯᠳᠤᠰ᠂ ᠭᠤᠷᠪᠠᠨ ᠳᠠᠱᠬᠠᠢ ᠠᠴᠠ ᠬᠤᠶᠢᠳ ᠰᠤᠯᠳᠠᠨ ᠳᠠᠶᠢᠱᠢ ᠪᠠᠰᠠ ᠡᠮᠡᠭᠡᠯ ᠤᠨ ᠰᠢᠪᠡᠭᠡᠳᠤ ᠳᠤ ᠬᠦᠷᠤᠯᠴᠡᠨ ᠢᠷᠡᠵᠡᠢ᠃ ᠬᠦᠨᠳᠡᠯᠡᠨ ᠤᠪᠠᠰᠢ᠂ ᠰᠡᠴᠡᠨ᠂ ᠵᠤᠳᠪᠠ ᠪᠠᠭᠠᠳᠤᠷ ᠨᠠᠷ ᠮᠦᠨ ᠠᠪᠤᠯᠠᠢ ᠶᠢ ᠳᠡᠮᠵᠢᠬᠦ ᠪᠠᠷ ᠢᠷᠡᠪᠡ᠃ ᠬᠤᠶᠠᠷ ᠡᠳᠡᠭᠡᠳ ᠤᠨ ᠴᠡᠷᠢᠭ ᠠᠩᠬ᠎ᠠ ᠪᠠᠶᠢᠯᠳᠤᠵᠤ ᠡᠬᠢᠯᠡᠬᠦ ᠳᠤ᠂ ᠭᠡᠳᠤᠨ ᠨᠤᠶᠠᠳ ᠦᠷᠡᠭᠳᠡᠭᠰᠡᠨ ᠠᠴᠠ ᠭᠠᠳᠠᠨ᠎ᠠ ᠳᠡᠮᠡᠢ ᠴᠡᠷᠢᠭ ᠬᠤᠬᠢᠷᠠᠭᠰᠠᠨ ᠦᠭᠡᠢ᠃ ᠭᠡᠳᠤᠨ ᠬᠤᠨᠤᠭ ᠤᠨ ᠳᠠᠷᠠᠭ᠎ᠠ ᠠᠪᠤᠯᠠᠢ ᠶᠢᠨ ᠳᠠᠯ᠎ᠠ ᠶᠢᠨ ᠬᠢᠨ ᠳᠠᠷᠤᠭᠳᠠᠭᠰᠠᠨ ᠳᠤ᠂ ᠲᠡᠷᠡ ᠡᠮᠡᠭᠡᠯ ᠭᠤᠤᠯ ᠳᠤ ᠨᠡᠭᠦᠵᠦ ᠤᠴᠢᠭᠠᠳ᠂ ᠸᠴᠢᠷᠳᠤ ᠰᠡᠴᠡᠨ ᠬᠠᠨ ᠤ ᠠᠯᠪᠠᠳᠤ ᠳᠤ ᠤᠤᠯᠠᠭᠠᠴᠢᠨ ᠢᠯᠡᠭᠡᠵᠦ ᠶᠡᠬᠡᠪᠡᠷ ᠳᠡᠭᠡᠷᠡᠮᠳᠡᠭᠦᠯᠪᠡ᠃ ᠰᠡᠭᠦᠯᠡᠷ ᠨᠢ ᠬᠤᠶᠠᠷ ᠡᠳᠡᠭᠡᠳ ᠬᠠᠷᠢᠯᠴᠠᠨ ᠳᠡᠮᠡᠢ ᠬᠠᠯᠳᠠᠯᠴᠠᠬᠤ ᠦᠭᠡᠢ ᠪᠠᠶᠢᠭᠰᠠᠨ ᠪᠤᠯᠪᠠᠴᠤ ᠠᠪᠤᠯᠠᠢ ᠰᠢᠷ᠎ᠠ ᠬᠤᠯᠤᠰᠤᠨ ᠳᠤ ᠪᠠᠶᠢᠭᠰᠠᠨ ᠸᠴᠢᠷᠳᠤ ᠰᠡᠴᠡᠨ ᠬᠠᠨ ᠤ ᠠᠯᠪᠠᠳᠤ ᠨᠠᠷ ᠢ ᠤᠷᠤᠭᠤᠯᠤᠨ ᠠᠪᠴᠤ᠂ ᠸᠴᠢᠷᠳᠤ ᠰᠡᠴᠡᠨ ᠬᠠᠨ ᠤ ᠳᠠᠯ᠎ᠠ ᠶᠢᠨ ᠳᠡᠨᠵᠢᠨ ᠬᠤᠨᠭ᠌ ᠳᠠᠶᠢᠵᠢ ᠪᠤᠯᠤᠨ ᠡᠷᠭᠡ ᠳᠠᠶᠢᠴᠢᠩ ᠤᠭᠵᠤᠳᠪᠠ᠂ ᠠᠪᠤᠯᠠᠢ ᠶᠢᠨ ᠳᠠᠯ᠎ᠠ ᠳᠤ ᠪᠠᠶᠢᠭᠰᠠᠨ ᠬᠦᠨᠳᠡᠯᠡᠨ ᠤᠪᠠᠰᠢ ᠶᠢᠨ ᠲᠤᠯᠤᠳᠤᠭᠠᠷ ᠬᠦᠪᠡᠭᠦᠨ ᠮᠦᠡᠭᠭᠡ ᠶᠢ ᠤᠯᠵᠠᠯᠠᠵᠤ᠂ ᠬᠤᠱᠤᠳ ᠨᠤᠶᠠᠨ ᠪᠤᠶᠠᠨ ᠤᠳᠬᠤᠨ ᠤ ᠬᠦᠪᠡᠭᠦᠨ ᠬᠦᠮᠦᠰᠭᠡ ᠶᠢ ᠠᠯᠠᠵᠤ᠂ ᠠᠯᠪᠠᠳᠤ ᠪᠠᠨ ᠪᠤᠴᠠᠭᠠᠵᠤ ᠠᠪᠤᠭᠰᠠᠠ ᠠᠴᠠ ᠸᠴᠢᠷᠳᠤ ᠰᠡᠴᠡᠨ ᠬᠠᠨ ᠤ ᠳᠠᠯ᠎ᠠ ᠳᠡᠶᠢᠯᠵᠡᠢ᠃ ᠠᠪᠤᠯᠠᠢ ᠳᠠᠶᠢᠵᠢ ᠰᠡᠩᠭᠡ ᠯᠦᠭᠡ ᠦᠵᠡᠯᠴᠡᠬᠦ ᠪᠠᠷ ᠳᠠᠬᠢᠨ ᠢᠷᠡᠭᠰᠡᠨ ᠳᠤ᠂ ᠰᠡᠩᠭᠡ ᠴᠡᠷᠢᠭ ᠲᠠᠢ ᠪᠠᠨ ᠤᠶᠢᠰᠢᠶᠠᠯ ᠦᠭᠡᠢ ᠪᠠᠷ ᠮᠤᠷᠢᠨ ᠠᠴᠠ ᠪᠠᠨ ᠪᠠᠭᠤᠵᠤ ᠡᠰᠡ ᠬᠦᠳᠡᠯᠪᠡ᠃ ᠡᠭᠦᠨ ᠳᠤ ᠠᠪᠤᠯᠠᠢ ᠸᠴᠢᠷᠳᠤ ᠰᠡᠴᠡᠨ ᠬᠠᠨ ᠤ ᠠᠷᠤ ᠳᠠᠯ᠎ᠠ ᠪᠠᠷ ᠳᠠᠭᠠᠷᠢᠭᠠᠳ ᠭᠡᠳᠡᠷᠬᠦ ᠪᠠᠨ ᠪᠦᠰᠡᠯᠡᠭᠳᠡᠵᠦ᠂ ᠭᠡᠰᠡᠭ ᠨᠤᠶᠠᠳ ᠢᠶᠠᠨ ᠬᠤᠷᠤᠭᠳᠠᠭᠤᠯᠵᠠᠢ᠃ ᠲᠡᠷᠡ ᠰᠦᠨᠢ ᠬᠤᠶᠠᠷ ᠡᠳᠡᠭᠡᠳ ᠪᠠᠬᠢᠯᠡᠨ ᠬᠤᠨᠤᠵᠤ᠂ ᠦᠷ ᠴᠠᠶᠢᠬᠤ ᠶᠢᠨ ᠦᠶ᠎ᠡ ᠪᠠᠷ ᠰᠨᠩᠭᠡ ᠴᠡᠷᠢᠭ ᠲᠠᠢ ᠪᠠᠨ ᠠᠪᠤᠯᠠᠢ ᠶᠢᠨ ᠴᠡᠷᠢᠭ ᠤᠨ ᠠᠷᠤ ᠪᠠᠷ ᠫᠤᠤ ᠬᠠᠷᠪᠤᠨ ᠰᠠᠨᠳᠤᠷᠭᠠᠵᠤ᠂ ᠸᠴᠢᠷᠳᠤ ᠰᠡᠴᠡᠨ ᠬᠠᠨ ᠪᠠᠶᠢᠷᠢ ᠶᠢᠨ ᠡᠮᠤᠨ᠎ᠡ ᠡᠩᠨᠡᠭᠡ ᠠᠴᠠ ᠵᠠᠶᠢᠯᠠᠵᠤ ᠲᠦᠰᠤᠷ ᠪᠠᠭᠤᠵᠤ ᠠᠪᠤᠯᠠᠢ ᠶᠢ ᠰᠦᠷᠳᠡᠭᠦᠯᠵᠡᠢ᠃ ᠡᠭᠦᠨ ᠳᠤ ᠠᠪᠤᠯᠠᠢ ᠶᠢᠨ ᠴᠡᠷᠢᠭ ᠪᠦᠷ ᠳᠡᠶᠢᠯᠦᠭᠳᠡᠵᠦ ᠳᠠᠬᠢᠨ ᠡᠮᠡᠭᠡᠯ ᠭᠤᠤᠯ ᠵᠦᠭ ᠵᠤᠯᠤᠨ ᠶᠠᠪᠤᠭᠰᠠᠨ ᠪᠠᠶᠢᠨ᠎ᠠ᠃ ᠸᠴᠢᠷᠳᠤ ᠰᠡᠴᠡᠨ ᠬᠠᠨ ᠤ ᠴᠡᠷᠢᠭ ᠬᠤᠶᠢᠨ᠎ᠠ ᠠᠴᠠ ᠨᠢ ᠨᠡᠭᠡᠨ ᠶᠠᠪᠤᠵᠤ ᠪᠠᠶᠢᠳᠠᠯ᠎ᠠ᠂ ᠭᠠᠯᠳᠠᠮᠪᠠ ᠠᠪᠤᠯᠠᠢ ᠶᠢᠨ ᠴᠡᠷᠢᠭ ᠤᠨ ᠠᠷᠤ ᠠᠴᠠ ᠰᠢᠷᠭᠤᠨ ᠳᠤᠪᠳᠤᠯᠤᠭᠠᠳ ᠭᠡᠳᠡᠷᠬᠦ ᠪᠠᠨ ᠠᠪᠤᠯᠠᠢ ᠳᠤ ᠪᠦᠰᠡᠯᠡᠭᠳᠡᠵᠦ ᠭᠡᠰᠡᠭ ᠨᠤᠶᠠᠳ ᠢᠶᠠᠨ ᠦᠷᠡᠭᠳᠡᠭᠦᠯᠪᠡ᠃ ᠠᠪᠤᠯᠠᠢ ᠳᠠᠶᠢᠵᠢ ᠴᠡᠷᠢᠭ ᠲᠠᠢ ᠪᠠᠨ ᠦᠷᠭᠦᠯᠵᠢᠯᠡᠨ ᠡᠮᠡᠭᠡᠯ ᠭᠤᠤᠯ ᠤᠨ ᠤᠷᠴᠢᠮ ᠤᠨ ᠬᠠᠮᠠᠷ ᠳᠠᠪᠠᠭᠠᠨ ᠢᠶᠠᠷ ᠳᠠᠪᠠᠵᠤ ᠪᠠᠶᠢᠳᠠᠯ᠎ᠠ ᠶᠡᠭᠡ ᠰᠢᠭᠤᠷᠭᠠᠨ ᠳᠤ ᠤᠴᠠᠷᠠᠵᠤ᠂ ᠴᠡᠷᠢᠭ ᠤᠨ ᠠᠭᠳᠠ ᠨᠢ ᠮᠠᠰᠢ ᠤᠯᠠᠨ ᠬᠤᠬᠢᠷᠠᠵᠠᠢ᠃ ᠸᠴᠢᠷᠳᠤ ᠰᠡᠴᠡᠨ ᠬᠠᠨ ᠳᠠᠨᠵᠢᠨ ᠬᠤᠨᠭ᠌ ᠳᠠᠶᠢᠵᠢ ᠪᠠᠷ ᠠᠬᠠᠯᠠᠭᠤᠯᠤᠭᠰᠠᠨ ᠲᠦᠮᠡᠨ ᠤᠤᠯᠠᠭᠠᠴᠢᠨ ᠢ ᠴᠦᠤᠯᠢ ᠶᠢᠨ ᠳᠠᠪᠠᠭᠠᠨ ᠢᠶᠠᠷ ᠠᠪᠤᠯᠠᠢ ᠶᠢᠨ ᠨᠤᠳᠤᠭ ᠲᠤ ᠳᠤᠮᠢᠯᠠᠵᠤ᠂ ᠠᠯᠪᠠᠳᠤ ᠢᠷᠭᠡᠳ ᠤᠨ ᠶᠡᠭᠡᠨᠭᠬᠢ ᠬᠠᠭᠠᠰ ᠢ  ᠨᠢ ᠤᠷᠤᠭᠤᠯᠤᠨ ᠠᠪᠤᠭᠰᠠᠨ ᠪᠠᠶᠢᠨ᠎ᠠ᠃ ᠠᠪᠤᠯᠠᠢ ᠠᠷᠭ᠎ᠠ ᠮᠤᠬᠤᠷᠳᠠᠨ ᠡᠷᠴᠢᠰ ᠭᠤᠤᠯ ᠢ ᠦᠭᠰᠤᠵᠤ ᠪᠢᠱᠢᠭᠡ ᠭᠤᠤᠯ ᠳᠤ ᠪᠠᠶᠢᠭᠰᠠᠨ ᠰᠦᠮ᠎ᠡ ᠳᠡᠭᠡᠨ ᠬᠦᠷᠴᠤ ᠰᠢᠪᠡᠭᠡ ᠳᠡᠭᠡᠨ ᠤᠷᠤᠵᠠᠢ᠃ ᠸᠴᠢᠷᠳᠤ ᠰᠡᠴᠡᠨ ᠬᠠᠨ ᠤ ᠴᠡᠷᠢᠭ ᠳᠡᠭᠦᠨ ᠤ ᠰᠢᠪᠡᠭᠡ ᠶᠢ ᠰᠠᠷ᠎ᠠ ᠢᠯᠡᠭᠦᠦ ᠪᠦᠰᠡᠯᠡᠭᠰᠡᠨ ᠳᠤ᠂ ᠠᠪᠤᠯᠠᠢ ᠶᠢᠨ ᠠᠯᠪᠠᠳᠤ ᠨᠠᠷ ᠤᠨ ᠮᠠᠯ ᠰᠦᠷᠦᠭ ᠶᠡᠭᠡᠳᠡ ᠦᠭᠦᠵᠤ ᠬᠤᠷᠤᠭᠳᠠᠭᠠᠳ ᠭᠠᠢ ᠭᠠᠮᠰᠢᠭ ᠪᠤᠯᠤᠭᠰᠠᠨ ᠪᠠᠶᠢᠨ᠎ᠠ᠃ ᠡᠶᠢᠮᠤ ᠠᠴᠠ ᠠᠪᠤᠯᠠᠢ ᠠᠷᠭ᠎ᠠ ᠪᠤᠰᠤ ᠬᠤᠶᠢᠳᠤ ᠡᠬᠡ ᠰᠠᠶᠢᠬᠠᠨᠵᠤᠯᠠ ᠪᠠᠨ ᠸᠴᠢᠷᠳᠤ ᠰᠡᠴᠡᠨ ᠬᠠᠨ ᠤ ᠳᠡᠷᠭᠡᠳᠡ ᠢᠯᠡᠭᠡᠵᠦ ᠤᠷᠤᠵᠤ ᠦᠭᠬᠦ ᠪᠠᠷ ᠪᠤᠯᠪᠠ᠃ ᠰᠠᠶᠢᠬᠠᠨᠵᠤᠯᠠ ᠬᠠᠳᠤᠨ ᠰᠦᠮ᠎ᠡ ᠠᠴᠠ ᠭᠠᠷᠴᠤ ᠸᠴᠢᠷᠳᠤ ᠰᠡᠴᠡᠨ ᠬᠠᠨ ᠤ ᠳᠡᠷᠭᠡᠳᠡ ᠬᠦᠷᠤᠭᠡᠳ ᠤᠴᠢᠷ ᠶᠠᠪᠤᠳᠠᠯ ᠢ ᠳᠡᠯᠭᠡᠨ ᠦᠭᠦᠯᠡᠭᠰᠡᠨ ᠪᠦᠭᠡᠳ ᠠᠬ᠎ᠠ ᠳᠡᠭᠦᠦ ᠬᠤᠶᠠᠭᠤᠯᠠ ᠶᠢᠨ ᠡᠪᠰᠡᠬᠦ ᠶᠢ ᠬᠦᠰᠡᠪᠡ᠃ ᠪᠠᠭ᠎ᠠ ᠡᠬᠡ ᠰᠠᠶᠢᠬᠠᠨᠵᠤᠯᠠ ᠶᠢᠨ ᠦᠭᠡ ᠶᠢ ᠰᠤᠨᠤᠰᠤᠭᠠᠳ ᠸᠴᠢᠷᠳᠤ ᠰᠡᠴᠡᠨ ᠬᠠᠨ᠄ ︽ᠠᠪᠤᠯᠠᠢ ᠨᠠᠳᠠᠳᠤ ᠪᠤᠷᠤᠭᠤ ᠲᠠᠢ ᠠᠴᠠ ᠪᠢᠰᠢ᠂ ᠪᠢ ᠠᠪᠤᠯᠠᠢ ᠳᠤ ᠪᠤᠷᠤᠭᠤ ᠦᠭᠡᠢ ᠪᠢᠯᠡ᠃ ᠭᠡᠳᠡᠯ᠎ᠡ ᠡᠬᠡ ᠮᠢᠨᠢ ᠭᠡᠯᠡᠵᠤ ᠪᠠᠶᠢᠭ᠎ᠠ ᠲᠤᠯᠠ ᠦᠭᠡᠨ ᠳᠤ ᠴᠢᠨᠢ ᠤᠷᠤᠵᠤ᠂ ᠠᠪᠤᠯᠠᠢ ᠪᠢᠳᠡ ᠬᠤᠶᠠᠭᠤᠯᠠ ᠡᠪᠰᠡᠶ᠎ᠡ︕︾ ᠭᠡᠪᠡ᠃ ᠳᠡᠭᠡᠭᠡᠳ ᠸᠴᠢᠷᠳᠤ ᠰᠡᠴᠡᠨ ᠬᠠᠨ ᠤᠯᠠᠨ ᠨᠤᠶᠠᠳ ᠢᠶᠠᠨ ᠴᠤᠭᠯᠠᠭᠤᠯᠵᠤ᠂᠄ ︽ᠠᠪᠤᠯᠠᠢ ᠶᠢᠨ ᠤᠯᠤᠰ ᠢ ᠪᠤᠴᠠᠭᠠᠵᠤ ᠦᠭᠬᠦ ᠤᠤ︖ ᠦᠭᠡᠢ ᠤᠤ︖ ᠦᠭᠬᠦ ᠳᠤ ᠬᠦᠷᠪᠡᠯ ᠶᠠᠭᠠᠬᠢᠵᠤ ᠦᠭᠬᠦ ᠪᠤᠢ︖︾ ᠭᠡᠮᠡᠨ ᠵᠦᠪᠳᠡᠪᠡ᠃ ᠡᠭᠦᠨ ᠳᠤ ᠵᠠᠷᠢᠮ ᠨᠢ ︽ᠠᠪᠤᠯᠠᠢ ᠳᠤ ᠤᠯᠤᠰ ᠢ ᠨᠢ ᠦᠭᠪᠡᠴᠤ ᠬᠠᠭᠠᠰ ᠢ ᠨᠢ ᠦᠭᠭᠦᠶ᠎ᠡ︾ ᠭᠡᠰᠡᠨ ᠪᠦᠭᠡᠳ ᠵᠠᠷᠢᠮ ᠨᠢ ︽ᠦᠭᠡᠷ᠎ᠡ ᠤᠷᠤᠨ ᠳᠤ ᠬᠦᠭᠡᠭᠡᠵᠦ ᠶᠠᠪᠤᠭᠤᠯᠤᠶ᠎ᠠ︾ ᠭᠡᠪᠡ᠃ ᠡᠨᠡ ᠦᠶ᠎ᠡ ᠳᠤ᠂ ᠮᠠᠯᠠᠢ ᠬᠠᠰᠬ᠎ᠠ᠄ ︽ᠨᠢᠭᠡ ᠪᠤᠯ ᠠᠪᠤᠯᠠᠢ ᠶᠢ ᠠᠯᠠᠬᠤ ᠶᠤᠰᠤᠳᠠᠢ᠂ ᠡᠰᠡᠪᠡᠯ ᠠᠯᠪᠠᠳᠤ ᠪᠠ ᠡᠳ᠋ ᠮᠠᠯ ᠢ ᠨᠢ ᠴᠦᠮ ᠪᠤᠴᠠᠭᠠᠵᠤ ᠦᠭᠬᠦ ᠶᠤᠰᠤᠳᠠᠢ︕︾ ᠭᠡᠪᠡ᠃ ᠡᠨᠡᠬᠦ ᠰᠠᠨᠠᠯ ᠢ ᠰᠡᠩᠭᠡ᠂ ᠭᠠᠯᠳᠠᠮᠪᠠ᠂ ᠳᠠᠨᠵᠢᠨ ᠵᠡᠷᠭᠡ ᠶᠡᠭᠡᠰ ᠨᠤᠶᠠᠳ ᠴᠦᠮ ᠵᠦᠪᠰᠢᠶᠡᠷᠡᠭᠰᠡᠨ ᠪᠤᠯᠪᠠᠴᠤ᠂ ᠴᠤᠬᠤᠮ ᠠᠯᠢ ᠪᠠᠷ ᠨᠢ ᠰᠢᠢᠳᠪᠤᠷᠢᠯᠡᠬᠦ ᠶᠢ ᠳᠤᠭᠳᠠᠭᠠᠵᠤ ᠴᠢᠳᠠᠬᠤ ᠦᠭᠡᠢ ᠪᠠᠶᠢᠭᠰᠠᠨ ᠪᠤᠯᠬᠤᠷ ᠸᠴᠢᠷᠳᠤ ᠰᠡᠴᠡᠨ ᠬᠠᠨ ᠡᠯᠴᠢ ᠳᠤᠮᠢᠯᠠᠵᠤ ᠽᠠᠶ᠎ᠠ ᠪᠠᠨᠳᠢᠳᠠ ᠶᠢᠨ ᠰᠠᠨᠠᠯ ᠢ ᠠᠰᠠᠭᠤᠯᠭᠠᠪᠠ᠃ ᠽᠠᠶ᠎ᠠ ᠪᠠᠨᠳᠢᠳᠠ᠄ ︽ᠪᠤᠯᠬᠤ ᠳᠤ ᠬᠦᠷᠪᠡᠯ ᠠᠪᠤᠯᠠᠢ ᠶᠢᠨ ᠠᠯᠪᠠᠳᠤ ᠪᠠ ᠡᠳ᠋ ᠮᠠᠯ ᠢ ᠴᠦᠮ ᠢ ᠪᠤᠴᠠᠭᠠᠵᠤ ᠦᠭ︕ ᠪᠤᠯᠬᠤ ᠦᠭᠡᠢ ᠴᠤ ᠭᠡᠰᠡᠨ ᠳᠡᠭᠦᠨ ᠢ ᠪᠢᠳᠡᠭᠡᠢ ᠵᠤᠪᠠᠭ᠎ᠠ︕︾ ᠭᠡᠮᠡᠨ ᠭᠡᠯᠡᠵᠦ ᠢᠯᠡᠭᠡᠭᠰᠡᠨ ᠲᠤᠯᠠ ᠸᠴᠢᠷᠳᠤ ᠰᠡᠴᠡᠨ ᠬᠠᠨ ᠠᠪᠤᠯᠠᠢ ᠯᠤᠭ᠎ᠠ ᠡᠪᠰᠡᠭᠡᠳ ᠤᠭ ᠨᠤᠳᠤᠭ ᠲᠠᠭᠠᠨ ᠪᠤᠴᠠᠵᠠᠢ᠃ 1669 ᠤᠨ ᠳᠤ᠂ ᠠᠪᠤᠯᠠᠢ ᠬᠤᠱᠤᠳ᠂ ᠵᠡᠭᠦᠨᠭᠠᠷ᠂ ᠳᠦᠷᠪᠡᠳ᠂ ᠬᠤᠶᠢᠳ ᠵᠡᠷᠭᠡ ᠠᠶᠢᠮᠠᠭ ᠤᠨ ᠳᠦᠷᠪᠡᠨ ᠲᠦᠮᠡᠨ ᠴᠡᠷᠢᠭ ᠢ ᠳᠠᠭᠠᠭᠤᠯᠤᠨ᠂ ᠳᠤᠷᠭᠤᠳᠴᠤᠳ ᠢ ᠵᠡᠭᠦᠨᠭᠠᠷ ᠲᠤ ᠨᠡᠭᠦᠯᠭᠡᠵᠦ ᠠᠪᠴᠢᠷᠠᠬᠤ ᠪᠠᠷ ᠢᠵᠢᠯ ᠮᠦᠷᠡᠨ ᠤ ᠳᠡᠷᠭᠡᠳᠡ ᠬᠦᠷᠤᠭᠡᠳ᠂ ᠱᠦᠭᠦᠷ ᠳᠠᠶᠢᠴᠢᠩ ︵ᠢᠵᠢᠯ — ᠵᠠᠢ ᠶᠢᠨ ᠳᠤᠷᠭᠤᠳᠴᠤᠳ ᠤᠨ ᠲᠦᠷᠤᠭᠦᠦ ᠪᠠᠶᠢᠵᠢ︶ ᠢ ᠠᠮᠢᠳᠤ ᠪᠠᠷ ᠪᠠᠷᠢᠪᠴᠢᠯᠠᠵᠤ᠂ ᠠᠬ᠎ᠠ ᠸᠴᠢᠷᠳᠤ ᠰᠡᠴᠡᠨ ᠬᠠᠨ ᠳᠠᠭᠠᠨ ᠬᠦᠷᠭᠡᠭᠰᠡᠨ ᠪᠦᠭᠡᠳ ᠱᠦᠭᠦᠷ ᠳᠠᠶᠢᠴᠢᠩ ᠤᠨ ᠬᠦᠪᠡᠭᠦᠨ ᠫᠤᠩᠰᠤᠭ ᠢ ᠠᠯᠠᠵᠤ᠂ ᠳᠤᠷᠭᠤᠳ ᠤᠨ ᠨᠢᠭᠡ ᠭᠡᠰᠡᠭ ᠢ ᠡᠵᠡᠯᠡᠭᠡᠳ᠂ ᠢᠵᠢᠯ ᠮᠦᠷᠡᠨ ᠤ ᠬᠠᠯᠢᠮᠠᠭᠴᠤᠳ ᠤᠨ ᠡᠵᠡᠨ ᠪᠤᠯᠬᠤ ᠰᠠᠨᠠᠭ᠎ᠠ ᠲᠠᠢ ᠪᠠᠶᠢᠵᠠᠢ᠃ 1671 ᠤᠨ ᠳᠤ᠂ ᠠᠪᠤᠯᠠᠢ ᠵᠠᠢ ︵ᠤᠷᠠᠯ︶ ᠭᠤᠤᠯ ᠳᠤ ᠳᠤᠷᠭᠤᠳ ᠤᠨ ᠨᠤᠳᠤᠭ ᠲᠤ ᠡᠪᠤᠯᠵᠢᠵᠤ ᠪᠠᠶᠢᠬᠤ ᠳᠠᠭᠠᠨ ᠬᠦᠨᠳᠡᠯᠡᠨ ᠤᠪᠠᠰᠢ ᠶᠢᠨ ᠬᠦᠪᠡᠭᠦᠨ ᠪᠠ ᠳᠦᠷᠪᠡᠳ ᠨᠤᠶᠠᠳ ᠲᠠᠢ ᠤᠯᠵᠠ ᠠᠰᠢᠭ ᠪᠤᠯᠢᠶᠠᠯᠳᠤᠨ ᠡᠪᠳᠡᠷᠡᠯᠴᠡᠵᠦ ᠬᠠᠷᠢᠯᠴᠠᠨ ᠵᠠᠶᠢᠳᠠᠭᠰᠠᠨ ᠢ ᠠᠬ᠎ᠠ ᠸᠴᠢᠷᠳᠤ ᠰᠡᠴᠡᠨ ᠬᠠᠨ ᠮᠡᠳᠡᠭᠡᠳ ᠴᠡᠷᠢᠭ ᠳᠤᠮᠢᠯᠠᠨ ᠳᠠᠶᠢᠴᠢᠩ ︵ᠬᠦᠨᠳᠡᠯᠡᠨ ᠤᠪᠠᠰᠢ ᠶᠢᠨ ᠳᠦᠷᠪᠡᠳᠤᠭᠡᠷ ᠬᠦᠪᠡᠭᠦᠨ ᠡᠷᠭᠡ ᠳᠠᠶᠢᠴᠢᠩ ᠤᠭᠵᠤᠳᠪᠠ︶᠂ ᠲᠦᠭᠦᠷᠭᠡᠭᠴᠢ ︵ᠬᠦᠨᠳᠡᠯᠡᠨ ᠤᠪᠠᠰᠢ ᠶᠢᠨ ᠠᠴᠢ ᠤᠪᠠᠰᠢ ᠬᠤᠨᠭ᠌ ᠳᠠᠶᠢᠵᠢ ᠶᠢᠨ ᠶᠡᠭᠡ ᠬᠦᠪᠡᠭᠦᠨ︶᠂ ᠳᠤᠷᠵᠢ ᠳᠠᠶᠢᠵᠢ ︵ᠬᠦᠨᠳᠡᠯᠡᠨ ᠤᠪᠠᠰᠢ ᠶᠢᠨ ᠭᠤᠷᠪᠠᠳᠤᠭᠠᠷ ᠬᠦᠪᠡᠭᠦᠨ︶ ᠶᠢ ᠤᠷᠤᠭᠤᠯᠵᠤ ᠠᠪᠤᠭᠠᠳ᠂ ᠳᠠᠶᠢᠴᠢᠩ ᠪᠤᠯᠤᠨ ᠲᠦᠭᠦᠷᠭᠡᠭᠴᠢ ᠬᠤᠶᠠᠷ ᠢ ᠪᠠᠷᠠᠭᠤᠨ ᠵᠤᠤ ᠳᠤ ᠢᠯᠡᠭᠡᠪᠡ᠃ 1671 ᠤᠨ ᠳᠤ᠂ ᠠᠪᠤᠯᠠᠢ ᠶᠢ ᠵᠠᠢ ᠭᠤᠤᠯ ᠳᠤ ᠡᠪᠤᠯᠵᠢᠵᠤ ᠪᠠᠶᠢᠳᠠᠯ᠎ᠠ ᠴᠠᠭᠠᠨ ᠰᠠᠷ᠎ᠠ ᠶᠢᠨ ᠦᠶ᠎ᠡ ᠪᠠᠷ ᠳᠤᠷᠭᠤᠳ ᠠᠶᠤᠬᠢ ᠬᠠᠨ ᠳᠤᠷᠭᠤᠳ᠂ ᠳᠦᠷᠪᠡᠳ᠂ ᠬᠤᠱᠤᠳ ᠵᠡᠷᠭᠡ ᠠᠶᠢᠮᠠᠭ ᠤᠨ ᠳᠠᠪᠤᠨ ᠲᠦᠮᠡᠨ ᠴᠡᠷᠢᠭ ᠢ ᠠᠪᠴᠤ ᠢᠵᠢᠯ ᠠᠴᠠ ᠵᠠᠢ ᠳᠤ ᠬᠦᠷᠴᠤ ᠢᠷᠡᠭᠡᠳ᠂ ᠠᠪᠤᠯᠠᠢ ᠶᠢ ᠠᠮᠢᠳᠤ  ᠪᠠᠷ ᠪᠠᠷᠢᠪᠴᠢᠯᠠᠨ ᠠᠪᠴᠤ ᠬᠤᠷᠤᠭᠠᠭᠰᠠᠨ ᠪᠠᠶᠢᠵᠠᠢ᠃ ᠠᠪᠤᠯᠠᠢ ᠶᠢᠨ ᠨᠤᠳᠤᠭ ᠪᠠ ᠰᠦᠮ᠎ᠡ ᠨᠢ ᠳᠦᠷᠪᠡᠨ ᠤᠶᠢᠷᠠᠳ ᠤᠨ ᠬᠠᠮᠤᠭ ᠤᠨ ᠬᠤᠶᠢᠳᠤ ᠵᠠᠬ᠎ᠠ ᠳᠤ ᠪᠠᠶᠢᠭᠰᠠᠨ ᠤᠴᠢᠷ ᠠᠴᠠ ᠤᠷᠤᠰ ᠲᠠᠢ ᠶᠡᠭᠡ ᠳᠤᠳᠤᠨᠤ ᠬᠠᠷᠢᠴᠠᠭ᠎ᠠ  ᠲᠠᠢ ᠪᠠᠶᠢᠪᠠ᠃ ᠤᠷᠤᠰ ᠤᠨ ᠴᠠᠭᠠᠨ ᠬᠠᠭᠠᠨ ᠠᠴᠠ ᠴᠢᠩ ᠤᠯᠤᠰ ᠤᠨ ᠵᠠᠰᠠᠭ ᠤᠨ ᠭᠠᠵᠠᠷ ᠲᠤ ᠶᠠᠪᠤᠭᠤᠯᠤᠭᠰᠠᠨ ᠬᠠᠮᠤᠭ ᠤᠨ ᠠᠩᠬᠠᠨ ᠤ ᠡᠯᠴᠢ ᠶᠢ ᠠᠪᠤᠯᠠᠢ ᠪᠡᠭᠡᠵᠢᠩ ᠬᠤᠳᠠ ᠳᠤ ᠬᠦᠷᠭᠡᠵᠦ ᠦᠭᠭᠦᠭᠰᠡᠨ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号