ᠣᠶᠢᠷᠠᠳ ᠤᠨ ᠨᠡᠷᠡᠲᠦ ᠬᠥᠮᠥᠰ — ᠸᠴᠢᠷᠳᠤ ᠰᠡᠴᠡᠨ ᠬᠠᠨ
ᠨᠡᠶᠢᠲᠡᠯᠡᠭᠰᠡᠨ ᠴᠠᠭ᠄
2019/12/11
ᠸᠴᠢᠷᠳᠤ ᠰᠡᠴᠡᠨ ᠬᠠᠨ ᠪᠤᠯ ᠤᠶᠢᠷᠠᠳ ᠤᠨ ᠬᠤᠱᠤᠳ ᠠᠶᠢᠮᠠᠭ ᠤᠨ ᠬᠦᠮᠤᠨ ᠪᠤᠯᠤᠨ᠎ᠠ᠃ ᠳᠡᠭᠦᠨ ᠢ ᠳᠡᠤᠭᠡᠨ ᠳᠡᠭᠡᠷ᠎ᠡ ᠸᠴᠢᠷᠳᠤ ᠳᠠᠶᠢᠵᠢ ᠭᠡᠳᠡᠭ ᠪᠦᠭᠡᠳ ᠪᠠᠰᠠ ᠸᠴᠢᠷᠳᠤ ᠬᠠᠨ ᠪᠤᠶᠤ ᠸᠴᠢᠷᠳᠤ ᠰᠡᠴᠡᠨ ᠬᠠᠨ ᠭᠡᠮᠡᠨ ᠬᠦᠨᠳᠤᠳᠭᠡᠨ ᠳᠠᠭᠤᠳᠠᠳᠠᠭ ᠪᠠᠶᠢᠪᠠ᠃ ᠸᠴᠢᠷᠳᠤ ᠰᠡᠴᠡᠨ ᠬᠠᠨ ᠤ ᠡᠴᠢᠭᠡ ᠪᠠᠶᠢᠪᠠᠭᠠᠰ ᠪᠤᠯ ᠬᠤᠱᠤᠳ ᠠᠶᠢᠮᠠᠭ ᠤᠨ ᠬᠠᠨ ᠪᠠᠶᠢᠭᠰᠠᠨ ᠪᠦᠭᠡᠳ ᠳᠦᠷᠪᠡᠨ ᠤᠶᠢᠷᠠᠳ ᠤᠨ ᠴᠢᠭᠤᠯᠭᠠᠨ ᠳᠠᠷᠤᠭ᠎ᠠ ᠪᠠᠶᠢᠪᠠ᠃ ᠪᠠᠶᠢᠪᠠᠭᠠᠰ ᠢ ᠨᠠᠰᠤ ᠪᠠᠷᠠᠭᠰᠠᠨ ᠤ ᠳᠠᠷᠠᠭ᠎ᠠ ᠸᠴᠢᠷᠳᠤ ᠠᠬᠠᠮᠠᠳ ᠬᠦᠪᠡᠭᠦᠨ ᠤ ᠬᠤᠪᠢ ᠪᠠᠷ ᠡᠴᠢᠭᠡ ᠶᠢᠨ ᠢᠶᠠᠨ ᠵᠡᠷᠭᠡ ᠭᠡᠷᠭᠡᠮ ᠢ ᠵᠠᠯᠭᠠᠮᠵᠢᠯᠠᠵᠤ᠂ ᠬᠤᠱᠤᠳ ᠠᠶᠢᠮᠠᠭ ᠤᠨ ᠬᠠᠨ ᠪᠤᠯᠤᠭᠰᠠᠨ ᠪᠦᠭᠡᠳ ᠳᠦᠷᠪᠡᠨ ᠤᠶᠢᠷᠠᠳ ᠤᠨ ᠴᠢᠬᠤᠯᠠ ᠨᠢᠭᠡᠨ ᠤᠳᠤᠷᠢᠳᠤᠭᠴᠢ ᠪᠤᠯᠪᠠ᠃ ᠡᠨᠡ ᠦᠶ᠎ᠡ ᠳᠤ᠂ ᠴᠤᠷᠤᠰ ᠠᠶᠢᠮᠠᠭ ᠤᠨ ᠪᠠᠭᠠᠳᠤᠷ ᠬᠤᠨᠭ᠌ ᠳᠠᠶᠢᠵᠢ ᠶᠢᠨ ᠨᠡᠷ᠎ᠡ ᠰᠦᠷ ᠶᠡᠭᠡᠳᠡ ᠮᠠᠨᠳᠤᠵᠤ ᠡᠬᠢᠯᠡᠭᠡᠳ ᠮᠦᠨ ᠳᠦᠷᠪᠡᠨ ᠤᠶᠢᠷᠠᠳ ᠤᠨ ᠴᠢᠬᠤᠯᠠ ᠨᠢᠭᠡᠨ ᠤᠳᠤᠷᠢᠳᠤᠭᠴᠢ ᠪᠤᠯᠪᠠ᠃ ᠡᠶᠢᠮᠤ ᠠᠴᠠ ᠸᠴᠢᠷᠳᠤ ᠰᠡᠴᠡᠨ ᠬᠠᠨ ᠪᠤᠯᠤᠨ ᠪᠠᠭᠠᠳᠤᠷ ᠬᠤᠨᠭ᠌ ᠳᠠᠶᠢᠵᠢ ᠬᠤᠶᠠᠭᠤᠯᠠ ᠴᠦᠮ ᠳᠦᠷᠪᠡᠨ ᠤᠶᠢᠷᠠᠳ ᠢ ᠶᠡᠷᠤᠩᠭᠡᠶᠢᠯᠡᠨ ᠵᠠᠬᠢᠷᠴᠤ ᠪᠠᠶᠢᠭᠰᠠᠨ ᠶᠤᠮ᠃ ᠸᠴᠢᠷᠳᠤ ᠰᠡᠴᠡᠨ ᠬᠠᠨ ᠬᠤᠱᠤᠳ ᠠᠶᠢᠮᠠᠭ ᠤᠨ ᠬᠠᠨ ᠡᠷᠭᠦᠮᠵᠢᠯᠡᠭᠳᠡᠬᠦ ᠦᠶ᠎ᠡ ᠳᠤ᠂ ᠲᠦᠪᠡᠳ ᠤᠨ ︽ᠰᠢᠷ᠎ᠠ ᠶᠢᠨ ᠱᠠᠰᠢᠨ︾ ᠨᠢ ︽ᠤᠯᠠᠭᠠᠨ ᠱᠠᠰᠢᠨ︾ ᠳᠤ ᠶᠡᠭᠡ ᠪᠠᠷ ᠭᠠᠳᠠᠭᠤᠷᠴᠢᠯᠠᠭᠳᠠᠵᠤ ᠪᠠᠶᠢᠭᠰᠠᠨ ᠪᠢᠯᠡ᠃ ᠡᠶᠢᠮᠤ ᠠᠴᠠ ︽ᠰᠢᠷ᠎ᠠ ᠶᠢᠨ ᠱᠠᠰᠢᠨ︾ ᠤ ᠲᠦᠷᠤᠭᠦᠦ ᠪᠤᠶᠤ ᠤᠳᠤᠷᠢᠳᠤᠭᠴᠢᠳ ᠨᠢ ᠤᠶᠢᠷᠠᠳ — ᠮᠤᠩᠭᠤᠯ ᠤᠨ ᠳᠠᠶᠢᠵᠢ ᠨᠠᠷ ᠴᠡᠷᠢᠭ ᠠᠪᠴᠤ ᠲᠦᠪᠡᠳ ᠲᠤ ᠤᠷᠤᠭᠠᠳ᠂ ︽ᠤᠯᠠᠭᠠᠨ ᠱᠠᠰᠢᠨ︾ ᠢ ᠳᠠᠷᠤᠩᠭᠤᠶᠢᠯᠠᠵᠤ ᠦᠭᠬᠦ ᠶᠢ ᠶᠡᠭᠡᠳᠡ ᠬᠦᠰᠡᠵᠦ ᠪᠠᠶᠢᠵᠠᠢ᠃ ᠡᠨᠡᠬᠦ ᠪᠠᠶᠢᠳᠠᠯ ᠢ ᠤᠯᠵᠤ ᠮᠡᠳᠡᠭᠰᠡᠨ ᠤᠶᠢᠷᠠᠳ ᠤᠨ ᠳᠠᠶᠢᠵᠢ ᠨᠠᠷ 1640 ᠤᠨ ᠳᠤ᠂ ᠳᠠᠷᠪᠠᠭᠠᠳᠠᠢ ᠳᠤ ᠴᠢᠭᠤᠯᠭᠠᠨ ᠨᠡᠶᠢᠯᠡᠭᠡᠳ ︽ᠰᠢᠷ᠎ᠠ ᠶᠢᠨ ᠱᠠᠰᠢᠨ︾ ᠢ ᠰᠡᠳᠬᠢᠯ ᠨᠢᠭᠡᠳᠠᠢ ᠪᠠᠷ ᠬᠠᠮᠠᠭᠠᠯᠠᠬᠤ ᠲᠤᠬᠠᠢ ᠳᠤᠭᠳᠠᠭᠠᠯ ᠭᠠᠷᠭᠠᠪᠠ᠃ ᠡᠨᠡᠬᠦ ᠳᠤᠭᠳᠠᠭᠠᠯ ᠨᠢ ᠳᠠᠷᠤᠢ ᠤᠯᠤᠰ ᠤᠨ ᠳᠤᠳᠤᠭᠠᠳᠤ ᠭᠠᠳᠠᠭᠠᠳᠤ ᠳᠤ ᠠᠯᠳᠠᠷ ᠴᠤᠤ ᠮᠠᠨᠳᠤᠭᠰᠠᠨ ︽ᠮᠤᠩᠭᠤᠯ — ᠤᠶᠢᠷᠠᠳ ᠤᠨ ᠶᠡᠭᠡ ᠴᠠᠭᠠᠵᠠ︾ ᠪᠤᠯᠤᠨ᠎ᠠ᠃ ᠲᠤᠰ ᠤᠳᠠᠭ᠎ᠠ ᠶᠢᠨ ᠴᠢᠭᠤᠯᠭᠠᠨ ᠳᠤ᠂ ᠸᠴᠢᠷᠳᠤ ᠰᠡᠴᠡᠨ ᠬᠠᠨ ᠬᠤᠱᠤᠳ ᠠᠶᠢᠮᠠᠭ ᠤᠨ ᠬᠠᠨ ᠤ ᠬᠤᠪᠢ ᠪᠠᠷ ᠤᠷᠤᠯᠴᠠᠪᠠ᠃ ᠡᠭᠦᠨ ᠤ ᠵᠡᠷᠭᠡᠴᠡᠭᠡᠪᠡᠷ ᠲᠡᠷᠡ ᠪᠠᠰᠠ ᠪᠠᠭᠠᠳᠤᠷ ᠬᠤᠨᠭ᠌ ᠳᠠᠶᠢᠵᠢ ᠲᠠᠢ ᠬᠠᠮᠳᠤ ᠪᠠᠷ ᠲᠦᠪᠡᠳ ᠤᠨ ︽ᠤᠯᠠᠭᠠᠨ ᠤ ᠱᠠᠰᠢᠨ︾ ᠢ ᠳᠠᠷᠤᠩᠭᠤᠶᠢᠯᠠᠬᠤ ᠠᠯᠤᠰ ᠬᠤᠯᠠ ᠶᠢᠨ ᠠᠶᠠᠨ ᠳᠠᠶᠢᠨ ᠳᠤ ᠮᠤᠷᠳᠠᠵᠠᠢ᠃ 1643 ᠤᠨ ᠳᠤ᠂ ᠸᠴᠢᠷᠳᠤ ᠰᠡᠴᠡᠨ ᠬᠠᠨ ᠪᠤᠯᠤᠨ ᠪᠠᠭᠠᠳᠤᠷ ᠬᠤᠨᠭ᠌ ᠳᠠᠶᠢᠵᠢ ᠤᠶᠢᠷᠠᠳ ᠤᠨ ᠬᠤᠯᠪᠤᠭᠠᠳᠤ ᠴᠡᠷᠢᠭ ᠢ ᠠᠪᠴᠤ ᠬᠠᠰᠠᠭ ᠤᠨ ᠶᠠᠩᠵᠠᠷ ᠰᠤᠯᠳᠠᠨ ᠢ ᠳᠠᠶᠢᠯᠠᠪᠠ᠃ ᠳᠡᠭᠡᠭᠡᠳ ᠶᠠᠩᠵᠠᠷ ᠤᠨ ᠪᠦᠭᠭᠦᠭᠰᠡᠨ ᠴᠡᠷᠢᠭ ᠲᠤ ᠤᠴᠠᠷᠠᠭᠰᠠᠨ ᠪᠤᠯᠬᠤᠷ ᠶᠡᠭᠡᠳᠡ ᠳᠠᠷᠤᠭᠳᠠᠭᠠᠳ ᠪᠤᠴᠠᠵᠠᠢ᠃ 1647 ᠤᠨ ᠳᠤ᠂ ᠸᠴᠢᠷᠳᠤ ᠰᠡᠴᠡᠨ ᠬᠠᠨ ᠪᠤᠯᠤᠨ ᠳᠡᠭᠦᠨ ᠤ ᠳᠡᠭᠦᠦ ᠠᠪᠤᠯᠠᠢ ᠴᠦᠮ ᠴᠢᠩ ᠤᠯᠤᠰ ᠤᠨ ᠵᠠᠰᠠᠭ ᠤᠨ ᠭᠠᠵᠠᠷ ᠲᠤ ᠡᠯᠴᠢ ᠳᠤᠮᠢᠯᠠᠨ ᠶᠠᠪᠤᠭᠤᠯᠵᠤ ᠠᠯᠪᠠ ᠪᠠᠷᠢᠪᠠ᠃ ᠡᠭᠦᠨ ᠳᠤ ᠡᠶᠡᠪᠡᠷ ᠵᠠᠰᠠᠭᠴᠢ ᠬᠠᠭᠠᠨ ᠶᠡᠭᠡᠳᠡ ᠪᠠᠶᠠᠷᠯᠠᠵᠤ᠂ ᠬᠦᠬᠡᠨᠠᠭᠤᠷ ᠤᠨ ᠬᠤᠱᠤᠳ ᠠᠶᠢᠮᠠᠭ ᠤᠨ ᠬᠦᠤᠱᠢ ᠬᠠᠭᠠᠨ ᠨᠠᠰᠤ ᠪᠠᠷᠠᠭᠰᠠᠨ ᠤ ᠬᠤᠶᠢᠨ᠎ᠠ᠂ ᠸᠴᠢᠷᠳᠤ ᠰᠡᠴᠡᠨ ᠬᠠᠨ ᠢ ︽ᠤᠶᠢᠷᠠᠳ ᠤᠨ ᠳᠡᠷᠢᠭᠦᠨ ᠬᠠᠨ︾ ᠡᠷᠭᠦᠮᠵᠢᠯᠡᠭᠡᠳ᠂ ᠵᠡᠭᠦᠨᠭᠠᠷ ᠤᠨ ᠤᠯᠠᠨ ᠳᠠᠶᠢᠵᠢ ᠶᠢ ᠬᠠᠮᠢᠶᠠᠷᠤᠭᠤᠯᠵᠠᠢ᠃ 1652 ᠤᠨ ᠳᠤ᠂ ᠸᠴᠢᠷᠳᠤ ᠰᠡᠴᠡᠨ ᠬᠠᠨ ᠳᠠᠬᠢᠨ ᠴᠡᠷᠢᠭ ᠳᠤᠮᠢᠯᠠᠵᠤ ᠬᠠᠰᠠᠭ ᠤᠨ ᠶᠠᠩᠵᠠᠷ ᠰᠤᠯᠳᠠᠨ ᠲᠠᠢ ᠪᠠᠶᠢᠯᠳᠤᠭᠤᠯᠤᠭᠠᠳ ᠶᠡᠭᠡᠳᠡ ᠳᠡᠶᠢᠯᠦᠭᠰᠡᠨ ᠪᠠᠶᠢᠪᠠ᠃ 1653 ᠤᠨ ᠳᠤ᠂ ᠴᠤᠷᠤᠰ ᠠᠶᠢᠮᠠᠭ ᠤᠨ ᠪᠠᠭᠠᠳᠤᠷ ᠬᠤᠨᠭ᠌ ᠳᠠᠶᠢᠵᠢ ᠨᠠᠰᠤ ᠨᠦᠭᠴᠢᠭᠰᠡᠨ ᠪᠦᠭᠡᠳ ᠳᠡᠭᠦᠨ ᠤ ᠳᠠᠪᠤᠳᠤᠭᠠᠷ ᠬᠦᠪᠡᠭᠦᠨ ᠰᠡᠩᠭᠡ ᠵᠡᠷᠭᠡ ᠭᠡᠷᠭᠡᠮ ᠢ ᠨᠢ ᠵᠠᠯᠭᠠᠮᠵᠢᠯᠠᠪᠠ᠃ ᠳᠡᠭᠦᠨᠴᠢᠯᠡᠨ ᠰᠡᠩᠭᠡ ᠴᠤᠷᠤᠰ ᠠᠶᠢᠮᠠᠭ ᠢ ᠵᠠᠬᠢᠷᠬᠤ ᠡᠷᠭᠡ ᠶᠢ ᠠᠳᠬᠤᠭᠰᠠᠨ ᠢᠶᠠᠷ ᠪᠠᠷᠠᠬᠤ ᠦᠭᠡᠢ᠂ ᠡᠴᠢᠭᠡ ᠪᠠᠭᠠᠳᠤᠷ ᠬᠤᠨᠭ᠌ ᠳᠠᠶᠢᠵᠢ ᠶᠢᠨ ᠢᠶᠠᠨ ᠦᠮᠴᠢ ᠬᠦᠷᠤᠩᠭᠡ ᠶᠢᠨ ᠴᠤ ᠶᠡᠭᠡᠨᠭᠬᠢ ᠭᠡᠰᠡᠭ ᠢ ᠬᠤᠪᠢᠶᠠᠨ ᠤᠯᠵᠠᠢ᠃ ᠡᠭᠦᠨ ᠤ ᠤᠯᠠᠮ ᠠᠴᠠ ᠠᠬ᠎ᠠ ᠰᠡᠴᠡᠨ ᠪᠤᠯᠤᠨ ᠵᠤᠳᠪᠠ ᠪᠠᠭᠠᠳᠤᠷ ᠳᠤᠷ᠎ᠠ ᠦᠭᠡᠶᠢᠴᠡᠵᠦ᠂ ᠦᠷᠭᠦᠯᠵᠢ ᠭᠡᠷᠡᠭ ᠡᠭᠦᠰᠭᠡᠨ ᠰᠡᠩᠭᠡ ᠶᠢ ᠳᠠᠭᠠᠷᠢᠨ ᠳᠤᠪᠳᠤᠯᠵᠤ ᠪᠠᠶᠢᠪᠠ᠃ ᠡᠨᠡ ᠦᠶ᠎ᠡ ᠳᠤ᠂ ᠸᠴᠢᠷᠳᠤ ᠰᠡᠴᠡᠨ ᠬᠠᠨ ᠪᠠᠭᠠᠳᠤᠷ ᠬᠤᠨᠭ᠌ ᠳᠠᠶᠢᠵᠢ ᠶᠢᠨ ᠬᠠᠤᠯᠢ ᠶᠤᠰᠤᠨ ᠤ ᠵᠠᠯᠭᠠᠮᠵᠢᠯᠠᠭᠴᠢ ᠪᠤᠯᠬᠤ ᠰᠡᠩᠭᠡ ᠶᠢ ᠡᠷᠡᠰ ᠳᠡᠮᠵᠢᠵᠤ ᠪᠠᠶᠢᠭᠰᠠᠨ ᠶᠤᠮ᠃ ᠸᠴᠢᠷᠳᠤ ᠰᠡᠴᠡᠨ ᠬᠠᠨ ᠰᠡᠩᠭᠡ ᠶᠢᠨ ᠳᠠᠯ᠎ᠠ ᠳᠤ ᠵᠤᠭᠰᠤᠵᠤ ᠂ ᠰᠡᠴᠡᠨ ᠪᠤᠯᠤᠨ ᠵᠤᠳᠪᠠ ᠪᠠᠭᠠᠳᠤᠷ ᠢ ᠡᠰᠡᠷᠭᠦᠴᠡᠵᠤ ᠪᠤᠢ ᠭᠡᠮᠡᠨ ᠰᠤᠨᠤᠰᠤᠭᠠᠳ ᠠᠪᠤᠯᠢ ᠶᠡᠭᠡᠳᠡ ᠬᠢᠯᠢᠩᠨᠡᠵᠦ᠂ ᠰᠡᠴᠡᠨ ᠳᠠᠶᠢᠵᠢ ᠵᠡᠷᠭᠡ ᠬᠦᠮᠦᠰ ᠲᠠᠢ ᠬᠤᠯᠪᠤᠭᠠᠯᠠᠨ᠂ ᠸᠴᠢᠷᠳᠤ ᠰᠡᠴᠡᠨ ᠬᠠᠨ ᠪᠤᠯᠤᠨ ᠰᠡᠩᠭᠡ ᠨᠠᠷ ᠢ ᠡᠰᠡᠷᠭᠦᠴᠡᠵᠦ ᠡᠬᠢᠯᠡᠪᠡ᠃ ᠡᠨᠡᠬᠦ ᠳᠡᠮᠡᠴᠡᠯ ᠨᠢ ᠴᠤᠷᠤᠰ ᠠᠶᠢᠮᠠᠭ ᠤᠨ ᠳᠠᠶᠢᠵᠢ ᠨᠠᠷ ᠤᠨ ᠳᠡᠮᠡᠴᠡᠯ ᠪᠠᠶᠢᠭᠰᠠᠨ ᠠᠴᠠ ᠪᠠᠨ ᠠᠯᠭᠤᠷ ᠠᠭᠠᠵᠢᠮ ᠢᠶᠠᠷ ︽ᠤᠶᠢᠷᠠᠳ ᠤᠨ ᠴᠢᠭᠤᠯᠭᠠᠨ︾ ᠤ ᠪᠦᠬᠦ ᠳᠠᠯ᠎ᠠ ᠶᠢᠨ ᠳᠤᠳᠤᠭᠠᠳᠤ ᠶᠢᠨ ᠳᠠᠶᠢᠨ ᠪᠤᠯᠵᠤ ᠬᠤᠪᠢᠷᠠᠵᠠᠢ ᠃ ᠽᠠᠶ᠎ᠠ ᠪᠠᠨᠳᠢᠳᠠ ᠬᠤᠶᠠᠷ ᠡᠳᠡᠭᠡᠳ ᠤᠨ ᠦᠷᠢᠰᠤᠯᠳᠤᠭᠡᠨ ᠢ ᠡᠪᠰᠡᠭᠦᠯᠬᠦ ᠶᠢᠨ ᠲᠦᠯᠦᠭᠡ ᠭᠡᠳᠦ᠋ᠢᠪᠡᠷ ᠡᠳᠤᠢ ᠳᠡᠳᠤᠢ ᠠᠵᠢᠯ ᠬᠢᠭᠰᠡᠨ ᠪᠤᠯᠪᠠᠴᠤ ᠴᠦᠮ ᠠᠮᠵᠢᠯᠳᠠ ᠤᠯᠵᠤ ᠴᠢᠳᠠᠭᠰᠠᠨ ᠦᠭᠡᠢ ᠪᠠᠶᠢᠪᠠ᠃ 1660 ᠤᠨ ᠤ ᠵᠤᠨ᠂ ᠸᠴᠢᠷᠳᠤ ᠰᠡᠴᠡᠨ ᠬᠠᠨ ᠢᠶᠠᠷ ᠤᠳᠤᠷᠢᠳᠤᠭᠤᠯᠤᠭᠰᠠᠨ ᠬᠤᠱᠤᠳ ᠠᠶᠢᠮᠠᠭ ᠪᠤᠯᠤᠨ ᠰᠡᠩᠭᠡ  ᠪᠠᠷ ᠤᠳᠤᠷᠢᠳᠤᠭᠤᠯᠤᠭᠰᠠᠨ ᠴᠤᠷᠤᠰ ᠠᠶᠢᠮᠠᠭ ᠨᠢ ᠳᠠᠷᠬᠠᠠᠢ ᠬᠠᠷ᠎ᠠ ᠬᠤᠵᠢᠷ ᠭᠡᠳᠡᠭ ᠭᠠᠵᠠᠷ ᠬᠤᠷᠠᠮᠳᠤᠨ ᠴᠤᠭᠯᠠᠷᠠᠵᠤ ᠠᠪᠤᠯᠠᠢ ᠶᠢ ᠳᠠᠶᠢᠯᠠᠬᠤ ᠪᠠᠷ ᠪᠡᠯᠡᠳᠭᠡᠪᠡ᠃ ᠡᠭᠦᠨ ᠳᠤ ᠽᠠᠶ᠎ᠠ ᠪᠠᠨᠳᠢᠳᠠ ᠠᠬ᠎ᠠ ᠳᠡᠭᠦᠦ ᠬᠤᠶᠠᠭᠤᠯᠠ ᠶᠢ ᠡᠪᠰᠡᠭᠦᠯᠬᠦ ᠶᠢᠨ ᠲᠦᠯᠦᠭᠡ᠂ ᠸᠴᠢᠷᠳᠤ ᠰᠡᠴᠡᠨ ᠬᠠᠨ ᠪᠤᠯᠤᠨ ᠠᠪᠤᠯᠠᠢ ᠨᠤᠶᠠᠨ ᠢ ᠤᠳᠤᠬᠢ ᠦᠷᠤᠮᠴᠢ ᠶᠢᠨ ᠵᠡᠭᠦᠨ ᠬᠤᠶᠢᠳᠤ ᠭᠡᠰᠡᠭ ᠲᠤ ᠪᠠᠶᠢᠭ᠎ᠠ ᠬᠦᠮ ᠳᠤ ᠤᠷᠢᠵᠤ ᠭᠡᠯᠡᠯᠴᠡᠭᠡᠷ ᠬᠢᠯᠭᠡᠪᠡ᠃ ᠭᠡᠳᠡᠯ᠎ᠡ ᠽᠠᠶ᠎ᠠ ᠪᠠᠨᠳᠢᠳᠠ ᠶᠢᠨ ᠬᠦᠰᠡᠯ  ᠨᠢ ᠪᠡᠶᠡᠯᠡᠭᠳᠡᠵᠦ ᠴᠢᠳᠠᠭᠰᠠᠨ ᠦᠭᠡᠢ ᠪᠠᠶᠢᠵᠠᠢ᠃ 1661 ᠤᠨ ᠤ 4 ᠰᠠᠷ᠎ᠠ ᠳᠤ᠂ ᠬᠤᠶᠠᠷ ᠡᠳᠡᠭᠡᠳ ᠤᠨ ᠴᠡᠷᠢᠭ ᠡᠮᠡᠭᠡᠯ ᠭᠤᠤᠯ ᠤᠨ ᠬᠦᠪᠡᠭᠡ ᠳᠤ ᠳᠠᠬᠢᠨ ᠪᠠᠶᠢᠯᠳᠤᠵᠤ ᠡᠬᠢᠯᠡᠪᠡ᠃ ᠡᠨᠡ ᠤᠳᠠᠭ᠎ᠠ ᠶᠢᠨ ᠪᠠᠶᠢᠯᠳᠤᠭᠠᠨ ᠳᠤ᠂ ᠬᠦᠨᠳᠡᠯᠡᠨ ᠤᠪᠠᠰᠢ ᠨᠢ ᠠᠪᠤᠯᠠᠢ ᠶᠢ ᠳᠡᠮᠵᠢᠭᠰᠡᠨ ᠪᠦᠭᠡᠳ ᠴᠤᠷᠤᠰ ᠠᠶᠢᠮᠠᠭ ᠤᠨ ᠲᠦᠷᠤᠭᠦᠦ ᠰᠡᠩᠭᠡ ᠪᠤᠯᠤᠨ ᠬᠤᠶᠢᠳ ᠠᠶᠢᠮᠠᠭ ᠤᠨ ᠨᠤᠶᠠᠨ ᠰᠦᠷᠳᠤ ᠨᠠᠷ ᠨᠢ ᠸᠴᠢᠷᠳᠤ ᠰᠡᠴᠡᠨ ᠬᠠᠨ ᠢ ᠳᠡᠮᠵᠢᠭᠰᠡᠨ ᠪᠠᠶᠢᠨ᠎ᠠ᠃ ᠬᠤᠶᠠᠷ ᠡᠳᠡᠭᠡᠳ ᠤᠨ ᠴᠡᠷᠢᠭ ᠤᠷᠳᠤ ᠬᠤᠭᠤᠴᠠᠭ᠎ᠠ ᠪᠠᠷ ᠡᠰᠡᠷᠭᠦᠴᠡᠯᠳᠤᠨ ᠪᠠᠶᠢᠯᠳᠤᠭᠰᠠᠨ ᠤ ᠳ᠋ᠦᠡᠭ ᠳᠤ᠂ ᠠᠪᠤᠯᠠᠢ ᠳᠡᠰᠪᠤᠷᠢᠯᠡᠵᠦ ᠴᠢᠳᠠᠬᠤ ᠦᠭᠡᠢ ᠪᠤᠯᠤᠭᠠᠳ ᠠᠯᠭᠤᠷ ᠠᠭᠠᠵᠢᠮ ᠢᠶᠠᠷ ᠬᠤᠶᠢᠰᠢ ᠴᠤᠬᠤᠷᠢᠨ᠂ ᠡᠷᠴᠢᠰ ᠭᠤᠤᠯ ᠤᠨ ᠬᠦᠪᠡᠭᠡᠨ ᠳᠤ ᠬᠦᠷᠦᠭᠰᠡᠨ ᠪᠦᠭᠡᠳ ᠬᠠᠮᠤᠭ ᠰᠡᠭᠦᠯ ᠳᠡᠭᠡᠨ ︽ᠠᠪᠤᠯᠠᠢ ᠰᠦᠮ᠎ᠡ︾ ᠳᠤ ᠴᠤᠬᠤᠷᠢᠨ ᠤᠷᠤᠵᠠᠢ᠃ ᠳᠡᠭᠦᠨᠴᠢᠯᠡᠨ ᠸᠴᠢᠷᠳᠤ ᠰᠡᠴᠡᠨ ᠬᠠᠨ ᠪᠤᠯᠤᠨ ᠰᠡᠩᠭᠡ ᠨᠠᠷ ᠤᠨ ᠴᠡᠷᠢᠭ ᠲᠤᠰ ᠰᠦᠮ᠎ᠡ ᠶᠢ ᠨᠢᠭᠡ ᠰᠠᠷ᠎ᠠ ᠬᠠᠭᠠᠰ ᠪᠦᠰᠡᠯᠡᠨ ᠪᠠᠶᠢᠯᠳᠤᠪᠠ᠃ ᠡᠨᠡ ᠦᠶ᠎ᠡ ᠳᠤ ᠰᠦᠮ᠎ᠡ ᠶᠢᠨ ᠳᠤᠳᠤᠷ᠎ᠠ ᠬᠢᠵᠢᠭ ᠡᠪᠡᠳᠴᠢᠨ ᠳᠡᠯᠭᠡᠷᠡᠵᠦ᠂ ᠬᠦᠮᠤᠨ ᠮᠤᠷᠢ ᠶᠡᠭᠡ ᠪᠠᠷ ᠦᠭᠦᠭᠰᠡᠨ ᠲᠤᠯᠠ᠂ ᠠᠪᠤᠯᠠᠢ ᠠᠷᠭ᠎ᠠ ᠪᠤᠰᠤ ᠬᠤᠶᠢᠳᠤ ᠡᠬᠡ ᠰᠠᠶᠢᠬᠠᠨᠵᠤᠯᠠ ᠪᠠᠨ ᠸᠴᠢᠷᠳᠤ ᠰᠡᠴᠡᠨ ᠬᠠᠨ ᠤ ᠳᠡᠷᠭᠡᠳᠡ ᠢᠯᠡᠭᠡᠵᠦ ᠤᠷᠤᠵᠤ ᠦᠭᠬᠦ  ᠪᠠᠷ ᠪᠤᠯᠪᠠ᠃ 1666 ᠤᠨ ᠳᠤ᠂ ᠸᠴᠢᠷᠳᠤ ᠰᠡᠴᠡᠨ ᠬᠠᠨ ᠲᠦᠪᠡᠳ ᠲᠤ ᠬᠦᠷᠴᠤ᠂ ᠳᠠᠪᠤᠳᠤᠭᠠᠷ ᠳᠦᠷᠢ ᠶᠢᠨ ᠳᠠᠯᠠᠢ ᠯᠠᠮᠠ  ᠯᠤᠭ᠎ᠠ ᠠᠭᠤᠯᠵᠠᠪᠠ᠃ ᠳᠡᠭᠡᠭᠡᠳ ᠳᠠᠯᠠᠢ ᠯᠠᠮᠠ ᠤᠶᠢᠷᠠᠳ ᠮᠤᠩᠭᠤᠯᠴᠤᠳ ᠤᠨ ᠳᠤᠳᠤᠷᠠᠬᠢ ᠸᠴᠢᠷᠳᠤ ᠬᠠᠨ ᠤ ᠪᠠᠶᠢᠷᠢ ᠰᠠᠭᠤᠷᠢ ᠪᠠ ᠨᠦᠯᠦᠭᠡ ᠶᠢ ᠦᠨᠳᠤᠰᠤᠯᠡᠵᠦ ᠳᠡᠭᠦᠨ ᠢ ︽ᠸᠴᠢᠷᠳᠤ ᠰᠡᠴᠡᠨ ᠬᠠᠨ︾ ᠭᠡᠮᠡᠨ ᠡᠷᠭᠦᠮᠵᠢᠯᠡᠨ ᠳᠠᠭᠤᠳᠠᠭᠰᠠᠨ ᠪᠦᠭᠡᠳ ᠳᠤᠰᠬᠠᠶᠢᠯᠠᠨ ᠪᠠᠰᠠ ︽ᠬᠠᠨ ᠤ ᠬᠤᠪᠴᠠᠰᠤ︾ ᠬᠦᠷᠳᠡᠭᠡᠭᠰᠡᠨ ᠪᠠᠶᠢᠨ᠎ᠠ᠃ 1670 ᠤᠨ ᠤ ᠡᠴᠤᠰ ᠲᠤ᠂ ᠰᠡᠴᠡᠨ ᠳᠠᠶᠢᠵᠢ ᠪᠤᠯᠤᠨ ᠵᠤᠳᠪᠠ ᠪᠠᠭᠠᠳᠤᠷ ᠤᠷᠪᠠᠯᠭᠠᠨ ᠭᠠᠷᠭᠠᠵᠤ ᠰᠡᠩᠭᠡ ᠶᠢ ᠠᠯᠠᠭᠰᠠᠨ ᠠᠴᠠ ᠵᠡᠭᠦᠨᠭᠠᠷ ᠠᠶᠢᠮᠠᠭ ᠤᠨ ᠳᠤᠳᠤᠭᠠᠳᠤ ᠳᠤ ᠳᠠᠬᠢᠨ ᠰᠠᠮᠠᠭᠤᠨ ᠳᠡᠭᠳᠡᠪᠡ᠃ ᠲᠦᠪᠡᠳ ᠲᠤ ᠨᠤᠮ ᠰᠤᠷᠴᠤ ᠪᠠᠶᠢᠭᠰᠠᠨ ᠭᠠᠯᠳᠠᠨ ᠠᠬ᠎ᠠ ᠰᠡᠩᠭᠡ ᠶᠢᠨ ᠢᠶᠠᠨ ᠨᠠᠰᠤ ᠨᠦᠭᠴᠢᠭᠰᠡᠨ ᠢ ᠰᠤᠨᠤᠰᠤᠮᠠᠭᠴᠠ᠂ ᠳᠠᠯᠠᠢ ᠯᠠᠮᠠ ᠳᠤ ᠰᠠᠯᠬᠤ ᠶᠤᠰᠤ ᠬᠢᠵᠤ ᠠᠶᠠᠷᠯᠠᠨ ᠰᠠᠯᠵᠤ᠂ ᠵᠡᠭᠦᠨᠭᠠᠷ ᠲᠠᠭᠠᠨ ᠪᠤᠴᠠᠵᠤ ᠢᠷᠡᠭᠡᠳ ᠰᠡᠴᠡᠨ ᠳᠠᠶᠢᠵᠢ ᠪᠤᠯᠤᠨ ᠵᠤᠳᠪᠠ ᠪᠠᠭᠠᠳᠤᠷ ᠢ ᠠᠯᠠᠵᠤ᠂ ᠴᠤᠷᠤᠰ ᠠᠶᠢᠮᠠᠭ ᠤᠨ ᠶᠡᠭᠡ ᠳᠠᠶᠢᠵᠢ ᠶᠢᠨ ᠤᠷᠤ ᠶᠢ ᠵᠠᠯᠭᠠᠮᠵᠢᠯᠠᠪᠠ᠃ ᠠᠶᠢᠮᠠᠭ ᠤᠨ ᠨᠤᠶᠠᠷᠬᠠᠬᠤ ᠡᠷᠭᠡ ᠶᠢ ᠠᠳᠬᠤᠵᠤ ᠠᠪᠤᠭᠰᠠᠨ ᠤ ᠳᠠᠷᠠᠭ᠎ᠠ᠂ ᠭᠠᠯᠳᠠᠨ ᠳᠡᠭᠦᠦ ᠪᠠᠭ᠎ᠠ ᠪᠠᠨᠳᠢ ᠪᠠᠨ ︽ᠰᠡᠩᠭᠡ ᠯᠤᠭ᠎ᠠ ᠬᠤᠤᠪᠢᠯᠳᠤᠯ᠎ᠠ︾ ᠭᠡᠮᠡᠨ ᠪᠠᠶᠢᠯᠳᠤᠨ ᠳᠡᠶᠢᠯᠦᠭᠰᠡᠨ ᠪᠠᠶᠢᠨ᠎ᠠ᠃ ᠸᠴᠢᠷᠳᠤ ᠰᠡᠴᠡᠨ ᠬᠠᠨ ᠭᠠᠯᠳᠠᠨ ᠤ ᠦᠢᠯᠡ ᠠᠵᠢᠯᠯᠠᠭ᠎ᠠ ᠳᠤ ᠳᠤᠷ᠎ᠠ ᠦᠭᠡᠶᠢᠴᠡᠵᠦ ᠪᠠᠶᠢᠭᠰᠠᠨ ᠪᠤᠯᠬᠤᠷ ᠬᠤᠶᠠᠷ ᠡᠳᠡᠭᠡᠳ ᠮᠦᠨ ᠲᠦᠷᠢᠯᠳᠤᠨ ᠦᠷᠢᠰᠤᠯᠳᠤᠵᠦ ᠪᠠᠶᠢᠵᠠᠢ᠃ 1675 ᠤᠨ ᠤ ᠵᠤᠨ᠂ ᠸᠴᠢᠷᠳᠤ ᠰᠡᠴᠡᠨ ᠬᠠᠨ ᠭᠠᠯᠳᠠᠨ ᠤ ᠠᠪᠠᠭ᠎ᠠ ᠴᠦᠭᠦᠷ ᠤᠪᠠᠰᠢ ᠯᠤᠭ᠎ᠠ ᠬᠤᠯᠪᠤᠭᠠᠯᠠᠵᠤ ᠭᠠᠯᠳᠠᠨ ᠢ ᠳᠠᠶᠢᠯᠠᠬᠤ ᠪᠠᠷ ᠬᠦᠳᠡᠯᠪᠡ᠃ ᠳᠡᠭᠡᠭᠡᠳ ᠳᠡᠳᠡᠨ ᠳᠤᠪᠤᠯ ᠨᠠᠭᠤᠷ ᠤᠨ ᠬᠦᠪᠡᠭᠡ ᠪᠠᠷ ᠤᠷᠤᠭᠰᠢᠯᠠᠵᠤ᠂ ᠳᠠᠯᠠᠴᠢ ᠠᠭᠤᠯᠠ ᠶᠢᠨ ᠳᠡᠭᠡᠭᠦᠷ ᠳᠠᠪᠠᠨ᠂ ᠢᠯᠢ ᠶᠢᠨ ᠭᠤᠤᠯ ᠤᠨ ᠰᠠᠪᠠ ᠭᠠᠵᠠᠷ ᠲᠤ ᠨᠡᠪᠳᠡᠷᠡᠨ ᠤᠷᠤᠬᠤ ᠪᠠᠷ ᠲᠦᠯᠦᠪᠯᠡᠵᠦ ᠪᠠᠶᠢᠪᠠ᠃ ᠭᠡᠳᠡᠯ᠎ᠡ ᠭᠠᠯᠳᠠᠨ ᠸᠴᠢᠷᠳᠤ ᠰᠡᠴᠡᠨ ᠬᠠᠨ ᠤ ᠲᠦᠯᠦᠪᠯᠡᠭᠡ ᠶᠢ ᠳᠠᠩᠨᠠᠵᠤ ᠮᠡᠳᠡᠭᠡᠳ᠂ ᠳᠠᠯᠠᠴᠢ ᠠᠭᠤᠯᠠ ᠶᠢᠨ ᠠᠰᠢᠭ ᠲᠠᠢ ᠭᠠᠵᠠᠷ ᠢ ᠤᠷᠢᠳᠴᠢᠯᠠᠨ ᠡᠵᠡᠯᠡᠵᠦ ᠠᠮᠵᠢᠭᠰᠠᠨ ᠪᠤᠯᠬᠤᠷ᠂ ᠸᠴᠢᠷᠳᠤ ᠰᠡᠴᠡᠨ ᠬᠠᠨ ᠵᠤᠷᠢᠯᠭ᠎ᠠ ᠳᠠᠭᠠᠨ ᠬᠦᠷᠴᠤ ᠠᠮᠵᠢᠭᠰᠠᠨ ᠦᠭᠡᠢ ᠪᠠᠶᠢᠵᠠᠢ᠃ 1676 ᠤᠨ ᠤ ᠴᠠᠭᠠᠨ ᠰᠠᠷ᠎ᠠ ᠳᠤ᠂ ᠭᠠᠯᠳᠠᠨ ᠳᠡᠮᠡᠭᠡᠨ ᠬᠦᠵᠤᠭᠦᠦ ᠭᠡᠳᠡᠭ ᠭᠠᠵᠠᠷ ᠠᠴᠠ ᠸᠴᠢᠷᠳᠤ ᠰᠡᠴᠡᠨ ᠬᠠᠨ ᠤ ᠴᠡᠷᠢᠭ ᠢ ᠳᠠᠭᠠᠷᠢᠨ ᠳᠤᠪᠳᠤᠯᠪᠠ᠃ ᠳᠡᠭᠡᠭᠡᠳ ᠸᠴᠢᠷᠳᠤ ᠰᠡᠴᠡᠨ ᠬᠠᠨ ᠶᠡᠭᠡᠳᠡ ᠳᠡᠶᠢᠯᠦᠭᠳᠡᠵᠦ᠂ ᠵᠠᠶᠢᠰᠠᠩ ᠨᠠᠭᠤᠷ ᠵᠦᠭ ᠵᠠᠶᠢᠯᠠᠨ ᠶᠠᠪᠤᠬᠤ ᠵᠠᠮ ᠵᠠᠭᠤᠷ᠎ᠠ ᠪᠠᠨ ᠭᠠᠯᠳᠠᠨ ᠳᠤ ᠠᠯᠠᠭᠳᠠᠵᠠᠢ᠃ ᠳᠡᠭᠦᠨ ᠤ ᠴᠡᠷᠢᠭ ᠤᠨ ᠤᠯᠠᠩᠬᠢ ᠬᠦᠮᠦᠰ ᠨᠢ ᠭᠠᠯᠳᠠᠨ ᠳᠤ ᠤᠯᠵᠠᠯᠠᠭᠳᠠᠭᠰᠠᠨ ᠪᠦᠭᠡᠳ ᠴᠦᠭᠡᠨᠭᠬᠢ ᠨᠢ ᠬᠦᠬᠡᠨᠠᠭᠤᠷ᠂ ᠭᠠᠨᠰᠤ ᠳᠤ ᠵᠤᠯᠵᠤ ᠶᠠᠪᠤᠪᠠ᠃ ᠡᠭᠦᠨ ᠤ ᠬᠠᠮᠳᠤ ᠸᠴᠢᠷᠳᠤ ᠰᠡᠴᠡᠨ ᠬᠠᠨ ᠤ ᠬᠠᠳᠤᠨ ᠳᠤᠷᠵᠢᠷᠠᠪᠳᠠᠨ ᠰᠢᠳᠠᠷ ᠪᠠᠷ᠎ᠠ ᠪᠤᠯᠤᠭᠰᠠᠳ ᠢᠶᠠᠨ ᠠᠪᠴᠤ ᠸᠤᠯᠭ᠎ᠠ ᠮᠦᠷᠡᠨ ᠤ ᠬᠦᠪᠡᠭᠡ ᠳᠤ ᠬᠦᠷᠤᠭᠡᠳ ᠳᠤᠷᠭᠤᠳ ᠠᠶᠢᠮᠠᠭ ᠯᠤᠭ᠎ᠠ ᠨᠡᠶᠢᠯᠡᠵᠡᠢ᠃ ᠸᠴᠢᠷᠳᠤ ᠰᠡᠴᠡᠡ ᠬᠠᠨ ᠪᠤᠯ ᠬᠤᠱᠤᠳ ᠠᠶᠢᠮᠠᠭ ᠤᠨ ᠨᠡᠷᠡᠳᠤ ᠬᠠᠨ ᠪᠤᠯᠬᠤ ᠪᠦᠭᠡᠳ ᠳᠦᠷᠪᠡᠨ ᠤᠢᠢᠷᠠᠳ ᠤᠨ ᠴᠤ ᠴᠢᠬᠤᠯᠠ ᠨᠢᠭᠡᠨ ᠤᠳᠤᠷᠢᠳᠤᠭᠴᠢ ᠪᠤᠯᠬᠤ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号