ᠣᠶᠢᠷᠠᠳ ᠤᠨ ᠨᠡᠷᠡᠲᠦ ᠬᠥᠮᠥᠰ — ᠭᠠᠯᠳᠠᠮᠪᠠ
ᠨᠡᠶᠢᠲᠡᠯᠡᠭᠰᠡᠨ ᠴᠠᠭ᠄
2019/12/11
ᠭᠠᠯᠳᠠᠮᠪᠠ ᠪᠤᠯ ᠤᠶᠢᠷᠠᠳ ᠠᠶᠢᠮᠠᠭ ᠤᠨ ᠬᠤᠱᠤᠳ ᠤᠪᠤᠭᠳᠠᠨ᠂ 1635 ᠤᠨ ᠳᠤ᠂ ᠲᠡᠷᠡ ᠳᠦᠷᠪᠡᠨ ᠤᠶᠢᠷᠠᠳ ᠤᠨ ᠳᠡᠭᠡᠳᠤ ᠡᠷᠭᠡ ᠶᠢ ᠪᠠᠷᠢᠵᠤ ᠪᠠᠶᠢᠭᠰᠠᠨ ᠸᠴᠢᠷᠳᠤ ᠰᠡᠴᠡᠨ ᠬᠠᠨ ᠤ ᠰᠤᠯᠮᠤᠨ ᠬᠠᠳᠤᠨ ᠠᠴᠠ ᠲᠦᠷᠦᠵᠠᠢ᠃ ᠵᠠᠷᠢᠮ ᠳᠡᠤᠭᠡᠨ ᠰᠤᠷᠪᠤᠯᠵᠢ ᠪᠢᠴᠢᠭ ᠲᠤ ᠳᠡᠭᠦᠨ ᠢ ᠪᠠᠰᠠ ︽ᠭᠠᠯᠳᠠᠮᠠᠢ︾ ᠭᠡᠮᠡᠨ ᠳᠡᠮᠳᠡᠭᠯᠡᠳᠡᠭ ᠶᠤᠮ ᠭᠠᠯᠳᠠᠮᠪᠠ ᠠᠷᠪᠠᠨ ᠬᠤᠶᠠᠷ ᠭᠤᠷᠪᠠᠨ ᠨᠠᠰᠤᠳᠠᠢ ᠪᠠᠶᠢᠬᠤ ᠳᠠᠭᠠᠨ ᠤᠶᠢᠷᠠᠳ ᠮᠤᠩᠭᠤᠯᠴᠤᠳ ᠤᠨ ᠡᠷᠳᠡᠨ ᠤ ᠵᠠᠩᠰᠢᠯ ᠢᠶᠠᠷ ᠪᠠᠭ᠎ᠠ ᠨᠠᠰᠤᠨ ᠳᠠᠭᠠᠨ ᠳᠤᠷᠭᠤᠳ ᠤᠨ ᠨᠤᠶᠠᠨ ᠱᠦᠭᠦᠷ ᠳᠠᠶᠢᠴᠢᠩ ᠤᠨ ᠭᠡᠦᠭᠡᠨ ᠲᠠᠢ ᠬᠤᠷᠢᠮᠯᠠᠨ ᠰᠠᠭᠤᠵᠠᠢ᠃ ᠡᠭᠦᠨ ᠤ ᠤᠯᠠᠮ ᠠᠴᠠ ᠳᠦᠷᠪᠡᠨ ᠤᠶᠢᠷᠠᠳ ᠤᠨ ᠳᠤᠳᠤᠷ᠎ᠠ ᠳᠡᠭᠦᠨ ᠤ ᠨᠦᠯᠦᠭᠡ ᠨᠡᠩ ᠶᠡᠭᠡ ᠪᠤᠯᠵᠤ ᠡᠬᠢᠯᠡᠭᠰᠡᠨ ᠶᠤᠮ᠃ ᠲᠦᠪ ᠠᠽᠢᠶ᠎ᠠ ᠳᠤ ᠨᠤᠳᠤᠭ ᠲᠠᠢ᠂ ᠢᠰᠯᠠᠮ ᠤᠨ ᠱᠠᠰᠢᠨ ᠢ ᠰᠢᠳᠤᠳᠡᠭ᠂ ᠲᠦᠷᠺ ᠭᠡᠯᠡ ᠲᠠᠢ᠂ ᠨᠡᠭᠦᠳᠡᠯᠯᠡᠨ ᠮᠠᠯᠵᠢᠳᠠᠭ ᠬᠠᠰᠠᠭ᠂ ᠬᠢᠷᠬᠢᠰᠴᠤᠳ ︵ᠬᠢᠷᠭᠠᠽᠢᠴᠤᠳ︶ ᠲᠤᠬᠠᠢ ᠶᠢᠨ ᠦᠶ᠎ᠡ ᠳᠤ ᠲᠤᠰ ᠭᠠᠵᠠᠷ ᠤᠷᠤᠨ ᠤ ᠪᠠᠨ ᠠᠷᠠᠯᠵᠢᠶ᠎ᠠ ᠬᠤᠳᠠᠯᠳᠤᠭ᠎ᠠ ᠶᠢᠨ ᠲᠦᠪ ᠪᠤᠯᠤᠭᠴᠢ ᠬᠤᠳᠠ ᠪᠠᠯᠭᠠᠰᠤ ᠨᠤᠭᠤᠳ ᠢ ᠡᠵᠡᠯᠡᠨ ᠰᠠᠭᠤᠭᠠᠳ᠂ ᠳᠦᠷᠪᠡᠨ ᠤᠶᠢᠷᠠᠳ ᠤᠨ ᠮᠠᠶᠢᠮᠠᠶ ᠶᠢᠨ ᠵᠠᠮ ᠢ ᠬᠠᠭᠠᠵᠤ ᠪᠠᠶᠢᠭᠰᠠᠨ ᠪᠦᠭᠡᠳ ᠨᠤᠳᠤᠭ ᠤᠰᠤ ᠶᠢ ᠨᠢ ᠴᠤ ᠦᠷᠭᠦᠯᠵᠢ ᠳᠠᠭᠠᠷᠢᠨ ᠳᠤᠪᠳᠤᠯᠵᠤ ᠪᠠᠶᠢᠪᠠ᠃ ᠡᠶᠢᠮᠤ ᠠᠴᠠ ᠤᠶᠢᠷᠠᠳᠴᠤᠤᠨ 1652 ᠤᠨ ᠳᠤ᠂ ᠬᠠᠰᠠᠭ ᠤᠨ ᠶᠠᠩᠵᠠᠷ ᠰᠤᠯᠳᠠᠨ ᠯᠤᠭ᠎ᠠ ᠪᠠᠶᠢᠯᠳᠤᠬᠤ ᠦᠶ᠎ᠡ ᠳᠤ᠂ ᠠᠷᠪᠠᠨ ᠲᠤᠯᠤᠭᠠᠨ ᠨᠠᠰᠤᠳᠠᠢ ᠪᠠᠶᠢᠭᠰᠠᠨ ᠭᠠᠯᠳᠠᠮᠪᠠ ᠪᠠᠰᠠ ᠪᠡᠶ᠎ᠡ ᠪᠠᠷ ᠢᠶᠠᠨ ᠳᠠᠭᠠᠵᠤ ᠮᠤᠷᠳᠠᠭᠰᠠᠨ ᠪᠠᠶᠢᠨ᠎ᠠ᠃ ᠳᠡᠭᠡᠭᠡᠳ ᠪᠦᠬᠦ ᠴᠡᠷᠢᠭ ᠤᠨ ᠡᠮᠤᠨ᠎ᠡ ᠡᠷᠡᠯᠭᠡᠭᠯᠡᠨ ᠪᠠᠶᠢᠯᠳᠤᠵᠤ᠂ ᠶᠠᠩᠵᠠᠷ ᠰᠤᠯᠳᠠᠨ ᠢ ᠶᠡᠭᠡᠳᠡ ᠳᠠᠶᠢᠯᠠᠵᠤ᠂ ᠨᠤᠳᠤᠭ ᠤᠰᠤ ᠶᠢᠨ ᠢᠶᠠᠨ ᠡᠩᠭᠡ ᠠᠮᠤᠭᠤᠯᠠᠩ᠂ ᠠᠷᠠᠳ ᠢᠷᠭᠡᠳ ᠤᠨ ᠢᠶᠠᠨ ᠠᠮᠤᠷ ᠲᠦᠪᠰᠢᠨ ᠢ ᠬᠠᠮᠠᠭᠠᠯᠠᠭᠰᠠᠨ ᠲᠤᠯᠠ᠂ ᠦᠷᠭᠡᠨ ᠤᠯᠠᠨ ᠤᠶᠢᠷᠠᠳᠴᠤᠳ ᠴᠦᠮ ᠭᠠᠯᠳᠠᠮᠪᠠ ᠶᠢ ᠪᠠᠭ᠋ᠠᠷᠤᠨ ᠮᠠᠭᠳᠠᠵᠤ᠂ ᠬᠦᠷᠢᠶᠡᠯᠡᠨ ᠬᠠᠶᠢᠷᠠᠯᠠᠳᠠᠭ ᠪᠤᠯᠤᠭᠰᠠᠨ ᠶᠤᠮ᠃ 1653 ᠤᠨ ᠳᠤ᠂ ᠵᠡᠭᠦᠨᠭᠠᠷ ᠤᠨ ᠪᠠᠭᠠᠳᠤᠷ ᠬᠤᠨᠭ᠌ ᠳᠠᠶᠢᠵᠢ ᠨᠠᠰᠤ ᠨᠦᠭᠴᠢᠭᠰᠡᠨ ᠪᠦᠭᠡᠳ ᠳᠡᠭᠦᠨ ᠤ ᠳᠠᠪᠤᠳᠤᠭᠠᠷ ᠭᠦᠪᠡᠭᠦᠨ ᠰᠡᠩᠭᠡ ᠵᠡᠷᠭᠡ ᠭᠡᠷᠭᠡᠮ ᠢ ᠨᠢ ᠵᠠᠯᠭᠠᠮᠵᠢᠯᠠᠪᠠ᠃ ᠳᠡᠭᠦᠨᠴᠢᠯᠡᠨ ᠰᠡᠩᠭᠡ ᠵᠡᠭᠦᠨᠭᠠᠷ ᠢ ᠵᠠᠬᠢᠷᠬᠤ ᠡᠷᠭᠡ ᠶᠢ ᠠᠳᠬᠤᠭᠰᠠᠨ ᠢᠶᠠᠷ ᠪᠠᠷᠬᠠᠤ ᠦᠭᠡᠢ᠂ ᠡᠴᠢᠭᠡ ᠪᠠᠭᠠᠳᠤᠷ ᠬᠤᠨᠭ᠌ ᠳᠠᠶᠢᠵᠢ ᠶᠢᠨ ᠢᠶᠠᠨ ᠦᠮᠴᠢ ᠬᠦᠷᠤᠩᠭᠡ ᠶᠢᠨ ᠶᠡᠭᠡᠨᠭᠬᠢ ᠭᠡᠰᠡᠭ ᠢ ᠴᠤ ᠬᠤᠪᠢᠶᠠᠨ ᠤᠯᠵᠠᠢ᠃ ᠡᠭᠦᠨ ᠤ ᠤᠯᠠᠮ ᠠᠴᠠ ᠠᠬ᠎ᠠ ᠰᠡᠴᠡᠨ ᠬᠢᠭᠡᠳ ᠵᠤᠳᠪᠠ ᠪᠠᠭᠠᠳᠤᠷ ᠳᠤᠷ᠎ᠠ ᠦᠭᠡᠶᠢᠴᠡᠵᠦ᠂ ᠦᠷᠭᠦᠯᠵᠢ ᠭᠡᠷᠡᠭ ᠡᠭᠦᠰᠭᠡᠨ ᠰᠡᠩᠭᠡ ᠶᠢ ᠳᠠᠭᠠᠷᠢᠨ ᠳᠤᠪᠳᠤᠯᠵᠤ ᠪᠠᠶᠢᠪᠠ᠃ ᠡᠨᠡ ᠦᠶ᠎ᠡ ᠳᠤ᠂ ᠸᠴᠢᠷᠳᠤ ᠰᠡᠴᠡᠨ ᠬᠠᠨ ᠬᠦᠪᠡᠭᠦᠨ ᠭᠠᠯᠳᠠᠮᠪᠠ ᠲᠠᠢ ᠪᠠᠨ ᠪᠠᠭᠠᠳᠤᠷ ᠬᠤᠨᠭ᠌ ᠳᠠᠶᠢᠵᠢ ᠶᠢᠨ ᠬᠠᠤᠯᠢ ᠶᠤᠰᠤᠨ ᠤ ᠵᠠᠯᠭᠠᠮᠵᠢᠯᠠᠭᠴᠢ ᠪᠤᠯᠬᠤ ᠰᠡᠩᠭᠡ ᠶᠢ ᠡᠷᠡᠰ ᠳᠡᠮᠵᠢᠵᠤ ᠪᠠᠶᠢᠭᠰᠠᠨ ᠶᠤᠮ᠃ ᠸᠴᠢᠷᠳᠤ ᠰᠡᠴᠡᠨ ᠬᠠᠨ ᠰᠡᠩᠭᠡ ᠶᠢᠨ ᠳᠠᠯ᠎ᠠ ᠳᠤ ᠵᠤᠭᠰᠤᠵᠤ᠂ ᠰᠡᠴᠡᠨ ᠬᠢᠭᠡᠳ ᠵᠤᠳᠪᠠ ᠪᠠᠭᠠᠳᠤᠷ ᠢ ᠡᠰᠡᠷᠭᠦᠴᠡᠵᠦ ᠪᠤᠢ ᠭᠡᠮᠡᠨ ᠰᠤᠨᠤᠰᠤᠭᠠᠳ ᠠᠪᠤᠯᠠᠢ ᠶᠡᠭᠡᠳᠡ ᠬᠢᠯᠢᠩᠨᠡᠵᠦ᠂ ᠰᠡᠴᠡᠨ ᠵᠡᠷᠭᠡ ᠬᠦᠮᠦᠰ ᠲᠠᠢ ᠬᠤᠯᠪᠤᠭᠠᠯᠠᠨ ᠸᠴᠢᠷᠳᠤ ᠰᠡᠴᠡᠨ ᠬᠠᠨ ᠪᠤᠯᠤᠨ ᠰᠡᠩᠭᠡ ᠨᠠᠷ ᠢ ᠡᠰᠡᠷᠭᠦᠴᠡᠵᠦ ᠡᠬᠢᠯᠡᠪᠡ᠃ ᠡᠨᠡ ᠬᠦ ᠳᠡᠮᠡᠴᠡᠯ ᠨᠢ ᠵᠡᠭᠦᠨᠭᠠᠷ ᠤᠨ ᠳᠠᠶᠢᠵᠢ ᠨᠠᠷ ᠤᠨ ᠳᠡᠮᠡᠴᠡᠯ ᠪᠠᠶᠢᠭᠰᠠᠨ ᠠᠴᠠ ᠪᠠᠨ ᠠᠯᠭᠤᠷ ᠠᠭᠠᠵᠢᠮ ᠢᠶᠠᠷ ︽ᠤᠶᠢᠷᠠᠳ ᠤᠨ ᠴᠢᠭᠤᠯᠭᠠᠨ︾ ᠤ ᠪᠦᠬᠦ ᠳᠠᠯ᠎ᠠ ᠶᠢᠨ ᠳᠤᠳᠤᠭᠠᠳᠤ ᠶᠢᠨ ᠳᠠᠶᠢᠨ ᠪᠤᠯᠵᠤ ᠬᠤᠪᠢᠷᠠᠵᠠᠢ᠃ 1657 ᠤᠨ ᠳᠤ᠂ ᠬᠤᠶᠠᠷ ᠡᠳᠡᠭᠡᠳ ᠤᠨ ᠴᠡᠷᠢᠭ ᠡᠮᠡᠭᠡᠯ ᠭᠤᠤᠯ ᠤᠨ ᠬᠦᠪᠡᠭᠡ ᠳᠤ ᠳᠠᠬᠢᠨ ᠴᠤᠭᠯᠠᠷᠠᠵᠤ ᠡᠬᠢᠯᠡᠵᠡᠢ᠃ ᠭᠡᠳᠡᠯ᠎ᠡ ᠸᠴᠢᠷᠳᠤ ᠰᠡᠴᠡᠨ ᠬᠠᠨ ᠤ ᠬᠦᠪᠡᠭᠦᠨ ᠭᠠᠯᠳᠠᠮᠪᠠ ᠠᠪᠤᠯᠠᠢ ᠶᠢᠨ ᠬᠦᠪᠡᠭᠦᠨ ᠴᠠᠭᠠᠨ ᠯᠤᠭ᠎ᠠ ᠤᠷᠢᠳᠠ ᠠᠴᠠ ᠨᠠᠶᠢᠷ ᠲᠠᠢ ᠪᠠᠶᠢᠭᠰᠠᠨ ᠲᠤᠯᠠ ᠬᠤᠶᠠᠭᠤᠯᠠ ᠪᠠᠶᠢᠯᠳᠤᠭᠠᠨ ᠤ ᠳᠠᠯᠠᠪᠤᠷ ᠤᠨ ᠳᠤᠮᠳᠠ ᠰᠠᠭᠤᠵᠤ ᠰᠢᠳᠠᠷ᠎ᠠ ᠳᠠᠯᠪᠢᠭᠰᠠᠨ ᠳᠤ ᠬᠤᠶᠠᠷ ᠡᠳᠡᠭᠡᠳ ᠢᠶᠠᠷ ᠢᠶᠠᠨ ᠰᠠᠶ᠋ᠢ ᠪᠠᠶᠢᠯᠳᠤᠭᠰᠠᠨ ᠦᠭᠡᠢ ᠪᠠᠷ ᠡᠪᠰᠡᠪᠡ᠃ 1658 ᠤᠨ ᠤ ᠴᠠᠭᠠᠨ ᠰᠠᠷ᠎ᠠ ᠳᠤ᠂ ᠪᠤᠬᠠᠷ ᠤᠨ ᠴᠡᠷᠢᠭ ᠤᠨ ᠨᠤᠶᠠᠨ ᠠᠪᠤᠳᠤᠱᠦ᠋ᠭᠦᠷ ᠤᠶᠢᠷᠠᠳᠴᠤᠳ ᠤᠨ ᠴᠠᠭᠠᠯᠠᠵᠤ ᠨᠠᠶᠢᠷᠯᠠᠵᠤ ᠪᠠᠶᠢᠭᠰᠠᠨ ᠵᠠᠪᠰᠢᠶᠠᠨ ᠢ ᠳᠠᠯᠢᠮᠳᠠᠭᠤᠯᠤᠨ ᠭᠤᠷᠪᠠᠨ ᠲᠦᠮᠡ ᠨᠠᠢᠮᠠᠨ ᠮᠢᠩᠭᠠᠨ ᠴᠡᠷᠢᠭ ᠳᠠᠭᠠᠭᠤᠯᠵᠤ ᠢᠷᠡᠭᠡᠳ ᠳᠠᠯᠠᠰ ᠭᠤᠤᠯ ᠤᠨ ᠠᠳᠠᠭ ᠤᠨ ᠰᠠᠪᠠ ᠭᠠᠵᠠᠷ ᠢ ᠳᠦᠷᠢᠮᠡᠭᠡᠶᠢᠯᠡᠨ ᠳᠤᠪᠳᠤᠯᠪᠠ᠃ ᠲᠡᠷᠡ ᠦᠶ᠎ᠡ ᠳᠤ ᠲᠤᠰ ᠭᠠᠵᠠᠷ ᠤᠷᠤᠨ ᠢ ᠰᠠᠬᠢᠨ ᠬᠠᠮᠠᠭᠠᠯᠠᠵᠤ ᠪᠠᠶᠢᠭᠰᠠᠨ ᠭᠠᠯᠳᠠᠮᠪᠠ ᠤᠶᠢᠷ᠎ᠠ ᠤᠷᠴᠢᠮ ᠤᠨ ᠨᠤᠳᠤᠭ ᠠᠴᠠ ᠦᠭᠡᠯᠡᠳ᠂ ᠬᠤᠱᠤᠳ᠂ ᠳᠦᠷᠪᠡᠳ ᠵᠠᠯᠠᠭᠤᠴᠤᠳ ᠢ ᠭᠤᠷᠪᠠᠨ ᠮᠢᠩᠭ᠎ᠠ ᠢᠯᠡᠭᠦᠦ ᠬᠤᠷᠠᠮᠳᠤᠭᠤᠯᠤᠨ ᠴᠤᠭᠯᠠᠭᠤᠯᠤᠭᠠᠳ ᠦᠪᠡᠷ ᠤᠨ ᠪᠡᠶ᠎ᠡ ᠪᠠᠷ ᠢᠶᠠᠨ ᠵᠠᠬᠢᠷᠤᠨ ᠵᠢᠯᠤᠭᠤᠳᠴᠤ ᠳᠠᠯᠠᠰ ᠭᠤᠤᠯ ᠤᠨ ᠠᠳᠠᠭ ᠲᠠᠬᠢ ᠬᠤᠯᠠᠩ ᠢᠯᠠᠩ ᠭᠡᠮᠡᠬᠦ ᠭᠠᠵᠠᠷ ᠲᠤ ᠪᠠᠶᠢᠭᠰᠠᠨ ᠳᠠᠶᠢᠰᠤᠨ ᠢ ᠦᠷ ᠴᠠᠶᠢᠳᠠᠯ᠎ᠠ ᠬᠠᠷᠢᠭᠤ ᠳᠠᠭᠠᠷᠢᠭᠠᠳ ᠬᠦᠦ ᠶᠢᠨ ᠠᠮᠠ ᠭᠡᠬᠦ ᠭᠠᠵᠠᠷ ᠲᠤ ᠬᠦᠷᠳᠡᠯ᠎ᠡ ᠬᠦᠭᠡᠭᠡᠵᠦ᠂ ᠠᠪᠤᠳᠤᠱᠦ᠋ᠭᠦᠷ ᠢ ᠴᠤ ᠠᠮᠢᠳᠤ ᠪᠠᠷ ᠪᠠᠷᠢᠪᠴᠢᠯᠠᠨ ᠠᠯᠠᠭᠰᠠᠨ ᠪᠠᠶᠢᠨ᠎ᠠ᠃ ᠳᠡᠭᠦᠨᠴᠢᠯᠡᠨ ᠳᠠᠶᠢᠰᠤᠨ ᠤ ᠴᠡᠷᠢᠭ ᠤᠨ ᠳᠤᠳᠤᠷ᠎ᠠ ᠠᠴᠠ ᠰᠠᠭ᠎ᠠ ᠬᠤᠵᠢᠶ᠎ᠠ ᠪᠠᠷ ᠠᠬᠠᠯᠠᠭᠤᠯᠤᠭᠰᠠᠨ ᠭᠤᠷᠪᠠᠨ ᠵᠠᠭᠤᠨ ᠬᠦᠮᠤᠨ ᠭᠡᠭᠡᠷ᠎ᠡ ᠪᠠᠭᠤᠵᠤ ᠡᠩᠨᠡᠭᠡ ᠠᠴᠠ ᠪᠠᠨ ᠬᠤᠴᠤᠷᠤᠭᠠᠳ ᠰᠠᠶᠢᠨ ᠳᠤᠷ᠎ᠠ ᠠᠴᠠ ᠪᠠᠨ ᠤᠶᠢᠷᠠᠳᠴᠤᠳ ᠲᠤ ᠤᠷᠤᠵᠤ ᠦᠭᠭᠦᠭᠰᠡᠨ ᠳᠤ᠂ ᠭᠠᠯᠳᠠᠮᠪᠠ ᠳᠡᠳᠡᠨ ᠢ ᠤᠷᠤᠭᠤᠯᠵᠤ ᠠᠪᠤᠭᠠᠳ ᠦᠽᠪᠧᠺ ᠤᠨ ᠵᠠᠬ᠎ᠠ ᠳᠠᠬᠢ ᠨᠢᠭᠡᠨ ᠪᠠᠯᠭᠠᠰᠤᠨ ᠳᠤ ᠬᠦᠷᠭᠡᠵᠦ ᠰᠤᠯᠠᠯᠠᠨ ᠳᠠᠯᠪᠢᠵᠠᠢ᠃ 1667 ᠤᠨ ᠳᠤ᠂ ᠠᠪᠤᠯᠠᠢ ᠰᠢᠷ᠎ᠠ ᠬᠤᠯᠤᠰᠤᠨ ᠳᠤ ᠪᠠᠶᠢᠭᠰᠠᠨ ᠭᠠᠯᠳᠠᠮᠪᠠ ᠶᠢᠨ ᠡᠴᠢᠭᠡ ᠸᠴᠢᠷᠳᠤ ᠰᠡᠴᠡᠨ ᠬᠠᠨ ᠤ ᠠᠯᠪᠠᠳᠤ ᠨᠠᠷ ᠢ ᠤᠷᠤᠭᠤᠯᠤᠨ ᠠᠪᠴᠤ᠂ ᠸᠴᠢᠷᠳᠤ ᠰᠡᠴᠡᠨ ᠬᠠᠨ ᠤ ᠳᠠᠯ᠎ᠠ ᠶᠢᠨ ᠳ᠋ᠠᠨᠵᠢᠨ ᠬᠤᠨᠭ᠌ ᠳᠠᠶᠢᠵᠢ ᠪᠤᠯᠤᠨ ᠡᠷᠭᠡ ᠳᠠᠶᠢᠴᠢᠩ ᠤᠭᠵᠤᠳᠪᠠ ᠨᠢ ᠠᠪᠤᠯᠠᠢ ᠶᠢᠨ ᠳᠠᠯ᠎ᠠ ᠳᠤ ᠪᠠᠶᠢᠭᠰᠠᠨ ᠬᠦᠨᠳᠡᠯᠡᠨ ᠤᠪᠠᠰᠢ ᠶᠢᠨ ᠲᠤᠯᠤᠳᠤᠭᠠᠷ ᠬᠦᠪᠡᠭᠦᠨ ᠮᠦᠡᠭᠭᠡ ᠶᠢ ᠤᠯᠵᠠᠯᠠᠵᠤ᠂ ᠬᠤᠱᠤᠳ ᠨᠤᠶᠠᠨ ᠪᠤᠶᠠᠨ ᠤᠳᠬᠤᠨ ᠤ ᠬᠦᠪᠡᠭᠦᠨ ᠬᠦᠮᠦᠰᠭᠡ ᠶᠢ ᠠᠯᠠᠵᠤ᠂ ᠠᠯᠪᠠᠳᠤ ᠪᠠᠨ ᠪᠤᠴᠠᠭᠠᠵᠤ ᠠᠪᠤᠭᠰᠠᠨ ᠠᠴᠠ ᠸᠴᠢᠷᠳᠤ ᠰᠡᠴᠡᠨ ᠬᠠᠨ ᠤ ᠳᠠᠯ᠎ᠠ ᠳᠡᠶᠢᠯᠵᠡᠢ᠃ ᠠᠪᠤᠯᠠᠢ ᠳᠠᠶᠢᠵᠢ ᠰᠡᠩᠭᠡ ᠯᠦᠭᠡ ᠦᠵᠡᠯᠴᠡᠬᠦ ᠪᠠᠷ ᠳᠠᠬᠢᠨ ᠢᠷᠡᠭᠰᠡᠨ ᠳᠤ᠂ ᠰᠡᠩᠭᠡ ᠴᠡᠷᠢᠭ ᠲᠠᠢ ᠪᠠᠨ ᠤᠶᠢᠰᠢᠶᠠᠯ ᠦᠭᠡᠢ ᠪᠠᠷ ᠮᠤᠷᠢᠨ ᠠᠴᠠ ᠪᠠᠨ ᠪᠠᠭᠤᠵᠤ ᠡᠰᠡ ᠬᠦᠳᠡᠯᠪᠡ᠃ ᠡᠭᠦᠨ ᠳᠤ ᠠᠪᠤᠯᠠᠢ ᠸᠴᠢᠷᠳᠤ ᠰᠡᠴᠡᠨ ᠬᠠᠨ ᠤ ᠠᠷᠤ ᠳᠠᠯ᠎ᠠ ᠪᠠᠷ ᠳᠠᠭᠠᠷᠢᠭᠠᠳ ᠭᠡᠳᠡᠷᠬᠦ ᠪᠠᠨ ᠪᠦᠰᠡᠯᠡᠭᠳᠡᠵᠦ ᠭᠡᠰᠡᠭ ᠨᠤᠶᠠᠳ ᠢᠶᠠᠨ ᠬᠤᠷᠤᠭᠳᠠᠭᠤᠯᠵᠠᠢ᠃ ᠸᠴᠢᠷᠳᠤ ᠰᠡᠴᠡᠨ ᠬᠠᠨ ᠳ᠋ᠠᠨᠵᠢᠨ ᠬᠤᠨᠭ᠌ ᠳᠠᠶᠢᠵᠢ ᠪᠠᠷ ᠠᠬᠠᠯᠠᠭᠤᠯᠤᠭᠰᠠᠨ ᠲᠦᠮᠡᠨ ᠤᠤᠯᠠᠭᠠᠴᠢᠨ ᠢ ᠴᠦᠤᠯᠢ ᠶᠢᠨ ᠳᠠᠪᠠᠭᠠᠨ ᠢᠶᠠᠷ ᠠᠪᠤᠯᠠᠢ ᠶᠢᠨ ᠨᠤᠳᠤᠭ ᠲᠤ ᠳᠤᠮᠢᠯᠠᠵᠤ᠂ ᠠᠯᠪᠠᠳᠤ ᠢᠷᠭᠡᠳ ᠤᠨ ᠶᠡᠭᠡᠨᠭᠬᠢ ᠬᠠᠭᠠᠰ ᠢ ᠨᠢ ᠤᠷᠤᠭᠤᠯᠤᠨ ᠠᠪᠤᠭᠰᠠᠨ ᠪᠠᠶᠢᠨ᠎ᠠ᠃ ᠠᠪᠤᠯᠠᠢ ᠠᠷᠭ᠎ᠠ ᠮᠤᠬᠤᠷᠳᠠᠨ ᠡᠷᠴᠢᠰ ᠭᠤᠤᠯ ᠢ ᠦᠭᠰᠤᠵᠤ ᠪᠢᠱᠢᠭᠡ ᠭᠤᠤᠯ ᠳᠤ ᠪᠠᠶᠢᠭᠰᠠᠨ ᠰᠦᠮ᠎ᠡ ᠳᠡᠭᠡᠨ ᠬᠦᠷᠴᠤ ᠰᠢᠪᠡᠭᠡ ᠳᠡᠭᠡᠨ ᠤᠷᠤᠵᠠᠢ᠃ ᠸᠴᠢᠷᠳᠤ ᠰᠡᠴᠡᠨ ᠬᠠᠨ ᠬᠢᠭᠡᠳ ᠭᠠᠯᠳᠠᠮᠪᠠ ᠶᠢᠨ ᠴᠡᠷᠢᠭ ᠳᠡᠭᠦᠨ ᠤ ᠰᠢᠪᠡᠭᠡ ᠶᠢ ᠰᠠᠷ᠎ᠠ ᠢᠯᠡᠭᠦᠦ ᠪᠦᠰᠡᠯᠡᠭᠰᠡᠨ ᠳᠤ᠂ ᠠᠪᠤᠯᠠᠢ ᠶᠢᠨ ᠠᠯᠪᠠᠳᠤ ᠨᠠᠷ ᠤᠨ ᠮᠠᠯ ᠰᠦᠷᠦᠭ ᠶᠡᠭᠡᠳᠡ ᠦᠭᠦᠵᠤ ᠬᠤᠷᠤᠭᠳᠠᠭᠠᠳ ᠭᠠᠢ ᠭᠠᠮᠰᠢᠭ ᠪᠤᠯᠤᠭᠰᠠᠨ ᠪᠠᠶᠢᠨ᠎ᠠ᠃ ᠡᠶᠢᠮᠤ ᠠᠴᠠ ᠠᠪᠤᠯᠠᠢ ᠠᠷᠭ᠎ᠠ ᠪᠤᠰᠤ ᠬᠤᠶᠢᠳᠤ ᠡᠬᠡ ᠰᠠᠶᠢᠬᠠᠨᠵᠤᠯᠠ ᠪᠠᠨ ᠸᠴᠢᠷᠳᠤ ᠬᠠᠨ ᠤ ᠳᠡᠷᠭᠡᠳᠡ ᠢᠯᠡᠭᠡᠵᠦ ᠤᠷᠤᠵᠤ ᠦᠭᠬᠦ ᠶᠢ ᠵᠦᠪᠯᠡᠯᠳᠡᠬᠦ ᠪᠠᠷ ᠪᠤᠯᠪᠠ᠃ ᠰᠠᠶᠢᠬᠠᠨᠵᠤᠯᠠ ᠬᠠᠳᠤᠨ ᠰᠦᠮ᠎ᠡ ᠠᠴᠠ ᠭᠠᠷᠴᠤ ᠸᠴᠢᠷᠳᠤ ᠰᠡᠴᠡᠨ ᠬᠠᠨ ᠤ ᠳᠡᠷᠭᠡᠳᠡ ᠬᠦᠷᠤᠭᠡᠳ ᠤᠴᠢᠷ ᠶᠠᠪᠤᠳᠠᠯ ᠢ ᠳᠡᠯᠭᠡᠨ ᠦᠭᠦᠯᠡᠭᠰᠡᠨ ᠪᠦᠭᠡᠳ ︽ᠳᠠ ᠠᠬ᠎ᠠ ᠳᠡᠭᠦᠦ ᠬᠤᠶᠠᠭᠤᠯᠠ ᠡᠪᠰᠡᠬᠦ ᠪᠤᠯᠪᠠᠤ︕︾ ᠭᠡᠮᠡᠨ ᠢᠳᠬᠠᠨ ᠭᠡᠯᠡᠪᠡ ᠃ ᠪᠠᠭ᠎ᠠ ᠡᠬᠡ ᠰᠠᠶᠢᠬᠠᠨᠵᠤᠯᠠ ᠶᠢᠨ ᠦᠭᠡ ᠶᠢ ᠰᠤᠨᠤᠰᠤᠭᠠᠳ᠂ ᠸᠴᠢᠷᠳᠤ ᠰᠡᠴᠡᠡ ᠬᠠᠨ ᠤᠯᠠᠨ ᠨᠤᠶᠠᠳ ᠢᠶᠠᠨ ᠴᠤᠭᠯᠠᠭᠤᠯᠵᠤ ᠵᠦᠪᠳᠡᠪᠡ᠃ ᠡᠨᠡ ᠦᠶ᠎ᠡ ᠳᠤ ᠭᠠᠯᠳᠠᠮᠪᠠ ᠪᠠᠰᠠ ᠡᠴᠢᠭᠡ ᠳᠡᠭᠡᠨ ᠳᠠᠬᠢᠨ ᠳᠠᠪᠳᠠᠨ ᠭᠡᠯᠡᠵᠦ ᠢᠳᠬᠠᠭᠰᠠᠨ ᠤ ᠠᠴᠢ ᠪᠠᠷ ᠸᠴᠢᠷᠳᠤ ᠰᠡᠴᠡᠨ ᠬᠠᠨ ᠬᠦᠪᠡᠭᠦᠨ ᠤ ᠪᠠᠨ ᠦᠭᠡ ᠶᠢ ᠰᠤᠨᠤᠰᠤᠭᠠᠳ ᠠᠪᠤᠯᠠᠢ ᠯᠤᠭ᠎ᠠ ᠡᠪᠰᠡᠬᠦ ᠪᠠᠷ ᠪᠤᠯᠪᠠ᠃ ᠡᠨᠡ ᠤᠳᠠᠭ᠎ᠠ ᠴᠢᠰᠤ ᠠᠰᠬᠠᠷᠠᠭᠤᠯᠤᠯ ᠦᠭᠡᠢ ᠪᠠᠷ ᠬᠤᠶᠠᠷ ᠡᠳᠡᠭᠡᠳ ᠡᠪᠰᠡᠭᠰᠡᠨ ᠨᠢ ᠮᠦᠨ ᠭᠠᠯᠳᠠᠮᠪᠠ ᠶᠢᠨ ᠭᠤᠤᠯ ᠭᠠᠪᠢᠶ᠎ᠠ ᠪᠤᠯᠬᠤ ᠶᠤᠮ᠃ 1667 ᠤᠨ ᠤ ᠨᠠᠮᠤᠷ᠂ ᠭᠠᠯᠳᠠᠮᠪᠠ ᠪᠢᠵᠢ ᠶᠢᠨ ᠭᠤᠤᠯ ᠳᠤ ᠡᠪᠡᠳᠴᠢᠨ ᠢᠶᠠᠷ ᠨᠠᠰᠤ ᠪᠠᠷᠠᠭᠰᠠᠨ ᠤ ᠳᠠᠷᠠᠭ᠎ᠠ᠂ ᠳᠡᠭᠦᠨ ᠤ ᠪᠤᠶᠠᠨ ᠨᠤᠮ ᠢ ᠳᠡᠯᠭᠡᠷᠡᠩᠭᠦᠢ ᠶᠡᠭᠡ ᠪᠠᠷ ᠬᠢᠵᠤ᠂ ᠭᠡᠭᠦᠷ ᠢ ᠨᠢ ᠳᠡᠭᠳᠡᠭᠡᠵᠦ ᠴᠢᠨᠳᠠᠷᠯᠠᠭᠠᠳ᠂ ᠲᠤᠰᠬᠠᠢ ᠬᠦᠮᠤᠰ ᠢᠶᠠᠷ ᠲᠦᠪᠡᠳ ᠲᠤ ᠬᠦᠷᠭᠡᠭᠦᠯᠵᠦ᠂ ᠳᠠᠯᠠᠢ ᠯᠠᠮᠠ ᠪᠠᠷ ᠰᠦᠨᠡᠰᠤ ᠮᠦᠷ ᠢ ᠨᠢ ᠳᠠᠭᠠᠳᠬᠠᠯᠭᠠᠪᠠ᠃ ᠳᠠᠯᠠᠢ ᠯᠠᠮᠠ ᠳᠡᠭᠦᠨ ᠳᠤ ᠪᠤᠶᠠᠨ ᠬᠢᠵᠤ ᠦᠭᠭᠦᠭᠡᠳ ᠴᠢᠨᠳᠠᠷ ᠶᠠᠰᠤ ᠶᠢ ᠨᠢ ᠬᠠᠳᠠᠭ ᠲᠤ ᠴᠤᠭᠯᠠᠵᠤ᠂ ᠮᠤᠳᠤᠷ ᠳᠡᠭᠡᠷ᠎ᠡ ᠪᠠᠨ ᠳᠠᠯᠪᠢᠨ ᠦᠯᠢᠶᠡᠭᠡᠳ᠂ ᠡᠰᠡ ᠰᠢᠳᠠᠭᠰᠠᠨ ᠵᠢᠷᠤᠭᠡ ᠶᠢ ᠦᠵᠡᠵᠦ ︽ᠰᠠᠶᠢᠨ ᠡᠷ᠎ᠡ ᠳᠡᠮᠤᠷ ᠵᠢᠷᠤᠭᠡ ᠲᠠᠢ︾ ᠭᠡᠳᠡᠭ ᠦᠨᠡᠨ ᠪᠠᠶᠢᠨ᠎ᠠ ᠭᠡᠵᠦ ᠵᠠᠷᠯᠢᠭ ᠪᠤᠯᠪᠠ᠃ ᠭᠠᠯᠳᠠᠮᠪᠠ ᠪᠤᠯ ᠸᠴᠢᠷᠳᠤ ᠰᠡᠴᠡᠡ ᠬᠠᠨ ᠤ ᠬᠦᠪᠡᠭᠦᠨ᠂ ᠱᠦᠭᠦᠷ ᠳᠠᠶᠢᠴᠢᠩ ᠬᠢᠭᠡᠳ ᠰᠡᠩᠭᠡ ᠬᠤᠨᠭ᠌ ᠳᠠᠶᠢᠵᠢ ᠶᠢᠨ ᠬᠦᠷᠭᠡᠨ᠂ ᠭᠠᠯᠳᠠᠨ ᠪᠤᠱᠤᠭᠳᠤ ᠶᠢᠨ ᠬᠠᠳᠠᠮ ᠡᠴᠢᠭᠡ ᠪᠤᠯᠬᠤ ᠨᠦᠯᠦᠭᠡ ᠶᠠᠭᠡᠳᠠᠢ ᠬᠦᠮᠤᠨ ᠮᠦᠷᠳᠡᠭᠡᠨ ᠡᠪ ᠨᠠᠶᠢᠷᠠᠮᠳᠠᠯ ᠳᠤ ᠳᠤᠷ᠎ᠠ ᠲᠠᠢ᠂ ᠡᠶ᠎ᠡ ᠡᠪ ᠢ ᠡᠷᠬᠢᠮᠯᠡᠳᠡᠭ ᠬᠦᠮᠤᠨ ᠪᠤᠯᠬᠤᠷ ᠤᠯᠠᠨ ᠭᠠᠵᠠᠷ ᠤᠨ ᠮᠤᠩᠭᠤᠯᠴᠤᠳ ᠤᠳᠤ ᠴᠤ ᠭᠡᠰᠡᠨ ᠳᠡᠭᠦᠨ ᠢ ᠮᠠᠭᠳᠠᠨ ᠳᠠᠭᠤᠯᠠᠭᠰᠠᠭᠠᠷ ᠪᠠᠶᠢᠨ᠎ᠠ᠃ ᠵᠢᠱᠢᠶᠡᠯᠡᠪᠡᠯ᠄ ᠢᠯᠡᠭᠡᠨ ᠭᠠᠵᠠᠷ ᠤᠨ ᠴᠠᠬᠢᠯᠭᠠᠨ ᠭᠠᠯᠳᠠᠮᠪᠠ ᠢᠳᠡᠯᠢᠬᠦ ᠰᠢᠪᠠᠭᠤᠨ ᠤ ᠰᠢᠭᠦᠷᠯᠡᠭᠡᠨ ᠭᠠᠯᠳᠠᠮᠪᠠ ᠡᠷᠬᠢᠨ ᠲᠦᠷᠦᠭᠰᠡᠨ ᠭᠠᠯᠳᠠᠮᠪᠠ ᠮᠢᠨᠢ ᠪᠢᠳᠡᠭᠦᠭᠡᠨ ᠭᠠᠵᠠᠷ ᠤᠨ ᠴᠠᠬᠢᠯᠭᠠᠨ ᠭᠠᠯᠳᠠᠮᠪᠠ ᠪᠦᠷᠭᠦᠳ ᠰᠢᠪᠠᠭᠤᠨ ᠤ ᠰᠢᠭᠦᠷᠯᠡᠭᠡᠨ ᠭᠠᠯᠳᠠᠮᠪᠠ ᠡᠷᠬᠢᠨ ᠲᠦᠷᠦᠭᠰᠡᠨ ᠭᠠᠯᠳᠠᠮᠪᠠ ᠮᠢᠨᠢ ᠬᠠᠳᠠ ᠲᠠᠢ ᠭᠠᠵᠠᠷ ᠤᠨ ᠴᠠᠬᠢᠯᠭᠠᠨ ᠭᠠᠯᠳᠠᠮᠪᠠ ᠬᠠᠷᠴᠠᠭᠠᠢ ᠰᠢᠪᠠᠭᠤᠨ ᠤ ᠰᠢᠭᠦᠷᠯᠡᠭᠡᠨ ᠭᠠᠯᠳᠠᠮᠪᠠ ᠡᠷᠬᠢᠨ ᠲᠦᠷᠦᠭᠰᠡᠨ ᠭᠠᠯᠳᠠᠮᠪᠠ ᠮᠢᠨᠢ ᠴᠠᠭᠠᠬᠠᠨ ᠭᠠᠵᠠᠷ ᠤᠨ ᠴᠠᠬᠢᠯᠭᠠᠨ ᠭᠠᠯᠳᠠᠮᠪᠠ ᠴᠠᠭᠴᠠᠬᠠᠢ ᠰᠢᠪᠠᠭᠤᠨ ᠤ ᠰᠢᠭᠦᠷᠯᠡᠭᠡᠨ ᠭᠠᠯᠳᠠᠮᠪᠠ ᠡᠷᠬᠢᠨ ᠲᠦᠷᠦᠭᠰᠡᠨ ᠭᠠᠯᠳᠠᠮᠪᠠ ᠮᠢᠨᠢ ᠭᠡᠮᠡᠨ ᠮᠠᠭᠳᠠᠨ ᠳᠠᠭᠤᠯᠠᠳᠠᠭ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号