ᠣᠶᠢᠷᠠᠳ ᠤᠨ ᠨᠡᠷᠡᠲᠦ ᠬᠥᠮᠥᠰ — ᠽᠠᠶ᠎ᠠ ᠪᠠᠨᠳᠢᠳᠠ
ᠨᠡᠶᠢᠲᠡᠯᠡᠭᠰᠡᠨ ᠴᠠᠭ᠄
2019/12/11
ᠽᠠᠶ᠎ᠠ ᠪᠠᠨᠳᠢᠳᠠ ᠪᠤᠯ ᠤᠶᠢᠷᠠᠳ ᠤᠨ ᠬᠤᠱᠤᠳ ᠠᠶᠢᠮᠠᠭ ᠤᠨ ᠬᠦᠮᠤᠨ ᠪᠤᠯᠤᠨ᠎ᠠ᠃ ᠳᠡᠭᠦᠨ ᠤ ᠡᠪᠦᠭᠡ ᠡᠴᠢᠭᠡ ᠨᠢ ᠳᠦᠷᠪᠡᠨ ᠤᠶᠢᠷᠠᠳ ᠲᠤ ᠰᠡᠴᠡᠨ ᠭᠡᠮᠡᠨ ᠠᠯᠳᠠᠷᠰᠢᠭᠰᠠᠨ ᠬᠦᠡᠭᠭᠦᠢ ᠵᠠᠶᠠᠭᠠᠴᠢ ᠮᠦᠨ᠃ ᠬᠦᠡᠭᠭᠦᠢ ᠵᠠᠶᠠᠭᠠᠴᠢ ᠳᠤ ᠤᠯᠠᠨ ᠬᠦᠪᠡᠭᠦᠨ ᠪᠠᠶᠢᠳᠠᠭ ᠪᠦᠭᠡᠳ ᠶᠡᠭᠡ ᠬᠦᠪᠡᠭᠦᠨ ᠨᠢ ᠪᠠᠪᠠᠭ᠋ᠠᠨ ᠭᠡᠳᠡᠭ ᠶᠤᠮ᠃ ᠪᠠᠪᠠᠭ᠋ᠠᠨ ᠤ ᠳᠠᠪᠤᠳᠤᠭᠠᠷ ᠬᠦᠪᠡᠭᠦᠨ ᠨᠢ ᠽᠠᠶ᠎ᠠ ᠪᠠᠨᠳᠢᠳᠠ ᠪᠤᠯᠤᠨ᠎ᠠ᠃ ᠽᠠᠶ᠎ᠠ ᠪᠠᠨᠳᠢᠳᠠ 1599 ᠤᠨ ᠳᠤ ᠲᠦᠷᠤᠪᠡ᠃ ᠳᠡᠭᠦᠨ ᠤ ᠪᠠᠭ᠎ᠠ ᠶᠢᠨ ᠨᠡᠷ᠎ᠡ ᠨᠢ ᠰᠢᠷᠠᠬᠠᠪᠤᠭ ᠭᠡᠳᠡᠭ ᠪᠢᠯᠡ᠃ 1615 ᠤᠨ ᠳᠤ᠂ ᠮᠠᠨᠵᠦ᠋ᠰᠢᠷᠢ ᠬᠤᠳᠤᠭᠳᠤ ᠨᠢ ᠳᠠᠯᠠᠢ ᠯᠠᠮᠠ ᠶᠢ ᠲᠦᠯᠦᠭᠡᠯᠡᠵᠦ ᠤᠶᠢᠷᠠᠳ ᠲᠤ ᠬᠦᠷᠴᠤ ᠢᠷᠡᠭᠡᠳ᠂ ᠴᠢᠭᠤᠯᠭᠠᠨ ᠳᠠᠷᠤᠭ᠎ᠠ ᠪᠠᠶᠢᠪᠠᠭᠠᠰ ᠲᠠᠢ ᠠᠭᠤᠯᠵᠠᠵᠤ᠂ ᠰᠢᠷ᠎ᠠ ᠶᠢᠨ ᠱᠠᠰᠢᠨ ᠢ ᠳᠡᠯᠭᠡᠷᠡᠭᠦᠯᠬᠦ ᠦᠶ᠎ᠡ ᠳᠤ᠂ ᠴᠤᠷᠤᠰ ᠤᠨ ᠬᠠᠷ᠎ᠠ ᠬᠤᠯᠠᠨ ᠪᠤᠯᠤᠨ ᠴᠦᠭᠦᠷ ᠤᠪᠠᠰᠢ᠂ ᠳᠦᠷᠪᠡᠳ ᠤᠨ ᠳᠠᠯᠠᠢ ᠳᠠᠶᠢᠵᠢ᠂ ᠳᠤᠷᠭᠤᠳ ᠤᠨ ᠬᠤᠤ ᠦᠷᠯᠦᠭ᠂ ᠬᠤᠱᠤᠳ ᠤᠨ ᠬᠦᠨᠳᠡᠯᠡᠨ ᠤᠪᠠᠰᠢ ᠵᠡᠷᠭᠡ ᠨᠤᠶᠠᠳ ᠲᠤᠰ ᠪᠦᠷᠢ ᠨᠢᠭᠡ ᠬᠦᠪᠡᠭᠦᠨ ᠢᠶᠠᠨ ᠯᠠᠮᠠ ᠪᠤᠯᠭᠠᠬᠤ  ᠪᠠᠷ ᠪᠤᠯᠪᠠ᠃ ᠭᠡᠳᠡᠯ᠎ᠡ ᠳᠦᠷᠪᠡᠨ ᠤᠢᠢᠷᠠᠳ ᠤᠨ ᠳᠦᠷᠤᠭᠦᠦ ᠪᠠᠶᠢᠪᠠᠭᠠᠰ ᠦᠪᠡᠷ ᠢᠶᠠᠨ ᠯᠠᠮᠠ ᠪᠤᠯᠭᠠᠬᠤ ᠬᠦᠪᠡᠭᠦᠨ ᠦᠭᠡᠢ ᠪᠠᠶᠢᠭᠰᠠᠨ ᠲᠤᠯᠠ ᠬᠤᠱᠤᠳ ᠠᠶᠢᠮᠠᠭ ᠤᠨ ᠪᠠᠪᠠᠭ᠋ᠠᠨ ᠤ ᠬᠦᠪᠡᠭᠦᠨ ᠰᠢᠷᠬᠠᠨᠪᠤᠭ ᠢ ᠡᠷᠭᠦᠨ ᠠᠪᠴᠤ ᠯᠠᠮᠠ ᠪᠤᠯᠭᠠᠪᠠ᠃ 1615 ᠤᠨ ᠳᠤ᠂ ᠰᠢᠷᠬᠠᠨᠪᠤᠭ ᠠᠷᠪᠠᠨ ᠲᠤᠯᠤᠭᠠᠨ ᠨᠠᠰᠤᠳᠠᠢ ᠳᠠᠭᠠᠨ ᠮᠠᠨᠵᠦ᠋ᠰᠢᠷᠢ ᠬᠤᠳᠤᠭᠳᠤ ᠶᠢ ᠪᠠᠭᠰᠢ ᠪᠠᠷᠢᠵᠤ ᠱᠠᠪᠢ ᠪᠤᠯᠪᠠ᠃ ᠳᠡᠭᠡᠭᠡᠳ ᠲᠡᠷᠡ ᠨᠠᠮᠠᠬᠠᠶᠢᠵᠠᠮᠰᠤ ᠭᠡᠮᠡᠨ ᠨᠡᠷᠡᠶᠢᠳᠦᠭᠳᠡᠵᠦ᠂ 1616 ᠤᠨ ᠳᠤ ᠬᠦᠬᠡᠨᠠᠭᠤᠷ ᠢᠶᠠᠷ ᠳᠠᠮᠵᠢᠵᠤ ᠲᠦᠪᠡᠳ ᠲᠤ ᠨᠤᠮ ᠰᠤᠷᠬᠤ ᠪᠠᠷ ᠶᠠᠪᠤᠭᠰᠠᠨ ᠪᠠᠶᠢᠨ᠎ᠠ᠃ 1617 ᠤᠨ ᠳᠤ᠂ ᠨᠠᠮᠬᠠᠶᠢᠵᠠᠮᠰᠤ ᠲᠦᠪᠡᠳ ᠲᠤ ᠬᠦᠷᠤᠭᠡᠳ᠂ ᠳᠠᠯᠠᠢ ᠯᠠᠮᠠ ᠪᠤᠯᠤᠨ ᠪᠠᠨᠴᠢᠨ ᠡᠷᠳᠡᠨᠢ ᠶᠢᠨ ᠳᠤᠤᠷᠠᠬᠢ ᠵᠠᠰᠠᠭ ᠵᠠᠬᠢᠷᠭᠠᠨ ᠤ ᠨᠤᠶᠠᠨ ᠳ᠋ᠢᠸ᠎ᠠ ᠯᠤᠭ᠎ᠠ ᠳᠠᠨᠢᠯᠴᠠᠵᠤ᠂ ᠰᠦᠮ᠎ᠡ ᠳᠤ ᠰᠠᠭᠤᠭᠠᠳ ᠨᠤᠮ ᠰᠤᠷᠴᠤ ᠡᠬᠢᠯᠡᠪᠡ᠃ ᠲᠡᠷᠡ ᠬᠠᠷᠠᠬᠠᠨ ᠪᠠᠭ᠎ᠠ ᠠᠴᠠ ᠪᠠᠨ ᠰᠡᠴᠡᠨ ᠰᠡᠷᠭᠦᠯᠡᠩ ᠪᠤᠯᠬᠤᠷ᠂ ᠨᠤᠮ ᠰᠤᠳᠤᠷ ᠰᠠᠶᠢᠨ ᠰᠤᠷᠴᠤ᠂ ᠽᠠᠨᠨᠢᠳ ᠷᠠᠪᠵᠠᠮᠪᠠ ᠴᠤᠯᠠ ᠬᠦᠷᠳᠡᠭᠡᠳ᠂ ᠰᠤᠷᠭᠠᠭᠤᠯᠢ ᠪᠠᠨ ᠳᠡᠭᠦᠰᠭᠡᠭᠰᠡᠨ ᠤ ᠳᠠᠷᠠᠭ᠎ᠠ ᠲᠦᠪᠡᠳ ᠲᠤ ᠦᠯᠡᠳᠡᠵᠦ᠂ ᠳᠠᠯᠠᠢ ᠯᠠᠮᠠ ᠶᠢᠨ ᠳᠡᠷᠭᠡᠳᠡ ᠶᠠᠪᠤᠬᠤ ᠯᠠᠮᠠ ᠪᠤᠯᠪᠠ᠃ 1634 ᠤᠨ ᠳᠤ᠂ ᠨᠠᠮᠬᠠᠶᠢᠵᠠᠮᠰᠤ ᠯᠢᠳᠠᠩ ᠤᠨ ᠰᠦᠮ᠎ᠡ ᠳᠤ ᠰᠠᠭᠤᠬᠤ ᠠᠷᠪᠠᠨ ᠭᠡᠯᠤᠩ ᠤᠨ ᠨᠢᠭᠡ ᠨᠢ ᠪᠤᠯᠵᠤ ᠳᠠᠪᠰᠢᠭᠰᠠᠨ ᠪᠦᠭᠡᠳ ᠲᠦᠪᠡᠳ ᠲᠤ ᠨᠡᠶᠢᠳᠡ ᠬᠤᠷᠢᠨ ᠬᠤᠶᠠᠷ ᠵᠢᠯ ᠰᠠᠭᠤᠵᠤ᠂ 1638 ᠤᠨ ᠳᠤ᠂ ᠲᠦᠴᠢᠨ ᠨᠠᠰᠤᠳᠠᠢ ᠳᠠᠭᠠᠨ ᠲᠦᠪᠡᠳ ᠠᠴᠠ ᠰᠠᠯᠤᠭᠠᠳ᠂ ᠳᠠᠷᠠᠭ᠎ᠠ ᠵᠢᠯ ᠤᠨ ᠬᠢᠨᠢ ᠨᠠᠮᠤᠷ ᠳᠠᠷᠪᠠᠭᠠᠳᠠᠢ ᠳᠤ ᠪᠤᠴᠠᠵᠤ ᠢᠷᠡᠪᠡ᠃ 1639 ᠤᠨ ᠳᠤ᠂ ᠨᠠᠮᠬᠠᠶᠢᠵᠠᠮᠰᠤ ᠳᠠᠷᠪᠠᠭᠠᠳᠠᠢ ᠳᠤ ᠢᠷᠡᠭᠡᠳ ᠵᠠᠩᠬᠢᠶ᠎ᠠ ᠬᠤᠳᠤᠭᠳᠤ ᠯᠤᠭ᠎ᠠ ᠠᠭᠤᠯᠵᠠᠪᠠ᠃ ᠲᠡᠷᠡ ᠦᠶ᠎ᠡ ᠳᠤ᠂ ᠵᠠᠩᠬᠢᠶ᠎ᠠ ᠬᠤᠳᠤᠭᠳᠤ ᠬᠤᠱᠤᠳ ᠠᠶᠢᠮᠠᠭ ᠤᠨ ᠨᠤᠶᠠᠨ ᠠᠪᠤᠯᠠᠢ ᠶᠢᠨ ᠡᠬᠡ ᠬᠠᠳᠤᠨ ᠤ ᠭᠡᠭᠦᠷ ᠢ ᠤᠷᠤᠰᠢᠭᠤᠯᠬᠤ ᠪᠠᠷ ᠢᠷᠡᠭᠡᠳ ᠪᠠᠶᠢᠭᠰᠠᠨ ᠪᠠᠶᠢᠵᠠᠢ᠃ ᠨᠠᠮᠬᠠᠶᠢᠵᠠᠮᠰᠤ ᠶᠢ ᠤᠷᠢᠵᠤ ᠠᠭᠤᠯᠵᠠᠭᠠᠳ ᠵᠠᠩᠬᠢᠶ᠎ᠠ ᠬᠤᠳᠤᠭᠳᠤ᠄ ︽ᠨᠡᠷ᠎ᠡ ᠢᠨᠤ ᠪᠢ ᠶᠡᠭᠡ ᠪᠤᠯᠪᠠᠴᠤ ᠡᠷᠳᠡᠮ ᠢᠨᠤ ᠴᠢ ᠶᠡᠭᠡ ᠶᠤᠮ︾ ᠭᠡᠵᠦ ᠭᠡᠯᠡᠭᠡᠳ ︽ᠷᠠᠪᠵᠠᠮᠪᠠ ᠬᠤᠳᠤᠭᠳᠤ︾ ᠴᠤᠯᠠ ᠬᠠᠶᠢᠷᠠᠯᠠᠪᠠ᠃ ᠳᠡᠭᠦᠨ ᠠᠴᠠ ᠬᠤᠶᠢᠰᠢ ᠨᠠᠮᠬᠠᠶᠢᠵᠠᠮᠰᠤ ᠤᠶᠢᠷᠠᠳ ᠤᠨ ᠰᠢᠷ᠎ᠠ ᠶᠢᠨ ᠱᠠᠰᠢᠨ ᠤ ᠲᠦᠷᠤᠭᠦᠦ ᠬᠤᠳᠤᠭᠳᠤ ᠬᠤᠪᠢᠯᠭᠠᠨ ᠪᠤᠯᠤᠭᠰᠠᠨ ᠪᠠᠶᠢᠨ᠎ᠠ᠃ 1641 ᠤᠨ ᠳᠤ᠂ ᠨᠠᠮᠬᠠᠶᠢᠵᠠᠮᠰᠤ ᠬᠠᠯᠬ᠎ᠠ ᠮᠤᠩᠭᠤᠯ ᠤᠨ ᠵᠠᠰᠠᠭᠳᠤ ᠬᠠᠨ᠂ ᠲᠦᠰᠢᠶᠡᠳᠤ ᠬᠠᠨ᠂ ᠴᠡᠴᠡᠨ ᠬᠠᠨ ᠠᠶᠢᠮᠠᠭ ᠲᠤ ᠤᠴᠢᠵᠤ ᠰᠢᠷ᠎ᠠ ᠶᠢᠨ ᠱᠠᠰᠢᠨ ᠢ ᠳᠡᠯᠭᠡᠷᠡᠭᠦᠯᠤᠭᠡᠳ᠂ ᠭᠤᠷᠪᠠᠨ ᠠᠶᠢᠮᠠᠭ ᠲᠤᠯᠤᠭᠠᠨ ᠬᠤᠰᠢᠭᠤ ᠶᠢᠨ ᠯᠠᠮᠠ ᠪᠤᠯᠪᠠ᠃ ᠭᠡᠳᠡᠯ᠎ᠡ ᠳᠠᠯᠠᠢ ᠯᠠᠮᠠ ᠬᠠᠯᠬ᠎ᠠ ᠳᠤ ᠦᠭᠡᠷ᠎ᠡ ᠬᠤᠪᠢᠯᠭᠠᠨ ᠬᠤᠳᠤᠭᠳᠤ ᠶᠢ ᠢᠯᠡᠭᠡᠵᠦ᠂ ᠰᠢᠷ᠎ᠠ ᠶᠢᠨ ᠱᠠᠰᠢᠨ ᠢ ᠡᠷᠬᠢᠯᠡᠭᠦᠯᠬᠦ ᠭᠡᠵᠦ ᠪᠠᠶᠢᠭᠰᠠᠨ ᠤᠴᠢᠷ ᠠᠴᠠ ᠨᠠᠮᠬᠠᠶᠢᠵᠠᠮᠰᠤ ᠨᠤᠳᠤᠭ ᠲᠠᠭᠠᠨ ᠪᠤᠴᠠᠬᠤ ᠪᠠᠷ ᠰᠢᠢᠳᠴᠤ᠂ ᠵᠠᠰᠠᠭᠳᠤ ᠬᠠᠨ ᠯᠤᠭ᠎ᠠ ᠠᠭᠤᠯᠵᠠᠭᠠᠳ᠄ ︽ᠪᠤᠷᠬᠠᠨ ᠱᠠᠰᠢᠨ ᠢ ᠰᠢᠳᠤᠵᠤ᠂ ᠽᠦᠡᠭᠺᠠᠸ᠎ᠠ ᠶᠢᠨ ᠱᠠᠰᠢᠨ ᠮᠠᠨᠳᠤᠭᠤᠯᠳᠤᠭᠠᠢ︕︾ ᠭᠡᠵᠦ ᠰᠠᠨᠠᠭᠤᠯᠪᠠ᠃ ᠡᠭᠦᠨ ᠳᠤ ᠵᠠᠰᠠᠭᠳᠤ ᠬᠠᠨ ᠶᠡᠭᠡᠳᠡ ᠪᠠᠶᠠᠷᠯᠠᠭᠠᠳ ᠨᠠᠮᠬᠠᠶᠢᠵᠠᠮᠰᠤ ᠳᠤ ︽ᠷᠠᠪᠵᠠᠮᠪᠠ ᠽᠠᠶ᠎ᠠ ᠪᠠᠨᠳᠢᠳᠠ︾ ᠭᠡᠮᠡᠬᠦ ᠴᠤᠯᠠ ᠡᠷᠭᠦᠪᠡ᠃ ᠳᠡᠭᠦᠨ ᠠᠴᠠ ᠬᠤᠶᠢᠰᠢ ᠨᠠᠮᠬᠠᠶᠢᠵᠠᠮᠰᠤ ᠨᠢ ᠽᠠᠶ᠎ᠠ ᠪᠠᠨᠳᠢᠳᠠ ᠭᠡᠮᠡᠨ ᠤᠯᠠᠨ ᠳᠤ ᠠᠯᠳᠠᠷᠰᠢᠭᠰᠠᠨ ᠶᠤᠮ᠃ 1643 ᠤᠨ ᠳᠤ᠂ ᠬᠦᠨᠳᠡᠯᠡᠨ ᠤᠪᠠᠰᠢ ᠶᠢᠨ ᠤᠷᠢᠯᠭ᠎ᠠ ᠪᠠᠷ ᠽᠠᠶ᠎ᠠ ᠪᠠᠨᠳᠢᠳᠠ ᠬᠤᠱᠤᠳ ᠠᠶᠢᠮᠠᠭ ᠲᠤ ᠤᠴᠢᠵᠤ᠂ ᠳᠠᠶᠢᠴᠢᠨ ᠬᠤᠰᠢᠭᠤᠴᠢ ᠶᠢ ᠤᠷᠤᠰᠢᠭᠤᠯᠬᠤ ᠶᠤᠰᠤᠯᠠᠯ ᠳᠤ ᠤᠷᠤᠯᠴᠠᠭᠰᠠᠨ ᠪᠦᠭᠡᠳ ᠰᠤᠪᠤᠷᠭ᠎ᠠ ᠪᠤᠰᠬᠠᠵᠤ ᠦᠭᠬᠦ ᠶᠠᠪᠤᠳᠠᠯ ᠢ ᠡᠷᠬᠢᠯᠡᠭᠰᠡᠨ ᠪᠠᠶᠢᠨ᠎ᠠ᠃ 1644 ᠤᠨ ᠳᠤ᠂ ᠽᠠᠶ᠎ᠠ ᠪᠠᠨᠳᠢᠳᠠ ᠲᠦᠪᠡᠳ ᠤᠨ ᠠᠯᠳᠠᠷᠳᠤ ᠵᠤᠬᠢᠶᠠᠯ ᠪᠤᠯᠬᠤ ︽ᠮᠠᠨᠢ ᠭᠠᠪᠠᠯ︾᠂ ︽ᠪᠤᠮ ᠡᠷᠳᠡᠨᠢ ᠶᠢᠨ ᠮᠠᠭᠳᠠᠭᠠᠯ︾ ᠵᠡᠷᠭᠡ ᠨᠤᠮ ᠢ ᠤᠷᠴᠢᠭᠤᠯᠪᠠ᠃ 1645 ᠤᠨ ᠳᠤ᠂ ᠽᠠᠶ᠎ᠠ ᠪᠠᠨᠳᠢᠳᠠ ᠳᠤᠷᠭᠤᠳ ᠤᠨ ᠨᠤᠶᠠᠨ ᠱᠦᠭᠦᠷ ᠳᠠᠶᠢᠴᠢᠩ ᠤᠨ ᠬᠦᠪᠡᠭᠦᠨ ᠢ ᠤᠷᠤᠰᠢᠭᠤᠯᠬᠤ ᠶᠤᠰᠤᠯᠠᠯ ᠳᠤ ᠤᠷᠤᠯᠴᠠᠭᠠᠳ᠂ ᠲᠤᠰ ᠠᠶᠢᠮᠠᠭ ᠤᠨ ᠤᠯᠠᠨ ᠳᠤ ︽ᠨᠤᠮ ᠳᠠᠯᠪᠢᠵᠤ︾᠂ ᠬᠤᠶᠠᠷ ᠲᠦᠮᠡ ᠭᠠᠷᠤᠢ ᠠᠳᠤᠭᠤ ᠶᠢᠨ ᠡᠷᠭᠦᠴᠡ ᠪᠠᠷᠢᠴᠠ ᠤᠯᠵᠠᠢ᠃ 1646 ᠤᠨ ᠳᠤ᠂ ᠬᠦᠨᠳᠡᠯᠡᠨ ᠤᠪᠠᠰᠢ ᠶᠡᠭᠡ ᠴᠡᠷᠢᠭ ᠠᠪᠴᠤ ᠮᠤᠷᠳᠠᠭᠠᠳ᠂ ᠪᠠᠭᠠᠳᠤᠷ ᠬᠤᠨᠭ᠌ ᠳᠠᠶᠢᠵᠢ ᠪᠤᠯᠤᠨ ᠸᠴᠢᠷᠳᠤ ᠰᠡᠴᠡᠨ ᠬᠠᠨ ᠯᠤᠭ᠎ᠠ ᠭᠤᠷᠪᠠᠨ ᠤᠪᠤᠭ᠎ᠠ ᠭᠡᠮᠡᠬᠦ ᠭᠠᠵᠠᠷ ᠶᠡᠬᠡᠪᠡᠷ ᠪᠠᠶᠢᠯᠳᠤᠪᠠ᠃ ᠡᠨᠡ ᠤᠳᠠᠭ᠎ᠠ ᠶᠢᠨ ᠪᠠᠶᠢᠯᠳᠤᠭᠠᠨ ᠳᠤ᠂ ᠬᠦᠨᠳᠡᠯᠡᠨ ᠤᠪᠠᠰᠢ ᠳᠡᠶᠢᠯᠦᠭᠳᠡᠭᠡᠳ᠂ ᠬᠦᠮᠤᠨ ᠮᠠᠯ ᠢᠶᠠᠨ ᠶᠡᠬᠡᠪᠡᠷ ᠬᠤᠬᠢᠷᠠᠭᠤᠯᠤᠭᠰᠠᠨ ᠪᠠᠶᠢᠨ᠎ᠠ ᠃ ᠴᠢᠪ ᠭᠡᠮᠡᠨ ᠡᠨᠡ ᠦᠶ᠎ᠡ ᠳᠤ ᠽᠠᠶ᠎ᠠ ᠪᠠᠨᠳᠢᠳᠠ ᠬᠦᠷᠴᠤ ᠢᠷᠡᠭᠡᠳ᠂ ᠬᠤᠶᠠᠷ ᠡᠳᠡᠭᠡᠳ ᠢ ᠡᠪᠰᠡᠭᠦᠯᠵᠦ᠂ ᠪᠠᠭᠠᠳᠤᠷ ᠬᠤᠨᠭ᠌ ᠳᠠᠶᠢᠵᠢ ᠶᠢᠨ ᠴᠢᠭᠤᠯᠭᠠᠨ ᠳᠠᠷᠤᠭ᠎ᠠ ᠶᠢᠨ ᠪᠠᠶᠢᠷᠢ ᠰᠠᠭᠤᠷᠢ ᠶᠢ ᠬᠠᠮᠠᠭᠠᠯᠠᠪᠠ᠃ 1648 ᠤᠨ ᠳᠤ᠂ ᠽᠠᠶ᠎ᠠ ᠪᠠᠨᠳᠢᠳᠠ ᠤᠶᠢᠭᠤᠷᠵᠢᠨ ᠮᠤᠩᠭᠤᠯ ᠦᠰᠦᠭ ᠤᠨ ᠰᠠᠭᠤᠷᠢᠨ ᠳᠡᠭᠡᠷ᠎ᠡ ᠳᠤᠳᠤ ᠦᠰᠦᠭ ᠢ ᠵᠤᠬᠢᠶᠠᠨ ᠪᠦᠳᠤᠭᠡᠵᠡᠢ᠃ ᠡᠭᠦᠨ ᠢ ᠪᠠᠰᠠ ᠤᠶᠢᠷᠠᠳ ᠦᠰᠦᠭ ᠭᠡᠳᠡᠭ ᠶᠤᠮ᠃ ᠽᠠᠶ᠎ᠠ ᠪᠠᠨᠳᠢᠳᠠ ᠳᠤᠳᠤ ᠦᠰᠦᠭ ᠢ ᠵᠤᠬᠢᠶᠠᠬᠤ ᠳᠠᠭᠠᠨ ᠤᠶᠢᠷᠠᠳ ᠤᠨ ᠦᠭᠡ ᠶᠢ ᠰᠢᠩᠭᠡᠭᠡᠵᠦ᠂ ᠪᠢᠴᠢᠭ ᠤᠨ ᠭᠡᠯᠡ ᠪᠤᠯᠤᠨ ᠠᠮᠠᠨ ᠶᠠᠷᠢᠶ᠎ᠠ ᠶᠢ ᠤᠶᠢᠷᠠᠳᠤᠭᠤᠯᠪᠠ᠃ ᠳᠤᠳᠤ ᠦᠰᠦᠭ ᠢ ᠤᠶᠢᠭᠤᠷᠵᠢᠨ ᠮᠤᠩᠭᠤᠯ ᠦᠰᠦᠭ ᠲᠠᠢ ᠬᠠᠷᠢᠴᠠᠭᠤᠯᠪᠠᠯ᠂ ᠡᠭᠡᠰᠢᠭ ᠦᠰᠦᠭ  ᠨᠢ ᠨᠡᠮᠡᠭᠳᠡᠵᠦ᠂ ᠭᠡᠶᠢᠭᠦᠯᠦᠭᠴᠢ ᠦᠰᠦᠭ ᠨᠢ ᠪᠠᠰᠠ ᠤᠢᠢᠷᠠᠳ ᠤᠨ ᠨᠤᠳᠤᠭ ᠤᠨ ᠠᠪᠢᠶ᠎ᠠ ᠶᠢ ᠦᠨᠳᠤᠰᠤᠯᠡᠨ ᠪᠠᠭ᠋ᠠᠨ ᠨᠡᠮᠡᠭᠳᠡᠭᠰᠡᠨ ᠲᠤᠯᠠ᠂ ᠡᠨᠡᠬᠦ ᠳᠤᠳᠤ ᠦᠰᠦᠭ ᠨᠢ ᠤᠶᠢᠷᠠᠳ ᠤᠨ ᠠᠶᠠᠯᠭᠤ ᠶᠢ ᠨᠡᠯᠢᠶᠡᠳ ᠳᠤᠳᠤᠷᠬᠠᠢ ᠢᠯᠡᠳᠭᠡᠵᠦ ᠴᠢᠳᠠᠳᠠᠭ ᠪᠢᠯᠡ᠃ ᠡᠶᠢᠮᠤ ᠠᠴᠠ ᠮᠠᠨ ᠤ ᠤᠯᠤᠰ ᠤᠨ ᠰᠢᠨᠵᠢᠶᠠᠩ ᠤᠨ ᠮᠤᠩᠭᠤᠯᠴᠤᠳ ᠤᠳᠤ ᠪᠤᠯᠳᠠᠯ᠎ᠠ ᠳᠤᠳᠤ ᠦᠰᠦᠭ ᠢᠶᠠᠨ ᠬᠡᠷᠡᠭᠯᠡᠭᠰᠡᠭᠡᠷ ᠪᠠᠶᠢᠭ᠎ᠠ ᠶᠤᠮ᠃ 1650 — 1662 ᠤᠨ ᠬᠦᠷᠳᠡᠯᠡᠭᠢ ᠠᠷᠪᠠᠨ ᠬᠤᠶᠠᠷ ᠵᠢᠯ ᠤᠨ ᠳᠤᠳᠤᠷ᠎ᠠ ᠽᠠᠶ᠎ᠠ ᠪᠠᠨᠳᠢᠳᠠ ︽ᠠᠯᠳᠠᠨ ᠭᠠᠨᠵᠤᠤᠷ︾᠂ ︽ᠠᠯᠳᠠᠨ ᠭᠡᠷᠡᠯ︾ ᠁ ᠵᠡᠷᠭᠡ 178 ᠨᠤᠮ ᠢ ᠲᠦᠪᠡᠳ ᠭᠡᠯᠡᠨ ᠠᠴᠠ ᠳᠤᠳᠤ ᠦᠰᠦᠭ ᠢᠶᠠᠷ ᠤᠷᠴᠢᠭᠤᠯᠪᠠ᠃ ᠡᠳᠡᠭᠡᠷ ᠨᠤᠮ ᠤᠨ ᠤᠯᠠᠩᠬᠢ ᠨᠢ ᠴᠦᠮ ᠪᠤᠷᠬᠠᠨ ᠱᠠᠰᠢᠨ ᠤ ᠨᠤᠮ ᠪᠤᠶᠤ ᠳᠡᠤᠭᠡ᠂ ᠤᠳᠬ᠎ᠠ ᠵᠤᠬᠢᠶᠠᠯ᠂ ᠡᠮᠨᠡᠯᠭᠡ ᠶᠢᠨ ᠤᠬᠠᠭᠠᠨ ᠤ ᠨᠤᠮ ᠪᠤᠯᠬᠤ ᠶᠤᠮ᠃ ᠡᠨᠡ ᠬᠤᠭᠤᠴᠠᠭᠠᠨ ᠳᠤ ᠲᠡᠷᠡ ᠪᠠᠰᠠ ᠤᠶᠢᠷᠠᠳ ᠤᠨ ᠠᠯᠳᠠᠷᠳᠤ ᠪᠠᠭᠠᠳᠤᠷᠯᠢᠭ ᠳᠤᠤᠯᠢᠰ ︽ᠵᠠᠩᠭᠠᠷ︾ ᠢ ᠳᠤᠳᠤ ᠦᠰᠦᠭ ᠢᠶᠠᠷ ᠳᠡᠮᠳᠡᠭᠯᠡᠨ ᠬᠤᠴᠤᠷᠭᠠᠵᠠᠢ᠃ 1651 ᠤᠨ ᠳᠤ᠂ ᠽᠠᠶ᠎ᠠ ᠪᠠᠨᠳᠢᠳᠠ ᠯᠾᠠᠰᠠ ᠳᠤ ᠬᠦᠷᠴᠤ᠂ ᠳᠠᠪᠤᠳᠤᠭᠠᠷ ᠲᠦᠷᠢ ᠶᠢᠨ ᠳᠠᠯᠠᠢ ᠯᠠᠮᠠ ᠳᠤ ᠳᠠᠪᠤᠨ ᠲᠦᠮᠡᠨ ᠯᠠᠩ ᠮᠦᠡᠭᠭᠦ ᠶᠢᠨ ᠡᠷᠭᠦᠴᠡ ᠡᠷᠭᠦᠪᠡ᠃ 1652 ᠤᠨ ᠳᠤ᠂ ᠷᠠᠰᠢᠯᠾᠦ᠋ᠡᠭᠪᠤ ᠭᠡᠶᠢᠳ ᠲᠤ ᠬᠤᠶᠠᠷ ᠲᠦᠮᠡ ᠳᠠᠪᠤᠨ ᠮᠢᠩᠭᠠᠨ ᠯᠠᠩ ᠮᠦᠡᠭᠭᠦ ᠶᠢᠨ ᠪᠠᠷᠢᠴᠠ ᠪᠠᠷᠢᠪᠠ᠃ ᠳᠡᠶᠢᠨ ᠬᠦ ᠲᠦᠪᠡᠳ ᠤᠨ ᠡᠯ᠎ᠡ ᠰᠦᠮ᠎ᠡ ᠭᠡᠶᠢᠳ ᠤᠨ ᠯᠠᠮ᠎ᠠ ᠬᠤᠸᠠᠷᠠᠭ ᠨᠠᠷ ᠽᠠᠶ᠎ᠠ ᠪᠠᠨᠳᠢᠳᠠ ᠶᠢᠨ ᠡᠷᠭᠦᠴᠡ ᠪᠠᠷᠢᠴᠠ ᠡᠷᠭᠦᠭᠰᠡᠨ ᠢ ᠶᠡᠬᠡᠳᠡ ᠮᠠᠭᠳᠠᠨ ᠰᠠᠶᠢᠰᠢᠶᠠᠵᠤ᠄ ︽ᠦᠭᠯᠢᠭᠡ ᠶᠢᠨ ᠡᠵᠡᠨ︾ ᠭᠡᠮᠡᠨ ᠳᠠᠭᠤᠳᠠᠬᠤ ᠪᠤᠯᠪᠠ᠃ 1653 ᠤᠨ ᠳᠤ᠂ ᠽᠠᠶ᠎ᠠ ᠪᠠᠨᠳᠢᠳᠠ ᠵᠡᠭᠦᠨᠭᠠᠷ ᠠᠶᠢᠮᠠᠭ ᠤᠨ ᠨᠤᠶᠠᠨ ᠪᠠᠭᠠᠳᠤᠷ ᠬᠤᠨᠭ᠌ ᠳᠠᠶᠢᠵᠢ ᠶᠢ ᠤᠷᠤᠰᠢᠭᠤᠯᠬᠤ ᠶᠤᠰᠤᠯᠠᠯ ᠳᠤ ᠤᠷᠤᠯᠴᠠᠵᠤ᠂ ᠰᠦᠨᠡᠰᠤ ᠶᠢ ᠨᠢ ᠵᠠᠯᠠᠨ᠂ ᠭᠡᠭᠦᠷ ᠢ ᠨᠢ ᠪᠤᠮᠪᠠᠯᠠᠵᠤ᠂ ᠲᠦᠴᠢ ᠶᠢᠰᠤᠨ ᠬᠤᠨᠤᠭ ᠨᠤᠮ ᠬᠦᠷᠢᠮ ᠬᠢᠵᠤ ᠦᠭᠪᠡ᠃ ᠡᠭᠦᠨ ᠤ ᠵᠡᠷᠭᠡᠴᠡᠭᠡᠪᠡᠷ ᠲᠡᠷᠡ ᠪᠠᠰᠠ ᠪᠠᠭᠠᠳᠤᠷ ᠬᠤᠨᠭ᠌ ᠳᠠᠶᠢᠵᠢ ᠶᠢᠨ ᠪᠡᠯᠪᠡᠰᠤᠨ ᠬᠡᠷᠭᠡᠢ ᠳᠤ ᠤᠬᠢᠶᠠᠯ ᠬᠢᠵᠤ ᠦᠭᠭᠦᠭᠰᠡᠨ ᠪᠠᠶᠢᠪᠠ᠃ 1657 ᠤᠨ ᠳᠤ᠂ ᠵᠡᠭᠦᠨᠭᠠᠷ ᠤᠨ ᠨᠤᠶᠠᠳ ᠬᠤᠭᠤᠷᠤᠨᠳᠤ ᠪᠠᠨ ᠵᠦᠷᠢᠴᠡᠯ ᠡᠭᠦᠰᠤᠭᠡᠳ ᠬᠤᠶᠠᠷ ᠪᠦᠯᠦᠭ ᠪᠤᠯᠵᠤ ᠬᠤᠪᠢᠶᠠᠭᠳᠠᠪᠠ᠃ ᠳᠡᠭᠦᠨ ᠤ ᠨᠢᠭᠡ ᠪᠦᠯᠦᠭ ᠤᠨ ᠲᠦᠷᠤᠭᠦᠦ ᠨᠢ ᠪᠠᠭᠠᠳᠤᠷ ᠬᠤᠨᠭ᠌ ᠳᠠᠶᠢᠵᠢ ᠶᠢᠨ ᠠᠬᠠᠮᠠᠳ ᠬᠦᠪᠡᠭᠦᠨ ᠰᠡᠩᠭᠡ ᠪᠤᠯᠬᠤ ᠪᠦᠭᠡᠳ ᠸᠴᠢᠷᠳᠤ ᠰᠡᠴᠡᠨ ᠬᠠᠨ ᠤ ᠳᠡᠮᠵᠢᠯᠭᠡ ᠶᠢ ᠤᠯᠵᠤ ᠪᠠᠶᠢᠪᠠ᠃ ᠨᠦᠭᠦᠭᠡ ᠪᠦᠯᠦᠭ ᠤᠨ ᠲᠦᠷᠤᠭᠦᠦ ᠨᠢ ᠰᠡᠴᠡᠨ ᠳᠠᠶᠢᠵᠢ ᠪᠤᠯᠤᠨ ᠵᠤᠳᠪᠠ ᠪᠠᠭᠠᠳᠤᠷ ᠬᠤᠶᠠᠷ ᠪᠤᠯᠬᠤ ᠪᠦᠭᠡᠳ ᠠᠪᠤᠯᠠᠢ ᠳᠠᠶᠢᠵᠢ ᠶᠢᠨ ᠳᠡᠮᠵᠢᠯᠭᠡ ᠶᠢ ᠤᠯᠵᠤ ᠪᠠᠶᠢᠪᠠ᠃ ᠬᠤᠶᠠᠷ ᠡᠳᠡᠭᠡᠳ ᠤᠨ ᠵᠦᠷᠢᠴᠡᠯ ᠡᠳᠤᠷ ᠢᠷᠡᠬᠦ ᠳᠤᠳᠤᠮ ᠰᠢᠷᠤᠭᠦᠰᠴᠤ ᠡᠬᠢᠯᠡᠭᠰᠡᠨ ᠳᠤ᠂ ᠽᠠᠶ᠎ᠠ ᠪᠠᠨᠳᠢᠳᠠ ᠡᠯᠴᠢ ᠳᠤᠮᠢᠯᠠᠵᠤ ᠠᠪᠤᠯᠠᠢ ᠳᠠᠶᠢᠵᠢ ᠶᠢ ᠭᠡᠯᠡᠨ ᠢᠳᠬᠠᠪᠠ᠃ ᠭᠡᠳᠡᠯ᠎ᠡ ᠲᠤᠰᠠ ᠭᠠᠷᠤᠭᠰᠠᠨ ᠦᠭᠡᠢ ᠪᠤᠯᠬᠤᠷ 1657 ᠤᠨ ᠤ ᠵᠤᠨ᠂ ᠡᠷᠴᠢᠰ ᠭᠤᠤᠯ ᠤᠨ ᠬᠦᠪᠡᠭᠡ ᠳᠤ ᠬᠤᠶᠠᠷ ᠡᠳᠡᠭᠡᠳ ᠢᠶᠠᠷ ᠢᠶᠠᠨ ᠡᠰᠡᠷᠭᠦᠴᠡᠯᠳᠦᠭᠰᠡᠨ ᠪᠠᠶᠢᠨ᠎ᠠ᠃ ᠭᠡᠳᠡᠯ᠎ᠡ ᠸᠴᠢᠷᠳᠤ ᠰᠡᠴᠡᠨ ᠬᠠᠨ ᠤ ᠬᠦᠪᠡᠭᠦᠨ ᠭᠠᠯᠳᠠᠮᠪᠠ ᠪᠤᠯᠤᠨ ᠠᠪᠤᠯᠠᠢ ᠶᠢᠨ ᠬᠦᠪᠡᠭᠦᠨ ᠴᠠᠭᠠᠨ ᠬᠤᠶᠠᠭᠤᠯᠠ ᠬᠤᠭᠤᠷᠤᠨᠳᠤ ᠨᠢ ᠡᠪᠰᠡᠭᠦᠯᠬᠦ ᠠᠵᠢᠯ ᠬᠢᠭᠰᠡᠨ ᠠᠴᠠ ᠳᠡᠳᠡᠨᠠᠷ ᠤᠨ ᠵᠦᠷᠢᠴᠡᠯ ᠨᠢ ᠳᠦᠷ ᠴᠠᠭ ᠨᠠᠮᠵᠢᠭᠰᠠᠨ ᠪᠠᠶᠢᠪᠠ᠃ ᠭᠡᠳᠦ᠋ᠢᠪᠡᠷ ᠳᠡᠶᠢᠮᠤ ᠪᠤᠯᠪᠠᠴᠤ 1659 ᠤᠨ ᠳᠤ᠂ ᠰᠡᠩᠭᠡ ᠨᠢ ᠠᠪᠠᠭ᠎ᠠ ᠴᠦᠭᠦᠷ ᠤᠪᠠᠰᠢ ᠪᠤᠯᠤᠨ ᠸᠴᠢᠷᠳᠤ ᠰᠡᠴᠡᠨ ᠬᠠᠨ ᠤ ᠳᠡᠮᠵᠢᠯᠭᠡ ᠳᠤᠤᠷ᠎ᠠ᠂ ᠰᠡᠴᠡᠨ ᠳᠠᠶᠢᠵᠢ ᠪᠤᠯᠤᠨ ᠵᠤᠳᠪᠠ ᠪᠠᠭᠠᠳᠤᠷ ᠤᠨ ᠴᠡᠷᠢᠭ ᠢ ᠪᠤᠳᠠ ᠨᠢᠷᠭᠡᠵᠡᠢ᠃ 1660 ᠤᠨ ᠳᠤ᠂ ᠽᠠᠶ᠎ᠠ ᠪᠠᠨᠳᠢᠳᠠ ᠳᠠᠷᠬᠠᠢ ᠬᠠᠷ᠎ᠠ ᠬᠤᠵᠢᠷ ᠭᠡᠳᠡᠭ ᠭᠠᠵᠠᠷ ᠲᠤ ᠤᠶᠢᠷᠠᠳ ᠤᠨ ᠤᠯᠠᠨ ᠶᠡᠭᠡᠰ ᠨᠤᠶᠠᠳ ᠢ ᠬᠤᠷᠠᠯᠳᠤᠭᠤᠯᠵᠤ᠂ ᠰᠡᠩᠭᠡ ᠪᠤᠯᠤᠨ ᠸᠴᠢᠷᠳᠤ ᠰᠡᠴᠡᠨ ᠬᠠᠨ ᠬᠤᠶᠠᠷ ᠤᠨ ᠡᠷᠭᠡ ᠠᠰᠢᠭ ᠢ ᠬᠠᠮᠠᠭᠠᠯᠠᠬᠤ ᠤᠷᠢᠳᠠᠯ ᠳᠤᠤᠷ᠎ᠠ᠂ ᠬᠤᠶᠠᠷ ᠡᠳᠡᠭᠡᠳ ᠤᠨ ᠵᠦᠷᠢᠴᠡᠯ ᠢ ᠡᠪᠰᠡᠭᠦᠯᠬᠦ ᠭᠡᠪᠡ᠃ ᠭᠡᠳᠡᠯ᠎ᠡ ᠰᠡᠩᠭᠡ ᠶᠢᠨ ᠴᠡᠷᠢᠭ ᠤᠨ ᠶᠠᠪᠤᠳᠠᠯ ᠤᠨ ᠳᠠᠯ᠎ᠠ ᠪᠠᠷ ᠬᠢ ᠢᠯᠠᠯᠳᠠ ᠨᠢ ᠠᠪᠤᠯᠠᠢ ᠳᠠᠶᠢᠵᠢ ᠶᠢ ᠠᠭᠤᠷᠯᠠᠭᠤᠯᠤᠭᠰᠠᠨ ᠪᠤᠯᠬᠤᠷ ᠬᠤᠶᠠᠷ ᠡᠳᠡᠭᠡᠳ ᠤᠨ ᠵᠦᠷᠢᠴᠡᠯ ᠳᠠᠬᠢᠨ ᠬᠤᠷᠴᠠᠳᠪᠠ᠃ ᠠᠪᠤᠯᠠᠢ ᠪᠤᠯᠤᠨ ᠸᠴᠢᠷᠳᠤ ᠰᠡᠴᠡᠨ ᠬᠠᠨ ᠤ ᠬᠤᠭᠤᠷᠤᠨᠳᠤ ᠽᠠᠶ᠎ᠠ ᠪᠠᠨᠳᠢᠳᠠ ᠭᠡᠳᠦ᠋ᠢᠪᠡᠷ ᠡᠪᠰᠡᠭᠦᠯᠬᠦ ᠠᠵᠢᠯ ᠢ ᠢᠳᠡᠪᠬᠢᠳᠠᠢ ᠬᠢᠭᠰᠡᠨ ᠪᠤᠯᠪᠠᠴᠤ᠂ ᠠᠪᠤᠯᠠᠢ ᠡᠷᠡᠰ ᠡᠰᠡᠷᠭᠦᠴᠡᠭᠰᠡᠨ ᠪᠤᠯᠬᠤᠷ ᠦᠴᠤᠭᠡᠨ ᠴᠤ ᠦᠷ᠎ᠡ ᠳ᠋ᠦᠡᠭ ᠭᠠᠷᠤᠭᠰᠠᠨ ᠦᠭᠡᠢ ᠪᠠᠶᠢᠪᠠ᠃ ᠳᠡᠶᠢᠨ ᠬᠦ 1661 ᠤᠨ ᠳᠤ᠂ ᠬᠤᠶᠠᠷ ᠡᠳᠡᠭᠡᠳ ᠤᠨ ᠬᠤᠭᠤᠷᠤᠨᠳᠤ ᠳᠠᠬᠢᠨ ᠳᠠᠶᠢᠨ ᠡᠭᠦᠰᠤᠭᠡᠳ᠂ ᠰᠡᠩᠭᠡ ᠪᠤᠯᠤᠨ ᠬᠤᠱᠤᠳ ᠠᠶᠢᠮᠠᠭ ᠤᠨ ᠰᠦᠷᠳᠤ ᠳᠠᠶᠢᠵᠢ ᠶᠢᠨ ᠳᠡᠮᠵᠢᠯᠭᠡ ᠳᠤᠤᠷ᠎ᠠ᠂ ᠠᠪᠤᠯᠠᠢ ᠶᠢ ᠸᠴᠢᠷᠳᠤ ᠰᠡᠴᠡᠨ ᠬᠠᠨ ᠶᠡᠬᠡᠳᠡ ᠳᠡᠶᠢᠯᠦᠭᠰᠡᠨ ᠪᠠᠶᠢᠨ᠎ᠠ᠃ ᠳᠡᠭᠡᠭᠡᠳ ᠠᠪᠤᠯᠠᠢ ᠶᠢ ᠶᠠᠭᠠᠬᠢᠵᠤ ᠰᠢᠢᠳᠪᠤᠷᠢᠯᠡᠬᠦ ᠲᠤᠬᠠᠢ ᠵᠦᠪᠳᠡᠭᠰᠡᠨ ᠳᠤ᠂ ᠤᠯᠠᠨ ᠳᠠᠶᠢᠵᠢ ᠨᠠᠷ ᠤᠨ ᠰᠠᠨᠠᠯ ᠠᠳᠠᠯᠢ ᠦᠭᠡᠢ ᠪᠤᠯᠤᠭᠰᠠᠨ ᠲᠤᠯᠠ᠂ ᠸᠴᠢᠷᠳᠤ ᠰᠡᠴᠡᠨ ᠬᠠᠨ ᠡᠯᠴᠢ ᠳᠤᠮᠢᠯᠠᠨ ᠢᠯᠡᠭᠡᠵᠦ ᠠᠰᠠᠭᠤᠯᠭᠠᠪᠠ᠃ ᠡᠭᠦᠨ ᠳᠤ ᠽᠠᠶ᠎ᠠ ᠪᠠᠨᠳᠢᠳᠠ᠄ ︽ᠪᠤᠯᠬᠤ ᠳᠤ ᠬᠦᠷᠪᠡᠯ ᠠᠪᠤᠯᠠᠢ ᠶᠢᠨ ᠠᠯᠪᠠᠳᠤ ᠪᠠ ᠡᠳ᠋ ᠮᠠᠯ ᠢ ᠴᠦᠮ ᠪᠤᠴᠠᠭᠠᠵᠤ ᠦᠭ︕ ᠪᠤᠯᠬᠤ ᠦᠭᠡᠢ ᠴᠤ ᠭᠡᠰᠡᠨ ᠳᠡᠭᠦᠨ ᠢ ᠪᠢᠳᠡᠭᠡᠢ ᠵᠤᠪᠠᠭ᠎ᠠ ᠁︾ ᠭᠡᠵᠦ ᠰᠠᠨᠠᠭᠤᠯᠤᠭᠰᠠᠨ ᠳᠤ ᠤᠯᠠᠨ ᠨᠤᠶᠠᠳ ᠪᠦᠭᠦᠳᠡᠭᠡᠷ ᠵᠦᠪᠰᠢᠶᠡᠷᠡᠭᠰᠡᠨ ᠪᠠᠶᠢᠨ᠎ᠠ᠃ ᠡᠭᠦᠨ ᠤ ᠤᠯᠠᠮ ᠠᠴᠠ ᠭᠡᠳᠤᠨ ᠵᠢᠯ ᠦᠷᠭᠦᠯᠵᠢᠯᠡᠭᠰᠡᠨ ᠤᠶᠢᠷᠠᠳ ᠤᠨ ᠳᠤᠳᠤᠭᠠᠳᠤᠬᠢ ᠳᠠᠶᠢᠨ ᠪᠠᠶᠢᠯᠳᠤᠭᠠᠨ ᠡᠴᠤᠰᠯᠡᠭᠡᠳ ᠤᠶᠢᠮᠡᠭᠡᠨ ᠰᠠᠮᠠᠭᠤᠨ ᠳᠠᠷᠤᠭᠳᠠᠪᠠ᠃ 1662 ᠤᠨ ᠤ ᠳᠡᠷᠢᠭᠦᠨ ᠰᠠᠷ᠎ᠠ ᠳᠤ᠂ ᠽᠠᠶ᠎ᠠ ᠪᠠᠨᠳᠢᠳᠠ ᠪᠠᠷᠠᠭᠤᠨ ᠲᠦᠪᠡᠳ ᠲᠤ ᠤᠴᠢᠬᠤ ᠭᠡᠵᠦ ᠸᠴᠢᠷᠳᠤ ᠰᠡᠴᠡᠨ ᠬᠠᠨ ᠳᠤ ᠠᠶᠢᠯᠠᠳᠬᠠᠪᠠ᠃ ᠸᠴᠢᠷᠳᠤ ᠰᠡᠴᠡᠨ ᠬᠠᠨ ᠬᠤᠷᠢᠭᠯᠠᠭᠰᠠᠨ ᠳᠤ ᠽᠠᠶ᠎ᠠ ᠪᠠᠨᠳᠢᠳᠠ᠄ ︽ᠨᠢᠭᠡ ᠳᠤ ᠨᠠᠰᠤ ᠮᠢᠨᠢ ᠠᠬᠢᠪᠠ᠂ ᠬᠤᠶᠠᠷ ᠲᠤ ᠪᠡᠶ᠎ᠡ ᠮᠢᠨᠢ ᠡᠪᠡᠳᠴᠢᠯᠡᠪᠡ᠂ ᠭᠤᠷᠪᠠ ᠳᠤ ᠦᠭᠦᠭᠦ ᠮᠢᠨᠢ ᠤᠶᠢᠷᠠᠳᠤᠪᠠ᠃ ᠡᠶᠢᠮᠤ ᠠᠴᠠ ᠪᠠᠷᠠᠭᠤᠨ ᠵᠤᠤ ᠳᠤ ᠤᠴᠢᠵᠤ ᠪᠢᠰᠢᠯᠭᠠᠨ ᠬᠢᠶ᠎ᠡ︕ ᠡᠪᠤᠭᠡᠨ ᠬᠦᠮᠤᠨ ᠢ ᠪᠢᠳᠡᠭᠡᠢ ᠵᠤᠪᠠᠭ᠎ᠠ︕︾ ᠭᠡᠪᠡ᠃ ᠳᠡᠭᠡᠭᠡᠳ ᠪᠠᠷᠠᠭᠤᠨᠰᠢ ᠬᠦᠳᠡᠯᠤᠨ ᠭᠠᠷᠤᠭᠠᠳ ᠨᠠᠮᠤᠷ ᠤᠨ ᠳᠤᠮᠳᠠ ᠰᠠᠷ᠎ᠠ ᠶᠢᠨ 22 ᠤᠨ ᠡᠳᠤᠷ᠂ ᠬᠠᠴᠢᠷᠳᠤ ᠱᠠᠩᠳᠠ ᠭᠡᠮᠡᠬᠦ ᠭᠠᠵᠠᠷ ᠬᠦᠷᠴᠤ ᠡᠪᠡᠳᠴᠢᠨ ᠢᠶᠠᠷ ᠨᠠᠰᠤ ᠨᠦᠭᠴᠢᠵᠠᠢ᠃ ᠵᠢᠷᠠᠨ ᠭᠤᠷᠪᠠᠨ ᠨᠠᠰᠤᠳᠠᠢ ᠪᠦᠯᠦᠭᠡ᠂ ᠲᠤᠰ ᠵᠢᠯ ᠤᠨ ᠡᠪᠤᠯ ᠤᠨ ᠳᠡᠷᠢᠭᠦᠨ ᠰᠠᠷ᠎ᠠ ᠶᠢᠨ ᠰᠢᠨ᠎ᠡ ᠶᠢᠨ 1 ᠤ ᠡᠳᠤᠷ ᠭᠡᠭᠦᠷ ᠢ ᠨᠢ ᠪᠠᠷᠠᠭᠤᠨ ᠵᠤᠤ ᠳᠤ ᠵᠠᠯᠠᠵᠤ ᠠᠪᠠᠴᠢᠭᠰᠠᠨ ᠪᠦᠭᠡᠳ ᠲᠦᠴᠢ ᠶᠢᠰᠤᠨ ᠬᠤᠨᠤᠭ ᠤᠨ ᠳᠠᠷᠠᠭ᠎ᠠ᠂ ᠷᠠᠰᠢᠯᠾᠦ᠋ᠡᠭᠪᠤ ᠭᠡᠶᠢᠳ ᠲᠤ ᠠᠪᠠᠴᠢᠵᠤ ᠤᠷᠤᠰᠢᠭᠤᠯᠤᠭᠰᠠᠨ ᠪᠠᠶᠢᠵᠠᠢ᠃ ᠽᠠᠶ᠎ᠠ ᠪᠠᠨᠳᠢᠳᠠ ᠪᠤᠯ ᠮᠤᠩᠭᠤᠯ ᠭᠠᠵᠠᠷ ᠲᠤ ᠰᠢᠷ᠎ᠠ ᠶᠢᠨ ᠱᠠᠰᠢᠨ ᠢ ᠳᠡᠯᠭᠡᠷᠡᠭᠦᠯᠬᠦ ᠶᠢᠨ ᠲᠦᠯᠦᠭᠡ ᠨᠠᠰᠤᠨ ᠳᠤᠷᠰᠢᠳᠠ ᠴᠢᠷᠮᠠᠶᠢᠨ ᠵᠢᠳᠭᠦᠭᠰᠡᠨ ᠨᠡᠷᠡᠳᠤ ᠳᠦᠢᠨ ᠪᠤᠯᠬᠤ ᠪᠦᠭᠡᠳ ᠮᠤᠩᠭᠤᠯ ᠦᠨᠳᠤᠰᠤᠳᠡᠨ ᠤ ᠰᠤᠶᠤᠯ ᠤᠨ ᠬᠦᠭᠵᠢᠯ ᠳᠤ ᠴᠤ ᠶᠡᠭᠡᠭᠡᠨ ᠬᠤᠪᠢ ᠨᠡᠮᠡᠷᠢ ᠦᠵᠡᠭᠦᠯᠦᠭᠰᠡᠨ ᠡᠷᠳᠡᠮᠳᠡᠨ ᠬᠦᠮᠤᠨ ᠪᠤᠯᠤᠨ᠎ᠠ᠃ ᠳᠡᠭᠦᠨᠴᠢᠯᠡᠨ ᠠᠷᠪᠠᠨ ᠲᠤᠯᠤᠳᠤᠭᠠᠷ ᠵᠠᠭᠤᠨ ᠤ ᠳᠤᠮᠳᠠᠴᠢ ᠪᠠᠷ ᠤᠶᠢᠷᠠᠳ ᠤᠨ ᠳᠡᠤᠭᠡᠨ ᠬᠦᠭᠵᠢᠯᠳᠡ ᠳᠤ ᠶᠡᠭᠡᠭᠡᠨ ᠦᠢᠯᠡᠳᠤᠯ ᠦᠵᠡᠭᠦᠯᠦᠭᠰᠡᠨ ᠤᠯᠤᠰ ᠲᠦᠷᠤᠴᠢᠨ ᠪᠤᠯᠬᠤ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号