ᠦᠷᠬᠦᠯᠵᠢᠯᠡᠨ᠎ᠡ ᠭᠡᠲᠡᠭ ᠲᠡᠣᠬᠡ ᠪᠣᠯᠲᠠᠭ ᠰᠠᠨᠵᠡᠢ
ᠨᠡᠶᠢᠲᠡᠯᠡᠭᠰᠡᠨ ᠴᠠᠭ᠄
2019/12/11
— ︽ᠽᠠᠶ᠎ᠠ ᠪᠠᠨᠳᠢᠲᠠ ᠶᠢᠨ ᠱᠠᠪᠢᠨᠠᠷ︾ ᠨᠣᠮ ᠤᠨ ᠣᠷᠣᠰᠢᠯ ᠢᠯᠢ ᠲᠡᠭᠡᠰ ᠤᠨ ᠠᠭᠤᠯᠠ ᠲᠠᠯ᠎ᠠ᠂ ᠣᠰᠦ ᠮᠦᠷᠡᠨ ᠢ ᠭᠡᠳᠦᠯᠵᠦ ᠶᠠᠨᠲᠠᠰᠢ ᠦᠭᠡᠢ ᠪᠠᠶᠠᠨ ᠮᠣᠩᠭᠤᠯ ᠰᠣᠶᠣᠯ ᠤᠨ ᠦᠪ ᠬᠦᠷᠦᠭᠭᠡ ᠶᠢ ᠬᠠᠳᠠᠭᠠᠯᠠᠵᠦ ᠪᠠᠶᠢᠭ᠎ᠠ ᠢᠯᠢ ᠶᠢᠨ ᠭᠤᠣᠯ ᠤᠨ ᠲᠡᠭᠡᠲᠣ ᠣᠷᠣᠰᠬᠠᠯ ᠳᠠᠭᠠᠤ ᠣᠷᠣᠨ ᠳᠤ ᠣᠷᠣᠰᠢᠨ ᠠᠮᠢᠳᠣᠷᠠᠵᠦ ᠪᠠᠶᠢᠭ᠎ᠠ ᠦᠭᠡᠯᠡᠳ ᠮᠣᠩᠭᠤᠯᠴᠣᠳ ᠤᠨ ᠳᠣᠮᠲᠠ ᠬᠡᠭᠡᠷ᠎ᠡ ᠶᠢᠨ ᠰᠢᠨᠵᠢᠯᠡᠭᠡ ᠬᠢᠵᠦ ᠠᠶᠠᠯᠠᠨ ᠶᠠᠪᠣᠬᠤ ᠪᠦᠷᠢ ᠪᠢ ᠣᠷᠳᠣ ᠦᠷᠭᠡᠨ ᠢᠶᠠᠷ ᠢᠶᠠᠨ ᠨᠢᠭᠡᠨ ᠮᠧᠲᠷ ᠢᠯᠡᠭᠦᠣ ᠣᠯᠠᠭᠠᠨ ᠲᠣᠷᠭ᠎ᠠ ᠶᠢ ᠪᠡᠶ᠎ᠡ ᠠᠴᠠ ᠪᠠᠨ ᠰᠠᠯᠭᠠᠯ ᠦᠭᠡᠢ ᠠᠪᠴᠦ ᠶᠠᠪᠣᠲᠠᠭ ᠪᠢᠯᠡ᠃ ᠬᠦᠪᠡᠭᠡ ᠨᠢ ᠨᠢᠭᠡᠨᠲᠡ ᠡᠯᠡᠭᠲᠡᠨ ᠰᠡᠮᠡᠷᠡᠭᠰᠡᠨ ᠲᠡᠷᠡᠬᠦ ᠣᠯᠠᠭᠠᠨ ᠲᠣᠷᠭᠠᠨ ᠲᠡᠭᠡᠷ᠎ᠡ ᠲᠣᠳᠣ ᠦᠰᠦᠭ ᠤᠨ ᠬᠡᠳᠦᠨ ᠠᠷᠪᠠᠨ ᠲᠦᠮᠡᠨ ᠬᠠᠭᠤᠳᠠᠰᠣ ᠰᠣᠳᠣᠷ ᠨᠣᠮ ᠢ ᠪᠢ ᠵᠢᠷᠤᠭ ᠲᠤ ᠪᠠᠭᠤᠯᠭᠠᠭᠰᠠᠨ ᠰᠠᠨ᠃ ᠲᠡᠷᠡ ᠲᠣᠷᠭ᠎ᠠ ᠶᠢ ᠢᠯᠢ ᠶᠢᠨ ᠨᠣᠲᠤᠭ ᠲᠤ ᠠᠩᠬ᠎ᠠ ᠢᠷᠡᠬᠦ ᠳᠤ ᠵᠠᠸ᠋ᠨ ᠶᠢᠨ ᠳ᠋ᠣᠰᠠᠨ᠂ ᠴᠡᠷᠡᠨᠵᠠᠪ ᠤᠨ ᠦᠨᠢᠷ ᠨᠠᠲᠠ ᠳᠤ ᠪᠡᠯᠡᠭᠯᠡᠭᠰᠡᠨ ᠶᠣᠮ᠃ — ᠰᠣᠳᠣᠷ ᠨᠣᠮ ᠢ ᠲᠡᠭᠡᠵᠢᠯᠡᠨ ᠬᠦᠨᠳᠦᠯᠡᠲᠡᠭ ᠨᠣᠲᠤᠭ ᠤᠨ ᠴᠢᠬᠤᠯᠠ ᠶᠣᠰᠣᠨ ᠪᠠᠶᠢᠲᠠᠭ᠃ ᠡᠨᠡᠬᠦ ᠲᠣᠷᠭ᠎ᠠ ᠲᠠᠨ ᠳᠤ ᠲᠣᠰᠠ ᠪᠣᠯᠵᠦ ᠶᠠᠭᠤᠨ ᠮᠠᠭᠠᠳ᠃ ᠮᠣᠩᠭᠤᠯᠴᠣᠳ ᠤᠨ ᠬᠤᠪᠢ ᠳᠤ᠂ ᠨᠣᠲᠤᠭ ᠤᠨ ᠶᠣᠰᠣᠨ ᠶᠠᠪᠣᠲᠠᠯ ᠬᠠᠮᠤᠭ ᠤᠨ ᠬᠦᠨᠲᠣ ᠪᠠᠶᠢᠲᠠᠭ᠃ ᠬᠡᠭᠡᠷ᠎ᠡ ᠶᠢᠨ ᠰᠢᠨᠵᠢᠯᠡᠭᠡᠨ ᠤ ᠶᠠᠪᠣᠴᠠ ᠳᠤ ᠨᠣᠲᠤᠭ ᠤᠨ ᠶᠣᠰᠣ ᠵᠠᠩᠰᠢᠯ ᠢ ᠠᠯᠲᠠᠬᠤ ᠶᠣᠮ ᠪᠣᠯ ᠠᠵᠢᠯ ᠬᠢᠬᠦ ᠳᠤ ᠠᠰᠢᠭ ᠦᠭᠡᠢ ᠪᠦᠭᠡᠳ ᠴᠢᠨᠠᠭᠰᠢᠲᠠ ᠪᠦᠬᠦ ᠠᠵᠢᠯ ᠢ ᠴᠤ ᠨᠦᠯᠦᠭᠡᠯᠡᠵᠦ ᠪᠣᠯᠵᠣᠰᠢ ᠦᠭᠡᠢ᠃ ᠢᠯᠠᠩᠭᠤᠶ᠎ᠠ ᠢᠯᠢ ᠶᠢᠨ ᠭᠤᠣᠯ ᠤᠨ ᠲᠡᠭᠡᠲᠣ ᠣᠷᠣᠰᠬᠠᠯ ᠳᠠᠭᠠᠤ ᠣᠷᠣᠨ ᠳᠤ ᠪᠠᠶᠢᠭ᠎ᠠ ᠦᠭᠡᠯᠡᠳ ᠮᠣᠩᠭᠤᠯᠴᠣᠳ ᠤᠨ ᠶᠣᠰᠣᠨ ᠶᠠᠪᠣᠲᠠᠯ ᠬᠠᠭᠤᠴᠢᠨ ᠣᠯᠠᠮᠵᠢᠯᠠᠯ ᠢᠶᠠᠨ ᠬᠠᠳᠠᠭᠠᠯᠠᠵᠦ ᠪᠠᠶᠢᠬᠤ ᠲᠡᠳᠦᠢ ᠦᠭᠡᠢ ᠪᠣᠰᠣᠳ ᠮᠣᠩᠭᠤᠯ ᠭᠠᠵᠠᠷ ᠣᠷᠣᠨ ᠢ ᠪᠣᠳᠣᠪᠠᠯ ᠨᠡᠩ ᠴᠤ ᠡᠷᠲᠡᠨ ᠤ ᠬᠡᠪ ᠢᠶᠠᠷ ᠢᠶᠠᠨ ᠡᠪᠲᠡᠭᠲᠡᠭᠡ ᠦᠭᠡᠢ ᠪᠠᠶᠢᠭ᠎ᠠ ᠨᠢ ᠭᠠᠶᠢᠬᠠᠯᠲᠠᠢ ᠪᠠᠶᠢᠲᠠᠭ ᠰᠠᠨ᠃ ᠬᠤᠭᠤᠯᠠ ᠣᠮᠲᠠ ᠠᠴᠠ ᠶᠠᠪᠣᠵᠦ ᠰᠠᠭᠤᠬᠤ ᠬᠦᠷᠲᠡᠯ᠎ᠡ ᠡᠳᠦᠷ ᠲᠣᠳᠣᠮ ᠤᠨ ᠠᠮᠢᠳᠣᠷᠠᠯ ᠳᠣᠮᠲᠠ ᠲᠡᠳᠡᠭᠡᠷ ᠶᠣᠰᠣ ᠵᠠᠩᠰᠢᠯ ᠰᠡᠭᠦᠲᠡᠷ ᠮᠡᠲᠣ ᠰᠠᠯᠣᠰᠢ ᠦᠭᠡᠢ ᠳᠠᠭᠠᠯᠳᠣᠵᠦ ᠪᠠᠶᠢᠲᠠᠭ᠃ ᠲᠡᠳᠡᠭᠡᠷ ᠨᠢ ᠵᠦᠭᠡᠷ ᠨᠢᠭᠡ ᠬᠠᠭᠤᠴᠢᠨ ᠤ ᠪᠠᠯᠠᠷᠯᠢᠭ᠂ ᠲᠡᠷᠡ ᠮᠦᠷᠲᠡᠯ᠎ᠡ  ᠪᠠᠨ ᠡᠷᠡᠨ ᠴᠠᠭ ᠤᠨ ᠬᠦᠭᠵᠢᠯᠲᠡ ᠯᠦᠭᠡ ᠣᠭᠲᠣ ᠬᠤᠯᠪᠣᠭᠲᠠᠯ ᠦᠭᠡᠢ ᠬᠤᠴᠣᠷᠣᠭᠲᠠᠭᠰᠠᠨ ᠵᠦᠢᠯᠡᠰ ᠭᠡᠵᠦ ᠪᠣᠲᠣᠪᠠᠯ ᠠᠶᠠᠨᠲᠠᠭᠠᠨ ᠪᠤᠷᠤᠭᠤᠳᠠᠨ᠎ᠠ᠃ ᠲᠡᠭᠦᠨ ᠤ ᠴᠠᠭᠠᠨ᠎ᠠ ᠦᠭᠡᠯᠡᠳᠴᠣᠳ ᠤᠨ ᠣᠷᠲᠣ ᠣᠲᠠᠭᠠᠨ ᠵᠢᠯ ᠥᠩᠭᠡᠷᠡᠭᠦᠯᠦᠭᠰᠡᠨ ᠠᠵᠣ ᠠᠬᠤᠢ᠂ ᠠᠮᠢᠳᠣᠷᠠᠯ ᠲᠡᠮᠡᠴᠡᠯ᠂ ᠲᠦᠷᠦ ᠱᠠᠰᠢᠨ ᠁ ᠵᠡᠷᠭᠡ ᠠᠯᠢᠪᠠ ᠰᠣᠶᠣᠯ ᠲᠡᠣᠬᠡ  ᠯᠦᠭᠡ ᠨᠢ ᠰᠠᠯᠣᠰᠢ ᠦᠭᠡᠢ ᠨᠢᠭᠲᠠ ᠬᠤᠯᠪᠣᠭ᠎ᠠ ᠬᠠᠷᠢᠴᠠᠭ᠎ᠠ ᠲᠠᠢ ᠪᠦᠬᠦ ᠶᠠᠭᠤᠮ᠎ᠡ ᠨᠢ ᠨᠢᠭᠤᠭᠲᠠᠵᠦ ᠪᠠᠶᠢᠲᠠᠭ᠃ ᠵᠠᠷᠢᠮ ᠶᠣᠰᠣ ᠵᠠᠩᠰᠢᠯ ᠨᠢ ᠨᠢᠭᠡᠨᠲᠡ ᠬᠠᠣᠯᠢ ᠠᠴᠠ ᠴᠤ ᠬᠦᠴᠦᠲᠡᠢ᠂ ᠬᠠᠣᠯᠢ ᠠᠴᠠ ᠴᠤ ᠶᠡᠭᠡ ᠦᠢᠯᠡᠳᠦᠯ ᠲᠠᠢ ᠲᠣᠬᠢᠶᠠᠯᠳᠣᠯ ᠲᠠᠢ ᠴᠤ ᠦᠷᠭᠦᠯᠵᠢ ᠲᠠᠭᠠᠷᠠᠯᠲᠣᠲᠠᠭ ᠪᠢᠯᠡ᠃ ᠲᠡᠣᠬᠡ ᠰᠣᠶᠣᠯ ᠢᠶᠠᠨ ᠰᠠᠶᠢᠨ ᠮᠡᠲᠡᠲᠡᠭ ᠪᠠᠷ ᠦᠯᠦ ᠪᠠᠷᠠᠮ ᠴᠢᠨᠠᠭᠰᠢᠲᠠ ᠰᠢᠨᠵᠢᠯᠡᠨ ᠰᠣᠳᠣᠯᠵᠦ ᠶᠠᠪᠣᠲᠠᠭ ᠲᠡᠲᠡᠨ ᠤ ᠴᠠᠭᠠᠨ ᠰᠠᠨᠠᠭᠠᠨ ᠠᠴᠠ ᠪᠠᠨ ᠨᠠᠲᠠ ᠳᠤ ᠬᠡᠯᠡᠭᠰᠡᠨ᠂ ᠵᠠᠬᠢᠭᠰᠠᠨ ᠦᠭᠡ ᠶᠢ ᠣᠯᠠᠨ ᠵᠢᠯ ᠤᠨ ᠬᠤᠶᠢᠨ᠎ᠠ ᠪᠣᠯᠣᠭᠰᠠᠨ ᠦᠨᠦᠳᠦᠷ ᠴᠣ᠋ ᠪᠢ ᠲᠣᠪ ᠲᠣᠳᠣ ᠴᠡᠭᠡᠵᠢᠯᠡᠭᠰᠡᠭᠡᠷ᠃ ᠲᠡᠲᠡᠨ ᠤ ᠨᠣᠲᠤᠭ ᠤᠨ ᠢᠶᠠᠨ ᠲᠡᠣᠬᠡ ᠰᠣᠶᠣᠯ ᠢᠶᠠᠨ ᠴᠠᠭᠠᠨ᠎ᠠ ᠠᠴᠠ ᠪᠠᠨ ᠬᠠᠶᠢᠷᠠᠯᠠᠨ ᠠᠮᠢ ᠭᠤᠣᠯ ᠲᠠᠢ ᠪᠠᠨ ᠬᠤᠯᠪᠣᠨ ᠰᠣᠳᠣᠯᠵᠦ ᠶᠠᠪᠣᠭ᠎ᠠ ᠬᠠᠷᠢᠭᠤᠴᠠᠯᠭᠠᠲᠣ ᠣᠪᠣᠷ ᠨᠢ ᠨᠠᠲᠠ ᠬᠡᠵᠢᠶᠡᠲᠡ ᠰᠣᠷᠣᠭᠠᠳ ᠪᠠᠷᠠᠰᠢ ᠦᠭᠡᠢ ᠮᠡᠲᠣ ᠰᠠᠨᠠᠭᠲᠠᠲᠠᠭ ᠰᠠᠨ᠃ ᠬᠠᠷᠢᠨ ᠣᠳᠣ ᠪᠢ ᠲᠡᠲᠡᠨ ᠤ ᠬᠠᠮᠳᠣᠷᠠᠨ ᠲᠣᠭᠤᠷᠪᠢᠭᠰᠠᠨ ᠣᠶᠢᠷᠠᠳ ᠰᠣᠳᠣᠯᠣᠯ ᠤᠨ ᠴᠢᠬᠤᠯᠠ ᠠᠰᠠᠭᠤᠲᠠᠯ ᠤᠨ ᠨᠢᠭᠡ ᠮᠦᠷᠲᠡᠭᠡᠨ ᠣᠮᠳᠣᠭᠠᠶᠢᠯᠠᠭᠳᠠᠭᠰᠠᠭᠠᠷ ᠢᠷᠡᠭᠰᠡᠨ ︽ᠽᠠᠶ᠎ᠠ ᠪᠠᠨᠳᠢᠲᠠ ᠶᠢᠨ ᠱᠠᠪᠢᠨᠠᠷ︾ ᠬᠡᠮᠡᠬᠦ ᠲᠣᠮᠣᠬᠠᠨ ᠪᠦᠲᠦᠭᠡᠯ ᠳᠤ ᠣᠷᠣᠰᠢᠯ ᠪᠢᠴᠢᠵᠦ ᠰᠠᠭᠤᠨ᠎ᠠ᠃ ᠡᠨᠡ ᠲᠡᠯᠡᠬᠡᠢ ᠳᠤ ᠢᠷᠡᠬᠦ ᠳᠤ ᠡᠴᠢᠬᠡ ᠡᠬᠡ ᠮᠢᠨᠢ ᠦᠭᠡᠷ᠎ᠡ᠂ ᠦᠯᠡᠮᠡᠢ ᠭᠢᠰᠭᠡᠭᠰᠡᠨ ᠭᠠᠵᠠᠷ ᠬᠦᠷᠲᠡᠯ᠎ᠡ ᠲᠦᠮᠡᠨ ᠭᠠᠵᠠᠷ ᠤᠨ ᠠᠯᠣᠰ ᠠᠭᠠᠳ ᠣᠶᠢᠷᠠᠳ ᠰᠣᠳᠣᠯᠣᠯ ᠪᠢᠲᠡᠨ ᠢ ᠡᠪ ᠤᠨ ᠦᠯᠵᠡᠢ ᠵᠠᠩᠬᠢᠶ᠎ᠠ ᠰᠢᠭ ᠨᠢᠭᠡ ᠣᠲᠠᠰᠣᠨ ᠳᠤ ᠬᠤᠯᠪᠣᠵᠦ ᠬᠤᠯᠠ ᠶᠢᠨ ᠬᠤᠯᠠ ᠶᠢᠨ ᠠᠭᠯᠠᠭ ᠬᠢᠯᠢ ᠤᠨ ᠲᠡᠷᠲᠡᠭᠡ ᠠᠭᠤᠯᠵᠠᠭᠤᠯᠣᠭᠰᠠᠨ ᠪᠠᠶᠢᠵᠦ ᠤᠤ︕ ᠱᠠᠪᠢᠨᠠᠷ ᠤᠨ ᠲᠡᠣᠬᠡ ᠰᠣᠶᠣᠯ ᠳᠤ ᠬᠤᠯᠪᠣᠭᠲᠠᠭᠰᠠᠨ ᠬᠤᠷᠠᠯ ᠴᠣᠭᠯᠠᠭ᠎ᠠ ᠬᠢᠬᠦ᠂ ᠨᠣᠮ ᠲᠡᠪᠲᠡᠷ ᠬᠡᠪᠯᠡᠭᠦᠯᠬᠦ᠂ ᠨᠣᠲᠤᠭ ᠲᠤ ᠠᠶᠢᠯᠠᠴᠢᠯᠠᠭᠰᠠᠨ ᠡᠷᠳᠡᠮᠲᠡᠳ ᠢ ᠬᠦᠯᠢᠶᠡᠨ ᠵᠣᠴᠢᠯᠠᠬᠤ ᠁ ᠲᠡᠭᠡᠰ ᠤᠨ ᠱᠠᠪᠢᠨᠠᠷ ᠤᠨ ᠲᠡᠣᠬᠡ ᠰᠣᠶᠣᠯ ᠤᠨ ᠠᠯᠢ ᠠᠯᠢᠨ ᠳᠤ ᠬᠤᠯᠪᠣᠭᠲᠠᠬᠤ ᠪᠠᠷ ᠵᠠᠸ᠋ᠨ ᠶᠢᠨ ᠳ᠋ᠣᠰᠠᠨ᠂ ᠴ᠊ · ᠦᠨᠢᠷ ᠨᠢᠭᠡ ᠲᠡᠷᠭᠡᠨ ᠤ ᠬᠤᠶᠠᠷ ᠬᠦᠷᠲᠣ ᠮᠡᠲᠣ ᠲᠣᠲᠠᠭᠲᠠᠵᠦ ᠦᠯᠦ ᠪᠣᠯᠣᠨ᠎ᠠ᠃ ᠣᠶᠢᠷ᠎ᠠ ᠶᠢᠨ ᠬᠤᠶᠠᠷ ᠵᠢᠯ ᠳᠤ ᠨᠦᠭᠦᠭᠡ ᠵᠠᠸ᠋ᠨ ᠶᠢᠨ ᠳ᠋ᠣᠰᠠᠨ ᠭᠤᠸᠠᠢ ᠶᠢᠨ ᠰᠠᠨᠴᠢᠭ ᠲᠤ ᠬᠠᠶᠠ ᠭᠢᠯᠠᠰᠣᠨ ᠬᠠᠷᠠᠭᠲᠠᠬᠤ ᠪᠣᠯᠣᠭᠰᠠᠨ ᠮᠦᠩᠭᠦᠨ ᠬᠢᠷᠠᠭᠤ ᠮᠡᠲᠣ ᠴᠠᠭᠠᠨ ᠦᠰᠦ ᠨᠢ ᠴᠤ ᠱᠠᠪᠢᠨᠠᠷ ᠤᠨ ᠲᠡᠣᠬᠡ ᠰᠣᠶᠣᠯ ᠳᠤ ᠵᠢᠳᠭᠦᠵᠦ ᠶᠠᠪᠣᠭᠰᠠᠨ ᠤ ᠬᠢᠨᠢ ᠭᠡᠷᠡᠴᠢ ᠮᠡᠲᠣ ᠨᠠᠲᠠ ᠳᠤ ᠪᠣᠲᠣᠭᠲᠠᠲᠠᠭ᠃ ᠠᠤᠭ᠎ᠠ ᠶᠡᠭᠡ ᠣᠶᠢᠷᠠᠳ ᠰᠣᠳᠣᠯᠣᠯ ᠢ ᠣᠶᠢᠭ᠎ᠠ ᠦᠭᠡᠢ ᠬᠢᠬᠦ ᠶᠢᠨ ᠵᠢᠷᠭᠠᠯ ᠵᠣᠪᠠᠯᠠᠩ ᠪᠦᠬᠦᠨ ᠢ ᠪᠢ ᠲᠡᠭᠦᠨ ᠠᠴᠠ ᠭᠦᠨ ᠮᠡᠳᠡᠷᠡᠲᠡᠭ ᠰᠠᠨ᠃ ᠲᠡᠶᠢᠨᠬᠦ ᠣᠶᠢᠷᠠᠳ ᠰᠣᠳᠣᠯᠣᠯ ᠤᠨ ᠵᠠᠮ ᠢ ᠰᠣᠩᠭᠤᠭᠰᠠᠨ ᠲᠡᠳᠦᠢ ᠦᠭᠡᠢ ᠥᠪᠡᠷ ᠤᠨ ᠡᠨᠡᠬᠡᠨ ᠨᠠᠰᠣ ᠪᠠᠨ ᠣᠶᠢᠷᠠᠳ ᠰᠣᠳᠣᠯᠣᠯ ᠳᠤ ᠵᠣᠷᠢᠭᠤᠯᠬᠤ ᠪᠣᠯᠣᠭᠰᠠᠨ ᠢᠶᠠᠨ ᠦᠪᠡᠷ ᠤᠨ ᠮᠢᠨᠢ ᠬᠠᠮᠤᠭ ᠤᠨ ᠶᠡᠭᠡ ᠠᠵᠠ ᠭᠡᠵᠦ ᠣᠯᠵᠠᠷᠬᠠᠨ ᠶᠠᠪᠣᠲᠠᠭ ᠮᠢᠨᠢ ᠮᠢᠨᠦ ᠡᠨᠡ ᠲᠡᠯᠡᠬᠡᠢ ᠳᠤ ᠬᠦᠮᠦᠨ ᠪᠣᠯᠣᠭᠰᠠᠨ ᠤ ᠳᠡᠭᠡᠲᠣ ᠵᠢᠷᠭᠠᠯ ᠪᠠᠶᠢᠯ᠎ᠠ᠃ ᠣᠶᠢᠷᠠᠳ ᠰᠣᠳᠣᠯᠣᠯ ᠪᠣᠯ ᠮᠣᠩᠭᠤᠯ ᠰᠣᠳᠣᠯᠣᠯ ᠤᠨ ᠴᠢᠬᠤᠯᠠ ᠪᠦᠷᠢᠯᠳᠡᠭᠦᠨ ᠬᠡᠰᠡᠭ ᠲᠡᠳᠦᠢ ᠦᠭᠡᠢ ᠦᠪᠡᠷ ᠤᠨ ᠪᠡᠶ᠎ᠡ ᠪᠠᠨ ᠳᠠᠭᠠᠭᠠᠭᠰᠠᠨ ᠦᠪᠡᠷᠮᠢᠴᠡ ᠣᠨᠴᠠᠯᠢᠭ ᠲᠠᠢ ᠶᠣᠮ᠃ ᠮᠣᠩᠭᠤᠯ ᠤᠨ ᠡᠯ᠎ᠡ ᠣᠪᠣᠭ ᠠᠶᠢᠮᠠᠭ ᠤᠳ ᠤᠨ ᠲᠣᠳᠣᠷ᠎ᠠ ᠣᠶᠢᠷᠠᠳ ᠪᠠ ᠪᠦᠷᠢᠶᠡᠳ ᠤᠨ ᠲᠡᠣᠬᠡ ᠰᠣᠶᠣᠯ ᠣᠨᠴᠠᠭᠠᠢ ᠪᠠᠶᠢᠲᠠᠭ᠃ ᠭᠠᠵᠠᠷ ᠵᠦᠢ ᠶᠢᠨ ᠪᠠᠶᠢᠷᠢᠰᠢᠯ ᠤᠨ ᠬᠤᠪᠢ ᠳᠤ᠂ ᠲᠡᠳᠡ ᠲᠦᠪ ᠮᠣᠩᠭᠤᠯ ᠠᠴᠠ ᠲᠠᠰᠣᠷᠠᠨ ᠬᠤᠯᠠᠲᠠᠭᠰᠠᠨ ᠲᠡᠳᠦᠢ ᠦᠭᠡᠢ ᠰᠣᠶᠣᠯ ᠲᠡᠣᠬᠡ ᠶᠢᠨ ᠬᠤᠪᠢ ᠳᠤ ᠴᠤ ᠦᠪᠡᠷ ᠤᠨ ᠢᠶᠠᠨ ᠭᠡᠰᠡᠨ ᠣᠨᠴᠠᠯᠢᠭ ᠲᠠᠢ᠃ ᠢᠯᠠᠩᠭᠤᠶ᠎ᠠ ᠣᠶᠢᠷᠠᠳ ᠨᠢ ᠦᠪᠡᠷ ᠤᠨ ᠢᠶᠠᠨ ᠭᠡᠰᠡᠨ ᠣᠯᠣᠰ ᠲᠦᠷᠦ ᠱᠠᠵᠢᠨ ᠪᠠ ᠲᠦᠷᠦ ᠶᠢᠨ ᠪᠠᠶᠢᠭᠤᠯᠣᠮᠵᠢ ᠲᠠᠢ ᠪᠠᠶᠢᠭᠰᠠᠨ ᠪᠣᠯᠬᠤᠷ ᠥᠩᠭᠡ ᠢᠯᠭᠠᠷᠠᠭᠰᠠᠨ ᠣᠨᠳᠣᠣ ᠨᠢᠭᠡ ᠶᠢᠷᠲᠢᠨᠴᠦ ᠪᠠᠶᠢᠭᠰᠠᠨ ᠰᠠᠨᠵᠢ᠃ ᠶᠣᠸ᠋ᠨᠨ ᠣᠯᠣᠰ ᠤᠨ ᠦᠶ᠎ᠡ ᠳᠤ ᠵᠡᠭᠦᠨ ᠮᠣᠩᠭᠤᠯ ᠢ ᠳᠦᠴᠢᠨ ᠲᠦᠮᠡᠨ ᠮᠣᠩᠭᠤᠯ ᠭᠡᠲᠡᠭ ᠪᠠᠶᠢᠭᠰᠠᠨ ᠪᠦᠭᠡᠳ ᠣᠶᠢᠷᠠᠳᠴᠣᠳ ᠢ ᠳᠦᠷᠪᠡᠨ ᠲᠦᠮᠡᠨ ᠣᠶᠢᠷᠠᠳ ᠭᠡᠵᠦ ᠶᠡᠷᠦᠩᠬᠡᠶᠢᠯᠡᠨ ᠲᠠᠭᠤᠲᠠᠲᠠᠭ ᠪᠠᠶᠢᠪᠠ᠃ ᠲᠣᠬᠠᠢ ᠶᠢᠨ ᠦᠶ᠎ᠡ ᠳᠤ ᠳᠦᠴᠢᠨ ᠲᠦᠮᠡᠨ ᠮᠣᠩᠭᠤᠯ᠂ ᠳᠦᠷᠪᠡᠨ ᠲᠦᠮᠡᠨ ᠣᠶᠢᠷᠠᠳ ᠭᠡᠵᠦ ᠣᠶᠢᠷᠠᠳᠴᠣᠳ ᠲᠣᠳᠣᠷᠬᠠᠢ ᠵᠡᠭᠦᠨ ᠮᠣᠩᠭᠤᠯ ᠯᠤᠭ᠎ᠠ ᠮᠦᠷᠦ ᠵᠡᠷᠭᠡᠴᠡᠨ ᠭᠠᠷᠲᠠᠭ ᠨᠢ ᠶᠣᠸᠠᠨ ᠣᠯᠣᠰ ᠤᠨ ᠲᠣᠳᠣᠷᠬᠠᠢ ᠨᠢᠭᠡᠨ ᠴᠠᠭ ᠦᠶ᠎ᠡ ᠳᠤ ᠲᠡᠲᠡᠨ ᠤ ᠪᠠᠶᠢᠷᠢ ᠰᠠᠭᠤᠷᠢ ᠲᠦᠪ ᠮᠣᠩᠭᠤᠯ ᠯᠤᠭ᠎ᠠ ᠰᠠᠴᠠᠭᠤ ᠪᠠᠶᠢᠭᠰᠠᠨ ᠢ ᠬᠠᠷᠠᠭᠤᠯᠵᠦ ᠪᠣᠢ᠃ ᠳᠦᠴᠢᠨ ᠲᠦᠮᠡᠨ ᠮᠣᠩᠭᠤᠯ 1368 ᠣᠨ ᠤ ᠲᠣᠭᠤᠨᠲᠡᠮᠦᠷ ᠬᠠᠭᠠᠨ ᠮᠣᠯᠳᠣᠰᠢ ᠶᠢᠨ ᠰᠦᠪᠡ ᠪᠠᠷ ᠣᠮᠠᠷᠠᠰᠢ ᠲᠣᠲᠠᠭᠠᠵᠦ ᠶᠡᠭᠡ ᠶᠣᠸᠠᠨ ᠣᠯᠣᠰ ᠮᠦᠬᠦᠭᠰᠡᠨ ᠢᠶᠠᠷ ᠵᠡᠭᠦᠨ ᠮᠣᠩᠭᠤᠯ ᠳᠤ ᠬᠡᠷᠡᠭᠯᠡᠭᠳᠡᠬᠦ ᠪᠠᠨ ᠪᠣᠯᠢᠪᠠ᠃ ᠣᠮᠠᠷᠠᠲᠣ ᠶᠣᠸᠠᠨ ᠣᠯᠣᠰ ᠤᠨ ᠦᠶ᠎ᠡ ᠳᠤ ᠲᠠᠶᠠᠨ ᠬᠠᠭᠠᠨ ᠬᠠᠭᠠᠴᠠᠯ ᠪᠣᠲᠠᠷᠠᠯ ᠪᠣᠯᠣᠭᠰᠠᠨ ᠮᠣᠩᠭᠤᠯ ᠢ ᠲᠠᠬᠢᠨᠲᠠ ᠬᠤᠷᠢᠶᠠᠨ ᠨᠢᠭᠡᠳᠭᠡᠵᠦ ᠨᠡᠶᠢᠭᠡᠮ ᠤᠨ ᠪᠠᠶᠢᠭᠤᠯᠣᠮᠵᠢ ᠶᠢᠨ ᠬᠤᠪᠢ ᠳᠤ ᠵᠡᠭᠦᠨ ᠮᠣᠩᠭᠤᠯ ᠢ ᠵᠢᠷᠭᠤᠭᠠᠨ ᠲᠦᠮᠡᠨ ᠳᠤ ᠬᠤᠪᠢᠶᠠᠨ ᠵᠠᠭᠢᠷᠪᠠ᠃ ᠵᠢᠷᠭᠤᠭᠠᠨ ᠲᠦᠮᠡᠨ ᠨᠢ ᠵᠡᠭᠦᠨ ᠭᠤᠷᠪᠠᠨ ᠲᠦᠮᠡᠨ ᠪᠠ ᠪᠠᠷᠠᠭᠤᠨ ᠭᠤᠷᠪᠠᠨ ᠲᠦᠮᠡᠨ ᠭᠡᠵᠦ ᠬᠤᠶᠠᠷ ᠶᠡᠭᠡ ᠲᠦᠮᠡᠨ ᠳᠤ ᠬᠤᠪᠢᠶᠠᠭᠲᠠᠲᠠᠭ᠃ ᠪᠠᠷᠠᠭᠤᠨ ᠭᠤᠷᠪᠠᠨ ᠲᠦᠮᠡᠨ ᠳᠤ ᠣᠷᠳᠣᠰ ᠲᠦᠮᠡᠨ᠂ ᠲᠦᠮᠡᠳ ᠲᠦᠮᠡᠨ᠂ ᠶᠣᠩᠰᠢᠶᠠᠪᠤ ᠲᠦᠮᠡᠨ᠂ ᠵᠡᠭᠦᠨ ᠭᠤᠷᠪᠠᠨ ᠲᠦᠮᠡᠨ ᠳᠤ ᠴᠠᠬᠠᠷ ᠲᠦᠮᠡᠨ᠂ ᠬᠠᠯᠬ᠎ᠠ ᠲᠦᠮᠡᠨ᠂ ᠣᠷᠢᠶᠠᠩᠬᠠᠢ ᠲᠦᠮᠡᠨ ᠵᠡᠷᠭᠡ ᠪᠠᠭᠲᠠᠲᠠᠭ ᠪᠠᠶᠢᠵᠡᠢ᠃ ᠲᠡᠶᠢᠨᠬᠦ ᠲᠡᠣᠬᠡ ᠪᠢᠴᠢᠭ ᠲᠤ ᠣᠮᠠᠷᠠᠲᠣ ᠶᠣᠸᠠᠨ ᠣᠯᠣᠰ ᠤᠨ ᠦᠶ᠎ᠡ ᠳᠤ ᠵᠢᠷᠭᠤᠭᠠᠨ ᠲᠦᠮᠡᠨ ᠮᠣᠩᠭᠤᠯ᠂ ᠳᠦᠷᠪᠡᠨ ᠲᠦᠮᠡᠨ ᠣᠶᠢᠷᠠᠳ ᠭᠡᠵᠦ ᠨᠡᠶᠢᠲᠡ ᠮᠣᠩᠭᠤᠯ ᠢ ᠪᠠᠭᠲᠠᠭᠠᠨ ᠬᠡᠯᠡᠲᠡᠭ᠃ ᠲᠡᠶᠢᠨᠬᠦ ᠣᠮᠠᠷᠠᠲᠣ ᠶᠣᠸᠠᠨ ᠣᠯᠣᠰ ᠤᠨ ᠦᠶ᠎ᠡ ᠳᠤ ᠴᠤ ᠣᠶᠢᠷᠠᠳᠴᠣᠳ ᠵᠡᠭᠦᠨ ᠮᠣᠩᠭᠤᠯ ᠯᠤᠭ᠎ᠠ ᠮᠦᠷᠦ ᠵᠡᠷᠭᠡᠴᠡᠨ ᠲᠣᠰᠭᠠᠷ ᠣᠯᠣᠰ ᠲᠦᠷᠦ ᠶᠢᠨ ᠬᠦᠴᠦᠨ ᠤ ᠬᠤᠪᠢ ᠪᠠᠷ ᠣᠷᠣᠰᠢᠭᠰᠠᠭᠠᠷ ᠪᠠᠶᠢᠪᠠ᠃ ᠰᠣᠨᠢᠷᠬᠠᠯᠲᠠᠢ ᠨᠢ ᠵᠡᠭᠦᠨ ᠮᠣᠩᠭᠤᠯ ᠨᠢᠭᠡᠨᠲᠡ ᠳᠦᠴᠢᠨ ᠲᠦᠮᠡᠨ ᠮᠣᠩᠭᠤᠯ ᠠᠴᠠ ᠵᠢᠷᠭᠤᠭᠠᠨ ᠲᠦᠮᠡᠨ ᠮᠣᠩᠭᠤᠯ ᠪᠣᠯᠵᠦ ᠬᠤᠪᠢᠷᠠᠭᠰᠠᠨ ᠠᠲᠠᠯ᠎ᠠ ᠣᠶᠢᠷᠠᠳᠴᠣᠳ ᠣᠮᠠᠷᠠᠲᠣ ᠶᠣᠸᠠᠨ ᠣᠯᠣᠰ ᠤᠨ ᠦᠶ᠎ᠡ ᠳᠤ ᠵᠡᠭᠦᠨ ᠮᠣᠩᠭᠤᠯ ᠢ ᠳᠦᠴᠢᠨ ᠲᠦᠮᠡᠨ ᠭᠡᠵᠦ ᠣᠶᠢᠯᠠᠭᠠᠭᠰᠠᠭᠠᠷ ᠪᠠᠶᠢᠯ᠎ᠠ᠃ ᠲᠡᠷᠡ ᠨᠢ 1640 ᠣᠨ ᠳᠤ ᠬᠠᠯᠬ᠎ᠠ ᠣᠶᠢᠷᠠᠳ ᠤᠨ ᠲᠣᠭᠲᠠᠭᠠᠭᠰᠠᠨ ︽ᠶᠡᠭᠡ ᠴᠠᠭᠠᠵᠠ︾ ᠶᠢᠨ ᠡᠬᠢᠨ ᠳᠤ ︽ᠳᠦᠴᠢᠨ ᠳᠦᠷᠪᠡᠨ ᠬᠤᠶᠠᠷ ᠶᠢᠨ ᠨᠣᠶᠠᠳ ᠶᠡᠭᠡ ᠴᠠᠭᠠᠵᠠ ᠡᠬᠢᠯᠡᠨ ᠪᠢᠴᠢᠪᠠᠢ︾ ᠭᠡᠲᠡᠭ ᠲᠡᠮᠲᠡᠭᠯᠡᠯ ᠠᠴᠠ ᠲᠣᠳᠣᠷᠬᠠᠢ ᠬᠠᠷᠠᠭᠲᠠᠨ᠎ᠠ᠃ ᠦᠨᠡᠨ ᠳᠡᠭᠡᠨ ᠲᠣᠬᠠᠢ ᠶᠢᠨ ᠦᠶ᠎ᠡ ᠳᠤ ᠮᠠᠨᠵᠦ ᠴᠢᠩ ᠭᠤᠪᠢ ᠶᠢᠨ ᠡᠮᠦᠨᠡᠬᠢ ᠮᠣᠩᠭᠤᠯ ᠢ ᠨᠢᠭᠡᠨᠲᠡ ᠲᠠᠶᠢᠯᠠᠨ ᠳᠠᠭᠠᠭᠤᠯᠵᠦ ︽ᠶᠡᠭᠡ ᠴᠠᠭᠠᠵᠠ︾ ᠶᠢ ᠲᠣᠭᠲᠠᠭᠠᠬᠤ ᠳᠤ ᠵᠦᠪᠬᠡᠨ ᠬᠠᠯᠬ᠎ᠠ ᠲᠦᠮᠡᠨ ᠯᠠ ᠦᠯᠡᠳᠡᠭᠡᠳ ᠪᠠᠶᠢᠭᠰᠠᠨ ᠶᠣᠮ᠃ ᠵᠡᠭᠦᠨ ᠮᠣᠩᠭᠤᠯ ᠳᠤ ᠬᠡᠷᠡᠭᠯᠡᠭᠲᠡᠬᠦ ᠪᠠᠨ ᠪᠣᠯᠢᠭᠠᠳ ᠭᠤᠷᠪᠠᠨ ᠵᠠᠭᠤ ᠰᠢᠬᠠᠮ ᠵᠢᠯ ᠪᠣᠯᠴᠢᠬᠠᠭᠰᠠᠨ ︽ᠳᠦᠴᠢᠨ ᠲᠦᠮᠡᠨ︾ ᠬᠡᠮᠡᠬᠦ ᠨᠡᠷᠡᠶᠢᠳᠦᠯ ᠢ ᠣᠶᠢᠷᠠᠳᠴᠣᠳ ᠠᠯᠪᠠᠨ ᠶᠣᠰᠣᠭᠠᠷ ᠬᠡᠷᠡᠭᠯᠡᠭᠰᠡᠭᠡᠷ ᠪᠠᠶᠢᠯ᠎ᠠ᠃ ᠲᠡᠶᠢᠮᠦ ᠮᠦᠷᠲᠡᠭᠡᠨ ᠳᠦᠴᠢᠨ ᠲᠦᠮᠡᠨ ᠬᠢᠭᠡᠳ ᠵᠢᠷᠭᠤᠭᠠᠨ ᠲᠦᠮᠡᠨ ᠠᠴᠠ ᠭᠠᠭᠴᠠᠭᠠᠷ ᠲᠠᠰᠣᠷᠠᠨ ᠦᠯᠡᠲᠡᠭᠰᠡᠨ ᠬᠠᠯᠬ᠎ᠠ ᠲᠦᠮᠡᠨ ᠢ ᠲᠡᠭᠡᠵᠦ ᠳᠠᠭᠤᠲᠠᠵᠦ ᠪᠠᠶᠢᠭ᠎ᠠ ᠠᠴᠠ ᠦᠵᠡᠬᠦ ᠳᠤ᠂ ᠮᠠᠨᠵᠦ ᠶᠢᠨ ᠡᠷᠬᠡᠰᠢᠶᠡᠯ ᠳᠤ ᠬᠡᠳᠦᠶᠢᠨ ᠣᠷᠣᠭᠰᠠᠨ ᠬᠡᠰᠡᠭ ᠮᠣᠩᠭᠤᠯᠴᠣᠳ ᠢᠶᠠᠨ ᠪᠣᠲᠣᠬᠤ ᠦᠭᠡᠢ ᠴᠤ ᠵᠡᠭᠦᠨ ᠮᠣᠩᠭᠤᠯ ᠤᠨ ᠲᠣᠰᠠᠭᠠᠷ ᠲᠦᠷᠦ ᠲᠡᠷᠡ ᠬᠡᠪ ᠢᠶᠠᠷ ᠪᠠᠶᠢᠭᠰᠠᠭᠠᠷ ᠭᠡᠵᠦ ᠣᠶᠢᠷᠠᠳᠴᠣᠳ ᠪᠤᠳᠤᠳᠠᠭ ᠪᠠᠶᠢᠵᠡᠢ᠃ ᠲᠡᠷᠡ  ᠨᠢ ᠨᠢᠭᠡ ᠲᠠᠯ᠎ᠠ ᠪᠠᠷ ᠬᠡᠰᠡᠭᠯᠡᠭᠲᠡᠨ ᠲᠠᠰᠣᠷᠠᠭᠰᠠᠨ ᠵᠡᠭᠦᠨ ᠮᠣᠩᠭᠤᠯ ᠤᠨ ᠲᠦᠷᠦ ᠶᠢ ᠱᠣᠣᠯᠠᠭᠰᠠᠨ ᠮᠡᠲᠣ ᠬᠠᠷᠠᠭᠲᠠᠬᠤ ᠠᠪᠠᠴᠦ ᠦᠨᠡᠨ ᠳᠡᠭᠡᠨ ᠡᠯᠢᠭᠡ ᠨᠢᠭᠡᠲᠡᠢ ᠮᠣᠩᠭᠤᠯᠴᠣᠳ ᠡᠵᠡᠷᠬᠡᠭ ᠭᠦᠷᠦᠨ ᠤ ᠪᠣᠭᠤᠯ ᠪᠣᠯᠬᠤ ᠪᠢᠰᠢ᠂ ᠡᠰᠡᠨ ᠲᠤᠰᠠᠭᠠᠷ ᠪᠦᠲᠦᠨ ᠣᠯᠣᠰ ᠪᠠᠶᠢᠭᠰᠠᠨ ᠮᠡᠲᠣ ᠪᠠᠷ ᠪᠡᠯᠭᠡᠲᠡᠨ ᠪᠣᠲᠣᠭᠰᠠᠨ ᠲᠣᠬᠠᠢ ᠶᠢᠨ ᠦᠶ᠎ᠡ ᠶᠢᠨ ᠣᠶᠢᠷᠠᠳᠴᠣᠳ ᠤᠨ ᠵᠡᠭᠦᠨ ᠮᠣᠩᠭᠤᠯ ᠳᠤ ᠬᠠᠨᠳᠣᠭᠰᠠᠨ ᠣᠯᠣᠰ ᠲᠦᠷᠦ ᠶᠢᠨ ᠳᠠᠭᠤᠲᠠᠯᠭ᠎ᠠ ᠪᠠᠶᠢᠭᠰᠠᠨ ᠪᠢᠵᠡ᠃ ᠳᠦᠴᠢᠨ ᠲᠦᠮᠡᠨ ᠮᠣᠩᠭᠤᠯ ᠤᠨ ᠦᠶ᠎ᠡ ᠴᠤ ᠪᠣᠯᠤᠭ᠂ ᠵᠢᠷᠭᠤᠭᠠᠨ ᠲᠦᠮᠡᠨ ᠮᠣᠩᠭᠤᠯ ᠤᠨ ᠦᠶ᠎ᠡ ᠴᠤ ᠪᠣᠯᠤᠭ᠂ ᠣᠶᠢᠷᠠᠳᠴᠣᠳ ᠨᠡᠯᠢᠶᠡᠳ ᠣᠷᠲᠣ ᠲᠡᠣᠬᠡ ᠶᠢᠨ ᠴᠠᠭ ᠬᠤᠭᠤᠴᠠᠭ᠎ᠠ ᠳᠤ ᠵᠡᠭᠦᠨ ᠮᠣᠩᠭᠤᠯ ᠯᠤᠭ᠎ᠠ ᠵᠣᠣᠵᠢ ᠬᠤᠯᠪᠣᠨ ᠦᠪᠡᠷ ᠢᠶᠠᠨ ᠲᠣᠰᠠᠭᠠᠷ ᠣᠯᠣᠰ ᠲᠦᠷᠦ ᠶᠢᠨ ᠬᠦᠴᠦᠨ ᠤ ᠬᠤᠪᠢ ᠪᠠᠷ ᠣᠷᠣᠰᠢᠭᠰᠠᠭᠠᠷ ᠪᠠᠶᠢᠭᠰᠠᠨ ᠨᠢ ᠲᠡᠣᠬᠡ ᠶᠢᠨ ᠦᠨᠡᠨ ᠪᠢᠯᠡ᠃ ᠨᠡᠩᠲᠡ 17-18 ᠵᠠᠭᠤᠨ ᠤ ᠦᠶ᠎ᠡ ᠳᠤ ᠣᠶᠢᠷᠠᠳᠴᠣᠳ ᠠᠯᠣᠰ ᠬᠤᠯᠠ ᠶᠢᠨ ᠢᠵᠢᠯ ᠵᠠᠢ ᠪᠠ ᠬᠦᠬᠡᠨᠠᠭᠤᠷ ᠲᠦᠪᠡᠳ ᠤᠨ ᠦᠨᠳᠦᠷᠯᠢᠭ ᠵᠢᠴᠢ ᠵᠡᠭᠦᠨᠭᠠᠷ ᠢ ᠪᠠᠭᠲᠠᠭᠠᠭᠰᠠᠨ ᠠᠽᠢᠶ᠎ᠠ ᠡᠸᠦ᠋ᠷᠦᠫᠡ ᠶᠢ ᠰᠣᠨᠳᠠᠯᠠᠭᠰᠠᠨ ᠬᠠᠷᠴᠠᠭᠠᠢ ᠰᠢᠪᠠᠭᠤᠳ ᠤᠨ ᠵᠣᠷᠢᠭ ᠮᠣᠬᠤᠮ᠎ᠠ᠂ ᠬᠠᠨ ᠭᠠᠷᠤᠳᠢ ᠶᠢᠨ ᠵᠢᠭᠦᠷ ᠴᠤᠴᠠᠮ᠎ᠠ ᠠᠭᠤᠲᠠᠮ ᠶᠡᠭᠡ ᠨᠣᠲᠤᠭ ᠢ ᠡᠵᠡᠯᠡᠨ ᠲᠦᠪ ᠠᠽᠢᠶ᠎ᠠ ᠶᠢᠨ ᠵᠢᠩᠬᠢᠨᠢ ᠡᠵᠡᠨ ᠪᠣᠯᠣᠭᠰᠠᠨ ᠪᠠᠶᠢᠪᠠ᠃ ᠲᠡᠶᠢᠨᠬᠦ ᠣᠶᠢᠷᠠᠳᠴᠣᠳ ᠤᠨ ᠲᠡᠣᠬᠡ ᠨᠢ ᠲᠣᠬᠠᠢ ᠶᠢᠨ ᠦᠶ᠎ᠡ ᠶᠢᠨ ᠮᠣᠩᠭᠤᠯ ᠤᠨ ᠲᠡᠣᠬᠡ ᠲᠡᠳᠦᠢ ᠪᠢᠰᠢ ᠲᠦᠪ ᠠᠽᠢᠶ᠎ᠠ ᠶᠢᠨ ᠪᠣᠰᠣᠳ ᠣᠯᠣᠰ ᠦᠨᠳᠦᠰᠦᠲᠡᠨ ᠤ ᠲᠡᠣᠬᠡ ᠴᠢᠨᠠᠭᠰᠢᠯᠠᠨ ᠲᠣᠬᠠᠢ ᠶᠢᠨ ᠦᠶ᠎ᠡ ᠶᠢᠨ ᠲᠡᠯᠡᠬᠡᠢ ᠶᠢᠨ ᠲᠡᠣᠬᠡ ᠶᠢᠨ ᠰᠣᠳᠣᠯᠣᠯ ᠳᠤ ᠴᠤ ᠣᠶᠢᠷᠠᠳᠴᠣᠳ ᠤᠨ ᠣᠷᠣᠭᠤᠯᠣᠭᠰᠠᠨ ᠬᠤᠪᠢ ᠨᠡᠮᠡᠷᠢ ᠶᠠᠨᠳᠠᠰᠢ ᠦᠭᠡᠢ ᠶᠡᠭᠡ ᠶᠣᠮ᠃ ᠣᠶᠢᠷᠠᠳ ᠲᠡᠣᠬᠡ ᠰᠣᠶᠣᠯ ᠤᠨ ᠰᠣᠳᠣᠯᠣᠯ ᠨᠢᠭᠡ ᠬᠡᠮᠵᠢᠶᠡᠨ᠎ᠡ ᠬᠦᠮᠦᠰ ᠤᠨ ᠪᠠᠭ᠋ᠠᠷᠬᠠᠯ ᠢ ᠲᠠᠲᠠᠮ᠎ᠠ ᠠᠮᠵᠢᠯᠲᠠ ᠣᠯᠣᠭᠰᠠᠨ ᠭᠡᠲᠡᠭ ᠪᠣᠯᠪᠠᠴᠦ ᠨᠦᠭᠦᠭᠡ ᠲᠠᠯ᠎ᠠ ᠪᠠᠷ ᠮᠠᠨᠵᠦ᠂ ᠲᠦᠪᠡᠳ᠂ ᠣᠷᠣᠰ ᠁ ᠵᠡᠷᠭᠡ ᠣᠶᠢᠷᠠᠳ ᠤᠨ ᠲᠡᠣᠬᠡ ᠰᠣᠶᠣᠯ ᠳᠤ ᠬᠤᠯᠪᠣᠭᠲᠠᠬᠤ ᠠᠰᠣᠷᠣ ᠣᠯᠠᠨ ᠲᠡᠣᠬᠡ ᠠᠷᠬᠢᠪ ᠤᠨ ᠲᠠᠩᠰᠠ ᠪᠢᠴᠢᠭ ᠤᠳ ᠠᠰᠢᠭᠯᠠᠯᠲᠠ ᠳᠤ ᠣᠷᠤᠭ᠎ᠠ ᠦᠭᠡᠢ ᠪᠠ ᠵᠠᠷᠢᠮ ᠬᠢᠯᠢ ᠬᠢᠵᠠᠭᠠᠷ ᠲᠠᠰᠣᠷᠠᠨ ᠰᠠᠭᠤᠭᠰᠠᠨ ᠣᠶᠢᠷᠠᠳᠴᠣᠳ ᠤᠨ ᠲᠡᠣᠬᠡ ᠰᠣᠶᠣᠯ ᠣᠮᠳᠣᠭᠠᠶᠢᠯᠠᠭᠳᠠᠨ ᠬᠠᠶᠠᠭᠲᠠᠭᠰᠠᠨ ᠬᠡᠪ ᠢᠶᠠᠷ ᠪᠠᠶᠢᠭᠰᠠᠭᠠᠷ᠃ ᠲᠠᠩᠰᠠ ᠠᠷᠬᠢᠪ ᠤᠨ ᠮᠠᠲ᠋ᠧᠷᠢᠶᠠᠯ ᠤᠳ ᠣᠳᠣ ᠡᠬᠢᠯᠡᠨ ᠬᠡᠪᠯᠡᠭᠲᠡᠵᠦ ᠪᠣᠢ ᠪᠦᠭᠡᠳ ᠣᠯᠠᠨ ᠣᠯᠣᠰ ᠤᠨ ᠬᠤᠭᠤᠷᠣᠨᠲᠠᠬᠢ ᠬᠠᠷᠢᠯᠴᠠᠭ᠎ᠠ ᠴᠤ ᠢᠯᠭᠤᠮ ᠪᠣᠯᠣᠭᠰᠠᠨ ᠪᠣᠯᠬᠤᠷ ᠣᠶᠢᠷᠠᠳ ᠰᠣᠳᠣᠯᠣᠯ ᠣᠳᠣ ᠨᠢᠭᠡ ᠰᠢᠨ᠎ᠡ ᠡᠬᠢᠯᠡᠯᠲᠡ ᠶᠢᠨ ᠴᠢᠭ ᠲᠤ ᠬᠦᠷᠦᠭᠡᠳ ᠪᠣᠢ ᠭᠡᠵᠦ ᠣᠶᠢᠯᠠᠭᠠᠵᠦ ᠪᠣᠯᠣᠨ᠎ᠠ᠃ ᠣᠶᠢᠷᠠᠳ ᠤᠨ ᠶᠡᠭᠡ ᠬᠦᠷᠢᠶ᠎ᠡ ᠢᠯᠠᠩᠭᠤᠶ᠎ᠠ ᠢᠵᠢᠯ ᠵᠠᠢ ᠳᠤ ᠣᠴᠢᠭᠠᠳ ᠪᠣᠴᠠᠵᠦ ᠢᠷᠡᠭᠰᠡᠨ ᠣᠶᠢᠷᠠᠳ ᠤᠨ ᠶᠡᠭᠡ ᠬᠦᠷᠢᠶ᠎ᠡ ᠶᠢᠨ ᠲᠡᠣᠬᠡ ᠶᠢᠨ ᠰᠣᠳᠣᠯᠣᠯ ᠵᠢᠪᠡᠷᠡᠬᠦ ᠰᠢᠬᠠᠭᠰᠠᠭᠠᠷ ᠣᠳᠣ ᠳᠤ ᠬᠦᠷᠴᠡᠢ᠃ ᠣᠶᠢᠷᠠᠳ ᠤᠨ ᠶᠡᠭᠡ ᠬᠦᠷᠢᠶ᠎ᠡ ᠨᠢ ᠠᠷᠪᠠᠨ ᠲᠣᠯᠣᠳᠣᠭᠠᠷ ᠵᠠᠭᠤᠨ ᠤ ᠡᠮᠦᠨ᠎ᠡ ᠬᠠᠭᠠᠰ ᠲᠤ ᠣᠶᠢᠷᠠᠳᠴᠣᠳ ᠤᠨ ᠢᠲᠡ ᠴᠡᠴᠡᠭᠯᠡᠨ ᠬᠦᠭᠵᠢᠭᠰᠡᠨ ᠦᠶ᠎ᠡ ᠳᠤ ᠪᠠᠶᠢᠭᠤᠯᠣᠭᠲᠠᠭᠰᠠᠨ ᠪᠦᠭᠡᠳ ᠵᠡᠭᠦᠨᠭᠠᠷ ᠤᠨ ᠮᠠᠨᠳᠣᠯ ᠪᠠᠭᠤᠷᠠᠯ ᠯᠤᠭ᠎ᠠ ᠬᠤᠪᠢ ᠵᠠᠶᠠᠭ᠎ᠠ  ᠪᠠᠨ ᠬᠤᠯᠪᠣᠭᠰᠠᠨ ᠪᠠᠶᠢᠵᠦ ᠪᠢᠯᠡ᠃ 1676 ᠣᠨ ᠳᠤ ᠸᠴᠢᠷᠲᠣ ᠲᠠᠶᠢᠵᠢ ᠪᠠ ᠭᠠᠯᠲᠠᠨ ᠪᠣᠱᠣᠭᠲᠣ ᠶᠢᠨ ᠬᠤᠭᠤᠷᠣᠨᠲᠣ ᠪᠣᠯᠣᠭᠰᠠᠨ ᠰᠢᠢᠳᠪᠣᠷᠢᠲᠤ ᠲᠠᠶᠢᠨ ᠳᠤ ᠬᠤᠱᠣᠳ ᠲᠠᠶᠢᠵᠢ ᠸᠴᠢᠷᠲᠣ ᠲᠣᠶᠢᠯᠪᠦᠷᠢᠲᠠᠢ ᠢᠯᠠᠭᠲᠠᠪᠠ᠃ ᠶᠡᠭᠡ ᠬᠦᠷᠢᠶ᠎ᠡ ᠶᠢᠨ ᠬᠠᠮᠤᠭ ᠤᠨ ᠴᠢᠬᠤᠯᠠ ᠳᠦᠰᠢᠭ ᠡᠶᠢᠨᠬᠦ ᠨᠣᠷᠠᠭᠰᠠᠨ ᠪᠦᠭᠡᠳ ᠲᠡᠭᠦᠨ ᠤ ᠬᠤᠪᠢ ᠵᠠᠶᠠᠭᠠᠨ ᠳᠤᠨᠢ ᠡᠷᠬᠢᠯᠲᠡ ᠠᠪᠴᠢᠷᠠᠪᠠ᠃ ᠲᠡᠭᠦᠨᠴᠡ ᠠᠴᠢᠲᠣ ᠴᠣᠷᠵᠢ ᠲᠡᠷᠢᠭᠦᠯᠡᠭᠰᠡᠨ ᠽᠠᠶ᠎ᠠ ᠪᠠᠨᠳᠢᠲᠠ ᠶᠢᠨ ᠶᠡᠭᠡ ᠬᠦᠷᠢᠶ᠎ᠡ ᠶᠢᠨ ᠬᠡᠰᠡᠭ ᠱᠠᠪᠢᠨᠠᠷ ᠠᠯᠣᠰ ᠬᠤᠯᠠ ᠶᠢᠨ ᠢᠵᠢᠯ ᠵᠠᠢ ᠶᠢ ᠵᠣᠷᠢᠭᠰᠠᠨ ᠪᠦᠭᠡᠳ ᠲᠡᠨᠲᠡ ᠲᠣᠷᠭᠤᠳ ᠬᠠᠨ ᠤ ᠳᠡᠮᠵᠢᠯᠭᠡ ᠶᠢ ᠣᠯᠵᠦ ᠬᠦᠷᠢᠶ᠎ᠡ ᠪᠠᠶᠢᠭᠤᠯᠣᠨ ᠰᠠᠭᠤᠷᠢᠰᠢᠪᠠ᠃ ᠵᠡᠭᠦᠨᠭᠠᠷ ᠲᠤ ᠬᠤᠴᠣᠷᠣᠭᠰᠠᠨ ᠶᠡᠭᠡ ᠬᠦᠷᠢᠶ᠎ᠡ ᠲᠠᠶᠢᠨ ᠤ ᠭᠦᠯ ᠳᠤ ᠪᠣᠲᠠᠷᠠᠨ ᠰᠠᠷᠨᠢᠵᠦ᠂ 17 ᠳ᠋ᠣᠭᠠᠷ ᠵᠠᠭᠤᠨ ᠤ ᠰᠡᠭᠦᠯᠴᠢ ᠪᠣᠯᠬᠤ ᠳᠤ ᠲᠡᠣᠬᠡ ᠳᠡᠮᠳᠡᠭᠯᠡᠯ ᠳᠤ ᠣᠷᠣ ᠦᠭᠡᠢ ᠠᠯᠠᠭ᠎ᠠ ᠪᠣᠯᠵᠡᠢ᠃ ᠬᠠᠷᠢᠨ ᠲᠣᠷᠭᠤᠳ ᠢ ᠵᠣᠷᠢᠵᠦ ᠣᠴᠢᠭᠰᠠᠨ ᠶᠡᠭᠡ ᠬᠦᠷᠢᠶ᠎ᠡ ᠶᠢᠨ ᠱᠠᠪᠢᠨᠠᠷ᠂ 1771 ᠣᠨ ᠳᠤ ᠣᠪᠠᠰᠢ ᠬᠠᠨ ᠤ ᠳᠠᠭᠠᠭᠤᠯᠭ᠎ᠠ ᠪᠠᠷ ᠲᠣᠷᠣᠨᠠᠰᠢ ᠵᠡᠭᠦᠨᠭᠠᠷ ᠤᠨ ᠨᠣᠲᠤᠭ ᠢᠶᠠᠨ ᠴᠢᠭᠯᠡᠨ ᠨᠡᠭᠦᠭᠰᠡᠨ ᠨᠢ ᠣᠳᠣ ᠶᠢᠨ ᠲᠡᠭᠡᠰ ᠪᠠ ᠲᠡᠭᠦᠰᠳᠠᠷᠢᠶ᠎ᠠ ᠳᠤ ᠪᠣᠢ ᠳᠦᠷᠪᠡᠨ ᠰᠣᠮᠣᠨ ᠱᠠᠪᠢᠨᠠᠷ ᠠᠵᠡᠢ᠃ ᠵᠠᠭᠤᠨ ᠵᠢᠯ ᠤᠨ ᠳᠣᠷᠰᠢᠲᠠ ᠲᠡᠳᠡᠨᠠᠷ ᠰᠢᠭ ᠲᠦᠮᠡᠨ ᠭᠠᠵᠠᠷ ᠤᠨ ᠦᠷᠦᠨ᠎ᠡ ᠲᠣᠷᠣᠨ᠎ᠠ ᠶᠢᠨ ᠵᠠᠢ ᠳᠤ ᠬᠡᠨ ᠬᠤᠶᠠᠷᠲᠠ ᠨᠡᠭᠦᠪᠡ︖ ᠲᠡᠶᠢᠨᠬᠦ ᠲᠡᠳᠡ ᠦᠪᠡᠷ ᠤᠨ ᠭᠡᠰᠡᠨ ᠪᠠᠭᠠᠲᠣᠷᠯᠢᠭ ᠲᠡᠣᠬᠡ ᠶᠢ ᠪᠢᠴᠢᠭᠯᠡᠭᠰᠡᠨ ᠣᠶᠢᠷᠠᠳ ᠤᠨ ᠲᠡᠣᠬᠡᠨ ᠳᠠᠬᠢ ᠴᠢᠬᠤᠯᠠ ᠬᠦᠮᠦᠰ ᠤᠳ ᠪᠠᠶᠢᠭᠰᠠᠨ ᠶᠣᠮ᠃ ᠣᠶᠢᠷᠠᠳ ᠤᠨ ᠲᠦᠷᠦ ᠱᠠᠰᠢᠨ ᠬᠢᠭᠡᠳ ᠰᠣᠶᠣᠯ ᠤᠨ ᠲᠡᠣᠬᠡᠨ ᠳᠤ ᠶᠡᠭᠡ ᠬᠦᠷᠢᠶ᠎ᠡ ᠬᠢᠭᠡᠳ ᠱᠠᠪᠢᠨᠠᠷ ᠤᠨ ᠦᠵᠡᠭᠦᠯᠦᠭᠰᠡᠨ ᠬᠤᠪᠢ ᠨᠡᠮᠡᠷᠢ ᠠᠰᠣᠷᠣ ᠶᠡᠭᠡ ᠪᠠᠶᠢᠭᠰᠠᠨ ᠪᠢᠯᠡ᠃ ᠣᠶᠢᠷᠠᠳ ᠤᠨ ᠶᠡᠭᠡ ᠬᠦᠷᠢᠶ᠎ᠡ ᠶᠢ ᠪᠠᠶᠢᠭᠤᠯᠣᠭᠰᠠᠨ ᠽᠠᠶ᠎ᠠ ᠪᠠᠨᠳᠢᠲᠠ ᠨᠠᠮᠬᠠᠶᠢᠵᠠᠮᠰᠦ ᠪᠣᠯ ᠣᠶᠢᠷᠠᠳ ᠲᠡᠳᠦᠢ ᠦᠭᠡᠢ ᠮᠣᠩᠭᠤᠯ ᠤᠨ ᠲᠡᠣᠬᠡᠨ ᠳᠤ ᠬᠤᠪᠣᠷᠬᠠᠨ ᠲᠣᠬᠢᠶᠠᠯᠳᠣᠬᠤ ᠱᠠᠰᠢᠨ ᠲᠦᠷᠦ ᠶᠢᠨ ᠵᠢᠳᠭᠦᠯᠲᠡᠨ᠂ ᠬᠡᠯᠡᠨ ᠤ ᠡᠷᠳᠡᠮᠲᠡᠨ᠂ ᠣᠷᠠᠨ ᠵᠣᠬᠢᠶᠠᠯᠴᠢ ᠪᠦᠭᠡᠳ ᠠᠯᠲᠠᠷᠲᠣ ᠣᠷᠴᠢᠭᠤᠯᠣᠭᠴᠢ ᠪᠠᠶᠢᠭᠰᠠᠨ ᠢ ᠪᠢᠲᠡ ᠰᠠᠶᠢᠨ ᠮᠡᠲᠡᠨ᠎ᠡ᠃ ᠲᠣᠳᠣ ᠦᠰᠦᠭ ᠵᠣᠬᠢᠶᠠᠬᠤ᠂ ᠨᠣᠮ ᠪᠢᠴᠢᠭ ᠣᠷᠴᠢᠭᠤᠯᠬᠤ ᠵᠡᠷᠭᠡ ᠳᠦᠷᠪᠡᠨ ᠣᠶᠢᠷᠠᠳ ᠤᠨ ᠲᠡᠣᠬᠡ ᠰᠣᠶᠣᠯ ᠳᠤ ᠬᠤᠯᠪᠣᠭᠲᠠᠬᠤ ᠲᠣᠮᠣ ᠲᠣᠮᠣ ᠦᠢᠯᠡᠰ  ᠨᠢ ᠴᠦᠮ ᠶᠡᠭᠡ ᠬᠦᠷᠢᠶ᠎ᠡ ᠪᠠᠷ ᠲᠦᠪ ᠪᠣᠯᠭᠠᠨ ᠶᠠᠪᠣᠭᠲᠠᠭᠰᠠᠨ ᠶᠣᠮ᠃ ᠦᠨᠦᠳᠦᠷ ᠣᠶᠢᠷᠠᠳ ᠤᠨ ᠶᠡᠭᠡ ᠬᠦᠷᠢᠶ᠎ᠡ ᠪᠠ ᠱᠠᠪᠢᠨᠠᠷ ᠤᠨ ᠲᠡᠣᠬᠡ ᠶᠢ ᠭᠦᠢᠴᠡᠳ ᠦᠨᠡᠯᠡᠬᠦ ᠴᠠᠭ ᠢᠷᠡᠭᠰᠡᠨ ᠪᠦᠭᠡᠳ ᠲᠡᠭᠡᠵᠦ ᠦᠨᠡᠯᠡᠬᠦ ᠴᠤ ᠣᠴᠢᠷᠲᠠᠢ᠃ ᠮᠣᠩᠭᠤᠯ ᠤᠨ ᠲᠡᠣᠬᠡ ᠨᠢ ᠭᠠᠩᠲᠠᠨ ᠪᠠᠭᠤᠷᠠᠰᠢ ᠦᠭᠡᠢ ᠡᠷᠴᠢᠲᠣ ᠮᠦᠷᠡᠨ ᠪᠠᠶᠢᠭᠰᠠᠨ ᠪᠣᠯ ᠣᠷᠣᠨ ᠨᠣᠲᠤᠭ ᠤᠨ ᠲᠡᠣᠬᠡ ᠨᠢ ᠲᠡᠭᠦᠨ ᠳᠤ ᠲᠡᠮᠡᠤᠯᠡᠨ ᠴᠢᠳᠬᠤᠲᠠᠭ ᠲᠠᠰᠣᠷᠠᠰᠢ ᠦᠭᠡᠢ ᠣᠯᠠᠨ ᠴᠢᠳᠬᠤᠯᠠᠩ ᠤᠳ ᠤᠨ ᠨᠢᠭᠡ ᠪᠣᠯᠲᠠᠭ ᠣᠴᠢᠷᠲᠠᠢ᠃ ᠲᠣᠰ ᠨᠣᠮ ᠨᠢ ᠣᠶᠢᠷᠠᠳ ᠤᠨ ᠶᠡᠭᠡ ᠬᠦᠷᠢᠶ᠎ᠡ ᠶᠢᠨ ᠲᠣᠬᠠᠢ ᠦᠩᠭᠡᠷᠡᠭᠰᠡᠨ ᠰᠣᠳᠣᠯᠣᠯ ᠤᠨ ᠰᠠᠭᠤᠷᠢᠨ ᠳᠡᠭᠡᠷ᠎ᠡ ᠠᠩᠬ᠎ᠠ ᠣᠲᠠᠭ᠎ᠠ ᠣᠶᠢᠷᠠᠳ ᠤᠨ ᠶᠡᠭᠡ ᠬᠦᠷᠢᠶ᠎ᠡ ᠶᠢᠨ ᠲᠡᠣᠬᠡ ᠶᠢ ᠰᠢᠰᠲ᠋ᠧᠮ ᠲᠠᠢ ᠬᠤᠷᠢᠶᠠᠩᠭᠤᠶᠢᠯᠠᠭᠰᠠᠨ ᠪᠦᠭᠡᠳ ᠢᠯᠠᠩᠭᠤᠶ᠎ᠠ ᠢᠵᠢᠯ ᠵᠠᠢ ᠠᠴᠠ ᠪᠣᠴᠠᠨ ᠢᠷᠡᠵᠦ ᠲᠡᠭᠡᠰ ᠲᠤ ᠰᠠᠭᠤᠷᠢᠰᠢᠭᠰᠠᠨ ᠳᠦᠷᠪᠡᠨ ᠰᠣᠮᠣᠨ ᠱᠠᠪᠢᠨᠠᠷ ᠤᠨ ᠲᠡᠣᠬᠡ ᠶᠢ ᠲᠣᠳᠣᠷᠬᠠᠢ᠂ ᠰᠢᠰᠲ᠋ᠧᠮ ᠲᠠᠢ᠂ ᠪᠦᠬᠦ ᠲᠠᠯ᠎ᠠ ᠪᠠᠷ ᠬᠤᠷᠢᠶᠠᠨ ᠦᠵᠡᠭᠦᠯᠦᠭᠰᠡᠨ ᠢᠶᠠᠷ ᠢᠶᠠᠨ ᠮᠠᠰᠢ ᠦᠨᠳᠦᠷ ᠡᠷᠳᠡᠮ ᠰᠢᠨᠵᠢᠯᠡᠭᠡᠨ ᠤ ᠦᠨ᠎ᠡ ᠴᠡᠨ᠎ᠡ ᠲᠠᠢ ᠪᠣᠯᠵᠡᠢ᠃ ᠮᠦᠨᠴᠦ ᠵᠣᠬᠢᠶᠠᠭᠴᠢ ᠦᠪᠡᠷ ᠢᠶᠠᠨ ᠽᠠᠶ᠎ᠠ ᠪᠠᠨᠳᠢᠲᠠ ᠶᠢᠨ ᠱᠠᠪᠢᠨᠠᠷ ᠤᠨ ᠬᠤᠶᠢᠴᠢᠰ ᠪᠦᠭᠡᠳ ᠣᠯᠠᠨ ᠵᠢᠯ ᠤᠨ ᠲᠣᠷᠰᠢᠲᠠ ᠳᠦᠷᠪᠡᠨ ᠰᠣᠮᠣᠨ ᠱᠠᠪᠢᠨᠠᠷ ᠪᠠ ᠪᠣᠰᠣᠳ ᠱᠠᠪᠢᠨᠠᠷ  ᠯᠤᠭ᠎ᠠ ᠬᠤᠯᠪᠣᠭᠲᠠᠬᠤ ᠨᠣᠲᠤᠭ ᠢᠶᠠᠷ ᠶᠠᠪᠣᠵᠦ ᠨᠣᠲᠤᠭ ᠤᠨ ᠲᠡᠣᠬᠡ ᠰᠣᠶᠣᠯ ᠯᠤᠭ᠎ᠠ ᠬᠤᠯᠪᠣᠭᠲᠠᠬᠤ ᠠᠷᠠᠳ ᠤᠨ ᠳᠣᠮᠲᠠ ᠬᠠᠳᠠᠭᠠᠯᠠᠭᠲᠠᠵᠦ ᠪᠠᠶᠢᠭᠰᠠᠨ ᠭᠠᠰᠢᠭ ᠵᠡᠷᠭᠡ ᠲᠡᠣᠬᠡ ᠰᠣᠶᠣᠯ ᠤᠨ ᠰᠣᠷᠪᠣᠯᠵᠢ ᠶᠢ ᠴᠣᠭᠯᠠᠭᠤᠯᠣᠨ ᠣᠯᠵᠦ ᠨᠣᠮ ᠳᠠᠭᠠᠨ ᠣᠷᠣᠭᠤᠯᠣᠭᠰᠠᠨ ᠨᠢ ᠣᠭ ᠨᠣᠮ ᠤᠨ ᠦᠨ᠎ᠡ ᠴᠡᠨ᠎ᠡ ᠶᠢ ᠣᠯᠠᠮ ᠨᠡᠮᠡᠭᠲᠡᠭᠦᠯᠦᠭᠰᠡᠨ ᠪᠠᠶᠢᠵᠡᠢ᠃ 2008 ᠣᠨ ᠪᠣᠯ ᠲᠣᠳᠣ ᠦᠰᠦᠭ ᠵᠣᠬᠢᠶᠠᠭᠲᠠᠭᠰᠠᠨ 360 ᠵᠢᠯ ᠤᠨ ᠣᠢ ᠪᠣᠯᠣᠨ᠎ᠠ᠃ 2009 ᠣᠨ ᠪᠣᠯ ᠽᠠᠶ᠎ᠠ ᠪᠠᠨᠳᠢᠲᠠ ᠶᠢᠨ ᠮᠡᠨᠳᠦᠯᠡᠭᠰᠡᠨ 410 ᠵᠢᠯ ᠤᠨ ᠣᠢ ᠪᠢᠯᠡ᠃ ᠳᠣᠮᠲᠠᠲᠣ ᠣᠯᠣᠰ ᠪᠠ ᠮᠣᠩᠭᠤᠯ ᠣᠯᠣᠰ ᠲᠤ ᠡᠳᠡᠭᠡᠷ ᠲᠡᠣᠬᠡᠨ ᠬᠡᠷᠡᠭ ᠣᠴᠢᠷ ᠶᠢ ᠲᠣᠷᠠᠰᠬᠠᠬᠤ ᠪᠠᠭ᠎ᠠ ᠬᠤᠷᠠᠯ ᠪᠣᠶᠣ ᠣᠯᠠᠨ ᠣᠯᠣᠰ ᠤᠨ ᠡᠷᠳᠡᠮ ᠰᠢᠨᠵᠢᠯᠡᠭᠡᠨ ᠤ ᠬᠤᠷᠠᠯ ᠬᠡᠲᠣ ᠣᠲᠠᠭ᠎ᠠ ᠪᠣᠯᠵᠦ ᠦᠩᠭᠡᠷᠡᠪᠡ᠃ 2011 ᠣᠨ ᠤ ᠳᠡᠯᠭᠡᠷ ᠵᠣᠨ ᠤ ᠣᠯᠠᠷᠢᠯ ᠳᠤ᠂ ᠥᠪᠦᠷ ᠮᠣᠩᠭᠤᠯ ᠤᠨ ᠣᠳᠣᠨ ᠲᠧᠯᠸᠢᠰ ᠤᠨ ᠬᠢᠨ ᠤ ᠬᠠᠮᠲᠣ ᠪᠢ ᠲᠠᠬᠢᠨᠲᠠ ᠲᠡᠭᠡᠰ ᠤᠨ ᠱᠠᠪᠢᠨᠠᠷ ᠤᠨ ᠨᠣᠲᠤᠭ ᠲᠤ ᠬᠦᠷᠦᠭᠰᠡᠨ ᠪᠢᠯᠡ᠃ ᠳᠦᠷᠪᠡᠨ ᠰᠣᠮᠣᠨ ᠱᠠᠪᠢᠨᠠᠷ ᠬᠤᠲᠣᠭᠲᠣ ᠶᠢᠨ ᠰᠦᠮ᠎ᠡ ᠳᠡᠭᠡᠨ ᠽᠠᠶ᠎ᠠ ᠪᠠᠨᠳᠢᠲᠠ ᠶᠢᠨ ᠬᠦᠷᠦᠭ ᠢ ᠪᠦᠳᠦᠭᠡᠵᠦ ᠰᠢᠲᠦᠭᠡᠨ ᠪᠣᠯᠭᠠᠨ ᠵᠠᠯᠠᠭᠰᠠᠨ ᠪᠣᠶᠠᠨᠲᠣ ᠪᠠᠶᠢᠲᠠᠯ ᠢ ᠪᠢ ᠨᠢᠲᠣ ᠪᠠᠷ ᠦᠵᠡᠯ᠎ᠡ᠃ ᠲᠡᠭᠡᠰ ᠰᠢᠶᠠᠨ ᠤ ᠨᠠᠢᠮᠠᠨ ᠬᠦᠯᠢᠯ ᠪᠠᠯᠭᠠᠰᠣᠨ ᠤ ᠠᠷᠣ ᠶᠢᠨ ᠬᠦᠳᠦᠯ ᠲᠡᠭᠡᠷ᠎ᠡ ᠱᠠᠪᠢᠨᠠᠷ ᠤᠨ 1985 ᠣᠨ ᠳᠤ ᠪᠠᠶᠢᠭᠤᠯᠣᠭᠰᠠᠨ ᠽᠠᠶ᠎ᠠ ᠪᠠᠨᠳᠢᠲᠠ ᠶᠢᠨ ᠲᠣᠷᠠᠰᠬᠠᠯ ᠤᠨ ᠰᠣᠪᠣᠷᠭ᠎ᠠ ᠲᠣᠭᠤᠶᠢᠬᠠᠨ ᠰᠦᠨᠳᠡᠷᠯᠠᠨ᠎ᠠ᠃ ᠠᠯᠣᠰ ᠬᠤᠯᠠ ᠠᠴᠠ ᠱᠠᠪᠢᠨᠠᠷ ᠤᠨ ᠨᠣᠲᠤᠭ ᠢ ᠵᠣᠷᠢᠨ ᠢᠷᠡᠭᠰᠡᠨ ᠪᠢᠲᠡᠨ ᠢ ᠦᠵᠡᠭᠡᠳ ᠶᠡᠭᠡ ᠪᠣᠭᠲᠠ ᠽᠠᠶ᠎ᠠ ᠪᠠᠨᠳᠢᠲᠠ ᠶᠢᠨ ᠭᠡᠭᠡᠨ ᠰᠦᠨᠡᠰᠦᠨ ᠴᠤ ᠣᠶᠠᠷᠠᠴᠢᠬᠠᠭᠰᠠᠨ ᠪᠣᠯᠣᠯᠲᠠᠢ᠂ ᠲᠡᠭᠷᠢ ᠶᠢᠨ ᠬᠢᠵᠠᠭᠠᠷ ᠲᠤ ᠪᠡᠯᠭᠡᠲᠣ ᠰᠣᠯᠣᠩᠭ᠎ᠠ ᠲᠠᠲᠠᠭᠤᠯᠣᠨ ᠨᠠᠮᠢᠷᠠᠭ᠎ᠠ ᠬᠤᠷ᠎ᠠ ᠱᠠᠬᠢᠭᠤᠯᠣᠨ ᠪᠢᠲᠡᠨ ᠢ ᠣᠭᠲᠣᠭᠰᠠᠨ ᠨᠢ ᠰᠡᠳᠬᠢᠯ ᠳᠤ ᠲᠠᠭᠠᠲᠠᠢ᠃ ᠲᠠᠶᠢᠨ ᠲᠠᠵᠢᠨ᠂ ᠪᠠᠶᠢᠭᠠᠯᠢ ᠶᠢᠨ ᠭᠠᠮᠰᠢᠭ ᠵᠡᠷᠭᠡ ᠲᠣᠭᠠᠯᠠᠰᠢ ᠦᠭᠡᠢ ᠵᠣᠪᠠᠯᠠᠩ ᠢ ᠲᠣᠭᠤᠯᠣᠭᠰᠠᠨ ᠠᠳᠠᠯ᠎ᠠ ᠣᠶᠢᠷᠠᠳ ᠤᠨ ᠶᠡᠭᠡ ᠬᠦᠷᠢᠶ᠎ᠡ ᠶᠢᠨ ᠱᠠᠪᠢᠨᠠᠷ ᠲᠡᠭᠷᠢ ᠠᠭᠤᠯᠠ ᠶᠢᠨ ᠪᠠᠷᠠᠭᠤᠨ ᠬᠤᠷᠮᠣᠢ ᠪᠠᠷᠠᠭᠠᠲᠠᠨ ᠲᠡᠭᠡᠰ ᠤᠨ ᠣᠰᠣᠨ ᠤ ᠪᠠᠨ ᠣᠶᠠᠬᠠᠨ ᠲᠠᠭᠤ ᠶᠢ ᠴᠢᠩᠨᠠᠵᠦ᠂ ᠬᠤᠲᠣᠭᠲᠣ ᠽᠠᠶ᠎ᠠ ᠪᠠᠨᠳᠢᠲᠠ ᠶᠢᠨ ᠢᠶᠠᠨ ᠬᠠᠲᠠᠭᠰᠠᠨ ᠪᠡᠭᠡ ᠶᠢ ᠨᠢ ᠲᠠᠬᠢᠨᠲᠠ ᠵᠢᠭᠤᠷᠠᠵᠦ᠂ ᠬᠦᠰᠢᠭᠰᠡᠨ ᠦᠵᠦᠭ ᠢ ᠨᠢ ᠳᠦᠰᠢᠨ ᠵᠣᠭᠰᠣᠭᠰᠠᠭᠠᠷ ᠪᠠᠶᠢᠭ᠎ᠠ ᠨᠢ ᠦᠨᠡᠬᠡᠷ ᠦᠷᠬᠦᠯᠵᠢᠯᠡᠨ᠎ᠡ ᠭᠡᠲᠡᠭ ᠲᠡᠣᠬᠡ ᠪᠣᠯᠲᠠᠭ ᠰᠠᠨᠵᠡᠢ᠃ ᠬᠦᠮᠦᠨ ᠤ ᠲᠠᠷᠢᠬᠢ ᠲᠣᠯᠣᠭᠠᠢ ᠪᠠᠶᠢᠲᠣᠭᠠᠢ ᠦᠰᠦᠭ ᠪᠢᠴᠢᠭ ᠢᠶᠠᠷ ᠲᠡᠮᠳᠡᠭᠯᠡᠭᠰᠡᠨ ᠵᠦᠢᠯᠡᠰ ᠴᠣ᠋ ᠮᠠᠷᠲᠠᠭᠲᠠᠬᠤ ᠪᠣᠶᠣ ᠬᠤᠪᠢᠷᠠᠨ ᠦᠭᠡᠷᠲᠡᠲᠡᠭ᠃ ᠬᠦᠮᠦᠨ ᠲᠦᠷᠦᠯᠬᠢᠲᠡᠨ ᠤ ᠮᠠᠷᠲᠠᠬᠤ ᠦᠭᠡᠢ ᠶᠢᠨ ᠲᠦᠯᠦᠬᠡᠨ ᠤ ᠲᠡᠮᠡᠴᠡᠯ ᠦᠷᠭᠦᠯᠵᠢᠯᠡᠭᠰᠡᠭᠡᠷ᠃ ᠠᠮᠠ ᠪᠠᠷ ᠣᠯᠠᠮᠵᠢᠯᠠᠬᠤ᠂ ᠪᠢᠴᠢᠭ ᠢᠶᠠᠷ ᠣᠯᠠᠮᠵᠢᠯᠠᠬᠤ ᠁ ᠣᠯᠠᠮᠵᠢᠯᠠᠬᠤ ᠶᠢᠨ ᠲᠣᠬᠠᠢ ᠠᠷᠭ᠎ᠠ ᠪᠠᠷᠢᠯ ᠮᠠᠨ ᠤ ᠡᠨᠡ ᠴᠠᠭ ᠦᠶ᠎ᠡ ᠳᠤ ᠨᠡᠩᠲᠡ ᠣᠯᠠᠨ ᠪᠣᠯᠣᠭᠰᠠᠨ᠃ ᠭᠡᠲᠡᠯ᠎ᠡ ᠪᠢᠲᠡᠨ ᠤ ᠰᠣᠶᠣᠯ ᠲᠡᠣᠬᠡ ᠬᠦᠮᠦᠨ ᠢ ᠰᠣᠴᠢᠭᠠᠮ᠎ᠠ ᠬᠤᠷᠲᠣᠴᠠ ᠪᠠᠷ ᠮᠠᠷᠳᠠᠭᠳᠠᠭᠰᠠᠭᠠᠷ ᠪᠠᠶᠢᠭ᠎ᠠ ᠨᠢ ᠦᠨᠡᠨᠲᠡᠢ᠃ ᠰᠢᠨ᠎ᠡ ᠵᠠᠭᠤᠨ ᠳᠤ ᠠᠯᠬᠤᠨ ᠣᠷᠣᠭᠰᠠᠨ ᠰᠣᠭᠳᠣᠭᠤᠷᠠᠯ ᠳᠣᠮᠲᠠ ᠮᠠᠩᠰᠢᠭᠤᠷᠠᠭᠰᠠᠭᠠᠷ ᠠᠲᠠᠯ᠎ᠠ ᠪᠢᠲᠡᠨ ᠤ ᠰᠣᠶᠣᠯ ᠲᠡᠣᠬᠡ ᠶᠢᠨ ᠬᠡᠴᠢᠨᠡᠨ ᠵᠦᠢᠯ ᠮᠠᠷᠲᠠᠭᠲᠠᠨ ᠬᠤᠯᠠᠳᠠᠭ᠎ᠠ ᠶᠢ ᠵᠦᠢᠷᠯᠡᠨ ᠮᠡᠲᠡᠬᠦ ᠶᠢᠨ ᠠᠷᠭ᠎ᠠ ᠦᠭᠡᠢ ᠪᠦᠭᠡᠳ ᠵᠢᠷᠦᠬᠡ ᠰᠢᠮᠰᠢᠷᠡᠮ᠎ᠡ ᠪᠠᠶᠢᠲᠠᠭ ᠰᠠᠨ᠃ ᠵᠠᠭᠤᠨ ᠮᠢᠩᠭᠠᠨ ᠢᠶᠠᠷ ᠣᠯᠠᠮᠵᠢᠯᠠᠭᠰᠭᠠᠷ ᠢᠷᠡᠭᠰᠡᠨ ᠡᠪᠦᠭᠡ ᠳᠡᠭᠡᠳᠦᠰ ᠠᠴᠠ ᠮᠢᠨᠢ ᠦᠪᠯᠡᠭᠰᠡᠨ ᠰᠣᠶᠣᠯ ᠲᠡᠣᠬᠡ ᠪᠠᠨ ᠪᠦᠷᠢᠨ ᠪᠦᠳᠦᠨ ᠢᠶᠠᠷ ᠵᠠᠯᠭᠠᠮᠵᠢᠯᠠᠨ ᠬᠤᠴᠣᠷᠭᠠᠬᠤ ᠨᠢ ᠡᠨᠡ ᠴᠠᠭ ᠦᠶ᠎ᠡ ᠶᠢᠨ ᠰᠡᠭᠡᠭᠡᠲᠡᠨ ᠪᠢᠲᠡᠨ ᠤ ᠵᠠᠶᠢᠯᠠᠵᠦ ᠦᠯᠦ ᠪᠣᠯᠬᠤ ᠡᠭᠦᠷᠭᠡ ᠬᠠᠷᠢᠭᠤᠴᠠᠯᠭ᠎ᠠ ᠪᠢᠯᠡ᠃ — ᠦᠬᠡᠷ ᠲᠡᠷᠭᠡ ᠦᠭᠡᠢ ᠪᠣᠯᠬᠤ ᠳᠤ ᠳᠦᠷᠪᠡᠨ ᠵᠠᠭᠤ ᠭᠠᠷᠣᠢ ᠨᠡᠷ᠎ᠡ ᠦᠭᠡ ᠮᠣᠩᠭᠤᠯ ᠦᠬᠡᠰ ᠤᠨ ᠰᠠᠩ ᠠᠴᠠ ᠬᠠᠰᠣᠭᠲᠠᠨ ᠮᠠᠷᠲᠠᠭᠲᠠᠨ᠎ᠠ᠃ ᠲᠦᠷᠦᠭᠦᠬᠡᠨ ᠮᠢᠨᠦ ᠨᠢᠬᠡ ᠨᠠᠶᠢᠵᠠ ᠶᠢᠨ ᠬᠡᠯᠡᠭᠰᠡᠨ ᠦᠭᠡ ᠨᠠᠲᠠ ᠪᠠᠶᠢᠨ ᠲᠠᠬᠢᠨ ᠪᠣᠳᠣᠭᠲᠠᠲᠠᠭ᠃ ᠰᠢᠨ᠎ᠡ ᠵᠠᠭᠤᠨ ᠳᠤ ᠪᠢᠲᠡ ᠶᠡᠭᠡ ᠶᠢ ᠣᠯᠣᠯ᠎ᠠ᠃ ᠭᠡᠲᠡᠯ᠎ᠡ ᠠᠯᠲᠠᠭᠰᠠᠨ ᠮᠠᠨᠢ᠂ ᠮᠠᠷᠲᠠᠭᠰᠠᠨ ᠮᠠᠨᠢ ᠶᠡᠭᠡ ᠪᠠᠶᠢᠪᠠᠯ ᠶᠠᠭᠠᠬᠢᠨ᠎ᠠ ᠭᠡᠵᠦ ᠪᠣᠳᠣᠳᠠᠭ ᠮᠣᠩᠭᠤᠯᠴᠣᠳ ᠪᠠᠶᠢᠲᠠᠭ ᠤᠤ︖ ᠲᠡᠣᠬᠡ ᠦᠭᠡᠢ ᠦᠨᠳᠦᠰᠦᠲᠡᠨ ᠭᠡᠵᠦ ᠪᠠᠶᠢᠲᠠᠭ ᠦᠭᠡᠢ᠃ ᠭᠡᠲᠡᠯ᠎ᠡ ᠲᠡᠣᠬᠡ ᠪᠠᠨ ᠮᠡᠲᠡᠲᠡᠭ ᠦᠭᠡᠢ᠂ ᠮᠠᠷᠲᠠᠲᠠᠭ ᠪᠣᠶᠣ ᠮᠠᠷᠲᠠᠭᠰᠠᠭᠠᠷ ᠪᠠᠶᠢᠭ᠎ᠠ ᠦᠨᠳᠦᠰᠦᠲᠡᠨ ᠭᠡᠵᠦ ᠪᠠᠶᠢᠲᠠᠭ᠃ ᠲᠡᠶᠢᠨᠬᠦ ᠵᠠᠸ᠋ᠨ ᠶᠢᠨ ᠳ᠋ᠣᠰᠠᠨ᠂ ᠴ᠊ · ᠦᠨᠢᠷ ᠨᠠᠷ ᠤᠨ ᠦᠪᠡᠷ ᠤᠨ ᠣᠷᠣᠨ ᠨᠣᠲᠤᠭ ᠤᠨ ᠢᠶᠠᠨ ᠲᠡᠣᠬᠡ ᠰᠣᠶᠣᠯ ᠢ ᠡᠮᠬᠢᠳᠭᠡᠨ ᠬᠡᠪᠯᠡᠭᠦᠯᠵᠦ ᠪᠠᠶᠢᠭ᠎ᠠ ᠶᠢᠨ ᠴᠠᠭᠠᠨᠠᠬᠢ ᠦᠨ᠎ᠡ ᠴᠡᠨ᠎ᠡ ᠶᠢ ᠬᠡᠯᠡᠬᠦ ᠦᠭᠡᠢ ᠪᠠᠷ ᠮᠡᠲᠡᠵᠦ ᠪᠣᠯᠣᠨ᠎ᠠ᠃ ᠨᠣᠮ ᠤᠨ ᠴᠠᠭᠠᠨ ᠪᠣᠶᠠᠨ ᠳᠡᠯᠭᠡᠷᠡᠬᠦ ᠪᠣᠯᠳᠣᠭᠠᠢ︕
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号