ᠣᠶᠢᠷᠠᠳ ᠤᠨ ᠨᠡᠷᠡᠶᠢᠳᠤᠯ ᠤᠨ ᠤᠳᠬ᠎ᠠ ᠠᠭᠤᠯᠭ᠎ᠠ
ᠨᠡᠶᠢᠲᠡᠯᠡᠭᠰᠡᠨ ᠴᠠᠭ᠄
2019/12/11
︿︿ᠣᠶᠢᠷᠡᠳ︶︶ ᠭᠡᠮᠡᠬᠦ ᠨᠡᠷᠡᠶᠢᠳᠤᠯ ᠤᠨ ᠤᠳᠬ᠎ᠠ ᠠᠭᠤᠯᠭ᠎ᠠ ᠶᠢᠨ ᠲᠤᠬᠠᠢ ᠮᠤᠩᠭᠤᠯ ᠤᠨ ᠲᠡᠤᠬᠡ ᠶᠢᠨ ᠡᠷᠳᠡᠮᠲᠡᠨ ᠲᠠᠶᠢᠯᠪᠤᠷᠢᠯᠠᠯ ᠬᠢᠬᠦ ᠨᠢ ᠠᠳᠠᠯᠢ ᠪᠤᠰᠣ ᠪᠤᠯᠠᠢ᠃ ᠨᠢᠭᠡ ᠳᠤ᠄ ᠣᠶᠢᠷᠠᠳ ᠶᠢᠨ ᠠᠳᠠᠯᠢ ᠪᠤᠰᠤ ᠨᠡᠷᠡᠶᠢᠳᠤᠯ  ᠨᠢ ᠠᠳᠠᠯᠢ ᠪᠤᠰᠤ ᠦᠰᠦᠭ ᠤᠨ ᠲᠡᠮᠳᠡᠭᠯᠡᠯ ᠠᠴᠠ ᠡᠭᠦᠰᠴᠡᠢ᠃ ᠮᠣᠩᠭᠤᠯ ᠰᠣᠷᠪᠤᠯᠵᠢ ᠪᠢᠴᠢᠭ ᠲᠤ ︿︿ᠣᠶᠢᠷᠠᠳ︶︶ ᠭᠡᠵᠤ᠂ ᠣᠷᠤᠰ ᠨᠣᠮ ᠢᠶᠠᠷ ᠦᠨᠳᠦᠰᠤ ᠪᠣᠯᠭᠠᠳᠠᠭ ᠢᠰᠯᠠᠮ ᠤᠨ ᠱᠠᠰᠢᠨ ᠤ ᠲᠡᠤᠬᠡ ᠶᠢᠨ ᠮᠠᠲ᠋ᠧᠷᠢᠶᠠᠯ ᠳᠤ ︿︿ᠬᠠᠯᠢᠮᠠᠭ︶︶ ᠭᠡᠵᠤ᠂ ᠬᠢᠳᠠᠳ ᠰᠣᠷᠪᠤᠯᠵᠢ ᠪᠢᠴᠢᠭ ᠲᠤ ︿︿ᠦᠭᠡᠯᠡᠳ︶︶ ᠭᠡᠳᠡᠭ ᠪᠢᠯᠡ᠃ ᠬᠤᠶᠠᠷ ᠲᠤ᠄ ᠣᠶᠢᠷᠡᠳ ᠭᠡᠮᠡᠬᠦ ᠦᠭᠡ ᠶᠢᠨ ᠢᠵᠠᠭᠤᠷ ᠨᠢ ᠣᠶᠢᠷ᠎ᠠ᠂ ᠡᠶᠢᠮᠤ ᠪᠣᠯᠬᠤᠷ ᠣᠶᠢᠷᠠᠳ ᠢ ︿︿ᠣᠶᠢᠷ᠎ᠠ ᠲᠦᠷᠦᠯ ᠬᠦᠮᠦᠰ ︶︶ ᠪᠤᠶᠤ ︿︿ᠣᠶᠢᠷ᠎ᠠ ᠵᠡᠷᠭᠡᠯᠡᠳᠡᠭᠡ ᠬᠤᠯᠪᠤᠭᠠᠳᠠᠨ︶︶ ᠭᠡᠮᠡᠨ ᠣᠶᠢᠯᠠᠭᠠᠵᠤ ᠪᠣᠯᠤᠨ᠎ᠠ᠃ ᠲᠡᠭᠦᠨ ᠢ ᠲᠦᠷᠪᠡᠨ ᠭᠡᠮᠡᠬᠦ ᠲᠣᠭᠠᠨ ᠤ ᠨᠡᠷ᠎ᠡ ᠳᠤ ᠬᠤᠯᠪᠤᠪᠠᠯ ︿︿ᠲᠦᠷᠪᠡᠨ ᠣᠶᠢᠷᠠᠳ︶︶᠂ ᠮᠣᠩᠭᠤᠯ ᠢᠶᠠᠷ ᠬᠡᠯᠡᠪᠡᠯ ︿︿ᠲᠦᠷᠪᠡᠨ ᠣᠶᠢᠷᠠᠳ ᠤᠨ ᠬᠤᠯᠪᠤᠭ᠎ᠠ ᠪᠣᠯᠤᠨ᠎ᠠ︶︶ ᠭᠡᠵᠡᠢ᠃ ᠭᠤᠷᠪᠠ ᠳᠤ᠄ ᠣᠶᠢᠷᠠᠳ ᠭᠡᠮᠡᠬᠦ ᠦᠭᠡ ᠪᠣᠯ ︿︿ᠣᠢ ᠶᠢᠨ ᠢᠷᠭᠡᠨ︶︶ ᠭᠡᠳᠡᠭ ᠦᠭᠡ ᠪᠠᠷ ᠪᠦᠷᠢᠯᠳᠦᠭᠰᠡᠨ ᠶᠤᠮ ᠭᠡᠵᠤ᠂ ︿︿ᠣᠢ ᠶᠢᠨ ᠠᠷᠠᠳ︶︶ ᠨᠢ ᠷᠠᠰᠢᠳ᠋ — ᠠᠳ᠋ — ᠳ᠋ᠢᠨ ᠤ ᠬᠡᠯᠡᠳᠡᠭ ︿︿ᠣᠢ ᠶᠢᠨ ᠠᠷᠠᠳ ︵ᠢᠷᠭᠡᠳ﹀︶︶ ᠠᠴᠠ ᠡᠭᠦᠰᠴᠡᠢ᠃ ᠣᠶᠢᠷᠠᠳ ᠭᠡᠳᠡᠭ ᠨᠡᠷ᠎ᠡ ᠪᠣᠯ ᠬᠠᠮᠤᠭ ᠤᠨ ᠡᠷᠳᠡ ᠠᠷᠪᠠᠨ ᠭᠤᠷᠪᠠᠳᠤᠭᠠᠷ ᠵᠠᠭᠤᠨ ᠤ ᠦᠶ᠎ᠡ ᠶᠢᠨ ︿︿ᠮᠣᠩᠭᠤᠯ  ᠤᠨ ᠨᠢᠭᠤᠴᠠ ᠲᠣᠪᠴᠢᠶᠠᠨ︶︶ ᠳᠤ ᠢᠯᠡᠷᠡᠵᠡᠢ᠃ ᠲᠡᠭᠦᠨ ᠠᠴᠠ ᠬᠤᠶᠢᠰᠢ᠂ ᠡᠨᠡᠬᠦ ᠦᠭᠡ ᠶᠢᠨ ᠬᠢᠳᠠᠳ ᠪᠢᠴᠢᠯᠭᠡ  ᠨᠢ ᠲᠡᠤᠬᠡ ᠶᠢᠨ ᠬᠤᠪᠢᠷᠠᠯᠳᠠ ᠲᠠᠢ ᠪᠠᠶᠢᠳᠠᠭ᠃ ᠶᠡᠷᠦᠩᠬᠡᠶᠢᠯᠡᠭᠡᠳ ᠬᠡᠯᠡᠪᠡᠯ᠂ ᠠᠷᠪᠠᠨ ᠭᠤᠷᠪᠠᠳᠤᠭᠠᠷ ᠵᠠᠭᠤᠨ ᠤ ᠡᠬᠢᠨ ᠤ ᠦᠶ᠎ᠡ ᠠᠴᠠ ᠠᠷᠪᠠᠨ ᠲᠦᠷᠪᠡᠳᠦᠭᠡᠷ ᠵᠠᠭᠤᠨ ᠤ ᠲᠤᠮᠳᠠᠴᠢ ᠦᠶ᠎ᠡ ᠳᠤ᠂ ᠣᠯᠠᠩᠬᠢ ᠰᠤᠳᠣᠷ ᠨᠣᠮ ᠳᠤ ︿︿ᠮᠣᠩᠭᠤᠯ ᠤᠨ ᠨᠢᠭᠤᠴᠠ ᠲᠣᠪᠴᠢᠶᠠᠨ︶︶ ᠢ ᠦᠨᠳᠦᠰᠦᠯᠡᠵᠤ᠂ ᠣᠶᠢᠷᠠᠳ ᠭᠡᠵᠤ ᠪᠢᠴᠢᠳᠡᠭ᠃ ᠬᠡᠯᠡᠯᠭᠡᠨ ᠦᠭᠡᠢ ᠵᠠᠷᠢᠮ ᠳᠠᠭᠠᠨ ︿︿ᠸᠧᠶ᠋ᠢᠯᠠ︶︶᠂ ︿︿ᠸᠧᠯᠠ︶︶᠃ ︿︿ᠸᠠᠶᠢᠯᠠ︶︶ ᠭᠡᠬᠦ ᠮᠡᠳᠤ ᠲᠡᠮᠳᠡᠭᠯᠡᠯ ᠪᠠᠰᠠ ᠪᠤᠢ᠃ ᠠᠷᠪᠠᠨ ᠲᠦᠷᠪᠡᠳᠦᠭᠡᠷ ᠵᠠᠭᠤᠨ ᠤ ᠲᠣᠮᠳᠠᠴᠢ ᠦᠶ᠎ᠡ ᠠᠴᠠ ᠠᠷᠪᠠᠨ ᠲᠣᠯᠤᠳᠤᠭᠠᠷ ᠵᠠᠭᠤᠨ ᠤ ᠲᠣᠮᠳᠠᠴᠢ ᠦᠶ᠎ᠡ ᠬᠦᠷᠬᠦ ᠳᠤ ᠨᠣᠮ ᠪᠦᠷ ︿︿ᠸᠠᠯᠠ︶︶ ᠭᠡᠵᠤ ᠪᠢᠴᠢᠳᠡᠭ᠃ ᠠᠷᠪᠠᠨ ᠨᠠᠶᠢᠮᠠᠳᠤᠭᠠᠷ ᠵᠠᠭᠤᠨ ᠤ ᠲᠣᠮᠳᠠᠴᠢ ᠦᠶ᠎ᠡ ᠵᠢᠴᠢ ᠡᠭᠦᠨ ᠠᠴᠠ ᠬᠤᠶᠢᠰᠢ ᠲᠡᠤᠬᠡ ᠰᠤᠳᠤᠷ ᠲᠤ ︿︿ᠦᠭᠡᠯᠡᠳ︶︶ ᠭᠡᠵᠤ ᠲᠡᠮᠳᠡᠭᠯᠡᠭᠳᠡᠵᠤ ᠢᠷᠡᠵᠡᠢ᠃ ᠴᠢᠩ ᠤᠯᠤᠰ ᠤᠨ ᠰᠡᠭᠦᠯᠴᠢ ᠶᠢᠨ ᠦᠶ᠎ᠡ ᠠᠴᠠ ᠮᠣᠩᠭᠤᠯᠴᠤᠳ ᠡᠨᠡᠬᠦ ᠦᠭᠡ ᠶᠢ ᠠᠳᠠᠯᠢ ᠪᠣᠰᠤ ᠲᠠᠭᠤᠳᠠᠬᠤ ᠪᠣᠯᠵᠡᠢ᠃ ᠲᠡᠭᠷᠢ ᠠᠭᠤᠯᠠ ᠶᠢᠨ ᠬᠤᠶᠢᠳᠤ ᠬᠠᠪᠢ ᠪᠠᠷ ᠰᠠᠭᠤᠭ᠎ᠠ ᠮᠣᠩᠭᠤᠯᠴᠤᠳ ᠢ ᠣᠶᠢᠷᠠᠳ ᠭᠡᠮᠡᠨ᠂ ᠬᠠᠷᠢᠨ ᠡᠨᠡ ᠠᠶᠢᠮᠠᠭ  ᠲᠤ ᠡᠩ ᠤᠨ ᠮᠣᠩᠭᠤᠯᠴᠤᠳ ᠢ ᠦᠭᠡᠯᠡᠳ ᠭᠡᠮᠡᠨ ᠨᠡᠷᠡᠶᠢᠳᠪᠡ᠃ ︿︿ᠣᠶᠢᠷᠠᠳ︶︶ ᠪᠣᠯᠤᠨ ︿︿ᠦᠭᠡᠯᠡᠳ︶︶ ᠨᠢᠭᠡ ᠠᠶᠠᠯᠭᠤᠨ ᠤ ᠬᠤᠪᠢᠷᠠᠯ ᠪᠣᠯᠠᠢ᠃ ᠰᠡᠭᠦᠯᠡᠷ ᠨᠢ ᠣᠶᠢᠷᠠᠳ ᠭᠡᠳᠡᠭ ᠦᠭᠡ ᠶᠢ ᠦᠭᠡᠯᠡᠳ ᠢᠶᠠᠷ ᠣᠷᠤᠯᠠᠭᠤᠯᠵᠡᠢ ᠃ ᠡᠨᠡ ᠨᠢ ᠴᠢᠩ ᠤᠯᠤᠰ ᠤᠨ ᠦᠶ᠎ᠡ ᠶᠢᠨ ᠮᠠᠨᠵᠤ᠂ ᠮᠣᠩᠭᠤᠯ᠂ ᠬᠢᠳᠠᠳ ᠤᠨ ᠰᠣᠷᠪᠤᠯᠵᠢ ᠪᠢᠴᠢᠭ ᠲᠤ ᠲᠡᠮᠳᠡᠭᠯᠡᠯ  ᠲᠠᠢ ᠪᠢᠯᠡ᠃ ᠦᠭᠡᠯᠡᠳ ᠭᠡᠳᠡᠭ ᠨᠢ᠂ ᠮᠣᠩᠭᠤᠯ ᠬᠡᠯᠡᠨ ᠳᠤ ᠠᠪᠣᠷᠭᠤ ᠰᠦᠷᠯᠢᠭ ᠰᠠᠶᠢᠬᠠᠨ ᠭᠡᠰᠡᠨ ᠤᠳᠬ᠎ᠠ ᠲᠠᠢ᠃ ᠬᠢᠳᠠᠳ ᠬᠡᠯᠡᠨ ᠳᠤ᠂ ᠦᠭᠡᠯᠡᠳ ᠮᠣᠩᠭᠤᠯ ᠪᠣᠯ ᠠᠪᠤᠷᠭᠤ ᠦᠨᠳᠦᠷ᠂ ᠰᠦᠷᠯᠢᠭ ᠰᠠᠶᠢᠬᠠᠨ ᠮᠣᠩᠭᠤᠯᠴᠤᠳ ᠭᠡᠰᠡᠨ ᠲᠠᠶᠢᠯᠪᠤᠷᠢ ᠲᠠᠢ᠃ ᠦᠭᠡᠯᠡᠳ ᠭᠡᠮᠡᠬᠦ ᠦᠭᠡ ᠶᠢᠨ ᠢᠵᠠᠭᠤᠷ ᠨᠢ ᠦᠭᠡᠷ᠎ᠡ ᠪᠠᠷ ᠬᠡᠯᠡᠪᠡᠯ᠂ ᠲᠦᠷᠪᠡᠨ ᠣᠶᠢᠷᠠᠳ ᠤᠨ ᠲᠦᠷᠪᠡᠨ ᠶᠡᠭᠡ ᠠᠶᠢᠮᠠᠭ ᠭᠡᠰᠡᠨ ᠣᠳᠬ᠎ᠠ ᠲᠠᠢ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号