| | ᠦᠵᠣᠮᠣᠴᠢᠨ ᠨᠣᠳᠤᠭ ᠲᠠᠢ ᠲᠠᠣᠭᠡᠴᠢᠨ ᠢ ᠪᠠᠭᠳᠠᠭᠠᠭᠰᠠᠨ ᠮᠠᠰᠢ ᠣᠯᠠᠨ ᠲᠠᠣᠭᠡ ᠰᠣᠳᠣᠯᠣᠭᠠᠴᠢ ᠨᠠᠷ᠂ | ᠦᠵᠣᠮᠣᠴᠢᠨ ᠤ ᠡᠭᠦᠰᠣᠯ ᠭᠠᠷᠣᠯ ᠢ ᠣᠢ ᠶᠢᠨ ᠢᠷᠭᠡᠣᠨ ᠲᠠᠢ ᠬᠤᠯᠪᠣᠭᠠᠳᠠᠢ ᠪᠠᠷ ᠦᠵᠡᠵᠣ᠂ ᠦᠵᠣᠮᠣᠴᠢᠨ | ᠠᠶᠢᠮᠠᠭ ᠢ ᠣᠶᠢᠷᠠᠣᠨ ᠤᠨ ᠰᠠᠯᠪᠣᠷᠢ ᠰᠠᠯᠳᠠᠷ ᠭᠡᠳᠡᠭ ᠦᠵᠡᠯᠳᠠ ᠶᠢ ᠲᠠᠪᠰᠢᠭᠦᠯᠦᠭᠰᠡᠭᠡᠷ ᠢᠷᠡᠭᠰᠡᠨ ᠶᠤᠮ᠃ ᠡᠨᠡ | ᠦᠵᠡᠯᠳᠠ᠂ ᠰᠢᠨᠵᠢᠯᠡᠭᠡ ᠪᠣᠯ ᠦᠵᠣᠮᠣᠴᠢᠨ ᠠᠶᠢᠮᠠᠭ ᠤᠨ ᠡᠭᠦᠰᠣᠯ ᠭᠠᠷᠣᠯ ᠤᠨ ᠲᠣᠬᠠᠢ ᠣᠯᠠᠩᠭᠢ ᠲᠣᠭᠠᠳᠠᠨ ᠤ | ᠰᠣᠳᠣᠯᠭᠠᠨ ᠤ ᠦᠷ᠎ᠠ ᠳ᠋ᠦᠡᠭ ᠪᠠᠶᠢᠵᠣ᠂ ᠦᠨᠣ ᠶᠢᠨ ᠦᠵᠣᠮᠣᠴᠢᠨ ᠤ ᠡᠭᠦᠰᠣᠯ ᠭᠠᠷᠣᠯ ᠤᠨ ᠬᠤᠪᠢ ᠳᠤ᠂ ᠠᠷᠠᠪ | ᠫᠧᠷᠰ ᠠᠴᠠ ᠢᠷᠠᠯ ᠲᠠᠢ᠂ ᠣᠳᠣᠴᠢᠨ ︵ᠲᠠᠷᠣᠢ ᠨᠦᠵᠣᠮᠣᠴᠢᠨ ᠭᠡᠳᠡᠭ︶ ᠭᠦᠮᠣᠰ ᠢᠶᠠᠷ ᠪᠦᠷᠢᠯᠳᠦᠭᠰᠡᠨ ᠬᠠᠷᠢ | ᠭᠠᠷᠣᠯ ᠲᠠᠢ ᠠᠶᠢᠮᠠᠭ ᠭᠡᠮᠡᠨ ᠣᠯᠡᠨ ᠣᠯᠣᠰ ᠤᠨ ᠡᠷᠳᠠᠮ ᠰᠢᠨᠵᠢᠯᠡᠭᠡᠨ ᠤ ᠲᠠᠪᠴᠠᠩ ᠳᠤ ᠣᠯᠠᠨ ᠣᠳᠠᠭ᠎ᠠ ᠪᠠᠶᠢᠨ | ᠲᠠᠭᠢᠨ ᠢᠯᠡᠣᠨᠬᠡᠯ ᠲᠠᠪᠰᠢᠭᠦᠯᠵᠣ ᠪᠠᠶᠢᠭ᠎ᠠ ᠡᠷᠳᠠᠮᠳᠠᠨ ᠣᠶᠦᠨᠪᠢᠯᠢᠭ ᠭᠤᠸᠠᠢ ᠶᠢᠨ ᠦᠭᠡᠷ᠎ᠠ ᠨᠢᠭᠡ ᠵᠣᠶᠢᠯ ᠤᠨ | ᠦᠵᠡᠯᠳᠠ ᠪᠠ ︽ᠦᠵᠣᠮᠣᠴᠢᠨ ᠲᠣᠪᠴᠢᠶᠠᠨ︾ ᠭᠡᠭᠦ ᠲᠣᠭᠤᠷᠪᠢᠯ ᠤᠨ ᠰᠠᠨᠠᠭ᠎ᠠ ᠵᠣᠷᠢᠯᠳᠠ ᠳᠤᠨᠢ ᠵᠣᠭᠢᠬᠤ | ᠭᠡᠮᠵᠢᠶᠠᠨ ᠤ ᠬᠠᠷᠢᠴᠠᠭᠤᠯᠣᠯ ᠪᠣᠶᠣ ᠬᠠᠷᠢᠭᠤ ᠲᠣᠰᠬᠠᠯ ᠪᠣᠯᠭᠠᠨ ᠵᠢᠭᠰᠠᠭᠠᠨ ᠲᠠᠮᠳᠡᠭᠯᠡᠭᠦ ᠶᠢᠨ ᠲᠠᠭᠠᠣ ᠦᠪᠡᠷ ᠤᠨ | ᠦᠵᠡᠯᠳᠠ ᠪᠠᠨ ᠴᠣ᠋ ᠲᠠᠯᠭᠡᠨ ᠦᠭᠦᠯᠠᠵᠣ ᠣᠯᠠᠨ ᠤ ᠬᠠᠷᠠᠭᠠᠨ ᠳᠤ ᠲᠣᠯᠢᠯᠠᠭᠤᠯᠣᠮᠣ᠃ | ᠨᠢᠭᠡ᠂ ᠦᠵᠣᠮᠣᠴᠢᠨ ᠠᠶᠢᠮᠠᠭ ᠤᠨ ᠡᠭᠦᠰᠣᠯ ᠭᠠᠷᠣᠯ ᠤᠨ ᠲᠣᠬᠠᠢ ᠣᠶᠢᠷᠠᠣᠨ ᠲᠠᠢ ᠬᠤᠯᠪᠣᠭᠳᠠᠭᠤᠯᠣᠨ | ᠰᠣᠳᠣᠯᠣᠭᠰᠠᠨ ᠡᠷᠳᠠᠮᠳᠠᠣᠨ ᠤᠨ ᠦᠵᠠᠯᠳᠠ | ︵ᠨᠢᠭᠡ︶ ᠮᠣᠩᠭᠤᠯ ᠣᠯᠣᠰ ᠤᠨ ᠰ᠊ · ᠫᠦᠷᠪᠣᠵᠠᠪ ᠤᠨ ᠪᠢᠴᠢᠭᠰᠡᠨ ︽ᠬᠤᠳᠣᠭᠤᠶᠢᠣᠨ ᠤᠨ ᠣᠭᠰᠠᠭ᠎ᠠ ᠭᠠᠷᠣᠯ | ᠪᠠ ᠲᠠᠣᠭᠡ ᠶᠢᠨ ᠠᠰᠠᠭᠤᠳᠠᠯ︾ ᠭᠡᠳᠡᠭ ᠦᠭᠦᠯᠡᠯ ︵ᠦᠪᠣᠷ ᠮᠣᠩᠭᠤᠯ ᠤᠨ ᠨᠠᠶᠢᠭᠡᠮ ᠤᠨ ᠰᠢᠨᠵᠢᠯᠠᠭᠦ ᠣᠬᠠᠭᠠᠨ ᠤ | ᠭᠦᠷᠢᠶᠠᠯᠠᠩ ᠤᠨ ᠮᠣᠩᠭᠤᠯ ᠲᠠᠣᠭᠡ ᠰᠣᠳᠣᠯᠬᠤ ᠭᠠᠵᠡᠷ ᠤᠨ ᠲᠣᠰᠣᠨ ᠲᠠᠷᠣᠮᠠᠯ ᠲᠠᠪᠳᠠᠷ ᠤᠨ 489 ᠳ᠋ᠣᠭᠡᠷ ᠨᠢᠭᠤᠷ | ︶ ᠳᠤ ᠮᠠᠰᠢ ᠰᠣᠨᠢᠷᠬᠠᠯ ᠲᠠᠢ ᠮᠡᠳᠡᠭᠡ ᠪᠠᠶᠢᠳᠠᠭ᠃ ᠲᠠᠷᠨ ᠪᠢᠴᠢᠭᠰᠡᠨ ᠨᠢ ︽ᠨᠢᠭᠤᠴᠠ ᠲᠣᠪᠴᠢᠶᠠᠨ᠂ ᠭᠦᠭᠡ | ᠰᠣᠳᠣᠷ ᠤᠨ ᠠᠯᠢ ᠠᠯᠢᠨ ᠳᠤ ᠴᠣ᠋ ᠭᠢᠷᠭᠢᠰ ᠲᠦᠮᠡᠨ ᠤ ᠨᠣᠶᠠᠣᠨ ᠪᠠ ᠮᠢᠩᠭᠠᠨ ᠤ ᠨᠣᠶᠠᠣᠨ ᠣᠢ ᠶᠢᠨ ᠢᠷᠭᠡᠣᠨ | ᠤᠨ ᠨᠣᠶᠠᠣᠨ ᠢ ᠠᠪᠣᠭᠠᠣᠨ ᠢᠷᠡᠭᠰᠡᠨ ᠳᠤ ᠴᠢᠩᠭᠢᠰ ᠬᠠᠭᠠᠨ ᠵᠦᠴᠢ ᠶᠢ ᠰᠣᠶᠣᠷᠬᠠᠵᠣ ᠣᠢ ᠶᠢᠨ ᠢᠷᠭᠡᠣᠨ ᠢ | ᠣᠷᠣᠭᠤᠯᠵᠣ ᠢᠷᠡᠪᠠ ᠴᠢ ᠡᠳᠡᠭᠡᠷ ᠢᠷᠡᠭᠰᠡᠨ ᠢ ᠴᠢᠮᠠᠳᠣ ᠦᠭᠭᠦᠶ᠎ᠠ᠃ ᠭᠤᠴᠢᠨ ᠵᠢᠷᠭᠤᠭᠠᠨ ᠶᠡᠭᠡ ᠣᠯᠣᠰ ᠲᠠᠯᠠᠨ | ᠬᠤᠶᠠᠷ ᠪᠠᠭ᠎ᠠ ᠠᠶᠢᠮᠠᠭ ᠁ ᠲᠣᠪᠴᠢᠶᠠᠨ ᠠᠴᠠ ᠬᠤᠶᠢᠴᠢ ︵ᠬᠤᠶᠢᠣᠨ︶ ᠣᠡᠭᠭᠤᠣᠨ᠂ ᠦᠵᠡᠭᠡᠣᠨ᠂ ᠶᠦᠷᠺᠠᠨ | ᠮᠢᠩᠭᠠᠨ᠂ ᠦᠵᠣᠮᠣᠴᠢᠨ ᠭᠡᠭᠦ ᠮᠡᠳᠣ ᠪᠠᠷ ᠮᠢᠩᠭᠠᠨ ᠲᠣᠬᠠᠢ ᠲᠣᠷᠠᠣᠨᠴᠠᠢ︾ ᠭᠡᠵᠣ ᠫᠠ᠊᠂ ᠲᠣᠭᠠᠷ ︽ᠦᠵᠣᠮᠣᠴᠢᠨ | ᠭᠡᠳᠡᠭ ᠨᠠᠷᠠᠶᠢᠳᠣᠯ ᠤᠨ ᠲᠣᠬᠠᠢ ᠪᠠᠷᠢᠮᠳᠠ︾ ᠦᠭᠦᠯᠡᠯ ᠳᠡᠭᠡᠨ ᠠᠰᠢᠭᠯᠠᠭᠰᠠᠨ ᠪᠠᠶᠢᠳᠠᠭ᠃ ︵ᠨ᠊᠂ ᠪᠦᠭᠡᠬᠠᠳᠠ | ᠨᠠᠶᠢᠷᠠᠭᠤᠯᠣᠭᠰᠠᠨ ︽ᠦᠵᠣᠮᠣᠴᠢᠨ ᠰᠣᠳᠣᠯᠣᠯ︾᠂ ᠦᠪᠣᠷ ᠮᠣᠩᠭᠤᠯ ᠤᠨ ᠰᠣᠶᠣᠯ ᠤᠨ ᠭᠡᠪᠯᠡᠯ ᠤᠨ ᠬᠤᠷᠢᠶ᠎ᠠ᠂ | 2006 ᠣᠨ᠂ 2 — 3 ᠨᠢᠭᠤᠷ︶ | ︵ᠬᠤᠶᠠᠷ︶ ᠦᠵᠣᠮᠣᠴᠢᠨ ᠨᠣᠳᠣᠭᠳᠠᠢ ᠰᠣᠳᠣᠯᠣᠭᠠᠴᠢ ᠫᠠ᠊᠂ ᠲᠣᠭᠠᠷ ︽ᠦᠵᠣᠮᠣᠴᠢᠨ ᠠᠶᠢᠮᠠᠭ᠂ ᠲᠡᠭᠡᠳᠣ | ᠦᠶ᠎ᠠ ᠳᠡᠭᠡᠨ ᠣᠶᠢᠷᠠᠣᠨ ᠮᠣᠩᠭᠤᠯ ᠤᠨ ᠨᠢᠭᠡ ᠭᠡᠰᠡᠭ ᠪᠠᠶᠢᠵᠠᠢ ᠭᠡᠳᠡᠭ ᠢ ᠪᠣᠳᠠᠳᠣ ᠪᠠᠷᠢᠮᠳᠠ ᠨᠤᠭᠤᠳ | ᠭᠡᠷᠡᠴᠢᠯᠡᠭᠰᠡᠭᠡᠷ ᠪᠠᠶᠢᠨ᠎ᠡ᠃ ᠬᠤᠱᠤᠳ᠂ ᠲᠣᠷᠭᠤᠣᠨ᠂ ᠲᠦᠷᠪᠠᠣᠨ᠂ ᠵᠠᠭᠦᠭᠠᠷ ᠵᠡᠷᠭᠡ ᠶᠢᠨ ᠣᠶᠢᠷᠠᠣᠨ ︵ᠣᠢ ᠶᠢᠨ | ᠢᠷᠭᠡᠳ︶ ᠮᠣᠩᠭᠤᠯ ᠨᠢ ᠲᠣᠬᠠᠢ ᠶᠢᠨ ᠦᠶ᠎ᠠ ᠳᠤ ᠲᠡᠭᠷᠢ ᠠᠭᠤᠯᠨ ᠶᠢᠨ ᠠᠷᠣ ᠠᠴᠠ ᠠᠯᠳᠠᠢ ᠠᠭᠤᠯᠨ ᠶᠢᠨ ᠦᠪᠣᠷ | ᠭᠦᠷᠳᠠᠯᠡ ᠦᠭᠡᠷ᠎ᠠ ᠪᠠᠷ ᠭᠡᠯᠡᠪᠠᠯ ᠣᠳᠣ ᠶᠢᠨ ᠰᠢᠨᠵᠢᠶᠠᠩ ᠭᠢᠭᠡᠣᠨ ᠵᠦᠪᠯᠡᠯᠳᠣ ᠶᠢᠨ ᠭᠢᠯᠢ ᠪᠣᠶᠣ᠂ ᠰᠢᠨᠵᠢᠶᠠᠩ | ᠭᠢᠭᠡᠣᠨ ᠮᠣᠩᠭᠤᠯ ᠣᠯᠣᠰ ᠤᠨ ᠭᠢᠯᠢ ᠲᠠᠭᠠᠣ ᠦᠷᠭᠡᠨ ᠠᠭᠤᠳᠠᠮ ᠨᠣᠳᠤᠭ ᠲᠤ ᠠᠮᠢᠳᠣᠷᠠᠵᠣ ᠪᠠᠶᠢᠪᠠ᠃ ᠦᠵᠣᠮ | ᠤᠨ ᠠᠭᠤᠯᠨ ᠴᠣ᠋ ᠲᠠᠨᠳᠠ ᠪᠠᠶᠢᠳᠠᠭ ᠭᠡᠳᠡᠭ ᠨᠢ ᠲᠣᠳᠣᠷᠬᠠᠢ ᠶᠤᠮ᠃ ᠲᠠᠭᠢᠭᠠᠣᠨ ᠦᠵᠣᠮᠣᠴᠢᠨ ᠤ ᠪᠤᠷᠤᠰ᠂ | ᠦᠵᠡᠭᠡᠣᠨ᠂ ᠰᠠᠷᠳᠠᠭᠤᠯ ᠮᠡᠳᠣ ᠶᠢᠨ ᠣᠪᠣᠭ ᠤᠨ ᠲᠠᠯ᠎ᠠ ᠪᠠᠷ ᠴᠦ ᠣᠶᠢᠷᠠᠣᠨ ᠮᠣᠩᠭᠤᠯ ᠲᠠᠢ ᠠᠶᠢᠮᠠᠭ ᠲᠦᠷᠣᠯ | ᠪᠣᠯᠬᠤ ᠶᠢ ᠮᠠᠳᠠᠵᠣ ᠪᠣᠯᠣᠨ᠎ᠡ᠃︾ ᠭᠡᠵᠠᠢ᠃ ︵ᠫᠠ᠊᠂ ᠲᠣᠭᠠᠷ ︽ᠦᠵᠣᠮᠣᠴᠢᠨ ᠭᠡᠳᠡᠭ ᠨᠠᠷᠠᠶᠢᠳᠣᠯ ᠤᠨ ᠲᠣᠬᠠᠢ | ᠪᠠᠷᠢᠮᠳᠠ︾︶ | ︵ᠭᠤᠷᠪᠠ︶ ᠦᠵᠣᠮᠣᠴᠢᠨ ᠤ ᠶᠡᠭᠡ ᠪᠢᠴᠢᠭ ᠤᠨ ᠭᠦᠮᠣᠨ ᠨᠠ᠊᠂ ᠲᠠᠮᠠᠴᠯᠳᠣ ︽ᠣᠨᠴᠠᠭᠠᠶᠢᠯᠠᠨ ᠰᠠᠷᠳᠠᠭᠤᠯ᠂ | ᠦᠵᠢᠶᠠᠣᠨ᠂ ᠪᠣᠳᠣᠩᠭᠤᠣᠨ ᠣᠪᠣᠭᠳᠠᠨ ᠦᠵᠣᠮᠣᠴᠢᠨ ᠤ ᠬᠠᠷᠢᠶᠠᠨ ᠳᠤ ᠤᠷᠤᠰᠢᠵᠤ ᠪᠠᠶᠢᠭ᠎ᠠ ᠨᠢ ᠥᠵᠤᠮᠤᠴᠢᠨ | ᠠᠶᠢᠮᠠᠭ ᠤᠨ ᠲᠠᠭᠡᠳᠣ ᠦᠶ᠎ᠠ ᠨᠢ ᠣᠶᠢᠷᠠᠣᠨ ᠮᠣᠩᠭᠤᠯ ᠤᠨ ᠨᠢᠭᠡ ᠭᠡᠰᠡᠭ ᠪᠣᠯᠬᠤ ᠪᠦᠭᠡᠣᠨ ᠰᠢᠨᠵᠢᠶᠠᠩ ᠤᠨ | ᠣᠷᠴᠢᠮ ᠠᠴᠠ ᠨᠠᠭᠦᠳᠠᠯᠯᠠᠨ ᠢᠷᠡᠭᠰᠡᠨ ᠭᠡᠳᠡᠭ ᠢ ᠲᠠᠪᠬᠤᠷ ᠭᠡᠷᠡᠴᠢᠯᠠᠭᠦ ᠶᠤᠮ᠃ ᠰᠠᠭᠦᠯ ᠤᠨ ᠦᠶ᠎ᠠ ᠳᠤ ᠮᠠᠨᠵᠣ ᠶᠢᠨ | ᠵᠠᠭᠢᠷᠭᠠᠨ ᠳᠤ ᠣᠷᠣᠭᠰᠠᠨ ᠤ ᠲᠠᠷᠠᠭ᠎ᠠ᠂ ᠰᠠᠷᠳᠠᠭᠤᠯ ᠢ ᠪᠠᠭᠳᠠᠭᠠᠭᠠᠣᠨ ᠲᠣᠮᠣᠬᠠᠨ ᠰᠢᠭ᠋ ᠣᠪᠣᠭᠳᠠᠨ ᠨᠤᠭᠤᠳ ᠤᠨ | ᠨᠠᠷᠠ ᠪᠠᠷ ᠰᠣᠮᠣ ᠶᠢᠨ ᠨᠠᠷᠠᠶᠢᠳᠣᠯ ᠪᠣᠯᠭᠠᠵᠠᠢ︾ ᠭᠡᠵᠣ ᠦᠵᠡᠵᠠᠢ᠃ ︵ᠨᠠ᠊᠂ ᠲᠠᠮᠠᠴᠠᠯᠳᠣ ︽ᠦᠵᠣᠮᠣᠴᠢᠨ︾ | ᠭᠡᠳᠡᠭ ᠨᠠᠷᠠ ᠶᠢᠨ ᠢᠷᠠᠯᠳᠠ ᠪᠠ ᠲᠠᠭᠦᠨ ᠪ᠊ ᠪᠢᠴᠢᠯᠭᠡ ᠶᠢᠨ ᠲᠣᠬᠠᠢ ᠠᠰᠠᠭᠤᠳᠠᠯ︾ 9 ᠳ᠋ᠣᠭᠡᠷ ᠨᠢᠭᠤᠷ︶ | ︵ᠲᠦᠷᠪᠠ︶ ᠲᠠᠣᠭᠡ ᠰᠣᠳᠣᠯᠣᠭᠠᠴᠢ ᠵ᠊᠂ ᠴᠢᠮᠪᠠᠢ ︽ᠦᠵᠣᠮᠣᠴᠢᠨ ᠤ ᠭᠠᠷᠣᠯ ᠡᠭᠦᠰᠣᠯ ᠤᠨ ᠲᠣᠬᠠᠢ ᠰᠢᠨ᠎ᠡ | ᠰᠦᠪᠡᠭᠴᠢᠯᠡᠯ︾ ︵ᠨ᠊᠂ ᠪᠦᠭᠡᠬᠠᠳᠠ ᠶᠢᠨ ᠨᠠᠶᠢᠷᠠᠭᠤᠯᠣᠭᠰᠠᠨ ︽ᠦᠵᠣᠮᠣᠴᠢᠨ ᠰᠣᠳᠣᠯᠣᠯ︾ ᠦᠪᠣᠷ ᠮᠣᠩᠭᠤᠯ | ᠤᠨ ᠰᠣᠶᠣᠯ ᠤᠨ ᠭᠡᠪᠯᠡᠯ ᠤᠨ ᠬᠤᠷᠢᠶ᠎ᠠ 2006 ᠣᠨ 13 ᠨᠢᠭᠤᠷ︶ ᠦᠭᠦᠯᠡᠯ ᠳᠡᠭᠡᠨ᠄ ︽ᠪᠢᠳᠠ ᠦᠵᠣᠮᠣᠴᠢᠨ | ᠠᠶᠢᠮᠠᠭ ᠢ ᠣᠷᠢᠶᠠᠩᠬᠠᠨ ᠪᠣᠯᠣᠨ ᠣᠶᠢᠷᠠᠣᠨ ᠠᠴᠠ ᠬᠠᠮᠳᠣᠷᠠᠵᠣ ᠪᠦᠳᠦᠭᠰᠡᠨ ᠭᠡᠵᠣ ᠦᠵᠡᠭᠦ ᠪᠦᠷᠢᠮᠰᠣᠨ ᠦᠨᠳᠣᠰᠣ | ᠲᠠᠢ ᠪᠠᠶᠢᠨ᠎ᠡ ᠁ ᠦᠵᠣᠮᠣᠴᠢᠨ ᠪᠣᠯ ᠣᠷᠢᠶᠠᠩᠬᠠᠨ ᠤ ᠪᠣᠰᠣᠯᠭ᠎ᠠ ᠢᠯᠠᠭᠳᠠᠬᠤ ᠶᠢᠨ ᠦᠶ᠎ᠠ ᠳᠤ ᠴᠠᠬᠠᠷ ᠲᠤ | ᠬᠤᠪᠢᠶᠠᠭᠳᠠᠵᠣ ᠢᠷᠡᠭᠰᠡᠨ ᠣᠷᠢᠶᠠᠩᠬᠠᠨ ᠪᠣᠯᠣᠨ ᠣᠶᠢᠷᠠᠣᠨ ᠭᠦᠮᠣᠨ ᠠᠴᠠ ᠪᠦᠷᠢᠯᠳᠦᠭᠰᠡᠨ ᠭᠡᠳᠡᠭ ᠢ ᠣᠯᠠᠮ ᠨᠢᠭᠡ | ᠠᠯᠬᠤᠮ ᠲᠣᠳᠣᠣᠨᠬᠠᠵᠣ ᠪᠣᠢ︾ ᠭᠡᠭᠦ ᠰᠠᠨᠠᠭ᠎ᠠ ᠶᠢ ᠲᠠᠪᠰᠢᠭᠦᠯᠵᠠᠢ᠃ | ︵ᠲᠠᠪᠤ︶ ᠭᠣ᠂ ᠲᠠᠪᠠᠭ᠋ᠠᠢ ᠭᠤᠸᠠᠢ ᠲᠠᠭᠦᠨ ᠤ ︽ᠦᠵᠣᠮᠣᠴᠢᠨ ᠠᠶᠢᠮᠠᠭ ᠤᠨ ᠶᠡᠭᠡ ᠨᠠᠭᠦᠳᠠᠯ︾ ᠭᠡᠭᠦ ᠵᠣᠭᠢᠶᠠᠯ | ᠳᠠᠭᠠᠨ᠄ ︽ᠮᠠᠰᠢ ᠣᠯᠡᠨ ᠭᠦᠮᠣᠰ ᠤᠨ ᠦᠵᠡᠭᠦ ᠪᠠᠷ ᠦᠵᠣᠮᠣᠴᠢᠨ ᠶᠠᠰᠣᠳᠠᠨ ᠪᠠᠷᠤᠭ 11 — 12 ᠳ᠋ᠣᠭᠠᠷ | ᠵᠠᠭᠤᠨ ᠤ ᠦᠶ᠎ᠠ ᠶᠢᠨ ᠣᠢ ᠶᠢᠨ ᠢᠷᠭᠡᠣᠨ ᠲᠤ ᠪᠠᠶᠢᠵᠣ ᠪᠠᠶᠢᠭᠠᠯ ᠲᠠᠯᠠᠢ ᠠᠴᠠ ᠡᠷᠴᠢᠰ ᠮᠦᠷᠠᠨ ᠭᠦᠷᠳᠡᠯᠡᠭᠢ ᠣᠢ | ᠰᠢᠭᠤᠢ ᠲᠠᠢ ᠦᠷᠭᠡᠨ ᠠᠭᠤᠳᠠᠮ ᠭᠠᠵᠡᠷ ᠢᠶᠠᠷ ᠠᠮᠢᠳᠣᠷᠠᠨ ᠠᠵᠣ ᠲᠦᠷᠣᠵᠣ ᠪᠠᠶᠢᠵᠠᠢ ᠭᠡᠰᠡᠨ ᠰᠣᠷᠠᠭ ᠲᠠᠢ᠃ | ᠲᠠᠷᠨ ᠦᠶᠠᠰ ᠦᠵᠣᠮᠣᠴᠢᠨ ᠨᠢ ︿ᠪᠠᠷᠠᠭᠤᠨ ᠬᠤᠶᠢᠳᠣ ᠣᠷᠢᠶᠠᠩᠬᠠᠣᠨ﹀ ᠪᠣᠶᠣ ᠣᠢ ᠶᠢᠨ ᠢᠷᠭᠡᠣᠨ ᠲᠤ ᠪᠠᠭᠳᠠᠵᠣ | ᠂ ᠣᠶᠢᠷᠠᠣᠨ ᠤᠨ ᠬᠠᠷᠢᠶᠠᠨ ᠳᠤ ᠪᠠᠶᠢᠭᠰᠠᠨ ᠪᠣᠯᠣᠯᠳᠠᠢ ᠭᠡᠵᠣ ᠦᠵᠡᠨ᠎ᠡ︾ ᠁ ︽ᠦᠵᠣᠮᠣᠴᠢᠨ ᠨᠢ ᠲᠠᠶᠠᠨ | ᠬᠠᠭᠠᠨ ᠤ ᠦᠶ᠎ᠠ ᠪᠣᠯᠳᠠᠯᠡ ᠮᠦᠨ ᠯᠨ ᠣᠶᠢᠷᠠᠣᠨ ᠤᠨ ᠬᠠᠷᠢᠶᠠᠨ ᠳᠤ ᠪᠠᠶᠢᠭᠰᠠᠨ ᠴᠣ᠋ ᠪᠣᠯᠣᠯᠳᠠᠢ ᠭᠡᠵᠣ ᠦᠵᠡᠨ᠎ᠡ᠃ | ᠣᠴᠢᠷ ᠨᠢ ᠪᠠᠳᠣᠮᠦ᠋ᠡᠭᠭᠡ ᠲᠠᠶᠠᠨ ᠬᠠᠭᠠᠨ ᠤ ᠰᠢᠷᠠᠭᠡᠨ ᠳᠤ ᠰᠠᠭᠤᠭᠰᠠᠨ ᠤ ᠲᠠᠷᠠᠭ᠎ᠠ ᠵᠢᠯ ᠲᠠᠷᠣᠢ 1481 ᠣᠨ ᠳᠤ | ᠮᠠᠨᠲᠤᠬᠠᠢ ᠰᠠᠴᠠᠨ ᠬᠠᠲᠤᠨ ᠤ ᠲᠠᠮᠵᠢᠯᠭᠡ ᠲᠠᠢ ᠪᠠᠷ ︿ᠲᠠᠰ ᠪᠥᠷᠢᠲᠤ ᠶᠢᠨ ᠲᠠᠶᠢᠨ﹀ ᠢᠶᠠᠷ ᠲᠦᠷᠪᠠᠨ ᠣᠶᠢᠷᠠᠣᠨ ᠢ | ᠡᠷᠭᠡᠰᠢᠶᠠᠯ ᠳᠡᠭᠡᠨ ᠣᠷᠣᠭᠤᠯᠣᠭᠰᠠᠨ ᠭᠡᠳᠡᠭ ᠪᠦᠭᠡᠣᠨ ᠮᠠᠨᠳᠣᠬᠠᠢ ᠬᠠᠳᠣᠨ ᠵᠠᠷᠯᠢᠭ ᠵᠠᠷᠯᠠᠨ ︽ᠭᠡᠷ ᠢᠶᠠᠨ ᠦᠷᠣᠭᠡ | ᠭᠡᠵᠣ ᠭᠡᠯᠨ᠂ ᠣᠷᠳᠣᠨ ᠭᠡᠵᠣ ᠪᠣᠣ ᠭᠡᠯᠨ︕ ᠭᠢᠳᠤᠭ᠎ᠠ ᠪᠠᠷ ᠪᠣᠣ ᠢᠳᠠ᠂ ᠰᠢᠳᠣᠨ ᠢᠶᠠᠷ ᠢᠳᠠ︕ ᠵᠠᠪᠢᠯᠠᠵᠣ | ᠪᠣᠣ ᠰᠠᠭᠤ᠂ ᠰᠥᠬᠦᠲᠤᠵᠤ ᠰᠠᠭᠤ︕ ᠠᠶᠢᠷᠠᠭ ᠢ ᠴᠡᠭᠡ ︵ᠡᠴᠢᠭᠡ︶ ᠭᠡᠵᠣ ᠨᠠᠷᠠᠶᠢᠣᠨ︾ ᠭᠡᠰᠨᠨ ᠲᠠᠪᠣᠨ | ᠴᠠᠭᠡᠷᠯᠡᠯ ᠢ ᠲᠣᠭᠳᠠᠭᠠᠭᠰᠡᠨ ᠪᠠᠶᠢᠳᠠᠭ ᠤᠡ ᠪᠣᠳᠣᠬᠤᠯᠠᠷ᠂ ᠦᠵᠣᠮᠣᠴᠢᠨ ᠭᠦᠮᠣᠰ ᠤᠨ ᠮᠠᠯᠠᠭᠠᠢ ᠶᠢᠨ ᠵᠠᠯᠠᠭ᠎ᠠ ᠨᠢ | ᠶᠠᠷᠣ ᠠᠴᠠ ᠪᠣᠭᠤᠨᠢ ᠪᠠᠶᠢᠳᠠᠭ ᠪᠠ ᠭᠡᠭᠦᠦ ᠶᠢᠨ ᠰᠦ ᠶᠢ ︽ᠴᠡᠭᠡ︾ ᠭᠡᠮᠡᠨ ᠲᠠᠭᠤᠳᠠᠳᠠᠭ ᠵᠡᠷᠭᠡ ᠵᠣᠷᠰᠢᠯ ᠨᠢ ᠲᠠᠷᠨ | ᠦᠶᠠᠰ ᠠᠴᠠ ᠡᠭᠢᠯᠡᠭᠰᠡᠨ ᠪᠣᠯᠪᠠᠣ ᠭᠡᠵᠣ ᠰᠠᠨᠠᠭᠳᠠᠨ᠎ᠡ︾ ︵ᠭᠣ᠂ ᠲᠠᠪᠠᠭ᠋ᠠᠢ᠂ ︽ᠤᠬᠠᠭᠠᠨ ᠳᠤ ᠰᠣᠷᠢᠭᠰᠠᠨ | ᠰᠠᠨᠠᠭ᠎ᠠ︾᠂ ᠵᠠᠭᠦᠨ ᠦᠵᠣᠮᠣᠴᠢᠨ ᠬᠤᠰᠢᠭᠤᠨ ᠤ ᠰᠣᠶᠣᠯ ᠲᠠᠣᠭᠡ ᠶᠢᠨ ᠨᠡᠶᠢᠭᠡᠮᠯᠢᠭ ᠤᠨ 48 ᠳ᠋ᠣᠭᠠᠷ ᠴᠣᠪᠣᠷᠠᠯ︶ | | ︵ᠵᠢᠷᠭᠤᠭ᠎ᠠ︶ ᠴᠠ᠊᠂ ᠱᠤᠤᠰᠢᠩᠭᠠ ᠭᠤᠸᠠᠢ ᠲᠠᠭᠦᠨ ᠤ ︽ᠬᠤᠷᠢᠳᠣᠭᠠᠷ ᠵᠠᠭᠤᠨ ᠳᠠᠬᠢ ᠦᠵᠣᠮᠣᠴᠢᠨ ᠤ ᠨᠠᠭᠦᠳᠠᠯ | ᠰᠠᠭᠤᠳᠠᠯ︾ ᠭᠡᠭᠦ ᠨᠣᠮ ᠳᠠᠭᠠᠨ᠄ ︽ᠦᠵᠣᠮᠣᠴᠢᠨ ᠶᠠᠰᠣᠳᠠᠨ ᠢ ᠣᠶᠢᠷᠠᠣᠨ ᠮᠣᠩᠭᠤᠯ ᠠᠴᠠ ᠭᠠᠷᠣᠯ ᠲᠠᠢ ᠭᠡᠵᠣ | ᠵᠠᠷᠢᠮ ᠡᠷᠳᠠᠮᠳᠠᠣᠨ ᠦᠵᠡᠳᠡᠭ᠃ ᠡᠭᠦᠨ ᠲᠠᠢ ᠬᠤᠯᠪᠣᠭᠳᠠᠭᠤᠯᠣᠨ ᠲᠠᠮᠳᠡᠭᠯᠡᠭᠦ ᠳᠤ᠂ ᠪᠠᠶᠠᠣᠨ ᠦᠵᠣᠮᠣᠴᠢᠨ | ᠶᠠᠰᠣᠳᠠᠨ ᠤ ᠪᠠᠰᠠᠷᠠᠩ ᠣᠷᠳᠣ ᠶᠢᠨ ᠲᠠᠭᠤᠣ ᠶᠢᠨ ᠠᠶ᠎ᠠ ᠬᠤᠭᠤᠷᠣᠨᠳᠣ ᠪᠠᠨ ᠲᠣᠩ ᠲᠦᠰᠣᠭᠡᠳᠠᠢ᠂ ᠲᠠᠭᠦᠨᠴᠢᠯᠠᠨ | ᠦᠭᠡᠷ ᠬᠤᠨᠢᠨ ᠤ ᠰᠦ ᠪᠠᠷ ᠠᠶᠢᠷᠠᠭ ᠢᠰᠭᠡᠵᠣ ᠲᠣᠭᠤᠭ᠎ᠠ ᠨᠠᠷᠠᠭᠦ᠂ ᠰᠢᠷ᠎ᠠ ᠲᠣᠰᠣ ᠠᠪᠬᠤ᠂ ᠲᠣᠰᠣᠯᠢᠭ ᠵᠣᠵᠠᠭᠠᠨ | ᠬᠤᠷᠣᠣᠨ ᠪᠡᠯᠡᠣᠨᠬᠡᠭᠦ ᠣᠯᠠᠮᠵᠢᠯᠠᠯᠳᠣ ᠠᠷᠭ᠎ᠠ ᠠᠵᠢᠯᠯᠠᠭᠠᠨ ᠨᠢ ᠬᠤᠭᠤᠷᠣᠨᠳᠣ ᠪᠠᠨ ᠢᠯᠭᠠᠭᠳᠠᠬᠤ ᠵᠣᠶᠢᠯ ᠦᠭᠡᠢ | ᠠᠵᠠᠢ᠃ ᠮᠦᠨ ᠪᠠᠶᠠᠣᠨ ᠪᠣᠯᠣᠨ ᠦᠵᠣᠮᠣᠴᠢᠨ ᠤ ᠣᠭᠤᠴᠢᠨ ᠰᠠᠭᠦᠯᠳᠣ ᠬᠤᠨᠢ ᠨᠢ ᠨᠢᠭᠡ ᠭᠠᠷᠣᠯᠳᠠᠢ ᠪᠠᠶᠢᠵᠣ | ᠮᠠᠭᠠᠣᠨ ᠦᠭᠡᠢ︾ ︵ᠴ᠊᠂ ᠱᠤᠤᠰᠢᠩᠭᠠ᠂ ︽ᠬᠤᠷᠢᠳᠣᠭᠠᠷ ᠵᠠᠭᠤᠨ ᠳᠠᠬᠢ ᠦᠵᠣᠮᠣᠴᠢᠨ ᠤ ᠨᠠᠭᠦᠳᠠᠯ ᠰᠠᠭᠤᠳᠠᠯ︾ | ᠂ ᠣᠯᠠᠭᠠᠨᠪᠠᠭᠠᠳᠣᠷ ᠳᠠᠬᠢ 2014 ᠣᠨ᠂ ︵ᠺᠢᠷᠠᠶᠢᠯ ᠦᠰᠦᠭ︶ ᠭᠡᠵᠣ ᠪᠢᠴᠢᠭᠰᠡᠨ ᠪᠠᠶᠢᠳᠠᠭ᠃ | ︵ᠲᠣᠯᠤᠭ᠎ᠠ︶ ᠳ᠋᠊᠂ ᠨᠠᠷᠠᠨᠴᠡᠴᠡᠭ ︽ᠦᠵᠣᠮᠣᠴᠢᠨ ᠤ ᠲᠠᠣᠭᠡ ᠰᠣᠶᠣᠯ ᠤᠨ ᠣᠶᠢᠯᠠᠯᠭ᠎ᠠ ᠨᠣᠮ ᠳᠠᠭᠠᠨ᠄ ︽ | ᠦᠪᠣᠷ ᠮᠣᠩᠭᠤᠯ ᠤᠨ ᠵᠠᠷᠢᠮ ᠰᠣᠳᠣᠯᠣᠭᠠᠴᠢ ᠦᠵᠣᠮᠣᠴᠢᠨ ᠢ ᠣᠢ ᠶᠢᠨ ᠢᠷᠭᠡᠨ ᠭᠡᠮᠡᠨ ᠦᠵᠡᠵᠣ ︿ᠮᠣᠩᠭᠤᠯ ᠤᠨ | ᠨᠢᠭᠤᠴᠠ ᠲᠣᠪᠴᠢᠶᠠᠨ︾ ᠤ 239 ᠳ᠋ᠣᠭᠡᠷ ᠵᠣᠶᠢᠯ ᠳᠤ ᠦᠨᠳᠣᠰᠣᠯᠠᠨ ᠣᠢ ᠶᠢᠨ ᠢᠷᠭᠡᠣᠨ ᠴᠢᠩᠭᠢᠰ ᠬᠠᠭᠠᠨ ᠤ | ᠣᠣᠭᠠᠨ ᠭᠦᠦ ᠵᠦᠴᠢ ᠳᠤ ᠲᠠᠭᠠᠷ᠎ᠠ ᠣᠷᠣᠵᠣ ᠢᠷᠡᠭᠰᠡᠨ ᠦᠶ᠎ᠠ ᠠᠴᠠ ︵1207︶ ᠦᠵᠣᠮᠣᠴᠢᠨ ᠨᠠᠷ ᠮᠣᠩᠭᠤᠯ | ᠤᠨ ᠬᠤᠯᠪᠣᠭᠠᠨ ᠳᠤ ᠨᠢᠭᠡᠳᠦᠭᠰᠡᠨ ᠭᠡᠮᠡᠨ ᠦᠵᠡᠭᠰᠡᠨ ᠨᠢ ᠪᠣᠢ᠃︾ ᠭᠡᠵᠣ ᠦᠪᠣᠷ ᠮᠣᠩᠭᠤᠯ ᠤᠨ | ᠰᠣᠳᠣᠯᠣᠭᠠᠴᠢᠣᠨ ᠤᠨ ᠦᠵᠡᠯᠳᠠ ᠶᠢ ᠵᠦᠪᠰᠢᠶᠠᠷᠠᠨ ᠲᠠᠮᠳᠡᠭᠯᠡᠵᠠᠢ᠃ ︵ᠳ᠋᠊᠂ ᠨᠠᠷᠠᠨᠴᠡᠴᠡᠭ᠂ ︽ᠦᠵᠣᠮᠣᠴᠢᠨ ᠤ | ᠲᠠᠣᠭᠡ ᠰᠣᠶᠣᠯ ᠤᠨ ᠣᠶᠢᠯᠠᠯᠭ᠎ᠠ︾ ᠣᠯᠣᠰ ᠲᠦᠷᠣ ᠶᠢᠨ ᠵᠦᠪᠯᠡᠯᠭᠡᠨ ᠤ ᠪᠠᠷᠠᠭᠤᠨ ᠦᠵᠣᠮᠣᠴᠢᠨ ᠬᠤᠰᠢᠭᠤᠨ ᠤ | ᠬᠤᠷᠢᠶ᠎ᠠ ᠶᠢᠨ ᠰᠣᠶᠣᠯ ᠲᠠᠣᠭᠡ ᠶᠢᠨ 30 ᠳ᠋ᠣᠭᠠᠷ ᠡᠮᠭᠢᠣᠨᠬᠡᠯ᠂ 2015 ᠣᠨ︶ | ︵ᠨᠠᠢᠮᠨ︶ ︽ᠣᠢ ᠶᠢᠨ ᠢᠷᠭᠡᠣᠨ ᠤᠨ ᠪᠦᠷᠢᠯᠳᠣᠭᠦᠨ ᠪᠠᠶᠢᠭᠰᠠᠨ᠂ ᠦᠵᠣᠮᠣᠴᠢᠨ ᠤ ᠭᠢᠷᠭᠢᠰ᠂ ᠲᠦᠮᠠᠣᠨ᠂ | ᠪᠠᠷᠭᠤ᠂ ᠪᠤᠷᠢᠶᠠᠳ᠂ ᠬᠠᠪᠬᠠᠨᠠᠰ᠂ ᠰᠢᠷᠠᠨᠣᠣᠨ᠂ ᠴᠠᠭᠠᠨ᠂ ᠪᠣᠳᠣᠩᠭᠤᠣᠨ᠂ ᠣᠷᠢᠶᠠᠩᠬᠠᠨ ᠁ ᠵᠡᠷᠭᠡ ᠣᠪᠣᠭ | ᠠᠶᠢᠮᠠᠭ ᠤᠳ ᠡᠨᠡ ᠦᠶ᠎ᠠ ︵1207 ᠣᠨ ᠤ ᠵᠦᠴᠢ ᠶᠢᠨ ᠡᠯᠰᠡᠡ ᠲᠠᠭᠠᠭᠤᠯᠣᠯᠳᠠ︶ ᠠᠴᠠ ᠡᠭᠢᠯᠠᠨ ᠮᠣᠩᠭᠤᠯ | ᠤᠨ ᠶᠡᠭᠡ ᠬᠠᠭᠠᠨᠳᠣ ᠲᠦᠷᠣ ᠶᠢ ᠲᠠᠭᠠᠵᠣ᠂ ᠠᠯᠳᠠᠢ ᠶᠢᠨ ᠦᠵᠣᠮ ᠤᠨ ᠠᠭᠤᠯᠨ ᠪᠠᠷ ᠨᠣᠳᠣᠭᠯᠠᠵᠣ ᠪᠠᠶᠢᠪᠠ᠃ | ᠲᠣᠬᠠᠢ ᠶᠢᠨ ᠦᠶ᠎ᠠ ᠳᠤ ᠣᠢ ᠶᠢᠨ ᠢᠷᠭᠡᠣᠨ ᠤᠨ ᠨᠣᠶᠠᠣᠨ ᠴᠠᠭᠠᠨ ᠱᠤᠩᠬᠤᠷ᠂ ᠴᠠᠭᠠᠨ ᠠᠭᠳᠠ᠂ ᠬᠠᠷ᠎ᠠ ᠪᠣᠯᠠᠭ᠎ᠠ | ᠶᠢᠨ ᠪᠡᠯᠡᠭ ᠠᠪᠴᠣ ᠵᠦᠴᠢ ᠲᠠᠢ ᠠᠭᠤᠯᠵᠠᠵᠣ᠂ ᠴᠢᠩᠭᠢᠰ ᠬᠠᠭᠠᠨ ᠳᠤ ᠪᠡᠯᠭᠡᠯᠠᠵᠣ ᠪᠠᠶᠢᠵᠠᠢ᠃ ᠡᠭᠦᠨ ᠠᠴᠠ | ᠦᠵᠡᠪᠠᠯ ᠣᠢ ᠶᠢᠨ ᠢᠷᠭᠡᠣᠨ ᠲᠠᠷᠨ ᠦᠶ᠎ᠠ ᠳᠤ ᠴᠠᠭᠠᠨ ᠠᠳᠣᠭᠤ ᠭᠤᠣᠯ ᠲᠠᠢ ᠮᠠᠯᠵᠢᠵᠣ ᠪᠠᠶᠢᠭᠰᠠᠨ ᠪᠣᠯᠣᠯᠳᠠᠢ᠃ | ᠦᠵᠣᠮᠣᠴᠢᠨ ᠤ ᠠᠯᠳᠠᠷᠳᠣ ᠴᠠᠭᠠᠨ ᠠᠳᠣᠭᠤᠣᠨ ᠨᠢ ᠣᠢ ᠶᠢᠨ ᠢᠷᠭᠡᠣᠨ ᠤᠨ ᠴᠠᠭᠠᠨ ᠠᠳᠣᠭᠤᠨ ᠤ ᠣᠳᠣᠮ ᠪᠣᠶᠣ | ︾ ᠁ ︽ᠪᠢᠳᠠ 1207 ᠣᠨ ᠳᠤ ᠣᠶᠢᠷᠠᠣᠨ ᠤᠨ ᠬᠤᠳᠤᠬ᠎ᠠ ᠪᠠᠭᠢ ᠲᠠᠭᠦᠨ ᠤ ᠬᠠᠷᠢᠶᠠᠳᠣ ᠲᠦᠮᠡᠨ | ᠣᠶᠢᠷᠠᠣᠨ ᠢᠶᠠᠨ ᠲᠠᠭᠠᠭᠤᠯᠵᠣ᠂ ᠠᠯᠳᠠᠢ ᠶᠢᠨ ᠦᠵᠣᠮ ᠤᠨ ᠴᠠᠭᠠᠨ ᠠᠭᠤᠯᠠᠨ ᠠᠴᠠ ᠡᠭᠢ ᠠᠪᠤᠭᠰᠠᠨ ᠱᠢᠠᠠᠰᠢᠳ ︵ | ᠤᠲᠤ ᠶᠢᠨ ᠰᠠᠭᠰᠠᠢ ᠶᠢᠨ ᠭᠤᠣᠯ︶ ᠭᠤᠣᠯ ᠳᠤ ᠢᠷᠡᠵᠣ ᠵᠦᠴᠢ ᠳᠤ ᠲᠠᠭᠠᠭᠰᠠᠨ ᠢ ᠣᠢ ᠶᠢᠨ ᠢᠷᠭᠡᠣᠨ ᠶᠡᠭᠡ | ᠮᠣᠩᠭᠤᠯ ᠬᠠᠭᠠᠨᠳᠣ ᠣᠯᠣᠰ ᠤᠨ ᠬᠠᠷᠢᠶᠠᠨ ᠳᠤ ᠣᠷᠣᠭᠰᠠᠨ ᠤ ᠠᠩᠬᠠᠨ ᠣᠨ ᠭᠡᠵᠣ ᠦᠵᠡᠭᠦ ᠠᠴᠠ ᠪᠢᠰᠢ᠂ | ᠣᠶᠢᠷᠠᠣᠨᠴᠣᠣᠨ ᠡᠨᠡ ᠦᠶ᠎ᠠ ᠠᠴᠠ ᠡᠭᠢᠯᠠᠨ ᠠᠯᠳᠠᠢ ᠶᠢᠨ ᠦᠵᠣᠮ ᠤᠨ ᠴᠠᠭᠠᠨ ᠠᠭᠤᠯᠨ ᠪᠠᠷ ᠨᠣᠳᠣᠭᠯᠠᠬᠤ | ᠪᠣᠯᠣᠭᠰᠠᠨ ᠭᠡᠵᠣ ᠦᠵᠡᠵᠣ ᠪᠣᠯᠬᠤ ᠦᠭᠡᠢ᠃ ᠴᠢᠩᠭᠢᠰ ᠬᠠᠭᠠᠨ ᠵᠦᠴᠢ ᠶᠢ ᠣᠢ ᠶᠢᠨ ᠢᠷᠭᠡᠣᠨ ᠲᠤ | ᠮᠣᠷᠢᠯᠠᠭᠤᠯᠵᠣ᠂ ᠣᠶᠢᠷᠠᠣᠨ ᠤᠨ ᠬᠤᠳᠤᠬ᠎ᠠ ᠪᠠᠭᠢ ᠣᠷᠢᠳᠠ ᠪᠠᠷ ᠲᠦᠮᠡᠨ ᠣᠶᠢᠷᠠᠣᠨ ᠢᠶᠠᠨ ᠲᠠᠭᠠᠭᠤᠯᠣᠨ ᠡᠯᠰᠠᠨ | ᠣᠷᠣᠭᠰᠠᠨ ︵ᠱᠢᠩᠰᠢᠣᠨ ᠭᠤᠣᠯ ᠣᠷᠣᠨ ᠳᠤ︶ ᠢᠶᠠᠷ ᠦᠵᠡᠭᠦ ᠳᠤ᠂ ᠠᠯᠳᠠᠢ ᠶᠢᠨ ᠦᠵᠣᠮ ᠤᠨ ᠴᠠᠭᠠᠨ ᠠᠭᠤᠯᠨ | ᠬᠠᠪᠢ ᠶᠢᠨ ᠨᠣᠳᠤᠭ ᠨᠢ ᠣᠶᠢᠷᠠᠣᠨ ᠲᠦᠮᠡᠨ ᠤ ᠨᠣᠳᠤᠭ ᠪᠠᠶᠢᠭᠰᠠᠨ ᠨᠢ ᠮᠡᠳᠡᠭᠡᠵᠢ ᠪᠢᠯᠨ᠃ ᠲᠠᠶᠢᠨ ᠭᠦ ᠣᠶᠢᠷᠠᠣᠨ | ᠤᠨ ᠪᠦᠷᠢᠯᠳᠣᠭᠦᠨ ᠳᠤ ᠪᠠᠭᠳᠠᠯᠴᠠᠵᠣ ᠪᠠᠶᠢᠭᠰᠠᠨ ᠦᠵᠣᠮᠣᠴᠢᠨᠴᠣᠣᠨ᠂ ᠴᠣᠬᠤᠮ ᠠᠯᠢ ᠦᠶ᠎ᠠ ᠳᠤ ᠠᠯᠳᠠᠢ ᠶᠢᠨ | ᠦᠵᠣᠮ ᠤᠨ ᠴᠠᠭᠠᠨ ᠠᠭᠤᠯᠨ ᠪᠠᠷ ᠨᠣᠳᠣᠭᠯᠠᠭᠰᠠᠨ ᠭᠡᠳᠡᠭ ᠢ ᠡᠨᠡ ᠭᠢᠷᠢ ᠨᠢ ᠭᠡᠯᠡᠭᠦ ᠳᠤ ᠲᠦᠪᠡᠭᠳᠡᠢ︾ ᠭᠡᠭᠦ | ᠦᠵᠡᠯᠳᠠ ᠶᠢ ᠨ᠊᠂ ᠪᠦᠬᠡᠬᠠᠳᠠ᠂ ᠲᠠᠭᠦᠨ ᠤ ᠲᠣᠭᠤᠷᠪᠢᠭᠰᠠᠨ ︽ᠭᠠᠶᠢᠬᠠᠮᠰᠢᠭᠳᠣ ᠨᠣᠳᠤᠭ ᠣᠰᠣᠨ — | ᠦᠵᠣᠮᠣᠴᠢᠨ︾ ᠨᠣᠮ ᠳᠠᠭᠠᠨ ᠲᠣᠷᠠᠣᠨᠴᠣ ᠪᠠᠶᠢᠭᠰᠠᠨ ᠶᠤᠮ᠃ ︵ᠨ᠊᠂ ᠪᠦᠭᠡᠬᠠᠳᠠ᠂ ᠣ᠂ ᠡᠷᠭᠢᠮᠪᠠᠳᠣ ︽ | ᠭᠠᠶᠢᠬᠠᠮᠰᠢᠭᠳᠣ ᠨᠣᠳᠤᠭ ᠣᠰᠣᠨ — ᠦᠵᠣᠮᠣᠴᠢᠨ︾ ᠦᠪᠣᠷ ᠮᠣᠩᠭᠤᠯ ᠤᠨ ᠭᠡᠪᠯᠡᠯ ᠤᠨ ᠪᠦᠯᠦᠭᠯᠡᠯ᠂ ᠦᠪᠣᠷ | ᠮᠣᠩᠭᠤᠯ ᠤᠨ ᠰᠣᠷᠭᠠᠨ ᠭᠦᠮᠣᠵᠢᠯ ᠤᠨ ᠭᠡᠪᠯᠡᠯ ᠤᠨ ᠬᠤᠷᠢᠶ᠎ᠠ᠂ 2011 ᠣᠨ᠂ 3 ᠳ᠋ᠣᠭᠠᠷ ᠨᠢᠭᠤᠷ︶ | ︵ᠶᠢᠰᠣ︶ ᠡᠷᠳᠠᠨᠢᠭᠦᠦ ᠲᠠᠭᠦᠨ ᠤ ︽ᠦᠵᠣᠮᠣᠴᠢᠨ ᠠᠶᠢᠮᠠᠭ ᠪᠦᠯᠦᠭ ᠤᠨ ᠡᠭᠦᠰᠣᠯ ᠭᠦᠭᠵᠢᠯ ᠤᠨ ᠣᠯᠠᠷᠢᠯᠳᠠ︾ | ᠵᠣᠭᠢᠶᠠᠯ ᠳᠠᠭᠠᠨ᠄ ︽1207 ᠣᠨ ᠳᠤ ᠴᠢᠩᠭᠢᠰ ᠬᠠᠭᠠᠨ ᠤ ᠠᠬᠠᠮᠠᠣᠨ ᠭᠦᠪᠡᠭᠦᠨ ᠵᠦᠴᠢ ᠬᠠᠷᠠᠬᠤᠷᠣᠮ ᠠᠴᠠ | ᠮᠣᠷᠳᠠᠵᠣ ᠪᠠᠷᠠᠭᠤᠨ ᠬᠤᠶᠢᠳᠣ ᠶᠢᠨ ᠡᠯ᠎ᠡ ᠠᠶᠢᠮᠠᠭ ᠢ ᠲᠠᠶᠢᠯᠠᠨ ᠲᠠᠭᠠᠭᠤᠯᠬᠤ ᠦᠶ᠎ᠠ ᠳᠤ ᠣᠶᠢᠷᠠᠣᠨ ᠤᠨ ᠲᠦᠷᠣᠭᠦᠦ | ᠬᠤᠳᠤᠬ᠎ᠠ ᠪᠠᠭᠢ ᠠᠶᠢᠮᠠᠭ ᠣᠯᠠᠨ ᠢᠶᠠᠨ ᠠᠪᠴᠣ ᠬᠠᠮᠤᠭ ᠲᠦᠷᠣᠭᠦᠨ ᠳᠤ ᠲᠠᠭᠠᠷ᠎ᠠ ᠢᠷᠠᠪᠠ᠃ ᠴᠢᠩᠭᠢᠰ ᠬᠠᠭᠠᠨ | ᠠᠴᠠ ᠲᠠᠳᠠᠨ ᠢ ᠰᠠᠭᠤᠭ᠎ᠠ ᠭᠠᠵᠡᠷ ᠠᠯᠳᠠᠢ ᠨᠢᠷᠣᠭᠤᠨ ᠤ ᠡᠭᠢ ᠶᠧᠨᠢᠰᠠᠢ ᠮᠦᠷᠠᠨ ᠤ ᠲᠠᠭᠡᠳᠣ ᠣᠷᠣᠰᠬᠠᠯ ᠣᠷᠣᠨ | ᠳᠤ ᠲᠦᠷᠪᠡᠨ ᠮᠢᠩᠭᠠᠨ ᠪᠠᠶᠢᠭᠤᠯᠵᠣ ᠬᠤᠳᠤᠬ᠎ᠠ ᠪᠠᠭᠢ ᠶᠢ ᠮᠢᠩᠭᠠᠨ ᠤ ᠨᠣᠶᠠᠨ ᠪᠣᠯᠭᠠᠵᠠᠢ᠃ ︽ᠲᠣᠬᠠᠢ ᠶᠢᠨ ᠦᠶ᠎ᠠ | ᠳᠤ ᠣᠶᠢᠷᠠᠣᠨ ᠤᠨ ᠲᠦᠷᠪᠠᠨ ᠮᠢᠩᠭᠠᠨ ᠪᠣᠯ ᠬᠤᠶᠢᠣᠨ ︵ᠬᠤᠶᠢᠰᠢ︶ ᠦᠵᠢᠶᠠᠣᠨ᠂ ᠶᠦᠷᠭᠡᠨ ᠮᠢᠩᠭᠠᠨ᠂ | ᠦᠵᠣᠮᠣᠴᠢᠨ︾ ᠪᠣᠯᠣᠨ᠎ᠡ᠃ ᠲᠠᠷᠨ ᠦᠶ᠎ᠠ ᠶᠢᠨ ᠦᠵᠣᠮᠣᠴᠢᠨᠴᠣᠣᠨ ᠨᠢ᠂ ᠠᠯᠳᠠᠢ ᠨᠢᠷᠣᠭᠤᠨ ᠤ ᠲᠠᠭᠡᠳᠣ ᠡᠭᠢ | ᠪᠠᠷ ᠪᠠᠶᠢᠷᠢᠰᠢᠬᠤ ᠦᠵᠣᠮ ᠤᠨ ᠴᠠᠭᠠᠨ ᠠᠭᠤᠯᠨ᠂ ᠲᠦᠷᠣᠭᠡ ᠬᠠᠨᠭ᠍ᠭᠢᠨᠠᠭᠤᠷ ᠤᠨ ᠬᠠᠪᠴᠢᠯ᠂ ᠬᠤᠨᠢ ᠮᠠᠶᠢᠯᠠᠬᠤ ︵ | ᠣᠳᠣ ᠶᠢᠨ ᠮᠣᠩᠭᠤᠯ ᠣᠯᠣᠰ ᠤᠨ ᠪᠠᠶᠠᠨ ᠦᠯᠣᠭᠡᠢ ᠠᠶᠢᠮᠠᠭ ᠤᠨ ᠠᠯᠳᠠᠢ ᠰᠣᠮᠣ᠂ ᠰᠠᠭᠰᠠᠢ ᠰᠣᠮᠣ ᠶᠢᠨ ᠬᠠᠷᠢᠶᠠᠨ | ᠳᠤ ᠪᠣᠢ︶ ᠵᠡᠷᠭᠡ ᠭᠠᠵᠡᠷ ᠢᠶᠠᠷ ᠨᠠᠭᠦᠳᠠᠯ ᠮᠠᠯᠵᠢᠯ ᠤᠨ ᠠᠮᠢᠳᠣᠷᠠᠯ ᠭᠢᠵᠣ᠂ ᠴᠠᠭᠠᠨ ᠠᠳᠣᠭᠤ ᠪᠠ ᠦᠭᠡᠭᠦᠨ | ᠰᠠᠭᠦᠯᠳᠣ ᠬᠤᠨᠢᠣᠨ ᠭᠤᠣᠯᠯᠠᠨ ᠮᠠᠯᠵᠢᠵᠣ ᠱᠢᠠᠠᠰᠢᠳ ︵ᠰᠠᠭᠰᠠᠢ︶ ᠤᠨ ᠭᠤᠣᠯ ᠳᠤ ᠨᠣᠳᠣᠭᠯᠠᠵᠣ ᠪᠠᠶᠢᠪᠠ᠃ | ᠠᠷᠪᠠᠨ ᠭᠤᠷᠪᠠᠳᠣᠭᠠᠷ ᠵᠠᠭᠤᠨ ᠤ ᠭᠤᠴᠢᠭᠠᠣᠨ ᠣᠨ ᠤ ᠦᠶ᠎ᠠ ᠪᠠᠷ ᠴᠢᠩᠭᠢᠰ ᠬᠠᠭᠠᠨ ᠲᠦᠪ ᠠᠽᠢᠶ᠎ᠠ ᠳᠤ ᠠᠶᠠᠨ | ᠲᠠᠶᠢᠨ ᠭᠢᠵᠣ᠂ ᠯᠤᠲᠤ ᠶᠡᠭᠡ ᠰᠢᠨ᠎ᠡ ᠭᠠᠵᠡᠷ ᠨᠣᠳᠤᠭ ᠣᠯᠵᠣ ᠡᠵᠡᠯᠡᠭᠰᠡᠨ ᠢᠶᠠᠷ ᠵᠦᠴᠢ᠂ ᠴᠠᠭᠠᠳᠠᠢ᠂ ᠦᠭᠡᠳᠠᠢ | ᠭᠤᠷᠪᠠᠨ ᠭᠦᠪᠡᠭᠦᠨ ᠳᠡᠭᠡᠨ ᠨᠣᠳᠤᠭ ᠬᠤᠪᠢᠶᠠᠨ ᠰᠣᠶᠣᠷᠬᠠᠵᠣ᠂ ᠮᠣᠩᠭᠤᠯᠴᠣᠣᠨ ᠤᠨ ᠵᠠᠩᠰᠢᠯ ᠢᠶᠠᠷ ᠢᠶᠠᠨ | ᠣᠣᠬᠠᠣᠨ ᠭᠦᠪᠡᠭᠦᠨ ᠲᠣᠯᠣᠢ ᠳᠠᠭᠠᠨ ᠮᠣᠩᠭᠤᠯ ᠤᠨ ᠡᠭᠡ ᠨᠣᠳᠤᠭ ᠢᠶᠠᠨ ᠦᠮᠴᠢᠯᠡᠭᠦᠯᠦᠭᠰᠡᠨ ᠪᠠᠶᠢᠵᠠᠢ᠃ ᠶᠠᠭ | ᠡᠭᠦᠨ ᠠᠴᠠ ᠪᠣᠯᠵᠣ᠂ ᠣᠶᠢᠷᠠᠣᠨ ᠤᠨ ᠲᠦᠷᠪᠠᠨ ᠮᠢᠩᠭᠠᠨ ᠤ ᠨᠢᠭᠡ ᠪᠣᠯᠬᠤ ᠦᠵᠣᠮᠣᠴᠢᠨ ᠨᠢ ᠵᠦᠴᠢ ᠶᠢᠨ | ᠬᠠᠷᠢᠶᠠᠳᠣ ᠪᠠᠶᠢᠭᠰᠠᠨ ᠢᠶᠠᠨ ᠲᠣᠯᠣᠢ ᠶᠢᠨ ᠣᠭᠰᠠᠭ᠎ᠠ ᠶᠢᠨ ᠬᠠᠷᠢᠶᠠᠳᠣ ᠪᠣᠯᠵᠣ ᠣᠯᠠᠷᠢᠪᠠ᠃︾ ︵ᠡᠷᠳᠠᠨᠢᠭᠦᠦ ᠶᠢᠨ | ᠵᠣᠭᠢᠶᠠᠯ ᠢ ᠬᠤᠯᠪᠣᠭ᠎ᠠ ᠰᠦᠯᠵᠢᠶ᠎ᠠ ᠠᠴᠠ ᠡᠰᠢᠯᠠᠪᠠ᠃︶ | ᠬᠤᠶᠠᠷ᠂ 13 ᠳ᠋ᠣᠭᠠᠷ ᠵᠠᠭᠤᠨ ᠳᠠᠬᠢ ᠦᠵᠣᠮᠣᠴᠢᠨ ᠪᠠ ᠣᠶᠢᠷᠠᠣᠨ ᠤᠨ ᠨᠣᠳᠤᠭ ᠰᠠᠭᠤᠴᠠ ᠦᠵᠣᠮᠣᠴᠢᠨ ᠢ | ᠪᠢᠳᠠ 13 ᠳ᠋ᠣᠭᠠᠷ ᠵᠠᠭᠤᠨ ᠤ ᠡᠭᠢᠨ ᠤ ᠦᠶ᠎ᠠ ᠪᠠᠷ ᠣᠶᠢᠷᠠᠣᠨ ᠲᠦᠮᠡᠨ ᠤ ᠬᠠᠷᠢᠶᠠᠳᠣ ᠪᠠᠶᠢᠵᠣ᠂ ᠬᠤᠳᠤᠬ᠎ᠠ ᠪᠠᠭᠢ | ᠶᠢᠨ ᠲᠠᠭᠠᠭᠤᠯᠣᠯ ᠢᠶᠠᠷ ᠵᠦᠴᠢ ᠳᠤ ᠡᠯᠰᠡᠭᠳᠡᠨ ᠶᠡᠭᠡ ᠮᠣᠩᠭᠤᠯ ᠬᠠᠭᠠᠨᠳᠣ ᠭᠦᠷᠣᠨ ᠤ ᠬᠠᠷᠢᠶᠠᠨ ᠳᠤ ᠤᠷᠤᠭᠰᠠᠨ | ᠭᠡᠵᠣ ᠦᠵᠡᠵᠣ ᠪᠠᠶᠢᠨ᠎ᠡ᠃ ᠵᠦᠴᠢ ᠣᠢ ᠶᠢᠨ ᠢᠷᠭᠡᠣᠨ ᠢ ᠡᠯᠰᠠᠨ ᠲᠠᠭᠠᠭᠤᠯᠬᠤ ᠲᠠᠷᠨ ᠦᠶ᠎ᠠ ᠶᠢᠨ ᠣᠶᠢᠷᠠᠣᠨ | ᠲᠦᠮᠡᠨ ᠪᠠ ᠦᠵᠣᠮᠣᠴᠢᠨ ᠨᠢ ᠬᠠᠮᠢᠭᠠᠭᠤᠷ ᠨᠣᠳᠣᠭᠯᠠᠵᠣ ᠪᠠᠶᠢᠪᠠ︖ ᠡᠨᠡ ᠪᠣᠯ ᠮᠢᠨᠣ ᠲᠣᠳᠣᠷᠬᠠᠶᠢᠯᠠᠬᠤ ᠭᠡᠰᠡᠨ | ᠠᠰᠠᠭᠤᠳᠠᠯ ᠮᠦᠨ᠃ | ᠰᠠᠶᠢᠰᠢᠶᠠᠯ ᠭᠤᠸᠠᠢ ︽ᠴᠢᠩᠭᠢᠰ ᠬᠠᠭᠠᠨ ᠤ ᠲᠣᠪᠴᠢᠶᠠᠨ︾ ᠳᠠᠭᠠᠨ ︽︿ᠣᠢ ᠶᠢᠨ ᠢᠷᠭᠡᠣᠨ﹀ ᠭᠡᠳᠡᠭ ᠨᠢ | ᠲᠣᠬᠠᠢ ᠶᠢᠨ ᠦᠶ᠎ᠠ ᠳᠤ ᠮᠣᠩᠭᠤᠯ ᠤᠨ ᠪᠠᠷᠠᠭᠤᠨ ᠬᠤᠶᠢᠳᠣ ᠭᠢᠵᠠᠭᠠᠷ ᠭᠦᠰᠡᠭᠦᠷ ᠨᠠᠭᠤᠷ ᠠᠴᠠ ᠪᠠᠶᠢᠭᠠᠯ ᠨᠠᠭᠤᠷ | ᠭᠦᠷᠳᠠᠯᠠᠭᠢ ᠦᠷᠭᠡᠨ ᠠᠭᠤᠳᠠᠮ ᠣᠢ ᠭᠦᠪᠴᠢ ᠣᠷᠣᠨ ᠨᠤᠭᠤᠳ ᠢᠶᠠᠷ ᠨᠣᠳᠣᠭᠯᠠᠵᠣ ᠪᠠᠶᠢᠭᠰᠠᠨ ᠠᠶᠢᠮᠠᠭ | ᠣᠭᠰᠠᠭ᠎ᠠ ᠶᠢᠨ ᠶᠠᠷᠣᠩᠭᠡᠢ ᠨᠠᠷᠠ ᠪᠣᠯᠣᠨ᠎ᠡ᠃ ᠡᠭᠦᠨ ᠳᠤ ᠣᠶᠢᠷᠠᠣᠨ᠂ ᠪᠤᠷᠢᠶᠠᠳ᠂ ᠲᠦᠮᠡᠣᠨ᠂ ᠪᠠᠷᠭᠤ᠂ | ᠣᠷᠣᠰᠣᠣᠨ᠂ ᠬᠠᠪᠬᠠᠨᠠᠰ᠂ ᠬᠠᠨᠭ᠍ᠬᠠᠰ᠂ ᠲᠤᠪᠠᠰ ᠵᠡᠷᠭᠡ ᠠᠶᠢᠮᠠᠭ ᠪᠠ ᠭᠢᠷᠭᠢᠰ᠂ ᠭᠡᠰᠳᠢᠶᠠᠮ᠂ ᠪᠠᠶᠠᠣᠨ᠂ ᠲᠣᠬᠠᠰ᠂ | ᠲᠠᠩᠯᠠᠩ᠂ ᠲᠦᠭᠡᠯᠠᠰ᠂ ᠲᠠᠰ ᠪᠢᠵᠢᠭᠡᠳ ᠵᠡᠷᠭᠡ ᠠᠶᠢᠮᠠᠭ ᠢ ᠲᠦᠮᠡᠨ ᠣᠶᠢᠷᠠᠣᠨ᠂ ᠲᠦᠮᠡᠨ ᠭᠢᠷᠭᠢᠰ ᠭᠡᠵᠣ ᠨᠠᠷᠠᠯᠠᠵᠣ | ᠪᠠᠶᠢᠵᠠᠢ᠃︾ ᠭᠡᠵᠣ ᠣᠢ ᠶᠢᠨ ᠢᠷᠭᠡᠣᠨ ᠤᠨ ᠶᠠᠷᠣᠩᠭᠡᠢ ᠨᠣᠳᠤᠭ ᠪᠠ ᠪᠦᠷᠢᠯᠳᠣᠭᠦᠨ ᠢ ᠲᠣᠳᠣᠷᠬᠠᠶᠢᠯᠠᠪᠠ᠃ | ︽ᠴᠢᠩᠭᠢᠰ ᠬᠠᠭᠠᠨ ᠤ ᠲᠣᠪᠴᠢᠶᠠᠨ︾ ᠳᠤ 13 ᠳ᠋ᠣᠭᠠᠷ ᠵᠠᠭᠤᠨ ᠤ ᠦᠶ᠎ᠠ ᠶᠢᠨ ᠣᠶᠢᠷᠠᠣᠨ ᠠᠶᠢᠮᠠᠭ ᠢ ᠶᠧᠨᠢᠰᠰᠠᠢ | ᠮᠦᠷᠠᠨ ᠤ ᠲᠠᠭᠡᠳᠣ ᠣᠷᠣᠰᠬᠠᠯ᠂ ᠺᠧᠮ ᠮᠦᠷᠠᠨ ᠣᠷᠴᠢᠮ ᠵᠢᠴᠢ ᠭᠦᠰᠡᠭᠦᠷ ᠨᠠᠭᠤᠷ ᠤᠨ ᠣᠢ ᠭᠦᠪᠴᠢ ᠪᠠᠷ | ᠨᠣᠳᠣᠭᠯᠠᠵᠣ ︵ᠴ᠊ · ᠲᠠᠮᠳᠢᠨᠰᠦ᠋ᠷᠣᠩ ᠣᠷᠣᠰ ᠠᠯᠳᠠᠢ ᠭᠡᠵᠠᠢ︶ ᠪᠠᠶᠢᠭᠰᠠᠨ ᠨᠢ ᠯᠠᠪᠳᠠᠢ ᠶᠤᠮ ᠭᠡᠵᠣ ᠦᠵᠡᠭᠰᠡᠨ | ᠪᠠᠶᠢᠳᠠᠭ᠃ | ᠣᠶᠢᠷᠠᠣᠨ ᠤᠨ ᠨᠣᠳᠣᠭᠯᠠᠵᠣ ᠪᠠᠶᠢᠭᠰᠠᠨ ᠭᠠᠵᠡᠷ ᠣᠷᠣᠨ ᠤ ᠲᠣᠬᠠᠢ ᠡᠷᠳᠠᠮᠳᠠᠨ ᠪᠣᠷᠵᠢᠭᠢᠳᠠᠢ ᠣᠶᠦᠨᠪᠢᠯᠢᠭ ᠴᠣ᠋ ︽ | ᠣᠶᠢᠷᠠᠣᠨ ᠪᠣᠯ ᠣᠢ ᠶᠢᠨ ᠢᠷᠭᠡᠣᠨ ᠲᠤ ᠲᠣᠭᠠᠴᠢᠭᠳᠠᠬᠤ ᠪᠦᠭᠡᠣᠨ ᠠᠩᠬ᠎ᠠ ᠡᠭᠢᠨ ᠳᠡᠭᠡᠨ ᠪᠠᠶᠢᠭᠠᠯ ᠨᠠᠭᠤᠷ | ᠰᠠᠯᠡᠩᠭᠡ ᠮᠦᠷᠠᠨ ᠤ ᠬᠤᠭᠤᠨᠷᠣᠳᠣ ᠪᠠᠶᠢᠵᠣ᠂ ᠰᠠᠭᠦᠯᠠᠷ ᠨᠢ ᠶᠧᠨᠢᠰᠰᠠᠢ ᠭᠤᠣᠯ ᠤᠨ ᠲᠠᠭᠡᠳᠣ ᠣᠷᠣᠰᠬᠠᠯ ᠤᠨ | ᠣᠷᠣᠨ ᠨᠤᠭᠤᠳ ᠢᠶᠠᠷ᠂ ᠲᠠᠭᠢᠭᠠᠣᠨ ᠡᠮᠣᠨᠠᠰᠢᠯᠠᠵᠣ ᠬᠠᠨᠭ᠍ᠭᠠᠢ ᠠᠯᠳᠠᠢ ᠶᠢᠨ ᠵᠠᠪᠰᠠᠷ᠎ᠠ ᠭᠦᠷᠴᠣ᠂ ᠲᠠᠨᠳᠠ ᠠᠴᠠ | ᠡᠷᠴᠢᠰ ᠮᠦᠷᠠᠨ ᠤ ᠣᠷᠣᠰᠬᠠᠯ ᠲᠠᠭᠠᠣ ᠣᠷᠣᠨ ᠨᠤᠭᠤᠳ ᠴᠢᠨᠠᠭᠰᠢᠯᠠᠭᠠᠣᠨ ᠲᠣᠮᠳᠠ ᠠᠽᠢᠶ᠎ᠠ ᠭᠦᠷᠳᠡᠯ᠎ᠡ | ᠲᠠᠷᠬᠠᠭᠰᠠᠨ ᠶᠤᠮ᠃︾ ︵ᠣᠶᠦᠨᠪᠢᠯᠢᠭ ︽ᠦᠵᠣᠮᠣᠴᠢᠨ ᠤ ᠵᠠᠷᠢᠮ ᠠᠷᠠᠣᠨ ᠤᠨ ᠠᠮᠠᠨ ᠦᠯᠢᠭᠡᠷ ᠤᠨ ᠲᠠᠣᠭᠡᠨ | ᠦᠨᠳᠣᠰᠣᠯᠠᠯ︾᠂ ᠭᠡᠵᠣ ᠲᠣᠷᠠᠳᠣᠭᠰᠠᠨ ᠪᠠᠶᠢᠳᠠᠭ ᠨᠢ ᠣᠶᠢᠷᠠᠣᠨ ︵ᠶᠠᠷᠢᠶᠠᠨ ᠦᠭᠡᠢ ᠦᠵᠣᠮᠣᠴᠢᠨ ᠪᠠᠭᠳᠠᠨ᠎ᠡ︶ | ᠤᠨ ᠨᠣᠳᠤᠭ ᠲᠠᠪᠢᠰᠭᠡᠷ ᠢ ᠨᠠᠯᠢᠶᠠᠣᠨ ᠣᠨᠣᠪᠴᠢᠳᠠᠢ ᠲᠦᠰᠦᠭᠡᠯᠡᠭᠰᠡᠨ ᠲᠦᠰᠣᠭᠡᠯᠡᠯ ᠪᠣᠯᠬᠤ ᠶᠤᠮ᠃ | ᠡᠨᠡ ᠲᠣᠬᠠᠢ ᠦᠵᠣᠮᠣᠴᠢᠨᠴᠣᠣᠨ ᠤᠨ ᠠᠮᠠᠨ ᠣᠯᠠᠮᠵᠢᠯᠠᠯ ᠤᠨ ᠴᠠᠭᠡᠵᠢ ᠲᠠᠣᠭᠡᠨ ᠲᠡᠮᠳᠡᠭᠯᠡᠯ ᠳᠤ ᠶᠠᠷᠢᠭᠳᠠᠳᠠᠭ ︽ | ᠦᠵᠣᠮᠣᠴᠢᠨᠴᠣᠣᠨ ᠤᠨ ᠲᠠᠭᠡᠳᠣᠰ 1160 ᠣᠨ ᠤ ᠦᠶ᠎ᠠ ᠪᠠᠷ ᠡᠸᠦ᠋ᠷᠣᠫᠠ ᠶᠢᠨ ᠠᠯᠳᠠ ᠶᠢᠨ ᠬᠠᠨᠭ᠍ᠭᠠᠢ ᠳᠠᠬᠢ | ᠦᠵᠣᠮ ᠤᠨ ᠠᠭᠤᠯᠨ᠂ ᠢᠵᠢᠯ ᠮᠦᠷᠠᠨ ᠤ ᠣᠷᠴᠢᠮ ᠠᠴᠠ ᠮᠠᠯᠯᠠᠵᠣ ᠠᠩᠨᠠᠭᠰᠠᠭᠠᠷ ᠶᠠᠪᠣᠵᠣ ᠡᠨᠡ ᠭᠠᠵᠡᠷ | ᠨᠣᠳᠣᠭᠯᠠᠪᠠ ᠁︾ ︵ᠪᠠᠷᠠᠭᠤᠨ ᠦᠵᠣᠮᠣᠴᠢᠨ ᠬᠤᠰᠢᠭᠤᠨ ᠤ ᠲᠠᠣᠭᠡ ᠶᠢᠨ ᠲᠡᠮᠳᠡᠭᠯᠡᠯ᠂ ᠭᠠᠷ ᠪᠢᠴᠢᠮᠠᠯ | ᠲᠠᠪᠳᠠᠷ᠂ 7 ᠳ᠋ᠣᠭᠠᠷ ᠨᠢᠭᠤᠷ︶ ᠭᠡᠲᠡᠭ ᠨᠢ ᠤᠶᠢᠷᠠᠳ ᠤᠨ ᠪᠥᠷᠢᠯᠲᠤᠬᠦᠨ ᠪᠠᠶᠢᠭᠰᠠᠨ ᠥᠵᠤᠮᠤᠴᠢᠨᠴᠤᠳ 12 | ᠳ᠋ᠣᠭᠠᠷ ᠵᠠᠭᠤᠨ ᠤ ᠲᠣᠣᠷᠠᠳᠣ ᠬᠠᠭᠠᠰ ᠠᠴᠠ ᠡᠨᠡ ᠨᠣᠳᠤᠭ ᠲᠤ ᠢᠷᠡᠭᠰᠡᠨ ᠨᠢ ᠮᠡᠳᠡᠭᠳᠡᠵᠣ ᠪᠠᠶᠢᠨ᠎ᠡ᠃ ᠠᠳᠠ | ᠡᠸᠦ᠋ᠷᠣᠫᠠ ᠶᠢᠨ ᠠᠯᠳᠠ ᠶᠢᠨ ᠬᠠᠨᠭ᠍ᠭᠠᠢ ᠶᠢᠨ ᠦᠵᠣᠮ ᠤᠨ ᠠᠭᠤᠯᠨ ᠭᠡᠰᠡᠨ ᠨᠢ ᠮᠠᠨ ᠤ ᠣᠳᠣ ᠶᠢᠨ ᠭᠡᠯᠡᠵᠣ | ᠪᠠᠶᠢᠭ᠎ᠠ ᠦᠵᠣᠮ ᠤᠨ ᠠᠭᠤᠯᠨ ᠲᠠᠢ ᠨᠢᠭᠡ ᠭᠠᠵᠡᠷ ᠮᠦᠨ ᠡᠰᠡᠭᠦ ᠶᠢ ᠰᠣᠳᠣᠯᠣᠭᠤᠰᠢᠳᠠᠢ ᠪᠠᠶᠢᠨ᠎ᠡ᠃ ᠡᠷᠳᠠᠮᠳᠠᠨ | ᠣᠶᠦᠨᠪᠢᠯᠢᠭ ᠤᠨ ︽ᠦᠵᠣᠮ ᠤᠨ ᠴᠠᠭᠠᠨ ᠠᠭᠤᠯᠨ ᠠᠹᠠᠭᠠᠨᠢᠰᠲ᠋ᠠᠨ ᠤ ᠭᠢᠯᠢ ᠳᠤ ᠪᠣᠢ︾ ᠭᠡᠳᠡᠭ ᠦᠵᠡᠯᠳᠠ ᠴᠣ᠋ | ᠮᠠᠰᠢ ᠠᠩᠬᠠᠷᠣᠭᠤᠰᠢᠳᠠᠢ ᠶᠤᠮ᠃ | ᠦᠵᠣᠮᠣᠴᠢᠨ ᠠᠶᠢᠮᠠᠭ 1160 ᠣᠨ ᠤ ᠦᠶ᠎ᠠ ᠪᠠᠷ ᠡᠨᠡ ᠭᠠᠵᠡᠷ ᠲᠤ ᠨᠣᠳᠣᠭᠯᠠᠪᠠ ᠭᠡᠳᠡᠭ ᠨᠢ ᠮᠣᠩᠭᠤᠯ ᠤᠨ | ᠬᠠᠭᠠᠨᠳᠣ ᠲᠦᠷᠣ ᠳᠤ ᠲᠠᠭᠠᠬᠤ ᠦᠶ᠎ᠠ ᠶᠢᠨ ᠨᠣᠳᠣᠭᠯᠠᠵᠣ ᠪᠠᠶᠢᠭᠰᠠᠨ ᠰᠢᠱᠢᠭᠢᠳ ᠤᠨ ᠭᠤᠣᠯ ᠤᠨ ᠰᠠᠪᠠ ᠭᠠᠵᠡᠷ | ᠢᠶᠠᠨ ᠭᠡᠯᠡᠭᠰᠡᠨ ᠦᠦ᠂ ᠡᠰᠡᠭᠦᠯ᠎ᠡ ᠲᠡᠭᠦᠨ ᠠᠴᠠ ᠪᠦᠷ ᠬᠤᠶᠢᠰᠢᠭᠢ ᠨᠣᠳᠣᠭᠯᠠᠭᠰᠠᠨ ᠣᠳᠣ ᠶᠢᠨ ᠣᠯᠠᠭᠠᠢ᠂ ᠪᠠᠯᠭᠠᠷ | ᠭᠤᠣᠯ ᠤᠨ ᠰᠠᠪᠠ ᠣᠷᠣᠨ ᠢ ᠵᠢᠭᠠᠭᠰᠠᠨ ᠦᠦ ᠭᠡᠳᠡᠭ ᠢ ᠡᠨᠡ ᠭᠢᠷᠢ ᠨᠢ ᠲᠣᠳᠣᠷᠬᠠᠶᠢᠯᠠᠵᠣ ᠴᠢᠳᠠᠬᠤ ᠦᠭᠡᠢ ᠪᠠᠶᠢᠨ᠎ᠡ᠃ | ︽ᠮᠣᠩᠭᠤᠯ ᠤᠨ ᠨᠢᠭᠤᠴᠠ ᠲᠣᠪᠴᠢᠶᠠᠨ︾ ᠤ ᠰᠣᠷᠠᠭ ᠵᠠᠩᠭᠢ ᠪᠠᠷ ᠪᠣᠯ ᠣᠶᠢᠷᠠᠣᠨ ᠤᠨ ᠲᠦᠷᠣᠭᠦᠦ ᠬᠤᠳᠤᠬ᠎ᠠ | ᠪᠠᠭᠢ ᠴᠣ᠋ ᠮᠣᠩᠭᠤᠯ ᠤᠨ ᠨᠢᠭᠡᠳᠣᠯ ᠤᠨ ᠲᠦᠯᠣᠭᠡ ᠴᠦᠭᠦᠷᠠᠰᠢ ᠦᠭᠡᠢ ᠲᠠᠮᠠᠴᠠᠵᠣ ᠶᠠᠪᠣᠭᠰᠠᠨ ᠣᠯᠣᠰ ᠲᠦᠷᠣᠴᠢᠨ᠂ | ᠴᠡᠷᠢᠭ ᠲᠠᠶᠢᠨ ᠤ ᠪᠣᠳᠣᠯᠭᠠᠳᠠᠨ ᠪᠠᠶᠢᠭᠰᠠᠨ ᠨᠢ ᠠᠵᠢᠭᠯᠠᠭᠳᠠᠵᠣ ᠪᠠᠶᠢᠨ᠎ᠡ᠃ ᠵᠢᠱᠢᠶ᠎ᠠ ᠨᠢ᠄ | ᠨᠢᠭᠡ᠂ 1201 ᠣᠨ ᠤ ᠴᠠᠭᠠᠭᠴᠢᠨ ᠲᠠᠭᠢᠶ᠎ᠠ ᠵᠢᠯ᠂ ᠬᠠᠳᠠᠭᠢᠨ᠂ ᠰᠠᠯᠵᠢᠭᠤᠣᠨ᠂ ᠲᠦᠷᠪᠠᠨ᠂ ᠲᠠᠲ᠋ᠠᠷ᠂ | ᠬᠤᠨᠭ᠍ᠭᠢᠷᠠᠣᠨ᠂ ᠢᠭᠡᠷᠡᠰ᠂ ᠭᠤᠣᠷᠯᠣᠰ᠂ ᠨᠠᠢᠮᠠᠨ᠂ ᠮᠡᠷᠭᠢᠣᠨ ᠣᠶᠢᠷᠠᠣᠨ᠂ ᠲᠠᠶᠢᠴᠢᠭᠤᠣᠨ ᠵᠡᠷᠭᠡ ᠠᠶᠢᠮᠠᠭ ᠤᠳ | ᠠᠯᠬᠤᠢ ᠪᠣᠯᠠᠭ ︵ᠣᠳᠣ ᠶᠢᠨ ᠣᠯᠠᠭᠠᠢ ᠭᠤᠣᠯ ᠤᠨ ᠡᠭᠢ ᠠᠪᠣᠭᠰᠠᠨ ᠪᠣᠯᠠᠭ︶ ᠲᠤ ᠴᠣᠭᠯᠠᠵᠣ᠂ ᠵᠠᠮᠤᠬ᠎ᠠ ᠶᠢ ᠬᠠᠨ | ᠡᠷᠭᠦᠶ᠎ᠠ ᠭᠡᠮᠡᠨ ᠠᠵᠢᠷᠭ᠎ᠠ ᠭᠡᠭᠦᠨ ᠴᠠᠪᠴᠢᠯᠠᠯᠳᠣᠨ ᠠᠨᠳᠠᠭᠠᠶᠢᠯᠠᠵᠣ ᠡᠷᠭᠦᠨ᠎ᠡ ᠮᠦᠷᠠᠨ ᠣᠷᠣᠭᠤ ᠨᠠᠭᠦᠵᠣ᠂ ᠺᠠᠨ | ᠮᠦᠷᠠᠨ ᠤ ᠴᠢᠣᠨᠬᠤᠯᠠᠩ ᠰᠢᠨᠠᠭ᠎ᠠ ᠨᠠᠭᠤ ᠨᠣᠭᠤ ᠭᠡᠳᠡᠭ ᠭᠠᠵᠡᠷ ᠬᠤᠷᠠᠯᠳᠣᠵᠣ ᠵᠠᠮᠤᠬ᠎ᠠ ᠶᠢ ᠭᠦᠷ ᠬᠠᠨ ᠡᠷᠬᠦᠭᠰᠡᠨ | ᠲᠠᠷᠠ ᠤᠲᠠᠭ᠎ᠠ ᠶᠢᠨ ᠶᠡᠭᠡ ᠴᠢᠭᠤᠯᠭᠠᠨ ᠳᠤ ᠤᠶᠢᠷᠠᠳ ᠤᠨ ᠬᠤᠳᠤᠬ᠎ᠠ ᠪᠠᠭᠢ ᠣᠶᠢᠷᠠᠣᠨ ᠢᠶᠠᠨ ᠲᠠᠭᠠᠭᠤᠯᠣᠨ | ᠣᠷᠣᠯᠴᠠᠪᠠ᠃ | ᠬᠤᠶᠠᠷ᠂ 1202 ᠣᠨ ᠤ ᠬᠠᠷ᠎ᠠ ᠨᠣᠬᠠᠢ ᠵᠢᠯ ᠤᠨ ᠨᠠᠮᠣᠷ ᠪᠣᠶᠣ ᠡᠪᠣᠯ ᠤᠨ ᠡᠭᠢ ᠪᠠᠷ ᠵᠠᠮᠤᠬ᠎ᠠ ᠶᠢᠨ | ᠬᠤᠯᠪᠣᠭᠠᠳᠠᠨ ᠴᠡᠷᠢᠭᠯᠡᠵᠣ᠂ ᠲᠠᠮᠣᠵᠢᠨ ᠪᠣᠯᠣᠨ ᠸᠠᠩ ᠬᠠᠨ ᠲᠠᠢ ᠭᠢᠭᠰᠡᠨ ᠠᠯᠳᠠᠷᠳᠣ ︽ᠭᠦᠢᠳᠠᠨ ᠤ ᠪᠠᠶᠢᠯᠳᠣᠭᠠᠨ︾ | ᠳᠤ ᠣᠶᠢᠷᠠᠣᠨ ᠠᠶᠢᠮᠠᠭ ᠣᠷᠣᠯᠴᠠᠵᠣ᠂ ᠣᠶᠢᠷᠠᠣᠨ ᠤᠨ ᠬᠤᠳᠤᠬ᠎ᠠ ᠪᠠᠭᠢ᠂ ᠮᠣᠩᠭᠤᠯ ᠤᠨ ᠠᠭᠤᠴᠣ ᠪᠠᠭᠠᠳᠣᠷ᠂ | ᠨᠠᠢᠮᠠᠨ ᠤ ᠪᠣᠶᠢᠷᠤᠭ ᠬᠠᠨ᠂ ᠮᠡᠷᠭᠢᠣᠨ ᠤᠨ ᠲᠣᠭᠳᠤᠭ᠎ᠠ ᠪᠠᠭᠢ ᠶᠢᠨ ᠭᠦᠪᠡᠭᠦᠨ ᠬᠤᠳᠣ ᠨᠠᠷ ᠲᠠᠢ ᠲᠦᠷᠪᠠᠭᠦᠯᠨ | ᠵᠠᠮᠤᠬ᠎ᠠ ᠶᠢᠨ ᠮᠠᠩᠯᠠᠢ ᠪᠣᠯᠵᠣ ᠶᠠᠪᠣᠪᠠ᠃ ᠭᠦᠢᠳᠠᠨ ᠤ ᠡᠨᠡ ᠲᠠᠶᠢᠨ ᠳᠤ ᠪᠣᠶᠢᠷᠤᠭ ᠬᠠᠨ᠂ ᠬᠤᠳᠤᠬ᠎ᠠ ᠪᠠᠭᠢ | ᠬᠤᠶᠠᠭᠤᠯᠨ ᠵᠠᠳᠠ ᠣᠪᠠᠳᠢᠰ ᠭᠡᠷᠡᠭᠯᠡᠵᠣ ᠪᠣᠷᠣᠭᠠᠨ ᠰᠢᠭᠤᠷᠭ᠎ᠠ ᠣᠷᠢᠵᠣ ᠪᠠᠶᠢᠪᠠ᠃ ᠭᠡᠳᠡᠯ᠎ᠡ ᠣᠷᠢᠭᠰᠠᠨ ᠵᠠᠳᠠ ᠨᠢ | ᠣᠷᠪᠠᠵᠣ ︿ᠲᠡᠭᠷᠢ ᠳᠤ ᠡᠰᠡ ᠲᠠᠭᠠᠯᠠᠭᠳᠠᠨ﹀ ᠦᠪᠡᠷᠰᠡᠣᠨ ᠤᠨ ᠢᠶᠠᠨ ᠲᠠᠭᠡᠷ᠎ᠠ ᠪᠠᠭᠤᠭᠰᠠᠨ ᠢᠶᠠᠷ ᠵᠠᠮᠤᠬ᠎ᠠ ᠶᠢᠨ | ᠴᠡᠷᠢᠭ ᠢᠯᠠᠭᠳᠠᠪᠠ᠃ ᠡᠨᠡ ᠲᠠᠶᠢᠨ ᠳᠤ ᠢᠯᠠᠭᠳᠠᠭᠠᠣᠨ ︽ᠨᠠᠢᠮᠠᠨ ᠤ ᠪᠣᠶᠢᠷᠤᠭ ᠬᠠᠨ ᠠᠯᠳᠠᠢ ᠶᠢᠨ ᠡᠪᠣᠷ ᠣᠯᠣᠰ | ᠲᠠᠭ ᠵᠣᠷᠢᠨ ᠬᠠᠭᠠᠴᠠᠨ ᠭᠦᠳᠣᠯᠵᠣᠭᠦᠢ᠃ ᠮᠡᠷᠭᠢᠣᠨ ᠤᠨ ᠲᠣᠭᠳᠤᠭ᠎ᠠ ᠶᠢᠨ ᠭᠦᠪᠡᠭᠦᠨ ᠬᠤᠳᠣ ᠰᠠᠯᠠᠩᠭᠡ ᠵᠣᠷᠢᠨ | ᠭᠦᠳᠣᠯᠵᠣᠭᠦᠢ᠃ ᠤᠶᠢᠷᠠᠳ ᠤᠨ ᠬᠤᠲᠤᠬ᠎ᠠ ᠪᠠᠭᠢ ᠣᠢ ᠲᠠᠮᠠᠴᠠᠨ ᠰᠢᠰᠭᠢᠰ ︵ᠱᠢᠰᠢᠭᠢᠣᠨ ᠪᠣᠶᠣ ᠣᠳᠣ ᠶᠢᠨ | ᠰᠠᠭᠰᠠᠷ ᠶᠢᠨ ᠭᠤᠣᠯ︶ ᠵᠣᠷᠢᠨ ᠭᠦᠳᠣᠯᠵᠣᠭᠦᠢ ᠁︾ ︵︽ᠮᠣᠩᠭᠤᠯ ᠤᠨ ᠨᠢᠭᠤᠴᠠ ᠲᠣᠪᠴᠢᠶᠠᠨ︾ 141᠂ | 142᠂ 144︶ | ᠲᠠᠭᠡᠷᠡᠭᠢ ᠬᠤᠶᠠᠷ ᠵᠢᠱᠢᠶᠠᠨ ᠠᠴᠠ ᠦᠵᠣᠮᠣᠴᠢᠨ ᠢ ᠪᠠᠭᠳᠠᠭᠠᠭᠰᠠᠨ ᠣᠶᠢᠷᠠᠣᠨ ᠨᠢ ᠶᠡᠭᠡ ᠮᠣᠩᠭᠤᠯ ᠤᠨ ᠬᠠᠭᠠᠨᠳᠣ | ᠲᠦᠷᠣ ᠪᠠᠶᠢᠭᠤᠯᠣᠭᠳᠠᠬᠤ ᠠᠴᠠ ᠡᠮᠣᠨ᠎ᠡ ᠺᠠᠨ ᠮᠦᠷᠠᠨ᠂ ᠣᠯᠠᠭᠠᠢ ᠭᠤᠣᠯ᠂ ᠴᠢᠪᠡᠴᠢᠷ ᠴᠢᠬᠤᠷᠬᠤ᠂ ᠭᠦᠢᠳᠠᠨ | ᠵᠡᠷᠭᠡ ᠣᠳᠣ ᠶᠢᠨ ᠣᠯᠠᠭᠠᠢ ᠭᠤᠣᠯ ᠤᠨ ᠣᠷᠣᠰᠬᠠᠯ ᠣᠷᠣᠨ ︵ᠡᠳᠣᠭᠡ ᠶᠢᠨ ᠵᠠᠭᠦᠨ ᠪᠠᠷᠠᠭᠤᠨ ᠦᠵᠣᠮᠣᠴᠢᠨ ᠤ | ᠨᠣᠳᠤᠭ ᠢᠶᠠᠷ ᠲᠠᠶᠢᠨ ᠪᠠᠶᠢᠯᠳᠣᠭᠠᠨ ᠤ ᠭᠡᠷᠡᠭᠴᠡᠭᠡ ᠱᠠᠭᠠᠷᠳᠠᠯᠭ᠎ᠠ ᠪᠠᠷ ᠨᠠᠭᠦᠳᠠᠯᠯᠠᠨ ᠢᠷᠠᠵᠣ ᠪᠠᠶᠢᠭᠰᠠᠨ ᠪᠦᠭᠡᠣᠨ | 1202 ᠣᠨ ᠤ ︽ᠭᠦᠢᠳᠠᠨ ᠤ ᠪᠠᠶᠢᠯᠳᠣᠭᠠᠨ︾ ᠤ ᠲᠠᠷᠠᠭ᠎ᠠ ᠣᠢ ᠲᠠᠮᠵᠢᠨ ᠰᠢᠰᠭᠢᠰ ᠭᠤᠣᠯ ᠤᠨ ᠰᠠᠪᠠ ᠣᠷᠣᠨ | ᠳᠠᠭᠠᠨ ᠭᠦᠷᠣᠭᠡᠣᠨ᠂ ᠲᠠᠪᠣᠨ ᠵᠢᠯ ᠤᠨ ᠲᠠᠷᠠᠭ᠎ᠠ 1207 ᠣᠨ ᠳᠤ ᠬᠤᠳᠤᠬ᠎ᠠ ᠪᠠᠭᠢ ᠵᠦᠴᠢ ᠶᠢᠨ ᠶᠡᠭᠡ ᠴᠡᠷᠢᠭ ᠢ | ᠣᠭᠳᠣᠨ ᠦᠪᠡᠷ ᠤᠨ ᠣᠷᠳᠣᠨ ᠪᠠᠶᠢᠭᠰᠠᠨ ᠱᠢᠰᠢᠭᠢᠣᠨ ᠭᠤᠣᠯ ᠲᠭᠠᠨ ᠠᠪᠠᠴᠢᠵᠣ᠂ ᠲᠦᠮᠡᠨ ᠣᠶᠢᠷᠠᠣᠨ ᠢᠶᠠᠨ | ᠲᠠᠭᠠᠭᠤᠯᠣᠨ ᠡᠯᠰᠡᠭᠳᠡᠭᠰᠡᠨ ᠪᠠ ᠴᠢᠨᠠᠭᠰᠢ ᠵᠠᠮᠴᠢᠯᠠᠨ ᠣᠢ ᠶᠢᠨ ᠢᠷᠭᠡᠣᠨ ᠲᠤ ᠮᠣᠷᠢᠯᠠᠭᠰᠠᠨ ᠢᠶᠠᠷ ᠴᠢᠩᠭᠢᠰ ᠬᠠᠭᠠᠨ | ᠳᠤ ᠰᠣᠶᠣᠷᠬᠠᠭᠳᠠᠵᠣ᠂ ᠭᠦᠪᠡᠭᠦᠨᠡ ᠢᠨᠣ ᠢᠨᠠᠯᠴᠢ ᠳᠤ ᠴᠡᠴᠡᠶᠢᠭᠢᠨ ᠢ ᠦᠭᠪᠠ᠃ ᠢᠨᠠᠯᠴᠢ ᠶᠢᠨ ᠠᠬ᠎ᠠ | ᠲᠦᠷᠣᠯᠴᠢ ᠳᠤ ᠵᠦᠴᠢ ᠶᠢᠨ ᠦᠭᠢᠨ ᠬᠤᠯᠣᠶᠢᠬᠠᠨ ᠢ ᠦᠭᠪᠠ᠃ ᠠᠯᠠᠭ᠎ᠠ ᠪᠠᠭᠢ ᠶᠢ ᠣᠡᠭᠭᠤᠣᠨ ᠳ᠋ᠠ ᠦᠭᠪᠠ᠃ | ᠮᠦᠨ ᠬᠤᠳᠤᠬ᠎ᠠ ᠪᠠᠭᠢ ᠶᠢᠨ ᠣᠶᠢᠷᠠᠣᠨ ᠢ ᠲᠦᠷᠪᠠᠨ ᠮᠢᠩᠭᠠᠨ ᠮᠢᠩᠭᠠᠯᠠᠵᠣ᠂ ᠬᠤᠳᠤᠬ᠎ᠠ ᠪᠠᠭᠢ ᠶᠢ ᠮᠢᠩᠭᠠᠨ ᠤ | ᠨᠣᠶᠠᠨ ᠡᠷᠭᠦᠮᠵᠢᠯᠠᠵᠠᠢ᠃ | ᠣᠶᠢᠷᠠᠣᠨ ᠤᠨ ᠲᠦᠷᠪᠠᠨ ᠮᠢᠩᠭᠠᠨ ᠤ ᠨᠢᠭᠡ ᠨᠢ ᠦᠵᠣᠮᠣᠴᠢᠨ ᠮᠢᠩᠭᠠᠨ ᠪᠠᠶᠢᠬᠤ ᠪᠣᠯᠣᠮᠵᠢ ᠪᠣᠢ᠃ ᠫᠦᠷᠪᠣᠵᠠᠪ | ᠭᠡᠳᠣᠶᠢᠪᠡᠷ ︽ᠦᠵᠣᠮᠣᠴᠢᠨ ᠮᠢᠩᠭᠠᠨ︾ ᠭᠡᠵᠣ ᠲᠠᠮᠳᠡᠭᠯᠡᠭᠰᠡᠨ ᠪᠣᠯᠪᠠᠴᠣ ᠪᠣᠰᠣᠣᠨ ᠪᠠᠷᠢᠮᠳᠠ ᠰᠠᠯᠳᠠ ᠪᠠᠷ | ᠬᠠᠷᠭᠤᠭᠤᠯᠣᠨ ᠪᠠᠳᠣᠯᠠᠬᠤ ᠴᠢᠬᠤᠯᠨ ᠲᠠᠢ ᠶᠤᠮ᠃ | 1207 ᠣᠨ ᠠᠴᠠ ᠬᠤᠶᠢᠰᠢ ᠣᠶᠢᠷᠠᠣᠨᠴᠣᠣᠨ ᠵᠦᠴᠢ ᠶᠢᠨ ᠵᠠᠭᠢᠷᠣᠯ ᠳᠤ ᠣᠷᠣᠪᠠ᠃ ᠲᠠᠷᠨ ᠦᠶ᠎ᠠ ᠳᠤ | ᠬᠤᠳᠤᠬ᠎ᠠ ᠪᠠᠭᠢ ᠶᠢᠨ ᠣᠶᠢᠷᠠᠣᠨ ᠤᠨ ᠨᠣᠳᠤᠭ ᠲᠠᠪᠢᠰᠭᠡᠷ ᠲᠤ ᠬᠤᠪᠢᠷᠠᠯᠳᠠ ᠭᠠᠷᠣᠭᠰᠠᠨ ᠦᠭᠡᠢ ᠣᠣᠯ ᠤᠨ | ᠰᠠᠭᠤᠭ᠎ᠠ ᠨᠣᠳᠤᠭ ᠠᠯᠳᠠᠢ ᠨᠢᠷᠣᠭᠤᠨ ᠤᠨ ᠡᠭᠢ ᠶᠧᠨᠢᠰᠰᠠᠢ ᠮᠦᠷᠠᠨ ᠤ ᠲᠠᠭᠡᠳᠣ ᠣᠷᠣᠰᠬᠠᠯ ᠣᠷᠣᠨ ᠢᠶᠠᠷ | ᠨᠣᠳᠣᠭᠯᠠᠵᠣ ᠪᠠᠶᠢᠵᠠᠢ᠃ ᠵᠦᠴᠢ ᠣᠢ ᠶᠢᠨ ᠢᠷᠭᠡᠣᠨ ᠢ ᠡᠯᠰᠠᠨ ᠲᠠᠭᠠᠭᠤᠯᠣᠭᠰᠠᠨ ᠠᠴᠠ ᠬᠤᠶᠢᠰᠢ ᠭᠢᠷᠭᠢᠰ ᠤᠨ | ᠣᠷᠪᠠᠯᠭᠠᠨ ᠢ ᠲᠠᠷᠣᠭᠰᠠᠨ ᠬᠤᠶᠢᠨ᠎ᠡ ᠬᠠᠭᠠᠨᠳᠣ ᠮᠣᠩᠭᠤᠯ ᠤᠨ ᠪᠠᠷᠠᠭᠤᠨ ᠭᠢᠯᠢ ᠪᠠᠷ ᠰᠠᠭᠤᠵᠣ ᠪᠠᠶᠢᠪᠠ᠃ ᠵᠦᠴᠢ | 1219 ᠣᠨ ᠳᠤ ᠬᠠᠭᠠᠨ ᠡᠴᠢᠭᠡ ᠪᠠᠨ ᠲᠠᠭᠠᠯᠳᠣᠵᠣ ᠬᠤᠷᠧᠴᠢᠮ ᠢᠷᠭᠡᠨ ᠢ ᠲᠠᠶᠢᠯᠠᠬᠤ ᠪᠠᠶᠢᠯᠳᠣᠭᠠᠨ ᠳᠤ | ᠶᠠᠪᠣᠭᠠᠣᠨ᠂ ᠥᠷᠭᠡᠨᠡᠴᠢ ᠶᠢ ᠲᠠᠶᠢᠯᠠᠨ ᠡᠵᠡᠯᠡᠭᠰᠡᠨ ᠠᠴᠠ ᠬᠤᠶᠢᠰᠢ ᠠᠷᠠᠯ᠂ ᠺᠠᠰᠹᠢ ᠬᠤᠶᠠᠷ ᠲᠠᠩᠭᠢᠰ ᠤᠨ | ᠬᠤᠭᠤᠷᠣᠨᠳᠠᠭᠢ ᠬᠤᠪᠢᠶᠠᠭᠰᠠᠨ ᠭᠠᠵᠡᠷ ᠢᠶᠠᠨ ᠰᠠᠭᠢᠨ ᠰᠠᠭᠤᠵᠣ᠂ ᠵᠠᠪᠠ ᠰᠦᠪᠡᠭᠡᠳᠠᠢ ᠶᠢᠨ ᠠᠶᠠᠨ ᠲᠠᠶᠢᠨ ᠢ ᠠᠯᠣᠰ | ᠠᠴᠠ ᠲᠠᠮᠵᠢᠵᠣ᠂ ᠴᠢᠩᠭᠢᠰ ᠬᠠᠭᠠᠨ ᠤ ᠶᠡᠭᠡ ᠴᠡᠷᠢᠭ ᠣᠯᠣᠰ ᠲᠠᠭᠠᠨ ᠪᠣᠴᠠᠬᠤ ᠳᠤ ᠵᠦᠴᠢ ᠮᠦᠨ ᠲᠠᠨᠳᠠ ᠪᠠᠨ | ᠦᠯᠡᠳᠠᠵᠣ 1225 ᠣᠨ ᠤ ᠡᠭᠢ ᠪᠠᠷ ᠪᠠᠷᠠᠭᠤᠨ ᠣᠷᠣᠨ ᠳᠤ ᠡᠪᠠᠣᠨᠴᠢᠨ ᠢᠶᠠᠷ ᠨᠠᠰᠣ ᠪᠠᠷᠠᠵᠠᠢ᠃ | 1225 ᠣᠨ ᠳᠤ ᠴᠢᠩᠭᠢᠰ ᠬᠠᠭᠠᠨ ᠭᠦᠪᠡᠭᠦᠣᠨ ᠲᠡᠭᠡᠨ ᠭᠠᠵᠡᠷ᠂ ᠨᠣᠳᠤᠭ ᠢᠶᠠᠨ ᠬᠤᠪᠢᠯᠬᠤ ᠳᠤ᠂ ᠲᠣᠯᠣᠢ ᠶᠢ | ᠭᠠᠯ ᠭᠤᠯᠣᠮᠳᠠ ᠰᠠᠭᠢᠭᠴᠢ ᠣᠣᠨᠬᠤᠨ ᠭᠦᠪᠡᠭᠦᠨ ᠭᠡᠵᠣ ᠣᠨᠣᠨ ᠤ ᠡᠭᠢ ᠪᠣᠯᠣᠨ ᠬᠠᠷ᠎ᠠ ᠬᠤᠷᠣᠮ ᠣᠷᠴᠢᠮ ᠤᠨ | ᠨᠣᠳᠤᠭ ᠢ ᠲᠠᠭᠦᠨ ᠳᠤ ᠬᠤᠪᠢᠯᠠᠵᠠᠢ᠃ ᠡᠨᠡ ᠦᠶ᠎ᠠ ᠳᠤ ᠣᠶᠢᠷᠠᠣᠨ᠂ ᠦᠵᠣᠮᠣᠴᠢᠨ ᠨᠢ ᠵᠦᠴᠢ ᠶᠢᠨ ᠬᠠᠷᠢᠶᠠᠳᠣ | ᠪᠠᠶᠢᠭᠰᠠᠨ ᠢᠶᠠᠨ ᠲᠣᠯᠣᠢ ᠶᠢᠨ ᠬᠠᠷᠢᠶᠠᠳᠣ ᠪᠤᠯᠤᠭᠰᠠᠨ ᠶᠤᠮ᠃ ᠵᠥᠴᠢ 1232 ᠤᠨ ᠳᠤ ᠨᠠᠰᠤ ᠪᠠᠷᠠᠵᠤ᠂ | ᠲᠤᠯᠤᠢ ᠶᠢᠨ ᠠᠶᠢᠮᠠᠭ ᠣᠭᠰᠠᠭ᠎ᠠ ᠨᠢ ᠲᠣᠯᠣᠢ ᠶᠢᠨ ᠬᠠᠳᠣᠨ ᠰᠣᠷᠠᠬᠠᠳᠠᠨᠢ ᠳᠤ ᠵᠠᠭᠢᠷᠣᠭᠳᠠᠵᠠᠢ᠃ ᠲᠠᠭᠦᠨ ᠠᠴᠠ | ᠬᠤᠶᠢᠰᠢᠭᠢ ᠦᠵᠣᠮᠣᠴᠢᠨ ᠤ ᠨᠣᠳᠣᠭᠯᠠᠵᠣ ᠪᠠᠶᠢᠭᠰᠠᠨ ᠨᠣᠳᠤᠭ ᠰᠠᠭᠤᠴᠠ ᠨᠢ ᠰᠤᠷᠬᠠᠭᠲᠠᠨᠢ ᠪᠠᠭᠢ ᠶᠢᠨ ᠦᠮᠴᠢ | ᠨᠣᠳᠤᠭ ᠪᠠᠶᠢᠵᠣ ᠲᠠᠭᠠᠷᠠᠨ᠎ᠡ᠃ ᠡᠨᠡ ᠲᠣᠬᠠᠢ ᠨᠠᠰᠣᠬᠤᠢᠯᠵᠠᠢ ︽ᠰᠣᠷᠠᠬᠠᠳᠠᠢ ᠪᠠᠭᠢ ᠭᠦᠪᠡᠭᠦᠨ ᠠᠷᠢᠭᠪᠦ᠋ᠭᠡ ᠲᠠᠢ | ᠪᠠᠨ ᠴᠤᠭ ᠬᠤᠪᠢ ᠭᠦᠷᠳᠠᠵᠠᠢ᠃ 13 — 14 ᠳ᠋ᠣᠭᠡᠷ ᠵᠠᠭᠤᠨ ᠳᠤ ᠰᠣᠷᠬᠠᠳᠠᠢ ᠪᠠᠭᠢ ᠶᠢᠨ ᠣᠷᠳᠣ ᠭᠢᠷᠭᠢᠰ᠂ | ᠬᠠᠪᠢ ᠳᠤ ᠪᠠᠶᠢᠷᠢᠯᠠᠵᠣ ᠬᠤᠪᠢ ᠨᠣᠳᠤᠭ ᠨᠢ ᠲᠠᠩᠨᠣ ᠠᠭᠤᠯᠨ᠂ ᠭᠢᠷᠭᠢᠰ᠂ ᠠᠯᠳᠠᠢ ᠵᠡᠷᠭᠡ ᠭᠠᠵᠡᠷ ᠣᠷᠣᠨ ᠢ | ᠪᠠᠭᠳᠠᠭᠠᠵᠣ ᠪᠠᠶᠢᠭᠰᠠᠨ︾ ᠭᠡᠵᠠᠢ᠃ ︵ᠨᠠᠰᠣᠬᠤᠢᠯᠵᠠᠢ ᠦᠵᠣᠮᠣᠴᠢᠨ ᠤ ᠣᠣᠭᠠᠯ ᠨᠣᠳᠤᠭ ᠪᠠ ᠴᠠᠬᠠᠷ ᠲᠦᠮᠡᠨ ᠳᠤ | ᠪᠠᠭᠳᠠᠵᠣ ᠣᠷᠣᠭᠰᠠᠨ ᠴᠠᠭ ᠤᠨ ᠲᠣᠬᠠᠢ︾ ᠦᠭᠦᠯᠡᠯ︶ | ᠡᠨᠡ ᠨᠢ ᠳ᠋ᠣᠰᠰᠣᠨ ᠤ ᠮᠣᠩᠭᠤᠯ ᠤᠨ ᠲᠠᠣᠭᠡ ᠳᠠᠬᠢ ︽ᠠᠷᠢᠭ ᠪᠦᠭᠡ ᠬᠤᠷᠢᠵᠣ ᠪᠠᠶᠢᠭᠰᠠᠨ ᠬᠤᠶᠠᠷ ᠸᠠᠩ ᠭᠢᠭᠡᠣᠨ | ᠵᠠᠭᠤᠨ ᠡᠯᠴᠢ ᠶᠢ ᠠᠯᠠᠭᠠᠳ ᠦᠯᠡᠳᠡᠭᠰᠡᠨ ᠣᠯᠠᠨ ᠢᠶᠠᠨ ᠲᠠᠭᠠᠭᠤᠯᠵᠣ ᠡᠪᠣᠯᠵᠢᠶ᠎ᠠ ᠶᠢᠨ ᠨᠣᠳᠤᠭ ᠤᠨ ᠭᠠᠵᠡᠷ ᠲᠤ | ᠪᠣᠷᠣᠭᠤᠯᠠᠵᠣ ᠶᠠᠪᠣᠵᠠᠢ᠃ ᠲᠠᠭᠦᠨ ᠤ ᠵᠣᠰᠠᠯᠠᠩ ᠤᠨ ᠨᠣᠳᠤᠭ ᠨᠢ ᠠᠯᠳᠠᠢ ᠠᠭᠤᠯᠨ ᠶᠢᠨ ᠲᠣᠳᠣᠷ᠎ᠠ ᠪᠠᠶᠢᠳᠠᠭ᠃ | ᠰᠣᠶᠣᠷᠬᠠᠭᠳᠠᠭᠰᠠᠨ ᠨᠣᠳᠤᠭ ᠨᠢ ᠭᠡᠪᠠᠯ ᠮᠦᠨ ᠬᠦ ᠰᠣᠷᠠᠬᠠᠳᠠᠨᠢ ᠡᠭᠡ ᠳᠤᠨᠢ ᠰᠣᠶᠣᠷᠬᠠᠭᠳᠠᠭᠰᠠᠨ ᠭᠤᠷᠪᠠᠨ ᠡᠳᠣᠷ | ᠤᠨ ᠵᠠᠮ ᠭᠢᠷᠢᠳᠠᠢ ᠠᠭᠤᠵᠢᠮ ᠨᠣᠳᠤᠭ ᠶᠤᠮ︾ ︵︽ᠳ᠋ᠣᠰᠰᠣᠨ ᠤ ᠮᠣᠩᠭᠤᠯ ᠤᠨ ᠲᠠᠣᠭᠡ ︵ᠬᠤᠶᠠᠷ︶︾᠂ | ᠦᠪᠣᠷ ᠮᠣᠩᠭᠤᠯ ᠤᠨ ᠠᠷᠠᠣᠨ ᠲᠤ ᠭᠡᠪᠯᠡᠯ ᠤᠨ ᠬᠤᠷᠢᠶ᠎ᠠ᠂ 1991 ᠣᠨ᠂ 294 ᠨᠢᠭᠤᠷ︶ ᠭᠡᠳᠡᠭ ᠲᠠᠢ | ᠲᠣᠭᠢᠷᠠᠵᠣ ᠪᠣᠢ᠃ | ᠠᠷᠢᠠᠠᠪᠦ᠋ᠭᠡ ᠶᠢᠨ ᠦᠮᠴᠢ ᠢᠷᠭᠡᠣᠨ ᠪᠠᠶᠢᠭᠰᠠᠨ ᠦᠵᠣᠮᠣᠴᠢᠨᠴᠣᠣᠨ 1259 ᠣᠨ ᠳᠤ ᠮᠦᠡᠭᠭᠡ ᠬᠠᠭᠠᠨ ᠢ ᠨᠠᠰᠣ | ᠨᠥᠭᠴᠢᠲᠠᠯᠠ ᠲᠠᠭᠡᠷ᠎ᠠ ᠭᠡᠯᠡᠭᠰᠡᠨ ᠠᠷᠢᠭ ᠪᠦᠭᠡ ᠶᠢᠨ ᠬᠠᠷᠢᠶ᠎ᠠ ᠨᠣᠳᠤᠭ ᠲᠠᠭᠠᠨ ᠪᠠᠶᠢᠵᠠᠢ᠃ | 1260 ᠣᠨ ᠳᠤ ᠬᠤᠪᠢᠯᠠᠢ ᠱᠠᠩᠳᠣ ᠬᠤᠳᠠ ᠳᠤ ᠬᠠᠭᠠᠨ ᠰᠠᠭᠤᠵᠣ᠂ ᠲᠠᠭᠦᠦ ᠨᠢ ᠠᠷᠢᠠᠠᠪᠦ᠋ᠭᠡ ᠬᠠᠷ᠎ᠠ ᠬᠤᠷᠣᠮ | ᠳᠤ ᠬᠠᠭᠠᠨ ᠰᠠᠭᠤᠭᠰᠠᠨ ᠢᠶᠠᠷ 1260 — 1264 ᠣᠨ ᠳᠤ ᠠᠷᠢᠠᠠᠪᠦ᠋ᠭᠡ ᠬᠤᠪᠢᠯᠠᠢ ᠳᠤ ᠪᠠᠭᠤᠵᠣ ᠦᠭᠳᠡᠯᠡ | ᠠᠷᠢᠠᠠᠪᠦ᠋ᠭᠡ ᠶᠢᠨ ᠬᠠᠷᠢᠶᠠᠳᠣ ᠠᠷᠠᠣᠨ ᠢᠷᠭᠡᠣᠨ ᠲᠣᠳᠣᠭᠠᠳᠣ ᠶᠢᠨ ᠲᠠᠶᠢᠨ ᠤ ᠭᠦᠯ ᠣᠶᠢᠮᠡᠭᠡᠨ ᠳᠤ ᠴᠢᠷᠦᠭᠳᠡᠨ | ᠲᠠᠳᠠᠭᠳᠠᠵᠣ ᠶᠠᠪᠣᠭᠰᠠᠨ ᠪᠠ 1268 ᠣᠨ ᠳᠤ ᠡᠭᠦᠰᠦᠭᠰᠡᠨ ᠬᠠᠶᠢᠳᠣ ᠪᠣᠯᠣᠨ ᠬᠤᠪᠢᠯᠠᠢ ᠶᠢᠨ ᠬᠤᠭᠤᠷᠣᠨᠳᠣᠭᠢ | ᠲᠠᠶᠢᠨ ᠳᠤ ᠨᠦᠯᠦᠭᠡᠯᠡᠭᠳᠡᠭᠰᠡᠨ ᠠᠴᠠ ᠣᠣᠯ ᠨᠣᠳᠤᠭ ᠠᠴᠠ ᠪᠠᠨ ᠵᠠᠭᠦᠨᠰᠢ ᠣᠭᠰᠢᠨ ᠬᠠᠨᠭ᠍ᠭᠠᠢ ᠶᠢᠨ ᠨᠢᠷᠣᠭᠤ ᠶᠢᠨ | ᠠᠷᠣ ᠦᠪᠣᠷ ᠢᠶᠠᠷ ᠨᠣᠳᠤᠭ ᠰᠢᠯᠵᠢᠨ ᠰᠠᠭᠤᠭᠰᠠᠨ ᠰᠢᠭ᠋ ᠶᠤᠮ᠃ ᠦᠵᠣᠮᠣᠴᠢᠨ ᠤ ᠣᠷᠳᠣᠨ ᠰᠦᠯᠳᠠ ᠶᠢᠨ | ᠲᠠᠭᠤᠣ ᠶᠡᠭᠡ ᠪᠣᠭᠳᠠ ︽ᠪᠣᠯᠠᠭᠠᠨ ᠬᠠᠨᠭ᠍ᠭᠠᠢ︾ ᠨᠢ 1271 ᠣᠨ ᠪᠣᠶᠣ ᠲᠠᠭᠦᠨ ᠠᠴᠠ ᠬᠤᠶᠢᠨ᠎ᠡ | ᠵᠣᠭᠢᠶᠠᠭᠳᠠᠭᠰᠠᠨ ᠠᠴᠠ ᠦᠵᠡᠪᠠᠯ ᠦᠵᠣᠮᠣᠴᠢᠨᠴᠣᠣᠨ 1264 ᠣᠨ ᠠᠴᠠ 1271 ᠣᠨ ᠤ ᠬᠤᠭᠤᠷᠣᠨᠳᠣ | ᠨᠢᠭᠡᠨᠳᠠ ᠬᠠᠨᠭ᠍ᠭᠠᠢ ᠨᠣᠳᠤᠭ ᠲᠤ ᠢᠷᠡᠴᠢᠭᠡᠣᠨ ᠪᠠᠶᠢᠭᠰᠠᠨ ᠨᠢ ᠪᠠᠳᠣᠳᠠᠢ ᠶᠤᠮ᠃ ︽ᠶᠡᠭᠡ ᠪᠣᠭᠳᠠ ᠪᠣᠯᠠᠭᠠᠨ | ᠬᠠᠨᠭ᠍ᠭᠠᠢ︾ ᠲᠠᠭᠤᠣ ᠳᠤ ︽ᠲᠠᠪᠠᠭ᠎ᠠ ᠴᠣ᠋ ᠭᠡᠮᠡᠨ ᠲᠠᠪᠠᠭ᠎ᠠ ᠦᠦ ᠲᠠᠶᠢᠳᠣ ᠬᠤᠳᠠ ᠶᠢᠨ ᠲᠠᠪᠠᠭ᠎ᠠ ᠰᠢᠣ︾ ᠭᠡᠵᠣ | ᠲᠠᠭᠤᠯᠠᠳᠠᠭ ᠨᠢ ᠡᠨᠡ ᠲᠠᠭᠤᠣ ᠶᠢ ᠵᠣᠭᠢᠶᠠᠭᠳᠠᠬᠤ ᠡᠷᠢᠨ ᠳᠤ ᠬᠤᠪᠢᠯᠠᠢ ᠬᠠᠭᠠᠨ ᠨᠢᠭᠡᠨᠳᠠ ᠪᠡᠭᠡᠵᠢᠩ ᠬᠤᠳᠠ ᠶᠢ ︽ | ᠲᠠᠶᠢᠳᠣ︾ ᠭᠡᠮᠡᠨ ᠨᠠᠷᠠᠯᠡᠴᠢᠭᠡᠭᠡᠣᠨ ᠪᠠᠶᠢᠵᠠᠢ᠃ ᠠᠯᠳᠠᠨ ᠣᠯᠣᠰ ᠤᠨ ᠵᠦᠡᠭᠳᠣ ᠨᠠᠶᠢᠰᠯᠠᠯ ᠢ ᠶᠣᠸᠠᠨ ᠣᠯᠣᠰ ᠤᠨ ︽ | ᠲᠠᠶᠢᠳᠣ︾ ᠭᠡᠮᠡᠨ ᠡᠷᠭᠦᠮᠵᠢᠯᠠᠨ ᠨᠠᠶᠢᠰᠯᠡᠭᠰᠡᠨ ᠨᠢ 1271 ᠣᠨ ᠪᠣᠯᠬᠤ ᠶᠤᠮ᠃ | ᠢᠡᠭᠭᠢᠵᠣ ᠲᠦᠯᠭᠢᠨ ᠪᠣᠳᠣᠪᠠᠯ᠂ ᠦᠵᠣᠮᠣᠴᠢᠨᠴᠣᠣᠨ ᠬᠠᠮᠤᠭ ᠣᠷᠣᠢ ᠳᠠᠭᠠᠨ ᠬᠠᠨᠭ᠍ᠭᠠᠢ ᠨᠢᠷᠣᠭᠤᠨ ᠳᠤ ᠨᠠᠭᠦᠳᠠᠯᠠᠨ | ᠢᠷᠠᠵᠣ ᠰᠠᠭᠤᠭᠰᠠᠨ ᠨᠢ 1271 ᠣᠨ ᠪᠣᠯᠣᠨ᠎ᠡ᠃ ᠭᠡᠪᠠᠴᠣ ᠦᠵᠣᠮᠣᠴᠢᠨ ᠠᠶᠢᠮᠠᠭ ᠨᠢ ᠠᠷᠢᠠᠠᠪᠦ᠋ᠭᠡ ᠬᠤᠪᠢᠯᠠᠢ | ᠶᠢᠨ ᠡᠷᠭᠡ ᠪᠣᠯᠢᠶᠠᠴᠠᠭᠰᠠᠨ ᠲᠠᠶᠢᠨ ᠠᠴᠠ ᠬᠤᠯᠨ ᠡᠮᠣᠨ᠎ᠡ ᠬᠠᠨᠭ᠍ᠭᠠᠢ ᠨᠣᠳᠤᠭ ᠢᠶᠠᠷ ᠰᠠᠭᠤᠵᠣ ᠪᠠᠶᠢᠭᠰᠠᠨ ᠴᠣ᠋ | ᠮᠠᠭᠠᠣᠨ ᠦᠭᠡᠢ᠂ ᠶᠠᠭᠤ ᠴᠣ᠋ ᠭᠡᠰᠡᠨ 1260 — 1270 ᠣᠨ ᠤ ᠬᠤᠭᠤᠷᠣᠨᠳᠣ ᠦᠵᠣᠮᠣᠴᠢᠨ ᠠᠶᠢᠮᠠᠭ ᠨᠢ | ᠬᠠᠨᠭ᠍ᠭᠠᠢ ᠨᠣᠳᠤᠭ ᠢᠶᠠᠷ ᠨᠣᠳᠣᠭᠯᠠᠵᠣ ᠪᠠᠶᠢᠭᠰᠠᠨ ᠪᠣᠯᠣᠮᠵᠢ ᠪᠣᠢ᠃ ᠦᠵᠣᠮᠣᠴᠢᠨ ᠳᠤ ᠬᠠᠨᠭ᠍ᠭᠠᠢ ᠶᠢᠨ ᠰᠠᠲᠤᠪᠲᠤ | ᠲᠠᠪᠤ ᠵᠢᠷᠭᠤᠭᠠᠨ ᠲᠠᠭᠤᠣ ᠪᠠᠶᠢᠳᠠᠭ᠃ ᠡᠶᠢᠮᠣ ᠣᠯᠠᠨ ᠲᠠᠭᠤᠣ ᠬᠤᠭᠤᠷ ᠵᠣᠭᠢᠶᠠᠭᠳᠠᠨᠡ ᠭᠡᠳᠡᠭ ᠨᠢ ᠨᠢᠭᠡ ᠳᠤ | ᠠᠷᠠᠣᠨ ᠲᠦᠮᠡᠨ ᠤ ᠠᠮᠢᠳᠣᠷᠠᠯ ᠲᠣᠭᠳᠠᠭᠤᠨ ᠲᠠᠨᠢᠭᠦᠨ᠂ ᠡᠩᠭᠡ ᠠᠮᠣᠭᠤᠯᠠᠩ ᠭᠦᠮᠣᠰ ᠤᠨ ᠵᠣᠷᠢᠭ ᠰᠠᠨᠠᠭ᠎ᠠ | ᠪᠠᠳᠠᠷᠠᠩᠭᠤᠢ ᠭᠦᠭᠵᠢᠭᠦᠨ ᠣᠷᠴᠢᠨ ᠲᠣᠭᠤᠷᠢᠨ ᠪᠠ ᠨᠠᠯᠢᠶᠠᠣᠨ ᠣᠷᠳᠣ ᠲᠠᠣᠭᠡᠨ ᠴᠠᠭ ᠦᠶ᠎ᠠ ᠶᠢ ᠦᠡᠭᠭᠡᠷᠡᠭᠡᠵᠣ | ᠲᠣᠭᠤᠯᠬᠤ ᠣᠴᠢᠷᠳᠠᠢ ᠶᠤᠮ᠃ ᠲᠠᠶᠢᠮᠣ ᠪᠠᠷ ᠢᠶᠠᠨ ᠪᠢ 1271 — 1370 ᠣᠨ ᠭᠦᠷᠳᠠᠯᠠᠭᠢ ᠪᠦᠭᠦᠶᠢᠯᠨ | ᠵᠠᠭᠤᠨ ᠤ ᠬᠤᠭᠤᠴᠠᠭᠠᠨ ᠳᠤ ᠦᠵᠣᠮᠣᠴᠢᠨ ᠠᠶᠢᠮᠠᠭ ᠨᠢ ᠬᠠᠨᠭ᠍ᠭᠠᠢ ᠨᠣᠳᠤᠭ ᠲᠤ ᠣᠷᠣᠩᠨᠠᠨ ᠠᠮᠢᠳᠣᠷᠠᠵᠣ ᠪᠠᠶᠢᠪᠠ | ᠭᠡᠵᠣ ᠦᠵᠡᠨ᠎ᠡ᠃ | ᠭᠤᠷᠪᠠ᠂ ᠦᠵᠣᠮᠣᠴᠢᠨ ᠤ ᠣᠪᠣᠭ ᠣᠭᠰᠠᠭ᠎ᠠ | ︽ᠣᠢ ᠶᠢᠨ ᠢᠷᠭᠡᠣᠨ︾ ᠶᠢᠨ ᠨᠢᠭᠡᠨ ᠰᠠᠯᠠᠭ᠎ᠠ ᠪᠤᠯᠬᠤ ᠡᠷᠳᠠᠨ ᠤ ᠦᠵᠣᠮᠣᠴᠢᠨ ᠣᠪᠣᠭ ᠶᠠᠰᠣᠳᠠᠣᠨ ᠨᠢ ᠲᠠᠭᠦᠨ | ᠤ ᠣᠪᠣᠭ ᠣᠭᠰᠠᠭ᠎ᠠ ᠶᠢᠨ ᠪᠦᠷᠢᠯᠳᠣᠭᠦᠨ ᠪᠦᠳᠣᠴᠠ ᠶᠢᠨ ᠲᠠᠯ᠎ᠠ ᠠᠴᠠ ᠨᠢ ᠵᠠᠳᠠᠯᠣᠨ ᠰᠢᠨᠵᠢᠯᠠᠭᠦ ᠳᠤ ᠣᠢ ᠶᠢᠨ | ᠢᠷᠭᠡᠣᠨ ᠤᠨ ᠪᠦᠷᠢᠯᠳᠣᠭᠦᠨ ᠭᠡᠳᠡᠭ ᠨᠢ ᠲᠣᠪ ᠲᠣᠳᠣᠷᠬᠠᠢ ᠠᠵᠢᠭᠯᠠᠭᠳᠠᠳᠠᠭ ᠶᠤᠮ᠃ ᠦᠵᠣᠮᠣᠴᠢᠨᠴᠣᠣᠨ᠂ ᠶᠡᠭᠡ | ᠮᠣᠩᠭᠤᠯ ᠲᠦᠷᠣ ᠶᠢᠨ ᠡᠵᠡᠮᠰᠢᠯ ᠳᠤ ᠣᠷᠣᠭᠰᠠᠨ ᠨᠢ ᠴᠢᠩᠭᠢᠰ ᠬᠠᠭᠠᠨ ᠤ ᠬᠤᠶᠠᠳᠣᠭᠠᠷ ᠣᠨ᠂ ᠣᠯᠠᠭᠴᠢᠨ | ᠲᠠᠣᠯᠠᠢ ᠵᠢᠯ ᠪᠣᠶᠣ ᠨᠠᠶᠢᠳᠠ ᠶᠢᠨ ᠣᠨ ᠲᠣᠭᠠᠯᠠᠯ ᠤᠨ 1207 ᠣᠨ ᠤ ᠣᠴᠢᠷ ᠶᠤᠮ᠃ ᠡᠨᠡ ᠵᠢᠯ ᠳᠤ ᠴᠢᠩᠭᠢᠰ | ᠬᠠᠭᠠᠨ ᠠᠬᠠᠮᠠᠣᠨ ᠭᠦᠪᠡᠭᠦᠨ ᠵᠦᠴᠢ ᠪᠠᠷ ᠢᠶᠠᠨ ᠪᠠᠷᠠᠭᠤᠨ ᠭᠠᠷ ᠤᠨ ᠴᠡᠷᠢᠭ ᠢᠶᠠᠨ ᠵᠠᠭᠢᠷᠣᠭᠤᠯᠵᠣ᠂ ᠣᠢ ᠶᠢᠨ | ᠢᠷᠭᠡᠣᠨ ᠢ ᠡᠯᠰᠠᠨ ᠲᠠᠭᠠᠭᠤᠯᠬᠤ ᠪᠠᠷ ᠲᠣᠮᠢᠯᠠᠭᠰᠠᠨ ᠪᠢᠯᠨ᠃ | ᠡᠨᠡ ᠲᠣᠬᠠᠢ ︽ᠮᠣᠩᠭᠤᠯ ᠤᠨ ᠨᠢᠭᠤᠴᠠ ᠲᠣᠪᠴᠢᠶᠠᠨ︾ ᠤ 239 ᠳ᠋ᠣᠭᠡᠷ ᠵᠣᠶᠢᠯ ᠳᠤ᠄ ︽ᠲᠠᠣᠯᠠᠢ ᠵᠢᠯ ︵ | 1207︶ ᠵᠦᠴᠢ ᠪᠠᠷ ᠪᠠᠷᠠᠭᠤᠨ ᠭᠠᠷ ᠤᠨ ᠴᠡᠷᠢᠭ ᠢ ᠲᠠᠷᠣᠭᠠᠯᠠᠭᠤᠯᠵᠣ᠂ ᠣᠢ ᠶᠢᠨ ᠢᠷᠭᠡᠨ ᠢ ᠲᠠᠶᠢᠴᠢᠯᠠᠬᠤ ᠪᠠᠷ | ᠮᠣᠷᠳᠠᠬᠤ ᠳᠤ ᠪᠣᠬ᠎ᠠ ᠶᠢ ᠭᠠᠵᠠᠷᠴᠢ ᠪᠣᠯᠭᠠᠵᠣ ᠶᠠᠪᠣᠭᠤᠯᠪᠠ᠃ ᠣᠶᠢᠷᠠᠣᠨ ᠤᠨ ᠬᠤᠳᠤᠬ᠎ᠠ ᠪᠠᠭᠢ ᠲᠦᠮᠡᠨ ᠣᠶᠢᠷᠠᠣᠨ | ᠢᠶᠠᠨ ᠲᠠᠭᠠᠭᠤᠯᠵᠣ ᠬᠠᠮᠤᠭ ᠤᠨ ᠣᠷᠢᠣᠨ ᠡᠯᠰᠠᠨ ᠣᠷᠣᠵᠣ ᠢᠷᠠᠪᠠ᠃ ᠬᠤᠳᠤᠬ᠎ᠠ ᠪᠠᠭᠢ ᠵᠦᠴᠢ ᠳᠤ ᠭᠠᠵᠠᠷᠴᠢᠯᠠᠨ | ᠲᠦᠮᠡᠨ ᠣᠶᠢᠷᠠᠣᠨ ᠤᠨ ᠨᠣᠳᠤᠭ ᠢᠶᠠᠷ ᠶᠠᠪᠣᠵᠣ ᠰᠢᠭ᠍ᠰᠢᠣᠨ ᠭᠡᠭᠦ ᠭᠠᠵᠡᠷ ᠲᠤ ᠣᠴᠢᠪᠠ᠃ ᠵᠦᠴᠢ᠂ ᠣᠶᠢᠷᠠᠣᠨ᠂ | ᠪᠣᠷᠢᠶᠠᠣᠨ᠂ ᠪᠠᠷᠭᠤ᠂ ᠣᠷᠰᠣᠣᠨ᠂ ᠬᠠᠪᠬᠠᠨᠠᠰ᠂ ᠬᠠᠨᠭ᠍ᠬᠠᠰ᠂ ᠲᠤᠪᠠᠰ ᠠᠶᠢᠮᠠᠭ ᠤᠳ ᠢ ᠣᠷᠣᠭᠤᠯᠣᠭᠠᠣᠨ᠂ ᠲᠦᠮᠡᠨ | ᠭᠢᠷᠭᠢᠰ ᠤᠨ ᠨᠣᠳᠤᠭ ᠲᠤ ᠭᠦᠷᠭᠦ ᠳᠤ᠂ ᠭᠢᠷᠭᠢᠰ ᠤᠨ ᠨᠣᠶᠠᠣᠨ ᠶᠠᠳᠢ᠂ ᠢᠨᠠᠯ᠂ ᠠᠯᠳᠠᠭᠢᠷ᠂ ᠦᠷᠠᠪᠡᠭ᠂ ᠲᠠᠭᠢᠨ | ᠨᠠᠷ ᠡᠯᠰᠠᠨ ᠣᠷᠣᠵᠣ᠂ ᠴᠠᠭᠠᠨ ᠱᠣᠩᠬᠤᠷ᠂ ᠴᠠᠭᠠᠨ ᠮᠣᠷᠢᠣᠨ᠂ ᠬᠠᠷ᠎ᠠ ᠪᠣᠯᠠᠭ᠎ᠠ ᠵᠡᠷᠭᠡ ᠶᠢ ᠠᠪᠴᠣ ᠢᠷᠡᠭᠡᠣᠨ | ᠵᠦᠴᠢ ᠳᠤ ᠠᠭᠤᠯᠵᠠᠪᠠ᠃ ᠵᠦᠴᠢ ᠪᠠᠰᠠ ᠰᠢᠪᠢᠷ᠂ ᠭᠡᠰᠳᠢᠶᠠᠮ᠂ ᠪᠠᠶᠢᠣᠨ ︵ᠪᠠᠶ᠋ᠢᠣᠨ︶ ᠲᠤᠬᠠᠰ᠂ ᠲᠠᠩᠯᠠᠩ | ᠵᠥᠭᠡᠯᠡᠰ᠂ ᠲᠠᠰ᠂ ᠪᠢᠵᠢᠬᠢᠳ ᠭᠡᠭᠦ ᠤᠪᠤᠭᠲᠠᠨ ᠨᠤᠭᠤᠳ ᠠᠴᠠ ᠨᠠᠭᠠᠰᠢᠭᠢ ᠣᠢ ᠶᠢᠨ ᠠᠷᠠᠣᠨ ᠤᠳ ᠢ | ᠣᠷᠣᠭᠤᠯᠣᠨ ᠠᠪᠴᠣ᠂ ᠭᠢᠷᠭᠢᠰ ᠤᠨ ᠲᠦᠮᠡᠨ᠂ ᠮᠢᠩᠭᠠᠨ ᠤ ᠨᠣᠶᠠᠨ ᠪᠣᠯᠣᠨ ᠣᠢ ᠶᠢᠨ ᠢᠷᠭᠡᠨ ᠤ ᠨᠣᠶᠠᠣᠨ ᠢ | ᠲᠠᠭᠠᠭᠤᠯᠣᠨ ᠢᠷᠠᠵᠣ᠂ ᠴᠢᠩᠭᠢᠰ ᠬᠠᠭᠠᠨ ᠳᠤ ᠠᠭᠤᠯᠵᠠᠭᠤᠯᠬᠤ ᠳᠤ ᠲᠠᠷᠨ ᠨᠣᠶᠠᠣᠨ ᠤᠳ ᠴᠠᠭᠠᠨ ᠱᠣᠩᠬᠤᠷ᠂ | ᠴᠠᠭᠠᠨ ᠠᠭᠳᠠ ᠭᠢᠭᠡᠣᠨ ᠬᠠᠷ᠎ᠠ ᠪᠣᠯᠠᠭ᠎ᠠ ᠨᠤᠭᠤᠳ ᠢ ᠠᠪᠴᠢᠷᠠᠵᠣ ᠪᠡᠯᠡᠭ ᠪᠣᠯᠭᠠᠨ ᠪᠠᠷᠢᠪᠠ᠃ ᠴᠢᠩᠭᠢᠰ ᠬᠠᠭᠠᠨ᠂ | ᠣᠶᠢᠷᠠᠣᠨ ᠤᠨ ᠬᠤᠳᠤᠬ᠎ᠠ ᠪᠠᠭᠢ ᠶᠢ ᠲᠦᠮᠡᠨ ᠣᠶᠢᠷᠠᠣᠨ ᠢᠶᠠᠨ ᠲᠦᠷᠣᠭᠦᠯᠠᠵᠣ ᠣᠳᠣᠷᠢᠳᠣᠨ᠂ ᠣᠷᠢᠳᠠ ᠪᠠᠷ | ᠡᠯᠰᠠᠨ ᠢᠷᠡᠭᠰᠡᠨ ᠰᠠᠶᠢᠰᠢᠶᠠᠨ ᠰᠣᠶᠣᠷᠬᠠᠵᠣ᠂ ᠲᠠᠭᠦᠨ ᠤ ᠬᠦᠦ ᠢᠨᠠᠯᠴᠢ ᠳᠤ ᠴᠡᠴᠡᠶᠢᠭᠡᠨ ᠦᠭᠢᠨ ᠢᠶᠠᠨ ᠦᠭᠪᠠ᠃ | ᠢᠨᠠᠯᠴᠢ ᠶᠢᠨ ᠠᠬ᠎ᠠ ᠲᠦᠷᠣᠯᠴᠢ ᠳᠤ ᠵᠦᠴᠢ ᠶᠢᠨ ᠦᠭᠢᠨ ᠬᠤᠯᠣᠶᠢᠬᠠᠨ ᠢ ᠦᠭᠪᠠ᠃ ᠠᠯᠠᠭ᠎ᠠ ᠪᠠᠭᠢ ᠶᠢ | ᠣᠡᠭᠭᠤᠣᠨ ᠲᠤ ᠦᠭᠪᠠ᠃ ᠴᠢᠩᠭᠢᠰ ᠬᠠᠭᠠᠨ ᠵᠦᠴᠢ ᠶᠢ ᠰᠣᠶᠣᠷᠬᠠᠵᠣ ᠭᠡᠯᠡᠭᠰᠡᠨ ᠨᠢ᠄ ︽ᠭᠦᠪᠡᠭᠦᠨ ᠤ ᠠᠬ᠎ᠠ | ᠮᠢᠨᠢ ᠴᠢ ᠰᠢᠣ ᠳ᠋ᠠ︕ ᠠᠩᠬ᠎ᠠ ᠣᠳᠠᠭ᠎ᠠ ᠭᠡᠷ ᠠᠴᠠ ᠭᠠᠷᠴᠣ᠂ ᠮᠦᠷ ᠰᠠᠶᠢᠳᠠᠢ ᠣᠴᠢᠭᠰᠠᠨ ᠭᠠᠵᠡᠷ ᠲᠠᠭᠠᠨ ᠡᠷ᠎ᠠ | ᠴᠡᠷᠢᠭ ᠠᠭᠳᠠ ᠮᠣᠷᠢ ᠶᠢ ᠰᠢᠷᠬᠠᠳᠣᠭᠤᠯᠣᠭᠰᠠᠨ ᠦᠭᠡᠢ᠂ ᠵᠣᠪᠠᠭᠠᠭᠰᠠᠨ ᠦᠭᠡᠢ ᠪᠠᠷ ᠦᠯᠵᠠᠢ ᠲᠠᠢ ᠰᠠᠶᠢᠨ ᠢᠶᠠᠷ | ᠶᠠᠪᠣᠵᠣ᠂ ᠣᠢ ᠶᠢᠨ ᠢᠷᠭᠡᠣᠨ ᠢ ᠡᠯᠰᠠᠨ ᠣᠷᠣᠭᠤᠯᠵᠣ ᠢᠷᠠᠪᠠ ᠴᠢ᠃ ᠡᠳᠡᠭᠡᠷ ᠢᠷᠭᠡᠨ ᠢ ᠴᠢᠮᠠᠳᠣ ᠬᠠᠷᠢᠶᠠᠳᠣ | ᠪᠣᠯᠭᠠᠵᠣ ᠦᠭᠭᠦᠶ᠎ᠠ︾ ᠭᠡᠵᠣ ᠵᠠᠷᠯᠢᠭ ᠪᠣᠯᠪᠠ᠃ | ︽ᠮᠣᠩᠭᠤᠯ ᠤᠨ ᠨᠢᠭᠤᠴᠠ ᠲᠣᠪᠴᠢᠶᠠᠨ︾ ᠤ ᠮᠡᠳᠡᠭᠡ ᠪᠠᠷ ᠪᠣᠯ ᠣᠢ ᠶᠢᠨ ᠢᠷᠭᠡᠨ ᠤ ᠰᠠᠯᠪᠣᠷᠢ ᠪᠣᠯᠬᠤ | ᠦᠵᠣᠮᠣᠴᠢᠨᠴᠣᠣᠨ ᠲᠠᠷᠨ ᠦᠶ᠎ᠠ ᠳᠤ ᠰᠢᠭ᠍ᠰᠢᠣᠨ ︵ᠱᠢᠠᠠᠱᠢᠳ ᠴᠣ᠋ ᠭᠡᠭᠦ᠂ ᠣᠳᠣ ᠰᠠᠭᠰᠠᠢ ᠶᠢᠨ ᠭᠤᠣᠯ ᠭᠡᠳᠡᠭ︶ | ᠭᠤᠣᠯ ᠢᠶᠠᠷ ᠨᠣᠳᠣᠭᠯᠠᠵᠣ ᠪᠠᠶᠢᠬᠤ ᠳᠠᠭᠠᠨ ᠡᠯᠰᠠᠨ ᠲᠠᠭᠠᠭᠠᠯᠤᠭᠲᠠᠭᠰᠠᠨ ᠶᠤᠮ ᠪᠠᠶᠢᠨ᠎ᠡ᠃ ᠲᠠᠷᠨ ᠦᠶ᠎ᠠ ᠳᠤ | ᠦᠵᠣᠮᠣᠴᠢᠨ ᠤ ᠡᠯᠰᠠᠨ ᠲᠠᠭᠠᠭᠰᠠᠨ ᠣᠪᠣᠭ ᠠᠶᠢᠮᠠᠭ ᠤᠳ ᠢ ᠪᠢᠳᠠ ᠠᠩᠬ᠎ᠠ ᠠᠯᠬᠤᠮ᠂ ᠪᠠᠷᠭᠤ᠂ ᠪᠣᠷᠢᠶᠠᠣᠨ᠂ | ᠲᠦᠮᠠᠣᠨ᠂ ᠬᠠᠪᠬᠠᠴᠢᠨ᠂ ᠰᠢᠷᠭᠠᠭᠤᠳ᠂ ᠪᠣᠳᠠᠩᠭᠤᠣᠨ᠂ ᠭᠢᠷᠭᠢᠰ ︵ᠰᠢᠷᠠᠨᠣᠣᠨ︶᠂ ᠬᠠᠴᠢᠳ᠂ ᠭᠤᠨ᠎ᠡ᠂ | ᠰᠢᠷᠭ᠎ᠠ ᠠᠵᠢᠷᠭ᠎ᠠ᠂ ᠴᠠᠭᠠᠨ᠂ ᠪᠣᠷᠣᠨᠣᠣᠨ᠂ ᠬᠤᠯᠠᠭᠢᠨᠣᠣᠨ᠂ ᠮᠠᠨᠳᠣ᠂ ᠰᠠᠪᠠᠨᠠᠷ᠂ ᠣᠶᠢᠰᠣᠩ᠂ ᠭᠤᠷᠪᠠᠨ ᠭᠢᠳᠠᠣᠨ | ᠂ ᠰᠥᠷᠰᠠᠩ᠂ ᠲᠤᠬᠤᠷᠠᠭᠤᠳ᠂ ᠰᠠᠷᠳᠠᠭᠤᠯ᠂ ᠪᠠᠶᠠᠣᠨ᠂ ᠲᠠᠪᠣᠣᠨ᠂ ᠣᠷᠢᠶᠠᠩᠬᠠᠨ᠂ ᠬᠠᠶᠢᠰᠣ᠂ ᠴᠣᠭᠢᠶᠠᠴᠢᠨ᠂ | ᠯᠤᠤᠰᠴᠢᠨ᠂ ᠲᠠᠮᠡᠭᠡᠴᠢᠨ᠂ ᠪᠣᠭᠤᠷᠣᠯ᠂ ᠵᠢᠷᠣᠬᠠᠢ᠂ ᠦᠨᠡᠭᠡ ᠱᠣᠩᠬᠤᠷ᠂ ᠲᠠᠶᠢᠭ᠎ᠠ ᠶᠠᠩᠭᠠᠣᠨ᠂ ᠪᠣᠬ᠎ᠠ ᠱᠠᠯᠵᠢ᠂ | ᠴᠠᠯᠢᠩᠭᠡᠷ᠂ ᠭᠦᠪᠡᠭᠡᠣᠨ᠂ ᠭᠢᠪᠴᠠᠭ᠂ ᠪᠢᠵᠢᠭᠡᠣᠨ᠂ ᠠᠣᠨᠬᠤᠣᠨ᠂ ᠡᠷᠭᠢᠭᠦᠣᠨ ᠁ ᠵᠡᠷᠭᠡ ᠣᠪᠣᠭ ᠶᠠᠰᠣᠳᠠᠣᠨ | ᠪᠠᠶᠢᠭᠰᠠᠨ ᠭᠡᠵᠤ ᠥᠵᠡᠵᠤ ᠪᠠᠶᠢᠬᠤ ᠪᠥᠭᠡᠳ ᠠᠯᠳᠠᠢ ᠬᠠᠨᠭ᠍ᠭᠠᠢ ᠪᠠᠷ ᠨᠣᠳᠣᠭᠯᠠᠨ ᠪᠠᠶᠢᠭᠰᠠᠨ ᠤ ᠪᠠᠷᠢᠮᠳᠠ ᠪᠣᠯᠠᠭᠠᠨ | ᠦᠵᠣᠮᠣᠴᠢᠨ ᠤ ᠬᠥᠲᠡᠭᠡ ᠰᠦᠯᠳᠠ ᠶᠢᠨ ᠲᠠᠶᠢᠯᠭ᠎ᠠ ᠶᠢᠨ ᠭᠡᠰᠢᠭ ᠭᠦᠷᠳᠠᠭᠦ ᠳᠡᠭᠡᠨ ᠦᠴᠢᠳᠡᠭ ᠭᠡᠳᠣᠨ ᠠᠶᠢᠮᠠᠭ ᠤᠨ | ᠦᠴᠢᠯ ᠰᠢᠯᠦᠭ ᠢ ᠲᠡᠮᠳᠡᠭᠯᠡᠶ᠎ᠠ︕ | ᠴᠠᠭᠠᠨ ᠣᠪᠣᠭᠳᠠᠨ᠄ | ᠠᠯᠳᠠᠢ ᠬᠠᠨᠭ᠍ᠭᠠᠢ ᠶᠢᠨ ᠠᠷᠣ | ᠭᠤᠷᠪᠠᠨ ᠭᠦᠣᠭᠡᠢ ᠨᠣᠳᠤᠭ ᠲᠠᠢ | ᠠᠷᠠᠨᠵᠢᠯ ᠪᠦᠭᠡ ᠶᠢᠨ ᠠᠴᠢ ᠨᠠᠷ | ᠪᠠᠷᠠᠭᠤᠨ ᠴᠠᠭᠠᠨ ᠠᠶᠢᠮᠠᠭ ᠭᠡᠭᠦ ᠪᠠ ᠴᠠᠭᠠᠨ ᠠᠶᠢᠮᠠᠭ ᠤᠨ ᠰᠠᠯᠪᠣᠷᠢ ᠪᠣᠭᠤᠷᠣᠯ ᠤᠨ ᠠᠶᠢᠮᠠᠭ᠂ ᠪᠣᠮ ᠤᠨ ᠠᠶᠢᠮᠠᠭ | ᠤᠨ ᠬᠢᠨ᠄ | ᠪᠣᠭᠤ ᠰᠣᠭᠤ ᠬᠤᠶᠠᠷ ᠢ | ᠠᠯᠳᠠᠯ ᠦᠭᠡᠢ ᠨᠠᠮᠨᠠᠭᠰᠠᠨ | ᠪᠣᠷᠣᠩᠬᠤᠢ ᠲᠠᠶᠢᠰᠣᠨ ᠢ ᠲᠠᠷᠣᠬᠤ ᠳᠤ | ᠪᠣᠴᠠᠯᠳᠠ ᠦᠭᠡᠢ ᠵᠢᠣᠨᠬᠦᠭᠰᠡᠨ | ᠪᠣᠮᠠᠨ ᠴᠠᠭᠠᠨ ᠣᠪᠣᠭᠳᠠᠨ ᠤ | ᠪᠣᠭᠤᠷᠣᠯ ᠤᠨ ᠠᠶᠢᠮᠠᠭ ᠤᠨ ᠦᠷᠠᠰ ᠭᠡᠵᠣ ᠰᠢᠯᠦᠭᠯᠡᠨ ᠦᠴᠢᠳᠡᠭ᠃ | ᠣᠷᠢᠶᠠᠩᠬᠠᠢ ᠣᠪᠣᠭᠳᠠᠨ᠄ | ᠲᠣᠷᠣᠢ ᠪᠠᠭᠤᠷᠠᠢ ᠶᠢ ᠲᠠᠣᠨᠬᠦᠳᠡᠭ | ᠲᠣᠷᠣᠮᠵᠢᠯᠠᠵᠣ ᠭᠤᠳᠣᠭᠠᠬᠤ ᠶᠢ ᠭᠦᠯᠢᠶᠠᠳᠡᠭ ᠦᠭᠡᠢ | ᠲᠤᠭᠰᠢᠨ ᠬᠠᠶ᠋ᠨ ᠶᠢᠨ ᠠᠶᠢᠮᠠᠭ | ᠲᠣᠳᠣᠭᠠᠳᠣ ᠣᠷᠢᠶᠠᠩᠬᠠᠢ ᠶᠢᠨ ᠬᠤᠶᠢᠴᠢᠰ | ᠣᠷᠢᠶᠠᠩᠬᠠᠨ ᠣᠪᠣᠭᠳᠠᠨ᠄ | ᠰᠢᠷᠭᠤᠯᠵᠢ ᠲᠦᠮᠡᠨ ᠴᠡᠷᠢᠭ ᠠᠴᠠ | ᠰᠣᠭᠤᠷᠠᠵᠣ ᠭᠠᠷᠴᠣ ᠢᠷᠡᠭᠰᠡᠨ | ᠬᠠᠨᠭ᠍ᠭᠠᠢ ᠶᠢᠨ ᠠᠷᠣ ᠨᠣᠳᠤᠭ ᠲᠠᠢ | ᠬᠠᠶᠢᠨᠴᠤᠭ ᠪᠦᠭᠡ ᠶᠢᠨ ᠠᠶᠢᠮᠠᠭ | ᠣᠷᠢᠶᠠᠩᠬᠠᠨ ᠣᠪᠣᠭ ᠤᠨ ᠦᠷᠠᠰ ᠭᠡᠮᠡᠨ ᠰᠢᠯᠦᠭᠯᠡᠨ ᠦᠴᠢᠳᠡᠭ | ᠶᠠᠩᠭᠤᠣᠨ ᠣᠪᠣᠭᠳᠠᠨ᠄ | ᠠᠪᠳᠠᠷᠠᠳᠣ ᠬᠠᠳᠠᠨ ᠤ ᠡᠩᠭᠡᠷ ᠢᠶᠠᠷ | ᠠᠯᠳᠠᠢ ᠠᠭᠤᠯᠨ ᠶᠢᠨ ᠠᠷᠣ ᠪᠠᠷ | ᠠᠷᠪᠠᠨ ᠲᠦᠮᠡᠨ ᠴᠡᠷᠢᠭ ᠲᠠᠢ | ᠠᠯᠠᠯᠳᠣᠵᠣ ᠲᠣᠯᠣᠯᠳᠣᠭᠰᠠᠨ ᠶᠠᠩᠭᠤᠣᠨ ᠭᠡᠭᠦ ᠮᠡᠳᠣ ᠪᠠᠷ ᠰᠢᠯᠦᠭᠯᠡᠵᠣ ᠦᠴᠢᠳᠡᠭ ᠪᠢᠯᠨ᠃ | ᠳᠡᠭᠡᠷ᠎ᠡ ᠵᠢᠱᠢᠶᠠᠯᠡᠭᠰᠡᠨ ᠴᠠᠭᠠᠨ ᠠᠶᠢᠮᠠᠭ ︵ᠵᠠᠭᠦᠨ ᠪᠠᠷᠠᠭᠤᠨ ᠴᠠᠭᠠᠨ ᠠᠶᠢᠮᠠᠭ ᠭᠡᠭᠦ ᠪᠣᠶᠣ ᠴᠠᠭᠠᠨ ᠣᠪᠣᠭᠳᠠᠨ ᠤ | ᠪᠣᠭᠤᠷᠣᠯ ᠤᠨ ᠠᠶᠢᠮᠠᠭ︶ ᠣᠷᠢᠶᠠᠩᠬᠠᠨ᠂ ᠶᠠᠩᠭᠤᠣᠨ ᠣᠪᠣᠭ ᠶᠠᠰᠣᠳᠠᠣᠨ ᠪᠦᠭᠦᠨ ᠢᠶᠠᠷ ᠢᠶᠠᠨ ᠦᠪᠡᠷᠰᠡᠣᠨ ᠢ ᠪᠠᠨ | ︽ᠠᠯᠳᠠᠢ᠂ ᠬᠠᠨᠭ᠍ᠭᠠᠢ ᠶᠢᠨ ᠠᠷᠣ︾᠂ ︽ᠬᠠᠨᠭ᠍ᠭᠠᠢ ᠶᠢᠨ ᠠᠷᠣ︾᠂ ︽ᠠᠯᠳᠠᠢ ᠠᠭᠤᠯᠨ ᠶᠢᠨ ᠠᠷᠣ︾ ᠭᠡᠭᠦᠴᠢᠯᠠᠨ | ᠠᠯᠳᠠᠢ ᠬᠠᠨᠭ᠍ᠭᠠᠢ ᠠᠴᠠ ᠠᠷᠣ ᠪᠠᠷ ᠨᠣᠳᠣᠭᠯᠠᠵᠣ ᠪᠠᠶᠢᠭᠰᠠᠨ ᠢᠶᠠᠷ ᠶᠠᠷᠢᠵᠣ ᠪᠠᠶᠢᠬᠤ ᠪᠠᠷ ᠦᠵᠡᠭᠦ ᠳᠤ ᠲᠠᠳᠠᠨᠣᠰ ᠪᠣᠯ | ᠣᠢ ᠶᠢᠨ ᠢᠷᠭᠡᠣᠨ ᠪᠠᠶᠢᠭᠰᠠᠨ ᠨᠢ ᠰᠡᠵᠢᠭᠯᠡᠰᠢ ᠦᠭᠡᠢ᠃ | ᠪᠢᠳᠠ ᠡᠷᠳᠠ ᠦᠶ᠎ᠠ ᠶᠢᠨ ᠢᠵᠠᠭᠤᠷ ᠦᠵᠣᠮᠣᠴᠢᠨ ᠤ ᠪᠦᠷᠢᠯᠳᠣᠭᠦᠨ ᠢ ᠲᠣᠭᠳᠠᠭᠠᠬᠤ ᠳᠠᠭᠠᠨ ᠡᠷᠭᠡᠪᠰᠢ | ᠦᠵᠣᠮᠣᠴᠢᠨ ᠠᠶᠢᠮᠠᠭ ᠴᠢᠩ ᠣᠯᠣᠰ ᠲᠤ ᠲᠠᠭᠠᠵᠣ ᠬᠤᠶᠠᠷ ᠬᠤᠰᠢᠭᠤ ᠰᠠᠯᠭᠠᠨ ᠵᠠᠭᠢᠷᠣᠭᠳᠠᠬᠤ ᠦᠶ᠎ᠠ ᠶᠢᠨ ᠲᠦᠪ | ᠭᠤᠣᠯ ᠬᠠᠷᠢᠶ᠎ᠠ᠂ ᠶᠡᠭᠡ ᠭᠤᠣᠯ᠂ ᠪᠠᠭ᠎ᠠ ᠭᠤᠣᠯ ᠰᠣᠮᠣ᠂ ᠵᠠᠭᠦᠨ ᠭᠤᠣᠯ ᠰᠣᠮᠣ ᠨᠤᠭᠤᠳ ᠤᠨ ᠣᠪᠣᠭ ᠶᠠᠰᠣᠳᠠᠣᠨ | ᠢ ᠡᠩ ᠲᠠᠷᠢᠭᠦᠨ ᠳᠤ ᠪᠣᠳᠣᠯᠭᠢᠯᠠᠬᠤ ᠭᠡᠷᠡᠭᠳᠠᠢ ᠶᠤᠮ᠃ ᠣᠴᠢᠷ ᠨᠢ ᠲᠦᠪ ᠭᠤᠣᠯ ᠬᠠᠷᠢᠶ᠎ᠠ ᠳᠤ ᠪᠠ ᠶᠡᠭᠡ ᠪᠠᠭ᠎ᠠ | ᠭᠤᠣᠯ ᠰᠣᠮᠣ ᠨᠤᠭᠤᠳ ᠲᠤ ᠴᠢᠨ ᠸᠠᠩ ᠠᠴᠠ ᠪᠣᠰᠣᠣᠨ ᠪᠣᠷᠵᠢᠭᠢᠨ ᠣᠪᠣᠭ ᠤᠨ ᠲᠠᠶᠢᠵᠢᠰ ᠪᠠᠶᠢᠳᠠᠭ ᠦᠭᠡᠢ᠃ | ᠪᠦᠭᠦᠨ ᠢᠶᠠᠷ ᠢᠶᠠᠨ ᠬᠠᠷᠠᠴᠣ ᠣᠪᠣᠭ ᠶᠠᠰᠣᠳᠠᠨ ᠪᠠᠶᠢᠵᠣ᠂ ᠲᠠᠳᠠᠨ ᠢ ᠸᠠᠩ ᠤᠨ ᠰᠢᠭᠤᠣᠨ ᠬᠠᠷᠢᠶᠠᠳᠣ ᠭᠡᠵᠡᠭᠡᠲᠡᠭ᠃ | ᠲᠠᠶᠢᠨ ᠬᠦ ᠦᠵᠣᠮᠣᠴᠢᠨ ᠪᠠᠷᠠᠭᠤᠨ ᠬᠤᠰᠢᠭᠤᠨ ᠤ ᠭᠤᠣᠯ ᠭᠤᠷᠪᠠᠨ ᠰᠣᠮᠣ᠂ ᠦᠵᠣᠮᠣᠴᠢᠨ ᠵᠠᠭᠦᠨ ᠭᠠᠷᠣᠨ | ᠬᠤᠰᠢᠭᠤᠨ ᠤ ᠭᠤᠣᠯ ᠬᠤᠶᠠᠷ ᠰᠣᠮᠣ ᠪᠣᠯᠬᠤ ᠡᠳᠡᠭᠡᠷ ᠲᠠᠪᠣᠨ ᠰᠣᠮᠣ ᠢᠷᠭᠡᠣᠨ ᠢ ᠪᠢ ᠣᠡᠭᠭᠤᠨ ᠲᠤᠷᠠᠯ ᠨᠣᠶᠠᠨ ᠤ | ᠦᠮᠴᠢᠯᠡᠭᠰᠡᠨ ᠬᠤᠶᠠᠷ ᠦᠵᠣᠮᠣᠴᠢᠨ ᠤ ᠲᠣᠳᠣᠷᠠᠭᠢ ︽ᠦᠵᠣᠮᠣᠴᠢᠨ ᠤ ᠲᠡᠭᠡᠷ᠎ᠠ ᠰᠠᠭᠤᠪᠠ︾ ᠭᠡᠳᠡᠭ ᠣᠣᠯ | ᠢᠵᠠᠭᠤᠷ ᠤᠨ ᠦᠵᠣᠮᠣᠴᠢᠨ ᠠᠶᠢᠮᠠᠭ ᠢ ᠪᠥᠷᠢᠯᠲᠤᠬᠦᠯᠥᠭᠰᠡᠨ ᠣᠪᠣᠭ ᠶᠠᠰᠣᠳᠠᠣᠨ ᠨᠢ ᠪᠠᠶᠢᠵᠣ ᠮᠠᠳᠠᠨ᠎ᠡ ᠭᠡᠭᠦ | ᠲᠠᠭᠠᠮᠠᠭ ᠢ ᠲᠠᠯᠪᠢᠵᠣ ᠪᠣᠢ᠃ | ᠣ᠂ ᠶᠣᠨᠳᠣᠨ ᠭᠤᠸᠠᠢ ᠶᠢᠨ ᠠᠵᠢᠭᠯᠠᠭᠰᠠᠨ ᠢᠶᠠᠷ ᠨ᠊ · ᠪᠦᠭᠡᠬᠠᠳᠠ ᠶᠢᠨ ︽ᠦᠵᠣᠮᠣᠴᠢᠨ ᠣᠪᠣᠭ︾ ᠨᠣᠮ ᠳᠤ | ᠪᠦᠷᠢᠣᠨᠬᠡᠭᠳᠡᠭᠰᠡᠨ ᠣᠪᠣᠭ ᠤᠳ ᠠᠴᠠ ᠬᠤᠪᠳᠣ ᠳᠤ ᠪᠦᠭᠦᠢ ᠣᠪᠣᠭ ᠲᠠᠢ ᠢᠵᠢᠯᠭᠡᠨ ᠣᠣᠠᠬ᠎ᠠ ᠲᠠᠢ ᠣᠪᠣᠭ ᠤᠳ | ᠨᠢ᠂ ᠠᠪᠠᠭᠠᠴᠣᠣᠯ᠂ ᠠᠯᠳᠠᠴᠣᠣᠯ᠂ ᠠᠯᠴᠣᠣᠨ᠂ ᠠᠷᠣᠯᠠᠣᠨ᠂ ᠠᠷᠭᠠᠢ ᠣᠯᠠᠭᠠᠨ ᠰᠠᠭᠠᠳᠠᠭᠳᠠᠨ᠂ ᠰᠢᠷᠠᠨᠣᠣᠨ ︵ | ᠲᠣᠷᠭᠠᠨ᠂ ᠨᠢᠳᠣᠨ᠂ ᠣᠭᠤᠳᠣᠩ︶᠂ ᠪᠠᠷᠭᠤ᠂ ᠪᠣᠷᠵᠢᠭᠢᠨ᠂ ᠪᠣᠷᠵᠠᠭᠤᠣᠨ᠂ ᠪᠤᠭᠤᠴᠠᠨ᠂ ᠪᠣᠷᠭᠠ᠂ ᠮᠠᠩᠭᠤᠣᠨ᠂ | ᠤᠭᠲᠤᠷ᠂ ᠣᠷᠣᠩᠭᠤᠣᠨ᠂ ᠣᠯᠠᠭᠠᠨᠠᠣᠣᠨ᠂ ᠰᠠᠷᠳᠠᠭᠤᠯ᠂ ᠲᠠᠶᠢᠭᠠᠮᠠᠣᠨ᠂ ᠲᠦᠮᠠᠴᠣᠣᠨ᠂ ᠣᠷᠠᠩᠭᠤᠣᠨ᠂ | ᠣᠷᠢᠶᠠᠩᠬᠠᠢ᠂ ᠣᠷᠢᠶᠠᠩᠬᠠᠨ᠂ ᠬᠠᠯᠠᠭ᠂ ᠬᠠᠪᠬᠠᠴᠢᠨ᠂ ᠬᠠᠷᠠᠨᠣᠣᠨ᠂ ᠬᠠᠶᠢᠰᠣ᠂ ᠬᠤᠵᠢᠭᠢᠨᠣᠣᠨ᠂ ᠬᠤᠨᠭ᠌ ᠭᠡᠷᠢᠶ᠎ᠠ᠂ | ᠭᠦᠭᠡᠨᠣᠣᠨ᠂ ᠴᠠᠬᠠᠷ᠂ ᠴᠠᠭᠠᠨ᠂ ᠴᠠᠭᠠᠨ ᠲᠤᠭ᠂ ᠴᠢᠯᠠᠭᠤ᠂ ᠰᠠᠪᠠᠨᠣᠣᠨ᠂ ᠪᠣᠷᠣᠨᠣᠣᠨ᠂ ᠪᠠᠯᠨᠣᠣᠨ᠂ ᠰᠢᠪᠠᠭᠤᠴᠢᠨ | ᠂ ᠱᠢᠷᠤᠰᠢᠳ᠂ ᠵᠠᠭᠤᠣᠨ᠂ ᠯᠤᠤᠰᠴᠢᠨ᠂ ᠮᠠᠭᠤ ᠭᠢᠳᠠᠣᠨ᠂ ᠢᠮᠠᠭᠠᠴᠢᠨ ᠣᠪᠣᠭ ᠤᠳ ᠪᠣᠢ᠃ ᠪᠢᠳᠠ ᠪᠠᠷᠠᠭᠤᠨ | ᠮᠣᠩᠭᠤᠯ ᠤᠨ ᠣᠪᠣᠭ ᠶᠠᠰᠣᠳᠠᠣᠨ ᠤᠨ ᠲᠣᠬᠠᠢ ᠨᠠᠷᠢᠨ ᠲᠣᠳᠣᠷᠬᠠᠢ ᠪᠦᠷᠢᠨ ᠭᠦᠢᠴᠠᠣᠨ ᠭᠡᠭᠡᠷ᠎ᠠ ᠶᠢᠨ ᠰᠢᠨᠵᠢᠯᠡᠭᠡ | ᠪᠠᠶᠢᠴᠠᠭᠠᠯᠳᠠ ᠭᠢᠭᠢᠭᠡᠳᠣᠢ ᠣᠴᠢᠷ ᠠᠴᠠ ᠡᠨᠡ ᠲᠠᠯ᠎ᠠ ᠪᠠᠷ ᠢᠯᠠᠭᠦᠦ ᠦᠭᠦᠯᠠᠭᠦ ᠶᠢᠨ ᠪᠣᠯᠣᠮᠵᠢ ᠦᠭᠡᠢ ᠪᠠᠶᠢᠨ᠎ᠡ | ᠭᠡᠳᠡᠭ ᠢ ᠭᠡᠯᠡᠮᠡᠷ ᠪᠠᠶᠢᠨ᠎ᠡ᠃ | ᠲᠦᠷᠪᠠ᠂ ᠦᠵᠣᠮᠣᠴᠢᠨ ᠠᠮᠨ ᠠᠶᠠᠯᠭᠤ ᠭᠢᠭᠡᠣᠨ ᠣᠶᠢᠷᠠᠣᠨ ᠠᠮᠨ ᠠᠶᠠᠯᠭᠤ | ᠶᠠᠷᠣ ᠨᠢ ᠦᠵᠣᠮᠣᠴᠢᠨᠴᠣᠣᠨ ᠢ ᠪᠠᠷᠠᠭᠤᠨ ᠮᠣᠩᠭᠤᠯ ᠲᠠᠢ ᠣᠶᠢᠷᠠᠯᠴᠠᠭ᠎ᠠ ᠪᠣᠶᠣ ᠵᠠᠯᠭᠠᠭ᠎ᠠ ᠨᠣᠳᠣᠭᠯᠠᠵᠣ ᠪᠠᠶᠢᠭᠰᠠᠨ | ᠂ ᠲᠠᠳᠠᠨ ᠤ ᠠᠮᠢᠳᠣᠷᠠᠯ ᠤᠨ ᠭᠡᠪᠰᠢᠯ᠂ ᠵᠠᠩ ᠵᠠᠩᠰᠢᠯ ᠢᠵᠢᠯ ᠪᠣᠯᠬᠤ ᠲᠠᠯ᠎ᠠ ᠪᠠᠷ ᠰᠣᠳᠣᠯᠣᠭᠴᠢᠣᠨ ᠤᠨ ᠭᠢᠭᠰᠡᠨ | ᠣᠯᠠᠨ ᠠᠵᠢᠭᠯᠠᠯᠳᠠ ᠪᠠᠶᠢᠳᠠᠭ ᠶᠤᠮ᠃ ᠡᠭᠦᠨ ᠳᠤ᠂ ᠮᠣᠩᠭᠤᠯ ᠣᠯᠣᠰ ᠤᠨ ᠳ᠋ᠣᠺᠲ᠋ᠣᠷ ᠵ᠊ · ᠴᠣᠯᠨ 1979 ᠣᠨ | ᠳᠤ ᠲᠣᠷᠣᠨᠠᠳᠣ ᠠᠶᠢᠮᠠᠭ ᠤᠨ ᠰᠠᠷᠭᠦᠯᠠᠩ᠂ ᠪᠠᠶᠠᠠᠳᠦ᠋ᠮᠡᠨ ᠰᠣᠮᠣᠣᠨ ᠤᠨ ᠦᠵᠣᠮᠣᠴᠢᠨᠴᠣᠣᠨ ᠤᠨ ᠲᠣᠮᠳᠠ | ᠶᠠᠪᠣᠭᠤᠯᠣᠭᠰᠠᠨ ᠰᠣᠳᠣᠯᠭᠠᠨ ᠤ ᠠᠵᠢᠯ ᠤᠨ ᠳ᠋ᠦᠡᠭ ᠳᠡᠭᠡᠨ ︽ᠦᠵᠣᠮᠣᠴᠢᠨ ᠤ ᠭᠡᠯᠡᠨ ᠤ ᠵᠦᠢ ᠶᠢᠨ ᠣᠨᠴᠠᠯᠢᠭ ᠢ | ᠰᠣᠳᠣᠯᠣᠭᠠᠣᠨ᠂ ᠮᠣᠩᠭᠤᠯ ᠭᠡᠯᠡᠨ ᠤ ᠣᠶᠢᠷᠠᠣᠨ ᠠᠶᠠᠯᠭᠤᠨ ᠳᠤ ᠣᠶᠢᠷ᠎ᠠ ᠶᠤᠮ︾ ᠭᠡᠮᠡᠨ ᠦᠵᠠᠵᠠᠢ᠃ ︵ᠳ᠋᠊ · | ᠨᠠᠷᠠᠨᠴᠡᠴᠡᠭ ᠤᠨ ︽ᠦᠵᠣᠮᠣᠴᠢᠨ ᠤ ᠲᠠᠣᠭᠡ ᠰᠣᠶᠣᠯ ᠤᠨ ᠣᠶᠢᠯᠠᠯᠭ᠎ᠠ︾᠂ ︵ᠲᠣᠳᠣᠭᠠᠳᠣ ᠭᠡᠪᠯᠡᠯ᠂ 2015 | ᠣᠨ᠂ 10 ᠨᠢᠭᠤᠷ︶ ᠲᠠᠷᠨ ᠪᠠᠰᠠ ︽ᠶᠠᠷᠣ ᠨᠢ ᠦᠵᠣᠮᠣᠴᠢᠨ ᠠᠶᠠᠯᠭᠤ ᠨᠢ ᠪᠣᠰᠣᠣᠨ ᠠᠶᠠᠯᠭᠤᠨ ᠠᠴᠠ ᠵᠦᠪᠭᠡᠨ | ᠭᠡᠶᠢᠭᠦᠯᠦᠭᠴᠢ ᠶᠢᠨ ᠬᠤᠪᠢ ᠳᠤ ᠴᠣ᠋ ᠪᠢᠰᠢ ᠡᠭᠡᠰᠢᠭ ᠤᠨ ᠲᠠᠯ᠎ᠠ ᠪᠠᠷ ᠢᠯᠭᠠᠭ᠎ᠠ ᠲᠠᠢ ᠪᠠᠶᠢᠨ᠎ᠡ︾ ᠭᠡᠮᠡᠨ ᠰᠣᠳᠣᠯᠵᠣ᠂ | ᠲᠠᠭᠦᠨ ᠤ ᠡᠨᠡ ᠲᠠᠯ᠎ᠠ ᠶᠢᠨ ᠰᠣᠳᠣᠯᠭ᠎ᠠ ᠦᠵᠣᠮᠣᠴᠢᠨ ᠨᠣᠳᠤᠭ ᠤᠨ ᠠᠶᠠᠯᠭᠤ᠂ ᠠᠮᠠᠨ ᠠᠶᠠᠯᠭᠤ ᠰᠣᠳᠣᠯᠣᠯ᠂ | ᠴᠢᠨᠠᠭᠰᠢᠯᠠᠪᠠᠯ ᠮᠣᠩᠭᠤᠯ ᠭᠡᠯᠡᠨ ᠤ ᠨᠣᠳᠤᠭ ᠤᠨ ᠠᠶᠠᠯᠭᠤᠨ ᠤ ᠲᠠᠣᠭᠡᠨ ᠭᠦᠭᠵᠢᠯ ᠤᠨ ᠵᠦᠢ ᠲᠣᠭᠳᠠᠯ ᠢ | ᠰᠣᠳᠣᠯᠬᠤ ᠳᠤ ᠥᠨᠠᠲᠤ ᠭᠡᠷᠡᠭᠯᠡᠭᠳᠡᠭᠦᠨ ᠪᠣᠯᠵᠣ ᠪᠠᠶᠢᠨ᠎ᠡ᠃ | ᠬᠠᠨᠭ᠍ᠭᠠᠷᠢ ᠶᠢᠨ ᠡᠷᠳᠠᠮᠳᠠᠨ ᠳ᠋᠊᠂ ᠺᠠᠷᠨ ᠣᠶᠢᠷᠠᠣᠨ ᠰᠠᠯᠪᠣᠷᠢ ᠠᠮᠠᠨ ᠠᠶᠠᠯᠭᠤᠨ ᠳᠤ ᠦᠨᠳᠣᠰᠣᠨ ᠤ ᠣᠣᠠᠬ᠎ᠠ | ᠵᠣᠭᠢᠶᠠᠯ ᠤᠨ ᠭᠡᠯᠡᠨ ᠤ ᠨᠦᠯᠣᠭᠡ ᠪᠠᠷ ᠰᠢᠨᠠᠴᠢᠯᠡᠭᠳᠡᠨ ᠭᠦᠭᠵᠢᠵᠣ ᠪᠠᠶᠢᠭ᠎ᠠ ᠶᠢ ᠰᠣᠳᠣᠯᠬᠤ ᠶᠢᠨ ᠬᠠᠮᠳᠣ 1958 | ᠣᠨ ᠤ ᠨᠠᠮᠣᠷ ᠰᠦᠭᠡᠪᠠᠭᠠᠳᠣᠷ ᠠᠶᠢᠮᠠᠭ ᠤᠨ ᠡᠷᠳᠠᠨᠢᠴᠠᠭᠠᠨ᠂ ᠲᠣᠷᠣᠨᠠᠳᠣ ᠠᠶᠢᠮᠠᠭ ᠤᠨ ᠭᠡᠷᠤᠯᠤᠨ ᠪᠠᠶᠠᠨ ᠰᠣᠮᠣ | ᠶᠢᠨ ᠦᠵᠣᠮᠣᠴᠢᠨ ᠨᠠᠷ ᠤᠨ ᠲᠣᠮᠳᠠ ᠰᠣᠳᠣᠯᠭ᠎ᠠ ᠭᠢᠵᠣ᠂ ᠦᠵᠣᠮᠣᠴᠢᠨ ᠭᠡᠯᠨ ᠠᠶᠠᠯᠭᠤᠨ ᠤ ᠲᠤᠪᠴᠢᠯᠠᠭᠰᠠᠨ | ᠰᠣᠳᠣᠯᠭ᠎ᠠ᠂ ᠦᠵᠣᠮᠣᠴᠢᠨ ᠠᠶᠠᠯᠭᠤᠨ ᠤ ᠲᠣᠪᠴᠢ ᠲᠣᠯᠢ ᠪᠢᠴᠢᠭ᠂ ᠦᠵᠣᠮᠣᠴᠢᠨ ᠠᠮᠠᠨ ᠵᠣᠭᠢᠶᠠᠯ ᠤᠨ ᠲᠣᠬᠠᠢ | ᠭᠤᠷᠪᠠᠨ ᠦᠭᠦᠯᠡᠯ ᠪᠢᠴᠢᠵᠣ᠂ 1962 ᠣᠨ ᠳᠤ ︽AC-TAOR:ENTALAIA︾ ᠰᠠᠣᠨᠬᠦᠯ ᠤᠨ 14᠂ | 15 ᠪᠣᠳᠢ ᠳᠤ ᠹᠷᠠᠨᠽᠢ ᠭᠡᠯᠨ ᠪᠠᠷ ᠨᠠᠶᠢᠳᠡᠯᠡᠭᠦᠯᠦᠭᠰᠡᠨ ᠪᠢᠯᠨ᠃ ᠲᠠᠷᠨ ᠪᠠᠷ ︽ᠦᠵᠣᠮᠣᠴᠢᠨ ᠠᠮᠠᠨ ᠠᠶᠠᠯᠭᠤ ᠨᠢ | ᠦᠭᠡ ᠵᠦᠢ ᠶᠢᠨ ᠰᠢᠨᠵᠢ ᠴᠢᠨᠠᠷ ᠢᠶᠠᠷ ᠢᠶᠠᠨ ᠬᠠᠯᠬ᠎ᠠ᠂ ᠣᠶᠢᠷᠠᠣᠨ ᠠᠶᠠᠯᠭᠤᠨ ᠠᠴᠠ ᠲᠠᠳᠣᠶᠢᠯᠨ ᠵᠦᠷᠢᠭᠦ ᠦᠭᠡᠢ᠂ | ᠨᠠᠶᠢᠳᠠ ᠮᠣᠩᠭᠤᠯ ᠭᠡᠯᠨ ᠳᠤ ᠪᠠᠶᠢᠳᠠᠭ ᠲᠠᠶᠢᠨ ᠢᠯᠭᠠᠯ ᠴᠦᠮ ᠪᠠᠶᠢᠳᠠᠭ ᠭᠡᠳᠣᠢ ᠴᠦ ᠲᠠᠷᠨ ᠪᠦᠷ ᠠᠳᠠᠯᠢ ᠪᠣᠰᠣ | ᠪᠠᠶᠢᠳᠠᠭ︾ ᠭᠡᠵᠣ ᠦᠵᠡᠵᠠᠢ᠃ | ᠦᠪᠣᠷ ᠮᠣᠩᠭᠤᠯ ᠤᠨ ᠪᠠᠭᠰᠢ ᠶᠢᠨ ᠶᠡᠭᠡ ᠰᠣᠷᠭᠠᠭᠤᠯᠢ ᠶᠢᠨ ᠭᠡᠯᠨ ᠰᠣᠳᠣᠯᠣᠭᠴᠢ ᠴᠢᠮᠡᠭ ︽ᠦᠵᠣᠮᠣᠴᠢᠨ ᠠᠮᠠᠨ | ᠠᠶᠠᠯᠭᠤᠨ ᠳᠤ ᠬᠠᠳᠠᠭᠠᠯᠠᠭᠳᠠᠵᠣ ᠪᠠᠶᠢᠭ᠎ᠠ ᠡᠷᠳᠠᠨ ᠤ ᠦᠭᠡᠰ ᠤᠨ ᠲᠣᠬᠠᠢ︾ ᠭᠡᠰᠡᠨ ᠦᠭᠦᠯᠡᠯ ᠳᠡᠭᠡᠨ᠂ | ᠦᠵᠣᠮᠣᠴᠢᠨ ᠠᠮᠠᠨ ᠠᠶᠠᠯᠭᠤᠨ ᠳᠤ ᠬᠠᠳᠠᠭᠠᠯᠠᠭᠳᠠᠵᠣ ᠪᠠᠶᠢᠭ᠎ᠠ ᠡᠷᠳᠠᠨ ᠤ ᠦᠭᠡᠰ ᠢ 25 ᠶᠢ ᠵᠢᠭᠰᠠᠭᠠᠵᠣ ︽ | ᠮᠣᠩᠭᠤᠯ ᠤᠨ ᠨᠢᠭᠤᠴᠠ ᠲᠣᠪᠴᠢᠶᠠᠨ︾ ᠲᠠᠢ ᠬᠠᠷᠢᠴᠠᠭᠤᠯᠣᠨ ᠰᠣᠳᠣᠯᠵᠠᠢ᠃ ᠲᠠᠳᠠᠭᠡᠷ ᠦᠭᠡᠰ ᠨᠢ᠄ ᠠᠴᠢ᠂ | ᠣᠷᠪᠠᠨᠭ᠌᠂ ᠦᠯᠦᠭ᠂ ᠦᠷᠮᠦᠭ᠂ ᠨᠠᠨᠳᠠᠩ᠂ ᠪᠠᠷᠠᠭᠰᠠᠣᠨ᠂ ᠪᠠᠭᠢ᠂ ᠪᠣᠭᠢ᠂ ᠪᠣᠭᠤᠯᠵᠠᠷ᠂ ᠬᠠᠷᠭᠤᠳᠠᠢ ᠲᠠᠷᠭᠡ᠂ | ᠬᠤᠨᠵᠣᠭᠤᠯ᠂ ᠭᠡᠣᠨ᠂ ᠬᠤᠰᠢᠮᠠᠯ᠂ ᠭᠦᠯᠴᠣᠭᠦᠷᠠᠭᠦ᠂ ᠰᠠᠭᠯᠠᠭᠠᠷ ᠮᠣᠳᠣ᠂ ᠰᠢᠪᠠᠷᠢᠭᠦ᠂ ᠰᠣᠵᠡᠶᠠ᠂ ᠲᠠᠶᠢᠯᠠᠭᠦ᠂ | ᠲᠠᠷᠭᠡᠯᠠᠵᠣ᠂ ᠲᠦᠷᠣᠪᠴᠢ᠂ ᠴᠦᠯᠠᠰ᠂ ᠵᠠᠰᠢᠩ᠂ ᠵᠣᠪᠠᠴᠠᠭᠠᠯᠠᠬᠤ᠂ ᠶᠠᠭᠡᠰ ᠭᠠᠵᠡᠷ᠂ ᠶᠠᠭᠦᠯᠠᠭᠦ᠂ ᠬᠠᠷᠠᠭ᠎ᠠ᠂ ᠶᠠᠰᠣ | ᠶᠢ ᠨᠢ ᠪᠠᠷᠢᠬᠤ ︵ᠨ᠊᠂ ᠪᠦᠭᠡᠬᠠᠳᠠ ᠨᠠᠶᠢᠷᠠᠭᠤᠯᠣᠭᠰᠠᠨ᠂ ︿ᠦᠵᠣᠮᠣᠴᠢᠨ ᠰᠣᠳᠣᠯᠣᠯ︾᠂ ᠦᠪᠣᠷ ᠮᠣᠩᠭᠤᠯ ᠤᠨ | ᠰᠣᠶᠣᠯ ᠤᠨ ᠭᠡᠪᠯᠡᠯ ᠤᠨ ᠬᠤᠷᠢᠶ᠎ᠠ᠂ 2006 ᠣᠨ᠂ 485 — 490 ᠨᠢᠭᠤᠷ︶ | ᠲᠠᠪᠤ᠂ ᠦᠵᠣᠮᠣᠴᠢᠨ ᠣᠶᠢᠷᠠᠣᠨ ᠤᠨ ᠦᠯᠢᠭᠡᠷ ᠲᠣᠣᠯᠢ ᠭᠢᠭᠡᠣᠨ ᠲᠠᠭᠤᠣ | ᠦᠵᠣᠮᠣᠴᠢᠨ ᠠᠷᠠᠣᠨ ᠤᠨ ᠦᠯᠢᠭᠡᠷ ᠲᠣᠣᠯᠢ ᠶᠢᠨ ᠲᠣᠬᠠᠢ᠂ ᠦᠪᠣᠷ ᠮᠣᠩᠭᠤᠯ ᠤᠨ ᠶᠡᠭᠡ ᠰᠣᠷᠭᠠᠭᠤᠯᠢ ᠶᠢᠨ | ᠪᠠᠭᠰᠢ ᠳ᠋ᠠᠷᠭᠢᠵᠠᠪ᠂ ᠣᠳᠣ ᠶᠢᠨ ᠵᠠᠭᠦᠨ ᠦᠵᠣᠮᠣᠴᠢᠨ ᠬᠤᠰᠢᠭᠤᠨ ᠤ ᠨᠣᠳᠤᠭ ᠤᠨ ᠣᠣᠭᠠᠯ ᠠᠷᠠᠣᠨ ᠤᠨ ᠲᠣᠮᠳᠠ | ᠠᠴᠠ ︽ᠭᠡᠷᠢᠶᠠᠳᠠᠢ ᠮᠡᠷᠭᠡᠨ ᠬᠠᠭᠠᠨ ᠤ ᠭᠡᠨᠢᠲᠠᠭᠦᠰ ᠭᠦᠪᠡᠭᠦᠨ︾ ᠭᠡᠭᠦ ᠦᠯᠢᠭᠡᠷ ᠢ ᠲᠠᠮᠳᠡᠭᠯᠡᠨ ᠠᠪᠴᠣ 1992 | ᠣᠨ ᠳᠤ ︽ᠦᠪᠣᠷ ᠮᠣᠩᠭᠤᠯ ᠤᠨ ᠶᠡᠭᠡ ᠰᠣᠷᠭᠠᠭᠤᠯᠢ︾ ᠰᠣᠨᠢᠨ ᠳᠤ ᠨᠠᠶᠢᠳᠠᠯᠠᠭᠦᠯᠵᠣ ᠦᠡᠭᠭᠡᠷᠡᠭᠰᠡᠨ ᠶᠤᠮ᠃ | ᠦᠪᠣᠷ ᠮᠣᠩᠭᠤᠯ ᠤᠨ ᠶᠡᠭᠡ ᠰᠣᠷᠭᠠᠭᠤᠯᠢ ᠶᠢᠨ ᠠᠬᠠᠮᠠᠣᠨ ᠡᠷᠳᠠᠮᠳᠠᠨ ᠪᠠᠭᠰᠢ ᠪᠣᠶᠠᠨᠬᠡᠰᠢᠭ᠂ 1993 ᠣᠨ ᠳᠤ | ᠸ᠊᠂ ᠡᠾᠠᠶᠢᠰᠰᠢᠭ᠌ ᠪᠠᠭᠰᠢ ᠶᠢᠨ ᠨᠠᠶᠠᠨ ᠨᠠᠰᠣᠨ ᠤ ᠣᠢ ᠳᠤ ᠵᠣᠷᠢᠭᠤᠯᠣᠨ ᠪᠢᠴᠢᠭᠰᠡᠨ᠂ ︽ᠦᠵᠣᠮᠣᠴᠢᠨ ᠤ﹀ | ᠭᠡᠷᠢᠶᠠᠳᠠᠢ ᠮᠡᠷᠭᠡᠨ ᠬᠠᠭᠠᠨ ᠤ ᠭᠡᠨᠢᠳᠠᠭᠦᠰ ᠭᠦᠪᠡᠭᠦᠨ﹀ ᠭᠢᠭᠡᠣᠨ ᠣᠶᠢᠷᠠᠣᠨ ᠲᠣᠣᠯᠢ︾ ᠭᠡᠰᠡᠨ ᠦᠭᠦᠯᠡᠯ ᠳᠡᠭᠡᠨ | ᠳ᠋ᠠᠷᠭᠢᠵᠠᠪ ᠤᠨ ᠡᠮᠭᠢᠣᠨᠬᠡᠭᠰᠡᠨ ︽ᠭᠡᠷᠢᠶᠠᠳᠠᠢ ᠮᠡᠷᠭᠡᠨ ᠬᠠᠭᠠᠨ ᠤ ᠭᠡᠨᠢᠳᠠᠭᠦᠰ ᠭᠦᠪᠡᠭᠦᠨ︾ ᠦᠯᠢᠭᠡᠷ ᠢ ᠦᠯᠢᠭᠡᠷ ᠤᠨ | ᠣᠶᠢᠯᠨ ᠶᠠᠪᠣᠳᠠᠯ ᠪᠠ ᠣᠶᠢᠯᠨ ᠶᠠᠪᠣᠳᠠᠯ ᠢ ᠪᠦᠷᠢᠯᠳᠦᠭᠦᠯᠦᠭᠰᠡᠨ ᠮᠣᠲ᠋ᠢᠪ ᠤᠳ ᠢ ᠰᠠᠶᠢᠳᠣᠷ ᠰᠢᠨᠵᠢᠯᠠᠵᠣ᠂ ᠲᠣᠰ | ᠵᠣᠭᠢᠶᠠᠯ ᠨᠢ ᠦᠯᠢᠭᠡᠷ ᠪᠢᠰᠢ ᠮᠣᠩᠭᠤᠯ ᠤᠨ ᠲᠣᠣᠯᠢᠰ ᠤᠨ ᠵᠣᠭᠢᠶᠠᠯ ᠳᠤ ᠣᠯᠠᠨᠳᠠ ᠲᠣᠭᠢᠶᠠᠯᠳᠣᠳᠠᠭ ᠣᠷᠤᠭ + | ᠲᠠᠶᠢᠨ ᠤ ᠲᠣᠣᠯᠢ ᠶᠢᠨ ᠦᠷᠭᠦᠯᠵᠢᠯᠡᠭᠰᠡᠨ ᠦᠭᠡ ᠶᠢᠨ ᠭᠡᠯᠪᠠᠷᠢ ᠪᠣᠯᠬᠤ ᠶᠢ ᠮᠡᠳᠡᠭᠰᠡᠨ ᠪᠦᠭᠡᠣᠨ ᠮᠣᠲ᠋ᠢᠪ ᠤᠳ ᠢ | ᠮᠣᠩᠭᠤᠯ ᠲᠣᠣᠯᠢ ᠶᠢᠨ ᠮᠣᠲ᠋ᠢᠪ ᠤᠳ ᠲᠠᠢ ᠬᠠᠷᠢᠴᠠᠭᠤᠯᠵᠣ ᠦᠵᠡᠭᠡᠣᠨ ᠰᠢᠨᠵᠢᠶᠠᠩ ᠣᠶᠢᠷᠠᠣᠨ ᠤᠨ ᠲᠣᠣᠯᠢ ᠪᠠ | ᠣᠶᠢᠷᠠᠣᠨ ᠲᠠᠢ ᠬᠤᠯᠪᠣᠭ᠎ᠠ ᠲᠠᠢ ᠨᠣᠳᠤᠭ ᠠᠶᠢᠮᠠᠭ ᠤᠨ ᠲᠣᠣᠯᠢ ᠳᠤ ᠯᠨ ᠭᠠᠷᠳᠠᠭ ᠮᠣᠲ᠋ᠢᠪ ᠤᠳ ᠢᠶᠠᠷ | ᠪᠦᠷᠢᠯᠳᠦᠭᠰᠡᠨ ᠢ ᠰᠢᠨᠵᠢᠯᠠᠨ ᠭᠠᠷᠭᠠᠵᠠᠢ᠃ ᠲᠠᠷᠨ ᠭᠤᠸᠠᠢ᠄ ︽ᠡᠷᠳᠠᠮᠳᠠᠣᠨ ᠭᠡᠪ ᠨᠠᠮᠪᠠ ᠲᠠᠷᠬᠠᠨ ᠲᠠᠯᠭᠡᠷᠡᠵᠣ | ᠪᠠᠶᠢᠭ᠎ᠠ ᠣᠷᠣᠨ ᠨᠣᠳᠤᠭ ᠢ ᠦᠨᠳᠣᠰᠣᠯᠠᠵᠣ᠂ ᠪᠠᠷᠭᠤ ᠪᠣᠷᠢᠶᠠᠣᠨ ᠲᠣᠣᠯᠢ᠂ ᠵᠠᠷᠣᠣᠨ — ᠬᠤᠷᠴᠢᠨ ᠲᠣᠣᠯᠢ᠂ | ᠣᠷᠳᠣᠰ ᠲᠣᠣᠯᠢ᠂ ᠣᠶᠢᠷᠠᠣᠨ ᠲᠣᠣᠯᠢ ᠭᠡᠵᠣ ᠬᠤᠪᠢᠶᠠᠨ ᠰᠢᠨᠵᠢᠯᠡᠳᠡᠭ ᠪᠢᠯᠨ᠃ ᠳ᠋ᠠᠷᠭᠢᠵᠠᠪ ᠤᠨ ᠨᠠᠶᠢᠳᠡᠯᠡᠭᠦᠯᠦᠭᠰᠡᠨ | ᠦᠯᠢᠭᠡᠷ ᠨᠢ ᠭᠡᠪ ᠨᠠᠮᠪᠠ᠂ ᠣᠶᠢᠯᠨ ᠶᠠᠪᠣᠳᠠᠯ ᠮᠣᠲ᠋ᠢᠪ ᠤᠨ ᠲᠠᠯ᠎ᠠ ᠪᠠᠷ ᠦᠵᠣᠮᠣᠴᠢᠨ ᠨᠣᠳᠤᠭ ᠲᠠᠢ ᠬᠠᠪᠢ | ᠵᠠᠷᠭᠡᠯᠡᠳᠡᠭᠡ ᠣᠷᠣᠰᠢᠭᠴᠢ ᠵᠠᠷᠣᠣᠨ — ᠬᠤᠷᠴᠢᠨ ᠤ ᠲᠣᠣᠯᠢ ᠭᠢᠭᠡᠣᠨ ᠪᠠᠷᠭᠤ ᠪᠣᠷᠢᠶᠠᠣᠨ ᠤᠨ ᠲᠣᠣᠯᠢ ᠲᠠᠢ | ᠲᠣᠭᠢᠷᠠᠯᠴᠠᠬᠤ ᠦᠭᠡᠢ᠂ ᠬᠠᠷᠢᠨ ᠦᠵᠣᠮᠣᠴᠢᠨ ᠠᠴᠠ ᠠᠯᠣᠰ ᠵᠠᠶᠢᠳᠠᠭᠤ ᠨᠣᠳᠣᠭᠯᠠᠭᠴᠢ ᠣᠶᠢᠷᠠᠣᠨ ᠲᠣᠣᠯᠢ ᠲᠠᠢ | ᠮᠠᠰᠢ ᠶᠡᠭᠡ ᠣᠶᠢᠷᠠᠯᠴᠠᠭ᠎ᠠ ᠪᠠᠶᠢᠨ᠎ᠡ᠃ ᠡᠨᠡ ᠨᠢ ᠮᠠᠨ ᠳᠤ ᠣᠳᠣ ᠶᠢᠨ ᠦᠵᠣᠮᠣᠴᠢᠨ ᠨᠢ ᠡᠷᠳᠠ ᠲᠡᠭᠡᠳᠣ ᠦᠶ᠎ᠠ | ᠳᠡᠭᠡᠨ ᠣᠶᠢᠷᠠᠣᠨ ᠲᠠᠢ ᠣᠶᠢᠷ᠎ᠠ ᠬᠠᠪᠢ ᠪᠣᠶᠣ ᠬᠠᠮᠳᠣ ᠠᠮᠢᠳᠣᠷᠠᠵᠣ ᠣᠶᠢᠷᠠᠣᠨ ᠭᠡᠪ ᠨᠠᠮᠪᠠ ᠲᠠᠢ ᠲᠣᠣᠯᠢ ᠶᠢ ᠬᠠᠮᠳᠣ | ᠪᠠᠷ ᠦᠪᠯᠡᠵᠣ ᠪᠠᠶᠢᠭᠰᠠᠨ ᠪᠣᠯᠣᠯᠳᠠᠢ ᠭᠡᠰᠡᠨ ᠲᠠᠭᠠᠪᠣᠷᠢ ᠲᠠᠭᠠᠮᠠᠭᠯᠠᠯ ᠢ ᠡᠭᠦᠰᠭᠡᠨ᠎ᠡ᠃ | ︽ᠦᠵᠣᠮᠣᠴᠢᠨ ᠬᠠᠮᠢᠭ᠎ᠠ ᠠᠴᠠ ᠭᠡᠳᠣᠢ ᠳᠤ ᠶᠠᠭᠠᠭᠢᠵᠣ ᠣᠳᠣ ᠶᠢᠨ ᠦᠵᠣᠮᠣᠴᠢᠨ ᠨᠣᠳᠤᠭ ᠲᠤ ᠢᠷᠡᠭᠰᠡᠨ ᠢ | ᠦᠭᠦᠯᠡᠭᠰᠡᠨ ᠲᠠᠣᠭᠡ ᠶᠢᠨ ᠲᠠᠮᠳᠡᠭᠯᠡᠯ ᠪᠣᠶᠣ ᠰᠣᠳᠣᠯᠤᠭᠠ ᠶᠢ ᠪᠢ ᠶᠠᠷᠣ ᠣᠯᠵᠣ ᠬᠠᠷᠠᠭᠰᠠᠨ ᠦᠭᠡᠢ᠃ ᠭᠡᠳᠠᠯᠡ | ᠦᠵᠣᠮᠣᠴᠢᠨ ᠠᠷᠠᠣᠨ ᠤᠨ ᠲᠣᠮᠳᠠ ᠣᠯᠠᠮᠵᠢᠯᠠᠭᠳᠠᠵᠣ ᠪᠠᠶᠢᠭ᠎ᠠ ᠲᠣᠮᠤᠭ ᠶᠠᠷᠢᠶ᠎ᠠ ᠳᠤ ᠶᠠᠷᠢᠭᠳᠠᠵᠣ ᠪᠠᠶᠢᠬᠤ ᠪᠦᠣᠷ | ᠲᠦᠣᠷ ᠵᠣᠶᠢᠯ ᠢ ᠰᠠᠶᠢᠳᠣᠷ ᠨᠠᠷᠢᠪᠴᠢᠯᠠᠪᠠᠯ ᠲᠠᠭᠠᠪᠣᠷᠢ ᠲᠠᠭᠠᠮᠠᠭᠯᠠᠯ ᠮᠢᠨᠢ ᠣᠷᠣ ᠲᠠᠢ ᠰᠢᠭ᠋ ᠰᠠᠨᠠᠭᠳᠠᠨ᠎ᠡ᠃ | ᠬᠠᠮᠢᠭ᠎ᠠ ᠠᠴᠠ ᠢᠷᠡᠭᠰᠡᠨ ᠲᠣᠬᠠᠢ ︽ᠦᠵᠣᠮᠣᠴᠢᠨ ᠲᠣᠮᠤᠭ︾ ᠭᠡᠮᠡᠭᠦ ᠨᠣᠮ ᠳᠤ ᠪᠢᠴᠢᠵᠣ ᠪᠠᠶᠢᠬᠤ ᠶᠢ ᠦᠵᠡᠪᠠᠯ | ᠄ ︽ᠦᠵᠣᠮᠣᠴᠢᠨᠴᠣᠣᠨ ᠣᠷᠢᠳᠣ ᠳᠠᠭᠠᠨ ᠭᠠᠭᠴᠠ ᠪᠦᠭᠦᠳᠣ ᠲᠠᠮᠡᠭᠡ ᠲᠠᠢ᠂ ᠭᠠᠯᠪᠠ ᠱᠠᠩᠬᠠᠢ ︵ᠱᠠᠩᠬᠤ ᠪᠣᠶᠣ | ᠰᠠᠩᠭ᠎ᠠ︶ ᠶᠢᠨ ᠭᠤᠪᠢ᠂ ᠠᠯᠳᠠᠢ ᠶᠢᠨ ᠦᠵᠣᠮ ᠤᠨ ᠴᠠᠭᠠᠨ ᠠᠭᠤᠯᠨ︾ ᠣᠷᠴᠢᠮ ᠢᠶᠠᠷ ᠨᠣᠳᠣᠭᠯᠠᠵᠣ ᠪᠠᠶᠢᠵᠠᠢ᠃ | ︽ᠦᠵᠣᠮ ᠤᠨ ᠴᠠᠭᠠᠨ ᠠᠭᠤᠯᠨ ᠪᠠᠨ ᠦᠷᠭᠦᠯᠵᠢ ᠮᠦᠷᠣᠭᠡᠣᠨᠴᠣ ᠦᠪᠡᠷ ᠤᠨ ᠠᠶᠢᠮᠠᠭ ᠣᠭᠰᠠᠭ᠎ᠠ ᠪᠠᠨ | ᠦᠵᠣᠮᠣᠴᠢᠨ ᠭᠡᠵᠣ ᠨᠠᠷᠠᠯᠠᠵᠠᠢ︾᠃ ᠲᠠᠭᠡᠷ᠎ᠠ ᠲᠣᠷᠠᠳᠣᠭᠰᠠᠨ ᠢ ᠦᠨᠳᠣᠰᠣᠯᠠᠪᠠᠯ ᠦᠵᠣᠮᠣᠴᠢᠨᠴᠣᠣᠨ ᠣᠣᠯ ᠳᠠᠭᠠᠨ | ᠠᠯᠳᠠᠢ ᠬᠠᠨᠭ᠍ᠭᠠᠢ ᠣᠷᠴᠢᠮ ᠤᠨ ᠮᠠᠶ᠋ᠨ ᠲᠠᠮᠡᠭᠡ ᠮᠠᠯᠵᠢᠳᠠᠭ ᠦᠵᠣᠮ ᠲᠠᠢ ᠠᠭᠤᠯᠨ ᠣᠷᠴᠢᠮ ᠠᠴᠠ ᠨᠠᠭᠦᠵᠣ | ᠢᠷᠡᠭᠰᠡᠨ ᠶᠤᠮ ᠪᠠᠶᠢᠨ᠎ᠡ᠃ | ︽ᠳ᠋ᠦᠡᠭᠨᠠᠭᠡᠣᠨ ᠭᠡᠯᠡᠪᠠᠯ᠂ ᠦᠵᠣᠮᠣᠴᠢᠨ ᠦᠯᠢᠭᠡᠷ ︽ᠭᠡᠷᠢᠶᠠᠳᠠᠢ ᠮᠡᠷᠭᠡᠨ ᠬᠠᠭᠠᠨ ᠤ ᠭᠡᠨᠢᠳᠠᠭᠦᠰ ᠭᠦᠪᠡᠭᠦᠨ︾ ᠨᠢ | ᠦᠵᠣᠮᠣᠴᠢᠨᠴᠣᠣᠨ ᠭᠡᠳᠣᠨ ᠵᠠᠭᠤᠨ ᠵᠢᠯ ᠤᠨ ᠡᠮᠣᠨ᠎ᠡ ᠣᠣᠯ ᠨᠣᠳᠤᠭ ᠲᠠᠭᠠᠨ ᠪᠠᠶᠢᠬᠤ ᠳᠠᠭᠠᠨ ᠶᠠᠷᠢᠵᠣ ᠪᠠᠶᠢᠭᠰᠠᠨ | ᠪᠦᠭᠡᠣᠨ ᠡᠨᠡ ᠨᠢ ᠦᠵᠣᠮᠣᠴᠢᠨᠴᠣᠣᠨ ᠣᠶᠢᠷᠠᠣᠨ ᠤᠨ ᠬᠠᠮᠳᠣ ᠶᠢᠨ ᠦᠪ ᠪᠠᠶᠢᠵᠣ ᠪᠠᠶᠢᠭᠰᠠᠨ ᠮᠠᠭᠠᠣᠨ᠃ ᠦᠯᠢᠭᠡᠷ | ᠭᠢᠭᠡᠣᠨ ᠣᠶᠢᠷᠠᠣᠨ ᠲᠣᠣᠯᠢ ᠳᠤ ᠭᠠᠷᠳᠠᠭ ᠠᠳᠠᠯᠢᠪᠳᠣᠷ ᠮᠣᠲ᠋ᠢᠪ ᠤᠳ ᠨᠢ ᠬᠠᠮᠤᠭ ᠢᠨᠠᠳᠣ ᠵᠠᠬ᠎ᠠ ᠳᠠᠭᠠᠨ ᠬᠤᠶᠠᠷ | ᠭᠤᠷᠪᠠᠨ ᠵᠠᠭᠤᠨ ᠵᠢᠯ ᠤᠨ ᠡᠮᠣᠨ᠎ᠡ ᠪᠣᠢ ᠪᠣᠯᠣᠭᠠᠣᠨ ᠣᠯᠡᠨ ᠤ ᠲᠣᠮᠳᠠ ᠲᠦᠭᠡᠮᠡᠯᠵᠢᠭᠰᠡᠨ ᠮᠣᠲ᠋ᠢᠪ ᠤᠳ ᠪᠣᠯᠣᠯᠳᠠᠢ︾ | ᠭᠡᠵᠠᠢ᠃ ︵ᠨ᠊᠂ ᠪᠦᠭᠡᠬᠠᠳᠠ ᠨᠠᠶᠢᠷᠠᠭᠤᠯᠣᠭᠰᠠᠨ ︽ᠦᠵᠣᠮᠣᠴᠢᠨ ᠰᠣᠳᠣᠯᠣᠯ︾ ᠦᠪᠣᠷ ᠮᠣᠩᠭᠤᠯ ᠤᠨ ᠰᠣᠶᠣᠯ | ᠤᠨ ᠭᠡᠪᠯᠡᠯ ᠤᠨ ᠬᠤᠷᠢᠶ᠎ᠠ᠂ 2006 ᠣᠨ᠂ 533 — 559 ᠨᠢᠭᠤᠷ︶ | ᠦᠵᠣᠮᠣᠴᠢᠨ ᠨᠣᠳᠤᠭ ᠲᠤ ᠲᠣᠣᠯᠢ ᠶᠡᠭᠡ ᠪᠠᠶᠢᠳᠠᠭ᠃ ᠨᠠᠮᠠᠢᠢ ᠪᠠᠭ᠎ᠠ ᠳᠤ ᠪᠠᠯᠵᠣᠷ ᠲᠠᠶᠢᠵᠢ᠂ ᠵᠢᠵᠢᠢ ᠶᠢᠨ ᠷᠠᠰᠢ | ᠭᠡᠭᠦ ᠦᠯᠢᠭᠡᠷ ᠲᠣᠣᠯᠢ ᠶᠢ ᠣᠰᠣ ᠴᠠᠰᠣ ᠰᠢᠭ᠋ ᠴᠠᠭᠡᠵᠢ ᠪᠠᠷ ᠣᠷᠣᠰᠬᠠᠳᠠᠭ ᠨᠠᠰᠣᠳᠠᠣᠨ ᠣᠯᠠᠨ ᠪᠠᠶᠢᠵᠠᠢ᠃ ᠡᠨᠡ | ᠬᠤᠶᠠᠷ ᠨᠠᠰᠣᠳᠠᠨ ︽ᠰᠢᠯᠢᠨ ᠭᠠᠯᠵᠠᠭᠤ ᠪᠠᠭᠠᠳᠣᠷ︾ ᠢ ᠬᠠᠶᠢᠯᠠᠨ ᠭᠡᠯᠡᠵᠣ ᠪᠠᠶᠢᠭᠰᠠᠨ ᠢ ᠪᠢ ᠰᠣᠨᠣᠰᠴᠣ ᠪᠠᠶᠢᠭᠰᠠᠨ | ᠂ ᠦᠪᠣᠷ ᠮᠣᠩᠭᠤᠯ ᠳᠤ ᠲᠠᠭᠡᠳᠣ ᠵᠠᠭᠤᠨ ᠤ ᠲᠠᠪᠢᠭᠠᠣᠨ ᠣᠨ ᠳᠤ ᠭᠡᠪᠯᠡᠭᠳᠡᠭᠡᠣᠨ ︽ᠭᠤᠷᠪᠠᠨ ᠨᠠᠰᠣᠳᠠᠢ ᠭᠤᠨᠠᠭᠠᠨ | ᠣᠯᠠᠭᠠᠨ ᠪᠠᠭᠠᠳᠣᠷ︾ ᠲᠣᠣᠯᠢ ᠶᠢ ᠦᠵᠣᠮᠣᠴᠢᠨ ᠠᠴᠠ ᠲᠡᠮᠳᠡᠭᠯᠡᠨ ᠠᠪᠣᠭᠰᠠᠨ ᠭᠡᠳᠡᠭ ᠪᠢᠯᠨ᠃ | ᠣᠯᠳᠣᠢ ᠪᠢ 1989 ᠣᠨ ᠳᠤ ᠣᠳᠣ ᠶᠢᠨ ᠪᠠᠷᠠᠭᠤᠨ ᠦᠵᠣᠮᠣᠴᠢᠨ ᠬᠤᠰᠢᠭᠤᠨ ᠤ ᠪᠠᠶᠠᠠᠬᠤᠸ᠋ᠨ ᠰᠣᠮᠣ ᠶᠢᠨ | ᠮᠠᠯᠴᠢᠨ ᠪᠠᠯᠨᠣᠣᠨ ᠣᠪᠣᠭᠳᠣ ᠠᠶᠣᠯᠭᠦᠢ ᠶᠢᠨ ᠲᠠᠩᠽᠠᠠ ︵1994 — 2002︶ ᠠᠴᠠ ︽ᠡᠩᠭᠡ ᠪᠣᠯᠣᠣᠨ ︵ | ᠪᠠᠯᠳᠣ︶ ᠬᠠᠨ︾ ᠲᠣᠣᠯᠢ ᠢ ᠲᠡᠮᠳᠡᠭᠯᠡᠨ ᠠᠪᠣᠭᠰᠠᠨ ᠪᠠ 2004 ᠣᠨ ᠳᠤ ᠲᠠᠩᠽᠠᠨ ᠤ ᠦᠶᠠᠯᠢᠣᠨ ᠡᠭᠡᠴᠢ | ᠲᠠᠩᠭᠤᠣᠨ ᠤᠨ ᠠᠯᠳᠠᠨᠴᠡᠴᠡᠭ ︵ ᠤᠳ ᠨᠠᠰᠣᠳᠠᠢ ᠪᠠᠶᠢᠪᠠ︶ ᠨᠠᠰᠣᠳᠠᠨ ᠠᠴᠠ ︽ᠠᠯᠳᠠᠨ ᠪᠣᠷᠠᠮᠣ ᠬᠠᠭᠠᠨ︾ | ᠲᠣᠣᠯᠢ ᠶᠢ ᠲᠡᠮᠳᠡᠭᠯᠡᠨ ᠠᠪᠴᠣ ᠪᠠᠶᠢᠭᠰᠠᠨ ᠶᠤᠮ᠃ ᠦᠵᠣᠮᠣᠴᠢᠨ ᠲᠣᠣᠯᠢ ᠭᠦᠨᠵᠡᠭᠡᠢ ᠰᠣᠳᠣᠯᠣᠭᠳᠣᠭᠠᠳᠣᠢ | ᠪᠠᠶᠢᠨ᠎ᠡ᠃ ᠰᠠᠶᠢᠳᠣᠷ ᠰᠣᠳᠣᠯᠪᠠᠯ ᠨᠠᠩ ᠰᠢᠨ᠎ᠡ ᠣᠯᠣᠯᠳᠠ ᠲᠠᠢ ᠪᠠᠶᠢᠵᠣ ᠪᠣᠯᠬᠤ ᠶᠢ ᠲᠠᠭᠠᠣ ᠳᠤᠨᠢ ᠲᠠᠮᠳᠡᠭᠯᠡᠶᠠ︕ | | ᠣᠶᠢᠷᠠᠣᠨ ᠦᠵᠣᠮᠣᠴᠢᠨ ᠤ ᠲᠠᠭᠤᠣ ᠬᠤᠭᠤᠷ ᠤᠨ ᠲᠣᠬᠠᠢ ᠰᠢᠨᠵᠢᠯᠡᠭᠡᠨ ᠤ ᠪᠠᠷᠢᠮᠳᠠ ᠪᠢᠳᠠᠨ ᠳᠤ ᠣᠳᠣᠬᠠᠨ | ᠲᠠᠶᠢᠮᠣ ᠲᠠᠭᠦᠯᠳᠠᠷ ᠬᠠᠨᠭ᠍ᠭᠠᠮᠵᠢᠳᠠᠢ ᠪᠣᠰᠣ᠂ ᠭᠡᠪᠠᠴᠣ ᠮᠣᠩᠭᠤᠯ ᠣᠯᠣᠰ ᠤᠨ ᠠᠬᠠᠮᠠᠣᠨ ᠡᠷᠳᠠᠮᠳᠠᠨ ᠴ᠊ · ᠱᠤᠤᠰᠢᠩᠭᠠ | ᠭᠤᠸᠠᠢ ︽ᠬᠤᠷᠢᠳᠣᠭᠠᠷ ᠵᠠᠭᠤᠨ ᠳᠠᠬᠢ ᠦᠵᠣᠮᠣᠴᠢᠨ ᠤ ᠨᠠᠭᠦᠳᠠᠯ ᠰᠠᠭᠤᠳᠠᠯ︾ ᠨᠣᠮ ᠳᠠᠭᠠᠨ᠂ ︽ᠪᠠᠶᠠᠣᠨ᠂ | ᠦᠵᠣᠮᠣᠴᠢᠨ ᠶᠠᠰᠣᠳᠠᠨ ᠤ ᠪᠠᠰᠠᠷᠡᠭ ᠣᠷᠳᠣ ᠶᠢᠨ ᠲᠠᠭᠤᠣ ᠶᠢᠨ ᠠᠶ᠎ᠠ ᠬᠤᠭᠤᠷᠣᠨᠳᠣ ᠪᠠᠨ ᠲᠣᠩ ᠲᠦᠰᠣᠭᠡᠳᠠᠢ︾ | ᠭᠡᠵᠣ ᠪᠢᠴᠢᠭᠰᠡᠨ ᠪᠠᠶᠢᠳᠠᠭ ᠢ ᠠᠳᠠ ᠲᠣᠷᠠᠳᠣᠶ᠎ᠠ᠃ | ᠵᠢᠷᠭᠤᠭ᠎ᠠ᠂ ᠦᠵᠣᠮᠣᠴᠢᠨ ᠤ ᠴᠠᠭᠠᠨ ᠠᠳᠣᠭᠤ ᠭᠢᠭᠡᠣᠨ ᠪᠦᠳᠣᠭᠦᠨ ᠰᠠᠭᠦᠯᠳᠣ ᠬᠤᠨᠢ | ᠦᠵᠣᠮᠣᠴᠢᠨ ᠤ ᠴᠠᠭᠠᠨ ᠠᠳᠣᠭᠤ ᠭᠢᠭᠡᠣᠨ ᠪᠦᠳᠣᠭᠦᠨ ᠰᠠᠭᠦᠯᠳᠣ ᠬᠤᠨᠢ ᠪᠣᠯ ᠲᠠᠯᠠᠭᠡᠢ ᠳᠤ ᠠᠯᠳᠠᠷᠰᠢᠭᠰᠠᠨ᠂ | ᠮᠣᠩᠭᠤᠯ ᠤᠨ ᠲᠠᠪᠣᠨ ᠬᠤᠰᠢᠭᠤ ᠮᠠᠯ ᠤᠨ ᠲᠣᠳᠣᠷᠠᠭᠢ ᠰᠢᠯᠢᠳᠡᠭ ᠰᠣᠳᠣᠨ ᠡᠭᠦᠯᠳᠠᠷ ᠤᠳ ᠶᠤᠮ᠃ ᠡᠳᠡᠭᠡᠷ ᠮᠠᠯ | ᠤᠳ ᠤᠨ ᠡᠭᠦᠯᠳᠠᠷ ᠣᠭᠰᠠᠭ᠎ᠠ ᠶᠢᠨ ᠢᠷᠠᠯ ᠢ ᠣᠬᠤᠴᠢᠯᠠᠪᠠᠯ᠂ ᠮᠦᠨ ᠯᠨ ᠣᠶᠢᠷᠠᠣᠨ ᠮᠣᠩᠭᠤᠯ ︵ᠣᠳᠣᠭᠢ | ᠮᠣᠩᠭᠤᠯ ᠣᠯᠣᠰ ᠤᠨ ᠭᠢᠵᠠᠭᠠᠷ ᠲᠠᠬᠢ ᠪᠠᠷᠠᠭᠤᠨ ᠮᠣᠩᠭᠤᠯ ᠣᠭᠰᠠᠭᠠᠳᠠᠨ︶ ᠤᠨ ᠮᠠᠯ ᠰᠦᠷᠦᠭ ᠠᠴᠠ ᠢᠷᠠᠯ ᠲᠠᠢ | ᠪᠠᠶᠢᠳᠠᠭ ᠶᠤᠮ᠃ | ᠦᠵᠣᠮᠣᠴᠢᠨ ᠴᠠᠭᠠᠨ ᠠᠳᠣᠭᠤ ᠪᠣᠯ᠂ ᠮᠣᠩᠭᠤᠯ ᠤᠨ ︽ᠲᠠᠶᠢᠭ᠎ᠠ ᠶᠢᠨ ᠴᠠᠭᠠᠨ ᠠᠳᠣᠭᠤ︾ ᠪᠣᠶᠣ ︽ᠲᠠᠷᠬᠠᠣᠨ | ᠤᠨ ᠴᠠᠭᠠᠨ ᠠᠳᠣᠭᠤ︾ ᠠᠴᠠ ᠣᠳᠣᠮᠰᠢᠯ ᠲᠠᠢ ᠶᠤᠮ᠃ ᠲᠠᠶᠢᠭ᠎ᠠ ᠶᠢᠨ ᠴᠠᠭᠠᠨ ᠠᠳᠣᠭᠤ ᠪᠣᠶᠣ ᠲᠠᠷᠬᠠᠣᠨ ᠤᠨ | ᠴᠠᠭᠠᠨ ᠠᠳᠣᠭᠤ ᠨᠢ ᠮᠣᠩᠭᠤᠯ ᠣᠯᠣᠰ ᠤᠨ ᠬᠤᠶᠢᠳᠣ ᠭᠢᠵᠠᠭᠠᠷ ᠤᠨ ᠦᠨᠳᠣᠷ ᠰᠠᠷᠢᠳᠠᠭ ᠠᠭᠤᠯᠠᠰ ᠲᠠᠢ | ᠰᠢᠱᠢᠭᠢᠣᠨ ᠤᠨ ᠬᠤᠳᠣᠭᠤᠷ ᠠᠴᠠ ᠣᠯᠠᠭᠠᠨ ᠠᠭᠤᠯᠨ ᠭᠦᠷᠳᠠᠯᠡ ᠲᠠᠷᠬᠠᠳ ᠤᠨ ᠴᠠᠭᠠᠨ ᠠᠳᠣᠭᠤ ᠭᠡᠮᠡᠭᠦ ᠠᠳᠣᠭᠤ | ᠲᠠᠷᠬᠠᠵᠣ ᠪᠠᠶᠢᠳᠠᠭ᠃ ᠰᠣᠮᠢᠶ᠎ᠠ ᠶᠢᠨ ᠵᠠᠮᠪᠠᠯᠳᠣᠷᠵᠢ ︽ᠮᠣᠷᠢᠨ ᠡᠷᠳᠠᠨᠢ︾ ᠨᠣᠮ ᠳᠠᠭᠠᠨ᠄ ︽ᠡᠷᠳᠠ ᠲᠠᠭᠡᠷ᠎ᠠ ᠴᠠᠭ | ᠠᠴᠠ ᠣᠡᠭᠭᠤᠨ ᠰᠢᠳᠣᠭᠡᠨ ᠪᠣᠯᠵᠣ ᠢᠷᠡᠭᠰᠡᠨ ᠭᠡᠶᠢᠮᠣᠷᠢ ᠶᠢᠨ ᠴᠠᠭᠠᠨ ᠮᠣᠷᠢ ᠶᠢᠨ ᠪᠡᠯᠭᠡᠳᠡᠭᠰᠡᠨ ᠶᠢᠰᠣᠨ ᠴᠠᠭᠠᠨ | ᠪᠡᠯᠭᠡ ᠶᠢᠨ ᠠᠳᠣᠭᠤᠨ ᠠᠴᠠ ᠪᠣᠭᠳᠠ ᠶᠢᠨ ᠱᠠᠪᠢ ᠲᠠᠷᠬᠠᠣᠨ ᠤᠨ ᠣᠣᠨᠬᠤᠨ ᠴᠠᠭᠠᠨ ᠠᠳᠣᠭᠤ ᠡᠭᠦᠰᠦᠭᠰᠡᠨ ᠭᠡᠳᠡᠭ | ᠃ ᠣᠭ ᠠᠳᠣᠭᠤ ᠨᠢ ᠵᠣᠵᠠᠭᠠᠨ ᠲᠣᠰᠢᠭᠠᠷ ᠬᠠᠷ᠎ᠠ ᠲᠣᠭᠤᠷᠠᠢ ᠲᠠᠢ᠂ ᠭᠦᠯ ᠪᠦᠳᠣᠭᠦᠨ᠂ ᠣᠭᠤᠴᠠ ᠣᠷᠳᠣᠯᠢᠭ᠂ | ᠪᠠᠶ᠎ᠠ ᠲᠣᠪᠬᠤᠭᠠᠷ᠂ ᠶᠡᠭᠡ ᠲᠠᠩᠭᠡ ᠲᠠᠢ᠂ ᠴᠣᠴᠢᠳᠠᠭ ᠦᠭᠡᠢ᠂ ᠡᠴᠢᠭᠦ ᠨᠢ ᠪᠠᠭ᠎ᠠ ᠦᠪᠡᠷᠮᠢᠴᠠ ᠣᠨᠴᠠᠯᠢᠭ ᠲᠠᠢ᠂ | ᠵᠣᠵᠠᠭᠠᠨ ᠭᠦᠷ ᠴᠠᠰᠣ ᠶᠢ ᠲᠣᠭᠤᠷᠠᠢ ᠪᠠᠷ ᠴᠠᠪᠴᠢᠵᠣ᠂ ᠬᠠᠭᠳᠠ ᠭᠦᠪᠳᠣ ᠪᠠᠷ ᠬᠤᠭᠤᠯᠠᠯᠳᠠᠭ᠂ ᠲᠠᠰᠪᠣᠷᠢ | ᠬᠠᠳᠠᠭᠤᠯᠵᠢᠳᠠᠢ ᠠᠳᠣᠭᠤ ᠶᠤᠮ᠃ ᠡᠭ᠍ᠴᠡ ᠦᠨᠳᠣᠷ ᠠᠭᠤᠯᠨ ᠦᠭᠡᠳᠠ ᠭᠢᠮᠣᠰᠣᠯᠠᠨ ᠭᠢᠰᠭᠢᠵᠣ ᠵᠢᠣᠨᠬᠦᠳᠡᠭ᠃ | ᠲᠠᠷᠭᠡ ᠴᠢᠷᠭ᠎ᠠ ᠭᠦᠯᠯᠡᠭᠦ ᠳᠤ ᠲᠣᠭᠢᠷᠠᠮᠵᠢᠳᠠᠢ ᠨᠣᠮᠣᠬᠠᠨ ᠲᠦᠯᠭᠡᠭᠡᠨ᠂ ᠠᠡᠭ ᠠᠶᠠᠨ ᠳᠤ ᠶᠡᠭᠡ ᠭᠡᠷᠡᠭᠯᠡᠵᠣ ᠢᠷᠠᠵᠠᠢ᠃ | ᠴᠠ ᠪᠣᠭᠤ ᠲᠠᠢ ᠵᠠᠷᠭᠡᠴᠠᠨ ᠪᠠᠯᠴᠢᠵᠣ ᠦᠯ ᠬᠤᠭᠤᠯᠨ ᠣᠯᠳᠠᠭ᠃ ᠬᠤᠶᠠᠷ ᠨᠠᠷᠨ ᠶᠢᠨ ᠬᠤᠭᠤᠷᠣᠨᠳᠣ 160 — | 180 ᠺᠢᠯᠣᠮᠧᠲᠷ ᠲᠠᠪᠭᠢᠭᠠᠣᠨ ᠴᠣᠴᠠᠳᠠᠭ ᠦᠭᠡᠢ᠃ ᠨᠠᠢᠮᠠᠨ ᠲᠣᠭᠤᠭ᠎ᠠ ᠭᠦᠯᠳᠡᠭᠡᠭᠡᠭᠰᠡᠨ ᠰᠦ ᠭᠠᠨᠵᠣᠭᠠᠯᠠᠭᠠᠣᠨ | 70 ᠺᠢᠯᠣᠮᠧᠲᠷ ᠱᠤᠭᠰᠢᠬᠤ ᠳᠤ ᠠᠵᠢᠶᠠᠷᠠᠳᠠᠭ ᠦᠭᠡᠢ ᠠᠳᠣᠭᠤ ᠭᠡᠵᠣ ᠨᠠᠷᠠ ᠭᠠᠷᠴᠠᠢ︾ ︵ᠰᠣᠮᠢᠶ᠎ᠠ ᠶᠢᠨ | ᠵᠠᠮᠪᠠᠯᠳᠣᠷᠵᠢ ᠶᠢᠨ ︽ᠮᠣᠷᠢᠨ ᠡᠷᠳᠠᠨᠢ︾ ᠦᠪᠣᠷ ᠮᠣᠩᠭᠤᠯ ᠤᠨ ᠶᠡᠭᠡ ᠰᠣᠷᠭᠠᠭᠤᠯᠢ ᠶᠢᠨ ᠭᠡᠪᠯᠡᠯ ᠤᠨ ᠬᠤᠷᠢᠶ᠎ᠠ᠂ | 2014 ᠣᠨ᠂ 97 ᠨᠢᠭᠤᠷ︶ | ᠲᠠᠷᠬᠠᠣᠨ ᠤᠨ ᠴᠠᠭᠠᠨ ᠠᠳᠣᠭᠤ ᠨᠢ ᠣᠢ ᠶᠢᠨ ᠢᠷᠭᠡᠣᠨ ᠤᠨ ︽ᠲᠠᠶᠢᠭ᠎ᠠ ᠶᠢᠨ ᠴᠠᠭᠠᠨ ᠠᠳᠣᠭᠤ︾ ᠠᠴᠠ ᠢᠷᠠᠯ | ᠲᠠᠢ ᠪᠣᠯᠬᠤ ᠲᠣᠬᠠᠢ ᠲᠠᠭᠡᠷ᠎ᠠ ᠲᠣᠷᠠᠳᠣᠭᠰᠠᠨ ᠵᠠᠮᠪᠠᠯᠳᠣᠷᠵᠢ ᠶᠢᠨ ᠨᠣᠮ ︵224 ᠨᠢᠭᠤᠷ ᠲᠤ︶ ᠳᠤ ︽ᠶᠡᠭᠡ | ᠰᠠᠷᠢᠳᠠᠭ ᠠᠭᠤᠯᠨ ᠲᠠᠢ᠂ ᠴᠠᠰᠣ ᠶᠡᠭᠡ ᠣᠨᠠᠳᠠᠭ ᠶᠠᠺᠦ᠋ᠲ᠂ ᠬᠤᠶᠢᠳᠣ ᠲᠣᠶᠢᠯ ᠳᠤ ᠣᠶᠢᠷ᠎ᠠ ᠣᠷᠴᠢᠮ | ᠨᠣᠳᠣᠭᠰᠢᠭᠰᠠᠨ ᠬᠦᠢᠳᠠᠨ ᠳᠤ ᠲᠠᠰᠪᠣᠷᠢᠳᠠᠢ ᠨᠢᠭᠡᠨ ᠣᠮᠤᠭ ᠤᠨ ᠠᠳᠣᠭᠤ᠃ ᠮᠣᠩᠭᠤᠯ ᠣᠯᠣᠰ ᠤᠨ ᠬᠤᠶᠢᠳᠣ | ᠭᠢᠵᠠᠭᠠᠷ ᠤᠨ ᠭᠦᠪᠰᠣᠭᠦᠯ ᠤᠨ ᠲᠠᠶᠢᠭ᠎ᠠ ᠬᠠᠪᠢ ᠶᠢᠨ ᠲᠠᠷᠬᠠᠣᠨ ᠤᠨ ᠴᠠᠭᠠᠨ ᠠᠳᠣᠭᠤ ᠶᠢ ᠪᠠᠰᠠ ᠲᠠᠶᠢᠭ᠎ᠠ ᠶᠢᠨ | ᠠᠳᠣᠭᠤ ᠭᠡᠳᠡᠭ᠃ ᠪᠠᠳᠠᠷᠠᠭᠤᠨ ᠲᠣᠮᠣ ᠪᠠᠶ᠎ᠠ ᠲᠠᠢ ᠲᠠᠶᠢᠭ᠎ᠠ ᠶᠢᠨ ᠠᠳᠣᠭᠤ ᠭᠤᠣᠯ ᠲᠦᠯᠣᠪ ᠴᠠᠭᠠᠨ ᠪᠦᠭᠦᠭᠡᠨ | ᠵᠢᠰᠣ ᠲᠠᠢ᠂ ᠲᠣᠭᠤᠷᠠᠢ ᠪᠠᠷ ᠢᠶᠠᠨ ᠭᠦᠷ ᠴᠠᠰᠣ ᠴᠠᠪᠴᠢᠵᠣ ᠬᠠᠭᠳᠠ᠂ ᠭᠦᠪᠳᠣ ᠪᠠᠷ ᠬᠤᠭᠤᠯᠯᠠᠳᠠᠭ︾ ᠭᠡᠵᠠᠢ᠃ | ︽ᠮᠣᠩᠭᠤᠯ ᠤᠨ ᠨᠢᠭᠤᠴᠠ ᠲᠣᠪᠴᠢᠶᠠᠨ︾ ᠳᠤ 1207 ᠣᠨ ᠳᠤ ᠵᠦᠴᠢ ᠣᠢ ᠶᠢᠨ ᠢᠷᠭᠡᠣᠨ ᠤᠨ ᠣᠶᠢᠷᠠᠣᠨ᠂ | ᠪᠣᠷᠢᠶᠠᠣᠨ᠂ ᠪᠠᠷᠬᠤᠣᠨ᠂ ᠲᠦᠮᠡᠣᠨ᠂ ᠣᠷᠰᠣᠨ᠂ ᠬᠠᠪᠬᠠᠨᠠᠰ᠂ ᠬᠠᠨᠭ᠍ᠭᠠᠰ᠂ ᠲᠣᠪᠠᠣᠨ᠂ ᠭᠢᠷᠭᠢᠰ ᠤᠳ ᠠᠶᠢᠠᠮᠭ | ᠤᠳ ᠢ ᠡᠯᠰᠠᠨ ᠲᠠᠭᠠᠭᠤᠯᠵᠣ ᠲᠠᠳᠠᠭᠡᠷ ᠠᠶᠢᠮᠠᠭ ᠤᠨ ᠨᠣᠶᠠᠣᠨ ᠴᠢᠩᠭᠢᠰ ᠬᠠᠭᠠᠨ ᠳᠤ ᠴᠠᠭᠠᠨ ᠨᠤᠭᠤᠳ ᠠᠬᠠᠳᠢᠰ | ᠡᠷᠭᠦᠵᠣ ᠠᠭᠤᠯᠵᠠᠵᠣ ᠪᠠᠶᠢᠭᠰᠠᠨ ᠢ ᠲᠡᠮᠳᠡᠭᠯᠡᠵᠣ ᠪᠠᠶᠢᠳᠠᠭ ᠶᠤᠮ᠃ ᠣᠳᠣ ᠶᠢᠨ ᠦᠵᠣᠮᠣᠴᠢᠨ ᠴᠠᠭᠠᠨ ᠠᠳᠣᠭᠤ | ᠪᠣᠯ ᠲᠠᠷᠨ ᠦᠶ᠎ᠠ ᠶᠢᠨ ᠣᠢ ᠶᠢᠨ ᠢᠷᠭᠡᠣᠨ ᠤᠨ ᠮᠠᠯᠵᠢᠵᠣ ᠪᠠᠶᠢᠭᠰᠠᠨ ᠠᠳᠣᠭᠤᠨ ᠤ ᠣᠳᠣᠮᠴᠢᠷ ᠪᠣᠯᠣᠨ᠎ᠡ᠃ | ᠦᠵᠣᠮᠣᠴᠢᠨ ᠤ ᠭᠤᠣᠯ ᠠᠵᠣ ᠠᠬᠤᠢ ᠪᠣᠯᠣᠭᠰᠠᠨ ᠣᠭᠤᠴᠠᠨ ᠰᠠᠭᠦᠯᠳᠣ ᠪᠣᠶᠣ ᠪᠦᠳᠣᠭᠦᠨ ᠰᠠᠭᠦᠯᠳᠣ ᠬᠤᠨᠢᠳ | ᠨᠢ ᠪᠠᠷᠠᠭᠤᠨ ᠮᠣᠩᠭᠤᠯ ᠤᠨ ᠣᠭᠤᠴᠠᠨ ᠰᠠᠭᠦᠯᠳᠣ ᠬᠤᠨᠢ ᠲᠠᠢ ᠭᠠᠷᠣᠯ ᠡᠭᠦᠰᠣᠯ ᠤᠨ ᠬᠤᠯᠪᠣᠭ᠎ᠠ ᠲᠠᠢ ᠪᠠᠶᠢᠬᠤ ᠶᠢ | ᠮᠣᠩᠭᠤᠯ ᠣᠯᠣᠰ ᠤᠨ ᠮᠠᠯ ᠠᠵᠣ ᠠᠬᠤᠢ ᠶᠢᠨ ᠡᠷᠳᠠᠮᠳᠠᠨ ᠵᠠ᠊ · ᠭᠤᠴᠣᠭᠵᠠᠪ ᠭᠤᠸᠠᠢ ᠲᠠᠭᠦᠨ ᠤ ︽ᠮᠣᠩᠭᠤᠯ | ᠬᠤᠨᠢ︾ ᠨᠣᠮ ᠳᠠᠭᠠᠨ ᠰᠢᠨᠵᠢᠯᠠᠨ ᠰᠣᠳᠣᠯᠵᠣ᠂ ᠦᠵᠣᠮᠣᠴᠢᠨ ᠤ ᠣᠣᠭᠠᠯ ᠨᠣᠳᠤᠭ ︽ᠦᠵᠣᠮ ᠤᠨ ᠠᠭᠤᠯᠨ︾ | ︽ᠲᠦᠷᠣᠭᠡ ᠬᠠᠨᠭ᠍ᠭᠢᠨᠠᠭᠤᠷ ᠤᠨ ᠬᠠᠪᠴᠢᠯ︾ ︽ᠬᠤᠨᠢ ᠮᠠᠶᠢᠯᠠᠬᠤ︾ ᠵᠡᠷᠭᠡ ᠭᠠᠵᠡᠷ ᠣᠰᠣᠨ ᠢ ᠲᠣᠳᠣᠷᠠᠭᠤᠯᠬᠤ | ᠶᠢᠨ ᠲᠠᠭᠠᠣ ︽ᠦᠵᠣᠮᠣᠴᠢᠨ︾ ᠭᠡᠳᠡᠭ ᠨᠠᠷᠠᠶᠢᠳᠣᠯ ᠢ ︽ᠦᠵᠣᠮ ᠤᠨ ᠠᠭᠤᠯᠨ︾ ᠠᠴᠠ ᠡᠭᠦᠰᠣᠯ ᠲᠠᠢ ᠭᠡᠵᠣ | ᠦᠵᠡᠭᠰᠡᠨ ᠪᠦᠭᠡᠣᠨ᠄ ︽ᠭᠡᠷᠪᠠ ᠦᠵᠣᠮᠣᠴᠢᠨ ᠶᠠᠰᠣᠳᠠᠨ ᠨᠤᠭᠤᠳ ᠪᠠᠷᠠᠭᠤᠨ ᠮᠣᠩᠭᠤᠯ ᠤᠨ ᠨᠣᠳᠤᠭ ᠲᠤ | ᠠᠮᠢᠳᠣᠷᠠᠨ ᠠᠵᠣ ᠲᠦᠷᠣᠵᠣ ᠪᠠᠶᠢᠭᠰᠠᠨ ᠪᠣᠯ ᠬᠤᠨᠢᠨ ᠰᠦᠷᠦᠭ ᠨᠢ ᠣᠭᠤᠴᠠᠨ ᠰᠠᠭᠦᠯᠳᠣ ᠬᠤᠨᠢ ᠲᠠᠢ ᠭᠠᠷᠣᠯ | ᠡᠭᠦᠰᠣᠯ ᠤᠨ ᠬᠤᠯᠪᠣᠭ᠎ᠠ ᠲᠠᠢ ᠪᠠᠶᠢᠵᠣ ᠪᠣᠯᠣᠨ᠎ᠡ᠃ ᠡᠭᠦᠨ ᠢ ᠨᠣᠳᠠᠯᠠᠵᠣ ᠪᠣᠯᠬᠤ ᠪᠠᠷᠢᠮᠳᠠ ᠭᠡᠪᠠᠯ ᠮᠣᠩᠭᠤᠯ ᠤᠨ | ᠲᠣᠷᠣᠨᠠᠳᠣ ᠭᠡᠭᠡᠷ᠎ᠠ ᠶᠢᠨ ᠵᠠᠭᠦᠨ ᠭᠢᠵᠠᠭᠠᠷ ᠲᠤ ᠦᠷᠡᠵᠢᠭᠦᠯᠵᠣ ᠪᠠᠶᠢᠭ᠎ᠠ ᠦᠵᠣᠮᠣᠴᠢᠨ ᠬᠤᠨᠢᠨ ᠤ ᠮᠢᠬᠠᠨ ᠠᠰᠢᠭ | ᠰᠢᠮ᠎ᠡ ᠶᠢᠨ ᠦᠵᠡᠭᠦᠯᠣᠯᠳᠠ ᠪᠠᠷᠠᠭᠤᠨ ᠮᠣᠩᠭᠤᠯ ᠤᠨ ᠣᠭᠤᠴᠠᠨ ᠰᠠᠭᠦᠯᠳᠣ ᠬᠤᠨᠢᠨ ᠤ ᠬᠢ ᠲᠠᠢ ᠣᠶᠢᠷᠠᠯᠴᠠᠭ᠎ᠠ | ᠲᠠᠳᠣᠢ ᠦᠭᠡᠢ ᠵᠠᠷᠢᠮ ᠦᠵᠡᠭᠦᠯᠣᠯᠳᠠ ᠨᠢ ᠲᠠᠪᠠᠭᠤ ᠪᠠᠶᠢᠨ᠎ᠡ᠃ ᠬᠤᠶᠠᠳᠣᠭᠠᠷ ᠲᠤ ᠦᠵᠣᠮᠣᠴᠢᠨ ᠶᠠᠰᠣᠳᠠᠨ | ᠨᠤᠭᠤᠳ ᠤᠨ ᠪᠠᠯᠡᠣᠨᠬᠡᠵᠣ ᠪᠣᠯᠪᠠᠰᠣᠷᠠᠭᠤᠯᠣᠭᠰᠠᠨ ᠠᠭᠠᠷᠣᠣᠯ ᠬᠤᠷᠣᠣᠨ ᠵᠡᠷᠭᠡ ᠴᠠᠭᠠᠨ ᠢᠳᠡᠭᠡᠨ ᠤ ᠠᠮᠳᠠ ᠴᠢᠨᠠᠷ᠂ | ᠭᠡᠯᠪᠠᠷᠢ ᠮᠠᠶ᠋ᠢᠭ ᠨᠢ ᠪᠠᠷᠠᠭᠤᠨ ᠮᠣᠩᠭᠤᠯ ᠤᠨ ᠮᠠᠯᠴᠢᠣᠨ ᠤᠨ ᠬᠢ ᠲᠠᠢ ᠠᠳᠠᠯᠢᠬᠠᠨ ᠵᠣᠵᠠᠭᠠᠨ ᠰᠢᠬᠠᠵᠣ᠂ | ᠲᠦᠷᠪᠡᠯᠵᠢᠨ ᠭᠡᠷᠴᠢᠵᠣ ᠬᠠᠳᠠᠭᠠᠭᠰᠠᠨ ᠪᠠᠶᠢᠭ᠎ᠠ ᠶᠢ ᠠᠵᠢᠬᠤ ᠳᠤ ᠴᠢᠨᠠᠭᠰᠢᠳᠠ ᠰᠣᠳᠣᠯᠣᠭᠤᠰᠢᠳᠠᠢ ᠰᠣᠨᠢᠨ ᠰᠠᠳᠣᠪ | ᠪᠣᠯᠣᠨ᠎ᠡ︾ ᠭᠡᠵᠠᠢ᠃ | ᠦᠵᠣᠮᠣᠴᠢᠨ ᠨᠣᠳᠣᠭᠳᠠᠢ ᠮᠠᠯ ᠠᠵᠣ ᠠᠬᠤᠢ ᠶᠢᠨ ᠰᠣᠳᠣᠯᠭᠠᠳᠠᠨ ᠫᠠ᠊᠂ ᠲᠠᠮᠣᠷ ᠠᠪᠣᠭᠠᠢ ᠲᠠᠭᠦᠨ ᠤ ︽ | ᠦᠵᠣᠮᠣᠴᠢᠨ ᠬᠤᠨᠢ︾ ᠨᠣᠮ ᠳᠠᠭᠠᠨ ︽ᠦᠵᠣᠮᠣᠴᠢᠨ ᠬᠤᠨᠢᠨ ᠤ ᠡᠭᠦᠰᠣᠯ ᠭᠠᠷᠣᠯ ᠢ ᠵᠦᠪ ᠢᠶᠠᠷ ᠲᠣᠳᠣᠯᠠᠬᠤ ᠳᠤ | ᠦᠵᠣᠮᠣᠴᠢᠨ ᠶᠠᠰᠣᠳᠠᠨ ᠤ ᠡᠭᠦᠰᠣᠯ ᠭᠦᠭᠵᠢᠯ ᠪᠠ ᠲᠠᠳᠠᠨ ᠤ ᠠᠵᠣ ᠠᠮᠢᠳᠣᠷᠠᠯ᠂ ᠨᠣᠳᠣᠭᠰᠢᠵᠣ ᠪᠠᠶᠢᠭᠰᠠᠨ | ᠣᠷᠣᠨ ᠭᠠᠵᠡᠷ ᠢ ᠵᠦᠪ ᠢᠶᠠᠷ ᠲᠣᠳᠣᠯᠠᠬᠤ ᠴᠢᠬᠤᠯᠨ ᠲᠠᠢ ᠶᠤᠮ ᠁ ᠦᠵᠣᠮᠣᠴᠢᠨ ᠠᠷᠠᠣᠨ ᠤᠨ ᠢᠷᠠᠯᠳᠠ | ᠲᠠᠣᠭᠡ ᠨᠢ ᠡᠶᠢᠮᠣ ᠦᠨᠳᠣᠰᠣ ᠪᠠᠷᠢᠮᠳᠠ ᠲᠠᠢ ᠲᠣᠯᠨ ᠦᠵᠣᠮᠣᠴᠢᠨ ᠬᠤᠨᠢ ᠪᠣᠯ ᠪᠠᠷᠠᠭᠤᠨ ᠮᠣᠩᠭᠤᠯ ᠤᠨ ᠣᠭᠤᠴᠠᠨ | ᠰᠠᠭᠦᠯᠳᠣ ᠬᠤᠨᠢᠨ ᠠᠴᠠ ᠭᠠᠷᠣᠯ ᠡᠭᠦᠰᠣᠯ ᠲᠠᠢ ᠭᠡᠵᠣ ᠲᠠᠭᠠᠮᠠᠭᠯᠠᠵᠣ ᠪᠣᠯᠬᠤ ᠪᠦᠭᠡᠣᠨ ᠦᠵᠣᠮᠣᠴᠢᠨ ᠠᠷᠠᠣᠨ | ᠡᠷᠳᠠ ᠲᠡᠭᠡᠳᠣ ᠠᠴᠠ ᠪᠠᠨ ᠠᠪᠣᠭᠠᠣᠨ ᠮᠠᠯ ᠮᠠᠯᠵᠢᠬᠤ ᠶᠢᠨ ᠲᠦᠯᠣᠭᠡ ᠦᠷᠭᠡᠨ ᠠᠭᠤᠳᠠᠮ ᠮᠣᠩᠭᠤᠯ ᠨᠣᠳᠤᠭ ᠢᠶᠠᠷ | ᠲᠣᠷ᠎ᠠ ᠪᠠᠷ ᠨᠠᠭᠦᠳᠠᠯᠯᠠᠨ ᠮᠠᠯᠵᠢᠵᠣ ᠪᠠᠶᠢᠭᠰᠠᠨ ᠣᠴᠢᠷ ᠠᠴᠠ ᠮᠠᠯ ᠤᠨ ᠭᠢᠨᠢ ᠶᠠᠰᠣ ᠴᠢᠨᠠᠷ ᠰᠠᠶᠢᠨ ᠪᠠᠶᠢᠬᠤ ᠨᠢ | ᠲᠠᠮᠵᠢᠭ ᠦᠭᠡᠢ ᠭᠡᠳᠡᠭ ᠢ ᠨᠣᠳᠠᠯᠠᠵᠣ ᠪᠣᠯᠣᠨ᠎ᠡ︾ ᠭᠡᠰᠡᠨ ᠮᠦᠷᠳᠡᠭᠡᠨ ᠦᠵᠣᠮᠣᠴᠢᠨ ᠬᠤᠨᠢᠨ ᠤ ᠶᠠᠰᠣ ᠴᠢᠨᠠᠷ ᠢ | ᠲᠡᠭᠡᠳᠣ ᠭᠡᠮᠵᠢᠶ᠎ᠠ ᠪᠠᠷ ᠦᠨᠡᠯᠡᠨ ᠰᠣᠳᠣᠯᠵᠣ᠂ ᠭᠢᠨᠠᠨ ᠲᠣᠭᠳᠠᠭᠠᠯ ᠭᠢᠵᠣ ᠠᠯᠳᠠᠷᠰᠢᠭᠤᠯᠣᠭᠰᠠᠨ ᠶᠤᠮ᠃ | ᠪᠣᠷᠵᠢᠭᠢᠳᠠᠢ ᠣᠶᠦᠨᠪᠢᠯᠢᠭ᠂ ︽ᠣᠳᠣ ᠶᠢᠨ ᠪᠦᠳᠣᠭᠦᠨ ᠰᠠᠭᠦᠯᠳᠠᠢ ︿ᠦᠵᠣᠮᠣᠴᠢᠨ ᠬᠤᠨᠢ︾ ᠨᠢ ᠪᠦᠳᠣᠭᠦᠨ | ᠰᠠᠭᠦᠯᠳᠣ ᠰᠠᠷᠳᠠᠭᠤᠯ ᠬᠤᠨᠢᠨ ᠠᠴᠠ ᠣᠳᠣᠮᠳᠠᠢ ᠠᠵᠠᠢ︾ ᠭᠡᠵᠣ ᠦᠵᠡᠭᠰᠡᠨ ᠨᠢ ᠮᠠᠰᠢ ᠵᠣᠶᠢᠳᠠᠢ ᠭᠡᠵᠣ ᠰᠠᠨᠠᠵᠣ | ᠪᠠᠶᠢᠨ᠎ᠡ᠃ ᠭᠠᠭᠴᠠ ᠬᠦ ᠰᠠᠷᠳᠠᠭᠤᠯ ᠢ ᠲᠦᠪ ᠠᠽᠢᠶ᠎ᠠ ᠠᠴᠠ ᠢᠷᠠᠯ ᠲᠠᠢ ᠭᠡᠰᠡᠨ ᠨᠢ ᠪᠣᠷᠣᠭᠤᠳᠠᠵᠠᠢ᠃ ᠰᠠᠷᠳᠠᠭᠤᠯ | ᠪᠣᠯ ᠶᠠᠷᠣ ᠨᠢ ᠠᠯᠢ ᠡᠷᠳᠠᠨ ᠠᠴᠠ ᠣᠢ ᠶᠢᠨ ᠢᠷᠭᠡᠣᠨ ᠤᠨ ᠪᠦᠷᠢᠯᠳᠣᠭᠦᠨ ᠪᠠᠶᠢᠭᠰᠠᠨ ᠶᠤᠮ᠃ ᠲᠠᠷᠨ ᠬᠦ | ᠦᠵᠣᠮᠣᠴᠢᠨ ᠬᠤᠨᠢ — ᠪᠠᠶᠠᠭᠤᠣᠨ ᠬᠤᠨᠢ — ᠰᠠᠷᠳᠠᠭᠤᠯ ᠬᠤᠨᠢᠣᠨ ᠨᠢ ᠴᠦᠮ ᠨᠢᠭᠡ ᠣᠳᠣᠮ ᠲᠠᠢ ᠬᠤᠨᠢᠣᠨ | ᠪᠠᠶᠢᠵᠣ ᠮᠡᠳᠡᠭᠦ ᠶᠤᠮ᠃ | ᠲᠣᠯᠤᠭ᠎ᠠ᠂ ᠦᠵᠣᠮᠣᠴᠢᠨ ᠣᠶᠢᠷᠠᠣᠨᠴᠣᠣᠨ ᠤᠨ ᠡᠯᠢᠭᠡᠰᠡᠭ ᠲᠣᠳᠣᠨᠣ ᠨᠣᠳᠣᠭᠰᠠᠭ ᠰᠠᠣᠨᠬᠢᠯᠭᠡ ᠶᠢᠨ ᠢᠯᠠᠷᠠᠯ ᠤᠳ | | ᠦᠵᠣᠮᠣᠴᠢᠨ ᠤ ᠣᠯᠠᠮᠵᠢᠯᠠᠯᠳᠣ ᠲᠣᠮᠤᠭ᠂ ᠠᠷᠠᠣᠨ ᠤᠨ ᠲᠣᠮᠳᠠ ᠶᠠᠷᠢᠭᠳᠠᠳᠠᠭ ᠴᠠᠭᠡᠵᠢ ᠲᠠᠣᠭᠡᠨ ᠳᠤ᠂ | ᠦᠪᠡᠷᠰᠠᠣᠨ ᠢ ᠪᠠᠨ ᠣᠷᠢᠳᠣ ᠳᠠᠭᠠᠨ ᠠᠯᠳᠠᠢ ᠬᠠᠨᠭ᠍ᠭᠠᠢ ᠶᠢᠨ ᠦᠵᠣᠮ ᠤᠨ ᠴᠠᠭᠠᠨ ᠠᠭᠤᠯᠨ᠂ ᠲᠦᠷᠣᠭᠡ | ᠬᠠᠨᠭ᠍ᠭᠢᠨᠠᠭᠴᠢ᠂ ᠬᠤᠨᠢ ᠮᠠᠶᠢᠯᠠᠭᠴᠢ᠂ ᠭᠠᠭᠴᠠ ᠪᠦᠭᠦᠳᠣ ᠲᠠᠮᠡᠭᠡ ᠲᠠᠢ ᠭᠠᠯᠪᠠ ᠱᠠᠩᠬᠠᠢ ︵ᠱᠠᠩᠬᠤ ᠪᠣᠶᠣ ᠱᠠᠩᠭᠠ︶ | ᠶᠢᠨ ᠭᠤᠪᠢ ᠪᠠᠷ ᠨᠣᠳᠣᠭᠯᠠᠵᠣ ᠪᠠᠶᠢᠭᠠᠣᠨ ᠨᠢᠭᠡᠨ ᠣᠳᠠᠭᠠᠨ ᠤ ᠲᠦᠷᠪᠡᠭᠡᠨ ᠳᠤ ᠠᠷᠭ᠎ᠠ ᠪᠣᠰᠣ ᠨᠣᠳᠤᠭ ᠣᠷᠣᠨ | ᠢᠶᠠᠨ ᠣᠷᠭᠢᠵᠣ᠂ ᠠᠬ᠎ᠠ ᠲᠠᠭᠦᠦ ᠠᠶᠢᠮᠠᠭ ᠰᠠᠳᠣᠨ ᠠᠴᠠ ᠪᠠᠨ ᠬᠠᠭᠠᠴᠠᠨ ᠰᠠᠯᠵᠣ᠂ ᠣᠰᠣ ᠪᠠᠯᠴᠢᠭᠡᠷ ᠰᠣᠩᠭᠤᠨ | ᠮᠠᠯᠵᠢᠵᠣ ᠶᠠᠪᠣᠭᠰᠠᠭᠠᠷ ᠣᠳᠣ ᠶᠢᠨ ᠡᠨᠡ ᠨᠣᠳᠤᠭ ᠲᠤ ᠢᠷᠠᠵᠣ ᠰᠠᠭᠤᠬᠤ ᠪᠣᠯᠣᠭᠰᠠᠨ ᠶᠤᠮ ᠭᠡᠨ᠎ᠡ ᠯᠠᠢ᠃ ᠢᠡᠭᠭᠢᠵᠣ | ᠨᠠᠭᠦᠳᠠᠯᠯᠠᠵᠣ ᠢᠷᠡᠭᠦ ᠳᠡᠭᠡᠨ ᠬᠤᠶᠠᠷ ᠬᠠᠳᠠᠪᠴᠢ᠂ ᠬᠤᠶᠠᠷ ᠡᠭᠦᠳᠠ ᠶᠢᠨ ᠠᠮᠨ ᠪᠠᠷ ᠣᠷᠣᠵᠣ ᠢᠷᠡᠭᠰᠡᠨ ᠠᠴᠠ ︽ | ᠬᠠᠳᠠᠪᠴᠢ︾ ︽ᠡᠭᠦᠳᠠ︾ ᠭᠡᠵᠣ ᠨᠠᠷᠡᠯᠡᠭᠰᠡᠨ ᠭᠡᠳᠡᠭ᠃ | ᠴᠢᠩᠭᠢᠭᠡᠣᠨ ᠦᠵᠣᠮᠣᠴᠢᠨᠴᠣᠣᠨ ᠠᠯᠳᠠᠢ ᠬᠠᠨᠭ᠍ᠭᠠᠢ᠂ ᠦᠵᠣᠮ ᠤᠨ ᠠᠭᠤᠯᠨ ᠶᠢᠨ ᠣᠣᠭᠠᠯ ᠨᠣᠳᠤᠭ ᠢᠶᠠᠨ | ᠲᠣᠷᠠᠰᠣᠨ ᠮᠦᠷᠣᠭᠡᠣᠨᠴᠣ᠂ ᠦᠪᠡᠷ ᠤᠨ ᠠᠶᠢᠮᠠᠭ ᠣᠭᠰᠠᠭ᠎ᠠ ᠪᠠᠨ ︽ᠦᠵᠣᠮᠣᠴᠢᠨ︾ ᠭᠡᠵᠣ ᠨᠠᠷᠡᠯᠡᠭᠰᠡᠨ ᠪᠠ | ᠨᠣᠳᠤᠭ ᠣᠰᠣ ᠪᠠᠨ ᠰᠠᠨᠠᠬᠤ ᠳᠠᠭᠠᠨ᠂ ᠡᠮᠡᠭᠡᠯ ᠤᠨ ᠪᠦᠭᠦᠷᠭᠡ ᠪᠠᠨ ᠪᠠᠷᠠᠭᠤᠨ ᠬᠤᠶᠢᠳᠣ ᠵᠦᠭ ᠲᠤ ᠬᠠᠨᠳᠣᠭᠤᠯᠣᠨ | ᠲᠠᠯᠪᠢᠵᠣ᠂ ᠭᠦᠷᠣᠩᠭᠡ ᠶᠢᠨ ᠲᠠᠭᠡᠵᠢ ᠪᠠᠨ ᠨᠣᠳᠤᠭ ᠵᠦᠭ ᠢᠶᠠᠨ ᠣᠷᠣᠰᠬᠠᠨᠡ ᠭᠡᠵᠣ ᠪᠦᠷᠭᠦᠭᠡᠷ ᠤᠨ ᠴᠣᠷᠭᠤ ᠶᠢ | ᠪᠠᠷᠠᠭᠤᠨ ᠬᠤᠶᠢᠰᠢ ᠬᠠᠷᠠᠭᠤᠯᠵᠣ ᠨᠠᠷᠠᠳᠡᠭ ᠪᠠᠶᠢᠪᠠ᠃ ᠮᠦᠨ ᠲᠣᠭᠤᠭ᠎ᠠ ᠪᠠᠨ ᠭᠡᠵᠢᠶᠠᠳᠠ ᠪᠠᠷᠠᠭᠤᠨ ᠬᠤᠶᠢᠰᠢ ︵ | ᠠᠯᠳᠠᠨ ᠬᠠᠨᠭ᠍ᠭᠠᠢ ᠦᠵᠣᠮ ᠤᠨ ᠠᠭᠤᠯᠨ ᠲᠠᠰᠢ︶ ᠭᠡᠯᠪᠡᠶᠢᠯᠭᠡᠨ ᠭᠡᠯᠳᠠᠶᠢᠯᠭᠡᠵᠣ ᠲᠣᠯᠳᠠᠭ ᠪᠠ ᠨᠣᠳᠤᠭ ᠲᠠᠭᠠᠨ | ᠬᠤᠴᠣᠷᠠᠭᠰᠠᠨ ᠰᠠᠳᠣᠨ ᠲᠦᠷᠣᠯ ᠲᠠᠢ ᠪᠠᠨ ᠡᠷᠭᠢᠵᠣ ᠠᠭᠤᠯᠵᠠᠬᠤ ᠶᠢᠨ ᠪᠡᠯᠭᠡ ᠲᠠᠮᠳᠡᠭ ᠪᠣᠯᠭᠠᠵᠣ ᠦᠡᠭᠭᠡ ᠲᠠᠪᠠᠯ | ᠢᠶᠠᠨ ᠵᠠᠪᠠᠯ ᠣᠭᠳᠣᠷᠭᠠ ᠲᠠᠢ ᠡᠰᠭᠡᠵᠣ ᠣᠶᠣᠳᠠᠭ ᠪᠣᠯᠣᠭᠰᠠᠨ ᠭᠡᠳᠡᠭ ᠪᠢᠯᠨ᠃ | ᠦᠵᠣᠮᠣᠴᠢᠨ ᠠᠴᠠ ᠲᠠᠰᠣᠷᠠᠵᠣ ᠬᠤᠴᠣᠷᠠᠭᠰᠠᠨ ᠦᠵᠣᠮᠣᠴᠢᠨ ᠶᠠᠰᠣᠳᠠᠨ ᠣᠶᠢᠷᠠᠣᠨ ᠨᠣᠳᠤᠭ ᠲᠤ ᠪᠠᠶᠢᠳᠠᠭ | ᠪᠢᠯᠨ ᠦᠦ︖ ᠦᠵᠣᠮᠣᠴᠢᠨᠴᠣᠣᠨ ᠶᠠᠭᠠᠭᠢᠬᠤ ᠳᠠᠭᠠᠨ ᠲᠠᠭᠡᠵᠣ ᠭᠡᠯᠡᠭᠡᠣᠨ ᠪᠠᠶᠢᠳᠠᠭ ᠪᠣᠢ︖ ᠡᠨᠡ ᠲᠣᠬᠠᠢ ᠪᠢ | ᠪᠠᠰᠠ ᠰᠠᠨᠠᠭ᠎ᠠ ᠲᠠᠯᠪᠢᠭᠰᠠᠭᠠᠷ ᠢᠷᠡᠯ᠎ᠡ᠃ ᠮᠣᠩᠭᠤᠯ ᠣᠯᠣᠰ ᠤᠨ ᠨᠠᠶᠢᠵᠢ ᠨᠠᠷ ᠠᠴᠠ ᠠᠰᠠᠭᠤᠬᠤ ᠳᠤ ᠮᠠᠨ ᠤ | ᠣᠯᠣᠰ ᠤᠨ ᠪᠠᠷᠠᠭᠤᠨ ᠭᠢᠵᠠᠭᠠᠷ ᠤᠨ ᠠᠶᠢᠮᠠᠭ ᠤᠳ ᠢᠶᠠᠷ ᠲᠠᠨ ᠤ ᠦᠵᠣᠮᠣᠴᠢᠨ ᠶᠠᠰᠣᠳᠠᠣᠨ ᠣᠷᠣᠰᠢᠨ | ᠠᠮᠢᠳᠣᠷᠠᠵᠣ ᠪᠠᠶᠢᠳᠠᠭ᠃ ᠲᠠᠳᠠ ᠦᠪᠡᠷᠰᠡᠣᠨ ᠢ ᠪᠠᠨ ︽ᠦᠵᠣᠮᠣᠴᠢᠨ︾ ᠶᠠᠰᠣᠳᠠᠨ ᠭᠡᠳᠡᠭ ᠢᠶᠠᠨ ᠮᠡᠳᠡᠳᠡᠭ ᠭᠡᠵᠣ | ᠶᠠᠷᠢᠵᠠᠭᠠᠬᠤ ᠶᠤᠮ᠃ ᠪᠠᠰᠠ ︽ᠦᠵᠣᠮᠣᠴᠢᠨ ᠭᠠᠷᠣᠯᠳᠠᠨ︾᠂ ︽ᠦᠵᠣᠮᠣᠴᠢᠨ ᠲᠠᠳᠠᠯᠭᠠᠳᠠᠨ︾ ᠭᠡᠵᠣ ᠭᠡᠯᠡᠳᠡᠭ | ᠶᠤᠮ ᠭᠡᠨ᠎ᠡ᠃ ᠡᠶᠢᠮᠣ ᠠᠴᠠ ᠮᠠᠨ ᠤ ᠣᠯᠣᠰ ᠦᠵᠣᠮᠣᠴᠢᠨ ᠤ ᠡᠭᠦᠰᠣᠯ ᠭᠠᠷᠣᠯ ᠢ ᠲᠣᠳᠣᠷᠠᠭᠤᠯᠬᠤ ᠳᠤ ᠮᠣᠩᠭᠤᠯ | ᠣᠯᠣᠰ ᠤᠨ ᠪᠠᠷᠠᠭᠤᠨ ᠠᠶᠢᠮᠠᠭ ᠤᠳ ᠢᠶᠠᠷ ᠭᠡᠭᠡᠷ᠎ᠠ ᠶᠢᠨ ᠰᠢᠨᠵᠢᠯᠡᠭᠡ ᠭᠢᠭᠦ ᠠᠵᠢᠯ ᠲᠣᠯᠭᠠᠮᠡ ᠱᠠᠭᠠᠷᠳᠠᠭᠳᠠᠵᠣ ᠪᠣᠢ | ᠶᠢ ᠭᠦᠮᠣᠰ ᠣᠳᠣ ᠣᠬᠠᠭᠠᠷᠠᠨ ᠰᠠᠭᠡᠭᠦ ᠴᠠᠭ ᠪᠣᠯᠵᠠᠢ᠃ | ᠪᠠᠷᠠᠭᠤᠨ ᠦᠵᠣᠮᠣᠴᠢᠨ ᠤ ᠠᠬᠠᠮᠠᠣᠨ ᠵᠣᠭᠢᠶᠠᠯᠴᠢ ᠵᠢ᠊ · ᠲᠣᠷᠵᠢ ᠪᠠᠭᠰᠢ ᠨᠠᠳᠠ ᠦᠵᠣᠮᠣᠴᠢᠨ ᠣᠶᠢᠷᠠᠣᠨ ᠤᠨ | ᠬᠠᠷᠢᠴᠠᠭᠠᠨ ᠤ ᠲᠣᠬᠠᠢ ᠲᠠᠭᠦᠨ ᠤ ᠰᠣᠨᠣᠰᠣᠭᠰᠠᠨ ᠬᠤᠶᠠᠷ ᠴᠢᠮᠡᠭᠡ ᠶᠢ ᠶᠠᠷᠢᠵᠣ ᠦᠭᠭᠦᠭᠰᠡᠨ ᠶᠤᠮ᠃ | ᠰᠢᠨᠵᠢᠶᠠᠩ ᠤᠨ ᠪᠠᠳᠣᠨᠠᠰᠣᠨ ᠭᠡᠭᠦ ᠢᠷᠠᠭᠤ ᠨᠠᠶᠢᠷᠠᠭᠴᠢ ᠵᠢ᠊ · ᠲᠣᠷᠵᠢ ᠭᠤᠸᠠᠢ ᠲᠠᠢ ᠦᠪᠣᠷ ᠮᠣᠩᠭᠤᠯ ᠤᠨ ᠪᠠᠭᠰᠢ | ᠶᠢᠨ ᠶᠡᠭᠡ ᠰᠣᠷᠭᠠᠭᠤᠯᠢ ᠶᠢᠨ ᠮᠣᠩᠭᠤᠯ ᠭᠡᠯᠨ ᠣᠣᠠᠬ᠎ᠠ ᠵᠣᠭᠢᠶᠠᠯ ᠤᠨ ᠠᠩᠭᠢ ᠳᠤ ᠰᠣᠷᠣᠯᠴᠠᠵᠣ ᠪᠠᠶᠢᠵᠠᠢ᠃ | ᠲᠠᠭᠡᠭᠡᠣᠨ ᠲᠠᠷᠨ ᠲᠠᠨ ᠤ ᠦᠵᠣᠮᠣᠴᠢᠨ᠂ ᠮᠠᠨ ᠤ ᠣᠶᠢᠷᠠᠣᠨ ᠲᠠᠢ ᠣᠭᠰᠠᠭ᠎ᠠ ᠨᠢᠭᠡᠳᠠᠢ ᠣᠯᠣᠰ ᠰᠢᠤ᠂ ᠮᠠᠨ ᠤ | ᠲᠠᠨᠳᠠᠭᠢ ××× ︵ᠨᠠᠷᠠ ᠶᠢ ᠨᠢ ᠮᠠᠷᠳᠠᠴᠢᠬᠠᠵᠠᠢ︶ ᠨᠢᠭᠡᠨ ᠠᠭᠤᠢ ᠠᠴᠠ ᠣᠶᠢᠷᠠᠣᠨ᠂ ᠦᠵᠣᠮᠣᠴᠢᠨ | ᠬᠤᠯᠪᠣᠭ᠎ᠠ ᠲᠠᠢ ᠪᠣᠯᠬᠤ ᠶᠢ ᠲᠠᠮᠳᠡᠭᠯᠡᠭᠰᠡᠨ ᠴᠢᠯᠠᠭᠤᠨ ᠪᠢᠴᠢᠭᠡᠰᠣ ᠭᠠᠷᠣᠭᠰᠠᠨ ᠭᠡᠵᠣ ᠶᠠᠷᠢᠵᠣ ᠪᠠᠶᠢᠭᠰᠠᠨ ᠭᠡᠨ᠎ᠡ᠃ | ᠬᠤᠶᠠᠷ ᠵᠢᠯ ᠤᠨ ᠡᠮᠣᠨ᠎ᠡ ᠲᠡᠭᠡᠳᠣ ᠮᠣᠩᠭᠤᠯ ᠠᠴᠠ ᠴᠠᠭᠠᠨᠪᠠᠭᠠᠳᠣᠷ ᠭᠡᠭᠴᠢ ᠭᠦᠮᠣᠨ ᠪᠠᠷᠠᠭᠤᠨ ᠦᠵᠣᠮᠣᠴᠢᠨ ᠳᠤ | ᠢᠷᠡᠭᠰᠡᠨ ᠳᠤ ᠫᠸᠡᠭ᠊ · ᠰᠠᠴᠠᠨᠪᠠᠭᠠᠳᠣᠷ ᠪᠢᠳᠠ ᠬᠤᠶᠠᠷ ᠪᠠᠰᠠ ᠬᠠᠮᠳᠣ ᠣᠷᠣᠯᠴᠠᠵᠣ ᠵᠣᠴᠢᠯᠠᠭᠰᠠᠨ ᠪᠢᠯᠨ᠃ ᠲᠠᠭᠡᠭᠦ | ᠳᠤ ᠲᠠᠷᠨ᠄ ︽ᠲᠠᠨ ᠤ ᠦᠵᠣᠮᠣᠴᠢᠨ ᠮᠠᠨ ᠤ ᠲᠠᠭᠡᠳᠣ ᠮᠣᠩᠭᠤᠯ ᠲᠠᠢ ᠶᠠᠮᠡᠷ ᠬᠠᠷᠢᠴᠠᠭ᠎ᠠ ᠲᠠᠢ ᠶᠢ ᠮᠠᠳᠠᠨ᠎ᠡ ᠦᠦ︖ | ᠪᠢᠳᠠ ᠴᠢᠨᠢ ᠪᠦᠷ ᠲᠦᠷᠣᠯ ᠣᠭᠰᠠᠭ᠎ᠠ ᠰᠢᠣ︕︾ ᠭᠡᠵᠣ ᠶᠠᠷᠢᠵᠣ ᠪᠠᠶᠢᠵᠣ ᠭᠡᠨ᠎ᠡ᠃ | ᠣᠶᠢᠷᠠᠣᠨ ᠲᠤ ᠦᠵᠣᠮᠣᠴᠢᠨᠴᠣᠣᠨ ᠪᠠᠶᠢᠳᠠᠭ ᠤᠨ ᠲᠣᠬᠠᠢ ︽ᠡᠷᠳᠠᠨᠢ ᠲᠣᠨᠣᠮᠠᠯ ᠨᠠᠷᠠᠳᠣ ᠰᠣᠳᠣᠷ ᠣᠷᠣᠰᠢᠪᠠ︾ ︵ | ᠲᠠᠷᠣᠢ ︽ᠠᠯᠳᠠᠨ ᠬᠠᠭᠠᠨ ᠤ ᠲᠣᠭᠤᠵᠢ︾︶ ᠳᠤ ᠲᠦᠮᠡᠣᠨ ᠤᠨ ᠠᠯᠳᠠᠨ ᠬᠠᠭᠠᠨ ᠴᠡᠷᠢᠭ ᠲᠠᠶᠢᠴᠢᠯᠠᠨ ᠣᠶᠢᠷᠠᠣᠨ | ᠢ ᠲᠣᠪᠳᠣᠯᠬᠤ ᠪᠠᠷ ᠭᠦᠭᠡᠢ ᠬᠠᠨ ᠢ ᠲᠠᠪᠠᠵᠣ᠂ ᠦᠭᠡᠯᠣᠨ ᠪᠠᠭᠠᠳᠣᠣᠨ ᠲᠤᠷ ᠲᠣᠪᠳᠣᠯᠣᠭᠠᠣᠨ ᠭᠦᠨᠳᠣ ᠶᠡᠭᠡ | ᠲᠠᠯᠠᠬ᠎ᠠ ᠠᠪᠴᠣ ᠣᠯᠠᠭᠠᠨ ᠬᠠᠲᠠᠨ ᠠᠴᠠ ᠢᠷᠡᠭᠦ ᠳᠤᠨᠢ ᠦᠭᠡᠯᠣᠨ ᠪᠠᠭᠠᠳᠣᠣᠨ ᠤᠨ ᠪᠣᠳᠣᠬᠠᠢ ᠲᠠᠶᠢᠰᠢ᠂ ᠣᠡᠭᠬᠤᠢ | ᠴᠢᠩ ᠰᠠᠩ ᠠᠷᠣ ᠠᠴᠠ ᠨᠢ ᠨᠠᠭᠡᠵᠣ ᠭᠦᠢᠴᠠᠭᠡᠣᠨ ᠪᠠᠶᠢᠯᠳᠣᠭᠰᠠᠨ ᠢ ᠪᠢᠴᠢᠭᠦ ᠳᠡᠭᠡᠨ᠄ | ᠢᠷᠠᠭᠡᠣᠨ ᠪᠠᠶᠢᠯᠳᠣᠵᠣ ᠢᠨᠠᠭᠰᠢ ᠴᠢᠨᠠᠭᠰᠢ ᠡᠰᠡᠷᠭᠦ ᠲᠠᠰᠡᠷᠭᠦ | ᠨᠢᠵᠠᠭᠡᠣᠨ ᠬᠤᠰᠢᠶᠠᠭᠠᠣᠨ ᠬᠠᠷᠪᠣᠯᠯᠠᠳᠣᠨ ᠰᠠᠴᠠ ᠣᠶᠢᠷᠠᠣᠨ ᠤᠨ ᠦᠵᠡᠮᠡᠷᠴᠢᠨ | ᠨᠢᠭᠦᠯᠡᠰᠭᠦᠢ ᠪᠣᠭᠳᠠ ᠭᠡᠭᠡᠨ ᠬᠠᠭᠠᠨ ᠤ ᠪᠠᠶ᠎ᠠ ᠲᠠᠴᠠ ᠭᠡᠷᠡᠯ ᠭᠠᠷᠣᠭᠰᠠᠨ ᠢ ᠦᠵᠡᠵᠣ᠂ | ᠨᠢᠭᠡᠨ ᠨᠢᠭᠡᠨ ᠲᠤᠷ ᠢᠶᠠᠨ ᠡᠶᠢᠨ ᠭᠡᠮᠡᠨ ᠦᠭᠦᠯᠡᠯᠳᠣᠷᠣᠨ | ︽ᠠᠶᠤᠠᠠᠲᠤᠬᠤᠢ ᠮᠡᠳᠣ ᠪᠣᠯᠪᠠᠢ ᠨᠢ ᠠᠰᠣᠷᠣ ᠨᠢᠭᠳᠠᠷᠠᠨ ᠶᠠᠪᠤᠨᠠᠶᠢᠯᠠ | ᠠᠬᠳᠠᠨ ᠤ ᠲᠣᠭᠤᠷᠠᠨ ᠠᠴᠠ ᠨᠢ ᠭᠠᠯ ᠰᠢᠳᠠᠬᠤ ᠮᠡᠳᠣ ᠶᠠᠪᠣᠨᠠᠢ ᠯᠨ | ᠠᠷᠣ ᠲᠠᠭᠡᠷ᠎ᠠ ᠨᠢ ᠲᠠᠭᠠᠭᠠᠳᠣ ᠴᠦᠯᠮᠡᠨ ᠲᠠᠭᠠᠵᠣ ᠶᠠᠪᠣᠨᠠᠢ ᠯᠨ | ᠠᠮᠢᠳᠣ ᠡᠰᠡᠨ ᠪᠦᠭᠦᠢ ᠠᠴᠠ ᠭᠡᠮ ᠦᠭᠡᠢ ᠬᠠᠭᠠᠴᠠᠯᠲᠤᠶᠠ ᠯᠨ︾ ᠭᠡᠮᠡᠯᠳᠣᠭᠡᠣᠨ ᠬᠠᠷᠢᠪᠠᠢ᠃ ︵ᠵᠦᠷᠣᠩᠭᠠ | ᠭᠢᠨᠠᠵᠣ ᠲᠠᠶᠢᠯᠪᠣᠷᠢᠯᠠᠭᠰᠠᠨ ︽ᠡᠷᠳᠠᠨᠢ ᠲᠣᠨᠣᠮᠠᠯ ᠨᠠᠷᠠᠳᠣ ᠰᠣᠳᠣᠷ ᠣᠷᠣᠰᠢᠪᠠ︾ ᠦᠪᠣᠷ ᠮᠣᠩᠭᠤᠯ ᠤᠨ ᠭᠡᠪᠯᠡᠯ ᠤᠨ | ᠪᠦᠯᠦᠭᠯᠡᠯ᠂ ᠦᠪᠣᠷ ᠮᠣᠩᠭᠤᠯ ᠤᠨ ᠠᠷᠠᠣᠨ ᠤᠨ ᠭᠡᠪᠯᠡᠯ ᠤᠨ ᠬᠤᠷᠢᠶ᠎ᠠ᠂ 2013 ᠣᠨ᠂ 55 — 56 ᠨᠢᠭᠤᠷ︶ | ᠲᠠᠭᠡᠷᠡᠭᠢ ᠲᠠᠮᠳᠡᠭᠯᠡᠯ ᠠᠴᠠ ᠦᠵᠡᠪᠠᠯ ᠣᠶᠢᠷᠠᠣᠨ ᠲᠤ ᠦᠨᠡᠭᠡᠷ ᠦᠵᠣᠮᠣᠴᠢᠨ ᠠᠴᠠ ᠰᠠᠯᠵᠣ ᠬᠤᠴᠣᠷᠠᠭᠰᠠᠨ | ᠦᠵᠠᠮᠠᠷᠴᠢᠨ ︵ᠦᠵᠣᠮᠴᠢᠨ︶ ᠨᠦᠭᠦᠳ ᠪᠠᠶᠢᠳᠠᠭ ᠨᠢ ᠰᠡᠵᠢᠭᠯᠡᠰᠢ ᠦᠭᠡᠢ ᠶᠤᠮ ᠪᠠᠶᠢᠨ᠎ᠡ᠃ | ︽ᠪᠠᠶ᠎ᠠ ᠪᠠᠷ ᠲᠠᠶᠢᠯᠠᠵᠣ ᠦᠷᠣᠨᠡ ᠣᠮᠠᠷ᠎ᠠ ᠶᠢᠨ ᠭᠠᠵᠡᠷ ᠢ ᠲᠦᠪᠰᠢᠣᠨᠬᠡᠨ ᠲᠣᠭᠳᠠᠭᠠᠭᠰᠠᠨ ᠪᠣᠳᠣᠯᠭ᠎ᠠ ᠶᠢᠨ | ᠪᠢᠴᠢᠭ︾ ᠲᠤ ᠲᠡᠮᠳᠡᠭᠯᠡᠭᠰᠡᠨ ᠢᠶᠠᠷ᠄ ᠡᠩᠭᠡ ᠠᠮᠣᠭᠤᠯᠠᠩ ᠤᠨ ᠬᠤᠷᠢ ᠶᠢᠰᠣᠳᠣᠭᠡᠷ ᠣᠨ ᠤ ᠲᠠᠪᠣᠨ ᠰᠠᠷ᠎ᠠ ᠶᠢᠨ | ᠠᠷᠪᠠᠨ ᠲᠦᠷᠪᠠᠨ ᠤ ᠡᠳᠣᠷ ᠭᠠᠯᠳᠠᠨ ᠪᠣᠱᠣᠭᠳᠣ ᠶᠢᠨ ᠬᠤᠶᠠᠷ ᠮᠢᠩᠭ᠎ᠠ ᠭᠠᠷᠣᠢ ᠴᠡᠷᠢᠭ ᠬᠤᠶᠠᠷ ᠵᠠᠮ ᠢᠶᠠᠷ | ᠦᠵᠣᠮᠣᠴᠢᠨ ᠤ ᠭᠢᠯᠢ ᠳᠤ ᠣᠷᠣᠵᠣ ᠢᠷᠡᠭᠦ ᠳᠤ ᠦᠵᠣᠮᠣᠴᠢᠨ ᠤ ᠲᠠᠶᠢᠵᠢ ᠪᠠᠷᠠᠩ᠂ ᠴᠣᠨᠣᠬᠤ ᠨᠠᠷ ᠦᠪᠡᠷ ᠦᠪᠡᠷ | ᠤᠨ ᠬᠠᠷᠢᠶᠠᠳᠣ ᠵᠠᠭᠤ ᠰᠢᠬᠠᠮ ᠭᠦᠮᠣᠨ ᠢ ᠠᠪᠴᠣ ᠬᠤᠶᠠᠭᠯᠠᠵᠣ ᠣᠭᠳᠣᠬᠤ ᠳᠤ ᠲᠠᠳᠠ ︽ᠪᠢᠳᠠ ᠨᠢᠭᠡ ᠠᠶᠢᠮᠠᠭ | ᠤᠨ ᠭᠦᠮᠣᠨ ᠪᠢᠰᠢᠣ᠂ ᠮᠠᠨ ᠳᠤᠷ ᠶᠠᠭᠤ ᠭᠡᠵᠣ ᠬᠤᠶᠠᠭᠯᠠᠪᠠ᠃ ᠭᠠᠭᠴᠠ ᠮᠠᠨ ᠤ ᠦᠰᠢᠶᠠᠳᠣ ᠬᠠᠯᠬ᠎ᠠ ᠶᠢ ᠮᠠᠨ | ᠳᠤᠷ ᠵᠢᠭᠠᠵᠣ ᠦᠭ ᠭᠡᠰᠡᠨ ᠳᠤ ᠦᠵᠣᠮᠣᠴᠢᠨᠴᠣᠣᠨ ᠬᠠᠯᠬ᠎ᠠ ᠣᠷᠣᠭᠰᠢ ᠨᠠᠭᠦᠳᠠᠯᠯᠠᠵᠣ ᠶᠠᠪᠣᠪᠠ᠃ ᠬᠠᠯᠬ᠎ᠠ ᠪᠠᠶᠢᠬᠤ | ᠶᠢ ᠮᠡᠳᠡᠭᠦ ᠦᠭᠡᠢ ᠭᠡᠰᠡᠨ ᠳᠤ ᠣᠶᠢᠷᠠᠣᠨ ᠤᠳ ᠪᠢᠳᠠ ᠨᠦᠭᠦᠷ ᠪᠢᠰᠢᠣ᠂ ᠪᠢᠳᠠ ᠲᠠᠨ ᠢ ᠭᠦᠨᠣᠭᠡᠭᠦ ᠥᠭᠡᠢ ᠭᠡᠮᠡᠨ | ᠨᠠᠷᠠᠨ ᠤ ᠡᠰᠡᠷᠭᠦ ᠢᠯᠳᠣ ᠵᠢᠳᠠ ᠪᠠᠨ ᠵᠢᠭᠠᠵᠣ , ᠠᠮᠠᠯᠳᠠᠪᠠ︾ ᠭᠡᠳᠡᠭ᠃ ︵︽ᠪᠠᠶ᠎ᠠ ᠪᠠᠷ ᠲᠠᠶᠢᠯᠠᠵᠣ ᠦᠷᠣᠨᠡ | ᠣᠮᠠᠷ᠎ᠠ ᠶᠢᠨ ᠭᠠᠵᠡᠷ ᠢ ᠲᠦᠪᠰᠢᠣᠨᠬᠡᠨ ᠲᠣᠭᠳᠠᠭᠠᠭᠰᠠᠨ ᠪᠣᠳᠣᠯᠭ᠎ᠠ ᠶᠢᠨ ᠪᠢᠴᠢᠭ︾᠂ ᠦᠪᠣᠷ ᠮᠣᠩᠭᠤᠯ ᠤᠨ | ᠰᠣᠶᠣᠯ ᠤᠨ ᠭᠡᠪᠯᠡᠯ ᠤᠨ ᠬᠤᠷᠢᠶ᠎ᠠ 1992 ᠣᠨ᠂ 104 ᠨᠢᠭᠤᠷ︶ ᠲᠠᠭᠡᠷ᠎ᠠ ᠦᠶ᠎ᠠ ᠳᠤ ᠮᠣᠩᠭᠤᠯᠴᠣᠣᠨ | ᠦᠨᠳᠣᠰᠣ ᠣᠭᠰᠠᠭ᠎ᠠ᠂ ᠢᠵᠠᠭᠤᠷ ᠶᠠᠰᠤ ᠪᠠᠨ ᠶᠠᠭᠡᠳᠠ ᠬᠦᠨᠳᠣᠣᠨᠬᠡᠨ ᠦᠵᠡᠳᠡᠭ ᠵᠠᠩᠰᠢᠯ ᠲᠠᠢ ᠪᠠᠶᠢᠭᠰᠠᠨ ᠠᠴᠠ | ᠨᠢᠭᠡᠨ ᠣᠭᠰᠠᠭᠠᠨ ᠤ ᠠᠶᠢᠮᠠᠭ ᠶᠠᠰᠣᠳᠠᠣᠨ ᠰᠠᠯᠣᠯᠴᠠᠭᠠᠣᠨ ᠭᠡᠳᠣᠢ ᠬᠤᠯᠨ ᠪᠠᠶᠢᠭᠰᠠᠨ ᠴᠣ᠋ ᠬᠤᠭᠤᠷᠣᠨᠳᠣᠭᠢ ᠶᠠᠰᠣ | ᠦᠨᠳᠣᠰᠣ ᠪᠠᠨ ᠲᠣᠳᠣᠷᠬᠠᠢ ᠮᠡᠳᠡᠳᠡᠭ ᠪᠠᠶᠢᠭᠰᠠᠨ ᠠᠵᠠᠢ᠃ | ᠭᠠᠯᠳᠠᠨ ᠪᠣᠱᠤᠭᠳᠣ ᠬᠠᠯᠬ᠎ᠠ ᠶᠢᠨ ᠣᠷᠭᠤᠳᠣᠯ ᠢ ᠴᠣᠭᠢᠵᠣ ᠬᠤᠶᠠᠷ ᠣᠳᠠᠭ᠎ᠠ ᠭᠤᠪᠢ ᠶᠢ ᠭᠡᠳᠣᠯᠭᠦ ᠳᠡᠭᠡᠨ ᠪᠦᠷ | ᠦᠵᠣᠮᠣᠴᠢᠨ ᠤ ᠨᠣᠳᠤᠭ ᠢᠶᠠᠷ ᠣᠷᠣᠵᠣ ᠲᠠᠳᠠᠨ ᠢ ᠪᠠᠶ᠎ᠠ ᠳᠡᠭᠡᠨ ᠲᠠᠳᠠᠬᠤ ᠶᠢ ᠭᠢᠴᠢᠶᠡᠭᠰᠡᠨ ᠨᠢ ᠣᠭ ᠲᠦᠷᠣᠯ ᠤᠨ | ᠬᠠᠷᠢᠴᠠᠭ᠎ᠠ ᠪᠠᠨ ᠠᠰᠢᠭᠯᠠᠬᠤ ᠭᠡᠰᠡᠨ ᠨᠢ ᠲᠣᠳᠣᠷᠬᠠᠢ ᠪᠦᠭᠡᠣᠨ ᠦᠵᠣᠮᠣᠴᠢᠨ ᠴᠢᠨ ᠸᠠᠩ ᠰᠤᠲᠠᠠᠨᠢ ᠪᠣᠯᠣᠨ ᠲᠠᠭᠦᠨ | ᠤ ᠬᠠᠳᠣᠨ᠂ ᠵᠢᠴᠢ ᠠᠪᠠᠭ᠎ᠠ ᠨᠢ ᠪᠣᠯᠬᠤ ᠴᠠᠭᠡᠨ ᠲᠠᠶᠢᠵᠢ ᠲᠠᠨ ᠭᠠᠯᠳᠠᠨ ᠢ ᠲᠠᠯᠳᠠᠭᠤᠷ ᠲᠣᠰᠠᠯᠠᠨ ᠴᠢᠮᠡᠭᠡ ᠮᠡᠳᠡᠭᠡ | ᠬᠠᠨᠭ᠍ᠭᠠᠵᠣ᠂ ᠴᠡᠷᠢᠭ ᠤᠨ ᠣᠨᠤᠭ᠎ᠠ ᠬᠦᠨᠡᠰᠣ ᠭᠦᠷᠭᠡᠵᠣ . ᠪᠠᠶᠢᠵᠠᠢ᠃ ᠡᠨᠡ ᠭᠡᠷᠡᠭ ᠠᠴᠠ ᠪᠣᠯᠵᠣ 1691 ᠣᠨ ᠤ | ᠲᠣᠯᠣᠨᠠᠭᠤᠷ ᠤᠨ ᠴᠢᠭᠤᠯᠭᠠᠨ ᠲᠠᠭᠡᠷ᠎ᠠ ᠦᠵᠣᠮᠣᠴᠢᠨ ᠤ ᠴᠠᠭᠡᠨ ᠲᠠᠶᠢᠵᠢ ᠲᠦᠷᠣᠭᠦᠦ ᠲᠠᠢ ᠲᠣᠯᠣᠭᠠᠨ ᠲᠠᠶᠢᠵᠢ ᠶᠢ | ᠡᠩᠭᠡ ᠠᠮᠣᠭᠤᠯᠠᠩ ᠤᠨ ᠵᠠᠷᠯᠢᠭ ᠢᠶᠠᠷ ᠠᠯᠠᠭᠰᠠᠨ ᠪᠢᠯᠨ᠃ | |