ᠰᠦᠮᠪᠠ ᠬᠠᠮᠪᠤ ᠢᠰᠢᠪᠠᠯᠵᠤᠷ ᠤᠨ ᠦᠨᠳᠣᠰᠣᠳᠡᠨ ᠣᠭᠰᠠᠭ᠎ᠠ ᠪᠠᠨ ᠬᠠᠯᠠᠮᠵᠢᠯᠠᠬᠤ ᠲᠡᠣᠬᠡᠨ ᠣᠬᠠᠮᠰᠠᠷ ᠤᠨ ᠲᠣᠬᠠᠢ
ᠨᠡᠶᠢᠲᠡᠯᠡᠭᠰᠡᠨ ᠴᠠᠭ᠄
2019/12/11
﹇ᠠᠭᠤᠯᠭ᠎ᠠ ᠶᠢᠨ ᠲᠣᠪᠴᠢ﹈ ᠲᠣᠰ ᠦᠭᠦᠯᠡᠯ ᠰᠦᠮᠪᠠ ᠬᠠᠮᠪᠤ ᠢᠰᠢᠪᠠᠯᠵᠣᠷ ᠤᠨ ᠬᠡᠳᠦᠨ ᠲᠡᠣᠬᠡᠨ ᠪᠦᠳᠦᠭᠡᠯ ᠳᠤ ᠲᠣᠯᠭᠠᠭᠤᠷᠢᠯᠠᠨ ᠦᠨᠳᠣᠰᠣᠳᠡᠨ ᠣᠭᠰᠠᠭ᠎ᠠ ᠪᠠᠨ ᠬᠠᠯᠠᠮᠵᠢᠯᠠᠬᠤ ᠲᠡᠣᠬᠡᠨ ᠣᠬᠠᠮᠰᠠᠷ ᠢ ᠨᠢ ᠮᠣᠩᠭᠤᠯ ᠣᠭᠰᠠᠭᠠᠳᠠᠨ  ᠤ ᠲᠣᠬᠠᠢ ᠣᠮᠣᠭᠰᠢᠯᠳᠣ ᠰᠡᠳᠬᠢᠯᠭᠡ᠂ ᠣᠶᠢᠷᠠᠳ ᠮᠣᠩᠭᠤᠯ ᠤᠨ ᠲᠡᠣᠬᠡ ᠪᠠ ᠠᠬᠤᠢ ᠶᠢᠨ ᠲᠣᠬᠠᠢ ᠬᠠᠯᠠᠮᠵᠢᠯᠠᠯ ᠭᠡᠬᠦ ᠬᠤᠶᠠᠷ ᠲᠠᠯ᠎ᠠ ᠠᠴᠠ ᠰᠦᠪᠡᠭᠴᠢᠯᠡᠵᠦ᠂ ᠣᠭᠰᠠᠭ᠎ᠠ ᠢᠵᠠᠭᠤᠷ ᠢᠶᠠᠨ ᠲᠣᠪᠣᠶᠢᠯᠭᠠᠬᠤ ᠣᠮᠣᠭᠰᠢᠯᠳᠣ ᠰᠡᠳᠬᠢᠯᠭᠡ ᠂ ᠮᠣᠩᠭᠤᠯ ᠤᠭᠰᠠᠭ᠎ᠠ ᠶᠢᠨ ᠲᠣᠬᠠᠢ ᠲᠡᠣᠬᠡ ᠪᠢᠴᠢᠯᠭᠡ᠂ ᠣᠶᠢᠷᠠᠳ ᠤᠨ ᠲᠡᠣᠬᠡᠨ ᠤ ᠲᠣᠬᠠᠢ ᠦᠵᠡᠯᠳᠡ ᠣᠪᠣᠷ᠂ ᠬᠤᠱᠣᠳ ᠮᠣᠩᠭᠤᠯᠴᠣᠳ ᠤᠨ ᠬᠤᠪᠢ ᠵᠠᠶᠠᠭᠠᠨ ᠤ ᠲᠣᠬᠠᠢ ᠰᠠᠨᠠᠭᠠᠰᠢᠷᠠᠯ᠂ ᠵᠡᠭᠦᠡᠭᠠᠷ ᠮᠣᠩᠭᠤᠯᠴᠣᠳ ᠤᠨ ᠲᠣᠬᠠᠢ ᠠᠩᠬᠠᠷᠣᠯ ᠬᠠᠯᠠᠮᠵᠢᠯᠠᠯ ᠭᠡᠬᠦ ᠬᠡᠳᠦᠨ ᠲᠠᠯ᠎ᠠ ᠲᠡᠭᠡᠷ᠎ᠡ ᠲᠦᠪᠯᠡᠷᠡᠵᠦ ᠪᠣᠢ ᠭᠡᠰᠡᠨ ᠦᠵᠡᠯᠳᠡ ᠲᠡᠪᠰᠢᠭᠦᠯᠵᠡᠢ᠃ ﹇ᠵᠠᠩᠭᠢᠯᠠᠭ᠎ᠠ ᠦᠭᠡ﹈                ᠢᠰᠢᠪᠠᠯᠵᠣᠷ              ᠦᠨᠳᠣᠰᠣᠳᠡᠨ ᠣᠭᠰᠠᠭ᠎ᠠ                ᠲᠡᠣᠬᠡᠨ ᠣᠬᠠᠮᠰᠠᠷ ᠰᠦᠮᠪᠠ ᠬᠠᠮᠪᠤ ᠢᠰᠢᠪᠠᠯᠵᠤᠷ ᠪᠣᠯ ᠪᠠᠰᠠ ᠨᠢᠭᠡᠨ ᠭᠢᠷᠠᠬᠠᠢ ᠲᠡᠣᠬᠡᠴᠢᠨ ᠮᠦᠨ᠂ ᠲᠡᠣᠬᠡᠨ ᠬᠡᠷᠡᠭ ᠢ ᠲᠡᠮᠳᠡᠭᠯᠡᠬᠦ ᠶᠢᠨ ᠲᠠᠭᠠᠣ ᠦᠪᠡᠷ ᠤᠨ ᠲᠡᠣᠬᠡᠨ ᠦᠵᠡᠯᠳᠡ᠂ ᠲᠡᠣᠬᠡ ᠪᠢᠴᠢᠯᠭᠡ ᠶᠢᠨ ᠦᠵᠡᠯᠳᠡ ᠵᠡᠷᠭᠡ ᠪᠠᠨ ᠢᠯᠡᠳᠭᠡᠭᠰᠡᠨ ᠨᠢ ᠨᠡᠩ ᠦᠨ᠎ᠡ ᠦᠷᠳᠡᠭ ᠲᠠᠢ ᠪᠣᠯᠣᠭᠰᠠᠨ ᠶᠣᠮ᠃ ᠡᠭᠦᠨ ᠤ ᠲᠣᠳᠣᠷ᠎ᠠ ᠦᠨᠳᠣᠰᠣᠳᠡᠨ ᠣᠭᠰᠠᠭ᠎ᠠ ᠪᠠᠨ ᠬᠠᠯᠠᠮᠵᠢᠯᠠᠬᠤ ᠲᠡᠣᠬᠡᠨ ᠣᠬᠠᠮᠰᠠᠷ ᠨᠢ ᠴᠢᠬᠤᠯᠠ ᠨᠢᠭᠡᠨ ᠪᠦᠷᠢᠯᠳᠦᠭᠦᠨ ᠪᠣᠯᠵᠣ ᠪᠠᠶᠢᠨ᠎ᠠ᠃ ᠡᠶᠢᠮᠦᠷᠬᠦᠦ ᠦᠵᠡᠯ ᠣᠬᠠᠮᠰᠠᠷ ᠨᠢ ᠲᠡᠣᠬᠡᠨ ᠤ ᠲᠡᠣᠬᠡᠨ ᠪᠦᠳᠦᠭᠡᠯ ᠪᠣᠯᠬᠤ ︽ᠬᠤᠳᠣᠭᠳᠣ ᠶᠢᠨ ᠣᠷᠣᠨ᠂ ᠶᠡᠭᠡ ᠬᠢᠳᠠᠳ᠂ ᠲᠦᠪᠡᠳ ᠪᠠ ᠮᠣᠩᠭᠤᠯ ᠤᠨ ᠣᠷᠣᠨ ᠳᠤᠷ ᠲᠡᠭᠡᠳᠦ ᠶᠢᠨ ᠨᠣᠮ ᠭᠠᠷᠣᠭᠰᠠᠨ ᠶᠣᠰᠣᠨ · ᠭᠠᠯᠪᠠᠷᠠᠭᠴᠠ ᠶᠢᠨ ᠮᠣᠳᠣᠨ ᠬᠡᠮᠡᠭᠳᠡᠬᠦ ᠣᠷᠣᠰᠢᠪᠠᠢ︾᠂ ︽ᠬᠦᠬᠡᠨᠠᠭᠤᠷ ᠤᠨ ᠲᠡᠣᠬᠡ ᠲᠡᠷᠢᠭᠦᠳᠡᠨ ᠵᠣᠬᠢᠶᠠᠩᠭᠤᠢ · ᠰᠢᠨ᠎ᠡ ᠡᠰᠡᠷᠸ᠎ᠠ ᠶᠢᠨ ᠢᠷᠠᠭᠤ ᠲᠠᠭᠤᠨ ᠬᠡᠮᠡᠭᠳᠡᠬᠦ ᠣᠷᠣᠰᠢᠪᠠᠢ︾ ᠪᠠ ᠨᠠᠮᠳᠠᠷ ᠵᠣᠬᠢᠶᠠᠯ ︽ᠬᠠᠮᠪᠤ ᠡᠷᠳᠡᠨᠢ ᠪᠠᠨᠳᠢᠳᠠ ᠬᠡᠮᠡᠨ ᠠᠯᠳᠠᠷᠰᠢᠭᠰᠠᠨ ᠤ ᠶᠠᠪᠣᠳᠠᠯ ᠶᠣᠰᠣᠨ ᠢ ᠦᠭᠦᠯᠡᠭᠰᠡᠨ ᠲᠠᠭᠤᠨ ᠪᠠᠷᠢᠭᠴᠢ ︵ᠴᠢᠬᠢᠨ︶ ᠶᠢᠨ ᠲᠡᠵᠢᠭᠡᠯ ᠬᠡᠮᠡᠭᠳᠡᠬᠦ ᠣᠷᠣᠰᠢᠪᠠᠢ︾ ᠳᠤ ᠲᠦᠪᠯᠡᠷᠡᠨ ᠢᠯᠡᠷᠡᠵᠦ ᠪᠠᠶᠢᠭ᠎ᠠ ᠪᠦᠭᠡᠳ ︽ᠽᠠᠮᠪᠣᠯᠢᠩ ᠤᠨ ᠶᠡᠷᠣᠩᠬᠡᠢ ᠨᠣᠮᠯᠠᠯ · ᠭᠠᠶᠢᠬᠠᠮᠰᠢᠭᠳᠣ ᠢᠷᠠᠭᠤ ᠦᠭᠡ ᠬᠡᠮᠡᠭᠳᠡᠬᠦ ᠣᠷᠣᠰᠢᠪᠠᠢ︾ ᠭᠡᠬᠦ ᠵᠡᠷᠭᠡ ᠵᠣᠬᠢᠶᠠᠯ ᠳᠤ ᠴᠤ ᠵᠣᠬᠢᠬᠤ ᠬᠡᠮᠵᠢᠶ᠎ᠡ ᠪᠠᠷ ᠲᠣᠰᠬᠠᠭᠳᠠᠵᠠᠢ᠃ ᠲᠣᠬᠠᠶᠢᠯᠠᠪᠠᠯ ᠡᠳᠡᠭᠡᠷ ᠪᠦᠳᠦᠭᠡᠯ ᠤᠳ ᠲᠤ ᠮᠣᠩᠭᠤᠯ ᠦᠨᠳᠣᠰᠣᠳᠡᠨ ᠤ ᠲᠡᠣᠬᠡ ᠪᠠᠨ ᠣᠮᠣᠭᠰᠢᠨ ᠲᠣᠷᠠᠳᠴᠤ᠂ ᠮᠣᠩᠭᠤᠯᠴᠣᠳ ᠤᠨ ᠲᠡᠣᠬᠡ᠂ ᠲᠦᠷᠪᠡᠨ ᠣᠶᠢᠷᠠᠳ ᠤᠨ ᠲᠡᠣᠬᠡ ᠶᠢᠨ ᠲᠣᠬᠠᠢ ᠬᠤᠪᠣᠷ ᠦᠨᠡᠳᠦ ᠮᠠᠲ᠋ᠧᠷᠢᠶᠠᠯ ᠪᠣᠶᠣ ᠰᠣᠷᠠᠭ ᠦᠯᠡᠳᠡᠭᠡᠭᠰᠡᠨ ᠪᠦᠭᠡᠳ ᠦᠪᠡᠷ ᠤᠨ ᠲᠡᠣᠬᠡ ᠪᠠ ᠠᠬᠤᠢ ᠲᠠᠭᠠᠨ ᠬᠠᠨᠳᠣᠭᠰᠠᠨ ᠣᠪᠣᠷ ᠪᠣᠶᠣ ᠦᠵᠡᠯᠳᠡ ᠪᠠᠨ ᠢᠯᠡ ᠪᠣᠶᠣ ᠲᠠᠯᠳᠠ ᠪᠠᠷ ᠢᠯᠡᠳᠭᠡᠭᠰᠡᠨ ᠪᠠᠶᠢᠳᠠᠭ᠃ ᠨᠢᠭᠡ ᠮᠣᠩᠭᠤᠯ ᠣᠭᠰᠠᠭᠠᠳᠠᠨ ᠤ ᠲᠣᠬᠠᠢ ᠣᠮᠣᠭᠰᠢᠯᠳᠣ ᠰᠡᠳᠬᠢᠯᠭᠡ ᠲᠣᠬᠠᠢ ᠶᠢᠨ ᠦᠶ᠎ᠡ ᠳᠠᠬᠢ ᠲᠦᠪᠡᠳ ᠣᠷᠣᠨ ᠳᠤ ᠣᠴᠢᠨ ᠪᠣᠷᠬᠠᠨ ᠤ ᠨᠣᠮ ᠳᠤ ᠰᠠᠭᠤᠵᠦ᠂ ᠠᠮᠢᠳᠠᠨ ᠵᠢᠷᠭᠤᠭᠠᠨ ᠵᠦᠢᠯ ᠪᠦᠬᠦᠨ ᠢ ᠭᠠᠰᠠᠯᠠᠩ ᠠᠴᠠ ᠲᠣᠨᠢᠯᠭᠠᠬᠤ ᠪᠠᠷ ᠵᠣᠷᠢᠯᠭ᠎ᠠ ᠪᠠᠨ ᠪᠣᠯᠭᠠᠵᠦ᠂ ᠦᠨᠳᠣᠰᠣ ᠣᠭᠰᠠᠭ᠎ᠠ ᠪᠠᠨ ᠲᠣᠷᠠᠳᠬᠤ ᠠᠴᠠ ᠬᠢᠴᠢᠶᠡᠬᠦ ᠪᠠᠶᠢᠭᠰᠠᠨ ᠲᠡᠷᠡ ᠬᠦ ᠴᠠᠭ ᠦᠶ᠎ᠡ ᠳᠤ᠂ ᠢᠰᠢᠪᠠᠯᠵᠤᠷ ᠪᠣᠷᠬᠠᠨ ᠤ ᠱᠠᠰᠢᠨ ᠤ ᠲᠡᠯᠭᠡᠷᠡᠭᠰᠡᠨ ᠲᠡᠣᠬᠡ ᠶᠢ ᠶᠠᠷᠢᠬᠤ ᠪᠠᠷ ᠲᠠᠮᠵᠢᠭᠤᠯᠣᠨ ᠦᠪᠡᠷ ᠤᠨ ᠦᠨᠳᠣᠰᠣᠳᠡᠨ ᠤ ᠣᠮᠣᠭᠰᠢᠯᠳᠣ ᠲᠠᠶᠢᠴᠢᠨ ᠲᠡᠣᠬᠡ ᠪᠠᠨ ᠲᠣᠷᠠᠳᠣᠨ ᠶᠠᠷᠢᠵᠦ᠂ ᠣᠯᠠᠨ ᠳᠤ ᠮᠡᠳᠡᠭᠦᠯᠬᠦ ᠪᠠᠷ ᠮᠡᠷᠡᠶᠢᠵᠦ ᠪᠠᠶᠢᠭᠰᠠᠨ ᠨᠢ ᠦᠨᠡᠬᠡᠷ ᠬᠢᠯᠪᠠᠷ ᠪᠣᠰᠤ ᠶᠣᠮ᠃ ᠮᠠᠰᠢ ᠣᠯᠠᠨ ᠮᠣᠩᠭᠤᠯ ᠯᠠᠮᠠ ᠵᠣᠣ ᠯᠾᠠᠰᠠ ᠪᠣᠶᠣ ᠬᠦᠬᠡᠨᠠᠭᠤᠷ ᠤᠨ ᠶᠡᠭᠡ ᠰᠦᠮ᠎ᠡ ᠬᠡᠶᠢᠳ ᠢᠶᠠᠷ ᠰᠠᠭᠤᠵᠦ ᠡᠷᠳᠡᠮ ᠨᠣᠮ ᠰᠣᠷᠴᠤ᠂ ᠡᠷᠬᠢᠮ ᠴᠣᠯᠠ ᠣᠯᠬᠤ ᠳᠠᠭᠠᠨ᠂ ᠦᠪᠡᠷ ᠤᠨ ᠢᠷᠡᠯ ᠭᠠᠷᠣᠯ ᠢᠶᠠᠨ ᠢᠯᠡ ᠪᠠᠷ ᠶᠠᠷᠢᠬᠤ ᠪᠠᠷ ᠪᠠᠭ᠎ᠠ᠂ ᠨᠠᠮᠳᠠᠷ ᠵᠣᠬᠢᠶᠠᠯ ᠪᠢᠴᠢᠭᠰᠡᠨ ᠨᠢ ᠪᠠᠭ᠎ᠠ ᠠᠴᠠ ᠪᠣᠯᠵᠦ᠂ ᠵᠠᠷᠢᠮ ᠮᠣᠩᠭᠤᠯ ᠯᠠᠮᠠ ᠶᠢ ᠣᠳᠣ ᠮᠣᠩᠭᠤᠯ ᠭᠡᠵᠦ ᠮᠡᠳᠡᠬᠦ ᠦᠭᠡᠢ ᠪᠣᠶᠣ ᠮᠣᠩᠭᠤᠯ ᠭᠡᠵᠦ ᠲᠠᠭᠠᠮᠠᠭᠯᠠᠭᠰᠠᠨ ᠴᠤ ᠪᠠᠳᠣᠳᠠᠢ ᠭᠡᠷᠡᠴᠢ ᠭᠠᠷᠭᠠᠵᠦ ᠴᠢᠳᠠᠬᠤ ᠦᠭᠡᠢ ᠪᠣᠯᠣᠭᠰᠠᠨ ᠪᠠᠶᠢᠳᠠᠭ᠃ ᠨᠡᠩ ᠣᠨᠴᠠᠭᠠᠶᠢᠯᠠᠨ ᠦᠨᠳᠣᠰᠣᠳᠡᠨ ᠤ ᠲᠡᠣᠬᠡ ᠭᠠᠷᠣᠯ ᠢᠶᠠᠨ ᠪᠢᠴᠢᠭᠰᠡᠨ ᠨᠢ ᠬᠤᠪᠣᠷ ᠪᠠᠶᠢᠳᠠᠭ᠃ ᠬᠠᠷᠢᠨ ᠢᠰᠢᠪᠠᠯᠵᠤᠷ ᠦᠪᠡᠷ ᠤᠨ ᠨᠠᠮᠳᠠᠷ ᠲᠠᠭᠠᠨ ᠣᠭᠰᠠᠭ᠎ᠠ ᠢᠵᠠᠭᠤᠷ ᠢᠶᠠᠨ ᠲᠣᠳᠣᠷᠬᠠᠢ ᠲᠡᠮᠳᠡᠭᠯᠡᠵᠦ ᠲᠠᠯᠪᠢᠭᠰᠠᠨ ᠪᠦᠭᠡᠳ ᠮᠣᠩᠭᠤᠯ ᠪᠣᠯᠣᠭᠰᠠᠨ ᠤ ᠬᠤᠪᠢ ᠳᠠᠬᠢ ᠣᠮᠣᠭᠰᠢᠯᠳᠣ ᠰᠡᠳᠬᠢᠯᠭᠡ ᠪᠠᠨ ᠢᠯᠡᠳᠭᠡᠵᠦ᠂ ᠲᠡᠣᠬᠡ  ᠪᠠᠨ ᠪᠢᠴᠢᠭᠯᠡᠭᠰᠡᠨ ᠢᠶᠠᠷ ᠮᠣᠩᠭᠤᠯ ᠦᠨᠳᠣᠰᠣᠳᠡᠨ ᠤ ᠨᠢᠭᠡᠨ ᠡᠷᠳᠡᠮᠳᠡᠨ ᠪᠣᠶᠣ ᠪᠣᠳᠣᠯᠭᠠᠳᠠᠨ ᠭᠡᠳᠡᠭ ᠨᠢ ᠲᠣᠳᠣᠷᠬᠠᠢ ᠪᠣᠯᠣᠭᠰᠠᠨ ᠶᠣᠮ᠃ 1. ᠣᠭᠰᠠᠭ᠎ᠠ ᠢᠵᠠᠭᠤᠷ ᠢᠶᠠᠨ ᠲᠣᠪᠣᠶᠢᠯᠭᠠᠬᠤ ᠣᠮᠣᠭᠰᠢᠯᠳᠣ ᠰᠡᠳᠬᠢᠯᠭᠡ ᠢᠰᠢᠪᠠᠯᠵᠤᠷ ︽ᠦᠪᠡᠷ ᠤᠨ ᠢᠵᠠᠭᠤᠷ ᠦᠨᠳᠦᠰᠦᠨ ᠢᠶᠠᠨ ᠡᠰᠡ ᠮᠡᠳᠡᠪᠡᠰᠦ ᠣᠢ ᠶᠢᠨ ᠰᠠᠷᠮᠠᠭᠴᠢᠨ ᠯᠤᠭ᠎ᠠ ᠠᠳᠠᠯᠢ ︾ ᠭᠡᠰᠡᠨ ᠲᠦᠪᠡᠳ ᠤᠨ ᠡᠷᠳᠡᠨ ᠤ ᠦᠭᠡ ᠶᠢ ᠡᠰᠢᠯᠡᠨ ᠦᠪᠡᠷ ᠢ ᠪᠠᠨ ᠮᠣᠩᠭᠤᠯ ᠣᠭᠰᠠᠭᠠᠳᠠᠨ ᠤ ᠬᠦᠮᠦᠨ ᠭᠡᠰᠡᠨ  ᠢᠶᠠᠨ ᠲᠣᠩᠬᠠᠭᠯᠠᠭᠰᠠᠨ ᠪᠢᠯᠡ᠃ ᠡᠨᠡ ᠦᠭᠡᠨ ᠳᠤ ᠮᠦᠨ ᠦᠨᠳᠣᠰᠣ ᠣᠭᠰᠠᠭ᠎ᠠ ᠪᠠᠨ ᠲᠡᠭᠡᠵᠢᠯᠡᠬᠦ ᠦᠵᠡᠯ ᠰᠠᠨᠠᠭ᠎ᠠ ᠲᠣᠪᠣᠶᠢᠮ᠎ᠠ ᠢᠯᠡᠷᠡᠵᠦ ᠪᠣᠢ᠃ ᠲᠡᠷᠡ ᠦᠪᠡᠷ ᠢ ᠪᠠᠨ ᠣᠭᠰᠠᠭ᠎ᠠ ᠢᠵᠠᠭᠤᠷ ᠡᠰᠡ ᠪᠠᠭᠤᠷᠠᠭᠰᠠᠨ ᠪᠠᠭᠠᠳᠣᠳ ᠠᠶᠢᠮᠠᠭ  ᠤᠨ ᠬᠤᠶᠢᠴᠢᠰ ᠭᠡᠵᠦ ᠬᠡᠯᠡᠬᠦ ᠳᠡᠭᠡᠨ ᠶᠡᠷᠣᠨᠢ ᠣᠮᠤᠭ ᠪᠠᠭ᠋ᠠᠳᠣᠯᠳᠣ ᠰᠡᠳᠬᠢᠯᠭᠡ ᠪᠢᠯᠬᠠᠮ᠎ᠠ ᠪᠠᠶᠢᠳᠠᠭ᠃ ᠦᠨᠡᠨ  ᠳᠡᠭᠡᠨ ᠡᠨᠡ ᠦᠶ᠎ᠡ ᠳᠤ ᠪᠠᠭᠠᠳᠣᠳ ᠠᠶᠢᠮᠠᠭ ᠨᠢᠭᠡᠨᠳᠡ ᠪᠠᠭᠤᠷᠠᠯ ᠤᠨ ᠱᠠᠳᠣᠨ ᠳᠠᠭᠠᠨ ᠣᠷᠣᠭᠰᠠᠨ ᠪᠣᠳᠠᠳᠤ ᠠᠬᠤᠢ  ᠶᠢᠨ ᠡᠮᠣᠨ᠎ᠡ᠂ ᠮᠦᠨ ︽ᠡᠰᠡ ᠪᠠᠭᠤᠷᠠᠭᠰᠠᠨ︾ ᠭᠡᠵᠦ ᠬᠡᠯᠡᠬᠦ ᠨᠢ ᠨᠢᠭᠡᠨ ᠵᠦᠢᠯ ᠤᠨ ᠵᠣᠷᠢᠭ ᠰᠠᠨᠠᠭᠠᠨ ᠤ ᠲᠡᠭᠡᠵᠢᠯᠡᠯ ᠤᠨ ᠬᠦᠴᠦᠨ ᠪᠣᠯᠵᠦ ᠪᠠᠶᠢᠬᠤ ᠶᠤᠮ᠃ ᠮᠦᠨ ᠴᠤ ᠨᠢᠭᠡᠨ ᠬᠦᠰᠡᠯ ᠡᠷᠡᠮᠡᠯᠵᠡᠯ ᠪᠣᠶᠣ ᠠᠮᠢᠯᠠᠯ ᠤᠨ ᠬᠦᠴᠦᠨ ᠢ ᠢᠯᠡᠳᠭᠡᠵᠦ ᠪᠠᠶᠢᠭ᠎ᠠ ᠶᠣᠮ᠃ ᠬᠡᠷᠪᠡ ᠡᠶᠢᠮᠦᠷᠬᠦᠦ ᠰᠡᠳᠬᠢᠯᠭᠡ ᠨᠢ ᠲᠡᠭᠦᠨ ᠢ ᠲᠦᠴᠢᠨ ᠨᠠᠢᠮᠠᠨ ᠨᠠᠰᠣᠨ  ᠤ ᠦᠶ᠎ᠡ ᠳᠤ ︽ᠭᠠᠯᠪᠠᠷᠠᠭᠴᠠ ᠶᠢᠨ ᠮᠣᠳᠣᠨ︾ ᠢ ᠪᠢᠴᠢᠵᠦ ᠲᠠᠭᠤᠰᠬᠠᠬᠤ ᠦᠶᠡᠰ᠂ ᠦᠨᠳᠣᠰᠣᠳᠡᠨ ᠣᠭᠰᠠᠭᠠᠨ ᠤ ᠲᠡᠣᠬᠡ ᠪᠠᠨ ᠣᠯᠠᠨ ᠳᠤ ᠮᠡᠳᠡᠭᠦᠯᠬᠦ ᠦᠵᠡᠯ ᠵᠣᠷᠢᠯ ᠲᠠᠢ ᠯᠠ ᠪᠠᠶᠢᠭᠰᠠᠨ ᠪᠣᠯ ᠬᠤᠵᠢᠮ ᠨᠢ ︽ᠬᠦᠬᠡᠨᠠᠭᠤᠷ ᠤᠨ ᠲᠡᠣᠬᠡ︾ ᠪᠠᠨ ᠪᠢᠴᠢᠬᠦ ᠦᠶᠡᠰ᠂ ᠣᠨᠴᠠᠭᠠᠶᠢᠯᠠᠨ ︽ᠦᠪᠡᠷ ᠤᠨ ᠨᠠᠮᠳᠠᠷ︾ ᠢᠶᠠᠨ ᠪᠢᠴᠢᠬᠦ ᠦᠶᠡᠰ᠂ ᠬᠤᠷᠴᠠ ᠲᠣᠳᠣ ᠦᠨᠳᠣᠰᠣᠳᠡᠨ ᠢᠶᠠᠨ ᠬᠠᠯᠠᠮᠵᠢᠯᠠᠬᠤ ᠣᠬᠠᠮᠰᠠᠷ ᠪᠣᠯᠣᠨ ᠬᠤᠪᠢᠷᠠᠭᠰᠠᠨ ᠶᠣᠮ᠃ ᠮᠣᠩᠭᠤᠯ ᠦᠨᠳᠣᠰᠣᠳᠡᠨ ᠣᠭᠰᠠᠭ᠎ᠠ ᠪᠠᠨ ᠬᠠᠶᠢᠷᠠᠯᠠᠨ ᠲᠡᠭᠡᠵᠢᠯᠡᠬᠦ ᠰᠡᠳᠬᠢᠯᠭᠡ ᠪᠣᠶᠣ ᠣᠬᠠᠮᠰᠠᠷ ᠨᠢ ᠶᠠᠭᠤᠨ ᠤ ᠡᠮᠣᠨ᠎ᠡ᠂ ᠴᠢᠩᠭᠢᠰ ᠬᠠᠭᠠᠨ ᠤ ᠲᠣᠬᠠᠢ ᠪᠢᠰᠢᠷᠡᠯ ᠬᠦᠨᠳᠦᠳᠭᠡᠯ ᠤᠨ ᠦᠭᠡᠰ ᠢᠶᠠᠷ ᠢᠯᠡᠷᠡᠨ᠎ᠡ᠃ ᠲᠡᠷᠡ ᠦᠪᠡᠷ ᠤᠨ ᠲᠦᠷᠦᠭᠰᠡᠨ ᠨᠣᠳᠤᠭ ᠢᠶᠠᠨ ᠦᠭᠦᠯᠡᠬᠦ ᠳᠡᠭᠡᠨ᠂ ᠴᠢᠩᠭᠢᠰ ᠬᠠᠭᠠᠨ ᠪᠠ ᠬᠤᠪᠢᠯᠠᠢ ᠬᠠᠭᠠᠨ ᠢ ᠲᠣᠷᠠᠳᠣᠨ᠂ ︽ᠮᠦᠩᠬᠡ ᠲᠡᠭᠷᠢ ᠪᠠᠷ ᠲᠣᠮᠢᠯᠠᠭᠰᠠᠨ ᠲᠡᠮᠡᠴᠡᠬᠦᠢ ᠴᠠᠭ ᠤᠨ ᠬᠦᠴᠦᠨ ᠤ ᠬᠦᠷᠳᠦᠨ ᠢᠶᠠᠷ ᠡᠷᠭᠢᠭᠦᠯᠦᠭᠰᠡᠨ ᠶᠡᠭᠡ ᠬᠠᠭᠠᠨ ᠴᠢᠩᠭᠢᠰ ᠪᠠ ᠲᠡᠭᠦᠨ ᠤ ᠣᠮᠪᠣᠯᠣ ᠶᠡᠭᠡ ᠮᠣᠩᠭᠤᠯ ᠤᠨ ᠨᠣᠮ ᠤᠨ ᠬᠠᠭᠠᠨ ᠬᠤᠶᠠᠷ ᠤᠨ ᠨᠣᠶᠠᠷᠬᠠᠯ ᠤᠨ ᠦᠶ᠎ᠡ ᠳᠤ ᠬᠤᠷᠢᠶᠠᠭᠰᠠᠨ ᠠᠷᠪᠠᠨ ᠨᠢᠭᠡ ᠲᠠᠷᠢᠶᠠᠯᠠᠩ ᠤᠨ ᠣᠷᠣᠨ︾ ﹇1﹈ ︵8 ᠲᠣᠣᠷᠠᠳᠤ — 9 ᠲᠡᠭᠡᠳᠦ︶ ᠭᠡᠵᠦ ᠪᠠᠶᠢᠭᠰᠠᠨ ᠪᠦᠭᠡᠳ ᠡᠨᠡ ᠣᠷᠣᠨ  ᠳᠤ ᠬᠦᠬᠡᠨᠠᠭᠤᠷ ᠭᠡᠳᠡᠭ ᠭᠠᠵᠠᠷ ᠪᠠᠶᠢᠬᠤ ᠶᠢ ᠲᠣᠷᠠᠳᠴᠠᠢ᠃ ᠠᠳᠡ ᠴᠢᠩᠭᠢᠰ ᠬᠠᠭᠠᠨ ᠢ ᠮᠦᠩᠬᠡ ᠲᠡᠭᠷᠢ ᠠᠴᠠ ᠲᠣᠮᠢᠯᠠᠭᠰᠠᠨ ᠭᠡᠵᠦ ᠲᠣᠷᠠᠳᠣᠭᠠᠳ᠂ ᠲᠡᠮᠡᠴᠡᠬᠦᠢ ᠴᠠᠭ ᠤᠨ ᠬᠦᠴᠦᠨ ᠤ ᠬᠦᠷᠳᠦᠨ ᠢᠶᠠᠷ ᠲᠡᠯᠡᠬᠡᠢ ᠶᠢ ᠡᠷᠬᠡᠰᠢᠶᠡᠭᠰᠡᠨ ᠭᠡᠵᠦ ᠦᠨᠡᠯᠡᠭᠰᠡᠨ ᠪᠦᠭᠡᠳ ᠲᠡᠭᠦᠨ ᠤ ᠣᠮᠪᠣᠯᠣ ᠬᠤᠪᠢᠯᠠᠢ ᠶᠢ ᠶᠡᠭᠡ ᠮᠣᠩᠭᠤᠯ ᠤᠨ ᠨᠣᠮ ᠤᠨ ᠬᠠᠭᠠᠨ ᠭᠡᠵᠦ᠂ ᠱᠠᠰᠢᠨ ᠢ ᠲᠡᠣᠭᠦᠭᠰᠡᠨ ᠢ ᠨᠢ ᠲᠣᠪᠣᠶᠢᠯᠭᠠᠨ ᠦᠭᠦᠯᠡᠵᠡᠢ᠃ ᠠᠳᠡ ᠦᠨᠡᠨ ᠳᠡᠭᠡᠨ ᠲᠡᠭᠡᠳᠦᠰ ᠤᠨ ᠭᠡᠷᠡᠯ ᠭᠢᠯᠪᠠᠭᠠᠳᠤ ᠦᠢᠯᠡ ᠠᠵᠢᠯᠯᠠᠭ᠎ᠠ ᠶᠢ ᠮᠠᠭᠳᠠᠨ ᠦᠨᠡᠯᠡᠭᠰᠡᠨ ᠶᠣᠮ᠃ ᠲᠡᠷᠡ ᠮᠦᠨ ᠮᠣᠩᠭᠤᠯ ᠨᠣᠳᠤᠭ ᠤᠨ ᠨᠤᠶᠠᠳ᠂ ᠣᠨᠴᠠᠭᠠᠶᠢᠯᠠᠨ ᠴᠢᠩᠭᠢᠰ ᠤᠨ ᠣᠭᠰᠠᠭᠠᠨ ᠤ ᠨᠣᠶᠠᠳ ᠢ ᠶᠠᠷᠢᠬᠤ ᠳᠠᠭᠠᠨ ᠶᠡᠷᠣᠳᠡ ᠴᠢᠩᠭᠢᠰ ᠤᠨ ᠶᠡᠭᠡ ᠠᠯᠳᠠᠷ ᠢ ᠣᠷᠢᠳᠠᠪᠠᠷ ᠲᠣᠷᠠᠳᠣᠳᠠᠭ᠃ ᠵᠢᠱᠢᠶᠡᠯᠡᠪᠡᠯ᠂ ᠲᠠᠯᠠᠳ ᠪᠠᠶᠢᠰᠠ ᠨᠠᠮᠵᠢᠯᠳᠣᠷᠵᠢ ᠶᠢᠨ ᠬᠦᠪᠡᠭᠦᠨ ᠯᠾᠠᠽᠣᠨ ᠴᠣᠷᠵᠢ ᠯᠣᠪᠰᠠᠩᠳᠠᠨᠵᠢᠨᠴᠣᠳᠶᠣᠨ ᠢ ︽ᠣᠷᠢᠳᠦ ᠪᠣᠷᠠᠬᠨ ᠤ ᠢᠵᠠᠭᠤᠷ ᠲᠤᠷ ᠮᠡᠨᠳᠦᠯᠡᠭᠡᠳ ᠵᠠᠭᠠᠷ ᠪᠠ ᠱᠠᠮᠪᠠᠾᠠᠯᠠ ᠠᠴᠠ ᠨᠠᠭᠠᠰᠢᠬᠢ ᠠᠷᠢ᠂ ᠯᠠᠳᠠᠭ᠂ ᠲᠦᠪᠡᠳ ᠪᠠ ᠶᠡᠭᠡ ᠲᠦᠪᠡᠳ᠂ ᠣᠶᠢᠷᠠᠳ ᠤᠨ ᠲᠦᠷᠪᠡᠨ ᠠᠶᠢᠮᠠᠭ᠂ ᠬᠤᠳᠣᠩ᠂ ᠭᠤᠭᠠᠷ᠂ ᠣᠷᠣᠰ᠂ ᠬᠢᠳᠠᠳ᠂ ᠶᠡᠭᠡ ᠪᠠᠭ᠎ᠠ ᠲᠠᠯᠠᠢ ᠶᠢᠨ ᠠᠷᠠᠯ ᠠᠴᠠ ᠨᠠᠭᠠᠰᠢᠬᠢ ᠪᠦᠭᠦᠳᠡ ᠶᠢ ᠮᠦᠩᠬᠡ ᠲᠡᠭᠷᠢ ᠶᠢᠨ ᠰᠦᠷ ᠬᠦᠴᠦᠨ ᠢᠶᠠᠷ ᠬᠦᠴᠦᠨ ᠤ ᠬᠦᠷᠳᠦᠨ ᠢᠶᠠᠷ ᠡᠷᠬᠡᠰᠢᠶᠡᠭᠰᠡᠨ ᠴᠢᠩᠭᠢᠰ ᠬᠠᠭᠠᠨ ᠬᠡᠮᠡᠭᠳᠡᠬᠦ ᠬᠤᠳᠠᠯᠠ ᠳᠤᠷ ᠠᠯᠳᠠᠷᠰᠢᠭᠰᠠᠨ ᠲᠡᠭᠦᠨ ᠤ ᠢᠵᠠᠭᠤᠷ ᠦᠨᠳᠣᠰᠤᠨ ᠳᠤᠷ ᠲᠦᠷᠦᠭᠡᠳ᠂ ᠰᠦᠰᠦᠭ ᠤᠨ ᠬᠦᠴᠦᠨ ᠪᠡᠶ᠎ᠡ ᠪᠠᠭᠠᠳᠤᠷ ᠵᠠᠯᠢ ᠲᠠᠢ᠂ ᠡᠳ᠋ ᠬᠦᠷᠦᠩᠭᠡ ᠭᠠᠶᠢᠬᠠᠮᠰᠢᠭᠳᠤ ᠪᠦᠭᠡᠳ ᠦᠨᠳᠣᠷ ᠢᠵᠠᠭᠤᠷ ᠤᠨ ᠲᠣᠯᠣᠭᠠᠨ ᠡᠷᠳᠡᠮ ᠢᠶᠠᠷ ᠢᠯᠡᠳᠡ ᠦᠨᠳᠦᠷ ᠨᠣᠶᠠᠨ ᠲᠠᠯᠠᠳ ᠪᠡᠶᠢᠰᠡ ᠨᠠᠮᠵᠢᠯᠳᠣᠷᠵᠢ ᠶᠢᠨ ᠬᠦᠪᠡᠬᠦᠨ︾ ﹇1﹈ ︵116 ᠲᠡᠭᠡᠳᠦ︶ ᠭᠡᠵᠦ ᠶᠠᠷᠢᠬᠤ ᠲᠤᠮᠳᠠ᠂ ᠴᠢᠩᠭᠢᠰ ᠬᠠᠭᠠᠨ ᠢ ᠮᠠᠭᠳᠠᠨ ᠪᠢᠰᠢᠷᠡᠬᠦ ᠰᠡᠳᠬᠢᠯᠭᠡ ᠢᠯᠡᠬᠡᠨ ᠬᠠᠷᠠᠭᠳᠠᠨ᠎ᠠ᠃ ᠠᠳᠡ ᠴᠢᠩᠭᠢᠰ ᠬᠠᠭᠠᠨ ᠤ ᠦᠷᠭᠡᠨ ᠠᠭᠤᠳᠠᠮ ᠭᠠᠵᠠᠷ ᠨᠣᠳᠤᠭ ᠡᠵᠡᠯᠡᠭᠰᠡᠨ ᠲᠡᠣᠬᠡ ᠶᠢ ᠪᠠᠰᠠ ᠲᠣᠷᠠᠳᠴᠤ᠂ ᠮᠦᠩᠬᠡ ᠲᠡᠭᠷᠢ ᠶᠢᠨ ᠰᠦᠷ ᠬᠦᠴᠦᠨ ᠢᠶᠠᠷ ᠲᠡᠯᠡᠬᠡᠢ ᠶᠢ ᠡᠷᠬᠡᠰᠢᠶᠡᠭᠰᠡᠨ ᠪᠦᠭᠡᠳ ᠪᠤᠷᠬᠠᠨ ᠤ ᠢᠵᠠᠭᠤᠷ ᠲᠤ ᠮᠡᠨᠳᠦᠯᠡᠭᠰᠡᠨ ᠭᠡᠵᠦ ᠴᠢᠮᠡᠭᠯᠡᠵᠦ ᠪᠣᠢ ᠃ ᠪᠠᠰᠠ ᠣᠷᠳᠣᠰ ᠤᠨ ᠬᠠᠩᠭᠢᠨ ᠤ ᠨᠣᠶᠠᠨ ᠡᠷᠳᠡᠨᠢ ᠮᠡᠷᠭᠡᠨ ᠬᠤᠰᠢᠭᠤᠴᠢ ᠷᠠᠰᠢᠳᠠᠷᠵᠠᠢ ᠲᠡᠭᠦᠨ ᠳᠤ ᠡᠯᠴᠢ ᠲᠣᠮᠢᠯᠠᠭᠰᠠᠨ ᠶᠠᠪᠣᠳᠠᠯ ᠢ ᠶᠠᠷᠢᠬᠤ ᠳᠠᠭᠠᠨ ︽ᠦᠩᠭᠡᠷᠡᠭᠰᠡᠨ ᠴᠠᠭ ᠲᠡᠭᠷᠢ ᠪᠠᠷ ᠲᠣᠮᠢᠯᠠᠭᠰᠠᠨ ᠴᠢᠩᠭᠢᠰ ᠬᠠᠭᠠᠨ ︵ᠬᠡᠮᠡᠨ︶ ᠭᠠᠷᠣᠭᠰᠠᠨ ᠤ ᠦᠨᠳᠣᠰᠣᠨ ᠳᠤᠷ ᠲᠦᠷᠦᠭᠰᠡᠨ ᠣᠷᠳᠣᠰ ᠤᠨ ᠬᠠᠩᠬᠢᠨ ᠤ ᠨᠤᠶᠠᠨ︾ ﹇1﹈ ︵182︶ ᠭᠡᠵᠦ ᠶᠠᠷᠢᠭᠰᠠᠨ ᠪᠠᠶᠢᠳᠠᠭ᠃ ᠠᠳᠡ ᠮᠦᠨ ᠴᠢᠩᠭᠢᠰ ᠢ ᠲᠣᠷᠠᠳᠣᠨ᠂ ᠴᠢᠩᠭᠢᠰ ᠤᠨ ᠣᠭᠰᠠᠭᠠᠨ ᠤ ᠡᠷᠬᠢᠮ ᠲᠡᠭᠡᠳᠦ ᠪᠣᠯᠬᠤ ᠶᠢ ᠴᠢᠬᠤᠯᠠᠴᠢᠯᠠᠨ ᠦᠭᠦᠯᠡᠵᠡᠢ᠃ ᠡᠭᠦᠨ ᠠᠴᠠ ᠭᠠᠳᠠᠨ᠎ᠠ ᠬᠤᠪᠢᠯᠠᠢ ᠬᠠᠭᠠᠨ ᠬᠢᠳᠡᠳ ᠲᠦᠪᠡᠳ ᠮᠣᠩᠭᠤᠯ ᠲᠡᠷᠢᠭᠦᠳᠡᠨ ᠢ ᠵᠠᠬᠢᠷᠴᠤ ᠱᠠᠰᠢᠨ ᠢ ᠮᠠᠨᠳᠣᠭᠤᠯᠣᠭᠰᠠᠨ ᠶᠠᠪᠣᠳᠠᠯ ᠢ ︽ᠬᠠᠭ᠋ᠠᠨ ᠲᠦᠷᠦ ᠶᠢᠨ ᠵᠤᠵᠠᠬᠠᠨ ᠬᠤᠷ᠎ᠠ ᠶᠢᠨ ᠡᠭᠦᠯᠡᠨ ᠢᠶᠠᠷ ᠽᠠᠮᠪᠤᠳᠢᠪ ᠤᠨ ᠡᠩ ᠣᠯᠠᠩᠬᠢ ᠶᠢ ᠪᠦᠷᠭᠦᠨ ᠵᠣᠬᠢᠶᠠᠭᠰᠠᠨ ᠢᠷᠠᠬᠤ ᠠᠯᠳᠠᠷ ᠤᠨ ᠵᠣᠨ ᠤ ᠭᠪᠣᠮ ᠬᠡᠩᠭᠡᠷᠭᠡ ᠪᠠᠷ ᠬᠠᠴᠠᠷ ᠲᠡᠭᠡᠷ᠎ᠡ ᠲᠦᠭᠡᠨ ᠵᠣᠬᠢᠶᠠᠬᠤ ᠶᠢᠨ ᠠᠬᠠᠷ ᠠᠴᠠ ᠲᠦᠰᠢᠮᠡᠯ ᠠᠯᠪᠠᠳᠤ ᠶᠢᠨ ᠡᠳ᠋ ᠪᠠᠷᠢᠭᠴᠢ  ᠳᠤᠷ ᠠᠰᠠᠷᠠᠬᠤ ᠠᠨᠷᠢᠬᠦ ᠶᠢᠨ ᠱᠠᠩ ᠦᠭᠯᠢᠭᠡ ᠲᠡᠷᠢᠭᠦᠳᠡᠨ ᠤ ᠡᠭᠦᠯᠡᠰ ᠤᠨ ᠰᠢᠮ᠎ᠡ ᠬᠠᠩᠬ᠎ᠠ ᠶᠢᠨ ᠣᠷᠣᠰᠬᠠᠯ ᠯᠤᠬ᠎ᠠ ᠠᠳᠠᠯᠢ ᠬᠠᠶᠢᠷᠠᠯᠠᠭᠰᠠᠨ ᠢᠶᠠᠷ᠂ ᠲᠣᠰᠠ ᠠᠮᠤᠬᠤᠯᠠᠩ ᠤᠨ ᠪᠠᠶᠠᠷ ᠬᠤᠷᠢᠮ ᠤᠨ ᠰᠠᠶᠢᠨ ᠦᠷ᠎ᠡ ᠠᠬᠤᠢ ᠶᠡᠭᠡ ᠪᠣᠯᠪᠠᠰᠣᠷᠠᠬᠤ ᠪᠣᠯᠪᠠᠢ︾ ﹇2﹈ ︵718︶ ᠭᠡᠵᠦ ᠮᠠᠭᠳᠠᠨ ᠰᠠᠶᠢᠰᠢᠶᠠᠵᠠᠢ᠃ ᠡᠶᠢᠮᠦᠷᠬᠦᠦ ᠮᠠᠭᠳᠠᠭᠠᠯ ᠳᠤ᠂ ᠨᠢᠭᠡᠨ ᠵᠦᠢᠯ ᠤᠨ ᠣᠮᠣᠭᠰᠢᠯᠳᠣ ᠰᠡᠳᠬᠢᠯᠭᠡ ᠶᠢᠨ ᠠᠶᠠᠰ ᠪᠢᠯᠬᠠᠵᠦ ᠪᠠᠶᠢᠳᠠᠭ᠃ ᠢᠰᠢᠪᠠᠯᠵᠤᠷ ᠤᠨ ᠮᠣᠩᠭᠤᠯ ᠣᠭᠰᠠᠭᠠᠳᠠᠨ ᠤ ᠲᠣᠬᠠᠢ ᠣᠮᠣᠭᠰᠢᠯᠳᠣ ᠰᠡᠳᠬᠢᠯᠭᠡ ᠨᠢ ᠪᠠᠰᠠ ᠲᠡᠭᠦᠨ ᠤ ᠦᠪᠡᠷ ᠤᠨ ᠣᠭᠰᠠᠭ᠎ᠠ ᠢᠵᠠᠭᠤᠷ ᠢᠶᠠᠨ ᠲᠡᠭᠡᠵᠢᠯᠡᠬᠦ ᠣᠬᠠᠮᠰᠠᠷ ᠲᠡᠭᠡᠷ᠎ᠡ ᠢᠯᠡᠷᠡᠵᠦ ᠪᠣᠢ᠃ ᠲᠡᠷᠡ ᠦᠪᠡᠷ ᠤᠨ ᠤᠭᠰᠠᠭ᠎ᠠ ᠭᠠᠷᠣᠯ  ᠢᠶᠠᠨ ᠲᠣᠩ ᠴᠢᠬᠤᠯᠠᠴᠢᠯᠠᠨ ᠦᠵᠡᠵᠦ᠂ ᠨᠣᠶᠠᠨ ᠦᠨᠳᠣᠰᠣᠳᠦ᠂ ᠪᠠᠭᠠᠳᠣᠳ ᠤᠨ ᠲᠠᠶᠢᠵᠢ ᠭᠠᠷᠣᠯᠳᠣ ᠭᠡᠵᠦ ᠲᠠᠬᠢᠨ ᠲᠠᠪᠳᠠᠨ ᠲᠣᠳᠣᠷᠬᠠᠶᠢᠯᠠᠵᠦ ᠪᠠᠶᠢᠪᠠ᠃ ᠣᠨᠴᠠᠭᠠᠶᠢᠯᠠᠨ ᠲᠡᠷᠡ ᠣᠶᠢᠷᠠᠳ ᠤᠨ ᠪᠠᠭᠠᠳᠣᠳ ᠠᠶᠢᠮᠠᠭ ᠤᠨ ᠣᠭᠰᠠᠭᠠᠨ  ᠤ ᠬᠤᠶᠢᠴᠢᠰ ᠪᠣᠯᠬᠤ ᠣᠴᠢᠷ ᠠᠴᠠ ᠣᠶᠢᠷᠠᠳ ᠠᠴᠠ ᠢᠷᠡᠭᠰᠡᠨ ᠭᠦᠦᠱᠢ ᠬᠠᠭᠠᠨ ᠤ ᠰᠢᠷ᠎ᠠ ᠶᠢᠨ ᠱᠠᠰᠢᠨ ᠢ ᠲᠡᠮᠵᠢᠭᠰᠡᠨ ᠦᠢᠯᠡ ᠠᠵᠢᠯᠯᠠᠭ᠎ᠠ ᠶᠢ ᠮᠠᠭᠳᠠᠨ ᠰᠠᠶᠢᠰᠢᠶᠠᠵᠦ᠂ ᠮᠣᠩᠭᠤᠯᠴᠣᠳ ᠤᠨ ᠣᠮᠣᠭᠰᠢᠯ ᠪᠣᠯᠭᠠᠨ ᠶᠠᠷᠢᠵᠦ ᠪᠠᠶᠢᠪᠠ᠃ ᠢᠰᠢᠪᠠᠯᠵᠤᠷ ᠭᠠᠵᠠᠷ ᠵᠦᠢ ᠶᠢᠨ ᠪᠠᠶᠢᠷᠢᠯᠠᠯ ᠢ ᠶᠠᠷᠢᠬᠤ ᠳᠠᠭᠠᠨ ᠴᠤ᠂ ᠲᠡᠣᠬᠡ ᠲᠠᠢ ᠬᠤᠯᠪᠣᠨ ᠶᠠᠷᠢᠵᠦ᠂ ᠮᠣᠩᠭᠤᠯ  ᠤᠨ ᠨᠣᠳᠤᠭ ᠢ ᠲᠠᠨᠢᠯᠴᠠᠭᠤᠯᠬᠤ ᠦᠶ᠎ᠡ ᠳᠤ ᠪᠠᠰᠠ ᠴᠢᠩᠭᠢᠰ ᠤᠨ ᠠᠯᠳᠠᠷ ᠢ ᠲᠣᠷᠠᠳᠣᠨ᠂ ᠣᠶᠢᠷᠠᠳ ᠮᠣᠩᠭᠤᠯ ᠵᠢᠴᠢ ᠪᠣᠰᠤᠳ ᠮᠣᠩᠭᠤᠯ ᠠᠶᠢᠮᠠᠭ ᠣᠭᠰᠠᠭ᠎ᠠ ᠶᠢ ᠲᠣᠷᠠᠳᠴᠣ ᠪᠠᠶᠢᠯ᠎ᠠ᠃ ᠡᠨᠡ ᠨᠢ ᠣᠳᠣ ᠶᠢᠨ ᠬᠠᠷᠠᠴᠠ ᠪᠠᠷ ᠦᠵᠡᠪᠡᠯ ᠲᠡᠣᠬᠡᠨ ᠭᠠᠵᠠᠷ ᠵᠦᠢ ᠶᠢᠨ ᠣᠶᠢᠯᠠᠭᠠᠭᠳᠠᠬᠤᠨ ᠪᠠᠶᠢᠵᠦ ᠲᠠᠭᠠᠷᠠᠨ᠎ᠠ᠃ ︽ᠽᠠᠮᠪᠣᠯᠢᠩ ᠤᠨ ᠶᠡᠷᠣᠩᠬᠡᠢ ᠨᠣᠮᠯᠠᠯ · ᠭᠠᠶᠢᠬᠠᠮᠰᠢᠭᠳᠣ ᠢᠷᠠᠭᠤ ᠦᠭᠡ ᠬᠡᠮᠡᠭᠳᠡᠬᠦ ᠣᠷᠣᠰᠢᠪᠠᠢ︾ ᠭᠡᠬᠦ ᠵᠣᠬᠢᠶᠠᠯ ᠳᠠᠭᠠᠨ ᠲᠡᠷᠡ ᠬᠢᠳᠡᠳ ᠤᠨ ᠪᠠᠷᠠᠭᠤᠨ᠎ᠠ ᠬᠦᠬᠡᠨᠠᠭᠤᠷ ᠤᠨ ᠣᠷᠣᠨ ᠳᠤ ᠣᠶᠢᠷᠠᠳ ᠮᠣᠩᠭᠤᠯ ᠤᠨ ᠪᠠᠷᠠᠭᠤᠨ ᠵᠢᠬᠦᠷ ᠪᠣᠢ ᠭᠡᠵᠦ ᠲᠠᠨᠢᠯᠴᠠᠭᠤᠯᠣᠭᠰᠠᠨ ᠪᠠ ᠪᠠᠰᠠ ᠶᠡᠭᠡ ᠮᠣᠩᠭᠤᠯ ᠤᠨ ᠠᠶᠢᠮᠠᠭ ᠣᠭᠰᠠᠭᠠᠨ ᠤ ᠭᠠᠵᠠᠷ ᠣᠷᠣᠨ ᠢ ᠨᠢᠭᠡ ᠨᠢᠭᠡ ᠪᠠᠷ ᠲᠣᠷᠠᠳᠴᠠᠢ᠃ ︽ᠬᠢᠳᠡᠳ ᠪᠠ ᠠᠮᠳᠤᠤ ᠶᠢᠨ ᠬᠤᠶᠢᠨ᠎ᠠ᠂ ᠮᠣᠩᠭᠤᠯ ᠢᠵᠠᠭᠤᠷ ᠤᠨ ᠲᠣᠮᠣ ᠮᠠᠶᠢᠬᠠᠨ ᠭᠡᠷ ︵ᠮᠣᠩᠭᠤᠯ ᠭᠡᠷᠳᠣ︶ ᠪᠠ ᠵᠠᠷᠢᠮ ᠪᠠᠶᠢᠰᠢᠩ ᠳᠤᠷ ᠰᠢᠳᠦᠭᠰᠡᠨ ᠮᠣᠩᠭᠤᠯ ᠲᠦᠴᠢ ᠶᠢᠰᠦᠨ ᠵᠦᠢᠯ ᠤᠨ ᠶᠡᠭᠡ ᠠᠶᠢᠮᠠᠭ ᠪᠣᠢ ᠪᠦᠭᠡᠳ ᠡᠳᠦᠭᠡ ᠪᠦᠬᠦᠨ ᠢ ᠬᠤᠷᠢᠶᠠᠵᠦ ᠵᠢᠷᠭᠤᠭᠠᠨ ᠴᠢᠭᠤᠯᠭᠠᠨ ᠳᠤᠷ ᠬᠤᠷᠢᠶᠠᠪᠠᠢ᠃ ᠴᠢᠩᠭᠢᠰ ᠬᠠᠭᠠᠨ ᠤ ᠦᠯᠡᠮᠵᠢ ᠲᠣᠭᠰᠢᠨ ᠨᠠᠢᠮᠠᠨ ᠠᠶᠢᠮᠠᠭ ᠴᠤ ᠪᠠᠶᠢᠬᠤ ᠪᠦᠬᠦᠨ ᠢᠶᠠᠷ ᠽᠣᠩᠺᠠᠪᠠ ᠶᠢᠨ ᠱᠠᠰᠢᠨ ᠢ ᠰᠢᠳᠦᠪᠡᠢ᠃ ᠲᠡᠭᠦᠨ ᠤ ᠬᠤᠶᠢᠨ᠎ᠠ ᠬᠠᠯᠬ᠎ᠠ ᠶᠢᠨ ᠲᠦᠷᠪᠡᠨ ᠠᠶᠢᠮᠠᠭ ᠤᠨ ᠲᠣᠯᠣᠭᠠᠨ ᠬᠤᠰᠢᠭᠤ ᠪᠠᠶᠢᠵᠦ᠂ ᠭᠡᠯᠦᠭᠪᠠ ᠪᠠ ᠵᠣᠨᠠᠩᠪᠠ ᠶᠢᠨ ᠶᠣᠰᠣᠨ ᠢ ᠰᠢᠳᠦᠮᠣᠢ᠃ ᠲᠡᠭᠦᠨ ᠤ ᠪᠠᠷᠠᠭᠤᠨᠳᠡᠬᠢ ᠠᠭᠤᠵᠢᠮ ᠶᠡᠭᠡ ᠭᠠᠵᠠᠷ ᠤᠨ ᠬᠢᠵᠠᠭᠠᠷ ᠤᠨ ᠬᠤᠳᠠᠨ ᠬᠦᠷᠢᠶᠡᠨ  ᠤ ᠭᠠᠳᠠᠨ᠎ᠠ ᠣᠶᠢᠷᠠᠳ ᠮᠣᠩᠭᠤᠯ ᠤᠨ ᠲᠦᠷᠪᠡᠨ ᠠᠶᠢᠮᠠᠭ ᠪᠠᠶᠢᠬᠤ ᠪᠦᠭᠡᠳ ᠡᠳᠦᠭᠡ ᠶᠢᠨ ᠬᠦᠬᠡᠨᠠᠭᠤᠷ ᠪᠠ ᠠᠯᠠᠭᠱᠠ ᠴᠤ ᠲᠡᠳᠡᠭᠡᠷ ᠤᠨ ᠶᠠᠰᠣᠳᠠᠨ ᠳᠤᠷ ᠬᠠᠷᠢᠶᠠᠯᠠᠭᠳᠠᠬᠤ ᠪᠣᠯᠠᠢ᠂ ᠲᠡᠳᠡᠭᠡᠷ ᠪᠠᠷ ᠰᠢᠷ᠎ᠠ ᠮᠠᠯᠠᠭᠠᠶᠢᠳᠤ ᠶᠢᠨ ᠶᠣᠰᠣᠨ ᠢ ᠰᠠᠶᠢᠳᠣᠷ ᠰᠢᠳᠦᠨ ᠲᠠᠬᠢᠮᠣᠢ᠃ ᠮᠣᠩᠭᠤᠯ ᠤᠨ ᠲᠣᠳᠣᠷ᠎ᠠ ᠠᠴᠠ ᠲᠣᠷᠭᠤᠳ ᠣᠶᠢᠷᠠᠳ ᠤᠨ ᠪᠠᠷᠢᠯᠳᠣᠯᠭ᠎ᠠ ᠠᠬᠤᠢ ᠶᠡᠭᠡ︾ ﹇3﹈ ︵12 ᠲᠡᠭᠡᠳᠦ︶ ᠭᠡᠬᠦ ᠮᠡᠳᠦ ᠪᠠᠷ ᠮᠣᠩᠭᠤᠯᠴᠤᠳ ᠢ ᠭᠠᠵᠠᠷ ᠵᠦᠢ ᠶᠢᠨ ᠪᠠᠶᠢᠷᠢᠯᠠᠯ ᠪᠠ ᠲᠡᠣᠬᠡ  ᠲᠠᠢ ᠨᠢ ᠬᠤᠯᠪᠣᠨ ᠲᠠᠨᠢᠯᠴᠠᠭᠤᠯᠵᠠᠢ᠃ ᠡᠨᠡ ᠨᠢ ᠦᠨᠡᠨ ᠳᠡᠭᠡᠨ ᠲᠡᠭᠦᠨ ᠤ ᠰᠡᠳᠬᠢᠯ ᠲᠣᠳᠣᠷ᠎ᠠ ᠮᠣᠩᠭᠤᠯᠴᠣᠳ ᠢ ᠠᠰᠳᠠᠭᠠᠨ ᠨᠢᠭᠡᠨ ᠣᠷᠣᠰᠢᠬᠤᠢ ᠪᠣᠯᠭᠠᠭᠰᠠᠨ ᠶᠠᠪᠣᠳᠠᠯ ᠪᠣᠯᠣᠨ᠎ᠠ᠃ ᠬᠠᠷᠢᠨ ᠲᠡᠭᠦᠨ ᠢ ᠠᠯᠢ ᠨᠢᠭᠡᠨ ᠣᠯᠣᠰ ᠣᠷᠣᠨ  ᠳᠤ ᠬᠠᠷᠢᠶᠠᠯᠠᠭᠳᠠᠬᠤ ᠭᠡᠵᠦ ᠬᠡᠯᠡᠭᠰᠡᠨ ᠦᠭᠡᠢ ᠶᠤᠮ᠃ 2. ᠮᠣᠩᠭᠤᠯ ᠤᠭᠰᠠᠭ᠎ᠠ ᠶᠢᠨ ᠲᠣᠬᠠᠢ ᠲᠡᠣᠬᠡ ᠪᠢᠴᠢᠯᠭᠡ ᠢᠰᠢᠪᠠᠯᠵᠤᠷ ᠪᠣᠷᠬᠠᠨ ᠤ ᠱᠠᠰᠢᠨ ᠲᠡᠯᠭᠡᠷᠡᠭᠰᠡᠨ ᠲᠡᠣᠬᠡ ᠶᠢᠨ ᠪᠦᠳᠦᠭᠡᠯ ︽ᠭᠠᠯᠪᠠᠷᠠᠭᠴᠠ ᠶᠢᠨ ᠮᠣᠳᠣᠨ︾ ᠢᠶᠠᠨ ᠲᠣᠭᠤᠷᠪᠢᠬᠤ ᠲᠠᠯᠢᠮ ᠳᠤ ᠦᠪᠡᠷ ᠤᠨ ᠦᠨᠳᠣᠰᠣᠳᠡᠨ ᠤ ᠲᠣᠪᠴᠢ ᠲᠡᠣᠬᠡ ᠪᠠᠨ ᠪᠢᠴᠢᠭᠯᠡᠵᠡᠢ᠃ ᠬᠡᠯᠡᠯᠭᠡᠨ ᠦᠭᠡᠢ ᠲᠡᠷᠡ ᠣᠯᠠᠮᠵᠢᠯᠠᠯᠳᠣ ᠲᠡᠣᠬᠡ ᠪᠢᠴᠢᠯᠭᠡ ᠶᠢᠨ ᠠᠷᠭ᠎ᠠ ᠶᠢ ᠪᠠᠷᠢᠮᠳᠠᠯᠠᠭᠰᠠᠨ ᠲᠤᠯᠠ ᠬᠠᠭᠠᠳ ᠤᠨ ᠣᠭᠰᠠᠭ᠎ᠠ ᠭᠠᠷᠣᠯ᠂ ᠲᠣᠮᠣ ᠲᠣᠮᠣ ᠬᠡᠷᠡᠭ ᠣᠴᠢᠷ ᠢ ᠲᠡᠮᠳᠡᠭᠯᠡᠭᠰᠡᠨ ᠶᠣᠮ᠃ ᠢᠰᠢᠪᠠᠯᠵᠣᠷ ᠢ ︽ᠭᠠᠯᠪᠠᠷᠠᠭᠴᠠ ᠶᠢᠨ ᠮᠣᠳᠣᠨ︾ ᠢᠶᠠᠨ ᠲᠣᠭᠤᠷᠪᠢᠵᠦ ᠪᠦᠳᠦᠭᠡᠬᠦ ᠦᠶᠡᠰ᠂ ᠮᠣᠩᠭᠤᠯ ᠣᠭᠰᠠᠭ᠎ᠠ ᠦᠨᠳᠣᠰᠣᠨ ᠳᠡᠭᠡᠨ ᠪᠦᠷ ᠮᠠᠨᠵᠤ ᠶᠢᠨ ᠨᠣᠶᠠᠷᠬᠠᠯ ᠲᠣᠣᠷ᠎ᠠ ᠣᠷᠣᠵᠦ᠂ ᠲᠣᠰᠠᠭᠠᠷ ᠡᠷᠬᠡ ᠮᠡᠳᠡᠯ ᠢᠶᠠᠨ ᠠᠯᠳᠠᠵᠠᠢ᠃ ᠡᠶᠢᠮᠦ ᠳᠤ ᠲᠦᠷᠦ ᠣᠯᠣᠰ ᠪᠣᠶᠣ ᠲᠣᠰᠠᠭᠠᠷ ᠡᠷᠬᠡ ᠪᠠᠨ ᠠᠯᠳᠠᠭᠰᠠᠨ ᠦᠨᠳᠣᠰᠣᠳᠡᠨ ᠳᠤ ᠠᠪᠴᠤ ᠬᠡᠯᠡᠪᠡᠯ᠂ ᠦᠪᠡᠷ ᠤᠨ ᠦᠨᠳᠣᠰᠣᠳᠡᠨ ᠤ ᠲᠡᠣᠬᠡ ᠪᠠᠨ ᠪᠢᠴᠢᠭᠯᠡᠬᠦ ᠪᠣᠯ ᠴᠢᠬᠤᠯᠠ ᠨᠢᠭᠡᠨ ᠡᠭᠦᠷᠭᠡ ᠱᠠᠭᠠᠷᠳᠠᠯᠭ᠎ᠠ ᠪᠣᠯᠵᠦ ᠪᠠᠶᠢᠪᠠ᠃ ᠡᠶᠢᠮᠦᠷᠬᠦᠦ ᠡᠭᠦᠷᠭᠡ ᠶᠢ ᠣᠶᠢᠷᠠᠳ ᠮᠣᠩᠭᠤᠯ ᠭᠠᠷᠣᠯᠳᠣ ᠂ ᠶᠡᠭᠡ ᠡᠷᠳᠡᠮᠳᠡᠨ᠂ ᠪᠣᠷᠬᠠᠨ ᠤ ᠱᠠᠰᠢᠨᠳᠠᠨ ᠢᠰᠢᠪᠠᠯᠵᠤᠷ ᠡᠭᠦᠷᠭᠡᠯᠡᠨ ᠠᠪᠴᠠᠢ᠃ ᠢᠰᠢᠪᠠᠯᠵᠤᠷ ᠤᠨ ᠬᠤᠪᠢ ᠳᠤ ᠠᠪᠴᠤ ᠬᠡᠯᠡᠪᠡᠯ᠂ ᠨᠢᠭᠡᠨ ᠣᠭᠰᠠᠭ᠎ᠠ ᠦᠨᠳᠣᠰᠣᠳᠡᠨ ᠢᠶᠠᠨ ᠲᠡᠭᠡᠵᠢᠯᠡᠨ ᠬᠠᠯᠠᠮᠵᠢᠯᠠᠬᠤ ᠡᠷᠳᠡᠮᠳᠡᠨ ᠪᠣᠯᠣᠭᠰᠠᠨ ᠤ ᠬᠤᠪᠢ ᠳᠤ᠂ ᠮᠠᠨᠵᠤ ᠶᠢᠨ ᠨᠣᠶᠠᠷᠬᠠᠯ ᠳᠤ ᠲᠠᠭᠠᠳᠠᠢ ᠪᠠᠶᠢᠵᠦ ᠴᠢᠳᠠᠬᠤ ᠦᠭᠡᠢ᠂ ᠭᠡᠪᠡᠴᠦ ᠢᠯᠡ ᠲᠣᠳᠣᠷᠬᠠᠢ ᠡᠰᠡᠷᠭᠦᠴᠡᠯ ᠤᠨ ᠦᠭᠡ ᠶᠢ ᠴᠤ ᠬᠡᠯᠡᠵᠦ ᠴᠢᠳᠠᠬᠤ ᠦᠭᠡᠢ᠃ ᠡᠶᠢᠮᠦ ᠪᠠᠶᠢᠳᠠᠯ ᠲᠣᠣᠷ᠎ᠠ ᠲᠡᠣᠬᠡ ᠪᠢᠴᠢᠭᠯᠡᠬᠦ ᠵᠠᠮ ᠢ ᠰᠣᠩᠭᠤᠵᠦ ᠡᠪᠦᠭᠡ ᠲᠡᠭᠡᠳᠦᠰ ᠤᠨ ᠢᠶᠠᠨ ᠢᠷᠠᠭᠤ ᠠᠯᠳᠠᠷᠳᠤ ᠲᠡᠣᠬᠡ ᠶᠢ ᠬᠤᠶᠢᠴᠢ ᠶᠢᠨ ᠬᠦᠮᠦᠰ ᠲᠡᠭᠡᠨ ᠪᠢᠴᠢᠵᠦ ᠦᠯᠡᠳᠡᠭᠡᠬᠦ ᠶᠢ ᠬᠢᠴᠢᠶᠡᠵᠡᠢ᠃ ᠣᠴᠢᠷ ᠨᠢ ︽ᠲᠠᠷᠣᠯᠠᠯ ᠤᠨ ᠬᠦᠨᠳᠦ ᠦᠶ᠎ᠡ ᠳᠤ ᠲᠡᠣᠬᠡ ᠨᠢ ᠣᠯᠣᠰ ᠣᠷᠣᠨ ᠤ ᠲᠣᠰᠠᠭᠠᠷ ᠪᠠᠶᠢᠬᠤ ᠴᠠᠭ ᠤᠨ ᠦᠢᠯᠡ ᠶᠠᠪᠣᠳᠠᠯ ᠢ ᠣᠯᠠᠨ ᠲᠦᠮᠡᠨ ᠤ ᠣᠶᠣᠨ ᠰᠠᠨᠠᠭᠠᠨ ᠳᠤ ᠨᠠᠨᠳᠢᠩᠨᠠᠨ ᠬᠠᠳᠠᠭᠠᠯᠠᠬᠤ ᠨᠢᠭᠡᠨ ᠴᠢᠬᠤᠯᠠ ᠤᠬᠠᠭᠠᠨ ᠪᠣᠯᠵᠦ ᠪᠠᠶᠢᠵᠠᠢ︾ ﹇4﹈ ︵52︶᠃ ᠬᠡᠳᠦᠶᠢᠪᠡᠷ ᠮᠣᠩᠭᠤᠯ ᠤᠨ ᠲᠡᠣᠬᠡ ᠶᠢ ᠪᠢᠴᠢᠬᠦ ᠳᠡᠭᠡᠨ ᠡᠨᠡᠳᠬᠡᠭ᠂ ᠲᠦᠪᠡᠳ᠂ ᠮᠣᠩᠭᠤᠯ ᠨᠢᠭᠡ ᠡᠬᠢᠳᠦ ᠦᠵᠡᠯ ᠤᠨ ᠵᠠᠭᠪᠣᠷ ᠢᠶᠠᠷ ᠶᠠᠪᠣᠭᠳᠠᠭᠤᠯᠣᠭᠰᠠᠨ ᠴᠤ᠂ ᠲᠡᠭᠡᠳᠦᠰ ᠤᠨ ᠭᠠᠶᠢᠬᠠᠮᠰᠢᠭᠳᠣ ᠢᠷᠠᠭᠤ ᠲᠡᠣᠬᠡ ᠶᠢ ᠣᠯᠠᠨ ᠳᠤ ᠲᠣᠯᠢᠯᠠᠭᠤᠯᠣᠨ ᠦᠵᠡᠬᠦᠯᠬᠦ ᠵᠣᠷᠢᠯᠭ᠎ᠠ ᠳᠠᠭᠠᠨ ᠬᠦᠷᠴᠦ ᠴᠢᠳᠠᠵᠠᠢ᠃ ᠪᠦᠷᠳᠡ ᠴᠢᠨ᠋ᠸ᠎ᠠ ᠠᠴᠠ ᠢᠰᠡᠭᠡᠢ ᠪᠠᠭᠠᠳᠣᠷ ᠬᠦᠷᠳᠡᠯᠡᠬᠢ ᠲᠡᠣᠬᠡ  ᠶᠢᠨ ᠲᠣᠶᠢᠮᠣ ᠲᠣᠭᠠᠴᠢᠯ᠂ ᠴᠢᠩᠭᠢᠰ ᠬᠠᠭᠠᠨ ᠤ ᠨᠢᠭᠡᠳᠭᠡᠯ ᠤᠨ ᠦᠢᠯᠡᠰ᠂ ᠣᠯᠠᠨ ᠮᠣᠩᠭᠤᠯ ᠣᠭᠰᠠᠭ᠎ᠠ ᠠᠶᠢᠮᠠᠭ  ᠤᠨ ᠬᠦᠭᠵᠢᠭᠰᠡᠨ ᠶᠠᠪᠣᠴᠠ᠂ ᠣᠷᠣᠭᠤᠳᠠᠵᠦ ᠲᠣᠷᠣᠶᠢᠳᠠᠭᠰᠠᠨ ᠲᠡᠣᠬᠡ᠂ ᠣᠶᠢᠷᠠᠳ ᠮᠣᠩᠭᠤᠯ ᠤᠨ ᠬᠦᠴᠦᠷᠬᠡᠭᠵᠢᠯ ᠮᠠᠨᠳᠣᠯ᠂ ᠣᠶᠢᠷᠠᠳ ᠮᠣᠩᠭᠤᠯᠴᠣᠳ ᠤᠨ ᠰᠢᠷ᠎ᠠ ᠶᠢᠨ ᠱᠠᠰᠢᠨ ᠢ ᠬᠠᠮᠠᠭᠠᠯᠠᠭᠰᠠᠨ ᠠᠤᠭ᠎ᠠ ᠵᠢᠳᠬᠦᠯ᠂ ᠯᠢᠭᠳᠡᠨ ᠬᠠᠭᠠᠨ ᠤ ᠨᠠᠰᠣᠨ ᠡᠴᠦᠰᠯᠡᠯ ᠵᠡᠷᠭᠡ ᠣᠯᠠᠨ ᠲᠡᠣᠬᠡ ᠶᠢᠨ ᠬᠡᠷᠡᠭ ᠣᠴᠢᠷ ᠤᠳ ᠲᠡᠮᠳᠡᠭᠯᠡᠭᠳᠡᠵᠡᠢ᠃ ᠮᠣᠩᠭᠤᠯ ᠰᠣᠳᠣᠯᠣᠯ ᠤᠨ ᠡᠭᠦᠳᠡᠨ ᠠᠴᠠ ᠠᠪᠴᠤ ᠬᠡᠯᠡᠪᠡᠯ᠂ ᠲᠡᠭᠦᠨ ᠤ ᠮᠣᠩᠭᠤᠯ ᠤᠨ ᠲᠡᠣᠬᠡ ᠶᠢᠨ ᠲᠣᠬᠠᠢ ᠪᠠ ᠱᠠᠰᠢᠨ ᠲᠡᠯᠭᠡᠷᠡᠯᠳᠡ ᠶᠢᠨ ᠲᠣᠬᠠᠢ ᠪᠢᠴᠢᠯᠭᠡ ᠨᠢ ᠲᠦᠢᠯ ᠤᠨ ᠶᠡᠭᠡ ᠦᠨ᠎ᠡ ᠦᠷᠳᠡᠭ ᠲᠠᠢ ᠶᠣᠮ᠃ ᠡᠶᠢᠮᠦᠷᠬᠦᠦ ᠲᠡᠣᠬᠡ ᠲᠣᠭᠤᠷᠪᠢᠯ ᠤᠨ ᠲᠣᠮᠳᠠ ᠢᠰᠢᠪᠠᠯᠵᠣᠷ ᠤᠨ ᠦᠨᠳᠣᠰᠣᠳᠡᠨ ᠢᠶᠠᠨ ᠬᠠᠶᠢᠷᠠᠯᠠᠬᠤ ᠬᠠᠯᠠᠮᠵᠢᠯᠠᠬᠤ ᠰᠡᠳᠬᠢᠯᠭᠡ ᠪᠠ ᠣᠬᠠᠮᠰᠠᠷ ᠲᠣᠪᠣᠶᠢᠮ᠎ᠠ ᠢᠯᠡᠷᠡᠵᠦ ᠪᠣᠢ᠃ ᠮᠣᠩᠭᠤᠯᠴᠣᠳ ᠤᠨ ᠡᠶᠢᠮᠦᠷᠬᠦᠦ ᠲᠡᠣᠬᠡ ᠪᠢᠴᠢᠯᠭᠡ ᠦᠨᠡᠨ ᠳᠡᠭᠡᠨ ᠡᠭᠦᠨ ᠠᠴᠠ ᠡᠮᠣᠨ᠎ᠡ ᠡᠬᠢᠯᠡᠴᠢᠬᠡᠭᠰᠡᠨ ᠶᠣᠮ᠃ 17 ᠳ᠋ᠣᠭᠠᠷ ᠵᠠᠭᠤᠨ ᠤ ᠲᠣᠮᠳᠠᠴᠢ ᠦᠶ᠎ᠡ ᠳᠤ ᠪᠢᠴᠢᠭᠳᠡᠭᠰᠡᠨ ᠯᠣᠪᠰᠠᠩᠳᠠᠨᠵᠢᠨ ᠤ ︽ᠠᠯᠳᠠᠨ ᠲᠣᠪᠴᠢ︾᠂ ᠰᠠᠭᠠᠩ ᠰᠡᠴᠡᠨ ᠤ ︽ᠡᠷᠳᠡᠨᠢ ᠶᠢᠨ ᠲᠣᠪᠴᠢ︾ ︵1662︶᠂ ᠵᠢᠮᠪᠠ ᠪᠣᠶᠣ ᠠᠰᠠᠷᠠᠭᠴᠢ ᠬᠡᠮᠡᠭᠴᠢ ᠶᠢᠨ ᠵᠣᠬᠢᠶᠠᠭᠰᠠᠨ ︽ᠠᠰᠠᠷᠠᠭᠴᠢ ᠨᠡᠷᠡᠳᠦ ᠶᠢᠨ ᠲᠡᠣᠬᠡ︾ ︵1677︶ ᠵᠡᠷᠭᠡ ᠨᠢ ᠪᠦᠷ ᠢᠰᠢᠪᠠᠯᠵᠤᠷ ᠤᠨ ︽ᠭᠠᠯᠪᠠᠷᠠᠭᠴᠠ ᠶᠢᠨ ᠮᠣᠳᠣᠨ︾ ᠠᠴᠠ ᠡᠷᠳᠡ ᠲᠣᠭᠤᠷᠪᠢᠭᠳᠠᠵᠠᠢ᠃ ᠭᠡᠬᠦ ᠳᠤ ᠢᠰᠢᠪᠠᠯᠵᠣᠷ ᠤᠨ ᠡᠨᠡ ᠪᠦᠳᠦᠭᠡᠯ ᠳᠤ ᠬᠤᠵᠢᠮ ᠤᠨ ᠦᠶ᠎ᠡ ᠶᠢᠨ ᠲᠡᠣᠬᠡᠨ ᠮᠠᠲ᠋ᠧᠷᠢᠶᠠᠯ ᠣᠷᠣᠭᠰᠠᠨ ᠢᠶᠠᠷ᠂ ᠣᠨᠴᠠᠭᠠᠶᠢᠯᠠᠨ ᠭᠦᠦᠱᠢ ᠬᠠᠭᠠᠨ ᠴᠡᠷᠢᠭ ᠲᠠᠭᠠᠭᠤᠯᠣᠨ ᠲᠦᠪᠡᠳ ᠲᠤ ᠣᠷᠣᠵᠦ ᠰᠢᠷ᠎ᠠ ᠶᠢᠨ ᠱᠠᠰᠢᠨ ᠢ ᠲᠡᠮᠵᠢᠭᠰᠡᠨ᠂ ᠯᠢᠭᠳᠡᠨ ᠬᠠᠭᠠᠨ ᠤ ᠡᠴᠦᠰᠯᠡᠯ᠂ ᠯᠣᠪᠰᠠᠩᠳᠠᠨᠵᠢᠨ ᠤ ᠡᠰᠡᠷᠭᠦᠴᠡᠯ ᠵᠡᠷᠭᠡ ᠶᠢ ᠲᠡᠮᠳᠡᠭᠯᠡᠭᠰᠡᠨ ᠨᠢ ᠬᠠᠮᠤᠭ ᠰᠢᠨ᠎ᠡ ᠦᠨ᠎ᠡ ᠦᠷᠳᠡᠭᠳᠦ ᠮᠠᠲ᠋ᠧᠷᠢᠶᠠᠯ ᠪᠣᠯᠵᠠᠢ᠃ ᠬᠡᠳᠦᠶᠢᠪᠡᠷ ᠲᠣᠪᠴᠢ ᠲᠣᠮᠣᠷᠠᠭᠤᠨ ᠪᠣᠯᠪᠠᠴᠤ᠂ ᠵᠠᠷᠢᠮ ᠲᠡᠣᠬᠡ ᠶᠢᠨ ᠠᠰᠠᠭᠤᠳᠠᠯ ᠢ ᠦᠵᠡᠬᠦᠯᠵᠦ ᠴᠢᠳᠠᠭᠰᠠᠨ ᠪᠦᠭᠡᠳ ᠦᠪᠡᠷ  ᠤᠨ ᠦᠵᠡᠯᠳᠡ ᠪᠠᠨ ᠵᠣᠬᠢᠬᠤ ᠬᠡᠮᠵᠢᠶ᠎ᠡ ᠪᠠᠷ ᠢᠯᠡᠳᠭᠡᠭᠰᠡᠨ ᠨᠢ ᠲᠡᠣᠬᠡᠨ ᠦᠵᠡᠯᠳᠡ ᠵᠣᠭᠰᠣᠯᠳᠠ ᠶᠢ ᠨᠢ ᠨᠡᠩ ᠲᠣᠳᠣᠷᠬᠠᠢ ᠪᠣᠯᠭᠠᠵᠠᠢ᠃ ᠬᠡᠷᠪᠡ ︽ᠭᠠᠯᠪᠠᠷᠠᠭᠴᠠ ᠶᠢᠨ ᠮᠣᠳᠣᠨ︾ ᠳᠤ ᠭᠦᠦᠱᠢ ᠬᠠᠭᠠᠨ ᠤ ᠰᠢᠷ᠎ᠠ ᠶᠢᠨ ᠱᠠᠰᠢᠨ ᠢ ᠲᠡᠳᠭᠦᠨ ᠠᠪᠣᠷᠠᠭᠰᠠᠨ ᠦᠢᠯᠡ ᠠᠵᠢᠯᠯᠠᠭ᠎ᠠ᠂ ᠭᠠᠪᠢᠶ᠎ᠠ ᠵᠢᠳᠬᠦᠯ᠂ ᠯᠣᠪᠰᠠᠩᠳᠠᠨᠵᠢᠨ ᠤ ᠡᠰᠡᠷᠭᠦᠴᠡᠯ ᠵᠡᠷᠭᠡ ᠶᠢ ᠲᠣᠪᠴᠢ ᠪᠢᠴᠢᠭᠰᠡᠨ ᠪᠣᠯ ︽ᠬᠦᠬᠡᠨᠠᠭᠤᠷ ᠤᠨ ᠲᠡᠣᠬᠡ︾ ᠳᠤ ᠡᠳᠡᠭᠡᠷ ᠢ ᠨᠡᠩ ᠨᠠᠷᠢᠯᠢᠭ ᠲᠡᠯᠭᠡᠷᠡᠩᠭᠦᠢ ᠪᠣᠯᠭᠠᠨ ᠶᠠᠷᠢᠵᠦ᠂ ᠨᠡᠩ ᠪᠦᠷᠢᠨ ᠪᠦᠳᠦᠨ ᠪᠣᠯᠭᠠᠵᠠᠢ᠃ ︽ᠦᠪᠡᠷ ᠤᠨ ᠨᠠᠮᠳᠠᠷ︾ ᠲᠤ ᠨᠢ ᠡᠳᠡᠭᠡᠷ ᠣᠴᠢᠷ ᠢ ᠣᠯᠠᠮ ᠨᠢᠭᠡ ᠠᠯᠬᠤᠮ ᠭᠦᠨᠵᠡᠭᠡᠶᠢᠷᠡᠭᠦᠯᠦᠨ ᠶᠠᠷᠢᠵᠦ᠂ ᠯᠣᠪᠰᠠᠩᠳᠠᠨᠵᠢᠨ ᠤ ᠡᠰᠡᠷᠭᠦᠴᠡᠯ ᠡᠭᠦᠰᠦᠭᠰᠡᠨ ᠰᠢᠯᠳᠠᠭᠠᠨ᠂ ᠢᠯᠠᠭᠳᠠᠭᠰᠠᠨ ᠪᠠ ᠰᠦᠮ᠎ᠡ ᠬᠡᠶᠢᠳ ᠲᠤ ᠬᠤᠣᠷᠯᠠᠯ ᠪᠣᠯᠣᠭᠰᠠᠨ ᠰᠢᠯᠳᠠᠭᠠᠨ ᠵᠡᠷᠭᠡ ᠶᠢ ᠨᠡᠩ ᠭᠦᠨᠵᠡᠭᠡᠶᠢᠷᠡᠭᠦᠯᠦᠨ ᠵᠠᠳᠠᠯᠵᠦ᠂ ᠦᠪᠡᠷ  ᠤᠨ ᠦᠵᠡᠯᠳᠡ ᠪᠠᠨ ᠲᠣᠷᠠᠳᠣᠭᠰᠠᠨ ᠪᠠᠶᠢᠨ᠎ᠠ᠃ ᠢᠰᠢᠪᠠᠯᠵᠣᠷ ᠤᠨ ᠲᠡᠣᠬᠡ ᠪᠢᠴᠢᠯᠭᠡ ᠳᠤ ᠦᠪᠡᠷ ᠤᠨ ᠣᠭᠰᠠᠭ᠎ᠠ ᠦᠨᠳᠣᠰᠣᠳᠡᠨ ᠤ ᠲᠡᠣᠬᠡ ᠶᠢᠨ ᠲᠣᠬᠠᠢ ᠨᠢᠭᠡᠨ ᠵᠦᠢᠯ ᠤᠨ ᠲᠣᠩᠭᠠᠭᠠᠯᠳᠠ ᠪᠣᠢ᠃ ᠶᠡᠷᠣᠩᠬᠡᠢ ᠳᠤ ᠨᠢ ᠦᠵᠡᠬᠦ ᠳᠤ᠂ ᠬᠤᠵᠢᠮ ᠤᠨ ᠦᠶ᠎ᠡ ᠳᠤ ᠮᠣᠩᠭᠤᠯᠴᠤᠳ ᠤᠨ ᠣᠷᠣᠭᠤᠳᠠᠨ ᠲᠣᠷᠣᠶᠢᠳᠠᠵᠦ ᠪᠣᠰᠤᠳ ᠤᠨ ᠨᠣᠶᠠᠷᠬᠠᠯ ᠳᠤ ᠣᠷᠣᠭᠰᠠᠨ ᠶᠠᠪᠣᠳᠠᠯ ᠢ ᠬᠤᠶᠠᠷ ᠲᠠᠯ᠎ᠠ ᠪᠠᠷ ᠳ᠋ᠦᠩᠨᠡᠭᠰᠡᠨ ᠰᠢᠭ ᠪᠠᠶᠢᠨ᠎ᠠ᠃ ᠨᠢᠭᠡ ᠨᠢ᠂ ᠲᠣᠳᠣᠭᠠᠳᠤ ᠶᠢᠨ ᠡᠪᠳᠡᠷᠡᠯ ᠬᠠᠭᠠᠷᠠᠯ ᠪᠠ ᠣᠭᠰᠠᠭ᠎ᠠ ᠠᠶᠢᠮᠠᠭ ᠤᠨ ᠬᠤᠭᠤᠷᠣᠨᠳᠣᠬᠢ ᠲᠠᠶᠢᠰᠣᠩᠨᠠᠯ ᠵᠠᠳᠠᠷᠠᠯ᠂ ᠨᠦᠭᠦᠭᠡ ᠨᠢ ᠱᠠᠰᠢᠨ ᠰᠢᠳᠦᠯᠭᠡ ᠶᠢᠨ ᠪᠣᠷᠣᠭᠤ ᠰᠣᠩᠭᠤᠯᠳᠠ᠃ ᠣᠳᠠᠭ᠎ᠠ ᠲᠠᠷᠠᠭᠠᠨ ᠤ ᠲᠣᠳᠣᠭᠠᠳᠤ ᠶᠢᠨ ᠡᠪᠳᠡᠷᠡᠯ ᠬᠠᠭᠠᠷᠠᠯ ᠠᠴᠠ ᠪᠣᠯᠵᠦ ᠮᠣᠩᠭᠤᠯᠴᠤᠳ ᠬᠠᠭᠠᠷᠠᠨ ᠵᠠᠳᠠᠷᠠᠭᠰᠠᠨ ᠪᠦᠭᠡᠳ ᠬᠠᠯᠬ᠎ᠠ ᠮᠣᠩᠭᠤᠯ ᠪᠣᠶᠣ ᠣᠶᠢᠷᠠᠳ ᠤᠨ ᠬᠤᠭᠤᠷᠣᠨᠳᠣᠬᠢ ᠲᠡᠮᠡᠴᠡᠯ ᠲᠠᠰᠣᠷᠠᠯᠳᠠ ᠦᠭᠡᠢ ᠶᠠᠪᠣᠭᠳᠠᠵᠦ ᠪᠠᠶᠢᠵᠠᠢ᠃ ᠵᠢᠱᠢᠶᠡᠯᠡᠪᠡᠯ᠂ ︽ᠬᠦᠬᠡᠨᠠᠭᠤᠷ ᠤᠨ ᠲᠡᠣᠬᠡ︾ ᠳᠤ ᠲᠡᠮᠳᠡᠭᠯᠡᠭᠰᠡᠨ ᠢᠶᠠᠷ ᠬᠠᠯᠬ᠎ᠠ ᠶᠢᠨ ᠴᠡᠴᠡᠨ ᠬᠠᠨ ᠨᠢᠭᠡᠨ ᠪᠠᠭ᠎ᠠ ᠣᠴᠢᠷ ᠠᠴᠠ ᠪᠣᠯᠵᠦ᠂ ᠭᠠᠯᠳᠠᠨ ᠪᠣᠱᠣᠭᠳᠣ ᠶᠢᠨ ᠬᠦᠦ ᠰᠠᠩᠵᠠᠪ ᠶᠢ ᠲᠠᠶᠢᠯᠠᠯᠭ᠎ᠠ ᠶᠢᠨ ᠬᠤᠷᠠᠯ ᠠᠴᠠ ᠬᠠᠷᠢᠬᠤ ᠵᠠᠮ ᠲᠡᠭᠡᠷ᠎ᠡ ᠨᠢ ᠬᠤᠣᠷᠯᠠᠭᠰᠠᠨ ᠠᠴᠠ ᠬᠠᠯᠬ᠎ᠠ ᠪᠣᠯᠣᠨ ᠣᠶᠢᠷᠠᠳ ᠤᠨ ᠦᠰᠢᠶ᠎ᠡ ᠵᠠᠩᠭᠢᠳᠪᠠ᠃ ᠲᠡᠭᠡᠭᠡᠳ ᠭᠠᠯᠳᠠᠨ ᠪᠣᠱᠣᠭᠳᠣ ᠭᠤᠷᠪᠠᠨ ᠵᠠᠮ ᠤᠨ ᠴᠡᠷᠢᠭ ᠲᠠᠶᠢᠴᠢᠯᠠᠨ ᠬᠠᠯᠬ᠎ᠠ ᠣᠷᠣᠭᠤ ᠲᠣᠪᠳᠣᠯᠣᠭᠰᠠᠨ ᠭᠡᠳᠡᠭ᠃ ᠬᠠᠷᠢᠨ ᠢᠰᠢᠪᠠᠯᠵᠣᠷ ᠤᠨ ︽ᠦᠪᠡᠷ ᠤᠨ ᠨᠠᠮᠳᠠᠷ︾ ᠲᠤ᠂ ᠲᠡᠳᠡ ᠬᠤᠶᠠᠭᠤᠯᠠ ᠶᠢᠨ ᠦᠰᠢᠶ᠎ᠡ ᠵᠠᠩᠭᠢᠳᠣᠭᠰᠠᠨ ᠰᠢᠯᠳᠠᠭᠠᠨ  ᠢ ᠪᠠᠰᠠ ᠨᠢᠭᠡᠨ ᠵᠦᠢᠯ ᠢᠶᠠᠷ ᠦᠭᠦᠯᠡᠵᠦ ᠪᠣᠢ᠃ ︽ᠣᠷᠢᠳᠣ ᠳᠤᠷ ᠵᠡᠭᠦᠨᠭᠠᠷ ᠪᠠ ᠬᠠᠯᠬ᠎ᠠ ᠲᠣᠳᠣᠭᠠᠳᠣ ᠳᠠᠭᠠᠨ ᠵᠣᠬᠢᠯᠳᠣᠬᠤ ᠲᠤᠯᠠ ᠪᠣᠱᠣᠭᠳᠣ ᠬᠠᠨ ᠤ ᠲᠡᠭᠦᠦ ᠳ᠋ᠣᠷᠵᠠᠪ ᠲᠤᠷ ᠬᠠᠯᠬ᠎ᠠ ᠶᠢᠨ ᠲᠦᠰᠢᠶᠡᠳᠦ ᠬᠠᠨ ᠤ ᠬᠡᠣᠬᠡᠨ ᠢ ᠦᠭᠭᠦᠭᠡᠳ ᠰᠠᠳᠣᠨ ᠪᠣᠯᠪᠠᠢ᠃ ᠵᠢᠯ ᠪᠦᠷᠢ ᠲᠡᠭᠦᠨᠴᠢᠯᠡᠨ ᠣᠶᠢᠷᠠᠳ ᠪᠠ ᠬᠠᠯᠬ᠎ᠠ ᠶᠢᠨ ᠵᠠᠭᠠᠭ ᠲᠠᠬᠢ ᠬᠦᠷᠡᠯ ᠪᠡᠯᠴᠢᠭᠡᠷ ᠬᠡᠮᠡᠬᠦ ᠭᠠᠵᠠᠷ ᠵᠣᠨ ᠨᠠᠮᠣᠷ ᠲᠤᠷ ᠴᠣᠭᠯᠠᠷᠠᠭᠠᠳ ᠶᠡᠭᠡ ᠨᠠᠶᠢᠷ ᠨᠠᠭᠠᠳᠣᠮ ᠪᠣᠯᠳᠠᠭ᠃ ᠨᠢᠭᠡᠨ ᠵᠢᠯ ᠤᠨ ᠨᠠᠭᠠᠳᠣᠮ ᠤᠨ ᠦᠶᠡᠰ ᠬᠤᠶᠠᠷ ᠲᠠᠯ᠎ᠠ ᠶᠢᠨ ᠶᠡᠭᠡ ᠬᠦᠴᠦᠳᠡᠳ ᠬᠠᠷᠢᠯᠴᠠᠨ ᠮᠦᠷᠦᠶᠢᠴᠡᠬᠦ ᠦᠶᠡᠰ ᠲᠤᠷ ᠵᠡᠭᠦᠨᠭᠠᠷ  ᠤᠨ ᠨᠢᠭᠡᠨ ᠬᠦᠮᠦᠨ ᠪᠠᠷ ᠬᠠᠯᠬ᠎ᠠ ᠶᠢᠨ ᠨᠢᠭᠡᠨ ᠬᠦᠮᠦᠨ ᠢ ᠣᠶᠢᠴᠢᠭᠤᠯᠤᠭᠰᠠᠨ ᠦᠶᠡᠰ ᠲᠣᠷᠵᠠᠪ ᠲᠡᠭᠦᠨ ᠢ ᠡᠯᠡᠭᠯᠡᠨ ᠢᠨᠢᠶᠡᠭᠰᠡᠨ ᠢ ᠲᠦᠰᠢᠶᠡᠳᠦ ᠬᠠᠨ ᠦᠵᠡᠭᠡᠳ ᠡᠰᠡ ᠪᠠᠶᠠᠰᠣᠭᠰᠠᠨ ᠪᠠᠷ ᠨᠠᠶᠢᠷ ᠠᠴᠠ ᠪᠣᠴᠠᠬᠤ ᠵᠠᠮ ᠳᠤᠷ ᠲᠣᠷᠵᠠᠪ ᠢ ᠬᠦᠨᠦᠭᠡᠭᠰᠡᠨ ᠭᠠᠯ ᠤᠨ ᠬᠦᠴᠦᠨ ᠢᠨᠤ ᠬᠢᠮᠣᠷᠠᠯ ᠤᠨ ᠦᠨᠳᠦᠰᠦᠨ ᠢ ᠲᠠᠷᠢᠭᠰᠠᠨ ᠪᠣᠯᠠᠢ︾ ﹇1﹈ ︵26 ᠲᠡᠭᠡᠳᠦ ︶᠃ ᠨᠢᠭᠡᠨ ᠵᠢᠭᠠᠬᠠᠨ ᠣᠴᠢᠷ ᠤᠨ ᠲᠦᠯᠦᠭᠡ ᠢᠩᠭᠢᠵᠦ ᠮᠠᠭᠤᠳᠠᠯᠴᠠᠭᠰᠠᠨ ᠠᠴᠠ ᠬᠠᠯᠬ᠎ᠠ ᠣᠶᠢᠷᠠᠳ ᠤᠨ ᠲᠠᠶᠢᠨ ᠤ ᠬᠢᠮᠣᠷᠠᠯ ᠡᠭᠦᠰᠭᠡᠬᠦ ᠪᠣᠯᠣᠭᠰᠠᠨ ᠨᠢ ᠦᠨᠡᠬᠡᠷ ᠬᠠᠷᠠᠮᠰᠠᠯᠳᠠᠢ ᠶᠣᠮ᠃ ᠬᠡᠯᠡᠯᠭᠡᠨ ᠦᠭᠡᠢ ᠡᠨᠡ ᠪᠣᠯ ᠭᠠᠯᠳᠠᠨ ᠪᠣᠱᠣᠭᠳᠣ  ᠶᠢᠨ ᠬᠠᠯᠬ᠎ᠠ ᠶᠢ ᠲᠣᠪᠳᠣᠯᠣᠭᠰᠠᠨ ᠴᠣᠷ ᠤᠨ ᠭᠠᠭᠴᠠ ᠰᠢᠯᠳᠠᠭᠠᠨ ᠪᠢᠰᠢ᠂ ᠡᠭᠦᠨ ᠤ ᠭᠠᠳᠠᠨ᠎ᠠ ᠪᠠᠰᠠ ᠭᠠᠯᠳᠠᠨ ᠪᠣᠱᠣᠭᠳᠣ ᠳ᠋ᠢᠰᠡᠷᠢᠳ ᠰᠠᠩᠵᠠᠶᠢᠵᠠᠮᠰᠤ ᠶᠢᠨ ᠠᠷᠭ᠎ᠠ ᠪᠠᠷ ᠬᠠᠯᠬ᠎ᠠ ᠶᠢ ᠡᠵᠡᠯᠡᠨ ᠮᠠᠨᠵᠤ ᠲᠠᠢ ᠡᠰᠡᠷᠭᠦᠴᠡᠯᠳᠦᠬᠦ ᠲᠦᠰᠦᠪ ᠲᠦᠯᠦᠪᠯᠡᠭᠡ ᠪᠠᠶᠢᠭᠰᠠᠨ ᠲᠠᠢ ᠴᠤ ᠬᠤᠯᠪᠣᠭᠠᠳᠠᠢ᠃ ᠶᠠᠭᠤ ᠬᠡᠯᠡᠭᠰᠡᠨ ᠴᠤ ᠬᠠᠯᠬ᠎ᠠ ᠪᠠ ᠣᠶᠢᠷᠠᠳ ᠤᠨ ᠬᠢᠮᠣᠷᠠᠯ ᠲᠠᠶᠢᠨ ᠲᠡᠭᠡᠭᠡᠳ ᠡᠭᠦᠰᠦᠭᠰᠡᠨ ᠪᠦᠭᠡᠳ ᠲᠡᠭᠦᠨ ᠤ ᠬᠤᠶᠢᠨ᠎ᠠ ᠨᠢ ᠪᠠᠰᠠ ᠣᠯᠠᠨ ᠭᠠᠷᠣᠭᠰᠠᠨ ᠪᠠᠶᠢᠳᠠᠭ ᠢ ᠢᠰᠢᠪᠠᠯᠵᠤᠷ ︽ᠦᠪᠡᠷ ᠤᠨ ᠨᠠᠮᠳᠠᠷ︾ ᠲᠠᠭᠠᠨ ᠲᠡᠮᠳᠡᠭᠯᠡᠭᠰᠡᠨ ᠪᠠᠶᠢᠳᠠᠭ᠃ ᠡᠨᠡ ᠬᠠᠭᠠᠷᠠᠯ ᠵᠠᠪᠰᠠᠷᠳᠠᠯ ᠠᠴᠠ ᠪᠣᠯᠵᠦ ᠂ ᠬᠠᠯᠬ᠎ᠠ ᠮᠣᠩᠭᠤᠯ ᠮᠠᠨᠵᠣ ᠶᠢᠨ ᠬᠠᠭᠠᠨ ᠳᠤ ᠣᠷᠣᠵᠦ ᠦᠭᠭᠦᠨ᠂ ᠣᠳᠠᠯ ᠦᠭᠡᠢ ᠣᠶᠢᠷᠠᠳ ᠴᠤ ᠭᠠᠭᠴᠠᠭᠠᠷᠳᠠᠨ᠂ ᠮᠠᠨᠵᠤ ᠪᠣᠯᠣᠨ ᠦᠪᠦᠷ ᠮᠣᠩᠭᠤᠯ᠂ ᠬᠠᠯᠬ᠎ᠠ ᠶᠢᠨ ᠬᠤᠯᠪᠣᠭᠠᠳᠤ ᠴᠡᠷᠢᠭ ᠲᠤ ᠲᠠᠭᠠᠷᠢᠭᠳᠠᠨ᠂ ᠬᠠᠮᠤᠭ ᠡᠴᠦᠰ ᠲᠤ ᠮᠠᠨᠵᠤ ᠶᠢᠨ ᠨᠣᠶᠠᠷᠬᠠᠯ ᠳᠤ ᠣᠷᠣᠭᠰᠠᠨ ᠪᠠᠶᠢᠳᠠᠭ᠃ ᠡᠭᠦᠨ ᠠᠴᠠ ᠭᠠᠳᠠᠨ᠎ᠠ ᠣᠶᠢᠷᠠᠳ ᠮᠣᠩᠭᠤᠯᠴᠣᠳ ᠤᠨ ᠲᠣᠳᠣᠭᠠᠳᠤ ᠶᠢᠨ ᠲᠡᠮᠡᠴᠡᠯ᠂ ᠯᠢᠭᠳᠡᠨ ᠬᠠᠭᠠᠨ ᠣᠷᠳᠣᠰ ᠤᠨ ᠵᠢᠨᠣᠩ ᠤᠨ ᠬᠠᠳᠣᠨ ᠢ ᠪᠣᠯᠢᠶᠠᠭᠰᠠᠨ ᠵᠡᠷᠭᠡ ᠨᠢ ᠦᠪᠡᠷ ᠤᠨ ᠬᠦᠴᠦᠨ ᠢᠶᠠᠨ ᠪᠠᠭᠤᠷᠠᠭᠤᠯᠵᠦ ᠪᠣᠰᠤᠳ ᠦᠩᠭᠡᠯᠵᠡᠭᠴᠢ ᠳᠤ ᠵᠠᠪᠰᠢᠶᠠᠨ ᠲᠣᠬᠢᠶᠠᠯ ᠣᠯᠭᠤᠭᠰᠠᠨ ᠶᠠᠪᠣᠳᠠᠯ ᠪᠣᠯᠣᠭᠰᠠᠨ ᠢ ᠦᠵᠡᠬᠦᠯᠵᠡᠢ᠃ ᠱᠠᠰᠢᠨ ᠰᠢᠳᠦᠯᠭᠡ ᠶᠢᠨ ᠰᠣᠩᠭᠤᠯᠳᠠ ᠠᠴᠠ ᠪᠣᠯᠵᠦ ᠲᠦᠷᠦ ᠪᠠᠨ ᠠᠯᠳᠠᠭᠰᠠᠨ ᠪᠣᠶᠣ ᠣᠷᠣᠭᠤᠳᠠᠨ ᠲᠣᠷᠣᠶᠢᠳᠠᠭᠰᠠᠨ ᠭᠡᠳᠡᠭ ᠦᠵᠡᠯᠳᠡ ᠢᠰᠢᠪᠠᠯᠵᠣᠷ ᠤᠨ ᠲᠡᠣᠬᠡᠨ ᠦᠵᠡᠯᠳᠡ ᠳᠤ ᠴᠢᠬᠤᠯᠠ ᠨᠢᠭᠡᠨ ᠪᠠᠶᠢᠷᠢ ᠡᠵᠡᠯᠡᠨ᠎ᠡ᠃ ᠡᠨᠡ ᠲᠠᠯ᠎ᠠ ᠪᠠᠷ ᠮᠣᠩᠭᠤᠯ ᠬᠠᠭᠠᠳ ᠲᠠᠢ ᠬᠤᠯᠪᠣᠭᠳᠠᠬᠤ ᠨᠢ ᠡᠩ ᠲᠡᠷᠢᠭᠦᠨ ᠳᠤ ᠴᠢᠩᠭᠢᠰ ᠤᠨ ᠦᠨᠳᠣᠰᠣᠨ ᠤ ᠬᠠᠮᠤᠭ ᠰᠡᠭᠦᠯᠴᠢ ᠶᠢᠨ ᠬᠠᠭᠠᠨ ᠯᠢᠭᠳᠡᠨ ᠬᠤᠳᠣᠭᠳᠣ ᠪᠣᠯᠣᠨ᠎ᠠ᠃ ᠢᠰᠢᠪᠠᠯᠵᠤᠷ ᠶᠡᠷᠣᠩᠬᠡᠢ ᠳᠡᠭᠡᠨ ᠯᠢᠭᠳᠡᠨ ᠬᠠᠭᠠᠨ  ᠳᠤ ᠪᠣᠷᠣᠭᠤᠰᠢᠶᠠᠨ ᠰᠢᠬᠦᠮᠵᠢᠯᠡᠬᠦ ᠣᠪᠣᠷ ᠠᠪᠴᠠᠢ᠃ ᠶᠠᠭᠤᠨ ᠳᠤ ᠭᠡᠪᠡᠯ᠂ ᠪᠣᠷᠬᠠᠨ ᠤ ᠱᠠᠰᠢᠨ ᠤ ᠰᠢᠳᠦᠯᠭᠡ ᠶᠢᠨ ᠡᠭᠦᠳᠡᠨ ᠠᠴᠠ ᠠᠪᠴᠤ ᠬᠡᠯᠡᠪᠡᠯ᠂ ᠯᠢᠭᠳᠡᠨ ᠬᠠᠭᠠᠨ ᠰᠢᠷ᠎ᠠ ᠶᠢᠨ ᠱᠠᠰᠢᠨ ᠢ ᠰᠢᠳᠦᠭᠰᠡᠨ ᠦᠭᠡᠢ ᠮᠦᠷᠳᠡᠭᠡᠨ ᠰᠢᠷ᠎ᠠ  ᠶᠢᠨ ᠱᠠᠰᠢᠨ ᠢ ᠲᠠᠷᠣᠩᠭᠤᠶᠢᠯᠠᠬᠤ ᠭᠡᠰᠡᠨ ᠨᠢ ᠰᠢᠷ᠎ᠠ ᠶᠢᠨ ᠱᠠᠰᠢᠨ ᠢ ᠪᠠᠷᠢᠮᠳᠠᠯᠠᠭᠴᠢ ᠢᠰᠢᠪᠠᠯᠵᠣᠷ ᠤᠨ ᠬᠤᠪᠢ ᠳᠤ ᠠᠪᠴᠤ ᠬᠡᠯᠡᠪᠡᠯ ᠠᠭᠤᠴᠢᠯᠠᠵᠦ ᠪᠣᠯᠣᠰᠢ ᠦᠭᠡᠢ ᠶᠡᠭᠡ ᠣᠰᠣᠯ ᠪᠣᠯᠣᠨ᠎ᠠ᠃ ᠢᠰᠢᠪᠠᠯᠵᠣᠷ ᠲᠡᠭᠦᠨ ᠢ ᠵᠢᠷᠣᠬᠡᠨ ᠳᠤ  ᠨᠢ ᠠᠳᠠ ᠣᠷᠣᠭᠰᠠᠨ ᠠᠴᠠ ᠪᠣᠯᠣᠭᠰᠠᠨ ᠭᠡᠵᠦ ᠰᠢᠬᠦᠮᠵᠢᠯᠡᠵᠡᠢ᠃ ᠲᠠᠷᠠᠭ᠎ᠠ ᠨᠢ ᠮᠣᠩᠭᠤᠯ ᠤᠨ ᠨᠣᠶᠠᠷᠬᠠᠯ ᠪᠣᠶᠣ ᠬᠦᠭᠵᠢᠯᠳᠡ ᠶᠢᠨ ᠡᠭᠦᠳᠡᠨ ᠠᠴᠠ ᠠᠪᠴᠤ ᠬᠡᠯᠡᠪᠡᠯ᠂ ᠯᠢᠭᠳᠡᠨ ᠪᠣᠷᠣᠭᠤ ᠰᠢᠳᠦᠯᠭᠡ ᠰᠣᠩᠭᠤᠭᠰᠠᠨ ᠠᠴᠠ ᠠᠷᠭ᠎ᠠ ᠪᠣᠳᠣᠯ ᠤᠨ ᠬᠤᠪᠢ ᠳᠤ ᠪᠣᠷᠣᠭᠤᠳᠠᠵᠦ᠂ ᠰᠢᠷ᠎ᠠ ᠶᠢᠨ ᠱᠠᠰᠢᠨ ᠢ ᠰᠢᠳᠦᠵᠦ ᠪᠠᠶᠢᠭᠰᠠᠨ ᠣᠯᠠᠨ ᠮᠣᠩᠭᠤᠯᠴᠣᠳ ᠤᠨ ᠲᠡᠮᠵᠢᠯᠭᠡ ᠶᠢ ᠠᠯᠳᠠᠭᠰᠠᠨ ᠭᠡᠵᠦ ᠦᠵᠡᠵᠡᠢ᠃ ᠢᠰᠢᠪᠠᠯᠵᠤᠷ ︽ᠭᠠᠯᠪᠠᠷᠠᠭᠴᠠ ᠶᠢᠨ ᠮᠣᠳᠣᠨ︾ ᠳᠠᠭᠠᠨ ︽ᠡᠴᠦᠰ ᠬᠠᠭᠠᠨ ᠯᠢᠭᠳᠡᠨ ᠬᠤᠳᠣᠭᠳᠣ ᠲᠡᠭᠦᠨ ᠤ ᠵᠢᠷᠦᠬᠡᠨ ᠳᠤᠷ ᠠᠳᠠ ᠣᠷᠣᠵᠦ ᠪᠣᠰᠤᠳ ᠢ ᠬᠤᠪᠢᠯᠭᠠᠨ ᠤ ᠡᠷᠬᠡᠪᠡᠷ ᠦᠢᠯᠡᠳᠦᠭᠴᠢ ᠶᠢᠨ ᠡᠵᠡᠨ ︵ᠲᠠᠴᠢᠶᠠᠯ ᠤᠨ ᠲᠡᠭᠷᠢ︶ ᠤ ᠭᠡᠷᠭᠡᠢ ᠯᠢᠩᠬᠸ᠎ᠠ ᠡᠷᠢᠬᠡ ᠲᠤ ᠶᠢᠨ ᠣᠷᠣᠢ ᠶᠢᠨ ᠲᠠᠪᠣᠨ ᠰᠣᠮᠣᠨ ︵ᠲᠠᠴᠢᠶᠠᠯ ᠤᠨ ᠲᠠᠪᠣᠨ ᠰᠣᠮᠣ︶ ᠲᠣᠰᠣᠭᠰᠠᠨ ᠪᠠ ᠲᠠᠴᠢᠶᠠᠯ ᠤᠨ ᠰᠢᠮᠨᠣᠰ ᠤᠨ ᠲᠡᠮᠡᠴᠡᠯᠳᠦᠨ ᠦᠢᠯᠡᠳᠦᠭᠴᠢ ᠬᠦᠷᠳᠦᠨ ᠲᠡᠷᠢᠭᠦᠳᠡᠨ ᠲᠦᠷᠪᠡ ᠴᠤ ᠲᠦᠰᠢᠮᠡᠯ ᠲᠠᠭᠠᠯᠳᠠ ᠨᠠᠷ ᠤᠨ ᠵᠢᠷᠦᠬᠡᠨ ᠳᠤᠷ ᠣᠷᠣᠰᠢᠨ ᠲᠠᠭᠠᠯᠳᠣᠭᠰᠠᠨ ᠢᠶᠠᠷ ᠯᠢᠭᠳᠡᠨ ᠬᠤᠳᠣᠭᠳᠣ ᠲᠡᠷᠡ ᠪᠠᠷ ᠣᠷᠳᠣᠰᠣ ᠶᠢᠨ ᠵᠣᠨᠠᠩ ︵ᠵᠢᠨᠣᠩ︶ ᠤᠨ ᠬᠠᠳᠣᠨ ᠢ ᠪᠣᠯᠢᠶᠠᠵᠦ ᠠᠪᠣᠭᠠᠳ ᠬᠦᠬᠡ ᠨᠠᠭᠤᠷ ᠵᠦᠭ ᠤᠨ ᠡᠵᠡᠨ ᠪᠣᠯᠵᠦ ᠲᠦᠪᠡᠳ ᠤᠨ ᠽᠠᠩ ᠬᠠᠭᠠᠨ ᠯᠤᠭ᠎ᠠ ᠬᠠᠮᠰᠠᠭᠠᠳ ᠰᠢᠷ᠎ᠠ ᠮᠠᠯᠠᠭᠠᠶᠢᠳᠤ ᠶᠢᠨ ᠱᠠᠰᠢᠨ ᠢ ᠡᠴᠦᠳᠭᠡᠰᠦᠭᠡᠢ ᠬᠡᠮᠡᠨ ᠰᠡᠳᠬᠢᠵᠦ ᠪᠠᠷᠠᠭᠤᠨ ᠵᠦᠭ ᠲᠤᠷ ᠣᠳᠣᠭᠰᠠᠨ ᠪᠣᠯᠪᠠᠴᠤ ᠭᠠᠳᠠᠭᠠᠳᠤ ᠲᠣᠳᠣᠭᠠᠳᠤ ᠨᠢᠭᠤᠴᠠ ᠭᠤᠷᠪᠠᠨ ᠡᠷᠯᠢᠭ ᠨᠣᠮᠣᠨ ᠬᠠᠭᠠᠨ ᠤ ᠬᠦᠴᠦᠨ ᠢᠶᠠᠷ ᠬᠦᠬᠡ ᠨᠠᠭᠤᠷ ᠤᠨ ᠣᠮᠠᠷᠠᠳᠡᠬᠢ ᠰᠢᠷ᠎ᠠ ᠲᠠᠯ᠎ᠠ ᠳᠤᠷ ᠴᠠᠭ ᠠᠴᠠ ᠨᠦᠭᠴᠢᠭᠡᠳ︾ ﹇2﹈ ︵723︶ ﹇5﹈ ︵146 — 147︶ ︵ᠠᠳᠡ ᠲᠦᠪᠡᠳ ᠡᠬᠡ ᠲᠠᠢ ᠬᠠᠷᠭᠤᠭᠤᠯᠵᠦ᠂ ᠣᠣᠯ ᠣᠷᠴᠢᠭᠤᠯᠭ᠎ᠠ ᠳᠤ ᠵᠢᠭᠠᠬᠠᠨ ᠵᠠᠰᠠᠯᠳᠠ ᠬᠢᠭᠰᠡᠨ ᠪᠣᠯᠬᠤᠷ ᠣᠣᠯ ᠲᠦᠪᠡᠳ ᠡᠬᠡ ᠶᠢᠨ ᠡᠰᠢᠯᠡᠯ ᠢ ᠲᠠᠭᠠᠯᠳᠣᠭᠤᠯᠪᠠ︶ ᠭᠡᠵᠦ ᠯᠢᠭᠳᠡᠨ ᠤ ᠲᠣᠬᠠᠢ ᠲᠡᠮᠳᠡᠭᠯᠡᠭᠰᠡᠨ ᠪᠠᠶᠢᠳᠠᠭ᠃ ᠠᠳᠡ ᠯᠢᠭᠳᠡᠨ ᠬᠠᠭᠠᠨ ᠢ ᠵᠢᠷᠦᠬᠡᠨ ᠳᠤ ᠨᠢ ᠠᠳᠠ ᠴᠢᠳᠬᠦᠷ ᠣᠷᠣᠰᠢᠭᠰᠠᠨ ᠠᠴᠠ ᠰᠢᠷ᠎ᠠ ᠶᠢᠨ ᠱᠠᠰᠢᠨ ᠳᠤ ᠲᠠᠶᠢᠰᠣᠩᠨᠠᠵᠦ᠂ ᠲᠠᠴᠢᠶᠠᠯ ᠤᠨ ᠰᠣᠮᠣᠨ ᠳᠤ ᠣᠨᠣᠭᠳᠠᠭᠰᠠᠨ ᠠᠴᠠ ᠬᠦᠮᠦᠨ ᠤ ᠡᠬᠡᠨᠡᠷ ᠢ ᠪᠣᠯᠢᠶᠠᠭᠰᠠᠨ ᠭᠡᠵᠦ ᠲᠠᠶᠢᠯᠪᠤᠷᠢᠯᠠᠪᠠ᠃ ᠮᠦᠨ ᠴᠤ ᠪᠣᠰᠤᠳ ᠢ ᠨᠦᠯᠦᠭᠡᠯᠡᠳᠡᠭ ᠴᠢᠳᠬᠦᠷ ᠤᠨ ᠬᠦᠷᠳᠦᠨ ᠴᠤ ᠯᠢᠭᠳᠡᠨ ᠤ ᠲᠦᠰᠢᠮᠡᠳ ᠲᠠᠭᠠᠭᠰᠠᠳ ᠢ ᠨᠦᠯᠦᠭᠡᠯᠡᠵᠦ ᠯᠢᠭᠳᠡᠨ ᠢ ᠬᠠᠮᠵᠢᠨ ᠮᠠᠭᠤ ᠦᠢᠯᠡᠰ ᠢ ᠨᠢ ᠲᠡᠳᠭᠦᠭᠰᠡᠨ ᠭᠡᠵᠡᠢ᠃ ᠠᠳᠡ ᠭᠤᠣᠯᠳᠠᠭᠤ ᠯᠢᠭᠳᠡᠨ ᠬᠠᠭᠠᠨ ᠤ ᠰᠢᠷ᠎ᠠ ᠶᠢᠨ ᠱᠠᠰᠢᠨ ᠢ ᠲᠡᠪᠴᠢᠵᠦ ᠣᠯᠠᠭᠠᠨ ᠤ ᠱᠠᠰᠢᠨ ᠢ ᠲᠡᠮᠵᠢᠭᠰᠡᠨ ᠦᠢᠯᠡ ᠠᠵᠢᠯᠯᠠᠭ᠎ᠠ ᠶᠢ ᠪᠣᠷᠣᠭᠤᠰᠢᠶᠠᠨ᠂ ᠡᠨᠡ ᠨᠢ ᠲᠡᠭᠦᠨ ᠤ ᠲᠦᠷᠦ ᠪᠠᠨ ᠠᠯᠳᠠᠭᠰᠠᠨ ᠤ ᠴᠢᠬᠤᠯᠠ ᠨᠢᠭᠡᠨ ᠰᠢᠯᠳᠠᠭᠠᠨ ᠪᠣᠯᠵᠠᠢ ᠭᠡᠵᠦ ᠦᠵᠡᠭᠰᠡᠨ ᠪᠠᠶᠢᠨ᠎ᠠ᠃ ︽ᠬᠦᠬᠡᠨᠠᠭᠤᠷ ᠤᠨ ᠲᠡᠣᠬᠡ︾ ᠳᠤ ᠯᠢᠭᠳᠡᠨ ᠬᠠᠭᠠᠨ ᠤ ᠲᠣᠬᠠᠢ ᠨᠡᠩ ᠨᠠᠷᠢᠯᠢᠭ ᠦᠭᠦᠯᠡᠵᠡᠢ᠃ ᠶᠠᠭᠤᠨ ᠤ ᠡᠮᠣᠨ᠎ᠡ ︽ᠯᠡᠭᠳᠠᠨ ᠬᠤᠳᠣᠭᠳᠤ ᠬᠠᠭᠠᠨ ᠠᠨᠤ ᠠᠯᠢᠨ᠎ᠠ ᠰᠦᠰᠦᠯᠬᠦ ᠶᠢᠨ ᠮᠠᠭᠠᠳᠯᠠᠯ ᠦᠭᠡᠢ᠂ ᠪᠠᠰᠠ ᠴᠠᠰᠣᠳᠠᠨ ᠤ ᠮᠦᠩᠬᠡ ᠭᠠᠵᠠᠷ ᠲᠠᠬᠢᠨ ᠨᠡᠶᠢᠳᠡ ᠪᠠᠷ ᠺᠣᠷᠣ ᠴᠣᠸᠠᠰ ᠳ᠋ᠪᠠᠩ ︵ᠭᠦᠷᠦ ᠴᠣᠶᠢᠸᠠᠩ︶ ᠠᠴᠠ ᠲᠡᠯᠭᠡᠷᠡᠭᠰᠡᠨ ᠬᠠᠭᠤᠴᠢᠨ ᠲᠠᠷᠨᠢ ᠶᠢᠨ ᠨᠣᠮ ᠢ ᠱᠠᠰᠢᠨ ᠤ ᠵᠢᠷᠦᠬᠡᠨ ᠳᠤᠷ ᠪᠠᠷᠢᠮᠳᠠᠯᠠᠬᠤ ᠪᠦᠭᠡᠳ︾ ﹇6﹈ ︵9︶ ﹇7﹈ ︵430︶ ᠭᠡᠵᠦ ᠯᠢᠭᠳᠡᠨ ᠢ ᠪᠣᠳᠠᠳᠠᠢ ᠪᠠᠳᠣ ᠰᠢᠳᠦᠯᠭᠡ ᠪᠢᠰᠢᠷᠡᠯ ᠪᠠᠶᠢᠬᠤ ᠦᠭᠡᠢ᠂ ᠬᠠᠭᠤᠴᠢᠨ ᠲᠠᠷᠨᠢ  ᠶᠢᠨ ᠨᠣᠮ ᠤᠨ ᠲᠠᠭᠠᠯᠠᠯ᠂ ᠨᠢᠩᠮᠠ ᠶᠢᠨ ᠶᠣᠰᠣᠨ ᠢ ᠪᠠᠷᠢᠮᠳᠠᠯᠠᠭᠰᠠᠨ ᠢ ᠪᠣᠷᠣᠭᠤᠰᠢᠶᠠᠵᠠᠢ᠃ ᠡᠭᠦᠨ ᠤ ᠲᠠᠷᠠᠭ᠎ᠠ ᠨᠢ ᠲᠡᠭᠦᠨ ᠢ ᠲᠡᠭᠡᠳᠦᠰ ᠤᠨ ᠬᠠᠣᠯᠢ ᠲᠦᠷᠢᠮ ᠢ ᠡᠪᠳᠡᠵᠦ ᠲᠣᠳᠣᠭᠠᠳᠤ ᠶᠢᠨ ᠲᠡᠮᠡᠴᠡᠯ ᠬᠢᠮᠤᠷᠠᠯ ᠢ ᠡᠳᠦᠭᠡᠨ ᠡᠭᠦᠰᠭᠡᠵᠦ ᠂ ᠪᠣᠷᠣᠭᠤ ᠱᠠᠰᠢᠨ ᠤ ᠵᠦᠭ ᠢ ᠲᠡᠳᠭᠦᠭᠰᠡᠨ ᠠᠴᠠ ᠦᠪᠡᠷ ᠤᠨ ᠮᠦᠬᠦᠯ ᠢᠶᠠᠨ ᠲᠦᠷᠭᠡᠳᠭᠡᠪᠡ ᠭᠡᠵᠦ ᠳ᠋ᠦᠩᠨᠡᠪᠡ᠃ ︽ᠲᠡᠷᠡ ᠴᠠᠭ ᠲᠤᠷ ᠮᠣᠩᠭᠤᠯ ᠤᠨ ᠵᠢᠷᠭᠤᠭᠠᠨ ᠶᠡᠭᠡ ᠴᠢᠭᠤᠯᠭᠠᠨ ᠬᠡᠮᠡᠨ ᠠᠯᠳᠠᠷᠰᠢᠭᠰᠠᠨ ᠤ ᠭᠤᠣᠯ ᠴᠠᠭᠠᠵᠠ ᠳᠤᠷ ᠴᠡᠷᠢᠭ ᠬᠢᠮᠤᠷᠠᠯ ᠤᠨ ᠦᠶ᠎ᠡ ᠮᠡᠳᠦ ᠳᠤᠷ ᠮᠡᠰᠡ ᠲᠣᠰᠬᠤᠢ ᠠᠴᠠ ᠪᠣᠰᠤ᠂ ᠠᠶᠢᠮᠠᠭ ᠬᠤᠰᠢᠭᠤᠨ ᠲᠣᠳᠣᠷ᠎ᠠ ᠬᠢᠮᠣᠷᠠᠬᠤ ᠪᠠ ᠭᠠᠷ ᠲᠤᠷ ᠪᠠᠷᠢᠭᠰᠠᠨ ᠬᠦᠮᠦᠨ ᠢ ᠬᠤᠨᠢ ᠮᠡᠳᠦ ᠠᠯᠠᠬᠤ ᠮᠠᠭᠤ ᠵᠢᠷᠦᠮ ᠦᠭᠡᠢ ᠪᠣᠯᠪᠠᠴᠤ᠂ ᠯᠢᠭᠳᠡᠨ ᠬᠠᠭᠠᠨ ᠬᠢᠭᠡᠳ ᠴᠣᠬᠤᠷ ᠴᠣᠭᠳᠣ ᠯᠤᠭ᠎ᠠ ᠬᠤᠶᠠᠷ ᠮᠠᠭᠤ ᠨᠣᠶᠠᠨ ᠤ ᠦᠶ᠎ᠡ ᠳᠤ ᠲᠡᠷᠡ ᠲᠡᠯᠭᠡᠷᠡᠪᠡᠢ᠃ ᠲᠡᠷᠡ ᠴᠤ ᠠᠷᠪᠠᠨ ᠨᠢᠭᠡᠳᠦᠭᠡᠷ ᠵᠢᠷᠠᠨ ᠤ ᠰᠢᠷᠦᠢ ᠯᠣᠣ ᠵᠢᠯ ᠠᠴᠠ ᠯᠡᠭᠳᠡᠨ ᠬᠠᠭᠠᠨ ᠪᠠᠷ ᠴᠢᠩᠭᠢᠰ ᠬᠠᠭᠠᠨ ᠤ ᠲᠣᠳᠣᠭᠠᠳᠤ ᠴᠢᠭᠤᠯᠭᠠᠨ ᠤ ᠭᠤᠣᠯ ᠴᠠᠭᠠᠵᠠ ᠶᠢ ᠡᠪᠳᠡᠭᠡᠳ ᠴᠠᠬᠠᠷ ᠲᠤᠷ ᠲᠣᠳᠣᠭᠠᠳᠤ ᠶᠢᠨ ᠬᠢᠮᠦᠷᠠᠯ ᠡᠭᠦᠰᠭᠡᠵᠦ ᠣᠯᠠᠨ ᠬᠦᠮᠦᠨ ᠢ ᠬᠤᠷᠣᠭᠠᠵᠦ ᠲᠡᠭᠡᠭᠰᠢ ᠰᠢᠷ᠎ᠠ ᠮᠠᠯᠠᠭ᠎ᠠ ᠲᠤ ᠶᠢ ᠬᠦᠨᠦᠭᠡᠭᠴᠢᠳ ᠤᠨ ᠨᠦᠬᠦᠷ ᠪᠣᠯᠣᠷ᠎ᠠ ᠢᠷᠡᠬᠦ ᠶᠢᠨ ᠲᠠᠰᠢᠷᠠᠮ ᠳᠤᠷ ᠵᠠᠮ ᠲᠠᠭᠠᠤ ᠲᠦᠮᠡᠳ ᠪᠠ ᠣᠷᠳᠣᠰ ᠤᠨ ᠵᠠᠷᠢᠮ ᠠᠶᠢᠮᠠᠭ ᠤᠳ ᠢ ᠪᠦᠷᠢᠯᠭᠡᠵᠦ ᠮᠣᠳᠣᠨ ᠨᠣᠬᠠᠢ ᠵᠢᠯ  ᠳᠤᠷ ᠲᠦᠪᠡᠳ ᠭᠠᠵᠠᠷ ᠤᠨ ᠰᠢᠷ᠎ᠠ ᠲᠠᠯ᠎ᠠ ᠬᠡᠮᠡᠬᠦᠢ ᠭᠠᠵᠠᠷ ᠢᠷᠡᠬᠦᠢ ᠳᠤᠷ ᠭᠤᠷᠪᠠᠨ ᠡᠷᠯᠢᠭ ᠨᠣᠮ ᠤᠨ ᠬᠠᠭᠠᠨ ᠪᠠᠷ ᠲᠠᠪᠤᠨ ᠤ ᠮᠦᠷ ︵ᠦᠬᠦᠯ ᠤᠨ ᠮᠦᠷ︶ ᠲᠤᠷ ᠢᠯᠡᠭᠡᠪᠡᠢ︾ ﹇6﹈ ︵11 — 12︶ ︵ᠲᠦᠪᠡᠳ ᠡᠬᠡ ᠶᠢ ᠦᠨᠳᠣᠰᠣᠯᠡᠵᠦ ᠣᠣᠯ ᠣᠷᠴᠢᠭᠤᠯᠭ᠎ᠠ ᠳᠤ ᠵᠢᠭᠠᠬᠠᠨ ᠵᠠᠰᠠᠯᠳᠠ ᠬᠢᠪᠡ︶᠃ ᠠᠳᠡ ᠯᠢᠭᠳᠡᠨ ᠬᠠᠭᠠᠨ ᠢ ᠪᠣᠷᠣᠭᠤᠰᠢᠶᠠᠨ ᠵᠢᠮᠡᠯᠡᠭᠰᠡᠨ ᠬᠤᠶᠠᠷ ᠪᠣᠷᠣᠭᠤ ᠣᠴᠢᠷ ᠨᠢ᠂ ᠨᠢᠭᠡ ᠳᠤ ᠲᠡᠭᠡᠳᠦᠰ ᠤᠨ ᠬᠠᠣᠯᠢ ᠵᠢᠷᠦᠮ ᠢ ᠲᠡᠷᠰᠯᠡᠨ ᠲᠣᠳᠣᠭᠠᠳᠤ ᠶᠢᠨ ᠬᠢᠮᠣᠷᠠᠯ ᠲᠡᠭᠳᠡᠭᠡᠭᠰᠡᠨ᠂ ᠮᠣᠩᠭᠤᠯ ᠠᠶᠢᠮᠠᠭ ᠲᠣᠭᠤᠷᠭᠠᠳᠠᠨ ᠢᠶᠠᠨ ᠲᠣᠪᠳᠣᠯᠵᠦ ᠠᠯᠠᠵᠦ ᠨᠢᠳᠦᠯᠦᠭᠰᠡᠨ ᠨᠢ ᠬᠡᠯᠡᠯᠭᠡᠨ ᠦᠭᠡᠢ ᠪᠣᠰᠤᠳ ᠣᠯᠠᠨ ᠠᠶᠢᠮᠠᠭ ᠤᠨ ᠲᠡᠮᠵᠢᠯᠭᠡ ᠶᠢ ᠣᠯᠬᠤ ᠦᠭᠡᠢ᠃ ᠪᠠᠰᠠ ᠨᠢᠭᠡ  ᠨᠢ ᠵᠠᠩᠭᠢᠯᠠᠭ᠎ᠠ ᠶᠢᠨ ᠦᠶ᠎ᠡ ᠳᠤ ᠰᠢᠷ᠎ᠠ ᠮᠠᠯᠠᠭᠠᠶᠢᠳᠣ ᠶᠢᠨ ᠱᠠᠰᠢᠨ ᠢ ᠲᠠᠷᠣᠩᠭᠤᠶᠢᠯᠠᠨ ᠬᠦᠨᠦᠭᠡᠵᠦ ᠪᠠᠶᠢᠭᠰᠠᠨ ᠴᠣᠭᠳᠣ ᠪᠠ ᠲᠦᠪᠡᠳ ᠤᠨ ᠽᠠᠩᠪᠠ ᠬᠠᠭᠠᠨ ᠵᠡᠷᠭᠡ ᠳᠤ ᠨᠦᠬᠦᠷ ᠪᠣᠯᠣᠭᠰᠠᠨ ᠶᠠᠪᠣᠳᠠᠯ ᠪᠣᠯᠣᠨ᠎ᠠ᠃ ᠡᠨᠡ ᠪᠣᠯ ᠢᠰᠢᠪᠠᠯᠵᠤᠷ ᠤᠨ ᠯᠢᠭᠳᠡᠨ ᠬᠠᠭᠠᠨ ᠤ ᠢᠯᠠᠭᠳᠠᠯ ᠤᠨ ᠲᠣᠬᠠᠢ ᠦᠵᠡᠯᠳᠡ ᠪᠣᠯᠣᠨ᠎ᠠ᠃ ᠬᠡᠯᠡᠯᠭᠡᠨ ᠦᠭᠡᠢ ᠯᠢᠭᠳᠡᠨ ᠬᠠᠭᠠᠨ ᠤ ᠢᠯᠠᠭᠳᠠᠯ ᠢ ᠡᠨᠡ ᠬᠤᠶᠠᠷ ᠲᠠᠯ᠎ᠠ ᠪᠠᠷ ᠳ᠋ᠦᠩᠨᠡᠭᠰᠡᠨ ᠨᠢ ᠭᠦᠢᠴᠡᠳ ᠦᠭᠡᠢ ᠪᠠᠶᠢᠵᠦ ᠮᠡᠳᠡᠨ᠎ᠡ᠂ ᠴᠣᠬᠤᠮ  ᠳᠠᠭᠠᠨ ᠲᠡᠭᠦᠨ ᠤ ᠢᠯᠠᠭᠳᠠᠭᠰᠠᠨ ᠰᠢᠯᠳᠠᠭᠠᠨ ᠣᠯᠠᠨ ᠪᠠᠶᠢᠳᠠᠭ᠃ ᠵᠢᠱᠢᠶᠡᠯᠡᠪᠡᠯ ᠲᠡᠷᠡ ᠮᠠᠨᠵᠣ ᠶᠢᠨ ᠲᠠᠯ᠎ᠠ ᠶᠢᠨ ᠰᠢᠬᠠᠯᠳᠠ ᠲᠠᠭᠠᠷᠢᠯᠳᠠ ᠶᠢ ᠲᠣᠷᠠᠳᠣᠭᠰᠠᠨ ᠦᠭᠡᠢ᠃ ᠭᠡᠪᠡᠴᠦ ᠢᠰᠢᠪᠠᠯᠵᠣᠷ ᠲᠤ ᠠᠪᠴᠤ ᠬᠡᠯᠡᠪᠡᠯ᠂ ᠲᠣᠬᠠᠢ ᠶᠢᠨ ᠦᠶ᠎ᠡ ᠳᠤ ᠮᠠᠨᠵᠣ ᠶᠢᠨ ᠲᠣᠬᠠᠢ ᠦᠨᠡᠨ ᠦᠭᠡ ᠶᠢ ᠰᠢᠭᠤᠳ ᠬᠡᠯᠡᠵᠦ ᠪᠣᠯᠬᠤ ᠦᠭᠡᠢ᠂ ᠪᠣᠯᠭᠤᠮᠵᠢᠯᠠᠨ ᠵᠠᠶᠢᠯᠠᠬᠤ ᠣᠴᠢᠷ ᠠᠴᠠ ᠡᠨᠡ ᠬᠤᠶᠠᠷ ᠲᠠᠯ᠎ᠠ ᠪᠠᠷ ᠯᠠ ᠳ᠋ᠦᠩᠨᠡᠭᠰᠡᠨ ᠪᠠᠶᠢᠵᠦ ᠮᠡᠳᠡᠨ᠎ᠡ᠃ ᠡᠨᠡ ᠨᠢ ᠨᠢᠭᠡ ᠲᠠᠯ᠎ᠠ ᠪᠠᠷ ᠲᠡᠭᠦᠨ ᠤ ᠰᠢᠷ᠎ᠠ ᠶᠢᠨ ᠱᠠᠰᠢᠨ ᠤ ᠵᠣᠭᠰᠣᠯᠳᠠ᠂ ᠨᠦᠭᠦᠭᠡ ᠲᠠᠯ᠎ᠠ ᠪᠠᠷ ᠮᠣᠩᠭᠤᠯᠴᠤᠳ ᠤᠨ ᠬᠤᠪᠢ ᠵᠠᠶᠠᠭᠠᠨ ᠤ ᠵᠣᠭᠰᠣᠯᠳᠠ  ᠠᠴᠠ ᠪᠣᠯᠣᠭᠰᠠᠨ ᠶᠤᠮ᠃ ᠢᠰᠢᠪᠠᠯᠵᠣᠷ ᠪᠠᠰᠠ ᠯᠢᠭᠳᠡᠨ ᠬᠠᠭᠠᠨ ᠤ ᠬᠠᠳᠣᠨ ᠪᠠ ᠬᠡᠣᠬᠡᠳ ᠬᠠᠰ ᠲᠠᠮᠠᠭ᠎ᠠ ᠪᠠᠨ ᠮᠠᠨᠵᠤ ᠶᠢᠨ ᠡᠶᠡᠪᠡᠷ ᠵᠠᠰᠠᠭᠴᠢ ᠳᠤ ᠡᠷᠭᠦᠭᠰᠡᠨ ᠪᠠ ᠴᠠᠬᠠᠷ ᠤᠨ ᠦᠯᠡᠳᠡᠭᠳᠡᠯ ᠠᠶᠢᠮᠠᠭ ᠣᠯᠠᠨ ᠬᠠᠯᠬ᠎ᠠ ᠳᠤ ᠲᠣᠳᠠᠭᠠᠨ ᠣᠷᠣᠭᠰᠠᠨ ᠶᠠᠪᠣᠳᠠᠯ ᠵᠢᠴᠢ ᠬᠠᠯᠬ᠎ᠠ ᠶᠢᠨ ᠣᠯᠠᠨ ᠠᠶᠢᠮᠠᠭ ᠬᠠᠷᠢᠯᠴᠠᠨ ᠬᠢᠮᠣᠷᠠᠯᠳᠣᠭᠰᠠᠨ ᠶᠠᠪᠣᠳᠠᠯ ᠢ ᠲᠡᠮᠳᠡᠭᠯᠡᠭᠰᠡᠨ ᠪᠠᠶᠢᠨ᠎ᠠ᠃ ᠢᠰᠢᠪᠠᠯᠵᠣᠷ ᠤᠨ ︽ᠦᠪᠡᠷ ᠤᠨ ᠨᠠᠮᠳᠠᠷ︾ ᠲᠤ ᠠᠷᠪᠠᠳᠣᠭᠠᠷ ᠷᠠᠪᠵᠣᠩ ᠠᠴᠠ ᠠᠷᠪᠠᠨ ᠭᠤᠷᠪᠠᠳᠣᠭᠠᠷ ᠷᠠᠪᠵᠣᠩ ᠬᠦᠷᠳᠡᠯᠡᠬᠢ ᠣᠴᠢᠷ ᠢ 1759 ᠣᠨ ᠪᠣᠯᠳᠠᠯ᠎ᠠ ᠣᠨ ᠤ ᠲᠡᠮᠳᠡᠭᠯᠡᠯ ᠮᠡᠳᠦ ᠲᠡᠮᠳᠡᠭᠯᠡᠬᠦ ᠳᠡᠭᠡᠨ ᠯᠢᠭᠳᠡᠨ ᠬᠠᠭᠠᠨ ᠤ ᠣᠴᠢᠷ ᠢ ᠪᠠᠰᠠ ᠢᠩᠭᠢᠵᠦ ᠲᠣᠪᠴᠢ ᠲᠣᠷᠠᠳᠴᠠᠢ᠃ ︽ᠠᠷᠪᠠᠨ ᠨᠢᠭᠡᠳᠦᠭᠡᠷ ᠷᠠᠪᠵᠣᠩ ᠤᠨ ᠰᠢᠷᠦᠢ ᠯᠣᠣ ᠵᠢᠯ ᠳᠤᠷ ᠮᠣᠩᠭᠤᠯ ᠪᠠ ᠬᠠᠯᠬ᠎ᠠ ᠶᠢᠨ ᠯᠢᠭᠳᠡᠨ ᠬᠠᠭᠠᠨ ᠪᠠᠷ ᠮᠣᠩᠭᠤᠯ ᠤᠨ ᠵᠢᠷᠭᠤᠭᠠᠨ ᠴᠢᠭᠤᠯᠭᠠᠨ ᠤ ᠴᠠᠭᠠᠵᠠ ᠶᠣᠰᠣᠨ ᠤ ᠭᠤᠣᠯ ᠢ ᠡᠪᠳᠡᠪᠡ᠃ ᠵᠢᠷᠭᠤᠭᠠᠨ ᠠᠶᠢᠮᠠᠭ ᠨᠢᠭᠡ ᠤᠭᠰᠠᠭ᠎ᠠ ᠶᠠᠰᠣᠳᠠᠨ ᠪᠠᠶᠢᠭᠰᠠᠨ ᠲᠣᠯᠠᠳᠠ᠂ ᠣᠷᠢᠳᠦ ᠳᠤᠷ ᠪᠠᠶᠢᠯᠳᠣᠭᠠᠨ ᠲᠣᠯᠣᠯᠳᠣᠭᠠᠨ ᠤ ᠭᠡᠮ ᠪᠣᠰᠣ ᠠᠴᠠ ᠡᠷᠬᠡᠰᠢᠶᠡᠭᠡᠳ ᠠᠯᠠᠬᠤ ᠲᠡᠷᠢᠭᠦᠳᠡᠨ ᠮᠠᠭᠤ ᠦᠢᠯᠡ  ᠶᠢ ᠦᠢᠯᠡᠳᠬᠦ ᠵᠢᠷᠦᠮ ᠦᠭᠡᠢ ᠴᠤ᠂ ᠯᠢᠭᠳᠡᠨ ᠪᠠ ᠴᠣᠭᠳᠣ ᠠᠴᠠ ᠲᠡᠷᠡ ᠮᠡᠳᠦ ᠶᠢᠨ ᠴᠤ ᠬᠠᠷᠪᠤᠬᠤ ᠬᠤᠤᠷᠯᠠᠬᠤ ᠮᠠᠭᠤ ᠵᠢᠷᠦᠮ ᠢ ᠣᠯᠠᠨᠳᠠ ᠲᠦᠭᠡᠭᠡᠪᠡᠢ︾ ﹇1﹈ ︵24 ᠲᠣᠣᠷᠠᠳᠤ︶ ᠭᠡᠰᠡᠨ ᠪᠠ ᠪᠠᠰᠠ ᠯᠢᠭᠳᠡᠨ ᠬᠠᠭᠠᠨ ᠴᠣᠭᠳᠣ ᠪᠠ ᠽᠠᠩᠪᠠ ᠬᠠᠭᠠᠨ ᠨᠠᠷ ᠲᠠᠢ ᠬᠤᠯᠪᠣᠭᠠᠯᠠᠬᠤ ᠭᠡᠰᠡᠨ᠂ ᠰᠢᠷ᠎ᠠ ᠲᠠᠯ᠎ᠠ ᠳᠤ ᠡᠷᠯᠢᠭ ᠨᠣᠮᠣᠨ ᠬᠠᠭᠠᠨ ᠤ ᠬᠦᠴᠦᠨ ᠢᠶᠠᠷ ᠨᠠᠰᠣ ᠨᠦᠭᠴᠢᠭᠰᠡᠨ ᠭᠡᠬᠦ ᠵᠡᠷᠭᠡ ᠶᠢ ᠲᠡᠮᠳᠡᠭᠯᠡᠵᠡᠢ᠃ ᠯᠢᠭᠳᠡᠨ ᠬᠠᠭᠠᠨ ᠠᠴᠠ ᠭᠠᠳᠠᠨ᠎ᠠ᠂ ᠪᠠᠰᠠ ᠴᠣᠬᠤᠷ ᠴᠣᠭᠳᠣ ᠵᠡᠷᠭᠡ ᠬᠦᠮᠦᠰ ᠤᠨ ᠣᠯᠠᠭᠠᠨ ᠤ ᠱᠠᠰᠢᠨ ᠢ ᠦᠮᠦᠭᠯᠡᠵᠦ ᠰᠢᠷ᠎ᠠ ᠶᠢᠨ ᠱᠠᠰᠢᠨ ᠢ ᠬᠦᠨᠦᠭᠡᠭᠰᠡᠨ ᠶᠠᠪᠣᠳᠠᠯ ᠢ ᠰᠢᠬᠦᠮᠵᠢᠯᠡᠭᠰᠡᠨ ᠢ ᠠᠳᠡ ᠨᠢᠭᠡᠳ ᠨᠢᠭᠡ ᠪᠠᠷ ᠲᠣᠷᠠᠳᠬᠤ ᠦᠭᠡᠢ᠃ ᠢᠰᠢᠪᠠᠯᠵᠣᠷ ᠤᠨ ︽ᠬᠦᠬᠡᠨᠠᠭᠤᠷ ᠤᠨ ᠲᠡᠣᠬᠡ︾ ᠳᠤ ᠪᠠᠰᠠ ᠬᠦᠬᠡᠨᠠᠭᠤᠷ ᠤᠨ ᠣᠯᠠᠨ ᠠᠶᠢᠮᠠᠭ ᠤᠨ ᠲᠣᠯᠣᠭᠠᠶᠢᠯᠠᠭᠴᠢᠳ᠂ ᠮᠠᠨᠵᠤ ᠶᠢᠨ ᠡᠩᠬᠡ ᠠᠮᠤᠭᠤᠯᠠᠩ ᠬᠠᠭᠠᠨ ᠤ ᠡᠷᠬᠡᠰᠢᠶᠡᠯ ᠲᠣᠣᠷ᠎ᠠ ᠣᠷᠣᠭᠰᠠᠨ ᠶᠠᠪᠣᠳᠠᠯ ᠢ ᠲᠡᠮᠳᠡᠭᠯᠡᠵᠡᠢ᠃ ᠠᠷᠪᠠᠨ ᠬᠤᠶᠠᠳᠣᠭᠠᠷ ᠷᠠᠪᠵᠣᠩ ᠤᠨ ᠭᠠᠯ ᠦᠬᠡᠷ ᠵᠢᠯ᠂ 1697 ᠣᠨ ᠳᠤ᠂ ᠡᠩᠬᠡ ᠠᠮᠤᠭᠤᠯᠠᠩ ᠬᠠᠭᠠᠨ ᠣᠷᠣᠨ ᠨᠣᠳᠤᠭ ᠡᠷᠭᠢᠬᠦ ᠶᠣᠰᠣᠨ ᠢᠶᠠᠷ ᠨᠢᠩᠰᠢᠶᠠ ᠪᠠᠷ ᠦᠩᠭᠡᠷᠡᠨ ᠰᠢᠩᠳᠧᠫᠦᠷ ︵香达普︶ ᠭᠡᠬᠦ ᠭᠠᠵᠠᠷ ᠲᠤ ᠢᠷᠡᠭᠡᠳ ᠡᠯᠴᠢ ᠲᠣᠮᠢᠯᠠᠨ ᠲᠦᠮᠡᠳ ᠤᠨ ᠴᠠᠭᠨᠠᠳᠣᠷᠵᠢ ᠳ᠋ᠠ ᠯᠠᠮᠠ ᠵᠡᠷᠭᠡ ᠬᠦᠬᠡᠨᠠᠭᠤᠷ ᠤᠨ ᠨᠣᠶᠠᠳ ᠢ ᠲᠠᠭᠤᠳᠠᠨ ᠵᠠᠯᠠᠪᠠ᠃ ᠡᠨᠡ ᠦᠶ᠎ᠡ ᠳᠤ ᠵᠠᠩᠵᠠ ᠬᠤᠳᠣᠭᠳᠣ ᠠᠭᠸᠠᠩᠴᠣᠶᠢᠳᠠᠨ ᠴᠣ᠋ ᠵᠢᠷᠭᠤᠳᠣᠭᠠᠷ ᠲᠠᠯᠠᠢ ᠯᠠᠮᠠ ᠶᠢᠨ ᠡᠷᠭᠦᠮᠵᠢᠯᠡᠯ ᠤᠨ ᠵᠠᠷᠯᠢᠭ ᠲᠠᠮᠠᠭ᠎ᠠ ᠶᠢ ᠬᠦᠷᠭᠡᠵᠦ ᠡᠨᠡ ᠭᠠᠵᠠᠷ ᠢᠷᠡᠬᠦ ᠲᠠᠢ ᠲᠠᠭᠠᠷᠢᠯᠳᠣᠭᠰᠠᠨ ᠢᠶᠠᠷ᠂ ᠬᠦᠬᠡᠨᠠᠭᠤᠷ  ᠤᠨ ᠨᠣᠶᠠᠳ ᠢ ᠮᠠᠨᠵᠤ ᠶᠢᠨ ᠬᠠᠭᠠᠨ ᠳᠤ ᠲᠠᠭᠠᠪᠠᠯ ᠰᠠᠶᠢᠨ ᠪᠣᠯᠬᠤ ᠶᠣᠰᠣᠨ ᠢ ᠨᠣᠮᠯᠠᠨ ᠢᠳᠬᠠᠭᠰᠠᠨ ᠳᠤ᠂ ᠪᠦᠭᠦᠳᠡᠭᠡᠷ ᠲᠡᠭᠦᠨ ᠢ ᠢᠳᠡᠭᠡᠵᠦ ᠰᠢᠩᠳᠧᠫᠦᠷ ᠲᠤ ᠣᠴᠢᠭᠰᠠᠨ ᠭᠡᠳᠡᠭ᠃ ᠲᠡᠭᠡᠭᠡᠳ ᠡᠩᠬᠡ ᠠᠮᠤᠭᠤᠯᠠᠩ ᠬᠠᠭᠠᠨ ᠭᠦᠦᠱᠢ ᠬᠠᠭᠠᠨ ᠤ ᠣᠳᠬᠤᠨ ᠬᠦᠪᠡᠭᠦᠨ ᠲᠠᠶᠢᠵᠢ ᠷᠠᠰᠢᠪᠠᠭᠠᠳᠣᠷ ᠲᠤ ᠴᠢᠨ ᠸᠠᠩ ᠵᠡᠷᠭᠡ ᠱᠠᠩᠨᠠᠵᠦ᠂ ᠪᠣᠰᠣᠳ ᠲᠤ ᠵᠢᠶᠦ᠋ᠨ ᠸᠠᠩ ᠪᠠ ᠪᠡᠶᠢᠯᠡ ᠪᠡᠶᠢᠰᠡ ᠭᠦᠩ ᠵᠠᠰᠠᠭ ᠲᠡᠷᠢᠭᠦᠳᠡᠨ ᠵᠡᠷᠭᠡ ᠱᠠᠩᠨᠠᠭᠰᠠᠨ ᠠᠴᠠ ᠬᠦᠬᠡᠨᠠᠭᠤᠷ ᠲᠡᠬᠢᠨ ᠮᠠᠨᠵᠤ ᠶᠢᠨ ᠡᠷᠬᠡᠰᠢᠶᠡᠯ ᠳᠤ ᠣᠷᠣᠭᠰᠠᠨ ᠭᠡᠵᠦ ᠲᠡᠮᠳᠡᠭᠯᠡᠪᠡ᠃ ᠯᠾᠠᠰᠠᠩ ᠬᠠᠭᠠᠨ ᠰᠠᠶ᠋ᠢ ᠡᠬᠢᠯᠡᠬᠦ ᠳᠡᠭᠡᠨ ᠣᠴᠢᠭᠰᠠᠨ ᠦᠭᠡᠢ ᠴᠤ᠂ ᠨᠢᠭᠡ ᠵᠢᠯ ᠤᠨ ᠲᠠᠷᠠᠭ᠎ᠠ ᠣᠴᠢᠭᠰᠠᠨ ᠪᠠᠶᠢᠨ᠎ᠠ᠃ ᠡᠨᠡ ᠪᠣᠯ ᠬᠦᠬᠡᠨᠠᠭᠤᠷ ᠮᠣᠩᠭᠤᠯᠴᠤᠳ ᠤᠨ ᠮᠠᠨᠵᠦ  ᠶᠢᠨ ᠨᠣᠶᠠᠷᠬᠠᠯ ᠳᠤ ᠣᠷᠣᠭᠰᠠᠨ ᠲᠣᠬᠠᠢ ᠢᠰᠢᠪᠠᠯᠵᠣᠷ ᠤᠨ ᠲᠡᠮᠳᠡᠭᠯᠡᠯ ᠪᠣᠯᠣᠨ᠎ᠠ᠃ ᠡᠭᠦᠨ ᠤ ᠲᠠᠷᠠᠭ᠎ᠠ ᠣᠶᠢᠷᠠᠳ ᠮᠣᠩᠭᠤᠯᠴᠤᠳ ᠬᠡᠷᠬᠢᠨ ᠮᠠᠨᠵᠤ ᠶᠢᠨ ᠨᠣᠶᠠᠷᠬᠠᠯ ᠲᠣᠣᠷ᠎ᠠ ᠣᠷᠣᠵᠦ ᠵᠡᠭᠦᠡᠭᠠᠷ ᠤᠨ ᠬᠠᠭᠠᠨ ᠤ ᠣᠯᠠᠮᠵᠢᠯᠠᠯ ᠬᠡᠷᠬᠢᠨ ᠲᠠᠰᠣᠷᠠᠭᠰᠠᠨ ᠲᠣᠬᠠᠢ ᠢᠰᠢᠪᠠᠯᠵᠣᠷ ᠪᠠᠰᠠ ᠲᠡᠭᠡᠷ᠎ᠡ ᠲᠣᠷᠠᠳᠣᠭᠰᠠᠨ ᠬᠡᠳᠦᠨ ᠨᠣᠮ ᠳᠠᠭᠠᠨ ᠦᠭᠦᠯᠡᠭᠰᠡᠨ ᠪᠠᠶᠢᠳᠠᠭ᠃ ᠪᠦᠬᠦ ᠮᠣᠩᠭᠤᠯ ᠣᠭᠰᠠᠭᠠᠳᠠᠨ ᠮᠠᠨᠵᠣ ᠶᠢᠨ ᠨᠣᠶᠠᠷᠬᠠᠯ ᠳᠤ ᠣᠷᠣᠭᠰᠠᠨ ᠶᠠᠪᠣᠴᠠ ᠪᠠ ᠯᠣᠪᠰᠠᠩᠳᠠᠨᠵᠢᠨ ᠤ ᠡᠰᠡᠷᠭᠦᠴᠡᠯ ᠤᠨ ᠴᠢᠰᠦᠳᠦ ᠲᠠᠷᠣᠩᠭᠤᠶᠢᠯᠠᠯ ᠳᠤ ᠣᠴᠠᠷᠠᠭᠰᠠᠨ ᠢ ᠪᠡᠶ᠎ᠡ ᠪᠠᠷ ᠦᠩᠭᠡᠷᠡᠭᠦᠯᠦᠭᠰᠡᠨ ᠢᠰᠢᠪᠠᠯᠵᠤᠷ ᠲᠤ ᠠᠪᠴᠤ ᠬᠡᠯᠡᠪᠡᠯ᠂ ᠲᠣᠳᠣᠭᠠᠳᠤ ᠰᠡᠳᠬᠢᠯ ᠤᠨ ᠣᠭ ᠲᠤ ᠮᠠᠨᠵᠤ ᠶᠢᠨ ᠬᠠᠭᠠᠨ ᠳᠤ ᠲᠠᠭᠠᠳᠠᠢ ᠪᠠᠶᠢᠵᠦ ᠴᠢᠳᠠᠬᠤ ᠦᠭᠡᠢ ᠶᠣᠮ᠃ ᠭᠡᠪᠡᠴᠦ ᠲᠡᠷᠡ ᠪᠠᠰᠠ ᠮᠣᠩᠭᠤᠯ ᠤᠨ ᠲᠣᠬᠠᠢ ᠲᠡᠣᠬᠡ ᠪᠢᠴᠢᠯᠭᠡ ᠳᠤ ᠮᠠᠨᠵᠤ ᠶᠢᠨ ᠬᠠᠭᠠᠨ ᠳᠤ ᠲᠠᠭ᠎ᠠ ᠦᠭᠡᠢ ᠪᠠᠶᠢᠬᠤ ᠰᠡᠳᠬᠢᠯᠭᠡ ᠪᠠᠨ ᠢᠯᠡ ᠲᠣᠳᠣᠷᠬᠠᠢ ᠬᠡᠯᠡᠵᠦ ᠴᠤ ᠴᠢᠳᠠᠬᠤ ᠦᠭᠡᠢ᠃ ᠬᠠᠷᠢᠨ ᠵᠦᠪᠬᠡᠨ ᠲᠡᠭᠦᠨ ᠤ ᠬᠦᠬᠡᠨᠠᠭᠤᠷ ᠤᠨ ᠲᠡᠣᠬᠡ ᠪᠠ ᠨᠠᠮᠳᠠᠷ ᠵᠣᠬᠢᠶᠠᠯ ᠵᠡᠷᠭᠡ ᠲᠡᠭᠡᠨ ᠮᠠᠨᠵᠤ ᠶᠢᠨ ᠬᠠᠭᠠᠨ ᠳᠤ ᠲᠠᠭ᠎ᠠ ᠦᠭᠡᠢ ᠰᠡᠳᠬᠢᠯᠭᠡ ᠪᠠᠨ ᠲᠠᠮ ᠢᠶᠠᠷ ᠢᠯᠡᠳᠭᠡᠵᠦ ᠪᠠᠶᠢᠵᠠᠢ᠃ ᠵᠢᠱᠢᠶᠡᠯᠡᠪᠡᠯ᠂ ᠮᠠᠨᠵᠤ ᠶᠢᠨ ᠬᠠᠭᠠᠨ ᠲᠠᠭᠤᠳᠠᠬᠤ ᠳᠤ ᠣᠬᠢᠯᠠᠮᠠᠷ ᠪᠣᠯᠵᠦ ᠣᠴᠢᠬᠤ ᠲᠣᠷ᠎ᠠ ᠦᠭᠡᠢ ᠪᠠᠶᠢᠭᠰᠠᠨ᠂ ᠬᠦᠬᠡᠨᠠᠭᠤᠷ ᠮᠣᠩᠭᠤᠯᠴᠣᠳ ᠢ ᠲᠠᠷᠣᠩᠭᠤᠶᠢᠯᠠᠭᠰᠠᠨ ᠮᠠᠭᠤ ᠢᠷᠸ᠎ᠠ ᠪᠠᠷ ᠪᠡᠭᠡᠵᠢᠩ ᠳᠤ ᠰᠠᠯᠬᠢᠨ ᠬᠦᠳᠡᠯᠵᠦ᠂ ᠡᠪᠡᠳᠴᠢᠨ ᠡᠮᠬᠡᠭ ᠲᠡᠯᠭᠡᠷᠡᠭᠰᠡᠨ ᠭᠡᠬᠦ ᠮᠡᠳᠦ ᠪᠠᠷ ᠮᠠᠨᠵᠤ ᠶᠢᠨ ᠬᠠᠭᠠᠨ ᠳᠤ ᠲᠠᠭ᠎ᠠ ᠦᠭᠡᠢ ᠰᠡᠳᠬᠢᠯᠭᠡ ᠪᠠᠨ ᠢᠯᠡᠳᠭᠡᠭᠰᠡᠨ ᠪᠠᠶᠢᠳᠠᠭ᠃ ᠰᠦᠮᠪᠠ ᠬᠠᠮᠪᠤ ᠢᠰᠢᠪᠠᠯᠵᠤᠷ ᠤᠨ ᠦᠨᠳᠣᠰᠣᠳᠡᠨ ᠣᠭᠰᠠᠭ᠎ᠠ ᠪᠠᠨ ᠬᠠᠯᠠᠮᠵᠢᠯᠠᠬᠤ ᠲᠡᠣᠬᠡᠨ ᠣᠬᠠᠮᠰᠠᠷ ᠤᠨ ᠲᠣᠬᠠᠢ ︵ᠬᠤᠶᠠᠷ︶ 1736 ᠣᠨ ᠳᠤ᠂ ᠲᠡᠭᠷᠢ ᠲᠡᠳᠭᠦᠭᠴᠢ ᠬᠠᠭᠠᠨ ᠲᠡᠭᠦᠨ ᠢ ᠲᠠᠭᠤᠳᠠᠬᠤ ᠦᠶ᠎ᠡ ᠳᠤ᠂ ᠲᠡᠷᠡ ᠪᠠᠶᠠᠷᠯᠠᠭᠰᠠᠨ ᠦᠭᠡᠢ ᠮᠦᠷᠳᠡᠭᠡᠨ ᠴᠠᠭ ᠤᠨ ᠭᠠᠷᠣᠵᠠ ᠬᠡᠮᠡᠨ ᠪᠣᠳᠣᠵᠦ᠂ ︽ᠪᠠᠷᠴᠢᠳ ᠡᠨᠡ ᠮᠡᠳᠦ ᠢᠷᠡᠬᠦ ᠳᠤᠷ ᠠᠢ ᠬᠡᠮᠡᠨ ᠰᠡᠳᠬᠢᠯ ᠢ ᠭᠤᠨᠢᠭᠯᠠᠭᠤᠯᠵᠦ᠂ ᠨᠢᠭᠡᠨ ᠡᠳᠦᠷ ᠬᠤᠨᠤᠭ ᠲᠤ ᠨᠢᠳᠣᠨ ᠤ ᠵᠣᠪᠬᠢ ᠠᠴᠠ ᠣᠰᠣ ᠡᠷᠭᠢᠯᠳᠦᠬᠦ ᠮᠡᠳᠦ ᠳᠤᠷ᠂ ᠣᠷᠳᠣ ᠰᠡᠭᠦᠷᠡᠰᠦ ᠠᠯᠳᠠᠬᠤ ᠬᠡᠷᠡᠭ ᠭᠠᠷᠣᠭᠰᠠᠨ ᠴᠤ ᠪᠠᠰᠠ ᠣᠭᠳᠠᠷᠭᠤᠢ ᠠᠴᠠ ᠲᠡᠮᠣᠷ ᠭᠠᠪᠠ ᠪᠠᠭᠤᠭᠰᠠᠨ ᠮᠡᠳᠦ ᠬᠤᠷᠢᠭᠯᠠᠬᠤ ᠠᠷᠭ᠎ᠠ ᠪᠠᠷᠠᠭᠳᠠᠪᠠᠢ︾ ﹇1﹈ ︵79 ᠲᠣᠣᠷᠠᠳᠤ︶ ᠭᠡᠵᠡᠢ᠃ ᠡᠨᠡ ᠪᠣᠯ ᠢᠰᠢᠪᠠᠯᠵᠣᠷ ᠤᠨ ᠲᠣᠬᠠᠢ  ᠶᠢᠨ ᠦᠶ᠎ᠡ ᠶᠢᠨ ᠰᠡᠳᠬᠢᠯᠭᠡ ᠪᠣᠯᠣᠨ᠎ᠠ᠃ ᠡᠭᠦᠨ ᠠᠴᠠ ᠭᠠᠳᠠᠨ᠎ᠠ ᠲᠡᠷᠡ ᠪᠠᠰᠠ ᠦᠢᠯᠡ ᠶᠢᠨ ᠦᠷ᠎ᠡ ᠶᠢᠨ ᠦᠵᠡᠯ ᠰᠠᠨᠠᠭ᠎ᠠ ᠪᠠᠷ ᠬᠦᠬᠡᠨᠠᠭᠤᠷ ᠮᠣᠩᠭᠤᠯᠴᠣᠳ ᠪᠠ ᠯᠠᠮᠠ ᠬᠤᠸᠠᠷᠠᠭᠴᠤᠳ ᠤᠨ ᠬᠠᠷᠠᠰᠠᠯᠳᠠᠢ ᠬᠢᠳᠣᠭᠳᠠᠵᠦ ᠲᠠᠷᠣᠩᠭᠤᠶᠢᠯᠠᠭᠳᠠᠭᠰᠠᠨ ᠶᠠᠪᠣᠳᠠᠯ ᠢ ᠲᠠᠶᠢᠯᠪᠣᠷᠢᠯᠠᠵᠦ᠂ ᠮᠠᠨᠵᠤ ᠶᠢᠨ ᠬᠠᠭᠠᠨ ᠳᠤ ᠲᠠᠭ᠎ᠠ ᠦᠭᠡᠢ ᠰᠡᠳᠬᠢᠯᠭᠡ ᠪᠠᠨ ᠢᠯᠡᠳᠭᠡᠪᠡ᠃ ︽ᠬᠦᠬᠡᠨᠠᠭᠤᠷ ᠤᠨ ᠲᠡᠣᠬᠡ︾ ᠳᠤ᠂ ᠬᠢᠳᠡᠳ ᠴᠡᠷᠢᠭ ᠠᠮᠳᠤᠤ ᠣᠷᠣᠨ ᠤ ᠰᠦᠮ᠎ᠡ ᠬᠡᠶᠢᠳ ᠪᠢᠰᠢᠯᠭᠠᠯ ᠤᠨ ᠠᠶᠢᠮᠠᠭ ᠪᠠ ᠯᠠᠮᠠ ᠬᠤᠸᠠᠷᠠᠭ ᠲᠤ ᠶᠡᠬᠡᠳᠡ ᠬᠤᠣᠷᠯᠠᠯ ᠪᠣᠯᠣᠭᠰᠠᠨ ᠠᠴᠠ ᠪᠡᠭᠡᠵᠢᠩ ᠬᠤᠳᠠᠨ ᠳᠤ ᠭᠠᠵᠠᠷ ᠬᠦᠳᠡᠯᠦᠯᠳᠡ ᠡᠭᠦᠰᠴᠦ᠂ ᠭᠠᠯ ᠤᠨ ᠭᠠᠮᠰᠢᠭ ᠪᠠ ᠲᠣᠭᠰᠢᠨ ᠰᠠᠯᠬᠢᠨ ᠡᠭᠦᠰᠦᠭᠰᠡᠨ ᠵᠦᠢᠯ ᠵᠦᠢᠯ ᠤᠨ ᠮᠠᠭᠤ ᠪᠡᠯᠭᠡ ᠢᠷᠸ᠎ᠠ ᠢᠯᠡᠷᠡᠭᠰᠡᠨ ᠭᠡᠵᠦ ᠲᠡᠮᠳᠡᠭᠯᠡᠪᠡ᠃ ︽ᠦᠪᠡᠷ ᠤᠨ ᠨᠠᠮᠳᠠᠷ︾ ᠲᠠᠭᠠᠨ ᠪᠠᠰᠠ ᠬᠦᠬᠡᠨᠠᠭᠤᠷᠴᠣᠳ ᠤᠨ ᠦᠢᠮᠡᠭᠡᠨ ᠠᠴᠠ ᠪᠣᠯᠵᠦ ᠰᠧᠷᠬᠤᠭ ᠬᠡᠶᠢᠳ ᠬᠢᠭᠡᠳ ᠭᠤᠨᠯᠣᠩ ᠬᠡᠶᠢᠳ ᠵᠡᠷᠭᠡ ᠨᠢ ᠬᠢᠳᠡᠳ ᠴᠡᠷᠢᠭ ᠲᠤᠷ ᠬᠤᠣᠷᠯᠠᠭᠳᠠᠭᠰᠠᠨ ᠤ ᠰᠢᠯᠳᠠᠭᠠᠨ ᠢᠶᠠᠷ᠂ ᠪᠡᠭᠡᠵᠢᠩ ᠬᠤᠳᠠᠨ ᠳᠤ ᠲᠣᠮᠣ ᠠᠶᠠᠭ᠎ᠠ ᠶᠢᠨ ᠴᠢᠨᠡᠭᠡ ᠮᠦᠨᠳᠣᠷ ᠣᠷᠣᠭᠰᠠᠨ ᠪᠠ ᠭᠠᠵᠠᠷ ᠬᠦᠳᠡᠯᠵᠦ᠂ ᠶᠡᠭᠡ ᠰᠠᠯᠬᠢᠨ ᠭᠠᠷᠣᠭᠰᠠᠨ ᠭᠡᠵᠦ ᠦᠭᠦᠯᠡᠵᠡᠢ᠃ ᠠᠳᠡ ᠮᠠᠨᠵᠤ ᠶᠢᠨ ᠬᠠᠭᠠᠨ ᠨᠢᠶᠧᠨ ᠭᠧᠩ ᠶᠤᠤ᠂ ᠶᠦᠸᠧ ᠵᠦᠩ ᠴᠢ ᠶᠢᠨ ᠬᠢᠳᠡᠳ ᠴᠡᠷᠢᠭ ᠢ ᠲᠣᠮᠢᠯᠠᠨ ᠬᠦᠬᠡᠨᠠᠭᠤᠷ ᠮᠣᠩᠭᠤᠯᠴᠤᠳ ᠢ ᠬᠢᠳᠣᠭᠰᠠᠨ ᠢᠶᠠᠷ ᠦᠯᠦ ᠪᠠᠷᠠᠮ᠂ ᠰᠦᠮ᠎ᠡ ᠬᠡᠶᠢᠳ ᠯᠠᠮᠠ ᠬᠤᠸᠠᠷᠠᠭ ᠤᠳ ᠢ ᠬᠢᠳᠣᠨ ᠰᠦᠢᠳᠭᠡᠭᠰᠡᠨ ᠠᠴᠠ ᠦᠢᠯᠡ  ᠶᠢᠨ ᠦᠷ᠎ᠡ ᠨᠢ ᠭᠦᠢᠴᠡᠭᠳᠡᠵᠦ᠂ ᠪᠡᠭᠡᠵᠢᠩ ᠬᠤᠳᠠᠨ ᠳᠤ ᠡᠯᠳᠡᠪ ᠮᠠᠭᠤ ᠢᠷᠸ᠎ᠠ ᠢᠯᠡᠷᠡᠭᠰᠡᠨ ᠭᠡᠵᠦ᠂ ᠲᠠᠷᠣᠯᠠᠯ ᠤᠨ ᠡᠰᠡᠷᠭᠦᠦ ᠡᠰᠡᠷᠭᠦᠴᠡᠯ ᠤᠨ ᠰᠠᠨᠠᠭ᠎ᠠ ᠪᠠᠨ ᠲᠠᠮ ᠲᠣᠭᠤᠷᠢᠭᠤ ᠢᠯᠡᠳᠭᠡᠭᠰᠡᠨ ᠪᠠᠶᠢᠨ᠎ᠠ᠃ ᠬᠤᠶᠠᠷ ᠣᠶᠢᠷᠠᠳ ᠮᠣᠩᠭᠤᠯ ᠤᠨ ᠲᠡᠣᠬᠡ ᠪᠠ ᠠᠬᠤᠢ ᠶᠢᠨ ᠲᠣᠬᠠᠢ ᠬᠠᠯᠠᠮᠵᠢᠯᠠᠯ ᠡᠷᠳᠡᠮᠳᠡᠳ ᠤᠨ ᠦᠵᠡᠬᠦ ᠪᠠᠷ ᠢᠰᠢᠪᠠᠯᠵᠤᠷ ᠤᠨ ᠲᠦᠴᠢᠨ ᠲᠠᠪᠤᠨ ᠨᠠᠰᠣᠨ ᠳᠤ ᠪᠦᠳᠦᠭᠡᠭᠰᠡᠨ ︽ᠭᠠᠯᠪᠠᠷᠠᠭᠴᠠ  ᠶᠢᠨ ᠮᠣᠳᠣᠨ︾ ᠤ ᠲᠡᠣᠬᠡᠨ ᠮᠠᠲ᠋ᠧᠷᠢᠶᠠᠯ ᠤᠨ ᠦᠪᠡᠷᠮᠢᠴᠡ ᠦᠨ᠎ᠡ ᠴᠡᠨ᠎ᠡ ᠨᠢ ᠮᠣᠩᠭᠤᠯᠴᠤᠳ ᠤᠨ ᠪᠣᠶᠣ ᠣᠨᠴᠠᠭᠠᠶᠢᠯᠠᠨ ᠣᠶᠢᠷᠠᠳ ᠮᠣᠩᠭᠤᠯᠴᠤᠳ ᠤᠨ ᠬᠤᠵᠢᠮ ᠤᠨ ᠦᠶ᠎ᠡ ᠶᠢᠨ ᠲᠡᠣᠬᠡ ᠪᠣᠶᠣ ᠢᠰᠢᠪᠠᠯᠵᠣᠷ ᠠᠴᠠ ᠵᠢᠭᠠᠬᠠᠨ ᠡᠮᠣᠨᠡᠬᠢ ᠪᠣᠶᠣ ᠲᠣᠬᠠᠢ ᠶᠢᠨ ᠦᠶ᠎ᠡ ᠶᠢᠨ ᠦᠨᠡᠳᠦ ᠰᠣᠷᠠᠭ ᠵᠠᠩᠭᠢ ᠶᠢ ᠲᠡᠮᠳᠡᠭᠯᠡᠭᠰᠡᠨ ᠳᠤ ᠪᠣᠢ᠃ ᠡᠭᠦᠨ  ᠲᠠᠢ ᠬᠠᠷᠢᠴᠠᠭᠤᠯᠪᠠᠯ᠂ ᠲᠡᠭᠦᠨ ᠤ ᠨᠠᠶᠠᠨ ᠭᠤᠷᠪᠠᠨ ᠨᠠᠰᠣᠳᠠᠢ ᠦᠶ᠎ᠡ ᠳᠡᠭᠡᠨ ᠪᠢᠴᠢᠭᠰᠡᠨ ︽ᠬᠦᠬᠡᠨᠠᠭᠤᠷ ᠤᠨ ᠲᠡᠣᠬᠡ ︾ ᠨᠢ ᠬᠦᠬᠡᠨᠠᠭᠤᠷ ᠣᠷᠣᠨ ᠳᠤ ᠣᠷᠣᠭᠰᠠᠨ ᠣᠶᠢᠷᠠᠳ ᠮᠣᠩᠭᠤᠯᠴᠣᠳ ᠤᠨ ᠰᠢᠷ᠎ᠠ ᠶᠢᠨ ᠱᠠᠰᠢᠨ ᠢ ᠬᠠᠮᠠᠭᠠᠯᠠᠨ ᠲᠡᠳᠭᠦᠭᠰᠡᠨ ᠦᠢᠯᠡ ᠠᠵᠢᠯᠯᠠᠭ᠎ᠠ ᠵᠢᠴᠢ ᠬᠤᠵᠢᠮ ᠤᠨ ᠣᠷᠣᠭᠤᠳᠠᠯ ᠲᠣᠷᠣᠶᠢᠳᠠᠯ ᠤᠨ ᠲᠣᠬᠠᠢ ᠪᠢᠴᠢᠭᠯᠡᠯ ᠪᠣᠯᠣᠨ᠎ᠠ᠃ ︽ᠦᠪᠡᠷ ᠤᠨ ᠨᠠᠮᠳᠠᠷ︾ ᠲᠤ ᠨᠢ ᠴᠤ ᠬᠦᠬᠡᠨᠠᠭᠤᠷ ᠮᠣᠩᠭᠤᠯᠴᠣᠳ ᠤᠨ ᠦᠢᠯᠡ ᠶᠠᠪᠣᠳᠠᠯ᠂ ᠵᠡᠭᠦᠡᠭᠠᠷ ᠤᠨ ᠮᠣᠩᠭᠤᠯᠴᠣᠳ ᠤᠨ ᠣᠯᠠᠨ ᠣᠯᠠᠨ ᠲᠡᠣᠬᠡᠨ ᠶᠠᠪᠣᠳᠠᠯ ᠤᠳ ᠲᠣᠷᠠᠳᠣᠭᠳᠠᠵᠦ ᠯᠡ ᠪᠠᠶᠢᠳᠠᠭ᠃ ᠡᠶᠢᠮᠦ ᠠᠴᠠ ᠣᠶᠢᠷᠠᠳ ᠮᠣᠩᠭᠤᠯᠴᠣᠳ᠂ ᠣᠨᠴᠠᠭᠠᠶᠢᠯᠠᠨ ᠬᠦᠬᠡᠨᠠᠭᠤᠷ ᠲᠤ ᠣᠷᠣᠭᠰᠠᠨ ᠮᠣᠩᠭᠤᠯᠴᠣᠳ ᠤᠨ ᠬᠦᠭᠵᠢᠯ ᠪᠠᠳᠠᠷᠠᠯ᠂ ᠣᠷᠣᠭᠤᠳᠠᠯ ᠲᠣᠷᠣᠶᠢᠳᠠᠯ ᠤᠨ ᠲᠣᠬᠠᠢ ᠬᠠᠯᠠᠮᠵᠢᠯᠠᠯ ᠪᠣᠯ ᠢᠰᠢᠪᠠᠯᠵᠤᠷ ᠤᠨ ᠲᠡᠣᠬᠡᠨ ᠦᠵᠡᠯᠳᠡ ᠶᠢᠨ ᠴᠢᠬᠤᠯᠠ ᠪᠦᠷᠢᠯᠳᠦᠭᠦᠨ ᠬᠡᠰᠡᠭ ᠨᠢ ᠪᠣᠯᠣᠨ᠎ᠠ᠃ 1. ᠣᠶᠢᠷᠠᠳ ᠤᠨ ᠲᠡᠣᠬᠡᠨ ᠤ ᠲᠣᠬᠠᠢ ᠦᠵᠡᠯᠳᠡ ᠣᠪᠣᠷ ᠢᠰᠢᠪᠠᠯᠵᠤᠷ ᠣᠶᠢᠷᠠᠳ ᠤᠨ ᠲᠡᠣᠬᠡᠨ ᠤ ᠦᠨᠳᠣᠰᠣ ᠰᠣᠷᠪᠣᠯᠵᠢ ᠶᠢ ᠰᠦᠪᠡᠭᠴᠢᠯᠡᠨ ᠡᠷᠢᠭ᠍ᠰᠡᠨ ᠢᠶᠠᠷ ᠦᠯᠦ ᠪᠠᠷᠠᠮ ᠲᠡᠭᠦᠨ ᠤ ᠲᠡᠣᠬᠡᠳᠦ ᠪᠠᠶᠢᠷᠢ ᠰᠠᠭᠤᠷᠢ ᠶᠢ ᠦᠨᠳᠣᠷ ᠪᠠᠶᠢᠷᠢᠨ ᠳᠤ ᠲᠠᠯᠪᠢᠵᠠᠢ᠃ ᠡᠨᠡ ᠨᠢ ᠭᠤᠷᠪᠠᠨ ᠲᠠᠯ᠎ᠠ ᠪᠠᠷ ᠢᠯᠡᠷᠡᠵᠦ ᠪᠣᠢ᠃ ᠨᠢᠭᠡᠳᠦᠭᠡᠷ ᠲᠤ᠂ ᠮᠣᠩᠭᠤᠯ ᠤᠨ ᠲᠡᠣᠬᠡᠨ ᠳᠤ ᠣᠶᠢᠷᠠᠳ ᠣᠭᠰᠠᠭᠠᠳᠠᠨ ᠠᠴᠠ ᠬᠤᠶᠠᠷ ᠬᠠᠭᠠᠨ ᠭᠠᠷᠣᠭᠰᠠᠨ ᠭᠡᠵᠦ ᠣᠶᠢᠷᠠᠳ ᠣᠭᠰᠠᠭᠠᠳᠠᠨ ᠤ ᠬᠦᠮᠦᠰ ᠤᠨ ᠣᠬᠢ ᠰᠢᠯᠢᠳᠡᠭ ᠬᠦᠮᠦᠰ ᠢ ᠬᠠᠭᠠᠨ ᠭᠡᠵᠦ ᠨᠡᠷᠡᠶᠢᠳᠦᠭᠰᠡᠨ ᠦᠪᠡᠷᠮᠢᠴᠡ ᠦᠵᠡᠯᠳᠡ ᠲᠣᠷᠠᠳᠪᠠ᠃ ᠴᠣᠬᠤᠮ ᠳᠠᠭᠠᠨ ᠴᠢᠩᠭᠢᠰ ᠤᠨ ᠣᠭᠰᠠᠭᠠᠨ ᠠᠴᠠ ᠪᠣᠰᠤᠳ ᠢ ᠬᠠᠭᠠᠨ ᠡᠷᠭᠦᠮᠵᠢᠯᠡᠬᠦ ᠶᠣᠰᠣ ᠦᠭᠡᠢ ᠪᠠᠶᠢᠳᠠᠯ᠎ᠠ᠂ ᠢᠩᠭᠢᠵᠦ ᠨᠡᠷᠡᠶᠢᠳᠦᠭᠰᠡᠨ ᠨᠢ ᠢᠰᠢᠪᠠᠯᠵᠤᠷ ᠤᠨ ᠣᠨᠴᠠᠭᠠᠢ ᠦᠪᠡᠷᠮᠢᠴᠡ ᠦᠵᠡᠯᠳᠡ ᠪᠣᠯᠬᠤ ᠪᠦᠭᠡᠳ ᠣᠶᠢᠷᠠᠳ ᠤᠭᠰᠠᠭᠠᠳᠠᠨ ᠤ ᠬᠤᠶᠢᠴᠢᠰ ᠪᠣᠯᠣᠭᠰᠠᠨ ᠤ ᠬᠤᠪᠢ ᠳᠠᠬᠢ ᠦᠵᠡᠯᠳᠡ ᠵᠣᠭᠰᠣᠯᠳᠠ ᠪᠣᠯᠣᠭᠰᠠᠨ ᠪᠠᠶᠢᠬ᠎ᠠ ᠳ᠋ᠠ᠃ ᠰᠣᠳᠣᠯᠣᠭᠴᠢ M· ᠣᠯᠠᠭᠠᠨ ᠡᠨᠡ ᠬᠦ ᠦᠪᠡᠷᠮᠢᠴᠡ ᠦᠵᠡᠯᠳᠡ ᠶᠢ ︽ᠰᠦᠮᠪᠠ ᠬᠠᠮᠪᠤ ᠢᠰᠢᠪᠠᠯᠵᠤᠷ ᠪᠣᠯᠣᠨ ᠣᠶᠢᠷᠠᠳ ᠮᠣᠩᠭᠤᠯ ᠤᠨ ᠲᠡᠣᠬᠡᠨ ᠵᠦᠢ︾ ᠭᠡᠬᠦ ᠦᠭᠦᠯᠡᠯ ᠳᠡᠭᠡᠨ ᠣᠨᠴᠠᠯᠠᠨ ᠲᠣᠷᠠᠳᠣᠭᠰᠠᠨ ᠪᠠᠶᠢᠳᠠᠭ᠃ ᠲᠡᠷᠡ ᠮᠡᠳᠦ ᠲᠡᠭᠷᠢ ᠠᠴᠠ ᠵᠠᠶᠠᠬᠠᠬᠭᠰᠠᠨ ᠴᠢᠩᠭᠢᠰ ᠬᠠᠭ᠋ᠠᠨ ᠠᠴᠠ ᠡᠬᠢᠯᠡᠵᠦ ᠲᠣᠬᠠᠨ ᠲᠡᠮᠣᠷ ᠬᠦᠷᠳᠡᠯᠡ ᠠᠷᠪᠠᠨ ᠵᠢᠷᠬᠤᠬᠠᠨ ᠶᠡᠭᠡ ᠬᠠᠭ᠋ᠠᠨ ᠪᠦᠭᠦᠳᠡ ᠪᠣᠶᠣ᠃ ᠬᠤᠪᠢᠯᠠᠢ ᠰᠡᠴᠢᠨ ᠬᠠᠭ᠋ᠠᠨ ᠠᠴᠠ ᠬᠤᠶᠢᠰᠢ ᠠᠷᠪᠠᠨ ᠢᠭᠡᠨ ᠬᠠᠭ᠋ᠠᠨ  ᠪᠠᠷ ᠬᠢᠳᠡᠳ ᠤᠨ ᠲᠣᠮᠳᠠ ᠬᠢᠵᠠᠬᠠᠷ ᠣᠯᠣᠰ ᠪᠦᠭᠦᠳᠡ ᠶᠢᠨ ᠴᠤ ᠬᠠᠭ᠋ᠠᠨ ᠪᠣᠯᠣᠭᠰᠠᠨ ᠤ ᠲᠣᠯᠠ ᠬᠢᠳᠡᠳ ᠤᠨ ᠬᠠᠭ᠋ᠠᠨ ᠤ ᠦᠶᠡᠰ ᠲᠤᠷ ᠴᠤ ᠲᠣᠬᠤᠯᠠᠬᠤ ᠠᠡᠤ ᠲᠡᠭᠡᠷᠡ ᠦᠭᠦᠯᠡᠨ ᠲᠠᠬᠤᠰᠣᠭᠰᠠᠨ ᠮᠡᠳᠦ ᠬᠢᠭᠡᠳ᠃ ᠲᠡᠨᠳᠡᠴᠡ ᠬᠢᠳᠡᠳ ᠤᠨ ᠴᠠᠬᠠᠨ ᠬᠦᠷᠢᠶᠡᠨ ᠤ ᠬᠠᠳᠠᠠ᠎ᠠ ᠮᠣᠩᠬᠤᠯ ᠣᠯᠣᠰ ᠤᠨ ᠲᠡᠳᠦᠢ ᠳᠤᠷ ᠬᠠᠭ᠋ᠠᠨ ᠪᠣᠯᠣᠭᠰᠠᠨ ᠦᠴᠦᠬᠡᠨ ᠬᠠᠭ᠋ᠠᠨ ᠯᠢᠭᠰᠳᠡᠨ ᠬᠦᠷᠳᠡᠯᠡ ᠬᠤᠷᠢᠨ ᠢᠭᠡᠨ ᠢ ᠬᠠᠮᠳᠣᠳᠬᠠᠪᠠᠰᠤ ᠪᠣᠷᠵᠢᠭᠢᠨ ᠤ ᠢᠵᠠᠬᠤᠷ ᠬᠤᠴᠢᠨ ᠲᠠᠪᠤᠨ ᠬᠠᠭ᠋ᠠᠨ ᠬᠢᠭᠡᠳ᠃ ᠣᠶᠢᠷᠣᠳ ᠤᠨ ᠬᠤᠶᠠᠷ ᠬᠠᠭ᠋ᠠᠨ ᠪᠦᠭᠡᠳ᠃ ᠠᠶᠢᠳᠠ ᠬᠤᠴᠢᠨ ᠲᠣᠯᠣᠬᠠᠨ ᠬᠠᠭ᠋ᠠᠨ ᠤ ᠦᠶ᠎ᠡ ᠳᠤᠷ ᠬᠠᠭ᠋ᠠᠨ ᠲᠦᠷᠦ ᠲᠡᠳᠭᠦᠭᠰᠡᠨ ᠵᠢᠯ ᠠᠡᠤ᠃ ᠰᠢᠷᠠᠭᠴᠢᠨ ᠲᠠᠬᠢᠶ᠎ᠠ ᠵᠢᠯ ᠠᠴᠠ ᠬᠦᠬᠡ ᠣᠬᠠᠢ ᠵᠢᠯ ᠬᠦᠷᠳᠡᠯᠡ ᠲᠦᠷᠪᠡᠨ ᠵᠠᠬᠤᠨ ᠲᠦᠴᠢᠨ ᠵᠢᠷᠬᠤᠬᠠᠨ ᠵᠢᠯ ᠣᠳᠣᠭᠰᠠᠨ ᠪᠤᠯᠠᠢ ﹇2﹈ ︵722 — 723︶ ᠠᠳᠡ ᠢᠰᠢᠪᠠᠯᠵᠤᠷ ᠮᠣᠩᠭᠤᠯ ᠤᠨ ᠬᠠᠭᠠᠨ ᠢ ᠶᠡᠭᠡ ᠬᠠᠭᠠᠨ ᠪᠠᠭ᠎ᠠ ᠬᠠᠭᠠᠨ ᠭᠡᠵᠦ ᠢᠯᠭᠠᠭᠠᠳ᠂ ᠴᠢᠩᠭᠢᠰ ᠠᠴᠠ ᠲᠣᠭᠤᠭᠠᠨ ᠲᠡᠮᠣᠷ ᠬᠠᠭᠠᠨ ᠬᠦᠷᠳᠡᠯᠡᠬᠢ ᠠᠷᠪᠠᠨ ᠵᠢᠷᠭᠤᠭᠠᠨ ᠬᠠᠭᠠᠨ ᠢ ᠶᠡᠭᠡ ᠬᠠᠭᠠᠨ᠂ ᠮᠣᠩᠭᠤᠯᠴᠤᠳ ᠬᠢᠳᠡᠳ ᠤᠨ ᠴᠠᠭᠠᠨ ᠬᠡᠷᠡᠮ  ᠠᠴᠠ ᠬᠤᠶᠢᠰᠢ ᠣᠬᠤᠷᠢᠵᠦ ᠭᠠᠷᠣᠭᠰᠠᠨ ᠤ ᠲᠠᠷᠠᠭᠠᠬᠢ ᠬᠠᠭᠠᠳ ᠢ ᠪᠠᠭ᠎ᠠ ᠬᠠᠭᠠᠳ ᠭᠡᠵᠦ ᠬᠤᠷᠢᠨ ᠨᠢᠭᠡ ᠪᠣᠢ ᠭᠡᠵᠦ ᠦᠭᠦᠯᠡᠭᠡᠳ ᠡᠭᠦᠨ ᠤ ᠲᠣᠳᠣᠷ᠎ᠠ ᠨᠢ ᠣᠶᠢᠷᠠᠳ ᠤᠨ ᠲᠣᠬᠤᠨ ᠲᠠᠶᠢᠰᠢ ᠪᠣᠯᠣᠨ ᠡᠰᠡᠨ ᠲᠠᠶᠢᠰᠢ ᠶᠢ ᠪᠠᠰᠠ ᠪᠠᠭ᠎ᠠ ᠬᠠᠭᠠᠳ ᠲᠤ ᠪᠠᠭᠳᠠᠭᠠᠨ ᠣᠷᠣᠭᠤᠯᠪᠠ᠃ ᠡᠨᠡ ᠨᠢ ᠢᠰᠢᠪᠠᠯᠵᠤᠷ ᠤᠨ ᠣᠶᠢᠷᠠᠳ ᠮᠣᠩᠭᠤᠯ ᠪᠣᠯᠣᠭᠰᠠᠨ ᠤ ᠬᠤᠪᠢ  ᠳᠠᠬᠢ ᠵᠣᠭᠰᠣᠯᠳᠠ ᠠᠴᠠ ᠣᠶᠢᠷᠠᠳ ᠤᠨ ᠠᠯᠳᠠᠷᠳᠣ ᠬᠤᠶᠠᠷ ᠨᠣᠶᠠᠷᠬᠠᠭᠴᠢ ᠶᠢ ᠮᠣᠩᠭᠤᠯ ᠤᠨ ᠬᠠᠭᠠᠨ ᠤ ᠲᠣᠭᠠᠨ  ᠳᠤ ᠪᠠᠭᠳᠠᠭᠠᠵᠦ ᠦᠨᠳᠣᠷ ᠪᠠᠶᠢᠷᠢᠨ ᠳᠤ ᠲᠠᠯᠪᠢᠭᠰᠠᠨ ᠦᠵᠡᠯᠳᠡ ᠪᠣᠯᠬᠤ ᠶᠣᠮ ᠪᠠᠶᠢᠨ᠎ᠠ᠃ ᠬᠡᠯᠡᠯᠭᠡᠨ ᠦᠭᠡᠢ ᠶᠠᠭ ᠲᠣᠬᠠᠢ ᠶᠢᠨ ᠦᠶ᠎ᠡ ᠶᠢᠨ ᠪᠠᠶᠢᠷᠢ ᠰᠠᠭᠤᠷᠢ ᠪᠠ ᠴᠢᠳᠠᠪᠣᠷᠢ ᠬᠦᠴᠦᠨ ᠠᠴᠠ ᠦᠵᠡᠪᠡᠯ᠂ ᠲᠡᠷᠡ ᠬᠤᠶᠠᠭᠤᠯᠠ ᠶᠢ ᠬᠠᠭᠠᠨ ᠭᠡᠵᠦ ᠬᠡᠯᠡᠬᠦ ᠳᠤ ᠪᠣᠯᠬᠤ ᠦᠭᠡᠢ ᠪᠢᠰᠢ᠃ ᠭᠡᠪᠡᠴᠦ ᠴᠢᠩᠭᠢᠰ ᠤᠨ ᠠᠯᠳᠠᠨ ᠣᠷᠤᠭ ᠤᠨ ᠲᠠᠯ᠎ᠠ ᠠᠴᠠ ᠦᠵᠡᠪᠡᠯ᠂ ᠮᠠᠰᠢ ᠣᠯᠠᠨ ᠬᠦᠮᠦᠰ ᠲᠤ ᠬᠦᠯᠢᠶᠡᠭᠳᠡᠰᠢ ᠦᠭᠡᠢ ᠦᠵᠡᠯᠳᠡ ᠪᠣᠯᠬᠤ ᠨᠢ ᠯᠠᠪᠳᠠᠢ᠃ ᠲᠠᠰᠢᠷᠠᠮ ᠳᠤ ᠨᠢ ᠲᠣᠷᠠᠳᠪᠠᠯ᠂ ᠢᠰᠢᠪᠠᠯᠵᠣᠷ ᠤᠨ ᠪᠠᠰᠠ ᠨᠢᠭᠡᠨ ᠰᠣᠨᠢᠷᠬᠠᠯᠳᠠᠢ ᠲᠣᠷᠠᠳᠣᠯᠭ᠎ᠠ ᠭᠡᠪᠡᠯ᠂ ᠭᠦᠳᠡᠨ ᠨᠣᠶᠠᠨ ᠣᠮᠠᠷ᠎ᠠ ᠡᠳᠡᠭᠡᠳ ᠤᠨ ᠰᠢᠷ᠎ᠠ ᠲᠠᠯ᠎ᠠ ᠶᠢᠨ ᠵᠦᠭ ᠲᠤ ᠣᠷᠣᠨ ᠤ ᠬᠠᠭᠠᠨ ᠲᠡᠳᠦᠢ ᠪᠠᠶᠢᠵᠦ᠂ ᠶᠡᠭᠡ ᠬᠠᠭᠠᠨ ᠪᠣᠯᠣᠭᠰᠠᠨ ᠦᠭᠡᠢ ᠴᠤ᠂ ᠢᠷᠡᠭᠡᠳᠦᠢ ᠳᠤ ᠲᠡᠭᠦᠨ ᠢ ᠶᠡᠭᠡ ᠬᠠᠭᠠᠨ ᠳᠤ ᠲᠣᠭᠠᠴᠠᠵᠦ ᠪᠣᠯᠣᠨ᠎ᠠ ᠭᠡᠵᠡᠢ᠃ ᠡᠨᠡ ᠪᠣᠯ ᠢᠰᠢᠪᠠᠯᠵᠣᠷ  ᠤᠨ ᠮᠣᠩᠭᠤᠯ ᠤᠨ ᠬᠠᠭᠠᠨ ᠤᠭᠰᠠᠭ᠎ᠠ ᠶᠢᠨ ᠲᠣᠬᠠᠢ ᠪᠠᠰᠠ ᠨᠢᠭᠡᠨ ᠦᠪᠡᠷᠮᠢᠴᠡ ᠦᠵᠡᠯᠳᠡ ᠪᠣᠯᠣᠨ᠎ᠠ᠃ ᠬᠤᠶᠠᠳᠣᠭᠠᠷ ᠲᠤ᠂ ᠰᠢᠷ᠎ᠠ ᠶᠢᠨ ᠱᠠᠰᠢᠨ ᠢ ᠲᠡᠳᠭᠦᠨ ᠲᠡᠮᠵᠢᠭᠰᠡᠨ ᠭᠠᠪᠢᠶ᠎ᠠ ᠵᠢᠳᠬᠦᠯ ᠢ ᠰᠠᠶᠢᠰᠢᠶᠠᠨ ᠦᠨᠡᠯᠡᠵᠦ᠂ ᠣᠶᠢᠷᠠᠳᠴᠤᠳ ᠤᠨ ᠲᠡᠣᠬᠡᠨ ᠵᠢᠳᠬᠦᠯ ᠢ ᠮᠣᠩᠭᠤᠯᠴᠤᠳ ᠤᠨ ᠪᠤᠷᠬᠠᠨ ᠱᠠᠰᠢᠨ ᠳᠤ ᠦᠵᠡᠭᠦᠯᠦᠭᠰᠡᠨ ᠠᠴᠢ ᠭᠠᠪᠢᠶ᠎ᠠ ᠪᠣᠯᠭᠠᠨ ᠪᠢᠴᠢᠭᠯᠡᠵᠡᠢ᠃ ︽ᠭᠠᠯᠪᠠᠷᠠᠭᠴᠠ ᠶᠢᠨ ᠮᠡᠳᠣᠨ︾ ᠳᠤ᠂ ᠲᠦᠪᠡᠳ ᠤᠨ ᠪᠧᠷᠢ᠂ ᠬᠠᠯᠬ᠎ᠠ ᠶᠢᠨ ᠴᠣᠭᠳᠣ᠂ ᠴᠠᠬᠠᠷ ᠤᠨ ᠯᠢᠭᠳᠡᠨ᠂ ᠲᠦᠪᠡᠳ ᠤᠨ ᠽᠠᠩᠪᠠ ᠬᠠᠭᠠᠨ ᠲᠦᠷᠪᠡᠭᠦᠯᠡ ᠰᠢᠷ᠎ᠠ ᠶᠢᠨ ᠱᠠᠰᠢᠨ ᠳᠤ ᠬᠤᠣᠷᠯᠠᠯ ᠪᠣᠯᠣᠭᠰᠠᠨ ᠶᠠᠪᠣᠳᠠᠯ ᠢ ᠲᠣᠪᠴᠢ ᠲᠣᠷᠠᠳᠴᠤ᠂ ᠭᠦᠦᠱᠢ ︵ᠭᠦᠱᠢᠷᠢ︶ ᠬᠠᠭᠠᠨ ᠣᠷᠢᠳᠠᠪᠠᠷ ᠲᠦᠪᠡᠳ ᠣᠷᠣᠨ ᠳᠤ ᠰᠡᠮᠬᠡᠨ ᠢᠷᠡᠵᠦ ᠪᠠᠶᠢᠴᠠᠭᠠᠯᠳᠠ ᠬᠢᠭᠰᠡᠨ ᠪᠠ ᠬᠤᠵᠢᠮ ᠨᠢ ᠣᠯᠠᠭᠴᠢᠨ ᠦᠬᠡᠷ ᠵᠢᠯ᠂ 1637 ᠣᠨ ᠳᠤ ᠴᠡᠷᠢᠭ ᠲᠠᠭᠠᠭᠤᠯᠤᠨ ᠢᠷᠡᠵᠦ ᠬᠠᠯᠬ᠎ᠠ ᠶᠢᠨ ᠴᠣᠭᠳᠣ ᠲᠠᠶᠢᠵᠢ ᠶᠢᠨ ᠭᠤᠷᠪᠠᠨ ᠲᠦᠮᠡᠨ ᠴᠡᠷᠢᠭ ᠢ ᠲᠠᠷᠣᠵᠦ ᠠᠮᠳᠤᠤ ᠣᠷᠣᠨ  ᠢ ᠡᠷᠬᠡᠰᠢᠶᠡᠭᠰᠡᠨ︔ ᠯᠤᠤ ᠵᠢᠯ᠂ 1640 ᠣᠨ ᠳᠤ ᠬᠠᠮ ᠤᠨ ᠣᠷᠣᠨ ᠳᠤ ᠣᠴᠢᠵᠦ ᠪᠧᠷᠢ ᠶᠢᠨ ᠬᠠᠭᠠᠨ ᠢ ᠪᠠᠷᠢᠵᠦ᠂ ᠲᠡᠭᠦᠨ ᠤ ᠲᠠᠷᠠᠭ᠎ᠠ ᠵᠢᠯ ᠨᠢ ᠲᠦᠪᠡᠳ ᠵᠦᠭ ᠴᠡᠷᠢᠭᠯᠡᠵᠦ ᠽᠠᠩᠪᠠ ᠬᠠᠭᠠᠨ ᠢ ᠲᠠᠷᠣᠵᠦ᠂ ᠲᠦᠪᠡᠳ ᠤᠨ ᠣᠷᠣᠨ ᠢ ᠡᠵᠡᠯᠡᠨ ᠨᠣᠮ ᠤᠨ ᠬᠠᠭᠠᠨ ᠭᠡᠵᠦ ᠠᠯᠳᠠᠷᠰᠢᠭᠠᠳ ᠦᠪᠡᠷ ᠢᠶᠠᠨ ᠲᠦᠪᠡᠳ ᠤᠨ ᠬᠠᠭᠠᠨ ᠪᠣᠯᠣᠭᠰᠠᠨ ᠶᠠᠪᠣᠳᠠᠯ ᠢ ᠲᠣᠪᠴᠢ ᠲᠣᠳᠣᠷᠠᠭᠤᠨ ᠲᠡᠮᠳᠡᠭᠯᠡᠵᠡᠢ᠃ ᠠᠳᠡ ᠰᠣᠳᠣᠯᠣᠭᠴᠢᠳ ᠤᠨ ᠪᠠᠰᠠ ᠨᠢᠭᠡᠨ ᠰᠢᠨ᠎ᠡ ᠰᠣᠷᠭᠤᠭ ᠪᠦᠭᠡᠳ ᠦᠷᠳᠡᠭᠳᠦ ᠲᠡᠣᠬᠡᠨ ᠶᠠᠪᠣᠳᠠᠯ ᠭᠡᠵᠦ ᠲᠣᠷᠠᠳᠣᠭᠰᠠᠨ ᠵᠦᠢᠯ ᠭᠡᠪᠡᠯ᠂ ᠭᠦᠦᠱᠢ ᠬᠠᠭᠠᠨ ᠬᠦᠬᠡᠨᠠᠭᠤᠷ ᠵᠦᠭ ᠴᠡᠷᠢᠭᠯᠡᠬᠦ ᠳᠤ ᠲᠣᠰᠠᠯᠠᠭᠰᠠᠨ ᠵᠡᠭᠦᠨ ᠭᠠᠷ ᠤᠨ ᠬᠤᠰᠢᠭᠤᠴᠢ ᠡᠷᠳᠡᠨᠢ ᠳᠤ ᠪᠠᠭᠠᠳᠣᠷ ᠬᠤᠩ ᠲᠠᠶᠢᠵᠢ ᠭᠡᠬᠦ ᠴᠣᠯᠠ ᠦᠭᠭᠦᠭᠡᠳ ᠦᠪᠡᠷ ᠤᠨ ᠬᠡᠣᠬᠡᠨ ᠰᠡᠷᠡᠩᠵᠠᠯᠮᠤ ᠶᠢ ᠬᠠᠶᠢᠷᠠᠯᠠᠵᠦ᠂ ᠵᠡᠭᠦᠨ ᠭᠠᠷᠣᠨ ᠨᠣᠳᠤᠭ ᠢ ᠡᠵᠡᠯᠡᠭᠦᠯᠦᠭᠰᠡᠨ ᠶᠠᠪᠣᠳᠠᠯ ᠪᠣᠯᠣᠨ᠎ᠠ᠃ ᠡᠨᠡ ᠨᠢ ᠭᠦᠦᠱᠢ ᠬᠠᠭᠠᠨ ᠬᠤᠱᠣᠳ ᠠᠶᠢᠮᠠᠭ ᠢᠶᠠᠨ ᠲᠠᠶᠢᠴᠢᠯᠠᠵᠦ ᠬᠦᠬᠡᠨᠠᠭᠤᠷ ᠵᠦᠭ ᠴᠡᠷᠢᠭᠯᠡᠭᠰᠡᠨ ᠨᠢ ᠣᠶᠢᠷᠠᠳ ᠤᠨ ᠲᠦᠷᠦᠭᠦᠴᠦᠳ ᠪᠣᠯᠬᠤ ᠭᠦᠦᠱᠢ ᠲᠦᠷᠦᠪᠠᠶᠢᠬᠤ ᠪᠣᠯᠣᠨ ᠪᠠᠭᠠᠳᠣᠷ ᠬᠤᠩ ᠲᠠᠶᠢᠵᠢ  ᠶᠢᠨ ᠬᠤᠭᠤᠷᠣᠨᠳᠣᠬᠢ ᠡᠪᠳᠡᠷᠡᠯᠴᠡᠯ ᠠᠴᠠ ᠪᠣᠯᠣᠭᠰᠠᠨ ᠪᠢᠰᠢ᠂ ᠬᠠᠷᠢᠨ ᠬᠠᠮᠳᠣ ᠶᠢᠨ ᠠᠰᠢᠭ ᠲᠣᠰᠠ ᠪᠠ ᠬᠠᠮᠳᠣᠷᠠᠯᠴᠠᠯ ᠤᠨ ᠭᠡᠷᠡᠴᠢ ᠪᠣᠯᠣᠭᠰᠠᠨ ᠭᠡᠳᠡᠭ ﹇8﹈ ︵17︶᠃ ᠬᠠᠷᠢᠨ ᠭᠦᠦᠱᠢ ᠬᠠᠭᠠᠨ ᠤ ᠬᠤᠶᠢᠴᠢᠰ ᠤᠨ ᠡᠵᠡᠯᠡᠭᠰᠡᠨ ᠬᠠᠳᠣᠨ ᠭᠤᠣᠯ ᠤᠨ ᠵᠠᠬ᠎ᠠ ᠲᠣᠯᠢ ᠭᠡᠬᠦ ᠭᠠᠵᠠᠷ ᠬᠦᠷᠳᠡᠯ᠎ᠡ᠂ ᠲᠡᠭᠡᠳᠦ ᠡᠬᠢ ᠬᠠᠮ ᠤᠨ ᠣᠷᠣᠨ ᠬᠠᠷᠢᠶᠠᠳᠣ ᠪᠦᠬᠦᠨ ᠢ ᠮᠣᠩᠭᠤᠯ ᠤᠨ ᠪᠠᠷᠠᠭᠤᠨ ᠭᠠᠷ ᠭᠡᠵᠦ ᠠᠯᠳᠠᠷᠰᠢᠭᠰᠠᠨ ᠭᠡᠵᠦ ᠲᠡᠮᠳᠡᠭᠯᠡᠭᠰᠡᠨ ᠨᠢ ᠵᠡᠭᠦᠡᠭᠠᠷ ᠪᠣᠯᠣᠨ ᠪᠠᠷᠠᠭᠤᠨ ᠭᠠᠷ ᠤᠨ ᠢᠯᠭᠠᠯ ᠢ ᠲᠣᠳᠣᠷᠠᠭᠤᠯᠵᠦ ᠦᠭᠴᠡᠢ᠃ ᠡᠨᠡ ᠪᠣᠯ ᠣᠶᠢᠷᠠᠳ ᠮᠣᠩᠭᠤᠯᠴᠣᠳ ᠤᠨ ᠰᠢᠷ᠎ᠠ ᠶᠢᠨ ᠱᠠᠰᠢᠨ ᠳᠤ ᠦᠵᠡᠭᠦᠯᠦᠭᠰᠡᠨ ᠲᠡᠣᠬᠡᠳᠦ ᠵᠢᠳᠬᠦᠯ ᠮᠦᠨ ᠮᠦᠷᠳᠡᠭᠡᠨ ᠮᠣᠩᠭᠤᠯᠴᠣᠳ ᠤᠨ ᠲᠡᠣᠬᠡᠳᠦ ᠵᠢᠳᠬᠦᠯ ᠮᠦᠨ᠃ ᠡᠨᠡ ᠨᠢ ᠢᠰᠢᠪᠠᠯᠵᠤᠷ ᠤᠨ ᠣᠮᠣᠭᠰᠢᠭᠤᠰᠢᠳᠠᠢ ᠶᠠᠪᠣᠳᠠᠯ ᠪᠣᠯᠵᠦ ᠪᠠᠶᠢᠵᠠᠢ᠃ ︽ᠬᠦᠬᠡᠨᠠᠭᠤᠷ ᠤᠨ ᠲᠡᠣᠬᠡ︾ ᠳᠤ ᠢᠰᠢᠪᠠᠯᠵᠤᠷ ᠡᠨᠡ ᠬᠦ ᠲᠡᠣᠬᠡᠨ ᠶᠠᠪᠣᠳᠠᠯ ᠢ ᠨᠡᠩ ᠨᠠᠷᠢᠯᠢᠭ ᠰᠦᠪᠡᠭᠴᠢᠯᠡᠨ ᠲᠣᠳᠣᠷᠬᠠᠶᠢᠯᠠᠵᠠᠢ᠃ ᠠᠳᠡ ᠵᠦᠪᠬᠡᠨ ᠲᠡᠣᠬᠡᠨ ᠬᠡᠷᠡᠭ ᠢ ᠲᠡᠮᠳᠡᠭᠯᠡᠬᠦ ᠲᠡᠳᠦᠢ ᠪᠢᠰᠢ᠂ ᠨᠡᠩ ᠴᠢᠨᠠᠭᠰᠢᠳᠠ ᠲᠠᠶᠢᠯᠪᠣᠷᠢᠯᠠᠨ ᠲᠣᠳᠣᠷᠬᠠᠶᠢᠯᠠᠵᠦ ᠰᠦᠪᠡᠭᠴᠢᠯᠡᠨ ᠬᠠᠶᠢᠵᠠᠢ᠃ ᠨᠢᠭᠡ ᠳᠤ᠂ ᠰᠢᠷ᠎ᠠ ᠶᠢᠨ ᠱᠠᠰᠢᠨ ᠳᠤ ᠬᠤᠣᠷᠯᠠᠯ ᠪᠣᠯᠣᠭᠰᠠᠨ ᠲᠦᠷᠪᠡᠨ ᠬᠦᠮᠦᠨ ᠤ ᠰᠦᠰᠦᠭ ᠪᠢᠰᠢᠷᠡᠯ ᠤᠨ ᠪᠠᠶᠢᠳᠠᠯ ᠳᠤ ᠨᠠᠷᠢᠯᠢᠭ ᠪᠣᠳᠠᠳᠠᠢ ᠵᠠᠳᠠᠯᠣᠯᠳᠠ ᠬᠢᠵᠡᠢ᠃ ︽ᠲᠡᠷᠡ ᠴᠠᠭ ᠲᠤᠷ᠂ ᠬᠤᠶᠠᠳᠣᠭᠠᠷ ᠢᠯᠠᠭᠤᠭᠰᠠᠨ ᠽᠣᠩᠺᠠᠪᠠ ᠶᠢᠨ ᠦᠨᠢ ᠶᠣᠰᠣᠨ ᠰᠢᠷ᠎ᠠ ᠮᠠᠯᠠᠬ᠎ᠠ ᠳᠤ ᠶᠢᠨ ᠭᠬᠢᠷ ᠦᠭᠡᠢ ᠱᠠᠰᠢᠨ ᠡᠷᠳᠡᠨᠢ ᠲᠦᠪᠡᠳ ᠪᠠ ᠶᠡᠭᠡ ᠲᠦᠪᠡᠳ ᠬᠢᠭᠡᠳ ᠮᠣᠩᠭᠤᠯ ᠣᠷᠣᠨ᠎ᠠ ᠶᠡᠬᠡᠳᠡ ᠦᠷᠭᠡᠵᠢᠨ ᠲᠡᠯᠭᠡᠷᠡᠭᠰᠡᠨ ᠪᠦᠭᠡᠳ ᠲᠡᠭᠦᠨ ᠤ ᠲᠣᠳᠣᠷ᠎ᠠ ᠠᠴᠠ᠂ ᠲᠡᠭᠦᠨ᠎ᠡ ᠵᠢᠷᠦᠬᠡᠨ ᠠᠴᠠ ᠰᠦᠰᠦᠯᠦᠭᠴᠢ ᠲᠡᠭᠡᠳᠦ ᠮᠣᠩᠭᠤᠯ ᠣᠶᠢᠷᠠᠳ ᠤᠨ ᠲᠦᠷᠪᠡᠨ ᠠᠶᠢᠮᠠᠭ ᠬᠢᠭᠡᠳ ᠲᠣᠮᠳᠠᠳᠤ ᠶᠡᠭᠡ ᠲᠦᠪᠡᠳ ᠤᠨ ᠠᠮᠳᠤᠤ ᠪᠠᠷᠢ ᠲᠡᠷᠢᠭᠦᠳᠡᠨ ᠪᠠ ᠲᠣᠣᠷᠠᠳᠣ ᠮᠣᠩᠭᠤᠯ ᠣᠯᠠᠩᠬᠢᠨ ᠮᠦᠨ ᠪᠦᠭᠡᠳ ᠲᠡᠭᠦᠨ᠎ᠡ ᠦᠯᠦ ᠰᠦᠰᠦᠯᠦᠨ ᠲᠦᠪᠡᠳ ᠤᠨ ᠪᠣᠰᠤ ᠨᠣᠮ ᠤᠨ ᠶᠣᠰᠣᠨ ᠪᠣᠰᠤᠳ ᠲᠤᠷ ᠵᠢᠷᠦᠬᠡᠨ ᠠᠴᠠ ᠪᠢᠰᠢᠷᠡᠭᠴᠢ ᠢᠨᠤ︾ ﹇6﹈ ︵8︶ ᠭᠡᠵᠦ ᠰᠢᠷ᠎ᠠ ᠶᠢᠨ ᠱᠠᠰᠢᠨ ᠳᠤ ᠰᠦᠰᠦᠭᠯᠡᠬᠦ ᠦᠭᠡᠢ ᠮᠦᠷᠳᠡᠭᠡᠨ ᠬᠤᠣᠷᠯᠠᠯ ᠪᠣᠯᠣᠭᠰᠠᠨ ᠲᠦᠷᠪᠡᠨ ᠬᠠᠭᠠᠨ ᠲᠠᠶᠢᠵᠢ ᠶᠢ ᠲᠣᠷᠠᠳᠣᠨ ᠭᠠᠷᠭᠠᠵᠠᠢ᠃ ᠲᠣᠬᠠᠶᠢᠯᠠᠪᠠᠯ ᠽᠠᠩ ᠬᠠᠭᠠᠨ ᠭᠠᠷᠮ᠎ᠠ ᠫᠣᠩᠰᠣᠭᠨᠠᠮᠵᠢᠯ ᠪᠠ ᠲᠡᠭᠦᠨ ᠤ ᠬᠦᠪᠡᠭᠦᠨ ᠳᠠᠨᠵᠣᠩᠸᠠᠩᠪᠤ ᠬᠤᠶᠠᠷ ᠭᠠᠷᠮ᠎ᠠ ᠷᠦᠭᠪᠠ ᠶᠢᠨ ᠶᠣᠰᠣᠨ ᠢ ᠰᠢᠳᠦᠨ᠎ᠡ᠂ ᠬᠠᠮ ᠤᠨ ᠣᠷᠣᠨ ᠤ ᠪᠧᠷᠢ ᠶᠢᠨ ᠳ᠋ᠣᠨᠶᠣᠳ ᠬᠠᠭᠠᠨ ᠪᠣᠮᠪᠤ ︵ᠲᠦᠪᠡᠳ ᠤᠨ ᠣᠣᠯ ᠪᠠᠯᠠᠷᠯᠢᠭ ᠱᠠᠰᠢᠨ︶ ᠶᠢᠨ ᠶᠣᠰᠣᠨ ᠢ ᠰᠢᠳᠦᠨ᠎ᠡ᠂ ᠬᠠᠯᠬ᠎ᠠ ᠶᠢᠨ ᠴᠣᠬᠤᠷ ᠴᠣᠭᠳᠤ ᠠᠮᠠᠨ ᠳᠠᠭᠠᠨ ᠪᠣᠷᠬᠠᠨ ᠤ ᠱᠠᠰᠢᠨ ᠢ ᠪᠢᠰᠢᠷᠡᠬᠦ ᠦᠭᠡ ᠲᠡᠳᠦᠶᠢᠬᠡᠨ ᠬᠡᠯᠡᠬᠦ ᠠᠴᠠ ᠪᠢᠰᠢ᠂ ᠦᠨᠡᠨ ᠳᠡᠭᠡᠨ ᠬᠢᠳᠡᠳ ᠤᠨ ᠪᠣᠮᠪᠤ ᠳ᠋ᠣᠣᠱᠢ ᠶᠢᠨ ᠶᠣᠰᠣᠨ ᠳᠤ ᠪᠠᠶᠠᠰᠳᠠᠭ᠂ ᠴᠢᠩᠭᠢᠰ ᠤᠨ ᠦᠨᠳᠣᠰᠣᠨ ᠤ ᠯᠢᠭᠳᠡᠨ ᠬᠠᠭᠠᠨ ᠲᠣᠭᠳᠠᠭᠰᠠᠨ ᠰᠢᠳᠦᠯᠭᠡ ᠭᠡᠵᠦ ᠦᠭᠡᠢ᠂ ᠨᠡᠶᠢᠳᠡ ᠳᠡᠭᠡᠨ ᠴᠠᠰᠣᠳᠣ ᠲᠦᠪᠡᠳ ᠤᠨ ᠨᠡᠶᠢᠳᠡ ᠪᠠᠷ ᠭᠦᠷᠦ ᠴᠣᠶᠢᠸᠠᠩ ᠠᠴᠠ ᠲᠡᠯᠭᠡᠷᠡᠭᠰᠡᠨ ᠬᠠᠭᠤᠴᠢᠨ ᠲᠠᠷᠨᠢ  ᠶᠢᠨ ᠨᠣᠮ ︵ᠨᠢᠩᠮᠠ ᠶᠢᠨ ᠲᠠᠭᠠᠯᠠᠯ ᠤᠨ ᠨᠣᠮ︶ ᠢ ᠭᠤᠣᠯ ᠪᠣᠯᠭᠠᠨ ᠪᠠᠷᠢᠮᠳᠠᠯᠠᠭᠰᠠᠨ ᠭᠡᠵᠡᠢ᠃ ᠡᠨᠡ ᠲᠦᠷᠪᠡᠭᠦᠯᠡ  ᠶᠢᠨ ᠰᠢᠳᠦᠯᠭᠡ ᠨᠢ ᠬᠤᠭᠤᠷᠣ ᠬᠤᠭᠤᠷᠣᠨᠳᠣ ᠪᠠᠨ ᠠᠳᠠᠯᠢ ᠪᠣᠰᠤ ᠪᠠᠶᠢᠳᠠᠭ ᠴᠤ᠂ ᠰᠢᠷ᠎ᠠ ᠶᠢᠨ ᠱᠠᠰᠢᠨ ᠢ ᠡᠰᠡ ᠲᠠᠭᠠᠯᠠᠬᠤ ᠲᠠᠯ᠎ᠠ ᠪᠠᠷ ᠨᠢᠭᠡᠳᠦᠯᠳᠡᠢ ᠪᠠᠶᠢᠵᠦ ᠶᠠᠭ ᠪᠣᠭᠤ ᠡᠪᠡᠰᠦ ᠨᠠᠪᠴᠢᠰ᠂ ᠶᠣᠯᠣ ᠰᠢᠪᠠᠭᠤ ᠴᠢᠯᠠᠭᠤ᠂ ᠮᠣᠭᠠᠢ ᠬᠡᠢ ᠂ ᠰᠢᠷ᠎ᠡ ᠦᠳᠡᠭᠡ ᠮᠣᠳᠣᠨ ᠤ ᠵᠢᠮᠢᠰ ᠢᠳᠡᠬᠦ ᠮᠡᠳᠦ ᠣᠨᠳᠣᠣ ᠣᠨᠳᠣᠣ ᠢᠳᠡᠰᠢ ᠢᠳᠡᠳᠡᠭ ᠴᠤ ᠪᠦᠷ ᠮᠢᠬ᠎ᠠ ᠢᠳᠡᠳᠡᠭ ᠲᠠᠢ ᠠᠳᠠᠯᠢ ᠶᠣᠰᠣᠨ ᠪᠣᠯᠣᠭᠰᠠᠨ ᠭᠡᠵᠡᠢ᠃ ᠡᠨᠡ ᠪᠣᠯ ᠲᠣᠬᠠᠢ ᠶᠢᠨ ᠴᠠᠭ ᠤᠨ ᠰᠢᠷ᠎ᠠ ᠶᠢᠨ ᠱᠠᠰᠢᠨ ᠳᠤ ᠡᠰᠡ ᠲᠠᠭᠠᠯᠠᠭᠴᠢ ᠲᠦᠷᠪᠡᠨ ᠬᠠᠭᠠᠨ ᠤ ᠪᠠᠶᠢᠳᠠᠯ ᠤᠨ ᠲᠣᠬᠠᠢ ᠵᠠᠳᠠᠯᠣᠯᠳᠠ ᠪᠣᠯᠣᠨ᠎ᠠ᠃ ᠬᠤᠶᠠᠷ ᠲᠤ᠂ ᠲᠡᠭᠡᠷ᠎ᠡ ᠲᠣᠷᠠᠳᠣᠭᠰᠠᠨ ᠲᠦᠷᠪᠡᠨ ᠬᠠᠭᠠᠨ ᠪᠣᠶᠣ ᠲᠠᠶᠢᠵᠢ ᠰᠢᠷ᠎ᠠ ᠶᠢᠨ ᠱᠠᠰᠢᠨ ᠳᠤ ᠲᠠᠭ᠎ᠠ ᠦᠭᠡᠢ ᠪᠣᠶᠣ ᠰᠢᠷ᠎ᠠ ᠶᠢᠨ ᠱᠠᠰᠢᠨ  ᠢ ᠬᠤᠣᠷᠯᠠᠭᠰᠠᠨ ᠶᠠᠪᠣᠳᠠᠯ ᠢ ᠨᠠᠷᠢᠨ ᠪᠣᠳᠠᠳᠠᠢ ᠲᠡᠮᠳᠡᠭᠯᠡᠵᠡᠢ᠃ ᠰᠢᠷᠣᠢ ᠮᠣᠷᠢᠨ ᠵᠢᠯ᠂ ᠽᠠᠩᠪᠠ ᠬᠠᠭᠠᠨ ᠦᠢ ᠣᠷᠣᠨ ᠢ ᠡᠵᠡᠯᠡᠨ ᠠᠪᠣᠭᠠᠳ ᠯᠾᠠᠰᠠ ᠬᠢᠭᠡᠳ ᠪᠠᠷᠠᠶᠢᠪᠤᠩ ᠤᠨ ᠠᠷᠣ ᠶᠢᠨ ᠠᠭᠤᠯᠠᠨ ᠳᠤ ᠰᠢᠷ᠎ᠠ ᠬᠠᠷ᠎ᠠ ᠣᠯᠠᠨ ᠵᠠᠭᠤᠨ ᠬᠦᠮᠦᠰ ᠲᠤ ᠬᠤᠣᠷᠯᠠᠯ ᠬᠢᠵᠦ ᠭᠡᠯᠦᠭᠪᠠ ᠶᠢᠨ ᠲᠣᠭᠳᠠᠭᠠᠭᠰᠠᠨ ᠲᠠᠭᠠᠯᠠᠯ ᠢ ᠣᠷᠪᠠᠭᠤᠯᠤᠭᠰᠠᠨ ᠪᠠᠶᠢᠨ᠎ᠠ᠃ ᠰᠧᠷᠠ ᠪᠣᠯᠣᠨ ᠪᠠᠷᠠᠶᠢᠪᠣᠩ ᠤᠨ ᠬᠤᠸᠠᠷᠠᠭ ᠤᠳ ᠲᠣᠳᠠᠭᠠᠨ ᠰᠠᠷᠨᠢᠭᠰᠠᠨ ᠪᠠ ᠰᠢᠷ᠎ᠠ ᠶᠢᠨ ᠱᠠᠰᠢᠨ ᠤ ᠬᠤᠸᠠᠷᠠᠭ  ᠤᠳ ᠮᠠᠯᠠᠭᠠᠢ ᠪᠠᠨ ᠰᠢᠷ᠎ᠠ ᠣᠯᠠᠭᠠᠨ ᠴᠠᠩᠮ᠎ᠠ ᠪᠠᠷ ᠭᠠᠳᠠᠨ᠎ᠠ ᠲᠣᠳᠣᠨ᠎ᠠ ᠶᠢ ᠬᠢᠵᠦ ᠤᠷᠪᠠᠭᠤᠯᠵᠦ ᠡᠮᠣᠰᠬᠦ ᠬᠡᠷᠡᠭᠳᠡᠢ ᠪᠣᠯᠵᠦ ᠭᠡᠨ᠎ᠡ᠃ ᠬᠠᠮ ᠤᠨ ᠪᠧᠷᠢ ᠬᠠᠭᠠᠨ ᠲᠣᠳᠣᠭᠠᠳᠤ ᠪᠣᠷᠬᠠᠨ ᠱᠠᠰᠢᠨ ᠳᠤ ᠰᠦᠰᠦᠭᠯᠡᠭᠴᠢᠳ ᠯᠠᠮᠠ ᠨᠣᠶᠠᠳ ᠢ ᠣᠯᠠᠨ ᠠᠯᠠᠵᠦ ᠬᠤᠷᠣᠭᠠᠭᠰᠠᠨ ᠪᠦᠭᠡᠳ ᠭᠢᠨᠳᠠᠨ ᠳᠤ ᠣᠷᠣᠭᠤᠯᠪᠠ᠃ ᠴᠣᠭᠳᠣ ᠬᠠᠭᠠᠨ ᠪᠠᠰᠠ ᠰᠢᠷ᠎ᠠ ᠮᠠᠯᠠᠭᠠᠶᠢᠳᠤ  ᠶᠢᠨ ᠱᠠᠰᠢᠨ ᠤ ᠣᠯᠠᠨ ᠱᠠᠪᠢ ᠨᠠᠷ ᠢ ᠣᠯᠠᠨ ᠬᠤᠷᠣᠭᠠᠵᠦ ᠭᠢᠨᠳᠠᠨ ᠳᠤ ᠬᠤᠷᠢᠭᠰᠠᠨ ᠭᠡᠳᠡᠭ᠃ ᠲᠡᠷᠡ ᠬᠤᠶᠠᠭᠤᠯᠠ ᠪᠠᠰᠠ ᠰᠦᠰᠦᠭᠳᠡᠨ ᠣᠯᠠᠨ ᠲᠦᠪᠡᠳ ᠲᠤ ᠣᠴᠢᠵᠦ ᠮᠦᠷᠭᠦᠯ ᠬᠢᠬᠦ ᠵᠠᠮ ᠢ ᠲᠠᠰᠣᠯᠣᠭᠰᠠᠨ ᠠᠴᠠ ᠽᠣᠩᠺᠠᠪᠠ ᠶᠢᠨ ᠱᠠᠰᠢᠨ ᠢ ᠲᠣᠷᠣᠶᠢᠳᠠᠭᠤᠯᠤᠭᠰᠠᠨ ᠪᠠᠶᠢᠨ᠎ᠠ᠃ ᠰᠢᠷ᠎ᠠ ᠶᠢᠨ ᠱᠠᠰᠢᠨ ᠬᠦᠨᠳᠦ ᠬᠡᠴᠡᠭᠦᠦ ᠬᠤᠣᠷᠯᠠᠯ ᠳᠤ ᠣᠴᠠᠷᠠᠨ ᠮᠦᠬᠦᠵᠦ ᠰᠡᠭᠡᠬᠦ ᠶᠢᠨ ᠡᠶᠢᠮᠦᠷᠬᠦᠦ ᠪᠠᠴᠢᠮ ᠲᠦᠭᠰᠢᠭᠦᠷᠢᠳᠦ ᠪᠠᠶᠢᠳᠠᠯ ᠲᠣᠣᠷ᠎ᠠ᠂ ᠭᠦᠦᠱᠢ ᠬᠠᠭᠠᠨ ᠴᠡᠷᠢᠭ ᠲᠠᠭᠠᠭᠤᠯᠤᠨ ᠣᠷᠣᠵᠦ ᠡᠳᠡᠭᠡᠷ ᠬᠠᠭᠠᠳ ᠢ ᠲᠠᠷᠣᠵᠦ ᠰᠦᠨᠦᠭᠡᠭᠡᠳ ᠰᠢᠷ᠎ᠠ ᠶᠢᠨ ᠱᠠᠰᠢᠨ ᠢ ᠲᠠᠬᠢᠨ ᠮᠠᠨᠳᠣᠭᠤᠯᠣᠭᠰᠠᠨ ᠪᠠᠶᠢᠪᠠ᠃ ᠬᠡᠷᠪᠡ ᠡᠶᠢᠮᠦᠷᠬᠦᠦ ᠬᠦᠨᠳᠦ ᠬᠡᠴᠡᠭᠦᠦ ᠬᠤᠣᠷᠯᠠᠯ ᠤᠨ ᠪᠠᠶᠢᠳᠠᠯ ᠪᠣᠯᠣᠨ ᠪᠠᠴᠢᠮ ᠲᠦᠭᠰᠢᠭᠦᠷᠢᠳᠦ ᠠᠬᠤᠢ ᠣᠷᠴᠢᠨ ᠢ ᠰᠠᠶᠢᠳᠣᠷ ᠲᠣᠰᠢᠶᠠᠬᠤ ᠦᠭᠡᠢ ᠪᠣᠯ ᠭᠦᠦᠱᠢ ᠬᠠᠭᠠᠨ ᠤ ᠰᠢᠷ᠎ᠠ ᠶᠢᠨ ᠱᠠᠰᠢᠨ ᠢ ᠲᠡᠳᠭᠦᠭᠰᠡᠨ ᠭᠠᠪᠢᠶ᠎ᠠ ᠵᠢᠳᠬᠦᠯ᠂ ᠲᠡᠣᠬᠡᠨ ᠨᠦᠯᠦᠭᠡ ᠨᠢ ᠲᠡᠶᠢᠮᠦ ᠲᠣᠪᠣᠶᠢᠮ᠎ᠠ ᠢᠯᠭᠠᠷᠠᠮ᠎ᠠ ᠪᠣᠯᠵᠦ ᠴᠢᠳᠠᠬᠤ ᠦᠭᠡᠢ ᠃ ᠡᠨᠡ ᠪᠣᠯ ᠢᠰᠢᠪᠠᠯᠵᠤᠷ ᠤᠨ ᠲᠡᠣᠬᠡ ᠪᠢᠴᠢᠯᠭᠡ ᠶᠢᠨ ᠴᠢᠳᠠᠪᠣᠷᠢ ᠡᠷᠳᠡᠮ ᠪᠣᠯᠬᠤ ᠶᠣᠮ᠃ ᠮᠦᠨ ᠴᠤ ᠲᠡᠭᠦᠨ ᠤ ᠲᠡᠣᠬᠡᠨ ᠦᠵᠡᠯᠳᠡ ᠶᠢ ᠬᠠᠷᠠᠭᠤᠯᠤᠭᠰᠠᠨ ᠶᠣᠮ᠃ ᠭᠤᠷᠪᠠ ᠳᠤ᠂ ᠢᠰᠢᠪᠠᠯᠵᠣᠷ ᠭᠦᠦᠱᠢ ᠬᠠᠭᠠᠨ ᠤ ᠲᠣᠬᠠᠢ ᠨᠠᠷᠢᠯᠢᠭ ᠲᠠᠨᠢᠯᠴᠠᠭᠤᠯᠵᠦ ᠣᠣᠯ ᠤᠨ ᠣᠶᠢᠷᠠᠳ ᠲᠤ ᠪᠠᠶᠢᠭᠰᠠᠨ ᠪᠠᠶᠢᠷᠢ ᠰᠠᠭᠤᠷᠢ ᠶᠢ ᠨᠢ ᠨᠣᠳᠠᠯᠠᠵᠠᠢ᠃ ᠭᠦᠦᠱᠢ ᠬᠠᠭᠠᠨ ᠪᠣᠯ ᠣᠶᠢᠷᠠᠳ ᠤᠨ ᠲᠦᠷᠪᠡᠨ ᠶᠡᠭᠡ ᠠᠶᠢᠮᠠᠭ ᠤᠨ ᠬᠤᠱᠣᠳ ᠠᠶᠢᠮᠠᠭ ᠤᠨ ᠠᠬᠠᠯᠠᠭᠴᠢ ᠲᠦᠷᠦᠪᠠᠶᠢᠬᠤ ᠭᠡᠳᠡᠭ ᠮᠦᠨ ᠪᠦᠭᠡᠳ ᠠᠷᠪᠠ ᠭᠤᠷᠪᠠᠨ ᠨᠠᠰᠣᠨ ᠤ ᠦᠶ᠎ᠡ ᠳᠡᠭᠡᠨ ᠴᠡᠷᠢᠭ ᠲᠠᠭᠠᠭᠤᠯᠵᠦ ᠴᠠᠭᠠᠨ ᠣᠷᠣᠶᠢᠳᠣ ︵ᠮᠠᠯᠠᠭᠠᠶᠢᠳᠤ︶ ᠬᠤᠳᠣᠩ ᠤᠨ ᠲᠦᠷᠪᠡᠨ ᠲᠦᠮᠡᠨ ᠴᠡᠷᠢᠭ ᠢ ᠪᠠᠶᠢᠯᠳᠣᠨ ᠢᠯᠡᠵᠦ ᠨᠡᠷ᠎ᠡ ᠠᠯᠳᠠᠷ ᠮᠠᠨᠳᠣᠵᠠᠢ᠃ ᠣᠶᠢᠷᠠᠳ ᠪᠣᠯᠣᠨ ᠬᠠᠯᠬ᠎ᠠ ᠶᠢᠨ ᠵᠦᠷᠢᠴᠡᠯ ᠬᠤᠷᠴᠠᠳᠴᠤ ᠲᠠᠶᠢᠨ ᠡᠭᠦᠰᠮᠡᠷ ᠪᠣᠯᠣᠭᠰᠠᠨ ᠦᠶ᠎ᠡ ᠳᠤ᠂ ᠲᠡᠷᠡ ᠪᠠᠰᠠ ︽ᠣᠷᠠᠨ ᠮᠡᠷᠭᠡᠨ ᠰᠠᠶᠢᠨ ᠦᠭᠡᠰ ᠢᠶᠠᠷ︾ ᠡᠶᠡᠳᠡᠭᠦᠯᠦᠭᠰᠡᠨ ᠢᠶᠠᠷ᠂ ᠬᠠᠯᠬ᠎ᠠ ᠶᠢᠨ ᠯᠠᠮᠠ ᠨᠣᠶᠠᠳ ᠲᠡᠭᠦᠨ ᠳᠤ ᠲᠠᠢ ᠭᠦᠱᠢᠷᠢ ᠭᠡᠬᠦ ᠴᠣᠯᠠ ᠡᠷᠭᠦᠭᠰᠡᠨ ᠪᠠᠶᠢᠳᠠᠭ ᠢ ᠲᠡᠮᠳᠡᠭᠯᠡᠪᠡ᠃ ᠡᠭᠦᠨ ᠠᠴᠠ ᠦᠵᠡᠬᠦ ᠳᠤ ᠲᠦᠷᠦᠪᠠᠶᠢᠬᠤ ᠪᠣᠯ ᠡᠷᠡᠯᠬᠡᠭ ᠪᠠᠭᠠᠳᠣᠷᠯᠢᠭ ᠪᠦᠭᠡᠳ ᠠᠷᠭ᠎ᠠ ᠪᠣᠳᠣᠯᠭ᠎ᠠ ᠲᠠᠢ᠂ ᠶᠡᠭᠡ ᠲᠠᠯ᠎ᠠ ᠶᠢ ᠪᠣᠳᠣᠯᠬᠢᠯᠠᠳᠠᠭ᠂ ᠪᠦᠯᠬᠦᠮᠳᠡᠯ ᠨᠢᠭᠳᠠᠷᠠᠯ  ᠢ ᠡᠷᠬᠢᠮᠯᠡᠳᠡᠭ ᠪᠠᠭᠠᠳᠣᠷ ᠨᠣᠶᠠᠨ ᠪᠣᠯᠣᠨ᠎ᠠ᠃ ᠽᠠᠩᠪᠠ ᠬᠠᠭᠠᠨ ᠪᠠ ᠴᠣᠭᠳᠣ᠂ ᠪᠧᠷᠢ ᠶᠢᠨ ᠬᠠᠭᠠᠨ ᠰᠢᠷ᠎ᠠ ᠶᠢᠨ ᠱᠠᠰᠢᠨ ᠢ ᠬᠤᠣᠷᠯᠠᠵᠦ ᠪᠠᠶᠢᠭ᠎ᠠ ᠪᠠᠶᠢᠳᠠᠯ ᠢ ᠡᠯᠴᠢ ᠢᠷᠡᠵᠦ ᠬᠡᠯᠡᠭᠰᠡᠨ ᠤ ᠲᠠᠷᠠᠭ᠎ᠠ᠂ ᠣᠶᠢᠷᠠᠳ ᠤᠨ ᠨᠣᠶᠠᠳ ᠵᠦᠪᠳᠡᠯᠴᠡᠵᠦ ᠬᠡᠨ ᠣᠴᠢᠬᠤ ᠪᠣᠢ ᠭᠡᠬᠦ ᠳᠤ ᠭᠦᠦᠱᠢ ᠬᠠᠭᠠᠨ ᠪᠢ ᠣᠴᠢᠰᠣᠭᠠᠢ ᠭᠡᠵᠦ ᠢᠳᠡᠪᠬᠢᠯᠡᠨ ᠪᠣᠰᠣᠭᠰᠠᠨ ᠶᠣᠮ᠃ ᠢᠰᠢᠪᠠᠯᠵᠤᠷ ᠲᠡᠭᠦᠨ ᠤ ᠡᠷᠳᠡᠮ ᠪᠠ ᠪᠠᠶᠢᠷᠢ ᠰᠠᠭᠤᠷᠢ ᠶᠢ ᠲᠣᠰᠢᠶᠠᠭᠰᠠᠨ ᠨᠢ ᠲᠡᠭᠦᠨ ᠤ ᠬᠦᠬᠡᠨᠠᠭᠤᠷ ᠲᠦᠪᠡᠳ ᠬᠠᠮ ᠣᠷᠣᠨ ᠳᠤ ᠣᠴᠢᠵᠦ ᠲᠡᠳᠡᠭᠡᠷ ᠬᠠᠭᠠᠳ ᠢ ᠲᠠᠷᠣᠵᠦ ᠰᠢᠷ᠎ᠠ ᠶᠢᠨ ᠱᠠᠰᠢᠨ ᠢ ᠲᠡᠳᠭᠦᠨ ᠬᠠᠮᠠᠭᠠᠯᠠᠭᠰᠠᠨ ᠦᠢᠯᠡ ᠠᠵᠢᠯᠯᠠᠭ᠎ᠠ ᠶᠢᠨ ᠬᠢᠨᠢ ᠣᠷᠢᠳᠠᠯ ᠨᠦᠬᠦᠴᠡᠯ ᠢ ᠲᠣᠰᠢᠶᠠᠭᠰᠠᠨ ᠣᠴᠢᠷ ᠪᠣᠯᠬᠤ ᠶᠣᠮ᠃ ᠲᠦᠷᠪᠡ ᠳᠤ᠂ ᠭᠦᠦᠱᠢ ᠬᠠᠭᠠᠨ ᠬᠦᠬᠡᠨᠠᠭᠤᠷ ᠲᠦᠪᠡᠳ ᠲᠤ ᠣᠷᠣᠵᠦ ᠰᠢᠷ᠎ᠠ ᠶᠢᠨ ᠱᠠᠰᠢᠨ ᠤ ᠲᠠᠶᠢᠰᠣᠩᠨᠠᠭᠴᠢ ᠡᠳᠡᠭᠡᠳ ᠢ ᠲᠠᠷᠣᠵᠦ ᠰᠦᠨᠦᠭᠡᠭᠰᠡᠨ ᠤ ᠲᠠᠷᠠᠭ᠎ᠠ ᠪᠣᠴᠠᠵᠦ ᠢᠷᠡᠭᠰᠡᠨ ᠦᠭᠡᠢ ᠲᠡᠨᠳᠡ ᠨᠢ ᠬᠠᠭᠠᠨ ᠰᠠᠭᠤᠭᠰᠠᠨ ᠶᠠᠪᠣᠳᠠᠯ ᠳᠤ ᠵᠦᠪ ᠵᠣᠬᠢᠰᠳᠠᠢ ᠪᠣᠯᠭᠠᠬᠤ ᠰᠢᠯᠳᠠᠭᠠᠨ ᠣᠯᠵᠦ ᠦᠭᠴᠡᠢ᠃ ᠲᠡᠷᠡ ᠪᠠᠷ ︽ᠬᠠᠭᠠᠨ ᠬᠤᠶᠢᠳᠣ ᠬᠤᠯᠠ  ᠶᠢᠨ ᠬᠡᠷᠡᠭ ᠢ ᠠᠶᠢᠯᠠᠳᠴᠤ᠂ ᠰᠢᠷ᠎ᠠ ᠶᠢᠨ ᠱᠠᠰᠢᠨᠳᠠᠨ ᠳᠤᠷ ᠵᠢᠴᠢ ᠡᠰᠡᠷᠭᠦᠴᠡᠭᠴᠢᠳ ᠭᠠᠷᠬᠤ ᠪᠦᠭᠡᠰᠦ ᠲᠡᠭᠦᠨ ᠢ ᠰᠦᠷ ᠢᠶᠠᠷ ᠲᠠᠷᠣᠬᠤ᠂ ᠲᠡᠭᠦᠨ ᠢ ᠪᠠᠷᠢᠭᠴᠢ ᠲᠡᠭᠡᠳᠦᠰ ᠪᠠ ᠬᠤᠸᠠᠷᠠᠭ ᠦᠭᠯᠢᠭᠡ ᠶᠢᠨ ᠡᠵᠡᠳ ᠰᠡᠯᠳᠡ ᠪᠠᠷ ᠲᠦᠪᠡᠳ ᠬᠠᠭᠠᠨ ᠵᠣᠬᠢᠶᠠᠬᠤ ᠶᠢᠨ ᠵᠢᠷᠤᠮ ᠲᠣᠭᠳᠠᠭᠠᠬᠤ ᠶᠢᠨ ᠲᠣᠯᠠᠳᠠ ᠲᠡᠭᠡᠷ᠎ᠡ ᠦᠭᠦᠯᠡᠭᠰᠡᠨ ᠮᠡᠳᠦ ᠦᠪᠡᠷ ᠢᠶᠠᠨ ᠬᠠᠭᠠᠨ ᠰᠢᠷᠡᠭᠡᠨ᠎ᠡ ᠰᠠᠭᠤᠪᠠᠢ︾ ﹇6﹈ ︵12 — 13︶ ᠭᠡᠵᠦ ᠭᠦᠱᠢᠷᠢ ᠬᠠᠭᠠᠨ ᠤ ᠲᠦᠪᠡᠳ ᠢ ᠡᠵᠡᠯᠡᠨ ᠬᠠᠭᠠᠨ ᠰᠠᠭᠤᠭᠰᠠᠨ ᠶᠠᠪᠣᠳᠠᠯ ᠢ ᠰᠢᠷ᠎ᠠ ᠶᠢᠨ ᠱᠠᠰᠢᠨ ᠢ ᠡᠰᠡᠷᠭᠦᠴᠡᠭᠴᠢᠳ ᠲᠠᠬᠢᠨ ᠪᠣᠰᠪᠠᠯ ᠬᠡᠷᠬᠢᠬᠦ ᠪᠣᠢ᠂ ᠲᠡᠭᠦᠨ ᠢ ᠰᠡᠷᠭᠡᠶᠢᠯᠡᠬᠦ ᠶᠢᠨ ᠲᠦᠯᠦᠭᠡ ᠠᠳᠡ ᠰᠠᠬᠢᠨ ᠰᠠᠭᠤᠵᠦ ᠱᠠᠰᠢᠨ ᠢ ᠬᠠᠮᠠᠭᠠᠯᠠᠬᠤ ᠬᠡᠷᠡᠭᠳᠡᠢ ᠭᠡᠰᠡᠨ ᠶᠣᠰᠣ ᠰᠢᠯᠳᠠᠭ ᠪᠣᠯᠭᠠᠨ ᠶᠣᠰᠣᠴᠢᠯᠠᠨ ᠦᠭᠦᠯᠡᠭᠰᠡᠨ ᠪᠠᠶᠢᠨ᠎ᠠ᠃ ᠦᠭᠡᠷ᠎ᠡ ᠪᠠᠷ ᠬᠡᠯᠡᠪᠡᠯ᠂ ᠭᠦᠦᠱᠢ ᠬᠠᠭᠠᠨ ᠳᠤ ᠲᠦᠪᠡᠳ ᠣᠷᠣᠨ ᠢ ᠦᠷᠭᠦᠯᠵᠢᠯᠡᠨ ᠨᠣᠶᠠᠷᠬᠠᠭᠰᠠᠨ ᠶᠠᠪᠣᠳᠠᠯ ᠳᠤ ᠵᠦᠢ ᠶᠣᠰᠣᠳᠠᠢ ᠰᠢᠯᠳᠠᠭ ᠵᠣᠬᠢᠶᠠᠵᠦ ᠦᠭᠴᠡᠢ᠃ ᠠᠳᠡ ᠮᠦᠨ ᠲᠡᠭᠦᠨ  ᠤ ᠣᠶᠢᠷᠠᠳ ᠮᠣᠩᠭᠤᠯ ᠪᠣᠯᠣᠭᠰᠠᠨ ᠤ ᠬᠤᠪᠢ ᠳᠠᠬᠢ ᠪᠣᠶᠣ ᠮᠣᠩᠭᠤᠯ ᠪᠣᠯᠣᠭᠰᠠᠨ ᠤ ᠬᠤᠪᠢ ᠳᠠᠬᠢ ᠵᠣᠭᠰᠣᠴᠠ ᠦᠵᠡᠯ ᠲᠣᠳᠣᠷᠠᠵᠦ ᠪᠠᠶᠢᠬᠤ ᠶᠣᠮ᠃ ᠬᠠᠷᠢᠨ ᠲᠦᠪᠡᠳ ᠤᠨ ᠲᠠᠯ᠎ᠠ ᠳᠤ ᠪᠣᠯ ᠭᠦᠦᠱᠢ ᠬᠠᠭᠠᠨ ᠤ ᠴᠡᠷᠢᠭ ᠪᠣᠴᠠᠭᠠᠬᠤ ᠦᠭᠡᠢ ᠦᠷᠭᠦᠯᠵᠢᠯᠡᠨ ᠰᠠᠭᠤᠭᠰᠠᠨ ᠶᠠᠪᠣᠳᠠᠯ ᠳᠤ ᠲᠣᠷ᠎ᠠ ᠦᠭᠡᠢ ᠪᠠᠶᠢᠬᠤ ᠨᠢ ᠠᠶᠠᠨᠳᠠᠭᠠᠨ ᠤ ᠶᠠᠪᠣᠳᠠᠯ ᠪᠣᠯᠬᠤ ᠪᠦᠭᠡᠳ ᠲᠡᠳᠡᠨ ᠤ ᠨᠣᠶᠠᠷᠬᠠᠯ ᠤᠨ ᠡᠷᠬᠡ ᠪᠣᠯᠢᠶᠠᠯᠳᠣᠭᠰᠠᠨ ᠬᠡᠷᠡᠭ ᠶᠡᠷᠣ ᠨᠢ ᠲᠠᠰᠣᠷᠠᠭᠰᠠᠨ ᠦᠭᠡᠢ ᠪᠢᠯᠡ᠃ ᠭᠤᠷᠪᠠᠳᠣᠭᠠᠷ ᠲᠤ᠂ ᠣᠶᠢᠷᠠᠳ ᠮᠣᠩᠭᠤᠯᠴᠣᠳ ᠤᠨ ᠦᠪᠡᠷᠮᠢᠴᠡ ᠣᠨᠴᠠᠭᠠᠢ ᠣᠷᠣᠨ ᠪᠠᠶᠢᠷᠢᠰᠢᠯ ᠵᠢᠴᠢ ᠮᠣᠩᠭᠤᠯᠴᠣᠳ ᠤᠨ ᠲᠡᠣᠬᠡᠨ ᠲᠣᠮᠳᠠᠬᠢ ᠣᠨᠴᠠᠭᠠᠢ ᠪᠠᠶᠢᠷᠢ ᠰᠠᠭᠤᠷᠢ ᠶᠢ ᠲᠣᠪᠣᠶᠢᠯᠭᠠᠨ ᠦᠨᠡᠯᠡᠵᠡᠢ᠃ ᠣᠶᠢᠷᠠᠳ ᠮᠣᠩᠭᠤᠯ ᠤᠨ ᠣᠭᠰᠠᠭ᠎ᠠ ᠠᠶᠢᠮᠠᠭ᠂ ᠭᠠᠷᠣᠯ ᠢᠷᠡᠯᠳᠡ ᠶᠢᠨ ᠲᠣᠬᠠᠢ ᠨᠠᠷᠢᠯᠢᠭ ᠲᠡᠮᠳᠡᠭᠯᠡᠭᠰᠡᠨ ᠨᠢ ᠲᠡᠭᠦᠨ  ᠤ ᠣᠭᠰᠠᠭ᠎ᠠ ᠭᠠᠷᠣᠯ ᠢᠶᠠᠨ ᠴᠢᠬᠤᠴᠢᠯᠠᠬᠤ ᠦᠵᠡᠯᠳᠡ ᠪᠠᠨ ᠢᠯᠡᠳᠭᠡᠵᠦ᠂ ᠣᠶᠢᠷᠠᠳ ᠮᠣᠩᠭᠤᠯ ᠨᠢ ᠪᠦᠬᠦ ᠮᠣᠩᠭᠤᠯ ᠣᠭᠰᠠᠭ᠎ᠠ ᠲᠣᠮᠳᠠ ᠦᠪᠡᠷ ᠤᠨ ᠭᠡᠬᠦ ᠲᠡᠣᠬᠡᠳᠦ ᠦᠢᠯᠡᠳᠦᠯ ᠦᠵᠡᠭᠦᠯᠦᠭᠰᠡᠭᠡᠷ ᠢᠷᠡᠭᠰᠡᠨ ᠢ ᠣᠯᠠᠨ ᠳᠤ ᠦᠵᠡᠭᠦᠯᠵᠡᠢ ᠃ ᠲᠡᠷᠡ ︽ᠭᠠᠯᠪᠠᠷᠠᠭᠴᠠ ᠶᠢᠨ ᠮᠣᠳᠣᠨ︾ ᠳᠤ ︽ᠣᠷᠢᠳᠠ ᠴᠠᠭᠳᠣᠷ ᠮᠣᠩᠭᠤᠯ ᠲᠦᠴᠢᠨ ᠲᠦᠮᠡᠨ ᠠᠭᠰᠠᠨ ᠠᠴᠠ ᠂ ᠭᠤᠴᠢᠨ ᠲᠦᠮᠡᠨ ᠪᠡᠭᠡᠵᠢᠩ ᠳᠤᠷ ᠬᠤᠴᠣᠷᠣᠭᠰᠠᠨ᠂ ᠠᠷᠪᠠᠨ ᠲᠦᠮᠡᠨ ᠭᠠᠳᠠᠭᠰᠢ ᠭᠠᠷᠣᠭᠰᠠᠨ ᠢ ᠲᠦᠷᠪᠡᠨ ᠦᠭᠡᠯᠡᠳ ᠬᠡᠮᠡᠮᠣᠢ︾᠂ ︽ᠬᠤᠶᠢᠳᠣ ᠦᠶ᠎ᠡ ᠮᠣᠩᠭᠤᠯ ᠬᠢᠭᠡᠳ ᠬᠠᠯᠬ᠎ᠠ᠂ ᠦᠭᠡᠯᠡᠳ ᠬᠡᠮᠡᠨ ᠭᠤᠷᠪᠠᠨ ᠪᠠᠷ ᠢᠯᠭᠠᠭᠰᠠᠨ︾ ﹇2﹈ ︵776︶ ᠭᠡᠵᠦ᠂ ᠣᠶᠢᠷᠠᠳ ᠮᠣᠩᠭᠤᠯ ᠨᠢ ᠮᠣᠩᠭᠤᠯ ᠤᠨ ᠴᠢᠬᠤᠯᠠ ᠶᠡᠭᠡ ᠨᠢᠭᠡᠨ ᠪᠦᠷᠢᠯᠳᠦᠭᠦᠨ ᠪᠣᠯᠬᠤ ᠶᠢ ᠲᠣᠳᠣᠷᠬᠠᠶᠢᠯᠠᠨ ᠦᠭᠦᠯᠡᠭᠰᠡᠨ ᠪᠠᠶᠢᠨ᠎ᠠ᠃ ᠭᠡᠬᠦ ᠳᠡᠭᠡᠨ ᠲᠡᠷᠡ ᠬᠦᠬᠡᠨᠠᠭᠤᠷ ᠤᠨ ᠬᠤᠱᠣᠳ ᠠᠶᠢᠮᠠᠭ ᠢ ᠶᠠᠷᠢᠬᠤ ᠳᠠᠭᠠᠨ᠂ ᠶᠡᠷᠣ ᠨᠢ ᠵᠡᠭᠦᠡᠭᠠᠷ ᠲᠠᠢ ᠨᠢᠭᠡ ᠴᠣᠭᠴᠠ ᠪᠠᠷ ᠦᠵᠡᠵᠦ ᠣᠶᠢᠷᠠᠳ ᠤᠨ ᠪᠠᠷᠠᠭᠤᠨ ᠭᠠᠷ ᠪᠠ ᠵᠡᠭᠦᠨ ᠭᠠᠷ ᠭᠡᠵᠦ ᠶᠠᠷᠢᠳᠠᠭ ᠪᠠᠶᠢᠯ᠎ᠠ᠃ ᠪᠠᠰᠠ ᠨᠢᠭᠡᠨ ᠰᠣᠨᠢᠷᠬᠠᠯᠳᠠᠢ ᠵᠦᠢᠯ ᠭᠡᠪᠡᠯ᠂ ᠢᠰᠢᠪᠠᠯᠵᠤᠷ ᠤᠨ ᠦᠶ᠎ᠡ  ᠳᠤ ᠣᠶᠢᠷᠠᠳ ᠨᠢᠭᠡᠨᠳᠡ ᠪᠦᠬᠦᠨ ᠢᠶᠠᠷ ᠮᠠᠨᠵᠤ ᠶᠢᠨ ᠨᠣᠶᠠᠷᠬᠠᠯ ᠲᠣᠣᠷ᠎ᠠ ᠣᠷᠣᠵᠦ ᠲᠠᠸᠠᠴᠢ ᠠᠯᠠᠭᠳᠠᠵᠦ ᠵᠡᠭᠦᠡᠭᠠᠷ  ᠤᠨ ᠬᠠᠭᠠᠨ ᠤ ᠣᠳᠣᠮ ᠲᠠᠰᠣᠷᠠᠭᠰᠠᠨ ᠪᠣᠯᠪᠠᠴᠤ᠂ ᠢᠰᠢᠪᠠᠯᠵᠣᠷ ᠣᠶᠢᠷᠠᠳ ᠤᠨ ᠡᠯ᠎ᠡ ᠠᠶᠢᠮᠠᠭ ᠣᠭᠰᠠᠭᠠᠨ ᠤ ᠰᠠᠭᠤᠷᠢᠰᠢᠵᠦ ᠪᠠᠶᠢᠭ᠎ᠠ ᠭᠠᠵᠠᠷ ᠣᠷᠣᠨ᠂ ᠣᠯᠠᠨ ᠬᠤᠶᠢᠴᠢᠰ ᠸᠠᠩ ᠨᠠᠷ ᠤᠨ ᠨᠡᠷ᠎ᠡ ᠶᠢ ᠲᠣᠳᠣᠷᠬᠠᠢ ᠲᠣᠷᠠᠳᠴᠤ᠂ ᠡᠳᠡ ᠨᠠᠷ ᠰᠢᠷ᠎ᠠ ᠮᠠᠯᠠᠭᠠᠳᠠᠨ ᠤ ᠱᠠᠰᠢᠨ ᠢ ᠰᠢᠳᠦᠵᠦ ᠦᠯᠵᠡᠢ ᠠᠮᠣᠭᠤᠯᠠᠩ ᠣᠷᠢᠰᠢᠬᠤ ᠶᠤᠮ ᠭᠡᠰᠡᠨ ᠢᠷᠦᠭᠡᠯ ᠵᠦᠩᠨᠡᠯ ᠲᠠᠯᠪᠢᠭᠰᠠᠨ ᠠᠴᠠ ᠦᠵᠡᠬᠦ ᠳᠤ ᠲᠡᠳᠦᠢ ᠭᠤᠳᠣᠷᠠᠩᠭᠤᠢ ᠠᠶᠠᠰ ᠢᠯᠡᠷᠡᠭᠰᠡᠨ ᠦᠭᠡᠢ᠃ ᠡᠨᠡ ᠨᠢ ᠮᠦᠨ ᠣᠶᠢᠷᠠᠳ ᠮᠣᠩᠭᠤᠯᠴᠤᠳ ᠤᠨ ᠢᠷᠡᠭᠡᠳᠦᠢ ᠳᠤ ᠡᠷᠡᠮᠡᠯᠵᠡᠯ ᠲᠠᠢ ᠰᠠᠨᠠᠭ᠎ᠠ ᠪᠣᠶᠣ ᠲᠡᠭᠦᠨ ᠢ ᠰᠠᠶᠢᠨ ᠪᠠᠶᠢᠳᠣᠭᠠᠢ ᠭᠡᠰᠡᠨ ᠬᠦᠰᠡᠯ ᠡᠷᠡᠮᠡᠯᠵᠡᠯ ᠢᠶᠠᠨ ᠪᠢᠴᠢᠭᠰᠡᠨ ᠴᠤ ᠪᠠᠶᠢᠵᠦ ᠮᠡᠳᠡᠬᠦ ᠶᠣᠮ᠃ ᠭᠦᠦᠱᠢ ᠬᠠᠭᠠᠨ ᠤ ᠲᠣᠬᠠᠢ ᠲᠣᠣᠷᠠᠬᠢ ᠨᠢᠭᠡᠨ ᠬᠡᠰᠡᠭ ᠮᠠᠭᠳᠠᠭᠠᠯ ᠠᠴᠠ ᠢᠰᠢᠪᠠᠯᠵᠣᠷ ᠤᠨ ᠣᠶᠢᠷᠠᠳ ᠮᠣᠩᠭᠤᠯᠴᠤᠳ ᠤᠨ ᠦᠪᠡᠷᠮᠢᠴᠡ ᠵᠢᠳᠬᠦᠯ ᠢ ᠮᠠᠭᠳᠠᠨ ᠦᠨᠡᠯᠡᠭᠰᠡᠨ ᠦᠭᠡ ᠠᠶᠠᠰ ᠢ ᠮᠡᠳᠡᠵᠦ ᠪᠣᠯᠬᠤ ᠶᠣᠮ᠃ ︽ᠲᠣᠪᠴᠢᠯᠠᠪᠠᠰᠤ ᠲᠡᠷᠡ ᠮᠡᠳᠦ ᠪᠣᠶᠠᠨ ᠬᠡᠰᠢᠭ ᠮᠠᠰᠢ ᠦᠷᠭᠡᠵᠢᠭᠡᠳ ᠱᠠᠰᠢᠨ ᠢ ᠪᠠᠷᠢᠭᠴᠢ ᠨᠣᠮ ᠤᠨ ᠬᠠᠭᠠᠨ ᠭᠡᠭᠡᠨ ᠭᠦᠱᠷᠢ ᠬᠡᠮᠡᠨ ᠢᠷᠠᠭᠤ ᠨᠡᠷ᠎ᠡ ᠵᠦᠭ ᠪᠦᠬᠦᠨ᠎ᠡ ᠠᠯᠳᠠᠷᠰᠢᠭᠠᠳ᠂ ᠲᠡᠭᠦᠨ ᠤ ᠴᠡᠷᠢᠭ ᠤᠨ ᠦᠮᠦᠭ ᠪᠠᠭᠠᠳᠣᠷ ᠢᠳᠡ ᠬᠦᠴᠦᠳᠦ ᠴᠢᠳᠠᠮᠠᠭᠠᠢ ᠶᠡᠭᠡ ᠨᠣᠶᠠᠨ ᠡᠨᠡᠳᠬᠡᠭ ᠤᠨ ᠠᠱᠣᠸᠡᠭᠡ ᠬᠠᠭᠠᠨ ᠤ ᠶᠡᠭᠡ ᠴᠡᠷᠢᠭ ᠯᠦᠭᠡ ᠲᠡᠩᠴᠡᠬᠦ ᠬᠤᠷ᠎ᠠ ᠬᠠᠷ᠎ᠠ ᠡᠭᠦᠯᠡᠨ ᠣᠭᠤᠭᠠᠳᠠ ᠪᠦᠷᠬᠦᠭᠰᠡᠨ ᠶᠡᠭᠡ ᠬᠠᠷ᠎ᠠ ᠰᠠᠯᠬᠢᠨ ᠮᠡᠳᠦ ᠶᠠᠪᠣᠬᠤ ᠲᠠᠭᠤᠨ ᠤ ᠣᠯᠠᠭᠠᠨ ᠭᠢᠯᠪᠢᠯᠭᠡᠨ ᠵᠠᠢ ᠵᠠᠪᠰᠠᠷ ᠦᠢᠯᠵᠡᠭᠰᠡᠭᠡᠷ ᠠᠶᠣᠮᠰᠢᠭ ᠰᠦᠷᠳᠡᠢ ᠮᠠᠰᠠᠰ ᠤᠨ ᠠᠶᠤᠩᠭ᠎ᠠ ᠲᠡᠰᠳᠡᠰᠢ ᠦᠭᠡᠢ ᠮᠠᠰᠢ ᠪᠠᠳᠠᠷᠠᠩᠭᠤᠢ ᠶᠢ ᠪᠠᠭᠤᠯᠭᠠᠭᠰᠠᠨ ᠢᠶᠠᠷ᠂ … ᠪᠣᠷᠣᠭᠤ ᠡᠰᠡᠷᠭᠦᠴᠡᠭᠴᠢ ᠲᠠᠶᠢᠰᠣᠨ ᠤ ᠬᠠᠳᠠ ᠠᠭᠤᠯᠠ ᠶᠢᠨ ᠰᠢᠷᠦᠭᠦᠨ ᠰᠡᠳᠬᠢᠯ ᠤᠨ ᠬᠤᠷᠴᠠ ᠦᠵᠦᠭᠦᠷ ᠰᠡᠷᠪᠡᠶᠢᠭᠰᠡᠨ ᠪᠦᠭᠦᠳᠡ ᠶᠢ ᠲᠠᠷᠣᠵᠦ᠂ ᠬᠤᠣᠰ ᠴᠠᠭᠠᠵᠠ ᠶᠢᠨ ᠮᠠᠰᠢ ᠵᠦᠭᠡᠯᠡᠨ ᠬᠤᠷ᠎ᠠ ᠪᠠᠷ ᠪᠦᠬᠦᠢ ᠰᠡᠳᠬᠢᠯ ᠢ ᠬᠠᠩᠭᠠᠭᠰᠠᠨ ᠢᠶᠠᠷ᠂ ᠲᠦᠪᠡᠳ ᠲᠤᠷ ᠬᠠᠷᠢᠶᠠᠳᠤ ᠬᠠᠮᠤᠭ ᠲᠦᠷᠦ ᠱᠠᠰᠢᠨ ᠤ ᠠᠭᠤᠯᠠ ᠲᠠᠯ᠎ᠠ ᠶᠢᠨ ᠣᠢ ᠴᠡᠴᠡᠭᠯᠢᠭ ᠮᠡᠳᠦ ᠵᠢᠮᠢᠰ ᠲᠦᠮᠦᠰᠦ ᠬᠤᠴᠣᠷᠯᠢ ᠦᠭᠡᠢ ᠵᠣᠨ ᠤ ᠲᠠᠯᠠᠢ ᠶᠢᠨ ᠠᠬ᠎ᠠ ᠲᠡᠭᠦᠦ ᠪᠣᠯᠣᠨ ᠠᠷᠪᠢᠳᠴᠤ᠂ ᠣᠭᠳᠠᠷᠭᠤᠢ ᠳᠤᠷ ᠨᠠᠷᠠᠨ ᠰᠠᠷᠠᠨ ᠬᠤᠣᠰ ᠢᠶᠠᠷ ᠴᠢᠮᠡᠭᠳᠦ᠂ ᠭᠠᠵᠠᠷ ᠲᠤᠷ ᠴᠤ ᠴᠠᠰᠣᠳᠠᠨ ᠤ ᠰᠢᠷ᠎ᠠ ᠶᠢᠨ ᠱᠠᠰᠢᠨ ᠤ ᠪᠯᠠᠮ᠎ᠠ ᠦᠭᠯᠢᠭᠡ ᠶᠢᠨ ᠡᠵᠡᠨ ᠬᠤᠶᠠᠷ ᠤᠨ ᠬᠤᠣᠰ ᠶᠣᠰᠣᠨ ᠤ ᠰᠠᠶᠢᠨ ᠵᠣᠬᠢᠶᠠᠯ ᠤᠨ ᠢᠷᠠᠭᠤ ᠠᠯᠳᠠᠷ ᠬᠢᠳᠡᠳ ᠲᠦᠪᠡᠳ ᠮᠣᠩᠭᠤᠯ ᠭᠤᠷᠪᠠᠨ ᠤ ᠬᠤᠳᠠᠯᠠ ᠰᠢᠯᠳᠡᠭᠡᠨ ᠳᠤᠷ ᠲᠡᠭᠷᠢᠰ ᠤᠨ ᠶᠡᠭᠡ ᠬᠡᠩᠭᠡᠷᠭᠡ ᠶᠢᠨ ᠲᠠᠭᠤᠨ ᠤ ᠲᠡᠩᠴᠡᠬᠦ ᠬᠠᠨᠢ ᠳᠤᠷ ᠢᠪ ᠢᠯᠡᠷᠬᠡᠶᠢᠶ᠎ᠡ ᠲᠠᠭᠤᠷᠢᠰᠬᠠᠭᠰᠠᠭᠠᠷ ᠠᠨᠤ ᠡᠨᠡ ᠪᠤᠯᠠᠢ︾ ﹇6﹈ ︵11 — 12︶᠃ ᠡᠨᠡ ᠪᠣᠯ ᠭᠦᠦᠱᠢ ᠬᠠᠭᠠᠨ ᠤ ᠲᠣᠬᠠᠢ ᠮᠠᠭᠳᠠᠭᠠᠯ ᠵᠣᠬᠢᠶᠠᠯ ᠪᠣᠯᠬᠤ ᠮᠦᠷᠳᠡᠭᠡᠨ ᠦᠨᠡᠯᠡᠯᠳᠡ ᠶᠣᠮ᠃ ᠠᠳᠡ ᠠᠳᠠᠯᠢᠳᠬᠠᠯ ᠴᠢᠮᠡᠭ᠂ ᠲᠦᠷᠰᠦᠳᠦ ᠴᠢᠮᠡᠭ ᠵᠡᠷᠭᠡ ᠵᠣᠬᠢᠰᠳᠣ ᠠᠶᠠᠯᠭᠤᠨ ᠤ ᠴᠢᠮᠡᠭ ᠤᠨ ᠠᠷᠭ᠎ᠠ ᠶᠢ ᠦᠯᠡᠮᠵᠢ ᠣᠯᠠᠨ ᠤᠭᠰᠠᠷᠠᠭᠤᠯᠤᠨ ᠬᠡᠷᠡᠭᠯᠡᠵᠦ᠂ ᠭᠦᠦᠱᠢ ᠬᠠᠭᠠᠨ ᠤ ᠭᠠᠪᠢᠶ᠎ᠠ ᠵᠢᠳᠬᠦᠯ ᠢ ᠬᠠᠯᠭᠢᠯᠠᠮ᠎ᠠ ᠴᠠᠯᠭᠢᠯᠠᠮ᠎ᠠ ᠬᠤᠷᠢᠭ᠎ᠠ ᠪᠠᠷᠢᠭ᠎ᠠ ᠦᠭᠡᠢ ᠣᠮᠣᠭᠯᠠᠩ ᠢᠯᠡᠳᠭᠡᠵᠡᠢ᠃ ᠢᠰᠢᠪᠠᠯᠵᠤᠷ ᠤᠨ ᠣᠷᠠᠨ ᠲᠣᠭᠤᠷᠪᠢᠯ ᠤᠨ ᠡᠷᠳᠡᠮ ᠮᠠᠰᠢ ᠪᠣᠯᠪᠠᠰᠣᠷᠠᠩᠭᠤᠢ ᠦᠨᠳᠣᠷ ᠲᠣᠯᠠ ᠲᠡᠣᠬᠡᠨ ᠵᠣᠬᠢᠶᠠᠯ ᠢ ᠴᠤ ᠣᠷᠠᠨ ᠢᠷᠠᠭᠤ ᠢᠯᠡᠳᠭᠡᠵᠦ ᠰᠠᠨᠠᠭ᠎ᠠ ᠰᠡᠳᠬᠢᠯᠭᠡ ᠪᠠᠨ ᠢᠯᠡᠳᠳᠡ ᠲᠣᠪᠣᠶᠢᠯᠭᠠᠵᠦ ᠴᠢᠳᠠᠳᠠᠭ ᠪᠠᠶᠢᠨ᠎ᠠ᠃ ᠪᠠᠭᠴᠠᠯᠠᠭᠠᠳ ᠬᠡᠯᠡᠪᠡᠯ᠂ ᠢᠰᠢᠪᠠᠯᠵᠤᠷ ᠤᠨ ᠣᠶᠢᠷᠠᠳ ᠮᠣᠩᠭᠤᠯᠴᠣᠳ ᠤᠨ ᠲᠡᠣᠬᠡ ᠶᠢᠨ ᠲᠣᠬᠠᠢ ᠦᠨᠡᠯᠡᠯᠳᠡ ᠨᠢ ᠲᠡᠭᠦᠨ ᠤ ᠪᠦᠬᠦᠶᠢᠯᠡ ᠮᠣᠩᠭᠤᠯ ᠣᠭᠰᠠᠭᠠᠳᠠᠨ ᠤ ᠲᠣᠳᠣᠷᠠᠬᠢ ᠲᠡᠣᠬᠡᠨ ᠴᠢᠬᠤᠯᠠ ᠪᠠᠶᠢᠷᠢ ᠰᠠᠭᠤᠷᠢ᠂ ᠰᠢᠷ᠎ᠠ ᠶᠢᠨ ᠱᠠᠰᠢᠨ ᠤ ᠡᠷᠭᠦᠨ ᠲᠡᠳᠭᠦᠵᠦ ᠲᠦᠪᠡᠳ ᠬᠦᠬᠡᠨᠠᠭᠤᠷ ᠣᠷᠣᠨ ᠢ ᠡᠷᠬᠡᠰᠢᠶᠡᠭᠰᠡᠨ ᠣᠮᠣᠭᠰᠢᠯᠳᠣ ᠰᠡᠳᠬᠢᠯᠭᠡ ᠠᠴᠠ ᠢᠷᠡᠭᠰᠡᠨ ᠶᠣᠮ᠃ ᠡᠨᠡ ᠨᠢ ᠵᠦᠪᠬᠡᠨ ᠣᠶᠢᠷᠠᠳ ᠮᠣᠩᠭᠤᠯ ᠤᠨ ᠲᠡᠣᠬᠡᠨ ᠵᠢᠳᠬᠦᠯ ᠪᠢᠰᠢ᠂ ᠮᠣᠩᠭᠤᠯᠴᠤᠳ ᠤᠨ ᠵᠢᠳᠬᠦᠯ ᠭᠠᠪᠢᠶ᠎ᠠ ᠭᠡᠰᠡᠨ ᠣᠬᠠᠮᠰᠠᠷ ᠲᠡᠭᠡᠷ᠎ᠡ ᠦᠨᠳᠦᠷᠯᠡᠬᠦᠯᠦᠨ ᠲᠦᠪᠯᠡᠷᠡᠬᠦᠯᠵᠦ ᠲᠠᠯᠪᠢᠭᠰᠠᠨ ᠶᠣᠮ ᠪᠠᠶᠢᠨ᠎ᠠ᠃ 2. ᠬᠤᠱᠣᠳ ᠮᠣᠩᠭᠤᠯᠴᠣᠳ ᠤᠨ ᠬᠤᠪᠢ ᠵᠠᠶᠠᠭᠠᠨ ᠤ ᠲᠣᠬᠠᠢ ᠰᠠᠨᠠᠭᠠᠰᠢᠷᠠᠯ ᠢᠰᠢᠪᠠᠯᠵᠤᠷ ᠲᠡᠭᠦᠨ ᠠᠴᠠ ᠡᠮᠣᠨᠡᠬᠢ ᠦᠶ᠎ᠡ ᠶᠢᠨ ᠮᠣᠩᠭᠤᠯᠴᠣᠳ ᠤᠨ ᠲᠡᠣᠬᠡ ᠶᠢ ᠪᠢᠴᠢᠭᠯᠡᠭᠰᠡᠨ ᠮᠦᠷᠳᠡᠭᠡᠨ ᠦᠪᠡᠷ ᠤᠨ ᠣᠷᠣᠰᠢᠵᠦ ᠪᠠᠶᠢᠭᠰᠠᠨ ᠴᠠᠭ ᠦᠶ᠎ᠡ ᠶᠢᠨ ᠢᠶᠠᠨ ᠲᠡᠣᠬᠡᠨ ᠬᠡᠷᠡᠭ ᠣᠴᠢᠷ ᠢ ᠲᠡᠮᠳᠡᠭᠯᠡᠵᠦ᠂ ᠦᠪᠡᠷ ᠤᠨ ᠲᠡᠣᠬᠡᠨ ᠦᠵᠡᠯᠳᠡ ᠪᠠᠨ ᠯᠡᠪᠡᠷᠡᠭᠦᠯᠵᠦ ᠪᠠᠶᠢᠵᠠᠢ᠃ ᠣᠨᠴᠠᠭᠠᠶᠢᠯᠠᠨ ᠣᠶᠢᠷᠠᠳ ᠮᠣᠩᠭᠤᠯ᠂ ᠬᠤᠱᠣᠳ ᠮᠣᠩᠭᠤᠯᠴᠣᠳ ᠤᠨ ᠬᠤᠪᠢ ᠵᠠᠶᠠᠭ᠎ᠠ᠂ ᠣᠴᠠᠷᠠᠯ ᠠᠬᠤᠢ ᠶᠢᠨ ᠲᠣᠬᠠᠢ ᠬᠠᠯᠠᠮᠵᠢᠯᠠᠨ ᠠᠩᠬᠠᠷᠴᠤ ᠰᠠᠨᠠᠭᠠᠰᠢᠷᠠᠨ ᠵᠣᠪᠠᠵᠦ ᠵᠣᠬᠢᠶᠠᠯ ᠪᠦᠳᠦᠭᠡᠯ ᠳᠡᠭᠡᠨ ᠲᠡᠮᠳᠡᠭᠯᠡᠵᠦ ᠪᠠᠶᠢᠪᠠ᠃ ᠬᠡᠷᠪᠡ ︽ᠭᠠᠯᠪᠠᠷᠠᠭᠴᠠ ᠶᠢᠨ ᠮᠣᠳᠣᠨ︾ ᠳᠤ ᠡᠮᠣᠨᠡᠬᠢ ᠦᠶ᠎ᠡ ᠶᠢᠨ ᠲᠡᠣᠬᠡ ᠪᠠᠷ ᠭᠤᠣᠯᠯᠠᠭᠰᠠᠨ ᠪᠣᠯ ︽ᠬᠦᠬᠡᠨᠠᠭᠤᠷ ᠤᠨ ᠲᠡᠣᠬᠡ︾ ᠪᠠ ︽ᠦᠪᠡᠷ ᠤᠨ ᠨᠠᠮᠳᠠᠷ︾ ᠲᠤ ᠲᠡᠭᠦᠨ ᠤ ᠠᠮᠢᠳᠣᠷᠠᠵᠦ ᠪᠠᠶᠢᠭᠰᠠᠨ ᠴᠠᠭ ᠦᠶ᠎ᠡ ᠳᠠᠬᠢ ᠬᠦᠬᠡᠨᠠᠭᠤᠷ ᠤᠨ ᠬᠤᠱᠣᠳ ᠮᠣᠩᠭᠤᠯᠴᠤᠳ ᠤᠨ ᠬᠤᠪᠢ ᠵᠠᠶᠠᠭ᠎ᠠ ᠪᠠ ᠵᠡᠭᠦᠡᠭᠠᠷ ᠤᠨ ᠮᠣᠩᠭᠤᠯᠴᠤᠳ ᠤᠨ ᠣᠷᠣᠰᠢᠯ ᠠᠬᠤᠢ ᠶᠢᠨ ᠲᠣᠬᠠᠢ ᠠᠩᠬᠠᠷᠣᠯ ᠬᠠᠯᠠᠮᠵᠢᠯᠠᠯ ᠢᠯᠡᠭᠦᠦ ᠪᠣᠯᠣᠭᠰᠠᠨ ᠪᠠᠶᠢᠨ᠎ᠠ᠃ ᠶᠠᠭᠤᠨ ᠤ ᠡᠮᠣᠨ᠎ᠡ ᠯᠣᠪᠰᠠᠩᠳᠠᠨᠵᠢᠨ ᠤ ᠬᠡᠷᠡᠭ ᠣᠴᠢᠷ ᠤᠨ ᠲᠣᠬᠠᠢ ᠵᠠᠳᠠᠯᠣᠯᠳᠠ ᠰᠣᠪᠢᠯᠳᠠ ᠬᠢᠵᠦ ᠲᠡᠣᠬᠡᠨ ᠦᠨᠡᠨ  ᠢ ᠢᠯᠡᠷᠡᠬᠦᠯᠬᠦ ᠪᠠᠷ ᠴᠢᠷᠮᠠᠶᠢᠭᠰᠠᠨ ᠪᠠᠶᠢᠨ᠎ᠠ᠃ ᠬᠡᠷᠪᠡ ︽ᠭᠠᠯᠪᠠᠷᠠᠭᠴᠠ ᠶᠢᠨ ᠮᠣᠳᠣᠨ︾ ᠳᠤ ᠯᠣᠪᠰᠠᠩᠳᠠᠨᠵᠢᠨ ᠤ ᠬᠡᠷᠡᠭ ᠶᠠᠪᠣᠳᠠᠯ ᠤᠨ ᠲᠣᠬᠠᠢ ᠲᠡᠮᠳᠡᠭᠯᠡᠬᠦ ᠳᠡᠭᠡᠨ ᠣᠨ ᠤ ᠪᠢᠴᠢᠭ ᠤᠨ ᠬᠦᠰᠦᠨᠦᠭᠳᠦ ᠲᠣᠳᠣᠷ᠎ᠠ᠂ 1723 ᠣᠨ ᠳᠤ ᠂ ᠬᠦᠬᠡᠨᠠᠭᠤᠷ ᠤᠨ ᠣᠶᠢᠷᠠᠳ ᠬᠢᠳᠡᠳ ᠲᠠᠢ ᠡᠪᠳᠡᠷᠡᠯ ᠪᠣᠯᠵᠦ᠂ ᠦᠭᠡᠯᠡᠳ ︵ᠣᠶᠢᠷᠠᠳ︶ ᠢᠯᠠᠭᠳᠠᠭᠠᠳ ᠬᠢᠳᠡᠳ  ᠤᠨ ᠴᠡᠷᠢᠭ ᠰᠧᠺᠣᠭ ᠬᠡᠶᠢᠳ ᠤᠨ ᠰᠢᠷᠡᠭᠡᠳᠦ ᠴᠦᠪᠰᠠᠩ ᠷᠢᠨᠪᠣᠴᠧ ᠲᠡᠷᠢᠭᠦᠳᠡᠨ ᠶᠡᠭᠡ ᠪᠠᠭ᠎ᠠ ᠬᠤᠸᠠᠷᠠᠭ ᠤᠳ ᠢ ᠲᠣᠯᠣᠭᠠᠨ ᠵᠠᠭᠤ ᠢᠯᠡᠭᠦᠦ ᠬᠤᠷᠣᠭᠠᠵᠦ ᠰᠢᠳᠦᠭᠡᠨ ᠰᠦᠮ᠎ᠡ ᠶᠢ ᠭᠠᠯᠳᠠᠭᠠᠳ᠂ ᠱᠠᠪᠣᠺᠣᠭ ᠤᠨ ᠭᠤᠷᠪᠠᠨ ᠶᠡᠭᠡ ᠰᠦᠮ᠎ᠡ ᠬᠡᠶᠢᠳ ᠬᠢᠭᠡᠳ ᠭᠡᠳᠦᠨ ᠲᠢᠶᠠᠨᠴᠢ ᠨᠠᠷ ᠢ ᠪᠣᠳᠠᠷᠠᠭᠤᠯᠣᠭᠠᠳ᠂ ᠭᠦᠮᠪᠣᠮ ᠤᠨ ᠣᠯᠠᠨ ᠬᠠᠭᠤᠴᠢᠨ ᠭᠡᠯᠦᠩ  ᠤᠳ ᠢ ᠬᠤᠷᠣᠭᠠᠭᠰᠠᠨ ᠣᠴᠢᠷ ᠪᠠ 1724 ᠣᠨ ᠳᠤ ᠬᠢᠳᠡᠳ ᠤᠨ ᠴᠡᠷᠢᠭ ᠤᠨ ᠨᠣᠶᠠᠨ ᠨᠢᠶᠠᠨ ᠭᠧᠩ ᠶᠣᠣ ᠭᠤᠨᠯᠣᠩ ᠤᠨ ᠰᠦᠮ᠎ᠡ ᠪᠠ ᠭᠠᠨᠵᠣᠣᠷ ᠵᠡᠷᠭᠡ ᠶᠢ ᠲᠦᠯᠡᠵᠦ ᠲᠣᠶᠢᠨ ᠬᠤᠸᠠᠷᠠᠭ ᠤᠳ ᠢ ᠬᠤᠷᠣᠭᠠᠭᠰᠠᠨ ᠣᠴᠢᠷ  ᠤᠳ ᠢ ᠨᠢᠭᠡ ᠯᠡ ᠦᠭᠡ ᠪᠠᠷ ᠲᠣᠪᠴᠢᠯᠠᠨ ᠲᠡᠮᠳᠡᠭᠯᠡᠪᠡ᠃ ᠬᠠᠷᠢᠨ ︽ᠬᠦᠬᠡᠨᠠᠭᠤᠷ ᠤᠨ ᠲᠡᠣᠬᠡ︾ ᠳᠤ ᠡᠭᠦᠰᠦᠭᠰᠡᠨ ᠰᠢᠯᠳᠠᠭᠠᠨ ᠢ ᠪᠠᠰᠠ ᠰᠦᠪᠡᠭᠴᠢᠯᠡᠨ ᠪᠢᠴᠢᠵᠦ᠂ ︽ᠦᠪᠡᠷ ᠤᠨ ᠨᠠᠮᠳᠠᠷ︾ ᠲᠣᠳᠣᠷ᠎ᠠ ᠪᠠᠨ ᠡᠭᠦᠰᠦᠭᠰᠡᠨ ᠰᠢᠯᠳᠠᠭᠠᠨ ᠪᠠ ᠢᠯᠠᠭᠳᠠᠭᠰᠠᠨ ᠰᠢᠯᠳᠠᠭᠠᠨ ᠢ ᠪᠦᠷ ᠨᠠᠷᠢᠯᠢᠭ ᠵᠠᠳᠠᠯᠣᠨ ᠰᠦᠪᠡᠭᠴᠢᠯᠡᠭᠰᠡᠨ ᠪᠠᠶᠢᠨ᠎ᠠ᠃ ᠠᠳᠡ ᠠᠴᠠ ᠪᠢᠳᠡ ᠢᠰᠢᠪᠠᠯᠵᠣᠷ ᠤᠨ ᠲᠡᠣᠬᠡᠨ ᠬᠡᠷᠡᠭ ᠢ ᠲᠡᠮᠳᠡᠭᠯᠡᠬᠦ ᠲᠡᠳᠦᠢ ᠪᠢᠰᠢ᠂ ᠶᠠᠭᠠᠬᠢᠭᠠᠳ ᠲᠡᠶᠢᠮᠦ ᠪᠣᠯᠣᠭᠰᠠᠨ ᠣᠴᠢᠷ ᠰᠢᠯᠳᠠᠭᠠᠨ ᠪᠠ ᠵᠢᠮ᠎ᠡ ᠬᠠᠣᠯᠢ ᠶᠢ ᠰᠦᠪᠡᠭᠴᠢᠯᠡᠭᠰᠡᠨ ᠣᠷᠣᠯᠳᠣᠯᠭ᠎ᠠ ᠪᠠ ᠦᠵᠡᠯ ᠣᠬᠠᠮᠰᠠᠷ ᠢ ᠦᠵᠡᠨ ᠭᠠᠷᠴᠤ ᠪᠣᠯᠣᠨ᠎ᠠ᠃ ᠰᠦᠮᠪᠠ ᠬᠠᠮᠪᠤ ᠢᠰᠢᠪᠠᠯᠵᠤᠷ ᠤᠨ ᠦᠨᠳᠣᠰᠣᠳᠡᠨ ᠣᠭᠰᠠᠭ᠎ᠠ ᠪᠠᠨ ᠬᠠᠯᠠᠮᠵᠢᠯᠠᠬᠤ ᠲᠡᠣᠬᠡᠨ ᠣᠬᠠᠮᠰᠠᠷ ᠤᠨ ᠲᠣᠬᠠᠢ ︵ᠭᠤᠷᠪᠠ︶ ︽ᠬᠦᠬᠡᠨᠠᠭᠤᠷ ᠤᠨ ᠲᠡᠣᠬᠡ︾ ᠳᠤ ᠯᠣᠪᠰᠠᠩᠳᠠᠨᠵᠢᠨ ᠤ ᠣᠷᠪᠠᠯᠭᠠᠨ ᠡᠭᠦᠰᠦᠭᠰᠡᠨ ᠰᠢᠯᠳᠠᠭᠠᠨ ᠢ ᠭᠤᠣᠯᠳᠠᠭᠤ ᠲᠦᠷᠪᠡᠨ ᠲᠠᠯ᠎ᠠ ᠪᠠᠷ ᠦᠭᠦᠯᠡᠵᠦ ᠪᠣᠢ᠃ ᠲᠡᠮᠣᠷ ᠬᠤᠯᠣᠭᠠᠨ᠎ᠠ ᠵᠢᠯ᠂ 1720 ᠣᠨ ᠳᠤ᠂ ᠲᠣᠯᠣᠳᠣᠭᠠᠷ ᠲᠠᠯᠠᠢ ᠯᠠᠮᠠ ᠭᠠᠯᠰᠠᠩᠵᠠᠮᠰᠤ ᠶᠢ ᠠᠷᠪᠠᠨ ᠭᠤᠷᠪᠠᠳᠠᠢ ᠵᠢᠯ ᠳᠤ ᠨᠢ ᠲᠦᠪᠡᠳ ᠲᠤ ᠬᠦᠷᠭᠡᠨ ᠲᠠᠯᠠᠢ ᠯᠠᠮᠠ ᠶᠢᠨ ᠰᠠᠭᠤᠷᠢᠨ  ᠳᠤ ᠨᠢ ᠰᠠᠭᠤᠯᠭᠠᠬᠤ ᠪᠠᠷ ᠡᠩᠬᠡ ᠠᠮᠣᠭᠤᠯᠠᠩ ᠬᠠᠭᠠᠨ ᠣᠯᠠᠨ ᠨᠣᠶᠠᠳ ᠪᠠ ᠬᠤᠪᠢᠯᠭᠠᠳ ᠢ ᠲᠣᠮᠢᠯᠠᠨ ᠬᠦᠷᠭᠡᠯᠭᠡᠬᠦ  ᠳᠤ ᠬᠦᠬᠡᠨᠠᠭᠤᠷ ᠤᠨ ᠣᠶᠢᠷᠠᠳ ᠭᠦᠦᠱᠢ ᠬᠠᠭᠠᠨ ᠤ ᠣᠮᠪᠣᠯᠣ ᠯᠣᠪᠰᠠᠩᠳᠠᠨᠵᠢᠨ ᠴᠢᠨ ᠸᠠᠩ᠂ ᠭᠠᠯᠳᠠᠨ ᠡᠷᠳᠡᠨᠢ ᠵᠢᠨᠣᠩ ᠵᠢᠶᠦ᠋ᠨ ᠸᠠᠩ᠂ ᠡᠷᠳᠡᠨᠢ ᠡᠷᠢᠬᠡ᠂ ᠡᠷᠳᠡᠨᠢᠳᠠᠯᠠᠢ ᠪᠣᠱᠣᠭᠳᠣ᠂ ᠮᠡᠷᠭᠡᠨ ᠲᠠᠶᠢᠴᠢᠨ᠂ ᠴᠢᠨ ᠬᠤᠩ ᠲᠠᠶᠢᠵᠢ᠂ ᠵᠢᠭᠵᠦᠳᠵᠠᠪ᠂ ᠭᠡᠯᠢᠭ ᠵᠢᠨᠣᠩ ᠵᠡᠷᠭᠡ ᠶᠢᠨ ᠣᠯᠠᠨ ᠬᠦᠮᠦᠰ ᠬᠦᠷᠭᠡᠨ ᠣᠴᠢᠪᠠ᠃ ᠡᠭᠦᠨ ᠳᠤ ᠬᠦᠬᠡᠨᠠᠭᠤᠷ ᠤᠨ ᠮᠣᠩᠭᠤᠯᠴᠣᠳ ᠢ ᠠᠭᠤᠷᠯᠠᠭᠤᠯᠣᠭᠰᠠᠨ ᠶᠠᠪᠣᠳᠠᠯ ᠭᠠᠷᠴᠠᠢ᠃ ᠨᠢᠭᠡᠳᠦᠭᠡᠷ ᠲᠤ᠂ ᠲᠠᠯᠠᠢ ᠯᠠᠮᠠ ᠶᠢ ᠰᠠᠭᠤᠷᠢᠨ ᠳᠤ ᠭᠠᠷᠣᠭᠰᠠᠨ ᠪᠣᠳᠠᠯᠠ ᠣᠷᠳᠣᠨ ᠤ ᠶᠡᠭᠡ ᠬᠤᠷᠢᠮ ᠤᠨ ᠦᠶ᠎ᠡ ᠳᠤ᠂ ᠬᠢᠳᠡᠳ ᠤᠨ ᠶᠡᠭᠡ ᠨᠣᠶᠠᠳ ᠢ ᠭᠤᠣᠯ ᠳᠤ ᠨᠢ ᠰᠠᠭᠤᠯᠭᠠᠵᠦ᠂ ᠬᠦᠬᠡᠨᠠᠭᠤᠷ ᠤᠨ ᠮᠣᠩᠭᠤᠯᠴᠣᠳ ᠤᠨ ᠨᠣᠶᠠᠳ ᠢ ᠠᠷᠣ ᠮᠦᠷ ᠲᠤ ᠰᠠᠭᠤᠯᠭᠠᠵᠦ ᠬᠠᠰᠢ ᠶᠠᠰᠢ ᠢᠳᠡᠭᠡᠨ ᠦᠭᠭᠦᠭᠰᠡᠨ ᠪᠠᠶᠢᠨ᠎ᠠ᠃ ᠡᠨᠡ ᠨᠢ ᠬᠦᠬᠡᠨᠠᠭᠤᠷ ᠲᠦᠪᠡᠳ ᠢ ᠡᠵᠡᠯᠡᠨ ᠨᠣᠶᠠᠷᠬᠠᠵᠦ ᠪᠠᠶᠢᠭᠰᠠᠨ ᠭᠦᠦᠱᠢ ᠬᠠᠭᠠᠨ ᠤ ᠬᠤᠶᠢᠴᠢᠰ ᠲᠤ ᠠᠪᠴᠤ ᠬᠡᠯᠡᠪᠡᠯ ᠬᠡᠯᠡᠯᠭᠡᠨ ᠦᠭᠡᠢ ᠶᠡᠭᠡ ᠨᠡᠷ᠎ᠡ ᠨᠢᠭᠤᠷ ᠢ ᠭᠤᠳᠣᠭᠠᠵᠦ ᠬᠦᠨᠳᠦᠳᠭᠡᠭᠰᠡᠨ ᠦᠭᠡᠢ ᠦᠢᠯᠡ ᠳᠡᠭᠡᠨ ᠪᠠᠭᠳᠠᠭᠳᠠᠬᠤ ᠶᠣᠮ᠃ ᠬᠤᠶᠠᠳᠣᠭᠠᠷ ᠲᠤ᠂ ᠳ᠋ᠠᠭᠽᠧ ᠳ᠋ᠧᠪᠠ ᠶᠢᠨ ᠠᠮᠢᠨ ᠢ ᠭᠤᠶᠣᠬᠤ ᠳᠤ ᠰᠣᠨᠣᠰᠣᠭᠰᠠᠨ ᠦᠭᠡᠢ ᠮᠡᠳᠦ ᠭᠤᠶᠣᠭᠰᠠᠨ ᠬᠡᠷᠡᠭ ᠢ ᠬᠤᠭᠤᠰᠣᠨ ᠪᠣᠯᠭᠠᠵᠠᠢ᠃ ᠭᠤᠷᠪᠠᠳᠣᠭᠠᠷ ᠲᠤ᠂ ᠲᠡᠳᠡᠨᠡᠷ ᠲᠡᠶᠢᠮᠦ ᠬᠤᠯᠠ ᠠᠴᠠ ᠴᠦᠬᠦᠷᠡᠯ ᠦᠭᠡᠢ ᠶᠠᠪᠣᠵᠦ ᠲᠠᠯᠠᠢ ᠯᠠᠮᠠ ᠶᠢ ᠬᠠᠮᠠᠭᠠᠯᠠᠨ ᠬᠦᠷᠭᠡᠵᠦ ᠢᠷᠡᠭᠰᠡᠨ ᠪᠠ ᠬᠡᠷᠡᠭᠯᠡᠬᠦ ᠦᠶ᠎ᠡ ᠳᠤ ᠬᠦᠴᠦ ᠶᠢ ᠠᠪᠴᠤ᠂ ᠪᠣᠰᠤ ᠦᠶ᠎ᠡ ᠳᠤ ᠠᠴᠢ ᠶᠢ ᠨᠢ ᠲᠣᠣᠷᠠᠳᠣ ᠪᠠᠷ ᠦᠵᠡᠳᠡᠭ᠃ ᠲᠦᠷᠪᠡᠳᠦᠭᠡᠷ ᠲᠤ ᠂ ᠭᠦᠦᠱᠢ ᠬᠠᠭᠠᠨ ᠤ ᠦᠶ᠎ᠡ ᠠᠴᠠ ᠡᠬᠢᠯᠡᠨ ᠲᠦᠪᠡᠳ ᠤᠨ ᠬᠠᠭᠠᠨ ᠪᠠᠶᠢᠭᠰᠠᠨ᠂ ᠣᠳᠣ ᠴᠤ ᠲᠡᠶᠢᠮᠦ ᠪᠠᠶᠢᠪᠠᠯ ᠵᠣᠬᠢᠰᠳᠠᠢ ᠪᠠᠶᠢᠳᠠᠯ᠎ᠠ ᠽᠠᠩ ᠰᠢᠶᠠᠩ ᠬᠠᠩᠴᠢᠨ ᠢ ᠳ᠋ᠢᠰᠡᠷᠢᠳ ᠪᠣᠯᠭᠠᠭᠰᠠᠨ ᠵᠡᠷᠭᠡ ᠨᠢ ᠬᠦᠬᠡᠨᠠᠭᠤᠷ ᠤᠨ ᠬᠠᠭᠠᠨ ᠢᠵᠠᠭᠤᠷᠳᠣ ᠮᠣᠩᠭᠤᠯᠴᠣᠳ ᠢ ᠲᠣᠷᠣᠮᠵᠢᠯᠠᠭᠰᠠᠨ ᠭᠡᠵᠦ ᠣᠶᠢᠯᠠᠭᠠᠭᠳᠠᠵᠠᠢ᠃ ᠡᠶᠢᠮᠦ ᠠᠴᠠ ᠲᠡᠳᠡ ᠶᠡᠬᠡᠳᠡ ᠠᠭᠤᠷᠯᠠᠵᠦ ᠴᠢᠩ ᠤᠨ ᠲᠦᠷᠦ ᠲᠠᠢ ᠡᠰᠡᠷᠭᠦᠴᠡᠯᠳᠦᠶ᠎ᠡ ᠭᠡᠵᠦ ᠬᠡᠯᠡᠯᠴᠡᠭᠰᠡᠨ ᠢ ᠢᠰᠢᠪᠠᠯᠵᠣᠷ ᠰᠣᠨᠣᠰᠣᠭᠰᠠᠨ ᠭᠡᠵᠦ ᠲᠡᠮᠳᠡᠭᠯᠡᠵᠡᠢ᠃ ᠡᠨᠡ ᠬᠦ ᠡᠰᠡᠷᠭᠦᠴᠡᠯ ᠤᠨ ᠰᠢᠯᠳᠠᠭᠠᠨ ᠤ ᠭᠤᠣᠯ ᠨᠢ ᠬᠠᠰᠢᠯᠠ ᠬᠦᠬᠡᠨᠠᠭᠤᠷ ᠤᠨ ᠭᠦᠦᠱᠢ ᠬᠠᠭᠠᠨ ᠤ ᠬᠤᠶᠢᠴᠢᠰ ᠤᠨ ᠲᠦᠪᠡᠳ ᠲᠠᠬᠢ ᠨᠣᠶᠠᠷᠬᠠᠯ ᠤᠨ ᠡᠷᠬᠡ ᠪᠠᠨ ᠠᠯᠳᠠᠭᠰᠠᠨ ᠪᠠ ᠬᠦᠬᠡᠨᠠᠭᠤᠷ ᠣᠷᠣᠨ ᠳᠠᠬᠢ ᠨᠣᠶᠠᠷᠬᠠᠯ  ᠤᠨ ᠡᠷᠬᠡ ᠨᠢ ᠪᠠᠭᠤᠷᠠᠨ ᠰᠣᠯᠠᠷᠠᠵᠦ᠂ ᠮᠠᠨᠵᠤ ᠶᠢᠨ ᠵᠠᠰᠠᠭ ᠲᠤ ᠲᠣᠷ᠎ᠠ ᠦᠭᠡᠶᠢᠴᠡᠭᠰᠡᠨ ᠠᠴᠠ ᠪᠣᠯᠣᠭᠰᠠᠨ ᠶᠣᠮ᠃ ᠣᠴᠢᠷ ᠨᠢ ᠬᠦᠬᠡᠨᠠᠭᠤᠷ ᠮᠣᠩᠭᠤᠯᠴᠣᠳ ᠮᠠᠨᠵᠤ ᠶᠢᠨ ᠬᠠᠭᠠᠨ ᠤ ᠨᠤᠶᠠᠷᠬᠠᠯ ᠢ ᠬᠦᠯᠢᠶᠡᠨ ᠠᠪᠣᠭᠰᠠᠨ ᠤ ᠲᠠᠷᠠᠭ᠎ᠠ᠂ ᠬᠡᠷᠡᠭ ᠣᠴᠢᠷ ᠲᠡᠳᠡᠨ ᠤ ᠰᠠᠨᠠᠭ᠎ᠠ ᠪᠠᠷ ᠪᠢᠰᠢ ᠪᠣᠯᠵᠦ᠂ ᠬᠦᠬᠡᠨᠠᠭᠤᠷ ᠲᠦᠪᠡᠳ ᠢ ᠨᠣᠶᠠᠷᠬᠠᠵᠦ ᠪᠠᠶᠢᠭᠰᠠᠨ ᠬᠠᠭᠠᠨ ᠣᠭᠰᠠᠭ᠎ᠠ ᠯᠾᠠᠰᠠ ᠳᠤ ᠬᠦᠨᠳᠦᠯᠡᠭᠳᠡᠬᠦ ᠦᠭᠡᠢ ᠪᠣᠯᠣᠭᠰᠠᠨ ᠨᠢ ᠲᠡᠳᠡᠨ ᠤ ᠡᠭ᠍ᠳᠡᠭᠦᠴᠡᠯ ᠬᠢᠯᠢᠩᠨᠡᠯ ᠢ ᠬᠦᠷᠭᠡᠬᠦ ᠨᠢ ᠠᠶᠠᠨᠳᠠᠭᠠᠨ ᠤ ᠬᠡᠷᠡᠭ ᠪᠣᠯᠵᠠᠢ᠃ ᠡᠭᠦᠨ ᠤ ᠲᠡᠭᠡᠷ᠎ᠡ ᠮᠠᠨᠵᠤ ᠠᠴᠠ ᠪᠠᠰᠠ ᠬᠦᠬᠡᠨᠠᠭᠤᠷ ᠤᠨ ᠸᠠᠩ ᠨᠠᠷ ᠪᠠ ᠠᠶᠢᠮᠠᠭ  ᠤᠨ ᠠᠬᠠᠯᠠᠭᠴᠢ ᠨᠠᠷ ᠢ ᠬᠤᠭᠤᠷᠣᠨᠳᠣ ᠨᠢ ᠵᠠᠪᠰᠠᠷᠳᠠᠭᠤᠯᠤᠨ ᠡᠷᠬᠡ ᠶᠢ ᠨᠢ ᠬᠤᠪᠢᠶᠠᠭᠰᠠᠨ ᠠᠴᠠ ᠬᠦᠬᠡᠨᠠᠭᠤᠷ ᠤᠨ ᠨᠣᠶᠠᠷᠬᠠᠬᠤ ᠡᠷᠬᠡ ᠶᠢ ᠠᠳᠬᠤᠵᠦ ᠪᠠᠶᠢᠭᠰᠠᠨ ᠭᠦᠦᠱᠢ ᠬᠠᠭᠠᠨ ᠤ ᠣᠮᠪᠣᠯᠣ ᠯᠣᠪᠰᠠᠩᠳᠠᠨᠵᠢᠨ ᠴᠢᠨ ᠸᠠᠩ ᠵᠡᠷᠭᠡ ᠬᠠᠭᠠᠨ ᠤᠭᠰᠠᠭᠠᠨ ᠤ ᠡᠷᠬᠡ ᠨᠢ ᠬᠢᠵᠠᠭᠠᠷᠯᠠᠭᠳᠠᠵᠦ ᠣᠯᠠᠮ ᠢᠶᠠᠷ ᠪᠠᠭᠠᠰᠬᠤ ᠬᠠᠨᠳᠣᠰᠢ ᠲᠠᠢ ᠪᠣᠯᠵᠦ ᠪᠠᠶᠢᠭᠰᠠᠨ ᠨᠢ ᠲᠡᠳᠡᠨ ᠤ ᠡᠭ᠍ᠳᠡᠭᠦᠴᠡᠵᠦ ᠪᠠᠶᠢᠭᠰᠠᠨ ᠤ ᠪᠠᠰᠠ ᠨᠢᠭᠡᠨ ᠭᠤᠣᠯ ᠰᠢᠯᠳᠠᠭᠠᠨ ᠪᠣᠯᠵᠦ ᠪᠠᠶᠢᠵᠠᠢ᠃ ᠪᠣᠳᠠᠳᠠᠢ ᠲᠣᠷᠠᠳᠪᠠᠯ᠂ ᠴᠠᠭᠠᠨ ᠳ᠋ᠠᠨᠵᠢᠨ ᠢ ᠴᠢᠨ ᠸᠠᠩ ᠡᠷᠭᠦᠮᠵᠢᠯᠡᠭᠰᠡᠨ ᠪᠠ ᠡᠷᠳᠡᠨᠢ ᠡᠷᠢᠬᠡ ᠲᠣᠭᠳᠠᠬᠤ ᠶᠢ ᠵᠢᠶᠦ᠋ᠨ ᠸᠠᠩ ᠡᠷᠭᠦᠮᠵᠢᠯᠡᠨ᠂ ᠯᠣᠪᠰᠠᠩᠳᠠᠨᠵᠢᠨ ᠳᠤ ᠵᠦᠪᠬᠡᠨ ᠪᠠᠭ᠎ᠠ ᠬᠡᠰᠡᠭ ᠱᠠᠩᠨᠠᠯ ᠦᠭᠴᠦ ᠡᠷᠬᠡ ᠶᠢ ᠨᠢ ᠬᠢᠵᠠᠭᠠᠷᠯᠠᠪᠠ᠃ ᠵᠠᠷᠢᠮ ᠰᠣᠳᠣᠯᠣᠭᠴᠢᠳ ᠯᠣᠪᠰᠠᠩᠳᠠᠨᠵᠢᠨ ᠦᠨᠡᠨ ᠳᠡᠭᠡᠨ ᠴᠢᠩ ᠣᠯᠣᠰ ᠢ ᠡᠰᠡᠷᠭᠦᠴᠡᠬᠦ ᠰᠠᠨᠠᠭ᠎ᠠ ᠦᠭᠡᠢ᠂ ᠵᠦᠪᠬᠡᠨ ᠡᠷᠬᠡ  ᠪᠠᠨ ᠠᠯᠳᠠᠵᠦ ᠪᠠᠶᠢᠭ᠎ᠠ ᠳᠤ ᠲᠣᠷ᠎ᠠ ᠦᠭᠡᠶᠢᠴᠡᠭᠰᠡᠨ ᠢ ᠦᠭᠡᠷ᠎ᠡ ᠣᠭᠰᠠᠭᠠᠨ ᠤ ᠬᠦᠮᠦᠰ ᠴᠢᠩ ᠤᠨ ᠬᠠᠭᠠᠨ ᠳᠤ ᠬᠤᠪᠯᠠᠭᠰᠠᠨ ᠪᠠ ᠬᠢᠳᠡᠳ ᠤᠨ ᠴᠡᠷᠢᠭ ᠤᠨ ᠵᠠᠩᠵᠣᠨ ᠡᠷᠳᠡᠨ ᠠᠴᠠ ᠬᠦᠬᠡᠨᠠᠭᠤᠷ ᠢ ᠲᠠᠷᠣᠯᠠᠬᠤ ᠰᠠᠨᠠᠭ᠎ᠠ ᠲᠠᠢ ᠪᠠᠶᠢᠭᠰᠠᠨ ᠲᠣᠯᠠ ᠯᠣᠪᠰᠠᠩᠳᠠᠨᠵᠢᠨ ᠤ ᠡᠭ᠍ᠳᠡᠭᠦᠴᠡᠯ ᠢᠶᠠᠷ ᠰᠢᠯᠳᠠᠭ ᠪᠣᠯᠭᠠᠨ ᠴᠡᠷᠢᠭ ᠣᠷᠣᠵᠦ ᠬᠢᠰᠣᠳᠣ ᠬᠢᠳᠣᠯᠭ᠎ᠠ ᠶᠠᠪᠣᠭᠤᠯᠣᠭᠰᠠᠨ ᠭᠡᠵᠦ ᠦᠵᠡᠵᠡᠢ᠃ ᠶᠠᠭᠤ ᠴᠤ ᠭᠡᠰᠡᠨ ᠲᠣᠬᠠᠢ ᠶᠢᠨ ᠦᠶ᠎ᠡ ᠳᠤ ᠯᠣᠪᠰᠠᠩᠳᠠᠨᠵᠢᠨ ᠲᠡᠷᠢᠭᠦᠳᠡᠢ ᠬᠦᠬᠡᠨᠠᠭᠤᠷ ᠤᠨ ᠢᠵᠠᠭᠤᠷᠳᠠᠳ ᠮᠠᠨᠵᠤ ᠶᠢᠨ ᠨᠣᠶᠠᠷᠬᠠᠯ ᠳᠤ ᠲᠣᠷ᠎ᠠ ᠦᠭᠡᠶᠢᠴᠡᠵᠦ ᠪᠠᠶᠢᠭᠰᠠᠨ ᠨᠢ ᠦᠨᠡᠨ ᠪᠠᠶᠢᠬᠤ᠃ ᠢᠰᠢᠪᠠᠯᠵᠣᠷ ᠲᠣᠬᠠᠢ ᠶᠢᠨ ᠦᠶ᠎ᠡ ᠳᠤ ᠯᠣᠪᠰᠠᠩᠳᠠᠨᠵᠢᠨ ᠤ ᠡᠰᠡᠷᠭᠦᠴᠡᠯ ᠤᠨ ᠴᠡᠷᠢᠭ ᠤᠨ ᠦᠢᠮᠡᠭᠡᠨ ᠢ ᠨᠢᠳᠣ ᠪᠠᠷ ᠦᠵᠡᠵᠦ ᠪᠠᠶᠢᠭᠰᠠᠨ ᠪᠦᠭᠡᠳ ᠲᠡᠷᠡ ᠣᠷᠣᠨ ᠳᠤ ᠠᠮᠢᠳᠣᠷᠠᠵᠦ ᠪᠠᠶᠢᠭᠰᠠᠨ ᠲᠤᠯᠠ ᠲᠡᠭᠦᠨ ᠤ ᠵᠠᠳᠠᠯᠣᠯᠳᠠ ᠨᠢ ᠢᠳᠡᠭᠡᠭᠦᠰᠢᠳᠡᠢ ᠶᠣᠮ᠃ ︽ᠬᠦᠬᠡᠨᠠᠭᠤᠷ ᠤᠨ ᠲᠡᠣᠬᠡ︾ ᠲᠤ᠂ ᠯᠣᠪᠰᠠᠩᠳᠠᠨᠵᠢᠨ ᠤ ᠢᠯᠠᠭᠳᠠᠭᠰᠠᠨ ᠰᠢᠯᠳᠠᠭᠠᠨ ᠢ ᠵᠠᠳᠠᠯᠵᠦ᠂ ᠲᠡᠭᠦᠨ ᠤ ᠡᠰᠡᠷᠭᠦᠴᠡᠯ ᠢᠯᠠᠭᠳᠠᠬᠤ ᠨᠢ ᠵᠠᠶᠢᠯᠠᠰᠢ ᠦᠭᠡᠢ ᠭᠡᠵᠦ ᠦᠵᠡᠵᠡᠢ᠃ ᠶᠠᠭᠤᠨ ᠤ ᠡᠮᠣᠨ᠎ᠡ ᠬᠦᠴᠦᠷᠬᠡᠭ ᠶᠡᠭᠡ ᠮᠠᠨᠵᠣ ᠶᠢᠨ ᠨᠣᠶᠠᠷᠬᠠᠯ ᠲᠣᠣᠷ᠎ᠠ ᠣᠷᠣᠴᠢᠬᠠᠭᠰᠠᠨ ᠤ ᠬᠤᠶᠢᠨ᠎ᠠ᠂ ᠲᠠᠬᠢᠨ ᠲᠡᠭᠦᠨ ᠢ ᠡᠰᠡᠷᠭᠦᠴᠡᠬᠦ  ᠨᠢ ︽ᠴᠢᠳᠬᠦᠷ ᠲᠣᠷᠣᠨ᠎ᠠ ᠵᠣᠯᠢᠭ ᠦᠷᠦᠨ᠎ᠡ ᠶᠢᠨ ᠦᠯᠢᠭᠡᠷ︾ ᠪᠣᠯᠵᠠᠢ ᠭᠡᠵᠦ ᠦᠵᠡᠪᠡ᠃ ︽ᠭᠡᠪᠡᠴᠦ ᠬᠢᠳᠡᠳ ᠪᠠ ᠲᠦᠪᠡᠳ ᠤᠨ ᠠᠯᠢᠨ ᠯᠤᠭ᠎ᠠ ᠲᠠᠶᠢᠯᠠᠯᠳᠣᠬᠤ ᠪᠠ ᠢᠯᠠᠩᠭᠤᠶ᠎ᠠ ᠬᠢᠳᠡᠳ ᠬᠠᠭᠠᠨ ᠤ ᠠᠯᠪᠠᠳᠤ ᠶᠢᠨ ᠲᠣᠳᠣᠷ᠎ᠠ ᠰᠠᠭᠤᠨ ᠪᠦᠭᠡᠳᠡᠯᠡ᠂ ᠬᠢᠳᠡᠳ ᠲᠤᠷ ᠴᠡᠷᠢᠭᠯᠡᠬᠦᠢ ᠢᠨᠤ ᠴᠢᠳᠬᠦᠷ ᠵᠡᠭᠦᠨ᠎ᠡ ᠵᠣᠯᠢᠭ ᠦᠷᠦᠨ᠎ᠡ ᠶᠢᠨ ᠦᠯᠢᠭᠡᠷ︾ ᠪᠣᠯᠵᠠᠢ ᠭᠡᠵᠡᠢ᠃ ᠬᠤᠶᠠᠳᠣᠭᠠᠷ ᠲᠤ᠂ ᠵᠣᠬᠢᠶᠠᠨ ᠪᠠᠶᠢᠭᠤᠯᠤᠯᠳᠠ ᠰᠣᠯᠠ ᠵᠠᠳᠠᠭᠠᠢ᠃ ᠲᠡᠳᠡᠨᠡᠷ 1721 ᠣᠨ ᠳᠤ ᠬᠦᠬᠡᠨᠠᠭᠤᠷ ᠲᠠᠭᠠᠨ ᠬᠠᠷᠢᠭᠠᠳ ᠮᠠᠨᠵᠤ ᠲᠠᠢ ᠡᠰᠡᠷᠭᠦᠴᠡᠯᠳᠦᠨ᠎ᠡ ᠭᠡᠵᠦ ᠠᠮᠠᠯᠠᠵᠦ ᠬᠡᠯᠡᠴᠢᠭᠡᠭᠡᠳ ᠲᠡᠭᠦᠨ ᠤ ᠲᠠᠷᠠᠭ᠎ᠠ ᠵᠢᠯ ᠨᠢ ᠰᠠᠶ᠋ᠢ ᠴᠣᠭᠯᠠᠵᠦ ᠡᠰᠡᠷᠭᠦᠴᠡᠬᠦ ᠣᠴᠢᠷ ᠢᠶᠠᠨ ᠵᠦᠪᠳᠡᠭᠰᠡᠨ ᠮᠦᠷᠳᠡᠭᠡᠨ ᠪᠠᠰᠠ ᠲᠣᠳᠣᠷᠠᠬᠢ ᠰᠠᠨᠠᠯ ᠪᠣᠳᠣᠯ ᠨᠢᠭᠡᠳᠦᠯ ᠦᠭᠡᠢ ᠪᠠᠶᠢᠵᠦ᠂ ᠡᠮᠣᠨᠡᠬᠢ ᠲᠠᠩᠭᠠᠷᠢᠭ ᠢᠶᠠᠨ ᠪᠡᠶᠡᠯᠡᠬᠦᠯᠵᠦ ᠴᠢᠳᠠᠭᠰᠠᠨ ᠦᠭᠡᠢ ᠪᠠᠶᠢᠯ᠎ᠠ᠃ ᠲᠡᠭᠡᠭᠡᠳ ᠲᠡᠭᠦᠨ ᠤ ᠬᠢᠨᠢ ᠲᠠᠷᠠᠭ᠎ᠠ ᠵᠢᠯ᠂ 1723 ᠣᠨ ᠳᠤ ᠨᠠᠶᠢᠷᠠᠯᠳᠣ ᠲᠦᠪ ᠬᠠᠭᠠᠨ ᠰᠠᠭᠤᠷᠢᠨ ᠢ ᠵᠠᠯᠭᠠᠮᠵᠢᠯᠠᠭᠰᠠᠨ ᠤ ᠲᠠᠷᠠᠭ᠎ᠠ ᠪᠣᠰᠣᠯᠴᠠᠬᠤ ᠪᠠᠷ ᠴᠡᠷᠢᠭ ᠮᠣᠷᠢ ᠴᠣᠭᠯᠠᠭᠤᠯᠣᠭᠰᠠᠨ ᠪᠠᠶᠢᠳᠠᠭ᠃ ᠭᠤᠷᠪᠠᠳᠣᠭᠠᠷ ᠲᠤ᠂ ᠴᠡᠷᠢᠭ ᠲᠠᠶᠢᠨ ᠤ ᠲᠣᠷᠰᠢᠯᠭ᠎ᠠ ᠦᠭᠡᠢ᠃ ᠲᠡᠭᠡᠭᠡᠳ ᠲᠣᠳᠣᠭᠠᠳᠤ ᠶᠢᠨ ᠬᠢᠮᠣᠷᠠᠯ ᠡᠭᠦᠰᠭᠡᠵᠦ ︽ᠬᠢᠳᠡᠳ ᠤᠨ ᠵᠠᠷᠢᠮ ᠬᠤᠳᠠ ᠳᠤᠷ ᠴᠡᠷᠢᠭᠯᠡᠪᠡᠰᠦ ᠪᠠᠷ᠃ ᠴᠡᠷᠢᠭ ᠤᠨ ᠦᠢᠯᠡ ᠦᠯᠦ ᠮᠡᠳᠡᠬᠦ ᠨᠢᠯᠬᠠᠰ ᠤᠨ ᠨᠠᠭᠠᠳᠣᠮ ᠤᠨ ᠶᠣᠰᠣᠨ᠃ ᠲᠡᠷᠡ ᠴᠠᠭ  ᠲᠤᠷ ᠬᠢᠳᠡᠳ ᠴᠡᠷᠢᠭ ᠤᠳ ᠶᠡᠭᠡ ᠴᠡᠷᠢᠭ ᠤᠨ ᠦᠮᠦᠭ ᠢ᠃ ᠡᠨᠡ ᠵᠦᠭ ᠤᠨ ᠲᠡᠯᠡᠬᠡᠢ ᠳᠤᠷ ᠲᠦᠭᠡᠨ ᠲᠡᠩᠴᠡᠭᠦᠢ  ᠪᠠᠷ ᠪᠠᠶᠢᠯᠳᠣᠭᠠᠨ᠎ᠠ ᠪᠡᠯᠡᠳᠴᠦ᠂ ᠪᠦᠷᠭᠦᠳ ᠪᠠᠷ ᠪᠣᠯᠵᠣᠮᠣᠷ ᠤᠨ ᠴᠢᠭᠤᠯᠭᠠᠨ ᠢ ᠬᠦᠭᠡᠭᠰᠡᠨ ᠮᠡᠳᠦ ᠲᠠᠷᠬᠠᠭᠠᠬᠤᠢ  ᠳᠤᠷ᠂ ᠮᠣᠩᠭᠤᠯ ᠴᠡᠷᠢᠭ ᠤᠨ ᠣᠷᠣᠢ ᠲᠡᠷᠢᠭᠦᠳ ᠣᠮᠠᠷ᠎ᠠ ᠳᠤᠷ ᠲᠣᠳᠠᠭᠠᠵᠦ ᠪᠣᠰᠤᠳ ᠲᠠᠷᠬᠠᠪᠠᠢ︾ ﹇6﹈ ︵33 — 34︶᠃ ᠠᠳᠡ ᠴᠡᠷᠢᠭ ᠤᠨ ᠦᠢᠯᠡ ᠮᠡᠳᠡᠬᠦ ᠦᠭᠡᠢ ᠲᠤᠯᠠ᠂ ᠨᠢᠶᠠᠨ ᠭᠧᠩ ᠶᠣᠣ᠂ ᠶᠦᠸᠧ ᠵᠦᠩ ᠴᠢ ᠶᠢᠨ ᠶᠡᠭᠡ ᠴᠡᠷᠢᠭ ᠲᠠᠷᠣᠨ ᠢᠷᠡᠬᠦ ᠳᠤ ᠬᠠᠷᠢᠭᠤᠴᠠᠨ ᠲᠣᠯᠣᠯᠳᠣᠮᠠᠭᠴᠠ ᠪᠣᠳᠠ ᠴᠣᠬᠢᠭᠳᠠᠵᠦ᠂ ᠵᠦᠭ ᠵᠦᠭ ᠲᠡᠭᠡᠨ ᠰᠠᠷᠨᠢᠭᠰᠠᠨ ᠪᠠᠶᠢᠳᠠᠯ ᠢ ᠲᠡᠮᠳᠡᠭᠯᠡᠭᠰᠡᠨ ᠪᠠᠶᠢᠳᠠᠭ᠃ ᠬᠢᠳᠡᠳ ᠴᠡᠷᠢᠭ ᠤᠳ ᠡᠭᠦᠨ ᠤ ᠲᠠᠷᠠᠭ᠎ᠠ ᠬᠦᠬᠡᠨᠠᠭᠤᠷ ᠣᠷᠣᠨ  ᠳᠤ ᠲᠦᠷᠢᠨ ᠣᠷᠣᠵᠦ ᠶᠡᠭᠡ ᠬᠢᠳᠦᠯᠭ᠎ᠠ᠂ ᠶᠡᠭᠡ ᠭᠠᠯᠳᠠᠯᠭ᠎ᠠ ᠶᠠᠪᠣᠭᠤᠯᠵᠦ᠂ ᠰᠦᠮ᠎ᠡ ᠬᠡᠶᠢᠳ ᠢ ᠭᠠᠯᠳᠠᠨ ᠰᠦᠢᠳᠭᠡᠵᠦ᠂ ᠯᠠᠮᠠ ᠬᠤᠸᠠᠷᠠᠭ ᠢ ᠬᠦᠨᠦᠭᠡᠨ ᠠᠯᠠᠵᠦ᠂ ᠡᠭᠡᠯ ᠮᠣᠩᠭᠤᠯ ᠠᠷᠠᠳ ᠢ ᠴᠤ ᠶᠡᠬᠡᠪᠡᠷ ᠬᠢᠳᠣᠨ ᠠᠯᠠᠭᠰᠠᠨ ᠬᠠᠷᠠᠰᠠᠯᠳᠣ ᠬᠡᠷᠡᠭ ᠭᠠᠷᠭᠠᠪᠠ᠃ ᠡᠨᠡ ᠨᠢ ᠢᠰᠢᠪᠠᠯᠵᠤᠷ ᠤᠨ ᠦᠭᠡ ᠪᠠᠷ ᠬᠡᠯᠡᠪᠡᠯ᠂ ᠷᠠᠬᠤ ᠰᠠᠷᠠᠨ ᠢ ᠵᠠᠯᠭᠢᠭᠰᠠᠨ  ᠠᠴᠠ ᠭᠠᠵᠠᠷ ᠲᠡᠯᠡᠬᠡᠢ ᠬᠠᠷᠠᠩᠭᠤᠢ ᠪᠣᠯᠣᠭᠰᠠᠨ ᠪᠠᠶᠢᠨ᠎ᠠ᠃ ᠣᠶᠢᠷᠠᠳ ᠮᠣᠩᠭᠤᠯ ᠤᠨ ᠨᠢᠭᠡᠨ ᠭᠡᠰᠢᠭᠦᠨ ᠪᠣᠯᠣᠭᠰᠠᠨ  ᠤ ᠬᠤᠪᠢ ᠳᠤ᠂ ᠮᠦᠨ ᠯᠣᠪᠰᠠᠩᠳᠠᠨᠵᠢᠨ ᠨᠠᠷ ᠲᠠᠢ ᠲᠣᠳᠣᠨᠣ ᠬᠠᠷᠢᠴᠠᠭ᠎ᠠ ᠲᠠᠢ ᠪᠠᠶᠢᠭᠰᠠᠨ ᠢᠰᠢᠪᠠᠯᠵᠣᠷ ᠲᠤ ᠠᠪᠴᠤ ᠬᠡᠯᠡᠪᠡᠯ᠂ ᠬᠦᠬᠡᠨᠠᠭᠤᠷ ᠮᠣᠩᠭᠤᠯᠴᠣᠳ ᠤᠨ ᠴᠢᠰᠦᠳᠦ ᠲᠠᠷᠣᠩᠭᠤᠶᠢᠯᠠᠯ ᠳᠤ ᠣᠴᠠᠷᠠᠵᠦ᠂ ᠰᠦᠮ᠎ᠡ ᠬᠡᠶᠢᠳ  ᠨᠢ ᠭᠠᠯᠳᠠᠭᠳᠠᠨ ᠬᠤᠳᠣᠭᠳᠣ ᠬᠤᠪᠢᠯᠭᠠᠳ ᠬᠠᠷᠠᠰᠠᠯᠳᠠᠢ ᠬᠤᠣᠷᠯᠠᠭᠳᠠᠭᠰᠠᠨ ᠶᠠᠪᠣᠳᠠᠯ ᠨᠢ ᠲᠡᠭᠦᠨ ᠳᠤ ᠯᠣᠳᠣ ᠶᠡᠭᠡ ᠴᠣᠬᠢᠯᠳᠠ ᠪᠣᠯᠵᠠᠢ᠃ ᠲᠡᠷᠡ ᠲᠦᠪᠡᠳ ᠲᠤ ᠨᠣᠮ ᠰᠣᠷᠴᠤ ᠪᠠᠶᠢᠭ᠎ᠠ ᠬᠤᠭᠤᠴᠠᠭᠠᠨ ᠳᠠᠭᠠᠨ ᠡᠨᠡ ᠣᠴᠢᠷ ᠢ ᠰᠣᠨᠣᠰᠣᠭᠰᠠᠨ ᠤ ᠲᠠᠷᠠᠭ ᠵᠣᠪᠠᠨ ᠡᠨᠡᠯᠦᠬᠦ ᠶᠢᠨ ᠲᠦᠢᠯ ᠪᠣᠯᠵᠦ ︽ᠪᠡᠶ᠎ᠡ ᠴᠣᠭᠴᠠ ᠮᠠᠰᠢᠳᠠ ᠰᠢᠨᠠᠯᠤᠨ᠂ ᠵᠢᠷᠦᠬᠡ ᠶᠢ ᠰᠣᠭᠤᠯᠣᠭᠰᠠᠨ ᠮᠡᠳᠦ ᠲᠣᠳᠣᠷ᠎ᠠ ᠬᠡᠳᠦᠷᠬᠡᠢ ᠬᠦᠨᠳᠡᠢ ᠬᠤᠭᠤᠰᠣᠨ ᠪᠣᠯᠵᠦ᠂ ᠢᠳᠡᠭᠡ ᠣᠮᠳᠠᠭᠠᠨ ᠳᠤ ᠡᠰᠡ ᠲᠣᠷᠠᠯᠠᠨ ᠂ ᠰᠡᠳᠬᠢᠯ ᠤᠨ ᠲᠡᠷᠭᠡᠯ ᠰᠠᠷᠠᠨ ᠢ ᠪᠦᠬᠦᠯᠢ ᠪᠠᠷ ᠨᠢ ᠵᠣᠪᠠᠯᠠᠩ ᠤᠨ ᠷᠠᠬᠤ ᠳᠤᠷ ᠬᠠᠯᠬᠠᠯᠠᠭᠳᠠᠭᠠᠳ ᠪᠡᠶ᠎ᠡ ᠳᠤᠷ ᠪᠠᠳᠣ ᠡᠰᠡ ᠲᠣᠭᠳᠠᠬᠤ ᠴᠢᠨᠠᠷ ᠵᠢᠭᠠᠬᠠᠨ ᠢᠯᠡᠷᠬᠡᠢ ᠪᠣᠯᠣᠭᠰᠠᠨ ︵ᠦᠬᠦᠭᠰᠡᠨ ᠰᠢᠭ ᠲᠦᠷᠦᠭᠳᠡᠯ ᠲᠠᠢ ᠪᠣᠯᠣᠭᠰᠠᠨ︶︾ ﹇1﹈ ︵36 ᠲᠣᠣᠷᠠᠳᠤ︶ ᠪᠠᠶᠢᠨ᠎ᠠ᠃ ᠡᠭᠦᠨ ᠤ ᠲᠠᠷᠠᠭ᠎ᠠ ᠢᠰᠢᠪᠠᠯᠵᠣᠷ ᠤᠨ ᠪᠠᠭᠰᠢ ᠨᠢ ᠲᠡᠭᠦᠨ ᠢ ᠲᠠᠶᠢᠳᠬᠤᠷᠠᠭᠤᠯᠵᠦ ᠡᠪᠡᠳᠴᠢᠨ ᠢ ᠨᠢ ᠵᠠᠰᠠᠵᠦ ᠦᠭᠭᠦᠭᠰᠡᠨ ᠠᠴᠠ ᠲᠡᠩᠭᠡᠷᠡᠭᠰᠡᠨ ᠭᠡᠳᠡᠭ᠃ ᠡᠭᠦᠨ ᠠᠴᠠ ᠢᠰᠢᠪᠠᠯᠵᠣᠷ ᠤᠨ ᠬᠠᠶᠢᠷ᠎ᠠ ᠰᠡᠳᠬᠢᠯᠭᠡ ᠬᠡᠴᠦᠨᠡᠭᠡᠨ ᠭᠦᠨ ᠭᠦᠨᠵᠡᠭᠡᠢ ᠭᠡᠰᠡᠨ ᠢ ᠣᠶᠢᠯᠠᠭᠠᠵᠦ ᠪᠣᠯᠣᠨ᠎ᠠ᠃ ᠢᠰᠢᠪᠠᠯᠵᠤᠷ ᠤᠨ ︽ᠦᠪᠡᠷ ᠤᠨ ᠨᠠᠮᠳᠠᠷ︾ ᠲᠤ᠂ ᠯᠣᠪᠰᠠᠩᠳᠠᠨᠵᠢᠨ ᠤ ᠡᠰᠡᠷᠭᠦᠴᠡᠯ ᠤᠨ ᠬᠡᠷᠡᠭ ᠣᠴᠢᠷ ᠡᠭᠦᠰᠦᠭᠰᠡᠨ ᠰᠢᠯᠳᠠᠭᠠᠨ ᠤ ᠲᠣᠬᠠᠢ ᠦᠭᠦᠯᠡᠯᠳᠡ ᠨᠢ ᠶᠡᠭᠡ ᠲᠦᠯᠦᠪ ᠠᠳᠠᠯᠢᠪᠳᠣᠷ᠂ ᠨᠢᠭᠡᠳᠦᠭᠡᠷ ᠨᠢ᠂ ᠲᠠᠯᠠᠢ ᠯᠠᠮᠠ ᠭᠠᠯᠰᠠᠩᠵᠠᠮᠰᠤ ᠶᠢ ᠬᠠᠮ ᠣᠷᠣᠨ ᠠᠴᠠ ᠲᠦᠪᠡᠳ ᠤᠨ ᠦᠢ ᠣᠷᠣᠨ ᠳᠤ ᠬᠠᠮᠠᠭᠠᠯᠠᠨ ᠬᠦᠷᠭᠡᠬᠦ ᠳᠤ ᠭᠤᠣᠯᠳᠠᠭᠤ ᠬᠦᠬᠡᠨᠠᠭᠤᠷ ᠤᠨ ᠶᠢᠰᠦᠨ ᠶᠡᠭᠡ ᠨᠣᠶᠠᠨ ᠴᠢᠷᠮᠠᠶᠢᠨ ᠬᠦᠷᠭᠡᠭᠰᠡᠨ ᠪᠦᠭᠡᠳ ᠲᠠᠯᠠᠢ ᠯᠠᠮᠠ ᠶᠢ ᠭᠠᠯᠳᠠᠨ ᠣᠷᠳᠣᠨ ᠤ ᠶᠡᠭᠡ ᠰᠢᠷᠡᠭᠡᠨ ᠳᠤ ᠰᠠᠭᠠᠳᠠᠭᠰᠠᠨ ᠶᠡᠭᠡ ᠨᠠᠶᠢᠷ ᠤᠨ ᠦᠶ᠎ᠡ ᠳᠤ᠂ ᠬᠡᠷᠡᠭ ᠲᠣᠰᠢᠶᠠᠭᠰᠠᠨ ︵ᠬᠡᠷᠡᠭ ᠢ ᠬᠠᠮᠢᠶᠠᠷᠣᠭᠴᠢ︶ ᠵᠠᠷᠢᠮ ᠬᠦᠮᠦᠨ ᠢᠯᠡᠳᠳᠡ ᠬᠡᠯᠪᠡᠶᠢᠵᠦ ᠬᠢᠳᠡᠳ ᠤᠨ ᠯᠠᠮᠠ ᠨᠣᠶᠠᠳ ᠢ ᠡᠷᠭᠦᠨ ᠬᠦᠨᠳᠦᠯᠡᠭᠡᠳ ᠬᠦᠬᠡᠨᠠᠭᠤᠷ ᠠᠴᠠ ᠢᠷᠡᠭᠰᠡᠳ ᠢ ᠲᠣᠷᠣᠮᠵᠢᠯᠠᠭᠰᠠᠨ ᠪᠠᠶᠢᠳᠠᠯ ᠬᠡᠳᠦᠷᠬᠡᠢ ᠢᠯᠡᠳᠳᠡ ᠪᠣᠯᠣᠭᠰᠠᠨ᠃ ᠬᠤᠶᠠᠳᠣᠭᠠᠷ ᠲᠤ᠂ ᠵᠡᠭᠦᠡᠭᠠᠷᠴᠤᠳ  ᠠᠴᠠ ᠳ᠋ᠢᠪᠠ ᠶᠢᠨ ᠵᠠᠰᠠᠭ ᠲᠤ ᠲᠠᠯᠪᠢᠭᠰᠠᠨ ᠳ᠋ᠢᠪᠠ ᠳ᠋ᠠᠭᠽᠧᠪᠠ ᠶᠢ ᠬᠡᠯᠳᠦᠷᠢᠭᠦᠯᠬᠦ ᠶᠢ ᠭᠤᠶᠣᠭᠰᠠᠨ ᠪᠣᠯᠪᠠᠴᠤ ᠨᠢᠭᠤᠷ ᠬᠠᠶᠢᠷᠠᠯᠠᠵᠦ ᠠᠮᠢ ᠶᠢ ᠨᠢ ᠬᠡᠯᠳᠦᠷᠢᠭᠦᠯᠦᠭᠰᠡᠨ ᠦᠭᠡᠢ᠃ ᠳ᠋ᠠᠭᠽᠧᠪᠠ ᠵᠡᠭᠦᠡᠭᠠᠷᠴᠤᠳ ᠢ ᠲᠠᠭᠠᠵᠦ ᠣᠯᠠᠨ ᠬᠦᠮᠦᠨ ᠢ ᠠᠯᠠᠭᠰᠠᠨ ᠪᠠᠶᠢᠵᠠᠢ᠃ ᠭᠤᠷᠪᠠᠳᠣᠭᠠᠷ ᠲᠤ᠂ ᠯᠣᠪᠰᠠᠩᠳᠠᠨᠵᠢᠨ ᠸᠠᠩ ᠯᠾᠠᠰᠠᠩ ᠬᠠᠭᠠᠨ ᠤ ᠣᠷᠣᠨ ᠳᠤ ᠬᠠᠭᠠᠨ ᠰᠠᠭᠤᠬᠤ ᠶᠢ ᠬᠦᠰᠡᠵᠦ ᠪᠠᠶᠢᠭᠰᠠᠨ ᠴᠤ ᠡᠰᠡ ᠪᠣᠯᠭᠠᠵᠦ ᠳ᠋ᠢᠪᠠ ᠬᠠᠩᠴᠢᠨ ① ᠢ ᠲᠣᠮᠢᠯᠠᠭᠰᠠᠨ ᠵᠡᠷᠭᠡ ᠰᠢᠯᠳᠠᠭᠠᠨ ᠪᠣᠯᠣᠨ᠎ᠠ ﹇1﹈ ︵30 ᠲᠣᠣᠷᠠᠳᠤ︶᠃ ᠬᠠᠩᠴᠢᠨ ᠢ ᠲᠣᠰᠢᠶᠠᠯ ᠳᠤ ᠲᠣᠮᠢᠯᠠᠭᠰᠠᠨ ᠲᠤᠯᠠ᠂ ᠯᠣᠪᠰᠠᠩᠳᠠᠨᠵᠢᠨ ᠤ ᠬᠠᠭᠠᠨ ᠪᠣᠯᠬᠤ ᠬᠦᠰᠡᠯ ᠠᠶᠠᠨᠳᠠᠭᠠᠨ ᠬᠤᠭᠤᠰᠣᠳᠠᠭᠰᠠᠨ ᠪᠠᠶᠢᠨ᠎ᠠ᠃ ᠲᠡᠭᠡᠭᠡᠳ ᠲᠡᠷᠡ ᠬᠢᠳᠠᠳ ᠲᠠᠢ ᠡᠰᠡᠷᠭᠦᠴᠡᠯᠳᠦᠬᠦ ᠪᠣᠳᠣᠯ ᠣᠷᠣᠭᠰᠠᠨ ᠭᠡᠳᠡᠭ᠃ ᠯᠣᠪᠰᠠᠩᠳᠠᠨᠵᠢᠨ ᠤ ᠣᠷᠪᠠᠯᠭᠠᠨ ᠤ ᠢᠯᠠᠭᠳᠠᠭᠰᠠᠨ ᠲᠣᠬᠠᠢ ᠢᠰᠢᠪᠠᠯᠵᠤᠷ ᠤᠨ ᠳ᠋ᠦᠩᠨᠡᠯᠳᠡ ᠶᠢ ᠦᠵᠡᠪᠡᠯ᠄ ︽ᠲᠡᠷᠡ ᠮᠡᠳᠦ ᠭᠡᠳᠡᠷᠬᠦ ᠪᠣᠴᠠᠭᠠᠳ ᠡᠷᠭᠢᠴᠡᠭᠦᠯᠦᠨ ᠪᠣᠳᠣᠵᠦ ᠲᠣᠩᠭᠠᠭᠠᠭᠰᠠᠨ ᠦᠬᠡᠢ ᠪᠠᠷ ᠪᠣᠯᠭᠤᠮᠵᠢ ᠦᠭᠡᠢ ᠭᠡᠨᠡᠨ ᠢᠶᠠᠷ ᠬᠢᠮᠣᠷᠠᠯ ᠲᠡᠮᠡᠴᠡᠯ ᠢ ᠦᠢᠯᠡᠳᠦᠭᠰᠡᠨ ᠴᠤ᠂ ᠣᠶᠢᠷᠠᠳ ᠮᠣᠩᠭᠤᠯ ᠤᠨ ᠪᠦᠭᠦᠳᠡ ᠪᠠᠷ ᠵᠦᠪᠬᠡᠨ ᠰᠢᠷ᠎ᠠ ᠮᠠᠯᠠᠭᠠᠢ ᠲᠢᠳᠢᠮᠳᠡᠨ ᠤ ᠪᠠᠷᠢᠮᠳᠠᠯᠠᠭᠰᠠᠨ ᠱᠠᠰᠢᠨ ᠤ ᠶᠣᠰᠣᠨ ᠢ ᠢᠮᠠᠭᠳᠠ ᠰᠦᠰᠦᠭᠯᠡᠨ ᠰᠢᠳᠦᠵᠦ᠂ ᠮᠠᠰᠢᠳᠠ ᠶᠡᠭᠡ ᠵᠦᠢᠯ ᠳᠤᠷ ᠢᠯᠡᠳᠳᠡ ᠡᠰᠡ ᠲᠣᠷᠠᠯᠠᠬᠤ ᠪᠣᠰᠣᠳ ᠵᠦᠭ ᠤᠨ ᠬᠦᠮᠦᠰ ᠤᠨ ᠣᠯᠠᠨ ᠰᠢᠨ᠎ᠡ ᠬᠠᠭᠤᠴᠢᠨ ᠬᠠᠷᠢᠶᠠᠯ ︵ᠪᠠᠶᠢᠬᠤ︶ ᠪᠠ ᠲᠡᠭᠦᠨ ᠤ ᠲᠡᠭᠡᠷ᠎ᠡ ᠲᠡᠷᠡ ᠦᠶᠡᠰ ᠬᠦᠬᠡᠨᠠᠭᠤᠷ  ᠤᠨ ᠮᠣᠩᠭᠤᠯᠴᠣᠳ ᠬᠦᠴᠦᠨ ᠶᠡᠭᠡ ᠪᠦᠭᠡᠳ ᠡᠳ᠋ ᠪᠠᠶᠠᠨ ︵ᠪᠠᠶᠠᠨ ᠬᠦᠴᠦᠷᠬᠡᠭ︶ ᠲᠣᠯᠠᠳᠠ ᠣᠮᠤᠭ ᠦᠨᠳᠣᠷ ᠪᠠ᠂ ᠣᠯᠠᠩᠬᠢ ᠨᠣᠶᠠᠳ ᠠᠨᠣ ᠡᠮᠡᠭᠳᠡᠢ ᠪᠠᠶᠢᠵᠣ᠂ ᠲᠣᠳᠣᠭᠠᠳᠣ ᠨᠣᠶᠠᠳ ᠠᠨᠣ ᠣᠮᠣᠷᠬᠠᠭ᠂ ᠲᠡᠨᠡᠭ᠂ ᠵᠠᠯᠠᠭᠤ ᠨᠤᠭᠤᠳ  ᠤᠨ ᠦᠭᠡᠨ ᠢ ᠢᠳᠡᠭᠡᠮᠵᠢᠯᠡᠵᠦ᠂ ᠲᠣᠳᠣᠭᠠᠳᠣ ᠳᠠᠭᠠᠨ ᠬᠠᠷᠢᠯᠴᠠᠨ ᠡᠰᠡ ᠵᠣᠬᠢᠯᠳᠣᠬᠤ ᠪᠠ᠂ ᠴᠡᠷᠢᠭ ᠤᠨ ᠦᠢᠯᠡ ᠶᠢ ᠡᠰᠡ ᠮᠡᠳᠡᠬᠦ ᠪᠦᠭᠡᠳ ᠨᠠᠭᠠᠳᠣᠮ ᠤᠨ ᠵᠦᠢᠯ ᠢᠶᠠᠷ ᠣᠬᠠᠭᠰᠠᠨ ᠪᠠ᠂ ᠦᠪᠡᠷ ᠪᠠ ᠲᠠᠶᠢᠰᠣᠨ ᠤ ᠦᠮᠦᠭ ᠤᠨ ᠴᠢᠭᠤᠯᠭᠠᠨ ︵ᠬᠦᠴᠦᠨ︶ ᠤ ᠬᠡᠰᠡᠭ ᠨᠢ ᠦᠢᠯᠡᠳᠦᠯ ᠭᠠᠷᠭᠠᠭᠰᠠᠨ ᠦᠭᠡᠢ ᠬᠠᠯᠳᠣ ᠮᠦᠯᠳᠣ ᠪᠠᠷ ᠪᠠᠶᠢᠯᠳᠣᠭᠠᠨ ᠤ ᠦᠢᠯᠡ ᠳᠤᠷ ᠵᠣᠬᠢᠮᠵᠢ ᠦᠭᠡᠢ ᠣᠷᠣᠭᠰᠠᠨ ᠠᠴᠠ ᠢᠯᠠᠭᠳ᠋ᠭᠰᠠᠨ ᠮᠡᠳᠦ︾ ﹇1﹈ ︵30 ᠲᠣᠣᠷᠠᠳᠤ︶᠃ ᠡᠨᠡ ᠮᠡᠳᠦ ᠪᠠᠷ ᠢᠰᠢᠪᠠᠯᠵᠤᠷ ᠤᠨ ᠡᠷᠭᠢᠴᠡᠭᠦᠯᠣᠨ ᠪᠢᠴᠢᠭᠰᠡᠨ ᠨᠠᠮᠳᠠᠷ ᠲᠤ᠂ ᠬᠦᠬᠡᠨᠠᠭᠤᠷ ᠤᠨ ᠮᠣᠩᠭᠤᠯᠴᠣᠳ ᠤᠨ ᠡᠰᠡᠷᠭᠦᠴᠡᠯ ᠤᠨ ᠢᠯᠠᠭᠳᠠᠯ ᠢ ᠨᠡᠩ ᠨᠠᠷᠢᠯᠢᠭ ᠵᠠᠳᠠᠯᠵᠠᠢ᠃ ᠡᠷᠭᠢᠴᠡᠭᠦᠯᠣᠨ ᠲᠣᠩᠭᠠᠭᠰᠠᠨ ᠦᠭᠡᠢ ᠭᠡᠨᠡᠨ ᠪᠠᠶᠢᠯᠳᠣᠭᠠᠨ ᠂ ᠲᠡᠮᠡᠴᠡᠯ ᠳᠤ ᠣᠷᠣᠬᠤ ᠲᠣᠷ᠎ᠠ ᠦᠭᠡᠢ ᠬᠦᠮᠦᠰ ᠤᠨ ᠬᠤᠷᠢᠭᠯᠠᠯ᠂ ᠪᠠᠶᠠᠨ ᠬᠦᠴᠦᠷᠬᠡᠭ ᠪᠠᠶᠢᠭᠰᠠᠨ ᠣᠮᠣᠷᠬᠠᠯ᠂ ᠡᠮᠡᠭᠳᠡᠢ ᠨᠣᠶᠠᠨ ᠣᠯᠠᠨ᠂ ᠵᠠᠯᠠᠭᠤ ᠲᠡᠨᠡᠭ ᠣᠮᠣᠷᠬᠠᠭ ᠤᠨ ᠦᠭᠡ ᠶᠢ ᠰᠣᠨᠣᠰᠣᠭᠰᠠᠨ᠂ ᠲᠣᠳᠣᠭᠠᠳᠤ ᠳᠠᠭᠠᠨ ᠪᠦᠯᠬᠦᠮᠳᠡᠯ ᠦᠭᠡᠢ᠂ ᠴᠡᠷᠢᠭ ᠲᠠᠶᠢᠨ ᠤ ᠡᠷᠳᠡᠮ ᠪᠠ ᠲᠣᠷᠰᠢᠯᠭ᠎ᠠ ᠦᠭᠡᠢ᠂ ᠲᠠᠶᠢᠰᠣᠨ ᠪᠠ ᠦᠪᠡᠷ ᠤᠨ ᠴᠡᠷᠢᠭ ᠤᠨ ᠨᠡᠯᠢᠶᠡᠳ ᠬᠡᠰᠡᠭ ᠨᠢ ᠦᠢᠯᠡᠳᠦᠯ ᠴᠤ ᠭᠠᠷᠭᠠᠭᠰᠠᠨ ᠦᠭᠡᠢ᠂ ᠲᠠᠶᠢᠨ ᠤ ᠠᠷᠭ᠎ᠠ ᠪᠣᠳᠣᠯᠭ᠎ᠠ ᠪᠠ ᠵᠣᠬᠢᠶᠠᠯ ᠪᠠᠶᠢᠭᠤᠯᠣᠯᠳᠠ ᠦᠭᠡᠢ ᠪᠠᠷ ᠬᠠᠯᠳᠣ ᠮᠦᠯᠳᠦ ᠪᠠᠷ ᠲᠣᠯᠣᠯᠳᠣᠭᠠᠨ ᠳᠤ ᠣᠷᠣᠭᠰᠠᠨ ᠵᠡᠷᠭᠡ ᠶᠢᠰᠦᠨ ᠲᠠᠯ᠎ᠠ ᠶᠢᠨ ᠰᠢᠯᠳᠠᠭᠠᠨ ᠢ ᠲᠣᠷᠠᠳᠴᠠᠢ᠃ ᠲᠡᠣᠬᠡᠨ ᠬᠡᠷᠡᠭ ᠣᠴᠢᠷ ᠲᠤ ᠨᠡᠯᠢᠶᠡᠳ ᠵᠦᠢ ᠵᠣᠬᠢᠰᠳᠠᠢ ᠪᠣᠳᠠᠳᠠᠢ ᠲᠠᠢ ᠨᠡᠶᠢᠴᠡᠬᠦ ᠵᠠᠳᠠᠯᠣᠯᠳᠠ ᠬᠢᠬᠦ ᠪᠣᠯ ᠲᠡᠣᠬᠡᠴᠢᠳ ᠲᠤ ᠲᠠᠯᠪᠢᠭᠰᠠᠨ ᠱᠠᠭᠠᠷᠳᠠᠯᠭ᠎ᠠ ᠮᠦᠨ᠃ ᠢᠰᠢᠪᠠᠯᠵᠤᠷ ᠨᠢᠭᠡᠨ ᠭᠢᠷᠠᠬᠠᠢ ᠲᠡᠣᠬᠡᠴᠢᠨ ᠪᠠᠶᠢᠭᠰᠠᠨ ᠤ ᠬᠤᠪᠢ ᠳᠤ᠂ ᠴᠠᠭ ᠢᠮᠠᠭᠳᠠ ᠴᠠᠭ ᠲᠦᠷᠦ ᠶᠢᠨ ᠪᠠᠶᠢᠳᠠᠯ ᠢ ᠠᠵᠢᠵᠦ᠂ ᠬᠡᠷᠡᠭ ᠣᠴᠢᠷ  ᠤᠨ ᠣᠴᠢᠷ ᠰᠢᠯᠳᠠᠭᠠᠨ᠂ ᠦᠷ᠎ᠡ ᠨᠦᠯᠦᠭᠡ ᠵᠡᠷᠭᠡ ᠶᠢ ᠳ᠋ᠦᠩᠨᠡᠨ ᠬᠤᠷᠢᠶᠠᠩᠭᠤᠶᠢᠯᠠᠵᠦ ᠪᠠᠶᠢᠵᠠᠢ᠃ ᠲᠡᠭᠡᠷᠡᠬᠢ ᠬᠡᠰᠡᠭ ᠦᠭᠡᠨ ᠳᠤ᠂ ᠮᠦᠨ ᠣᠶᠢᠷᠠᠳ ᠮᠣᠩᠭᠤᠯᠴᠤᠳ ᠢ ᠦᠷᠦ ᠡᠪᠡᠳᠦᠨ᠂ ᠬᠡᠳᠦᠶᠢᠪᠡᠷ ᠪᠣᠯᠭᠤᠮᠵᠢ ᠦᠭᠡᠢ ᠭᠡᠨᠡᠨ ᠢᠶᠠᠷ ᠡᠰᠡᠷᠭᠦᠴᠡᠭᠰᠡᠨ ᠴᠤ᠂ ᠰᠢᠷ᠎ᠠ ᠶᠢᠨ ᠱᠠᠰᠢᠨ ᠢ ᠰᠢᠳᠦᠬᠦ ᠲᠣᠯᠠ ᠲᠡᠭᠡᠵᠦ ᠪᠣᠰᠤᠳ ᠣᠯᠠᠨ ᠢ ᠶᠡᠭᠡ ᠪᠠᠷ ᠠᠯᠠᠵᠦ ᠬᠦᠨᠦᠭᠡᠬᠦ ᠨᠢ ᠵᠣᠬᠢᠰ ᠦᠭᠡᠢ ᠭᠡᠰᠡᠨ ᠰᠠᠨᠠᠭ᠎ᠠ ᠪᠠᠨ ᠭᠠᠷᠭᠠᠭᠰᠠᠨ ᠶᠣᠮ᠃ ᠢᠰᠢᠪᠠᠯᠵᠣᠷ ᠪᠠᠰᠠ ᠯᠠᠮᠠ ᠬᠤᠸᠠᠷᠠᠭ ᠪᠠᠶᠢᠯᠳᠣᠭᠠᠨ ᠳᠤ ᠣᠷᠣᠭᠰᠠᠨ ᠣᠴᠢᠷ ᠤᠨ ᠲᠣᠬᠠᠢ ᠦᠪᠡᠷ ᠤᠨ ᠦᠵᠡᠯᠳᠡ ᠪᠠᠨ ᠲᠣᠷᠠᠳᠴᠠᠢ᠃ ᠲᠡᠷᠡ ᠬᠢᠳᠡᠳ  ᠤᠨ ᠴᠡᠷᠢᠭ ᠯᠠᠮᠠ ᠬᠤᠸᠠᠷᠠᠭ ᠢ ᠠᠯᠠᠵᠦ ᠰᠦᠮ᠎ᠡ ᠬᠡᠶᠢᠳ ᠢ ᠰᠢᠳᠠᠭᠠᠭᠰᠠᠨ ᠰᠢᠯᠳᠠᠭᠠᠨ ᠢ ᠨᠦᠭᠦᠭᠡ ᠨᠢᠭᠡ ᠲᠠᠯ᠎ᠠ  ᠠᠴᠠ ᠰᠢᠨᠵᠢᠯᠡᠵᠦ᠂ ᠨᠢᠭᠡᠨ ᠬᠡᠰᠡᠭ ᠬᠤᠸᠠᠷᠠᠭ ᠤᠨ ᠲᠦᠷᠰᠦᠳᠦ ᠮᠠᠭᠤ ᠬᠦᠮᠦᠰ ᠦᠢᠯᠡ ᠶᠢᠨ ᠦᠷ᠎ᠡ ᠪᠠ ᠪᠣᠭᠳᠠᠰ  ᠤᠨ ᠨᠣᠮ ᠢ ᠦᠯᠦ ᠬᠠᠶᠢᠬᠤᠷᠣᠨ ᠪᠠᠶᠢᠯᠳᠣᠭᠠᠨ ᠳᠤ ᠣᠷᠣᠭᠰᠠᠨ ᠠᠴᠠ ᠨᠡᠩ ᠣᠯᠠᠨ ᠬᠤᠸᠠᠷᠠᠭ ᠪᠠ ᠰᠦᠮ᠎ᠡ ᠬᠡᠶᠢᠳ  ᠢ ᠬᠤᠣᠷᠯᠠᠯ ᠳᠤ ᠣᠴᠠᠷᠠᠭᠤᠯᠪᠠ ᠭᠡᠵᠦ ᠵᠢᠮᠡᠯᠡᠵᠡᠢ᠃ ᠬᠡᠰᠡᠭ ᠯᠠᠮᠠ ᠪᠠᠰᠠ ᠪᠣᠯᠢᠶᠠᠨ ᠲᠡᠭᠡᠷᠡᠮᠳᠡᠬᠦ ᠠᠵᠢᠯᠯᠠᠭ᠎ᠠ ᠳᠤ ᠣᠷᠣᠯᠴᠠᠭᠰᠠᠨ ᠪᠠ ᠵᠠᠷᠢᠮ ᠲᠣᠮᠣ ᠬᠡᠶᠢᠳ ᠨᠦᠭᠦᠳ ᠤᠨ ᠬᠠᠮᠢᠶᠠᠷᠣᠭᠴᠢ ᠨᠤᠭᠤᠳ ᠴᠣ᠋ ᠡᠯᠳᠡᠪ ᠵᠦᠢᠯ ᠤᠨ ᠠᠵᠢᠯᠯᠠᠭ᠎ᠠ ᠳᠤ ᠣᠷᠣᠯᠴᠠᠭᠰᠠᠨ ᠤ ᠣᠷᠰᠢᠭ ᠢᠶᠠᠷ᠂ ᠬᠢᠳᠡᠳ ᠤᠨ ᠶᠡᠭᠡ ᠴᠡᠷᠢᠭ ᠢᠷᠡᠭᠰᠡᠨ ᠤ ᠬᠤᠶᠢᠨ᠎ᠠ ᠣᠯᠠᠨ ᠬᠠᠷᠠᠴᠤ ᠠᠷᠠᠳ ᠪᠠ ᠬᠤᠸᠠᠷᠠᠭ ᠤᠳ ᠢ ᠬᠦᠨᠦᠭᠡᠵᠦ ᠰᠦᠮ᠎ᠡ ᠬᠡᠶᠢᠳ ᠢ ᠭᠠᠯᠳᠠᠪᠠ ᠭᠡᠵᠡᠢ᠃ ᠭᠤᠨᠯᠣᠩ ᠤᠨ ᠴᠦᠪᠰᠠᠩ ᠷᠢᠨᠪᠣᠴᠧ ᠪᠠ ᠴᠣᠷᠵᠢ ᠭᠡᠭᠡᠨ ᠲᠡᠷᠢᠭᠦᠳᠡᠨ ᠬᠤᠷᠢ ᠭᠠᠷᠣᠢ ᠬᠦᠭᠰᠢᠨ ᠯᠠᠮᠠ ᠨᠠᠷ ᠭᠠᠯ ᠢᠶᠠᠷ ᠰᠢᠳᠠᠭᠠᠭᠳᠠᠨ ᠨᠦᠭᠴᠢᠵᠦ ᠭᠦᠮᠪᠦᠮ ᠬᠡᠶᠢᠳ ᠤᠨ ᠬᠦᠭᠰᠢᠨ ᠯᠠᠮᠠ ᠴᠣ᠋ ᠲᠦᠴᠢᠭᠡᠳ ᠠᠯᠠᠭᠳᠠᠪᠠ᠃ ᠪᠠᠰᠠ ᠵᠠᠷᠢᠮ ᠬᠠᠷ᠎ᠠ ᠴᠣ᠋ ᠪᠢᠰᠢ ᠬᠤᠸᠠᠷᠠᠭ ᠴᠣ᠋ ᠪᠢᠰᠢ ᠲᠡᠨᠡᠭ ᠠᠷᠠᠳ ᠪᠠᠷ ᠬᠡᠶᠢᠳ ᠤᠨ ᠬᠠᠷᠢᠶᠠᠳᠣ ᠠᠷᠠᠳ ᠢ ᠲᠠᠭᠠᠭᠤᠯᠣᠨ ᠣᠭᠳᠣᠨ ᠪᠠᠶᠢᠯᠳᠣᠭᠰᠠᠨ ᠢᠶᠠᠷ ᠠᠷᠪᠠᠭᠠᠳ ᠬᠦᠮᠦᠨ ᠠᠯᠠᠭᠳᠠᠪᠠ᠃ ᠰᠦᠮ᠎ᠡ ᠬᠡᠶᠢᠳ᠂ ᠬᠤᠷᠠᠯ ᠤᠨ ᠲᠣᠭᠠᠩ᠂ ᠭᠠᠨᠵᠣᠣᠷ ᠳ᠋ᠠᠨᠵᠣᠣᠷ ᠲᠡᠷᠢᠭᠦᠳᠡᠨ ᠣᠯᠠᠨ ᠠᠷᠪᠢᠨ ᠭᠤᠷᠪᠠᠨ ᠰᠢᠳᠦᠭᠡᠨ ᠪᠦᠷ ᠰᠢᠳᠠᠭᠠᠭᠳᠠᠵᠦ᠂ ᠪᠣᠷᠬᠠᠨ ᠤ ᠱᠠᠰᠢᠨ ᠳᠤ ᠶᠡᠭᠡ ᠬᠤᠣᠷᠯᠠᠯ ᠭᠠᠷᠣᠭᠰᠠᠨ ᠭᠡᠵᠦ ᠲᠡᠮᠳᠡᠭᠯᠡᠵᠡᠢ᠃ ᠯᠣᠪᠰᠠᠩᠳᠠᠨᠵᠢᠨ ᠤ ᠡᠰᠡᠷᠭᠦᠴᠡᠯ ᠤᠨ ᠲᠠᠷᠠᠭ᠎ᠠ᠂ ᠬᠦᠬᠡᠨᠠᠭᠤᠷ ᠬᠤᠱᠣᠳ ᠮᠣᠩᠭᠤᠯᠴᠣᠳ ᠤᠨ ᠨᠣᠶᠠᠷᠬᠠᠯ ᠡᠴᠦᠰᠯᠡᠵᠦ᠂ ᠣᠶᠢᠷᠠᠳ ᠮᠣᠩᠭᠤᠯᠴᠣᠳ ᠤᠨ ᠬᠦᠬᠡᠨᠠᠭᠤᠷ ᠣᠷᠣᠨ ᠳᠠᠬᠢ ᠣᠯᠣᠰ ᠲᠦᠷᠦ ᠶᠢᠨ ᠪᠠᠶᠢᠷᠢ ᠰᠠᠭᠤᠷᠢ ᠪᠠᠭᠤᠷᠠᠯᠳᠠ ᠳᠤ ᠣᠷᠣᠪᠠ᠃ ᠣᠶᠢᠷᠠᠳ ᠮᠣᠩᠭᠤᠯ ᠤᠨ ᠣᠭᠰᠠᠭᠠᠨ ᠤ ᠬᠦᠮᠦᠨ ᠪᠣᠯᠣᠭᠰᠠᠨ ᠢᠰᠢᠪᠠᠯᠵᠣᠷ ᠡᠳᠡᠭᠡᠷ ᠪᠦᠬᠦᠨ ᠢ ᠨᠢᠳᠣ ᠪᠠᠷ ᠦᠵᠡᠵᠦ ᠴᠢᠬᠢ ᠪᠠᠷ ᠰᠣᠨᠣᠰᠣᠭᠰᠠᠨ ᠳᠠᠭᠠᠨ ᠲᠡᠣᠬᠡᠨ ᠬᠡᠷᠡᠭ ᠢ ᠲᠡᠮᠳᠡᠭᠯᠡᠬᠦ ᠶᠢᠨ ᠲᠠᠭᠠᠣ ᠣᠴᠢᠷ ᠰᠢᠯᠳᠠᠭᠠᠨ ᠢ ᠰᠦᠪᠡᠭᠴᠢᠯᠡᠨ ᠬᠤᠵᠢᠮ ᠤᠨ ᠬᠦᠮᠦᠰ ᠲᠤ ᠦᠵᠡᠬᠦᠯᠬᠦ ᠪᠠᠷ ᠪᠢᠴᠢᠭᠯᠡᠭᠰᠡᠨ ᠪᠠᠶᠢᠪᠠ᠃ ᠡᠨᠡ ᠨᠢ ᠲᠡᠭᠦᠨ ᠤ ᠬᠤᠱᠣᠳ ᠮᠣᠩᠭᠤᠯᠴᠤᠳ᠂ ᠣᠶᠢᠷᠠᠳ ᠮᠣᠩᠭᠤᠯᠴᠣᠳ ᠤᠨ ᠬᠠᠯᠠᠮᠵᠢᠯᠠᠯ ᠮᠦᠨ᠃ ᠲᠡᠷᠡ ᠲᠣᠬᠠᠢ ᠶᠢᠨ ᠦᠶ᠎ᠡ ᠳᠤ ᠮᠠᠨᠵᠤ ᠶᠢᠨ ᠬᠠᠭᠠᠨ ᠤ ᠲᠣᠮᠢᠯᠠᠭᠰᠠᠨ ᠬᠢᠳᠡᠳ ᠴᠡᠷᠢᠭ ᠢ ᠵᠢᠮᠡᠯᠡᠬᠦ ᠶᠢᠨ ᠠᠷᠭ᠎ᠠ ᠦᠭᠡᠢ ᠴᠤ᠂ ᠲᠡᠣᠬᠡᠨ ᠣᠴᠢᠷ ᠢ ᠲᠡᠮᠳᠡᠭᠯᠡᠨ ᠦᠯᠡᠳᠡᠭᠡᠵᠦ᠂ ᠢᠷᠠᠭᠤ ᠠᠯᠳᠠᠷ ᠪᠠ ᠣᠷᠣᠭᠤᠳᠠᠯ ᠲᠣᠷᠣᠶᠢᠳᠠᠯ ᠢ ᠪᠦᠷ ᠪᠢᠴᠢᠭᠯᠡᠭᠰᠡᠨ ᠨᠢ ᠣᠭᠰᠠᠭ᠎ᠠ ᠢᠵᠠᠭᠤᠷ ᠢᠶᠠᠨ ᠡᠰᠡ ᠮᠠᠷᠳᠠᠬᠤ ᠲᠡᠣᠬᠡᠨ ᠣᠬᠠᠮᠰᠠᠷ ᠤᠨ ᠢᠯᠡᠷᠡᠯ ᠪᠢᠯᠡ᠃ ᠮᠦᠨ ᠴᠣ᠋ ᠲᠡᠭᠦᠨ ᠤ ᠣᠶᠢᠷᠠᠳ ᠲᠡᠣᠬᠡᠴᠢᠨ ᠤ ᠲᠡᠣᠬᠡᠨ ᠦᠵᠡᠯᠳᠡ ᠶᠢ ᠬᠠᠷᠠᠭᠤᠯᠣᠭᠰᠠᠨ ᠪᠠᠶᠢᠨ᠎ᠠ᠃ ᠠᠳᠠᠯᠢᠬᠠᠨ ᠯᠣᠪᠰᠠᠩᠳᠠᠨᠵᠢᠨ ᠤ ᠬᠡᠷᠡᠭ ᠣᠴᠢᠷ ᠢ ᠲᠡᠮᠳᠡᠭᠯᠡᠬᠦ ᠳᠤ ᠬᠢᠳᠡᠳ ᠲᠡᠣᠬᠡᠴᠢᠨ ᠪᠣᠶᠣ ᠲᠣᠬᠠᠢ ᠶᠢᠨ ᠵᠠᠰᠠᠭ ᠤᠨ ᠪᠢᠴᠢᠭᠳᠡᠳ ᠬᠦᠬᠡᠨᠠᠭᠤᠷ ᠮᠣᠩᠭᠤᠯᠴᠣᠳ ᠢ ᠲᠠᠷᠣᠩᠭᠤᠶᠢᠯᠠᠭᠰᠠᠨ ᠴᠢᠰᠦᠳᠦ ᠬᠡᠷᠡᠭ ᠢ ᠣᠯᠵᠠᠭᠤᠷᠬᠠᠨ ᠲᠡᠮᠳᠡᠭᠯᠡᠵᠦ ᠪᠠᠭ᠋ᠠᠷᠬᠠᠨ ᠮᠠᠭᠳᠠᠵᠦ ᠪᠠᠶᠢᠭᠰᠠᠨ᠃ ᠡᠭᠦᠨ ᠲᠠᠢ ᠬᠠᠷᠢᠴᠠᠭᠤᠯᠬᠤ ᠳᠤ ᠢᠰᠢᠪᠠᠯᠵᠣᠷ ᠤᠨ ᠲᠡᠣᠬᠡᠨ ᠪᠢᠴᠢᠯᠭᠡ ᠨᠢ ᠦᠪᠡᠷ ᠤᠨ ᠣᠭᠰᠠᠭ᠎ᠠ ᠦᠨᠳᠣᠰᠣᠳᠡᠨ ᠤ ᠲᠣᠬᠠᠢ ᠰᠡᠭᠦᠷᠡᠰᠦᠯᠡᠯ ᠪᠠ ᠬᠠᠯᠠᠮᠵᠢᠯᠠᠯ ᠤᠨ ᠣᠬᠠᠮᠰᠠᠷ ᠢᠶᠠᠨ ᠯᠡᠪᠡᠷᠡᠬᠦᠯᠦᠭᠰᠡᠨ ᠪᠠᠶᠢᠬᠤ ᠶᠣᠮ᠃ 3. ᠵᠡᠭᠦᠡᠭᠠᠷ ᠮᠣᠩᠭᠤᠯᠴᠣᠳ ᠤᠨ ᠲᠣᠬᠠᠢ ᠠᠩᠬᠠᠷᠣᠯ ᠬᠠᠯᠠᠮᠵᠢᠯᠠᠯ ᠢᠰᠢᠪᠠᠯᠵᠣᠷ ᠤᠨ ᠬᠠᠯᠠᠮᠵᠢᠯᠠᠵᠦ ᠪᠠᠶᠢᠭᠰᠠᠨ ᠨᠢ ᠭᠠᠭᠴᠠ ᠬᠦᠬᠡᠨᠠᠭᠤᠷ ᠤᠨ ᠮᠣᠩᠭᠤᠯᠴᠣᠳ ᠲᠡᠳᠦᠢ ᠪᠢᠰᠢ᠂ ᠪᠣᠰᠣᠳ ᠮᠣᠩᠭᠤᠯ ᠣᠷᠣᠨ ᠤ ᠣᠷᠣᠰᠢᠯ ᠠᠬᠤᠢ᠂ ᠣᠨᠴᠠᠭᠠᠶᠢᠯᠠᠨ ᠣᠶᠢᠷᠠᠳ ᠮᠣᠩᠭᠤᠯᠴᠤᠳ ᠤᠨ ᠣᠷᠣᠰᠢᠯ ᠠᠬᠤᠢ ᠪᠦᠷ ᠪᠠᠭᠳᠠᠵᠦ ᠪᠠᠶᠢᠵᠠᠢ᠃ ᠲᠡᠭᠦᠨ ᠤ ︽ᠭᠠᠯᠪᠠᠷᠠᠭᠴᠠ ᠶᠢᠨ ᠮᠣᠳᠣᠨ︾᠂ ︽ᠬᠦᠬᠡᠨᠠᠭᠤᠷ ᠤᠨ ᠲᠡᠣᠬᠡ︾ ᠵᠡᠷᠭᠡ ᠲᠡᠣᠬᠡᠨ ᠲᠣᠭᠤᠷᠪᠢᠯ ᠤᠨ ᠵᠣᠬᠢᠶᠠᠯ ᠪᠠ ︽ᠦᠪᠡᠷ ᠤᠨ ᠨᠠᠮᠳᠠᠷ︾᠂ ︽ᠽᠠᠮᠪᠤᠯᠢᠩ ᠤᠨ ᠶᠡᠷᠣᠩᠬᠡᠢ ᠨᠣᠮᠯᠠᠯ︾ ᠵᠡᠷᠭᠡ  ᠳᠤ ᠶᠡᠷᠣ ᠨᠢ ᠣᠶᠢᠷᠠᠳ ᠮᠣᠩᠭᠤᠯᠴᠣᠳ᠂ ᠣᠨᠴᠠᠭᠠᠶᠢᠯᠠᠨ ᠵᠡᠭᠦᠡᠭᠠᠷ ᠤᠨ ᠲᠣᠬᠠᠢ ᠣᠴᠢᠷ ᠤᠳ ᠲᠠᠰᠣᠷᠠᠰᠢ ᠦᠭᠡᠢ ᠪᠢᠴᠢᠭᠳᠡᠵᠦ ᠪᠠᠶᠢᠯ᠎ᠠ᠃ ︽ᠭᠠᠯᠪᠠᠷᠠᠭᠴᠠ ᠶᠢᠨ ᠮᠣᠳᠣᠨ︾ ᠳᠤ᠂ ᠣᠯᠠᠭᠴᠢᠨ ᠲᠠᠬᠢᠶ᠎ᠠ ᠵᠢᠯ᠂ 1717 ᠣᠨ ᠳᠤ᠂ ᠮᠣᠩᠭᠤᠯ ᠤᠨ ᠵᠡᠭᠦᠡᠭᠠᠷ ᠤᠨ ᠴᠡᠷᠢᠭ ᠲᠦᠪᠡᠳ ᠤᠨ ᠯᠾᠠᠰᠠᠩ ᠬᠠᠭᠠᠨ ᠢ ᠬᠤᠷᠣᠭᠠᠭᠰᠠᠨ ᠶᠠᠪᠣᠳᠠᠯ᠂ ᠲᠡᠭᠦᠨ ᠤ ᠲᠠᠷᠠᠭ᠎ᠠ ᠵᠢᠯ᠂ ᠵᠡᠭᠦᠡᠭᠠᠷ ᠤᠨ ᠴᠡᠷᠢᠭ ᠨᠠᠮᠵᠠᠯᠯᠢᠩ᠂ ᠲᠣᠷᠵᠢᠪᠠᠷᠠᠭ᠂ ᠮᠢᠨᠷᠣᠯᠯᠢᠩ ᠵᠡᠷᠭᠡ ᠣᠯᠠᠭᠠᠨ ᠤ ᠬᠡᠶᠢᠳ ᠪᠦᠬᠦᠨ ᠢ ᠰᠠᠷᠨᠢᠭᠤᠯᠵᠦ ᠭᠡᠯᠦᠭᠪᠠ ᠶᠢᠨ ᠶᠣᠰᠣᠨ ᠢ ᠡᠷᠭᠦᠭᠰᠡᠨ ᠶᠠᠪᠣᠳᠠᠯ ᠢ ᠲᠡᠮᠳᠡᠭᠯᠡᠪᠡ ﹇9﹈ ︵284 ᠲᠣᠣᠷᠠᠳᠤ ︶᠃ ︽ᠬᠦᠬᠡᠨᠠᠭᠤᠷ ᠤᠨ ᠲᠡᠣᠬᠡ︾ ᠳᠤ᠂ ᠵᠡᠭᠦᠡᠭᠠᠷ ᠤᠨ ᠴᠡᠷᠢᠭ ᠶᠠᠭᠤᠨ ᠳᠤ ᠲᠦᠪᠡᠳ ᠢ ᠲᠣᠪᠳᠣᠯᠵᠦ ᠯᠾᠠᠰᠠᠩ ᠬᠠᠭᠠᠨ ᠢ ᠠᠯᠠᠭᠰᠠᠨ ᠲᠣᠬᠠᠢ ᠲᠠᠶᠢᠯᠪᠣᠷᠢᠯᠠᠪᠠ᠃ ᠴᠣᠬᠤᠮ ᠳᠠᠭᠠᠨ ᠪᠦᠷ ᠣᠶᠢᠷᠠᠳ ᠮᠣᠩᠭᠤᠯ ᠤᠨ ᠣᠭᠰᠠᠭᠠᠳᠠᠨ ᠪᠣᠯᠣᠭᠰᠠᠨ ᠤ ᠬᠤᠪᠢ ᠳᠤ ᠲᠦᠪᠡᠳ ᠤᠨ ᠯᠾᠠᠰᠠᠩ ᠬᠠᠭᠠᠨ ᠪᠣᠯᠣᠨ ᠵᠡᠭᠦᠡᠭᠠᠷ ᠤᠨ ᠬᠤᠩ ᠲᠠᠶᠢᠵᠢ ᠽᠸᠧᠠᠩᠷᠠᠪᠳᠠᠨ ᠬᠤᠳᠠ ᠣᠷᠤᠭ ᠤᠨ ᠬᠠᠷᠢᠴᠠᠭ᠎ᠠ ᠲᠠᠢ ᠲᠣᠳᠣᠨᠣ ᠪᠠᠶᠢᠵᠠᠢ᠃ ᠬᠤᠵᠢᠮ ᠨᠢ ᠯᠾᠠᠰᠠᠩ ᠬᠠᠭᠠᠨ ᠰᠡᠮᠡᠬᠡᠷ ᠨᠢᠩᠮᠠ ᠶᠢᠨ ᠶᠣᠰᠣᠨ ᠢ ᠰᠢᠳᠦᠭᠰᠡᠨ ᠠᠴᠠ ᠵᠡᠭᠦᠡᠭᠠᠷ ᠠᠴᠠ ᠽᠡᠷᠢᠩᠳᠣᠩᠷᠣᠪ ᠢᠶᠠᠷ ᠴᠡᠷᠢᠭ ᠲᠠᠶᠢᠴᠢᠯᠠᠭᠤᠯᠤᠨ ᠯᠾᠠᠰᠠᠩ ᠬᠠᠭᠠᠨ ᠢ ᠲᠠᠶᠢᠯᠠᠵᠦ ᠲᠡᠭᠦᠨ ᠢ ᠬᠤᠷᠣᠭᠠᠭᠰᠠᠨ ᠪᠦᠭᠡᠳ ᠨᠢᠩᠮᠠ ᠶᠢᠨ ᠰᠦᠮ᠎ᠡ ᠬᠡᠶᠢᠳ ᠢ ᠡᠪᠳᠡᠵᠦ᠂ ᠰᠢᠷ᠎ᠠ ᠶᠢᠨ ᠱᠠᠰᠢᠨ ᠢ ᠲᠡᠳᠭᠦᠨ ᠡᠷᠭᠦᠭᠰᠡᠨ ᠭᠡᠵᠦ ᠲᠡᠮᠳᠡᠭᠯᠡᠵᠡᠢ᠃ ᠠᠳᠡ ᠵᠡᠭᠦᠡᠭᠠᠷ ᠤᠨ ᠴᠡᠷᠢᠭ ᠯᠾᠠᠰᠠᠩ ᠬᠠᠭᠠᠨ ᠢ ᠠᠯᠠᠭᠰᠠᠨ ᠶᠠᠪᠣᠳᠠᠯ  ᠢ ᠰᠢᠷ᠎ᠠ ᠶᠢᠨ ᠱᠠᠰᠢᠨ ᠢ ᠲᠡᠳᠭᠦᠬᠦ ᠵᠣᠷᠢᠯᠭ᠎ᠠ ᠲᠡᠭᠡᠷ᠎ᠡ ᠲᠣᠭᠳᠠᠭᠠᠭᠰᠠᠨ ᠨᠢ ᠣᠨᠣᠪᠴᠢᠳᠠᠢ ᠪᠢᠰᠢ ᠪᠠᠶᠢᠵᠦ ᠮᠡᠳᠡᠪᠡᠴᠦ ᠂ ᠵᠡᠭᠦᠡᠭᠠᠷ ᠤᠨ ᠦᠢᠯᠡ ᠠᠵᠢᠯᠯᠠᠭ᠎ᠠ ᠶᠢ ᠵᠦᠪᠳᠡᠭᠡᠨ ᠬᠠᠯᠠᠮᠵᠢᠯᠠᠵᠦ ᠪᠠᠶᠢᠭᠰᠠᠨ ᠢ ᠬᠠᠷᠠᠭᠤᠯᠵᠦ ᠪᠣᠢ᠃ ᠪᠠᠰᠠ ᠨᠢᠭᠡ  ᠨᠢ᠂ ᠢᠰᠢᠪᠠᠯᠵᠣᠷ ᠯᠾᠠᠰᠠᠩ ᠬᠠᠭᠠᠨ ᠤ ᠨᠢᠩᠮᠠ ᠶᠢᠨ ᠲᠠᠭᠠᠯᠠᠯ ᠢ ᠰᠢᠳᠦᠭᠰᠡᠨ ᠳᠤ ᠲᠠᠭ᠎ᠠ ᠦᠭᠡᠢ ᠪᠠᠶᠢᠭᠰᠠᠨ ᠠᠴᠠ ᠪᠣᠯᠣᠭᠰᠠᠨ ᠪᠠᠶᠢᠵᠦ ᠲᠠᠭᠠᠷᠠᠨ᠎ᠠ᠃ ︽ᠬᠦᠬᠡᠨᠠᠭᠤᠷ ᠤᠨ ᠲᠡᠣᠬᠡ︾ ᠳᠤ ᠪᠠᠰᠠ ᠵᠡᠭᠦᠡᠭᠠᠷ ᠤᠨ ᠲᠠᠸᠠᠴᠢ ᠪᠠ ᠠᠮᠣᠷᠰᠠᠨᠠᠭ᠎ᠠ ᠨᠠᠷ ᠤᠨ ᠦᠢᠯᠡ ᠶᠠᠪᠣᠳᠠᠯ ᠢ ᠲᠣᠪᠴᠢ ᠲᠡᠮᠳᠡᠭᠯᠡᠵᠦ᠂ ᠵᠡᠭᠦᠡᠭᠠᠷ ᠤᠨ ᠬᠠᠭᠠᠨ ᠤ ᠣᠯᠠᠮᠵᠢᠯᠠᠯ ᠲᠠᠰᠣᠷᠠᠭᠰᠠᠨ ᠢ ᠲᠣᠷᠠᠳᠣᠪᠠ᠃ ᠢᠰᠢᠪᠠᠯᠵᠣᠷ ᠤᠨ ︽ᠦᠪᠡᠷ ᠤᠨ ᠨᠠᠮᠳᠠᠷ︾ ᠲᠤ᠂ ᠠᠷᠪᠠᠳᠣᠭᠠᠷ ᠷᠠᠪᠵᠣᠩ ᠠᠴᠠ ᠠᠷᠪᠠᠨ ᠭᠤᠷᠪᠠᠳᠣᠭᠠᠷ ᠷᠠᠪᠵᠣᠩ ᠬᠦᠷᠳᠡᠯᠡᠬᠢ ᠱᠠᠰᠢᠨ ᠲᠦᠷᠦ ᠶᠢᠨ ᠴᠢᠬᠤᠯᠠ ᠶᠠᠪᠣᠳᠠᠯ ᠢ ᠲᠡᠮᠳᠡᠭᠯᠡᠬᠦ ᠳᠡᠭᠡᠨ᠂ ᠮᠣᠩᠭᠤᠯ ᠤᠨ ᠱᠠᠰᠢᠨ ᠲᠦᠷᠦ ᠲᠠᠢ ᠬᠤᠯᠪᠣᠭᠳᠠᠬᠤ ᠶᠠᠪᠣᠳᠠᠯ ᠢᠶᠠᠷ ᠭᠤᠣᠯᠳᠠᠭᠤᠯᠵᠦ᠂ ᠣᠨᠴᠠᠭᠠᠶᠢᠯᠠᠨ ᠵᠡᠭᠦᠡᠭᠠᠷ ᠤᠨ ᠬᠤᠪᠢᠷᠠᠯ ᠪᠠᠶᠢᠳᠠᠯ ᠢ ᠴᠢᠩ ᠣᠯᠣᠰ ᠲᠤ ᠮᠦᠬᠦᠭᠡᠭᠳᠡᠭᠰᠡᠨ ᠬᠦᠷᠳᠡᠯ᠎ᠡ ᠮᠦᠷᠳᠡᠨ ᠪᠢᠴᠢᠭᠯᠡᠭᠰᠡᠨ ᠶᠣᠮ᠃ ᠡᠨᠡ ᠨᠢ ᠲᠡᠭᠦᠨ ᠤ ᠵᠡᠭᠦᠡᠭᠠᠷ ᠤᠨ ᠲᠣᠬᠠᠢ ᠣᠨᠴᠠᠭᠠᠢ ᠠᠩᠬᠠᠷᠣᠯ ᠪᠠ ᠬᠠᠯᠠᠮᠵᠢᠯᠠᠯ ᠢ ᠬᠠᠷᠠᠭᠤᠯᠵᠦ ᠪᠣᠢ᠃ ᠣᠴᠢᠷ ᠨᠢ ᠡᠨᠡ ᠦᠶ᠎ᠡ ᠳᠤ᠂ ᠮᠣᠩᠭᠤᠯ ᠣᠭᠰᠠᠭᠠᠳᠠᠨ ᠠᠴᠠ ᠭᠠᠭᠴᠠ ᠵᠡᠭᠦᠡᠭᠠᠷ ᠮᠣᠩᠭᠤᠯ ᠮᠠᠨᠵᠣ ᠶᠢᠨ ᠡᠷᠬᠡᠰᠢᠶᠡᠯ ᠲᠣᠣᠷ᠎ᠠ ᠣᠷᠣᠭᠠᠳᠣᠢ ᠪᠠᠶᠢᠭᠰᠠᠨ ᠪᠠᠶᠢᠵᠠᠢ᠃ ᠭᠡᠪᠡᠴᠦ ᠵᠡᠭᠦᠡᠭᠠᠷ ᠬᠠᠭᠠᠨᠳᠣ ᠣᠯᠣᠰ ᠮᠦᠬᠦᠭᠰᠡᠨ ᠤ ᠲᠠᠷᠠᠭ᠎ᠠ ᠢᠰᠢᠪᠠᠯᠵᠣᠷ ᠤᠨ ᠲᠡᠣᠬᠡᠨ ᠬᠡᠷᠡᠭ ᠤᠨ ᠪᠢᠴᠢᠭᠯᠡᠯ ᠨᠢ ᠲᠡᠨᠳᠡ ᠬᠦᠷᠳᠡᠯ᠎ᠡ ᠪᠢᠴᠢᠭᠡᠳ ᠲᠠᠭᠤᠰᠴᠠᠢ᠃ ᠢᠰᠢᠪᠠᠯᠵᠤᠷ ᠤᠨ ᠠᠮᠢᠳᠣᠷᠠᠵᠦ ᠪᠠᠶᠢᠭᠰᠠᠨ ᠦᠶ᠎ᠡ ᠶᠢᠨ ᠬᠡᠷᠡᠭ ᠣᠴᠢᠷ ᠭᠡᠪᠡᠯ᠂ 1714 ᠣᠨ᠂ ᠮᠣᠳᠣᠨ ᠮᠣᠷᠢᠨ ᠵᠢᠯ ᠳᠤ᠂ ᠯᠾᠠᠰᠠᠩ ᠬᠠᠭᠠᠨ ᠬᠠᠭᠠᠨ ᠤ ᠪᠠᠭᠰᠢ ᠴᠣᠩᠵᠠᠪᠠ ᠶᠢᠨ ᠠᠷᠭ᠎ᠠ ᠪᠠᠷ ᠵᠡᠭᠦᠡᠭᠠᠷ ᠤᠨ ᠽᠸᠧᠠᠩᠷᠠᠪᠳᠠᠨ ᠢ ᠬᠤᠣᠷᠯᠠᠬᠤ ᠭᠡᠵᠦ ᠲᠣᠯᠣᠭᠠᠨ ᠪᠠᠭᠠᠳᠣᠷ ᠡᠷ᠎ᠡ ᠪᠠ ᠶᠡᠭᠡ ᠬᠦᠪᠡᠭᠦᠨ ᠯᠣᠪᠰᠠᠩᠳᠠᠨᠵᠣᠩ ᠢᠶᠠᠨ ᠲᠣᠮᠢᠯᠠᠵᠦ ᠬᠤᠣᠷ ᠬᠦᠷᠭᠡᠭᠡᠳ ᠮᠡᠳᠡᠭᠳᠡᠵᠦ ᠲᠡᠳᠡᠭᠡᠷ ᠬᠦᠮᠦᠰ ᠪᠦᠷ ᠠᠯᠠᠭᠳᠠᠭᠰᠠᠨ ᠭᠡᠵᠦ ᠲᠡᠮᠳᠡᠭᠯᠡᠵᠡᠢ᠃ ᠲᠡᠭᠦᠨ ᠤ ᠲᠠᠷᠠᠭ᠎ᠠ ᠵᠢᠯ ᠨᠢ᠂ ᠴᠢᠩ ᠤᠨ ᠲᠦᠷᠦ ᠠᠴᠠ ᠣᠶᠢᠷᠠᠳ ᠤᠨ ᠲᠦᠷᠪᠡᠨ ᠠᠶᠢᠮᠠᠭ ᠪᠦᠭᠦᠳᠡ ᠶᠢ ᠡᠷᠬᠡᠰᠢᠶᠡᠯ ᠳᠡᠭᠡᠨ ᠣᠷᠣᠭᠤᠯᠬᠤ ᠭᠡᠵᠦ ᠲᠦᠷᠪᠡᠨ ᠲᠦᠮᠡᠨ ᠴᠡᠷᠢᠭ ᠲᠣᠮᠢᠯᠠᠭᠰᠠᠨ ᠪᠠ ᠵᠡᠭᠦᠡᠭᠠᠷ ᠤᠨ ᠽᠠᠷᠢᠩᠳᠣᠩᠷᠣᠪ ᠶᠡᠭᠡ ᠴᠡᠷᠢᠭ ᠲᠠᠭᠠᠭᠤᠯᠤᠨ ᠪᠠᠶᠢᠯᠳᠣᠭᠠᠳ ᠮᠠᠨᠵᠣ ᠶᠢᠨ ᠴᠡᠷᠢᠭ ᠢ ᠢᠯᠠᠭᠰᠠᠨ︔ ᠭᠠᠯ ᠲᠠᠬᠢᠶ᠎ᠠ ᠵᠢᠯ᠂ 1717 ᠣᠨ ᠳᠤ᠂ ᠵᠡᠭᠦᠡᠭᠠᠷ ᠤᠨ ᠭᠠᠯᠳᠠᠨᠴᠡᠷᠢᠩ ᠴᠡᠷᠢᠩᠳᠣᠩᠷᠣᠪ ᠵᠡᠷᠭᠡ ᠲᠠᠪᠣᠨ ᠵᠠᠩᠵᠣᠨ  ᠳᠤ ᠭᠤᠷᠪᠠᠨ ᠮᠢᠩᠭᠠᠨ ᠴᠡᠷᠢᠭ ᠦᠭᠴᠦ ᠯᠾᠠᠰᠠ ᠶᠢ ᠲᠣᠪᠳᠣᠯᠵᠦ ᠯᠾᠠᠰᠠᠩ ᠬᠠᠭᠠᠨ ᠢ ᠠᠯᠠᠵᠦ᠂ ᠳ᠋ᠠᠭᠽᠧ ᠣᠷᠣᠨ  ᠤ ᠨᠣᠶᠠᠨ ᠢ ᠳ᠋ᠢᠰᠡᠷᠢᠳ ᠪᠣᠯᠭᠠᠪᠠ᠃ ᠡᠨᠡ ᠪᠣᠯ ᠲᠠᠷᠣᠢ ᠬᠦᠬᠡᠨᠠᠭᠤᠷ ᠤᠨ ᠯᠣᠪᠰᠠᠩᠳᠠᠨᠵᠢᠨ ᠨᠠᠷ ᠤᠨ ᠭᠤᠶᠣᠴᠢᠯᠠᠨ ᠠᠮᠢ ᠶᠢ ᠨᠢ ᠠᠪᠣᠷᠠᠬᠤ ᠭᠡᠰᠡᠨ ᠬᠦᠮᠦᠨ ᠪᠣᠯᠣᠨ᠎ᠠ᠃ ᠵᠡᠭᠦᠡᠭᠠᠷ ᠤᠨ ᠴᠡᠷᠢᠭ ᠲᠦᠪᠡᠳ ᠠᠴᠠ ᠣᠬᠤᠷᠢᠨ ᠭᠠᠷᠣᠭᠰᠠᠨ  ᠤ ᠲᠠᠷᠠᠭ᠎ᠠ᠂ ᠡᠨᠡ ᠳ᠋ᠠᠭᠽᠧ ᠳ᠋ᠢᠪᠠ ᠴᠢᠩ ᠤᠨ ᠴᠡᠷᠢᠭ ᠲᠤ ᠪᠠᠷᠢᠪᠴᠢᠯᠠᠭᠳᠠᠭᠰᠠᠨ ᠪᠠᠶᠢᠨ᠎ᠠ᠃ ᠮᠦᠨ ᠲᠡᠭᠦᠨ ᠤ ᠲᠠᠷᠠᠭ᠎ᠠ ᠵᠢᠯ ᠳᠤ ᠨᠢ ᠨᠢᠩᠮᠠ ᠶᠢᠨ ᠬᠡᠳᠦᠨ ᠶᠡᠭᠡ ᠰᠦᠮ᠎ᠡ ᠶᠢ ᠡᠪᠳᠡᠵᠦ᠂ ᠭᠠᠯᠳᠠᠨ ᠰᠧᠷᠠ ᠪᠠᠷᠠᠶᠢᠪᠣᠩ ᠭᠤᠷᠪᠠᠨ ᠰᠦᠮ᠎ᠡ ᠶᠢᠨ ᠶᠣᠰᠣ ᠲᠦᠷᠢᠮ ᠢ ᠴᠡᠭᠴᠡᠯᠡᠨ ᠴᠢᠩᠭᠠᠯᠠᠭᠰᠠᠨ ᠢ ᠲᠡᠮᠳᠡᠭᠯᠡᠭᠰᠡᠨ ᠨᠢ ︽ᠬᠦᠬᠡᠨᠠᠭᠤᠷ ᠤᠨ ᠲᠡᠣᠬᠡ︾  ᠳᠤ ᠶᠠᠷᠢᠭᠰᠠᠨ ᠲᠠᠢ ᠠᠳᠠᠯᠢᠪᠳᠣᠷ᠃ ᠡᠭᠦᠨ ᠠᠴᠠ ᠭᠠᠳᠠᠨ᠎ᠠ ᠪᠠᠰᠠ ᠰᠢᠷᠣᠢ ᠭᠠᠭ᠋ᠠᠢ ᠵᠢᠯ᠂ 1719 ᠣᠨ ᠳᠤ᠂ ᠵᠡᠭᠦᠡᠭᠠᠷᠴᠤᠳ ᠲᠦᠪᠡᠳ ᠠᠴᠠ ᠣᠬᠤᠷᠢᠨ ᠭᠠᠷᠬᠤ ᠦᠶ᠎ᠡ ᠳᠡᠭᠡᠨ᠂ ᠲᠠᠯᠠᠢ ᠯᠠᠮᠠ ᠭᠠᠯᠰᠠᠩᠵᠠᠮᠰᠤ ᠶᠢ ᠵᠠᠯᠠᠵᠦ ᠶᠠᠪᠣᠭ᠎ᠠ ᠬᠢᠳᠡᠳ ᠮᠣᠩᠭᠤᠯ ᠤᠨ ᠶᠡᠭᠡ ᠴᠡᠷᠢᠭ ᠲᠠᠢ ᠪᠠᠭ᠎ᠠ ᠲᠣᠯᠣᠯᠳᠣᠭᠠᠳ ᠨᠣᠳᠤᠭ ᠲᠠᠭᠠᠨ ᠪᠣᠴᠠᠭᠰᠠᠨ︔ ᠭᠠᠯ ᠮᠣᠷᠢᠨ ᠵᠢᠯ᠂ 1726 ᠣᠨ ᠳᠤ ᠵᠡᠭᠦᠡᠭᠠᠷ ᠤᠨ ᠴᠡᠸᠠᠩᠷᠠᠪᠳᠠᠨ ᠨᠠᠰᠤ ᠨᠦᠭᠴᠢᠵᠦ᠂ ᠭᠠᠯᠳᠠᠨᠴᠡᠷᠢᠩ ᠬᠠᠭᠠᠨ ᠪᠣᠯᠣᠭᠰᠠᠨ︔ ᠣᠰᠣᠨ ᠨᠣᠬᠠᠢ ᠵᠢᠯ ᠪᠠ ᠣᠰᠣᠨ ᠭᠠᠭ᠋ᠠᠢ ᠵᠢᠯ᠂ 1742 ᠪᠠ 1743 ᠣᠨ ᠳᠤ᠂ ᠽᠧᠷᠢᠩᠳᠣᠩᠷᠣᠪ᠂ ᠲᠣᠷᠵᠢᠳᠠᠮᠪᠠ᠂ ᠭᠠᠯᠳᠠᠨᠳᠣᠩᠷᠣᠪ ᠭᠤᠷᠪᠠᠭᠤᠯᠠ ᠣᠶᠢᠷᠠᠳ ᠤᠨ ᠭᠤᠷᠪᠠᠨ ᠰᠠᠯᠠᠭ᠎ᠠ ᠴᠡᠷᠢᠭ ᠢ ᠲᠠᠶᠢᠴᠢᠯᠠᠨ ᠬᠠᠯᠬ᠎ᠠ ᠶᠢ ᠲᠣᠪᠳᠣᠯᠣᠨ ᠪᠠᠭ᠎ᠠ ᠪᠣᠰᠣ ᠭᠠᠮᠰᠢᠭ ᠣᠴᠠᠷᠠᠭᠤᠯᠤᠭᠰᠠᠨ ᠳᠤ᠂ ᠬᠠᠯᠬᠠᠴᠣᠳ ᠣᠶᠢᠷᠠᠳ  ᠤᠨ ᠲᠣᠷᠵᠢᠳᠠᠮᠪᠠ ᠶᠢᠨ ᠴᠡᠷᠢᠭ ᠢ ᠣᠷᠬᠤᠨ ᠭᠤᠣᠯ ᠤᠨ ᠬᠦᠪᠡᠭᠡᠨ ᠳᠤ ᠲᠦᠷᠪᠡᠨ ᠵᠠᠭᠤ ᠶᠢ ᠰᠦᠢᠳᠭᠡᠭᠰᠡᠨ ᠢᠶᠠᠷ ᠲᠠᠶᠢᠨ ᠨᠠᠮᠵᠢᠭᠰᠠᠨ︔ ᠣᠶᠢᠷᠠᠳ ᠤᠨ ᠬᠠᠭᠠᠨ ᠰᠠᠭᠤᠷᠢᠨ ᠳᠤ ᠽᠡᠷᠢᠩᠳᠣᠷᠵᠢ ᠰᠠᠭᠤᠭᠰᠠᠨ︔ ᠠᠷᠪᠠᠨ ᠭᠤᠷᠪᠠᠳᠤᠭᠠᠷ ᠷᠠᠪᠵᠣᠩ ᠤᠨ ᠭᠠᠯ ᠲᠠᠣᠯᠠᠢ ᠵᠢᠯ᠂ 1747 ᠣᠨ ᠳᠤ᠂ ᠣᠶᠢᠷᠠᠳ ᠤᠳ ᠲᠣᠳᠣᠷ᠎ᠠ ᠪᠠᠨ ᠬᠢᠮᠣᠷᠠᠯᠳᠣᠵᠦ ᠽᠡᠷᠢᠩᠳᠣᠷᠵᠢ ᠠᠯᠠᠭᠳᠠᠵᠦ᠂ ᠡᠷᠳᠡᠨᠢᠳᠠᠷᠵᠠᠢ ᠬᠠᠭᠠᠨ ᠰᠠᠭᠤᠭᠰᠠᠨ ᠴᠤ᠂ ᠲᠡᠮᠣᠷ ᠬᠤᠨᠢᠨ ᠵᠢᠯ᠂ 1751 ᠣᠨ ᠳᠤ ᠪᠠᠰᠠ ᠠᠯᠠᠭᠳᠠᠵᠦ᠂ ᠳ᠋ᠠᠸᠠᠴᠢ ᠬᠠᠭᠠᠨ ᠰᠠᠭᠤᠷᠢᠨ ᠳᠤ ᠭᠠᠷᠪᠠ᠃ ᠮᠣᠳᠣᠨ ᠭᠠᠭ᠋ᠠᠢ ᠵᠢᠯ᠂ 1755 ᠣᠨ ᠳᠤ᠂ ᠬᠢᠳᠡᠳ ᠮᠣᠩᠭᠤᠯ ᠴᠡᠷᠢᠭ ᠳ᠋ᠠᠸᠠᠴᠢ ᠶᠢ ᠪᠠᠷᠢᠪᠴᠢᠯᠠᠭᠰᠠᠨ ᠢᠶᠠᠷ ᠵᠡᠭᠦᠡᠭᠠᠷ ᠤᠨ ᠬᠠᠭᠠᠨ ᠤ ᠣᠯᠠᠮᠵᠢᠯᠠᠯ ᠲᠠᠰᠣᠷᠠᠭᠰᠠᠨ ᠭᠡᠬᠦ ᠮᠡᠳᠦ ᠪᠠᠷ ᠲᠡᠮᠳᠡᠭᠯᠡᠵᠡᠢ᠃ ᠢᠰᠢᠪᠠᠯᠵᠣᠷ ᠤᠨ ᠡᠳᠡᠭᠡᠷ ᠲᠡᠣᠬᠡᠨ ᠲᠡᠮᠳᠡᠭᠯᠡᠯ ᠪᠣᠯ ᠪᠦᠷ ᠲᠡᠭᠦᠨ ᠤ ᠠᠮᠢᠳᠣᠷᠠᠵᠦ ᠪᠠᠶᠢᠭᠰᠠᠨ ᠴᠠᠭ ᠦᠶ᠎ᠡ ᠶᠢᠨ ᠢᠶᠠᠨ ᠨᠢᠳᠣ ᠪᠠᠷ ᠦᠵᠡᠵᠦ ᠴᠢᠬᠢ ᠪᠠᠷ ᠰᠣᠨᠣᠰᠣᠭᠰᠠᠨ ᠣᠶᠢᠷᠠᠳ ᠮᠣᠩᠭᠤᠯᠴᠤᠳ ᠤᠨ ᠲᠣᠮᠣ ᠬᠡᠷᠡᠭ ᠣᠴᠢᠷ ᠤᠳ ᠪᠣᠯᠬᠤ ᠶᠣᠮ᠃ ᠡᠨᠡ ᠨᠢ ᠲᠡᠭᠦᠨ ᠤ ᠣᠶᠢᠷᠠᠳ ᠣᠭᠰᠠᠭᠠᠨ ᠤ ᠬᠦᠮᠦᠨ ᠪᠣᠯᠣᠭᠰᠠᠨ ᠤ ᠬᠤᠪᠢ ᠳᠠᠬᠢ ᠦᠪᠡᠷ ᠤᠨ ᠣᠭᠰᠠᠭ᠎ᠠ ᠢᠵᠠᠭᠤᠷ ᠤᠨ ᠬᠤᠪᠢ ᠵᠠᠶᠠᠭ᠎ᠠ ᠳᠤ ᠰᠠᠨᠠᠭᠠᠰᠢᠷᠠᠵᠦ ᠬᠠᠯᠠᠮᠵᠢᠯᠠᠵᠦ ᠪᠠᠶᠢᠭ᠎ᠠ ᠰᠠᠨᠠᠭ᠎ᠠ ᠰᠡᠳᠬᠢᠯᠭᠡ ᠶᠢᠨ ᠢᠯᠡᠷᠡᠭᠦᠯᠦᠯ ᠪᠣᠯᠣᠨ᠎ᠠ᠃ ᠲᠡᠭᠡᠷᠡᠬᠢ ᠶᠢ ᠪᠠᠭᠴᠠᠯᠠᠪᠠᠯ᠂ ᠢᠰᠢᠪᠠᠯᠵᠣᠷ ᠬᠦᠬᠡᠨᠠᠭᠤᠷ ᠤᠨ ᠮᠣᠩᠭᠤᠯᠴᠣᠳ ᠪᠠ ᠵᠡᠭᠦᠡᠭᠠᠷ ᠤᠨ ᠮᠣᠩᠭᠤᠯᠴᠣᠳ  ᠤᠨ ᠬᠤᠪᠢ ᠵᠠᠶᠠᠭ᠎ᠠ ᠣᠴᠠᠷᠠᠯ ᠲᠣᠬᠢᠶᠠᠯᠳᠣᠯ ᠢ ᠲᠡᠮᠳᠡᠭᠯᠡᠬᠦ ᠪᠠᠷ ᠲᠠᠮᠵᠢᠨ ᠮᠣᠩᠭᠤᠯᠴᠤᠳ ᠤᠨ ᠨᠢᠭᠡᠨ ᠬᠡᠰᠡᠭ ᠲᠡᠣᠬᠡ ᠶᠢ ᠲᠡᠮᠳᠡᠭᠯᠡᠵᠦ᠂ ᠬᠤᠵᠢᠮ ᠤᠨ ᠬᠦᠮᠦᠰ ᠲᠤ ᠬᠤᠪᠣᠷ ᠦᠨᠡᠳᠦ ᠮᠠᠲ᠋ᠧᠷᠢᠶᠠᠯ ᠦᠯᠡᠳᠡᠭᠡᠭᠰᠡᠨ ᠶᠣᠮ᠃ ᠡᠨᠡ ᠲᠣᠳᠣᠷ᠎ᠠ ᠲᠡᠭᠦᠨ ᠤ ᠦᠨᠳᠣᠰᠣᠳᠡᠨ ᠣᠭᠰᠠᠭ᠎ᠠ ᠪᠠᠨ ᠭᠡᠰᠡᠨ ᠦᠵᠡᠯ ᠰᠠᠨᠠᠭ᠎ᠠ᠂ ᠲᠡᠣᠬᠡ ᠶᠢ ᠬᠡᠷᠬᠢᠨ ᠦᠵᠡᠬᠦ ᠦᠵᠡᠯ ᠰᠠᠨᠠᠭ᠎ᠠ ᠠᠬᠤᠭᠤᠯᠣᠭᠳᠠᠵᠦ ᠪᠠᠶᠢᠳᠠᠭ᠃ ᠢᠰᠢᠪᠠᠯᠵᠣᠷ ᠤᠨ ᠦᠨᠳᠣᠰᠣᠳᠡᠨ ᠣᠭᠰᠠᠭ᠎ᠠ ᠶᠢᠨ ᠬᠤᠪᠢ ᠵᠠᠶᠠᠭ᠎ᠠ  ᠶᠢ ᠬᠠᠯᠠᠮᠵᠢᠯᠠᠳᠠᠭ ᠲᠡᠣᠬᠡ ᠪᠢᠴᠢᠯᠭᠡ ᠶᠢᠨ ᠰᠢᠯᠳᠠᠭᠠᠨ ᠢ ᠲᠣᠣᠷᠠᠬᠢ ᠬᠡᠳᠦᠨ ᠲᠠᠯ᠎ᠠ ᠪᠠᠷ ᠰᠣᠪᠢᠵᠦ ᠪᠣᠯᠣᠨ᠎ᠠ᠃ ᠨᠢᠭᠡ  ᠳᠤ᠂ ᠣᠶᠢᠷᠠᠳ ᠮᠣᠩᠭᠤᠯᠴᠤᠳ ᠤᠨ ᠢᠵᠠᠭᠤᠷ ᠣᠭᠰᠠᠭᠠᠨ ᠳᠤ ᠲᠦᠷᠦᠭᠰᠡᠨ ᠤ ᠬᠤᠪᠢ ᠳᠤ᠂ ᠦᠪᠡᠷ ᠤᠨ ᠦᠨᠳᠣᠰᠣ ᠣᠭᠰᠠᠭᠠᠨ ᠤ ᠲᠣᠬᠠᠢ ᠣᠮᠣᠭᠰᠢᠯᠳᠣ ᠰᠡᠳᠬᠢᠯᠭᠡ ᠲᠠᠢ᠃ ᠬᠤᠶᠠᠷ ᠲᠤ᠂ ᠲᠦᠪᠡᠳ ᠲᠤ ᠰᠣᠷᠣᠯᠴᠠᠬᠤ ᠦᠶ᠎ᠡ ᠳᠤ ᠵᠠᠷᠢᠮ ᠲᠦᠪᠡᠳ ᠬᠦᠮᠦᠰ ᠤᠨ ᠲᠣᠷᠣᠮᠵᠢᠯᠠᠬᠤ ᠭᠠᠳᠠᠭᠤᠷᠴᠢᠯᠠᠯ ᠢ ᠠᠮᠰᠠᠵᠦ᠂ ᠦᠪᠡᠷ ᠤᠨ ᠡᠷᠬᠡ ᠦᠭᠡᠢ ᠦᠪᠡᠷ ᠤᠨ ᠤᠭᠰᠠᠭ᠎ᠠ ᠦᠨᠳᠣᠰᠣᠳᠡᠨ ᠢᠶᠠᠨ ᠰᠠᠨᠠᠭᠠᠯᠵᠠᠨ᠂ ᠦᠨᠳᠣᠰᠣᠳᠡᠨ ᠣᠭᠰᠠᠭ᠎ᠠ ᠪᠠᠨ ᠬᠠᠯᠠᠮᠵᠢᠯᠠᠭᠤᠯᠬᠤ ᠪᠣᠯᠭᠠᠵᠠᠢ᠃ ᠭᠤᠷᠪᠠ ᠳᠤ᠂ ᠮᠠᠨᠵᠣ ᠴᠢᠩ ᠠᠴᠠ ᠯᠣᠪᠰᠠᠩᠳᠠᠨᠵᠢᠨ ᠤ ᠡᠰᠡᠷᠭᠦᠴᠡᠯ ᠢ ᠲᠠᠷᠣᠩᠭᠤᠶᠢᠯᠠᠭᠰᠠᠨ ᠴᠢᠰᠣᠳᠣ ᠲᠠᠷᠣᠩᠭᠤᠶᠢᠯᠠᠯ ᠨᠢ ᠲᠡᠭᠦᠨ ᠤ ᠵᠢᠷᠦᠬᠡᠨ ᠤ ᠭᠦᠨ ᠳᠤ ᠭᠦᠨ ᠰᠣᠷᠪᠢ ᠦᠯᠡᠳᠡᠭᠡᠵᠡᠢ᠃ ᠲᠦᠷᠪᠡ ᠳᠤ᠂ ᠲᠡᠷᠡ ᠨᠢᠭᠡ ᠨᠠᠰᠣᠨ ᠳᠠᠭᠠᠨ ᠣᠯᠠᠨᠳᠠ ᠮᠣᠩᠭᠤᠯ ᠭᠠᠵᠠᠷ ᠢᠶᠠᠷ ᠶᠠᠪᠣᠵᠦ᠂ ᠮᠣᠩᠭᠤᠯ ᠸᠠᠩ ᠭᠦᠩ ᠬᠠᠷᠠᠴᠤ ᠠᠷᠠᠳ ᠲᠠᠢ ᠶᠠᠪᠣᠯᠴᠠᠵᠦ ᠲᠡᠳᠡᠨ ᠤ ᠡᠪᠡᠳᠴᠢᠨ ᠡᠮᠬᠡᠭ ᠢ ᠠᠷᠢᠯᠭᠠᠨ ᠬᠦᠴᠢᠷ ᠵᠣᠪᠠᠯᠠᠩ ᠢ ᠠᠷᠢᠯᠭᠠᠵᠦ ᠪᠠᠶᠢᠭᠰᠠᠨ ᠲᠣᠯᠠ ᠲᠡᠳᠡᠨ  ᠲᠠᠢ ᠭᠦᠨ ᠵᠣᠵᠠᠭᠠᠨ ᠬᠠᠶᠢᠷ᠎ᠠ ᠰᠡᠳᠬᠢᠯᠭᠡ ᠲᠠᠢ ᠪᠣᠯᠵᠦ᠂ ᠦᠨᠳᠣᠰᠣᠳᠡᠨ ᠣᠭᠰᠠᠭᠠᠳᠠᠨ ᠢᠶᠠᠨ ᠬᠠᠶᠢᠷᠠᠯᠠᠬᠤ ᠰᠡᠳᠬᠢᠯᠭᠡ ᠣᠯᠠᠮ ᠭᠦᠨ ᠭᠦᠨᠵᠡᠭᠡᠢ ᠪᠣᠯᠵᠠᠢ᠃ ᠲᠠᠪᠤ ᠳᠤ᠂ ᠲᠦᠪᠡᠳ ᠲᠤ ᠰᠣᠷᠣᠯᠴᠠᠵᠦ ᠪᠠᠶᠢᠬᠤ ᠳᠠᠭᠠᠨ ᠦᠯᠡᠮᠵᠢ ᠣᠯᠠᠨ ᠨᠣᠮ ᠦᠵᠡᠭᠰᠡᠨ ᠪᠠ ᠪᠡᠭᠡᠵᠢᠩ ᠳᠤ ᠨᠡᠯᠢᠶᠡᠳ ᠬᠡᠳᠦᠨ ᠵᠢᠯ ᠰᠠᠭᠤᠭᠰᠠᠨ ᠨᠢ ᠬᠢᠳᠡᠳ ᠮᠣᠩᠭᠤᠯ ᠰᠣᠷᠪᠣᠯᠵᠢ ᠪᠢᠴᠢᠭ ᠢ ᠦᠯᠡᠮᠵᠢ ᠣᠯᠠᠨ ᠣᠩᠰᠢᠬᠤ ᠲᠣᠬᠢᠶᠠᠯ ᠲᠠᠢ ᠪᠣᠯᠣᠭᠰᠠᠨ ᠨᠢ ᠬᠤᠵᠢᠮ ᠤᠨ ᠲᠡᠣᠬᠡ ᠪᠢᠴᠢᠯᠭᠡ ᠳᠤ ᠶᠡᠬᠡᠬᠡᠨ ᠲᠣᠰᠠ ᠪᠣᠯᠣᠭᠰᠠᠨ ᠪᠠᠶᠢᠨ᠎ᠠ᠃ ᠢᠰᠢᠪᠠᠯᠵᠣᠷ ᠨᠠᠰᠣ ᠨᠦᠭᠴᠢᠭᠰᠡᠨ ᠤ ᠲᠠᠷᠠᠭᠠᠬᠢ ᠲᠦᠴᠢ ᠶᠢᠰᠦᠨ ᠵᠢᠯ ᠤᠨ ᠬᠤᠶᠢᠨ᠎ᠠ ᠮᠡᠨᠳᠦᠯᠡᠭᠰᠡᠨ ᠮᠣᠩᠭᠤᠯ ᠦᠨᠳᠣᠰᠣᠳᠡᠨ ᠤ ᠠᠯᠳᠠᠷᠳᠣ ᠭᠦᠨ ᠣᠬᠠᠭᠠᠨᠳᠠᠨ᠂ ᠣᠳᠬ᠎ᠠ ᠵᠣᠬᠢᠶᠠᠯᠴᠢ ᠢᠨᠵᠠᠨᠨᠠᠰᠢ ︵1837 — 1892︶ ᠮᠦᠨ ︽ᠶᠡᠭᠡ ᠶᠣᠸᠠᠨ ᠣᠯᠣᠰ ᠤᠨ ᠮᠠᠨᠳᠣᠭᠰᠠᠨ ᠲᠦᠷᠦ ᠶᠢᠨ ᠬᠦᠬᠡ ᠰᠣᠳᠣᠷ︾ ᠢ ᠪᠢᠴᠢᠵᠦ᠂ ᠲᠡᠭᠡᠳᠦᠰ ᠤᠨ ᠰᠦᠷ ᠬᠦᠴᠦᠨ ᠠᠯᠳᠠᠷ ᠭᠠᠪᠢᠶ᠎ᠠ ᠶᠢ ᠲᠠᠬᠢᠨᠳᠠ ᠣᠷᠠᠨ ᠪᠢᠷ ᠢᠶᠠᠷ ᠪᠢᠴᠢᠭᠯᠡᠭᠰᠡᠨ ᠢᠶᠠᠷ ᠦᠨᠳᠣᠰᠣᠳᠡᠡ ᠣᠭᠰᠠᠭ᠎ᠠ  ᠪᠠᠨ ᠬᠠᠯᠠᠮᠵᠢᠯᠠᠬᠤ᠂ ᠮᠣᠩᠭᠤᠯ ᠣᠭᠰᠠᠭ᠎ᠠ ᠣᠳᠣᠮ ᠢᠶᠠᠨ ᠬᠦᠭᠵᠢᠬᠦᠯᠦᠨ ᠮᠠᠨᠳᠣᠭᠤᠯᠬᠤ ᠭᠡᠰᠡᠨ ᠰᠠᠨᠠᠭ᠎ᠠ ᠪᠠᠨ ᠲᠠᠮ  ᠢᠶᠠᠷ ᠢᠯᠡᠳᠭᠡᠭᠰᠡᠨ ᠪᠢᠯᠡ᠃ ᠲᠡᠭᠡᠳᠦᠰ ᠤᠨ ᠲᠡᠣᠬᠡᠨ ᠭᠠᠪᠢᠶ᠎ᠠ ᠶᠢ ᠪᠢᠴᠢᠭᠯᠡᠬᠦ ᠨᠢ ᠲᠠᠷᠣᠢ ᠦᠪᠡᠷ ᠤᠨ ᠣᠭᠰᠠᠭ᠎ᠠ ᠦᠨᠳᠣᠰᠣᠳᠡᠨ ᠤ ᠣᠷᠣᠰᠢᠨ ᠲᠣᠭᠳᠠᠨᠢᠯ ᠢᠶᠠᠨ ᠨᠣᠳᠠᠯᠠᠭᠰᠠᠨ ᠣᠴᠢᠷ ᠪᠣᠯᠬᠤ ᠶᠣᠮ᠃ ᠡᠶᠢᠮᠦ ᠠᠴᠠ ᠵᠠᠷᠢᠮ ᠤᠳᠬ᠎ᠠ  ᠠᠴᠠ ᠬᠡᠯᠡᠪᠡᠯ᠂ ᠠᠳᠠᠯᠢ ᠪᠣᠰᠤ ᠴᠠᠭ ᠦᠶ᠎ᠡ ᠳᠤ ᠠᠮᠢᠳᠣᠷᠠᠭᠰᠠᠨ ᠡᠨᠡ ᠬᠤᠶᠠᠷ ᠪᠢᠴᠢᠭ ᠤᠨ ᠬᠦᠮᠦᠨ ᠨᠢ ᠠᠳᠠᠯᠢ ᠪᠣᠰᠤ ᠶᠢᠨ ᠬᠡᠯᠪᠡᠷᠢ᠂ ᠠᠳᠠᠯᠢ ᠪᠣᠰᠤ ᠶᠢᠨ ᠬᠠᠷᠠᠭᠠᠰᠤ᠂ ᠠᠳᠠᠯᠢ ᠪᠣᠰᠤ ᠶᠢᠨ ᠰᠡᠳᠬᠢᠯᠭᠡᠨ ᠢᠶᠠᠷ ᠦᠪᠡᠷ ᠤᠨ ᠦᠨᠳᠣᠰᠣᠳᠡᠨ ᠤ ᠲᠡᠣᠬᠡ ᠪᠠᠨ ᠪᠢᠴᠢᠭᠯᠡᠵᠡᠢ᠃ ᠠᠳᠠᠯᠢ ᠲᠠᠯ᠎ᠠ ᠨᠢ ᠦᠨᠳᠣᠰᠣᠳᠡᠨ ᠣᠭᠰᠠᠭ᠎ᠠ ᠪᠠᠨ ᠲᠡᠭᠡᠵᠢᠯᠡᠨ ᠡᠷᠬᠢᠮᠨᠡᠵᠦ ᠣᠷᠣᠰᠢᠯ ᠠᠬᠤᠢ ᠶᠢ ᠨᠢ ᠬᠠᠯᠠᠮᠵᠢᠯᠠᠭᠰᠠᠨ ᠶᠠᠪᠣᠳᠠᠯ ᠪᠣᠯᠣᠨ᠎ᠠ᠃ ᠵᠡᠭᠦᠯᠳᠡ᠄ ﹇1﹈ ᠢᠰᠢᠪᠠᠯᠵᠣᠷ᠄ ︽ᠬᠠᠮᠪᠤ ᠡᠷᠳᠡᠨᠢ ᠪᠠᠨᠳᠢᠳᠠ ᠬᠡᠮᠡᠨ ᠠᠯᠳᠠᠷᠰᠢᠭᠰᠠᠨ ᠤ ᠶᠠᠪᠣᠳᠠᠯ ᠶᠣᠰᠣᠨ ᠢ ᠦᠬᠦᠯᠡᠭᠰᠡᠨ ᠲᠠᠭᠤᠨ ᠪᠠᠷᠢᠭᠴᠢ ᠶᠢᠨ ᠲᠡᠵᠢᠭᠡᠯ ᠬᠡᠮᠡᠭᠳᠡᠬᠦ ᠣᠷᠣᠰᠢᠪᠠᠢ︾᠂ ᠲᠦᠪᠡᠳ ᠪᠠᠷ᠃ ﹇2﹈ ᠴᠡᠩᠭᠡᠯ᠂ ᠮᠠ ᠪᠣᠣ ᠵᠣ᠋ ᠬᠠᠷᠭᠤᠭᠤᠯᠤᠨ ᠲᠠᠶᠢᠯᠪᠤᠷᠢᠯᠠᠭᠰᠠᠨ ︽ᠢᠰᠢᠪᠠᠯᠵᠤᠷ ᠤᠨ ᠪᠣᠷᠬᠠᠨ ᠤ ᠱᠠᠰᠢᠨ ᠤ ᠲᠡᠣᠬᠡ︾᠂ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1993 ᠣᠨ᠃ ﹇3﹈ ᠢᠰᠢᠪᠠᠯᠵᠣᠷ᠄ ︽ᠽᠠᠮᠪᠣᠯᠢᠩ ᠤᠨ ᠶᠡᠷᠣᠩᠬᠡᠢ ᠨᠣᠮᠯᠠᠯ · ᠭᠠᠶᠢᠬᠠᠮᠰᠢᠭᠳᠣ ᠢᠷᠠᠭᠤ ᠦᠭᠡ ᠬᠡᠮᠡᠭᠳᠡᠬᠦ ᠣᠷᠣᠰᠢᠪᠠᠢ︾᠂ ᠲᠦᠪᠡᠳ ᠪᠠᠷ᠃ ﹇4﹈ ᠮᠣᠩᠭᠤᠯ ᠤᠨ ᠰᠣᠶᠣᠯ ᠣᠷᠠᠯᠢᠭ ᠤᠨ ᠶᠡᠭᠡ ᠰᠣᠷᠭᠠᠭᠤᠯᠢ᠂ ᠰᠣᠶᠣᠯ ᠣᠷᠠᠯᠢᠭ ᠤᠨ ᠰᠣᠳᠣᠯᠣᠯ ᠤᠨ ᠬᠦᠷᠢᠶᠡᠯᠡᠩ᠄ ︽ᠮᠣᠩᠭᠤᠯ ᠤᠨ ᠰᠣᠶᠣᠯ ᠤᠨ ᠲᠡᠣᠬᠡ︾᠂ ᠦᠨᠳᠣᠰᠣᠳᠡᠨ ᠤ ᠬᠡᠪᠯᠡᠯ ᠤᠨ ᠬᠤᠷᠢᠶ᠎ᠠ᠂ 2010 ᠣᠨ ﹇5﹈ ᠰᠦᠮᠪᠠ ᠬᠠᠮᠪᠤ ᠶᠢᠨ ︽ᠪᠣᠷᠬᠠᠨ ᠤ ᠱᠠᠰᠢᠨ ᠤ ᠲᠡᠣᠬᠡ︾᠂ ᠯᠣᠺᠠᠱᠢ ᠽᠠᠨᠳᠠᠷ᠎ᠠ ᠶᠢᠨ ᠡᠮᠬᠢᠳᠭᠡᠭᠰᠡᠨ ᠪᠠᠷ᠂ ᠰᠢᠨ᠎ᠡ ᠳ᠋ᠧᠯᠢ᠂ 1959 ᠣᠨ᠃ ﹇6﹈ ᠳ᠋ᠣᠷᠠᠮᠪᠠ ᠭᠡᠯᠢᠭᠵᠡᠮᠰᠤ ᠶᠢᠨ ᠮᠣᠩᠭᠤᠯᠴᠢᠯᠠᠭᠰᠠᠨ ︽ᠬᠦᠬᠡᠨᠠᠭᠤᠷ ᠤᠨ ᠲᠡᠣᠬᠡ︾᠂ ᠬᠠᠯᠬ᠎ᠠ ᠶᠢᠨ ᠬᠠᠭᠤᠴᠢᠨ ᠪᠢᠴᠢᠮᠡᠯ ᠰᠣᠳᠣᠷ᠃ ﹇7﹈ ︽ᠰᠢᠷ᠎ᠠ ᠪᠢᠳᠣᠷᠢᠶ᠎ᠠ ᠪᠠ ᠬᠦᠬᠡᠨᠠᠭᠤᠷ ᠤᠨ ᠲᠡᠣᠬᠡ · ᠡᠰᠡᠷᠸ᠎ᠠ ᠶᠢᠨ ᠢᠷᠠᠭᠤ ᠲᠠᠭᠤᠨ︾᠂ ᠯᠣᠺᠠᠱᠢ ᠽᠠᠨᠳᠠᠷ᠎ᠠ᠂ ᠰᠢᠨ᠎ᠡ ᠳ᠋ᠧᠯᠢ᠂ 1960 ᠣᠨ᠃ ﹇8﹈ 张子凌:《论藏文史籍〈如意宝树史〉的文献价值》,西藏民族学院学报,2011年6期。 ﹇9﹈ ᠰᠦᠮᠪᠠ ᠬᠠᠮᠪᠤ ᠶᠢᠨ ︽ᠭᠠᠯᠪᠠᠷᠠᠭᠴᠠ ᠶᠢᠨ ᠮᠣᠳᠣᠨ︾ ︵ᠲᠦᠪᠡᠳ︶᠂ ᠭᠦᠮᠪᠣᠮ ᠪᠠᠷ᠃ ① ᠳ᠋ᠢᠪᠠ ᠬᠠᠩᠴᠢᠨ ᠰᠣᠳᠨᠠᠮᠵᠠᠯᠪᠤ ︵︖ — 1727︶ ᠶᠢᠨ ᠨᠦᠭᠦᠭᠡ ᠨᠡᠷ᠎ᠡ ᠨᠢ ᠲᠠᠶᠢᠴᠢᠨ ᠪᠠᠭᠠᠳᠤᠷ᠂ ᠽᠠᠩ ᠤᠨ ᠨᠠᠮᠯᠢᠩ ᠰᠢᠶᠠᠨ ᠤ ᠬᠦᠮᠦᠨ᠃ ᠯᠾᠠᠰᠠᠩ ᠬᠠᠭᠠᠨ ᠲᠦᠪᠡᠳ ᠢ ᠨᠣᠶᠠᠷᠬᠠᠵᠦ ᠪᠠᠶᠢᠭᠰᠠᠨ ᠦᠶ᠎ᠡ ᠳᠤ ᠠᠷᠢ ᠶᠢᠨ ᠶᠡᠷᠣᠩᠬᠡᠢ ᠬᠡᠷᠡᠭ ᠮᠡᠳᠡᠭᠴᠢ ᠪᠠᠶᠢᠵᠠᠢ᠃ ᠴᠢᠩ ᠣᠯᠣᠰ ᠲᠦᠪᠡᠳ ᠢ ᠡᠵᠡᠯᠡᠭᠰᠡᠨ ᠵᠡᠭᠦᠡᠭᠠᠷᠴᠤᠳ ᠢ ᠬᠦᠭᠡᠭᠡᠨ ᠭᠠᠷᠭᠠᠭᠰᠠᠨ ᠤ ᠲᠠᠷᠠᠭ᠎ᠠ᠂ ᠲᠡᠭᠦᠨ ᠢ ᠪᠡᠶᠢᠰᠡ ᠡᠷᠭᠦᠮᠵᠢᠯᠡᠵᠦ᠂ 1721 ᠣᠨ ᠳᠤ ᠲᠦᠪᠡᠳ ᠤᠨ ᠬᠠᠮᠤᠭ ᠠᠩᠬᠠᠨ  ᠤ ᠭᠠᠯᠣᠨ ︵ᠵᠠᠰᠠᠭ ᠤᠨ ᠬᠠᠮᠢᠶᠠᠷᠣᠭᠴᠢ ᠨᠣᠶᠠᠨ︶ ᠪᠣᠯᠭᠠᠨ ᠲᠣᠮᠢᠯᠠᠵᠠᠢ᠃ 1727 ᠣᠨ ᠳᠤ ᠭᠠᠯᠣᠨ ᠠᠷᠪᠣᠪᠠ ᠵᠡᠷᠭᠡ ᠳᠤ ᠠᠯᠠᠭᠳᠠᠪᠠ᠃ ᠲᠣᠰ ᠦᠭᠦᠯᠡᠯ ᠦᠪᠦᠷ ᠮᠣᠩᠭᠤᠯ ᠤᠨ ᠶᠡᠭᠡ ᠰᠣᠷᠭᠠᠭᠤᠯᠢ ᠶᠢᠨ ︽ᠮᠣᠩᠭᠤᠯ ᠰᠣᠳᠣᠯᠣᠯ ᠤᠨ ᠴᠢᠭᠤᠯᠭᠠᠨ︾ ᠰᠡᠳᠬᠦᠯ ︵2016.2︶ ᠳᠤ ᠨᠡᠶᠢᠳᠡᠯᠡᠭᠳᠡᠪᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号