ᠠᠯᠠᠱᠠ ᠶᠢᠨ ᠶᠢᠰᠦᠨ ᠦᠶ᠎ᠡ ᠠᠷᠪᠠᠨ ᠵᠠᠰᠠᠬ ᠨᠤᠶᠠᠨ ᠤ ᠨᠡᠷ᠎ᠡ ᠶᠢᠨ ᠢᠷᠡᠯᠳᠡ ᠶᠢᠨ ᠳᠠᠶᠢᠯᠪᠦᠷᠢ
ᠨᠡᠶᠢᠲᠡᠯᠡᠭᠰᠡᠨ ᠴᠠᠭ᠄
2019/12/11
ᠠᠯᠠᠱᠠ ᠮᠤᠩᠭᠤᠯᠴᠤᠳ ᠤᠨ ᠤᠭ ᠨᠢ ᠲᠦᠷᠪᠡᠨ ᠦᠢᠷᠠᠳ ᠤᠨ ᠨᠢᠭᠡ ᠪᠤᠯᠬᠤ ᠪᠠᠶᠢᠪᠠᠭᠠᠰ ᠬᠠᠨ ᠤ ᠬᠤᠱᠤᠳ ᠠᠶᠢᠮᠠᠭ ᠤᠨ ᠰᠠᠯᠪᠤᠷᠢ ᠶᠤᠮ᠃ ᠦᠭᠡᠯᠡᠳ ᠤᠨ ᠡᠷᠳᠡᠨ ᠤ ᠨᠤᠮ ᠪᠢᠴᠢᠭ ᠲᠤ ᠲᠦᠪᠡᠳ ᠠᠶᠠᠯᠭᠤᠨ ᠤ ᠦᠭᠡ ᠤᠳᠬ᠎ᠠ ᠪᠠᠷ ᠬᠠᠭᠤᠴᠢᠨ ᠮᠤᠩᠭᠤᠯ ᠦᠰᠦᠭ ᠢ ᠴᠦᠭᠡᠨ ᠪᠤᠰᠤ ᠲᠡᠮᠳᠡᠭᠯᠡᠭᠰᠡᠨ ᠪᠠᠶᠢᠳᠠᠭ᠃ ᠵᠢᠴᠢ ᠮᠠᠨ ᠤ ᠠᠯᠠᠱᠠ ᠬᠤᠰᠢᠭᠤᠨ ᠤ ᠲᠡᠤᠬᠡ ᠶᠢᠨ ᠡᠪᠬᠡᠮᠡᠯ ᠳᠤ ᠲᠦᠪᠡᠳ ᠬᠡᠯᠡᠨ ᠤ ᠨᠠᠷ᠎ᠠ ᠦᠭᠡ ᠮᠠᠰᠢ ᠤᠯᠠᠨ ᠬᠠᠷᠠᠭᠳᠠᠭᠰᠠᠭᠠᠷ ᠶᠤᠮ᠃ ᠠᠯᠢ ᠡᠷᠳᠡ ᠠᠴᠠ ᠤᠯᠠᠮᠵᠢᠯᠠᠭᠳᠠᠵᠤ ᠢᠷᠡᠭᠰᠡᠨ ᠠᠯᠠᠱᠠ ᠠᠷᠠᠳ ᠤᠨ ᠲᠠᠭᠤᠤ᠂ ᠢᠷᠦᠭᠡᠯ᠂ ᠮᠠᠭᠳᠠᠭᠠᠯ᠂ ᠵᠦᠢᠷ ᠰᠡᠴᠡᠨ ᠦᠭᠡᠨ ᠳᠤ ᠨᠡᠩ ᠢᠯᠡᠷᠬᠡᠢ ᠪᠢᠯᠡ᠃ ᠮᠦᠨᠴᠤ ᠤᠳᠤ ᠪᠠᠷ ᠢᠶᠠᠨ ᠠᠭᠤᠯᠠ᠂ ᠤᠰᠤ᠂ ᠭᠠᠵᠠᠷ ᠤᠨ ᠨᠡᠷ᠎ᠡ᠂ ᠪᠠᠶᠢᠭᠠᠯᠢ ᠶᠢᠨ ᠵᠦᠢ᠂ ᠤᠷᠭᠤᠮᠠᠯ᠂ ᠬᠦᠮᠦᠨ ᠤ ᠨᠡᠷ᠎ᠡ᠂ ᠠᠪᠤᠭᠠᠢᠢᠯᠠᠭ᠎ᠠ᠂ ᠡᠷᠭᠦᠮᠡᠯ ᠴᠤᠯᠠ᠂ ᠤᠪᠤᠭ᠂ ᠬᠤᠴᠢ ᠨᠡᠷ᠎ᠡ ᠬᠢᠭᠡᠳ ᠢᠳᠡᠭᠡᠨ ᠤᠮᠳᠠᠭᠠᠨ ᠤ ᠵᠦᠢᠯ᠂ ᠪᠤᠰᠤᠳ ᠨᠡᠷ᠎ᠡ ᠲᠤᠮᠢᠶ᠎ᠠ ᠦᠭᠡᠰ ᠲᠤ ᠲᠦᠪᠡᠳ ᠬᠡᠯᠡᠨ ᠤ ᠨᠡᠷ᠎ᠡ᠂ ᠲᠠᠭᠤᠳᠠᠯᠭ᠎ᠠ᠂ ᠦᠭᠦᠯᠡᠬᠦᠨ ᠢ ᠠᠷᠪᠢᠨ ᠬᠡᠷᠡᠭᠯᠡᠭᠰᠡᠭᠡᠷ ᠢᠷᠡᠭᠰᠡᠨ ᠶᠤᠮ᠃ ᠠᠩᠬ᠎ᠠ ᠪᠢᠳᠡᠨ ᠤ ᠲᠡᠭᠡᠳᠦᠰ ᠬᠦᠦᠰᠢ ᠬᠠᠨ 1641 ᠤᠨ ᠤ ᠦᠶᠡᠰ ᠲᠤ ᠲᠠᠪᠤᠳᠤᠭᠠᠷ ᠲᠠᠯᠠᠢ ᠯᠠᠮ᠎ᠠ ᠶᠢᠨ ᠤᠷᠢᠯᠭ᠎ᠠ ᠪᠠᠷ ᠲᠦᠪᠡᠳ ᠲᠤ ᠴᠡᠷᠢᠭᠯᠡᠨ ᠤᠴᠢᠭᠠᠳ ᠤᠯᠠᠭᠠᠨ ᠤ ᠱᠠᠱᠢᠨ ᠤ ᠡᠷᠬᠡᠳᠦ ᠹᠸᠤᠳᠠᠯ ᠤᠨ ᠤᠷᠪᠠᠯᠭ᠎ᠠ ᠶᠢ ᠲᠦᠪᠰᠢᠳᠬᠡᠭᠡᠳ᠂ ᠰᠢᠷ᠎ᠠ ᠶᠢᠨ ᠱᠠᠱᠢᠨ ᠤ ᠡᠷᠬᠡᠳᠤ ᠲᠦᠷᠦ ᠶᠢ ᠰᠡᠷᠭᠦᠭᠡᠵᠤ ᠲᠠᠯᠠᠢ ᠯᠠᠮ᠎ᠠ᠂ ᠪᠠᠨᠴᠢᠨ ᠡᠷᠳᠡᠨᠢ ᠶᠢ ᠲᠤᠰ ᠲᠤᠰ ᠲᠤᠨᠢ ᠲᠤᠬᠤᠨᠢᠭᠤᠯᠤᠨ ᠰᠠᠭᠤᠯᠭᠠᠭᠠᠳ ᠲᠦᠪᠡᠳ᠂ ᠬᠦᠬᠡᠨᠡᠭᠤᠷ ᠢ ᠶᠡᠷᠦᠩᠬᠡᠶᠢᠯᠡᠨ ᠵᠠᠬᠢᠷᠤᠭᠰᠠᠨ ᠲᠤᠯᠠ ᠂ ᠡᠨᠡ ᠦᠶ᠎ᠡ ᠠᠴᠠ ᠬᠤᠱᠤᠳ ᠤᠨ ᠬᠦᠦᠰᠢ ᠬᠠᠭᠠᠨ ᠲᠡᠨᠳᠡ ᠨᠤᠳᠤᠭᠯᠠᠵᠤ᠂ ᠲᠤᠬᠠᠢ ᠶᠢᠨ ᠤᠷᠤᠨ ᠤ ᠤᠯᠤᠰ ᠲᠦᠷᠦ᠂ ᠠᠵᠤ ᠠᠬᠤᠢ᠂ ᠰᠤᠷᠭᠠᠨ ᠬᠦᠮᠦᠵᠢᠯ᠂ ᠦᠭᠡ ᠬᠡᠯᠡ᠂ ᠵᠠᠩ ᠲᠠᠳᠬᠠᠯ ᠳᠤ ᠦᠯᠡᠮᠵᠢᠬᠡᠨ ᠨᠦᠯᠦᠭᠡᠯᠡᠭᠳᠡᠵᠤ ᠲᠦᠪᠡᠳ ᠤᠨ ᠨᠡᠶᠢᠬᠡᠮ ᠳᠤ ᠠᠰᠢᠭᠯᠠᠭᠳᠠᠬᠤ ᠲᠦᠪᠡᠳ ᠤᠨ ᠦᠭᠡ ᠬᠡᠯᠡ᠂ ᠦᠰᠦᠭ ᠤᠳᠬ᠎ᠠ ᠶᠢ ᠬᠠᠷᠢᠴᠠᠩᠭᠤᠢ ᠪᠠᠷ ᠬᠡᠷᠡᠭᠯᠡᠭᠰᠡᠨ ᠪᠠᠶᠢᠨ᠎ᠠ᠃ ᠢᠡᠭᠬᠢᠬᠡᠳ ᠬᠤᠱᠤᠳ ᠦᠭᠡᠯᠡᠳ ᠠᠶᠢᠮᠠᠭ ᠲᠤ ᠲᠦᠪᠡᠳ ᠬᠡᠯᠡᠨ ᠤ ᠦᠬᠡ ᠠᠶᠠᠯᠭᠤ ᠨᠦᠭᠦᠳ ᠲᠦᠷᠢᠵᠤ ᠢᠷᠡᠭᠰᠡᠨ ᠡᠭᠦᠰᠦᠯ ᠢᠷᠡᠯᠳᠡ ᠨᠢ ᠡᠶᠢᠮᠤ ᠪᠤᠯᠤᠯᠳᠠᠢ᠃ ᠶᠡᠷᠤ ᠨᠢ ᠹᠸᠤᠳᠠᠯ ᠤᠨ ᠢᠵᠡᠭᠤᠷᠳᠠᠳ ᠬᠤᠪᠢ ᠵᠠᠶᠠᠭ᠎ᠠ ᠪᠠᠨ ᠱᠠᠰᠢᠨ ᠤ ᠮᠤᠬᠤᠷ ᠪᠢᠰᠢᠷᠡᠯ ᠳᠤ ᠨᠠᠶᠢᠳᠠᠵᠤ ᠤᠯᠠᠮᠵᠢᠯᠠᠭᠳᠠᠭᠰᠠᠨ ᠠᠴᠠ ᠪᠤᠯᠵᠤ ᠮᠤᠩᠭᠤᠯ ᠹᠸᠤᠳᠠᠯ ᠤᠨ ᠲᠠᠪᠬᠤᠷᠭᠠᠳᠠᠨ ᠨᠠᠷ ᠵᠠᠯᠭᠠᠮᠵᠢᠯᠠᠬᠤ ᠦᠷ᠎ᠡ ᠬᠦᠪᠡᠭᠦᠳ ᠤᠨ ᠢᠶᠠᠨ ᠨᠡᠷ᠎ᠡ ᠠᠯᠳᠠᠷ ᠢ ᠱᠠᠰᠢᠨ ᠤ ᠯᠠᠮ᠎ᠠ ᠪᠠᠭᠰᠢ ᠳᠤ ᠢᠳᠡᠭᠡᠵᠤ ᠭᠤᠶᠤᠳᠠᠭ ᠵᠤᠷᠰᠢᠯ ᠲᠤᠭᠳᠠᠭᠰᠠᠨ ᠪᠠᠶᠢᠵᠡᠢ᠃ ᠡᠭᠦᠨ ᠲᠠᠢ ᠠᠳᠠᠯᠢ ᠪᠠᠷ ᠪᠢᠳᠡᠨ ᠤ ᠠᠯᠠᠱᠠ ᠶᠢᠨ ᠪᠤᠷᠵᠢᠬᠢᠨ ᠤᠪᠤᠭᠳᠠᠨ ᠸᠠᠩ ᠭᠦᠡᠭ᠂ ᠳᠠᠶᠢᠵᠢ ᠢᠵᠠᠭᠤᠷᠳᠠᠳ ᠯᠠᠮ᠎ᠠ ᠭᠡᠭᠡᠨ ᠠᠴᠠ ᠨᠡᠷ᠎ᠡ ᠭᠤᠶᠤᠵᠤ ᠦᠶ᠎ᠡ ᠤᠯᠠᠷᠢᠨ ᠲᠦᠪᠡᠳ ᠬᠡᠯᠡᠨ ᠤ ᠨᠡᠷ᠎ᠡ ᠭᠦᠷᠳᠡᠭᠰᠡᠭᠡᠷ ᠢᠷᠡᠭᠰᠡᠨ ᠤᠯᠠᠮᠵᠢᠯᠠᠯ ᠲᠠᠢ᠃ ᠡᠨᠡ ᠲᠤᠬᠠᠢ ᠲᠦᠪᠡᠳ ᠬᠡᠯᠡᠨ ᠤ ᠨᠡᠷ᠎ᠡ ᠶᠢ ᠶᠠᠭᠤᠨ ᠳᠤ ᠬᠡᠷᠡᠭᠯᠡᠭᠰᠡᠨ ᠶᠤᠮ ᠪᠤᠢ︖ ᠭᠡᠵᠤ ᠮᠤᠩᠭᠤᠯᠴᠢᠯᠠᠨ ᠲᠠᠶᠢᠯᠪᠤᠷᠢᠯᠠᠭᠰᠠᠨ ᠶᠠᠪᠤᠳᠠᠯ ᠬᠠᠷᠠᠭᠳᠠᠭᠰᠠᠨ ᠦᠭᠡᠢ᠃ ᠡ᠊ᠨᠳᠡ ᠠᠯᠠᠱᠠ ᠶᠢᠨ ᠸᠠᠩ ᠨᠤᠶᠠᠳ ᠤᠨ ᠨᠡᠷ᠎ᠡ ᠶᠢ ᠵᠢᠱᠢᠶ᠎ᠠ ᠪᠤᠯᠭᠠᠨ ᠤᠷᠴᠢᠭᠤᠯᠵᠤ᠂ ᠲᠤᠤᠷᠠᠬᠢ ᠮᠡᠳᠤ ᠠᠷᠪᠠᠨ ᠵᠠᠰᠠᠭ ᠢ ᠡᠵᠡᠯᠡᠵᠦ ᠶᠢᠰᠦᠨ ᠦᠶ᠎ᠡ ᠰᠠᠭᠤᠭᠰᠠᠨ ᠵᠠᠰᠠᠭ ᠨᠤᠶᠠᠳ ᠤᠨ ᠨᠡᠷ᠎ᠡ ᠶᠢ ᠮᠤᠩᠭᠤᠯᠴᠢᠯᠠᠵᠤ ᠲᠠᠨᠢᠯᠴᠠᠭᠤᠯᠤᠶ᠎ᠠ᠄ ᠨᠢᠭᠡ᠂ ᠬᠤᠷᠤᠯᠢ᠂ ︵ᠠᠩᠬᠠᠳᠤᠭᠠᠷ ᠪᠠᠶᠢᠯᠠ ᠨᠤᠶᠠᠨ︶ ᠲᠦᠪᠡᠳ ᠥᠭᠡ᠂ ︽ᠨᠤᠮ ᠤᠨ ᠬᠦᠷᠳᠦ︾ ᠦᠭᠡᠷ᠎ᠡ ᠪᠠᠷ ᠬᠡᠯᠡᠪᠡᠯ᠄ ᠪᠤᠷᠬᠠᠨ ᠤ ᠨᠤᠮ ᠤ ᠶᠤᠰᠤ᠂ ᠤᠨᠤᠯ ᠢ ᠤᠷᠴᠢᠭᠤᠯᠤᠨ ᠨᠤᠮᠯᠠᠵᠤ ᠰᠤᠷᠳᠠᠯᠴᠢᠯᠠᠨ ᠪᠢᠰᠢᠷᠡᠭᠦᠯᠬᠦ ᠭᠡᠰᠡᠨ ᠤᠳᠬ᠎ᠠ ᠲᠠᠢ ᠦᠭᠡ᠃ ᠬᠤᠶᠡᠷ᠂ ᠠᠪᠤᠤ᠂ ︵ᠬᠤᠶᠠᠳᠤᠭᠠᠷ ᠦᠶ᠎ᠡ ᠶᠢᠨ ᠵᠢᠶᠦ᠋ᠨ ᠸᠠᠩ︶ ᠲᠦᠪᠡᠳ ᠥᠭᠡ᠂ ︽ᠤᠷᠭᠢᠯ︾ ᠬᠡᠮᠡᠬᠦ ᠦᠭᠡᠳᠡᠯᠡᠬᠦ ᠪᠠᠳᠠᠷᠠᠬᠤ ᠶᠢᠨ ᠤᠳᠬ᠎ᠠ ᠲᠠᠢ᠃ ᠭᠤᠷᠪᠠ᠂ ᠯᠤᠪᠰᠠᠩᠳᠤᠷᠵᠢ᠂ ︵ᠭᠤᠷᠪᠠᠳᠤᠭᠠᠷ ᠦᠶ᠎ᠡ ᠶᠢᠨ ᠬᠤᠱᠤᠢ ᠴᠢᠨ ᠸᠠᠩ︶ ᠲᠦᠪᠡᠳ ᠥᠭᠡ᠂ ︽ᠰᠠᠶᠢᠨ ᠤᠶᠤᠨᠳᠤ ᠸᠴᠢᠷ︾ ᠦᠭᠡᠷ᠎ᠡ ᠪᠠᠷ ᠬᠡᠯᠡᠪᠡᠯ ᠮᠤᠬᠤᠰᠢ ᠦᠭᠡᠢ ᠤᠶᠤᠨ ᠪᠢᠯᠢᠭ ᠢᠶᠠᠷ ᠨᠤᠮᠬᠠᠳᠬᠠᠭᠴᠢ ᠭᠡᠰᠡᠨ ᠤᠳᠬ᠎ᠠ ᠶᠢ ᠬᠤᠷᠢᠶᠠᠩᠭᠤᠢᠢᠯᠠᠭᠰᠠᠨ ᠦᠭᠡ᠃ ᠲᠦᠷᠪᠡ᠂ ᠸᠠᠩᠴᠢᠨᠪᠠᠮᠪᠠᠷ᠂ ︵ᠲᠦᠷᠪᠡᠳᠦᠭᠡᠷ ᠦᠶ᠎ᠡ ᠶᠢᠨ ᠬᠤᠱᠤᠢ ᠴᠢᠨ ᠸᠠᠩ︶ ᠲᠦᠪᠡᠳ ᠥᠭᠡ᠂ ︽ᠶᠡᠭᠡ ᠡᠷᠬᠡᠰᠢᠶᠡᠯᠳᠤ ᠴᠤᠭ ᠪᠠᠳᠠᠷᠠᠩᠭᠤᠢ︾ ᠦᠭᠡᠷ᠎ᠡ ᠪᠠᠷ ᠬᠡᠯᠡᠪᠡᠯ᠂ ᠰᠦᠷ ᠢᠶᠠᠷ ᠨᠤᠮᠬᠠᠤᠠᠬᠠᠵᠤ ᠰᠢᠳᠤᠷᠭᠤ ᠵᠢᠷᠦᠮ ᠳᠤᠷ ᠡᠶᠡᠳᠡᠭᠦᠯᠬᠦ ᠭᠡᠰᠡᠨ ᠤᠳᠬ᠎ᠠ ᠲᠠᠢ᠃ ᠲᠠᠪᠤ᠂ ᠮᠠᠬᠠᠪᠠᠯᠠ᠂ ︵ᠲᠠᠪᠤᠳᠤᠭᠠᠷ ᠦᠶ᠎ᠡ ᠶᠢᠨ ᠬᠤᠱᠤᠢ ᠴᠢᠨ ᠸᠠᠩ︶ ᠸᠠᠩᠴᠢᠨᠪᠠᠮᠪᠠᠷ ᠤᠨ ᠲᠦᠷᠦᠭᠰᠡᠨ ᠲᠡᠬᠦᠦ᠂ ᠡᠨᠡᠳᠬᠡᠭ ᠥᠭᠡ᠂ ︽ᠬᠠᠮᠤᠭ ᠤᠨ ᠲᠡᠭᠡᠳᠦ ᠡᠷᠬᠡᠰᠢᠶᠡᠯᠳᠦ ᠰᠠᠬᠢᠭᠤᠯᠰᠤᠨ︾ ᠲᠦᠪᠡᠳ ᠬᠡᠯᠡ ᠪᠠᠷ ᠭᠤᠮᠪᠤ ᠪᠤᠷᠬᠠᠨ᠃ ᠦᠭᠡᠷ᠎ᠡ ᠪᠠᠷ ᠬᠡᠯᠡᠪᠡᠯ ᠪᠤᠷᠬᠠᠨ ᠤ ᠱᠠᠰᠢᠨ ᠢ ᠬᠤᠶᠠᠷ ᠦᠭᠡᠢ ᠰᠡᠳᠬᠢᠯ ᠢᠶᠠᠷ ᠮᠦᠡᠭᠬᠡᠳᠡ ᠰᠠᠬᠢᠵᠤ ᠬᠠᠮᠠᠭᠠᠯᠠᠬᠤ ᠭᠡᠰᠡᠨ ᠤᠳᠬ᠎ᠠ ᠶᠢ ᠬᠠᠷᠠᠭᠤᠯᠵᠡᠢ᠃ ᠵᠢᠷᠭᠤᠭ᠎ᠠ᠂ ᠨᠠᠩᠳᠦᠪᠰᠦ᠋ᠷᠦᠩ᠂ ︵ᠵᠢᠷᠭᠤᠳᠤᠭᠠᠷ ᠦᠶ᠎ᠡ ᠶᠢᠨ ᠬᠤᠱᠤᠢ ᠴᠢᠨ ᠸᠠᠩ︶ ᠲᠦᠪᠡᠳ ᠥᠭᠡ᠂ ︽ᠲᠤᠳᠤᠭᠠᠳᠤ ᠶᠢ ᠪᠦᠳᠦᠭᠡᠨ ᠰᠠᠬᠢᠬᠤ︾ ᠭᠡᠰᠡᠨ ᠤᠳᠬ᠎ᠠ ᠲᠠᠢ᠃ ᠲᠤᠯᠤᠭ᠎ᠠ᠂ ᠭᠦᠡᠭᠰᠡᠨᠵᠦ᠋ᠷᠮᠡᠳ᠂ ︵ᠲᠤᠯᠤᠳᠤᠭᠠᠷ ᠦᠶ᠎ᠡ ᠶᠢᠨ ᠬᠤᠱᠤᠢ ᠴᠢᠨ ᠸᠠᠩ︶ ᠲᠦᠪᠡᠳ ᠥᠭᠡ᠂ ︽ᠰᠠᠶᠢᠨ ᠪᠦᠬᠦᠨ ᠤᠷᠪᠠᠰᠢ ᠦᠭᠡᠢ︾ ᠭᠡᠳᠡᠯ᠎ᠡ ᠡ᠊ᠨᠳᠡᠭᠳᠡᠯ ᠭᠠᠷᠬᠤ ᠠᠴᠠ ᠰᠡᠷᠡᠮᠵᠢᠯᠡ ᠭᠡᠰᠡᠨ ᠤᠳᠬ᠎ᠠ ᠲᠠᠢ᠃ ᠨᠠᠢᠮᠠ᠂ ᠲᠤᠯᠤᠤᠠᠰᠦ᠋ᠷᠦᠩ᠂ ︵ᠨᠠᠢᠮᠠᠳᠤᠭᠠᠷ ᠦᠶ᠎ᠡ ᠶᠢᠨ ᠬᠤᠱᠤᠢ ᠴᠢᠨ ᠸᠠᠩ︶ ᠲᠦᠪᠡᠳ ᠥᠭᠡ᠂ ︽ᠲᠠᠷᠢᠶᠠᠯᠠᠩ ᠳᠤ ᠭᠡᠮ ᠤᠷᠤᠬᠤ ᠶᠢ ᠰᠠᠬᠢ︾ ᠦᠭᠡᠷ᠎ᠡ ᠪᠠᠷ ᠬᠡᠯᠡᠪᠡᠯ ᠠᠶᠤᠯ ᠲᠦᠭᠰᠢᠯ ᠢ ᠬᠢᠴᠢᠶᠡᠨ ᠠᠩᠬᠠᠷᠤᠭᠳᠤᠨ ᠭᠡᠰᠡᠨ ᠲᠠᠯᠳᠠ ᠤᠳᠬ᠎ᠠ ᠲᠠᠢ᠃ ᠶᠢᠰᠦ ᠯᠾᠸᠠᠩᠪᠦ᠋ᠷᠤᠭ᠍ᠵᠢᠯ᠂ ︵ᠶᠢᠰᠦᠳᠦᠭᠡᠷ ᠦᠶ᠎ᠡ ᠶᠢᠨ ᠬᠤᠱᠤᠢ ᠴᠢᠨ ᠸᠠᠩ︶ ᠲᠦᠪᠡᠳ ᠥᠭᠡ᠂ ︽ᠲᠡᠭᠷᠢ ᠶᠢᠨ ᠡᠷᠬᠡᠰᠢᠶᠡᠯᠳᠤ ᠯᠤᠤ ᠢᠯᠠᠮᠤᠢ︾ ᠦᠭᠡᠷ᠎ᠡ ᠪᠠᠷ ᠬᠡᠯᠡᠪᠡᠯ ᠪᠦᠬᠦᠨ ᠢ ᠨᠤᠮᠬᠠᠳᠬᠠᠨ ᠡᠷᠬᠢᠯᠠᠬᠦ ᠲᠡᠭᠷᠢ ᠬᠡᠰᠡᠨ ᠤᠳᠬ᠎ᠠ ᠲᠠᠢ᠃ ᠠᠷᠪᠠ᠂ ᠳ᠋ᠠᠨᠢᠵᠠᠨ᠎ᠠ᠂ ︵ᠠᠷᠪᠠᠳᠤᠭᠠᠷ ᠦᠶ᠎ᠡ ᠶᠢᠨ ᠴᠢᠨ ᠸᠠᠩ︶ ᠲᠦᠪᠡᠳ ᠥᠭᠡ᠂ ︽ᠬᠢᠵᠠᠭᠠᠷᠯᠠᠰᠢ ᠦᠭᠡᠢ ᠦᠭᠯᠢᠭᠡᠴᠢ ᠤᠷᠳᠤ ᠨᠠᠰᠤᠳᠤ︾ ᠦᠭᠡᠷ᠎ᠡ ᠪᠠᠷ ᠬᠡᠯᠡᠪᠡᠯ ᠲᠡᠳᠬᠦᠨ ᠲᠤᠰᠠᠯᠠᠬᠤ ᠭᠡᠰᠡᠨ ᠤᠳᠬ᠎ᠠ ᠲᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号