ᠠᠯᠠᠱᠠ ᠶᠢᠨ ᠬᠠᠮᠤᠭ ᠠᠩᠬᠠᠨ ᠤ ᠰᠤᠨᠢᠨ — ︽ᠠᠯᠠᠱᠠᠨ ᠬᠤᠰᠢᠭᠤᠨ ᠤ ᠳᠦᠭᠦᠮ ᠰᠡᠳᠬᠦᠯ︾ ᠤᠨ ᠲᠡᠤᠬᠡᠳᠦ ᠶᠠᠪᠤᠳᠠᠯ
ᠨᠡᠶᠢᠲᠡᠯᠡᠭᠰᠡᠨ ᠴᠠᠭ᠄
2019/12/11
 1945 ᠤᠨ ᠤ 3 ᠰᠠᠷ᠎ᠠ ᠶᠢᠨ 3 ᠤ ᠡᠳᠦᠷ᠂ ᠠᠯᠠᠱᠠ ᠶᠢᠨ ᠬᠠᠮᠤᠭ ᠠᠩᠬᠠᠨ ᠤ ᠶᠡᠷᠥᠩᠬᠡᠶᠢᠯᠡᠭᠰᠡᠨ  ᠴᠢᠨᠠᠷᠳᠠᠢ ᠰᠤᠨᠢᠨ ᠪᠤᠯᠬᠤ ︽ᠠᠯᠠᠱᠠᠨ ᠬᠤᠰᠢᠭᠤᠨ ᠤ ᠳᠦᠭᠦᠮ ᠰᠡᠳᠬᠦᠯ︾ ᠬᠡᠪᠯᠡᠯ ᠡᠬᠢᠯᠡᠭᠰᠡᠨ ᠪᠠᠶᠢᠨ᠎ᠠ᠃  ᠲᠤᠬᠠᠢ ᠶᠢᠨ ᠦᠶ᠎ᠡ ᠳᠤ ︽ᠰᠤᠨᠢᠨ︾ ᠭᠡᠬᠦᠤᠬᠠᠭᠳᠠᠬᠤᠨ ᠬᠠᠷᠠᠬᠠᠨ ᠲᠦᠭᠡᠮᠡᠯᠵᠢᠵᠦ ᠪᠤᠯᠤᠭᠠᠳᠤᠢ ᠪᠠᠶᠢᠭᠰᠠᠨ  ᠪᠤᠯᠬᠤᠷ ᠬᠡᠪᠯᠡᠬᠦ ᠴᠠᠭ ᠤᠨ ᠡᠭᠡᠯᠵᠢ ᠤᠬᠤᠷ ᠬᠡᠪᠯᠡᠯ ᠤᠨ ᠵᠦᠢᠯᠡᠰ ᠢ ᠪᠠᠷᠤᠭ ᠲᠠᠭᠠᠨ ᠰᠡᠳᠬᠦᠯ ᠭᠡᠵᠦ ᠨᠡᠷᠡᠶᠢᠳᠴᠦ  ᠪᠠᠶᠢᠵᠡᠢ᠃ ᠲᠡᠭᠡᠬᠦ ᠪᠠᠷ ᠬᠡᠷᠡᠭ ᠳᠡᠭᠡᠷ᠎ᠡ ᠪᠠᠨ ︽ᠠᠯᠠᠱᠠᠨ ᠬᠤᠰᠢᠭᠤᠨ ᠤ ᠳᠦᠭᠦᠮ ᠰᠤᠨᠢᠨ︾ ᠭᠡᠮᠡᠨ ᠨᠡᠷᠡᠯᠡᠵᠦ  ᠪᠤᠯᠬᠤ ᠤᠴᠢᠷ ᠲᠠᠢ ᠪᠠᠶᠢᠭᠰᠠᠨ ᠴᠦ ᠲᠤᠬᠠᠢ ᠶᠢᠨ ᠴᠠᠭ ᠤᠨ ᠬᠡᠯᠡᠯᠭᠡ ᠵᠠᠩᠰᠢᠯ ᠠᠴᠠ ᠪᠤᠯᠵᠦ ᠡᠨᠡ ᠬᠦ ᠰᠤᠨᠢᠨ ᠨᠢ ︽ ᠠᠯᠠᠱᠠᠨ ᠬᠤᠰᠢᠭᠤᠨ ᠤ ᠳᠦᠭᠦᠮ ᠰᠡᠳᠬᠦᠯ︾ ᠭᠡᠮᠡᠬᠦ ᠨᠡᠷᠡᠶᠢᠳᠦᠯ ᠢᠶᠠᠷ ᠤᠩᠰᠢᠭᠴᠢᠳ ᠲᠠᠢ ᠤᠴᠠᠷᠠᠭᠰᠠᠨ ᠪᠠᠶᠢᠨ᠎ᠠ᠃ ᠬᠤᠵᠢᠮ ᠨᠢ ᠰᠤᠨᠢᠨ ᠭᠡᠮᠡᠬᠦ ᠬᠡᠯᠡᠯᠭᠡ ᠤᠬᠠᠭᠳᠠᠬᠤᠨ ᠤᠯᠠᠨ᠎ᠠ ᠬᠦᠯᠢᠶᠡᠭᠳᠡᠵᠦ ᠲᠦᠭᠡᠮᠡᠯᠵᠢᠭᠰᠡᠨ ᠤ ᠳᠠᠷᠠᠭ᠎ᠠ᠂ ᠤᠳᠤ  ᠴᠤ ᠭᠡᠰᠡᠨ ᠰᠤᠨᠢᠨ ᠪᠤᠯᠤᠨ ᠰᠡᠳᠬᠦᠯ ᠭᠡᠬᠦ ᠬᠤᠶᠠᠷ ᠤᠨᠳᠤᠤ ᠬᠡᠪᠯᠡᠯ ᠤᠨ ᠪᠦᠳᠦᠭᠡᠭᠳᠡᠭᠦᠨ ᠢ ᠲᠦᠯᠦᠭᠡᠯᠡᠭᠰᠡᠨ ᠨᠡᠷᠡᠰ  ᠦᠭᠡ ᠶᠢ ᠬᠤᠯᠪᠤᠵᠦ ᠬᠠᠮᠳᠤᠷᠠᠭᠤᠯᠵᠦ ᠰᠤᠨᠢᠨ ᠰᠡᠳᠬᠦᠯ ᠭᠡᠵᠦ ᠬᠡᠯᠡᠳᠡᠭ ᠵᠠᠩᠰᠢᠯ ᠳᠠᠳᠬᠠᠯ ᠢᠶᠠᠨ ᠢᠮᠠᠭᠳᠠ  ᠬᠠᠳᠠᠭᠠᠯᠠᠭᠰᠠᠭᠠᠷ ᠪᠠᠶᠢᠭ᠎ᠠ᠃︽ᠠᠯᠠᠱᠠᠨ ᠬᠤᠰᠢᠭᠤᠨ ᠤ ᠳᠦᠭᠦᠮ ᠰᠡᠳᠬᠦᠯ︾ ᠭᠡᠬᠦ ᠰᠤᠨᠢᠨ ᠢ ᠲᠤᠬᠠᠢ ᠶᠢᠨ ᠦᠶ᠎ᠡ ᠳᠤ᠂ ᠠᠯᠠᠱᠠ  ᠬᠤᠰᠢᠭᠤᠨ ᠤ ᠬᠤᠯᠠᠳᠠᠬᠢᠨ ᠢ ᠲᠤᠭᠳᠠᠭᠠᠭᠴᠢ ᠬᠤᠷᠢᠶ᠎ᠠ ︵ᠤᠳᠤ ᠶᠢᠨ ᠪᠠᠶᠠᠨᠬᠤᠳᠠ︶ ᠶᠢᠨ ᠭᠤᠮᠢᠨᠳᠠᠩ ᠨᠠᠮ ᠤᠨ  ᠵᠢᠯᠤᠭᠤᠳᠬᠤ ᠬᠡᠯᠳᠡᠰ ᠠᠴᠠ ᠡᠷᠬᠢᠯᠡᠭᠰᠡᠨ᠂ ᠭᠤᠷᠪᠠᠨ ᠡᠳᠦᠷ ᠲᠤ ᠨᠢᠭᠡ ᠬᠤᠭᠤᠴᠠᠭ᠎ᠠ᠂ ᠳᠦᠷᠪᠡᠨ ᠵᠦᠰᠦᠮ ᠤᠨ  ᠬᠤᠶᠠᠷ ᠨᠢᠭᠤᠷ ᠢᠶᠠᠷ ᠭᠠᠷᠳᠠᠭ᠂ ᠮᠤᠩᠭᠤᠯ ᠬᠢᠳᠠᠳ ᠬᠡᠯᠡᠨ ᠤ ᠲᠤᠰ ᠲᠤᠰ ᠤᠨ ᠬᠡᠪᠯᠡᠯ ᠲᠠᠢ᠂ ᠠᠩᠬᠠᠨ ᠳᠠᠭᠠᠨ  ᠲᠤᠰᠤᠨ ᠳᠠᠷᠤᠮᠠᠯ ᠤᠨ᠂ ᠰᠡᠭᠦᠯ ᠢᠶᠠᠷ ᠨᠢ ᠴᠢᠯᠠᠭᠤᠨ ᠪᠠᠷ ᠢᠶᠠᠷ ᠬᠡᠪᠯᠡᠭᠳᠡᠵᠦ ᠪᠠᠶᠢᠵᠠᠢ᠃︽ᠠᠯᠠᠱᠠᠨ ᠬᠤᠰᠢᠭᠤᠨ ᠤ ᠳᠦᠭᠦᠮ ᠰᠡᠳᠬᠦᠯ︾ ᠤᠨ ᠮᠤᠩᠭᠤᠯ ᠬᠡᠪᠯᠡᠯ ᠤᠨ ᠨᠠᠶᠢᠷᠠᠭᠤᠯᠬᠤ ᠠᠵᠢᠯ ᠢ  ᠪᠤᠷᠵᠢᠬᠢᠨ ᠡᠷᠬᠢᠮᠪᠠᠳᠦ ︵ᠯᠦᠸᠧ ᠷᠦᠢ ᠯᠢᠨ︶ ᠬᠠᠷᠢᠭᠤᠴᠠᠨ ᠬᠢᠵᠦ ᠪᠠᠶᠢᠪᠠ᠃ ᠲᠡᠷᠡ ᠠᠯᠠᠱᠠ ᠶᠢᠨ ᠵᠠᠰᠠᠭ  ᠨᠤᠶᠠᠨ ᠤ ᠲᠦᠷᠦᠯ ᠤᠭᠰᠠᠭᠠᠳᠠᠨ ᠪᠤᠯᠬᠤᠷ ᠪᠠᠭ᠎ᠠ ᠠᠴᠠ ᠪᠠᠨ ᠮᠠᠰᠢ ᠰᠠᠶᠢᠨ ᠪᠢᠴᠢᠭ ᠨᠤᠮ ᠤᠨ ᠬᠦᠮᠦᠵᠢᠯ ᠬᠦᠷᠳᠡᠵᠦ  ᠂ ᠮᠤᠩᠭᠤᠯ ᠬᠢᠳᠠᠳ ᠮᠠᠨᠵᠦ ᠪᠢᠴᠢᠭ ᠲᠤ ᠨᠡᠪᠳᠠᠷᠡᠭᠰᠡᠨ᠂ ᠵᠢᠷᠤᠭ ᠬᠦᠭᠵᠢᠮ ᠳᠤ ᠴᠠᠭᠠᠷᠠᠭᠰᠠᠨ᠂ ᠰᠢᠯᠥᠭ ᠵᠤᠬᠢᠶᠠᠯ  ᠬᠠᠪᠤᠯᠢᠭ ᠪᠢᠴᠢᠳᠡᠭ᠂ ᠤᠷᠠᠨ ᠵᠤᠬᠢᠶᠠᠯ ᠳᠤ ᠠᠪᠢᠶᠠᠰᠯᠢᠭ᠂ ᠹᠸᠤᠳᠠᠯ ᠤᠨ ᠶᠤᠰᠤ᠂ ᠱᠠᠰᠢᠨ ᠤ ᠮᠤᠩᠬᠠᠷᠠᠭᠤᠯᠤᠯ ᠢ  ᠮᠠᠰᠢᠳᠠ ᠡᠰᠡᠷᠭᠦᠴᠡᠨ ᠰᠢᠭᠦᠮᠵᠢᠯᠡᠳᠡᠭ ᠳᠠᠪᠰᠢᠩᠭᠤᠢ ᠠᠷᠠᠳᠴᠢᠯᠠᠯ ᠤᠨ ᠦᠵᠡᠯᠳᠡ ᠲᠠᠢ ᠬᠦᠮᠦᠨ ᠪᠠᠶᠢᠵᠡᠢ᠃ ᠲᠡᠷᠡ  ᠮᠠᠶᠢᠷᠠᠨ ᠵᠠᠩᠭᠢ ᠶᠢᠨ ᠬᠡᠷᠬᠡᠮ ᠲᠠᠢ᠂ ᠬᠤᠰᠢᠭᠤᠨ ᠤ ᠲᠠᠮᠠᠭ᠎ᠠ ᠶᠢᠨ ᠭᠠᠵᠠᠷ ᠤᠨ ᠪᠢᠴᠢᠭᠡᠴᠢ᠂ ︽ᠠᠯᠠᠱᠠ  ᠬᠤᠰᠢᠭᠤᠨ ᠤ ᠮᠤᠩᠭᠤᠯ ᠤᠳᠬ᠎ᠠ ᠶᠢᠨ ᠰᠤᠷᠭᠠᠭᠤᠯᠢ︾ ᠶᠢᠨ ᠳᠡᠳ᠋ ᠵᠠᠬᠢᠷᠤᠯ ᠵᠡᠷᠭᠡ ᠶᠢᠨ ᠲᠤᠰᠢᠶᠠᠯ ᠲᠠᠢ ᠡᠷᠳᠡᠮᠳᠡᠨ  ᠬᠦᠮᠦᠨ ᠪᠠᠶᠢᠵᠡᠢ᠃ ᠬᠠᠷᠠᠮᠰᠠᠯᠳᠠᠢ ᠨᠢ ᠲᠡᠭᠦᠨ ᠤ ︽ᠭᠤᠷᠪᠡᠨ ᠨᠠᠰᠤᠳᠠᠢ ᠱᠠᠯᠵᠠ ᠪᠤᠷᠬᠠᠨ︾᠂ ︽ᠴᠢᠩᠭᠢᠰ ᠤᠨ  ᠴᠡᠷᠢᠭ ᠤᠨ ᠳᠠᠭᠤᠤ︾ ᠭᠡᠬᠦ ᠵᠡᠷᠭᠡ ᠶᠢᠨ ᠴᠦᠭᠡᠪᠦᠷᠢ ᠰᠢᠯᠥᠭ ᠵᠤᠬᠢᠶᠠᠯ ᠠᠴᠠ ᠭᠠᠳᠠᠨ᠎ᠠ ᠠᠯᠢ ᠠᠷᠪᠢᠨ ᠵᠢᠷᠤᠭ  ᠵᠤᠬᠢᠶᠠᠯ ᠨᠢ ᠦᠯᠡᠳᠡᠵᠦ ᠬᠤᠴᠤᠷᠤᠭᠰᠠᠨ ᠦᠭᠡᠢ᠂ ᠨᠡᠩ ᠴᠦ 1948 ᠤᠨ ᠤ 1 ᠰᠠᠷ᠎ᠠ ᠳᠤ ᠭᠤᠴᠢᠨ ᠨᠢᠭᠡᠨ  ᠨᠠᠰᠤᠳᠠᠢ ᠳᠠᠭᠠᠨ ᠲᠤᠮᠤᠭᠤ ᠡᠪᠡᠳᠴᠢᠨ ᠳᠤ ᠳᠠᠭᠠᠷᠢᠭᠳᠠᠵᠦ ᠪᠡᠶ᠎ᠡ ᠦᠩᠭᠡᠷᠡᠵᠡᠢ᠃︽ᠠᠯᠠᠱᠠᠨ ᠬᠤᠰᠢᠭᠤᠨ ᠤ ᠳᠦᠭᠦᠮ ᠰᠡᠳᠬᠦᠯ︾ ᠬᠡᠪᠯᠡᠯ ᠡᠬᠢᠯᠡᠬᠦ ᠳᠤ᠂ ᠲᠤᠬᠠᠢ ᠶᠢᠨ ᠦᠶ᠎ᠡ ᠳᠤ ᠠᠯᠠᠱᠠ  ᠬᠤᠱᠤᠳ ᠬᠤᠰᠢᠭᠤᠨ ᠤ ᠵᠠᠰᠠᠭ ᠨᠤᠶᠠᠨ ᠪᠠᠶᠢᠭᠰᠠᠨ ᠳ᠋ᠠᠨᠢᠵᠠᠨ᠎ᠠ ᠪᠤᠯᠤᠨ ᠲᠡᠬᠦᠨ ᠤ ᠬᠠᠳᠤᠨ ᠶᠢᠨ ᠶᠥᠨ ᠴᠧᠩ  ᠲᠤᠰ ᠲᠤᠰ ᠪᠢᠴᠢᠭᠡᠰᠦ ᠪᠢᠴᠢᠭᠰᠡᠨ ᠪᠠᠶᠢᠨ᠎ᠠ᠃ᠳ᠋ᠠᠨᠢᠵᠠᠨ᠎ᠠ ᠶᠢᠨ ᠪᠢᠴᠢᠭᠡᠰᠦ ᠨᠢ ︽ᠰᠠᠨᠮᠢᠨ ᠦᠵᠡᠯ ᠢ ᠰᠤᠷᠳᠠᠯᠴᠢᠯᠠᠨ  ᠤᠬᠠᠭᠤᠯᠬᠤ ᠠᠵᠢᠯ ᠢ ᠡᠭᠦᠷᠭᠡᠯᠡᠵᠦ᠂ ᠬᠢᠵᠠᠭᠠᠷ ᠤᠨ ᠳᠤᠳᠤᠷᠠᠬᠢ ᠰᠤᠶᠤᠯ ᠢ ᠦᠭᠦᠯᠡᠨ ᠲᠤᠳᠤᠷᠬᠠᠶᠢᠯᠠᠬᠤ ᠶᠢ  ᠬᠠᠷᠢᠭᠤᠴᠠᠵᠦ᠂ ᠬᠢᠯᠢ ᠬᠢᠵᠠᠭᠠᠷ ᠢᠶᠠᠨ ᠨᠡᠭᠡᠭᠡᠨ ᠬᠦᠭᠵᠢᠭᠦᠯᠵᠦ᠂ ᠤᠯᠤᠰ ᠤᠨ ᠪᠠᠳᠤᠯᠠᠨ ᠬᠠᠮᠠᠭᠠᠯᠠᠯᠳᠠ ᠶᠢ ᠪᠦᠳᠦᠭᠡᠨ  ᠪᠠᠶᠢᠭᠤᠯᠰᠤᠭᠠᠢ︾︔ ᠶᠢᠨ ᠶᠥᠩ ᠴᠧᠩ ᠤᠨ ᠪᠢᠴᠢᠭᠡᠰᠦ ᠨᠢ ︽ᠪᠤᠭᠤᠮᠳᠠ ᠶᠢᠨ ᠭᠠᠳᠠᠨᠠᠬᠢ ᠪᠦᠰᠡᠭᠦ᠋ᠢᠴᠦᠳ ᠢ  ᠰᠡᠬᠡᠭᠡᠷᠡᠭᠦᠯᠵᠦ᠂ ᠬᠠᠯᠠᠮᠵᠢᠯᠠᠵᠤ ᠲᠤᠰᠠᠯᠠᠬᠤ ᠠᠵᠢᠯ ᠢ ᠲᠡᠳᠬᠦᠰᠦᠭᠡᠢ︾ ᠭᠡᠰᠡᠨ ᠪᠠᠶᠢᠪᠠ᠃︽ᠠᠯᠠᠱᠠᠨ ᠬᠤᠰᠢᠭᠤᠨ ᠤ ᠳᠦᠭᠦᠮ ᠰᠡᠳᠬᠦᠯ︾ ᠨᠢ ᠲᠤᠬᠠᠢ ᠶᠢᠨ ᠦᠶ᠎ᠡ ᠳᠤ ᠭᠤᠤᠯᠳᠠᠭᠤ ᠤᠯᠤᠰ ᠤᠨ  ᠳᠤᠲᠤᠭᠠᠳᠤ ᠭᠠᠳᠠᠭᠠᠳᠤ ᠶᠢᠨ ᠲᠠᠶᠢᠨ ᠳᠠᠵᠢᠨ ᠤ ᠲᠦᠷᠬᠡᠨ ᠮᠡᠳᠡᠭᠡ ᠪᠤᠯᠤᠨ ᠰᠠᠨᠮᠢᠨ ᠦᠵᠡᠯ ᠢ ᠤᠬᠠᠭᠤᠯᠵᠦ  ᠰᠤᠷᠳᠠᠯᠴᠢᠯᠠᠬᠤ ᠠᠴᠠ ᠭᠠᠳᠠᠨ᠎ᠠ᠂ ᠤᠯᠤᠰ ᠤᠨ ᠳᠤᠳᠤᠭᠠᠳᠦ ᠶᠢᠨ ᠴᠠᠭ ᠲᠦᠷᠦ ᠶᠢᠨ ᠪᠠᠶᠢᠳᠠᠯ᠂ ︽ᠪᠠᠶᠢᠯᠳᠤᠭᠠᠨ ᠤ  ᠮᠡᠳᠡᠭᠡ︾᠂ ︽ᠲᠣᠰ ᠭᠠᠵᠠᠷ ᠤᠨ ᠮᠡᠳᠡᠭᠡ︾᠂ ︽ᠮᠠᠨ ᠤ ᠤᠷᠤᠨ ᠤ ᠮᠡᠳᠡᠭᠡ︾᠂ ︽ᠡᠨᠡ ᠣᠷᠤᠨ ᠤ ᠰᠢᠨ᠎ᠡ  ᠰᠤᠨᠤᠰᠬᠠᠯ︾᠂ ︽ᠤᠷᠠᠨ ᠤᠳᠬ᠎ᠠ ᠶᠢᠨ ᠵᠦᠢᠯ︾᠂ ︽ᠲᠤᠰ ᠰᠤᠨᠢᠨ ᠤ ᠰᠢᠭᠦᠮᠵᠢ︾ ᠭᠡᠬᠦ ᠵᠡᠷᠬᠡ ᠶᠢᠨ ᠪᠤᠯᠤᠩ  ᠡᠷᠬᠢᠯᠡᠵᠦ᠂ ᠠᠯᠠᠱᠠ ᠬᠤᠰᠢᠭᠤᠨ ᠤ ᠬᠢᠵᠠᠭᠠᠷ ᠳᠤᠳᠤᠷ᠎ᠠ ᠡᠭᠦᠰᠦᠭᠰᠡᠨ ᠰᠤᠨᠢᠨ ᠮᠡᠳᠡᠭᠡ᠂ ᠮᠠᠯᠵᠢᠬᠤ ᠤᠷᠤᠨ ᠤ  ᠤᠶᠢᠯᠡᠳᠪᠦᠷᠢᠯᠡᠯ ᠤᠨ ᠪᠠᠶᠢᠳᠠᠯ᠂ ᠬᠤᠷ᠎ᠠ ᠤᠰᠤ ᠭᠠᠩ ᠭᠠᠴᠢᠭ ᠮᠡᠳᠦ ᠶᠢᠨ ᠠᠭᠤᠷ ᠠᠮᠢᠰᠬᠤᠯ ᠤᠨ ᠬᠤᠪᠢᠷᠠᠯᠳᠠ᠂  ᠬᠦᠮᠦᠨ ᠮᠠᠯ ᠤᠨ ᠡᠪᠡᠳᠴᠢᠨ ᠡᠮᠬᠡᠭ ᠢ ᠰᠡᠷᠭᠡᠶᠢᠯᠡᠬᠦ ᠵᠢᠴᠢ ᠠᠮᠢᠳᠤᠷᠠᠯ ᠤᠨ ᠵᠢᠵᠢᠭ ᠰᠠᠵᠢᠭ ᠮᠡᠳᠡᠯᠭᠡ ᠶᠢ  ᠨᠡᠶᠢᠳᠡᠯᠡᠳᠡᠭ ᠪᠠᠶᠢᠵᠡᠢ᠃ ᠲᠤᠰ ᠰᠤᠨᠢᠨ ᠨᠢ ᠪᠠᠰᠠ ᠰᠢᠯᠥᠭ ᠵᠢᠷᠤᠭ ᠤᠨ ᠵᠦᠢᠯ ᠢ ᠨᠡᠶᠢᠳᠡᠯᠡᠳᠡᠭ ᠪᠤᠯᠬᠤᠷ ᠠᠭᠤᠯᠭ᠎ᠠ  ᠵᠠᠨᠠᠷ ᠨᠢ ᠤᠪᠤᠭ᠎ᠠ ᠪᠠᠶᠠᠯᠢᠭ ᠪᠦᠭᠡᠳ ᠠᠮᠢᠳᠤᠯᠢᠭ ᠡᠷᠬᠢᠯᠡᠭᠳᠡᠵᠦ ᠮᠠᠯᠴᠢᠳ ᠤᠨ ᠲᠠᠭᠠᠰᠢᠶᠠᠯ ᠢ ᠶᠠᠭᠡᠯᠨ ᠤᠯᠵᠦ  ᠪᠠᠶᠢᠭᠰᠠᠨ ᠠᠵᠢ᠃︽ᠠᠯᠠᠱᠠᠨ ᠬᠤᠰᠢᠭᠤᠨ ᠤ ᠳᠦᠭᠦᠮ ᠰᠡᠳᠬᠦᠯ︾ 1945 ᠤᠨ ᠤ 3 ᠰᠠᠷ᠎ᠠ ᠠᠴᠠ 1947 ᠤᠨ ᠤ  ᠡᠴᠦᠰ ᠪᠤᠯᠳᠠᠯ᠎ᠠ ᠭᠤᠷᠪᠠᠨ ᠵᠢᠯ ᠵᠠᠪᠳᠤᠭᠤ ᠡᠷᠬᠢᠯᠡᠭᠳᠡᠵᠦ ᠪᠠᠶᠢᠭᠠᠳ ᠬᠡᠪᠯᠡᠯ ᠵᠤᠭᠰᠤᠭᠰᠠᠨ ᠪᠠᠶᠢᠨ᠎ᠠ᠃ ᠬᠡᠪᠯᠡᠯ  ᠵᠤᠭᠰᠤᠭᠰᠠᠨ ᠰᠢᠯᠳᠠᠭᠠᠨ ᠪᠤᠯᠤᠨ ᠪᠤᠳᠠᠳᠠᠢ ᠡᠳᠦᠷ ᠰᠠᠷ᠎ᠠ ᠨᠢ ᠲᠤᠳᠤᠷᠬᠠᠢ ᠦᠭᠡᠢ᠃ ᠶᠠᠭᠤ ᠴᠦ ᠭᠡᠰᠡᠨ ︽ᠠᠯᠠᠱᠠᠨ  ᠬᠤᠰᠢᠭᠤᠨ ᠤ ᠳᠦᠭᠦᠮ ᠰᠡᠳᠬᠦᠯ︾ ᠨᠢ ᠡᠨᠡ ᠬᠦ ᠮᠢᠩᠭᠠᠨ ᠭᠠᠯᠪᠠ ᠶᠢᠨ ᠦᠷᠭᠡᠨ ᠭᠤᠪᠢ ᠳᠤ ᠬᠠᠮᠤᠭ ᠠᠩᠬᠠᠨ ᠤ  ᠮᠤᠩᠭᠤᠯ ᠰᠤᠨᠢᠨ ᠤ ᠬᠤᠪᠢ ᠪᠠᠷ ᠮᠡᠨᠳᠦᠯᠡᠵᠦ᠂ ᠠᠯᠠᠱᠠ ᠨᠤᠳᠤᠭ ᠲᠤ ᠮᠤᠩᠭᠤᠯ ᠰᠤᠨᠢᠨ ᠮᠡᠳᠡᠭᠡᠨ ᠤ  ᠵᠠᠭᠤᠴᠢᠯᠠᠭᠤᠷ ᠲᠠᠢ ᠪᠤᠯᠤᠭᠰᠠᠨ ᠲᠡᠤᠬᠡ ᠶᠢ ᠲᠡᠮᠳᠡᠭᠯᠡᠵᠦ ᠲᠠᠯᠪᠢᠭᠰᠠᠨ ᠪᠠᠶᠢᠭ᠎ᠠ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号