ᠠᠯᠠᠱᠠ ᠠᠷᠠᠳ ᠤᠨ ᠲᠠᠭᠤᠤ
ᠨᠡᠶᠢᠲᠡᠯᠡᠭᠰᠡᠨ ᠴᠠᠭ᠄
2019/12/11
ᠡᠳᠦᠬᠡ ᠲᠡᠯᠡᠬᠡᠢ ᠶᠢᠨ 2000 ᠭᠠᠷᠤᠢ ᠦᠨᠳᠦᠰᠦᠳᠠᠨ ᠤ ᠲᠤᠳᠤᠷ᠎ᠠ ᠮᠤᠩᠭᠤᠯ ᠦᠨᠳᠦᠰᠦᠳᠠᠨ ᠤ ᠠᠮᠠ ᠪᠠᠷ  ᠤᠯᠠᠮᠵᠢᠯᠠᠭᠳᠠᠵᠦ ᠢᠷᠡᠭᠰᠡᠨ ᠠᠷᠠᠳ ᠤᠨ ᠲᠠᠭᠤᠤ ᠪᠤᠯ ᠲᠦᠯᠦᠬᠡᠯᠡᠬᠦ ᠴᠢᠨᠡᠷ᠂ ᠠᠷᠠᠳᠴᠢ ᠴᠢᠨᠡᠷ ᠢᠶᠠᠷ ᠮᠠᠰᠢ ᠴᠢᠩᠭ᠎ᠠ  ᠪᠠᠶᠢᠳᠠᠭ᠃ ᠠᠯᠠᠱᠠ ᠠᠷᠠᠳ ᠤᠨ ᠲᠠᠭᠤᠤ ᠮᠤᠩᠭᠤᠯ ᠠᠷᠠᠳ ᠤᠨ ᠲᠠᠭᠤᠤ ᠶᠢᠨ ᠨᠢᠬᠡ ᠤᠷᠤᠰᠬᠠᠯ ᠪᠤᠯᠵᠦ᠂ ᠠᠯᠠᠱᠠ ᠶᠢᠨ  ᠠᠷᠠᠳ ᠲᠦᠮᠡᠨ ᠤᠷᠳᠤ ᠬᠤᠭᠤᠴᠠᠭᠠᠨ ᠤ ᠦᠢᠯᠡᠳᠪᠦᠷᠢᠯᠡᠯ ᠬᠦᠳᠡᠯᠮᠦᠷᠢ ᠶᠢᠨ ᠲᠤᠮᠳᠠ ᠡᠬᠦᠳᠦᠨ ᠪᠦᠲᠦᠬᠡᠭᠰᠡᠨ ᠪᠠᠶᠢᠨ᠎ᠠ᠃ ᠬᠡᠳᠦᠨ ᠵᠠᠭᠤᠨ ᠤ ᠲᠤᠷᠰᠢ ᠠᠯᠠᠱᠠ ᠮᠤᠩᠭᠤᠯᠴᠤᠳ ᠤᠨ ᠤᠷᠳᠤ ᠶᠢᠨ ᠲᠠᠭᠤᠤ ᠨᠢ ᠦᠷᠬᠡᠨ ᠠᠭᠤᠳᠠᠮ ᠠᠯᠠᠱᠠ ᠶᠢᠨ  ᠲᠠᠯ᠎ᠠ ᠨᠤᠳᠤᠭ ᠲᠤ ᠤᠯᠠᠮᠵᠢᠯᠠᠭᠳᠠᠨ ᠲᠠᠭᠤᠯᠠᠭᠳᠠᠵᠦ ᠡᠳᠦᠬᠡ ᠪᠤᠯᠤᠭᠰᠠᠨ ᠠᠵᠢ᠃ᠠᠯᠠᠱᠠ ᠶᠢᠨ ᠠᠷᠠᠳ ᠤᠨ ᠲᠠᠭᠤᠤ ᠶᠢᠨ ᠪᠦᠷᠢᠯᠳᠦᠯᠠᠯᠠᠱᠠ ᠪᠤᠯ ︽ᠠᠯᠳᠠᠨ ᠲᠡᠷᠢᠶᠠᠨ ᠤ ᠠᠷᠢᠬᠢᠨ ᠲᠡᠬᠡᠵᠢ ᠨᠤᠳᠤᠭ ᠲᠠᠢ᠂ ᠠᠷᠠᠳ ᠤᠨ ᠲᠠᠭᠤᠤ ᠶᠢᠨ ᠲᠠᠯᠠᠢ  ᠪᠠᠶᠠᠨ ᠰᠠᠩ ᠲᠠᠢ︾ ᠤᠷᠤᠨ ᠡ︕ ᠠᠯᠠᠱᠠ ᠠᠷᠠᠳ ᠤᠨ ᠲᠠᠭᠤᠤ ᠨᠢᠬᠡᠨ ᠶᠡᠷᠦᠩᠬᠡᠶᠢᠯᠡᠭᠰᠡᠨ ᠨᠠᠷᠡᠶᠢᠳᠤᠯ ᠲᠠᠢ᠂  ᠲᠡᠬᠦᠨ ᠳᠤ ᠠᠯᠠᠱᠠ ᠪᠠ ᠡᠵᠡᠨ᠎ᠠ ᠠᠷᠠᠳ ᠤᠨ ᠲᠠᠭᠤᠤ ᠶᠢ ᠪᠠᠭᠳᠠᠭᠠᠳᠠᠭ᠃ ᠠᠯᠠᠱᠠ ᠬᠤᠱᠤᠳ ᠠᠶᠢᠮᠠᠭ ᠨᠢ  ᠰᠢᠨᠵᠢᠶᠠᠩ ᠠᠴᠠ ᠨᠡᠬᠦᠳᠡᠯᠯᠡᠨ ᠢᠷᠡᠬᠦ ᠳᠡᠭᠡᠨ ᠵᠦᠡᠭᠭᠠᠷ ᠲᠠᠲ᠋ᠡᠷ ᠤᠨ ᠰᠤᠶᠤᠯ ᠢ ᠤᠯᠠᠮᠵᠢᠯᠠᠵᠦ᠂ ᠬᠦᠬᠡᠨᠠᠭᠤᠷ ᠠᠴᠠ  ᠨᠡᠬᠦᠳᠡᠯᠯᠡᠵᠦ ᠢᠷᠡᠭᠰᠡᠳ ᠨᠢ ᠲᠡᠨᠳᠡᠬᠢ ᠶᠢᠨ ᠤᠷᠠᠨ ᠵᠤᠬᠢᠶᠠᠯ᠂ ᠬᠦᠭᠵᠢᠮ ᠤᠨ ᠤᠷᠠᠯᠢᠭ ᠢ ᠠᠪᠴᠢᠷᠠᠪᠠ᠃ ᠰᠡᠬᠦᠯᠡᠷ ᠨᠢ  ᠬᠦᠷᠰᠢ ᠵᠡᠷᠬᠡᠯᠡᠳᠡᠭᠡ ᠠᠶᠢᠮᠠᠭ ᠬᠤᠰᠢᠭᠤ ᠪᠤᠯᠤᠨ ᠮᠤᠩᠭᠤᠯ ᠤᠷᠤᠨ ᠤ ᠠᠷᠠᠳ ᠤᠨ ᠲᠠᠭᠤᠤ ᠶᠢ ᠴᠦ ᠰᠢᠩᠬᠡᠬᠡᠨ  ᠤᠯᠠᠮᠵᠢᠯᠠᠵᠦ ᠢᠷᠡᠭᠰᠡᠨ ᠪᠠᠶᠢᠨ᠎ᠠ᠃ ᠡᠨᠡ ᠨᠢ ᠲᠠᠷᠤᠢ ᠠᠯᠠᠱᠠ ᠬᠤᠱᠤᠳ ᠤᠨ ᠠᠷᠠᠳ ᠤᠨ ᠲᠠᠭᠤᠤ ᠶᠢᠨ ᠦᠨᠳᠦᠰᠦᠨ  ᠢᠷᠡᠯᠳᠠ ᠪᠤᠯᠤᠨ᠎ᠠ᠃ ᠡᠵᠡᠨ᠎ᠠ ᠲᠤᠷᠭᠤᠳ ᠤᠨ ᠠᠷᠠᠳ ᠤᠨ ᠲᠠᠭᠤᠤ ᠶᠢ ᠡᠵᠡᠨ᠎ᠠ ᠭᠤᠤᠯ ᠲᠠᠭᠠᠤ ᠤᠷᠤᠨ ᠳᠠᠬᠢ ᠮᠠᠯᠴᠢᠳ  ᠡᠬᠦᠰᠬᠡᠨ ᠪᠦᠲᠦᠬᠡᠵᠦ᠂ ᠬᠦᠷᠰᠢ ᠵᠡᠷᠬᠡᠯᠡᠳᠡᠭᠡ ᠮᠤᠵᠢ ᠤᠷᠤᠨ᠂ ᠪᠤᠰᠤᠳ ᠦᠨᠳᠦᠰᠦᠳᠠᠨ ᠲᠠᠢ ᠬᠠᠮᠲᠦᠪᠡᠷ ᠵᠤᠬᠢᠶᠠᠨ  ᠤᠯᠠᠮᠵᠢᠯᠠᠵᠦ ᠢᠷᠡᠭᠰᠡᠨ ᠪᠠᠶᠢᠨ᠎ᠠ᠃ ᠰᠡᠬᠦᠯᠡᠷ ᠨᠢ ᠭᠠᠳᠠᠭᠠᠲᠦ ᠮᠤᠩᠭᠤᠯ ᠤᠨ ᠬᠠᠯᠬᠠᠴᠤᠳ ᠶᠡᠭᠡ ᠬᠤᠪᠢᠰᠬᠠᠯ ᠤᠨ  ᠦᠶ᠎ᠠ ᠳᠤ ᠡᠵᠡᠨ᠎ᠠ ᠳᠤ ᠤᠷᠤᠵᠦ ᠢᠷᠡᠬᠡᠳ ᠠᠭᠠᠵᠢᠮ ᠢᠶᠠᠷ ᠡᠬᠦᠰᠦᠨ ᠪᠦᠷᠢᠯᠳᠦᠭᠰᠡᠨ ᠶᠤᠮ᠃ ᠡᠨᠡ ᠬᠤᠶᠡᠷ ᠤᠪᠤᠭ  ᠶᠠᠰᠦᠳᠠᠨ ᠠᠯᠠᠱᠠ ᠶᠢᠨ ᠡᠨᠡᠬᠦ ᠬᠠᠯᠠᠭᠤᠨ ᠰᠢᠷᠤᠢ ᠳᠤ ᠠᠵᠦ ᠲᠦᠷᠦᠵᠦ᠂ ᠦᠪᠡᠷᠮᠢᠴᠠ ᠤᠨᠴᠠᠯᠢᠭ ᠪᠦᠬᠦᠢ ᠤᠷᠴᠢᠨ  ᠲᠤᠭᠤᠷᠢᠨ ᠪᠠ ᠴᠠᠭ ᠦᠶ᠎ᠠ ᠳᠡᠭᠡᠨ ᠲᠤᠬᠢᠷᠠᠭᠰᠠᠨ ᠤᠷᠤᠨ ᠨᠤᠳᠤᠭ ᠤᠨ ᠬᠡᠪ ᠨᠠᠮᠪᠠ ᠰᠢᠨᠵᠢ ᠲᠠᠢ ᠠᠷᠠᠳ ᠤᠨ ᠲᠠᠭᠤᠤ ᠶᠢ  ᠡᠬᠦᠰᠦᠨ ᠪᠦᠲᠦᠬᠡᠭᠰᠡᠨ ᠨᠢ ᠮᠤᠩᠭᠤᠯ ᠦᠨᠳᠦᠰᠦᠳᠠᠨ ᠤ ᠪᠢᠯᠢᠭ ᠤᠬᠠᠭᠠᠨ ᠠᠪᠢᠶᠡᠰ ᠢ ᠲᠤᠪᠤᠶᠢᠮ᠎ᠠ ᠬᠠᠷᠠᠭᠤᠯᠵᠦ  ᠪᠠᠶᠢᠳᠠᠭ᠃ᠠᠯᠠᠱᠠ ᠠᠷᠠᠳ ᠤᠨ ᠲᠠᠭᠤᠤ ᠨᠢ ᠮᠤᠩᠭᠤᠯ ᠤᠨ ᠤᠷᠳᠤ ᠤᠳᠠᠭᠠᠨ ᠨᠡᠬᠦᠳᠡᠯ ᠤᠨ ᠠᠮᠢᠳᠤᠷᠠᠯ ᠲᠤᠮᠳᠠ ᠡᠬᠦᠰᠴᠦ  ᠪᠦᠷᠢᠯᠳᠦᠭᠰᠡᠨ ᠦᠨᠳᠦᠰᠦᠳᠠᠨ ᠤ ᠤᠨᠴᠠᠯᠢᠭ ᠢᠶᠠᠷ ᠮᠠᠰᠢ ᠢᠯᠡᠷᠬᠡᠢ ᠪᠠᠶᠢᠳᠠᠭ᠃ ᠤᠷᠳᠤ ᠶᠢᠨ ᠲᠠᠭᠤᠤ ᠨᠢ ᠦᠬᠡ ᠴᠦᠬᠡᠨ  ᠠᠶᠠᠯᠭᠤ ᠤᠷᠳᠤ᠂ ᠨᠠᠮ ᠡᠬᠡᠰᠢᠭ ᠬᠦᠭ ᠤᠨ ᠨᠤᠭᠤᠯᠤᠭ᠎ᠠ ᠶᠡᠭᠡ ᠪᠠᠶᠢᠳᠠᠭ ᠪᠦᠬᠡᠳ ᠴᠢᠯᠦᠬᠡᠲᠦ ᠠᠶᠢᠵᠠᠮ ᠲᠠᠢ᠂ ᠦᠬᠡ  ᠠᠶ᠋ᠯᠠᠭᠤ ᠨᠢ ᠠᠭᠤᠳᠠᠮ ᠲᠡᠨᠢᠬᠦᠨ᠂ ᠵᠦᠬᠡᠯᠡᠨ ᠤᠳᠠᠭᠠᠪᠳᠤᠷ ᠬᠡᠮᠨᠡᠭᠡ ᠲᠠᠢ᠂ ᠲᠠᠯᠪᠢᠭᠤᠨ ᠰᠡᠳᠬᠢᠯᠬᠡ ᠪᠠᠷ ᠲᠠᠭᠤᠯᠠᠳᠠᠭ᠃  ᠠᠯᠠᠱᠠ ᠠᠷᠠᠳ ᠤᠨ ᠤᠷᠳᠤ ᠶᠢᠨ ᠲᠠᠭᠤᠤ ᠨᠢ ᠵᠡᠬᠦᠨ ᠤᠷᠤᠨ ᠤ ᠠᠷᠠᠳ ᠤᠨ ᠲᠠᠭᠤᠤ ᠶᠢᠨ ᠠᠶᠠᠯᠭᠤ ᠡᠬᠡᠰᠢᠭ ᠤᠨ  ᠲᠡᠭᠵᠢᠨ ᠶᠦᠮᠦᠷᠯᠢᠭ ᠪᠠ ᠤᠷᠳᠤᠰ ᠠᠷᠠᠳ ᠤᠨ ᠲᠠᠭᠤᠤ ᠶᠢᠨ ᠬᠦᠭ ᠠᠶᠠᠯᠭᠤ ᠶᠢᠨ ᠤᠭᠵᠤᠮ᠂ ᠨᠤᠭᠤᠯᠤᠭ᠎ᠠ ᠴᠦᠬᠡᠳᠡᠢ᠂ ᠱᠤᠭ ᠶᠦᠮᠦᠷ ᠤᠨᠴᠠᠯᠢᠭ ᠠᠴᠠ ᠶᠡᠬᠡᠬᠡᠨ ᠢᠯᠭᠠᠭᠳᠠᠵᠦ᠂ ᠲᠦᠪ ᠴᠢᠩᠭ᠎ᠠ᠂ ᠲᠦᠪᠯᠡᠬᠦᠨ ᠶᠡᠬᠡᠮᠰᠦᠭ᠂ ᠠᠭᠠᠵᠢᠮ  ᠪᠠᠶᠠᠰᠤᠩᠭᠤᠢ ᠬᠡᠪ ᠨᠠᠮᠪᠠ ᠶᠢ ᠪᠠᠷᠢᠮᠳᠠᠯᠠᠵᠦ᠂ ᠭᠤᠸ᠎ᠠ ᠲᠠᠭᠠᠰᠢᠶᠠᠯ ᠤᠨ ᠬᠦᠭᠵᠢᠯᠳᠠ ᠶᠢ ᠲᠠᠭᠠᠯᠳᠤᠨ ᠠᠭᠠᠵᠢᠮ ᠢᠶᠠᠷ  ᠪᠡᠶ᠎ᠠ ᠪᠠᠨ ᠲᠠᠭᠠᠭᠠᠵᠦ ᠭᠠᠷᠤᠭᠰᠠᠨ ᠪᠦᠬᠡᠳ ᠦᠪᠡᠷ ᠤᠨ ᠢᠶᠠᠨ ᠬᠡᠪ ᠨᠠᠮᠪᠠ ᠶᠢ ᠬᠠᠳᠠᠭᠠᠯᠠᠭᠰᠠᠨ ᠪᠠᠶᠢᠨ᠎ᠠ᠃ᠠᠯᠠᠱᠠ ᠠᠷᠡᠳ ᠤᠨ ᠤᠷᠳᠤ ᠶᠢᠨ ᠲᠠᠭᠤᠤ ᠠᠭᠤᠯᠭ᠎ᠠ ᠶᠢᠨ ᠬᠤᠪᠢ ᠳᠤ ᠵᠤᠴᠢᠨ ᠤᠭᠳᠤᠬᠤ᠂ ᠲᠡᠬᠡᠵᠢ ᠵᠠᠰᠠᠬᠤ᠂ ᠪᠡᠶᠡᠷ ᠶᠤᠰᠤᠯᠠᠯ᠂ ᠬᠤᠷᠢᠮ ᠲᠠᠶᠢᠯᠠᠯᠭ᠎ᠠ᠂ ᠵᠤᠴᠢᠨ ᠦᠳᠡᠬᠦ᠂ ᠪᠡᠷᠢ ᠪᠠᠭᠤᠯᠭᠠᠬᠤ᠂ ᠬᠡᠤᠬᠡᠨ ᠮᠤᠷᠳᠠᠭᠤᠯᠬᠤ᠂ ᠰᠠᠨᠠᠨ  ᠲᠤᠷᠠᠰᠬᠤ᠂ ᠢᠷᠦᠬᠡᠯ ᠮᠠᠭᠳᠠᠭᠠᠯ᠂ ᠮᠠᠭᠳᠠᠨ ᠰᠠᠶᠢᠰᠢᠶᠠᠬᠤ᠂ ᠰᠤᠷᠭᠠᠨ ᠬᠠᠶᠢᠷᠠᠯᠠᠬᠤ ᠵᠡᠷᠬᠡ ᠲᠦᠷᠦᠯ ᠪᠠᠶᠢᠳᠠᠭ᠃  ᠲᠠᠭᠤᠤ ᠶᠢᠨ ᠦᠬᠡ ᠶᠢᠨ ᠤᠳᠬ᠎ᠠ ᠰᠠᠨᠠᠭᠠᠨ ᠤ ᠬᠤᠪᠢ ᠳᠤ ᠬᠦᠨ ᠤᠬᠠᠭᠠᠯᠢᠭ ᠤᠴᠢᠷ ᠶᠤᠰᠤ ᠶᠢ ᠪᠠᠭᠳᠠᠭᠠᠵᠤ᠂  ᠶᠤᠰᠤᠯᠠᠯ᠂ ᠮᠤᠷᠠᠯ ᠰᠤᠷᠳᠠᠬᠤᠨ᠂ ᠡᠪ ᠨᠠᠶᠢᠷᠳᠡᠢ᠂ ᠬᠠᠶᠢᠷ᠎ᠠ ᠨᠦᠬᠦᠷᠰᠡᠭ᠂ ᠨᠢᠠᠠᠳᠠᠷᠠᠯ ᠪᠦᠯᠬᠦᠮᠳᠡᠯ᠂ ᠤᠷᠤᠯᠳᠤᠯᠭ᠎ᠠ  ᠴᠢᠷᠮᠠᠶᠢᠯᠭ᠎ᠠ ᠵᠡᠷᠬᠡ ᠶᠢ ᠰᠤᠷᠳᠠᠯᠴᠢᠯᠠᠭᠰᠠᠨ ᠪᠠᠶᠢᠳᠠᠭ᠃ ᠲᠠᠭᠤᠤ ᠶᠢᠨ ᠠᠶᠠᠯᠭᠤ ᠶᠢᠨ ᠲᠠᠯ᠎ᠠ ᠪᠠᠷ ᠮᠤᠩᠭᠤᠯ ᠠᠷᠠᠳ ᠤᠨ  ᠲᠠᠭᠤᠤ ᠶᠢᠨ ᠲᠠᠪᠤᠨ ᠡᠬᠡᠰᠢᠭ ᠠᠶᠢᠵᠠᠮ᠂ ᠬᠡᠪ ᠨᠠᠮᠪᠠ ᠶᠢ ᠬᠠᠳᠠᠭᠠᠯᠠᠵᠦ᠂ ᠴᠦᠬᠡᠪᠳᠦᠷ ᠲᠠᠭᠤᠤ ᠳᠤᠨᠢ ᠵᠢᠷᠭᠤᠭᠠᠨ  ᠡᠬᠡᠰᠢᠭ ᠠᠶᠢᠵᠠᠮ ᠪᠠ ᠲᠤᠯᠤᠭᠠᠨ ᠡᠬᠡᠰᠢᠭ ᠠᠶᠢᠵᠠᠮ ᠤᠨ ᠬᠡᠪ ᠨᠠᠮᠪᠠ ᠶᠢ ᠬᠠᠳᠠᠭᠠᠯᠠᠵᠦ ᠪᠠᠶᠢᠳᠠᠭ᠃ ᠠᠯᠠᠱᠠ ᠬᠢᠬᠡᠳ  ᠡᠵᠡᠨ᠎ᠠ ᠠᠷᠠᠳ ᠤᠨ ᠲᠠᠭᠤᠤ ᠶᠢ ᠲᠠᠭᠤᠯᠠᠬᠤ ᠳᠤ ᠬᠡᠷᠡᠭᠴᠡᠭᠡ ᠪᠠᠨ ᠦᠨᠳᠦᠰᠦᠯᠠᠵᠦ ᠠᠶᠠᠰ ᠬᠦᠭ ᠤᠨ ᠦᠨᠳᠦᠷ ᠨᠠᠮ᠂  ᠤᠷᠳᠤ ᠤᠬᠤᠷ ᠢ ᠴᠢᠯᠦᠬᠡᠳᠡᠢ ᠲᠤᠬᠢᠷᠠᠭᠤᠯᠵᠦ ᠪᠤᠯᠳᠠᠭ᠃ ᠤᠯᠠᠩᠬᠢ ᠲᠠᠭᠤᠤ ᠨᠢ ᠬᠤᠶᠡᠷ ᠮᠦᠷᠲᠦ ᠦᠬᠡ ᠪᠤᠶᠤ ᠬᠤᠶᠡᠷ  ᠪᠠᠳᠠᠭ ᠲᠠᠢ ᠰᠢᠯᠦᠭ ᠢᠶᠠᠷ ᠪᠦᠷᠢᠯᠳᠦᠳᠡᠭ᠃ ᠲᠠᠭᠤᠤ ᠶᠢᠨ ᠰᠢᠯᠦᠭ ᠨᠢ ᠰᠡᠳᠬᠢᠯᠬᠡ ᠪᠢᠯᠬᠠᠮ᠎ᠠ᠂ ᠲᠠᠪᠳᠠᠯᠳᠠ ᠤᠯᠠᠨᠳᠡᠢ  ᠪᠠᠶᠢᠳᠠᠭ᠃ ᠨᠢᠬᠡ ᠲᠠᠭᠤᠤ ᠶᠢ ᠲᠠᠭᠤᠯᠠᠵᠦ ᠪᠠᠷᠠᠪᠠᠯ ︽ᠨᠠᠶᠢᠷᠯᠠᠨ ᠵᠤᠬᠢᠶᠠᠶ᠎ᠠ︾ ᠬᠡᠬᠦ ᠲᠤᠭᠳᠠᠮᠠᠯ ᠲᠦᠷᠢᠯᠬᠡ ᠶᠢ ᠵᠠᠪᠠᠯ  ᠲᠠᠭᠤᠯᠠᠳᠠᠭ ᠨᠢ ᠠᠯᠠᠱᠠ ᠠᠷᠠᠳ ᠤᠨ ᠲᠠᠭᠤᠤ ᠶᠢᠨ ᠪᠠᠰᠠ ᠨᠢᠬᠡ ᠤᠨᠴᠠᠯᠢᠭ ᠨᠢ ᠪᠤᠯᠤᠨ᠎ᠠ᠃   ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号