ᠲᠤᠷᠭᠤᠳ ᠠᠩᠴᠢᠨ ᠤ ᠴᠢᠨ᠋ᠸ᠎ᠠ ᠠᠪᠠᠯᠠᠬᠤ ᠶᠤᠰᠤ ᠴᠡᠭᠡᠷ
ᠨᠡᠶᠢᠲᠡᠯᠡᠭᠰᠡᠨ ᠴᠠᠭ᠄
2019/12/11
             ᠶᠡᠷᠤᠨᠢ ᠠᠷᠢᠶᠠᠳᠡᠨ ᠮᠢᠬᠠᠴᠢᠨ ᠠᠮᠢᠳᠡᠨ ᠢ ᠠᠩᠨᠠᠬᠤ ᠶᠢ ᠠᠪᠠᠯᠠᠬᠤ ᠭᠡᠵᠤ ᠭᠡᠯᠡᠳᠡᠭ᠃ ᠭᠦᠷᠣᠭᠡᠰᠤᠨ ᠲᠡᠬᠡᠷ᠎ᠠ ᠠᠪᠠᠯᠠᠬᠤ ᠭᠡᠵᠤ ᠭᠡᠯᠡᠳᠡᠭ ᠦᠭᠡᠢ ᠶᠣᠮ᠃ ᠣᠴᠢᠷ ᠨᠢ ᠠᠪᠠᠯᠠᠬᠤ ᠭᠡᠳᠡᠭ ᠨᠢ ᠴᠦᠮ ᠢ ᠨᠢ ᠠᠪᠠᠯᠠᠵᠦ ᠬᠠᠰᠢᠭᠠᠳ᠂ ᠡ᠊ᠠᠳᠡ ᠲᠡᠨᠳᠡ ᠠᠴᠠ ᠨᠢ ᠬᠠᠷᠪᠣᠵᠦ ᠰᠦᠨᠣᠭᠡᠵᠦ ᠴᠢᠯᠠᠭᠡᠨ᠎ᠠ ︵ᠪᠠᠷᠠᠭᠳᠠᠭᠤᠯᠬᠤ︶ ᠭᠡᠰᠡᠨ ᠣᠳᠬ᠎ᠠ ᠲᠠᠢ᠃ ᠡᠶᠢᠮᠣ ᠠᠴᠠ ᠠᠷᠢᠶᠠᠳᠡᠨ ᠴᠢᠨ᠋ᠸ᠎ᠠ᠂ ᠦᠨᠡᠭᠡ᠂ ᠠᠶᠣᠣ᠂ ᠢᠷᠪᠢᠰ ᠵᠡᠷᠭᠡ ᠮᠢᠬᠠᠴᠢᠨ ᠠᠮᠢᠳᠡᠨ ᠢ ᠠᠩᠨᠠᠬᠤ ᠳᠤ ᠠᠪᠠᠯᠠᠵᠦ ᠬᠠᠷᠪᠣᠳᠠᠭ᠃ ᠣᠳᠣ ᠳᠠᠭᠠᠨ ᠪᠠᠰᠠ ᠭᠦᠷᠣᠭᠡᠰᠦ ᠠᠪᠠᠯᠠᠨ᠎ᠠ ᠭᠡᠵᠤ ᠭᠡᠯᠡᠭᠳᠡᠬᠦ ᠪᠤᠯᠤᠬᠰᠠᠨ ᠪᠠᠶᠢᠪᠠ᠃ ᠭᠡᠳᠡᠯ᠎ᠠ ᠡᠷᠳᠡ ᠳᠡᠭᠡᠨ ᠭᠦᠷᠣᠭᠡᠰᠦ ᠶᠢ ᠲᠩᠷᠢ ᠪᠣᠷᠬᠠᠨ᠂ ᠦᠭᠦᠯᠴᠡ ︵ᠦᠭᠭᠦᠴᠡ︶ ᠶᠢᠨ ᠡᠵᠠᠨ ᠦᠭᠴᠣ ᠪᠠᠶᠢᠨ᠎ᠠ ᠭᠡᠳᠡᠭ ᠦᠵᠡᠯᠳᠡ ᠠᠴᠠ ᠭᠡᠳᠦᠢ ᠦᠭᠪᠠᠯ ᠲᠠᠳᠦᠢ ᠶᠢ ᠠᠪᠴᠣ᠂ ᠬᠠᠨᠳᠠᠭ ᠦᠭᠡᠢ ᠬᠤᠮᠠᠬᠠᠢ ᠰᠠᠨᠠᠭ᠎ᠠ ᠶᠢ ᠡᠪᠣᠷᠯᠡᠳᠡᠭ ᠦᠭᠡᠢ ᠠᠷᠢᠭᠤᠨ ᠰᠠᠶᠢᠬᠠᠨ ᠶᠤᠰᠤ ᠰᠤᠷᠳᠠᠯ ᠪᠤᠯ ᠦᠶ᠎ᠠ ᠣᠯᠠᠷᠢᠨ ᠢᠷᠡᠭᠰᠡᠨ ᠠᠡᠭ ᠤᠨ ᠨᠠᠨᠳᠢᠨ ᠰᠣᠶᠣᠯ ᠶᠣᠮ᠃        ᠴᠢᠨ᠋ᠸ᠎ᠠ ᠭᠡᠳᠡᠭ ᠪᠠᠰᠠ ᠰᠣᠨᠢᠨ ᠠᠮᠢᠳᠡᠨ ᠶᠣᠮ᠃ ᠡᠨᠡ ᠨᠢ ᠲᠩᠷᠢ ᠶᠢᠨ ᠵᠠᠶᠠᠭᠠᠳᠡᠢ ᠪᠠᠶᠢᠭᠠᠯᠢ ᠠᠮᠢᠳᠡᠨ ᠢ ᠲᠡᠭᠰᠢᠳᠭᠡᠵᠦ ᠴᠢᠳᠠᠳᠠᠭ ᠠᠮᠢᠳᠡᠨ ᠭᠡᠵᠤ ᠭᠡᠯᠡᠳᠡᠭ᠃ ᠪᠠᠰᠠ ᠲᠣᠮᠤᠭ ᠶᠠᠷᠢᠶᠠᠨ ᠤ ᠲᠣᠳᠣᠷ᠎ᠡ ᠴᠢᠨ᠋ᠸ᠎ᠠ ᠣᠶᠢᠷᠡᠳᠣᠭᠰᠡᠨ ᠦᠭᠡᠢ ᠰᠦᠷᠦᠭ᠂ ᠡᠪᠠᠳᠴᠢᠨ ᠬᠢᠵᠢᠭ ᠲᠤ ᠨᠡᠷᠪᠡᠭᠳᠡᠨ᠎ᠠ ᠭᠡᠳᠡᠭ ᠭᠡᠯᠡᠯᠭᠡ ᠲᠠᠢ ᠪᠠᠶᠢᠳᠠᠭ᠃ ᠡᠨᠡ ᠭᠡᠯᠡᠯᠭᠡ ᠨᠢ ᠴᠤ ᠦᠨᠠᠨ ᠪᠠᠶᠢᠵᠦ ᠮᠡᠳᠡᠨ᠎ᠠ᠂ ᠴᠢᠨ᠋ᠸ᠎ᠠ ᠴᠦᠭᠡᠷᠡᠭᠰᠡᠨ ᠠᠴᠠ ᠮᠠᠯ ᠰᠦᠷᠦᠭ᠂ ᠭᠦᠷᠣᠭᠡᠰᠦᠨ ᠤ ᠰᠦᠷᠦᠭ ᠲᠤ ᠡᠪᠠᠳᠴᠢᠨ ᠬᠢᠵᠢᠭ ᠴᠤ ᠲᠠᠰᠣᠷᠡᠳᠠᠭ ᠦᠭᠡᠢ ᠶᠣᠮ᠃ ᠡᠨᠡ ᠨᠢ ᠮᠠᠯᠴᠢᠬᠤ ᠣᠷᠣᠨ ᠳᠤ ᠮᠡᠳᠡᠭᠳᠡᠭᠦ᠋ᠢᠴᠡ ᠣᠷᠣᠰᠢᠵᠦ ᠪᠠᠶᠢᠳᠠᠭ ᠭᠡᠷᠡᠭ᠃ ᠴᠢᠨ᠋ᠸ᠎ᠠ ᠶᠢ ᠬᠠᠷᠪᠣᠬᠤ ᠳᠤ ᠪᠣᠣ ︵ᠫᠣᠣ︶ ᠰᠣᠮᠣ ᠭᠠᠯ ᠠᠪᠳᠠᠭ ᠦᠭᠡᠢ ᠪᠠᠶᠢᠳᠡᠯ ᠴᠤ ᠦᠷᠭᠦᠯᠵᠢ ᠣᠷᠣᠰᠢᠳᠠᠭ᠃ ᠪᠣᠣ ᠲᠠᠢ ᠭᠦᠮᠣᠨ ᠪᠦᠭᠦᠨ ᠴᠤ ᠴᠢᠨ᠋ᠸ᠎ᠠ ᠶᠢ ᠬᠠᠷᠪᠣᠵᠦ ᠠᠯᠠᠵᠦ ᠴᠢᠳᠠᠳᠠᠭ ᠦᠭᠡᠢ᠂ ᠮᠦᠨ ᠨᠢᠭᠡ ᠠᠩᠴᠢᠨ ᠳᠤ ᠭᠡᠳᠦᠨ ᠴᠢᠨ᠋ᠸ᠎ᠠ ᠬᠤᠶᠢᠨ᠎ᠠ ᠬᠤᠶᠢᠨ᠎ᠠ ᠠᠴᠠ ᠪᠠᠨ ᠢᠷᠠᠵᠦ ᠦᠭᠦᠳᠡᠭ ᠭᠡᠷᠡᠭ ᠴᠤ ᠪᠠᠶᠢᠳᠠᠭ ᠶᠣᠮ᠃ ᠡᠨᠡ ᠳᠤᠭᠢᠶᠠᠯᠳᠤᠯ ᠢ ᠶᠠᠷᠣᠩᠭᠡᠶᠢᠯᠠᠨ ᠪᠣᠳᠣᠵᠦ ᠦᠵᠠᠪᠠᠯ ᠰᠣᠨᠢᠨ ᠭᠡᠷᠡᠭ᠂  ᠡᠶᠢᠮᠣ ᠠᠴᠠ ᠴᠢᠨ᠋ᠸ᠎ᠠ ᠠᠪᠠᠯᠠᠳᠠᠭ ᠮᠡᠷᠭᠡᠨ ᠭᠦᠮᠣᠨ ᠭᠡᠵᠤ ᠪᠠᠰᠠ ᠲᠣᠰᠬᠠᠢ ᠨᠡᠷᠡᠳᠡᠢ ᠬᠦᠨᠳᠦᠳᠡᠢ ᠬᠦᠮᠦᠨ ᠪᠤᠢ᠃ ᠡᠨᠡ ᠲᠣᠬᠠᠢ ᠡᠶᠢᠮᠤ ᠨᠢᠬᠡᠨ ᠲᠣᠮᠤᠭ ᠪᠠᠶᠢᠳᠠᠭ᠃         ᠨᠢᠭᠡ ᠠᠶᠢᠯ ᠤᠨ ᠬᠤᠨᠢᠨ ᠤ ᠰᠦᠷᠦᠭ ᠤᠨ ᠲᠣᠳᠣᠷ᠎ᠡ ᠨᠢᠭᠡ ᠪᠦᠳᠣᠭᠦᠨ ᠪᠣᠷᠣ ᠢᠷᠭᠡ ᠪᠠᠶᠢᠭᠰᠠᠨ ᠭᠡᠨ᠎ᠠ᠂ ᠨᠢᠭᠡᠨ ᠬᠠᠪᠣᠷ ᠤᠨ ᠰᠦᠨᠢ ᠬᠤᠳᠠᠨ ᠳᠤᠨᠢ ᠴᠢᠨ᠋ᠸ᠎ᠠ ᠳᠤ ᠣᠷᠣᠵᠦ ᠡᠨᠡ ᠢᠷᠭᠡ ᠶᠢᠨ ᠰᠠᠭᠦᠯ ᠤᠨ ᠭᠡᠰᠡᠭ ᠢ ᠨᠢ ᠲᠠᠰᠣᠯᠵᠦ ᠶᠠᠪᠣᠭᠰᠠᠨ ᠭᠡᠨ᠎ᠠ᠃ ᠡᠵᠠᠨ ᠨᠢ ᠦᠪᠠᠷ ᠲᠡᠭᠡᠨ ᠢᠳᠡᠭᠰᠡᠨ ᠦᠭᠡᠢ ᠳᠡᠭᠡᠨ ᠡᠯᠢᠭᠡ ᠡᠪᠠᠳᠴᠣ᠂ ᠴᠢᠨ᠋ᠸ᠎ᠠ ᠶᠢ ᠦᠰᠢᠷᠡᠨ ︵ᠦᠰᠢᠶᠠᠷᠬᠡᠨ︶ ᠬᠠᠷᠢᠶᠠᠵᠦ᠂ ᠨᠢᠭᠡᠠ ᠮᠡᠷᠭᠡᠨ ᠭᠦᠮᠣᠨ ᠢ ᠡᠷᠢᠵᠦ ᠭᠦᠷᠣᠭᠡᠳ ᠲᠡᠷᠡ ᠴᠢᠨ᠋ᠸ᠎ᠠ ᠶᠢ ᠨᠠᠳᠡᠳᠤ ᠠᠯᠠᠭᠠᠳ ᠦᠭ ᠭᠡᠵᠤ ᠡᠷᠡᠮᠰᠢᠭᠰᠡᠨ ᠭᠡᠨ᠎ᠠ᠃ ᠮᠡᠷᠭᠡᠨ ᠭᠦᠮᠣᠨ ᠨᠢ ᠲᠡᠷᠡ ᠴᠢᠨ᠋ᠸ᠎ᠠ ᠶᠢ ᠠᠯᠠᠬᠤ ᠲᠣᠷ᠎ᠡ ᠦᠭᠡᠢ᠂ ᠬᠠᠷᠢᠨ ᠲᠡᠷᠡ ᠭᠦᠭᠡ ᠰᠠᠭᠢᠭᠤᠯ ᠦᠴᠣᠭᠡᠳᠣᠷ ᠰᠦᠨᠢ ᠡᠨᠡᠭᠦᠷ ᠡᠷᠭᠢᠭᠰᠡᠨ ᠪᠠᠶᠢᠵᠦ ᠮᠡᠳᠠᠨ᠎ᠠ᠃ ᠲᠠᠭᠦᠨ ᠢ  ᠠᠯᠠᠭᠠᠳ ᠶᠠᠭᠤ ᠭᠢᠨ᠎ᠠ᠂ ᠨᠢᠭᠡ ᠢᠷᠭᠡ ᠶᠢᠨ ᠰᠠᠭᠦᠯ ᠤᠨ ᠭᠡᠷᠡᠭ ᠶᠤᠮ ᠴᠢᠨᠢ᠃ ᠬᠡᠷᠪᠡ ᠡᠨᠡ ᠴᠢᠨ᠋ᠸ᠎ᠠ ᠶᠢ ᠠᠯᠠᠪᠠᠯ᠂ ᠮᠠᠨ ᠤ ᠨᠣᠳᠤᠭ ᠤᠨ ᠮᠠᠯ ᠰᠦᠷᠦᠭ ᠡᠪᠠᠳᠴᠢᠨ ᠬᠢᠵᠢᠭ ᠲᠤ ᠨᠡᠷᠪᠡᠭᠳᠡᠵᠦ ᠮᠠᠳᠡᠨ᠎ᠠ ᠭᠡᠵᠤ ᠭᠡᠯᠡᠭᠰᠡᠨ ᠭᠡᠨ᠎ᠠ᠃ ᠡᠨᠡ ᠦᠭᠡ ᠶᠢ ᠨᠢ ᠢᠷᠭᠡ ᠶᠢᠨ ᠡᠵᠠᠨ ᠰᠣᠨᠣᠰᠣᠭᠠᠳ᠂ ᠲᠡᠷᠡ ᠴᠢᠨ᠋ᠸ᠎ᠠ ᠳᠤ ᠰᠡᠳᠭᠢᠯ ᠡᠪᠳᠣᠭᠡᠳ ᠶᠠᠭᠤ ᠭᠢᠨ᠎ᠠ ᠴᠢ᠂ ᠴᠢᠨ᠋ᠸ᠎ᠠ ᠲᠠᠢ ᠠᠳᠠᠯᠢ ᠰᠠᠨᠠᠭ᠎ᠠ ᠲᠠᠢ ᠪᠠᠶᠢᠨ᠎ᠠ ᠴᠢ︕ ᠭᠡᠵᠤ ᠭᠡᠰᠡᠭ ᠣᠯᠠᠨ ᠶᠠᠭᠤᠮ᠎ᠠ ᠪᠠᠨ ᠭᠡᠯᠠᠵᠦ ᠬᠠᠷᠢᠶᠠᠭᠠᠳ ᠮᠡᠷᠭᠡᠨ ᠭᠦᠮᠣᠨ ᠢ ᠠᠭᠤᠷᠯᠠᠭᠤᠯᠵᠦ ᠦᠳᠦᠬᠡᠭᠰᠡᠨ ᠭᠡᠨ᠎ᠠ᠃ ᠮᠡᠷᠭᠡᠨ ᠭᠦᠮᠣᠨ ᠶᠡᠷᠤᠨᠢ ᠴᠢᠨ᠋ᠸ᠎ᠠ ᠶᠢ ᠲᠣᠩ ᠲᠣᠳᠣᠷᠬᠠᠢ ᠣᠶᠢᠯᠡᠭᠠᠵᠦ ᠮᠡᠳᠡᠳᠡᠭ᠂ ᠶᠠᠮᠠᠷ ᠴᠠᠭ ᠲᠤ᠂ ᠶᠠᠮᠠᠷ ᠭᠠᠵᠠᠷ ᠢᠶᠠᠷ ᠡᠷᠭᠢᠳᠡᠭ ᠢ ᠨᠢ ᠮᠡᠳᠡᠭᠦ ᠪᠠᠷ ᠪᠠᠷᠠᠬᠤ ᠦᠭᠡᠢ᠂ ᠦᠨᠣᠳᠣᠷ ᠤᠨ ᠴᠠᠭ ᠭᠡᠳᠦᠢ ᠪᠠᠷ ᠶᠠᠮᠠᠷ ᠭᠠᠵᠠᠷ ᠲᠤ ᠭᠡᠪᠳᠡᠵᠦ ᠠᠮᠠᠷᠡᠳᠠᠭ ᠢ ᠨᠢ ᠴᠤ ᠲᠣᠳᠣᠷᠬᠠᠢ ᠮᠡᠳᠡᠳᠡᠭ᠂ ᠣᠷᠣᠢ ᠮᠠᠷᠭᠠᠰᠢ ᠶᠢᠨ ᠬᠤᠶᠠᠷ ᠡᠳᠣᠷ ᠤᠨ ᠲᠣᠳᠣᠷ᠎ᠡ ᠶᠠᠮᠠᠷ ᠭᠡᠳᠦᠨ ᠭᠠᠵᠠᠷ ᠢᠶᠠᠷ ᠰᠢᠩᠰᠢᠨ ᠭᠦᠶᠦᠳᠡᠭ ᠢ ᠴᠤ ᠲᠣᠩ ᠰᠠᠶᠢᠨ ᠣᠶᠢᠯᠠᠭᠠᠳᠠᠭ ᠠᠵᠢ᠃ ᠲᠡᠭᠡᠭᠡᠳ ᠴᠢᠨ᠋ᠸ᠎ᠠ ᠶᠢ ᠨᠢ ᠠᠯᠠᠵᠦ ᠦᠭᠭᠦᠶ᠎ᠠ ᠭᠡᠵᠤ ᠰᠢᠢᠳᠦᠬᠡᠳ ᠲᠡᠷᠡ ᠭᠦᠮᠣᠨ ᠢ ᠴᠤ ᠲᠠᠭᠠᠭᠤᠯᠵᠦ ᠮᠣᠷᠳᠡᠵᠦ᠂ ᠨᠢᠬᠡᠨ ᠭᠠᠵᠠᠷ ᠬᠦᠷᠦᠬᠡᠳ ᠲᠠ ᠡ᠊ᠨᠳᠡ ᠰᠠᠭᠤᠭᠠᠳ ᠭᠦᠯᠢᠶᠠᠵᠦ ᠪᠠᠶᠢᠬᠳᠦᠨ︕ ᠪᠢ ᠲᠡᠷᠡ ᠴᠢᠨ᠋ᠸ᠎ᠠ ᠶᠢ ᠠᠯᠠᠭᠠᠳ ᠢᠷᠡᠶ᠎ᠠ ᠭᠡᠵᠤ ᠰᠠᠯᠵᠦ ᠶᠠᠪᠣᠭᠠᠳ ᠣᠳᠠᠭᠰᠠᠨ ᠦᠭᠡᠢ ᠪᠠᠷ ᠪᠣᠣ ᠶᠢᠨ ᠲᠠᠭᠤ ᠭᠠᠷᠴᠠᠢ᠃  ᠨᠢᠭᠡ ᠪᠦᠳᠣᠭᠦᠨ ᠭᠦᠭᠡ ᠴᠢᠨ᠋ᠸ᠎ᠠ ᠶᠢ ᠠᠯᠠᠭᠠᠳ ᠢᠷᠡᠭᠰᠡᠨ ᠭᠡᠨ᠎ᠠ᠃ ᠢᠩᠭᠢᠭᠡᠳ ᠡᠨᠡ ᠭᠦᠮᠣᠨ ᠤ ᠬᠠᠵᠠᠭᠤ ᠳᠤ ᠢᠷᠡᠵᠦ᠂ ᠴᠢᠨ᠋ᠸ᠎ᠠ ᠶᠢᠨ ᠬᠤᠳᠣᠭᠤᠳᠦ ᠲᠣᠳᠣᠷ᠎ᠡ ᠠᠴᠠ ᠪᠣᠷᠣ ᠢᠷᠭᠡ ᠶᠢᠨ ᠢᠶᠠᠨ ᠰᠠᠭᠦᠯ ᠢ ᠭᠠᠷᠭᠠᠵᠦ ᠠᠪᠣᠭᠳᠣᠨ ᠭᠡᠵᠤ ᠡᠮᠣᠨ᠎ᠠ ᠨᠢ ᠬᠠᠶᠠᠵᠠᠢ᠃ ᠴᠠᠭᠠᠳᠤᠬᠢ ᠨᠢ ᠠᠯᠠᠩ ᠪᠣᠯᠣᠭᠠᠳ᠂ ᠮᠢᠨᠣ ᠢᠷᠭᠡ ᠶᠢᠨ ᠰᠡᠭᠦᠯ ᠡᠨᠡ ᠴᠢᠨ᠋ᠸ᠎ᠠ ᠶᠢᠨ ᠬᠤᠳᠣᠭᠤᠳᠦ ᠲᠣᠳᠣᠷ᠎ᠡ ᠪᠠᠶᠢᠳᠠᠭ ᠢ ᠶᠠᠭᠠᠬᠢᠭᠠᠳ ᠮᠡᠳᠡᠳᠡᠭ ᠪᠢᠯᠡ ᠭᠡᠵᠤ᠂ ᠡᠨᠡ ᠴᠢᠨ᠋ᠸ᠎ᠠ ᠶᠢᠨ ᠬᠤᠳᠣᠭᠤᠳᠦ ᠶᠢ ᠬᠠᠭᠠᠯᠤᠭᠰᠠᠨ ᠳᠤ ᠶᠠᠭ ᠪᠣᠷᠣ ᠢᠷᠭᠡ ᠶᠢᠨ ᠬᠢᠨᠢ ᠰᠡᠭᠦᠯ ᠪᠣᠷᠣ ᠠᠷᠡᠰᠦᠳᠡᠢ ᠪᠠᠨ ᠭᠤᠷᠪᠠᠨ ᠲᠦᠷᠪᠠᠨ ᠭᠡᠰᠡᠭ ᠪᠣᠯᠣᠭᠠᠳ ᠭᠠᠷᠴᠦ ᠢᠷᠡᠭᠰᠡᠨ ᠭᠡᠨ᠎ᠠ᠃ ᠢᠩᠭᠢᠭᠡᠳ ᠴᠢᠨ᠋ᠸ᠎ᠠ ᠦᠭᠦᠭᠰᠡᠨ ᠠᠴᠠ ᠬᠤᠶᠢᠰᠢ ᠲᠡᠮᠡᠢ ᠤᠳᠠᠬᠰᠠᠨ ᠦᠬᠡᠢ ᠡᠨᠡ ᠠᠶᠢᠯ ᠤᠨ ᠰᠦᠷᠦᠭ ᠳᠤ ᠬᠢᠵᠢᠭ ᠡᠪᠠᠳᠴᠢᠨ ᠲᠡᠯᠬᠡᠷᠡᠵᠦ ᠬᠤᠳᠠ ᠨᠢ ᠬᠠᠷᠠᠯᠠᠬᠰᠠᠨ ᠭᠡᠵᠤ ᠬᠠᠭᠤᠴᠢᠯᠠᠳᠠᠭ ᠪᠠᠶᠢᠭᠰᠠᠨ ᠶᠣᠮ᠃           ᠲᠣᠷᠭᠤᠳᠴᠣᠳ ᠡᠷᠳᠡ ᠠᠴᠠ ᠴᠢᠨ᠋ᠸ᠎ᠠ ᠶᠢ ᠠᠯᠠᠪᠠᠯ᠂ ᠬᠤᠳᠣᠭᠤᠳᠦ ᠶᠢ ᠨᠢ ᠬᠠᠭᠠᠯᠳᠠᠭ ᠦᠭᠡᠢ ᠭᠡᠳᠡᠭ ᠭᠡᠭᠡᠷ᠎ᠡ ᠶᠢᠨ ᠶᠣᠰᠦᠨ ᠪᠠᠶᠢᠳᠠᠭ᠃ ᠣᠴᠢᠷ ᠨᠢ ᠴᠢᠨ᠋ᠸ᠎ᠠ ᠮᠢᠬᠠᠴᠢᠨ ᠠᠮᠢᠳᠡᠨ ᠪᠣᠯᠬᠤᠷ ᠡᠯᠳᠡᠪ ᠵᠦᠢᠯ ᠤᠨ ᠠᠮᠢᠳᠡᠨ ᠤ ᠶᠠᠰᠦ ᠮᠢᠬᠠᠨ ᠤ ᠲᠠᠰᠣᠷᠬᠠᠢ᠂ ᠴᠢᠨ᠋ᠸ᠎ᠠ ᠶᠢᠨ ᠬᠤᠳᠣᠭᠤᠳᠦ ᠶᠢᠨ ᠲᠣᠳᠣᠷ᠎ᠡ ᠪᠠᠶᠢᠳᠠᠭ᠃ ᠪᠠᠰᠠ ᠡᠷᠡᠭᠦᠯ ᠪᠣᠰᠦ ᠬᠠᠯᠳᠠᠪᠣᠷᠢᠳᠡᠢ ᠡᠪᠠᠳᠴᠢᠨ ᠤ ᠵᠦᠢᠯ ᠴᠤ ᠪᠠᠶᠢᠳᠠᠭ ᠣᠴᠢᠷ ᠠᠴᠠ ᠴᠢᠨ᠋ᠸ᠎ᠠ ᠶᠢᠨ ᠬᠤᠳᠣᠭᠤᠳᠦ ᠶᠢ ᠬᠠᠭᠠᠯᠳᠠᠭ ᠦᠭᠡᠢ᠂ ᠡᠭᠦᠨ ᠠᠴᠠ ᠦᠵᠠᠪᠠᠯ ᠴᠢᠨ᠋ᠸ᠎ᠠ ᠳᠤ ᠡᠪᠠᠳᠴᠢᠨ ᠰᠡᠷᠭᠡᠶᠢᠯᠠᠵᠦ᠂ ᠡᠪᠠᠳᠴᠢᠨ ᠬᠠᠯᠳᠠᠪᠣᠷᠢᠯᠠᠳᠠᠭ ᠦᠭᠡᠢ ᠨᠢᠭᠡ ᠵᠦᠢᠯ ᠤᠨ ᠲᠦᠷᠣᠯᠭᠢ ᠴᠢᠳᠠᠪᠣᠷᠢ ᠲᠠᠢ ᠪᠠᠶᠢᠵᠦ ᠮᠡᠳᠠᠨ᠎ᠠ᠃ ᠴᠢᠨ᠋ᠸ᠎ᠠ ᠳᠤ ᠬᠠᠯᠳᠠᠪᠣᠷᠢᠳᠡᠢ ᠡᠪᠠᠳᠴᠢᠨ ᠢᠷᠡᠳᠡᠭ ᠦᠭᠡᠢ ᠭᠡᠳᠡᠭ ᠨᠢ ᠴᠤ ᠣᠷᠣ ᠲᠠᠢ ᠦᠭᠡ ᠪᠣᠯᠬᠤ ᠶᠣᠮ᠃ ᠣᠷᠴᠢᠮ ᠳᠤ ᠪᠣᠰᠣᠳ ᠦᠨᠳᠣᠰᠣᠳᠡᠨ ᠤ ᠭᠦᠮᠣᠰ ᠲᠣᠰᠬᠠᠢ ᠴᠢᠨ᠋ᠸ᠎ᠠ ᠶᠢᠨ ᠮᠢᠬ᠎ᠠ ᠢᠳᠡᠵᠦ᠂ ᠴᠢᠨ᠋ᠸ᠎ᠠ ᠶᠢᠨ ᠮᠢᠬ᠎ᠠ ᠪᠠᠷ ᠪᠡᠯᠡᠭ ᠪᠠᠷᠢᠳᠠᠭ ᠭᠡᠷᠡᠭ ᠴᠤ ᠭᠠᠷᠣᠭᠰᠠᠨ ᠶᠣᠮ᠃ ᠡᠩ ᠤᠨ ᠪᠠᠶᠢᠳᠡᠯ ᠤᠨ ᠲᠣᠣᠷ᠎ᠡ ᠮᠠᠯᠴᠢᠳ ᠭᠦᠳᠡᠭᠡ ᠪᠠᠷ ᠦᠷᠭᠦᠯᠵᠢ ᠳᠤ ᠡ᠊ᠨᠳᠡ ᠴᠢᠨ᠋ᠸ᠎ᠠ᠂ ᠲᠡᠨᠳᠡ ᠴᠢᠨ᠋ᠸ᠎ᠠ ᠭᠡᠵᠤ ᠶᠡᠭᠡ ᠶᠠᠷᠢᠯᠴᠠᠳᠠᠭ᠃ ᠭᠡᠳᠡᠯ᠎ᠠ ᠴᠢᠨ᠋ᠸ᠎ᠠ ᠠᠪᠠᠯᠠᠬᠤ ᠭᠡᠵᠤ ᠣᠯᠠᠨ ᠢᠶᠠᠷ ᠢᠶᠠᠨ ᠡᠳᠣᠷ ᠬᠤᠨᠤᠭ ᠢ ᠲᠣᠭᠳᠠᠭᠠᠵᠦ᠂ ᠲᠡᠷᠡ ᠡᠳᠣᠷ ᠲᠡᠭᠡᠨ ᠮᠣᠷᠳᠡᠵᠦ᠂ ᠴᠢᠨ᠋ᠸ᠎ᠠ ᠶᠢᠨ ᠠᠪᠠᠯᠠᠭᠠᠨ ᠳᠤ ᠭᠠᠷᠪᠠᠯ ᠬᠠᠷᠢᠨ ᠨᠢᠭᠡ ᠴᠢᠨ᠋ᠸ᠎ᠠ ᠴᠤ ᠦᠵᠡᠭᠳᠡᠭᠦ ᠦᠭᠡᠢ ᠰᠣᠨᠢᠨ ᠭᠡᠷᠡᠭ ᠦᠷᠭᠦᠯᠵᠢ ᠳᠤ ᠲᠣᠭᠢᠶᠠᠯᠳᠣᠳᠠᠭ᠃ ᠡᠭᠦᠨ ᠠᠴᠠ ᠦᠵᠠᠪᠠᠯ ᠴᠢᠨ᠋ᠸ᠎ᠠ ᠦᠨᠠᠨᠳᠡᠭᠡᠨ ᠰᠣᠨᠢᠨ ᠵᠢᠭᠳᠡᠢ ᠠᠮᠢᠳᠡᠨ ᠪᠠᠶᠢᠳᠠᠭ ᠶᠣᠮ᠃ ᠲᠣᠷᠭᠤᠳᠴᠣᠳ ︽ᠴᠢᠨ᠋ᠸ᠎ᠠ ᠲᠠᠢ ᠭᠠᠵᠠᠷ ᠮᠠᠯ ᠢᠶᠠᠨ ᠬᠠᠷᠢᠭᠤᠯ᠂ ᠴᠢᠯᠠᠭᠤ ᠲᠠᠢ ᠪᠠᠭᠤᠷᠢ ᠳᠤ ᠭᠡᠷ ᠢᠶᠠᠨ ᠪᠠᠷᠢ︾ ᠭᠡᠵᠤ ᠭᠡᠯᠡᠳᠡᠭ ᠨᠢ ᠪᠠᠰᠠ ᠦᠨᠠᠨ ᠪᠣᠳᠡᠳᠦ ᠶᠣᠰᠦ ᠣᠴᠢᠷ ᠲᠠᠢ ᠪᠠᠶᠢᠵᠦ ᠮᠡᠳᠡᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号