ᠦᠯᠢᠭᠡᠷ ᠲᠤᠮᠤᠭᠳᠤ ᠠᠯᠠᠱᠠ ᠠᠷᠠᠤᠨ ᠤᠨ ᠲᠠᠭᠤᠤ
ᠨᠡᠶᠢᠲᠡᠯᠡᠭᠰᠡᠨ ᠴᠠᠭ᠄
2019/12/11
  ᠪᠠᠶᠠᠨ ᠰᠦᠮᠪᠦᠷ ᠠᠯᠠᠱᠠ ᠶᠢᠨ ᠠᠭᠤᠯᠠᠪᠠᠶᠠᠨ ᠰᠦᠮᠪᠦᠷ ᠠᠯᠠᠱᠠ ᠶᠢᠨ ᠠᠭᠤᠯᠠᠪᠠᠶᠢᠳᠠᠯ ᠰᠠᠶᠢᠲᠠᠢ ᠠᠭᠤᠯᠠ ᠶᠤᠮ ᠰᠢᠤᠪᠠᠭᠠᠲᠤᠷ ᠬᠦᠴᠦᠨ ᠲᠠᠢ ᠪᠢᠳᠠᠨ ᠴᠢᠨᠢᠪᠠᠯᠠᠮᠠᠳ ᠳᠠᠶᠢᠰᠤᠨ ᠢᠶᠠᠨ ᠲᠠᠷᠤᠯ᠎ᠠ ᠰᠢᠦ ᠭᠡᠵᠦ ᠵᠤᠬᠢᠶᠠᠨ ᠲᠠᠭᠤᠯᠠᠵᠦ ᠪᠠᠶᠢᠭᠰᠠᠨ ᠴᠠᠭ ᠦᠶ᠎ᠡ ᠪᠤᠯ  ᠬᠤᠷᠢᠳᠤᠭᠠᠷ ᠵᠠᠭᠤᠨ ᠤ ᠡᠬᠢ ᠪᠠᠷ ᠠᠯᠠᠱᠠ ᠬᠤᠱᠤᠳ ᠥᠬᠡᠯᠡᠳ ᠬᠤᠰᠢᠭᠤᠨ ᠤ ᠨᠠᠢᠮᠠᠳᠤᠭᠠᠷ ᠦᠶ᠎ᠡ ᠶᠢᠨ  ᠶᠢᠰᠦᠳᠦᠭᠡᠷ ᠵᠠᠰᠠᠭ ᠨᠤᠶᠠᠨ ᠯᠾᠠᠸᠠᠩᠪᠦ᠋ᠷᠢᠨᠵᠢᠯ ᠴᠢᠩ ᠸᠠᠩ ᠬᠡᠷᠬᠢᠮ ᠵᠠᠯᠭᠠᠮᠵᠢᠯᠠᠵᠦ᠂ ᠸᠠᠩ ᠤᠨ ᠰᠠᠭᠤᠷᠢᠨ ᠳᠤ  ᠭᠠᠷᠴᠦ ᠪᠠᠶᠢᠬᠤ ᠳᠤ ᠵᠤᠬᠢᠶᠠᠵᠠᠢ᠃ ᠡᠨᠡ ᠦᠶ᠎ᠡ ᠳᠤ ᠪᠦᠬᠦ ᠬᠤᠰᠢᠭᠤᠨ ᠤ ᠠᠵᠤ ᠠᠬᠤᠢ᠂ ᠰᠤᠷᠭᠠᠨ ᠬᠦᠮᠦᠵᠢᠯ᠂  ᠠᠷᠠᠳ ᠤᠨ ᠠᠮᠢᠳᠤᠷᠠᠯ ᠵᠡᠷᠭᠡ ᠲᠠᠯ᠎ᠠ ᠪᠠᠷ ᠮᠠᠰᠢ ᠬᠦᠴᠢᠷᠲᠡᠢ ᠪᠠᠶᠢᠵᠤ᠂ ᠡᠴᠢᠭᠡ ᠸᠠᠩ ᠤᠨ ᠢᠶᠠᠨ ᠲᠠᠯᠪᠢᠭᠰᠠᠨ ᠥᠷᠢ  ᠰᠢᠷᠢ ᠶᠢ ᠲᠥᠯᠦᠵᠦ᠂ ᠬᠤᠰᠢᠭᠤ ᠰᠠᠩ ᠤᠨ ᠲᠡᠮᠡᠭᠡ ᠮᠤᠷᠢ ᠬᠢᠭᠡᠳ ᠵᠠᠷᠢᠮ ᠡᠳ᠋ ᠪᠤᠳᠠᠰ ᠢᠶᠠᠨ ᠬᠤᠳᠠᠯᠳᠤᠵᠦ᠂  ᠬᠥᠮᠦᠷᠬᠡ ᠰᠠᠩ ᠴᠦ ᠬᠤᠭᠤᠰᠤᠷᠠᠬᠤ ᠰᠢᠬᠠᠵᠦ ᠪᠠᠶᠢᠪᠠ᠃ᠨᠡᠩ ᠴᠦ ᠤᠯᠤᠰ ᠤᠨ ᠲᠤᠲᠤᠭᠠᠳᠤ ᠭᠠᠳᠠᠭᠠᠳᠤ ᠶᠢᠨ ᠤᠶᠢᠮᠡᠭᠡᠨ ᠠᠴᠠ ᠪᠤᠯᠵᠤ ᠬᠤᠰᠢᠭᠤ ᠨᠤᠳᠤᠭ ᠴᠦ  ᠡᠩᠬᠡ ᠠᠮᠤᠷ ᠪᠠᠶᠢᠭᠰᠠᠨ ᠦᠭᠡᠢ ᠶᠡᠷᠦ ᠪᠤᠰᠤ ᠶᠢᠨ ᠴᠠᠭ ᠦᠶ᠎ᠡ ᠶᠢᠨ ᠬᠡᠷᠡᠭ ᠶᠠᠪᠤᠳᠠᠯ ᠬᠤᠶᠢᠨ᠎ᠠ ᠬᠤᠶᠢᠨ᠎ᠠ ᠠᠴᠠ ᠪᠠᠨ  ᠲᠤᠬᠢᠶᠠᠯᠳᠤᠵᠤ ᠪᠠᠶᠢᠪᠠ᠃ᠬᠡᠪᠳᠦ ᠶᠤᠰᠤ ᠶᠢᠨ ᠭᠤᠷᠪᠠᠨ ︵1911︶ ᠤᠨ᠂ ᠴᠠᠭᠠᠭᠴᠢᠨ ᠭᠠᠭ᠋ᠠᠢ ᠵᠢᠯ ᠤᠨ ᠨᠠᠮᠤᠷ ᠤᠨ ᠲᠡᠷᠢᠭᠦᠨ  ᠰᠠᠷ᠎ᠠ ᠳᠤ ᠰᠥᠨ ᠵᠥᠩ ᠱᠠᠨ ᠤ ᠤᠳᠤᠷᠢᠳᠤᠭᠰᠠᠨ ᠬᠥᠷᠦᠩᠭᠡᠲᠡᠨ ᠠᠩᠭᠢ ᠶᠢᠨ ᠠᠷᠠᠳᠴᠢᠯᠠᠭᠰᠠᠨ ᠬᠤᠪᠢᠰᠬᠠᠯ  ᠭᠡᠭᠴᠢ ᠲᠤᠳᠤᠷ ᠭᠠᠵᠠᠷ ᠡᠭᠦᠰᠴᠦ ᠲᠠᠶᠢᠴᠢᠩ ᠭᠦᠷᠦᠨ ᠤ ᠡᠴᠦᠰ ᠤᠨ ᠬᠠᠭᠠᠨ ᠹᠦ᠋ ᠢ ᠶᠢ ᠬᠠᠭᠠᠨ  ᠰᠢᠷᠡᠭᠡᠨ ᠠᠴᠠ ᠨᠢ ᠲᠦᠯᠬᠢᠨ ᠤᠨᠠᠭᠠᠭᠠᠳ᠂ ᠳᠤᠮᠳᠠᠳᠤ ᠤᠯᠤᠰ ᠲᠠᠬᠢ ᠬᠡᠳᠦᠨ ᠮᠢᠩᠭᠠᠨ ᠵᠢᠯ ᠤᠨ ᠹᠸᠤᠳᠠᠯ  ᠬᠠᠭᠠᠨᠳᠤ ᠲᠦᠷᠦ ᠶᠢᠨ ᠨᠤᠶᠠᠷᠬᠠᠯ ᠢ ᠡᠴᠦᠰᠯᠡᠭᠦᠯᠵᠡᠢ᠃ ︽ᠴᠠᠭᠠᠭᠴᠢᠨ ᠭᠠᠭ᠋ᠠᠢ ᠵᠢᠯ ᠤᠨ ᠬᠤᠪᠢᠰᠬᠠᠯ︾ ᠤᠨ  ᠨᠥᠯᠦᠭᠡᠨ ᠳᠤᠤᠷ᠎ᠠ᠂ ᠠᠷᠠᠳ ᠤᠨ ᠳᠤᠮᠳᠠ ᠠᠴᠠ ᠮᠠᠨᠵᠤ ᠶᠢᠨ ᠨᠤᠶᠠᠷᠬᠠᠯ ᠤᠨ ᠡᠰᠡᠷᠭᠦᠴᠡᠬᠦ ᠪᠦᠯᠬᠦᠮ ᠭᠧ ᠯᠤᠤ ᠬᠤᠢ  ᠭᠡᠳᠡᠭ ᠨᠢ ᠭᠠᠷᠴᠤ ᠢᠷᠡᠭᠡᠳ ᠬᠤᠵᠢᠮ ᠬᠤᠵᠢᠮ ᠳᠠᠭᠠᠨ ᠲᠡᠷᠰᠯᠡᠭᠦᠦ ᠲᠡᠭᠡᠷᠡᠮ ᠤᠨ ᠪᠥᠯᠦᠭᠳᠡᠨ ᠪᠤᠯᠵᠠᠢ᠃ ᠲᠡᠭᠦᠨ ᠤ  ᠢᠷᠭᠠᠢ ᠳᠤ ᠤᠷᠤᠩᠨᠠᠵᠦ ᠪᠠᠶᠢᠭᠰᠠᠨ ᠭᠧ ᠯᠤᠤ ᠬᠤᠢ ᠶᠢᠨ ᠲᠦᠷᠦᠭᠦᠦ ᠯᠢᠤ ᠬᠤᠸᠠ ᠲᠠᠩ ᠨᠠᠷ ᠠᠯᠠᠱᠠ ᠬᠤᠱᠤᠳ  ᠥᠬᠡᠯᠡᠳ ᠬᠤᠰᠢᠭᠤ ᠶᠢ ᠰᠦᠷᠳᠡᠭᠦᠯᠵᠦ᠂ ᠵᠠᠰᠠᠭ ᠨᠤᠶᠠᠨ ᠳᠤ ᠰᠢᠭᠤᠳ ᠴᠢᠮᠡᠭᠡ ᠢᠷᠡᠭᠦᠯᠵᠦ ︽ᠲᠦᠮᠡᠨ ᠠᠭᠳᠠ᠂  ᠲᠠᠪᠤᠨ ᠲᠦᠮᠡᠨ ᠯᠠᠩ ᠮᠥᠩᠭᠦ᠂ ᠬᠤᠶᠠᠷ ᠲᠦᠮᠡᠨ ᠬᠤᠨᠢ᠂ ᠪᠠᠰᠠ ᠵᠡᠷ ᠵᠡᠪᠰᠡᠭ ᠠᠪᠤᠨ᠎ᠠ᠂ ᠬᠦᠷᠭᠡᠵᠦ ᠢᠷᠡᠬᠦ  ᠬᠡᠷᠡᠭᠳᠡᠢ︾ ᠭᠡᠵᠦ ᠱᠠᠭᠠᠷᠳᠠᠭᠰᠠᠨ ᠪᠠ ︽ᠬᠡᠷᠪᠡ ᠡᠰᠡ ᠳᠠᠭᠠᠪᠠᠯ ᠬᠡᠳᠦᠨ ᠡᠳᠦᠷ ᠤᠨ ᠳᠠᠷᠠᠭ᠎ᠠ ᠶᠠᠮᠤᠨ ᠬᠤᠳᠠ ᠶᠢ  ᠴᠢᠨᠢ ᠲᠠᠭᠠᠷᠢᠨ ᠡᠵᠡᠯᠡᠨ᠎ᠡ ᠁︾ ᠭᠡᠵᠦ ᠰᠦᠷᠳᠡᠭᠦᠯᠦᠨ ᠱᠠᠭᠠᠷᠳᠠᠵᠦ ᠪᠠᠶᠢᠪᠠ᠃ᠢᠷᠭᠡᠨ ᠤᠯᠤᠰ ᠤᠨ ᠳᠥᠷᠪᠡᠳᠦᠭᠡᠷ ︵1915︶ ᠤᠨ ᠳᠤ᠂ ᠶᠠᠨ ᠰᠢ ᠱᠠᠨ ᠤ ᠬᠠᠷᠢᠶᠠᠳᠦ ᠭᠥᠩ  ᠷᠧᠨ ᠤ ᠬᠡᠰᠡᠭ ᠤᠷᠪᠠᠭᠰᠠᠨ ᠰᠠᠷᠨᠢᠭᠤᠯ ᠴᠡᠷᠢᠭ ᠪᠤᠷᠤᠲᠤᠬᠤᠢ ᠳᠤ ︽ᠲᠤᠰᠠᠭᠠᠷ ᠠᠩᠭᠢ︾ ᠭᠡᠳᠡᠭ ᠢ ᠭᠠᠷᠭᠠᠵᠦ᠂  1917 ᠤᠨ ᠤ ᠭᠤᠷᠪᠠᠨ ᠰᠠᠷᠠᠶᠢᠨ ᠬᠤᠷᠢᠨ ᠵᠢᠷᠭᠤᠭᠠᠨ ᠤ ᠡᠳᠦᠷ ᠤᠯᠤᠰ ᠤᠨ ᠪᠠᠭ᠎ᠠ ᠡᠵᠡᠨ ᠬᠠᠭᠠᠨ ᠭᠡᠮᠡᠭᠴᠢ  ᠬᠠᠭᠤᠷᠮᠠᠭ ᠬᠠᠭᠠᠨ ᠳ᠋ᠠ ᠡᠯ ᠯᠢᠦ ᠵᠧ ᠶᠢᠨ ᠲᠡᠭᠡᠷᠡᠮ ᠤᠨ ᠲᠦᠷᠦᠭᠦᠦ ᠬᠤᠤ ᠱᠢ ᠰᠢᠦ᠂ ᠶᠠᠩ ᠰᠢᠩ ᠸᠠᠩ ᠨᠠᠷ  ᠠᠯᠠᠱᠠ ᠶᠢᠨ ᠵᠡᠭᠦᠨ ᠵᠠᠬ᠎ᠠ ᠶᠢᠨ ᠬᠠᠳᠤᠨ ᠭᠤᠤᠯ ᠢᠶᠠᠷ ᠭᠠᠳᠤᠯᠵᠦ ᠢᠷᠡᠭᠡᠳ᠂ ᠰᠡᠭᠡᠷᠢ ᠶᠢᠨ ᠰᠦᠮ᠎ᠡ ᠪᠠᠷ ᠳᠠᠮᠵᠢᠨ  ᠠᠯᠠᠱᠠ ᠶᠠᠮᠤᠨ ᠢ ᠳᠤᠪᠳᠤᠯᠬᠤ ᠭᠡᠬᠦ ᠳᠤ᠂ ᠳᠡᠨᠳᠡᠬᠢ ᠶᠢᠨ ᠳᠥᠷᠪᠡᠨ ᠪᠠᠭ ᠤᠨ ᠶᠡᠷᠦᠩᠭᠡᠢ ᠲᠠᠭᠠᠭᠠᠮᠠᠯ ᠠᠮᠤᠷᠵᠢᠷᠭᠠᠯ  ᠠᠷᠭᠠᠴᠠᠭᠠᠨ ᠰᠠᠭᠠᠳᠠᠭᠤᠯᠵᠦ᠂ ᠬᠦᠪᠡᠭᠦᠨ ᠡᠨᠡᠷᠢᠩᠭᠦᠢ ᠪᠠᠨ ᠲᠤᠪᠲᠤᠯᠭᠠᠨ ᠬᠤᠰᠢᠭᠤ ᠳᠤ ᠴᠢᠮᠡᠭᠡ ᠬᠦᠷᠭᠡᠭᠰᠡᠨ ᠠᠴᠠ  ᠳᠡᠮᠡᠢ ᠶᠡᠭᠡ ᠬᠤᠬᠢᠷᠠᠯ ᠤᠴᠠᠷᠠᠭᠰᠠᠨ ᠦᠭᠡᠢ ᠴᠦ᠂ ᠠᠷᠠᠳ ᠲᠦᠮᠡᠨ ᠢ ᠳᠡᠭᠡᠷᠡᠮᠳᠡᠨ ᠠᠷᠪᠢᠨ ᠮᠠᠭᠤ ᠠᠵᠢᠯ ᠬᠢᠵᠡᠢ᠃ᠢᠷᠭᠡᠨ ᠤᠯᠤᠰ ᠤᠨ ᠠᠷᠪᠠᠨ ᠨᠠᠢᠮᠠᠨ ︵1927︶ ᠤᠨ᠂ ᠤᠯᠠᠭᠠᠭᠴᠢᠨ ᠲᠠᠤᠯᠠᠢ ᠵᠢᠯ ᠤᠨ ᠭᠤᠷᠪᠠᠨ  ᠰᠠᠷ᠎ᠠ ᠳᠤ ᠠᠯᠠᠱᠠ ᠬᠤᠱᠤᠳ ᠥᠬᠡᠯᠡᠳ ᠬᠤᠰᠢᠭᠤᠨ ᠳᠤ ᠹᠸᠤᠳᠠᠯ ᠤᠨ ᠸᠠᠩ ᠭᠥᠩ ᠤᠨ ᠨᠤᠶᠠᠷᠬᠠᠯ ᠤᠨ ᠶᠤᠰᠤ  ᠳᠢᠭᠯᠢᠮ ᠢ ᠤᠰᠠᠳᠬᠠᠨ᠂ ᠦᠨᠳᠦᠰᠦᠳᠡᠨ ᠤ ᠠᠷᠠᠳᠴᠢᠯᠠᠭᠰᠠᠨ ᠵᠠᠰᠠᠭ ᠪᠠᠶᠢᠭᠤᠯᠬᠤ ᠭᠡᠰᠡᠨ ᠳ᠋ᠧᠴᠢᠨᠠᠢᠳᠰᠢᠨᠨᠤᠷᠪᠤ ᠤᠨ  ᠵᠡᠪᠰᠡᠭᠳᠦ ᠲᠡᠮᠡᠴᠡᠯ ᠭᠠᠷᠪᠠ᠃ ᠡᠭᠦᠨ ᠢ ᠠᠯᠠᠱᠠ ᠶᠢᠨ ᠤᠶᠢᠷ᠎ᠠ ᠦᠶ᠎ᠡ ᠶᠢᠨ ᠲᠡᠦᠬᠡᠨ ᠳᠤ ︽ᠰᠢᠶᠤᠤ ᠰᠠᠨ ᠶᠧ ᠶᠢᠨ  ᠬᠡᠷᠡᠭ ᠬᠤᠪᠢᠰᠤᠯ︾ ᠭᠡᠵᠦ ᠲᠡᠮᠳᠡᠭᠯᠡᠳᠡᠭ᠃ᠡᠭᠦᠨ ᠠᠴᠠ ᠭᠠᠳᠠᠨ᠎ᠠ ︽ᠮᠤᠤ ᠪᠠᠭᠠᠲᠤᠷ ᠤᠨ ᠬᠡᠷᠡᠭ︾᠂ ︽ᠪᠠᠷᠠᠭᠤᠨ ᠬᠡᠶᠢᠳ ᠤᠨ ᠭᠡᠭᠡᠨ  ᠠᠭᠸᠠᠨᠳᠠᠨᠵᠠᠨ ᠤ ᠬᠡᠷᠡᠭ︾ ᠪᠠ ︽ᠹᠧᠩ ᠢᠦᠢ ᠰᠢᠶᠠᠩ ᠳ᠋ᠧᠩᠺᠸᠤ ᠰᠢᠶᠠᠨ ᠢ ᠪᠠᠶᠢᠭᠤᠯᠬᠤ ᠭᠡᠰᠡᠨ ᠤᠷᠤᠯᠳᠤᠯᠭ᠎ᠠ︾  ᠵᠡᠷᠭᠡ ᠶᠢᠨ ᠤᠴᠢᠷ ᠶᠠᠪᠤᠳᠠᠯ ᠭᠠᠷᠤᠭᠰᠠᠭᠠᠷ ᠪᠠᠶᠢᠪᠠ᠃ᠡᠶᠢᠮᠦ ᠠᠴᠠ ᠯᠾᠠᠸᠠᠩᠪᠦ᠋ᠷᠢᠨᠵᠢᠯ ᠸᠠᠩ ᠤᠷᠳᠤ  ᠬᠤᠭᠤᠴᠠᠭ᠎ᠠ ᠪᠠᠷ ᠪᠡᠭᠡᠵᠢᠩ ᠳᠤ ᠰᠠᠭᠤᠵᠤ ᠪᠠᠶᠢᠭᠰᠠᠨ ᠲᠤᠯᠠ ᠬᠤᠰᠢᠭᠤᠨ ᠤ ᠡᠷᠬᠡ ᠪᠠᠷᠢᠭᠴᠢᠳ ᠤᠨ  ᠳᠤᠳᠤᠭᠠᠳᠤ ᠳᠤ ᠴᠦ ᠦᠷᠭᠦᠯᠵᠢ ᠵᠥᠷᠢᠴᠡᠯ ᠡᠭᠦᠰᠴᠦ ᠵᠠᠰᠠᠭ ᠤᠨ ᠡᠷᠬᠡ ᠪᠤᠯᠢᠶᠠᠯᠳᠤᠬᠤ ᠲᠡᠮᠡᠴᠡᠯ ᠲᠠᠰᠤᠷᠠᠬᠤ  ᠦᠭᠡᠢ ᠪᠠᠶᠢᠳᠠᠯ ᠤᠨ ᠳᠤᠤᠷ᠎ᠠ᠂ ᠯᠾᠠᠸᠠᠩᠪᠦ᠋ᠷᠢᠨᠵᠢᠯ ᠸᠠᠩ ᠤᠨ ᠵᠠᠬᠢᠶ᠎ᠠ ᠪᠠᠷ ᠬᠤᠰᠢᠭᠤᠨ ᠤ ᠬᠠᠮᠤᠭ ᠶᠡᠭᠡ ᠡᠷᠬᠡ ᠶᠢ  ᠲᠦᠷ ᠴᠠᠭ ᠳ᠋ᠧᠰᠠᠷᠢᠳ ᠬᠤᠳᠤᠭᠳᠤ ᠰᠠᠩᠵᠠᠶᠢᠵᠠᠮᠰᠤ ᠪᠠᠷ ᠠᠤᠠᠬᠤᠭᠤᠯᠵᠤ ᠬᠤᠰᠢᠭᠤ ᠶᠠᠮᠤᠨ ᠤ ᠲᠥᠪᠰᠢᠷᠠᠯ ᠢ  ᠲᠤᠭᠳᠠᠭᠤᠨ ᠪᠠᠶᠢᠯᠭᠠᠵᠠᠢ᠃ᠲᠡᠷᠡ ᠦᠶ᠎ᠡ ᠶᠢᠨ ᠪᠠᠶᠢᠳᠠᠯ ᠢ ᠲᠤᠰᠬᠠᠨ ᠲᠡᠮᠳᠡᠭᠯᠡᠵᠦ ᠯᠢᠭᠳᠡᠨ᠂ ᠠᠮᠤᠷᠰᠠᠨᠠᠭ᠎ᠠ ᠨᠠᠷ ᠤᠨ ᠵᠤᠬᠢᠶᠠᠭᠰᠠᠨ  ᠳᠠᠭᠤᠤ ᠳᠤ ᠪᠠᠶᠠᠨ ᠰᠦᠮᠪᠦᠷ ᠠᠯᠠᠱᠠ ᠶᠢᠨ ᠠᠭᠤᠯᠠᠪᠠᠶᠢᠳᠠᠯ ᠰᠠᠶᠢᠳᠠᠢ ᠠᠭᠤᠯᠠ ᠶᠤᠮ ᠰᠢᠦᠪᠠᠭᠠᠳᠤᠷ ᠬᠦᠴᠦᠨ ᠲᠠᠢ ᠪᠢᠳᠠᠨ ᠴᠢᠨᠢᠪᠠᠯᠠᠮᠠᠳ ᠳᠠᠶᠢᠰᠤᠨ ᠢᠶᠠᠨ ᠳᠠᠷᠤᠯ᠎ᠠ ᠰᠢᠦᠡᠨᠡᠷᠢᠯᠲᠠᠢ ᠲᠥᠷᠦᠭᠰᠡᠨ ᠡᠨᠡᠷᠢᠩᠬᠦᠢ ᠭᠠᠨᠢᠩᠭ᠎ᠠᠤᠯᠠᠨ ᠲᠦᠮᠡᠨ ᠳᠡᠭᠡᠨ ᠲᠤᠰᠠ ᠲᠠᠢ ᠶᠤᠮᠬᠦᠮᠦᠨ ᠤ ᠪᠠᠭ᠎ᠠ ᠬᠦᠷᠡᠯᠲᠠᠢ ᠮᠠᠨᠢᠭ᠎ᠠᠲᠤᠰᠠᠯᠠᠭᠴᠢ ᠰᠠᠭᠤᠬᠤ ᠪᠠᠮᠪᠠᠷᠢ ᠲᠠᠢ ᠶᠤᠮᠪᠠᠷᠠᠭᠤᠨ ᠵᠠᠬ᠎ᠠ ᠶᠢᠨ ᠪᠠᠳᠠᠢ ᠲᠠᠶᠢᠵᠢᠪᠠ ᠶᠢᠩ ᠪᠤᠤ ᠳᠠᠭᠠᠨ ᠦᠬᠦᠬᠦ ᠶᠤᠮᠲᠠᠷᠪᠠᠭᠯᠠᠭᠰᠠᠨ ᠳ᠋ᠠᠮᠪᠢᠨᠢᠩᠪᠤᠲᠠᠪᠬᠤᠷ ᠰᠣᠮᠤᠨ ᠳᠠᠭᠠᠨ ᠨᠣᠭᠳᠦ᠋ᠢᠬᠤ ᠶᠤᠮᠳᠠᠶᠢᠰᠤᠨ ᠢᠶᠠᠨ ᠲᠠᠷᠤᠭᠰᠠᠨ ᠪᠢᠳᠠᠨ ᠴᠢᠨᠢᠲᠠᠶᠠᠭᠠᠷ ᠢᠶᠠᠨ ᠬᠠᠮᠳᠤ ᠪᠠᠷ ᠵᠢᠷᠭᠠᠨ᠎ᠠᠳᠠᠯᠠᠢ ᠪᠠᠨᠴᠢᠨ ᠬᠤᠲᠤᠭᠲᠤ ᠨᠠᠷ ᠲᠠᠭᠠᠨᠳ᠋ᠠᠨᠱᠤᠩ ᠢᠶᠠᠨ ᠡᠷᠭᠦᠵᠦ ᠮᠥᠷᠭᠦᠨ᠎ᠡ ᠬᠡᠰᠡᠠ ᠪᠠᠶᠢᠳᠠᠭ᠃ᠬᠤ᠋ ᠦᠯᠵᠠᠢ ᠨᠠᠶᠢᠷᠠᠭᠤᠯᠤᠨ ᠵᠤᠬᠢᠶᠠᠪᠠᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号