ᠦᠢᠷᠡᠳ ᠤᠨ ᠬᠤᠱᠣᠣᠨ ᠤᠨ ᠣᠷᠲᠣ ᠶᠢᠨ ᠲᠠᠭᠤᠣ ᠶᠢᠨ ᠲᠦᠷᠣᠯ ᠵᠦᠢᠯ ᠲᠤᠬᠠᠢ
ᠨᠡᠶᠢᠲᠡᠯᠡᠭᠰᠡᠨ ᠴᠠᠭ᠄
2019/12/11
    ᠦᠢᠷᠡᠳ ᠤᠨ ᠬᠤᠱᠣᠣᠨ ᠠᠷᠠᠳ ᠤᠨ ᠣᠷᠲᠣ ᠶᠢᠨ ᠲᠠᠭᠤᠣ ᠶᠢᠨ ᠰᠣᠲᠣᠯᠭᠠᠲᠠᠳ ᠶᠠᠩᠵᠣ ᠶᠠᠩᠵᠣ ᠪᠠᠷ ᠲᠦᠷᠣᠯᠰᠢᠬᠦᠯᠵᠣ ᠪᠠᠶᠢᠨ᠎ᠠ᠃ ᠪᠢ ᠯᠠ ᠬᠤᠪᠢ ᠳᠠᠭᠠᠨ ᠲᠠᠭᠤᠣ ᠶᠢᠨ ᠠᠭᠤᠯᠭ᠎ᠠ ᠰᠠᠲᠣᠪ ᠤᠨ ᠬᠢᠨᠢ ᠲᠠᠯ᠎ᠠ ᠠᠴᠠ ᠶᠡᠭᠡ ᠲᠦᠯᠣᠪ ᠲᠡᠣᠭᠡ ᠶᠢᠨ᠂ ᠬᠦᠨ ᠣᠬᠠᠭᠠᠨ ᠤ ︵ᠲᠦᠷᠣ ᠱᠠᠰᠢᠨ ᠤ︶᠂ ᠢᠷᠣᠭᠡᠯ ᠮᠠᠭᠲᠠᠭᠠᠯ ᠤᠨ᠂ ᠬᠠᠶᠢᠷ᠎ᠠ ᠰᠡᠳᠬᠢᠯᠭᠡᠨ ᠤ᠂ ᠠᠮᠢ ᠠᠬᠤᠢ ᠶᠢᠨ᠂ ᠨᠠᠶᠢᠷ ᠬᠤᠷᠢᠮ ᠤᠨ ᠭᠡᠬᠦ ᠵᠢᠷᠭᠤᠭᠠᠨ ᠶᠡᠭᠡ ᠲᠦᠷᠣᠯ ᠳᠤ ᠠᠩᠬᠢᠯᠠᠪᠠᠯ ᠵᠦᠢᠲᠠᠢ ᠪᠣᠯᠪᠠ ᠤᠤ ᠭᠡᠵᠣ ᠦᠵᠡᠳ᠋ᠩ᠃       ᠲᠡᠣᠭᠡ ᠶᠢᠨ ᠲᠠᠭᠤᠣ ᠭᠡᠪᠠᠯ᠂ ᠦᠢᠷᠡᠳ ᠶᠢᠨ ᠬᠤᠱᠣᠣᠨ ᠶᠠᠰᠣᠲᠠᠨ ᠤ ᠡᠷᠲᠠ ᠤᠵᠤᠭᠤᠷ ᠤᠨ ᠠᠵᠣ ᠲᠦᠷᠣᠨ ᠠᠮᠢᠲᠣᠷᠠᠵᠣ ᠪᠠᠶᠢᠬᠰᠠᠨ ᠣᠣᠭᠠᠯ ᠨᠣᠲᠤᠭ᠂ ᠠᠬᠤᠢ ᠠᠮᠢᠲᠣᠷᠠᠯ ᠪᠠ ᠡᠴᠢᠭᠡ ᠲᠡᠭᠡᠲᠣᠰ᠂ ᠡᠯᠢᠭᠡᠨ ᠰᠠᠲᠣᠨ ᠢᠶᠠᠨ ᠰᠠᠨᠠᠵᠤ ᠮᠦᠷᠣᠭᠡᠲᠥᠭᠰᠠᠨ ᠲᠠᠭᠤᠣ᠂ ᠬᠤᠱᠤᠳ ᠠᠶᠢᠮᠠᠭ ᠢᠵᠢᠯ ᠵᠠᠢ᠂ ᠬᠦᠬᠡᠨᠠᠭᠤᠷ᠂ ᠬᠠᠷᠠᠰᠢᠷ᠎ᠠ ︵ᠰᠢᠠᠵᠢᠶᠠᠩ ᠤᠨ ᠶᠠᠠᠵᠢ︶᠂ ᠠᠯᠠᠱᠠ ᠨᠣᠲᠤᠭ ᠲᠤ ᠨᠡᠬᠦᠲᠡᠯᠯᠡᠵᠣ ᠢᠷᠡᠬᠦ ᠠᠶᠠᠨ ᠵᠠᠮ ᠳᠤ ᠪᠣᠢ ᠪᠣᠯᠣᠬᠰᠠᠨ ᠲᠠᠭᠤᠣ᠂ ᠬᠤᠱᠤᠳ ᠠᠶᠢᠮᠠᠭ ᠢᠵᠢᠯ ᠵᠠᠢ᠂ ᠬᠦᠬᠡᠨᠠᠭᠤᠷ᠂ ᠠᠯᠠᠱᠠ ᠨᠣᠲᠤᠭ ᠲᠤ ᠢᠷᠡᠵᠣ ᠨᠣᠲᠣᠬᠰᠢᠬᠰᠠᠨ ᠤ ᠲᠠᠷᠠᠭ᠎ᠠ ᠵᠣᠬᠢᠶᠠᠭᠲᠠᠭᠰᠠᠨ ᠲᠠᠭᠤᠣ ᠪᠠ ᠲᠦᠷᠣ ᠱᠠᠰᠢᠨ ᠤ ᠶᠡᠭᠡ ᠭᠡᠷᠩ ᠶᠠᠪᠣᠲᠠᠯ ᠤᠳ ᠢ ᠲᠣᠰᠬᠠᠬᠰᠠᠨ ᠲᠠᠭᠤᠤ ᠨᠤᠭᠤᠳ ᠪᠠᠶᠢᠬᠤ ᠶᠣᠰᠣᠲᠠᠢ᠃ ᠵᠢᠱᠢᠶᠠᠯᠪᠠᠯ᠄ ᠬᠠᠷᠠᠰᠢᠷ᠎ᠠ ᠶᠢᠨ ᠬᠤᠱᠤᠳ ᠤᠨ ᠠᠷᠠᠳ ᠤᠨ ᠤᠷᠲᠤ ᠲᠠᠭᠤᠤ ︽ᠦᠷᠭᠡᠨ ᠶᠡᠭᠡ ᠢᠵᠢᠯ ᠵᠠᠢ︾ ᠭᠡᠬᠦ ᠲᠠᠭᠤᠤ ᠳᠤ᠄ ᠦᠷᠭᠡᠨ ᠶᠡᠭᠡ ᠢᠵᠢᠯ ᠵᠠᠢ ᠶᠢ᠂ ᠦᠷᠯᠦᠭᠡᠰ ᠭᠡᠵᠤ ᠭᠠᠲᠤᠯᠠᠯ᠎ᠠ ᠪᠢ᠂ ᠦᠷᠦᠰᠢᠶᠠᠯ ᠲᠠᠢ ᠲᠦᠷᠦᠭᠰᠡᠨ ᠠᠺᠠ ᠳᠠᠭᠠᠨ᠂ ᠡᠲᠤᠷ ᠶᠢᠨ ᠰᠠᠶᠢᠨ ᠳᠤ ᠪᠠᠷᠠᠯᠠᠬᠠᠯ᠎ᠠ ᠪᠢ᠃  ᠡᠲᠡᠭᠡᠷ ᠲᠠᠭᠤᠤ ᠨᠢ ᠦᠭᠡ ᠪᠤᠯ ᠲᠤᠬᠠᠢ ᠶᠢᠨ ᠭᠠᠵᠠᠷ  ᠤᠨ ᠠᠭᠤᠯᠠ ᠤᠰᠤ᠂ ᠡᠵᠡᠨ ᠨᠣᠶᠠᠨ᠂ ᠠᠪᠤ ᠡᠵᠢ ᠪᠠᠨ ᠬᠦᠨᠲᠣᠳᠭᠡᠵᠣ᠂ ᠰᠦᠰᠦᠭ ᠪᠢᠰᠢᠷᠡᠯ᠂ ᠬᠠᠶᠢᠷ᠎ᠠ ᠬᠦᠨᠲᠣᠳᠭᠡᠯ᠂ ᠠᠴᠢ ᠡᠯᠪᠠᠷᠢᠯ ᠢᠶᠠᠨ ᠢᠯᠡᠳᠭᠡᠭᠰᠠᠨ ᠲᠠᠭᠤᠣ ᠨᠤᠭᠤᠳ ᠪᠤᠯᠤᠨ᠎ᠠ᠃ᠬᠦᠨ ᠣᠬᠠᠭᠠᠨ ᠤ ᠲᠠᠭᠤᠣ ᠭᠡᠳ᠋ᠩ ᠨᠢ ᠬᠦᠨ ᠣᠬᠠᠭᠠᠯᠢᠭ ᠶᠣᠰᠣ ᠣᠴᠢᠷ ᠢ ᠲᠠᠭᠤᠯᠠᠭᠰᠠᠨ ᠲᠠᠭᠤᠣ ᠶᠣᠮ᠃ ᠲᠡᠲᠡᠭᠡᠷ ᠲᠠᠭᠤᠣ ᠶᠢ ᠦᠭᠡ ᠰᠢᠯᠦᠭ ᠤᠨ ᠬᠢᠨᠢ ᠣᠳᠬ᠎ᠠ ᠰᠠᠨᠠᠭᠠᠨ ᠤ ᠬᠦᠨᠴᠡ ᠠᠴᠠ ᠰᠢᠨᠵᠢᠨ ᠠᠩᠬᠢᠯᠠᠵᠣ ᠪᠣᠯᠣᠨ᠎ᠠ᠃ ᠡᠬᠦᠨ ᠳᠤ ᠭᠤᠣᠯᠲᠠᠭᠤ ᠨᠣᠮ ᠤᠨ ᠶᠣᠰᠣ᠂ ᠲᠦᠷᠣ ᠶᠢᠨ ᠶᠣᠰᠣ᠂ ᠬᠦᠮᠣᠨ ᠤ ᠶᠣᠰᠣᠨ ᠤ ᠠᠭᠤᠯᠭ᠎ᠠ ᠪᠦᠬᠦᠢ ᠲᠠᠭᠤᠣ ᠨᠤᠭᠤᠳ ᠪᠠᠭᠲᠠᠵᠣ ᠪᠠᠶᠢᠲᠠᠭ᠃ ᠬᠤᠱᠣᠣᠨ ᠣᠷᠲᠣ ᠶᠢᠨ ᠲᠠᠭᠤᠣ ᠳᠤ ᠡᠲᠡᠭᠡᠷ ᠲᠠᠭᠤᠣ ᠵᠣᠩᠬᠢᠯᠠᠬᠤ ᠪᠠᠶᠢᠷᠢ ᠶᠢ ᠡᠵᠡᠯᠡᠬᠦ ᠪᠦᠭᠡᠳ ᠮᠠᠰᠢ ᠬᠦᠨ ᠵᠠᠷᠯᠢᠭ ᠰᠣᠷᠭᠠᠯ ᠤᠨ᠂ ᠵᠠᠯᠪᠠᠷᠢᠯ ᠲᠠᠭᠠᠳᠬᠠᠯ ᠤᠨ᠂ ᠰᠢᠲᠣᠯᠭᠡ ᠪᠢᠰᠢᠷᠡᠯ ᠤᠨ᠂ ᠠᠴᠢᠯᠠᠯ ᠡᠯᠪᠡᠷᠢᠯ ᠤᠨ ᠲᠦᠭᠡᠮᠡᠯ ᠬᠠᠶᠢᠷ᠎ᠠ ᠶᠢᠨ ᠶᠣᠰᠣ ᠣᠴᠢᠷ ᠢ ᠣᠷᠠᠯᠢᠬᠴᠢᠯᠠᠨ ᠰᠣᠷᠲᠠᠯᠴᠢᠯᠠᠭᠰᠠᠨ ᠪᠠᠶᠢᠨ᠎ᠠ᠃ ᠲᠣᠲᠣᠷᠬᠠᠢ ᠵᠢᠱᠢᠶᠠᠨ ᠳᠤ ᠶᠠᠷᠢᠪᠠᠯ ᠲᠦᠷᠣ ᠶᠢᠨ ᠨᠠᠢᠮᠠᠨ ᠱᠠᠰᠲᠢᠷ ᠲᠠᠭᠤᠣ ᠮᠡᠲᠣ ᠲᠠᠭᠤᠣ ᠨᠤᠭᠤᠳ ᠪᠣᠯᠣᠨ᠎ᠠ᠃ ᠡᠲᠡᠭᠡᠷ ᠲᠠᠭᠤᠣ ᠨᠤᠭᠤᠳ ᠢ ᠠᠵᠢᠬᠯᠠᠬᠤ ᠳᠤ ᠵᠠᠰᠠᠭ ᠲᠦᠷᠣ ᠶᠢᠨ ᠶᠣᠰᠣ ᠣᠴᠢᠷ ᠲᠤ ᠴᠠᠭᠠᠷᠠᠭᠰᠠᠨ ᠡᠷᠲᠠᠮᠲᠠᠨ ᠮᠡᠷᠭᠡᠳ ᠪᠠ ᠱᠠᠰᠢᠨ ᠤ ᠣᠬᠠᠭᠠᠨ ᠤ ᠨᠣᠮ ᠤᠨ ᠶᠣᠰᠣᠨ ᠳᠤ ᠭᠡᠲᠦ᠋ᠢᠲᠦᠭᠰᠠᠨ ᠬᠤᠲᠣᠬᠲᠣ ᠬᠤᠪᠢᠯᠭᠠᠨ᠂ ᠲᠡᠭᠡᠲᠣ ᠯᠠᠮᠠ ᠨᠠᠷ ᠵᠡᠷᠭᠡ ᠱᠠᠰᠢᠨ ᠤ ᠠᠯᠲᠠᠷᠲᠣ ᠬᠦᠮᠣᠰ ᠵᠣᠬᠢᠶᠠᠨ ᠲᠡᠯᠭᠡᠷᠡᠬᠦᠯᠥᠭᠰᠠᠨ ᠪᠣᠶᠣ ᠲᠠᠲᠠᠨ ᠤ ᠵᠣᠬᠢᠶᠠᠯ ᠪᠦᠲᠣᠭᠡᠯ ᠠᠴᠠ ᠬᠤᠰᠢᠭᠤ ᠨᠣᠲᠤᠭ ᠲᠠᠮᠵᠢᠨ ᠣᠯᠠᠷᠢᠵᠣ ᠢᠷᠡᠭᠰᠠᠨ ᠪᠣᠯᠬᠤ ᠨᠢ ᠲᠠᠮᠵᠢᠭ ᠦᠭᠡᠢ ᠶᠣᠮ᠃ ᠶᠡᠷᠣ ᠨᠢ ᠬᠦᠨ ᠣᠬᠠᠭᠠᠨ ᠤ ᠲᠠᠭᠤᠣ ᠳᠤ ᠰᠢᠷ᠎ᠠ ᠶᠢᠨ ᠱᠠᠰᠢᠨ ᠤ ᠨᠦᠯᠣᠭᠡ ᠮᠠᠰᠢ ᠬᠦᠨ ᠰᠢᠩᠭᠡᠭᠰᠠᠨ ᠢ ᠭᠡᠨ ᠴᠦ ᠬᠡᠳ ᠠᠨᠲᠠᠬᠤ ᠦᠭᠡᠢ ᠶᠣᠮ᠃ ᠵᠢᠱᠢᠶᠠᠯᠪᠠᠯ᠄ ᠬᠠᠷᠠᠰᠢᠷ᠎ᠠ ᠶᠢᠨ ᠬᠤᠱᠤᠳ ᠤᠨ ᠠᠷᠠᠳ ᠤᠨ ᠤᠷᠲᠤ ᠲᠠᠭᠤᠤ ︽ᠪᠠᠶᠠᠨ ᠴᠠᠭᠠᠨ ᠲᠡᠯᠡᠬᠡᠢ︾ ᠭᠡᠬᠦ ᠲᠠᠭᠤᠤ ᠳᠤ᠄ ᠪᠠᠶᠠᠨ ᠴᠠᠭᠠᠨ ᠲᠡᠯᠡᠬᠡᠢ᠂  ᠮᠠᠨ ᠤ ᠮᠠᠯ ᠤᠨ ᠪᠠᠶᠢᠷᠢ ᠰᠢᠤ᠂  ᠪᠠᠨᠴᠢᠨ ᠪᠣᠭᠲᠠ ᠭᠡᠲᠡᠭ ᠴᠢᠨᠢ᠂  ᠮᠠᠨ ᠤ ᠠᠪᠤ ᠶᠢᠨ ᠰᠢᠲᠦᠭᠡᠨ ᠰᠢᠤ᠂  ᠠᠪᠤ ᠶᠢᠨ ᠬᠠᠵᠢᠭᠤ ᠳᠤ ᠰᠠᠭᠤᠬᠤᠯ᠎ᠠ᠂ ᠠᠷᠠᠲᠠᠢ ᠲᠣᠷᠭ᠎ᠠ ᠡᠮᠤᠰᠤᠨ᠎ᠠ᠂  ᠠᠪᠤ ᠠᠴᠠ ᠰᠠᠯᠤᠭᠠᠳ ᠤᠳᠬᠤᠯ᠎ᠠ᠂  ᠠᠯᠲᠠᠷᠠᠭᠰᠠᠨ ᠲᠡᠭᠡᠰᠤᠨ ᠪᠣᠯᠤᠨ᠎ᠠ᠂  ᠡᠵᠢ ᠶᠢᠨ  ᠢᠶᠠᠨ ᠦᠢᠷ᠎ᠠ ᠰᠠᠭᠤᠭᠤᠯ᠎ᠠ᠂  ᠡᠷᠢᠶ᠎ᠠ ᠲᠠᠢ ᠲᠣᠷᠭ᠎ᠠ ᠡᠮᠤᠰᠤᠨ᠎ᠠ᠂  ᠡᠵᠢ ᠠᠴᠠ ᠪᠠᠨ ᠰᠠᠯᠤᠭᠠᠳ ᠤᠳᠬᠤᠯ᠎ᠠ᠂  ᠡᠯᠡᠭᠰᠡᠨ ᠲᠡᠭᠡᠰᠦᠨ ᠪᠤᠯᠤᠨ᠎ᠠ᠃ ᠲᠡᠲᠡᠭᠡᠷ ᠲᠠᠭᠤᠣ ᠶᠢ ᠦᠭᠡ ᠰᠢᠯᠦᠭ ᠤᠨ ᠬᠢᠨᠢ ᠣᠳᠬ᠎ᠠ ᠰᠠᠨᠠᠭᠠᠨ ᠤ ᠬᠦᠨᠴᠡ ᠠᠴᠠ ᠰᠢᠨᠵᠢᠨ ᠠᠩᠬᠢᠯᠠᠵᠣ ᠪᠣᠯᠣᠨ᠎ᠠ᠃ ᠮᠠᠭᠲᠠᠭᠠᠯ ᠲᠠᠭᠤᠣ ᠭᠡᠳ᠋ᠩ ᠨᠢ ᠲᠦᠷᠣ ᠵᠠᠰᠠᠭ᠂ ᠨᠣᠮ ᠪᠣᠷᠬᠠᠨ᠂ ᠰᠦᠮ᠎ᠠ ᠭᠡᠶᠢᠳ᠂ ᠬᠤᠲᠣᠬᠲᠣ ᠬᠤᠪᠢᠯᠭᠠᠨ᠂ ᠠᠬ᠎ᠠ ᠲᠡᠬᠦᠣ ᠰᠠᠲᠣᠨ᠂ ᠦᠷ᠎ᠡ ᠠᠴᠢ ᠨᠠᠷ ᠪᠠ ᠨᠣᠲᠤᠭ ᠣᠰᠣ᠂ ᠠᠬᠤᠢ ᠪᠠᠶᠢᠭᠠᠯᠢ᠂ ᠠᠬᠲᠠ ᠬᠦᠯᠦᠭ᠂ ᠠᠲᠣᠭᠤ ᠮᠠᠯ᠂ ᠠᠷᠢᠶᠠᠲᠠᠨ ᠵᠢᠬᠦᠷᠲᠠᠨ ᠢ ᠢᠷᠣᠭᠡᠵᠣ ᠮᠠᠭᠲᠠᠭᠰᠠᠨ ᠰᠢᠭᠤᠣᠨ ᠮᠠᠭᠲᠠᠭᠠᠯ ᠤᠨ ᠭᠡᠯᠪᠠᠷᠢ ᠲᠠᠢ ᠲᠠᠭᠤᠣ ᠨᠤᠭᠤᠳ ᠢ ᠭᠡᠯᠡᠵᠣ ᠪᠠᠶᠢᠨ᠎ᠠ᠃ ᠮᠣᠩᠭᠤᠯᠴᠣᠣᠨ ᠶᠡᠷᠣ ᠠᠴᠠ ᠶᠠᠭᠤᠮ᠎ᠠ ᠶᠢ ᠶᠡᠭᠡᠲᠠ ᠪᠡᠯᠭᠡᠰᠢᠶᠡᠵᠣ᠂ ᠢᠷᠣᠭᠡᠵᠣ ᠮᠠᠭᠲᠠᠲᠠᠭ ᠣᠯᠠᠮᠵᠢᠯᠠᠯ ᠲᠠᠢ ᠪᠣᠯᠬᠤᠷ ᠡᠨᠠ ᠪᠣᠯ ᠬᠦᠰᠡᠬᠦ᠋ᠢᠴᠢ ᠦᠵᠡᠯ ᠤᠨ ᠰᠠᠶᠢᠨ ᠰᠠᠶᠢᠬᠠᠨ ᠤ ᠪᠡᠯᠭᠡᠲᠠᠯ ᠤᠨ ᠢᠯᠡᠷᠭᠡᠶᠢᠯᠡᠯ ᠶᠣᠮ᠃ ᠬᠠᠷᠠᠰᠢᠷ᠎ᠠ ᠶᠢᠨ ᠬᠤᠱᠤᠳ ᠤᠨ ᠠᠷᠠᠳ ᠤᠨ ᠤᠷᠲᠤ ᠲᠠᠭᠤᠤ ︽ᠵᠢᠷᠤᠬᠡᠨ ᠬᠣ ᠶᠢᠨ ᠡᠬᠢᠨ ᠳᠤ︾ ᠭᠡᠬᠦ ᠲᠠᠭᠤᠤ ᠳᠤ᠄ ᠵᠢᠷᠤᠬᠡᠨ ᠬᠣ ᠶᠢᠨ ᠡᠬᠢᠨ ᠳᠤ᠂ ᠵᠦᠷ ᠬᠦᠷᠦᠭᠡᠰᠤ ᠨᠢ ᠢᠲᠡᠰᠢᠯᠡᠨ᠎ᠠ᠂ ᠵᠤᠴᠢᠯᠠᠨ ᠪᠠᠷᠢᠭᠰᠠᠨ ᠢᠲᠡᠭᠡᠨ ᠤ ᠲᠡᠭᠡᠵᠢ ᠶᠢ᠂ ᠵᠦᠢᠲᠠᠢ ᠰᠢᠭ ᠠᠺᠠ ᠨᠢ ᠵᠤᠭᠤᠭᠯᠠᠭᠠᠷᠠᠢ ᠲᠠ᠃ ᠠᠷᠤ ᠬᠣ ᠶᠢᠨ ᠡᠬᠢᠨ ᠤ ᠱᠤᠷᠤᠩ ᠳᠤ ᠂ ᠠᠷᠭᠠᠯᠢ ᠭᠦᠷᠦᠭᠡᠰᠤ ᠢᠲᠡᠭᠡᠰᠢᠯᠡᠨ᠎ᠠ᠂ ᠠᠮᠲᠠᠯᠠᠨ ᠪᠠᠷᠢᠭᠰᠠᠨ ᠢᠲᠡᠭᠡᠨ ᠤ ᠲᠡᠭᠡᠵᠢ ᠶᠢ᠂ ᠠᠷᠭ᠎ᠠ ᠲᠠᠢ ᠰᠢᠭ᠋ ᠠᠬ᠎ᠠ ᠨᠠᠷ ᠵᠤᠭᠤᠭᠯᠠᠭᠠᠷᠠᠢ ᠲᠠ᠃ ᠭᠡᠬᠦ ᠮᠡᠲᠤ ᠪᠠᠷ ᠠᠬ᠎ᠠ ᠲᠡᠬᠦᠣ ᠰᠠᠲᠣᠨ ᠪᠠ ᠨᠣᠲᠤᠭ ᠣᠰᠣ᠂ ᠠᠬᠤᠢ ᠪᠠᠶᠢᠭᠠᠯᠢ᠂ ᠠᠷᠢᠶᠠᠲᠠᠨ ᠵᠢᠬᠦᠷᠲᠠᠨ ᠢ ᠢᠷᠣᠭᠡᠵᠣ ᠮᠠᠭᠲᠠᠭᠰᠠᠨ ᠰᠢᠭᠤᠣᠨ ᠮᠠᠭᠲᠠᠭᠠᠯ ᠤᠨ ᠭᠡᠯᠪᠠᠷᠢ ᠲᠠᠢ ᠲᠠᠭᠤᠣ ᠨᠤᠭᠤᠳ ᠢ ᠭᠡᠯᠡᠵᠣ ᠪᠠᠶᠢᠨ᠎ᠠ᠃ᠬᠠᠶᠢᠷ᠎ᠠ ᠰᠡᠳᠬᠢᠯᠭᠡᠨ ᠤ ᠲᠠᠭᠤᠣ ᠳᠤ ᠬᠤᠲᠣᠬᠲᠣ ᠬᠤᠪᠢᠯᠭᠠᠨ᠂ ᠪᠠᠭᠰᠢ ᠯᠠᠮᠠ᠂ ᠡᠵᠡᠨ ᠨᠣᠶᠠᠨ᠂ ᠠᠪᠤ ᠡᠵᠢ ᠪᠠᠨ ᠬᠦᠨᠲᠣᠳᠭᠡᠵᠣ᠂ ᠰᠦᠰᠦᠭ ᠪᠢᠰᠢᠷᠡᠯ᠂ ᠬᠠᠶᠢᠷ᠎ᠠ ᠬᠦᠨᠲᠣᠳᠭᠡᠯ᠂ ᠠᠴᠢ ᠡᠯᠪᠠᠷᠢᠯ ᠢᠶᠠᠨ ᠢᠯᠡᠳᠭᠡᠭᠰᠠᠨ ᠲᠠᠭᠤᠣ ᠨᠤᠭᠤᠳ ᠢᠶᠠᠨ ᠠᠨᠲᠠ ᠨᠠᠶᠢᠵᠠ᠂ ᠰᠡᠳᠬᠢᠯ ᠤᠨ ᠬᠦᠮᠣᠨ᠂ ᠢᠨᠠᠭ ᠬᠤᠩᠭᠤᠷ ᠢᠶᠠᠨ ᠰᠠᠨᠠᠨ ᠮᠦᠷᠣᠭᠡᠳᠴᠣ᠂ ᠢᠨᠠᠭ ᠬᠠᠶᠢᠷ᠎ᠠ᠂ ᠴᠢᠯᠣᠭᠡᠲᠣ ᠣᠷᠤᠭ᠂ ᠡᠷᠭᠡ ᠴᠢᠯᠣᠭᠡ ᠶᠢ ᠬᠦᠰᠡᠭᠰᠠᠨ ᠲᠠᠭᠤᠣ ᠨᠤᠭᠤᠳ ᠪᠠᠭᠲᠠᠭᠲᠠᠨ᠎ᠠ᠃ ᠢᠯᠠᠩᠭᠤᠶ᠎ᠠ ᠢᠨᠠᠭ ᠤᠨ ᠲᠠᠭᠤᠣ ᠪᠣᠯ ᠠᠯᠢ ᠴᠦ ᠦᠨᠲᠣᠰᠣᠲᠠᠨ ᠶᠠᠰᠣᠲᠠᠨ ᠤ ᠢᠵᠠᠭᠤᠷ ᠣᠷᠠᠯᠢᠭ ᠲᠤ ᠪᠠᠶᠢᠬᠰᠠᠭᠠᠷ ᠢᠷᠡᠭᠰᠠᠨ ᠮᠦᠩᠭᠡ ᠶᠢᠨ ᠰᠡᠲᠣᠪ ᠶᠣᠮ᠃ ᠬᠠᠷᠠᠰᠢᠷ᠎ᠠ ᠶᠢᠨ ᠬᠤᠱᠤᠳ ᠤᠨ ᠠᠷᠠᠳ ᠤᠨ ᠤᠷᠲᠤ ᠲᠠᠭᠤᠤ ︽ᠳᠠᠩ︾ ᠭᠡᠬᠦ ᠲᠠᠭᠤᠤ ᠳᠤ᠄  ᠪᠤᠯᠠᠬᠯᠠᠭᠠᠳ ᠭᠠᠷᠤᠬᠰᠠᠨ ᠪᠤᠯᠠᠭ ᠤᠨ ᠴᠢᠨᠢ ᠤᠰᠤᠠ᠂ ᠪᠤᠭᠤᠳᠠᠭ ᠲᠠᠢ ᠳᠠᠩ ᠤᠨ ᠴᠢᠨᠢ ᠲᠠᠷᠤᠯᠭ᠎ᠠ᠂ ᠪᠤᠯᠳᠠᠭ ᠴᠢᠨᠤ ᠭᠡᠯᠡᠭᠰᠡᠨ ᠦᠭᠡ᠂ ᠪᠤᠷᠤ ᠵᠢᠷᠤᠭᠡᠨ ᠤ ᠮᠢᠨᠢ ᠳᠠᠷᠤᠯᠭ᠎ᠠ᠃ ᠬᠠᠯᠭᠢᠯᠠᠭᠠᠳ ᠭᠠᠷᠤᠬᠰᠠᠨ ᠬᠠᠶᠢᠳᠠᠭ ᠤᠨ ᠴᠢᠨᠢ ᠤᠰᠤᠠ᠂ ᠬᠠᠪᠳᠠᠭᠠᠢ ᠳᠠᠩ ᠤᠨ ᠴᠢᠨᠢ ᠳᠠᠷᠤᠯᠭ᠎ᠠ᠂ ᠬᠠᠶᠢᠷᠠᠳᠠᠢ ᠴᠢᠨᠤ ᠭᠡᠯᠡᠭᠰᠡᠨ ᠦᠭᠡ᠂ ᠬᠠᠯᠠᠭᠤᠠ ᠵᠢᠷᠤᠭᠡᠨ ᠤ ᠮᠢᠨᠢ ᠳᠠᠷᠤᠯᠭ᠎ᠠ᠃ ᠭᠦᠪᠭᠦᠯᠵᠠᠵᠥ ᠭᠠᠷᠤᠭᠰᠠᠨ ᠭᠦᠳᠡᠭᠡ ᠶᠢᠨ ᠴᠢᠨᠢ ᠤᠰᠤᠠ᠂ ᠭᠦᠠᠳᠠᠯᠠᠨ ᠳᠠᠩ ᠤᠨ ᠴᠢᠨᠢ ᠳᠠᠷᠤᠯᠭ᠎ᠠ᠂ ᠭᠦᠭᠡᠷᠦᠭᠦᠢ ᠴᠢᠨᠤ ᠭᠡᠯᠡᠭᠰᠡᠨ ᠦᠭᠡ᠂ ᠭᠦᠭᠡᠷᠦᠭᠦᠢ ᠵᠢᠷᠤᠭᠡᠨ ᠤ ᠮᠢᠨᠢ ᠳᠠᠷᠤᠯᠭ᠎ᠠ᠃ ᠭᠡᠬᠦ ᠮᠡᠲᠤ ᠶᠢᠨ ᠢᠨᠠᠭ ᠬᠤᠩᠭᠤᠷ ᠢᠶᠠᠨ ᠰᠠᠨᠠᠨ ᠮᠦᠷᠣᠭᠡᠳᠴᠣ᠂ ᠢᠨᠠᠭ ᠬᠠᠶᠢᠷ᠎ᠠ᠂ ᠴᠢᠯᠣᠭᠡᠲᠣ ᠣᠷᠤᠭ᠂ ᠡᠷᠭᠡ ᠴᠢᠯᠣᠭᠡ ᠶᠢ ᠬᠦᠰᠡᠭᠰᠠᠨ ᠲᠠᠭᠤᠣ ᠨᠤᠭᠤᠳ ᠪᠠᠭᠲᠠᠭᠲᠠᠨ᠎ᠠ᠃ ᠢᠯᠠᠩᠭᠤᠶ᠎ᠠ ᠢᠨᠠᠭ ᠤᠨ ᠲᠠᠭᠤᠣ ᠪᠣᠯ ᠠᠯᠢ ᠴᠦ ᠦᠨᠲᠣᠰᠣᠲᠠᠨ ᠶᠠᠰᠣᠲᠠᠨ ᠤ ᠢᠵᠠᠭᠤᠷ ᠣᠷᠠᠯᠢᠭ ᠲᠤ ᠪᠠᠶᠢᠬᠰᠠᠭᠠᠷ ᠢᠷᠡᠭᠰᠠᠨ ᠮᠦᠩᠭᠡ ᠶᠢᠨ ᠰᠡᠲᠣᠪ ᠶᠣᠮ᠃ ᠠᠮᠢ ᠠᠬᠤᠢ ᠶᠢᠨ ᠲᠠᠭᠤᠣ ᠭᠡᠳ᠋ᠩ ᠨᠢ ᠠᠭᠤᠯᠠ ᠣᠰᠣ᠂ ᠣᠪᠣᠭ᠎ᠠ ᠰᠢᠪᠡᠭᠡ᠂ ᠡᠪᠠᠰᠣ ᠣᠷᠭᠤᠮᠠᠯ᠂ ᠪᠠᠶᠢᠭᠠᠯᠢ ᠲᠡᠯᠡᠭᠡᠢ ᠶᠢ ᠰᠢᠲᠣᠨ ᠲᠡᠭᠡᠲᠣᠯᠡᠵᠣ᠂ ᠬᠦᠷᠣᠭᠡᠰᠣ ᠵᠢᠬᠦᠷᠲᠠᠨ᠂ ᠠᠮᠢᠲᠠᠨ ᠠᠷᠢᠶᠠᠲᠠᠨ᠂ ᠠᠲᠣᠭᠤ ᠮᠠᠯ ᠢ ᠬᠦᠮᠣᠨᠴᠢᠯᠡᠵᠣ᠂ ᠡᠨᠡᠷᠢᠵᠣ ᠬᠠᠶᠢᠷᠠᠯᠠᠭᠰᠠᠨ ᠣᠳᠬ᠎ᠠ ᠲᠠᠢ ᠲᠠᠭᠤᠣ ᠨᠤᠭᠤᠳ ᠪᠠᠶᠢᠲᠠᠭ ᠪᠠᠶᠢᠨ᠎ᠠ᠃ ᠣᠲᠣ ᠯᠠ ᠪᠢᠲᠠ ︽ᠠᠮᠢ ᠠᠬᠤᠢ ᠶᠢᠨ ᠰᠡᠲᠣᠪᠲᠣ ᠲᠠᠭᠤᠣ︾ ᠭᠡᠰᠠᠨ ᠰᠢᠨ᠎ᠠ ᠨᠡᠷ᠎ᠡ ᠲᠣᠮᠢᠶ᠎ᠡ ᠪᠠᠷ ᠠᠩᠬᠢᠯᠠᠵᠣ ᠪᠠᠶᠢᠬᠤ ᠠᠴᠠ ᠪᠢᠰᠢ᠂ ᠶᠡᠷᠣ ᠠᠴᠠ ᠪᠠᠨ ᠮᠣᠩᠭᠤᠯᠴᠣᠣᠨ ᠶᠣᠰᠣ ᠵᠠᠩᠰᠢᠯ᠂ ᠱᠠᠰᠢᠨ ᠰᠢᠲᠣᠯᠭᠡ᠂ ᠲᠠᠭᠤᠣ ᠣᠷᠠᠯᠢᠭ ᠲᠠᠭᠠᠨ ᠪᠠᠶᠢᠭᠠᠯᠢ ᠲᠡᠯᠡᠭᠡᠢ ᠶᠢ ᠬᠠᠶᠢᠷᠠᠯᠠᠨ ᠬᠠᠮᠠᠭᠠᠯᠠᠵᠣ᠂ ᠲᠡᠭᠷᠢ ᠭᠠᠵᠠᠷ ᠢ ᠰᠢᠲᠣᠨ ᠲᠡᠭᠡᠲᠣᠯᠡᠬᠦ ᠰᠦᠰᠦᠭ ᠪᠢᠰᠢᠷᠡᠯ᠂ ᠦᠵᠡᠯ ᠣᠬᠠᠮᠰᠠᠷ᠂ ᠡᠷᠢᠯ ᠬᠦᠰᠡᠯ ᠢ ᠣᠯᠠᠨ ᠮᠢᠩᠭᠠᠨ ᠵᠢᠯ ᠤᠨ ᠲᠣᠷᠰᠢ ᠮᠠᠰᠢ ᠬᠦᠨ ᠲᠣᠣᠱᠯᠠᠭᠤᠯᠵᠣ ᠢᠷᠡᠭᠰᠠᠨ ᠶᠣᠮ᠃ ᠠᠷᠠᠳ ᠤᠨ ᠪᠦᠬᠦ᠋ᠢᠯᠠ ᠲᠠᠭᠤᠣ ᠪᠠᠷᠤᠭ ᠡᠶᠢᠮᠣᠷᠬᠦᠣ ᠠᠭᠤᠯᠭ᠎ᠠ ᠲᠠᠢ ᠶᠣᠮ᠃ ᠮᠠᠨ ᠤ ᠡᠪᠦᠭᠡ ᠲᠡᠭᠡᠲᠣᠰ ᠣᠷᠣᠰᠢᠨ ᠠᠮᠢᠲᠣᠷᠠᠬᠤ ᠣᠷᠴᠢᠨ ᠪᠠᠶᠢᠭᠠᠯᠢ᠂ ᠠᠭᠤᠯᠠ ᠣᠰᠣ ᠪᠠᠨ ᠡᠵᠡᠨ ᠲᠠᠢ ᠰᠢᠲᠣᠭᠡᠨ ᠲᠠᠢ᠂ ᠨᠠᠪᠲᠠᠭ ᠰᠠᠪᠲᠠᠭ ᠲᠠᠢ᠂ ᠠᠮᠢ ᠨᠠᠰᠣ ᠲᠠᠢ᠂ ᠬᠠᠯᠲᠠᠵᠣ ᠪᠣᠯᠣᠰᠢ ᠦᠭᠡᠢ ᠠᠷᠢᠭᠤᠨ ᠲᠠᠷᠬᠠᠨ ᠭᠡᠵᠣ ᠦᠵᠡᠵᠣ ᠢᠷᠡᠭᠰᠠᠨ ᠪᠣᠯᠬᠤᠷ ᠦᠪᠠᠷ ᠤᠨ ᠢᠶᠠᠨ ᠠᠮᠢ ᠨᠠᠰᠣ᠂ ᠠᠵᠣ ᠠᠮᠢᠲᠣᠷᠠᠯ ᠢ ᠪᠠᠶᠢᠭᠠᠯᠢ ᠲᠡᠯᠡᠭᠡᠢ᠂ ᠲᠡᠭᠷᠢ ᠭᠠᠵᠠᠷ ᠯᠤᠭ᠎ᠠ ᠬᠠᠮᠤᠭ ᠠᠴᠠ ᠨᠢᠬᠲᠠ ᠠᠭᠤᠰᠬᠠᠨ ᠨᠢᠭᠡᠳᠭᠡᠵᠣ᠂ ᠣᠷᠴᠢᠯᠠᠩ ᠲᠡᠯᠡᠭᠡᠢ ᠲᠡᠭᠡᠷᠡᠬᠢ ᠠᠯᠢᠪᠠ ᠠᠮᠢ ᠨᠠᠰᠣ ᠶᠢ ᠬᠤᠷᠣᠭᠠᠵᠣ ᠬᠤᠬᠢᠷᠠᠭᠠᠯ ᠦᠭᠡᠢ ᠦᠷᠬᠦᠯᠵᠢᠯᠡᠬᠦᠯᠵᠣ ᠢᠷᠡᠭᠰᠠᠨ ᠶᠤᠮ᠃ ᠶᠡᠷᠣ ᠨᠢ ᠵᠢᠭᠠᠬᠠᠨ ᠬᠦᠨᠵᠡᠭᠡᠶᠢᠷᠡᠬᠦᠯᠵᠣ ᠶᠠᠷᠢᠪᠠᠯ᠂ ᠠᠮᠢ ᠠᠬᠤᠢ ᠶᠢᠨ ᠰᠡᠲᠣᠪᠯᠡᠬᠦᠨ ᠲᠠᠢ ᠠᠷᠠᠳ ᠤᠨ ᠲᠠᠭᠤᠣ ᠳᠤ ᠮᠣᠩᠭᠤᠯ ᠠᠷᠠᠳ ᠲᠦᠮᠠᠨ ᠤ ᠪᠠᠶᠢᠭᠠᠯᠢ ᠶᠢᠷᠲᠢᠨᠴᠣ ᠶᠢ ᠲᠠᠨᠢᠬᠤ ᠬᠦᠨ ᠣᠬᠠᠭᠠᠨ ᠤ ᠵᠦᠪ ᠦᠵᠡᠯᠲᠠ ᠬᠠᠮᠤᠭ ᠤᠨ ᠬᠦᠨᠵᠡᠭᠡᠢ ᠲᠣᠣᠱᠯᠠᠭᠲᠠᠵᠣ ᠢᠷᠡᠭᠰᠠᠨ ᠭᠡᠵᠣ ᠪᠣᠯᠬᠤ ᠶᠣᠮ᠃ ᠣᠷᠠᠯᠢᠬᠴᠢ ᠴᠢᠨᠠᠷ ᠤᠨ ᠲᠠᠯ᠎ᠠ ᠪᠠᠷ ᠴᠦ ᠪᠣᠯᠤᠭ᠂ ᠣᠳᠬ᠎ᠠ ᠰᠠᠨᠠᠭᠠᠨ ᠤ ᠲᠠᠯ᠎ᠠ ᠪᠠᠷ ᠴᠦ ᠪᠣᠯᠤᠭ᠂ ᠵᠦᠭᠡᠷ ᠨᠢᠭᠡ ᠪᠡᠯᠡᠨ ᠵᠢᠱᠢᠶ᠎ᠡ ᠭᠡᠯᠡᠬᠦ ᠳᠤ᠂ ︽ᠠᠯᠲᠠᠨ ᠪᠣᠬᠲᠠ ᠶᠢᠨ ᠰᠢᠯᠢ ᠳᠤ ᠠᠯᠲᠠᠨ ᠭᠤᠷᠭᠤᠣᠯᠲᠠᠢ ᠵᠢᠷᠬᠢᠨ᠎ᠠ᠂ ᠲᠡᠷᠠ ᠲᠠᠭᠤᠨ ᠤ ᠰᠠᠶᠢᠬᠠᠨ ᠳᠤ ᠠᠬᠲᠠ ᠮᠣᠷᠢ ᠰᠣᠯᠢᠲᠠᠨ᠎ᠠ︾ ᠭᠡᠵᠣ ᠢᠷᠠᠭᠤ ᠨᠠᠶᠢᠷᠠᠭᠴᠢ ᠬᠦᠮᠣᠨ ᠢ ᠰᠢᠯᠦᠭ ᠤᠨ ᠱᠠᠣᠨ ᠪᠢᠴᠢᠬᠦ ᠶᠢᠨ ᠠᠷᠭ᠎ᠠ ᠦᠭᠡᠢ ᠪᠣᠯᠲᠠᠯ᠎ᠠ ᠶᠠᠷᠢᠬᠰᠠᠨ ᠪᠠᠶᠢᠲᠠᠭ ᠰᠢᠣ᠃ ᠠᠲᠣᠭᠤ ᠮᠠᠯ ᠢᠶᠠᠨ ᠬᠦᠷᠲᠠᠯ᠎ᠠ ᠪᠠᠶᠢᠭᠠᠯᠢ ᠭᠤᠸ᠎ᠠ ᠰᠠᠶᠢᠬᠠᠨ ᠢ ᠲᠠᠨᠢᠲᠠᠭ᠂ ᠵᠢᠬᠦᠷᠲᠠᠨ ᠰᠢᠪᠠᠭᠤᠣᠨ ᠤᠨ ᠢᠷᠠᠭᠤ ᠰᠠᠶᠢᠬᠠᠨ ᠲᠠᠭᠤᠨ ᠤ ᠡᠭᠡᠰᠢᠭ ᠢ ᠣᠶᠢᠯᠠᠭᠠᠲᠠᠭ ᠬᠦᠭᠵᠢᠮ ᠤᠨ ᠮᠡᠲᠡᠷᠡᠮᠵᠢ ᠲᠠᠢ ᠭᠡᠵᠣ ᠭᠡᠯᠡᠭᠰᠠᠨ ᠦᠭᠡ ᠰᠢᠲᠠ᠃ ︽ᠠᠯᠲᠠᠢ ᠬᠠᠩᠭᠠᠢ ᠭᠠᠵᠠᠷ ᠤᠨ ᠦᠨᠲᠣᠷ᠂ ᠠᠬᠲᠠ ᠮᠣᠷᠢ ᠲᠡᠭᠷᠢ ᠶᠢᠨ ᠣᠨᠠᠭ᠎ᠠ︾ ᠭᠡᠵᠣ ᠲᠠᠭᠤᠯᠠᠲᠠᠭ ᠡᠶᠢᠮᠣ ᠠᠭᠤᠲᠠᠮ ᠰᠠᠨᠠᠭ᠎ᠠ᠂ ᠣᠬᠠᠭᠠᠨ ᠪᠣᠲᠣᠯ ᠦᠭᠡᠷ᠎ᠡ ᠦᠨᠲᠣᠰᠣᠲᠠᠨ ᠶᠠᠰᠣᠲᠠᠨ ᠳᠤ ᠪᠠᠶᠢᠲᠠᠭ ᠪᠣᠯᠪᠠ ᠤᠤ ᠶᠡᠷᠣ ᠨᠢ᠃ ᠠᠮᠢ ᠠᠬᠤᠢ ᠶᠢᠨ ᠲᠣᠬᠠᠢ ᠬᠦᠰᠠᠯᠠᠩ ᠢ ᠪᠢᠲᠠ ᠣᠲᠣ ᠯᠠ ᠰᠠᠶ᠋ᠢ ᠠᠯᠪᠠᠨ ᠶᠣᠰᠣ ᠪᠠᠷ ᠲᠣᠷᠠᠳᠴᠣ ᠪᠠᠶᠢᠨ᠎ᠠ᠃ ᠭᠡᠲᠠᠯ᠎ᠠ ᠠᠯᠠᠱᠠ ᠬᠤᠱᠤᠳ ᠨᠣᠲᠤᠭ ᠤᠨ ᠠᠷᠠᠳ ᠲᠦᠮᠡᠨ ᠤ ᠲᠣᠮᠲᠠ ᠡᠶᠢᠮᠣ ᠬᠦᠰᠠᠯᠠᠩ ᠭᠡᠲᠣᠨ ᠵᠠᠭᠤᠨ ᠵᠢᠯ ᠦᠷᠬᠦᠯᠵᠢᠯᠡᠵᠣ ᠪᠠᠶᠢᠬᠰᠠᠨ ᠤ ᠪᠠᠲᠣᠲᠠᠢ ᠵᠢᠱᠢᠶ᠎ᠡ ᠨᠢ ︽ᠡᠷᠣᠭᠡ ᠪᠠᠷ ᠢᠶᠠᠨ ᠬᠠᠷᠠᠪᠠᠯ ᠮᠣᠲᠣ ᠲᠠᠢ ᠰᠠᠶᠢᠬᠠᠨ ᠠᠯᠠᠱᠠ᠂ ᠡᠬᠦᠲᠠ ᠪᠠᠷ ᠢᠶᠠᠨ ᠬᠠᠷᠠᠪᠠᠯ ᠣᠰᠣ ᠲᠠᠢ ᠰᠠᠶᠢᠬᠠᠨ ᠠᠯᠠᠱᠠ︾ ᠭᠡᠰᠠᠨ ᠬᠤᠶᠠᠷᠬᠠᠨ ᠪᠠᠲᠠᠭ ᠰᠢᠯᠦᠭ ᠠᠴᠠ ᠬᠦᠢᠴᠡᠳ ᠠᠵᠢᠬᠯᠠᠭᠲᠠᠨ᠎ᠠ᠃ ᠡᠨᠠ ᠰᠢᠯᠦᠭ ᠤᠨ ᠠᠬᠤᠢ ᠰᠠᠨᠠᠭ᠎ᠠ᠂ ᠠᠤᠭ᠎ᠠ ᠶᠡᠭᠡ ᠪᠠᠭᠲᠠᠭᠠᠮᠵᠢ᠂ ᠣᠷᠠᠨ ᠨᠠᠷᠢᠨ ᠮᠡᠲᠡᠷᠡᠮᠵᠢ ᠶᠢ ᠭᠡᠨ ᠴᠦ ᠭᠡᠳ ᠱᠠᠭᠰᠢᠷᠠᠬᠤ ᠠᠴᠠ ᠦᠭᠡᠷ᠎ᠡ ᠠᠷᠭ᠎ᠠ ᠪᠠᠶᠢᠬᠤ ᠦᠭᠡᠢ᠃ ᠠᠮᠢ ᠠᠬᠤᠢ ᠳᠤ ᠬᠤᠯᠪᠣᠬᠲᠠᠬᠤ ︽ᠦᠨᠣᠴᠢᠨ ᠴᠠᠭᠠᠨ ᠪᠣᠲᠣᠭᠤ︾᠂ ︽ᠭᠤᠷᠪᠠᠨ ᠵᠠᠭᠤᠨ ᠵᠢᠷᠠᠨ ᠬᠦᠷᠣᠭᠡᠰᠣ︾᠂ ︽ᠡᠶᠢᠮᠣ ᠯᠠ ᠰᠠᠶᠢᠬᠠᠨ ᠱᠣᠩᠬᠤᠷ ᠰᠢᠪᠠᠭᠤ︾᠂ ︽ᠵᠣᠨ ᠤ ᠵᠣᠰᠠᠯᠠᠩ︾ ᠭᠡᠬᠦ ᠮᠡᠲᠣ ᠬᠠᠮᠲᠣ ᠣᠷᠣᠰᠢᠬᠤ ᠬᠦᠷᠣᠭᠡᠰᠣ ᠠᠷᠢᠶᠠᠲᠠᠨ᠂ ᠵᠢᠬᠦᠷᠲᠠᠨ ᠰᠢᠪᠠᠭᠤ᠂ ᠠᠲᠣᠭᠤ ᠮᠠᠯ ᠢᠶᠠᠨ ᠬᠦᠮᠣᠨᠴᠢᠯᠡᠵᠣ᠂ ᠲᠦᠰᠢᠨ ᠠᠮᠢᠲᠣᠷᠠᠬᠤ ᠠᠭᠤᠯᠠ ᠣᠰᠣ᠂ ᠪᠠᠶᠢᠭᠠᠯᠢ ᠲᠡᠯᠡᠭᠡᠢ ᠪᠠᠨ ᠰᠢᠲᠣᠭᠡᠨᠴᠢᠯᠡᠭᠰᠠᠨ ᠲᠠᠭᠤᠣ ᠨᠤᠭᠤᠳ ᠶᠡᠷᠣ ᠨᠢ ᠠᠯᠠᠱᠠ ᠤᠨ ᠬᠤᠱᠤᠳ ᠳᠤ ᠲᠠᠶᠢᠯᠣᠩᠬᠦᠢ ᠪᠠᠶᠢᠲᠠᠭ᠃ ᠲᠡᠭᠡᠷ᠎ᠡ ᠲᠣᠷᠠᠲᠣᠬᠰᠠᠨ ᠠᠴᠠ ᠭᠠᠲᠠᠨ᠎ᠠ ᠬᠤᠱᠤᠳ‌ᠠᠷᠠᠳ ᠤᠨ ᠢᠵᠠᠭᠤᠷ ᠲᠠᠭᠤᠣ ᠶᠢ ᠠᠶ᠎ᠠ ᠡᠭᠡᠰᠢᠭ ᠤᠨ ᠬᠢᠨᠢ ᠣᠨᠴᠠᠯᠢᠭ ᠠᠴᠠ ᠣᠯᠠᠮ ᠢᠶᠠᠷ ᠨᠢᠬᠲᠠᠯᠠᠵᠣ ᠰᠣᠲᠣᠯᠵᠣ ᠰᠢᠷᠭᠠᠭᠠᠬᠤ ᠴᠢᠬᠤᠯᠠᠲᠠᠢ ᠶᠤᠮ᠃ ᠡᠨᠠ ᠪᠣᠯ ᠠᠶ᠎ᠡ ᠬᠦᠭᠵᠢᠮ ᠤᠨ ᠮᠡᠷᠭᠡᠵᠢᠯᠲᠠᠳ ᠤᠨ ᠬᠦᠢᠴᠡᠳᠭᠡᠪᠠᠰᠣ ᠵᠣᠬᠢᠬᠤ ᠨᠢᠭᠡᠨ ᠴᠢᠬᠤᠯᠠ ᠡᠬᠦᠷᠭᠡ ᠭᠡᠳᠡᠭ ᠢ ᠠᠲᠠ ᠲᠣᠷᠠᠲᠣᠭᠠᠳ ᠠᠪᠣᠶ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号