ᠠᠯᠠᠱᠠ ᠠᠷᠠᠳ ᠤᠨ ᠤᠷᠳᠦ ᠶᠢᠨ ᠲᠠᠭᠤᠤ ᠶᠢᠨ ᠤᠨᠴᠠᠯᠢᠭ ᠨᠠᠮᠪᠠ
ᠨᠡᠶᠢᠲᠡᠯᠡᠭᠰᠡᠨ ᠴᠠᠭ᠄
2019/12/11
ᠬᠦᠮᠦᠨ ᠲᠦᠷᠦᠯᠬᠢᠳᠡᠨ ᠤ ᠤᠶᠤᠨ ᠤᠬᠠᠭᠠᠨ ᠤᠯᠠᠮ ᠬᠦᠭᠵᠢᠵᠤ ᠪᠤᠳᠤᠨ ᠲᠦᠰᠦᠭᠡᠯᠡᠬᠦ᠂ ᠰᠡᠳᠬᠢᠨ ᠵᠤᠬᠢᠶᠠᠬᠤ᠂ ᠤᠷᠠᠯᠠᠨ ᠪᠦᠳᠦᠭᠡᠬᠦ ᠬᠡᠮᠵᠢᠶᠡᠨ ᠳᠤ ᠬᠦᠷᠦᠭᠰᠡᠨ ᠭᠤᠸ᠎ᠠ ᠰᠠᠶᠢᠬᠠᠨ ᠤ ᠬᠦᠬᠡᠬᠡᠴᠡᠯᠳᠦᠯ ᠪᠤᠯ ᠬᠦᠮᠦᠨ ᠤ ᠤᠶᠤᠨ ᠰᠠᠨᠠᠭᠠᠨ ᠤ ᠶᠡᠭᠡ ᠦᠰᠦᠷᠦᠯᠳᠡ ᠮᠥᠨ᠃ ᠠᠯᠠᠱᠠᠴᠤᠳ ᠲᠡᠤᠬᠡᠨ ᠠᠴᠠ ᠠᠪᠤᠭᠠᠳ ᠢᠰᠡᠭᠡᠢ ᠴᠠᠭᠠᠨ ᠭᠡᠷ ᠲᠡᠭᠡᠨ ᠰᠠᠭᠤᠵᠤ᠂ ᠡᠩ ᠦᠭᠡᠢ ᠠᠭᠤᠳᠠᠮ ᠨᠤᠳᠤᠭ ᠲᠠᠭᠠᠨ ᠡᠷᠬᠡ ᠲᠤᠷ᠎ᠠ ᠪᠠᠷ ᠢᠶᠠᠨ ᠨᠡᠬᠦᠳᠡᠯᠯᠡᠵᠤ᠂ ᠠᠭᠳᠠ ᠶᠢᠨ ᠨᠢᠷᠤᠭᠤᠨ ᠳᠤ ᠲᠤᠷᠨᠢᠵᠤ ᠠᠳᠤᠭᠤ ᠮᠠᠯ ᠢᠶᠠᠨ ᠦᠰᠭᠡᠵᠤ᠂ ᠠᠶᠢᠷᠠᠭ ᠲᠠᠷᠠᠭ ᠢᠶᠠᠨ ᠤᠤᠭᠤᠨ ᠠᠵᠤ ᠲᠦᠷᠦᠵᠤ ᠶᠠᠪᠤᠬᠤ ᠳᠠᠭᠠᠨ ︽ᠡᠷ᠎ᠡ ᠶᠢᠨ ᠭᠤᠷᠪᠠᠨ ᠨᠠᠭᠠᠳᠤᠮ︾ ᠡᠬᠦᠰᠭᠡᠵᠤ᠂ ᠤᠪᠤᠭ᠎ᠠ ᠨᠤᠳᠤᠭ ᠢᠶᠠᠨ ᠲᠠᠬᠢᠵᠤ᠂ ᠦᠯᠵᠡᠶᠢᠳᠤ ᠨᠠᠶᠢᠷ ᠢᠶᠠᠨ ᠬᠢᠵᠤ᠂ ᠡᠷ᠎ᠡ ᠴᠢᠳᠠᠯ ᠢᠶᠠᠨ ᠰᠢᠯᠭᠠᠵᠤ᠂ ᠡᠷᠳᠡᠮ ᠤᠬᠠᠭᠠᠨ ᠢᠶᠠᠨ ᠪᠠᠳᠠᠷᠠᠭᠤᠯᠵᠤ᠂ ᠤᠷᠠᠯᠢᠭ ᠰᠤᠶᠤᠯ ᠢ ᠡᠬᠦᠳᠦᠨ ᠠᠪᠢᠶᠠᠰ ᠪᠢᠯᠢᠭ ᠢᠶᠠᠨ ᠠᠯᠳᠠᠨ ᠲᠡᠯᠡᠭᠡᠢ ᠳᠤ ᠲᠠᠭᠤᠷᠢᠰᠤᠭᠤᠯᠵᠤ᠂ ᠪᠠᠶᠠᠯᠢᠭ ᠠᠮᠢᠳᠤᠷᠠᠯ᠂ ᠪᠠᠭ᠋ᠠᠳᠤᠮ᠎ᠠ ᠰᠡᠳᠬᠢᠯᠭᠡ ᠲᠠᠢ᠂ ᠠᠭᠤᠯᠭ᠎ᠠ ᠦᠷᠭᠡᠨ᠂ ᠤᠶᠤᠨ ᠰᠠᠨᠠᠭ᠎ᠠ ᠲᠡᠬᠦᠰ ᠤᠯᠠᠨ ᠰᠠᠶᠢᠬᠠᠨ ᠲᠠᠭᠤᠤ ᠬᠦᠭᠵᠢᠮ᠂ ᠪᠦᠵᠢᠭ ᠤᠨ ᠤᠷᠠᠯᠢᠭ ᠢ ᠡᠬᠦᠳᠦᠨ ᠪᠦᠳᠦᠭᠡᠵᠡᠢ᠃   ᠨᠢᠭᠡᠳᠦᠭᠡᠷ ᠲᠤ᠂ ᠠᠯᠠᠱᠠ ᠠᠷᠠᠳ ᠤᠨ ᠤᠷᠳᠤ ᠶᠢᠨ ᠲᠠᠭᠤᠤ ᠶᠢᠨ ᠤᠨᠴᠠᠯᠢᠭ  ᠠᠷᠠᠳ ᠤᠨ ᠵᠦᠢᠷ ᠰᠡᠴᠡᠨ ᠦᠭᠡᠰ ᠲᠤ ︽ᠶᠠᠮᠠᠷ ᠭᠠᠵᠠᠷ ᠬᠦᠷᠪᠡᠯ ᠶᠠᠮᠠᠷ ᠭᠠᠵᠠᠷ ᠤᠨ ᠲᠠᠭᠤᠤ ᠶᠢ ᠲᠠᠭᠤᠯᠠᠨ᠎ᠠ︾ ᠭᠡᠵᠤ ᠪᠠᠶᠢᠳᠠᠭ᠃ ᠡᠶᠢᠮᠦ ᠠᠴᠠ ᠬᠦᠮᠦᠰ ᠶᠠᠮᠠᠷ ᠭᠠᠵᠠᠷ ᠬᠦᠷᠪᠡᠯ ᠲᠡᠷᠡ ᠭᠠᠵᠠᠷ ᠤᠨ ᠲᠠᠭᠤᠤ ᠶᠢ ᠲᠠᠭᠤᠯᠠᠵᠤ᠂ ᠲᠡᠷᠡ ᠭᠠᠵᠠᠷ ᠤᠨ ᠶᠤᠰᠤ ᠶᠢ ᠲᠠᠭᠠᠬᠤ ᠠᠴᠠ ᠴᠢᠨᠠᠭᠰᠢ ᠨᠡᠩ ᠴᠢᠬᠤᠯᠠ ᠨᠢ ᠪᠠᠶᠢᠭᠠᠯᠢ ᠶᠢᠨ ᠤᠷᠴᠢᠨ ᠲᠤᠭᠤᠷᠢᠨ᠂ ᠨᠤᠳᠤᠭ ᠤᠷᠤᠨ ᠤ ᠦᠩᠭᠡ ᠦᠵᠡᠮᠵᠢ᠂ ᠠᠷᠠᠳ ᠲᠦᠮᠡᠨ ᠤ ᠠᠵᠤ ᠠᠮᠢᠳᠤᠷᠠᠯ᠂ ᠤᠷᠤᠨ ᠰᠠᠭᠤᠴᠠ᠂ ᠢᠳᠡᠭᠡᠨ ᠤᠮᠳᠠᠭᠠᠨ᠂ ᠵᠠᠩ ᠠᠷᠠᠨᠰᠢᠨ᠂ ᠬᠡᠪ ᠨᠠᠮᠪᠠ᠂ ᠨᠤᠳᠤᠭ ᠤᠨ ᠠᠶᠠᠯᠭᠤ ᠵᠡᠷᠭᠡ ᠲᠠᠯ᠎ᠠ ᠶᠢ ᠠᠩᠬᠠᠷᠴᠤ ᠦᠵᠡᠳᠡᠭ᠃ ᠠᠯᠠᠱᠠ ᠠᠷᠠᠳ ᠤᠨ ᠤᠷᠳᠤ ᠶᠢᠨ ᠲᠠᠭᠤᠤ ᠨᠢ ᠴᠦ ᠡᠳᠡᠭᠡᠷ ᠤᠨᠴᠠᠯᠢᠭ ᠢᠶᠠᠷ ᠲᠤᠪᠤᠶᠢᠮ᠎ᠠ ᠪᠠᠶᠢᠳᠠᠭ᠃  1. ᠠᠯᠠᠱᠠ ᠠᠷᠠᠳ ᠤᠨ ᠤᠷᠳᠦ ᠶᠢᠨ ᠲᠠᠭᠤᠤ ᠶᠢᠨ ᠦᠭᠡ ᠦᠬᠦᠯᠡᠪᠦᠷᠢ ᠨᠢ ᠡᠪᠯᠡᠬᠦᠨ ᠡᠪᠳᠡᠢ᠂ ᠨᠢᠭᠡ ᠮᠦᠷ ᠨᠢ ᠭᠤᠷᠪᠠᠨ ᠦᠰᠦᠭ ᠲᠠᠢ ᠲᠠᠭᠤᠤ ᠠᠷᠪᠢᠨ ᠪᠠᠶᠢᠳᠠᠭ ᠮᠦᠷᠳᠡᠭᠡᠨ ᠤᠳᠬᠠᠴᠢᠯᠠᠨ ᠲᠠᠪᠳᠠᠬᠤ ᠨᠢ ᠠᠷᠪᠢᠨ ᠪᠠᠶᠢᠳᠠᠭ ᠤᠨᠴᠠᠯᠢᠭ ᠲᠠᠢ ᠪᠤᠯᠬᠤᠷ ᠴᠡᠭᠡᠵᠢᠯᠡᠬᠦ ᠳᠤ ᠠᠮᠠᠷᠬᠠᠨ᠃ ᠰᠤᠶᠤᠯ ᠦᠭᠡᠢ ᠬᠦᠮᠦᠨ ᠪᠤᠰᠤᠳ ᠤᠨ ᠲᠠᠭᠤᠯᠠᠬᠤ ᠶᠢ ᠡᠬᠢᠨ ᠠᠴᠠ ᠨᠢ ᠲᠠᠭᠤᠰᠳᠠᠯ᠎ᠠ ᠨᠢᠭᠡ ᠯᠡ ᠤᠳᠠᠭ᠎ᠠ ᠰᠤᠨᠤᠰᠪᠠᠯ ᠴᠡᠭᠡᠵᠢᠯᠡᠭᠡᠳ ᠠᠪᠴᠢᠬᠠᠳᠠᠭ᠃ ᠡᠶᠢᠮᠦ ᠠᠴᠠ ᠡᠳᠡᠭᠡᠷ ᠲᠠᠭᠤᠤ ᠨᠢ ᠰᠤᠷᠤᠭᠰᠠᠨ ᠬᠦᠮᠦᠨ ᠤᠯᠠᠨ᠂ ᠲᠠᠭᠤᠯᠠᠭᠰᠠᠨ ᠬᠦᠮᠦᠨ ᠤᠯᠠᠨ᠂ ᠲᠡᠯᠭᠡᠷᠡᠨ ᠲᠦᠬᠡᠮᠡᠯᠵᠢᠬᠦ ᠪᠠᠷ ᠦᠷᠭᠡᠨ ᠤᠨᠴᠠᠯᠢᠭ ᠲᠠᠢ ᠪᠠᠶᠢᠳᠠᠭ᠃ ᠠᠯᠠᠱᠠ ᠠᠷᠠᠳ ᠤᠨ ᠤᠷᠳᠤ ᠶᠢᠨ ᠲᠠᠭᠤᠤ ᠶᠢᠨ ᠨᠢᠭᠡᠨ ᠦᠨᠳᠦᠰᠦᠨ ᠤᠨᠴᠠᠯᠢᠭ ᠪᠤᠯ᠄ ᠲᠠᠭᠤᠯᠠᠬᠤ ᠳᠤ ᠠᠮᠠᠷᠬᠠᠨ᠂ ᠰᠤᠷᠬᠤ ᠳᠤ ᠠᠮᠠᠷᠬᠠᠨ᠂ ᠴᠡᠭᠡᠵᠢᠯᠡᠬᠦ ᠳᠤ ᠠᠮᠠᠷᠬᠠᠨ᠃ ᠠᠯᠠᠱᠠ ᠳᠤ ᠢᠷᠡᠵᠤ ᠨᠤᠳᠤᠭᠯᠠᠬᠤ ᠠᠴᠠ ᠡᠮᠦᠨ᠎ᠡ ᠬᠡᠴᠢᠨᠡᠬᠡᠨ ᠦᠶ᠎ᠡ ᠪᠠᠷ ᠢᠶᠠᠨ ᠬᠡᠴᠢᠨᠡᠬᠡᠨ ᠲᠠᠭᠤᠤ ᠪᠠᠨ ᠬᠡᠬᠡᠵᠤ ᠠᠯᠳᠠᠵᠤ ᠲᠠᠭᠤᠯᠠᠨ ᠰᠡᠷᠭᠦᠭᠡᠵᠤ ᠬᠠᠳᠠᠭᠠᠯᠠᠵᠤ ᠢᠷᠡᠭᠰᠡᠨ ᠢ ᠪᠤᠤ ᠮᠡᠳᠡ ᠡ᠃ ᠠᠯᠠᠱᠠ ᠳᠤ ᠢᠷᠡᠵᠤ ᠨᠤᠳᠤᠭᠯᠠᠭᠰᠠᠨ ᠠᠴᠠ ᠦᠨᠦ ᠪᠤᠯᠳᠠᠯ᠎ᠠ ︽ᠦᠩ ᠦᠷᠭᠡᠨ ᠠᠯᠠᠱᠠ︾ ᠪᠠᠷ ᠲᠦᠯᠦᠭᠡᠯᠡᠬᠦᠯᠦᠭᠰᠡᠨ ᠱᠠᠰᠳᠢᠷ ᠲᠠᠭᠤᠤ᠂ ᠲᠦᠷᠦ ᠱᠠᠰᠢᠨ ᠤ ᠲᠠᠭᠤᠤ ᠵᠢᠴᠢ ᠠᠯᠠᠱᠠ ᠨᠤᠳᠤᠭ ᠤᠨ ᠭᠠᠵᠠᠷ ᠤᠰᠤᠨ ᠤ ᠨᠡᠷ᠎ᠡ ᠲᠠᠢ ᠲᠠᠭᠤᠤ ᠨᠤᠭᠤᠳ ᠪᠤᠯ ᠲᠡᠭᠡᠷ᠎ᠡ ᠲᠤᠷᠠᠳᠤᠭᠰᠠᠨ ᠬᠠᠭᠤᠴᠢᠨ ᠲᠠᠭᠤᠤ ᠶᠢᠨ ᠦᠨᠳᠦᠰᠦᠨ ᠰᠠᠭᠤᠷᠢᠨ ᠲᠡᠭᠡᠷ᠎ᠡ ᠵᠤᠬᠢᠶᠠᠭᠳᠠᠭᠰᠠᠨ ᠲᠠᠭᠤᠤ ᠨᠤᠭᠤᠳ ᠪᠤᠯᠤᠨ᠎ᠠ᠃  2. ᠠᠯᠠᠱᠠ ᠠᠷᠠᠳ ᠤᠨ ᠤᠷᠳᠦ ᠶᠢᠨ ᠲᠠᠭᠤᠤ ᠶᠢᠨ ᠦᠨᠳᠦᠰᠦᠨ ᠠᠶᠠᠯᠭᠤ ᠨᠢ ᠤᠷᠤᠨ ᠨᠤᠳᠤᠭ ᠤᠨ ᠤᠨᠴᠠᠯᠢᠭ ᠢ ᠪᠦᠷᠢᠨ ᠪᠦᠳᠦᠨ ᠢᠶᠠᠷ ᠨᠢ᠂ ᠮᠥᠨ ᠴᠢᠨᠠᠷ ᠢ ᠨᠢ ᠢᠯᠡ ᠲᠤᠳᠤ᠂ ᠰᠡᠳᠬᠢᠯ ᠰᠠᠨᠠᠭ᠎ᠠ ᠶᠢ ᠨᠢ ᠪᠦᠷᠢᠨ ᠬᠦᠢᠴᠡᠳ ᠢᠯᠡᠳᠭᠡᠵᠤ ᠴᠢᠳᠠᠳᠠᠭ᠃ ᠬᠦᠮᠦᠰ ᠲᠠᠭᠤᠤ ᠪᠠᠨ ᠲᠠᠭᠤᠯᠠᠭᠠᠳ ᠰᠠᠨᠠᠭ᠎ᠠ ᠰᠡᠳᠬᠢᠯ ᠲᠤᠭᠳᠤᠯᠬᠤ ᠪᠠᠷ ᠤᠬᠢᠯᠠᠬᠤ ᠦᠵᠡᠭᠳᠡᠯ ᠦᠷᠬᠦᠯᠵᠢ ᠬᠠᠷᠠᠭᠳᠠᠳᠠᠭ᠃ ᠠᠯᠠᠱᠠ ᠠᠷᠠᠳ ᠤᠨ ᠤᠷᠳᠤ ᠶᠢᠨ ᠲᠠᠭᠤᠤ ᠶᠢᠨ ᠠᠶᠠᠯᠭᠤ ᠨᠢ ᠦᠬᠡ ᠪᠠᠨ ᠨᠢᠳᠦᠨ ᠳᠤ ᠦᠵᠡᠭᠳᠡᠮ᠎ᠡ ᠭᠠᠷ ᠲᠤ ᠪᠠᠷᠢᠭᠳᠠᠮ᠎ᠠ ᠠᠮᠢᠯᠠᠭᠤᠯᠵᠤ ᠴᠢᠳᠠᠳᠠᠭ᠃ ᠨᠤᠭᠤᠯᠤᠭ᠎ᠠ᠂ ᠴᠠᠶᠢᠷᠠᠭᠤᠯᠭ᠎ᠠ᠂ ᠦᠨᠳᠦᠷ ᠪᠤᠭᠤᠨᠢ ᠠᠮᠢᠰᠬᠤᠭ᠎ᠠ ᠬᠡᠷᠡᠭᠯᠡᠵᠤ ᠴᠤᠤᠷᠢᠶᠠᠳᠤᠭᠤᠯᠬᠤ ᠠᠷᠭ᠎ᠠ ᠮᠡᠷᠭᠡᠵᠢᠯ ᠪᠤᠯ ᠠᠯᠠᠱᠠ ᠠᠷᠠᠳ ᠤᠨ ᠤᠷᠳᠤ ᠶᠢᠨ ᠲᠠᠭᠤᠤ ᠶᠢᠨ ᠦᠪᠡᠷᠮᠢᠴᠡ ᠤᠨᠴᠠᠯᠢᠭ ᠪᠠᠶᠢᠳᠠᠭ ᠤᠴᠢᠷ ᠠᠴᠠ ᠬᠦᠮᠦᠰ ᠲᠠᠭᠤᠤ ᠪᠠᠨ ᠶᠡᠭᠡ ᠪᠠᠷ ᠬᠢᠮᠠᠭᠠᠳᠠᠵᠤ᠂ ᠬᠦᠨᠳᠦᠳᠭᠡᠵᠤ᠂ ᠲᠡᠭᠡᠳᠦᠯᠡᠵᠤ᠂ ᠲᠠᠭᠤᠯᠠᠵᠤ ᠢᠷᠡᠭᠰᠡᠨ ᠨᠢ ᠡᠨᠡ ᠪᠢᠯᠡ᠃  3. ᠠᠯᠠᠱᠠ ᠠᠷᠠᠳ ᠤᠨ ᠤᠷᠳᠤ ᠶᠢᠨ ᠲᠠᠭᠤᠤ ᠳᠤ ᠤᠶᠤᠨ ᠰᠠᠨᠠᠭᠠᠨ ᠤ ᠷᠢᠳᠢ ᠰᠢᠳᠢ ᠠᠭᠤᠯᠤᠭᠳᠠᠵᠤ ᠪᠠᠶᠢᠳᠠᠭ᠃ ᠤᠷᠳᠦ ᠶᠢᠨ ᠲᠠᠭᠤᠤ ᠪᠠᠨ ᠲᠠᠭᠤᠯᠠᠪᠠᠯ ᠴᠤᠭ ᠵᠢᠪᠬᠤᠭ᠎ᠠ ᠪᠠᠳᠠᠷᠠᠵᠤ ᠤᠷᠳᠦ ᠶᠢᠨ ᠲᠠᠭᠤᠤ ᠪᠠᠨ ᠲᠠᠭᠤᠯᠠᠪᠠᠯ ᠬᠤᠯᠠ ᠤᠶᠢᠷ᠎ᠠ ᠶᠢᠨ ᠵᠤᠴᠢᠨ ᠴᠤᠭᠯᠠᠷᠠᠨ ᠢᠷᠡᠵᠤ᠂ ᠬᠡᠳᠦᠭᠡᠨ ᠲᠠᠭᠤᠤ ᠲᠠᠭᠤᠯᠠᠭᠠᠳ ᠦᠤᠷ ᠴᠠᠶᠢᠯᠭᠠᠴᠢᠬᠠᠳᠠᠭ᠃ ᠤᠷᠳᠦ ᠶᠢᠨ ᠲᠠᠭᠤᠤ ᠪᠠᠨ ᠲᠠᠭᠤᠯᠠᠪᠠᠯ ᠡᠩᠬᠡ ᠠᠮᠤᠭᠤᠯᠠᠩ᠂ ᠲᠠᠶᠢᠪᠤᠩ ᠲᠠᠶᠢᠪᠤᠭᠤ ᠴᠢᠯᠦᠭᠡᠳᠡᠢ ᠤᠷᠴᠢᠨ ᠲᠤᠭᠤᠷᠢᠨ ᠢ ᠪᠤᠢ ᠪᠤᠯᠭᠠᠵᠤ ᠤᠶᠠᠭᠠᠨ ᠲᠡᠭᠡᠷ᠎ᠡ ᠤᠨᠤᠭᠠᠨ ᠤ ᠲᠡᠮᠡᠭᠡ ᠡᠪᠰᠢᠶᠡᠵᠤ᠂ ᠬᠤᠳᠠᠨ ᠳᠤ ᠬᠤᠨᠢᠳ ᠢᠷᠠᠭᠯᠠᠨ᠂ ᠨᠤᠬᠠᠶᠢᠳ ᠨᠦᠢᠷ ᠲᠠᠭᠠᠨ ᠤᠨᠳᠠᠨ᠎ᠠ᠃ ᠤᠷᠳᠤ ᠶᠢᠨ ᠲᠠᠭᠤᠤ ᠦᠯᠡᠮᠵᠢ ᠪᠤᠶᠠᠨ᠂ ᠦᠯᠵᠡᠢ ᠬᠡᠶᠢᠮᠤᠷᠢ᠂ ᠬᠤᠳᠤᠭ ᠬᠡᠰᠢᠭ᠂ ᠤᠯᠵᠠ ᠤᠮᠤᠭ ᠢ ᠰᠡᠷᠭᠦᠭᠡᠳᠡᠭ ᠷᠢᠳᠢ ᠰᠢᠳᠢ ᠲᠠᠢ ᠪᠢᠯᠡ᠃  ᠬᠤᠶᠠᠳᠤᠭᠠᠷ ᠲᠤ᠂ ᠠᠯᠠᠱᠠ ᠠᠷᠠᠳ ᠤᠨ ᠲᠠᠭᠤᠤ ᠶᠢᠨ ᠬᠡᠪ  1. ᠬᠦᠮᠦᠨ ᠤ ᠮᠥᠨ ᠴᠢᠨᠠᠷ ᠢ ᠢᠯᠡ ᠲᠤᠳᠤ ᠪᠤᠯᠭᠠᠨ ᠢᠯᠡᠳᠭᠡᠵᠤ ᠴᠢᠳᠠᠳᠠᠭ᠃ ᠠᠯᠠᠱᠠ ᠮᠤᠩᠭᠤᠯᠴᠤᠳ ᠤᠨ ᠠᠵᠢᠯᠴᠢ ᠪᠤᠷᠤᠭᠵᠢᠭᠤᠨ ᠵᠠᠩ ᠰᠤᠷᠳᠠᠯ᠂ ᠤᠮᠤᠭ ᠲᠡᠬᠦᠯᠳᠡᠷ ᠰᠠᠨᠠᠭ᠎ᠠ ᠰᠡᠳᠬᠢᠯᠭᠡ ᠶᠢ ᠲᠤᠰᠬᠠᠨ ᠠᠪᠤ ᠡᠵᠢ ᠠᠬᠠᠰ ᠵᠠᠬᠠᠰ ᠢᠶᠠᠨ ᠬᠦᠨᠳᠦᠯᠡᠳᠡᠭ᠂ ᠵᠤᠴᠢᠨᠰᠠᠭ ᠴᠠᠶᠢᠯᠭᠠᠨ ᠶᠤᠰᠤ ᠮᠤᠷᠠᠯ᠂ ᠡᠯᠪᠡᠭ ᠬᠡᠬᠡᠨᠴᠢᠷ ᠪᠡᠶ᠎ᠡ ᠴᠤᠭᠴᠠᠰ᠂ ᠭᠠᠩᠭᠠᠩ ᠭᠤᠸ᠎ᠠ ᠵᠢᠰᠦ ᠴᠢᠷᠠᠢ ᠶᠢ ᠪᠦᠷᠢᠨ ᠬᠦᠢᠴᠡᠳ ᠢᠯᠡᠳᠭᠡᠵᠤ᠂ ᠨᠠᠶᠢᠷ ᠡᠬᠢᠯᠡᠬᠦ ᠲᠠᠭᠤᠤ᠂ ᠰᠢᠬᠦᠰᠦ ᠲᠠᠯᠪᠢᠬᠤ ᠲᠠᠭᠤᠤ᠂ ᠰᠡᠷᠬᠤᠳ ᠰᠡᠷᠬᠦᠭᠡᠬᠦ ᠲᠠᠭᠤᠤ᠂ ᠨᠠᠶᠢᠷ ᠰᠡᠷᠬᠦᠭᠡᠬᠦ ᠲᠠᠭᠤᠤ᠂ ᠬᠡᠶᠢᠴᠢᠨ ᠮᠤᠷᠳᠠᠭᠤᠯᠬᠤ ᠲᠠᠭᠤᠤ᠂ ᠬᠤᠷᠢᠮ ᠤᠨ ᠲᠠᠭᠤᠤ᠂ ᠰᠠᠯᠭᠠᠭᠤᠳ ᠤᠨ ᠲᠠᠭᠤᠤ᠂ ᠬᠡᠤᠬᠡᠨ ᠮᠤᠷᠳᠠᠭᠤᠯᠬᠤ ᠲᠠᠭᠤᠤ᠂ ᠨᠠᠶᠢᠷ ᠵᠠᠯᠭᠠᠬᠤ ᠲᠠᠭᠤᠤ ︵ᠲᠦᠷᠡᠯᠭᠡ︶ ᠨᠢ ᠲᠤᠰ ᠲᠤᠰ ᠤᠨ ᠬᠡᠪ ᠨᠠᠮᠪᠠ ᠪᠠᠷ ᠶᠤᠰᠤ ᠲᠠᠢ ᠵᠢᠷᠤᠮ ᠲᠠᠢ ᠪᠠᠶᠢᠵᠤ᠂ ᠬᠦᠢᠴᠡᠳᠭᠡᠬᠦ ᠶᠤᠰᠤᠳᠠᠢ ᠵᠦᠢᠯ ᠢᠶᠠᠨ ᠲᠠᠭᠤᠤ ᠪᠠᠷ ᠢᠶᠠᠨ ᠬᠦᠢᠴᠡᠳᠭᠡᠵᠤ ᠴᠢᠳᠠᠳᠠᠭ᠃  2. ᠤᠷᠴᠢᠨ ᠠᠬᠤᠢ ᠬᠦᠮᠦᠨ ᠪᠠᠶᠢᠭᠠᠯᠢ ᠡᠶᠡᠳᠡᠨ ᠵᠤᠬᠢᠴᠠᠯᠳᠤᠵᠤ ᠪᠠᠶᠢᠳᠠᠭ᠃ ᠠᠯᠠᠱᠠ ᠮᠤᠩᠭᠤᠯᠴᠤᠳ ᠢ ᠬᠦᠮᠦᠰ ᠲᠡᠭᠡᠳᠦ ᠮᠤᠩᠭᠤᠯ᠂ ᠴᠠᠰᠤᠳᠤ ᠮᠤᠩᠭᠤᠯ᠂ ᠤᠶᠢᠷᠠᠳ ᠮᠤᠩᠭᠤᠯ ᠭᠡᠵᠤ ᠶᠠᠷᠢᠳᠠᠭ᠃ ᠲᠠᠯᠠᠢ ᠶᠢᠨ ᠲᠦᠪᠰᠢᠨ ᠠᠴᠠ ᠮᠢᠩᠭ᠎ᠠ ᠨᠠᠢᠮᠠᠨ ᠵᠠᠭᠤ ᠠᠴᠠ ᠭᠤᠷᠪᠠᠨ ᠮᠢᠩᠭᠠᠨ ᠮᠧᠳ᠋ᠷ ᠡᠷᠬᠦᠭᠳᠡᠵᠤ ᠪᠠᠶᠢᠭ᠎ᠠ ᠠᠯᠠᠱᠠ ᠶᠢᠨ ᠦᠨᠳᠦᠷᠯᠢᠭ ᠲᠤ ᠲᠠᠭᠤᠯᠠᠭᠳᠠᠵᠤ ᠪᠠᠶᠢᠭ᠎ᠠ ᠤᠷᠳᠦ ᠶᠢᠨ ᠲᠠᠭᠤᠤ ᠨᠢ ᠦᠨᠳᠦᠷ ᠬᠦᠭᠡ ᠲᠡᠭᠷᠢ ᠶᠢᠨ ᠬᠠᠶᠠᠭ᠎ᠠ ᠳᠤ ᠦᠳᠭᠡᠨ ᠴᠠᠭᠠᠨ ᠡᠬᠦᠯᠡᠨ ᠲᠡᠭᠡᠷ᠎ᠡ ᠵᠤᠭᠰᠤᠵᠤ ᠬᠤᠯᠠ ᠶᠢᠨ ᠬᠤᠷᠸ᠎ᠠ ᠳᠤ ᠲᠠᠭᠤᠤ ᠪᠠᠨ ᠬᠦᠷᠭᠡᠬᠦ ᠶᠢᠨ ᠲᠤᠳᠤᠭᠠᠳᠤ ᠰᠡᠳᠬᠢᠯ ᠤᠨ ᠴᠡᠩᠭᠡᠷ ᠲᠤᠯᠬᠢᠶᠠᠨ ᠢ ᠡᠬᠦᠰᠭᠡᠵᠤ ᠪᠠᠶᠢᠳᠠᠭ ᠪᠢᠯᠡ᠂ ᠮᠤᠩᠭᠤᠯ ᠭᠡᠷ ᠤᠨ ᠲᠤᠭᠤᠨᠤ ᠪᠠᠷ ᠤᠷᠳᠦ ᠶᠢᠨ ᠲᠠᠭᠤᠤ ᠠᠶᠢᠷᠠᠭ ᠰᠦ ᠶᠢᠨ ᠲᠡᠭᠡᠵᠢ ᠲᠠᠢ ᠤᠭᠳᠠᠷᠭᠤᠢ ᠳᠤ ᠰᠤᠭᠤᠨᠠᠭᠯᠠᠬᠤ ᠮᠡᠳᠦ ᠤᠷᠳᠦ ᠶᠢᠨ ᠤᠳᠬ᠎ᠠ ᠰᠠᠨᠠᠭ᠎ᠠ ᠶᠢ ᠢᠯᠡᠳᠭᠡᠳᠡᠭ ᠪᠢᠯᠡ᠃ 3. ᠠᠯᠠᠱᠠ ᠠᠷᠠᠳ ᠤᠨ ᠤᠷᠳᠦ ᠶᠢᠨ ᠲᠠᠭᠤᠤ᠂ ᠨᠤᠳᠤᠭ ᠤᠷᠤᠨ ᠤ ᠬᠡᠪ ᠨᠠᠮᠪᠠ ᠪᠠᠷ ᠤᠨᠴᠠᠭᠠᠢ ᠲᠤᠪᠤᠶᠢᠮ᠎ᠠ ᠪᠠᠶᠢᠳᠠᠭ᠃ ᠠᠯᠠᠱᠠ ᠤᠷᠳᠦ ᠶᠢᠨ ᠲᠠᠭᠤᠤ ᠶᠢᠨ ᠠᠶᠠᠯᠭᠤ ᠨᠢ ᠦᠩ ᠦᠷᠭᠡᠨ᠂ ᠲᠡᠨᠢᠭᠡᠷ ᠠᠭᠤᠳᠠᠮ ᠪᠠᠶᠢᠵᠤ᠂ ᠡᠯᠡᠰᠦᠨ ᠴᠦᠯ᠂ ᠭᠤᠪᠢ ᠨᠤᠳᠤᠭ ᠤᠨ ᠤᠨᠴᠠᠯᠢᠭ ᠢ ᠬᠠᠳᠠᠭᠠᠯᠠᠵᠤ᠂ ᠮᠤᠩᠭᠤᠯ ᠬᠦᠮᠦᠨ ᠤ ᠰᠠᠨᠠᠭ᠎ᠠ ᠰᠡᠳᠬᠢᠯ ᠢ ᠢᠯᠡᠳᠭᠡᠨ᠂ ᠮᠤᠩᠭᠤᠯ ᠭᠡᠷ ᠤᠨ ᠲᠤᠳᠤᠷᠠᠬᠢ ᠠᠭᠤᠷ ᠠᠮᠢᠰᠬᠤᠯ ᠦᠨᠢᠷ ᠠᠩᠬᠢᠯᠦᠮ᠎ᠡ ᠪᠠᠶᠢᠳᠠᠭ᠃ ᠠᠯᠠᠱᠠ ᠮᠤᠩᠭᠤᠯ ᠬᠤᠪᠴᠠᠰᠤ ᠵᠠᠰᠠᠯ ᠲᠡᠷᠡ ᠴᠢᠭ ᠢᠶᠠᠷ ᠢᠶᠠᠨ ᠲᠤᠬᠢᠷᠠᠵᠤ᠂ ᠠᠯᠠᠱᠠ ᠱᠠᠯᠪᠤᠷ ᠪᠦᠭᠡ ᠶᠢᠨ ᠬᠦᠳᠡᠯᠦᠯ ᠪᠠᠷᠢᠯᠳᠤᠯᠭ᠎ᠠ ᠨᠢ ᠴᠦ ᠬᠦᠷᠳᠡᠯ᠎ᠡ ᠤᠷᠳᠤ ᠶᠢᠨ ᠲᠠᠭᠤᠤ ᠶᠢᠨ ᠪᠤᠳᠠᠳᠤ ᠪᠡᠶᠡᠯᠡᠯ ᠪᠤᠯᠵᠤ ᠪᠠᠶᠢᠳᠠᠭ᠃ ᠲᠡᠮᠡᠭᠡᠨ ᠠᠯᠬᠤᠭ᠎ᠠ᠂ ᠲᠡᠮᠡᠭᠡᠨ ᠬᠦᠶᠤᠳᠡᠯ᠂ ᠠᠶᠠᠨ ᠤ ᠴᠦᠷᠭᠡᠯᠡᠭᠡ᠂ ᠠᠶᠠᠨ ᠤ ᠬᠤᠩᠬ᠎ᠠ᠂ ᠢᠩᠭᠡᠨ ᠪᠤᠶᠢᠯᠠᠭ᠎ᠠ᠂ ᠪᠤᠳᠤᠭᠤᠨ ᠪᠤᠶᠢᠯᠠᠭ᠎ᠠ ᠵᠡᠷᠭᠡ ᠦᠩᠭᠡ ᠪᠦᠷᠢ ᠶᠢᠨ ᠬᠦᠭ ᠠᠶᠢᠵᠠᠮ ᠠᠶᠠᠯᠭᠤ ᠪᠠᠷ ᠨᠢ ᠠᠯᠠᠱᠠ ᠠᠷᠠᠳ ᠤᠨ ᠤᠷᠳᠤ ᠶᠢᠨ ᠲᠠᠭᠤᠤ ᠠᠴᠠ ᠢᠯᠡ ᠲᠤᠳᠤ ᠦᠵᠡᠭᠳᠡᠬᠦ ᠮᠦᠷᠳᠡᠭᠡᠨ ᠰᠤᠨᠤᠰᠳᠠᠳᠠᠭ ᠪᠢᠯᠡ᠃ ᠬᠦᠮᠦᠨ ᠤ ᠠᠮᠢᠳᠤᠷᠠᠯ ᠤᠨ ᠲᠦᠷᠦᠯᠬᠢ ᠵᠠᠩ ᠴᠢᠨᠠᠷ᠂ ᠰᠡᠳᠬᠢᠯ ᠰᠠᠨᠠᠭ᠎ᠠ ᠶᠢ ᠬᠦᠢᠴᠡᠳ ᠢᠯᠡᠳᠭᠡᠵᠤ᠂ ᠡᠵᠢ ᠠᠪᠤ ᠠᠴᠠ ᠪᠠᠨ ᠰᠠᠯᠵᠤ ᠠᠯᠤᠰ ᠬᠤᠯᠠ ᠶᠢᠨ ᠠᠶᠠᠨ ᠲᠠᠶᠢᠨ ᠳᠤ ᠮᠤᠷᠳᠠᠭᠰᠠᠨ᠂ ᠬᠠᠷᠢ ᠳᠤ ᠮᠤᠷᠳᠠᠭᠰᠠᠨ᠂ ᠠᠨᠳᠠ ᠬᠤᠩᠭᠤᠷ ᠲᠦᠷᠦᠯ ᠰᠠᠳᠤᠨ᠂ ᠨᠤᠳᠤᠭ ᠤᠰᠤ ᠪᠠᠨ ᠡᠷᠬᠢᠨ ᠲᠤᠷᠠᠰᠴᠤ᠂ ᠮᠦᠷᠦᠭᠡᠳᠦᠭᠰᠡᠨ ᠲᠠᠭᠤᠤ ᠨᠤᠭᠤᠳ ᠭᠤᠤᠯ ᠪᠠᠶᠢᠷᠢ ᠶᠢ ᠡᠵᠡᠯᠡᠵᠤ ᠪᠠᠶᠢᠳᠠᠭ ᠪᠠ ᠪᠤᠭᠳᠠ ᠡᠵᠡᠨ ᠪᠤᠷᠬᠠᠨ ᠰᠠᠬᠢᠭᠤᠰᠤ᠂ ᠡᠵᠡᠨ ᠨᠤᠶᠠᠨ᠂ ᠡᠬᠡ ᠪᠠᠶᠢᠭᠠᠯᠢ᠂ ᠡᠷᠬᠡᠳᠦ ᠲᠡᠭᠷᠢ᠂ ᠭᠠᠵᠠᠷ ᠤᠰᠤᠨ ᠢ ᠵᠤᠬᠢᠴᠠᠩᠭᠤᠢ ᠰᠠᠶᠢᠬᠠᠨ ᠲᠤᠪᠤᠶᠢᠯᠭᠠᠵᠤ ᠪᠠᠶᠢᠳᠠᠭ᠃  ᠭᠤᠷᠪᠠᠳᠤᠭᠠᠷ ᠲᠤ᠂ ᠠᠯᠠᠱᠠ ᠠᠷᠠᠳ ᠤᠨ ᠤᠷᠳᠤ ᠶᠢᠨ ᠲᠠᠭᠤᠤ ᠶᠢᠨ ᠲᠦᠷᠦᠯ ᠵᠦᠢᠯ ᠤᠨ ᠲᠤᠬᠠᠢ  ᠠᠯᠠᠱᠠ ᠠᠷᠠᠳ ᠤᠨ ᠤᠷᠳᠦ ᠶᠢᠨ ᠲᠠᠭᠤᠤ ᠨᠢ ᠬᠠᠰᠢ ᠯᠠ ᠠᠯᠠᠱᠠ ᠬᠤᠱᠤᠳ ᠲᠠᠭᠤᠤ ᠪᠠᠷ ᠭᠤᠤᠯᠯᠠᠵᠤ ᠰᠢᠨᠵᠢᠶᠠᠩ᠂ ᠬᠦᠬᠡᠨᠠᠭᠤᠷ᠂ ᠠᠯᠠᠱᠠ᠂ ᠬᠠᠯᠬ᠎ᠠ᠂ ᠲᠤᠷᠭᠤᠳ᠂ ᠤᠷᠠᠳ᠂ ᠤᠷᠳᠦᠰ ᠵᠡᠷᠭᠡ ᠭᠤᠪᠢ ᠶᠢᠨ ᠪᠠᠷᠠᠭᠤᠨᠳᠠᠬᠢ ᠭᠠᠵᠠᠷ ᠤᠨ ᠠᠷᠠᠳ ᠤᠨ ᠲᠠᠭᠤᠤ ᠨᠤᠭᠤᠳ ᠠᠭᠤᠰᠤᠯᠳᠤᠨ ᠰᠢᠩᠭᠡᠭᠰᠡᠨ ᠪᠠᠶᠢᠳᠠᠭ᠃ ᠤᠴᠢᠷ ᠨᠢ ᠰᠢᠨᠵᠢᠶᠠᠩ ᠠᠴᠠ ᠢᠷᠡᠯᠳᠡ ᠲᠠᠢ ᠬᠤᠱᠤᠳ ᠠᠶᠢᠮᠠᠭ ᠤᠨ ᠲᠠᠭᠤᠤ ᠠᠯᠠᠱᠠ ᠳᠤ ᠲᠠᠭᠤᠯᠠᠭᠳᠠᠭᠰᠠᠭᠠᠷ ᠢᠷᠡᠭᠰᠡᠨ ᠶᠤᠮ᠃ ᠬᠦᠬᠡᠨᠠᠭᠤᠷ ᠠᠴᠠ ᠢᠷᠡᠯᠳᠡ ᠲᠠᠢ ᠲᠡᠭᠡᠳᠦ ᠮᠤᠩᠭᠤᠯ ᠲᠠᠭᠤᠤ ᠠᠯᠠᠱᠠ ᠳᠤ ᠲᠠᠭᠤᠯᠠᠭᠳᠠᠭᠰᠠᠭᠠᠷ ᠢᠷᠡᠪᠡ᠃ ᠡᠬᠦᠨ ᠤ ᠬᠠᠮᠳᠤ ᠲᠤᠷᠭᠤᠳ ᠠᠷᠠᠳ ᠤᠨ ᠤᠷᠳᠦ ᠶᠢᠨ ᠲᠠᠭᠤᠤ᠂ ᠬᠠᠯᠬ᠎ᠠ ᠠᠷᠠᠳ ᠤᠨ ᠤᠷᠳᠦ ᠶᠢᠨ ᠲᠠᠭᠤᠤ ᠨᠢ ᠪᠦᠬᠦ᠋ᠢᠯᠡ ᠠᠯᠠᠱᠠ ᠠᠷᠠᠳ ᠤᠨ ᠤᠷᠳᠤ ᠶᠢᠨ ᠲᠠᠭᠤᠤ ᠶᠢᠨ ᠭᠤᠤᠯ ᠴᠤᠭᠴᠠ ᠪᠦᠷᠢᠯᠳᠦᠬᠦᠨ ᠬᠡᠰᠡᠭ ᠪᠤᠯᠤᠨ᠎ᠠ᠃ ᠡᠬᠦᠨ ᠠᠴᠠ ᠭᠠᠳᠠᠨ᠎ᠠ ᠬᠦᠷᠰᠢ ᠵᠡᠷᠭᠡᠯᠡᠳᠡᠭᠡ ᠬᠤᠰᠢᠭᠤ ᠠᠶᠢᠮᠠᠭ ᠯᠤᠭ᠎ᠠ ᠶᠢᠨ ᠠᠷᠠᠳ ᠤᠨ ᠤᠷᠳᠤ ᠶᠢᠨ ᠲᠠᠭᠤᠤ ᠬᠠᠷᠢᠯᠴᠠᠨ ᠨᠦᠯᠦᠭᠡᠯᠡᠵᠤ ᠨᠡᠯᠢᠶᠡᠳ ᠬᠡᠮᠵᠢᠶᠡᠨ ᠤ ᠤᠷᠠᠳ᠂ ᠤᠷᠳᠤᠰ ᠠᠷᠠᠳ ᠤᠨ ᠤᠷᠳᠦ ᠶᠢᠨ ᠲᠠᠭᠤᠤ ᠠᠯᠠᠱᠠ ᠳᠤ ᠬᠡᠳᠦᠨ ᠦᠶ᠎ᠡ ᠤᠨ ᠤᠳᠠᠭᠠᠨ ᠲᠠᠭᠤᠯᠠᠭᠳᠠᠭᠰᠠᠭᠠᠷ ᠢᠷᠡᠪᠡ᠃ ᠲᠡᠭᠡᠷ᠎ᠡ ᠲᠤᠷᠠᠳᠤᠭᠰᠠᠨ ᠠᠯᠠᠱᠠ ᠤᠷᠳᠦ ᠶᠢᠨ ᠲᠠᠭᠤᠤ ᠨᠤᠭᠤᠳ ᠢ ᠮᠠᠨ ᠤ ᠡᠪᠦᠭᠡ ᠲᠡᠭᠡᠳᠦᠰ ᠠᠴᠠ ᠦᠨᠦᠳᠦᠷ ᠪᠤᠯᠳᠠᠯ᠎ᠠ ᠬᠡᠳᠦᠨ ᠵᠠᠭᠤᠨ ᠵᠢᠯ ᠬᠠᠮᠠᠭᠠᠯᠠᠵᠤ ᠬᠦᠭᠵᠢᠬᠦᠯᠦᠭᠰᠡᠭᠡᠷ ᠦᠨᠦᠳᠦᠷ ᠪᠤᠯᠵᠡᠢ᠃ ᠠᠯᠠᠱᠠ ᠬᠤᠱᠤᠳ ᠠᠶᠢᠮᠠᠭ ᠰᠢᠨᠵᠢᠶᠠᠩ ᠬᠦᠬᠡᠨᠠᠭᠤᠷ ᠠᠴᠠ ᠲᠠᠭᠤᠯᠠᠵᠤ ᠢᠷᠡᠭᠰᠡᠨ ᠲᠠᠭᠤᠤ ᠴᠦ ᠪᠤᠯᠤᠭ᠂ ᠠᠯᠠᠱᠠ ᠳᠤ ᠢᠷᠡᠵᠤ ᠰᠢᠨ᠎ᠡ ᠪᠠᠷ ᠵᠤᠬᠢᠶᠠᠭᠳᠠᠭᠰᠠᠨ ᠲᠠᠭᠤᠤ ᠴᠦ ᠪᠤᠯᠤᠭ᠂ ᠬᠦᠷᠰᠢ ᠵᠡᠷᠭᠡᠯᠡᠳᠡᠭᠡ ᠬᠤᠰᠢᠭᠤ ᠠᠶᠢᠮᠠᠭ ᠤᠨ ᠲᠠᠭᠤᠤ ᠴᠦ ᠪᠤᠯᠤᠭ ᠪᠦᠷ ᠮᠠᠨ ᠤ ᠭᠡᠷᠡᠯ ᠰᠠᠴᠤᠷᠠᠩᠭᠤᠢ ᠤᠳᠬ᠎ᠠ ᠰᠤᠶᠤᠯ ᠤᠨ ᠦᠪ ᠬᠦᠷᠦᠩᠭᠡ ᠮᠥᠨ᠃ ᠠᠯᠠᠱᠠᠴᠤᠳ ᠤᠷᠳᠦ ᠶᠢᠨ ᠲᠠᠭᠤᠤ ᠪᠠᠷ ᠢᠶᠠᠨ ᠨᠡᠷ᠎ᠡ ᠠᠯᠳᠠᠷ ᠢᠶᠠᠨ ᠮᠠᠨᠳᠤᠭᠤᠯᠵᠤ ᠪᠠᠶᠢᠭ᠎ᠠ ᠶᠢᠨ ᠭᠤᠤᠯ ᠰᠢᠯᠳᠠᠭᠠᠨ ᠪᠤᠯ᠄ ᠨᠢᠭᠡ ᠳᠤ᠂ ᠠᠷᠠᠳ ᠤᠨ ᠲᠠᠭᠤᠤ ᠶᠢᠨ ᠦᠨᠳᠦᠰᠦᠨ ᠰᠠᠭᠤᠷᠢ ᠬᠦᠨ ᠵᠤᠵᠠᠭᠠᠨ ᠪᠠᠶᠢᠳᠠᠭ ᠲᠤ ᠤᠷᠤᠰᠢᠨ᠎ᠠ᠃ ᠲᠡᠭᠡᠷ᠎ᠡ ᠵᠠᠭᠤᠨ ᠤ ᠲᠠᠪᠢᠭᠠᠳ ᠤᠨ ᠤ ᠰᠡᠬᠦᠯᠴᠢ ᠪᠤᠯᠳᠠᠯ᠎ᠠ ᠤᠷᠳᠦ ᠶᠢᠨ ᠲᠠᠭᠤᠤ ᠪᠦᠷᠢᠨ ᠪᠦᠳᠦᠨ ᠡᠷᠡᠬᠦᠯ ᠰᠠᠷᠠᠭᠤᠯ ᠢᠶᠠᠷ ᠲᠠᠭᠤᠯᠠᠭᠳᠠᠵᠤ ᠪᠠᠶᠢᠵᠡᠢ᠃ ᠬᠤᠶᠠᠷ ᠵᠠᠭᠤ ᠭᠠᠷᠤᠢ ᠤᠷᠳᠦ ᠶᠢᠨ ᠲᠠᠭᠤᠤ ᠲᠠᠢ᠂ ᠲᠡᠭᠡᠷ᠎ᠡ ᠨᠢ ᠦᠬᠡᠷ᠎ᠡ ᠪᠤᠰᠤᠳ ᠰᠢᠨ᠎ᠡ ᠲᠠᠭᠤᠤ᠂ ᠬᠤᠪᠢᠰᠬᠠᠯᠳᠤ ᠲᠠᠭᠤᠤ ᠶᠢ ᠨᠡᠮᠡᠭᠡᠳ ᠭᠤᠷᠪᠠᠨ ᠵᠠᠭᠤᠨ ᠲᠠᠭᠤᠤ ᠲᠠᠢ ᠲᠠᠭᠤᠴᠢᠨ ᠠᠯᠠᠱᠠ ᠶᠢᠨ ᠭᠤᠴᠢᠨ ᠵᠢᠷᠭᠤᠭᠠᠨ ᠪᠠᠭ ᠲᠤ ᠯᠠᠮᠠ ᠬᠠᠷ᠎ᠠ ᠨᠢᠭᠡ ᠮᠢᠩᠭ᠎ᠠ ᠶᠢ ᠲᠠᠪᠠᠵᠤ ᠪᠠᠶᠢᠵᠡᠢ᠃ ᠲᠡᠷᠡ ᠦᠶ᠎ᠡ ᠳᠤ ᠵᠠᠯᠠᠭᠤ ᠨᠢᠭᠡ ᠦᠶ᠎ᠡ ᠶᠢᠨ ᠬᠢᠨ ᠨᠢᠭᠡ ᠵᠠᠭᠤᠨ ᠲᠠᠭᠤᠤ ᠲᠠᠢ ᠪᠤᠯᠪᠠᠯ ᠲᠠᠭᠤᠴᠢᠨ ᠳᠤ ᠲᠤᠭᠠᠴᠠᠭᠳᠠᠨ᠎ᠠ ᠭᠡᠵᠤ ᠵᠠᠭᠤᠨ ᠲᠠᠭᠤᠤ ᠲᠠᠭᠤᠯᠠᠵᠤ ᠰᠤᠷᠬᠤ ᠪᠠᠷ ᠦᠢᠯᠡ ᠴᠢᠳᠠᠯ ᠢᠶᠠᠨ ᠪᠠᠷᠠᠳᠠᠭ ᠪᠠᠶᠢᠵᠡᠢ᠃ ᠠᠯᠠᠱᠠ ᠨᠤᠳᠤᠭ ᠤᠷᠳᠦ ᠶᠢᠨ ᠲᠠᠭᠤᠤ ᠪᠠᠷ ᠠᠷᠪᠢᠨ᠂ ᠲᠠᠭᠤᠴᠢᠨ ᠠᠷᠪᠢᠨ᠂ ᠬᠦᠮᠦᠨ ᠪᠦᠬᠦᠨ ᠵᠠᠭᠤ ᠠᠴᠠ ᠲᠡᠭᠡᠭᠰᠢ ᠲᠠᠭᠤᠤ ᠰᠤᠷᠴᠤ ᠲᠠᠭᠤᠴᠢᠨ ᠴᠤᠯᠠ ᠲᠠᠢ ᠪᠤᠯᠬᠤ ᠬᠦᠰᠡᠯᠡᠩ ᠲᠠᠢ ᠪᠤᠯᠬᠤᠷ ᠠᠯᠠᠱᠠ ᠬᠤᠰᠢᠭᠤᠨ ᠤ ᠠᠷᠠᠳ ᠤᠨ ᠤᠷᠳᠤ ᠶᠢᠨ ᠲᠠᠭᠤᠤ ᠶᠢᠨ ᠨᠡᠶᠢᠬᠡᠮ ᠤᠨ ᠰᠠᠭᠤᠷᠢ ᠬᠦᠨ ᠵᠤᠵᠠᠭᠠᠨ ᠪᠠᠶᠢᠳᠠᠭ᠃ ᠡᠶᠢᠮᠦ ᠠᠴᠠ ᠲᠡᠷᠡ ᠦᠶ᠎ᠡ ᠶᠢᠨ ᠦᠯᠡᠳᠡᠭᠳᠡᠯ ᠨᠦᠯᠦᠭᠡ ᠤᠳᠤᠮᠰᠢᠯᠳᠦ ᠰᠤᠷᠳᠠᠯ ᠤᠳᠤ ᠪᠤᠯᠳᠠᠯ᠎ᠠ ᠬᠠᠳᠠᠭᠠᠯᠠᠭᠳᠠᠭᠰᠠᠭᠠᠷ ᠪᠤᠢ᠃ ᠬᠤᠶᠠᠷ ᠲᠤ᠂ ᠠᠯᠠᠱᠠ ᠮᠤᠩᠭᠤᠯᠴᠤᠳ ᠤᠷᠳᠦ ᠶᠢᠨ ᠲᠠᠭᠤᠤ ᠪᠠᠨ ᠬᠡᠶᠢᠮᠤᠷᠢ ᠰᠦᠯᠳᠡ ᠂ ᠬᠡᠰᠢᠭ ᠪᠤᠶᠠᠨ᠂ ᠦᠯᠵᠡᠢ ᠬᠤᠳᠤᠭ᠂ ᠦᠯᠡᠮᠵᠢ ᠪᠤᠶᠠᠨ ᠤ ᠪᠡᠯᠭᠡ ᠲᠡᠮᠪᠡᠷᠢᠯ ᠢᠶᠠᠷ ᠦᠵᠡᠨ ᠨᠠᠨᠳᠢᠩᠨᠠᠵᠤ᠂ ᠶᠠᠭᠤᠨ ᠤ ᠤᠷᠢᠳ ᠦᠯᠵᠡᠢ ᠪᠡᠯᠭᠡᠳᠦ ᠲᠠᠭᠤᠤ ᠪᠠᠨ ᠲᠠᠭᠤᠯᠠᠵᠤ ᠡᠬᠢᠯᠡᠭᠡᠳ ᠬᠡᠷᠡᠭ ᠶᠠᠪᠤᠳᠠᠯ ᠢᠶᠠᠨ ᠬᠦᠢᠴᠡᠳᠭᠡᠭᠡᠳ ᠲᠠᠯᠠᠯᠭ᠎ᠠ ᠬᠤᠷᠦ᠋ᠢᠯᠠᠭ᠎ᠠ ᠪᠠᠨ ᠬᠤᠷᠦ᠋ᠢᠯᠠᠪᠠᠯ ᠬᠡᠷᠡᠭ ᠶᠠᠪᠤᠳᠠᠯ ᠰᠠᠨᠠᠭᠰᠠᠨ ᠶᠤᠰᠤ ᠪᠠᠷ ᠪᠡᠶᠡᠯᠡᠭᠳᠡᠬᠦ ᠨᠢ ᠲᠡᠷᠡ ᠡ᠃ ᠡᠪᠦᠭᠡ ᠡᠮᠡᠭᠡ ᠪᠤᠯᠤᠭᠰᠠᠳ ᠦᠷ᠎ᠡ ᠠᠴᠢ ᠨᠠᠷ ᠲᠠᠭᠠᠨ ᠲᠠᠭᠤᠤ ᠵᠢᠭᠠᠳᠠᠭ᠃ ᠤᠴᠢᠷ ᠨᠢ ᠡᠪᠦᠭᠡ ᠡᠮᠡᠭᠡ ᠶᠢᠨ ᠲᠡᠷᠭᠡᠳᠡ ᠠᠴᠢ ᠵᠢᠭᠡ ᠤᠮᠪᠤᠯᠤ ᠨᠢ ᠦᠷᠬᠦᠯᠵᠢ ᠬᠠᠮᠳᠤ ᠪᠠᠶᠢᠳᠠᠭ ᠪᠤᠯᠬᠤᠷ ᠲᠠᠭᠤᠤ ᠰᠤᠷᠬᠤ ᠨᠦᠬᠦᠴᠡᠯ ᠲᠠᠢ ᠪᠢᠯᠡ᠃ ᠡᠶᠢᠮᠦ ᠠᠴᠠ ᠤᠳᠤ ᠠᠷᠪᠢᠨ ᠲᠠᠭᠤᠴᠢᠳ ᠲᠡᠳᠡᠭᠡᠷ ᠲᠠᠭᠤᠤ ᠶᠢ ᠪᠢ ᠡᠪᠦᠭᠡ ᠠᠴᠠ ᠪᠠᠨ ᠰᠤᠷᠤᠭᠰᠠᠨ᠂ ᠡᠮᠡᠭᠡ ᠵᠢᠭᠠᠵᠤ ᠦᠭᠬᠦᠭᠰᠡᠨ ᠭᠡᠳᠡᠭ ᠪᠢᠯᠡ᠃ ᠡᠪᠦᠭᠡ ᠡᠮᠡᠭᠡ ᠪᠤᠯᠤᠭᠰᠠᠳ ᠮᠡᠳᠡᠵᠤ ᠪᠠᠶᠢᠭ᠎ᠠ ᠲᠠᠭᠤᠤ ᠪᠠᠨ ᠦᠯᠡᠳᠡᠭᠡᠯ ᠦᠭᠡᠢ ᠦᠷ᠎ᠡ ᠬᠤᠶᠢᠴᠢᠰ ᠲᠠᠭᠠᠨ ᠪᠦᠬᠦᠨ ᠢ ᠵᠢᠭᠠᠵᠤ ᠦᠭᠬᠦ ᠶᠢ ᠬᠦᠰᠡᠳᠡᠭ ᠪᠦᠭᠡᠳ ᠠᠴᠢ ᠵᠢᠴᠢ ᠨᠢ ᠰᠠᠶᠢᠬᠠᠨ ᠰᠤᠷᠴᠤ ᠰᠠᠶᠢᠬᠠᠨ ᠲᠠᠭᠤᠯᠠᠪᠠᠯ ᠬᠡᠴᠢᠨᠡᠬᠡᠨ ᠶᠡᠭᠡ ᠪᠠᠶᠠᠷᠯᠠᠵᠤ ᠪᠠᠶᠢᠭ᠎ᠠ ᠶᠢ ᠪᠤᠤ ᠮᠡᠳᠡ᠂ ᠪᠤᠰᠴᠤ ᠰᠠᠭᠤᠭᠠᠳ ᠬᠡᠤᠬᠡᠳ ᠤᠳ ᠲᠠᠢ ᠪᠠᠨ ᠬᠠᠮᠳᠤ ᠰᠦᠨᠢ ᠲᠤᠵᠢ ᠨᠠᠶᠢᠷᠯᠠᠴᠢᠬᠠᠳᠠᠭ ᠴᠦ ᠪᠠᠶᠢᠭᠰᠠᠨ᠃ ᠭᠤᠷᠪᠠ ᠳᠤ᠂ ᠠᠷᠠᠳ ᠤᠨ ᠲᠠᠭᠤᠤ ᠪᠠᠨ ᠬᠦᠭᠵᠢᠬᠦᠯᠦᠨ ᠲᠡᠯᠭᠡᠷᠡᠬᠦᠯᠬᠦ ᠶᠢᠨ ᠲᠦᠯᠦᠭᠡ ᠨᠡᠶᠢᠬᠡᠮ ᠤᠨ ᠡᠯ᠎ᠡ ᠵᠦᠢᠯ ᠤᠨ ᠬᠡᠷᠡᠭᠴᠡᠭᠡ ᠳᠤ ᠲᠤᠬᠢᠷᠠᠭᠤᠯᠤᠨ ᠦᠢᠯᠡᠴᠢᠯᠡᠬᠦᠯᠵᠤ ᠴᠢᠳᠠᠭᠰᠠᠨ ᠠᠴᠠ ᠤᠷᠳᠤ ᠶᠢᠨ ᠲᠠᠭᠤᠤ ᠵᠤᠬᠢᠬᠤ ᠪᠠᠶᠢᠷᠢ ᠰᠠᠭᠤᠷᠢ ᠲᠠᠢ ᠪᠤᠯᠵᠡᠢ᠃ ᠠᠯᠠᠱᠠ ᠮᠤᠩᠭᠤᠯᠴᠤᠳ ᠬᠡᠳᠦᠨ ᠵᠠᠭᠤᠨ ᠵᠢᠯ ᠤᠨ ᠡᠮᠦᠨ᠎ᠡ ᠠᠴᠠ ᠤᠷᠳᠦ ᠶᠢᠨ ᠲᠠᠭᠤᠤ ᠶᠢᠨ ᠠᠶᠠᠯᠭᠤ ᠳᠤ ᠮᠠᠨᠢ ᠶᠢᠨ ᠵᠢᠷᠭᠤᠭᠠᠨ ᠦᠰᠦᠭ ᠢ ᠨᠠᠶᠢᠷᠠᠭᠤᠯᠤᠨ ᠵᠤᠬᠢᠶᠠᠵᠤ᠂ ᠵᠢᠯ ᠪᠦᠷᠢ ᠶᠢᠨ ᠵᠢᠷᠭᠤᠭᠠᠨ ᠰᠠᠷ᠎ᠠ ᠳᠤ ᠡᠯ᠎ᠡ ᠶᠡᠭᠡ ᠪᠠᠭ᠎ᠠ ᠰᠦᠮ᠎ᠡ ᠶᠢᠨ ᠬᠤᠷᠠᠯ ᠡᠬᠢᠯᠡᠬᠦ ᠳᠤ ᠮᠠᠨᠢ ᠶᠢᠨ ᠵᠢᠷᠭᠤᠭᠠᠨ ᠦᠰᠦᠭ ᠢᠶᠠᠨ ᠤᠷᠳᠦ ᠶᠢᠨ ᠲᠠᠭᠤᠤ ᠶᠢᠨ ᠠᠶ᠎ᠠ ᠪᠠᠷ ᠲᠠᠭᠤᠯᠠᠵᠤ ᠮᠠᠨᠢ ᠶᠢᠨ ᠬᠤᠷᠠᠯ ᠢᠶᠠᠨ ᠡᠬᠢᠯᠡᠳᠡᠭ᠃ ᠪᠠᠰᠠ ᠠᠯᠠᠱᠠ ᠠᠷᠠᠳ ᠤᠨ ᠤᠷᠳᠦ ᠶᠢᠨ ᠲᠠᠭᠤᠤ ᠶᠢᠨ ᠠᠶᠠᠯᠭᠤ ᠳᠤ ᠮᠠᠨᠢ ᠶᠢᠨ ᠮᠠᠭᠳᠠᠭᠠᠯ᠂ ᠽᠤᠩᠺᠠᠪᠠ ᠶᠢᠨ ᠮᠠᠭᠳᠠᠭᠠᠯ ᠪᠤᠶᠤ ᠠᠯᠠᠱᠠ ᠰᠠᠩ ᠵᠡᠷᠭᠡ ᠳᠤ ᠠᠶ᠎ᠠ ᠲᠠᠭᠠᠷᠠᠭᠤᠯᠤᠨ ᠵᠤᠬᠢᠶᠠᠵᠤ ᠲᠠᠭᠤᠯᠠᠵᠡᠢ᠃ ᠡᠬᠦᠨ ᠠᠴᠠ ᠭᠠᠳᠠᠨ᠎ᠠ ᠤᠪᠤᠭ᠎ᠠ ᠲᠠᠬᠢᠵᠤ ᠬᠤᠷ᠎ᠠ ᠪᠤᠷᠤᠭᠠᠨ ᠤ ᠬᠡᠰᠢᠭ ᠬᠤᠷᠦ᠋ᠢᠯᠠᠬᠤ ᠳᠤ ︽ᠦᠩ ᠦᠷᠭᠡᠨ ᠠᠯᠠᠱᠠ︾ ᠪᠠᠨ ᠲᠠᠭᠤᠯᠠᠵᠤ ᠬᠤᠷᠦ᠋ᠢᠯᠠᠳᠠᠭ ᠶᠤᠰᠤ ᠴᠦ ᠪᠤᠢ᠃ ᠠᠯᠠᠱᠠ ᠮᠤᠩᠭᠤᠯᠴᠤᠳ ᠬᠠᠷᠢ ᠬᠤᠯᠠ ᠬᠦᠮᠦᠨ ᠤ ᠭᠠᠵᠠᠷ ᠤᠴᠢᠪᠠᠯ ᠨᠤᠳᠤᠭ ᠤᠨ ᠢᠶᠠᠨ ᠲᠠᠭᠤᠤ ᠶᠢ ᠲᠠᠭᠤᠯᠠᠵᠤ ᠨᠡᠷ᠎ᠡ ᠠᠯᠳᠠᠷ ᠢᠶᠠᠨ ᠮᠠᠨᠳᠤᠭᠤᠯᠵᠤ ᠶᠠᠪᠤᠳᠠᠭ᠃ ᠦᠩᠭᠡᠷᠡᠭᠰᠡᠨ ᠤ ᠠᠯᠠᠱᠠ ᠬᠤᠰᠢᠭᠤᠨ ᠳᠤ ᠠᠯᠠᠱᠠ ᠠᠷᠠᠳ ᠤᠨ ᠤᠷᠳᠦ ᠶᠢᠨ ᠲᠠᠭᠤᠤ ᠪᠠᠨ ᠶᠡᠭᠡ ᠲᠡᠭᠡᠳᠦ ᠬᠡᠮᠵᠢᠶᠡᠨ ᠳᠤ ᠬᠦᠷᠳᠡᠯ᠎ᠡ ᠬᠦᠨᠳᠦᠳᠭᠡᠨ ᠴᠢᠬᠤᠯᠠᠴᠢᠯᠠᠵᠤ ᠪᠠᠶᠢᠭᠰᠠᠨ ᠪᠠᠶᠢᠨ᠎ᠠ᠃ ᠠᠯᠠᠱᠠ ᠶᠢᠨ ᠬᠦᠳᠡᠭᠡ ᠨᠤᠳᠤᠭ ᠢᠶᠠᠷ ᠨᠤᠶᠠᠨ ᠤ ᠲᠠᠭᠤᠴᠢᠨ᠂ ᠬᠤᠰᠢᠭᠤ ᠲᠠᠭᠤᠴᠢᠨ ᠵᠡᠷᠭᠡ ᠨᠡᠷ᠎ᠡ ᠲᠦᠷᠦ ᠲᠠᠢ ᠲᠠᠭᠤᠴᠢᠳ ᠠᠷᠪᠢᠨ ᠴᠤᠯᠭᠤᠷᠠᠵᠤ ᠭᠠᠷᠴᠡᠢ᠃ ᠵᠢᠯ ᠪᠦᠷᠢ ᠶᠢᠨ ᠬᠤᠰᠢᠭᠤ ᠨᠠᠶᠢᠷ ᠲᠤ ᠪᠦᠬᠦ ᠬᠤᠰᠢᠭᠤ ᠶᠢᠨ ᠡᠯ᠎ᠡ ᠪᠠᠭ ᠠᠴᠠ ᠲᠠᠭᠤᠴᠢᠨ ᠲᠤᠮᠢᠯᠠᠵᠤ ᠬᠤᠰᠢᠭᠤ ᠨᠠᠶᠢᠷ ᠤᠨ ᠸᠠᠩ ᠤᠨ ᠤᠷᠳᠤᠨ ᠤ ᠪᠠᠶᠠᠷ ᠴᠡᠩᠭᠡᠯ ᠢ ᠬᠦᠭᠵᠢᠭᠡᠳᠡᠭ ᠪᠠᠶᠢᠪᠠ᠃ ᠦᠩᠭᠡᠷᠡᠭᠰᠡᠨ ᠳᠤ ᠠᠯᠠᠱᠠ ᠬᠤᠰᠢᠭᠤᠨ ᠤ ᠬᠤᠰᠢᠭᠤ ᠨᠤᠶᠠᠨ ᠠᠴᠠ ᠬᠠᠷ᠎ᠠ ᠰᠢᠷ᠎ᠠ ᠠᠷᠠᠳ ᠬᠦᠷᠳᠡᠯ᠎ᠡ ᠤᠷᠳᠦ ᠶᠢᠨ ᠲᠠᠭᠤᠤ ᠳᠠᠭᠠᠨ ᠶᠡᠭᠡ ᠲᠤᠷ᠎ᠠ ᠪᠠᠬ᠎ᠠ ᠲᠠᠢ᠂ ᠬᠦᠷᠦᠭᠰᠡᠨ ᠰᠠᠭᠤᠭᠰᠠᠨ ᠭᠠᠵᠠᠷ ᠪᠤᠯᠭᠠᠨ ᠳᠠᠭᠠᠨ ᠠᠶᠠᠯᠭᠤᠯᠠᠨ ᠲᠠᠭᠤᠯᠠᠳᠠᠭ ᠠᠵᠢ᠃  ᠲᠦᠷᠪᠡᠳᠦᠭᠡᠷ ᠲᠤ᠂ ᠠᠯᠠᠱᠠ ᠠᠷᠠᠳ ᠤᠨ ᠤᠷᠳᠦ ᠶᠢᠨ ᠲᠠᠭᠤᠤ ᠶᠢ ᠲᠠᠭᠤᠯᠠᠬᠤ ᠦᠨᠳᠦᠰᠦᠨ ᠪᠠᠷᠢᠮᠵᠢᠶ᠎ᠡ ᠪᠤᠯᠤᠨ ᠲᠠᠭᠤᠯᠠᠬᠤ ᠠᠷᠭ᠎ᠠ ᠱᠠᠭᠠᠷᠳᠠᠯᠭ᠎ᠠ  1. ᠠᠯᠠᠱᠠ ᠠᠷᠠᠳ ᠤᠨ ᠤᠷᠳᠦ ᠶᠢᠨ ᠲᠠᠭᠤᠤ ᠶᠢᠨ ᠦᠨᠳᠦᠰᠦᠨ ᠪᠠᠷᠢᠮᠵᠢᠶ᠎ᠠ ᠠᠷᠭ᠎ᠠ ᠨᠢ ᠪᠤᠯ ᠲᠠᠭᠤᠤ ᠶᠢᠨ ᠠᠶ᠎ᠠ ᠨᠢ ᠬᠤᠶᠠᠷ ᠮᠦᠷ ᠲᠠᠭᠤᠤ ᠶᠢᠨ ᠦᠬᠡ ᠪᠠᠷ ᠬᠢᠵᠠᠭᠠᠷᠯᠠᠭᠳᠠᠵᠤ ᠪᠠᠶᠢᠳᠠᠭ᠃ ᠡᠬᠢᠯᠡᠯᠳᠡ ᠶᠢᠨ ᠤᠳᠤᠷᠢᠳᠬᠠᠯ ᠤᠨ ᠨᠠᠢᠮᠠᠨ ᠠᠶ᠎ᠠ ᠪᠠᠷ ᠪᠦᠬᠦ ᠲᠠᠭᠤᠤ ᠪᠠᠨ ᠲᠠᠭᠤᠯᠠᠳᠠᠭ ᠶᠤᠮ᠃ ᠲᠠᠭᠤᠤ ᠶᠢᠨ ᠡᠬᠢᠨ᠂ ᠲᠤᠮᠳᠠ᠂ ᠠᠳᠠᠭ ᠲᠤ ᠠᠶ᠎ᠠ ᠬᠤᠪᠢᠷᠠᠬᠤ ᠶᠤᠰᠤ ᠦᠭᠡᠢ᠂ ᠦᠨᠳᠦᠷ ᠪᠤᠭᠤᠨᠢ ᠱᠠᠳᠤ ᠬᠤᠪᠢᠷᠠᠬᠤ ᠶᠤᠰᠤ ᠦᠭᠡᠢ᠃ ᠲᠠᠭᠤᠤ ᠪᠠᠨ ᠬᠢᠴᠢᠶᠡᠩᠬᠦᠢ ᠲᠦᠪᠯᠡᠬᠦᠨ ᠪᠦᠭᠡᠳ ᠶᠡᠬᠡᠮᠰᠦᠭ᠂ ᠴᠢᠯᠦᠭᠡᠳᠡᠢ ᠶᠤᠰᠤᠷᠬᠠᠭ ᠨᠢᠮᠪᠠᠢ ᠲᠠᠭᠤᠯᠠᠳᠠᠭ ᠶᠤᠰᠤᠳᠠᠢ᠃ ᠠᠯᠠᠱᠠ ᠠᠷᠠᠳ ᠤᠨ ᠤᠷᠳᠤ ᠶᠢᠨ ᠲᠠᠭᠤᠤ ᠶᠢ ᠲᠠᠭᠤᠯᠠᠬᠤ ᠬᠠᠮᠤᠭ ᠬᠠᠳᠠᠭᠤ ᠱᠠᠭᠠᠷᠳᠠᠯᠭ᠎ᠠ ᠪᠤᠯ ᠶᠠᠭᠤᠨ ᠤ ᠤᠷᠢᠳ ᠠᠶᠠᠰ ᠢ ᠵᠦᠪ ᠡᠬᠢᠯᠡᠵᠤ᠂ ᠠᠶᠠᠰ ᠢ ᠨᠢ ᠲᠤᠳᠤ ᠪᠦᠭᠡᠳ ᠦᠭᠡ ᠶᠢ ᠬᠦᠢᠴᠡᠳ ᠲᠠᠭᠤᠯᠠᠬᠤ᠂ ᠠᠮᠢᠰᠬᠤᠯ ᠬᠦᠢᠴᠡᠬᠦ ᠦᠭᠡᠢ ᠦᠶ᠎ᠡ ᠬᠠᠵᠠᠭᠤ ᠶᠢᠨ ᠬᠦᠮᠦᠨ ᠠᠴᠠ ᠵᠠᠯᠭᠠᠵᠤ ᠲᠠᠭᠤᠯᠠᠳᠠᠭ ᠠᠴᠠ ᠪᠢᠰᠢ ᠲᠠᠭᠤᠤ ᠪᠠᠨ ᠲᠠᠰᠤᠯᠳᠠᠭ ᠦᠭᠡᠢ ᠪᠢᠯᠡ᠃ 2. ᠠᠯᠠᠱᠠ ᠠᠷᠠᠳ ᠤᠨ ᠤᠷᠳᠦ ᠶᠢᠨ ᠲᠠᠭᠤᠤ ᠶᠢ ᠲᠠᠭᠤᠯᠠᠬᠤ ᠦᠨᠳᠦᠰᠦᠨ ᠱᠠᠭᠠᠷᠳᠠᠯᠭ᠎ᠠ᠄ ᠠᠯᠠᠱᠠ ᠨᠤᠳᠤᠭ ᠲᠤ ᠬᠤᠷᠢᠮ ᠤᠨ ᠲᠠᠭᠤᠴᠢᠨ᠂ ᠬᠤᠷᠢᠮ ᠤᠨ ᠪᠡᠷᠭᠡᠨ ᠭᠡᠵᠤ ᠲᠤᠰᠬᠠᠢ ᠲᠠᠭᠤᠴᠢᠨ ᠵᠠᠯᠠᠳᠠᠭ᠃ ᠵᠠᠯᠠᠭᠳᠠᠭᠰᠠᠨ ᠲᠠᠭᠤᠴᠢᠨ ᠳᠤ ᠠᠪᠴᠤ ᠬᠡᠯᠡᠪᠡᠯ ᠡᠨᠡ ᠡᠬᠦᠷᠭᠡ ᠶᠢ ᠪᠡᠶᠡᠯᠡᠬᠦᠯᠬᠦ ᠨᠢ ᠴᠤᠬᠤᠮ ᠴᠦ ᠬᠠᠳᠠᠭᠤ ᠠᠯᠪᠠ ᠪᠠᠶᠢᠳᠠᠭ᠃ ᠬᠠᠷᠢ ᠶᠢᠨ ᠬᠦᠮᠦᠨ ᠤ ᠡᠮᠦᠨ᠎ᠡ ᠶᠠᠭᠤᠨ ᠤ ᠤᠷᠢᠳ ᠲᠠᠭᠤᠤ ᠪᠠᠷ ᠢᠶᠠᠨ ᠨᠡᠷ᠎ᠡ ᠪᠠᠨ ᠬᠠᠳᠠᠭᠠᠯᠠᠵᠤ ᠭᠠᠷᠤᠨ᠎ᠠ᠃ ᠬᠠᠷᠢ ᠶᠢᠨ ᠭᠠᠵᠠᠷ ᠤᠴᠢᠪᠠᠯ ᠮᠥᠨ ᠲᠠᠭᠤᠤ ᠪᠠᠷ ᠢᠶᠠᠨ ᠨᠡᠷ᠎ᠡ ᠪᠠᠨ ᠠᠪᠴᠤ ᠭᠠᠷᠤᠨ᠎ᠠ᠃ ᠬᠤᠷᠢᠮ ᠤᠨ ᠲᠠᠭᠤᠴᠢᠨ ᠤ ᠱᠠᠭᠠᠷᠳᠠᠯᠭ᠎ᠠ ᠬᠠᠮᠤᠭ ᠠᠴᠠ ᠦᠨᠳᠦᠷ ᠪᠠᠶᠢᠳᠠᠭ᠃ ᠰᠠᠶᠢᠬᠠᠨ ᠲᠠᠭᠤᠯᠠᠬᠤ᠂ ᠵᠦᠪ ᠲᠠᠭᠤᠯᠠᠬᠤ ᠨᠠᠭᠠᠳᠤ ᠵᠠᠬ᠎ᠠ ᠶᠢᠨ ᠬᠡᠷᠡᠭ᠂ ᠠᠶᠢᠯ ᠳᠤ ᠢᠷᠡᠭᠰᠡᠨ ᠠᠴᠠ ᠬᠤᠶᠢᠰᠢ ᠶᠤᠰᠤ ᠠᠯᠳᠠᠬᠤ ᠦᠭᠡᠢ ᠶᠢᠨ ᠲᠦᠯᠦᠭᠡ ᠶᠠᠪᠤᠨ ᠶᠠᠪᠤᠳᠠᠯ᠎ᠠ ᠲᠠᠭᠤᠯᠠᠭᠰᠠᠨ ᠲᠠᠭᠤᠤ ᠪᠠᠨ ᠲᠠᠪᠳᠠᠵᠤ ᠲᠠᠭᠤᠯᠠᠬᠤ ᠦᠭᠡᠢ ᠶᠢ ᠤᠨᠴᠠ ᠠᠩᠬᠠᠷᠳᠠᠭ᠃ ᠡᠨᠡ ᠮᠡᠳᠦ ᠶᠢᠨ ᠲᠠᠭᠤᠴᠢᠨ ᠠᠯᠠᠱᠠ ᠶᠢᠨ ᠡᠯ᠎ᠡ ᠭᠠᠵᠠᠷ ᠨᠤᠳᠤᠭ ᠲᠤ ᠪᠠᠶᠢᠬᠤ ᠯᠡ ᠪᠤᠶᠠᠨ᠃ ᠨᠢᠭᠡ ᠤᠷᠤᠢ ᠲᠦᠴᠢᠨ ᠲᠠᠭᠤᠤ ᠲᠠᠭᠤᠯᠠᠪᠠᠯ ᠨᠢᠭᠡ ᠮᠡᠳᠡᠬᠦ ᠳᠤ ᠦᠷᠯᠦᠭᠡ ᠪᠤᠯᠴᠢᠬᠠᠳᠠᠭ᠃ ᠠᠷᠦ ᠬᠡᠷ ᠲᠡᠭᠡᠨ ᠰᠠᠭᠤᠭ᠎ᠠ ᠦᠳᠡᠯᠦᠭᠡ ᠨᠠᠰᠤᠳᠠᠳ ᠨᠠᠶᠢᠷ ᠬᠤᠷᠢᠮ ᠤᠨ ᠰᠠᠶᠢᠨ ᠰᠠᠶᠢᠬᠠᠨ ᠢ ᠰᠤᠷᠠᠭᠯᠠᠬᠤ ᠳᠠᠭᠠᠨ ᠬᠡᠨ ᠬᠡᠨ ᠬᠡᠳᠡᠭ ᠲᠠᠭᠤᠴᠢᠨ᠂ ᠶᠠᠮᠠᠷ ᠶᠠᠮᠠᠷ ᠲᠠᠭᠤᠤ ᠶᠢ ᠶᠠᠭᠠᠬᠢᠵᠤ ᠲᠠᠭᠤᠯᠠᠵᠤ ᠪᠠᠶᠢᠬᠤ᠂ ᠶᠠᠮᠠᠷ ᠭᠠᠵᠠᠷ ᠨᠢ ᠶᠠᠭᠠᠬᠢᠵᠤ ᠲᠠᠭᠤᠯᠠᠵᠤ ᠪᠠᠶᠢᠬᠤ ᠶᠢ ᠤᠨᠴᠠ ᠶᠢᠨ ᠵᠠᠩᠬᠢ ᠪᠤᠯᠭᠠᠨ ᠯᠠᠪᠯᠠᠳᠠᠭ ᠪᠢᠯᠡ᠃ 3. ᠲᠠᠭᠤᠴᠢᠨ ᠪᠤᠯᠬᠤ ᠪᠤᠯᠪᠠᠰᠤᠷᠠᠯ᠄ ᠠᠯᠠᠱᠠ ᠠᠷᠠᠳ ᠤᠨ ᠤᠷᠳᠦ ᠶᠢᠨ ᠲᠠᠭᠤᠤ ᠶᠢ ᠦᠨᠡᠭᠡᠷ ᠦᠨᠳᠦᠷ ᠲᠦᠪᠰᠢᠨ ᠢᠶᠠᠷ ᠲᠠᠭᠤᠯᠠᠬᠤ ᠠᠷᠭ᠎ᠠ ᠪᠤᠯᠪᠠᠰᠤᠷᠠᠯ ᠢ ᠬᠦᠷᠳᠡᠮᠡᠨᠵᠢᠨ ᠰᠠᠶᠢ ᠵᠦᠪ ᠰᠠᠶᠢᠬᠠᠨ ᠲᠠᠭᠤᠯᠠᠵᠤ ᠴᠢᠳᠠᠳᠠᠭ᠃ ᠶᠡᠷᠦ ᠶᠢᠨ ᠲᠦᠷᠦᠯᠬᠢ ᠰᠠᠶᠢᠬᠠᠨ ᠬᠤᠭᠤᠯᠠᠢ ᠲᠠᠢ ᠬᠡᠤᠬᠡᠳ ᠵᠠᠯᠠᠭᠤᠴᠤᠳ ᠭᠡᠳ ᠵᠠᠪᠠᠯ ᠨᠡᠯᠢᠶᠡᠳ ᠨᠡᠷ᠎ᠡ ᠲᠠᠢ ᠬᠠᠭᠤᠴᠢᠨ ᠲᠠᠭᠤᠴᠢᠨ ᠠᠴᠠ ᠬᠡᠳᠦᠨ ᠵᠢᠯ ᠨᠢᠮᠪᠠᠢ ᠬᠢᠴᠢᠶᠡᠩᠬᠦᠢ ᠪᠠᠷ ᠵᠢᠭᠠᠯᠭᠠᠵᠤ ᠰᠤᠷᠤᠭᠠᠳ ᠰᠠᠶ᠋ᠢ ᠭᠠᠶᠢᠭᠤᠢ ᠰᠠᠶᠢᠬᠠᠨ ᠲᠠᠭᠤᠯᠠᠵᠤ ᠴᠢᠳᠠᠳᠠᠭ᠃ ᠰᠤᠷᠭᠠᠭᠤᠯᠢ ᠲᠠᠮᠵᠢᠭᠰᠠᠨ ᠲᠤᠰᠬᠠᠢ ᠮᠡᠷᠭᠡᠵᠢᠯ ᠤᠨ ᠲᠠᠭᠤᠴᠢᠨ ᠭᠡᠳ ᠴᠦ ᠨᠤᠳᠤᠭ ᠤᠷᠤᠨ ᠤ ᠠᠬᠠᠮᠠᠳ ᠠᠷᠠᠳ ᠤᠨ ᠲᠠᠭᠤᠴᠢᠨ ᠢᠶᠠᠷ ᠪᠠᠭᠰᠢ ᠪᠠᠷᠢᠵᠤ ᠨᠠᠷᠢᠨ ᠬᠢᠨᠠᠮᠠᠭᠠᠢ ᠲᠠᠭᠤᠯᠠᠬᠤ ᠠᠷᠭ᠎ᠠ ᠲᠤᠷᠰᠢᠯᠭ᠎ᠠ ᠶᠢ ᠰᠤᠷᠴᠤ ᠲᠡᠭᠡᠭᠰᠢᠯᠡᠬᠦᠯᠬᠦ ᠬᠡᠷᠡᠭᠳᠡᠢ ᠪᠠᠶᠢᠳᠠᠭ᠃ ᠤᠷᠳᠤ ᠶᠢᠨ ᠲᠠᠭᠤᠤ ᠶᠢ ᠲᠠᠭᠤᠯᠠᠬᠤ ᠳᠤ ᠪᠤᠰᠤᠳ ᠠᠴᠠ ᠤᠨᠴᠠᠭᠠᠢ ᠱᠠᠭᠠᠷᠳᠠᠯᠭ᠎ᠠ ᠭᠡᠪᠡᠯ ᠲᠠᠭᠤᠤ ᠪᠤᠯᠭᠠᠨ ᠤ ᠦᠩᠭᠡ ᠶᠢ ᠲᠠᠭᠤᠯᠠᠵᠤ ᠴᠢᠳᠠᠬᠤ ᠬᠡᠷᠡᠭᠳᠡᠢ᠃ ᠲᠡᠭᠤᠤ ᠨᠢᠭᠡᠪᠦᠷᠢ ᠶᠢᠨ ᠦᠩᠬᠡ᠂ ᠠᠮᠳᠠ᠂ ᠰᠡᠳᠬᠢᠯᠭᠡ ᠨᠢ ᠲᠤᠰ ᠲᠤᠰ ᠤᠨᠴᠠᠯᠢᠭ ᠲᠠᠢ ᠪᠠᠶᠢᠳᠠᠭ᠃ ᠲᠠᠭᠤᠤ ᠪᠠᠨ ᠲᠠᠭᠤᠯᠠᠬᠤ ᠳᠠᠭᠠᠨ ᠪᠠᠳᠠᠭ ᠪᠦᠬᠦᠨ ᠤ ᠨᠤᠭᠤᠯᠤᠭ᠎ᠠ ᠴᠠᠶᠢᠷᠠᠭᠤᠯᠭ᠎ᠠ ᠶᠢ ᠤᠶᠠᠩᠭᠠᠯᠬᠤ ᠳᠤ ᠬᠦᠴᠢᠷᠳᠡᠬᠦ ᠦᠭᠡᠢ ᠪᠠᠶᠢᠬᠤ ᠬᠡᠷᠡᠭᠳᠡᠢ᠃ ᠨᠤᠭᠤᠯᠤᠭ᠎ᠠ ᠴᠠᠶᠢᠷᠠᠭᠤᠯᠭ᠎ᠠ ᠪᠤᠯ ᠬᠠᠮᠤᠭ ᠤᠨ ᠭᠤᠸ᠎ᠠ ᠰᠠᠶᠢᠬᠠᠨ ᠰᠡᠳᠬᠢᠯᠭᠡ ᠶᠢ ᠲᠠᠭᠤᠯᠠᠵᠤ ᠪᠠᠶᠢᠳᠠᠭ ᠪᠤᠯᠬᠤᠷ ᠲᠠᠭᠤᠤ ᠨᠢᠭᠡᠪᠤᠷᠢ ᠶᠢᠨ ᠭᠤᠤᠯ ᠤᠨᠴᠠᠯᠢᠭ᠂ ᠭᠤᠤᠯ ᠤᠷᠬᠢᠯ ᠨᠢ ᠪᠤᠯᠵᠤ ᠪᠠᠶᠢᠳᠠᠭ᠃ ᠤᠷᠳᠤ ᠶᠢᠨ ᠲᠠᠭᠤᠤ ᠶᠢ ᠲᠠᠭᠤᠯᠠᠬᠤ ᠳᠤ ᠠᠮᠢᠰᠬᠤᠭ᠎ᠠ ᠬᠡᠷᠡᠭᠯᠡᠬᠦ ᠶᠢ ᠤᠨᠴᠠ ᠪᠤᠯᠪᠠᠰᠤᠷᠠᠬᠤ ᠬᠡᠷᠡᠭᠳᠡᠢ ᠪᠠᠶᠢᠳᠠᠭ᠃ ᠠᠮᠢᠰᠬᠤᠭ᠎ᠠ ᠪᠤᠯ ᠲᠠᠭᠤᠤ ᠶᠢᠨ ᠠᠮᠢᠨ ᠰᠦᠨᠡᠰᠦ ᠮᠥᠨ᠃ 4. ᠠᠯᠠᠱᠠ ᠠᠷᠠᠳ ᠤᠨ ᠤᠷᠳᠤ ᠶᠢᠨ ᠲᠠᠭᠤᠤ ᠶᠢᠨ ᠦᠭᠡ ᠦᠬᠦᠯᠡᠪᠦᠷᠢ ᠨᠢ ᠠᠷᠠᠳ ᠤᠨ ᠶᠠᠷᠢᠶᠠᠨ ᠤ ᠬᠡᠯᠡᠯᠭᠡ ᠪᠠᠷ ᠰᠠᠭᠤᠷᠢ ᠪᠤᠯᠭᠠᠵᠤ ᠵᠤᠬᠢᠶᠠᠨ ᠪᠦᠳᠦᠭᠡᠭᠳᠡᠭᠰᠡᠨ ᠪᠠᠶᠢᠳᠠᠭ᠃ ᠤᠯᠠᠩᠬᠢ ᠳᠠᠭᠠᠨ ᠪᠠᠶᠢᠭᠠᠯᠢ ᠪᠤᠯᠤᠨ ᠬᠦᠮᠦᠨ ᠤ ᠰᠡᠳᠬᠢᠯᠭᠡ᠂ ᠠᠮᠢᠳᠠᠨ ᠤᠷᠭᠤᠮᠠᠯ᠂ ᠠᠭᠤᠯᠠ ᠤᠰᠤ ᠪᠤᠯᠤᠨ ᠬᠦᠮᠦᠨ ᠤ ᠰᠡᠳᠬᠢᠯᠭᠡ ᠶᠢ ᠤᠳᠬᠠᠴᠢᠯᠠᠨ ᠬᠤᠯᠪᠤᠵᠤ᠂ ᠲᠠᠪᠳᠠᠨ ᠨᠤᠷᠱᠤᠵᠤ ᠪᠠᠶᠢᠳᠠᠭ ᠪᠤᠯᠬᠤᠷ ᠲᠠᠭᠤᠯᠠᠬᠤ ᠳᠤ ᠲᠠᠭᠤᠤ ᠶᠢᠨ ᠦᠬᠡᠨ ᠳᠡᠭᠡᠨ ᠬᠦᠴᠢᠷᠳᠡᠳᠡᠭ ᠦᠭᠡᠢ ᠮᠦᠷᠳᠡᠭᠡᠨ ᠲᠠᠭᠤᠤ ᠶᠢᠨ ᠢᠶᠠᠨ ᠤᠳᠬ᠎ᠠ ᠰᠠᠨᠠᠭ᠎ᠠ ᠶᠢ ᠬᠦᠢᠴᠡᠳ ᠲᠤᠪᠤᠶᠢᠯᠭᠠᠨ ᠢᠯᠡᠳᠭᠡᠵᠤ ᠴᠢᠳᠠᠳᠠᠭ᠃ ᠲᠠᠭᠤᠤ ᠶᠢᠨ ᠦᠬᠡ ᠪᠠᠨ ᠲᠠᠭᠤᠯᠠᠬᠤ ᠪᠠᠷ ᠲᠠᠮᠵᠢᠨ ᠠᠮᠢᠯᠠᠭᠤᠯᠤᠨ ᠪᠤᠰᠬᠠᠵᠤ ᠤᠷᠠᠯᠢᠭ ᠤᠨ ᠦᠨᠳᠦᠷ ᠲᠦᠪᠰᠢᠨ ᠳᠤ ᠬᠦᠷᠭᠡᠬᠦ ᠶᠢ ᠱᠠᠭᠠᠷᠳᠠᠳᠠᠭ᠃ ᠠᠯᠠᠱᠠ ᠠᠷᠠᠳ ᠤᠨ ᠤᠷᠳᠦ ᠶᠢᠨ ᠲᠠᠭᠤᠤ ᠶᠢ ᠲᠠᠭᠤᠯᠠᠬᠤ ᠳᠤ ᠠᠭᠠᠵᠢᠭᠤ ᠲᠠᠶᠢᠪᠤᠭᠤ᠂ ᠴᠢᠯᠦᠭᠡᠳᠡᠢ ᠲᠠᠭᠤᠯᠠᠬᠤ ᠶᠢ ᠡᠷᠬᠢᠮᠯᠡᠳᠡᠭ᠃ ᠶᠠᠭᠠᠷᠠᠤ ᠰᠠᠨᠳᠤᠷᠠᠤ ᠤᠭᠵᠤᠮ ᠵᠤᠭᠰᠤᠬᠤ᠂ ᠪᠤᠰᠤᠳ ᠠᠴᠠ ᠲᠡᠷᠢᠬᠦᠯᠡᠨ ᠲᠠᠭᠠᠷᠢᠬᠤ᠂ ᠲᠠᠭᠤᠤ ᠶᠢᠨ ᠦᠭᠡ ᠶᠢ ᠲᠤᠳᠠᠭᠤ ᠲᠠᠭᠤᠯᠠᠬᠤ ᠶᠢ ᠴᠡᠭᠡᠷᠯᠡᠳᠡᠭ᠃ ᠤᠷᠳᠦ ᠶᠢᠨ ᠲᠠᠭᠤᠤ ᠶᠢ ᠭᠠᠭᠴᠠ ᠬᠦᠮᠦᠨ ᠤ ᠲᠠᠭᠤᠯᠠᠬᠤ ᠳᠤ ᠲᠦᠰᠢᠭᠯᠡᠵᠤ ᠪᠤᠯᠳᠠᠭ ᠦᠭᠡᠢ᠂ ᠤᠯᠠᠨ ᠢᠶᠠᠷ ᠢᠶᠠᠨ ᠡᠯᠬᠦᠵᠤ᠂ ᠡᠷᠬᠦᠵᠤ ᠲᠠᠭᠤᠯᠠᠳᠠᠭ ᠶᠤᠰᠤ ᠲᠠᠢ᠃ ᠤᠷᠳᠦ ᠶᠢᠨ ᠲᠠᠭᠤᠤ ᠶᠢ ᠲᠠᠭᠤᠯᠠᠵᠤ ᠨᠠᠶᠢᠷᠯᠠᠬᠤ ᠳᠤ ᠵᠠᠪᠠᠯ ᠨᠢᠭᠡ ᠲᠠᠭᠤᠤ ᠪᠠᠨ ᠲᠠᠭᠤᠯᠠᠵᠤ ᠪᠠᠶᠢᠭᠠᠳ ᠪᠦᠬᠦᠳᠡᠭᠡᠷ ᠢᠶᠠᠨ ︽ᠨᠠᠶᠢᠷᠯᠠᠨ ᠵᠠᠬᠢᠶ᠎ᠠ︾ ᠶᠢ ᠲᠠᠭᠤᠯᠠᠳᠠᠭ ᠶᠤᠰᠤᠳᠠᠢ᠃ ᠡᠨᠡ ᠨᠢ ᠨᠠᠶᠢᠷ ᠵᠠᠯᠭᠠᠬᠤ ᠲᠠᠭᠤᠤ ᠪᠤᠯᠤᠨ᠎ᠠ᠃ ᠪᠠᠰᠠ ︽ᠲᠦᠷᠢᠯᠭᠡ︾ ᠭᠡᠳᠡᠭ᠃ ᠶᠠᠭᠤᠨ ᠳᠤ ᠨᠠᠶᠢᠷ ᠵᠠᠯᠭᠠᠬᠤ᠂ ᠨᠠᠶᠢᠷ ᠰᠡᠷᠬᠦᠭᠡᠬᠦ ᠲᠠᠭᠤᠤ ᠭᠡᠵᠤ ᠶᠠᠷᠢᠳᠠᠭ ᠶᠤᠮ ᠭᠡᠪᠡᠯ᠂ ᠡᠮᠦᠨ᠎ᠡ ᠲᠠᠭᠤᠤ ᠪᠠᠨ ᠲᠡᠬᠦᠰᠭᠡᠵᠤ᠂ ᠤᠯᠠᠨ ᠢᠶᠠᠷ ᠢᠶᠠᠨ ᠰᠡᠳᠬᠢᠯ ᠰᠠᠨᠠᠭ᠎ᠠ ᠪᠠᠨ ᠰᠤᠯᠠ ᠲᠠᠯᠪᠢᠨ ᠠᠮᠠᠷᠠᠨ ᠵᠠᠪᠰᠠᠷᠯᠠᠵᠤ ᠪᠠᠶᠢᠬᠤ ᠵᠠᠪ ᠵᠠᠭᠤᠷ᠎ᠠ ᠲᠠᠷᠠᠭ᠎ᠠ ᠲᠠᠭᠤᠤ ᠪᠠᠨ ᠡᠬᠢᠯᠡᠵᠤ ᠲᠠᠭᠤᠯᠠᠳᠠᠭ ᠬᠦᠮᠦᠨ ᠳᠤ ᠪᠡᠯᠡᠳᠭᠡᠯ ᠤᠨ ᠴᠠᠭ ᠬᠠᠩᠭᠠᠵᠤ ᠪᠠᠶᠢᠭ᠎ᠠ ᠶᠠᠪᠤᠳᠠᠯ ᠪᠤᠯᠤᠨ᠎ᠠ᠃ ᠤᠷᠳᠤ ᠶᠢᠨ ᠲᠠᠭᠤᠤ ᠶᠢ ᠲᠠᠭᠤᠯᠠᠬᠤ ᠳᠤ ︽ᠨᠠᠶᠢᠷᠯᠠᠨ ᠵᠠᠬᠢᠶ᠎ᠠ︾ ᠲᠠᠭᠤᠯᠠᠬᠤ ᠦᠭᠡᠢ ᠪᠠᠶᠢᠵᠤ ᠪᠤᠯᠬᠤ ᠦᠭᠡᠢ᠂ ᠭᠡᠪᠡᠴᠤ ᠡᠨᠡ ᠨᠢ ᠶᠡᠭᠡ ᠪᠠᠭ᠎ᠠ ᠨᠠᠶᠢᠷ ᠤᠨ ᠲᠦᠯᠦᠭᠡ ᠦᠢᠯᠡᠴᠢᠯᠡᠳᠡᠭ ᠲᠠᠭᠤᠤ ᠪᠤᠯᠤᠨ᠎ᠠ᠃ ᠠᠯᠠᠱᠠ ᠠᠷᠠᠳ ᠤᠨ ᠤᠷᠳᠤ ᠶᠢᠨ ᠲᠠᠭᠤᠤ ᠶᠢ ᠶᠤᠰᠤ ᠲᠠᠢ ᠵᠢᠷᠤᠮ ᠲᠠᠢ ᠰᠠᠶᠢᠬᠠᠨ ᠲᠠᠭᠤᠯᠠᠵᠤ᠂ ᠰᠦᠰᠦᠭᠯᠡᠨ ᠰᠢᠳᠦᠵᠤ ᠪᠠᠶᠢᠳᠠᠭ ᠤᠴᠢᠷ ᠠᠴᠠ ᠵᠦᠪᠬᠡᠨ ᠤᠷᠳᠦ ᠶᠢᠨ ᠲᠠᠭᠤᠤ ᠪᠤᠯᠭᠠᠨ ᠤ ᠶᠤᠰᠤ ᠪᠠᠷ ᠲᠠᠭᠤᠷᠢᠶᠠᠨ ᠲᠠᠭᠤᠯᠠᠵᠤ ᠪᠤᠯᠳᠠᠭ ᠦᠭᠡᠢ᠃ ᠨᠠᠭᠠᠳᠤ ᠵᠠᠬ᠎ᠠ ᠳᠠᠭᠠᠨ ᠦᠬᠡ ᠠᠶᠠᠯᠭᠤ ᠶᠢ ᠨᠢ ᠴᠦ ᠨᠡᠶᠢᠯᠡᠬᠦᠯᠵᠤ ᠴᠢᠳᠠᠬᠤ ᠦᠭᠡᠢ ᠲᠠᠭᠤᠷᠢᠶᠠᠨ ᠲᠠᠭᠤᠯᠠᠬᠤ᠂ ᠡᠯᠡᠭᠯᠡᠨ ᠲᠠᠭᠤᠯᠠᠬᠤ᠂ ᠬᠡᠯᠡᠬᠡᠢ ᠬᠠᠵᠠᠭᠠᠢ ᠲᠠᠭᠤᠯᠠᠬᠤ ᠶᠢ ᠶᠡᠭᠡ ᠪᠠᠷ ᠴᠡᠭᠡᠷᠯᠡᠳᠡᠭ ᠪᠢᠯᠡ᠃ ᠡᠷᠳᠡᠨᠢᠳᠠᠯᠠᠢ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号