ᠡᠵᠡᠨ᠎ᠠ ᠲᠤᠷᠭᠤᠳ ᠠᠷᠠᠳ ᠤᠨ ᠲᠠᠭᠤᠦ ᠶᠢᠨ ᠲᠡᠤᠬᠡᠨ ᠢᠷᠡᠯᠳᠡ ᠵᠢᠴᠢ ᠤᠳᠬ᠎ᠠ ᠰᠠᠨᠠᠭᠠᠨ ᠤ ᠬᠢᠨᠢ ᠲᠤᠬᠠᠢ ᠴᠤᠬᠤᠰ ᠲᠠᠶᠢᠯᠤᠮᠵᠢ
ᠨᠡᠶᠢᠲᠡᠯᠡᠭᠰᠡᠨ ᠴᠠᠭ᠄
2019/12/11
ᠡᠵᠡᠨ᠎ᠠ ᠲᠤᠷᠭᠤᠳ ᠮᠤᠩᠭᠤᠯᠴᠤᠳ ᠪᠣᠯ ᠠᠵᠢᠯᠴᠢ ᠬᠦᠳᠡᠯᠮᠤᠷᠢᠴᠢ᠂ ᠠᠰᠪᠤᠷᠢ ᠴᠠᠶᠢᠯᠭᠠᠨ᠂ ᠠᠬᠠᠰ ᠵᠠᠬᠠᠰ ᠢᠶᠠᠨ ᠬᠦᠨᠳᠦᠯᠡᠳᠡᠭ ᠠᠷᠢᠭᠤᠨ ᠰᠠᠶᠢᠬᠠᠨ ᠵᠠᠩ ᠲᠠᠳᠬᠠᠯ ᠲᠠᠢ ᠶᠤᠮ᠃ ᠬᠡᠳᠦᠨ ᠵᠠᠭᠤᠨ ᠵᠢᠯ ᠤᠨ ᠲᠡᠦᠭᠡᠨ ᠶᠠᠪᠤᠴᠨ ᠲᠤᠮᠳᠡ ᠪᠠᠨ ᠡᠵᠡᠨ᠎ᠠ ᠮᠤᠩᠭᠤᠯᠴᠤᠳ ᠦᠪᠡᠷ ᠤᠨ ᠤᠢ ᠪᠢᠯᠢᠭ ᠢᠶᠠᠨ ᠢᠯᠡᠷᠡᠬᠦᠯᠵᠦ᠂ ᠡᠷᠢᠯ ᠬᠦᠰᠡᠯ᠂ ᠡᠷᠡᠮᠡᠯᠵᠡᠯ ᠨᠠᠶᠢᠳᠠᠯᠭ᠎ᠠ ᠪᠠᠨ ᠵᠦᠩᠨᠡᠭᠰᠡ ᠲᠤᠷᠭᠤᠤᠨ ᠤᠨ ᠦᠪᠡᠷᠮᠢᠴᠡ ᠤᠨᠴᠠᠯᠢᠭ ᠲᠠᠢ ᠠᠷᠠᠳ ᠤᠨ ᠲᠠᠭᠤᠦ ᠪᠠᠨ ᠵᠤᠬᠢᠶᠡᠨ ᠲᠠᠭᠤᠯᠠᠵᠦ᠂ ᠤᠯᠠᠮᠵᠢᠯᠡᠨ ᠲᠡᠯᠭᠡᠷᠡᠬᠦᠯᠦᠭᠰᠡᠭᠡᠷ ᠢᠷᠡᠵᠡᠢ᠃ ᠨᠤᠳᠤᠭ ᠤᠨ ᠪᠤᠭᠤᠷᠤᠯᠴᠤᠤᠨ ᠤᠨ ᠬᠡᠯᠡᠬᠦ ᠪᠠᠷ᠂ ᠦᠩᠭᠡᠷᠡᠭᠰᠡᠨ ᠳᠤ ᠡᠵᠡᠨ᠎ᠠ ᠶᠢᠨ ᠬᠦᠮᠦᠨ ᠠᠮᠨ ᠨᠢ ᠴᠦᠭᠡᠨ ᠪᠤᠯᠪᠠᠴᠦ ᠲᠠᠭᠤᠴᠢᠨ ᠬᠠᠷᠢᠨ ᠤᠯᠠᠨ ᠪᠠᠶᠢᠬᠰᠡᠨ ᠮᠦᠷᠳᠡᠭᠡᠨ ᠵᠦᠪᠭᠡᠨ ᠲᠤᠷᠭᠤᠳ ᠠᠷᠠᠳ ᠤᠨ ᠲᠠᠭᠤᠦ ᠲᠦᠷᠪᠡᠨ ᠵᠠᠭᠤᠭᠠᠳ ᠪᠠᠶᠢᠬᠰᠡᠨ ᠭᠡᠳᠡᠭ᠃ ︽ᠲᠤᠷᠭᠤᠳ ᠲᠠᠭᠤᠴᠢᠨ︾ ᠬᠡᠵᠦ ᠡᠵᠡᠨ᠎ᠠ ᠨᠤᠳᠤᠭ ᠲᠤ ᠨᠡᠷ᠎ᠠ ᠠᠯᠳᠡᠷᠰᠢᠵᠦ ᠪᠠᠶᠢᠬᠰᠡᠨ ᠪᠤᠤᠪᠦ ᠪᠦᠰᠡᠬᠦᠢ ᠭᠠᠭᠴᠠᠭᠠᠷ ᠢᠶᠠᠨ ᠭᠤᠷᠪᠡᠨ ᠵᠠᠭᠤᠭᠠᠳ ᠲᠠᠭᠤᠤ ᠮᠡᠳᠡᠳᠡᠭ ᠪᠠᠶᠢᠬᠰᠡᠨ ᠪᠦᠭᠡᠳ ᠵᠦᠪᠭᠡᠨ ᠲᠤᠷᠭᠤᠳ ᠤᠨ ᠢᠶᠠᠨ ︽ᠭᠡᠭᠡᠷ︾ ᠡᠬᠢᠳᠡᠢ ᠲᠠᠭᠤᠦ ᠶᠢ ᠠᠷᠪᠡᠨ ᠭᠤᠷᠪᠡ ᠮᠡᠳᠡᠵᠦ ᠲᠠᠭᠤᠯᠠᠳᠠᠭ ᠪᠠᠶᠢᠬᠰᠠᠨ ᠠᠴᠠ ᠤᠳᠦ ᠡᠵᠡᠨ᠎ᠠ ᠶᠢᠨ ︽ᠠᠷᠪᠠᠨ ᠭᠤᠷᠪᠠᠨ ᠭᠡᠭᠡᠷ︾ ᠬᠡᠵᠦ ᠤᠯᠠᠮᠵᠢᠯᠠᠭᠳᠡᠨ ᠲᠠᠭᠤᠯᠠᠭᠳᠠᠵᠦ ᠪᠠᠶᠢᠨ᠎ᠠ᠃ ᠮᠤᠩᠭᠤᠯ ᠦᠨᠳᠦᠰᠦᠳᠡᠨ ᠤ ᠠᠯᠳᠡᠷᠳᠦ ᠲᠠᠭᠤᠴᠢᠨ ᠲᠡᠳᠮ᠎ᠠ ᠪᠣᠯ ᠮᠦᠨᠴᠦ ᠡᠵᠡᠨ᠎ᠠ ᠲᠤᠷᠭᠤᠳ ᠨᠤᠳᠤᠭ ᠤᠨ ᠢᠶᠠᠨ ᠲᠤᠷᠭᠠᠨ ᠬᠦᠷᠦᠰᠦᠨ ᠲᠡᠭᠡᠷ᠎ᠠ ᠲᠤᠭᠯᠡᠨ ᠦᠰᠦᠭᠰᠡᠨ ᠲᠠᠭᠤᠴᠢᠨ ᠶᠤᠮ᠃ ᠡᠶᠢᠮᠦ ᠠᠴᠠ ᠬᠦᠮᠦᠰ ᠡᠵᠡᠨ᠎ᠠ ᠲᠤᠷᠭᠤᠳ ᠨᠤᠳᠤᠭ ᠢ ᠮᠢᠨᠢ ︽ᠲᠠᠭᠤᠦ ᠶᠢᠨ ᠲᠠᠯᠠᠢ ᠲᠠᠭᠤᠴᠢᠨ  ᠤ ᠨᠤᠳᠤᠭ︾ ᠬᠡᠵᠦ ᠪᠢᠰᠢᠷᠡᠨ ᠪᠠᠭ᠋ᠠᠷᠬᠠᠳᠠᠭ ᠪᠢᠯᠡ᠃ ᠡᠵᠡᠨ᠎ᠠ ᠲᠤᠷᠭᠤᠳ ᠠᠷᠠᠳ ᠤᠨ ᠲᠠᠭᠤᠦ ᠪᠣᠯ ᠡᠪᠦᠭᠡ ᠲᠡᠭᠡᠳᠤᠰ ᠤᠨ ᠮᠢᠨᠢ ᠦᠯᠡᠳᠡᠭᠡᠭᠰᠡᠨ ᠦᠨᠡᠳᠦ ᠦᠪ ᠮᠦᠨ ᠪᠦᠭᠡᠳ ᠮᠤᠩᠭᠤᠯ ᠦᠨᠳᠦᠰᠦᠳᠡᠨ ᠤ ᠮᠢᠨᠢ ᠰᠤᠶᠤᠯ ᠤᠷᠠᠯᠢᠭ ᠤᠨ ᠡᠷᠳᠡᠨᠢᠰ ᠤᠨ ᠰᠠᠩ ᠳᠠᠬᠢ ᠨᠢᠭᠡᠨ ᠮᠦᠬᠦᠯᠢᠭ ᠭᠡᠷᠡᠯᠳᠦ ᠰᠤᠪᠤᠳ ᠪᠤᠯᠬᠤᠷ᠂ ᠲᠡᠬᠦᠨ ᠢ ᠰᠤᠷᠴᠦ ᠰᠤᠳᠤᠯᠬᠤ ᠨᠢ ᠡᠵᠡᠨ᠎ᠠ ᠲᠤᠷᠭᠤᠳ ᠨᠤᠳᠤᠭ ᠤᠨ ᠰᠤᠶᠤᠯ ᠲᠡᠦᠭᠡ᠂ ᠠᠮᠢ ᠠᠬᠤᠢ᠂ ᠨᠡᠶᠢᠭᠡᠮ ᠤᠨ ᠠᠮᠢᠳᠤᠷᠠᠯ᠂ ᠵᠠᠩ ᠲᠠᠳᠬᠠᠯ᠂ ᠨᠤᠳᠤᠭ ᠤᠨ ᠬᠡᠯᠡ ᠠᠶᠠᠯᠭᠤ ᠵᠡᠷᠭᠡ ᠶᠢ ᠰᠤᠳᠤᠯᠬᠤ ᠳᠤ ᠮᠠᠰᠢ ᠦᠨ᠎ᠠ ᠴᠡᠨ᠎ᠠ ᠲᠠᠢ ᠮᠠᠲ᠋ᠧᠷᠢᠶᠠᠯ ᠪᠤᠯᠬᠤ ᠮᠦᠷᠳᠡᠭᠡᠨ ᠮᠤᠩᠭᠤᠯ ᠦᠨᠳᠦᠰᠦᠳᠡᠨ ᠤ ᠰᠤᠶᠤᠯ ᠤᠷᠠᠯᠢᠭ ᠤᠨ ᠬᠦᠭᠵᠢᠯᠳᠡ ᠳᠤ ᠲᠡᠦᠭᠡ ᠶᠢᠨ ᠠᠬᠤᠶᠢᠴᠢ ᠠᠴᠢ ᠬᠤᠯᠪᠤᠭᠳᠡᠯ ᠲᠠᠢ ᠶᠤᠮ᠃ ᠪᠢᠲᠡᠨᠡᠷ ᠡᠵᠡᠨ᠎ᠠ ᠲᠤᠷᠭᠤᠳ ᠠᠷᠠᠳ ᠤᠨ ᠲᠠᠭᠤᠦ ᠪᠠᠨ ᠴᠦᠮ ᠢ ᠲᠠᠭᠤᠯᠠᠵᠦ ᠰᠤᠷᠴᠦ ᠴᠢᠳᠠᠬᠤ ᠦᠭᠡᠢ ᠪᠤᠯᠤᠭᠰᠡᠨ ᠴᠦ᠂ ᠨᠠᠭᠠᠳᠦ ᠵᠠᠬ᠎ᠠ ᠳᠠᠭᠠᠨ ᠲᠡᠮᠳᠡᠭᠯᠡᠵᠦ ᠠᠪᠤᠭᠠᠳ᠂ ᠲᠡᠬᠦᠨᠠᠷ ᠬᠤᠶᠢᠴᠢᠰ ᠲᠠᠭᠠᠨ ᠰᠤᠨᠢᠷᠬᠠᠭᠤᠯᠵᠦ᠂ ᠦᠶ᠎ᠡ ᠤᠯᠠᠷᠢᠨ ᠤᠯᠠᠮᠵᠢᠯᠡᠨ ᠵᠠᠯᠭᠠᠮᠵᠢᠯᠠᠬᠤ ᠶᠤᠮ ᠰᠡᠨ ᠬᠡᠵᠦ ᠪᠤᠳᠤᠭᠠᠳ᠂ ᠠᠵᠶ᠋ᠯ ᠤᠨ ᠴᠢᠯᠦᠭᠡᠨ ᠳᠤ ᠨᠠᠰᠤᠳᠠᠢ ᠡᠵᠢ᠂ ᠲᠦᠷᠦᠯ ᠤᠭᠰᠠᠭᠠᠳᠡᠨ ᠠᠴᠠ ᠪᠠᠨ ᠤᠷᠢᠳ ᠬᠤᠵᠢᠳ ᠪᠠᠭ᠎ᠠ ᠦᠭᠡᠢ ᠲᠤᠷᠭᠤᠳ ᠠᠷᠠᠳ ᠤᠨ ᠲᠠᠭᠤᠤ ᠶᠢ ᠲᠠᠮᠳᠡᠭᠯᠡᠵᠦ ᠴᠤᠭᠯᠠᠭᠤᠯᠪᠡ᠃ ᠮᠦᠨᠴᠦ ᠨᠠᠰᠤᠳᠠᠢ ᠡᠵᠢ ᠨᠠᠷ ᠢ ᠡᠷᠢᠵᠦ᠂ ᠡᠵᠡᠨ᠎ᠠ ᠠᠷᠠᠳ ᠤᠨ ᠤᠷᠳᠦ᠂ ᠤᠬᠤᠷ ᠲᠠᠭᠤᠦ᠂ ᠪᠦᠵᠢᠭ ᠤᠨ ᠬᠡᠪ ᠨᠠᠮᠪᠠ᠂ ᠲᠤᠮᠤᠭ ᠦᠯᠢᠭᠡᠷ ᠲᠤ ᠬᠦᠷᠳᠡᠯ᠎ᠠ ᠴᠤᠭᠯᠠᠭᠤᠯᠤᠨ ᠡᠮᠬᠢᠳᠭᠡᠭᠡᠳ᠂ ᠦᠪᠡᠷ ᠤᠨ ᠤᠶᠤᠨ ᠤᠬᠠᠭᠠᠨ᠂ ᠬᠦᠴᠦ ᠬᠦᠯᠦᠰᠦ ᠪᠠᠨ ᠵᠠᠷᠤᠴᠠᠭᠤᠯᠤᠨ ᠪᠠᠶᠢᠵᠦ᠂ ᠶᠠᠮᠠᠷᠪᠡ ᠶᠠᠭᠤᠮ᠎ᠠ ᠶᠢ ᠤᠷᠠᠨ ᠰᠠᠶᠢᠬᠠᠨ᠂ ᠠᠮᠢᠳᠤᠯᠢᠭ ᠪᠤᠳᠠᠳᠠᠢ᠂ ᠤᠷᠠᠯᠢᠭ ᠪᠦᠳᠦᠭᠡᠯᠴᠢ ᠪᠠᠷ ᠢᠯᠡᠷᠡᠬᠦᠯᠵᠦ ᠪᠤᠯᠤᠨ᠎ᠠ ᠭᠡᠳᠡᠭ ᠢ ᠰᠡᠳᠦᠵᠦ ᠮᠡᠳᠡᠭᠰᠡᠨ ᠪᠢᠯᠡ᠃ ᠡᠵᠡᠨ᠎ᠠ ᠲᠤᠷᠭᠤᠳ ᠠᠷᠠᠳ ᠤᠨ ᠲᠠᠭᠤᠦ ᠶᠢᠨ ᠲᠡᠦᠭᠡᠨ ᠢᠷᠡᠯᠳᠡ ᠶᠢᠨ ᠲᠤᠬᠠᠢ ᠰᠦᠪᠡᠭᠴᠢᠯᠡᠯ ᠡᠵᠡᠨ᠎ᠠ ᠲᠤᠷᠭᠤᠳ ᠠᠷᠠᠳ ᠤᠨ ᠲᠠᠭᠤᠦ ᠶᠢ ᠰᠢᠨᠵᠢᠶᠠᠩ ᠤᠨ ᠬᠤᠪᠤᠬᠰᠠᠶᠢᠷ ᠠᠴᠠ᠂ ᠳᠠᠷᠠᠴᠢᠯᠠᠠ ᠤᠷᠤᠰ ᠤᠨ ᠢᠵᠢᠯ ᠮᠦᠷᠡᠨ ᠠᠴᠠ ᠲᠠᠯ᠎ᠠ ᠨᠤᠳᠤᠭ ᠲᠤ ᠬᠦᠷᠳᠡᠯ᠎ᠠ ᠲᠠᠭᠤᠯᠠᠵᠦ᠂ ᠡᠵᠡᠨ᠎ᠠ ᠲᠤᠷᠭᠤᠳᠴᠤᠳ ᠤᠨ ᠰᠤᠶᠤᠯ ᠲᠡᠦᠭᠡᠨ ᠳᠤ ᠨᠢᠭᠡᠨ ᠪᠠᠯᠠᠷᠠᠰᠢ ᠦᠭᠡᠢ ᠲᠡᠮᠳᠡᠭᠯᠡᠯ ᠢ ᠦᠯᠡᠳᠡᠭᠡᠭᠰᠡᠨ ᠪᠠᠶᠢᠳᠠᠭ ᠢ ᠮᠡᠳᠡᠵᠦ ᠪᠤᠯᠬᠤ ᠶᠤᠮ᠃ ᠡᠶᠢᠮᠦ  ᠠᠴᠠ ᠪᠢᠳᠡᠨᠠᠷ ᠡᠵᠡᠨ᠎ᠠ ᠶᠢᠨ ᠲᠤᠷᠭᠤᠳ ᠠᠷᠠᠳ ᠤᠨ ᠲᠠᠭᠤᠦ ᠳᠤ ᠬᠤᠯᠪᠤᠭᠳᠠᠭᠰᠡᠨ ᠬᠦᠮᠦᠨ ᠤ ᠨᠡᠷ᠎ᠠ᠂ ᠭᠠᠵᠠᠷ  ᠤᠨ ᠨᠡᠷ᠎ᠠ ᠠᠴᠠ ᠲᠡᠳᠡᠨᠠᠷ ᠤᠨ ᠠᠳᠠᠯᠢ ᠪᠤᠰᠦ ᠭᠠᠵᠠᠷ ᠨᠤᠳᠤᠭ ᠲᠤ ᠨᠡᠬᠦᠳᠡᠯᠯᠡᠨ ᠠᠮᠢᠳᠦᠷᠠᠵᠦ ᠪᠠᠶᠢᠬᠰᠠᠨ ᠲᠡᠦᠭᠡ  ᠶᠢ ᠲᠤᠳᠤᠯᠠᠵᠦ ᠪᠤᠯᠬᠤ ᠮᠦᠷᠳᠡᠭᠡᠨ ᠲᠡᠳᠡᠭᠡᠷ ᠲᠠᠭᠤᠦ ᠶᠢᠨ ᠲᠡᠦᠭᠡᠨ ᠢᠷᠠᠯᠳᠡ ᠶᠢ ᠴᠦ ᠡᠷᠢᠵᠦ ᠤᠯᠵᠦ ᠪᠤᠯᠤᠮᠠᠷ ᠪᠠᠶᠢᠨ᠎ᠠ᠃ ᠨᠠᠰᠤᠳᠠᠢ ᠡᠵᠢ ᠪᠤᠯᠤᠨ ᠠᠬᠠᠮᠠᠳ ᠬᠦᠭᠰᠢᠳ ᠠᠴᠠ ᠤᠷᠴᠢᠮᠬᠠᠨ ᠡᠮᠬᠢᠳᠭᠡᠵᠦ ᠴᠤᠭᠯᠠᠭᠤᠯᠤᠭᠰᠡᠨ ᠡᠵᠡᠨ᠎ᠠ ᠲᠤᠷᠭᠤᠳ ᠠᠷᠠᠳ ᠤᠨ ᠲᠠᠭᠤᠦ ᠠᠴᠠ ᠰᠢᠨᠵᠢᠪᠡᠯ᠂ ᠲᠤᠷᠭᠤᠳ ᠠᠶᠢᠮᠠᠭ ᠤᠨ ᠡᠷᠳᠡᠨ ᠤ ᠲᠠᠭᠤᠦ ᠦᠨᠦ ᠪᠤᠯᠳᠠᠯ᠎ᠠ ᠵᠤᠬᠢᠬᠤ ᠬᠡᠮᠵᠢᠶ᠎ᠠ ᠪᠠᠷ ᠤᠯᠠᠮᠵᠢᠯᠠᠭᠳᠡᠨ ᠲᠠᠭᠤᠯᠠᠭᠳᠠᠵᠦ ᠪᠠᠶᠢᠨ᠎ᠠ᠃ ᠭᠤᠤᠯᠳᠠᠭᠤ ᠲᠤᠷᠭᠤᠳ ᠠᠶᠢᠮᠠᠭ ᠢᠵᠢᠯ ᠮᠦᠷᠡᠨ ᠳᠤ ᠨᠡᠬᠦᠬᠦ ᠠᠴᠠ ᠡᠮᠦᠨ᠎ᠠ᠂ ᠬᠠᠩᠭᠠᠢ ᠪᠠᠷ ᠲᠠᠮᠵᠢᠵᠦ᠂ ᠵᠠᠯᠠᠳᠡᠢ᠂ ᠲᠠᠷᠪᠠᠭᠠᠳᠡᠢ᠂ ᠬᠤᠪᠤᠭᠰᠠᠶᠢᠷ  ᠲᠤ ᠨᠤᠳᠤᠭᠰᠢᠵᠦ ᠪᠠᠶᠢᠬᠤ ᠳᠠᠭᠠᠨ ᠵᠤᠬᠢᠶᠠᠵᠦ ᠲᠠᠭᠤᠯᠠᠭᠰᠡᠨ ᠲᠠᠭᠤᠦ ᠨᠤᠭᠤᠳ ᠨᠢ ᠡᠳᠦᠭᠡ ᠪᠤᠯᠳᠡᠯ᠎ᠠ ᠤᠯᠠᠮᠵᠢᠯᠠᠭᠳᠡᠨ ᠲᠠᠭᠤᠯᠠᠭᠳ᠋ᠬᠠᠰᠠᠭᠠᠷ ᠪᠠᠶᠢᠬᠤ ᠶᠢ ᠠᠵᠢᠭᠯᠠᠭᠤᠰᠢᠳᠠᠢ ᠪᠠᠶᠢᠨ᠎ᠠ᠃ ᠵᠢᠱᠢᠶᠠᠯᠡᠪᠡᠯ᠄ ︽ᠴᠠᠭᠠᠨ ᠰᠠᠭᠠᠷᠠᠯ ᠮᠤᠷᠢ︾᠂ ︽ᠡᠭᠡ ᠵᠡᠭᠡᠷᠳᠡ ᠮᠤᠷᠢ︾ ᠵᠡᠷᠭᠡ ᠲᠠᠭᠤᠦ ᠨᠤᠭᠤᠳ ᠢ ᠡᠮᠡᠭᠡ ᠮᠢᠨᠢ ᠶᠡᠭᠡ ᠲᠠᠭᠤᠯᠠᠳᠠᠭ ᠪᠢᠯᠡ᠃ ︽ᠴᠠᠭᠠᠨ ᠰᠠᠭᠠᠷᠠᠯ ᠮᠤᠷᠢ︾ ᠬᠡᠬᠦ ᠲᠠᠭᠤᠦ ᠳᠤ᠄ ︽ᠴᠠᠭᠠᠨ‌‍ᠰᠠᠭᠠᠷᠠᠯ ᠮᠤᠷᠢ ᠮᠢᠨᠢ ᠴᠠᠪᠳᠡᠢ ᠲᠠᠷᠭᠤᠨ ᠪᠠᠶᠢᠨ᠎ᠠ᠂ ᠴᠠᠭᠠᠨ ᠪᠤᠭᠤᠷᠤᠯ ᠠᠪᠤ ᠳᠠᠭᠠᠨ ᠴᠠᠭ ᠲᠠᠭᠠᠨ ᠬᠦᠷᠴᠦ ᠵᠤᠯᠭᠠᠨ᠎ᠠ ᠁︾ ᠭᠡᠵᠦ ᠲᠠᠭᠤᠯᠠᠭᠰᠡᠨ ᠪᠠᠶᠢᠳᠠᠭ᠃ ᠭᠡᠬᠦᠴᠢᠯᠡᠨ᠂ ᠡᠴᠢᠭᠡ ᠲᠡᠭᠡᠳᠦᠰ᠂ ᠤᠭ ᠨᠤᠳᠤᠭ ᠢᠶᠠᠨ ᠰᠠᠨᠠᠨ ᠮᠦᠷᠦᠭᠡᠤᠠᠬᠦ ᠠᠴᠠ ᠦᠭᠰᠦᠬᠦᠯᠤᠨ᠂ ᠨᠡᠬᠦᠳᠡᠯᠴᠢᠨ ᠦᠨᠳᠦᠰᠦᠳᠡᠨ ᠮᠤᠷᠢᠨ ᠨᠢᠷᠤᠭᠤᠨ ᠲᠡᠭᠡᠷ᠎ᠠ ᠪᠠᠨ ᠦᠵᠡᠰᠬᠦᠯᠡᠩᠳᠦ ᠰᠠᠶᠢᠬᠠᠨ ᠠᠭᠤᠯᠠ ᠤᠰᠦ᠂ ᠦᠩ ᠦᠷᠡᠵᠢᠯᠳᠦ ᠮᠠᠯ ᠰᠦᠷᠦᠭ᠂ ᠠᠴᠢᠯᠠᠯᠳᠦ ᠠᠪᠤ ᠡᠵᠢ᠂ ᠠᠵᠦ ᠠᠮᠢᠳᠤᠷᠠᠯ ᠤᠨ ᠵᠢᠷᠭᠠᠯ ᠳᠤ ᠬᠦᠷᠳᠡᠯ᠎ᠠ ᠲᠠᠭᠤᠯᠠᠭᠰᠡᠨ ᠡᠳᠡᠭᠡᠷ ᠲᠠᠭᠤᠦ ᠨᠤᠭᠤᠳ 1998 ᠤᠨ ᠳᠤ ᠪᠤᠯᠤᠭᠰᠠᠡ ︽ᠡᠵᠡᠨ᠎ᠠ ᠲᠤᠷᠭᠤᠳᠴᠤᠳ ᠤᠯᠤᠰ ᠲᠠᠭᠠᠨ ᠪᠤᠴᠡᠨ ᠢᠷᠡᠭᠰᠡᠨ ᠭᠤᠷᠪᠡᠨ ᠵᠠᠭᠤᠨ ᠵᠢᠯ ᠤᠨ ᠤᠢ︾ ᠶᠢ ᠲᠤᠷᠠᠰᠬᠠᠬᠤ ᠨᠠᠶᠢᠷ ᠲᠤ ᠬᠦᠷᠦᠯᠴᠡᠨ ᠢᠷᠡᠭᠰᠡᠨ ᠰᠢᠨᠵᠢᠶᠠᠩ ᠤᠨ ᠲᠤᠷᠭᠤᠳᠴᠤᠳ ᠤᠨ ᠲᠠᠭᠤᠯᠠᠬᠤ ᠪᠤᠯᠤᠨ ᠡᠵᠡᠨ᠎ᠠ ᠲᠤᠷᠭᠤᠳᠴᠤᠳ ᠤᠨ ᠳᠠᠭᠤᠯᠠᠬᠤ ᠨᠢ ᠶᠠᠭ ᠠᠳᠠᠯᠢ ᠪᠠᠶᠢᠬᠰᠠᠨ  ᠠᠴᠠ ᠲᠠᠷᠤᠢ ᠣᠭ ᠤᠭᠰᠠᠭ᠎ᠠ ᠨᠢᠭᠡᠳᠡᠢ ᠪᠠᠶᠢᠵᠦ᠂ ᠲᠠᠷᠪᠠᠭᠠᠳᠠᠢ᠂ ᠬᠤᠪᠤᠭᠰᠠᠶᠢᠷ ᠲᠤ ᠠᠮᠢᠳᠦᠷᠠᠵᠦ ᠪᠠᠶᠢᠬᠰᠠᠨ ᠲᠤᠷᠭᠤᠳ ᠠᠶᠢᠮᠠᠭ ᠤᠨ ᠨᠢᠭᠡ ᠬᠡᠰᠡᠭ ᠪᠤᠯᠬᠤ ᠨᠢ ᠭᠠᠷᠴᠠᠭ᠎ᠠ ᠦᠭᠡᠢ ᠭᠡᠳᠡᠭ ᠢ ᠦᠵᠡᠵᠦ ᠭᠠᠷᠴᠦ ᠪᠤᠯᠤᠨ᠎ᠠ᠃ ᠡᠳᠡᠭᠡᠷ ᠲᠠᠭᠤᠦ ᠨᠤᠭᠤᠳ ᠨᠢ ᠡᠵᠡᠨ᠎ᠠ ᠲᠤᠷᠭᠤᠳ ᠤᠨ ᠡᠪᠦᠭᠡ ᠲᠡᠭᠡᠳᠤᠰ ᠤᠨ ᠢᠷᠡᠯ ᠲᠡᠦᠭᠡ ᠶᠢ ᠨᠠᠷᠢᠯᠢᠬ ᠰᠠᠶᠢᠬᠠᠨ ᠬᠠᠷᠠᠭᠤᠯᠤᠭᠰᠡᠨ ᠪᠤᠯᠬᠤᠷ᠂ ᠦᠶ᠎ᠠ ᠤᠯᠠᠷᠢᠨ ᠲᠠᠮᠵᠢᠨ ᠤᠯᠠᠮᠵᠢᠯᠠᠭᠳᠡᠵᠦ ᠦᠨᠦᠳᠦᠷ ᠪᠤᠯᠤᠭᠰᠡᠨ ᠨᠢ ᠡᠨᠠ ᠪᠤᠯᠠᠢ᠃ ᠡᠵᠡᠨ᠎ᠠ ᠲᠤᠷᠭᠤᠳ ᠠᠷᠠᠳ ᠤᠨ ᠲᠠᠭᠤᠤ ᠶᠢᠨ ᠠᠭᠤᠯᠭ᠎ᠠ ᠰᠠᠨᠠᠭᠠᠨ ᠤ ᠲᠤᠬᠠᠢ ᠲᠦᠬᠦᠮ ᠲᠠᠶᠢᠯᠤᠮᠵᠢ ᠮᠤᠩᠭᠤᠯ ᠦᠨᠳᠦᠰᠦᠳᠡᠨ ᠤ ᠠᠷᠠᠳ ᠤᠨ ᠲᠠᠭᠤᠦ ᠪᠣᠯ ᠤᠷᠳᠦ ᠤᠳᠠᠭᠠᠨ ᠲᠡᠦᠭᠡ ᠲᠠᠢ᠂ ᠠᠭᠤᠯᠭ᠎ᠠ ᠪᠠᠷ ᠪᠠᠶᠠᠯᠢᠭ ᠰᠠᠶᠢᠬᠠᠨ ᠪᠦᠭᠡᠳ ᠦᠷᠭᠡᠨ ᠢᠶᠠᠷ ᠲᠡᠯᠭᠡᠷᠡᠭᠰᠡᠨ ᠦᠩᠭᠡ ᠵᠢᠪᠬᠤᠭ᠎ᠠ ᠲᠠᠢ ᠠᠷᠠᠳ ᠤᠨ ᠠᠮᠡᠨ ᠵᠤᠬᠢᠶᠠᠯ ᠤᠨ ᠨᠢᠭᠡᠨ ᠲᠦᠷᠦᠯ ᠵᠦᠢᠯ ᠮᠦᠨ᠃ ᠲᠡᠷᠡ ᠨᠢ᠂ ᠮᠤᠩᠭᠤᠯ ᠦᠨᠳᠦᠰᠦᠳᠡᠨ ᠤ ᠲᠡᠦᠭᠡᠳᠦ ᠠᠮᠢᠳᠤᠷᠠᠯ᠂ ᠲᠡᠮᠡᠴᠡᠯ ᠵᠢᠳᠬᠦᠯ ᠢ ᠤᠯᠡᠨ ᠲᠠᠯ᠎ᠠ ᠪᠠᠷ ᠲᠤᠰᠬᠠᠵᠦ᠂ ᠬᠦᠮᠤᠰ ᠤᠨ ᠦᠵᠡᠯ ᠰᠡᠳᠬᠢᠯᠭᠡ ᠶᠢᠨ ᠲᠦᠮᠡᠨ ᠦᠩᠭᠡ ᠠᠶᠠᠰ ᠢ ᠢᠯᠡᠷᠡᠬᠦᠯᠦᠭᠰᠡᠨ ᠪᠠᠶᠢᠳᠠᠭ᠃ ᠡᠵᠡᠨ᠎ᠠ ᠲᠤᠷᠭᠤᠳ ᠠᠷᠠᠳ ᠤᠨ ᠲᠠᠭᠤᠦ ᠶᠢ ᠠᠭᠤᠯᠭ᠎ᠠ ᠠᠴᠠ ᠨᠢ ᠠᠩᠬᠢᠯᠠᠵᠦ ᠦᠵᠡᠪᠡᠯ᠂ ᠲᠡᠦᠭᠡ ᠱᠠᠰᠳᠢᠷ ᠤᠨ ᠲᠠᠭᠤᠦ᠂ ᠨᠠᠶᠢᠷ ᠬᠤᠷᠢᠮ ᠤᠨ ᠲᠠᠭᠤᠦ᠂ ᠮᠤᠷᠢ ᠤᠨᠤᠯᠭ᠎ᠠ ᠪᠠᠨ ᠬᠠᠶᠢᠷᠠᠯᠠᠭᠰᠡᠨ ᠲᠠᠭᠤᠦ᠂ ᠨᠤᠳᠤᠭ ᠤᠰᠦ᠂ ᠲᠦᠷᠦᠯ ᠰᠠᠳᠤᠨ ᠢᠶᠠᠨ ᠰᠠᠨᠠᠭᠠᠯᠵᠠᠭᠰᠡᠨ ᠲᠠᠭᠤᠦ᠂ ᠢᠨᠠᠭ ᠠᠮᠠᠷᠠᠭ ᠢᠶᠠᠨ ᠮᠦᠷᠦᠭᠡᠳᠦᠭᠰᠡᠨ ᠲᠠᠭᠤᠦ ᠵᠡᠷᠭᠡ ᠨᠢ ᠭᠤᠤᠯ ᠨᠢᠷᠤᠭᠤ ᠶᠢ ᠡᠵᠡᠯᠡᠵᠦ ᠪᠠᠶᠢᠬᠤ ᠠᠴᠠ ᠭᠠᠳᠠᠨ᠎ᠠ ᠱᠠᠰᠢᠨ ᠰᠢᠳᠦᠯᠭᠡ ᠶᠢᠨ ᠲᠠᠭᠤᠦ᠂ ᠬᠤᠱᠤᠩ ᠲᠠᠭᠤᠦ᠂ ᠬᠤᠬᠢᠷ ᠲᠠᠭᠤᠦ ᠬᠡᠬᠦ ᠮᠡᠳᠦ ᠪᠠᠶᠢᠳᠠᠭ᠃ ᠡᠵᠡᠨ᠎ᠠ ᠲᠤᠷᠭᠤᠳ ᠠᠷᠠᠳ ᠤᠨ ᠲᠠᠭᠤᠤ ᠳᠤ ᠲᠡᠦᠭᠡ ᠱᠠᠰᠳᠢᠷ ᠤᠨ ᠲᠠᠭᠤᠦ ᠵᠤᠩᠬᠢᠯᠠᠬᠤ ᠲᠤᠭ᠎ᠠ ᠲᠠᠢ ᠬᠠᠷᠠᠭᠳᠠᠨ᠎ᠠ᠃ ᠲᠡᠳᠡᠭᠡᠷ ᠲᠠᠭᠤᠦ ᠨᠢ ᠨᠡᠬᠦᠳᠡᠯ ᠤᠨ ᠠᠬᠤᠢ ᠪᠠᠶᠢᠳᠠᠯ ᠢᠶᠠᠷ ᠠᠮᠢᠳᠦᠷᠠᠭᠰᠠᠭᠠᠷ ᠢᠷᠡᠭᠰᠡᠨ ᠡᠵᠡᠨ᠎ᠠ ᠲᠤᠷᠭᠤᠳᠴᠤᠤᠨ ᠤᠨ ᠠᠮᠢᠳᠤᠷᠠᠯ ᠲᠡᠮᠡᠴᠡᠯ ᠤᠨ ᠲᠡᠦᠭᠡᠳᠦ ᠶᠠᠪᠤᠴᠠ ᠶᠢ ᠪᠢᠯᠬᠠᠮ᠎ᠠ ᠰᠠᠶᠢᠬᠠᠨ ᠢᠯᠡᠷᠡᠬᠦᠯᠦᠭᠰᠡᠨ ᠪᠠᠶᠢᠳᠠᠭ᠃ ᠲᠡᠦᠭᠡ ᠲᠡᠮᠳᠡᠭᠯᠡᠯ ᠳᠤ ᠡᠵᠡᠨ᠎ᠠ ᠲᠤᠷᠭᠤᠳᠴᠤᠳ ᠤᠨ ᠨᠡᠬᠦᠳᠡᠯ  ᠤᠨ ᠲᠡᠮᠳᠡᠭᠯᠡᠯ ᠲᠠᠭᠤᠦ ᠪᠤᠢ᠃ ᠡᠵᠡᠨ᠎ᠠ ᠬᠤᠰᠢᠭᠤᠨ ᠤ ᠮᠤᠩᠭᠤᠯᠴᠤᠳ ᠤᠨ ᠭᠤᠤᠯ ᠴᠤᠭᠴᠠ ᠪᠤᠯᠬᠤ ᠲᠤᠷᠭᠤᠳ ᠮᠤᠩᠭᠤᠯ ᠪᠣᠯ ᠤᠭ ᠤᠨ ᠰᠢᠨᠵᠢᠶᠠᠩ ᠤᠨ ᠲᠦᠷᠪᠡᠨ ᠤᠶᠢᠷᠠᠳ ᠤᠨ ᠲᠤᠷᠭᠤᠳ ᠠᠶᠢᠮᠠᠭ ᠠᠴᠠ ᠢᠷᠡᠯᠳᠡᠢ ᠶᠤᠮ᠃ ᠲᠡᠳᠡ᠂ ᠤᠭ ᠨᠤᠳᠤᠭ ᠰᠢᠨᠵᠢᠶᠠᠩ ᠤᠨ ᠬᠤᠪᠤᠭᠰᠠᠶᠢᠷ ᠠᠴᠠ ᠰᠠᠯᠤᠭᠠᠳ ᠤᠳᠦ ᠬᠡᠳᠦᠨ ᠵᠠᠭᠤᠨ ᠵᠢᠯ ᠤᠨ ᠲᠡᠦᠭᠡ  ᠲᠠᠢ ᠪᠤᠯᠵᠡᠢ᠃ ᠡᠵᠡᠨ᠎ᠠ ᠲᠤᠷᠭᠤᠳᠴᠤᠳ ᠬᠤᠪᠤᠭᠰᠠᠶᠢᠷ ᠠᠴᠠ ᠰᠠᠯᠤᠭᠠᠳ ᠲᠤᠷᠭᠤᠳ ᠠᠶᠢᠮᠠᠭ ᠤᠨ ᠶᠡᠭᠡ ᠪᠦᠯᠦᠭ ᠢᠶᠠᠨ ᠲᠠᠭᠠᠵᠦ᠂ ᠤᠷᠤᠰ ᠤᠨ ᠢᠵᠢᠯ ᠮᠦᠷᠡᠨ ᠳᠤ ᠤᠴᠢᠬᠤ ᠪᠠᠷ ᠨᠡᠬᠦᠬᠦ ᠳᠡᠭᠡᠨ᠄ ︽ᠬᠤᠶᠠᠷ ᠪᠤᠷᠤ ᠶᠢᠨ ᠲᠠᠷᠭᠤᠨ ᠳᠤ᠂ ᠬᠤᠪᠤᠭᠰᠠᠶᠢᠷ ᠮᠢᠨᠢ ᠬᠤᠯᠠ ᠦᠦ᠂ ᠬᠤᠪᠤᠭ ᠢᠶᠠᠨ ᠡᠷᠬᠢᠬᠡᠳ ᠬᠠᠷᠠᠬᠤ ᠳᠤ᠂ ᠬᠤᠯᠠ ᠶᠢᠨ ᠪᠠᠷ᠎ᠠ ᠢᠯᠡᠭᠡᠨ︾ ᠬᠡᠵᠦ ᠲᠠᠭᠤᠯᠡᠨ᠂ ᠲᠦᠷᠦᠭᠰᠡᠨ ᠨᠤᠳᠤᠭ ᠠᠴᠠ ᠪᠠᠨ ᠰᠠᠯᠵᠦ ᠨᠡᠬᠦᠬᠦ ᠦᠶᠡᠰ ᠤᠨ ᠰᠡᠳᠬᠢᠯᠭᠡ ᠪᠠᠨ ᠤᠶᠠᠩᠭᠠᠯᠠᠭᠰᠡᠨ ᠪᠠᠶᠢᠳᠠᠭ᠃ ᠡᠵᠡᠨ᠎ᠠ ᠲᠤᠷᠭᠤᠳ ᠠᠷᠠᠳ ᠤᠨ ᠲᠠᠭᠤᠦ ᠳᠤ᠂ ᠬᠤᠷᠢᠮ ᠨᠠᠶᠢᠷ ᠤᠨ ᠲᠠᠭᠤᠦ ᠭᠤᠤᠯᠯᠠᠬᠤ ᠪᠠᠶᠢᠷᠢ ᠶᠢ ᠡᠵᠡᠯᠡᠳᠡᠭ᠃ ᠨᠠᠶᠢᠷ ᠬᠤᠷᠢᠮ ᠤᠨ ᠲᠠᠭᠤᠤ ᠳᠤ ᠭᠤᠤᠯ ᠡᠵᠡᠨ ᠨᠤᠶᠠᠨ ᠳᠠᠭᠠᠨ ᠡᠷᠬᠦᠬᠦ ᠬᠦᠨᠳᠦᠳᠭᠡᠯ ᠲᠠᠭᠤᠦ᠂ ᠨᠤᠳᠤᠭ ᠤᠰᠤᠨ ᠤ ᠦᠵᠡᠰᠬᠦᠯᠡᠩ᠂ ᠡᠴᠢᠭᠡ ᠡᠭᠡ ᠶᠢᠨ ᠠᠴᠢ ᠶᠢ ᠮᠠᠭᠳᠠᠭᠰᠡᠨ ᠲᠠᠭᠤᠦ᠂ ᠵᠠᠯᠠᠭᠤ ᠪᠠᠭᠠᠴᠤᠤᠯ ᠢᠶᠠᠨ ᠵᠠᠬᠢᠵᠦ ᠰᠤᠷᠭᠠᠭᠰᠡᠨ ᠢᠷᠦᠭᠡᠯ ᠲᠠᠭᠤᠦ ᠨᠤᠭᠤᠳ ᠪᠤᠢ᠃ ᠡᠬᠦᠨ ᠠᠴᠠ ᠭᠠᠳᠠᠨ᠎ᠠ ᠤᠪᠤᠭᠠᠨ ᠨᠠᠶᠢᠷ ᠲᠤ ᠡᠷᠬᠦᠬᠦ ᠲᠠᠭᠤᠦ ᠴᠦ ᠪᠠᠶᠢᠳᠠᠭ᠃ ᠡᠵᠡᠨ᠎ᠠ ᠲᠤᠷᠭᠤᠳᠴᠤᠳ ᠤᠨ ᠨᠠᠶᠢᠷ ᠬᠤᠷᠢᠮ ᠤᠨ ᠲᠠᠭᠤᠦ  ᠪᠠᠨ ᠲᠠᠭᠤᠯᠠᠬᠤ ᠶᠤᠰᠦ ᠨᠢ ᠴᠦ ᠦᠪᠡᠷᠮᠢᠴᠡ ᠤᠨᠴᠠᠯᠢᠭ ᠲᠠᠢ ᠪᠠᠶᠢᠳᠠᠭ᠃ ᠡᠵᠡᠨ᠎ᠠ ᠲᠤᠷᠭᠤᠳᠴᠤᠳ ᠠᠯᠢ ᠨᠢᠭᠡᠨ ᠨᠠᠶᠢᠷ ᠬᠤᠷᠢᠮ ᠳᠤ ᠬᠦᠷᠦᠯᠴᠡᠨ᠂ ᠠᠷᠢᠬᠢ ᠴᠡᠭᠡᠨ ᠳᠡᠭᠡᠨ ᠨᠠᠶᠢᠷᠯᠡᠨ ᠰᠠᠭᠤᠵᠦ᠂ ᠲᠤᠷᠭᠤᠳ ᠲᠠᠭᠤᠦ ᠪᠠᠨ ᠲᠠᠭᠤᠯᠠᠪᠡᠯ᠂ ᠭᠤᠷᠪᠡᠨ ᠡᠳᠦᠷ ᠭᠤᠷᠪᠡᠨ ᠰᠦᠨᠢ ᠴᠦ ᠲᠠᠭᠤᠯᠠᠭᠠᠳ ᠪᠠᠷᠠᠳᠠᠭ ᠦᠭᠡᠢ᠃ ᠴᠠᠭ᠎ᠠ ᠰᠢᠨ᠎ᠠ᠂ ᠨᠠᠶᠢᠷ ᠨᠠᠭᠠᠳᠤᠮ ᠤᠨ ᠠᠯᠢᠨ ᠳᠤᠨᠢ ᠴᠦ ᠭᠡᠰᠡᠨ ᠲᠡᠷᠡ᠂ ᠴᠠᠢ ᠪᠠᠷᠢᠵᠦ ᠠᠷᠢᠬᠢ ᠶᠢᠨ ᠲᠡᠭᠡᠵᠢ ᠪᠠᠨ ᠠᠬᠠᠯᠠᠭᠴᠢ ᠬᠦᠮᠦᠨ  ᠠᠴᠠ ᠡᠬᠢᠯᠡᠨ᠂ ᠨᠠᠷᠠ ᠵᠦᠪ ᠭᠤᠷᠪᠡᠨ ᠬᠤᠨᠳᠠᠭ᠎ᠠ ᠪᠠᠨ ᠡᠷᠬᠦᠭᠰᠡᠨ ᠤ ᠲᠠᠷᠠᠭ᠎ᠠ᠂ ᠨᠠᠶᠢᠷᠯᠠᠭᠴᠢᠳ ᠨᠠᠶᠢᠷ ᠤᠨ ᠡᠬᠢᠨ  ᠤ ᠭᠤᠷᠪᠡᠨ ᠲᠠᠭᠤᠦ — ︽ᠦᠯᠡᠮᠵᠢ ᠪᠤᠶᠠᠨ︾᠂ ︽ᠭᠤᠷᠭᠤᠤᠯ ᠰᠠᠶᠢᠬᠠᠨ ᠪᠤᠷᠤ︾ ᠪᠠᠨ ᠡᠬᠢᠯᠡᠬᠦᠯᠦᠨ ᠠᠶᠠᠰᠴᠢᠯᠠᠵᠦ᠂ ᠨᠠᠶᠢᠷ ᠴᠡᠩᠭᠡᠯ ᠢᠶᠠᠨ ᠡᠬᠦᠰᠭᠡᠳᠡᠭ᠃ ᠡᠵᠡᠨ᠎ᠠ ᠲᠤᠷᠭᠤᠳ ᠠᠷᠠᠳ ᠤᠨ ᠨᠠᠶᠢᠷ ᠤᠨ ᠭᠤᠷᠪᠡᠨ ᠲᠠᠭᠤᠤ ᠶᠢᠨ ᠠᠭᠤᠯᠭ᠎ᠠ ᠠᠴᠠ ᠦᠵᠡᠪᠡᠯ᠂ ᠪᠦᠷ ᠡᠵᠡᠨ ᠨᠤᠶᠠᠨ ᠳᠠᠭᠠᠨ ᠡᠷᠬᠦᠬᠦ ᠬᠦᠨᠳᠦᠳᠭᠡᠯ ᠲᠠᠭᠤᠦ ᠪᠤᠯᠤᠨ᠎ᠠ᠃ ᠨᠠᠶᠢᠷ ᠤᠨ ᠭᠤᠷᠪᠡᠨ ᠲᠠᠭᠤᠤ ᠶᠢᠨ ᠲᠠᠷᠠᠭ᠎ᠠ᠂ ᠨᠠᠶᠢᠷᠯᠠᠭᠴᠢᠳ ᠴᠢᠯᠦᠭᠡ ᠲᠠᠪᠠ ᠪᠠᠷ ᠢᠶᠠᠨ ᠲᠠᠭᠤᠯᠡᠨ ᠤᠶᠠᠩᠭᠠᠯᠠᠬᠤ  ᠳᠠᠭᠠᠨ᠂ ᠪᠠᠰᠠ ᠶᠤᠰᠦ ᠵᠢᠮ᠎ᠠ ᠲᠠᠢ ᠪᠠᠶᠢᠳᠠᠭ᠃ ᠠᠬ᠎ᠠ ᠵᠠᠬᠠᠰ ᠬᠦᠮᠦᠨ ᠳᠤ ᠶᠠᠮᠠᠷ ᠲᠠᠭᠤᠦ ᠵᠤᠷᠢᠭᠤᠯᠬᠤ᠂ ᠬᠡᠦᠬᠡᠳ ᠲᠡᠬᠦᠨᠠᠷ ᠲᠡᠭᠡᠨ ᠶᠠᠭᠤ ᠲᠠᠭᠤᠯᠠᠬᠤ ᠨᠢ ᠪᠦᠷ ᠶᠤᠰᠦ ᠵᠢᠷᠦᠮ ᠲᠠᠢ ᠪᠦᠭᠡᠳ ᠵᠤᠷᠢᠭᠤᠯᠵᠦ ᠲᠠᠭᠤᠯᠠᠭᠰᠡᠨ ᠬᠦᠮᠦᠨ  ᠳᠡᠭᠡᠨ ᠠᠷᠢᠬᠢ ᠶᠢ ᠵᠠᠪᠡᠯ ᠤᠤᠭᠤᠯᠭᠠᠭᠠᠳ᠂ ᠪᠤᠰᠤᠤᠨ ᠨᠢ ᠲᠤᠷ᠎ᠠ ᠪᠠᠷ ᠤᠤᠭᠤᠵᠦ᠂ ᠲᠠᠭᠤᠯᠠᠡ ᠴᠡᠩᠭᠡᠯᠳᠦᠳᠡᠭ᠃ ᠢᠩᠬᠢᠬᠦ ᠳᠡᠭᠡᠨ ᠲᠡᠷᠡ ᠨᠠᠶᠢᠷ ᠲᠡᠭᠡᠷ᠎ᠠ ᠪᠠᠨ ᠨᠢᠭᠡᠨᠳᠡ ᠲᠠᠭᠤᠯᠠᠵᠦ ᠦᠩᠭᠡᠷᠡᠭᠰᠡᠨ ᠲᠠᠭᠤᠦ ᠪᠠᠨ ᠲᠠᠬᠢᠵᠦ ᠲᠠᠭᠤᠯᠠᠬᠤ ᠦᠭᠡᠢ ᠶᠢ ᠡᠷᠬᠢᠮᠯᠡᠳᠡᠭ᠃ ᠢᠩᠬᠢᠵᠦ ᠬᠤᠨᠤᠭᠤᠳᠡ ᠦᠨᠵᠢᠬᠦᠳᠡ ᠲᠠᠭᠤᠯᠠᠵᠦ ᠨᠠᠶᠢᠷᠯᠠᠭᠠᠳ᠂ ᠨᠠᠶᠢᠷ ᠬᠤᠷᠢᠮ ᠲᠠᠷᠬᠠᠵᠦ᠂ ᠬᠡᠶᠢᠴᠢᠳ ᠮᠤᠷᠳᠠᠬᠤ ᠦᠶ᠎ᠠ ᠳᠤ ᠨᠠᠶᠢᠷ ᠲᠠᠷᠬᠬᠠᠦ ᠲᠠᠭᠤᠦ — — ︽ᠬᠦᠬᠦᠭᠡ ᠰᠢᠪᠠᠭᠤ ᠲᠤᠩᠭᠤᠳᠬᠤ︾ ᠶᠢ ᠲᠠᠭᠤᠯᠠᠳᠠᠭ᠃ ᠡᠨᠠ ᠲᠠᠭᠤᠦ ᠳᠤ ︽ᠬᠦᠬᠦᠭᠡ ᠰᠢᠪᠠᠭᠤ ᠲᠤᠩᠭᠤᠳᠬᠤ ᠳᠤ ᠬᠦᠬᠡᠷᠦᠬᠦᠢ ᠪᠢ ᠴᠢᠨᠢ ᠬᠠᠷᠠᠨ᠎ᠠ᠂ ᠬᠠᠷᠢᠬᠤ ᠲᠠᠨ ᠢ ᠶᠠᠭᠠᠬᠢᠬᠤ ᠪᠤᠢ︖ ᠬᠠᠷᠢᠨ ᠪᠢ ᠭᠤᠮᠤᠳᠠᠭᠠᠳ ᠰᠠᠭᠤᠨ᠎ᠠ ᠁︾ ᠬᠡᠵᠦ ᠰᠤᠯᠢᠯᠴᠡᠨ ᠬᠡᠯᠡᠯᠴᠡᠬᠦ ᠠᠷᠭ᠎ᠠ ᠪᠠᠷ ᠬᠦᠮᠦᠰ ᠰᠠᠯᠤᠯᠴᠠᠵᠦ ᠶᠠᠳᠠᠭᠰᠡᠨ ᠰᠡᠳᠬᠢᠯ ᠢ ᠠᠪᠰᠠᠷᠬᠠᠨ ᠢᠯᠡᠳᠭᠡᠵᠦ ᠴᠢᠳᠠᠭᠰᠡᠨ ᠪᠠᠶᠢᠳᠠᠭ᠃
 
ᠢᠷᠡᠯᠲᠡ᠄ ᠠᠯᠠᠱᠠ  ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号