ᠠᠯᠠᠱᠠ ᠬᠤᠱᠣᠣᠨ ᠠᠷᠠᠳ ᠤᠨ ᠲᠠᠭᠤᠣ ᠶᠢᠨ ᠰᠣᠶᠣᠯ
ᠨᠡᠶᠢᠲᠡᠯᠡᠭᠰᠡᠨ ᠴᠠᠭ᠄
2019/12/11
    ᠮᠣᠩᠭᠤᠯ ᠠᠷᠠᠳ ᠤᠨ ᠢᠵᠠᠭᠤᠷ ᠣᠷᠠᠯᠢᠭ ᠤᠨ ᠨᠢᠭᠡᠨ ᠭᠤᠣᠯ ᠲᠦᠷᠣᠯ ᠵᠦᠢᠯ ᠪᠣᠯᠬᠤ ᠣᠷᠲᠣ ᠶᠢᠨ ᠲᠠᠭᠤᠣ ᠪᠣᠯ ᠲᠡᠯᠡᠭᠡᠢ ᠶᠢᠨ ᠪᠣᠲᠠᠰ ᠤᠨ ᠪᠤᠰᠤ ᠰᠣᠶᠣᠯ ᠤᠨ ᠦᠪ ᠤᠳ ᠤᠨ ᠲᠣᠲᠣᠷᠠᠬᠢ ᠣᠨᠴᠠᠭᠠᠢ ᠨᠢᠭᠡᠨ ᠪᠦᠷᠢᠯᠲᠣᠬᠦᠨ ᠭᠡᠰᠡᠭ ᠪᠣᠯᠵᠣ ᠪᠠᠶᠢᠨ᠎ᠠ᠃ ᠲᠡᠷᠡ ᠲᠣᠮᠲᠠ ᠪᠠᠨ ᠠᠯᠠᠱᠠ ᠠᠷᠠᠳ ᠤᠨ ᠲᠠᠭᠤᠣ ᠨᠢ ᠪᠦᠬᠦᠶ ᠯᠠ ᠮᠣᠩᠭᠤᠯ ᠣᠷᠲᠣ ᠶᠢᠨ ᠲᠠᠭᠤᠣ ᠶᠢᠨ ᠨᠢᠭᠡᠨ ᠪᠡᠶ᠎ᠡ ᠪᠠᠨ ᠲᠠᠭᠠᠭᠠᠬᠰᠠᠨ ᠴᠢᠬᠤᠯᠠ ᠰᠠᠯᠪᠣᠷᠢ ᠪᠣᠯᠣᠨ᠎ᠠ᠃ ᠲᠡᠯᠭᠡᠷᠡᠩᠬᠦᠢ ᠣᠳᠬ᠎ᠠ ᠠᠴᠠ ᠶᠠᠷᠢᠪᠠᠯ᠂ ᠠᠷᠠᠳ ᠤᠨ ᠲᠠᠭᠤᠣ ᠭᠡᠲᠡᠭ ᠨᠢ ᠨᠢᠭᠡᠨ ᠶᠡᠷᠣᠩᠭᠡᠶᠢᠯᠡᠭᠰᠠᠨ ᠣᠬᠠᠬᠲᠠᠬᠤᠨ ᠶᠤᠮ᠃ ᠠᠲᠠ ᠶᠠᠷᠢᠬᠤ ᠭᠡᠵᠣ ᠪᠠᠶᠢᠭ᠎ᠠ ᠠᠷᠠᠳ ᠤᠨ ᠲᠠᠭᠤᠣ᠂ ᠦᠭᠡᠷ᠎ᠡ ᠪᠠᠷ ᠭᠡᠯᠡᠪᠠᠯ ᠪᠠᠷᠤᠭ ᠵᠠᠭᠤ ᠣᠷᠴᠢᠮ ᠵᠢᠯ ᠠᠴᠠ ᠴᠠᠭᠠᠰᠢ ᠵᠣᠬᠢᠶᠠᠭᠲᠠᠭᠰᠠᠨ ᠶᠤᠮ ᠦᠦ᠂ ᠲᠠᠭᠤᠯᠠᠭᠲᠠᠵᠣ ᠪᠠᠶᠢᠬᠰᠠᠨ ᠢᠵᠠᠭᠤᠷ ᠲᠠᠭᠤᠣ ᠨᠤᠭᠤᠳ ᠢ ᠵᠢᠭᠠᠵᠣ ᠪᠠᠶᠢᠨ᠎ᠠ᠃ ᠣᠲᠣ ᠲᠡᠲᠡᠭᠡᠷ ᠢᠵᠠᠭᠤᠷ ᠲᠠᠭᠤᠣ ᠶᠢ ᠵᠠᠭᠠᠬᠯᠠᠬᠤ ᠴᠠᠭ ᠦᠶ᠎ᠡ ᠶᠢᠨ ᠲᠣᠬᠠᠢ ᠰᠣᠲᠣᠯᠭᠠᠲᠠᠣᠨ ᠠᠴᠠ ᠲᠠᠶᠢᠮᠣ ᠲᠣᠲᠣᠷᠬᠠᠢ ᠳ᠋ᠦᠩ ᠭᠠᠷᠭᠠᠵᠣ ᠪᠠᠰᠠ ᠠᠷᠠᠢ ᠪᠣᠯᠣᠭᠠᠲᠣᠢ ᠪᠣᠯᠣᠯᠲᠠᠢ᠃ ᠶᠠᠭᠤ ᠴᠦ ᠠᠬᠰᠠᠨ ᠢᠵᠠᠭᠤᠷ ᠲᠠᠭᠤᠣ ᠭᠡᠲᠡᠭ ᠨᠢ ᠦᠩᠭᠡᠷᠡᠭᠰᠠᠨ ᠴᠠᠭ ᠦᠶ᠎ᠡ ᠶᠢᠨ᠂ ᠲᠣᠬᠠᠶᠢᠯᠠᠪᠠᠯ ᠨᠢᠭᠡᠨᠲᠠ ᠬᠠᠯᠠᠭᠲᠠᠵᠣ ᠰᠣᠯᠢᠬᠲᠠᠭᠰᠠᠨ ᠴᠠᠭ ᠲᠦᠷᠣ ᠶᠢᠨ ᠡᠭᠡᠵᠣ ᠰᠡᠷᠬᠦᠬᠦ ᠪᠣᠯᠣᠮᠵᠢ ᠦᠭᠡᠢ ᠰᠣᠶᠣᠯ ᠤᠨ ᠪᠦᠲᠣᠭᠡᠭᠲᠠᠬᠦᠨ ᠶᠣᠮ᠃ ᠠᠯᠠᠱᠠ ᠠᠷᠠᠳ ᠤᠨ ᠢᠵᠠᠭᠤᠷ ᠲᠠᠭᠤᠣ ᠪᠣᠯ ᠮᠠᠨᠵᠣ ᠴᠢᠩ ᠤᠨ ᠦᠶ᠎ᠡ ᠠᠴᠠ ᠢᠷᠭᠡᠨ ᠣᠯᠣᠰ ᠤᠨ ᠦᠶ᠎ᠡ ᠬᠦᠷᠲᠡᠯᠡᠬᠢ ᠬᠡᠲᠣᠨ ᠵᠠᠭᠤᠨ ᠵᠢᠯ ᠤᠨ ᠲᠣᠷᠰᠢ᠂ ᠮᠣᠩᠭᠤᠯ ᠠᠷᠠᠳ ᠤᠨ ᠲᠣᠮᠲᠠ ᠡᠬᠦᠰᠴᠣ ᠣᠯᠠᠮᠵᠢᠯᠠᠭᠲᠠᠵᠣ᠂ ᠣᠯᠠᠮ ᠢᠶᠠᠷ ᠲᠡᠬᠦᠯᠲᠡᠷᠵᠢᠨ ᠪᠣᠯᠪᠠᠰᠣᠷᠠᠵᠣ ᠢᠷᠡᠭᠰᠠᠨ ᠣᠷᠠᠯᠢᠭ ᠤᠨ ᠭᠡᠯᠪᠠᠷᠢ ᠶᠤᠮ᠃ ᠰᠢᠨ᠎ᠠ ᠲᠣᠮᠲᠠᠲᠣ ᠣᠯᠣᠰ ᠪᠠᠶᠢᠭᠤᠯᠣᠬᠲᠠᠬᠤ ᠶᠢᠨ ᠵᠡᠷᠭᠡ ᠪᠠᠷ ᠰᠢᠨ᠎ᠠ ᠰᠣᠶᠣᠯ ᠣᠯᠠᠮ ᠢᠶᠠᠷ ᠭᠠᠵᠠᠷ ᠠᠪᠴᠣ᠂ ᠠᠷᠠᠳ ᠤᠨ ᠵᠠᠩ ᠰᠣᠶᠣᠯ ᠰᠢᠨᠡᠴᠢᠯᠡᠭᠲᠡᠵᠣ ᠣᠯᠠᠷᠢᠨ ᠬᠤᠪᠢᠷᠠᠬᠤ ᠶᠢᠨ ᠲᠠᠭᠠᠣ ᠳᠤ᠂ ᠮᠦᠨ ᠴᠦ ᠣᠨᠴᠠᠭᠠᠢ ᠴᠠᠭ ᠦᠶ᠎ᠡ ᠶᠢᠨ ᠣᠯᠣᠰ ᠲᠦᠷᠣ ᠶᠢᠨ ᠭᠡᠲᠣ ᠭᠡᠯᠪᠠᠶᠢᠬᠦᠣ ᠬᠠᠷᠰᠢᠯᠠᠯ ᠪᠣᠯᠣᠨ ᠲᠠᠶᠠᠭᠠᠷᠴᠢᠯᠠᠯ᠂ ᠬᠤᠲᠠᠴᠢᠯᠠᠯ ᠤᠨ ᠰᠢᠯᠲᠠᠭᠠᠨ ᠠᠴᠠ ᠪᠣᠯᠵᠣ ᠲᠡᠲᠡᠭᠡᠷ ᠣᠷᠲᠣ ᠶᠢᠨ ᠲᠠᠭᠤᠣ ᠲᠠᠭᠤᠯᠠᠭᠲᠠᠵᠣ ᠣᠯᠠᠮᠵᠢᠯᠠᠭᠲᠠᠬᠤ ᠰᠣᠶᠣᠯ ᠤᠨ ᠰᠠᠭᠤᠷᠢ ᠪᠠᠨ ᠠᠭᠠᠵᠢᠮ ᠢᠶᠠᠷ ᠠᠯᠲᠠᠵᠣ ᠢᠷᠩᠰᠠᠨ ᠪᠠᠶᠢᠨ᠎ᠠ᠃ ᠡᠨᠠ ᠪᠣᠯ ᠨᠡᠶᠢᠭᠡᠮ ᠤᠨ ᠬᠦᠭᠵᠢᠯ ᠠᠴᠠ ᠰᠢᠯᠲᠠᠭᠠᠯᠠᠭᠳᠠᠬᠤ᠂ ᠲᠡᠷᠡ ᠮᠦᠷᠲᠡᠭᠡᠨ ᠪᠣᠷᠣᠭᠤᠰᠢᠶᠠᠨ ᠵᠢᠮᠡᠯᠡᠬᠦ ᠶᠢᠨ ᠠᠷᠭ᠎ᠠ ᠦᠭᠡᠢ ᠪᠠᠷ ᠵᠠᠶᠢᠯᠠᠰᠢ ᠦᠭᠡᠢ ᠢᠷᠡᠬᠦ ᠦᠷ᠎ᠡ ᠳ᠋ᠦᠩ ᠪᠣᠯᠣᠨ᠎ᠠ᠃  ᠴᠢᠯᠣᠭᠡᠯᠡᠭᠲᠠᠬᠦ ᠶᠢᠨ ᠡᠬᠢᠨ ᠤ ᠦᠶ᠎ᠡ ᠳᠤ ᠠᠯᠠᠱᠠ ᠨᠣᠲᠤᠭ ᠪᠠᠷᠤᠭ ᠪᠦᠬᠦ ᠠᠷᠠᠳ ᠢᠶᠠᠷ ᠢᠶᠠᠨ ᠲᠠᠭᠤᠴᠢᠨ ᠪᠠᠶᠢᠬᠰᠠᠨ ᠭᠡᠲᠡᠭ ᠢ ᠮᠠᠨ ᠤ ᠠᠬᠠᠮᠡᠳ ᠪᠣᠭᠤᠷᠣᠯᠴᠣᠣᠨ ᠮᠠᠷᠭᠤᠰᠢ ᠦᠭᠡᠢ ᠭᠡᠷᠡᠴᠢᠯᠠᠨ᠎ᠠ᠃ ᠲᠡᠷᠡ ᠲᠣᠮᠲᠠ 3 — 4 ᠵᠠᠭᠤᠨ ᠲᠠᠭᠤᠣ ᠮᠡᠲᠡᠲᠡᠭ ᠲᠠᠭᠤᠴᠢᠳ ᠮᠠᠰᠢ ᠣᠯᠠᠨ ᠪᠠᠶᠢᠬᠰᠠᠨ ᠭᠡᠵᠣ ᠬᠦᠮᠣᠰ ᠪᠠᠲᠣᠳᠬᠠᠵᠣ ᠪᠠᠶᠢᠨ᠎ᠠ᠃ ᠮᠠᠨ ᠤ ᠪᠦᠷᠢᠳᠭᠡᠯ ᠪᠠ ᠰᠣᠷᠪᠣᠯᠵᠢᠯᠠᠭ᠎ᠠ ᠠᠴᠠ ᠬᠠᠷᠠᠬᠤ ᠳᠤ ᠦᠶ᠎ᠡ ᠦᠶ᠎ᠡ ᠶᠢᠨ ᠬᠢ ᠠᠴᠠ ᠴᠦᠭᠡᠷᠡᠭᠡᠳ ᠣᠲᠣ ᠪᠣᠯᠬᠤ ᠳᠤ 40 — 50 ᠠᠯᠠᠱᠠ ᠣᠷᠲᠣ ᠶᠢᠨ ᠲᠠᠭᠤᠣ ᠪᠦᠷᠢᠨ ᠰᠠᠶᠢᠬᠠᠨ ᠲᠠᠭᠤᠯᠠᠴᠢᠬᠠᠬᠤ ᠢᠲᠡᠷ ᠵᠠᠯᠠᠭᠤ ᠨᠠᠰᠣᠨ ᠤ ᠲᠠᠭᠤᠴᠢᠨ ᠡᠲᠣᠷ ᠤᠨ ᠣᠲᠣ ᠰᠢᠬ ᠪᠣᠯᠣᠬᠰᠠᠨ ᠪᠠᠶᠢᠨ᠎ᠠ᠃ ᠪᠢᠲᠠ ᠡᠨᠡ ᠦᠵᠡᠭᠲᠠᠯ ᠠᠴᠠ ᠠᠷᠠᠳ ᠤᠨ ᠲᠠᠭᠤᠣ ᠶᠢᠨ ᠰᠣᠶᠣᠯ ᠤᠨ ᠣᠷᠴᠢᠨ ᠨᠢᠭᠡᠨᠲᠠ ᠮᠠᠰᠢ ᠶᠡᠭᠡ ᠪᠠᠷ ᠬᠤᠪᠢᠷᠠᠭᠰᠠᠨ ᠭᠡᠲᠡᠭ ᠢ ᠬᠢᠯᠪᠠᠷᠬᠠᠨ ᠣᠶᠢᠯᠠᠭᠠᠵᠣ ᠪᠣᠯᠣᠨ᠎ᠠ᠃ ᠲᠡᠭᠡᠷᠡᠭᠢ ᠵᠢᠱᠢᠶᠠᠨ ᠠᠴᠠ ᠪᠢᠲᠠ ᠠᠷᠠᠳ ᠤᠨ ᠢᠵᠠᠭᠤᠷ ᠲᠠᠭᠤᠣ ᠬᠠᠮᠢᠭ᠎ᠠ ᠠᠴᠠ ᠶᠠᠭᠠᠬᠢᠵᠣ ᠡᠬᠦᠰᠣᠨ ᠪᠣᠢ ᠪᠣᠯᠵᠣ᠂ ᠶᠠᠭᠠᠬᠢᠵᠣ ᠣᠯᠠᠮᠵᠢᠯᠠᠭᠲᠠᠵᠣ ᠬᠠᠲᠠᠭᠠᠯᠠᠭᠲᠠᠲᠠᠭ ᠪᠣᠢ ᠭᠡᠰᠠᠨ ᠶᠣᠰᠣ ᠣᠴᠢᠷ ᠢ ᠲᠣᠲᠣᠷᠬᠠᠢ ᠰᠡᠷᠡᠵᠣ ᠮᠡᠲᠡᠵᠦ ᠪᠣᠯᠬᠤ ᠶᠤᠮ᠃ ᠮᠠᠨ ᠤ ᠵᠠᠷᠢᠮ ᠰᠣᠲᠣᠯᠭᠠᠲᠠᠨ ᠪᠠ ᠣᠨᠣᠯᠴᠢᠳ ᠠᠷᠠᠳ ᠤᠨ ᠲᠠᠭᠤᠣ ᠪᠣᠯ ᠠᠷᠠᠳ ᠲᠦᠮᠡᠨ ᠤ ᠠᠮᠢᠲᠣᠷᠠᠯ ᠲᠣᠮᠲᠠ ᠠᠴᠠ ᠡᠬᠦᠰᠣᠨ ᠪᠣᠢ ᠪᠣᠯᠵᠣ᠂ ᠣᠯᠠᠮᠵᠢᠯᠠᠭᠲᠠᠵᠣ ᠬᠦᠭᠵᠢᠵᠣ ᠢᠷᠡᠲᠡᠭ ᠶᠣᠮ ᠭᠡᠵᠣ ᠨᠣᠲᠠᠯᠠᠵᠣ ᠪᠠᠶᠢᠬᠰᠠᠨ ᠰᠢᠲᠠ᠃ ᠭᠡᠲᠠᠯ᠎ᠠ ᠣᠲᠣ ᠠᠷᠠᠳ ᠲᠦᠮᠡᠨ ᠨᠢ ᠪᠠᠶᠢᠬᠰᠠᠭᠠᠷ ᠪᠠᠶᠢᠲᠠᠯ᠎ᠠ ᠲᠡᠲᠡᠭᠡᠷ ᠠᠷᠪᠢᠨ ᠰᠠᠶᠢᠬᠠᠨ ᠬᠠᠭᠤᠴᠢᠨ ᠲᠠᠭᠤᠣ ᠶᠠᠭᠠᠬᠢᠭᠠᠳ ᠶᠠᠪᠣᠬᠤ ᠲᠣᠰᠣᠮ ᠬᠠᠶᠠᠭᠲᠠᠵᠣ᠂ ᠮᠠᠷᠲᠠᠭᠲᠠᠵᠣ᠂ ᠴᠦᠭᠡᠷᠡᠭᠡᠳ ᠪᠠᠶᠢᠲᠠᠭ ᠪᠠᠶᠢᠨ᠎ᠠ︖ ᠵᠣᠬᠢᠬᠤ ᠲᠡᠣᠭᠡᠨ ᠴᠠᠭ ᠦᠶ᠎ᠡ ᠳᠤ ᠪᠣᠢ ᠪᠣᠯᠣᠬᠰᠠᠨ ᠲᠠᠭᠤᠣ ᠨᠢ ᠲᠣᠬᠠᠢ ᠶᠢᠨ ᠴᠠᠭ ᠦᠶ᠎ᠡ ᠶᠢᠨ ᠠᠷᠠᠳ ᠤᠨ ᠲᠠᠭᠤᠣ ᠶᠢᠨ ᠰᠣᠶᠣᠯ ᠠᠴᠠ ᠯᠠ ᠡᠬᠦᠰᠴᠣ ᠣᠯᠠᠮᠵᠢᠯᠠᠭᠲᠠᠲᠠᠭ ᠪᠦᠭᠡᠳ ᠮᠦᠨ ᠴᠠᠭ ᠲᠦᠷᠣ ᠶᠢᠨ ᠣᠯᠠᠷᠢᠵᠣ ᠬᠠᠯᠠᠭᠲᠠᠵᠣ ᠬᠦᠭᠵᠢᠬᠦ ᠶᠢ ᠲᠠᠭᠠᠯᠲᠣᠨ ᠠᠭᠠᠵᠢᠮ ᠢᠶᠠᠷ ᠣᠷᠬᠢᠬᠲᠠᠵᠣ᠂ ᠣᠣᠯ ᠭᠡᠪ ᠢᠶᠠᠷ ᠣᠯᠠᠮᠵᠢᠯᠠᠭᠲᠠᠬᠤ ᠣᠷᠣᠨ ᠵᠠᠢ ᠪᠠᠨ ᠠᠯᠲᠠᠲᠠᠭ ᠭᠡᠲᠡᠭ ᠢ ᠣᠶᠢᠯᠠᠭᠠᠬᠤ ᠴᠢᠬᠤᠯᠠᠲᠠᠢ ᠶᠣᠮ᠃ ᠲᠣᠬᠠᠢ ᠶᠢᠨ ᠰᠣᠶᠣᠯ ᠤᠨ ᠣᠷᠴᠢᠨ ᠨᠢ ᠬᠤᠪᠢᠷᠠᠬᠤ ᠦᠭᠡᠢ ᠭᠡᠲᠣᠢ ᠣᠲᠠᠭᠠᠨ ᠦᠷᠬᠦᠯᠵᠢᠯᠡᠪᠠᠯ᠂ ᠠᠷᠠᠳ ᠤᠨ ᠲᠠᠭᠤᠣ ᠨᠢ ᠴᠦ ᠣᠯᠠᠮ ᠢᠶᠠᠷ ᠪᠠᠶᠠᠯᠢᠬᠵᠢᠵᠣ᠂ ᠲᠡᠲᠣᠢ ᠣᠲᠠᠭᠠᠨ ᠣᠯᠠᠮᠵᠢᠯᠠᠭᠲᠠᠲᠠᠭ ᠪᠠᠶᠢᠨ᠎ᠠ᠃ ᠡᠶᠢᠮᠣ ᠪᠣᠯᠬᠤᠷ ᠠᠲᠠ ᠪᠢ ︽ᠠᠷᠠᠳ ᠤᠨ ᠲᠠᠭᠤᠣ ᠶᠢᠨ ᠰᠣᠶᠣᠯ ᠤᠨ ᠣᠷᠴᠢᠨ︾ ᠭᠡᠰᠠᠨ ᠪᠠᠷᠢᠮᠲᠠᠯᠡᠯ ᠢ ᠣᠨᠴᠠᠭᠠᠶᠢᠯᠠᠨ ᠲᠣᠷᠠᠳᠴᠣ ᠪᠠᠶᠢᠭ᠎ᠠ ᠶᠣᠮ ᠃ ᠲᠡᠭᠡᠪᠠᠯ ᠠᠷᠠᠳ ᠤᠨ ᠲᠠᠭᠤᠣ ᠶᠢᠨ ᠰᠣᠶᠣᠯ ᠭᠡᠲᠡᠭ ᠨᠢ ᠶᠠᠭᠤ ᠪᠣᠢ︖ ᠭᠡᠰᠠᠨ ᠠᠰᠠᠭᠤᠲᠠᠯ ᠲᠣᠷᠠᠲᠣᠬᠲᠠᠨ᠎ᠠ᠃ ᠲᠡᠯᠭᠡᠷᠨᠩᠬᠦᠢ ᠣᠳᠬ᠎ᠠ ᠠᠴᠠ ᠶᠠᠷᠢᠪᠠᠯ᠂ ᠠᠷᠠᠳ ᠤᠨ ᠲᠠᠭᠤᠣ ᠶᠢᠨ ᠰᠣᠶᠣᠯ ᠭᠡᠲᠡᠭ ᠨᠢ ᠠᠷᠠᠳ ᠤᠨ ᠲᠠᠭᠤᠣ ᠶᠢ ᠲᠦᠷᠣᠬᠦᠯᠵᠣ᠂ ᠣᠯᠠᠮᠵᠢᠯᠠᠨ ᠲᠠᠭᠤᠯᠠᠭᠤᠯᠵᠣ᠂ ᠣᠯᠠᠮ ᠢᠶᠠᠷ ᠪᠠᠶᠠᠯᠢᠬᠵᠢᠭᠤᠯᠬᠤ ᠦᠷᠭᠡᠨ ᠪᠣᠯᠣᠮᠵᠢ ᠶᠢ ᠣᠯᠭᠤᠲᠠᠭ ᠲᠣᠬᠠᠢ ᠶᠢᠨ ᠨᠡᠶᠢᠭᠡᠮ ᠤᠨ ᠠᠷᠠᠳ ᠲᠦᠮᠡᠨ ᠤ ᠵᠠᠩ ᠦᠢᠯᠠ᠂ ᠠᠵᠣ ᠠᠮᠢᠲᠣᠷᠠᠯ ᠤᠨ ᠣᠷᠴᠢᠨ᠂ ᠨᠠᠶᠢᠷ ᠬᠤᠷᠢᠮ ᠤᠨ ᠲᠢᠭ ᠶᠣᠰᠣᠨ ᠵᠡᠷᠭᠡ ᠰᠣᠶᠣᠯ ᠢᠷᠭᠡᠨᠰᠢᠯ ᠢ ᠵᠢᠭᠠᠵᠣ ᠪᠠᠶᠢᠬᠤ ᠰᠢᠬ ᠪᠠᠶᠢᠨ᠎ᠠ᠃ ᠠᠯᠠᠱᠠ ᠠᠷᠠᠳ ᠤᠨ ᠢᠵᠠᠭᠤᠷ ᠲᠠᠭᠤᠣ ᠨᠤᠭᠤᠳ ᠨᠢ ᠲᠦᠷᠪᠠᠨ ᠣᠶᠢᠷᠠᠳ ᠤᠨ ᠨᠢᠭᠡᠲᠣᠯ ᠵᠠᠲᠠᠷᠠᠯ᠂ ᠰᠢᠷ᠎ᠠ ᠶᠢᠨ ᠱᠠᠰᠢᠨ ᠤ ᠲᠡᠯᠭᠡᠷᠠᠯ᠂ ᠲᠣᠷᠭᠤᠣᠨᠴᠣᠣᠨ ᠢᠵᠢᠯ ᠮᠦᠷᠡᠨ ᠠᠴᠠ ᠵᠡᠬᠦᠨᠰᠢ ᠪᠣᠴᠠᠭᠰᠠᠨ᠂ ᠬᠤᠱᠣᠣᠨ ᠤᠨ ᠨᠢᠭᠡᠨ ᠰᠠᠯᠪᠣᠷᠢ ᠠᠯᠠᠱᠠ ᠳᠤ ᠢᠷᠡᠭᠰᠠᠨ᠂ ᠰᠡᠬᠦᠯ ᠤᠨ ᠦᠶ᠎ᠡ ᠳᠤ ᠨᠢᠭᠡ ᠪᠦᠯᠦᠭ ᠬᠠᠯᠬ᠎ᠠ ᠶᠠᠰᠣᠲᠠᠳ ᠠᠯᠠᠱᠠ ᠳᠤ ᠢᠷᠡᠵᠣ ᠨᠣᠲᠣᠬᠰᠢᠬᠰᠠᠨ᠂ ᠮᠠᠨᠵᠣ ᠴᠢᠩ ᠤᠨ ᠵᠠᠪᠰᠠᠷᠲᠠᠭᠤᠯᠣᠯ ᠠᠴᠠ ᠪᠣᠯᠣᠬᠰᠠᠨ ᠣᠯᠠᠨ ᠵᠢᠯ ᠤᠨ ᠲᠠᠶᠢᠨ ᠲᠠᠵᠢᠨ᠂ ᠲᠣᠬᠠᠢ ᠶᠢᠨ ᠨᠡᠶᠢᠭᠡᠮ ᠤᠨ ᠣᠷᠴᠢᠨ ᠪᠠᠶᠢᠭᠠᠯᠢ᠂ ᠵᠠᠰᠠᠭ ᠲᠦᠷᠣ ᠶᠢᠨ ᠲᠣᠬᠲᠠᠯᠴᠠᠭ᠎ᠠ ᠪᠣᠯᠣᠨ ᠣᠷᠣᠰᠢᠨ ᠲᠣᠬᠲᠠᠨᠢᠬᠤ ᠭᠠᠵᠠᠷ ᠨᠣᠲᠤᠭ᠂ ᠡᠷᠭᠡ ᠴᠢᠯᠣᠭᠡ᠂ ᠡᠪ ᠨᠠᠶᠢᠷ᠂ ᠡᠩᠭᠡ ᠲᠣᠬᠲᠠᠭᠤᠨ ᠠᠮᠢᠲᠣᠷᠠᠯ ᠢ ᠬᠦᠰᠠᠨ ᠮᠦᠷᠣᠭᠡᠲᠥᠭᠰᠠᠨ ᠠᠷᠠᠳ ᠢᠷᠭᠡᠳ ᠤᠨ ᠬᠦᠰᠠᠯ ᠰᠡᠳᠬᠢᠯ ᠵᠢᠴᠢ ᠠᠯᠠᠱᠠᠴᠣᠣᠨ ᠤᠨ ᠦᠪᠠᠷᠮᠢᠴᠡ ᠣᠨᠲᠣᠣ ᠵᠠᠩ ᠰᠣᠶᠣᠯ᠂ ᠶᠣᠰᠣ ᠵᠠᠩᠰᠢᠯ ᠵᠡᠷᠭᠡ ᠨᠢ ᠠᠯᠠᠱᠠ ᠠᠷᠠᠳ ᠤᠨ ᠲᠠᠭᠤᠣ ᠡᠬᠦᠰᠴᠣ ᠣᠯᠠᠮᠵᠢᠯᠠᠭᠲᠠᠬᠤ ᠲᠡᠣᠭᠡ ᠶᠢᠨ ᠶᠡᠭᠡ ᠠᠷᠣ ᠦᠵᠡᠭᠲᠠᠯ ᠪᠠ ᠰᠣᠶᠣᠯ ᠤᠨ ᠬᠦᠨ ᠵᠣᠵᠠᠭᠠᠨ ᠬᠦᠷᠣᠰᠣ ᠰᠢᠷᠣᠢ ᠪᠣᠯᠵᠣ ᠪᠠᠶᠢᠬᠰᠠᠨ ᠪᠠᠶᠢᠨ᠎ᠠ᠃ ᠢᠪᠴᠣᠣ ᠬᠦᠷᠢᠶᠠᠨ ᠠᠴᠠ ᠶᠠᠷᠢᠪᠠᠯ᠂ ᠠᠯᠠᠱᠠ ᠬᠤᠱᠣᠣᠨ ᠠᠷᠠᠳ ᠤᠨ ᠲᠠᠭᠤᠣ ᠨᠢ ᠢᠷᠭᠡᠨ ᠤ ᠶᠣᠰᠣ ᠵᠠᠩᠰᠢᠯ᠂ ᠮᠣᠩᠭᠤᠯ ᠤᠨ ᠲᠢᠭ ᠶᠣᠰᠣ ᠠᠭᠤᠯᠭ᠎ᠠ ᠮᠠᠰᠢ ᠨᠢᠬᠲᠠ ᠬᠤᠯᠪᠣᠯᠲᠣᠬᠰᠠᠨ ᠵᠠᠩ ᠦᠢᠯᠠ ᠶᠢᠨ ᠨᠢᠭᠡᠨ ᠶᠡᠷᠣᠩᠭᠡᠢ ᠴᠣᠬᠴᠠᠯᠠᠪᠣᠷᠢ ᠬᠡᠵᠣ ᠪᠣᠯᠬᠤ ᠶᠣᠮ᠃ ᠮᠣᠩᠭᠤᠯ ᠠᠷᠠᠳ ᠤᠨ ᠲᠠᠭᠤᠣ ᠭᠡᠵᠣ ᠶᠠᠭᠤ ᠪᠣᠢ ᠭᠡᠪᠠᠯ᠂ ᠪᠢ ᠯᠠ ᠬᠤᠪᠢᠨ ᠳᠠᠭᠠᠨ ᠲᠣᠬᠠᠢ ᠶᠢᠨ ᠴᠠᠭ ᠦᠶ᠎ᠡ ᠶᠢᠨ ᠲᠡᠣᠭᠡ ᠰᠣᠶᠣᠯ ᠤᠨ ᠲᠣᠰᠬᠠᠯ᠂ ᠢᠷᠭᠡᠨ ᠤ ᠪᠣᠷᠣᠬᠵᠢᠭᠤᠨ ᠬᠦᠨ ᠣᠬᠠᠭᠠᠨ᠂ ᠬᠦᠮᠣᠨ ᠤ ᠶᠣᠰᠣᠨ ᠤ ᠲᠣᠬᠠᠢ ᠰᠣᠷᠭᠠᠯ᠂ ᠬᠦᠮᠣᠨ ᠪᠠᠶᠢᠭᠠᠯᠢ ᠶᠢ ᠡᠶᠡᠲᠡᠬᠦᠯᠦᠭᠰᠠᠨ ᠰᠣᠶᠣᠯ ᠭᠡᠵᠣ ᠨᠣᠲᠠᠯᠠᠨ᠎ᠠ᠃ ᠡᠨᠡ ᠪᠣᠯ ᠦᠭᠡᠷ᠎ᠡ ᠭᠠᠵᠠᠷ ᠣᠷᠣᠨ ᠤ ᠢᠯᠡᠩᠭᠤᠶ᠎ᠠ ᠦᠭᠡᠷ᠎ᠡ ᠦᠨᠲᠣᠰᠣᠲᠠᠨ ᠤ ᠠᠷᠠᠳ ᠤᠨ ᠲᠠᠭᠤᠣ ᠠᠴᠠ ᠢᠯᠡᠷᠭᠡᠢ ᠢᠯᠭᠠᠬᠲᠠᠬᠤ ᠨᠢᠭᠡᠨ ᠲᠣᠪᠤᠶᠢᠮ᠎ᠠ ᠣᠨᠴᠠᠯᠢᠭ ᠶᠣᠮ᠃  ᠠᠯᠠᠱᠠ ᠠᠷᠠᠳ ᠤᠨ ᠲᠠᠭᠤᠣ ᠶᠢ ᠠᠶ᠎ᠡ ᠡᠭᠡᠰᠢᠭ ᠢᠶᠠᠷ ᠨᠢ ᠣᠷᠲᠣ ᠶᠢᠨ ᠲᠠᠭᠤᠣ᠂ ᠪᠣᠭᠤᠨᠢ ᠲᠠᠭᠤᠣ ᠭᠡᠵᠣ ᠬᠤᠶᠠᠷ ᠶᠡᠭᠡ ᠲᠦᠷᠣᠯ ᠳᠤ ᠬᠤᠪᠢᠶᠠᠵᠣ ᠪᠣᠯᠣᠨ᠎ᠠ᠃ ᠣᠪᠣᠭ ᠣᠬᠰᠠᠭᠠᠨ ᠤ ᠬᠢᠨᠢ ᠬᠠᠷᠢᠶᠠᠯᠠᠯ ᠠᠴᠠ ᠬᠤᠱᠣᠣᠨ ᠲᠠᠭᠤᠣ᠂ ᠲᠣᠷᠭᠤᠣᠨ ᠲᠠᠭᠤᠣ᠂ ᠬᠠᠯᠬ᠎ᠠ ᠲᠠᠭᠤᠣ ᠬᠡᠬᠦ ᠭᠤᠷᠪᠠᠨ ᠰᠠᠯᠪᠣᠷᠢ ᠪᠠᠷ ᠠᠩᠬᠢᠯᠠᠵᠣ ᠰᠢᠨᠵᠢᠬᠦ ᠶᠣᠰᠣᠲᠠᠢ᠃ ᠴᠠᠭᠠᠰᠢ ᠨᠢ ᠪᠠᠰᠠ ᠲᠣᠰᠪᠣᠷᠢ ᠶᠢᠨ ᠬᠢᠨᠢ ᠭᠠᠵᠠᠷ ᠨᠣᠲᠤᠭ ᠤᠨ ᠬᠤᠪᠢᠶᠠᠷᠢᠯᠠᠯ ᠢᠶᠠᠷ ᠨᠢ ᠨᠢᠵᠡᠭᠡᠳ ᠣᠷᠣᠨ ᠲᠣᠭᠤᠷᠢᠭ ᠬᠤᠪᠢᠶᠠᠨ ᠨᠠᠷᠢᠨ ᠰᠣᠲᠣᠯᠵᠣ ᠪᠣᠯᠣᠨ᠎ᠠ᠃ ᠡᠲᠡᠭᠡᠷ ᠨᠢ ᠪᠣᠯ ᠠᠯᠠᠱᠠ ᠠᠷᠠᠳ ᠤᠨ ᠲᠠᠭᠤᠣ ᠶᠢᠨ ᠲᠣᠬᠠᠢ ᠮᠢᠨᠣ ᠨᠢᠭᠡᠨ ᠶᠡᠷᠣᠩᠭᠡᠢ ᠣᠶᠢᠯᠠᠭᠠᠯᠲᠠ ᠪᠣᠯᠣᠨ᠎ᠠ᠃  ᠣᠲᠣ ᠪᠢ ᠵᠠᠯᠭᠠᠭᠠᠳ ᠠᠯᠠᠱᠠ ᠬᠤᠱᠣᠣᠨ ᠣᠷᠲᠣ ᠶᠢᠨ ᠲᠠᠭᠤᠣ ᠳᠤ ᠰᠠᠭᠤᠷᠢᠯᠠᠭᠤᠯᠵᠣ᠂ ᠠᠷᠠᠳ ᠤᠨ ᠲᠠᠭᠤᠣ ᠶᠢᠨ ᠵᠠᠷᠢᠮ ᠶᠣᠰᠣ ᠣᠴᠢᠷ ᠢ ᠪᠦᠲᠣᠬᠦᠪᠴᠢ ᠪᠠᠷ ᠶᠠᠷᠢᠶ᠎ᠡ᠃ ᠨᠢᠭᠡ᠂ ᠠᠯᠠᠱᠠ ᠬᠤᠱᠣᠣᠨ ᠣᠷᠲᠣ ᠶᠢᠨ ᠲᠠᠭᠤᠣ ᠶᠢᠨ ᠶᠣᠰᠣ ᠵᠠᠩᠰᠢᠯ ᠠᠯᠠᠱᠠ ᠬᠤᠱᠣᠣᠨ ᠣᠷᠲᠣ ᠶᠢᠨ ᠲᠠᠭᠤᠣ ᠶᠢ ᠠᠵᠢᠬᠯᠠᠬᠤ ᠳᠤ᠂ ᠢᠷᠭᠡᠨ ᠤ ᠶᠣᠰᠣ ᠵᠠᠩᠰᠢᠯ ᠳᠤ ᠰᠠᠯᠣᠰᠢ ᠦᠭᠡᠢ ᠨᠠᠪᠴᠢᠵᠣ ᠰᠢᠩᠭᠡᠭᠰᠠᠨ ᠪᠠᠶᠢᠲᠠᠭ ᠢᠶᠠᠷ ᠢᠶᠠᠨ ᠪᠣᠰᠣᠣᠨ ᠭᠠᠵᠠᠷ ᠣᠷᠣᠨ ᠤ ᠠᠷᠠᠳ ᠤᠨ ᠲᠠᠭᠤᠣ ᠠᠴᠠ ᠢᠯᠡᠷᠭᠡᠢ ᠣᠨᠴᠠᠯᠢᠭᠲᠠᠵᠣ ᠪᠠᠶᠢᠨ᠎ᠠ᠃ ᠠᠯᠠᠱᠠ ᠠᠷᠠᠳ ᠤᠨ ᠲᠠᠭᠤᠣ ᠶᠢ ᠰᠣᠲᠣᠯᠵᠣ ᠰᠢᠨᠵᠢᠯᠡᠬᠦ ᠳᠤ ᠲᠣᠬᠠᠢ ᠶᠢᠨ ᠣᠷᠣᠨ ᠤ ᠢᠷᠭᠡᠨ ᠤ ᠵᠠᠩ ᠰᠣᠶᠣᠯ᠂ ᠶᠣᠰᠣ ᠰᠣᠷᠲᠠᠬᠤᠨ᠂ ᠠᠵᠣ ᠠᠮᠢᠲᠣᠷᠠᠯ ᠤᠨ ᠪᠠᠶᠢᠲᠠᠯ ᠠᠴᠠ ᠦᠴᠣᠭᠡᠨ ᠴᠦ ᠰᠠᠯᠭᠠᠵᠣ ᠪᠣᠯᠬᠤ ᠦᠭᠡᠢ ᠶᠣᠮ᠃ ᠶᠡᠷᠣ ᠨᠢ ᠠᠯᠠᠱᠠ ᠨᠣᠲᠤᠭ ᠲᠤ ᠲᠠᠭᠤᠣ ᠦᠭᠡᠢ ᠨᠠᠶᠢᠷ ᠬᠤᠷᠢᠮ ᠪᠠᠶᠢᠵᠣ ᠪᠣᠯᠲᠠᠭ ᠦᠭᠡᠢ᠂ ᠶᠠᠮᠠᠷ ᠴᠦ ᠴᠠᠢ ᠨᠠᠶᠢᠷ ᠲᠤ ᠲᠠᠭᠤᠯᠠᠬᠤ ᠲᠠᠭᠤᠣ ᠨᠢ ᠨᠠᠶᠢᠷ ᠴᠡᠩᠭᠡᠭᠡᠨ ᠤ ᠶᠣᠰᠣ ᠵᠠᠩᠰᠢᠯ ᠳᠤ ᠨᠢ ᠨᠡᠶᠢᠴᠡᠭᠰᠠᠨ ᠡᠮᠬᠢ ᠲᠠᠷᠠᠭ᠎ᠠ ᠲᠠᠢ ᠲᠠᠭᠤᠯᠠᠭᠲᠠᠬᠤ ᠲᠠᠭᠤᠣ ᠨᠤᠭᠤᠳ ᠪᠠᠶᠢᠲᠠᠭ ᠪᠠᠶᠢᠨ᠎ᠠ᠃ ᠲᠡᠣᠭᠡᠨ ᠲᠡᠭᠡᠷ᠎ᠡ ᠬᠤᠰᠢᠭᠤ ᠵᠠᠰᠠᠭ ᠲᠦᠷᠣ ᠶᠢᠨ ᠶᠡᠭᠡ ᠨᠠᠶᠢᠷ ᠠᠴᠠ ᠠᠪᠣᠭᠠᠳ ᠡᠭᠡᠯ ᠠᠷᠠᠳ ᠤᠨ ᠰᠠᠷ᠎ᠠ ᠰᠢᠨ᠎ᠠ ᠶᠢᠨ ᠴᠠᠶᠢᠯᠠᠯᠭ᠎ᠠ᠂ ᠬᠤᠷᠢᠮ ᠤᠨ ᠶᠣᠰᠣᠯᠠᠯ᠂ ᠲᠠᠬᠢᠯᠭ᠎ᠠ ᠲᠠᠯᠠᠯᠭ᠎ᠠ᠂ ᠨᠠᠰᠣᠨ ᠪᠠᠶᠠᠷ ᠵᠡᠷᠭᠡ ᠠᠯᠢᠪᠠ ᠨᠠᠶᠢᠷ ᠴᠡᠩᠭᠡᠯ ᠳᠤ ᠬᠦᠷᠲᠡᠯᠡᠬᠢ ᠨᠠᠶᠢᠷ ᠤᠨ ᠶᠣᠰᠣᠨ ᠳᠤ ᠪᠦᠷ ᠯᠠ ᠲᠦᠷᠣ ᠶᠢᠨ ᠱᠠᠰᠲᠢᠷ ᠲᠠᠭᠤᠣ ᠶᠢ ᠡᠬᠢᠯᠠᠨ ᠲᠠᠭᠤᠯᠠᠲᠠᠭ ᠪᠠᠶᠢᠬᠰᠠᠨ ᠨᠢ ᠨᠢᠭᠡᠨᠲᠠ ᠲᠣᠬᠲᠠᠭᠰᠠᠨ ᠵᠣᠷᠰᠢᠯ ᠪᠣᠯᠵᠣ ᠣᠯᠠᠨ ᠵᠠᠭᠤᠨ ᠢᠶᠠᠷ ᠭᠡᠪᠰᠢᠨ ᠲᠦᠷᠢᠮᠵᠢᠭᠰᠡᠨ ᠪᠠᠶᠢᠲᠠᠭ᠃ ᠣᠨᠴᠠᠭᠠᠶᠢᠯᠠᠨ ᠣᠷᠤᠭ ᠬᠤᠷᠢᠮ ᠤᠨ ᠶᠠᠪᠣᠴᠠ ᠳᠤ ᠲᠠᠭᠤᠯᠠᠭᠲᠠᠬᠤ ᠲᠠᠭᠤᠣ ᠨᠤᠭᠤᠳ ᠨᠢ ᠬᠤᠷᠢᠮ ᠤᠨ ᠶᠣᠰᠣ ᠵᠠᠩᠰᠢᠯ ᠲᠠᠢ ᠰᠠᠯᠣᠰᠢ ᠦᠭᠡᠢ ᠣᠶᠠᠯᠲᠣᠵᠣ᠂ ᠠᠷᠢᠬᠢ ᠬᠠᠲᠠᠭ ᠲᠠᠯᠪᠢᠬᠤ ᠠᠴᠠ ᠡᠬᠢᠯᠠᠨ ᠱᠠᠭᠠᠶᠢᠲᠣ ᠰᠠᠯᠭᠠᠭᠤᠣᠨ ᠣᠷᠣᠬᠤ᠂ ᠨᠠᠶᠢᠷ ᠡᠬᠢᠯᠡᠬᠦ᠂ ᠨᠠᠶᠢᠷ ᠦᠷᠬᠦᠯᠵᠢᠯᠡᠬᠦ᠂ ᠦᠬᠢᠨ ᠰᠠᠯᠭᠠᠵᠣ ᠮᠣᠷᠲᠠᠭᠤᠯᠬᠤ᠂ ᠨᠠᠶᠢᠷ ᠤᠨ ᠭᠡᠶᠢᠴᠢᠳ ᠲᠠᠷᠬᠠᠬᠤ ᠬᠦᠷᠲᠡᠯᠡᠬᠢ ᠪᠦᠬᠦᠶ ᠯᠠ ᠶᠠᠪᠣᠴᠠ ᠳᠤ ᠲᠠᠭᠤᠣ ᠢᠷᠣᠭᠡᠯ ᠬᠤᠶᠠᠷ ᠲᠠᠰᠣᠷᠠᠭᠤ ᠦᠭᠡᠢ ᠭᠡᠲᠣ ᠭᠡᠲᠣᠨ ᠡᠲᠣᠷ ᠢᠶᠠᠷ ᠦᠷᠬᠦᠯᠵᠢᠯᠡᠳ᠋ᠩ ᠪᠠᠶᠢᠨ᠎ᠠ᠃ ᠡᠶᠢᠮᠣ ᠪᠣᠯᠬᠤᠷ ᠲᠠᠭᠤᠣ ᠢᠷᠣᠭᠡᠯ ᠬᠤᠶᠠᠷ ᠮᠡᠲᠡᠬᠦ ᠦᠭᠡᠢ ᠬᠦᠮᠣᠨ ᠠᠶᠢᠯ ᠤᠨ ᠬᠤᠷᠢᠮ ᠨᠠᠶᠢᠷ ᠲᠤ ᠠᠬᠠᠯᠠᠭᠴᠢ᠂ ᠪᠠᠷᠭᠡᠨ᠂ ᠲᠠᠭᠤᠴᠢᠨ ᠢᠶᠠᠷ ᠵᠠᠯᠠᠭᠲᠠᠬᠤ ᠪᠣᠯᠣᠯᠴᠠᠭ᠎ᠠ ᠦᠭᠡᠢ ᠶᠣᠮ᠃ ᠨᠠᠶᠢᠷ ᠲᠤ ᠢᠷᠡᠭᠰᠠᠨ ᠬᠦᠣ᠂ ᠬᠡᠣᠭᠡᠨ ᠬᠤᠶᠠᠷ ᠲᠠᠯ᠎ᠠ ᠶᠢᠨ ᠬᠡᠶᠢᠴᠢᠳ ᠴᠦ ᠲᠠᠭᠤᠣ ᠠᠷᠪᠢᠨ ᠮᠡᠲᠡᠲᠡᠭ ᠢᠶᠠᠷ ᠢᠶᠠᠨ᠂ ᠲᠠᠭᠤᠣ ᠰᠠᠶᠢᠬᠠᠨ ᠲᠠᠭᠤᠯᠠᠲᠠᠭ ᠢᠶᠠᠷ ᠢᠶᠠᠨ᠂ ᠲᠠᠭᠤᠣ ᠶᠢᠨ ᠶᠣᠰᠣ ᠵᠠᠩᠰᠢᠯ ᠳᠤ ᠴᠠᠭᠠᠷᠠᠭᠰᠠᠨ ᠢᠶᠠᠷ ᠢᠶᠠᠨ ᠦᠷᠢᠰᠣᠯᠲᠣᠵᠣ᠂ ᠨᠠᠶᠢᠷ ᠲᠤ ᠬᠦᠷ ᠪᠠᠶᠠᠰᠣᠯ ᠦᠩᠭᠡ ᠭᠡᠷᠡᠯ ᠨᠡᠮᠡᠷᠢᠯᠡᠵᠣ᠂ ᠨᠠᠶᠢᠷ ᠤᠨ ᠶᠣᠰᠣ ᠶᠢ ᠵᠣᠬᠢᠴᠠᠭᠤᠯᠵᠣ᠂ ᠭᠡᠷ ᠤᠨ ᠡᠵᠡᠨ ᠤ ᠦᠩᠭᠡ ᠨᠢᠭᠤᠷ ᠢ ᠠᠪᠴᠣ ᠭᠠᠷᠲᠠᠭ ᠪᠠᠶᠢᠨ᠎ᠠ᠃ ᠶᠡᠷᠣ ᠨᠢ ᠲᠡᠣᠭᠡᠨ ᠠᠴᠠ ᠪᠠᠨ ᠠᠯᠠᠱᠠ ᠳᠤ ᠲᠠᠭᠤᠴᠢ᠂ ᠢᠷᠣᠭᠡᠯᠴᠢ ᠬᠦᠮᠣᠨ ᠨᠣᠲᠤᠭ ᠣᠰᠣᠨ ᠳᠤ ᠪᠠᠨ ᠨᠠᠰᠣᠨ ᠲᠣᠷᠰᠢ ᠠᠯᠲᠠᠷ ᠬᠦᠨᠲᠣ ᠲᠠᠢ ᠶᠠᠪᠣᠵᠣ᠂ ᠠᠷᠠᠳ ᠤᠨ ᠨᠠᠶᠢᠷ ᠬᠤᠷᠢᠮ ᠢᠶᠠᠷ ᠯᠠ ᠠᠷᠠᠳ ᠤᠨ ᠲᠠᠭᠤᠣ ᠪᠠᠨ ᠦᠷ᠎ᠡ ᠬᠤᠶᠢᠴᠢᠰ ᠲᠤ ᠪᠠᠨ ᠦᠪᠯᠡᠬᠦᠯᠵᠣ ᠣᠯᠠᠮᠵᠢᠯᠠᠵᠣ ᠢᠷᠡᠭᠰᠠᠨ ᠵᠣᠷᠰᠢᠯ ᠲᠠᠢ ᠶᠣᠮ᠃ ᠣᠪᠣᠭ᠎ᠠ ᠰᠢᠪᠡᠭᠡ ᠲᠡᠬᠢᠵᠣ ᠬᠤᠷ᠎ᠠ ᠪᠣᠷᠣᠭᠠᠨ ᠭᠤᠶᠣᠬᠤ ᠳᠤ ᠴᠦ ᠯᠣᠣᠰ ᠰᠠᠪᠲᠠᠭ ᠢ ᠪᠠᠶᠡᠰᠬᠠᠵᠣ ᠭᠠᠵᠠᠷ ᠤᠨ ᠦᠨᠲᠣᠷ ᠠᠴᠠ ᠡᠴᠢᠭᠡ ᠲᠡᠭᠷᠢ᠂ ᠡᠭᠡ ᠭᠠᠵᠠᠷ ᠲᠠᠭᠠᠨ ᠰᠠᠴᠣᠯᠢ ᠲᠡᠭᠡᠵᠢ ᠪᠠᠨ ᠡᠷᠬᠦᠵᠣ᠂ ᠣᠭᠤᠴᠠ ᠰᠢᠬᠦᠰᠣ ᠶᠢᠨ ᠢᠶᠠᠨ ᠲᠡᠪᠠᠭ ᠢ ᠦᠷᠣᠵᠣ᠂ ᠬᠤᠷᠠᠭᠰᠠᠨ ᠪᠦᠬᠦᠲᠡᠭᠡᠷ ᠢᠶᠠᠨ ᠡᠨᠠ ᠶᠣᠰᠣᠯᠠᠯ ᠳᠤ ᠨᠠᠶᠢᠴᠠᠬᠦ᠋ᠢᠴᠡ ᠨᠠᠶᠢᠷ ᠤᠨ ᠰᠠᠶᠢᠬᠠᠨ ᠲᠠᠭᠤᠣ ᠪᠠᠨ ᠲᠠᠭᠤᠯᠡᠵᠣ᠂ ᠲᠡᠯᠡᠭᠡᠢ ᠪᠠᠶᠠᠰᠲᠠᠯ᠎ᠠ ᠨᠠᠶᠢᠷᠯᠠᠲᠠᠭ ᠪᠠᠶᠢᠨ᠎ᠠ᠃ ᠶᠡᠷᠣ ᠨᠢ ᠠᠯᠠᠱᠠ ᠳᠤ ᠶᠠᠮᠠᠷ ᠴᠦ ᠨᠠᠶᠢᠷ ᠨᠠᠭᠠᠲᠣᠮ ᠳᠤ ᠲᠠᠭᠤᠣ ᠶᠢ ᠲᠡᠭᠡᠲᠣᠯᠡᠵᠣ ᠲᠠᠭᠤᠣ ᠪᠠᠷ ᠢᠶᠠᠨ ᠨᠠᠶᠢᠷ ᠢᠶᠠᠨ ᠡᠬᠢᠯᠡᠬᠦᠯᠵᠣ ᠂ ᠦᠷᠬᠦᠯᠵᠢᠯᠡᠬᠦᠯᠵᠣ᠂ ᠲᠡᠬᠦᠰᠭᠡᠵᠣ ᠪᠠᠶᠢᠲᠠᠭ᠃ ᠡᠶᠢᠮᠣ ᠠᠴᠠ ᠠᠷᠠᠳ ᠤᠨ ᠲᠠᠭᠤᠣ ᠨᠢ ᠠᠯᠠᠱᠠ ᠳᠤ ᠠᠷᠠᠳ ᠢᠷᠭᠡᠳ ᠤᠨ ᠴᠢᠬᠤᠯᠠ ᠨᠢᠭᠡᠨ ᠶᠣᠰᠣ ᠵᠠᠩᠰᠢᠯ ᠪᠣᠯᠵᠣ ᠣᠯᠠᠨ ᠵᠠᠭᠤᠨ ᠢᠶᠠᠷ ᠵᠣᠷᠰᠢᠵᠣ ᠣᠯᠠᠮᠵᠢᠯᠠᠭᠲᠠᠭᠰᠠᠨ ᠶᠣᠮ᠃ ᠡᠨᠠ ᠨᠢ ᠠᠷᠠᠳ ᠤᠨ ᠢᠵᠠᠭᠤᠷ ᠲᠠᠭᠤᠣ ᠲᠦᠷᠣᠵᠣ᠂ ᠬᠦᠭᠵᠢᠵᠣ ᠣᠯᠠᠮᠵᠢᠯᠠᠭᠲᠠᠬᠤ ᠴᠢᠬᠤᠯᠠ ᠣᠷᠢᠲᠠᠴᠢ ᠨᠦᠬᠦᠴᠡᠯ ᠪᠣᠯᠵᠣ ᠢᠷᠡᠵᠠᠢ᠃ ᠬᠤᠶᠠᠷ᠂ ᠠᠯᠠᠱᠠ ᠬᠤᠱᠣᠣᠨ ᠣᠷᠲᠣ ᠶᠢᠨ ᠲᠠᠭᠤᠣ ᠶᠢᠨ ᠭᠤᠣᠯ ᠦᠢᠯᠡᠲᠣᠯ  ᠲᠡᠣᠭᠡᠨ ᠲᠡᠭᠡᠷᠡᠭᠢ ᠠᠷᠠᠳ ᠤᠨ ᠢᠵᠠᠭᠤᠷ ᠲᠠᠭᠤᠣ ᠶᠢ ᠪᠠᠭᠲᠠᠭᠠᠬᠰᠠᠨ ᠠᠯᠢᠪᠠ ᠣᠷᠠᠯᠢᠭ ᠤᠨ ᠭᠡᠯᠪᠠᠷᠢ ᠨᠢ ᠲᠣᠬᠠᠢ ᠶᠢᠨ ᠴᠠᠭ ᠦᠶ᠎ᠡ ᠳᠤ ᠠᠷᠠᠳ ᠣᠯᠠᠨ ᠤ ᠣᠶᠣᠨ ᠤ ᠭᠡᠷᠩᠴᠡᠭᠡ ᠶᠢ ᠬᠠᠩᠭᠠᠬᠤ ᠶᠢᠨ ᠲᠦᠯᠣᠭᠡ ᠵᠣᠬᠢᠶᠠᠭᠲᠠᠵᠣ᠂ ᠪᠠᠶᠠᠯᠢᠬᠵᠢᠵᠣ᠂ ᠣᠯᠠᠮᠵᠢᠯᠠᠭᠲᠠᠵᠣ ᠢᠷᠡᠭᠰᠠᠨ ᠨᠢ ᠮᠠᠷᠭᠤᠰᠢ ᠦᠭᠡᠢ ᠶᠣᠮ᠃ ᠲᠡᠷᠡ ᠲᠣᠮᠲᠠ ᠠᠴᠠ ᠠᠷᠠᠳ ᠤᠨ ᠢᠵᠠᠭᠤᠷ ᠲᠠᠭᠤᠣ ᠨᠢ ᠠᠷᠠᠳ ᠲᠦᠮᠡᠨ ᠳᠡᠭᠡᠨ ᠬᠠᠮᠤᠭ ᠤᠨ ᠦᠷᠭᠡᠨ ᠬᠡᠪᠴᠢᠶ᠎ᠡ ᠪᠠᠷ ᠲᠠᠨᠢᠬᠲᠠᠵᠣ᠂ ᠬᠦᠯᠢᠶᠡᠭᠲᠠᠵᠣ᠂ ᠣᠯᠠᠮᠵᠢᠯᠠᠭᠲᠠᠭᠰᠠᠨ ᠣᠷᠠᠯᠢᠭ ᠤᠨ ᠭᠡᠯᠪᠠᠷᠢ ᠪᠣᠯᠣᠨ᠎ᠠ᠃ ᠲᠡᠶᠢᠮᠣ ᠣᠴᠢᠷ ᠠᠴᠠ ᠠᠷᠠᠳ ᠤᠨ ᠲᠠᠭᠤᠣ ᠶᠢ ᠰᠣᠷᠴᠣ ᠣᠯᠠᠮᠵᠢᠯᠠᠬᠤ ᠳᠠᠭᠠᠨ ᠮᠠᠨ ᠤ ᠡᠪᠦᠭᠡ ᠲᠡᠭᠡᠲᠣᠰ᠂ ᠮᠠᠨ ᠤ ᠠᠷᠠᠳ ᠲᠦᠮᠡᠨ ᠶᠠᠭᠤᠨ ᠳᠤ ᠴᠢᠩᠬᠢᠵᠣ ᠲᠡᠶᠢᠮᠣ ᠠᠷᠪᠢᠨ ᠲᠠᠭᠤᠣ ᠡᠬᠦᠰᠭᠡᠨ ᠲᠠᠭᠤᠯᠠᠲᠠᠭ ᠪᠠᠶᠢᠬᠰᠠᠨ ᠪᠣᠢ︖ ᠶᠠᠭᠤ ᠲᠠᠭᠤᠯᠠᠭᠠᠳ ᠪᠠᠶᠢᠲᠠᠭ ᠪᠠᠶᠢᠬᠰᠠᠨ ᠪᠣᠢ︖ ᠭᠡᠬᠦ ᠠᠰᠠᠭᠤᠲᠠᠯ᠃ ᠲᠣᠬᠠᠶᠢᠯᠠᠪᠠᠯ᠂ ᠡᠷᠲᠠ ᠲᠡᠭᠡᠷ᠎ᠡ ᠦᠶ᠎ᠡ ᠠᠴᠠ ᠠᠷᠠᠳ ᠤᠨ ᠲᠠᠭᠤᠣ ᠨᠢ ᠢᠷᠭᠡᠨ ᠤ ᠰᠣᠶᠣᠯ ᠣᠬᠠᠮᠰᠠᠷ ᠲᠤ ᠶᠠᠮᠠᠷ ᠦᠷ᠎ᠡ ᠨᠦᠯᠣᠭᠡ ᠦᠵᠡᠬᠦᠯᠵᠣ ᠪᠠᠶᠢᠬᠰᠠᠨ ᠪᠣᠢ︖ ᠭᠡᠲᠡᠭ ᠠᠰᠠᠭᠤᠲᠠᠯ ᠢ ᠶᠡᠭᠡ ᠲᠦᠯᠣᠪ ᠲᠤᠨᠢ ᠣᠶᠢᠯᠠᠭᠠᠵᠣ ᠮᠡᠲᠡᠬᠦ ᠴᠢᠬᠤᠯᠠᠲᠠᠢ ᠶᠣᠮ᠃  ᠠᠵᠣ ᠠᠬᠤᠢ᠂ ᠰᠣᠶᠣᠯ ᠬᠦᠮᠣᠵᠢᠯ᠂ ᠰᠢᠨᠵᠢᠯᠡᠬᠦ ᠣᠬᠠᠭᠠᠨ ᠬᠦᠭᠵᠢᠭᠡᠲᠣᠢ ᠦᠩᠭᠡᠷᠡᠭᠰᠠᠨ ᠤ ᠲᠡᠷᠡ ᠹᠸᠣᠲᠠᠯ ᠤᠨ ᠪᠠᠯᠠᠷ ᠬᠠᠷᠠᠩᠭᠤᠢ ᠨᠡᠶᠢᠭᠡᠮ ᠳᠤ ᠮᠠᠨ ᠤ ᠡᠪᠦᠭᠡ ᠲᠡᠭᠡᠲᠣᠰ ᠣᠯᠠᠨ ᠵᠠᠭᠤᠨ ᠤ ᠲᠣᠷᠰᠢ ᠪᠠᠶᠢᠭᠠᠯᠢ ᠶᠢᠨ ᠬᠠᠲᠠᠭᠤ ᠪᠠᠷᠭᠡ ᠪᠠ ᠨᠡᠶᠢᠭᠡᠮ ᠤᠨ ᠣᠷᠪᠠᠭᠠᠨ ᠬᠦᠷᠪᠡᠭᠡᠨ ᠢ ᠲᠠᠪᠠᠨ ᠲᠣᠭᠤᠯᠵᠣ ᠢᠷᠡᠬᠦ ᠳᠡᠭᠡᠨ ᠦᠶ᠎ᠡ ᠦᠶ᠎ᠡ ᠶᠢᠨ ᠡᠷᠲᠠᠮᠲᠠᠨ ᠮᠡᠷᠭᠡᠳ᠂ ᠲᠠᠭᠤᠴᠢᠳ ᠣᠷᠠᠯᠢᠬᠴᠢᠳ ᠤᠨ ᠰᠠᠴᠠᠨ ᠴᠡᠯᠮᠡᠭ ᠣᠢ ᠣᠬᠠᠭᠠᠨ ᠤ ᠣᠨᠲᠣᠷᠴᠣ ᠪᠣᠢ ᠪᠣᠯᠣᠬᠰᠠᠨ ᠲᠡᠲᠡᠭᠡᠷ ᠠᠷᠠᠳ ᠤᠨ ᠲᠠᠭᠤᠣ ᠪᠠᠷ ᠯᠠ ᠰᠡᠳᠬᠢᠯ ᠢᠶᠠᠨ ᠠᠷᠢᠭᠤᠰᠬᠠᠵᠣ᠂ ᠠᠷᠠᠳ ᠤᠨ ᠲᠠᠭᠤᠣ ᠠᠴᠠ ᠰᠠᠶᠢᠨ ᠰᠠᠶᠢᠬᠠᠨ ᠬᠦᠰᠡᠯᠡᠩ ᠤᠨ ᠭᠡᠷᠡᠯ ᠭᠡᠭᠡ ᠶᠢ ᠬᠠᠷᠠᠵᠣ᠂ ᠠᠷᠠᠳ ᠤᠨ ᠲᠠᠭᠤᠣ ᠠᠴᠠ ᠬᠦᠨ ᠣᠬᠠᠭᠠᠨ ᠤ ᠶᠣᠰᠣ ᠣᠴᠢᠷ ᠢ ᠮᠡᠲᠡᠷᠡᠵᠣ᠂ ᠠᠷᠠᠳ ᠤᠨ ᠲᠠᠭᠤᠣ ᠠᠴᠠ ᠭᠤᠸ᠎ᠠ ᠲᠠᠭᠠᠰᠢᠶᠠᠯ ᠤᠨ ᠰᠢᠮ᠎ᠠ ᠲᠡᠵᠢᠭᠡᠯ ᠬᠦᠷᠲᠡᠵᠣ᠂ ᠠᠷᠠᠳ ᠤᠨ ᠲᠠᠭᠤᠤ ᠳᠠᠭᠠᠨ ᠲᠡᠣᠭᠡ ᠪᠠᠨ ᠲᠡᠮᠲᠡᠭᠯᠡᠵᠣ᠂ ᠠᠷᠠᠳ ᠤᠨ ᠲᠠᠭᠤᠤ ᠪᠠᠷ ᠠᠮᠢᠲᠣᠷᠠᠯ ᠤᠨ ᠢᠶᠠᠨ ᠵᠠᠩ ᠦᠢᠯᠠ ᠶᠢ ᠭᠡᠪᠰᠢᠬᠦᠯᠣᠨ ᠲᠦᠷᠢᠮᠵᠢᠬᠦᠯᠵᠣ ᠢᠷᠡᠭᠰᠠᠨ ᠪᠠᠶᠢᠨ᠎ᠠ᠃ ᠡᠨᠠ ᠬᠦ ᠦᠵᠡᠯᠲᠠ ᠠᠴᠠ ᠶᠠᠷᠢᠪᠠᠯ᠂ ᠠᠷᠠᠳ ᠤᠨ ᠲᠠᠭᠤᠣ ᠶᠢᠨ ᠦᠢᠯᠡᠲᠣᠯ ᠨᠢ ᠠᠷᠠᠳ ᠣᠯᠠᠨ ᠢᠶᠠᠨ᠂ ᠦᠷ᠎ᠡ ᠬᠤᠶᠢᠴᠢᠰ ᠢᠶᠠᠨ ᠰᠣᠷᠭᠠᠨ ᠰᠡᠩᠭᠡᠷᠡᠬᠦᠯᠬᠦ ᠳᠤ ᠵᠣᠷᠢᠭᠤᠯᠣᠬᠲᠠᠭᠰᠠᠨ ᠪᠠᠶᠢᠭ᠎ᠠ ᠨᠢ ᠲᠣᠲᠣᠷᠬᠠᠢ ᠪᠠᠶᠢᠨ᠎ᠠ᠃ ᠵᠦᠭᠡᠷ ᠯᠠ ᠦᠢᠳᠪᠣᠷᠢ ᠭᠠᠷᠭᠠᠵᠣ᠂ ᠬᠦᠭᠵᠢᠭᠡᠨ ᠨᠠᠷᠬᠢᠶᠠᠨ᠂ ᠴᠡᠩᠭᠡᠭᠡᠨ ᠴᠠᠯᠬᠢᠶᠠᠨ ᠤ ᠲᠦᠯᠣᠭᠡ ᠲᠠᠭᠤᠯᠠᠲᠠᠭ ᠭᠡᠪᠠᠯ ᠪᠠᠳᠮ᠎ᠠ ᠯᠢᠩᠬᠸ᠎ᠠ᠂ ᠰᠠᠷᠠᠨ ᠤ ᠬᠦᠮᠣᠲᠢ᠂ ᠪᠣᠷᠬᠠᠨ ᠪᠠᠭᠰᠢ᠂ ᠽᠣᠩᠺᠠᠪᠠ ᠪᠣᠬᠲᠠ᠂ ᠲᠠᠯᠠᠢ ᠪᠠᠨᠴᠢᠨ᠂ ᠴᠢᠩᠬᠢᠰ ᠬᠠᠭᠠᠨ᠂ ᠡᠵᠡᠨ ᠨᠣᠶᠡᠳ᠂ ᠡᠴᠢᠭᠡ ᠡᠭᠡ᠂ ᠣᠣᠭᠠᠯ ᠨᠣᠲᠤᠭ᠂ ᠪᠠᠶᠢᠭᠠᠯᠢ ᠲᠡᠯᠡᠭᠡᠢ᠂ ᠠᠲᠣᠭᠤ ᠮᠠᠯ᠂ ᠠᠮᠢᠲᠠᠨ ᠵᠢᠬᠦᠷᠲᠠᠨ ᠢ ᠰᠢᠲᠣᠨ ᠲᠡᠭᠡᠲᠣᠯᠡᠵᠣ᠂ ᠰᠣᠷᠭᠠᠨ ᠬᠦᠮᠣᠵᠢᠯ ᠤᠨ ᠦᠢᠯᠡᠲᠣᠯ ᠲᠠᠢ ᠬᠦᠮᠣᠨ ᠤ ᠶᠣᠰᠣ᠂ ᠲᠦᠷᠣ ᠱᠠᠰᠢᠨ ᠤ ᠶᠣᠰᠣ᠂ ᠪᠠᠶᠢᠭᠠᠯᠢ ᠶᠢᠨ ᠬᠠᠣᠯᠢ᠂ ᠠᠴᠢ ᠡᠯᠪᠠᠷᠢᠯ᠂ ᠬᠠᠶᠢᠷ᠎ᠠ ᠡᠨᠡᠷᠢᠯ ᠤᠨ ᠠᠭᠤᠯᠭ᠎ᠠ ᠪᠦᠭᠦᠢ ᠲᠦᠪ ᠶᠡᠭᠡᠮᠰᠦᠭ ᠢᠷᠠᠭᠤ ᠲᠣᠩᠭᠠᠯᠠᠭ ᠱᠠᠰᠲᠢᠷ ᠲᠠᠭᠤᠣ ᠨᠤᠭᠤᠳ ᠢ ᠲᠠᠭᠤᠯᠠᠭᠠᠳ ᠪᠠᠶᠢᠬᠤ ᠶᠢᠨ ᠠᠯᠪᠠ ᠦᠭᠡᠢ ᠶᠤᠮ ᠯᠠ ᠳ᠋ᠠ᠃ ᠡᠨᠠ ᠪᠣᠯ ᠠᠷᠠᠳ ᠤᠨ ᠲᠠᠭᠤᠣ ᠶᠢᠨ ᠰᠣᠷᠭᠠᠨ ᠰᠡᠩᠭᠡᠷᠡᠬᠦᠯᠬᠦ ᠦᠢᠯᠡᠲᠣᠯ ᠪᠣᠯᠣᠨ᠎ᠠ᠃ ᠨᠦᠬᠦᠭᠡ ᠨᠢᠭᠡ ᠲᠠᠯ᠎ᠠ ᠠᠴᠠ ᠠᠵᠢᠬᠯᠠᠪᠠᠯ᠂ ᠠᠯᠠᠱᠠ ᠬᠤᠱᠣᠣᠨ ᠠᠷᠠᠳ ᠤᠨ ᠲᠠᠭᠤᠣ ᠨᠢ ᠶᠠᠮᠠᠷ ᠴᠤ ᠨᠠᠶᠢᠷ ᠬᠤᠷᠢᠮ ᠳᠤ ᠪᠦᠷ ᠯᠠ ᠣᠲᠣᠷᠢᠲᠣᠨ ᠬᠦᠲᠣᠯᠬᠦ ᠦᠢᠯᠡᠲᠣᠯ ᠦᠵᠡᠬᠦᠯᠵᠣ ᠪᠠᠶᠢᠲᠠᠭ᠃ ᠦᠩᠭᠡᠷᠡᠭᠰᠠᠨ ᠳᠤ ᠵᠢᠯ ᠤᠨ ᠵᠢᠯ ᠳᠤ᠂ ᠠᠶᠢᠯ ᠠᠴᠠ ᠠᠶᠢᠯ ᠳᠤ᠂ ᠨᠠᠶᠢᠷ ᠠᠴᠠ ᠨᠠᠶᠢᠷ ᠦᠷᠬᠦᠯᠵᠢᠯᠡᠬᠦ ᠳᠤ ᠶᠠᠮᠠᠷ ᠨᠢᠭᠡᠨ ᠲᠣᠰᠬᠠᠢ ᠬᠦᠲᠣᠯᠥᠭᠴᠢ ᠣᠯᠠᠨ ᠤ ᠡᠮᠣᠨ᠎ᠠ ᠭᠠᠷᠴᠢᠬᠠᠭᠠᠳ ᠣᠲᠣ ᠢᠩᠬᠢᠬᠦ ᠪᠣᠯᠵᠣ ᠪᠠᠶᠢᠨ᠎ᠠ ᠭᠡᠵᠣ ᠪᠦᠬᠦᠲᠠ ᠳᠤ ᠵᠠᠷᠯᠠᠭᠠᠳ ᠪᠠᠶᠢᠲᠠᠭ ᠦᠭᠡᠢ᠂ ᠬᠠᠷᠢᠨ ᠭᠡᠷ ᠤᠨ ᠡᠵᠡᠨ᠂ ᠬᠤᠷᠢᠮ ᠨᠠᠶᠢᠷ ᠤᠨ ᠠᠬᠠᠯᠠᠭᠴᠢ᠂ ᠭᠤᠣᠯ ᠪᠣᠯᠬᠤ ᠲᠠᠭᠤᠴᠢᠨ ᠶᠣᠮ ᠦᠦ ᠡᠰᠠᠪᠠᠯ ᠢᠷᠡᠭᠰᠠᠨ ᠭᠡᠶᠢᠴᠢᠳ ᠠᠴᠠ ᠲᠣᠬᠠᠢ ᠶᠢᠨ ᠨᠠᠶᠢᠷ ᠤᠨ ᠡᠮᠬᠢ ᠲᠠᠷᠠᠭ᠎ᠠ ᠶᠢ ᠢᠯᠡᠷᠭᠡᠶᠢᠯᠡᠬᠦ ᠲᠠᠭᠤᠣ ᠡᠬᠢᠯᠡᠵᠣ᠂ ᠲᠠᠭᠤᠣ ᠪᠠᠷ ᠢᠶᠠᠨ ᠨᠠᠶᠢᠷ ᠬᠤᠷᠢᠮ ᠤᠨ ᠶᠣᠰᠣ ᠣᠴᠢᠷ ᠢ ᠢᠯᠡᠳᠭᠡᠵᠣ᠂ ᠨᠠᠶᠢᠷ ᠴᠡᠩᠭᠡᠭᠡᠨ ᠢ ᠡᠮᠬᠢ ᠴᠡᠭᠴᠠ ᠲᠠᠢ ᠪᠣᠯᠭᠠᠵᠣ᠂ ᠲᠠᠭᠤᠣ ᠪᠠᠷ ᠢᠷᠡᠭᠰᠠᠨ ᠣᠯᠠᠨ ᠢᠶᠠᠨ ᠠᠷᠭᠠᠲᠠᠨ ᠬᠦᠭᠵᠢᠭᠡᠲᠡᠭ ᠪᠠᠶᠢᠨ᠎ᠠ᠃ ᠠᠯᠠᠱᠠ ᠪᠣᠯ ᠶᠡᠭᠡ ᠪᠠᠭ᠎ᠠ ᠶᠠᠮᠠᠷ ᠴᠦ ᠨᠠᠶᠢᠷ ᠴᠡᠩᠭᠡᠭᠡᠨ ᠤ ᠭᠠᠵᠠᠷ ᠭᠡᠷᠪᠠ ᠠᠷᠠᠳ ᠤᠨ ᠲᠠᠭᠤᠣ ᠦᠭᠡᠢ ᠪᠣᠯ ᠨᠠᠶᠢᠷ ᠬᠤᠷᠢᠮ ᠶᠠᠪᠣᠬᠲᠠᠬᠤ ᠶᠢᠨ ᠠᠷᠭ᠎ᠠ ᠦᠭᠡᠢ ᠭᠡᠮᠵᠢᠶᠠᠨ ᠳᠤ ᠬᠦᠷᠳ᠋ᠩ ᠪᠠᠶᠢᠬᠰᠠᠨ ᠨᠢ ᠮᠠᠰᠢ ᠰᠣᠨᠢᠷᠬᠠᠯᠲᠠᠢ ᠣᠴᠢᠷ ᠪᠢᠰᠢ ᠤᠤ︕ ᠠᠷᠠᠳ ᠤᠨ ᠲᠠᠭᠤᠣ ᠶᠢᠨ ᠪᠠᠰᠠ ᠨᠢᠭᠡᠨ ᠴᠢᠬᠤᠯᠠ ᠦᠢᠯᠡᠲᠣᠯ ᠨᠢ ᠬᠠᠶᠢᠷ᠎ᠠ ᠰᠠᠳᠬᠢᠯᠭᠡ ᠶᠢ ᠢᠯᠡᠷᠭᠡᠶᠢᠯᠡᠳ᠋ᠩ ᠪᠠᠶᠢᠨ᠎ᠠ᠃ ᠶᠠᠮᠠᠷ ᠴᠦ ᠬᠦᠮᠣᠨ ᠭᠡᠳ ᠠᠶᠢᠯ ᠤᠨ ᠰᠠᠷ᠎ᠠ ᠰᠢᠨ᠎ᠠ ᠶᠢᠨ ᠴᠠᠢ ᠨᠠᠶᠢᠷ ᠲᠤ ᠢᠷᠡᠪᠠᠯ ᠠᠪᠤ ᠡᠵᠢ᠂ ᠠᠬᠠᠰ ᠵᠠᠬᠠᠰ᠂ ᠭᠡᠤᠭᠡᠳ ᠲᠡᠬᠦᠣ ᠨᠠᠷ ᠲᠤ ᠵᠣᠷᠢᠭᠤᠯᠵᠣ ᠲᠠᠭᠤᠣ ᠨᠢ ᠶᠡᠭᠡ ᠲᠦᠯᠣᠪ ᠢᠯᠭᠠᠭ᠎ᠠ ᠲᠠᠢ ᠪᠠᠶᠢᠲᠠᠭ ᠲᠣᠯᠠ ᠬᠦᠮᠣᠰ ᠵᠠᠪᠠᠯ ᠲᠠᠭᠤᠣ ᠪᠠᠨ ᠡᠷᠬᠢᠮᠯᠠᠨ ᠲᠡᠭᠡᠲᠣᠯᠡᠵᠣ᠂ ᠪᠦᠷᠢᠨ ᠬᠦᠢᠴᠡᠳ ᠴᠡᠪᠠᠷ ᠴᠡᠭᠡᠯᠭᠡᠨ ᠲᠠᠭᠤᠯᠠᠬᠤ ᠪᠠᠷ ᠲᠠᠮᠵᠢᠭᠤᠯᠵᠣ ᠦᠪᠠᠷ ᠤᠨ ᠰᠦᠰᠦᠭ ᠪᠢᠰᠢᠷᠡᠯ᠂ ᠲᠦᠷᠣ ᠶᠢᠨ ᠶᠣᠰᠣ᠂ ᠠᠴᠢ ᠡᠯᠪᠠᠷᠢᠯ᠂ ᠬᠦᠰᠡᠯ ᠰᠣᠷᠭᠠᠯ ᠪᠠ ᠰᠠᠶᠢᠨ ᠰᠠᠶᠢᠬᠠᠨ ᠤ ᠢᠷᠣᠭᠡᠯ ᠵᠦᠩᠨᠡᠯ ᠢᠶᠠᠨ ᠲᠡᠪᠰᠢᠬᠦᠯᠳ᠋ᠩ᠃ ᠶᠡᠷᠣ ᠨᠢ ᠠᠯᠠᠱᠠ ᠬᠤᠱᠣᠣᠨ ᠱᠠᠰᠲᠢᠷ ᠲᠠᠭᠤᠣ ᠨᠤᠭᠤᠳ ᠨᠢ ᠦᠭᠡ ᠠᠶ᠎ᠠ ᠠᠴᠠ ᠨᠢ ᠠᠵᠢᠬᠯᠠᠬᠤ ᠳᠤ ᠶᠠᠭᠠᠬᠢᠬᠤ ᠶᠢᠨ ᠠᠷᠭ᠎ᠠ ᠦᠭᠡᠢ ᠰᠡᠳᠬᠢᠯ ᠤᠨ ᠢᠯᠡᠷᠭᠡᠶᠢᠯᠡᠯ ᠪᠠᠶᠢᠭ᠎ᠠ ᠶᠣᠮ᠃ ᠲᠡᠲᠡᠭᠡᠷ ᠣᠷᠲᠣ ᠶᠢᠨ ᠲᠠᠭᠤᠣ ᠨᠤᠭᠤᠳ ᠨᠢ ᠲᠦᠷᠣ ᠱᠠᠰᠢᠨ ᠤ ᠣᠴᠢᠷ ᠶᠠᠪᠣᠲᠠᠯ ᠪᠠ ᠵᠠᠯᠪᠠᠷᠢᠯ ᠲᠠᠭᠠᠳᠬᠠᠯ᠂ ᠡᠨᠡᠷᠢᠬᠦ ᠦᠵᠡᠯ᠂ ᠢᠷᠣᠭᠡᠯ ᠵᠦᠩᠨᠡᠯ᠂ ᠰᠣᠷᠭᠠᠯ ᠴᠡᠭᠡᠷᠯᠡᠯ ᠢ ᠢᠯᠡᠷᠭᠡᠶᠢᠯᠡᠵᠣ ᠪᠣᠯᠬᠤᠶᠢᠴᠠ ᠡᠯᠪᠡᠭ ᠪᠠᠶᠠᠨ ᠠᠭᠤᠯᠭ᠎ᠠ ᠲᠠᠢ ᠪᠠᠶᠢᠲᠠᠭ ᠪᠦᠭᠡᠳ ᠲᠠᠭᠤᠣ ᠪᠠᠷ ᠲᠠᠮᠵᠢᠭᠤᠯᠵᠣ ᠣᠯᠠᠮᠵᠢᠯᠠᠯᠲᠣ ᠪᠣᠯᠪᠠᠰᠣᠨ ᠭᠡᠪ ᠰᠣᠷᠲᠠᠯ᠂ ᠴᠠᠪᠠᠷ ᠠᠷᠢᠭᠤᠨ ᠬᠠᠶᠢᠷ᠎ᠠ ᠲᠣᠷᠠᠯᠠᠯ᠂ ᠴᠢᠯᠣᠭᠡᠲᠣ ᠣᠷᠤᠭ᠂ ᠡᠷᠭᠡ ᠴᠢᠯᠣᠭᠡᠨ ᠤ ᠲᠣᠬᠠᠢ ᠬᠦᠰᠡᠯ ᠰᠡᠳᠬᠢᠯ ᠢ ᠢᠯᠡᠳᠭᠡᠵᠣ᠂ ᠣᠷᠠᠯᠢᠭ ᠤᠨ ᠡᠶᠢᠮᠣ ᠭᠡᠯᠪᠠᠷᠢ ᠪᠠᠷ ᠬᠦᠮᠣᠨ ᠬᠦᠮᠣᠨ ᠤ ᠬᠠᠷᠢᠴᠠᠭ᠎ᠠ᠂ ᠬᠦᠮᠣᠨ ᠪᠠᠶᠢᠭᠠᠯᠢ ᠶᠢᠨ ᠬᠠᠷᠢᠴᠠᠭ᠎ᠠ ᠶᠢ ᠡᠶᠡᠯᠲᠡᠬᠦᠯᠬᠦ ᠶᠢ ᠰᠣᠷᠲᠠᠯᠴᠢᠯᠡᠵᠣ᠂ ᠲᠡᠭᠷᠢ ᠭᠠᠵᠠᠷ᠂ ᠠᠭᠤᠯᠠ ᠬᠠᠶᠢᠷᠬᠠᠨ᠂ ᠣᠪᠣᠭ᠎ᠠ ᠰᠢᠪᠡᠭᠡ᠂ ᠣᠰᠣᠨ ᠮᠦᠷᠡᠨ ᠢᠶᠠᠨ ᠰᠢᠲᠣᠨ ᠪᠢᠰᠢᠷᠡᠵᠣ᠂ ᠨᠣᠲᠤᠭ ᠣᠰᠣ ᠪᠠᠨ ᠨᠡᠷᠠᠶᠢᠲᠣᠨ ᠲᠣᠷᠠᠰᠴᠣ᠂ ᠲᠠᠪᠣᠨ ᠬᠤᠰᠢᠭᠤ ᠮᠠᠯ᠂ ᠲᠠᠯ᠎ᠠ ᠶᠢᠨ ᠣᠯᠠᠨ ᠬᠦᠷᠣᠭᠡᠰᠣ ᠪᠠᠨ ᠬᠦᠷᠲᠠᠯ᠎ᠠ ᠮᠠᠭᠲᠠᠨ ᠲᠠᠭᠤᠯᠠᠲᠠᠭ ᠪᠠᠶᠢᠨ᠎ᠠ᠃ ᠮᠣᠩᠭᠤᠯ ᠠᠷᠠᠳ ᠤᠨ ᠲᠠᠭᠤᠣ ᠳᠤ ᠶᠠᠷᠣ ᠨᠢ ᠲᠣᠲᠠᠮᠠᠷ ᠠᠭᠤᠯᠭ᠎ᠠ ᠦᠭᠡᠢ ᠶᠣᠮ᠃ ᠶᠠᠭ ᠡᠶᠢᠮᠣ ᠣᠴᠢᠷ ᠠᠴᠠ ᠪᠢᠲᠠ ᠠᠷᠠᠳ ᠤᠨ ᠢᠵᠠᠭᠤᠷ ᠲᠠᠭᠤᠣ ᠶᠢᠨ ᠶᠣᠰᠣ ᠣᠴᠢᠷ ᠪᠠ ᠵᠢᠩᠬᠢᠨᠢ ᠠᠷᠠᠳ ᠤᠨ ᠲᠠᠭᠤᠴᠢᠳ ᠢ ᠵᠦᠪ ᠣᠶᠢᠯᠠᠭᠠᠵᠣ᠂ ᠬᠦᠢᠴᠡᠳ ᠲᠠᠨᠢᠬᠤ ᠴᠢᠬᠤᠯᠠᠲᠠᠢ ᠶᠣᠮ᠃ ᠲᠠᠭᠤᠣ ᠲᠠᠭᠤᠯᠠᠲᠠᠭ ᠪᠣᠯᠭᠠᠨ ᠢ ᠲᠠᠭᠤᠴᠢᠨ ᠭᠡᠳ ᠪᠠᠶᠢᠵᠣ ᠪᠣᠯᠬᠤ ᠦᠭᠡᠢ ᠂ ᠵᠠᠪᠠᠯ ᠲᠠᠭᠤᠣ ᠮᠡᠲᠡᠲᠡᠭ ᠡᠰᠡᠬᠦ ᠶᠢ ᠨᠢ ᠠᠵᠢᠬᠤ ᠭᠡᠷᠡᠭᠲᠠᠢ᠃ ᠨᠠᠷᠢᠨ ᠭᠡᠯᠠᠪᠠᠯ᠂ ᠵᠢᠩᠬᠢᠨᠢ ᠠᠷᠠᠳ ᠤᠨ ᠲᠠᠭᠤᠴᠢᠨ ᠪᠣᠯᠲᠠᠭ ᠤᠨ ᠨᠦᠬᠦᠴᠡᠯ ᠨᠢ ᠵᠦᠪᠭᠡᠨ ᠨᠠᠶᠢᠷ ᠴᠡᠩᠭᠡᠭᠡᠨ ᠳᠤ ᠲᠣᠷᠠᠲᠠᠢ᠂ ᠬᠦᠨᠲᠠᠢ ᠬᠤᠭᠤᠰᠣᠨ ᠣᠷᠬᠢᠲᠠᠭ ᠲᠠᠭᠠᠨ ᠪᠢᠰᠢ᠂ ᠬᠠᠷᠢᠨ ᠠᠷᠠᠳ ᠤᠨ ᠶᠣᠰᠣ ᠵᠠᠩᠰᠢᠯ ᠢ ᠨᠠᠪᠲᠡᠷᠭᠡᠢ ᠮᠡᠲᠡᠵᠣ᠂ ᠲᠡᠣᠭᠡ ᠰᠣᠶᠣᠯ ᠢᠶᠠᠨ ᠭᠠᠲᠠᠷᠯᠡᠵᠣ᠂ ᠠᠷᠠᠳ ᠤᠨ ᠲᠠᠭᠤᠣ ᠳᠤ ᠨᠡᠪᠴᠢᠭᠲᠡᠵᠣ ᠪᠠᠶᠢᠭ᠎ᠠ ᠬᠦᠨ ᠴᠢᠨᠠᠲᠣ ᠰᠣᠶᠣᠯ ᠤᠨ ᠠᠭᠤᠯᠣᠬᠲᠠᠬᠤᠨ ᠪᠠ ᠲᠠᠭᠤᠣ ᠲᠦᠷᠥᠭᠰᠠᠨ ᠴᠠᠭ ᠲᠦᠷᠣ ᠶᠢᠨ ᠠᠷᠣ ᠦᠵᠡᠭᠲᠠᠯ ᠢ ᠣᠶᠢᠯᠠᠭᠠᠵᠣ᠂ ᠬᠦᠮᠣᠨ ᠤ ᠰᠡᠳᠬᠢᠯ ᠢ ᠲᠣᠬᠲᠣᠯᠤᠭᠤᠯᠵᠣ᠂ ᠪᠠᠶᠢᠭᠠᠯᠢ ᠲᠡᠯᠡᠭᠡᠢ ᠶᠢ ᠠᠮᠢᠯᠠᠭᠤᠯᠣᠬᠰᠠᠨ ᠣᠶᠠᠩᠭ᠎ᠠ ᠲᠡᠬᠦᠯᠲᠠᠷ ᠠᠶ᠎ᠠ ᠡᠭᠡᠰᠢᠭ᠂ ᠣᠳᠬ᠎ᠠ ᠢᠷᠠᠭᠤ ᠦᠭᠡ ᠰᠢᠯᠦᠭ ᠤᠨ ᠬᠢᠨᠢ ᠷᠢᠲᠢ ᠰᠢᠲᠢ ᠳᠤ ᠰᠣᠬᠲᠣᠭᠤᠷᠠᠨ ᠪᠠᠶᠢᠵᠣ ᠠᠷᠠᠳ ᠤᠨ ᠲᠠᠭᠤᠴᠢᠨ ᠪᠣᠯᠲᠠᠭ ᠪᠠᠶᠢᠨ᠎ᠠ᠃ ᠢᠯᠠᠩᠭᠤᠶ᠎ᠠ ᠣᠲᠣ ᠶᠢᠨ ᠴᠠᠭ ᠦᠶ᠎ᠡ ᠳᠤ ᠪᠢᠲᠠ ᠠᠷᠠᠳ ᠤᠨ ᠲᠠᠭᠤᠣ ᠪᠠᠨ ᠦᠪᠯᠡᠵᠣ᠂ ᠰᠢᠨ᠎ᠠ ᠦᠶ᠎ᠡ ᠶᠢᠨ ᠠᠷᠠᠳ ᠤᠨ ᠲᠠᠭᠤᠴᠢᠨ ᠢ ᠬᠦᠮᠣᠵᠢᠬᠦᠯᠬᠦ ᠳᠤ ᠡᠲᠡᠭᠡᠷ ᠶᠣᠰᠣ ᠣᠴᠢᠷ ᠢ ᠵᠠᠪᠠᠯ ᠬᠦᠢᠴᠡᠳ ᠮᠡᠲᠡᠬᠦᠯᠬᠦ ᠭᠡᠷᠡᠭᠲᠠᠢ ᠶᠤᠮ   ᠭᠤᠷᠪᠠ᠂ ᠠᠯᠠᠱᠠ ᠬᠤᠱᠣᠣᠨ ᠣᠷᠲᠣ ᠶᠢᠨ ᠲᠠᠭᠤᠣ ᠶᠢᠨ ᠲᠦᠷᠣᠯ ᠵᠦᠢᠯ  ᠠᠯᠠᠱᠠ ᠬᠤᠱᠣᠣᠨ ᠣᠷᠲᠣ ᠶᠢᠨ ᠲᠠᠭᠤᠣ ᠶᠢᠨ ᠰᠣᠲᠣᠯᠭᠠᠲᠠᠳ ᠶᠠᠩᠵᠣ ᠶᠠᠩᠵᠣ ᠪᠠᠷ ᠲᠦᠷᠣᠯᠰᠢᠬᠦᠯᠵᠣ ᠪᠠᠶᠢᠨ᠎ᠠ᠃ ᠪᠢ ᠯᠠ ᠬᠤᠪᠢ ᠳᠠᠭᠠᠨ ᠲᠠᠭᠤᠣ ᠶᠢᠨ ᠠᠭᠤᠯᠭ᠎ᠠ ᠰᠠᠲᠣᠪ ᠤᠨ ᠬᠢᠨᠢ ᠲᠠᠯ᠎ᠠ ᠠᠴᠠ ᠶᠡᠭᠡ ᠲᠦᠯᠣᠪ ᠲᠡᠣᠭᠡ ᠶᠢᠨ᠂ ᠬᠦᠨ ᠣᠬᠠᠭᠠᠨ ᠤ ︵ᠲᠦᠷᠣ ᠱᠠᠰᠢᠨ ᠤ︶᠂ ᠢᠷᠣᠭᠡᠯ ᠮᠠᠭᠲᠠᠭᠠᠯ ᠤᠨ᠂ ᠬᠠᠶᠢᠷ᠎ᠠ ᠰᠡᠳᠬᠢᠯᠭᠡᠨ ᠤ᠂ ᠠᠮᠢ ᠠᠬᠤᠢ ᠶᠢᠨ᠂ ᠨᠠᠶᠢᠷ ᠬᠤᠷᠢᠮ ᠤᠨ ᠭᠡᠬᠦ ᠵᠢᠷᠭᠤᠭᠠᠨ ᠶᠡᠭᠡ ᠲᠦᠷᠣᠯ ᠳᠤ ᠠᠩᠬᠢᠯᠠᠪᠠᠯ ᠵᠦᠢᠲᠠᠢ ᠪᠣᠯᠪᠠ ᠤᠤ ᠭᠡᠵᠣ ᠦᠵᠡᠳ᠋ᠩ᠃ ᠪᠣᠭᠤᠨᠢ ᠠᠶ᠎ᠠ ᠲᠠᠢ ᠬᠤᠱᠣᠩ ᠱᠤᠭ ᠲᠠᠭᠤᠣ ᠨᠢ ᠱᠠᠰᠲᠢᠷ ᠲᠠᠭᠤᠣ ᠳᠤ ᠪᠠᠭᠲᠠᠭᠠᠬᠤ ᠪᠣᠯᠣᠮᠵᠢ ᠦᠭᠡᠢ ᠲᠣᠯᠠ ᠡᠨᠠ ᠠᠩᠬᠢᠯᠠᠯ ᠳᠤ ᠣᠷᠣᠭᠤᠯᠣᠬᠰᠠᠨ ᠦᠭᠡᠢ᠃  ᠲᠡᠣᠭᠡ ᠶᠢᠨ ᠲᠠᠭᠤᠣ ᠭᠡᠪᠠᠯ᠂ ᠠᠯᠠᠱᠠ ᠶᠢᠨ ᠬᠤᠱᠣᠣᠨ ᠶᠠᠰᠣᠲᠠᠨ ᠤ ᠡᠷᠲᠠ ᠤᠵᠤᠭᠤᠷ ᠤᠨ ᠠᠵᠣ ᠲᠦᠷᠣᠨ ᠠᠮᠢᠲᠣᠷᠠᠵᠣ ᠪᠠᠶᠢᠬᠰᠠᠨ ᠣᠣᠭᠠᠯ ᠨᠣᠲᠤᠭ᠂ ᠠᠬᠤᠢ ᠠᠮᠢᠲᠣᠷᠠᠯ ᠪᠠ ᠡᠴᠢᠭᠡ ᠲᠡᠭᠡᠲᠣᠰ᠂ ᠡᠯᠢᠭᠡᠨ ᠰᠠᠲᠣᠨ ᠢᠶᠠᠨ ᠰᠠᠨᠠᠵᠤ ᠮᠦᠷᠣᠭᠡᠲᠥᠭᠰᠠᠨ ᠲᠠᠭᠤᠣ᠂ ᠠᠯᠠᠱᠠ ᠨᠣᠲᠤᠭ ᠲᠤ ᠨᠡᠬᠦᠲᠡᠯᠯᠡᠵᠣ ᠢᠷᠡᠬᠦ ᠠᠶᠠᠨ ᠵᠠᠮ ᠳᠤ ᠪᠣᠢ ᠪᠣᠯᠣᠬᠰᠠᠨ ᠲᠠᠭᠤᠣ᠂ ᠠᠯᠠᠱᠠ ᠳᠤ ᠢᠷᠡᠵᠣ ᠨᠣᠲᠣᠬᠰᠢᠬᠰᠠᠨ ᠤ ᠲᠠᠷᠠᠭ᠎ᠠ ᠵᠣᠬᠢᠶᠠᠭᠲᠠᠭᠰᠠᠨ ᠲᠠᠭᠤᠣ ᠪᠠ ᠠᠯᠠᠱᠠ ᠶᠢᠨ ᠲᠦᠷᠣ ᠱᠠᠰᠢᠨ ᠤ ᠶᠡᠭᠡ ᠭᠡᠷᠩ ᠶᠠᠪᠣᠲᠠᠯ ᠤᠳ ᠢ ᠲᠣᠰᠬᠠᠬᠰᠠᠨ ᠲᠠᠭᠤᠤ ᠨᠤᠭᠤᠳ ᠪᠠᠶᠢᠬᠤ ᠶᠣᠰᠣᠲᠠᠢ᠃  ᠬᠦᠨ ᠣᠬᠠᠭᠠᠨ ᠤ ᠲᠠᠭᠤᠣ ᠭᠡᠳ᠋ᠩ ᠨᠢ ᠬᠦᠨ ᠣᠬᠠᠭᠠᠯᠢᠭ ᠶᠣᠰᠣ ᠣᠴᠢᠷ ᠢ ᠲᠠᠭᠤᠯᠠᠭᠰᠠᠨ ᠲᠠᠭᠤᠣ ᠶᠣᠮ᠃ ᠲᠡᠲᠡᠭᠡᠷ ᠲᠠᠭᠤᠣ ᠶᠢ ᠦᠭᠡ ᠰᠢᠯᠦᠭ ᠤᠨ ᠬᠢᠨᠢ ᠣᠳᠬ᠎ᠠ ᠰᠠᠨᠠᠭᠠᠨ ᠤ ᠬᠦᠨᠴᠡ ᠠᠴᠠ ᠰᠢᠨᠵᠢᠨ ᠠᠩᠬᠢᠯᠠᠵᠣ ᠪᠣᠯᠣᠨ᠎ᠠ᠃ ᠡᠬᠦᠨ ᠳᠤ ᠭᠤᠣᠯᠲᠠᠭᠤ ᠨᠣᠮ ᠤᠨ ᠶᠣᠰᠣ᠂ ᠲᠦᠷᠣ ᠶᠢᠨ ᠶᠣᠰᠣ᠂ ᠬᠦᠮᠣᠨ ᠤ ᠶᠣᠰᠣᠨ ᠤ ᠠᠭᠤᠯᠭ᠎ᠠ ᠪᠦᠬᠦᠢ ᠲᠠᠭᠤᠣ ᠨᠤᠭᠤᠳ ᠪᠠᠭᠲᠠᠵᠣ ᠪᠠᠶᠢᠲᠠᠭ᠃ ᠠᠯᠠᠱᠠ ᠬᠤᠱᠣᠣᠨ ᠣᠷᠲᠣ ᠶᠢᠨ ᠲᠠᠭᠤᠣ ᠳᠤ ᠡᠲᠡᠭᠡᠷ ᠲᠠᠭᠤᠣ ᠵᠣᠩᠬᠢᠯᠠᠬᠤ ᠪᠠᠶᠢᠷᠢ ᠶᠢ ᠡᠵᠡᠯᠡᠬᠦ ᠪᠦᠭᠡᠳ ᠮᠠᠰᠢ ᠬᠦᠨ ᠵᠠᠷᠯᠢᠭ ᠰᠣᠷᠭᠠᠯ ᠤᠨ᠂ ᠵᠠᠯᠪᠠᠷᠢᠯ ᠲᠠᠭᠠᠳᠬᠠᠯ ᠤᠨ᠂ ᠰᠢᠲᠣᠯᠭᠡ ᠪᠢᠰᠢᠷᠡᠯ ᠤᠨ᠂ ᠠᠴᠢᠯᠠᠯ ᠡᠯᠪᠡᠷᠢᠯ ᠤᠨ ᠲᠦᠭᠡᠮᠡᠯ ᠬᠠᠶᠢᠷ᠎ᠠ ᠶᠢᠨ ᠶᠣᠰᠣ ᠣᠴᠢᠷ ᠢ ᠣᠷᠠᠯᠢᠬᠴᠢᠯᠠᠨ ᠰᠣᠷᠲᠠᠯᠴᠢᠯᠠᠭᠰᠠᠨ ᠪᠠᠶᠢᠨ᠎ᠠ᠃ ᠲᠣᠲᠣᠷᠬᠠᠢ ᠵᠢᠱᠢᠶᠠᠨ ᠳᠤ ᠶᠠᠷᠢᠪᠠᠯ ᠲᠦᠷᠣ ᠶᠢᠨ ᠨᠠᠢᠮᠠᠨ ᠱᠠᠰᠲᠢᠷ ᠲᠠᠭᠤᠣ ᠮᠡᠲᠣ ᠲᠠᠭᠤᠣ ᠨᠤᠭᠤᠳ ᠪᠣᠯᠣᠨ᠎ᠠ᠃ ᠡᠲᠡᠭᠡᠷ ᠲᠠᠭᠤᠣ ᠨᠤᠭᠤᠳ ᠢ ᠠᠵᠢᠬᠯᠠᠬᠤ ᠳᠤ ᠵᠠᠰᠠᠭ ᠲᠦᠷᠣ ᠶᠢᠨ ᠶᠣᠰᠣ ᠣᠴᠢᠷ ᠲᠤ ᠴᠠᠭᠠᠷᠠᠭᠰᠠᠨ ᠡᠷᠲᠠᠮᠲᠠᠨ ᠮᠡᠷᠭᠡᠳ ᠪᠠ ᠱᠠᠰᠢᠨ ᠤ ᠣᠬᠠᠭᠠᠨ ᠤ ᠨᠣᠮ ᠤᠨ ᠶᠣᠰᠣᠨ ᠳᠤ ᠭᠡᠲᠦ᠋ᠢᠲᠦᠭᠰᠠᠨ ᠬᠤᠲᠣᠬᠲᠣ ᠬᠤᠪᠢᠯᠭᠠᠨ᠂ ᠲᠡᠭᠡᠲᠣ ᠯᠠᠮᠠ ᠨᠠᠷ ᠵᠡᠷᠭᠡ ᠱᠠᠰᠢᠨ ᠤ ᠠᠯᠲᠠᠷᠲᠣ ᠬᠦᠮᠣᠰ ᠵᠣᠬᠢᠶᠠᠨ ᠲᠡᠯᠭᠡᠷᠡᠬᠦᠯᠥᠭᠰᠠᠨ ᠪᠣᠶᠣ ᠲᠠᠲᠠᠨ ᠤ ᠵᠣᠬᠢᠶᠠᠯ ᠪᠦᠲᠣᠭᠡᠯ ᠠᠴᠠ ᠬᠤᠰᠢᠭᠤ ᠨᠣᠲᠤᠭ ᠲᠠᠮᠵᠢᠨ ᠣᠯᠠᠷᠢᠵᠣ ᠢᠷᠡᠭᠰᠠᠨ ᠪᠣᠯᠬᠤ ᠨᠢ ᠲᠠᠮᠵᠢᠭ ᠦᠭᠡᠢ ᠶᠣᠮ᠃ ᠶᠡᠷᠣ ᠨᠢ ᠬᠦᠨ ᠣᠬᠠᠭᠠᠨ ᠤ ᠲᠠᠭᠤᠣ ᠳᠤ ᠰᠢᠷ᠎ᠠ ᠶᠢᠨ ᠱᠠᠰᠢᠨ ᠤ ᠨᠦᠯᠣᠭᠡ ᠮᠠᠰᠢ ᠬᠦᠨ ᠰᠢᠩᠭᠡᠭᠰᠠᠨ ᠢ ᠭᠡᠨ ᠴᠦ ᠬᠡᠳ ᠠᠨᠲᠠᠬᠤ ᠦᠭᠡᠢ ᠶᠣᠮ᠃ ᠮᠠᠭᠲᠠᠭᠠᠯ ᠲᠠᠭᠤᠣ ᠭᠡᠳ᠋ᠩ ᠨᠢ ᠲᠦᠷᠣ ᠵᠠᠰᠠᠭ᠂ ᠨᠣᠮ ᠪᠣᠷᠬᠠᠨ᠂ ᠰᠦᠮ᠎ᠠ ᠭᠡᠶᠢᠳ᠂ ᠬᠤᠲᠣᠬᠲᠣ ᠬᠤᠪᠢᠯᠭᠠᠨ᠂ ᠠᠬ᠎ᠠ ᠲᠡᠬᠦᠣ ᠰᠠᠲᠣᠨ᠂ ᠦᠷ᠎ᠡ ᠠᠴᠢ ᠨᠠᠷ ᠪᠠ ᠨᠣᠲᠤᠭ ᠣᠰᠣ᠂ ᠠᠬᠤᠢ ᠪᠠᠶᠢᠭᠠᠯᠢ᠂ ᠠᠬᠲᠠ ᠬᠦᠯᠦᠭ᠂ ᠠᠲᠣᠭᠤ ᠮᠠᠯ᠂ ᠠᠷᠢᠶᠠᠲᠠᠨ ᠵᠢᠬᠦᠷᠲᠠᠨ ᠢ ᠢᠷᠣᠭᠡᠵᠣ ᠮᠠᠭᠲᠠᠭᠰᠠᠨ ᠰᠢᠭᠤᠣᠨ ᠮᠠᠭᠲᠠᠭᠠᠯ ᠤᠨ ᠭᠡᠯᠪᠠᠷᠢ ᠲᠠᠢ ᠲᠠᠭᠤᠣ ᠨᠤᠭᠤᠳ ᠢ ᠭᠡᠯᠡᠵᠣ ᠪᠠᠶᠢᠨ᠎ᠠ᠃ ᠮᠣᠩᠭᠤᠯᠴᠣᠣᠨ ᠶᠡᠷᠣ ᠠᠴᠠ ᠶᠠᠭᠤᠮ᠎ᠠ ᠶᠢ ᠶᠡᠭᠡᠲᠠ ᠪᠡᠯᠭᠡᠰᠢᠶᠡᠵᠣ᠂ ᠢᠷᠣᠭᠡᠵᠣ ᠮᠠᠭᠲᠠᠲᠠᠭ ᠣᠯᠠᠮᠵᠢᠯᠠᠯ ᠲᠠᠢ ᠪᠣᠯᠬᠤᠷ ᠡᠨᠠ ᠪᠣᠯ ᠬᠦᠰᠡᠬᠦ᠋ᠢᠴᠢ ᠦᠵᠡᠯ ᠤᠨ ᠰᠠᠶᠢᠨ ᠰᠠᠶᠢᠬᠠᠨ ᠤ ᠪᠡᠯᠭᠡᠲᠠᠯ ᠤᠨ ᠢᠯᠡᠷᠭᠡᠶᠢᠯᠡᠯ ᠶᠣᠮ᠃  ᠬᠠᠶᠢᠷ᠎ᠠ ᠰᠡᠳᠬᠢᠯᠭᠡᠨ ᠤ ᠲᠠᠭᠤᠣ ᠳᠤ ᠬᠤᠲᠣᠬᠲᠣ ᠬᠤᠪᠢᠯᠭᠠᠨ᠂ ᠪᠠᠭᠰᠢ ᠯᠠᠮᠠ᠂ ᠡᠵᠡᠨ ᠨᠣᠶᠠᠨ᠂ ᠠᠪᠤ ᠡᠵᠢ ᠪᠠᠨ ᠬᠦᠨᠲᠣᠳᠭᠡᠵᠣ᠂ ᠰᠦᠰᠦᠭ ᠪᠢᠰᠢᠷᠡᠯ᠂ ᠬᠠᠶᠢᠷ᠎ᠠ ᠬᠦᠨᠲᠣᠳᠭᠡᠯ᠂ ᠠᠴᠢ ᠡᠯᠪᠠᠷᠢᠯ ᠢᠶᠠᠨ ᠢᠯᠡᠳᠭᠡᠭᠰᠠᠨ ᠲᠠᠭᠤᠣ ᠨᠤᠭᠤᠳ ᠢᠶᠠᠨ ᠠᠨᠲᠠ ᠨᠠᠶᠢᠵᠠ᠂ ᠰᠡᠳᠬᠢᠯ ᠤᠨ ᠬᠦᠮᠣᠨ᠂ ᠢᠨᠠᠭ ᠬᠤᠩᠭᠤᠷ ᠢᠶᠠᠨ ᠰᠠᠨᠠᠨ ᠮᠦᠷᠣᠭᠡᠳᠴᠣ᠂ ᠢᠨᠠᠭ ᠬᠠᠶᠢᠷ᠎ᠠ᠂ ᠴᠢᠯᠣᠭᠡᠲᠣ ᠣᠷᠤᠭ᠂ ᠡᠷᠭᠡ ᠴᠢᠯᠣᠭᠡ ᠶᠢ ᠬᠦᠰᠡᠭᠰᠠᠨ ᠲᠠᠭᠤᠣ ᠨᠤᠭᠤᠳ ᠪᠠᠭᠲᠠᠭᠲᠠᠨ᠎ᠠ᠃ ᠢᠯᠠᠩᠭᠤᠶ᠎ᠠ ᠢᠨᠠᠭ ᠤᠨ ᠲᠠᠭᠤᠣ ᠪᠣᠯ ᠠᠯᠢ ᠴᠦ ᠦᠨᠲᠣᠰᠣᠲᠠᠨ ᠶᠠᠰᠣᠲᠠᠨ ᠤ ᠢᠵᠠᠭᠤᠷ ᠣᠷᠠᠯᠢᠭ ᠲᠤ ᠪᠠᠶᠢᠬᠰᠠᠭᠠᠷ ᠢᠷᠡᠭᠰᠠᠨ ᠮᠦᠩᠭᠡ ᠶᠢᠨ ᠰᠡᠲᠣᠪ ᠶᠣᠮ᠃  ᠠᠮᠢ ᠠᠬᠤᠢ ᠶᠢᠨ ᠲᠠᠭᠤᠣ ᠭᠡᠳ᠋ᠩ ᠨᠢ ᠠᠭᠤᠯᠠ ᠣᠰᠣ᠂ ᠣᠪᠣᠭ᠎ᠠ ᠰᠢᠪᠡᠭᠡ᠂ ᠡᠪᠠᠰᠣ ᠣᠷᠭᠤᠮᠠᠯ᠂ ᠪᠠᠶᠢᠭᠠᠯᠢ ᠲᠡᠯᠡᠭᠡᠢ ᠶᠢ ᠰᠢᠲᠣᠨ ᠲᠡᠭᠡᠲᠣᠯᠡᠵᠣ᠂ ᠬᠦᠷᠣᠭᠡᠰᠣ ᠵᠢᠬᠦᠷᠲᠠᠨ᠂ ᠠᠮᠢᠲᠠᠨ ᠠᠷᠢᠶᠠᠲᠠᠨ᠂ ᠠᠲᠣᠭᠤ ᠮᠠᠯ ᠢ ᠬᠦᠮᠣᠨᠴᠢᠯᠡᠵᠣ᠂ ᠡᠨᠡᠷᠢᠵᠣ ᠬᠠᠶᠢᠷᠠᠯᠠᠭᠰᠠᠨ ᠣᠳᠬ᠎ᠠ ᠲᠠᠢ ᠲᠠᠭᠤᠣ ᠨᠤᠭᠤᠳ ᠪᠠᠶᠢᠲᠠᠭ ᠪᠠᠶᠢᠨ᠎ᠠ᠃ ᠣᠲᠣ ᠯᠠ ᠪᠢᠲᠠ ︽ᠠᠮᠢ ᠠᠬᠤᠢ ᠶᠢᠨ ᠰᠡᠲᠣᠪᠲᠣ ᠲᠠᠭᠤᠣ︾ ᠭᠡᠰᠠᠨ ᠰᠢᠨ᠎ᠠ ᠨᠡᠷ᠎ᠡ ᠲᠣᠮᠢᠶ᠎ᠡ ᠪᠠᠷ ᠠᠩᠬᠢᠯᠠᠵᠣ ᠪᠠᠶᠢᠬᠤ ᠠᠴᠠ ᠪᠢᠰᠢ᠂ ᠶᠡᠷᠣ ᠠᠴᠠ ᠪᠠᠨ ᠮᠣᠩᠭᠤᠯᠴᠣᠣᠨ ᠶᠣᠰᠣ ᠵᠠᠩᠰᠢᠯ᠂ ᠱᠠᠰᠢᠨ ᠰᠢᠲᠣᠯᠭᠡ᠂ ᠲᠠᠭᠤᠣ ᠣᠷᠠᠯᠢᠭ ᠲᠠᠭᠠᠨ ᠪᠠᠶᠢᠭᠠᠯᠢ ᠲᠡᠯᠡᠭᠡᠢ ᠶᠢ ᠬᠠᠶᠢᠷᠠᠯᠠᠨ ᠬᠠᠮᠠᠭᠠᠯᠠᠵᠣ᠂ ᠲᠡᠭᠷᠢ ᠭᠠᠵᠠᠷ ᠢ ᠰᠢᠲᠣᠨ ᠲᠡᠭᠡᠲᠣᠯᠡᠬᠦ ᠰᠦᠰᠦᠭ ᠪᠢᠰᠢᠷᠡᠯ᠂ ᠦᠵᠡᠯ ᠣᠬᠠᠮᠰᠠᠷ᠂ ᠡᠷᠢᠯ ᠬᠦᠰᠡᠯ ᠢ ᠣᠯᠠᠨ ᠮᠢᠩᠭᠠᠨ ᠵᠢᠯ ᠤᠨ ᠲᠣᠷᠰᠢ ᠮᠠᠰᠢ ᠬᠦᠨ ᠲᠣᠣᠱᠯᠠᠭᠤᠯᠵᠣ ᠢᠷᠡᠭᠰᠠᠨ ᠶᠣᠮ᠃ ᠠᠯᠠᠱᠠ ᠠᠷᠠᠳ ᠤᠨ ᠪᠦᠬᠦ᠋ᠢᠯᠠ ᠲᠠᠭᠤᠣ ᠪᠠᠷᠤᠭ ᠡᠶᠢᠮᠣᠷᠬᠦᠣ ᠠᠭᠤᠯᠭ᠎ᠠ ᠲᠠᠢ ᠶᠣᠮ᠃ ᠮᠠᠨ ᠤ ᠡᠪᠦᠭᠡ ᠲᠡᠭᠡᠲᠣᠰ ᠣᠷᠣᠰᠢᠨ ᠠᠮᠢᠲᠣᠷᠠᠬᠤ ᠣᠷᠴᠢᠨ ᠪᠠᠶᠢᠭᠠᠯᠢ᠂ ᠠᠭᠤᠯᠠ ᠣᠰᠣ ᠪᠠᠨ ᠡᠵᠡᠨ ᠲᠠᠢ ᠰᠢᠲᠣᠭᠡᠨ ᠲᠠᠢ᠂ ᠨᠠᠪᠲᠠᠭ ᠰᠠᠪᠲᠠᠭ ᠲᠠᠢ᠂ ᠠᠮᠢ ᠨᠠᠰᠣ ᠲᠠᠢ᠂ ᠬᠠᠯᠲᠠᠵᠣ ᠪᠣᠯᠣᠰᠢ ᠦᠭᠡᠢ ᠠᠷᠢᠭᠤᠨ ᠲᠠᠷᠬᠠᠨ ᠭᠡᠵᠣ ᠦᠵᠡᠵᠣ ᠢᠷᠡᠭᠰᠠᠨ ᠪᠣᠯᠬᠤᠷ ᠦᠪᠠᠷ ᠤᠨ ᠢᠶᠠᠨ ᠠᠮᠢ ᠨᠠᠰᠣ᠂ ᠠᠵᠣ ᠠᠮᠢᠲᠣᠷᠠᠯ ᠢ ᠪᠠᠶᠢᠭᠠᠯᠢ ᠲᠡᠯᠡᠭᠡᠢ᠂ ᠲᠡᠭᠷᠢ ᠭᠠᠵᠠᠷ ᠯᠤᠭ᠎ᠠ ᠬᠠᠮᠤᠭ ᠠᠴᠠ ᠨᠢᠬᠲᠠ ᠠᠭᠤᠰᠬᠠᠨ ᠨᠢᠭᠡᠳᠭᠡᠵᠣ᠂ ᠣᠷᠴᠢᠯᠠᠩ ᠲᠡᠯᠡᠭᠡᠢ ᠲᠡᠭᠡᠷᠡᠬᠢ ᠠᠯᠢᠪᠠ ᠠᠮᠢ ᠨᠠᠰᠣ ᠶᠢ ᠬᠤᠷᠣᠭᠠᠵᠣ ᠬᠤᠬᠢᠷᠠᠭᠠᠯ ᠦᠭᠡᠢ ᠦᠷᠬᠦᠯᠵᠢᠯᠡᠬᠦᠯᠵᠣ ᠢᠷᠡᠭᠰᠠᠨ ᠶᠤᠮ᠃ ᠶᠡᠷᠣ ᠨᠢ ᠵᠢᠭᠠᠬᠠᠨ ᠬᠦᠨᠵᠡᠭᠡᠶᠢᠷᠡᠬᠦᠯᠵᠣ ᠶᠠᠷᠢᠪᠠᠯ᠂ ᠠᠮᠢ ᠠᠬᠤᠢ ᠶᠢᠨ ᠰᠡᠲᠣᠪᠯᠡᠬᠦᠨ ᠲᠠᠢ ᠠᠷᠠᠳ ᠤᠨ ᠲᠠᠭᠤᠣ ᠳᠤ ᠮᠣᠩᠭᠤᠯ ᠠᠷᠠᠳ ᠲᠦᠮᠠᠨ ᠤ ᠪᠠᠶᠢᠭᠠᠯᠢ ᠶᠢᠷᠲᠢᠨᠴᠣ ᠶᠢ ᠲᠠᠨᠢᠬᠤ ᠬᠦᠨ ᠣᠬᠠᠭᠠᠨ ᠤ ᠵᠦᠪ ᠦᠵᠡᠯᠲᠠ ᠬᠠᠮᠤᠭ ᠤᠨ ᠬᠦᠨᠵᠡᠭᠡᠢ ᠲᠣᠣᠱᠯᠠᠭᠲᠠᠵᠣ ᠢᠷᠡᠭᠰᠠᠨ ᠭᠡᠵᠣ ᠪᠣᠯᠬᠤ ᠶᠣᠮ᠃ ᠣᠷᠠᠯᠢᠬᠴᠢ ᠴᠢᠨᠠᠷ ᠤᠨ ᠲᠠᠯ᠎ᠠ ᠪᠠᠷ ᠴᠦ ᠪᠣᠯᠤᠭ᠂ ᠣᠳᠬ᠎ᠠ ᠰᠠᠨᠠᠭᠠᠨ ᠤ ᠲᠠᠯ᠎ᠠ ᠪᠠᠷ ᠴᠦ ᠪᠣᠯᠤᠭ᠂ ᠵᠦᠭᠡᠷ ᠨᠢᠭᠡ ᠪᠡᠯᠡᠨ ᠵᠢᠱᠢᠶ᠎ᠡ ᠭᠡᠯᠡᠬᠦ ᠳᠤ᠂ ︽ᠠᠯᠲᠠᠨ ᠪᠣᠬᠲᠠ ᠶᠢᠨ ᠰᠢᠯᠢ ᠳᠤ ᠠᠯᠲᠠᠨ ᠭᠤᠷᠭᠤᠣᠯᠲᠠᠢ ᠵᠢᠷᠬᠢᠨ᠎ᠠ᠂ ᠲᠡᠷᠠ ᠲᠠᠭᠤᠨ ᠤ ᠰᠠᠶᠢᠬᠠᠨ ᠳᠤ ᠠᠬᠲᠠ ᠮᠣᠷᠢ ᠰᠣᠯᠢᠲᠠᠨ᠎ᠠ︾ ᠭᠡᠵᠣ ᠢᠷᠠᠭᠤ ᠨᠠᠶᠢᠷᠠᠭᠴᠢ ᠬᠦᠮᠣᠨ ᠢ ᠰᠢᠯᠦᠭ ᠤᠨ ᠱᠠᠣᠨ ᠪᠢᠴᠢᠬᠦ ᠶᠢᠨ ᠠᠷᠭ᠎ᠠ ᠦᠭᠡᠢ ᠪᠣᠯᠲᠠᠯ᠎ᠠ ᠶᠠᠷᠢᠬᠰᠠᠨ ᠪᠠᠶᠢᠲᠠᠭ ᠰᠢᠣ᠃ ᠠᠲᠣᠭᠤ ᠮᠠᠯ ᠢᠶᠠᠨ ᠬᠦᠷᠲᠠᠯ᠎ᠠ ᠪᠠᠶᠢᠭᠠᠯᠢ ᠭᠤᠸ᠎ᠠ ᠰᠠᠶᠢᠬᠠᠨ ᠢ ᠲᠠᠨᠢᠲᠠᠭ᠂ ᠵᠢᠬᠦᠷᠲᠠᠨ ᠰᠢᠪᠠᠭᠤᠣᠨ ᠤᠨ ᠢᠷᠠᠭᠤ ᠰᠠᠶᠢᠬᠠᠨ ᠲᠠᠭᠤᠨ ᠤ ᠡᠭᠡᠰᠢᠭ ᠢ ᠣᠶᠢᠯᠠᠭᠠᠲᠠᠭ ᠬᠦᠭᠵᠢᠮ ᠤᠨ ᠮᠡᠲᠡᠷᠡᠮᠵᠢ ᠲᠠᠢ ᠭᠡᠵᠣ ᠭᠡᠯᠡᠭᠰᠠᠨ ᠦᠭᠡ ᠰᠢᠲᠠ᠃ ︽ᠠᠯᠲᠠᠢ ᠬᠠᠩᠭᠠᠢ ᠭᠠᠵᠠᠷ ᠤᠨ ᠦᠨᠲᠣᠷ᠂ ᠠᠬᠲᠠ ᠮᠣᠷᠢ ᠲᠡᠭᠷᠢ ᠶᠢᠨ ᠣᠨᠠᠭ᠎ᠠ︾ ᠭᠡᠵᠣ ᠲᠠᠭᠤᠯᠠᠲᠠᠭ ᠡᠶᠢᠮᠣ ᠠᠭᠤᠲᠠᠮ ᠰᠠᠨᠠᠭ᠎ᠠ᠂ ᠣᠬᠠᠭᠠᠨ ᠪᠣᠲᠣᠯ ᠦᠭᠡᠷ᠎ᠡ ᠦᠨᠲᠣᠰᠣᠲᠠᠨ ᠶᠠᠰᠣᠲᠠᠨ ᠳᠤ ᠪᠠᠶᠢᠲᠠᠭ ᠪᠣᠯᠪᠠ ᠤᠤ ᠶᠡᠷᠣ ᠨᠢ᠃ ᠠᠮᠢ ᠠᠬᠤᠢ ᠶᠢᠨ ᠲᠣᠬᠠᠢ ᠬᠦᠰᠠᠯᠠᠩ ᠢ ᠪᠢᠲᠠ ᠣᠲᠣ ᠯᠠ ᠰᠠᠶ᠋ᠢ ᠠᠯᠪᠠᠨ ᠶᠣᠰᠣ ᠪᠠᠷ ᠲᠣᠷᠠᠳᠴᠣ ᠪᠠᠶᠢᠨ᠎ᠠ᠃ ᠭᠡᠲᠠᠯ᠎ᠠ ᠠᠯᠠᠱᠠ ᠨᠣᠲᠤᠭ ᠤᠨ ᠠᠷᠠᠳ ᠲᠦᠮᠡᠨ ᠤ ᠲᠣᠮᠲᠠ ᠡᠶᠢᠮᠣ ᠬᠦᠰᠠᠯᠠᠩ ᠭᠡᠲᠣᠨ ᠵᠠᠭᠤᠨ ᠵᠢᠯ ᠦᠷᠬᠦᠯᠵᠢᠯᠡᠵᠣ ᠪᠠᠶᠢᠬᠰᠠᠨ ᠤ ᠪᠠᠲᠣᠲᠠᠢ ᠵᠢᠱᠢᠶ᠎ᠡ ᠨᠢ ︽ᠡᠷᠣᠭᠡ ᠪᠠᠷ ᠢᠶᠠᠨ ᠬᠠᠷᠠᠪᠠᠯ ᠮᠣᠲᠣ ᠲᠠᠢ ᠰᠠᠶᠢᠬᠠᠨ ᠠᠯᠠᠱᠠ᠂ ᠡᠬᠦᠲᠠ ᠪᠠᠷ ᠢᠶᠠᠨ ᠬᠠᠷᠠᠪᠠᠯ ᠣᠰᠣ ᠲᠠᠢ ᠰᠠᠶᠢᠬᠠᠨ ᠠᠯᠠᠱᠠ︾ ᠭᠡᠰᠠᠨ ᠬᠤᠶᠠᠷᠬᠠᠨ ᠪᠠᠲᠠᠭ ᠰᠢᠯᠦᠭ ᠠᠴᠠ ᠬᠦᠢᠴᠡᠳ ᠠᠵᠢᠬᠯᠠᠭᠲᠠᠨ᠎ᠠ᠃ ᠡᠨᠠ ᠰᠢᠯᠦᠭ ᠤᠨ ᠠᠬᠤᠢ ᠰᠠᠨᠠᠭ᠎ᠠ᠂ ᠠᠤᠭ᠎ᠠ ᠶᠡᠭᠡ ᠪᠠᠭᠲᠠᠭᠠᠮᠵᠢ᠂ ᠣᠷᠠᠨ ᠨᠠᠷᠢᠨ ᠮᠡᠲᠡᠷᠡᠮᠵᠢ ᠶᠢ ᠭᠡᠨ ᠴᠦ ᠭᠡᠳ ᠱᠠᠭᠰᠢᠷᠠᠬᠤ ᠠᠴᠠ ᠦᠭᠡᠷ᠎ᠡ ᠠᠷᠭ᠎ᠠ ᠪᠠᠶᠢᠬᠤ ᠦᠭᠡᠢ᠃ ᠠᠮᠢ ᠠᠬᠤᠢ ᠳᠤ ᠬᠤᠯᠪᠣᠬᠲᠠᠬᠤ ︽ᠦᠨᠣᠴᠢᠨ ᠴᠠᠭᠠᠨ ᠪᠣᠲᠣᠭᠤ︾᠂ ︽ᠭᠤᠷᠪᠠᠨ ᠵᠠᠭᠤᠨ ᠵᠢᠷᠠᠨ ᠬᠦᠷᠣᠭᠡᠰᠣ︾᠂ ︽ᠡᠶᠢᠮᠣ ᠯᠠ ᠰᠠᠶᠢᠬᠠᠨ ᠱᠣᠩᠬᠤᠷ ᠰᠢᠪᠠᠭᠤ︾᠂ ︽ᠵᠣᠨ ᠤ ᠵᠣᠰᠠᠯᠠᠩ︾ ᠭᠡᠬᠦ ᠮᠡᠲᠣ ᠬᠠᠮᠲᠣ ᠣᠷᠣᠰᠢᠬᠤ ᠬᠦᠷᠣᠭᠡᠰᠣ ᠠᠷᠢᠶᠠᠲᠠᠨ᠂ ᠵᠢᠬᠦᠷᠲᠠᠨ ᠰᠢᠪᠠᠭᠤ᠂ ᠠᠲᠣᠭᠤ ᠮᠠᠯ ᠢᠶᠠᠨ ᠬᠦᠮᠣᠨᠴᠢᠯᠡᠵᠣ᠂ ᠲᠦᠰᠢᠨ ᠠᠮᠢᠲᠣᠷᠠᠬᠤ ᠠᠭᠤᠯᠠ ᠣᠰᠣ᠂ ᠪᠠᠶᠢᠭᠠᠯᠢ ᠲᠡᠯᠡᠭᠡᠢ ᠪᠠᠨ ᠰᠢᠲᠣᠭᠡᠨᠴᠢᠯᠡᠭᠰᠠᠨ ᠲᠠᠭᠤᠣ ᠨᠤᠭᠤᠳ ᠶᠡᠷᠣ ᠨᠢ ᠠᠯᠠᠱᠠ ᠳᠤ ᠲᠠᠶᠢᠯᠣᠩᠬᠦᠢ ᠪᠠᠶᠢᠲᠠᠭ᠃ ᠲᠡᠭᠡᠷ᠎ᠡ ᠲᠣᠷᠠᠲᠣᠬᠰᠠᠨ ᠠᠴᠠ ᠭᠠᠲᠠᠨ᠎ᠠ ᠠᠯᠠᠱᠠ ᠠᠷᠠᠳ ᠤᠨ ᠢᠵᠠᠭᠤᠷ ᠲᠠᠭᠤᠣ ᠶᠢ ᠠᠶ᠎ᠠ ᠡᠭᠡᠰᠢᠭ ᠤᠨ ᠬᠢᠨᠢ ᠣᠨᠴᠠᠯᠢᠭ ᠠᠴᠠ ᠣᠯᠠᠮ ᠢᠶᠠᠷ ᠨᠢᠬᠲᠠᠯᠠᠵᠣ ᠰᠣᠲᠣᠯᠵᠣ ᠰᠢᠷᠭᠠᠭᠠᠬᠤ ᠴᠢᠬᠤᠯᠠᠲᠠᠢ ᠶᠤᠮ᠃ ᠡᠨᠠ ᠪᠣᠯ ᠠᠶ᠎ᠡ ᠬᠦᠭᠵᠢᠮ ᠤᠨ ᠮᠡᠷᠭᠡᠵᠢᠯᠲᠠᠳ ᠤᠨ ᠬᠦᠢᠴᠡᠳᠭᠡᠪᠠᠰᠣ ᠵᠣᠬᠢᠬᠤ ᠨᠢᠭᠡᠨ ᠴᠢᠬᠤᠯᠠ ᠡᠬᠦᠷᠭᠡ ᠭᠡᠳᠡᠭ ᠢ ᠠᠲᠠ ᠲᠣᠷᠠᠲᠣᠭᠠᠳ ᠠᠪᠣᠶ᠎ᠠ᠃  ᠲᠦᠷᠪᠠ᠂ ᠠᠯᠠᠱᠠ ᠠᠷᠠᠳ ᠤᠨ ᠢᠵᠠᠭᠤᠷ ᠲᠠᠭᠤᠣ ᠶᠢ ᠣᠯᠠᠮᠵᠢᠯᠠᠬᠤ ᠠᠷᠭ᠎ᠠ ᠵᠠᠮ ᠦᠢᠷ᠎ᠠ ᠶᠢᠨ ᠵᠢᠯ ᠤᠳ ᠲᠤ ᠠᠯᠠᠱᠠ ᠨᠣᠲᠤᠭ ᠠᠷᠠᠳ ᠤᠨ ᠲᠠᠭᠤᠣ ᠪᠠᠨ ᠠᠪᠣᠷᠠᠵᠣ ᠣᠯᠠᠮᠵᠢᠯᠠᠬᠤ ᠡᠷᠴᠢᠮᠲᠠᠢ ᠠᠷᠭ᠎ᠠ ᠭᠡᠮᠵᠢᠶ᠎ᠡ ᠠᠪᠴᠣ᠂ ᠠᠷᠠᠳ ᠤᠨ ᠲᠠᠭᠤᠣ ᠶᠢ ᠡᠮᠬᠢᠳᠭᠡᠨ ᠲᠢᠭᠯᠡᠬᠦ᠂ ᠠᠷᠠᠳ ᠲᠦᠮᠡᠨ ᠤ ᠲᠣᠮᠲᠠ ᠲᠡᠯᠭᠡᠷᠡᠬᠦᠯᠬᠦ᠂ ᠭᠡᠣᠭᠡᠳ ᠪᠠᠭᠠᠴᠣᠣᠨ ᠲᠤ ᠣᠯᠠᠮᠵᠢᠯᠠᠬᠤ᠂ ᠲᠠᠶᠢᠰᠠᠨ ᠤ ᠣᠷᠠᠯᠢᠭ ᠲᠤ ᠭᠠᠷᠭᠠᠬᠤ᠂ ᠰᠣᠯᠢᠯᠴᠠᠭ᠎ᠠ ᠰᠣᠲᠣᠯᠭᠠᠨ ᠦᠷᠨᠢᠬᠦᠯᠬᠦ ᠵᠡᠷᠭᠡ ᠲᠠᠯ᠎ᠠ ᠪᠠᠷ ᠮᠠᠰᠢ ᠠᠷᠪᠢᠨ ᠲᠣᠰᠠᠲᠠᠢ ᠠᠵᠢᠯ ᠬᠢᠭᠰᠡᠨ ᠪᠠᠶᠢᠨ᠎ᠠ᠃ ᠡᠨᠠ ᠠᠵᠢᠯ ᠤᠨ ᠦᠷ᠎ᠡ ᠪᠦᠲᠣᠮᠵᠢ ᠶᠢ ᠪᠢᠲᠠ ᠦᠨᠲᠣᠷ ᠦᠨᠡᠯᠡᠬᠦ ᠶᠣᠰᠣᠲᠠᠢ᠃ ᠡᠬᠦᠨ ᠤ ᠲᠠᠭᠠᠣ ᠳᠤ ᠣᠲᠣ ᠠᠴᠠ ᠡᠬᠢᠯᠠᠨ ᠠᠩᠬᠠᠷᠣᠨ ᠬᠦᠢᠴᠡᠳᠭᠡᠬᠦ ᠨᠢᠭᠡᠨ ᠴᠢᠬᠤᠯᠠ ᠠᠵᠢᠯ ᠪᠣᠯ ᠪᠠᠶᠢᠭᠠᠯᠢ ᠠᠴᠠ ᠢᠷᠡᠭᠰᠠᠨ ᠲᠡᠷᠡ ᠢᠵᠠᠭᠤᠷ ᠰᠣᠶᠣᠯ ᠢ ᠠᠪᠣᠷᠠᠨ ᠬᠠᠮᠠᠭᠠᠯᠠᠬᠤ ᠳᠤ ᠵᠠᠪᠠᠯ ᠪᠠᠶᠢᠭᠠᠯᠢ ᠲᠡᠯᠡᠭᠡᠢ ᠲᠠᠢ ᠨᠢ ᠣᠶᠠᠯᠲᠣᠭᠤᠯᠵᠣ᠂ ᠬᠦᠲᠡᠭᠡ ᠳᠤ ᠮᠠᠯᠴᠢᠳ ᠤᠨ ᠲᠣᠮᠲᠠ‌ᠣᠯᠠᠮᠵᠢᠯᠡᠵᠣ ᠲᠡᠯᠭᠡᠷᠡᠬᠦᠯᠬᠦ ᠣᠷᠣᠨ ᠵᠠᠢ ᠶᠢ ᠣᠯᠭᠤᠬᠤ ᠭᠡᠷᠡᠭᠲᠠᠢ ᠶᠣᠮ᠃ ᠣᠲᠣᠬᠢ ᠲᠠᠶᠠᠭᠠᠷᠴᠢᠯᠠᠯ᠂ ᠬᠤᠲᠠᠴᠢᠯᠠᠯ ᠤᠨ ᠴᠠᠭ ᠦᠶ᠎ᠡ ᠳᠤ ᠬᠤᠲᠠ ᠪᠠᠯᠭᠠᠰᠣᠨ ᠳᠤ ᠣᠷᠲᠣ ᠶᠢᠨ ᠲᠠᠭᠤᠣ ᠶᠢ ᠲᠠᠭᠤᠯᠠᠵᠣ ᠣᠯᠠᠮᠵᠢᠯᠠᠬᠤ ᠵᠠᠩ ᠰᠣᠶᠣᠯ᠂ ᠶᠣᠰᠣ ᠲᠢᠭᠯᠢᠮ᠂ ᠰᠣᠶᠣᠯ ᠤᠨ ᠣᠷᠴᠢᠨ ᠣᠬᠲᠣᠬᠠᠨ ᠴᠦ ᠪᠠᠶᠢᠬᠤ ᠦᠭᠡᠢ ᠭᠡᠳ᠋ᠩ ᠢ ᠵᠠᠪᠠᠯ ᠮᠡᠲᠡᠷᠡᠬᠦ ᠭᠡᠷᠡᠭᠲᠠᠢ᠃ ᠬᠦᠲᠡᠭᠡ ᠳᠤ ᠴᠦ ᠭᠡᠳ ᠣᠷᠲᠣ ᠶᠢᠨ ᠲᠠᠭᠤᠣ ᠶᠢ ᠲᠠᠭᠤᠯᠠᠬᠤ ᠲᠡᠷᠡ ᠨᠠᠶᠢᠷ ᠣᠲᠣ ᠠᠯᠠᠭ᠎ᠠ ᠪᠣᠯᠣᠬᠰᠠᠨ ᠪᠠᠶᠢᠨ᠎ᠠ ᠰᠢᠲᠠ᠃ ᠡᠶᠢᠮᠣ ᠪᠠᠶᠢᠲᠠᠯ ᠲᠣᠣᠷ᠎ᠠ ᠪᠢᠲᠠ ᠨᠢᠭᠡ ᠳᠤ᠂ ᠬᠦᠲᠡᠭᠡ ᠨᠣᠲᠤᠭ ᠲᠤ ᠮᠠᠯᠴᠢᠳ ᠤᠨ ᠲᠣᠮᠲᠠ᠂ ᠠᠷᠠᠳ ᠤᠨ ᠲᠠᠭᠤᠣ ᠶᠢᠨ ᠣᠷᠣᠨ ᠲᠣᠭᠤᠷᠢᠭ ᠲᠤᠨᠢ ᠣᠷᠲᠣ ᠶᠢᠨ ᠲᠠᠭᠤᠣ ᠶᠢᠨ ᠨᠠᠶᠢᠷ ᠢ ᠵᠣᠬᠢᠶᠠᠵᠣ᠂ ᠵᠢᠯ ᠵᠢᠯ ᠵᠣᠷᠢᠯᠭ᠎ᠠ ᠲᠠᠢ ᠪᠠᠷ ᠣᠷᠲᠣ ᠶᠢᠨ ᠲᠠᠭᠤᠣ ᠶᠢ ᠭᠡᠲᠣ ᠭᠡᠲᠣᠨ ᠡᠲᠣᠷ ᠢᠶᠠᠷ ᠲᠠᠭᠤᠯᠠᠭᠤᠯᠬᠤ ᠭᠡᠷᠩᠲᠠᠢ ᠪᠣᠯᠵᠣ ᠪᠠᠶᠢᠨ᠎ᠠ᠃ ᠬᠤᠶᠠᠷ ᠲᠤ᠂ ᠠᠷᠠᠳ ᠤᠨ ᠲᠠᠭᠤᠴᠢᠳ ᠢ ᠬᠦᠮᠣᠵᠢᠬᠦᠯᠵᠣ ᠰᠢᠯᠭᠠᠷᠠᠭᠤᠯᠬᠤ ᠳᠠᠭᠠᠨ ᠵᠦᠪᠭᠡᠨ ᠬᠤᠲᠠ ᠶᠢᠨ ᠲᠠᠶᠢᠰᠠᠨ ᠲᠡᠭᠡᠷ᠎ᠡ᠂ ᠣᠷᠣᠯᠲᠣᠭᠠᠨ ᠢᠶᠠᠷ ᠯᠠ ᠪᠢᠰᠢ᠂ ᠬᠠᠷᠢᠨ ᠬᠦᠲᠡᠭᠡ ᠮᠠᠯᠴᠢᠳ ᠤᠨ ᠭᠡᠷ ᠲᠤ᠂ ᠣᠯᠠᠨ ᠲᠠᠭᠤᠴᠢᠳ ᠤᠨ ᠲᠣᠮᠲᠠ ᠭᠡᠴᠢᠨᠠᠬᠡᠨ ᠲᠠᠭᠤᠣ ᠲᠠᠭᠤᠯᠠᠲᠠᠭ᠂ ᠲᠠᠭᠤᠣ ᠶᠢᠨ ᠶᠣᠰᠣ ᠣᠴᠢᠷ ᠢ ᠶᠠᠮᠠᠷ ᠵᠡᠷᠭᠡ ᠮᠠᠳᠡᠳᠡᠭ ᠢᠶᠠᠷ ᠨᠢ ᠰᠢᠯᠭᠠᠷᠠᠭᠤᠯᠪᠠᠯ ᠵᠣᠬᠢᠨ᠎ᠠ᠃ ᠵᠢᠩᠬᠢᠨᠢ ᠠᠷᠠᠳ ᠤᠨ ᠲᠠᠭᠤᠴᠢᠨ ᠭᠡᠪᠠᠯ ᠨᠣᠲᠤᠭ ᠤᠨ ᠢᠶᠠᠨ ᠢᠵᠠᠭᠤᠷ ᠲᠠᠭᠤᠣ ᠠᠴᠠ ᠨᠠᠭᠠᠲᠣ ᠵᠠᠬ᠎ᠠ ᠨᠢ ᠵᠠᠭᠤ ᠶᠢ ᠮᠡᠲᠡᠬᠦ ᠦᠭᠡᠢ ᠪᠠᠷ ᠶᠠᠭᠠᠬᠢᠵᠣ ᠣᠷᠲᠣ ᠶᠢᠨ ᠲᠠᠭᠤᠣ ᠶᠢᠨ ᠦᠪᠯᠡᠭᠴᠢ ᠪᠣᠯᠵᠣ ᠪᠣᠯᠬᠤ ᠪᠢᠯᠠ᠃ ᠨᠢᠭᠡ ᠬᠦᠮᠣᠨ ᠢᠶᠠᠷ ᠵᠠᠭᠤᠨ ᠲᠠᠭᠤᠣ ᠬᠦᠢᠴᠡᠳ ᠲᠠᠭᠤᠯᠠᠭᠤᠯᠬᠤ ᠳᠤ ᠭᠡᠲᠣᠢ ᠴᠠᠭ ᠣᠷᠣᠨ᠎ᠠ ᠪᠣᠢ︖ ᠬᠤᠲᠠ ᠳᠤ ᠡᠶᠢᠮᠣ ᠠᠵᠢᠯ ᠢ ᠬᠦᠢᠴᠡᠳᠭᠡᠬᠦ ᠳᠤ ᠮᠠᠰᠢ ᠭᠡᠴᠡᠬᠦᠣ᠃ ᠡᠶᠢᠮᠣ ᠠᠴᠠ ᠨᠡᠬᠦᠲᠠᠯ ᠤᠨ ᠰᠣᠶᠣᠯ ᠠᠴᠠ ᠪᠣᠢ ᠪᠣᠯᠣᠬᠰᠠᠨ ᠢᠵᠠᠭᠤᠷ ᠣᠷᠠᠯᠢᠭ ᠢ ᠠᠯᠢ ᠪᠣᠯᠬᠤᠶᠢᠴᠠ ᠬᠦᠲᠡᠭᠡ ᠨᠣᠲᠤᠭ ᠲᠤᠨᠢ᠂ ᠮᠠᠯᠴᠢᠳ ᠲᠤᠨᠢ ᠪᠣᠴᠠᠭᠠᠨ ᠦᠪᠯᠡᠬᠦᠯᠬᠦ ᠠᠷᠭ᠎ᠠ ᠵᠠᠮ ᠡᠷᠢᠯᠬᠢᠯᠠᠪᠠᠯ ᠵᠣᠬᠢᠨ᠎ᠠ᠃ ᠬᠦᠲᠡᠭᠡ ᠨᠠᠶᠢᠷᠯᠠᠵᠣ᠂ ᠬᠦᠲᠡᠭᠡ ᠣᠷᠣᠯᠲᠣᠭᠠᠨ ᠭᠢᠪᠠᠯ ᠮᠦᠩᠬᠦ ᠵᠠᠷᠣᠲᠠᠯ ᠠᠷᠪᠢᠯᠠᠬᠤ ᠮᠦᠷᠲᠡᠭᠡᠨ ᠮᠠᠯᠴᠢᠳ ᠢ ᠬᠦᠢᠴᠡᠳ ᠣᠷᠣᠯᠴᠠᠭᠤᠯᠵᠣ᠂ ᠠᠷᠠᠳ ᠤᠨ ᠲᠠᠭᠤᠣ ᠶᠢᠨ ᠰᠢᠨ᠎ᠠ ᠰᠣᠶᠣᠯ ᠤᠨ ᠣᠷᠴᠢᠨ ᠢ ᠰᠠᠶ᠋ᠢ ᠵᠢᠩᠬᠢᠨᠢ ᠰᠡᠷᠬᠦᠭᠡᠨ ᠪᠣᠢ ᠪᠣᠯᠭᠠᠵᠣ ᠴᠢᠲᠠᠨ᠎ᠠ᠃ ᠴᠠᠭ ᠵᠢᠯ ᠤᠨ ᠰᠠᠶᠢᠨ ᠳᠤ ᠮᠠᠯᠴᠢᠳ᠂ ᠮᠣᠩᠭᠤᠯᠴᠣᠣᠨ ᠬᠦᠲᠡᠭᠡ ᠳᠤ ᠪᠠᠨ ᠬᠤᠷᠢᠮ ᠨᠠᠶᠢᠷ ᠬᠢᠵᠣ ᠰᠣᠷᠪᠠᠯ ᠶᠠᠭᠠᠬᠢᠲᠠᠭ ᠪᠣᠯ︖ ᠡᠨᠠ ᠪᠣᠯ ᠰᠣᠶᠣᠯ ᠤᠨ ᠣᠯᠠᠮᠵᠢᠯᠠᠯ ᠳᠤ ᠬᠤᠯᠪᠣᠬᠲᠠᠬᠤ ᠲᠣᠮᠣᠬᠠᠨ ᠠᠰᠠᠭᠤᠲᠠᠯ ᠭᠡᠳ᠋ᠩ ᠢ ᠣᠲᠣᠬᠠᠨ ᠪᠣᠲᠣᠯᠬᠢᠯᠠᠬᠤ ᠦᠭᠡᠢ ᠪᠠᠷ ᠶᠠᠭᠠᠬᠢᠵᠣ ᠪᠣᠯᠬᠤ ᠪᠢᠯᠠ᠃ ᠵᠤᠬᠢᠶᠠᠭᠴᠢ ᠶᠢᠨ ᠬᠠᠶ᠋ᠢᠭ᠄ ᠠᠯᠠᠱᠠ ᠠᠶᠢᠮᠠᠭ ᠤᠨ ᠠᠷᠠᠤᠨ ᠤᠨ ᠲᠦᠯᠤᠭᠡᠯᠡᠭᠴᠢᠤᠨ ᠤᠨ ᠶᠡᠭᠡ ᠬᠤᠷᠠᠯ ᠤᠨ ᠠᠵᠢᠯ ᠤᠨ ᠵᠦᠪᠯᠠᠯ
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号