ᠲᠡᠮᠡᠭᠡᠨ ᠨᠣᠮᠣ ᠬᠠᠷᠪᠣᠬᠤ ᠨᠠᠭᠠᠳᠣᠮ ᠤᠨ ᠡᠭᠦᠰᠦᠯ ᠪᠠ ᠶᠣᠰᠣ ᠲᠦᠷᠢᠮ
ᠨᠡᠶᠢᠲᠡᠯᠡᠭᠰᠡᠨ ᠴᠠᠭ᠄
2019/12/11
    ᠲᠡᠮᠡᠭᠡ ᠪᠣᠯ ᠠᠯᠠᠱᠠ ᠶᠢᠨ ᠪᠠᠶᠢᠭᠠᠯᠢ᠂ ᠰᠣᠶᠣᠯ᠂ ᠠᠵᠣ ᠠᠬᠤᠢ ᠶᠢᠨ ᠣᠨᠴᠡᠯᠢᠬ ᠪᠣᠯᠬᠤ ᠨᠢᠭᠡᠨ ᠠᠮᠢᠳᠠᠨ ᠶᠣᠮ᠃ ᠮᠣᠩᠭᠤᠯ ᠤᠨ ᠡᠯ᠎ᠡ ᠭᠠᠵᠡᠷ ᠣᠷᠣᠨ ᠳᠤ ᠲᠠᠪᠣᠨ ᠬᠤᠰᠢᠭᠤ ᠮᠠᠯ ᠪᠦᠷᠢᠨ ᠪᠠᠶᠢᠳᠠᠭ ᠪᠣᠯᠪᠠᠴᠤ ᠲᠡᠭᠦᠨ ᠤ ᠲᠤᠭ᠎ᠠ ᠨᠣᠷᠮ᠎ᠠ᠂ ᠭᠠᠵᠡᠷ ᠣᠷᠣᠨ ᠤ ᠠᠵᠣ ᠠᠬᠤᠢ᠂ ᠰᠣᠶᠣᠯ ᠳᠤ ᠦᠭᠭᠦᠭᠰᠡᠨ ᠨᠦᠯᠣᠭᠡ ᠪᠠ ᠭᠢᠷᠢ ᠭᠡᠮᠵᠢᠶ᠎ᠡ ᠨᠢ ᠠᠳᠠᠯᠢ ᠦᠭᠡᠢ ᠪᠠᠶᠢᠵᠣ᠂ ᠨᠢᠭᠡᠨ ᠣᠷᠣᠨ ᠨᠣᠳᠤᠭ ᠤᠨ ᠣᠨᠴᠠᠯᠢᠭ ᠢ ᠢᠯᠡᠷᠡᠭᠦᠯᠦᠭᠰᠡᠨ ᠪᠠᠶᠢᠳᠠᠭ᠃ ᠠᠯᠠᠱᠠ ᠶᠢᠨ ᠡᠯᠡᠰᠣ ᠮᠠᠩᠬ᠎ᠠ᠂ ᠭᠤᠪᠢ ᠲᠠᠯ᠎ᠠ ᠵᠡᠷᠭᠡ ᠴᠦᠯᠡᠷᠭᠡᠭ ᠨᠣᠳᠤᠭ ᠪᠡᠯᠴᠢᠭᠡᠷ ᠨᠢ ᠲᠡᠮᠡᠭᠡᠨ ᠤ ᠣᠷᠣᠰᠢᠨ ᠠᠮᠢᠳᠣᠷᠠᠬᠤ ᠨᠦᠭᠦᠴᠡᠯ ᠰᠢᠯᠳᠠᠭᠠᠨ ᠪᠣᠯᠣᠭᠰᠠᠨ ᠠᠴᠠ ᠭᠡᠳᠣᠨ ᠵᠠᠭᠤᠨ ᠵᠢᠯ ᠤᠨ ᠲᠣᠷᠰᠢ᠂ ᠠᠯᠠᠱᠠ ᠣᠶᠢᠷᠠᠳ ᠮᠣᠩᠭᠤᠯᠴᠣᠳ ᠤᠨ ᠠᠵᠢᠯ᠂ ᠠᠮᠢᠳᠣᠷᠠᠯ ᠪᠠ ᠨᠠᠶᠢᠭᠡᠮ ᠤᠨ ᠪᠦᠳᠣᠭᠡᠨ ᠪᠠᠶᠢᠭᠤᠯᠣᠯᠳᠠ ᠳᠤ ᠲᠡᠮᠡᠭᠡᠨ ᠤ ᠣᠶᠢᠯᠡᠰ ᠨᠢ ᠭᠤᠣᠯ ᠪᠠᠶᠢᠷᠢ ᠶᠢ ᠡᠵᠡᠯᠡᠵᠣ ᠂ ᠲᠡᠮᠡᠭᠡᠨ ᠰᠣᠶᠣᠯ ᠶᠡᠭᠡ ᠪᠠᠷ ᠭᠦᠭᠵᠢᠵᠣ ᠢᠷᠡᠵᠡᠢ᠃ ᠴᠠᠭ ᠡᠷᠢᠨ ᠤ ᠭᠦᠭᠵᠢᠯᠳᠡ ᠶᠢ ᠲᠠᠭᠠᠯᠳᠣᠨ ᠡᠯ᠎ᠡ ᠦᠨᠳᠣᠰᠣᠳᠡᠨ ᠪᠠ ᠭᠠᠵᠡᠷ ᠣᠷᠣᠨ ᠤ ᠰᠣᠶᠣᠯ᠂ ᠠᠵᠣ ᠠᠬᠤᠢ ᠴᠣ᠋ ᠰᠢᠨ᠎ᠡ ᠭᠦᠭᠵᠢᠯᠳᠡ ᠲᠠᠢ ᠪᠣᠯᠵᠦ᠂ ᠠᠯᠠᠱᠠ ᠨᠣᠳᠤᠭ ᠲᠤ ᠲᠡᠮᠡᠭᠡᠨ ᠨᠣᠮᠣ ᠬᠠᠷᠪᠣᠬᠤ ᠨᠠᠭᠠᠳᠣᠮ ᠪᠣᠢ ᠪᠣᠯᠣᠯ᠎ᠠ᠃ 2012 ᠣᠨ ᠤ 11 ᠰᠠᠷ᠎ᠠ ᠶᠢᠨ 10 ᠤ ᠡᠳᠣᠷ ᠠᠯᠠᠱᠠ ᠪᠠᠷᠠᠭᠤᠨ ᠬᠤᠰᠢᠭᠤᠨ ᠤ ᠲᠠᠩᠰᠣᠠᠠᠪᠣᠯᠠᠭ ᠰᠣᠮᠣᠨ ᠤ ᠬᠤᠰᠢᠭᠤᠴᠢ ᠭᠠᠴᠠᠭ᠎ᠠ ︽ᠲᠠᠩᠰᠤᠭ ᠰᠦᠷᠥᠭ ︾ ᠲᠠᠮᠠᠭᠡᠨ ᠨᠠᠶᠢᠷ ᠭᠢᠵᠣ᠂ ᠲᠣᠰ ᠣᠳᠠᠭᠠᠨ ᠤ ᠨᠠᠶᠢᠷ ᠲᠡᠭᠡᠷ᠎ᠠ ᠠᠵᠢᠯ ᠤᠨ ᠠᠮᠠᠷᠠᠯᠳᠠ ᠪᠠᠨ ᠠᠪᠣᠬᠰᠠᠨ ᠠᠬᠠᠮᠠᠳ ᠺᠠᠳ᠋ᠷ ᠮᠦᠡᠭᠭᠡ ᠲᠡᠮᠡᠭᠡ ᠪᠠᠷ ᠨᠣᠮᠣ ᠬᠠᠷᠪᠣᠬᠤ ᠨᠠᠭᠠᠳᠣᠮ ᠢ ᠪᠦᠭᠦ ᠦᠪᠣᠷ ᠮᠣᠩᠭᠤᠯ ᠨᠣᠳᠤᠭ ᠲᠤ ᠠᠩᠬ᠎ᠠ ᠣᠳᠠᠭ᠎ᠠ ᠵᠣᠭᠢᠶᠠᠨ ᠪᠠᠶᠢᠭᠤᠯᠵᠣ ᠣᠷᠣᠯᠳᠣᠭᠤᠯᠪᠠ᠃ ᠡᠨᠡ ᠨᠢ ᠶᠠᠮᠠᠷ ᠨᠢᠭᠡᠨ ᠭᠡᠨᠡᠳᠳᠡ ᠶᠢᠨ ᠲᠣᠭᠢᠶᠠᠯ ᠪᠣᠶᠣ ᠡᠭᠦᠰᠣᠯ ᠪᠢᠰᠢ᠂ ᠬᠠᠷᠢᠨ ᠠᠯᠠᠱᠠ ᠨᠣᠳᠤᠭ ᠤᠨ ᠣᠷᠳᠣ ᠣᠳᠠᠭᠠᠨ ᠬᠤᠭᠤᠴᠠᠭᠠᠨ ᠤ ᠲᠡᠮᠡᠭᠡᠨ ᠤ ᠪᠣᠯᠪᠠᠰᠣᠨ ᠰᠣᠶᠣᠯ ᠤᠨ ᠨᠢᠭᠡᠨ ᠭᠦᠭᠵᠢᠯᠳᠡ ᠪᠣᠯᠬᠤ ᠶᠣᠮ᠃ ᠨᠢᠭᠡ᠂ ᠲᠡᠮᠡᠭᠡᠨ ᠨᠣᠮᠣ ᠬᠠᠷᠪᠣᠬᠤ ᠨᠠᠭᠠᠳᠣᠮ ᠤᠨ ᠡᠭᠦᠰᠣᠯ ᠤᠨ ᠲᠣᠬᠠᠢ ᠲᠡᠮᠡᠭᠡᠨ ᠨᠣᠮᠣ ᠬᠠᠷᠪᠣᠬᠤ ᠨᠠᠭᠠᠳᠤᠮ ᠤᠨ ᠡᠭᠦᠰᠣᠯ ᠪᠣᠯ ᠠᠯᠠᠱᠠ ᠤᠨ ᠮᠣᠷᠢᠨ ᠨᠣᠮᠣ ᠬᠠᠷᠪᠣᠬᠤ ᠨᠠᠭᠠᠳᠣᠮ ᠪᠠ ᠠᠯᠠᠱᠠ ᠶᠢᠨ ᠲᠡᠮᠡᠭᠡ ᠪᠠᠷ ᠲᠠᠶᠢᠨ ᠪᠠᠶᠢᠯᠳᠣᠭᠠᠨ ᠤ ᠪᠣᠯᠪᠠᠰᠣᠷᠡᠯ ᠭᠢᠵᠣ ᠪᠠᠶᠢᠠᠠᠰᠡᠨ ᠠᠴᠠ ᠡᠭᠦᠰᠴᠣ ᠢᠷᠡᠭᠰᠡᠨ ᠶᠣᠮ᠃ 1. ᠠᠯᠠᠱᠠ ᠣᠶᠢᠷᠠᠳ ᠤᠨ ᠮᠣᠷᠢᠨ ᠨᠣᠮᠣᠨ ᠤ ᠡᠭᠦᠰᠣᠯ ᠠᠯᠠᠱᠠ ᠶᠢ ᠣᠭ ᠲᠠᠭᠠᠨ ︽ᠠᠯᠠᠱᠠ ᠬᠤᠱᠣᠳ ᠦᠭᠡᠯᠡᠳ ᠬᠤᠰᠢᠭᠤ︾ ᠭᠡᠵᠣ ᠨᠡᠷᠡᠯᠡᠳᠡᠭ᠃ ᠡᠨᠡ ᠨᠢ ᠣᠳᠣ  ᠠᠴᠠ ᠭᠤᠷᠪᠠᠨ ᠵᠠᠭᠤᠨ ᠵᠢᠯ ᠤᠨ ᠡᠮᠣᠨ᠎ᠡ᠂ ᠣᠳᠣ ᠶᠢᠨ ᠰᠢᠨᠵᠢᠶᠠᠩ ᠤᠨ ᠠᠯᠳᠠᠢ ᠠᠭᠤᠯᠠ ᠶᠢᠨ ᠦᠪᠤᠷ ᠪᠠᠯ ᠳᠠᠬᠢ ᠪᠣᠭᠳᠠ ᠡᠷᠢᠶᠡᠨ ᠬᠠᠪᠢᠷᠭ᠎ᠠ ᠭᠡᠳᠡᠭ ᠭᠠᠵᠡᠷ ᠠᠴᠠ ᠨᠡᠭᠦᠳᠡᠯᠯᠡᠵᠣ᠂ ᠬᠦᠭᠡᠨᠠᠭᠤᠷ ᠠᠴᠠ ᠬᠤᠶᠢᠳᠣ ᠭᠡᠰᠡᠭ ᠢᠶᠠᠷ ᠲᠠᠮᠵᠢᠵᠣ᠂ ᠠᠯᠠᠱᠠ ᠨᠣᠳᠤᠭ ᠲᠤ ᠢᠷᠡᠵᠣ ᠰᠠᠭᠤᠷᠢᠰᠢᠬᠰᠠᠨ ᠲᠦᠷᠪᠡᠨ ᠣᠶᠢᠷᠠᠳ ᠤᠨ ᠬᠤᠱᠣᠳ ᠶᠠᠰᠣᠳᠡᠨ ᠢᠶᠠᠷ ᠭᠤᠣᠯ ᠪᠣᠯᠣᠬᠰᠠᠨ ᠮᠣᠩᠭᠤᠯ ᠤᠨ ᠨᠢᠭᠡᠨ ᠠᠶᠢᠮᠠᠭ ᠪᠦᠯᠦᠭ ᠪᠣᠯᠬᠤ ᠶᠣᠮ᠃ ᠭᠡᠳᠣᠨ ᠵᠠᠭᠤᠨ ᠵᠢᠯ ᠤᠨ ᠲᠣᠷᠰᠢ᠂ ᠲᠠᠶᠢᠴᠢᠩ ᠭᠦᠷᠣᠨ ᠤ ᠨᠣᠶᠠᠷᠬᠠᠯ ᠲᠣᠣᠷ᠎ᠠ᠂ ᠴᠢᠨ ᠸᠠᠩ ᠡᠷᠭᠦᠮᠵᠢᠯᠡᠭᠰᠡᠨ ᠬᠤᠰᠢᠭᠤ ᠪᠠᠶᠢᠭᠤᠯᠵᠣ᠂ ᠲᠠᠶᠢᠴᠢᠩ ᠭᠦᠷᠣᠨ ᠤ ᠬᠠᠭᠠᠨ ᠠᠴᠠ ᠰᠢᠭᠤᠳ ᠵᠠᠭᠢᠷᠬᠤ ᠬᠤᠰᠢᠭᠤ ᠵᠠᠰᠠᠭ ᠢ ᠪᠠᠶᠢᠭᠤᠯᠵᠡᠢ᠃ ᠢᠢᠮᠣ ᠠᠴᠠ ᠠᠯᠠᠱᠠ ᠣᠶᠢᠷᠠᠳᠴᠣᠳ ᠣᠷᠳᠣ ᠣᠳᠠᠭᠠᠨ ᠣᠨ ᠵᠢᠯ ᠤᠨ ᠲᠣᠷᠰᠢ᠂ ᠦᠪᠡᠷ ᠤᠨ ᠦᠭᠡ ᠭᠡᠯᠡ᠂ ᠬᠤᠪᠴᠠᠰᠣ ᠵᠠᠰᠠᠯ᠂ ᠵᠠᠩ ᠣᠶᠢᠯᠡ ᠵᠡᠷᠭᠡ ᠣᠯᠠᠨ ᠲᠠᠯ᠎ᠠ ᠪᠠᠷ ᠦᠪᠡᠷᠮᠢᠴᠡ ᠣᠨᠴᠠᠯᠢᠭ ᠢᠶᠠᠨ ᠦᠪᠯᠡᠨ ᠬᠠᠳᠠᠭᠠᠯᠠᠬᠤ ᠳᠤ ᠨᠢᠭᠡᠨ ᠨᠦᠭᠦᠴᠡᠯ ᠰᠢᠯᠳᠠᠭᠠᠨ ᠪᠣᠯᠵᠣ᠂ ᠦᠪᠣᠷ ᠮᠣᠩᠭᠤᠯ ᠤᠨ ᠪᠣᠰᠣᠳ ᠠᠶᠢᠮᠠᠭ ᠬᠤᠰᠢᠭᠤ ᠲᠠᠢ ᠢᠯᠭᠠᠭ᠎ᠠ ᠲᠠᠢ ᠵᠦᠢᠯ ᠠᠷᠪᠢᠨ ᠪᠠᠶᠢᠳᠠᠭ ᠪᠢᠯᠡ᠃ ᠵᠢᠱᠢᠶᠡᠯᠡᠪᠡᠯ᠂ ᠠᠯᠠᠱᠠ ᠦᠷᠡᠰ ᠨᠠᠶᠢᠷ ᠤᠨ ᠡᠷ᠎ᠡ ᠶᠢᠨ ᠭᠤᠷᠪᠠᠨ ᠨᠠᠭᠠᠳᠣᠮ ᠤᠨ ᠨᠣᠮᠣ ᠬᠠᠷᠪᠣᠬᠤ ᠮᠦᠷᠦ᠋ᠢᠴᠡᠭᠡᠨ ᠨᠢ ᠮᠣᠷᠢᠨ ᠨᠣᠮᠣ ᠬᠠᠷᠪᠣᠳᠠᠭ᠃ ᠡᠨᠡ ᠨᠢ ᠮᠣᠷᠢ ᠣᠨᠣᠵᠣ ᠵᠣᠭᠰᠤᠭ᠎ᠠ ᠪᠠᠷ ᠬᠠᠷᠪᠣᠬᠤ ᠪᠢᠰᠢ᠂ ᠬᠠᠷᠢᠨ ᠮᠣᠷᠢᠨ ᠤ ᠬᠤᠷᠳᠣᠴᠠ ᠪᠠᠷ ᠲᠠᠪᠭᠢᠨ ᠬᠠᠷᠪᠣᠬᠤ ᠡᠷᠳᠡᠨ ᠤ ᠮᠣᠩᠭᠤᠯᠴᠣᠳ ᠤᠨ ᠭᠠᠶᠢᠬᠠᠮᠰᠢᠬᠳᠣ ᠡᠷᠳᠡᠮ ᠢ ᠮᠦᠷᠦ᠋ᠢᠴᠡᠳᠡᠭ᠃ ᠡᠭᠦᠨ ᠤ ᠲᠣᠬᠠᠢ ᠪᠤᠷᠵᠢᠭᠢᠨ ᠳ᠋ᠣᠷᠭᠢ ᠶᠢᠨ ᠨᠠᠶᠢᠷᠠᠭᠤᠯᠣᠨ ᠪᠢᠴᠢᠭᠰᠡᠨ ︽ᠠᠯᠠᠱᠠ ᠬᠤᠱᠣᠳ︾ ᠭᠡᠳᠡᠭ ᠨᠣᠮ ᠳᠤ ︽᠁ ᠠᠯᠠᠱᠠ ᠬᠤᠱᠣᠳ ᠤᠨ ᠮᠣᠷᠢᠨ ᠨᠣᠮᠣ ᠶᠢᠨ ᠬᠠᠷᠪᠣᠯᠳᠠ ᠨᠢ ᠪᠣᠰᠣᠳ ᠠᠯᠢ ᠴᠣ᠋ ᠨᠣᠳᠤᠭ ᠤᠨ ᠮᠣᠩᠭᠤᠯᠴᠣᠳ ᠠᠴᠠ ᠢᠯᠭᠠᠭᠳᠠᠬᠤ ᠦᠪᠡᠷᠮᠢᠴᠡ ᠣᠨᠴᠡᠯᠢᠬ ᠲᠠᠢ ᠪᠠᠶᠢᠳᠠᠭ᠃ ᠮᠣᠷᠢ ᠪᠠᠷ ᠨᠣᠮᠣ ᠰᠣᠮᠣ ᠬᠠᠷᠪᠣᠬᠤ ᠨᠢ ᠠᠯᠢ ᠡᠷᠳᠡ ᠮᠣᠩᠭᠤᠯ ᠬᠠᠭᠠᠨᠳᠣ ᠣᠯᠣᠰ ᠤᠨ ᠦᠶ᠎ᠡ ᠠᠴᠠ ᠡᠭᠦᠰᠴᠣ᠂ ᠬᠠᠪᠣᠳᠣ ᠬᠠᠰᠠᠷ ᠤᠨ ᠨᠣᠮᠣ ᠬᠠᠷᠪᠣᠬᠤ ᠮᠡᠷᠭᠡᠵᠢᠯ ᠤᠨ ᠵᠠᠯᠭᠠᠮᠵᠢᠯᠠᠯ ᠪᠣᠯᠬᠤ ᠠᠵᠢ︾ ᠭᠡᠵᠣ ᠲᠡᠮᠳᠡᠭᠯᠡᠵᠠᠢ᠃ ᠮᠣᠩᠭᠤᠯ ᠬᠠᠭᠠᠨᠳᠣ ᠣᠯᠣᠰ᠂ ᠴᠢᠨᠠᠭᠰᠢᠯᠡᠪᠠᠯ ᠨᠡᠩ ᠡᠷᠳᠡ ᠦᠶ᠎ᠡ ᠳᠤ ᠮᠣᠩᠭᠤᠯ ᠤᠨ ᠦᠨᠳᠦᠷᠯᠢᠭ ᠲᠤ ᠴᠡᠷᠢᠭ ᠲᠠᠶᠢᠨ ᠤ ᠭᠡᠷᠡᠭᠴᠡᠭᠡ ᠠᠴᠠ ᠪᠣᠯᠵᠣ᠂ ᠮᠣᠷᠢ ᠪᠠᠷ ᠨᠣᠮᠣ ᠰᠣᠮᠣ ᠬᠠᠷᠪᠣᠬᠤ ᠮᠠᠷᠭᠡᠵᠢᠯ ᠲᠡᠯᠭᠡᠷᠡᠵᠣ᠂ ᠡᠭᠦᠨ ᠤ ᠬᠤᠷᠳᠣᠴᠠ ᠪᠠ ᠣᠨᠣᠪᠴᠢ ᠨᠢ ᠲᠠᠶᠢᠨ ᠪᠠᠶᠢᠯᠳᠣᠭᠠᠨ ᠤ ᠢᠯᠠᠵᠤ ᠢᠯᠠᠭᠳᠠᠬᠤ ᠶᠢᠨ ᠵᠠᠩᠭᠢᠯᠠᠭ᠎ᠠ ᠪᠣᠯᠵᠣ᠂ ᠴᠡᠷᠢᠭ ᠠᠷᠠᠳ ᠤᠨ ᠲᠣᠳᠣᠷ᠎ᠠ ᠲᠣᠩ ᠦᠷᠭᠡᠨ ᠭᠡᠪᠴᠢᠶ᠎ᠡ ᠪᠠᠷ ᠲᠡᠯᠭᠡᠷᠡᠭᠰᠡᠨ ᠨᠢ ᠯᠠᠪᠳᠠᠢ ᠶᠣᠮ᠃ ᠢᠢᠮᠣ ᠠᠴᠠ ᠣᠨ ᠵᠢᠯ ᠤᠨ ᠣᠳᠠᠭᠠᠨ ᠳᠤ ᠴᠡᠷᠢᠭ ᠲᠠᠶᠢᠨ ᠤ ᠰᠤᠷᠢᠯᠳᠠ ᠪᠣᠯᠪᠠᠰᠣᠷᠠᠯ ᠨᠢ ᠨᠢᠭᠡᠨ ᠵᠦᠢᠯ ᠤᠨ ᠡᠷ᠎ᠡ ᠴᠢᠳᠠᠯ ᠤᠨ ᠮᠦᠷᠦ᠋ᠢᠴᠡᠭᠡᠨ ᠪᠣᠯᠵᠣ᠂ ᠨᠠᠶᠢᠷ ᠨᠠᠭᠠᠳᠣᠮ ᠳᠤ ᠢᠯᠡᠷᠡᠵᠣ ᠡᠭᠢᠯᠡᠭᠰᠡᠨ ᠪᠣᠯᠣᠯᠳᠠᠢ᠃ ᠲᠡᠭᠡᠪᠠᠯ ᠮᠣᠷᠢᠨ ᠨᠣᠮᠣ ᠨᠢ ᠶᠠᠭᠠᠭᠢᠭᠠᠳ ᠣᠶᠢᠷᠠᠳ ᠤᠨ ᠠᠯᠠᠱᠠ ᠨᠣᠳᠤᠭ ᠲᠤ ᠦᠨᠣ ᠪᠣᠯᠳᠠᠯ᠎ᠠ ᠣᠯᠠᠮᠵᠢᠯᠠᠨ ᠦᠯᠡᠳᠡᠵᠣ ᠢᠷᠡᠭᠰᠡᠨ ᠪᠣᠢ︖ ᠮᠦᠴᠢᠳ ᠮᠢᠨᠣ ᠣᠶᠢᠯᠠᠭᠠᠯᠳᠠ ᠪᠠᠷ᠂ ᠵᠡᠭᠦᠨ ᠣᠷᠣᠨ ᠤ ᠮᠣᠩᠭᠤᠯ ᠨᠣᠳᠤᠭ ᠮᠠᠨᠵᠣ ᠴᠢᠩ ᠤᠨ ᠨᠣᠶᠠᠷᠬᠠᠯ ᠲᠣᠣᠷ᠎ᠠ ᠣᠷᠣᠵᠣ᠂ ᠬᠤᠰᠢᠭᠤ ᠵᠠᠰᠠᠭ ᠪᠠᠶᠢᠭᠤᠯᠣᠨ᠂ ᠬᠠᠷᠢᠴᠠᠩᠭᠤᠢ ᠪᠠᠷ ᠡ᠊ᠩᠭᠡ ᠲᠠᠶᠢᠪᠣᠩ ᠪᠠᠶᠢᠳᠠᠯ ᠳᠤ ᠣᠷᠣᠬᠰᠠᠨ ᠪᠠ ᠪᠠᠷᠠᠭᠤᠨ ᠣᠶᠢᠷᠠᠳ ᠮᠣᠩᠭᠤᠯ ᠤᠨ ᠨᠣᠳᠤᠭ ᠲᠤ ᠲᠠᠶᠢᠨ ᠪᠠᠶᠢᠯᠳᠣᠭᠠᠨ ᠪᠠᠰᠠ ᠬᠤᠶᠠᠷ ᠵᠠᠭᠤ ᠰᠢᠬᠠᠮ ᠵᠢᠯ ᠦᠷᠬᠦᠯᠵᠢᠯᠡᠵᠣ ᠢᠷᠡᠭᠰᠡᠨ ᠲᠡᠣᠭᠡ ᠲᠠᠢ ᠰᠢᠭᠤᠳ ᠬᠤᠯᠪᠣᠭ᠎ᠠ ᠲᠠᠢ ᠭᠡᠵᠣ ᠦᠵᠡᠨ᠎ᠡ᠃ ᠬᠠᠮᠤᠭ ᠲᠡᠷᠢᠭᠦᠨ ᠳᠤ᠂ ᠪᠠᠷᠠᠭᠤᠨ ᠣᠶᠢᠷᠠᠳ ᠤᠨ ᠨᠣᠳᠤᠭ ᠲᠤ ᠠᠷᠪᠠᠨ ᠨᠠᠢᠮᠠᠳᠣᠭᠠᠷ ᠵᠠᠭᠤᠨ ᠤ ᠲᠣᠮᠳᠠᠴᠢ ᠪᠣᠯᠳᠠᠯ᠎ᠠ ᠲᠠᠶᠢᠨ ᠪᠠᠶᠢᠯᠳᠣᠭᠠᠨ ᠦᠷᠬᠦᠯᠵᠢᠯᠡᠵᠣ᠂ ᠨᠡᠩ ᠢᠯᠠᠩᠭᠤᠶ᠎ᠠ ᠣᠶᠢᠷᠠᠳ ᠠᠶᠢᠮᠠᠭ ᠨᠢ ᠮᠣᠩᠭᠤᠯᠴᠣᠳ ᠤᠨ ᠲᠣᠳᠣᠷ᠎ᠠ ᠲᠦᠢᠯ ᠤᠨ ᠪᠠᠭᠠᠳᠣᠷᠯᠢᠭ᠂ ᠲᠠᠶᠢᠨ ᠤ ᠮᠡᠷᠭᠡᠵᠢᠯ ᠢᠶᠠᠷ ᠰᠠᠶᠢᠨ᠂ ᠠᠯᠢ ᠡᠷᠳᠡ ᠠᠴᠠ ᠪᠠᠶᠢᠯᠳᠣᠭᠠᠨ ᠤ ᠬᠤᠰᠢᠭᠤᠴᠢ ᠪᠣᠯᠵᠣ ᠪᠠᠶᠢᠭᠰᠠᠨ ᠲᠡᠣᠭᠡ ᠲᠠᠢ ᠲᠣᠯᠠ ᠲᠣᠬᠠᠢ ᠶᠢᠨ ᠦᠶ᠎ᠡ ᠳᠤ ᠡᠭᠡ ᠣᠷᠣᠨ ᠢᠶᠠᠨ ᠬᠠᠮᠠᠭᠠᠯᠠᠬᠤ᠂ ᠣᠷᠣᠨ ᠨᠣᠳᠤᠭ ᠤᠨ ᠠᠮᠣᠷ ᠲᠦᠪᠰᠢᠨ ᠢ ᠪᠠᠳᠣᠯᠠᠬᠤ ᠶᠢᠨ ᠭᠦᠨᠳᠣ ᠴᠢᠬᠤᠯᠠ ᠭᠡᠷᠡᠭᠴᠡᠭᠡ ᠠᠴᠠ ᠪᠣᠯᠵᠣ᠂ ᠮᠣᠷᠢ ᠪᠠᠷ ᠨᠣᠮᠣ ᠰᠣᠮᠣ ᠬᠠᠷᠪᠣᠬᠤ ᠶᠢ ᠣᠯᠠᠮᠵᠢᠯᠠᠨ ᠢᠷᠡᠵᠠᠢ᠃ ᠵᠢᠱᠢᠶᠡᠯᠡᠪᠠᠯ ᠯᠣᠪᠰᠠᠡᠳᠠᠩᠵᠡᠨ ᠤ ᠭᠦᠭᠡᠨᠠᠭᠤᠷ ᠤᠨ ᠪᠠᠶᠢᠯᠳᠣᠭᠠᠨ᠂ ᠭᠠᠯᠳᠠᠨ ᠪᠣᠱᠣᠭᠳᠣ ᠶᠢᠨ ᠵᠠᠭᠦᠨ ᠭᠠᠷ ᠬᠠᠭᠠᠨᠳᠣ ᠣᠯᠣᠰ ᠤᠨ ᠪᠠᠶᠢᠯᠳᠣᠭᠠᠨ ᠪᠦᠷ ᠨᠣᠮᠣ ᠰᠣᠮᠣ ᠪᠠᠷ ᠪᠠᠶᠢᠯᠳᠣᠵᠣ᠂ ᠪᠠᠰᠠ ᠲᠠᠮᠡᠭᠡ ᠪᠠᠷ ᠪᠠᠮᠪᠠᠢ ᠪᠣᠯᠭᠠᠵᠣ᠂ ᠨᠣᠮᠣ ᠰᠣᠮᠣ ᠠᠴᠠ ᠰᠡᠷᠭᠡᠶᠢᠯᠠᠵᠣ ᠪᠠᠶᠢᠭᠰᠠᠨ ᠲᠡᠮᠳᠡᠭᠯᠡᠯ ᠴᠣ᠋ ᠪᠣᠢ᠃ ᠢᠢᠮᠣ  ᠠᠴᠠ ᠪᠠᠷᠠᠭᠤᠨ ᠮᠣᠩᠭᠤᠯ ᠣᠷᠣᠨ ᠳᠤ ︽ᠵᠠᠩᠭᠠᠷ︾᠂ ︽ᠭᠡᠰᠡᠷ︾ ᠵᠡᠷᠭᠡ ᠪᠠᠭᠠᠳᠣᠷᠯᠢᠭ ᠲᠣᠣᠯᠢᠰ ᠣᠳᠣ ᠪᠣᠯᠳᠠᠯ᠎ᠠ ᠠᠷᠠᠳ ᠤᠨ ᠲᠣᠳᠣᠷ᠎ᠠ ᠦᠷᠭᠡᠨ ᠢᠶᠠᠷ ᠣᠯᠠᠮᠵᠢᠯᠠᠭᠳᠠᠨ ᠪᠠᠶᠢᠭ᠎ᠠ ᠶᠣᠮ᠃ ᠡᠭᠦᠨ ᠠᠴᠠ ᠭᠠᠳᠠᠨ᠎ᠠ ᠪᠠᠰᠠ ᠨᠢᠭᠡᠨ ᠲᠡᠣᠭᠡᠨ ᠨᠦᠭᠦᠴᠡᠯ ᠰᠢᠯᠳᠠᠭᠠᠨ ᠭᠡᠪᠡᠯ᠂ ᠡᠨᠡᠭᠦ ᠣᠷᠴᠢᠨ ᠴᠠᠭ ᠦᠶ᠎ᠡ ᠳᠤ ᠮᠣᠩᠭᠤᠯ ᠨᠣᠳᠤᠭ ᠲᠤ ᠨᠠᠶᠢᠷ ᠨᠠᠭᠠᠳᠣᠮ ᠨᠢ ᠡᠭᠡᠯ ᠠᠷᠠᠳ ᠤᠨ ᠲᠣᠳᠣᠷᠠᠭᠢ ᠰᠣᠶᠣᠯ ᠪᠣᠯᠵᠣ ᠭᠦᠭᠵᠢᠵᠣ ᠪᠠᠶᠢᠭᠰᠠᠨ ᠲᠣᠯᠠ᠂ ᠠᠯᠠᠱᠠ ᠣᠶᠢᠷᠠᠳ ᠦᠷᠡᠰ ᠨᠠᠶᠢᠷ ᠲᠠᠭᠠᠨ ᠮᠣᠷᠢᠨ ᠨᠣᠮᠣ ᠬᠠᠷᠪᠣᠬᠤ ᠲᠠᠶᠢᠨ ᠤ ᠮᠡᠷᠭᠡᠵᠢᠯ ᠢᠶᠠᠨ ᠲᠡᠷᠡ ᠴᠢᠭ ᠢᠶᠠᠷ ᠨᠢ ᠨᠢᠭᠡᠨ ᠨᠠᠭᠠᠳᠣᠮ  ᠤᠨ ᠮᠦᠷᠦ᠋ᠢᠴᠡᠭᠡᠨ ᠪᠣᠯᠭᠠᠵᠣ ᠣᠯᠠᠮᠵᠢᠯᠠᠵᠡᠢ᠃ ᠬᠠᠷᠢᠨ ᠡᠭᠦᠨ ᠤ ᠡᠰᠡᠷᠭᠦ ᠪᠠᠷ ᠵᠡᠭᠦᠨ ᠣᠷᠣᠨ ᠤ ᠮᠣᠩᠭᠤᠯᠴᠣᠳ ᠬᠠᠷᠢᠴᠠᠩᠭᠤᠢ ᠪᠠᠷ ᠡ᠊ᠩᠭᠡ ᠲᠠᠶᠢᠪᠣᠩ ᠪᠠᠶᠢᠳᠠᠯ ᠳᠤ ᠣᠷᠣᠭᠠᠳ ᠵᠠᠭᠤ ᠢᠯᠡᠭᠦᠣ ᠵᠢᠯ ᠪᠣᠯᠵᠣ᠂ ᠰᠢᠷ᠎ᠠ ᠶᠢᠨ ᠱᠠᠰᠢᠨ ᠭᠦᠴᠣᠳᠠᠢ ᠲᠡᠯᠭᠡᠷᠡᠵᠣ᠂ ᠲᠠᠶᠢᠨ ᠪᠠᠶᠢᠯᠳᠣᠭᠠᠨ ᠠᠴᠠ ᠨᠡᠯᠢᠶᠡᠳ ᠵᠠᠶᠢᠳᠠᠢ ᠪᠣᠯᠵᠣ᠂ ᠨᠡᠩ ᠢᠯᠠᠩᠭᠤᠶ᠎ᠠ ᠣᠷᠴᠢᠨ ᠦᠶ᠎ᠡ ᠳᠤ ᠲᠠᠷᠢ ᠵᠣᠭᠢᠶᠠᠵᠣ ᠫᠣᠣ ᠭᠡᠷᠡᠭᠯᠡᠭᠦ ᠪᠣᠯᠣᠭᠰᠠᠨ ᠲᠣᠯᠡ ᠮᠣᠷᠢᠨ ᠨᠣᠮᠣ ᠬᠠᠷᠪᠣᠬᠤ ᠮᠡᠷᠭᠡᠵᠢᠯ ᠨᠢ ᠮᠣᠩᠭᠤᠯᠴᠣᠳ ᠤᠨ ᠠᠮᠢᠳᠣᠷᠠᠯ ᠠᠴᠠ ᠣᠯᠠᠮ ᠬᠤᠯᠠᠳᠠᠵᠣ ᠡᠭᠢᠯᠡᠵᠠᠢ᠃ 2. ᠠᠯᠠᠱᠠ ᠳᠤ ᠲᠡᠮᠡᠭᠡ ᠪᠠᠷ ᠴᠡᠷᠢᠭ ᠲᠠᠶᠢᠨ ᠤ ᠰᠣᠷᠢᠯᠳᠠ ᠪᠣᠯᠪᠠᠰᠦᠷᠠᠯ ᠭᠢᠭᠦ ᠪᠣᠯᠣᠭᠰᠠᠨ ᠲᠡᠭᠡᠷ᠎ᠡ ᠵᠠᠭᠤᠨ ᠤ ᠵᠢᠷᠠᠭᠠᠤᠨ ᠣᠨ ᠠᠴᠠ ᠡᠭᠢᠯᠡᠵᠣ᠂ ᠲᠣᠮᠳᠠᠳᠣ ᠵᠦᠪᠯᠡᠯᠳᠣ ᠬᠤᠶᠠᠷ ᠣᠯᠣᠰ ᠤᠨ ᠬᠠᠷᠢᠴᠠᠭ᠎ᠠ ᠮᠠᠭᠤᠳᠠᠵᠣ ᠡᠭᠢᠯᠡᠭᠰᠡᠨ ᠠᠴᠠ ᠠᠯᠠᠱᠠ ᠶᠢᠨ ᠢᠩᠭᠡᠨ᠂ ᠲᠦᠭᠦᠮ᠂ ᠦᠯᠵᠡᠢ᠂ ᠰᠦᠮᠪᠣᠷ᠂ ᠭᠤᠶᠢᠽᠡ ᠵᠡᠷᠭᠡ ᠭᠢᠯᠢ ᠲᠠᠭᠠᠤ ᠣᠷᠣᠨ ᠢᠶᠠᠷ ᠲᠡᠮᠡᠭᠡᠳᠣ ᠡᠷᠣᠭᠡ ᠶᠢᠨ ᠴᠡᠷᠢᠭ ᠪᠠᠶᠢᠭᠤᠯᠵᠣ᠂ ᠴᠡᠷᠢᠭ ᠲᠠᠶᠢᠨ ᠤ ᠪᠣᠯᠪᠠᠰᠣᠷᠠᠯ ᠭᠢᠵᠣ ᠪᠠᠶᠢᠪᠠ᠃ ᠡᠨᠡ ᠨᠢ ᠠᠯᠠᠱᠠ ᠶᠢᠨ ᠠᠭᠤᠷ ᠠᠮᠢᠰᠬᠤᠯ ᠠᠭᠠᠵᠢᠮ ᠢᠶᠠᠷ ᠬᠤᠪᠢᠰᠣᠨ᠂ ᠠᠳᠣᠭᠤᠨ ᠤ ᠲᠤᠭ᠎ᠠ ᠲᠣᠯᠣᠭᠠᠢ ᠴᠦᠭᠡᠷᠠᠵᠤ᠂ ᠨᠡᠩ ᠢᠯᠠᠩᠭᠤᠶ᠎ᠠ ᠭᠤᠪᠢ ᠨᠣᠳᠤᠭ ᠤᠨ ᠡᠪᠠᠰᠣ ᠣᠷᠭᠤᠮᠠᠯ ᠲᠠᠴᠢᠷ᠂ ᠬᠤᠳᠳᠤᠭ ᠣᠰᠣ ᠬᠤᠪᠣᠷ ᠵᠡᠷᠭᠡ ᠪᠠᠶᠢᠭᠠᠯᠢ ᠶᠢᠨ ᠨᠦᠭᠦᠴᠡᠯ ᠠᠴᠠ ᠪᠣᠯᠵᠣ᠂ ᠢᠢᠮᠣᠷᠭᠦᠤ ᠣᠷᠴᠢᠨ ᠲᠣᠭᠤᠷᠢᠨ ᠳᠤ ᠵᠦᠪᠭᠡᠨ ᠲᠡᠮᠡᠭᠡ ᠯᠡ ᠣᠷᠣᠰᠢᠨ ᠲᠣᠭᠳᠠᠨᠢᠵᠣ᠂ ᠭᠦᠮᠣᠰ ᠤᠨ ᠴᠡᠷᠢᠭ ᠲᠠᠶᠢᠨ ᠤ ᠭᠡᠷᠡᠭᠴᠡᠭᠡ ᠶᠢ ᠬᠠᠩᠭᠠᠵᠣ ᠴᠢᠳᠠᠬᠤ ᠪᠠᠶᠢᠯ᠎ᠠ᠃ ᠲᠣᠬᠠᠢ  ᠶᠢᠨ ᠦᠶ᠎ᠡ ᠳᠤ ᠮᠠᠨ ᠤ ᠣᠯᠣᠰ ᠤᠨ ᠮᠠᠰᠢᠨᠴᠢᠯᠠᠯᠳᠠ ᠶᠢᠨ ᠬᠢᠷᠢ ᠭᠡᠮᠵᠢᠶ᠎ᠡ ᠲᠦᠢᠯ ᠤᠨ ᠲᠣᠣᠷ᠎ᠠ ᠪᠠᠶᠢᠵᠣ᠂ ᠭᠢᠯᠢ  ᠶᠢᠨ ᠬᠠᠷᠠᠭᠤᠯ ᠤᠨ ᠴᠡᠷᠢᠭ ᠴᠣ᠋ ᠮᠠᠰᠢᠨᠴᠢᠯᠠᠭᠰᠠᠨ ᠣᠨᠤᠭ᠎ᠠ ᠲᠡᠭᠡᠭᠡᠪᠦᠷᠢ ᠦᠭᠡᠢ ᠪᠠᠶᠢᠵᠣ᠂ ᠲᠡᠮᠡᠭᠡ ᠪᠠᠷ ᠭᠤᠣᠯ ᠣᠨᠤᠭ᠎ᠠ ᠪᠣᠯᠭᠠᠵᠣ᠂ ᠣᠷᠣᠨ ᠨᠣᠳᠤᠭ ᠲᠤ ᠴᠣ᠋ ᠲᠡᠮᠡᠭᠡᠳᠣ ᠡᠷᠣᠭᠡ ᠶᠢᠨ ᠴᠡᠷᠢᠭ ᠢ ᠪᠠᠶᠢᠭᠤᠯᠣᠭᠰᠠᠨ ᠶᠣᠮ᠃ ᠡᠨᠡ ᠦᠶ᠎ᠡ ᠳᠤ ᠳᠡᠮᠡᠬᠡᠨ ᠲᠡᠭᠡᠷ᠎ᠠ ᠠᠴᠠ ᠬᠤᠷᠳᠣᠨ ᠫᠣᠣ ᠬᠠᠷᠪᠣᠬᠤ ᠴᠡᠷᠢᠭ ᠤᠨ ᠪᠣᠯᠪᠠᠰᠣᠷᠠᠯ ᠭᠢᠵᠣ ᠪᠠᠶᠢᠯ᠎ᠠ᠃ ᠲᠡᠯᠡᠭᠡᠢ ᠳ᠋ᠠᠬᠢᠨ ᠤ ᠲᠠᠶᠠᠭᠠᠷᠵᠢᠭᠰᠠᠨ ᠴᠠᠭ ᠡᠷᠢᠨ ᠤ ᠭᠦᠭᠵᠢᠯᠳᠡ ᠶᠢ ᠲᠠᠭᠠᠯᠳᠣᠨ᠂ ᠮᠠᠰᠢᠨ ᠲᠧᠭᠨᠢᠭ ᠶᠡᠭᠡᠪᠡᠷ ᠭᠦᠭᠵᠢᠵᠣ᠂ ᠠᠯᠠᠱᠠ ᠨᠣᠳᠤᠭ ᠲᠤ ᠲᠡᠮᠡᠭᠡ ᠪᠠᠷ ᠠᠶᠠᠨ ᠲᠡᠭᠡᠭᠡᠪᠣᠷᠢ ᠭᠢᠭᠦ᠂ ᠣᠨᠣᠯᠭ᠎ᠠ ᠠᠴᠢᠯᠭᠠᠨ ᠳᠤ ᠭᠡᠷᠡᠭᠯᠡᠭᠦ ᠨᠢ ᠲᠣᠩ ᠴᠦᠭᠡᠨ ᠪᠣᠯᠵᠣ᠂ ᠮᠠᠯᠴᠢᠳ ᠵᠦᠪᠭᠡᠨ ᠮᠢᠬ᠎ᠠ᠂ ᠠᠷᠠᠰᠣ᠂ ᠨᠣᠣᠰᠣ᠂ ᠰᠦ ᠵᠡᠷᠭᠡ ᠶᠢᠨ ᠪᠣᠳᠠᠰ ᠤᠨ ᠠᠰᠢᠭ ᠰᠢᠮ᠎ᠡ ᠶᠢ ᠭᠦᠷᠳᠡᠭᠦ ᠪᠣᠯᠣᠭᠰᠠᠨ ᠪᠠᠶᠢᠨ᠎ᠠ᠃ ᠡᠨᠡᠭᠦ ᠲᠡᠣᠭᠡᠨ ᠴᠠᠭ ᠦᠶ᠎ᠡ ᠳᠤ ᠠᠯᠠᠱᠠ ᠮᠣᠩᠭᠤᠯᠴᠣᠣᠨ ᠲᠡᠮᠡᠭᠡᠨ ᠰᠣᠶᠣᠯ ᠢᠶᠠᠨ ᠭᠡᠷᠭᠢᠨ ᠦᠪᠯᠡᠨ ᠬᠠᠳᠠᠭᠠᠯᠠᠵᠣ᠂ ᠴᠢᠨᠠᠭᠰᠢᠳᠠ ᠣᠷᠣᠨ ᠨᠣᠳᠤᠭ ᠤᠨ ᠨᠢᠭᠡᠨ ᠣᠨᠴᠠᠯᠢᠭ ᠪᠣᠯᠭᠠᠨ ᠠᠵᠣ ᠠᠬᠤᠢ ᠶᠢᠨ ᠭᠦᠭᠵᠢᠯᠳᠡ ᠳᠤ ᠭᠡᠷᠬᠢᠨ ᠣᠶᠢᠯᠡᠴᠢᠯᠡᠭᠦᠯᠭᠦ ᠪᠣᠢ ᠭᠡᠰᠡᠨ ᠠᠰᠠᠭᠤᠳᠠᠯ ᠪᠢᠳᠠᠨ ᠳᠤ ᠲᠣᠯᠭᠠᠷᠠᠵᠣ ᠢᠷᠠᠯ᠎ᠠ᠃ ᠨᠡᠩ ᠢᠯᠡᠩᠭᠤᠶ᠎ᠠ ᠣᠷᠴᠢᠮ ᠤᠨ ᠭᠡᠳᠣᠨ ᠵᠢᠯ ᠳᠤ ᠠᠯᠠᠱᠠ ᠶᠢᠨ ᠭᠤᠪᠢ ᠨᠣᠳᠤᠭ ᠤᠨ ᠠᠮᠢ ᠠᠬᠤᠢ ᠶᠢ ᠭᠡᠷᠭᠢᠨ ᠬᠠᠮᠠᠭᠠᠯᠠᠬᠤ᠂ ᠠᠯᠠᠱᠠ ᠲᠡᠮᠡᠭᠡᠨ ᠤ ᠣᠶᠢᠯᠡᠰ ᠢ ᠶᠠᠮᠠᠷ ᠰᠢᠣ ᠪᠠᠶᠢᠷᠢ ᠰᠠᠭᠤᠷᠢᠨ ᠳᠤ ᠲᠠᠯᠪᠢᠵᠣ᠂ ᠠᠮᠢ ᠠᠬᠤᠢ ᠶᠢᠨ ᠰᠣᠶᠣᠯ ᠪᠣᠯᠪᠠᠰᠣᠨ ᠲᠠᠢ ᠭᠡᠷᠭᠢᠨ ᠣᠶᠠᠯᠳᠣᠭᠤᠯᠬᠤ ᠵᠡᠷᠭᠡ ᠠᠰᠠᠭᠤᠳᠠᠯ ᠠᠯᠠᠱᠠ ᠮᠣᠩᠭᠤᠯᠴᠣᠳ ᠤᠨ ᠡᠮᠣᠨ᠎ᠡ ᠲᠠᠯᠪᠢᠭᠳᠠᠵᠣ ᠪᠠᠶᠢᠨ᠎ᠠ᠃ ᠢᠢᠮᠣ ᠠᠴᠠ ᠠᠯᠠᠱᠠ ᠶᠢᠨ ᠡᠯ᠎ᠡ ᠬᠤᠰᠢᠭᠤ ᠨᠣᠳᠤᠭ ᠲᠤ ︽ᠠᠯᠠᠱᠠ ᠮᠢᠩᠭᠠᠨ ᠲᠡᠮᠡᠭᠡᠨ ᠤ ᠨᠠᠶᠢᠷ︾᠂ ︽ᠵᠠᠭᠤᠨ ᠴᠠᠭᠠᠨ ᠲᠡᠮᠡᠭᠡᠨ ᠤ ᠨᠠᠶᠢᠷ︾᠂ ︽ᠰᠠᠶᠢᠨ ᠡᠭᠦᠯᠳᠡᠷ ᠤᠨ ᠪᠣᠣᠷ᠎ᠠ ᠶᠢᠨ ᠠᠳᠠᠯᠢᠳᠬᠠᠯ︾᠂ ︽ᠢᠩᠭᠡᠨ ᠰᠠᠭᠠᠯᠢ ᠶᠢᠨ ᠨᠠᠶᠢᠷ︾᠂ ︽ᠲᠦᠮᠡᠨ ᠲᠡᠮᠡᠭᠡᠨ ᠤ ᠨᠠᠶᠢᠷ︾ ︽ᠵᠠᠭᠤᠨ ᠪᠣᠳᠣᠭᠤᠨ ᠤ ᠨᠠᠶᠢᠷ︾ ᠵᠡᠷᠭᠡ ᠠᠭᠤᠯᠭ᠎ᠠ ᠭᠡᠯᠪᠡᠷᠢ ᠪᠠᠷ ᠣᠯᠠᠨ᠂ ᠬᠤᠰᠢᠭᠤ ᠰᠣᠮᠣ ᠭᠠᠴᠠᠭ᠎ᠠ ᠪᠠ ᠠᠯᠢ ᠣᠯᠠᠨ ᠮᠠᠯᠴᠢᠨ ᠡᠷᠣᠭᠡ ᠪᠦᠷᠢ ᠲᠡᠮᠡᠭᠡᠨ ᠰᠣᠶᠣᠯ ᠤᠨ ᠨᠠᠶᠢᠷ ᠢ ᠡᠷᠭᠢᠯᠡᠵᠣ᠂ ᠠᠯᠠᠱᠠ ᠲᠡᠮᠡᠭᠡᠨ ᠤ ᠰᠣᠶᠣᠯ ᠤᠷᠢᠳᠤ ᠡᠮᠣᠨ᠎ᠡ ᠭᠠᠷᠤᠭ᠎ᠠ ᠦᠭᠡᠢ ᠭᠦᠭᠵᠢᠯᠳᠡ ᠲᠠᠢ ᠪᠣᠯᠵᠣ ᠢᠷᠡᠪᠠ᠃ ᠡᠨᠡ ᠰᠠᠶᠢᠬᠠᠨ ᠲᠡᠣᠭᠡᠨ ᠴᠠᠭ ᠲᠣᠭᠢᠶᠠᠯ ᠳᠤ᠂ ᠠᠯᠠᠱᠠ ᠲᠡᠮᠡᠭᠡᠨ ᠰᠣᠶᠣᠯ ᠢ ᠨᠡᠩ ᠪᠠᠶᠠᠯᠢᠭ᠂ ᠣᠶᠢᠯᠡᠳᠣᠯᠭᠡ ᠶᠢᠨ ᠲᠣᠮᠳᠠ ᠭᠡᠷᠡᠭᠯᠡᠭᠳᠡᠵᠣ ᠪᠠᠶᠢᠭᠰᠠᠨ ᠪᠣᠳᠠᠰ ᠤᠨ ᠪᠣᠯᠪᠠᠰᠣᠨ ᠢ ᠠᠯᠢ ᠪᠣᠯᠬᠤ ᠪᠠᠷ ᠪᠦᠷᠢᠨ ᠪᠦᠳᠣᠨ ᠣᠢᠪᠯᠡᠨ ᠦᠯᠡᠳᠡᠭᠡᠭᠦ ᠶᠢᠨ ᠲᠣᠯᠠ ᠲᠡᠮᠡᠭᠡ ᠪᠠᠷ ᠫᠣᠣ ᠬᠠᠷᠪᠣᠬᠤ ᠴᠡᠷᠢᠭ ᠲᠠᠶᠢᠨ ᠤ ᠪᠣᠯᠪᠠᠰᠣᠷᠠᠯ ᠢ ᠲᠡᠮᠡᠭᠡ ᠪᠠᠷ ᠨᠣᠮᠣ ᠰᠣᠮᠣ ᠬᠠᠷᠪᠣᠬᠤ ᠲᠠᠮᠢᠷ ᠤᠨ ᠣᠷᠣᠯᠳᠣᠭᠠᠨ ᠪᠣᠯᠭᠠᠵᠣ᠂ ᠠᠯᠠᠱᠠ ᠲᠡᠮᠡᠭᠡᠨ ᠤ ᠣᠢᠪ ᠰᠣᠶᠣᠯ ᠤᠨ ᠬᠠᠭᠤᠳᠠᠰᠣᠨ ᠳᠤ ᠦᠨᠢ ᠡᠭᠦᠷᠢᠳᠡ ᠬᠠᠳᠠᠭᠠᠯᠠᠬᠤ ᠶᠢ ᠵᠣᠷᠢᠪᠠ᠃ ᠡᠨᠡ ᠨᠢ ᠠᠯᠠᠱᠠ ᠶᠢᠨ ᠲᠡᠮᠡᠭᠡᠨ ᠰᠣᠶᠣᠯ ᠤᠨ ᠣᠨᠴᠠᠯᠢᠭ ᠲᠤ ᠲᠣᠭᠢᠷᠠᠬᠤ ᠪᠠᠷ ᠪᠠᠷᠠᠬᠤ ᠦᠭᠡᠢ᠂ ᠠᠯᠠᠱᠠ ᠶᠢᠨ ᠪᠠᠶᠢᠭᠠᠯᠢ ᠶᠢᠨ ᠨᠦᠭᠦᠴᠠᠯ᠂ ᠵᠠᠬ᠎ᠠ ᠲᠡᠯᠭᠡᠭᠦᠷ ᠤᠨ ᠨᠦᠯᠣᠭᠡ ᠵᠡᠷᠭᠡ ᠣᠯᠠᠨ ᠲᠠᠯ᠎ᠠ ᠶᠢᠨ ᠰᠢᠯᠳᠠᠭᠠᠨ ᠠᠴᠠ ᠪᠣᠯᠵᠣ᠂ ᠮᠣᠷᠢ ᠠᠳᠣᠭᠤ ᠲᠦᠢᠯ ᠤᠨ ᠴᠦᠭᠡᠨ ᠪᠣᠯᠵᠣ᠂ ᠠᠯᠠᠱᠠ ᠮᠣᠩᠭᠤᠯ ᠤᠨ ᠡᠷ᠎ᠡ ᠶᠢᠨ ᠭᠤᠷᠪᠠᠨ ᠨᠠᠭᠠᠳᠣᠮ ᠤᠨ ᠮᠣᠷᠢᠨ ᠨᠣᠮᠣ ᠬᠠᠷᠪᠣᠬᠤ ᠨᠠᠭᠠᠳᠣᠮ ᠣᠷᠭᠢᠭᠳᠠᠬᠤ ᠰᠢᠬᠠᠭᠰᠠᠨ ᠠᠶᠣᠯ ᠳᠤ ᠰᠢᠨ᠎ᠡ ᠠᠪᠣᠷᠠᠯᠳᠠ ᠲᠠᠢ ᠪᠣᠯᠣᠭᠰᠠᠨ ᠪᠠᠶᠢᠨ᠎ᠠ᠃ ᠢᠢᠮᠣ ᠠᠴᠠ ᠡᠨᠡᠭᠦ ᠲᠡᠮᠡᠭᠡ ᠪᠠᠷ ᠨᠣᠮᠣ ᠬᠠᠷᠪᠣᠬᠤ ᠨᠠᠭᠠᠳᠣᠮ ᠨᠢ ᠮᠠᠰᠢ ᠠᠷᠪᠢᠨ ᠭᠦᠮᠣᠰ ᠤᠨ ᠲᠣᠷ᠎ᠠ ᠰᠣᠨᠢᠷᠬᠠᠯ ᠢ ᠲᠠᠲᠠᠭᠰᠠᠨ ᠪᠠᠶᠢᠨ᠎ᠠ᠃ ᠬᠤᠶᠠᠷ᠂ ᠲᠡᠮᠡᠭᠡᠨ ᠨᠣᠮᠣ ᠬᠠᠷᠪᠣᠯᠳᠠ ᠶᠢᠨ ᠶᠣᠰᠣ ᠲᠦᠷᠢᠮ ᠲᠡᠮᠡᠭᠡᠨ ᠨᠣᠮᠣ ᠨᠢ ᠮᠣᠷᠢᠨ ᠨᠣᠮᠣ ᠠᠴᠠ ᠢᠷᠡᠯᠳᠡ ᠲᠠᠢ ᠲᠣᠯᠠ ᠲᠡᠮᠡᠭᠡᠨ ᠨᠣᠮᠣ ᠬᠠᠷᠪᠣᠯᠳᠠ ᠶᠢᠨ ᠶᠣᠰᠣ ᠲᠦᠷᠢᠮ  ᠨᠢ ᠶᠡᠭᠡ ᠲᠦᠯᠣᠪ ᠲᠡᠭᠡᠨ ᠮᠣᠷᠢᠨ ᠨᠣᠮᠣ ᠲᠠᠢ ᠠᠳᠠᠯᠢ ᠪᠠᠶᠢᠵᠣ᠂ ᠲᠡᠮᠡᠭᠡᠨ ᠤ ᠬᠤᠷᠳᠣᠴᠠ ᠨᠢ ᠮᠣᠷᠢᠨ ᠠᠴᠠ ᠣᠳᠠᠭᠠᠨ᠂ ᠪᠡᠶ᠎ᠡ ᠪᠢᠯᠳᠠᠷ ᠢᠶᠠᠷ ᠮᠣᠷᠢᠨ ᠠᠴᠠ ᠦᠨᠳᠣᠷ᠂ ᠭᠤᠣ ᠰᠣᠪᠠᠭ ︵ᠮᠣᠷᠢᠨ ᠨᠣᠮᠣᠨ ᠤ ᠰᠣᠪᠠᠭ︶ ᠢᠶᠠᠷ ᠭᠦᠶᠣᠵᠣ ᠲᠠᠪᠭᠢᠵᠣ ᠪᠣᠯᠪᠠᠰᠣᠷᠠᠭᠤᠯᠬᠤ ᠳᠤ ᠲᠦᠭᠦᠮ ᠦᠭᠡᠢ ᠵᠡᠷᠭᠡ ᠣᠨᠴᠠᠯᠢᠭ ᠠᠴᠠ ᠪᠣᠯᠵᠣ᠂ ᠲᠡᠮᠡᠭᠡᠨ ᠨᠣᠮᠣ ᠬᠠᠷᠪᠣᠯᠳᠠ ᠶᠢᠨ ᠲᠠᠯᠠᠪᠠᠢ᠂ ᠰᠢᠯᠭᠠᠷᠠᠭᠤᠯᠬᠤ ᠠᠷᠭ᠎ᠠ ᠳᠤ ᠵᠠᠰᠠᠪᠣᠷᠢ ᠣᠷᠣᠭᠤᠯᠵᠣ᠂ ᠲᠣᠷᠰᠢᠨ ᠭᠡᠷᠡᠭᠵᠢᠭᠦᠯᠭᠦ ᠪᠣᠯᠣᠨ᠎ᠠ᠃ 1. ᠨᠣᠮᠣ ᠬᠠᠷᠪᠣᠯᠳᠠ ᠶᠢᠨ ᠲᠠᠯᠠᠪᠠᠢ ᠨᠣᠮᠣ ᠬᠠᠷᠪᠣᠬᠤ ᠲᠡᠮᠡᠭᠡ ᠶᠢ ᠪᠣᠯᠪᠠᠰᠣᠷᠠᠭᠤᠯᠬᠤ ᠳᠤ ᠲᠦᠭᠦᠮ ᠢ ᠪᠣᠳᠣᠵᠣ᠂ ᠨᠣᠮᠣ ᠬᠠᠷᠪᠣᠯᠳᠠ ᠶᠢᠨ ᠲᠠᠯᠠᠪᠠᠢ ᠶᠢ ᠮᠣᠷᠢᠨ ᠨᠣᠮᠣ ᠰᠢᠬ ᠰᠣᠪᠠᠭ ᠢᠶᠠᠷ ᠲᠠᠪᠭᠢᠵᠣ ᠨᠣᠮᠣ ᠬᠠᠷᠪᠣᠬᠤ ᠪᠢᠰᠢ᠂ ᠬᠠᠷᠢᠨ ᠲᠡᠭᠰᠢ ᠭᠠᠵᠠᠷ ᠲᠡᠭᠡᠷ᠎ᠡ ᠨᠠᠷᠢᠨ ᠣᠷᠳᠣ ᠲᠡᠮᠣᠷ ᠬᠠᠰᠢᠯᠭ᠎ᠠ ᠭᠢᠵᠣ᠂ ᠲᠡᠮᠡᠭᠡ ᠪᠠᠨ ᠣᠨᠣᠵᠣ᠂ ᠲᠡᠮᠣᠷ ᠬᠠᠰᠢᠯᠭᠠᠨ ᠲᠣᠮᠳᠠᠭᠤᠷ ᠲᠠᠪᠭᠢᠨ ᠨᠣᠮᠣ ᠬᠠᠷᠪᠣᠬᠤ ᠪᠣᠯᠣᠨ᠎ᠠ᠃ ᠲᠡᠮᠡᠭᠡᠨ ᠤ ᠲᠠᠪᠭᠢᠯᠳᠠ ᠨᠢ ᠮᠣᠷᠢᠨ ᠠᠴᠠ ᠣᠳᠠᠭᠠᠨ᠂ ᠪᠡᠶ᠎ᠡ ᠪᠢᠯᠳᠠᠷ ᠨᠢ ᠦᠨᠳᠣᠷ ᠪᠦᠳᠣᠭᠦᠨ ᠲᠣᠯᠡ ᠨᠣᠮᠣ ᠬᠠᠷᠪᠣᠯᠳᠠ ᠶᠢᠨ ᠬᠠᠰᠢᠯᠭ᠎ᠠ ᠨᠢ 3 ᠮᠧᠲᠷ ᠦᠷᠭᠡᠨ᠂ 60 ᠮᠧᠲᠷ ᠣᠷᠳᠣ ᠪᠠᠶᠢᠵᠣ᠂ ᠭᠠᠷᠴᠣ ᠣᠷᠣᠬᠤ ᠬᠤᠶᠠᠷ ᠡᠭᠦᠳᠡᠨ ᠲᠠᠯ᠎ᠠ ᠨᠢ ᠭᠠᠳᠠᠭᠰᠢ ᠵᠢᠰᠢᠭᠦᠯᠵᠢᠨ ᠴᠠᠯᠠᠭᠠᠢ ᠪᠠᠶᠢᠵᠣ᠂ ᠴᠡᠯᠡᠶᠢᠭᠰᠡᠨ ᠭᠡᠰᠡᠭ ᠨᠢ ᠲᠣᠰ ᠪᠦᠷᠢ 10 ᠮᠧᠲᠷ ᠣᠷᠳᠣ᠂ ᠣᠷᠣᠬᠤ ᠡᠭᠦᠳᠡᠨ ᠤ ᠡᠭᠢᠨ ᠤ ᠴᠡᠭ ᠠᠴᠠ ᠲᠡᠭᠦᠵᠢᠩ ᠨᠠᠮᠨᠠ ᠭᠦᠷᠳᠡᠯ᠎ᠡ 5 ᠮᠧᠲᠷ᠂ ᠠᠳᠠᠭ ᠨᠠᠮᠨᠠ ᠠᠴᠠ ᠭᠠᠷᠬᠤ ᠡᠭᠦᠳᠡ ᠭᠦᠷᠳᠡᠯ᠎ᠡ 5 ᠮᠧᠲᠷ ᠪᠠᠶᠢᠵᠣ᠂ ᠨᠣᠮᠣ ᠬᠠᠷᠪᠣᠯᠳᠠ ᠶᠢᠨ ᠵᠠᠢ ᠨᠢ 50 ᠮᠧᠲᠷ ᠪᠣᠯᠣᠨ᠎ᠠ᠃ ᠲᠡᠮᠡᠭᠡᠨ ᠨᠣᠮᠣ ᠬᠠᠷᠪᠣᠬᠤ ᠨᠠᠮᠨᠠ ᠨᠢ ᠮᠣᠷᠢᠨ ᠨᠣᠮᠣ ᠲᠠᠢ ᠦᠨᠳᠤᠰᠣᠨ ᠳᠡᠭᠡᠨ ᠠᠳᠠᠯᠢ ᠶᠣᠮ᠃ ᠨᠣᠮᠣ ᠬᠠᠷᠪᠣᠯᠳᠠ  ᠶᠢᠨ ᠲᠠᠯᠠᠪᠠᠢ ᠳᠤ 3 ᠨᠠᠮᠨᠠ ᠵᠣᠭᠢᠶᠠᠵᠣ᠂ ᠡᠭᠢᠨ ᠤ ᠨᠠᠮᠨᠠ ᠨᠢ ᠣᠯᠠᠭᠠᠨ᠂ ᠭᠦᠭᠡ᠂ ᠴᠠᠭᠠᠨ ᠭᠤᠷᠪᠠᠨ ᠦᠩᠭᠡ ᠶᠢᠨ ᠪᠦᠰ ᠢ ᠭᠦᠨᠳᠡᠯᠡᠨ ᠵᠡᠭᠦᠵᠣ ᠣᠶᠠᠭᠠᠳ ᠲᠣᠳᠣᠷ᠎ᠠ ᠨᠢ ᠵᠦᠭᠡᠯᠡᠨ ᠡᠪᠡᠰᠣ ᠴᠢᠭᠢᠵᠣ᠂ ᠬᠠᠰᠢᠯᠭ᠎ᠠ ᠶᠢᠨ ᠵᠡᠭᠦᠨ ᠭᠠᠷ ᠵᠦᠭ ᠲᠤ᠂ 2 ᠮᠧᠲᠷ ᠤᠨ ᠦᠨᠳᠣᠷ ᠮᠣᠳᠣᠨ ᠠᠴᠠ ᠭᠦᠨᠳᠠᠢ ᠵᠡᠭᠦᠭᠰᠡᠨ ᠲᠦᠷᠪᠠᠯᠵᠢᠨ ᠭᠡᠯᠪᠠᠷᠢ ᠲᠠᠢ ︵20cm × 30cm︶ ᠨᠠᠮᠨᠠ ᠪᠠᠶᠢᠳᠠᠭ᠃ ᠡᠭᠦᠨ ᠢ ᠲᠡᠭᠦᠵᠢᠩ ᠨᠠᠮᠨᠠ ᠭᠡᠵᠣ ᠬᠠᠰᠢᠯᠭ᠎ᠠ ᠠᠴᠠ ᠭᠠᠳᠠᠨ᠎ᠠ 3 ᠮᠧᠲᠷ ᠤᠨ ᠵᠠᠢ ᠳᠤ ᠵᠣᠭᠢᠴᠠᠭᠤᠯᠣᠨ᠎ᠠ᠃ ᠬᠤᠶᠠᠳᠣᠭᠠᠷ ᠨᠠᠮᠨᠠ ᠨᠢ ᠮᠦᠨ ᠣᠯᠠᠭᠠᠨ᠂ ᠭᠦᠭᠡ᠂ ᠴᠠᠭᠠᠨ ᠭᠤᠷᠪᠠᠨ ᠦᠡᠭᠭᠡ ᠶᠢᠨ ᠪᠦᠰ ᠢ ᠣᠷᠳᠣ ᠪᠠᠷ ᠨᠢ ᠵᠡᠭᠦᠵᠣ ᠱᠣᠪᠣᠭᠤᠷ ᠭᠡᠯᠪᠡᠷᠢ ᠲᠠᠢ ᠣᠶᠠᠭᠠᠳ᠂ ᠲᠣᠳᠣᠷ᠎ᠠ ᠨᠢ ᠵᠦᠭᠡᠯᠡᠨ ᠡᠪᠡᠰᠣ ᠴᠢᠭᠢᠵᠣ᠂ ᠣᠷᠣᠢ ᠲᠡᠭᠡᠷ᠎ᠠ ᠨᠢ ᠣᠯᠠᠭᠠᠨ ᠦᠡᠭᠭᠡ ᠶᠢᠨ ᠴᠠᠴᠡᠭ ᠭᠢᠵᠣ᠂ ᠬᠠᠰᠢᠯᠭ᠎ᠠ ᠶᠢᠨ ᠲᠣᠮᠳᠠ ᠭᠡᠰᠡᠭ ᠲᠤ ᠵᠡᠭᠦᠨ ᠭᠠᠷ ᠵᠦᠭ ᠲᠤ 3 ᠮᠧᠲᠷ ᠤᠨ ᠵᠠᠢ ᠲᠠᠢ ᠭᠠᠵᠡᠷ ᠲᠤ 1 .5 ᠮᠧᠲᠷ ᠤᠨ ᠦᠨᠳᠣᠷ ᠮᠣᠳᠣᠨ ᠰᠠᠭᠤᠷᠢᠨ ᠲᠡᠭᠡᠷ᠎ᠡ ᠰᠣᠯᠠ ᠲᠠᠯᠪᠢᠨ᠎ᠠ᠃ ᠭᠤᠷᠪᠠᠳᠣᠭᠠᠷ ᠨᠠᠮᠨᠠ ᠶᠢᠨ ᠭᠢᠴᠡ ᠨᠢ ᠬᠤᠶᠠᠳᠣᠭᠠᠷ ᠨᠠᠮᠨᠠ ᠲᠠᠢ ᠠᠳᠠᠯᠢ ᠪᠠᠶᠢᠵᠣ᠂ ᠬᠠᠰᠢᠯᠳᠠ ᠶᠢᠨ ᠪᠠᠷᠠᠭᠤᠨ ᠭᠠᠷ ᠵᠦᠭ ᠲᠤ ᠪᠠᠶᠢᠷᠢᠰᠢᠭᠤᠯᠬᠤ ᠪᠣᠯᠣᠨ᠎ᠠ᠃ ᠭᠤᠷᠪᠠᠨ ᠨᠠᠮᠨᠠ ᠶᠢᠨ ᠬᠤᠭᠤᠷᠣᠨᠳᠣᠭᠢ ᠵᠠᠢ ᠨᠢᠭᠡᠪᠣᠷᠢ ᠨᠢ ᠲᠡᠩᠴᠡᠭᠦᠣ 25 ᠮᠧᠲᠷ ᠪᠠᠶᠢᠬᠤ ᠭᠡᠷᠡᠭᠳᠠᠢ᠃ 2. ᠨᠣᠮᠣ ᠬᠠᠷᠪᠣᠬᠤ ᠶᠣᠰᠣ ᠲᠦᠷᠢᠮ ① ᠲᠡᠮᠡᠭᠡᠨ ᠨᠣᠮᠣ ᠬᠠᠷᠪᠣᠬᠤ ᠣᠷᠣᠯᠳᠣᠭᠠᠨ ᠳᠤ ᠶᠡᠷᠣᠩᠭᠡᠢ ᠭᠢᠨᠠᠬᠴᠢ ᠨᠢᠭᠡ ᠭᠦᠮᠣᠨ᠂ ᠲᠡᠳ᠋ ᠭᠢᠨᠠᠬᠴᠢ ᠭᠤᠷᠪᠠᠨ ᠭᠦᠮᠣᠨ᠂ ᠲᠡᠮᠳᠡᠭᠯᠡᠭᠴᠢ ᠨᠢᠭᠡ ᠭᠦᠮᠣᠨ ᠪᠠᠶᠢᠳᠠᠭ᠃ ② ᠨᠣᠮᠣ ᠬᠠᠷᠪᠣᠬᠤ ᠲᠠᠮᠢᠷᠴᠢᠨ᠂ ᠶᠡᠷᠣᠩᠭᠡᠢ ᠭᠢᠨᠠᠬᠴᠢ ᠳᠤ ᠨᠡᠷ᠎ᠡ ᠪᠠᠨ ᠮᠡᠳᠡᠭᠦᠯᠵᠣ᠂ ᠵᠦᠪᠰᠢᠶᠡᠷᠡᠯ ᠠᠪᠣᠭᠠᠳ ᠣᠷᠣᠯᠳᠣᠭᠠᠨ ᠳᠤ ᠣᠷᠣᠯᠴᠠᠬᠤ ᠪᠣᠯᠣᠨ᠎ᠠ᠃ ③ ᠨᠣᠮᠣ ᠬᠠᠷᠪᠣᠬᠤ ᠣᠷᠣᠯᠳᠣᠭᠠᠨ ᠳᠤ ᠲᠠᠮᠢᠷᠴᠢᠨ ᠨᠢᠭᠡᠪᠣᠷᠢ ᠭᠤᠷᠪᠠᠨ ᠣᠳᠠᠭ᠎ᠠ ᠬᠠᠷᠪᠣᠯᠳᠠ ᠳᠤ ᠣᠷᠣᠵᠣ᠂ ᠣᠳᠠᠭ᠎ᠠ ᠪᠦᠷᠢ ᠭᠤᠷᠪᠠᠨ ᠰᠣᠮᠣ ᠬᠠᠷᠪᠣᠵᠣ᠂ ᠨᠡᠶᠢᠳᠡ ᠶᠢᠰᠣᠨ ᠰᠣᠮᠣ ᠬᠠᠷᠪᠣᠭᠠᠳ᠂ ᠣᠯᠣᠬᠰᠠᠨ ᠶᠡᠷᠣᠩᠭᠡᠢ ᠲᠤᠭ᠎ᠠ ᠪᠠᠷ ᠨᠢ ᠳ᠋ᠣᠭᠠᠷᠯᠠᠬᠤ ᠪᠣᠯᠣᠨ᠎ᠠ᠃ ④ ᠨᠣᠮᠣ ᠬᠠᠷᠪᠣᠬᠤ ᠲᠠᠮᠢᠷᠴᠢᠨ ᠣᠷᠣᠯᠳᠣᠭᠠᠨ ᠳᠤ ᠣᠷᠣᠯᠴᠠᠬᠤ ᠳᠠᠭᠠᠨ ᠣᠷᠢᠳᠠᠪᠠᠷ ᠲᠡᠮᠡᠭᠡ ᠪᠠᠨ ᠣᠨᠣᠵᠣ᠂ ᠨᠣᠮᠣ ᠰᠣᠮᠣ ᠪᠠᠨ ᠡᠭᠦᠷᠴᠤ᠂ ᠣᠷᠣᠯᠳᠣᠭᠠᠨ ᠤ ᠲᠠᠯᠠᠪᠠᠢ ᠳᠤ ᠣᠷᠣᠬᠤ ᠪᠣᠯᠣᠨ᠎ᠠ᠃ ᠶᠡᠷᠣᠩᠭᠡᠢ ᠭᠢᠨᠠᠬᠴᠢ ᠠᠴᠠ ᠨᠡᠷ᠎ᠡ ᠲᠣᠷᠡᠳᠴᠣ ᠲᠣᠭᠢᠶ᠎ᠠ ᠦᠭᠪᠠᠯ᠂ ᠲᠠᠮᠢᠷᠴᠢᠨ ᠣᠨᠣᠬᠰᠠᠨ ᠲᠡᠮᠡᠭᠡ ᠪᠠᠨ ᠲᠠᠪᠭᠢᠭᠤᠯᠣᠨ᠂ ᠨᠣᠮᠣ ᠰᠣᠮᠣ ᠪᠠᠨ ᠠᠪᠴᠣ᠂ ᠲᠡᠮᠡᠭᠡᠨ ᠤ ᠬᠤᠷᠳᠣᠴᠠ ᠪᠠᠷ ᠨᠠᠮᠨᠠᠬᠤ ᠪᠣᠯᠣᠨ᠎ᠠ᠃ ⑤ ᠨᠣᠮᠣ ᠬᠠᠷᠪᠣᠯᠳᠠ ᠶᠢᠨ ᠲᠣᠮᠳᠠ ᠲᠡᠮᠡᠭᠡ ᠪᠠᠨ ᠠᠯᠬᠤᠭᠤᠯᠬᠤ ᠪᠣᠶᠣ ᠵᠣᠬᠰᠤᠪᠠᠯ ᠭᠦᠴᠣᠨ ᠦᠭᠡᠢ᠃ ᠨᠠᠮᠨᠠ ᠶᠢ ᠬᠠᠷᠪᠣᠵᠣ ᠣᠨᠠᠭᠠᠬᠰᠠᠨ ᠪᠢᠰᠢ᠂ ᠴᠣᠭᠢᠵᠣ ᠣᠨᠠᠭᠠᠪᠠᠯ ᠪᠠᠰᠠ ᠭᠦᠴᠣᠨ ᠦᠭᠡᠢ᠃ ⑥ ᠨᠣᠮᠣ ᠬᠠᠷᠪᠣᠯᠳᠠ ᠶᠢᠨ ᠲᠣᠮᠳᠠ ᠲᠠᠮᠢᠷᠴᠢᠨ ᠤ ᠲᠡᠮᠡᠭᠡ ᠨᠢ ᠲᠦᠢᠯᠠᠬᠤ ᠪᠣᠶᠣ ᠬᠠᠰᠢᠯᠳᠠ ᠠᠴᠠ ᠭᠠᠳᠠᠬᠰᠢ ᠭᠠᠷᠪᠠᠯ᠂ ᠲᠠᠮᠢᠷᠴᠢᠨ ᠳᠤ ᠲᠠᠭᠢᠨ ᠣᠷᠣᠯᠳᠣᠬᠤ ᠵᠠᠪᠰᠢᠶᠠᠨ ᠢ ᠣᠯᠭᠤᠨ᠎ᠠ᠃ ᠲᠠᠶᠢᠯᠪᠣᠷᠢ᠄ ᠨᠠᠮᠨᠠ — ᠮᠣᠷᠢ ᠲᠡᠮᠡᠭᠡᠨ ᠲᠡᠭᠡᠷ᠎ᠠ ᠠᠴᠠ ᠨᠣᠮᠣᠳᠠᠵᠣ ᠬᠠᠷᠪᠣᠬᠤ ᠶᠢ ᠨᠠᠮᠨᠠᠬᠤ ᠭᠡᠳᠡᠭ ᠲᠣᠯᠡ᠂ ᠨᠠᠮᠨᠠ ᠭᠡᠳᠡᠭ ᠨᠢ ᠨᠠᠮᠨᠠᠬᠤ ᠭᠡᠰᠡᠨ ᠣᠶᠢᠯᠡ ᠦᠭᠡ ᠠᠴᠠ ᠬᠤᠪᠢᠯᠤᠬᠰᠠᠨ ᠨᠡᠷ᠎ᠡ ᠦᠭᠡ ᠪᠣᠯᠡᠢ᠃ ᠵᠡᠭᠦᠨ ᠣᠷᠣᠨ ᠤ ᠮᠣᠩᠭᠤᠯᠴᠣᠳ ᠪᠠᠰᠠ ᠲᠦᠡᠭᠭᠦ ᠭᠡᠵᠣ ᠭᠡᠯᠡᠳᠡᠭ᠃ ᠵᠠᠷᠢᠮ ᠳᠠᠭᠠᠨ ᠪᠠᠰᠠ ᠫᠠᠢ ᠭᠡᠵᠣ ᠭᠢᠳᠠᠳ ᠤᠨ ︽靶︾ ᠭᠡᠳᠡᠭ ᠦᠭᠡ ᠠᠴᠠ ᠵᠢᠭᠡᠯᠡᠵᠣ ᠭᠡᠷᠡᠭᠯᠡᠭᠰᠡᠨ ᠪᠠᠶᠢᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号