ᠲᠡᠭᠡᠲᠤ ᠮᠤᠩᠭᠤᠯ ᠠᠴᠠ ᠰᠢᠷᠤᠩᠬᠠᠶᠢᠯᠠᠬᠤ ᠠᠷᠠᠳ  ᠤᠨ ᠲᠠᠭᠤᠤ  ᠶᠢᠨ ᠡᠭᠡᠰᠢᠭᠯᠡᠩ — ᠲᠤᠤᠯᠢ ᠲᠠᠭᠤᠤ
ᠨᠡᠶᠢᠲᠡᠯᠡᠭᠰᠡᠨ ᠴᠠᠭ᠄
2019/12/11
  ᠳᠡᠭᠡᠳᠦ ᠮᠤᠩᠭᠤᠯᠴᠤᠳ ᠤᠨ ᠦᠪ ᠪᠠᠶᠠᠨ‌ᠠᠷᠠᠳ ᠤᠨ ᠳᠠᠭᠤᠤ ᠶᠢᠨ ᠨᠢᠭᠡ ᠲᠦᠷᠦᠯ ᠪᠤᠯᠬᠤ ᠲᠤᠤᠯᠢ ᠳᠠᠭᠤᠤ ᠶᠢᠨ ᠲᠤᠬᠠᠢ ᠬᠦᠬᠡᠨᠠᠭᠤᠷ ᠮᠤᠵᠢ ᠶᠢᠨ ᠬᠠᠶᠢᠰᠢ ᠵᠸᠦ ᠶᠢᠨ ᠤᠯᠠᠨ ᠲᠦᠮᠡᠨ ᠤ ᠤᠷᠠᠯᠢᠬ ᠤᠨ ᠭᠠᠵᠠᠷ ᠤᠨ ᠰᠤᠳᠤᠯᠤᠭᠴᠢ᠂ ᠰᠠᠩᠴᠢ ᠯ᠊ · ᠦᠰᠦᠷᠦᠩᠭᠦᠢ ᠭᠤᠸᠠᠢ ᠮᠠᠨ ᠤ ᠰᠤᠷᠪᠤᠯᠵᠢᠯᠠᠭ᠎ᠠ ᠶᠢ ᠬᠦᠯᠢᠶᠡᠬᠦ ᠳᠡᠭᠡᠨ᠄ ︽ᠳᠡᠭᠡᠳᠤ ᠮᠤᠩᠭᠤᠯ ᠤᠨ ᠲᠤᠤᠯᠢ ᠳᠠᠭᠤᠤ ᠭᠡᠳᠡᠭ ᠪᠤᠯ ᠲᠡᠦᠬᠡᠨ ᠬᠦᠮᠦᠨ᠂ ᠲᠡᠦᠬᠡᠨ ᠶᠠᠪᠤᠳᠠᠯ ᠤᠨ ᠰᠠᠭᠤᠷᠢᠨ ᠳᠤ ᠵᠤᠬᠢᠶᠠᠭᠳᠠᠭᠰᠠᠨ ᠳᠠᠭᠤᠤ  ᠨᠤᠭᠤᠳ ᠢ ᠶᠠᠷᠢᠳᠠᠭ︾ ᠭᠡᠵᠦ ᠬᠡᠯᠡᠵᠦ ᠪᠠᠶᠢᠭᠰᠠᠨ ᠶᠤᠮ᠃ ᠲᠤᠰ ᠲᠦᠷᠦᠯ ᠤᠨ ᠳᠠᠭᠤᠤ ᠳᠤ ᠳᠡᠭᠡᠳᠦ ᠮᠤᠩᠭᠤᠯ ᠤᠨ ᠲᠡᠦᠬᠡᠨ ᠳᠤ ᠭᠠᠷᠤᠭᠰᠠᠨ ᠦᠨᠡᠨ ᠬᠦᠮᠦᠨ᠂ ᠦᠨᠡᠨ ᠬᠡᠷᠡᠭ ᠶᠠᠪᠤᠳᠠᠯ ᠳᠤ ᠰᠠᠭᠤᠷᠢᠯᠠᠨ ᠪᠠᠭᠠᠲᠤᠷᠯᠢᠬ ᠲᠤᠤᠯᠢᠰ ᠤᠨ ᠬᠡᠯᠪᠡᠷᠢ ᠪᠠᠷ ᠵᠤᠬᠢᠶᠠᠭᠳᠠᠭᠰᠠᠨ ᠳᠠᠭᠤᠤ ᠨᠢᠭᠡ ᠪᠦᠯᠦᠭ ᠢ ᠡᠵᠡᠯᠡᠨ᠂ ᠨᠡᠭᠦᠳᠡᠯᠯᠡᠨ ᠮᠠᠯᠵᠢᠬᠤ ᠶᠠᠪᠤᠴᠠ ᠳᠤ ᠬᠠᠯᠬ᠎ᠠ᠂ ᠴᠠᠬᠠᠷ ᠵᠡᠷᠭᠡ ᠮᠤᠩᠭᠤᠯ ᠤᠷᠤᠨ ᠠᠴᠠ ᠤᠯᠠᠮᠵᠢᠯᠠᠭᠳᠠᠨ ᠢᠷᠡᠭᠡᠳ ᠤᠳᠠᠭᠠᠨ ᠤᠨ ᠳᠠᠭᠤᠯᠠᠭᠳᠠᠨ ᠳᠡᠯᠭᠡᠷᠡᠭᠰᠡᠨ ᠦᠯᠢᠭᠡᠷ ᠦᠢᠯᠡ ᠶᠠᠪᠤᠳᠠᠯ ᠲᠠᠢ ᠳᠠᠭᠤᠤ ᠨᠢᠭᠡ ᠪᠦᠯᠦᠭ ᠢ ᠨᠢ ᠡᠵᠡᠯᠡᠵᠦ ᠪᠠᠶᠢᠳᠠᠭ᠃ ᠲᠤᠤᠯᠢ ᠳᠠᠭᠤᠤ ᠶᠢᠨ ᠲᠤᠬᠠᠢ ᠰᠤᠷᠪᠤᠯᠵᠢᠯᠠᠭ᠎ᠠ ᠪᠠᠷ ᠳᠠᠮᠵᠢᠨ ᠰᠤᠷᠪᠤᠯᠵᠢᠯᠠᠭᠴᠢ ᠳᠡᠭᠡᠳᠦ ᠮᠤᠩᠭᠤᠯᠴᠣᠳ ᠤᠨ ᠦᠤᠬᠡ ᠲᠡᠦᠬᠡ᠂ ᠢᠷᠠᠭᠤ ᠬᠡᠯᠡᠯᠭᠡ᠂ ᠴᠡᠴᠡᠨ ᠣᠬᠠᠭᠠᠨ ᠢ ᠤᠢᠢᠯᠠᠭᠠᠵᠤ ᠶᠠᠪᠤᠯ᠎ᠠ᠃ ᠲᠤᠤᠯᠢ ᠳᠠᠭᠤᠤ — — ᠲᠡᠦᠬᠡ ᠬᠦᠦᠷᠨᠢᠨ᠎ᠡ ᠳᠡᠭᠡᠳᠤ ᠮᠤᠩᠭᠤᠯ ᠳᠤ ᠦᠨᠡᠨ ᠬᠦᠮᠦᠨ᠂ ᠦᠨᠡᠨ ᠬᠡᠷᠡᠭ ᠶᠠᠪᠤᠳᠠᠯ ᠳᠤ ᠰᠠᠭᠤᠷᠢᠯᠡᠵᠤ ᠪᠠᠭᠠᠲᠤᠷᠯᠢᠬ ᠲᠤᠤᠯᠢᠰ ᠤᠨ ᠬᠡᠯᠪᠡᠷᠢ ᠪᠠᠷ ᠵᠤᠬᠢᠶᠠᠭᠳᠠᠭᠰᠠᠨ ᠲᠤᠤᠯᠢ ᠳᠠᠭᠤᠤ ᠳᠤ ︽ᠭᠠᠰ ᠤᠨ ᠴᠠᠭᠠᠨ ᠳᠡᠷᠡᠰᠦ︾᠂ ︽ᠪᠤᠤᠬᠠᠢ ᠪᠠᠭᠠᠲᠤᠷ︾᠂ ︽ᠨᠠᠷᠢᠨ ᠭᠤᠪᠢ ᠶᠢᠨ ᠵᠡᠭᠡᠷᠲᠡ︾ ᠵᠡᠷᠭᠡ ᠪᠤᠢ᠃ ᠳᠡᠭᠡᠳᠦ ᠮᠤᠩᠭᠤᠯ ᠤᠨ ᠲᠤᠤᠯᠢ ᠳᠠᠭᠤᠤ ᠶᠢ ᠶᠠᠷᠢᠬᠤ ᠳᠤ ︽ᠭᠠᠰ ᠤᠨ ᠴᠠᠭᠠᠨ ᠳᠡᠷᠡᠰᠤ︾ ᠶᠢ ᠳᠤᠷᠠᠳᠬᠤ ᠦᠭᠡᠢ ᠪᠠᠶᠢᠵᠤ ᠪᠤᠯᠬᠤ ᠦᠭᠡᠢ᠃ ᠤᠴᠢᠷ ᠨᠢ ᠲᠤᠰ ᠳᠠᠭᠤᠤ ᠪᠤᠯ ᠳᠡᠭᠡᠳᠦ ᠮᠤᠩᠭᠤᠯᠴᠤᠳ ᠤᠨ ᠳᠤᠮᠳᠠ ᠦᠪᠦᠷ ᠮᠤᠩᠭᠤᠯ ᠤᠨ ᠠᠷᠠᠳ ᠤᠨ ᠳᠠᠭᠤᠤ ︽ᠭᠠᠳᠠᠨ ᠮᠠᠶᠢᠷᠠᠨ︾ ᠰᠢᠬ ᠦᠨᠳᠦᠷ ᠪᠠᠶᠢᠷᠢ ᠰᠠᠭᠤᠷᠢ ᠲᠠᠢ᠂ ᠳᠠᠶᠠᠭᠠᠷ ᠢᠶᠠᠨ ᠳᠠᠭᠤᠯᠠᠵᠤ ᠴᠢᠳᠠᠳᠠᠭ ᠠᠷᠠᠳ ᠤᠨ ᠳᠠᠭᠤᠤ ᠪᠤᠯᠬᠤ ᠶᠤᠮ᠃ ︽ᠭᠠᠰ ᠤᠨ ᠴᠠᠭᠠᠨ ᠳᠡᠷᠠᠰᠤ︾ ᠪᠤᠯ ᠪᠠᠭᠠᠲᠤᠷ ᠯᠤᠪᠰᠠᠩᠳᠠᠨᠵᠠᠨ ᠤ ᠳᠠᠭᠤᠯᠠᠭᠰᠠᠨ ᠳᠠᠭᠤᠤ ᠪᠤᠯᠤᠨ᠎ᠠ᠃ ᠳᠦᠷᠪᠡᠨ ᠤᠢᠢᠷᠠᠳ ᠤᠨ ᠨᠢᠭᠡ ᠪᠤᠯᠬᠤ ᠬᠤᠱᠤᠳ ᠤᠨ ᠠᠬᠠᠯᠠᠭᠴᠢ ᠭᠦᠦᠰᠢ ᠬᠠᠨ ᠤ ᠠᠴᠢ ᠯᠤᠪᠰᠠᠩᠳᠠᠨᠵᠠᠨ 1714 ᠤᠨ ᠳᠤ 24 ᠨᠠᠰᠤᠲᠠᠢ ᠳᠠᠭᠠᠨ ᠡᠴᠢᠭᠡ ᠳ᠋ᠠᠰᠢᠪᠠᠭᠠᠲᠤᠷ ᠤᠨ ᠢᠶᠠᠨ ᠴᠢᠨ ᠸᠠᠩ ᠵᠡᠷᠭᠡ ᠶᠢ ᠵᠠᠯᠭᠠᠮᠵᠢᠯᠠᠵᠤ᠂ ᠪᠦᠬᠦ ᠳᠡᠭᠡᠳᠤ ᠮᠤᠩᠭᠤᠯ ᠢ ᠵᠠᠬᠢᠷᠴᠦ ᠪᠠᠶᠢᠵᠠᠢ᠃ ᠡᠩᠬᠡ ᠠᠮᠤᠭᠤᠯᠠᠩ ᠬᠠᠭᠠᠨ ᠤ ᠭᠠᠳᠠᠭᠠᠳᠤ ᠮᠤᠩᠭᠤᠯ ᠤᠨ ᠶᠠᠮᠤᠨ ᠳᠤ ᠦᠭᠭᠦᠭᠰᠡᠨ ᠵᠠᠷᠯᠢᠬ ᠲᠤ᠂ ᠲᠡᠭᠦᠨ ᠢ ᠴᠢᠩ ᠤᠯᠤᠰ ᠤᠨ ᠵᠠᠰᠠᠭ ᠤᠨ ᠤᠷᠳᠤᠨ ᠠᠴᠠ ᠴᠢᠨ ᠸᠠᠩ ᠡᠷᠭᠦᠮᠵᠢᠯᠡᠭᠰᠡᠨ ᠰᠢᠯᠲᠠᠭᠠᠨ ᠤ ᠲᠤᠬᠠᠢ ︽ᠲᠡᠭᠦᠨ ︵ᠳ᠋ᠠᠰᠢᠪᠠᠭᠠᠲᠤᠷ︶ ᠤ ᠬᠦᠪᠡᠭᠦᠨ ᠯᠤᠪᠰᠠᠩᠳᠠᠨᠵᠠᠨ ᠡᠷᠳᠡᠮ ᠴᠢᠳᠠᠯ ᠭᠠᠷᠮᠠᠭᠠᠢ᠂ ᠴᠢᠨ ᠸᠠᠩ ᠡᠷᠭᠦᠮᠵᠢᠯᠡᠨ ᠲᠡᠮᠲᠡᠭᠯᠡᠪᠡᠢ︾ ᠭᠡᠰᠡᠨ ᠪᠠᠶᠢᠨ᠎ᠠ᠃ ᠠᠳᠡ ᠶᠠᠷᠢᠵᠦ ᠪᠠᠶᠢᠭ᠎ᠠ ᠯᠤᠪᠰᠠᠨᠳᠠᠨᠵᠠᠨ ᠪᠤᠯ ᠳᠡᠭᠡᠳᠦ ᠮᠤᠩᠭᠤᠯ ᠤᠨ ᠠᠷᠠᠳ ᠤᠨ ᠳᠠᠭᠤᠤ ︽ᠭᠠᠰ ᠤᠨ ᠴᠠᠭᠠᠨ ᠳᠡᠷᠡᠰᠦ︾ ᠳᠤ ᠳᠤᠷᠠᠰᠬᠠᠭᠳᠠᠨ ᠳᠠᠭᠤᠯᠠᠭᠳᠠᠵᠤ ᠪᠦᠬᠦᠢ ︽ᠭᠠᠭᠴᠠ ᠪᠠᠭᠠᠬᠠᠨ ᠳ᠋ᠠᠨᠵᠠᠨ︾ ᠪᠤᠯᠬᠤ ᠶᠤᠮ᠃ 1723 ᠤᠨ ᠳᠤ ᠯᠤᠪᠰᠠᠩᠳᠠᠨᠵᠠᠨ ᠳᠡᠭᠡᠳᠦ ᠮᠤᠩᠭᠤᠯ ᠤᠨ ᠲᠠᠶᠢᠵᠢ ᠨᠠᠷ ᠢᠶᠠᠨ ᠴᠠᠭᠠᠨᠲᠤᠯᠤᠭᠠᠢ ᠳᠤ ᠴᠤᠭᠯᠠᠭᠤᠯᠵᠤ ᠂ ᠴᠡᠷᠢᠭ ᠬᠦᠳᠡᠯᠭᠡᠨ ᠴᠢᠩ ᠤᠯᠤᠰ ᠲᠠᠢ ᠲᠡᠮᠡᠴᠡᠯ ᠶᠠᠪᠤᠭᠤᠯᠪᠠ᠃ ᠡᠭᠦᠨ ᠳᠤ ᠬᠦᠬᠡᠨᠠᠭᠤᠷ ᠤᠨ ᠡᠯ᠎ᠡ ᠰᠦᠮ᠎ᠡ ᠭᠡᠶᠢᠳ ᠤᠨ ᠰᠦᠰᠦᠭᠲᠡᠨ ᠵᠢᠴᠢ ᠮᠤᠩᠭᠤᠯ ᠲᠦᠪᠡᠳ ᠠᠷᠠᠳ ᠢᠷᠭᠡᠳ 20 ᠭᠠᠷᠤᠢ ᠲᠦᠮᠡᠨ ᠬᠦᠮᠦᠨ ᠪᠤᠰᠤᠯᠴᠠᠵᠤ ᠂ ᠴᠢᠩ ᠤᠨ ᠲᠦᠷᠦ ᠶᠢ ᠡᠰᠡᠷᠭᠦᠴᠡᠬᠦ ᠰᠢᠳᠤᠷᠭᠤ ᠶᠤᠰᠤᠨ ᠤ ᠠᠵᠢᠯᠯᠠᠭ᠎ᠠ ᠶᠢ ᠳᠡᠮᠵᠢᠪᠠ᠃ ᠵᠢᠯ ᠭᠠᠷᠤᠢ ᠶᠢᠨ ᠰᠢᠷᠦᠭᠦᠨ ᠳᠠᠶᠢᠯᠠᠯᠳᠤᠭᠠᠨ ᠬᠢᠵᠦ᠂ ᠡᠴᠦᠰ ᠲᠤ ᠯᠤᠪᠰᠠᠩᠳᠠᠨᠵᠠᠨ ᠴᠢᠩ ᠤᠯᠤᠰ ᠤᠨ ᠴᠡᠷᠢᠭ ᠤᠨ ᠪᠦᠰᠡᠯᠡᠯᠲᠡ ᠳᠤ ᠬᠦᠴᠦᠨ ᠮᠡᠭᠦᠰᠳᠡᠵᠤ ᠢᠯᠡᠬᠳᠠᠭᠠᠳ ᠠᠷᠭ᠎ᠠ ᠪᠤᠰᠤ ᠬᠦᠬᠡᠨᠠᠭᠤᠷ ᠠᠴᠠ ᠰᠠᠯᠵᠤ᠂ ᠵᠦᠩᠭᠠᠷ ︵ᠵᠡᠭᠦᠨᠭᠠᠷ︶ ᠵᠦᠭ ᠮᠤᠷᠳᠠᠪᠠ᠃ ᠯᠤᠪᠰᠠᠩᠳᠠᠨᠵᠠᠨ ᠪᠤᠯ ᠬᠡᠳᠦᠨ ᠵᠠᠭᠤᠨ ᠵᠢᠯ ᠤᠨ ᠡᠮᠦᠨᠡᠬᠢ ᠲᠡᠦᠬᠡᠨ ᠬᠦᠮᠦᠨ ᠪᠤᠯᠤᠨ᠎ᠠ᠃ ᠭᠡᠳᠡᠯ᠎ᠡ ᠦᠨᠦᠳᠦᠷ᠂ ᠲᠡᠭᠡᠳᠦ ᠮᠤᠩᠭᠤᠯᠴᠤᠳ ᠲᠡᠭᠦᠨ ᠢ ᠮᠦᠨ ᠯᠡ ᠦᠨᠳᠦᠰᠦᠲᠡᠨ ᠤ ᠪᠠᠨ ᠲᠦᠯᠦᠭᠡ ᠡᠷᠡᠯᠬᠡᠭᠯᠡᠨ ᠲᠡᠮᠡᠴᠡᠭᠰᠡᠨ ᠪᠠᠭᠠᠲᠤᠷ ᠡᠷ᠎ᠡ ᠬᠡᠮᠡᠨ ᠬᠦᠨᠳᠦᠳᠭᠡᠨ ᠪᠢᠰᠢᠷᠡᠵᠦ᠂ ᠬᠠᠶᠢᠷᠠᠯᠠᠨ ᠰᠠᠨᠠᠭᠠᠯᠵᠠᠵᠤ᠂ ᠳᠤᠷᠠᠰᠤᠨ ᠳᠠᠭᠤᠯᠠᠭᠰᠠᠭᠠᠷ ᠪᠠᠶᠢᠭ᠎ᠠ ᠪᠦᠭᠡᠳ ᠲᠡᠭᠦᠨ ᠤ ᠲᠤᠬᠠᠢ ᠮᠠᠰᠢ ᠤᠯᠠᠨ ᠦᠯᠢᠭᠡᠷ ᠳᠤᠮᠤᠭ ᠴᠦ ᠤᠯᠠᠮᠵᠢᠯᠠᠭᠳᠠᠭᠰᠠᠭᠠᠷ ᠪᠠᠶᠢᠭ᠎ᠠ ᠶᠤᠮ᠃ ᠤᠯᠠᠮᠵᠢᠯᠠᠯ ᠶᠠᠷᠢᠶ᠎ᠠ ᠪᠠᠷ᠂ ᠯᠤᠪᠰᠠᠩᠳᠠᠨᠵᠠᠨ ᠭᠠᠰ ᠤᠨ ᠳᠡᠨᠵᠢ ᠪᠠᠷ ᠭᠠᠷᠤᠭᠠᠳ᠂ ᠲᠡᠭᠷᠢ ᠳᠠᠪᠠᠭ᠎ᠠ  ᠶᠢ ᠳᠠᠪᠠᠵᠤ᠂ ᠵᠦᠩᠭᠠᠷ ᠵᠦᠭ ᠮᠤᠷᠳᠠᠬᠤ ᠵᠠᠮ ᠳᠠᠭᠠᠨ ᠬᠤᠰᠢᠭᠤ ᠨᠤᠲᠤᠭ᠂ ᠠᠯᠪᠠᠲᠤ ᠠᠶᠢᠮᠠᠬ ᠠᠴᠠ ᠪᠠᠨ ᠰᠠᠯᠵᠤ ᠶᠠᠳᠠᠬᠤ ᠳᠠᠭᠠᠨ ᠲᠤᠰ ᠳᠠᠭᠤᠤ ᠶᠢ ᠵᠤᠬᠢᠶᠠᠵᠤ ᠤᠶᠠᠩᠭᠠᠯᠠᠨ ᠳᠠᠭᠤᠯᠠᠭᠰᠠᠨ ᠭᠡᠳᠡᠭ᠃ ᠡᠨᠡᠬᠦ ᠳᠠᠭᠤᠤ ᠤᠨ ᠵᠢᠯ ᠤᠨ ᠤᠷᠤᠰᠬᠠᠯ ᠳᠤ ᠠᠮᠠ ᠪᠠᠷ ᠳᠠᠮᠵᠢᠵᠦ ᠤᠯᠠᠮᠵᠢᠯᠠᠭᠳᠠᠬᠤ ᠶᠠᠪᠤᠴᠠ ᠳᠠᠭᠠᠨ ᠤᠯᠠᠨ ᠵᠦᠢᠯ ᠤᠨ ᠬᠤᠪᠢᠯᠪᠤᠷᠢ ᠲᠠᠢ ᠪᠤᠯᠵᠠᠢ᠃ ︽ᠭᠠᠰ ᠤᠨ ᠴᠠᠭᠠᠨ ᠳᠡᠷᠡᠰᠦ︾ ᠭᠡᠳᠠᠭ ᠠᠷᠠᠳ ᠤᠨ ᠳᠠᠭᠤᠤ ᠠᠴᠠ ᠪᠠᠭᠠᠲᠤᠷ ᠯᠤᠪᠰᠠᠩᠳᠠᠨᠵᠠᠨ ᠤ ᠡᠭᠦᠰᠭᠡᠭᠰᠡᠨ ᠪᠤᠰᠤᠯᠭ᠎ᠠ ᠶᠢᠨ ᠪᠠᠶᠢᠳᠠᠯ ᠵᠢᠴᠢ ᠯᠤᠪᠰᠠᠩᠳᠠᠨᠵᠠᠨ ᠤ ᠲᠤᠬᠠᠢ ᠶᠢᠨ ᠦᠶ᠎ᠡ ᠶᠢᠨ ᠪᠤᠳᠤᠯ ᠰᠡᠳᠬᠢᠯᠭᠡ ᠶᠢ ᠤᠢᠢᠯᠠᠭᠠᠵᠤ ᠪᠤᠯᠬᠤ ᠶᠤᠮ᠃ ︽ᠭᠠᠰ ᠤᠨ ᠴᠠᠭᠠᠨ ᠳᠡᠷᠡᠰᠦ︾ ᠭᠡᠬᠦ ᠠᠷᠠᠳ ᠤᠨ ᠳᠠᠭᠤᠤ ᠳᠤ᠄ ︽ᠰᠢᠬᠢᠷ ᠢᠶᠠᠷ ᠦᠭᠭᠦᠭᠰᠡᠨ ᠪᠡᠯᠡᠭ ᠢ ᠴᠢᠨᠢ ᠳ᠋ᠤᠤ ᠶᠠᠮᠠᠷ ᠪᠡᠯᠡᠭ ᠭᠡᠬᠦ ᠪᠤᠢ︖ ᠰᠢᠪᠡᠨᠡᠭᠡᠳ ᠬᠡᠯᠡᠭᠰᠡᠨ ᠦᠭᠡ ᠶᠢ ᠴᠢᠨᠢ ᠳ᠋ᠤᠤ ᠶᠠᠮᠠᠷ ᠦᠭᠡ ᠭᠡᠬᠦ ᠪᠤᠢ︖ ᠬᠤᠳᠤᠭᠤᠳᠤ ᠮᠢᠬᠠᠨ ᠤ ᠱᠦᠯᠦ ᠶᠢ ᠳ᠋ᠤᠤ ᠶᠠᠮᠠᠷ ᠱᠦᠯᠦ ᠭᠡᠬᠦ ᠪᠤᠢ︖ ᠬᠤᠶᠢᠲᠤ ᠡᠬᠡ ᠶᠢᠨ ᠠᠴᠢ ᠶᠢ ᠳ᠋ᠤᠤ ᠶᠠᠮᠠᠷ ᠠᠴᠢ ᠭᠡᠬᠦ ᠪᠤᠢ︖︾ ᠭᠡᠵᠦ ᠯᠤᠪᠰᠠᠩᠳᠠᠨᠵᠠᠨ ᠴᠢᠩ ᠤᠯᠤᠰ ᠤᠨ ᠮᠤᠩᠭᠤᠯᠴᠤᠳ ᠲᠤ ᠴᠢᠭᠯᠡᠭᠦᠯᠦᠭᠰᠡᠨ ᠠᠷᠭ᠎ᠠ ᠪᠤᠳᠤᠯᠭ᠎ᠠ ᠶᠢᠨ ᠤᠪ ᠮᠡᠭᠡ ᠶᠢ ᠦᠵᠡᠨ ᠭᠠᠷᠴᠦ ᠳᠠᠯᠳᠠ ᠶᠦᠮᠦᠷᠯᠢᠭ  ᠢᠶᠠᠷ ᠢᠯᠡᠳᠭᠡᠨ ᠳᠠᠭᠤᠯᠠᠪᠠ᠃ ᠲᠡᠷᠡ ᠪᠤᠰᠤᠯᠭ᠎ᠠ ᠭᠠᠷᠭᠠᠭᠰᠠᠨ ᠤᠴᠢᠷ ᠰᠢᠯᠲᠡᠭᠠᠨ ᠢᠶᠠᠨ᠄ ︽ᠠᠯᠪᠠᠲᠤ ︵ᠠᠷᠠᠳ︶ ᠶᠢᠨ ᠬᠡᠷᠡᠭ ᠢ ᠰᠠᠨᠠᠭᠠᠳ ᠠᠮᠪᠠᠨ ᠤ ᠲᠦᠷᠦ ᠳᠤ ᠬᠠᠯᠲᠠᠯ᠎ᠠ ᠠᠬᠠᠮᠠᠳ ᠤᠨ ᠦᠰᠢᠶ᠎ᠡ ᠶᠢ ᠪᠤᠳᠤᠭᠠᠳ ᠠᠷᠠᠮ ᠰᠠᠯᠡᠮ᠎ᠡ ᠵᠢᠬᠰᠠᠭᠠᠯ᠎ᠠ ᠬᠤᠵᠢᠮ ᠤᠨ ᠶᠠᠪᠤᠳᠠᠯ ᠢ ᠰᠡᠳᠬᠢᠭᠡᠳ ᠬᠤᠯᠠ ᠶᠢᠨ ᠳᠠᠶᠢᠨ ᠢ ᠬᠢᠯ᠎ᠡ ᠬᠤᠤᠷᠯᠠᠯ ᠤᠨ ᠦᠰᠢᠶ᠎ᠡ ᠶᠢ ᠴᠡᠭᠡᠵᠢᠯᠡᠭᠡᠳ ᠬᠢᠲᠤᠭ᠎ᠠ ᠵᠢᠳᠠ ᠬᠤᠷᠴᠠᠯᠠᠯ᠎ᠠ ᠴᠢᠳᠠᠯ ᠴᠢᠮᠦᠭᠡᠨ ︵ᠲᠡᠩᠬᠡᠭᠡ︶ ᠭᠦᠢᠴᠡᠭᠡᠳ ᠴᠢᠩ ᠤᠨ ᠲᠦᠷᠦ ᠶᠢ ᠡᠰᠡᠷᠭᠦᠴᠡᠯ᠎ᠡ ᠴᠢᠩ ᠬᠤᠯᠠ ᠶᠢ ᠪᠤᠳᠤᠭᠠᠳ ᠴᠢᠩᠭᠢᠰ ᠤᠨ ᠤᠳᠤᠮ ᠢ ᠵᠠᠯᠭᠠᠯ᠎ᠠ︾ ᠭᠡᠵᠦ ᠳᠠᠭᠤᠯᠠᠭᠰᠠᠨ ᠪᠦᠭᠡᠳ᠄ ︽ᠡᠮᠡᠰ ᠬᠡᠦᠬᠡᠰ ᠬᠤᠶᠠᠷ ᠲᠠᠭᠠᠨ ᠡᠷᠡᠰ ᠪᠤᠰᠬᠤ ᠶᠢᠨ ᠤᠴᠢᠷ ᠢ ᠵᠠᠬᠢᠯ᠎ᠠ ᠡᠯᠡᠰᠦᠨ ᠳᠠᠪᠠᠭᠠᠨ ᠤ ᠦᠨᠳᠦᠷ ᠨᠢ ᠡᠵᠢ ᠶᠢᠨ ᠰᠡᠳᠬᠢᠯ ᠤᠨ ᠤᠶᠠᠨ ᠨᠢ ᠡᠮᠡᠰ ᠬᠡᠦᠬᠡᠳ ᠤᠨ ᠢᠨᠠᠬ ᠨᠢ ᠦᠪᠡᠷ ᠤᠨ ᠵᠤᠷᠢᠬ ᠤᠨ ᠬᠠᠲᠠᠭᠤ ᠨᠢ︾ ᠭᠡᠵᠦ ᠠᠷᠤ ᠭᠡᠷ ᠲᠡᠭᠡᠨ ᠰᠡᠳᠬᠢᠯ ᠵᠢᠷᠦᠬᠡ ᠲᠡᠲᠠᠭᠳᠠᠪᠠᠴᠤ᠂ ᠵᠤᠷᠢᠬ  ᠢᠶᠠᠨ ᠴᠢᠩᠭᠠᠯᠠᠨ᠂ ᠠᠶᠠᠨ ᠳᠠᠶᠢᠨ ᠳᠤ ᠮᠤᠷᠲᠠᠪᠠ᠃ ᠲᠡᠷᠡ ᠴᠡᠷᠢᠭ ᠪᠠᠶᠢᠯᠳᠤᠭᠴᠢ ᠪᠠᠨ ᠳᠠᠭᠠᠭᠤᠯᠤᠨ ᠳᠠᠶᠢᠨ ᠬᠢᠵᠦ ᠶᠠᠪᠤᠬᠤ ᠳᠠᠭᠠᠨ᠄ ︽ᠬᠠᠴᠠᠷ ᠳᠠᠭᠠᠷᠢᠮ᠎ᠠ ᠬᠦᠢᠲᠡᠨ ᠢ ᠳ᠋ᠤᠤ ᠶᠠᠮᠠᠷ ᠬᠦᠢᠲᠡᠨ ᠭᠡᠬᠦ ᠪᠤᠢ︖ ᠬᠠᠯᠪᠢᠨ ᠬᠡᠶᠢᠰᠬᠦ ᠰᠠᠯᠬᠢ ᠶᠢ ᠳ᠋ᠤᠤ ᠶᠠᠮᠠᠷ ᠰᠠᠯᠬᠢ ᠭᠡᠬᠦ ᠪᠤᠢ︖ ᠰᠠᠬᠠᠯ ᠴᠠᠩᠲᠤᠮ᠎ᠠ ᠬᠦᠢᠲᠡᠨ ᠢ ᠳ᠋ᠤᠤ ᠶᠠᠮᠠᠷ ᠬᠦᠢᠲᠡᠨ ᠭᠡᠬᠦ ᠪᠤᠢ︖ ᠰᠠᠭᠠᠳᠠᠭ ᠱᠠᠭᠰᠢᠮ᠎ᠠ ᠰᠠᠯᠬᠢ ᠶᠢ ᠳ᠋ᠤᠤ ᠶᠠᠮᠠᠷ ᠰᠠᠯᠬᠢ ᠭᠡᠬᠦ ᠪᠤᠢ︖ ᠬᠤᠨ ᠲᠦᠭᠡᠷᠢᠮ᠎ᠡ ᠪᠤᠳᠠᠩ ᠢ ᠳ᠋ᠤᠤ ᠶᠠᠮᠠᠷ ᠪᠤᠳᠠᠩ ᠭᠡᠬᠦ ᠪᠤᠢ︖ ᠬᠤᠯᠠᠨ ᠡᠴᠡᠮ᠎ᠡ ᠱᠠᠯᠠ ᠶᠢ ᠳ᠋ᠤᠤ ᠶᠠᠮᠠᠷ ᠱᠠᠯᠠ ᠭᠡᠬᠦ ᠪᠤᠢ︖ ᠳᠦᠷᠦᠭᠡ ᠰᠡᠲᠡᠷᠡᠮ᠎ᠡ ᠬᠤᠯᠠ ᠶᠢ ᠳ᠋ᠤᠤ ᠶᠠᠮᠠᠷ ᠬᠤᠯᠠ ᠭᠡᠬᠦ ᠪᠤᠢ︖ ᠳᠦᠷᠪᠡᠨ ᠵᠢᠯ ᠤᠨ ᠠᠶᠠᠨ ᠢ ᠳ᠋ᠤᠤ ᠶᠠᠮᠠᠷ ᠠᠶᠠᠨ ᠭᠡᠬᠦ ᠪᠤᠢ︖ ᠳᠡᠪᠡᠯ ᠳᠡᠪᠲᠦᠮ᠎ᠡ ᠬᠤᠷ᠎ᠠ ᠶᠢ ᠳ᠋ᠤᠤ ᠶᠠᠮᠠᠷ ᠬᠤᠷ᠎ᠠ ᠭᠡᠬᠦ ᠪᠤᠢ︖ ᠳᠡᠭᠡᠪᠦᠷ ᠬᠡᠶᠢᠰᠦᠮ᠎ᠡ ᠰᠠᠯᠬᠢ ᠶᠢ ᠳ᠋ᠤᠤ ᠶᠠᠮᠠᠷ ᠰᠠᠯᠬᠢ ᠭᠡᠬᠦ ᠪᠤᠢ︖︾ ᠭᠡᠵᠦ ︽ᠬᠠᠬᠢᠷ ᠬᠦᠢᠲᠡᠨ︾᠂ ︽ᠲᠤᠭᠰᠢᠨ ᠰᠠᠯᠬᠢ︾᠂ ︽ᠮᠠᠨᠠᠨ ᠪᠤᠳᠠᠩ︾᠂ ︽ᠬᠤᠷ᠎ᠠ ᠪᠤᠷᠤᠭᠠᠨ︾ ᠵᠡᠷᠭᠡ ᠶᠢ ᠪᠠᠰᠤᠮᠵᠢᠯᠠᠨ᠂ ᠲᠠᠭᠠᠨ ᠳᠠᠶᠢᠳᠦᠵᠤ ᠶᠠᠪᠤᠬᠤ ᠴᠡᠷᠢᠭ ᠪᠠᠶᠢᠯᠳᠤᠭᠴᠢᠳ ᠤᠨ ᠢᠶᠠᠨ ᠢᠲᠡᠭᠡᠯ ᠢ ᠨᠢ ᠪᠠᠲᠤᠳᠬᠠᠵᠤ᠂ ᠵᠤᠷᠢᠬ ᠢ ᠨᠢ ᠬᠦᠪᠴᠢᠯᠡᠭᠰᠡᠨ ᠪᠠᠶᠢᠨ᠎ᠠ᠃ ᠯᠤᠪᠰᠠᠩᠳᠠᠨᠵᠠᠨ ᠤ᠄ ︽ᠰᠠᠯᠠᠩ ︵ᠰᠢᠨᠢᠩ︶ ᠤᠨ ᠡᠭᠦᠳᠡ ᠶᠢ ᠰᠡᠯᠡᠮ᠎ᠡ ᠪᠠᠷ ᠢᠶᠠᠨ ᠰᠡᠲᠡᠯᠤᠯ᠎ᠠ ᠰᠡᠳᠦᠭᠡᠳ ᠬᠢᠭᠰᠡᠨ ᠬᠡᠷᠡᠭ ᠠᠷᠠᠢ ᠳᠡᠭᠡᠳᠦ ᠪᠤᠯᠤᠯ᠎ᠠ ᠳᠡᠷᠰ ᠴᠡᠷᠢᠭ ᠤᠨ ᠲᠤᠯᠤᠭᠠᠢ ᠶᠢ ᠲᠡᠷᠡ ᠡᠨᠡ ᠦᠭᠡᠢ ᠴᠠᠪᠴᠢᠯ᠎ᠠ ᠲᠡᠮᠡᠭᠡᠨ ᠬᠤᠷᠭᠤᠰᠤ ᠰᠢᠩᠬᠢ ᠲᠡᠨᠳᠡ ᠠᠳᠡ ᠪᠦᠮᠪᠦᠷᠢᠯ᠎ᠡ ᠰᠠᠯᠠᠩ ᠤᠨ ᠬᠤᠲᠠ ᠶᠢᠨ ᠬᠦᠷᠢᠶ᠎ᠡ ᠶᠢ ᠰᠡᠭ ᠢᠶᠠᠷ ᠳᠦᠭᠦᠷᠭᠡᠭᠡᠳ ᠭᠠᠷᠤᠯ᠎ᠠ ᠰᠠᠯᠡᠮ᠎ᠠ ᠨᠤᠮᠤ ᠬᠤᠶᠠᠷ ᠢ ᠦᠰᠦ ︵ᠰᠦ︶ ᠪᠠᠷ ᠤᠬᠢᠶᠠᠭᠠᠳ ᠭᠠᠷᠤᠯ᠎ᠠ ᠰᠠᠷᠠ ᠨᠠᠷᠠᠨ ᠤ ᠭᠡᠷᠡᠯ ᠳᠤ ᠰᠡᠯᠡᠮ᠎ᠡ ᠤᠯᠠᠶᠢᠲᠠᠯ᠎ᠠ ᠪᠠᠶᠢᠯᠳᠤᠯ᠎ᠠ ᠰᠠᠮᠠᠭᠤᠨ ᠳᠠᠶᠢᠰᠤᠨ ᠤ ᠴᠢᠰᠦ ᠶᠢ ᠱᠠᠯᠴᠢᠭ ᠪᠤᠯᠲᠠᠯ᠎ᠠ ᠤᠷᠤᠰᠬᠠᠯ᠎ᠠ ᠁︾ ᠭᠡᠵᠦ ᠳᠠᠭᠤᠯᠠᠭᠰᠠᠨ ᠠᠴᠠ ᠪᠢᠲᠡ ᠵᠠᠪᠰᠡᠭᠲᠤ ᠪᠤᠰᠤᠯᠭ᠎ᠠ ᠶᠢᠨ ᠬᠠᠨᠳᠤᠭᠰᠠᠨ ᠵᠦᠭ ᠲᠤ ᠳᠠᠶᠢᠰᠦᠨ ᠦᠭᠡᠢ ᠶᠠᠪᠤᠵᠤ᠂ ᠰᠠᠯᠠᠩ ︵ᠰᠢᠨᠢᠩ︶ ᠬᠤᠲᠠ ᠶᠢ ᠴᠢᠰᠤᠨ ᠳᠠᠯᠠᠢ ᠪᠤᠯᠲᠠᠯ᠎ᠠ ᠳᠠᠶᠢᠳᠤᠵᠤ ᠶᠠᠪᠤᠭᠰᠠᠨ ᠢᠯᠡᠯᠲᠡ ᠶᠢ ᠣᠢᠢᠯᠠᠭᠠᠵᠦ ᠪᠣᠯᠣᠨ᠎ᠠ᠃ ᠭᠡᠪᠡᠴᠦ ᠪᠤᠰᠤᠯᠭ᠎ᠠ ᠡᠴᠦᠰ ᠲᠡᠭᠡᠨ ᠢᠯᠡᠬᠳᠠᠵᠤ᠂ ᠯᠤᠪᠰᠠᠩᠳᠠᠨᠵᠠᠨ ᠠᠷᠭ᠎ᠠ ᠦᠭᠡᠢ ᠨᠤᠲᠤᠭ ᠤᠰᠤᠨ ᠠᠴᠠ ᠪᠠᠨ ᠰᠠᠯᠬᠤ ᠯᠡ ᠬᠡᠷᠡᠭᠲᠡᠢ ᠪᠤᠯᠪᠠ᠃ ᠲᠡᠷᠡ ᠶᠠᠪᠤᠬᠤ ᠳᠠᠭᠠᠨ᠄ ︽ᠭᠠᠰ ᠤᠨ ᠴᠠᠭᠠᠨ ᠳᠡᠷᠡᠰᠦ ᠨᠢ ᠳᠡᠨᠵᠢᠨ ᠳᠡᠭᠡᠷ᠎ᠡ ᠪᠠᠨ ᠬᠠᠯᠢᠨ᠎ᠡ ᠭᠠᠭᠴᠠ ᠪᠠᠭᠠᠬᠠᠨ ᠳ᠋ᠠᠨᠵᠠᠨ ᠨᠢ ᠬᠤᠶᠢᠲᠤ ᠭᠠᠵᠠᠷ ᠢᠶᠠᠨ ᠵᠤᠷᠢᠯ᠎ᠠ᠂ ᠁ ᠁ ᠵᠢᠭᠦᠷ ᠰᠠᠶᠢᠲᠤ ᠬᠡᠭᠡᠷ ᠨᠢ ᠵᠡᠭᠦᠨ ᠭᠠᠷᠤᠨ ᠠᠳᠤᠭᠤᠨ ᠳᠤ ᠵᠢᠷᠦᠬᠡᠨ ᠪᠤᠯᠤᠭᠰᠠ ᠳ᠋ᠠᠨᠵᠠᠨ ᠨᠢ ᠵᠡᠭᠦᠨ ᠭᠠᠷᠤᠨ ᠵᠠᠬ᠎ᠠ ᠳᠤ ᠁ ᠁ ᠳᠠᠯᠠᠭᠠᠷ ᠭᠢᠯᠦᠭᠡᠨ ᠭᠠᠩᠭᠠᠷ ᠢᠶᠠᠨ ᠳᠠᠯᠠᠨ ᠬᠦᠮᠦᠰ ᠢᠶᠠᠷ ᠳᠠᠮᠵᠢᠭᠤᠯᠤᠭᠠᠳ ᠳᠠᠬᠢᠵᠦ ᠨᠢᠭᠡ ᠰᠡᠷᠭᠦᠭᠰᠡᠨ ᠨᠢ ᠮᠠᠨ ᠤ ᠪᠡᠯᠡᠭ ᠪᠤᠯᠲᠤᠭᠠᠢ︾ ᠭᠡᠵᠦ ᠡᠯᠢᠭᠡ ᠡᠮᠲᠡᠷᠡᠮ᠎ᠡ ᠤᠶᠠᠷᠠᠭᠤᠨ ᠳᠠᠭᠤᠯᠠᠭᠰᠠᠨ ᠪᠠᠶᠢᠳᠠᠭ᠃ ᠡᠶᠢᠨᠬᠦ ᠯᠤᠪᠰᠠᠩᠳᠠᠨᠵᠠᠨ ᠨᠢᠭᠡᠨ ᠦᠶ᠎ᠡ ᠶᠢᠨ ᠲᠡᠦᠬᠡᠨ ᠭᠤᠨᠢᠭᠲᠤ ᠵᠦᠴᠦᠭᠡ ᠶᠢ ᠲᠤᠭᠯᠠᠭᠠᠳ᠂ ᠠᠯᠳᠠᠷ ᠨᠡᠷ᠎ᠡ ᠪᠠᠨ ᠳᠠᠭᠤᠷᠢᠰᠤᠭᠤᠯᠵᠤ᠂ ᠲᠡᠦᠬᠡ ᠶᠢᠨ ᠬᠠᠭᠤᠳᠠᠰᠤᠨ᠎ᠠ ᠲᠠᠭᠤᠣ ᠲᠠᠢ ᠪᠠᠨ ᠬᠠᠮᠲᠣ ᠮᠦᠩᠬᠡᠷᠡᠪᠡ᠃ ᠳᠡᠭᠡᠳᠦ ᠮᠤᠩᠭᠤᠯ ᠤᠨ ︽ᠪᠤᠤᠬᠠᠢ ᠪᠠᠭᠠᠲᠤᠷ︾᠂ ︽ᠨᠠᠷᠢᠨ ᠭᠤᠪᠢ ᠶᠢᠨ ᠵᠡᠭᠡᠷᠲᠡ︾ ᠵᠡᠷᠭᠡ ᠲᠤᠤᠯᠢ ᠳᠠᠭᠤᠤ ᠳᠤ ᠨᠤᠲᠤᠭ ᠤᠰᠤ᠂ ᠮᠤᠩᠭᠤᠯ ᠲᠦᠮᠡᠨ ᠢᠶᠠᠨ ᠬᠠᠮᠠᠭᠠᠯᠠᠬᠤ ᠶᠢᠨ ᠲᠦᠯᠦᠭᠡ ᠡᠷᠡᠯᠭᠡᠭᠯᠡᠨ ᠪᠠᠶᠢᠯᠳᠤᠭᠰᠠᠨ ᠳᠠᠶᠢᠴᠢᠨ ᠪᠠᠭᠠᠲᠤᠷ ᠢᠶᠠᠨ ᠮᠠᠭᠲᠠᠭᠰᠠᠨ ᠪᠤᠶᠤ ᠪᠠᠭᠠᠲᠤᠷ ᠵᠤᠷᠢᠭᠲᠠᠳ ᠤᠨ ᠨᠤᠲᠤᠭ ᠤᠰᠤ᠂ ᠡᠯᠢᠭᠡᠨ ᠰᠡᠳᠤᠨ ᠳᠠᠭᠠᠨ ᠬᠤᠷᠭᠤᠳᠠᠨ᠂ ᠰᠠᠯᠵᠤ ᠶᠠᠳᠠᠭᠰᠠᠨ‌‍ᠰᠠᠨᠠᠭ᠎ᠠ ᠰᠡᠳᠬᠢᠯᠭᠡ ᠶᠢ ᠢᠯᠡᠳᠭᠡᠭᠰᠡᠨ ᠪᠠᠶᠢᠨ᠎ᠠ᠃ ᠲᠤᠤᠯᠢ ᠳᠠᠭᠤᠤ — ᠦᠯᠢᠭᠡᠷ ᠶᠠᠷᠢᠨ᠎ᠡ ᠲᠡᠦᠬᠡᠨ ᠦᠯᠢᠭᠡᠷ᠂ ᠦᠢᠯᠡ ᠶᠠᠪᠤᠳᠠᠯ ᠤᠨ ᠰᠠᠭᠤᠷᠢᠨ ᠳᠤ ᠵᠤᠬᠢᠶᠠᠭᠳᠠᠭᠰᠠᠨ ᠲᠤᠬᠠᠢ ᠶᠢᠨ ᠦᠶ᠎ᠡ ᠶᠢᠨ ᠨᠡᠶᠢᠭᠡᠮ ᠠᠬᠤᠢ᠂ ᠠᠮᠢᠳᠤᠷᠠᠯ ᠤᠷᠤᠰᠢᠯ ᠢ ᠬᠠᠷᠠᠭᠤᠯᠤᠭᠰᠠᠨ ᠬᠠᠯᠬ᠎ᠠ᠂ ᠴᠠᠬᠠᠷ ᠵᠡᠷᠭᠡ ᠤᠷᠤᠨ ᠠᠴᠠ ᠤᠯᠠᠮᠵᠢᠯᠠᠭᠳᠠᠨ ᠤᠷᠤᠵᠤ ᠢᠷᠡᠭᠰᠡᠨ ᠲᠤᠤᠯᠢ ᠳᠠᠭᠤᠤ ᠳᠤ ︽ᠴᠠᠭᠠᠨ ᠲᠤᠬᠤᠢ ᠶᠢᠨ ᠨᠤᠲᠤᠭ︾᠂ ︽ᠪᠢᠴᠢᠬᠠᠨ ᠬᠡᠭᠡᠷ ᠮᠤᠷᠢ︾᠂ ︽ᠬᠡᠦᠬᠡᠨ ᠬᠤᠲᠤᠭᠲᠤ ᠶᠢᠨ ᠳᠠᠭᠤᠤ︾᠂ ︽ᠬᠦᠷᠡᠩ ᠴᠤᠬᠤᠷ ᠪᠢᠷᠠᠭᠤ︾᠂ ︽ᠱᠤᠪᠤᠭᠤᠷ ᠳ᠋ᠠᠷᠵᠠ︾ ᠭᠡᠬᠦ ᠵᠡᠷᠭᠡ ᠨᠢᠭᠡ ᠪᠦᠯᠦᠭ ᠳᠠᠭᠤᠤ ᠪᠠᠶᠢᠲᠠᠬ᠃ ︽ᠴᠠᠭᠠᠨ ᠲᠤᠬᠤᠢ ᠶᠢᠨ ᠨᠤᠲᠤᠭ︾ ᠭᠡᠬᠦ ᠲᠠᠭᠤᠣ ᠶᠢ ᠪᠠᠰᠠ ︽ᠷᠢᠨᠴᠢᠨ ᠬᠦᠦ  ᠶᠢᠨ ᠳᠠᠭᠤᠤ︾ ᠭᠡᠳᠡᠭ᠃ ᠡᠨᠡᠬᠦ ᠳᠠᠭᠤᠤ ᠶᠢ ᠲᠡᠭᠡᠲᠦ ᠮᠣᠩᠭᠤᠯ ᠤᠨ ᠳ᠋ᠠᠰᠢᠨᠼᠸ᠎ᠠ ᠨᠠᠰᠤᠲᠠᠨ ᠭᠤᠴᠢᠭᠠᠳ ᠤᠨ ᠤ ᠦᠶ᠎ᠡ ᠪᠠᠷ ᠭᠠᠨᠰᠦ ᠶᠢᠨ ᠮᠠᠴᠢᠩ᠂ ᠱᠠᠷᠭᠠᠯᠵᠢᠨ ᠵᠡᠷᠭᠡ ᠤᠷᠤᠨ ᠢᠶᠠᠷ ᠳᠠᠶᠢᠨ ᠤ ᠬᠦᠯ ᠠᠴᠠ ᠵᠠᠶᠢᠯᠠᠵᠤ ᠶᠠᠪᠤᠬᠤ ᠳᠠᠭᠠᠨ ᠴᠠᠭᠠᠴᠢᠯᠠᠵᠤ ᠶᠠᠪᠤᠭᠰᠠᠨ ᠬᠠᠯᠬ᠎ᠠ ᠶᠢᠨ ᠬᠦᠮᠦᠨ ᠠᠴᠠ ᠴᠡᠭᠡᠵᠢᠯᠡᠭᠰᠡᠨ ᠭᠡᠨ᠎ᠡ᠃ ᠪᠠᠷᠤᠬ ᠬᠠᠯᠬ᠎ᠠ ᠮᠤᠩᠭᠤᠯ ᠳᠤ ᠭᠠᠷᠤᠭᠰᠠᠨ ᠤᠴᠢᠷ ᠪᠤᠯᠤᠯᠲᠢ᠃ ᠨᠠᠰᠤᠲᠠᠨ ᠤ ᠰᠤᠨᠤᠰᠤᠭᠰᠠᠨ ᠢ ᠦᠨᠳᠦᠰᠦᠯᠡᠪᠡᠯ ᠬᠠᠭᠤᠴᠢᠨ ᠨᠠᠶᠢᠭᠡᠮ ᠳᠤ ᠷᠢᠨᠴᠢᠨ ᠬᠦᠦ ᠳᠠᠷᠤᠯᠠᠯ ᠮᠦᠯᠵᠢᠯ ᠤᠨ ᠳᠤᠤᠷ᠎ᠠ ᠬᠦᠮᠦᠨ ᠤ ᠭᠠᠵᠠᠷ ᠬᠦᠨᠳᠡᠯᠡᠨ ᠨᠤᠲᠤᠭ ᠲᠤ ᠭᠤᠴᠢᠨ ᠴᠠᠭᠠᠨ ᠵᠤᠭᠤᠰ ᠢᠶᠠᠷ ᠬᠤᠳᠠᠯᠳᠤᠭᠳᠠᠭᠠᠳ ᠳᠠᠷᠠᠭ᠎ᠠ ᠨᠢ ᠵᠠᠪᠰᠢᠶᠠᠨ ᠢᠶᠠᠷ ᠠᠷᠠᠳ ᠤᠨ ᠬᠤᠪᠢᠰᠬᠠᠯ ᠳᠤ ᠤᠷᠤᠯᠴᠠᠵᠤ᠂ ᠨᠡᠯᠢᠶᠡᠳ ᠤᠨ ᠦᠩᠭᠡᠷᠡᠭᠰᠡᠨ ᠤ ᠬᠤᠶᠢᠨ᠎ᠠ ᠨᠤᠲᠤᠭ ᠲᠠᠭᠠᠨ ᠬᠠᠷᠢᠵᠦ ᠢᠷᠡᠭᠡᠳ ᠡᠵᠢ ᠳᠡᠭᠡᠨ ᠵᠤᠯᠭᠠᠵᠤ᠂ ᠦᠪᠡᠷ ᠤᠨ ᠦᠩᠭᠡᠷᠡᠯᠲᠡ ᠪᠠᠨ ᠡᠷᠭᠢᠴᠡᠭᠦᠯᠵᠦ ᠳᠠᠭᠤᠯᠠᠭᠰᠠᠨ ᠳᠠᠭᠤᠤ ᠪᠤᠯᠤᠨ᠎ᠠ᠃ ︽ᠴᠠᠭᠠᠨ ᠲᠤᠬᠤᠢ ᠶᠢᠨ ᠨᠤᠲᠤᠭ︾ ᠲᠤ᠄ ︽ᠴᠠᠭᠠᠨ ᠲᠤᠬᠤᠢ ᠶᠢᠨ ᠨᠤᠲᠤᠭ ᠴᠠᠩᠬᠢᠨᠠᠵᠤ ᠬᠤᠯᠠ ᠬᠠᠷᠠᠭᠳᠠᠨ᠎ᠠ᠂ ᠴᠡᠯ ᠪᠤᠭᠤᠷᠤᠯ ᠡᠵᠢ ᠮᠢᠨᠢ ᠴᠠᠭ ᠲᠤᠬᠠᠢ ᠳ᠋ᠠᠭᠠᠨ‌‍ᠰᠠᠨᠠᠭᠳᠠᠨ᠎ᠠ︾ ᠭᠡᠵᠦ ᠷᠢᠨᠴᠢᠨ ᠬᠦᠦ ᠶᠢᠨ ᠨᠤᠲᠤᠭ ᠤᠰᠤ᠂ ᠠᠪᠤ ᠡᠵᠢ ᠪᠠᠨ ᠰᠠᠨᠠᠨ ᠮᠦᠷᠦᠭᠡᠳᠦᠭᠰᠡᠨ ᠰᠡᠳᠬᠢᠯᠭᠡ ᠶᠢ ᠢᠯᠡᠳᠭᠡᠬᠦ ᠳᠤ᠄ ︽ᠭᠤᠨᠢᠭᠲᠠᠢ ᠪᠠᠯᠴᠢᠷ ᠨᠠᠰᠤ ᠶᠢ ᠭᠤᠴᠢᠬᠠᠨ ᠴᠠᠭᠠᠨ ᠢᠶᠠᠷ ᠳᠤᠯᠢᠯ᠎ᠡ ︵ᠰᠤᠯᠢᠯ᠎ᠠ︶ ᠭᠤᠲᠤᠷᠠᠭᠰᠠᠨ ᠬᠦᠭᠰᠢᠨ ᠠᠪᠤ ᠮᠢᠨᠢ ᠭᠤᠨᠢᠷᠠᠭᠠᠳ ᠬᠤᠴᠤᠷᠪᠠ︾ ᠭᠡᠵᠦ ᠲᠤᠬᠠᠢ ᠶᠢᠨ ᠦᠶ᠎ᠡ ᠶᠢᠨ ᠬᠠᠷᠬᠢᠰ ᠬᠠᠷᠠᠩᠭᠤᠢ ᠬᠠᠭᠤᠴᠢᠨ ᠨᠡᠶᠢᠭᠡᠮ ᠳᠤ ᠷᠢᠨᠴᠢᠨ ᠬᠦᠦ ᠠᠷᠭ᠎ᠠ ᠦᠭᠡᠢ ᠪᠠᠶᠢᠳᠠᠯ ᠳᠤᠤᠷ᠎ᠠ ᠭᠤᠴᠢᠨ ᠴᠠᠭᠠᠨ ᠵᠤᠭᠤᠰ ᠢᠶᠠᠷ ᠬᠤᠳᠠᠯᠳᠤᠭᠳᠠᠨ᠂ ᠳᠠᠷᠤᠯᠠᠯ ᠮᠦᠯᠵᠢᠯ ᠢ ᠬᠠᠰᠢᠷᠠᠲᠠᠯ᠎ᠠ ᠠᠮᠰᠠᠵᠤ ᠶᠠᠪᠤᠬᠰᠠᠨ ᠢ ᠲᠣᠰᠬᠠᠨ᠎ᠠ᠃ ᠷᠢᠨᠴᠢᠨ ᠬᠦᠦ ᠵᠤᠯ ᠢᠶᠠᠷ ᠠᠷᠠᠳ ᠤᠨ ᠴᠡᠷᠢᠭ ᠲᠤ ᠤᠷᠤᠵᠤ᠂ ᠬᠤᠪᠢ ᠵᠠᠶᠠᠭ᠎ᠠ ᠪᠠᠨ ᠬᠤᠪᠢᠷᠠᠭᠤᠯᠤᠨ᠂ ᠡᠷᠬᠡ ᠴᠢᠯᠦᠭᠡᠲᠤ ᠠᠮᠢᠳᠤᠷᠠᠯ ᠢ ᠡᠳ᠋ᠯᠡᠬᠦ ᠳᠡᠭᠡᠨ᠄ ︽ᠠᠭᠤᠵᠢᠮ ᠬᠠᠩᠭᠠᠢ ᠶᠢᠨ ᠳᠠᠪᠠᠭ᠎ᠠ ᠶᠢ ᠠᠭᠲᠠ ᠬᠡᠭᠡᠷ ᠢᠶᠠᠷ ᠢᠶᠠᠨ ᠳᠠᠪᠠᠯ᠎ᠠ᠂ ᠠᠯᠢᠶ᠎ᠠ ᠪᠠᠯᠴᠢᠷ ᠷᠢᠨᠴᠢᠨ ᠨᠢ ᠠᠷᠠᠳ ᠤᠨ ᠢᠶᠠᠨ ᠴᠡᠷᠢᠭ ᠳᠡᠭᠡᠷ᠎ᠡ ᠵᠢᠷᠭᠠᠯ᠎ᠠ︾ ᠭᠡᠵᠦ ᠲᠠᠭᠤᠯᠠᠨ᠂ ᠦᠪᠡᠷ ᠤᠨ ᠬᠤᠪᠢ ᠵᠠᠶᠠᠭᠠᠨ ᠤ ᠡᠷᠬᠢᠯᠲᠡ᠂ ᠪᠠᠶᠠᠷ ᠪᠠᠶᠠᠰᠤᠯ ᠲᠠᠢ ᠰᠡᠳᠬᠢᠯᠭᠡ ᠪᠠᠨ ᠢᠯᠡᠳᠭᠡᠭᠰᠡᠨ ᠪᠢᠯᠡ᠃ ︽ᠪᠢᠴᠢᠬᠠᠨ ᠬᠡᠭᠡᠷ ᠮᠤᠷᠢ︾ ᠭᠡᠳᠡᠭ ᠠᠷᠠᠳ ᠤᠨ ᠳᠠᠭᠤᠤ ᠪᠤᠯ ︽ᠴᠠᠭᠠᠨ ᠲᠤᠬᠤᠢ ᠶᠢᠨ ᠨᠤᠲᠤᠭ︾ ᠭᠡᠬᠦ ᠲᠠᠭᠤᠣ ᠶᠢᠨ ᠵᠠᠯᠭᠠᠯᠲᠠ ᠳᠠᠭᠤᠤ ᠪᠤᠯᠬᠤ ᠶᠣᠮ᠃ ᠷᠢᠨᠴᠢᠨ ᠬᠦᠦ ᠠᠷᠠᠳ ᠤᠨ ᠴᠡᠷᠢᠭ ᠠᠴᠠ ᠨᠤᠲᠤᠭ ᠲᠠᠭᠠᠨ ᠪᠤᠴᠠᠵᠤ ᠢᠷᠡᠭᠰᠡᠨ ᠳᠤ ᠠᠬ᠎ᠠ ᠳᠡᠭᠦᠦ᠂ ᠡᠯᠢᠭᠡᠨ ᠰᠠᠳᠤᠨ ᠨᠢ ᠪᠦᠷ ᠲᠠᠨᠢᠬᠤ ᠦᠭᠡᠢ ᠪᠤᠯᠤᠭᠰᠠᠨ ᠪᠤᠯᠬᠤᠷ᠄ ︽ᠪᠢᠴᠢᠬᠠᠨ ᠬᠡᠭᠡᠷ ᠮᠤᠷᠢ ᠡᠴᠡᠨ᠎ᠡ ᠭᠡᠵᠦ ᠶᠠᠭᠤᠨ ᠤ ᠪᠤᠢ︖ ᠪᠢᠴᠢᠬᠠᠨ ᠮᠡᠯᠮᠡᠭᠡᠷ ᠠᠬ᠎ᠠ ᠨᠠᠷ ᠮᠢᠨᠢ ᠮᠠᠷᠲᠠᠨ᠎ᠠ ᠭᠡᠵᠦ ᠶᠠᠭᠤᠨ ᠤ ᠪᠤᠢ︖ ᠠᠯᠲᠠ ᠬᠠᠷ᠎ᠠ ᠭᠡᠵᠢᠭᠡ ᠮᠢᠨᠢ ᠠᠷᠤ ᠳᠡᠭᠡᠷ᠎ᠡ ᠪᠠᠨ ᠪᠠᠶᠢᠳᠠᠭ᠂ ᠠᠮᠤᠷ ᠭᠡᠬᠦ ᠨᠡᠷ᠎ᠡ ᠮᠢᠨᠢ ᠳᠠᠩᠰᠠᠨ ᠳᠡᠭᠡᠷ᠎ᠡ ᠪᠠᠨ ᠪᠠᠶᠢᠳᠠᠭ᠃ ᠳᠠᠯᠢᠮ ᠬᠠᠷ᠎ᠠ ᠭᠡᠵᠢᠭᠡ ᠮᠢᠨᠢ ᠳᠡᠷ᠎ᠡ ᠳᠡᠭᠡᠷ᠎ᠡ ᠪᠠᠨ ᠪᠠᠶᠢᠳᠠᠭ᠂ ᠳᠡᠭᠳᠡᠷ ︵ᠳᠡᠭᠵᠢᠨ︶ ᠶᠡᠭᠡ ᠨᠡᠷ᠎ᠡ ᠮᠢᠨᠢ ᠳᠠᠩᠰᠠᠨ ᠳᠡᠭᠡᠷ᠎ᠡ ᠪᠠᠨ ᠪᠠᠶᠢᠳᠠᠭ︾ ᠭᠡᠵᠦ ᠦᠪᠡᠷ ᠢ ᠪᠠᠨ ᠲᠠᠨᠢᠯᠴᠠᠭᠤᠯᠤᠯ᠎ᠠ᠃ ᠤᠳᠠᠭᠠᠨ ᠡᠳᠦᠷ ᠵᠤᠵᠠᠭᠠᠨ ᠬᠤᠨᠤᠭ ᠬᠦᠰᠡᠯ ᠮᠦᠷᠦᠭᠡᠳᠦᠯ ᠪᠤᠯᠤᠭᠰᠠᠨ ᠨᠤᠲᠤᠭ ᠤᠰᠤᠨ᠂ ᠡᠯᠢᠭᠡᠨ‌‍ᠰᠠᠳᠤᠨ ᠲᠠᠢ ᠪᠠᠨ ᠤᠴᠠᠷᠠᠨ‌ᠵᠤᠯᠭᠠᠭᠰᠠᠨ ᠷᠢᠨᠴᠢᠨ ᠬᠦᠦ ᠦᠪᠡᠷ ᠤᠨ ᠡᠷᠬᠡ ᠦᠭᠡᠢ ᠤᠶᠠᠷᠠᠵᠤ ᠳᠤᠭᠳᠤᠯᠤᠨ᠄ ︽ᠠᠭᠤᠯᠠ ᠪᠠᠨ ᠲᠦᠰᠢᠭᠡᠳ ᠤᠶᠠᠷᠠᠯ᠎ᠠ ᠤᠯᠤᠰ ᠢᠶᠠᠨ ᠦᠵᠡᠭᠡᠳ ᠠᠰᠬᠠᠷᠠᠭᠤᠯᠤᠯ᠎ᠠ᠂ ᠭᠡᠷ ᠢᠶᠠᠨ ᠲᠦᠰᠢᠭᠡᠳ ᠭᠡᠶᠦᠷᠡᠯ᠎ᠡ᠂ ᠭᠡᠨᠡᠳᠲᠡ ᠦᠵᠡᠭᠡᠳ ᠠᠰᠬᠠᠷᠠᠭᠤᠯᠤᠯ᠎ᠠ︾ ᠭᠡᠵᠦ ᠲᠠᠭᠤᠯᠠᠲᠠᠬ᠃ ᠲᠤᠰ ᠬᠤᠶᠠᠷ ᠳᠠᠭᠤᠤ ᠳᠠᠬᠢ ᠷᠢᠨᠴᠢᠨ ᠬᠦᠦ ᠶᠢᠨ ᠬᠤᠪᠢ ᠵᠠᠶᠠᠭᠠᠨ ᠤ ᠡᠷᠬᠢᠯᠲᠡ ᠬᠤᠪᠢᠷᠠᠯᠲᠠ ᠨᠢ ᠲᠤᠬᠠᠢ ᠶᠢᠨ ᠦᠶ᠎ᠡ ᠶᠢᠨ ᠨᠡᠶᠢᠭᠡᠮ ᠠᠬᠤᠢ ᠶᠢ ᠬᠠᠷᠠᠭᠤᠯᠵᠤ ᠢᠯᠡᠷᠡᠬᠦᠯᠦᠭᠰᠡᠨ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号