| | ᠠᠭᠤᠯᠭ᠎ᠠ ᠶᠢᠨ ᠳᠤᠪᠴᠢ | ᠳᠡᠭᠡᠳᠤ ᠮᠤᠩᠭᠤᠯᠴᠤᠳ ᠠᠮᠢᠳᠤᠷᠠᠯ ᠤᠶᠢᠯᠡᠳᠤᠯᠭᠡ ᠳᠤᠮᠳᠠ ᠪᠠᠨ ᠴᠡᠭᠡᠷ ᠶᠤᠰᠤᠨ ᠢ ᠶᠡᠭᠡᠳᠡ ᠴᠢᠬᠤᠯᠴᠢᠯᠠᠨ ᠦᠷ᠎ᠡ | ᠬᠤᠶᠢᠴᠢᠰ ᠢᠶᠠᠨ ᠰᠤᠷᠭᠠᠨ ᠭᠦᠮᠦᠵᠢᠭᠦᠯᠭᠦ ᠤᠷ᠎ᠠ ᠮᠡᠷᠭᠡᠵᠢᠯ ᠢᠶᠠᠨ ᠪᠣᠯᠭᠠᠵᠤ ᠤᠯᠠᠨ ᠵᠤᠶᠢᠯ ᠤᠨ ᠪᠤᠯᠪᠠᠰᠤᠨ ᠰᠤᠶᠤᠯ | ᠢ ᠡᠭᠦᠳᠤᠨ ᠨᠡᠭᠡᠭᠡᠵᠡᠢ᠃ | ᠨᠢᠭᠡᠳᠤᠭᠡᠷ ᠲᠤ᠂ ᠶᠤᠰᠤ ᠮᠤᠷᠠᠯ ᠰᠤᠷᠭᠠᠨ ᠭᠦᠮᠦᠵᠢᠯ ᠲᠠᠢ ᠬᠤᠯᠪᠣᠭᠳᠠᠭᠰᠠᠨ ᠴᠡᠭᠡᠷ᠂ ᠡᠭᠦᠨ ᠳᠤ ᠤᠶᠢᠯᠡ | ᠭᠦᠳᠡᠯᠦᠯ ᠤᠨ ᠴᠡᠭᠡᠷ ᠪᠠ ᠦᠭᠡ ᠭᠡᠯᠡᠨ ᠤ ᠴᠡᠭᠡᠷ ᠭᠡᠵᠤ ᠬᠤᠶᠠᠷ ᠪᠠᠭ᠎ᠠ ᠭᠡᠰᠡᠭ ᠲᠤ ᠬᠤᠪᠢᠶᠠᠨ ᠶᠠᠷᠢᠪᠠ᠃ | ᠬᠤᠶᠠᠳᠤᠭᠠᠷ ᠲᠤ᠂ ᠡᠷᠡᠭᠦᠯ ᠮᠡᠨᠳᠤ ᠲᠠᠢ ᠬᠤᠯᠪᠣᠭᠳᠠᠭᠰᠠᠨ ᠴᠡᠭᠡᠷ᠃ ᠡᠭᠦᠨ ᠳᠤ ᠡᠪᠡᠳᠴᠢᠨ ᠳᠠᠬᠤᠯ ᠢ | ᠰᠡᠷᠭᠡᠶᠢᠯᠡᠭᠦ ᠴᠡᠭᠡᠷ ᠪᠠ ᠠᠷᠢᠭᠤᠨ ᠴᠡᠪᠡᠷ ᠢ ᠡᠷᠭᠢᠮᠯᠡᠭᠦ ᠴᠡᠭᠡᠷ ᠭᠡᠵᠤ ᠬᠤᠶᠠᠷ ᠭᠡᠰᠡᠭ ᠲᠤ ᠬᠤᠪᠢᠶᠠᠨ᠎ᠠ᠃ | ᠭᠤᠷᠪᠠᠳᠤᠭᠠᠷ ᠲᠤ᠂ ᠡᠭᠡ ᠪᠠᠶᠢᠭᠠᠯᠢ᠂ ᠠᠮᠢᠳᠠᠨ ᠤᠷᠭᠤᠮᠠᠯ ᠲᠠᠢ ᠬᠤᠯᠪᠣᠭᠳᠠᠭᠰᠠᠨ ᠴᠡᠭᠡᠷ᠃ ᠡᠭᠦᠨ ᠳᠤ ᠡᠪᠡᠰᠤ | ᠤᠷᠭᠤᠮᠠᠯ ᠭᠠᠵᠠᠷ ᠤᠰᠤᠨ ᠤ ᠴᠡᠭᠡᠷ ᠪᠠ ᠠᠷᠢᠶᠠᠳᠠᠨ ᠠᠮᠢᠳᠠᠨ ᠤ ᠴᠡᠭᠡᠷ ᠭᠡᠵᠤ ᠬᠤᠪᠢᠶᠠᠨ ᠶᠠᠷᠢᠪᠠ᠃ ᠬᠠᠮᠤᠭ | ᠰᠡᠭᠦᠯ ᠳᠤ ᠳᠡᠭᠡᠷᠡᠭᠢ ᠠᠭᠤᠯᠭ᠎ᠠ ᠪᠠᠨ ᠳ᠋ᠦᠩᠨᠡᠨ ᠬᠤᠷᠢᠶᠠᠩᠭᠤᠶᠢᠯᠠᠭᠰᠠᠨ ᠪᠠᠶᠢᠨ᠎ᠠ᠃ | ᠭᠦᠭᠡᠨᠠᠭᠤᠷ ᠳᠦᠪᠡᠳ ᠤᠨ ᠦᠨᠳᠦᠷᠯᠢᠭ ᠲᠤ ᠠᠵᠤ ᠳᠦᠷᠦᠨ ᠠᠮᠢᠳᠤᠷᠠᠵᠤ ᠰᠠᠭᠤᠭ᠎ᠠ ᠳᠡᠭᠡᠳᠤ ᠮᠤᠩᠭᠤᠯᠴᠤᠳ | ᠤᠷᠳᠤ ᠤᠳᠠᠭᠠᠨ ᠬᠤᠭᠤᠴᠠᠭᠠᠨ ᠤ ᠳᠡᠤᠭᠡᠨ ᠤᠯᠠ ᠮᠦᠷ ᠢ ᠡᠯᠡᠭᠡᠵᠤ ᠢᠷᠡᠭᠦ ᠳᠡᠭᠡᠨ ᠦᠪᠡᠷᠮᠢᠴᠠ ᠤᠨᠴᠠᠯᠢᠭ | ᠪᠦᠭᠦᠢ ᠰᠤᠶᠤᠯ ᠤᠨ ᠦᠪ ᠭᠦᠷᠦᠩᠭᠡ᠂ ᠱᠠᠰᠢᠨ ᠰᠢᠳᠤᠯᠭᠡ᠂ ᠨᠡᠶᠢᠭᠡᠮ ᠤᠨ ᠵᠠᠩ ᠰᠤᠷᠳᠠᠬᠤᠨ ᠦᠭᠡ ᠭᠡᠯᠡ᠂ | ᠠᠮᠢᠳᠤᠷᠠᠯ ᠤᠨ ᠵᠠᠩ ᠵᠠᠩᠰᠢᠯ ᠵᠡᠷᠭᠡ ᠠᠤᠭ᠎ᠠ ᠰᠤᠶᠤᠯ ᠤᠨ ᠤᠯᠠ ᠮᠦᠷ ᠢ ᠡᠭᠦᠳᠤᠨ ᠪᠦᠳᠦᠭᠡᠵᠤ᠂ ᠦᠷ᠎ᠡ | ᠬᠤᠶᠢᠴᠢᠰ ᠲᠡᠭᠡᠨ ᠦᠯᠡᠳᠡᠭᠡᠨ ᠦᠶ᠎ᠡ ᠤᠯᠠᠷᠠᠨ ᠵᠠᠯᠭᠠᠮᠵᠢᠯᠠᠵᠤ ᠢᠷᠡᠭᠰᠡᠨ ᠪᠠᠶᠢᠨ᠎ᠠ᠃ | ᠴᠡᠭᠡᠷᠯᠡᠯ ᠪᠣᠯ ᠷᠢᠳᠡᠢ ᠰᠢᠳᠢ ᠲᠠᠢ ᠤᠩᠭᠤᠨ ᠭᠡᠮᠡᠭᠳᠡᠭᠰᠡᠨ ᠶᠠᠭᠤᠮᠠᠨ ᠳᠤ ᠡᠰᠡᠭᠦᠯ᠎ᠡ ᠪᠣᠵᠠᠷ ᠮᠠᠭᠤᠬᠠᠢ ᠭᠡᠮᠡᠭᠳᠡᠭᠰᠡᠨ | ᠶᠠᠭᠤᠮᠠᠨ ᠳᠤ ᠬᠠᠯᠳᠠᠬᠤ ᠪᠣᠶᠤ ᠳᠡᠭᠦᠨ ᠢ ᠰᠢᠭᠤᠳ ᠨᠡᠷᠡᠯᠡᠭᠦ ᠵᠠᠷᠢᠮ ᠤᠶᠢᠯᠡ ᠶᠠᠪᠣᠳᠠᠯ ᠪᠣᠶᠤ ᠴᠠᠭ ᠳᠤᠭᠢᠶᠠᠯ ᠠᠴᠠ | ᠵᠠᠶᠢᠯᠠᠨ ᠴᠡᠭᠡᠷᠯᠡᠭᠦ ᠶᠢ ᠵᠢᠭᠠᠬᠤ ᠪᠦᠭᠡᠳ ᠭᠡᠷᠪᠡ ᠵᠦᠷᠢᠴᠡᠪᠡᠯ ᠪᠠᠶᠢᠭᠠᠯᠢ ᠶᠢᠨ ᠭᠦᠴᠦᠨ ᠤ ᠰᠢᠳᠭᠡᠯ ᠳᠤ ᠤᠴᠠᠷᠠᠬᠤ | ᠪᠤᠯᠤᠨ᠎ᠠ ᠭᠡᠵᠤ ᠢᠳᠡᠭᠡᠳᠡᠭ ᠰᠦᠰᠦᠭ ᠪᠢᠰᠢᠷᠡᠯ ᠤᠨ ᠤᠬᠠᠭᠳᠠᠬᠤᠨ ᠮᠥᠨ᠃ ᠶᠠᠭ ᠡᠶᠢᠮᠤ ᠠᠴᠠ ᠮᠠᠨ ᠤ ᠡᠪᠦᠭᠡ | ᠳᠡᠭᠡᠳᠤᠰ ᠪᠠᠶᠢᠭᠠᠯᠢ ᠶᠢ ᠡᠷᠭᠡᠰᠢᠶᠡᠨ᠂ ᠪᠠᠶᠢᠭᠠᠯᠢ ᠲᠠᠢ ᠵᠤᠭᠢᠴᠠᠬᠤ ᠤᠶᠢᠯᠡᠳᠪᠣᠷᠢᠯᠠᠯ ᠠᠮᠢᠳᠤᠷᠠᠯ ᠤᠨ ᠤᠶᠢᠯᠡᠳᠤᠯᠭᠡ | ᠳᠤᠷᠰᠢᠯᠭ᠎ᠠ ᠶᠢᠨ ᠬᠤᠷᠠᠮᠳᠤᠯᠭ᠎ᠠ ᠪᠣᠯᠵᠤ ᠳᠤᠭᠳᠠᠭᠰᠠᠨ ᠭᠡᠪᠴᠢᠶᠡᠨ ᠳᠤᠳᠤᠷ᠎ᠠ ᠭᠦᠮᠤᠨ ᠪᠣᠯᠤᠨ ᠪᠠᠶᠢᠭᠠᠯᠢ᠂ ᠭᠦᠮᠦᠨ | ᠪᠦᠭᠡᠳ ᠨᠡᠶᠢᠭᠡᠮ᠂ ᠭᠦᠮᠤᠨ ᠪᠣᠯᠤᠨ ᠭᠦᠮᠤᠨ ᠤ ᠬᠤᠭᠤᠷᠤᠨᠳᠤᠭᠢ ᠬᠠᠷᠢᠴᠠᠭᠠᠨ ᠳᠤ ᠵᠤᠭᠢᠬᠤ ᠤᠶᠢᠯᠡᠳᠤᠯ | ᠦᠵᠡᠭᠦᠯᠳᠡᠭ ᠳᠤᠯᠠ ᠴᠡᠭᠡᠷᠯᠡᠯ ᠤᠨ ᠶᠤᠰᠤ ᠨᠢ ᠨᠢᠭᠡ ᠭᠦᠮᠤᠨ ᠤ ᠦᠭᠦᠭᠦ ᠠᠴᠠ ᠳᠦᠷᠦᠭᠦ ᠭᠦᠷᠳᠡᠯ᠎ᠡ ᠵᠠᠩ ᠵᠠᠩᠰᠢᠯ | ᠤᠨ ᠶᠤᠰᠤᠭᠠᠷ ᠪᠦᠷᠢᠯᠳᠤᠨ ᠳᠤᠭᠳᠠᠭᠰᠠᠨ ᠠᠴᠠ ᠤᠷᠳᠤ ᠤᠳᠠᠭᠠᠨ ᠴᠢᠨᠠᠷ ᠢᠶᠠᠷ ᠴᠢᠩᠭ᠎ᠠ᠂ ᠨᠦᠯᠦᠭᠡᠯᠡᠭᠦ ᠭᠦᠴᠦᠨ | ᠢᠶᠠᠷ ᠭᠦᠨ ᠨᠡᠶᠢᠭᠡᠮ ᠤᠨ ᠵᠠᠩ ᠰᠤᠷᠳᠠᠬᠤᠨ ᠤ ᠭᠦᠮᠦᠵᠢᠯ ᠪᠤᠯᠵᠤ ᠬᠤᠤᠷ ᠭᠦᠨᠦᠭᠡᠯ ᠲᠠᠢ ᠮᠠᠭᠤ ᠮᠠᠭᠤᠬᠠᠢ ᠵᠤᠶᠢᠯ ᠢ | ᠴᠡᠭᠡᠷᠯᠡᠭᠦᠯᠦᠨ ᠬᠤᠷᠢᠭᠯᠠᠵᠤ ᠰᠤᠷᠭᠠᠵᠤ ᠰᠡᠷᠡᠮᠵᠢᠭᠦᠯᠦᠨ ᠭᠦᠮᠤᠰ ᠢ ᠳᠠᠮ ᠢᠶᠠᠷ ᠡᠷᠡᠭᠦᠯ ᠰᠠᠷᠠᠭᠤᠯ ᠰᠠᠶᠢᠨ ᠰᠠᠶᠢᠬᠠᠨ | ᠳᠡᠰᠢ ᠭᠦᠳᠦᠯᠦᠨ ᠵᠢᠯᠤᠭᠤᠳᠴᠤ᠂ ᠬᠠᠮᠤᠭ ᠪᠦᠳᠤᠮᠵᠢᠳᠠᠢ ᠠᠷᠭ᠎ᠠ ᠶᠢ ᠡᠭᠦᠳᠦᠵᠤ ᠨᠡᠭᠡᠭᠡᠭᠰᠡᠨ ᠪᠠᠶᠢᠨ᠎ᠠ᠃ | ᠭᠡᠳᠡᠯ᠎ᠡ ᠴᠡᠭᠡᠷᠯᠡᠯ ᠤᠨ ᠶᠤᠰᠤᠨ ᠳᠤ ᠢᠳᠡᠪᠭᠢ ᠪᠣᠰᠤ ᠪᠣᠶᠤ ᠨᠠᠵᠠᠭᠠᠢ ᠤᠶᠢᠯᠡᠳᠤᠯ ᠲᠠᠢ ᠵᠤᠶᠢᠯ ᠴᠦ ᠪᠠᠶᠢᠭ᠎ᠠ ᠶᠤᠮ᠃ | ᠵᠢᠱᠢᠶᠠᠯᠠᠪᠠᠯ ︽ᠭᠤᠷᠪᠠᠯᠵᠢᠨ ᠨᠢᠳᠤ ᠲᠠᠢ ᠵᠢᠰᠤᠷ ᠬᠤᠯᠵᠢᠨ ᠭᠢᠭᠦ︾᠂ ︽ᠶᠡᠭᠡ ᠳᠤᠯᠤᠭᠠᠢ ᠲᠠᠢ ᠭᠦᠮᠤᠨ ᠨᠤᠶᠠᠨ | ᠰᠠᠭᠤᠨ᠎ᠠ᠂ ᠶᠡᠭᠡ ᠭᠦᠯ ᠲᠠᠢ ᠭᠦᠮᠤᠨ ᠳᠡᠷᠭᠡ ᠳᠤᠭᠤᠨ᠎ᠠ︾᠂ ︽ᠦᠳᠭᠡᠨ ᠦᠰᠤ ᠲᠠᠢ ᠪᠣᠯ ᠵᠤᠪᠠᠯᠠᠩ ᠶᠡᠭᠡᠳᠡᠢ︾ | ᠂ ︽ᠰᠢᠷ᠎ᠠ ᠭᠦᠮᠤᠨ ᠤᠴᠢᠷ ᠲᠠᠢ᠂ ᠰᠢᠷᠠᠭᠰᠠᠨ ᠮᠢᠬ᠎ᠠ ᠠᠮᠳᠠᠳᠠᠢ︾᠂ ︽ᠶᠡᠭᠡ ᠴᠢᠭᠢ ᠲᠠᠢ ᠪᠣᠯ ᠪᠣᠶᠠᠨ ᠭᠡᠰᠢᠭ | ᠲᠠᠢ︾ ᠭᠡᠭᠦ ᠮᠡᠳᠤ ᠶᠢᠨ ᠭᠡᠯᠡᠯᠭᠡ ᠨᠢ ᠭᠦᠮᠤᠨ ᠤ ᠳᠦᠷᠭᠦ ᠵᠢᠰᠤ ᠪᠠᠶᠢᠳᠠᠯ ᠠᠴᠠ ᠭᠦᠮᠤᠨ ᠤ ᠮᠥᠨ ᠴᠢᠨᠠᠷ᠂ | ᠠᠪᠢᠶᠠᠰ ᠪᠢᠯᠢᠭ᠂ ᠬᠤᠪᠢ ᠵᠠᠶᠠᠭ᠎ᠠ ᠶᠢ ᠭᠠᠵᠢᠭᠤ ᠪᠣᠷᠤᠭᠤ ᠪᠠᠷ ᠦᠭᠦᠯᠡᠨ᠂ ᠦᠷᠤᠭᠡᠰᠤᠨ ᠢᠶᠠᠷ ᠦᠨᠡᠯᠡᠭᠦ ᠨᠢ ᠵᠦᠢ | ᠶᠤᠰᠤᠨ ᠳᠤ ᠨᠡᠶᠢᠴᠡᠭᠦ ᠦᠭᠡᠢ ᠪᠣᠯᠤᠨ᠎ᠠ᠃ | ᠭᠡᠷᠪᠡ ᠶᠡᠭᠡ ᠳᠤᠯᠤᠭᠠᠢ ᠲᠠᠢ᠂ ᠶᠡᠭᠡ ᠴᠢᠭᠢ ᠲᠠᠢ ᠪᠣᠯ ᠬᠤᠪᠢ ᠵᠠᠶᠠᠭ᠎ᠠ ᠵᠦᠩᠳᠡᠭᠡᠨ ᠢᠷᠡᠨ᠎ᠡ ᠭᠡᠵᠤ ᠠᠩᠭᠠᠶᠢᠵᠤ | ᠢᠳᠡᠵᠤ ᠳᠠᠩᠭᠠᠶᠢᠵᠤ ᠭᠡᠪᠳᠡᠭᠡᠳ ᠪᠠᠶᠢᠪᠠᠯ᠂ ᠶᠢᠷᠳᠢᠨᠴᠤ ᠶᠢᠨ ᠠᠯᠢᠠᠪᠠ ᠰᠠᠶᠢᠨ ᠰᠠᠶᠢᠬᠠᠨ ᠶᠠᠭᠤᠮᠠᠨ ᠠᠴᠠ | ᠬᠤᠵᠢᠭᠳᠠᠵᠤ ᠬᠤᠭᠤᠰᠤᠨ ᠰᠠᠭᠤᠬᠤ ᠪᠢᠰᠢ ᠤᠤ︖ ︽ᠰᠦᠨᠢ ᠤᠷᠤᠢ ᠶᠢᠨ ᠳᠤᠯᠢᠨ ᠳᠤ ᠵᠢᠰᠤ ᠪᠠᠨ ᠳᠤᠯᠢᠳᠠᠪᠠᠯ | ᠴᠢᠳᠭᠦᠷ ᠦᠵᠡᠭᠳᠡᠨ᠎ᠡ︾᠂ ︽ᠰᠦᠨᠢ ᠦᠰᠤ ᠭᠡᠵᠢᠭᠡ ᠪᠠᠨ ᠰᠠᠮᠨᠠᠬᠤ᠂ ᠭᠠᠷ ᠨᠢᠭᠤᠷ ᠢᠶᠠᠨ ᠤᠭᠢᠶᠠᠪᠠᠯ ᠨᠤᠬᠠᠢ ᠶᠢᠨ | ᠬᠤᠷᠢᠮ ᠳᠤ ᠶᠠᠪᠣᠨ᠎ᠠ︾ ᠭᠡᠵᠤ ᠴᠡᠭᠡᠷᠯᠡᠭᠦ ᠨᠢ ᠰᠢᠨᠵᠢᠯᠡᠭᠦ ᠤᠬᠠᠭᠠᠨ ᠳᠤ ᠨᠡᠶᠢᠴᠡᠭᠦ ᠦᠭᠡᠢ᠂ ᠬᠠᠷᠢᠨ ᠤᠷᠤᠢ ᠦᠰᠤ | ᠭᠡᠵᠢᠭᠡ ᠪᠠᠨ ᠰᠠᠮᠨᠠᠪᠠᠯ ᠶᠠᠳᠠᠷᠠᠯ ᠢ ᠳᠠᠶᠢᠯᠠᠵᠤ᠂ ᠴᠢᠰᠤᠨ ᠤ ᠡᠷᠭᠢᠯᠳᠡ ᠶᠢ ᠵᠤᠭᠢᠴᠠᠭᠤᠯᠵᠤ᠂ ᠦᠰᠤ ᠭᠡᠵᠢᠭᠡ ᠤᠨᠠᠬᠤ | ᠠᠴᠠ ᠰᠡᠷᠭᠡᠶᠢᠯᠡᠳᠡᠭ᠃ ᠤᠷᠤᠢ ᠨᠢᠭᠤᠷ ᠭᠠᠷ ᠢᠶᠠᠨ ᠦᠷᠭᠦᠯᠵᠢ ᠤᠭᠢᠶᠠᠪᠠᠯ ᠠᠷᠠᠰᠤ ᠴᠢᠷᠠᠢ ᠶᠢ ᠰᠠᠶᠢᠵᠢᠷᠠᠭᠤᠯᠤᠨ | ᠴᠤᠭ ᠰᠦᠯᠳᠡ ᠲᠠᠢ ᠪᠤᠯᠤᠨ᠎ᠠ᠃ ︽ᠰᠦᠨᠢ ᠬᠠᠳᠬᠤᠭᠰᠠᠨ ᠦᠷᠭᠡᠰᠤ ᠶᠢ ᠠᠪᠳᠠᠭ ᠦᠭᠡᠢ︾ ᠭᠡᠵᠤ ᠴᠡᠭᠡᠷᠯᠡᠳᠡᠭ | ᠨᠢ ᠳᠤᠩ ᠴᠦ ᠭᠠᠵᠢᠭᠤ ᠪᠣᠷᠤᠭᠤ ᠵᠤᠭᠢᠰ ᠦᠭᠡᠢ ᠭᠡᠯᠡᠯᠭᠡ ᠶᠤᠮ᠃ ᠭᠠᠷ ᠭᠦᠯ ᠳᠤ ᠬᠠᠳᠬᠤᠭᠰᠠᠨ ᠦᠷᠭᠡᠰᠤ ᠶᠢ | ᠠᠪᠬᠤ ᠦᠭᠡᠢ ᠤᠳᠠᠪᠠᠯ ᠠᠶᠠᠨᠳᠠᠭᠠᠨ ᠰᠢᠷᠬᠠᠯᠠᠵᠤ ᠬᠠᠪᠣᠳᠴᠤ ᠰᠠᠶᠢᠨ ᠦᠷ᠎ᠡ ᠳ᠋ᠦᠩ ᠦᠭᠡᠢ ᠶᠤᠮ᠃ ︽ᠦᠳᠡ | ᠶᠢᠨ ᠬᠤᠶᠢᠨ᠎ᠠ ᠮᠠᠯ ᠦᠭᠦᠪᠡᠯ ᠠᠷᠠᠰᠤ ᠨᠤᠤᠰᠤ ᠶᠢ ᠠᠪᠬᠤ ᠦᠭᠡᠢ︾ ᠭᠡᠵᠤ ᠴᠡᠭᠡᠷᠯᠡᠳᠡᠭ ᠨᠢ ᠦᠭᠦᠭᠦ ᠪᠠ ᠳᠦᠷᠦᠭᠦ | ᠪᠣᠯ ᠭᠦᠮᠤᠨ ᠠᠮᠢᠳᠠᠨ ᠤ ᠶᠢᠷᠳᠢᠨᠴᠤ ᠶᠢᠨ ᠵᠢᠮ᠎ᠡ ᠶᠤᠰᠤ ᠪᠢᠯᠡ᠃ ᠡᠭᠦᠨ ᠢ ᠦᠳᠡ ᠶᠢᠨ ᠡᠮᠤᠨ᠎ᠡ ᠬᠤᠶᠢᠨ᠎ᠠ ᠪᠠᠷ | ᠵᠢᠭᠠᠭᠯᠠᠵᠤ ᠭᠡᠯᠡᠭᠦ ᠨᠢ ᠵᠦᠢ ᠶᠤᠰᠤᠨ ᠳᠤ ᠨᠡᠶᠢᠴᠡᠭᠦ ᠦᠭᠡᠢ᠃ | ᠳᠡᠭᠡᠷ᠎ᠡ ᠳᠤᠷᠠᠳᠤᠭᠰᠠᠨ ᠭᠡᠳᠤᠨ ᠵᠢᠱᠢᠶ᠎ᠠ ᠠᠴᠠ ᠦᠵᠡᠪᠡᠯ ᠭᠦᠮᠤᠨ ᠳᠦᠷᠦᠯᠭᠢᠳᠡᠨ ᠪᠠᠶᠢᠭᠠᠯᠢ ᠶᠢᠨ ᠡᠯᠳᠡᠪ | ᠦᠵᠡᠭᠳᠡᠯ ᠠᠴᠠ ᠠᠶᠤᠨ ᠰᠦᠷᠳᠡᠭᠦ ᠮᠤᠬᠤᠷ ᠪᠣᠳᠤᠯ᠂ ᠪᠠᠯᠠᠷ ᠰᠡᠳᠭᠢᠭᠦᠢ ᠳᠤ ᠤᠳᠤ ᠭᠦᠷᠳᠡᠯ᠎ᠡ ᠭᠦᠯᠢᠶᠡᠰᠦᠯᠡᠭᠳᠡᠨ | ᠦᠭᠦᠮᠡᠯ ᠬᠤᠭᠤᠰᠤᠨ ᠢᠶᠠᠷ ᠬᠠᠭᠤᠴᠢᠨ ᠢ ᠪᠠᠷᠢᠮᠳᠠᠯᠠᠨ᠂ ᠰᠢᠨ᠎ᠡ ᠶᠢ ᠰᠡᠵᠢᠭᠯᠡᠨ ᠠᠶᠤᠨ ᠰᠦᠷᠳᠡᠵᠤ ᠭᠦᠮᠤᠨ ᠤ | ᠠᠮᠢᠳᠤᠷᠠᠯ ᠤᠶᠢᠯᠡᠳᠤᠯᠭᠡ ᠳᠤ ᠠᠰᠢᠭ ᠦᠭᠡᠢ᠂ ᠰᠢᠨᠵᠢᠯᠡᠭᠦ ᠤᠬᠠᠭᠠᠨ ᠤ ᠦᠨ᠎ᠡ ᠦᠷᠳᠡᠭ ᠦᠭᠡᠢ ᠨᠠᠵᠠᠭᠠᠢ ᠵᠤᠶᠢᠯ | ᠮᠥᠨ ᠤᠷᠤᠰᠢᠭᠰᠠᠭᠠᠷ ᠪᠠᠶᠢᠭ᠎ᠠ ᠶᠤᠮ᠃ ᠭᠡᠳᠡᠯ᠎ᠡ ᠡᠳᠡᠭᠡᠷ ᠨᠢ ᠴᠠᠭ ᠦᠶ᠎ᠡ ᠶᠢᠨ ᠭᠦᠭᠵᠢᠯᠳᠡ ᠬᠤᠪᠢᠷᠠᠯᠳᠠ᠂ | ᠳᠠᠪᠰᠢᠯᠳᠠ ᠶᠢ ᠲᠠᠭᠠᠨ ᠠᠭᠠᠵᠢᠮ ᠢᠶᠠᠷ ᠢᠳᠡᠪᠭᠢᠳᠤ ᠴᠢᠨᠠᠷ ᠢᠶᠠᠨ ᠠᠯᠳᠠᠵᠤ ᠤᠰᠠᠳᠬᠤ ᠳᠡᠰᠢ ᠴᠢᠭᠯᠡᠵᠤ ᠪᠠᠶᠢᠭ᠎ᠠ | ᠶᠤᠮ᠃ ᠵᠢᠱᠢᠶᠠᠯᠠᠪᠠᠯ᠂ ᠡᠮᠡᠭᠳᠡᠢ ᠭᠦᠮᠤᠨ ᠭᠡᠵᠢᠭᠡ ᠪᠠᠨ ᠰᠤᠯᠠ ᠳᠠᠯᠪᠢᠬᠤ ᠶᠢ ᠴᠡᠭᠡᠷᠯᠡᠭᠦ᠂ ᠡᠮᠡᠭᠳᠡᠢ ᠨᠢ ᠡᠷᠡᠭᠳᠡᠢ ᠶᠢᠨ | ᠢᠶᠠᠨ ᠨᠡᠷ᠎ᠡ ᠪᠠᠷ ᠳᠠᠭᠤᠳᠠᠬᠤ ᠶᠢ ᠴᠡᠭᠡᠷᠯᠡᠭᠦ᠂ ᠵᠠᠬ᠎ᠠ ᠦᠭᠡᠢ ᠬᠤᠪᠴᠠᠰᠤ ᠡᠮᠤᠰᠭᠦ ᠶᠢ ᠴᠡᠭᠡᠷᠯᠡᠭᠦ ᠨᠢ ᠤᠳᠤ ᠶᠢᠨ | ᠠᠮᠢᠳᠤᠷᠠᠯ ᠨᠡᠶᠢᠭᠡᠮ ᠳᠤ ᠠᠪᠴᠤ ᠭᠡᠯᠡᠪᠡᠯ ᠡᠩ ᠤᠨ ᠵᠤᠶᠢᠯ ᠪᠣᠯᠵᠤ ᠬᠠᠷᠠᠭᠳᠠᠭᠰᠠᠨ ᠶᠤᠮ᠃ | ᠳᠡᠭᠡᠳᠤ ᠮᠤᠩᠭᠤᠯᠴᠤᠳ ᠭᠡᠷ ᠤᠨ ᠰᠤᠷᠭᠠᠯ ᠢ ᠴᠢᠬᠤᠯᠴᠢᠯᠠᠨ ︽ᠡᠭᠡ ᠰᠠᠶᠢᠳᠤ ᠶᠢᠨ ᠭᠡᠤᠭᠡᠨ᠂ ᠡᠴᠢᠭᠡ ᠰᠠᠶᠢᠳᠤ | ᠶᠢᠨ ᠭᠦᠪᠡᠭᠦᠨ︾ ᠭᠡᠵᠤ ᠨᠠᠰᠤᠳᠠᠶᠢᠴᠤᠳ ᠨᠢ ᠶᠠᠮᠠᠷ ᠴᠦ ᠭᠦᠴᠢᠷᠳᠡᠯ ᠭᠠᠴᠢᠭᠳᠠᠯ ᠲᠠᠢ ᠴᠠᠭ ᠦᠶ᠎ᠡ ᠳᠤ ᠴᠦ | ᠦᠷ᠎ᠡ ᠬᠤᠶᠢᠴᠢᠰ ᠲᠡᠭᠡᠨ ᠤᠬᠠᠭᠠᠨ ᠡᠷᠳᠡ ᠰᠤᠷᠭᠠᠬᠤ ᠶᠢ ᠶᠡᠷᠤ ᠤᠷᠭᠢᠭᠳᠠᠭᠤᠯᠤᠭᠠ ᠦᠭᠡᠢ᠃ ᠭᠡᠤᠭᠡᠳ ᠨᠢ | ᠮᠡᠳᠡᠭᠡ ᠤᠷᠤᠵᠤ ᠤᠬᠠᠭᠠᠨ ᠰᠠᠭᠤᠬᠤ ᠠᠴᠠ ᠡᠭᠢᠯᠡᠨ ᠡᠪᠦᠭᠡ ᠳᠡᠭᠡᠳᠤᠰ ᠤᠨ ᠰᠤᠷᠭᠠᠯ ᠢ ᠭᠦᠷᠳᠡᠵᠤ ᠡᠷᠡᠭᠦᠯ ᠡᠩᠭᠡ | ᠪᠠᠷ ᠭᠦᠮᠤᠵᠢᠭᠦᠯᠦᠨ ᠪᠤᠶᠢᠵᠢᠭᠤᠯᠳᠠᠭ᠃ ︽ᠬᠦᠮᠤᠨ ᠪᠣᠯᠬᠤ ᠪᠠᠭ᠎ᠠ ᠠᠴᠠ ᠪᠠᠨ ᠭᠦᠯᠦᠭ ᠪᠣᠯᠬᠤ ᠤᠨᠠᠭᠠᠨ ᠠᠴᠠ︾ | ᠭᠡᠭᠴᠢ ᠪᠠᠷ ᠦᠷ᠎ᠡ ᠭᠡᠤᠭᠡᠳ ᠤᠨ ᠶᠠᠪᠣᠵᠤ ᠰᠠᠭᠤᠬᠤ᠂ ᠭᠡᠯᠡᠵᠤ ᠶᠠᠷᠢᠬᠤ᠂ ᠢᠳᠡᠵᠤ ᠤᠤᠭᠤᠬᠤ᠂ ᠠᠵᠢᠯᠯᠠᠵᠤ | ᠭᠦᠳᠡᠯᠮᠦᠷᠢᠯᠡᠭᠦ ᠠᠴᠠ ᠠᠪᠣᠭᠠᠳ ᠡᠭᠡ ᠪᠠᠶᠢᠭᠠᠯᠢ᠂ ᠠᠷᠢᠶᠠᠳᠠᠨ ᠠᠮᠢᠳᠠᠨ᠂ ᠡᠪᠡᠰᠤ ᠤᠷᠭᠤᠮᠠᠯ ᠢ ᠬᠠᠶᠢᠷᠠᠯᠠᠬᠤ᠂ | ᠨᠡᠶᠢᠭᠡᠮ ᠤᠨ ᠠᠮᠢᠳᠤᠷᠠᠯ ᠤᠶᠢᠯᠡᠳᠤᠯᠭᠡ ᠳᠤ ᠤᠷᠤᠯᠴᠠᠬᠤ ᠭᠦᠷᠳᠡᠯ᠎ᠡ ᠪᠦᠷ ᠭᠡᠷ ᠪᠦᠯᠢ ᠶᠢᠨ ᠪᠣᠯᠪᠠᠰᠤᠨ ᠶᠤᠰᠤ | ᠰᠤᠷᠳᠠᠬᠤᠨ ᠤ ᠭᠦᠮᠦᠵᠢᠯ ᠨᠢ ᠦᠭᠡ ᠶᠠᠷᠢᠶᠠᠨ ᠤ ᠦᠵᠦᠭᠦᠷ ᠰᠡᠵᠢᠭᠦᠷ ᠠᠴᠠ ᠠᠪᠣᠨ ᠪᠦᠷᠢᠨ ᠢᠯᠡᠷᠡᠳᠡᠭ ᠰᠠᠶᠢᠬᠠᠨ | ᠠᠷᠠᠨᠰᠢᠨ ᠲᠠᠢ ᠪᠠᠶᠢᠵᠤ ᠳᠤᠭᠢᠯᠢᠭ ᠡᠪᠳᠡᠢ ᠠᠷᠭ᠎ᠠ ᠪᠠᠷᠢᠯ ᠢᠶᠠᠷ ᠭᠡᠤᠭᠡᠳ ᠦᠷ᠎ᠡ ᠢᠶᠠᠨ ᠦᠶ᠎ᠡ ᠳᠠᠷᠠᠭᠠᠯᠠᠨ | ᠭᠦᠮᠦᠵᠢᠭᠦᠯᠦᠨ ᠰᠤᠷᠭᠠᠵᠤ ᠭᠦᠮᠤᠨ ᠪᠣᠯᠬᠤ ᠶᠢᠨ ᠨᠠᠷᠢᠨ ᠶᠤᠰᠤ ᠶᠢ ᠳᠠᠨᠢᠭᠤᠯᠳᠠᠭ᠃ ᠮᠥᠨ ᠭᠡᠯᠡᠪᠡᠯ ᠳᠡᠭᠡᠳᠤ | ᠮᠤᠩᠭᠤᠯᠴᠤᠳ ᠤᠨ ᠠᠷᠠᠳ ᠤᠨ ᠵᠠᠩᠰᠢᠯ ᠳᠤ ᠴᠡᠭᠡᠷ ᠶᠢᠨ ᠶᠤᠰᠤ ᠨᠢ ᠳᠤᠩ ᠳᠦᠭᠡᠮᠡᠯ ᠪᠠᠶᠢᠵᠤ ᠶᠤᠰᠤ ᠰᠤᠷᠳᠠᠬᠤᠨ | ᠂ ᠤᠶᠤᠨ ᠤᠬᠠᠭᠠᠨ᠂ ᠭᠤᠸ᠎ᠠ ᠰᠠᠶᠢᠬᠠᠨ᠂ ᠪᠡᠶ᠎ᠡ ᠮᠠᠬᠠᠪᠣᠳ᠂ ᠠᠵᠢᠯ ᠭᠦᠳᠡᠯᠮᠤᠷᠢ ᠵᠡᠷᠭᠡ ᠳᠠᠯ᠎ᠠ ᠪᠠᠷ ᠭᠦᠭᠵᠢᠭᠦᠯᠭᠦ | ᠰᠤᠷᠭᠠᠨ ᠭᠦᠮᠤᠵᠢᠯ ᠳᠤ ᠶᠡᠭᠡᠭᠡᠨ ᠭᠦᠴᠦ ᠤᠷᠤᠭᠤᠯᠳᠠᠭ ᠳᠤᠯᠠ ᠤᠳᠤ ᠴᠠᠭ ᠤᠨ ᠭᠡᠪ ᠴᠢᠨᠠᠷ ᠤᠨ ᠰᠤᠷᠭᠠᠨ | ᠭᠦᠮᠤᠵᠢᠯ ᠢ ᠮᠠᠨ ᠤ ᠡᠪᠦᠭᠡ ᠳᠡᠭᠡᠳᠤᠰ ᠠᠮᠢᠳᠤᠷᠠᠯ ᠤᠶᠢᠯᠡᠳᠤᠯᠭᠡ ᠶᠢᠨ ᠳᠤᠮᠳᠠ ᠪᠠᠨ ᠠᠯᠢ ᠡᠷᠳᠡ ᠳᠠᠨᠢᠨ ᠮᠡᠳᠡᠭᠰᠡᠨ | ᠪᠠᠶᠢᠵᠠᠢ᠃ | ᠳᠤᠤᠷ᠎ᠠ ᠪᠢ ᠶᠤᠰᠤ ᠮᠤᠷᠠᠯ ᠰᠤᠷᠭᠠᠨ ᠭᠦᠮᠤᠵᠢᠯ ᠲᠠᠢ ᠬᠤᠯᠪᠣᠭᠳᠠᠭᠰᠠᠨ ᠴᠡᠭᠡᠷ᠂ ᠡᠷᠡᠭᠦᠯ ᠮᠡᠨᠳᠤ ᠲᠠᠢ | ᠬᠤᠯᠪᠣᠭᠳᠠᠭᠰᠠᠨ ᠴᠡᠭᠡᠷ᠂ ᠡᠭᠡ ᠪᠠᠶᠢᠭᠠᠯᠢ ᠠᠮᠢᠳᠠᠨ ᠤᠷᠭᠤᠮᠠᠯ ᠲᠠᠢ ᠬᠤᠯᠪᠤᠭᠳᠠᠭᠰᠠᠨ ᠴᠡᠭᠡᠷ ᠭᠡᠵᠤ ᠭᠤᠷᠪᠠᠨ | ᠭᠡᠰᠡᠭ ᠲᠤ ᠬᠤᠪᠢᠶᠠᠨ ᠵᠠᠳᠠᠯᠤᠨ ᠰᠢᠨᠵᠢᠶᠠ᠃ | ᠨᠢᠭᠡ᠂ ᠶᠤᠰᠤ ᠮᠤᠷᠠᠯ ᠰᠤᠷᠭᠠᠨ ᠭᠦᠮᠤᠵᠢᠯ ᠲᠠᠢ ᠬᠤᠯᠪᠣᠭᠳᠠᠭᠰᠠᠨ ᠴᠡᠭᠡᠷ | ᠶᠤᠰᠤ ᠮᠤᠷᠠᠯ ᠨᠢ ᠭᠡᠷ ᠪᠦᠯᠢ᠂ ᠰᠤᠷᠭᠠᠭᠤᠯᠢ᠂ ᠨᠡᠶᠢᠭᠡᠮ ᠤᠨ ᠠᠮᠢᠳᠤᠷᠠᠯ ᠤᠨ ᠬᠠᠮᠢᠭ᠎ᠠ ᠨᠢ ᠴᠦ ᠪᠦᠷᠢᠨ | ᠢᠯᠡᠷᠡᠳᠡᠭ᠃ ᠳᠡᠷᠡ ᠨᠢ ᠰᠤᠷᠭᠠᠨ ᠭᠦᠮᠤᠵᠢᠯ ᠤᠨ ᠭᠦᠴᠤ᠂ ᠶᠠᠷᠢᠶ᠎ᠠ ᠭᠡᠯᠡᠯᠴᠡᠭᠡᠨ ᠤ ᠭᠦᠴᠦ᠂ ᠭᠦᠮᠤᠰ ᠤᠨ | ᠢᠳᠡᠭᠡᠯ ᠪᠢᠰᠢᠷᠡᠯ᠂ ᠵᠠᠩ ᠳᠠᠳᠬᠠᠯ ᠢᠶᠠᠷ ᠳᠠᠮᠵᠢᠨ ᠤᠶᠢᠯᠡᠳᠤᠯ ᠦᠵᠡᠭᠦᠯᠳᠡᠭ᠂ ᠶᠠᠭᠠᠭᠢᠪᠠᠯ ᠵᠤᠭᠢᠬᠤ᠂ ᠶᠠᠭᠠᠭᠢᠪᠡᠯ | ᠦᠯᠦ ᠵᠤᠭᠢᠬᠤ ᠶᠢ ᠵᠢᠷᠤᠮᠵᠢᠭᠤᠯᠳᠠᠭ ᠥᠢᠯᠡ ᠠᠵᠢᠯᠯᠠᠭᠠᠨ ᠤ ᠲᠦᠷᠢᠮᠯᠡᠯ ᠪᠣᠯᠬᠤ ᠳᠤᠯᠠ ᠭᠡᠷ ᠤᠨ ᠠᠬᠠᠮᠠᠳ ᠨᠢ | ᠦᠷ᠎ᠡ ᠭᠡᠤᠭᠡᠳ ᠢᠶᠠᠨ ᠶᠤᠰᠤ ᠮᠤᠷᠠᠯ ᠵᠠᠩ ᠰᠤᠷᠳᠠᠬᠤᠨ ᠤ ᠭᠦᠮᠤᠵᠢᠯ ᠢ ᠳᠤᠩ ᠴᠢᠬᠤᠯᠴᠢᠯᠠᠨ ᠦᠵᠡᠵᠤ | ᠨᠠᠰᠤᠳᠠᠶᠢᠴᠤᠳ ᠢ ᠭᠦᠨᠳᠤᠳᠭᠡᠭᠦ᠂ ᠡᠪ ᠪᠦᠯᠭᠦᠮᠳᠡᠯ ᠢ ᠴᠢᠩᠭᠠᠳᠬᠠᠬᠤ᠂ ᠨᠡᠷ᠎ᠡ ᠳᠦᠷᠦ ᠪᠠᠨ ᠬᠠᠮᠠᠭᠠᠯᠠᠬᠤ᠂ | ᠤᠶᠢᠯᠡ ᠭᠦᠳᠡᠯᠦᠯ᠂ ᠦᠭᠡ ᠶᠠᠷᠢᠶᠠᠨ ᠠᠴᠠ ᠭᠠᠷᠳᠠᠨ ᠰᠢᠨᠵᠢᠵᠤ ᠰᠠᠶᠢᠨ ᠪᠠ ᠮᠠᠭᠤ᠂ ᠳᠠᠭᠠᠰᠢᠶᠠᠬᠤ ᠪᠠ | ᠳᠠᠭᠠᠰᠢᠶᠠᠭᠳᠠᠬᠤ ᠦᠭᠡᠢ ᠵᠡᠷᠭᠡ ᠶᠢ ᠨᠠᠷᠢᠨ ᠢᠯᠭᠠᠨ ᠴᠡᠭᠡᠷᠯᠡᠭᠦᠯᠭᠦ ᠳᠤᠭᠢᠳᠠᠢ ᠭᠦᠮᠤᠵᠢᠯ ᠭᠦᠷᠳᠡᠭᠡᠳᠡᠭ᠃ | ︵ᠨᠢᠭᠡ︶ ᠤᠶᠢᠯᠡ ᠭᠦᠳᠡᠯᠦᠯ ᠤᠨ ᠴᠡᠭᠡᠷ | ︽ᠠᠮᠠ ᠪᠠᠨ ᠳᠠᠰᠢᠵᠤ ᠨᠠᠭᠠᠳᠪᠠᠯ ᠶᠠᠳᠠᠭᠤᠷᠠᠨ᠎ᠠ︾ ︽ᠭᠦᠮᠤᠨ ᠢ ᠭᠢᠯᠦᠶᠢᠵᠤ ᠬᠠᠷᠠᠪᠠᠯ ᠡᠷᠯᠢᠭ ᠲᠤ ᠤᠴᠢᠪᠠᠯ | ᠨᠢᠳᠤ ᠶᠢ ᠨᠢ ᠭᠤᠬ᠎ᠠ ᠳᠡᠭᠡᠭᠡ ᠪᠠᠷ ᠳᠡᠭᠡᠭᠡᠯᠡᠵᠤ ᠳᠠᠳᠠᠨ᠎ᠠ︾᠂ ︽ᠰᠠᠨᠠᠭ᠎ᠠ ᠠᠯᠳᠠᠬᠤ ᠪᠣᠶᠤ ᠵᠦᠩᠳᠡᠭᠡᠨ ᠭᠠᠰᠠᠯᠬᠤ | ᠶᠢ ᠵᠤᠪᠠᠯᠠᠩ ᠳᠠᠭᠤᠳᠠᠨ᠎ᠠ︾᠂ ︽ᠭᠦᠯ ᠢᠶᠠᠨ ᠵᠢᠭᠢᠵᠤ ᠤᠶᠢᠯᠡ ᠤᠶᠤᠪᠠᠯ ᠡᠭᠦᠷᠢᠳᠡ ᠤᠶᠤᠵᠤ ᠳᠠᠭᠤᠰᠬᠤ ᠦᠭᠡᠢ | ᠤᠶᠢᠯᠡ ᠲᠠᠢ ᠪᠣᠯᠤᠨ᠎ᠠ︾᠂ ︽ᠭᠦᠯ ᠢᠶᠠᠨ ᠵᠢᠭᠢᠭᠦ ᠪᠣᠶᠤ ᠡᠯᠢᠭᠡ ᠪᠠᠷ ᠢᠶᠠᠨ ᠭᠡᠪᠳᠡᠵᠤ ᠪᠢᠴᠢᠭ ᠦᠵᠡᠪᠡᠯ ᠪᠢᠴᠢᠭ | ᠳᠤᠭᠳᠠᠬᠤ ᠦᠭᠡᠢ ᠪᠣᠯᠤᠨ᠎ᠠ︾᠂ ︽ᠡᠪᠣᠳᠦᠭ ᠢᠶᠠᠨ ᠳᠠᠪᠡᠷᠡᠵᠤ ᠰᠠᠭᠤᠪᠠᠯ ᠦᠷᠢ ᠳᠤ ᠤᠨᠠᠨ᠎ᠠ︾ ︽ᠨᠠᠰᠤᠳᠠᠢ | ᠭᠦᠮᠤᠨ ᠤ ᠳᠤᠯᠤᠭᠠᠢ ᠪᠣᠶᠤ ᠪᠡᠶ᠎ᠡ ᠳᠤ ᠭᠠᠷ ᠭᠦᠷᠪᠡᠯ ᠪᠣᠶᠠᠨ ᠵᠠᠶᠢᠯᠠᠨ᠎ᠠ︾᠂ ︽ᠬᠤᠶᠢᠰᠢ ᠤᠬᠤᠷᠢᠵᠤ ᠶᠠᠪᠣᠪᠠᠯ | ᠡᠭᠡ ᠪᠠᠨ ᠬᠠᠷᠢᠶᠠᠨ᠎ᠠ︾ ᠭᠡᠭᠦ ᠮᠡᠳᠤ ᠶᠢᠨ ᠴᠡᠭᠡᠷ ᠶᠤᠰᠤ ᠨᠢ ᠭᠡᠤᠭᠡᠳ ᠤᠨ ᠡᠷᠭᠡ ᠵᠢᠷᠤᠭ᠎ᠠ ᠦᠭᠡᠢ᠄ ᠡᠴᠡᠭᠡ ᠡᠭᠡ | ᠠᠬᠠᠰ ᠵᠠᠬᠠᠰ ᠤᠨ ᠭᠦᠨᠳᠤᠳᠭᠡᠯ ᠰᠤᠷᠭᠠᠯ ᠦᠭᠡᠢ ᠰᠠᠨᠠᠭᠠᠨ ᠳᠤᠷ᠎ᠠ ᠪᠠᠷ ᠠᠭᠠᠰᠢᠯᠠᠭᠰᠠᠨ ᠶᠤᠰᠤ ᠤᠮ ᠦᠭᠡᠢ | ᠭᠡᠤᠭᠡᠳ ᠵᠠᠯᠠᠭᠤᠰ ᠢ ᠵᠠᠯᠬᠠᠭᠠᠨ ᠰᠡᠷᠡᠮᠵᠢᠭᠦᠯᠵᠤ ᠵᠠᠭᠢᠭᠰᠠᠨ ᠪᠠ ᠦᠰᠭᠦ ᠪᠤᠰᠬᠤ ᠭᠡᠤᠭᠡᠳ ᠤᠨ ᠪᠡᠶ᠎ᠡ ᠶᠢᠨ ᠡᠷᠡᠭᠦᠯ | ᠴᠢᠭᠢᠷᠠᠭ ᠢ ᠠᠩᠬᠠᠷᠤᠨ ᠰᠤᠷᠭᠠᠨ ᠭᠦᠮᠤᠵᠢᠭᠦᠯᠵᠤ ᠤᠶᠢᠯᠡ ᠭᠦᠳᠡᠯᠦᠯ ᠡᠪ ᠵᠢᠮ᠎ᠡ ᠲᠠᠢ᠂ ᠵᠤᠭᠰᠤᠬᠤ ᠶᠠᠪᠣᠬᠤ ᠨᠢ | ᠡᠪ ᠠᠶᠠᠰ ᠲᠠᠢ ᠪᠠᠶᠢᠬᠤ ᠶᠢ ᠰᠠᠨᠠᠭᠤᠯᠤᠨ ᠴᠤᠭ ᠰᠦᠯᠳᠡ ᠤᠷᠮ᠎ᠠ ᠵᠤᠷᠢᠭ ᠪᠠᠳᠠᠷᠠᠩᠭᠤᠢ᠂ ᠰᠠᠨᠠᠭ᠎ᠠ ᠰᠡᠳᠭᠢᠯ ᠳᠠᠯ᠎ᠠ | ᠰᠢᠭ᠋ ᠠᠭᠤᠳᠠᠮ ᠳᠡᠨᠢᠭᠦᠨ ᠪᠠᠶᠢᠬᠤ ᠶᠢ ᠭᠢᠴᠢᠶᠡᠨ ᠰᠤᠷᠭᠠᠭᠰᠠᠨ ᠪᠠᠶᠢᠨ᠎ᠠ᠃ | ︵ᠬᠤᠶᠠᠷ︶ ᠦᠭᠡ ᠭᠡᠯᠡ ᠪᠣᠯ ᠭᠦᠮᠤᠨ ᠳᠦᠷᠦᠯᠭᠢᠳᠡᠨ ᠤ ᠦᠵᠡᠯ ᠪᠣᠳᠤᠯ ᠢᠶᠠᠨ ᠰᠤᠯᠢᠯᠴᠠᠵᠤ ᠰᠠᠨᠠᠭ᠎ᠠ ᠰᠡᠳᠭᠢᠯ | ᠢᠶᠠᠨ ᠢᠯᠡᠳᠭᠡᠵᠤ ᠠᠵᠢᠯ ᠤᠶᠢᠯᠡᠰ ᠢᠶᠠᠨ ᠦᠷᠨᠢᠭᠦᠯᠳᠡᠭ ᠬᠠᠮᠤᠭ ᠰᠠᠶᠢᠨ ᠬᠠᠷᠢᠯᠴᠠᠭᠠᠨ ᠤ ᠪᠠᠭᠠᠵᠢ ᠭᠡᠷᠡᠭᠯᠡᠭᠦᠷ ᠨᠢ | ᠪᠣᠯᠬᠤ ᠪᠦᠭᠡᠳ ᠪᠠᠰᠠ ᠵᠠᠩ ᠵᠠᠩᠰᠢᠯ ᠰᠤᠶᠤᠯ ᠤᠨ ᠴᠢᠬᠤᠯᠠ ᠪᠦᠷᠢᠯᠳᠤᠭᠦᠨ ᠮᠥᠨ᠃ ᠡᠷᠳᠡ ᠡᠳᠤᠭᠡ ᠶᠢᠨ ᠭᠦᠮᠤᠰ | ᠦᠭᠡ ᠬᠡᠯᠡ ᠶᠢ ᠨᠢᠭᠡ ᠵᠤᠶᠢᠯ ᠤᠨ ᠷᠢᠳᠢ ᠰᠢᠳᠢ ᠲᠠᠢ ᠵᠤᠶᠢᠯ ᠢᠶᠠᠷ ᠢᠳᠡᠭᠡᠨ ᠪᠢᠰᠢᠷᠡᠵᠤ᠂ ᠡᠭᠦᠨ ᠤ ᠤᠯᠠᠮ ᠠᠴᠠ | ᠪᠠᠶᠢᠭᠠᠯᠢ ᠨᠡᠶᠢᠭᠡᠮ ᠤᠨ ᠡᠯᠳᠡᠪ ᠵᠤᠶᠢᠯ ᠤᠨ ᠶᠠᠭᠤᠮ᠎ᠠ ᠦᠵᠡᠭᠳᠡᠯ ᠢ ᠮᠠᠭᠳᠠᠨ ᠰᠠᠶᠢᠰᠢᠶᠠᠵᠤ᠂ ᠬᠠᠷᠢᠶᠠᠨ ᠵᠦᠭᠡᠭᠦ᠂ | ᠡᠰᠡᠭᠦᠯ᠎ᠡ ᠴᠡᠭᠡᠷᠯᠡᠨ ᠭᠡᠯᠡᠭᠦ ᠪᠤᠶᠤ ᠢᠳᠡᠭᠡᠭᠦᠯᠦᠨ ᠭᠡᠯᠡᠭᠦ ᠶᠤᠰᠤ ᠵᠠᠩᠰᠢᠯ ᠴᠦ ᠪᠣᠢ ᠪᠣᠯᠤᠭᠰᠠᠨ ᠪᠠᠶᠢᠨ᠎ᠠ᠃ ᠳᠡᠭᠡᠳᠤ | ᠮᠤᠩᠭᠤᠯᠴᠤᠳ ᠪᠡᠯᠭᠡ ᠳᠡᠮᠪᠡᠷᠡᠯ ᠢ ᠶᠡᠭᠡᠳᠡ ᠰᠢᠳᠤᠨ ᠪᠢᠰᠢᠷᠡᠳᠡᠭ ᠤᠴᠢᠷ ᠭᠡᠤᠭᠡᠳ ︽ᠦᠭᠦᠯᠡ᠂ ᠠᠯᠠᠯ᠎ᠠ᠂ | ᠡᠪᠡᠳᠴᠢᠯᠡᠯᠡ᠂ ᠡᠮ ᠤᠤᠭᠤᠯ᠎ᠠ᠂ ᠳᠡᠭᠡᠷᠡᠮ ᠳᠤ ᠳᠤᠨᠤᠭᠳᠠᠯᠠ᠂᠂᠂᠂᠂︾ ᠭᠡᠭᠦ ᠮᠡᠳᠤ ᠶᠢᠨ ᠦᠭᠡ ᠶᠢ ᠭᠡᠯᠡᠵᠤ | ᠨᠠᠭᠠᠳᠬᠤ ᠶᠢ ᠴᠡᠭᠡᠷᠯᠡᠨ᠎ᠡ︾᠂ ︽ᠪᠡᠷᠢ ᠭᠦᠮᠤᠨ ᠬᠠᠳᠠᠮ ᠤᠨ ᠨᠡᠷ᠎ᠡ ᠪᠠᠷ ᠳᠠᠭᠤᠳᠠᠬᠤ ᠶᠢ ᠴᠡᠭᠡᠷᠯᠡᠳᠡᠭ ᠪᠦᠭᠡᠳ | ᠳᠤᠤᠷ᠎ᠠ ᠦᠶ᠎ᠡ ᠨᠢ ︽ᠠᠬᠠᠮᠠᠳ ᠨᠠᠰᠤᠳᠠᠨ ᠤ ᠨᠡᠷ᠎ᠡ ᠪᠠᠷ ᠨᠢ ᠳᠠᠭᠤᠳᠠᠬᠤ︾ ᠶᠢ ᠳᠠᠰᠤ ᠴᠡᠭᠡᠷᠯᠡᠳᠡᠭ᠃ ︽ | ᠦᠭᠡᠳᠡ ᠪᠣᠯᠤᠭᠰᠠᠨ ᠭᠦᠮᠤᠨ ᠤ ᠨᠡᠷ᠎ᠡ ᠪᠠᠷ ᠳᠠᠭᠤᠳᠠᠪᠠᠯ ᠳᠤᠯᠤᠭᠠᠢ ᠨᠢ ᠦᠨᠳᠡᠶᠢᠨᠡ︾ ᠭᠡᠵᠤ ᠴᠡᠭᠡᠷᠯᠡᠨ᠎ᠡ᠃ ᠪᠠᠰᠠ | ᠦᠵᠡᠭᠰᠡᠨ ᠢᠶᠠᠨ ᠠᠪᠣᠪᠠᠯ ᠬᠤᠯᠤᠭᠠᠢ ᠪᠤᠯᠤᠨ᠎ᠠ᠃ ᠰᠤᠨᠤᠰᠤᠭᠰᠠᠨ ᠢᠶᠠᠨ ᠭᠡᠯᠡᠪᠡᠯ ᠬᠤᠪᠴᠢ ᠪᠣᠯᠤᠨ᠎ᠠ᠃ ᠠᠶᠢᠯ ᠲᠠᠢ | ᠬᠠᠮᠳᠤ ᠶᠠᠪᠣᠪᠠᠯ ᠠᠮᠠ ᠪᠠᠨ ᠭᠢᠴᠢᠶᠡ᠂ ᠭᠠᠭᠴᠠᠭᠠᠷ ᠶᠠᠪᠣᠪᠠᠯ ᠭᠠᠯ ᠢᠶᠠᠨ ᠭᠢᠴᠢᠶᠡ ᠭᠡᠭᠦ ᠮᠡᠳᠤ ᠶᠢᠨ ᠭᠡᠯᠡ ᠠᠮᠠ | ᠪᠣᠯᠵᠤ ᠭᠡᠷᠡᠭᠦᠯ ᠵᠢᠭᠤᠷᠠᠭᠠᠨ ᠪᠣᠯᠬᠤ ᠠᠴᠠ ᠰᠡᠷᠭᠡᠶᠢᠯᠡᠨ ᠬᠤᠳᠠᠯ ᠭᠡᠯᠡᠵᠤ ᠬᠤᠯᠠᠭᠠᠢ ᠭᠢᠭᠦ ᠶᠢ ᠴᠡᠭᠡᠷᠯᠡᠭᠦᠯᠵᠦ᠂ | ᠪᠣᠰᠤᠳ ᠲᠤ ᠡᠶ᠎ᠡ ᠨᠠᠶᠢᠷᠰᠠᠭ᠂ ᠡᠶᠡᠯᠳᠡᠭ ᠳᠤᠳᠤᠨᠤ ᠪᠠᠷ ᠠᠬᠠᠮᠠᠳ ᠨᠠᠰᠤᠳᠠᠶᠢᠴᠤᠳ ᠢᠶᠠᠨ ᠭᠦᠨᠳᠤᠳᠭᠡᠨ ᠳᠦᠪ | ᠭᠤᠤᠯᠴᠢ᠂ ᠴᠢᠭᠡᠴᠢ ᠦᠨᠡᠨᠴᠢ ᠦᠭᠡ ᠳᠠᠭᠤᠨ ᠲᠠᠢ ᠦᠩᠭᠡ ᠨᠠᠶᠢᠵᠢ ᠲᠠᠢ ᠶᠠᠪᠣᠬᠤ ᠶᠢ ᠡᠷᠭᠢᠮᠯᠡᠨ ᠰᠤᠷᠭᠠᠳᠠᠭ᠃ | ᠬᠤᠶᠠᠷ᠂ ᠡᠷᠡᠭᠦᠯ ᠮᠡᠨᠳᠤ ᠲᠠᠢ ᠬᠤᠯᠪᠣᠭᠳᠠᠭᠰᠠᠨ ᠴᠡᠭᠡᠷ | ᠡᠷᠡᠭᠦᠯ ᠴᠢᠭᠢᠷᠠᠭ ᠪᠡᠶ᠎ᠡ ᠮᠠᠬᠠᠪᠣᠳ ᠪᠣᠯ ᠭᠦᠮᠤᠨ ᠳᠦᠷᠦᠯᠭᠢᠳᠡᠨ ᠤ ᠬᠠᠮᠤᠭ ᠦᠨ᠎ᠡ ᠴᠠᠨ᠎ᠠ ᠲᠠᠢ ᠦᠪ ᠭᠦᠷᠦᠩᠭᠡ | ᠮᠥᠨ᠃ ᠡᠷᠡᠭᠦᠯ ᠴᠢᠭᠢᠷᠠᠭ ᠪᠡᠶ᠎ᠡ ᠮᠠᠬᠠᠪᠣᠳ ᠲᠠᠢ ᠪᠠᠶᠢᠮᠠᠨᠴᠢᠨ ᠭᠦᠮᠤᠨ ᠰᠠᠶ᠋ᠢ ᠪᠣᠳᠤᠭᠰᠠᠨ ᠰᠠᠨᠠᠭᠰᠠᠨ ᠢᠶᠠᠨ | ᠪᠡᠶᠡᠯᠡᠭᠦᠯᠵᠦ ᠠᠤᠭ᠎ᠠ ᠤᠶᠢᠯᠡᠰ ᠢ ᠪᠦᠳᠦᠭᠡᠵᠤ ᠠᠮᠢᠳᠤᠷᠠᠯ ᠤᠨ ᠭᠤᠸ᠎ᠠ ᠰᠠᠶᠢᠬᠠᠨ ᠢ ᠪᠦᠷᠢᠨ ᠡᠳ᠋ᠯᠡᠵᠤ ᠴᠢᠳᠠᠨ᠎ᠠ᠃ ︿ | ︿ᠪᠡᠶ᠎ᠡ ᠪᠠᠶᠢᠪᠠᠯ ᠪᠡᠭᠡᠵᠢᠩ ᠪᠠᠶᠢᠨ᠎ᠠ︶︶ ᠭᠡᠵᠤ ᠮᠠᠨ ᠤ ᠡᠪᠦᠭᠡ ᠳᠡᠭᠡᠳᠤᠰ ᠡᠨᠡ ᠶᠤᠰᠤ ᠶᠢ ᠤᠶᠤᠨ ᠤᠬᠠᠭᠠᠨ | ᠳᠠᠭᠠᠨ ᠰᠠᠪᠢᠨ ᠳᠠᠨᠢᠵᠤ ᠡᠨᠡ ᠳᠤᠬᠠᠢ ᠰᠤᠷᠭᠠᠵᠤ ᠰᠡᠷᠡᠮᠵᠢᠭᠦᠯᠦᠨ ᠢᠷᠡᠭᠰᠡᠨ ᠪᠠᠶᠢᠨ᠎ᠠ᠃ | ︵ᠨᠢᠭᠡ︶ ᠡᠪᠡᠳᠴᠢᠨ ᠳᠠᠬᠤᠯ ᠠᠴᠠ ᠰᠡᠷᠭᠡᠶᠢᠯᠡᠭᠦ ᠴᠡᠭᠡᠷ | ᠰᠠᠶ᠋ᠢ ᠭᠦᠩᠭᠡᠵᠢᠭᠰᠡᠨ ᠭᠦᠯ ᠲᠠᠢ ᠠᠶᠢᠯ ᠳᠤ ᠬᠤᠷᠢᠮ ᠨᠠᠶᠢᠷ ᠪᠣᠶᠤ ᠭᠡᠶᠢᠴᠢᠨ ᠢᠷᠡᠭᠦ ᠠᠴᠠ ᠰᠦᠷ ᠴᠤᠭᠢᠨᠡ ᠭᠡᠵᠤ | ᠴᠡᠭᠡᠷᠯᠡᠳᠡᠭ ᠨᠢ ᠤᠯᠠᠨ ᠤ ᠭᠦᠯ ᠳᠠᠭᠠᠵᠤ ᠡᠪᠡᠳᠴᠢᠨ ᠬᠠᠭᠤᠴᠢᠨ ᠬᠠᠯᠳᠠᠪᠤᠷᠢᠯᠠᠨ ᠨᠢᠯᠬ᠎ᠠ ᠭᠡᠤᠭᠡᠳ ᠤᠨ ᠠᠶᠤᠵᠤ | ᠰᠤᠴᠢᠬᠤ ᠠᠴᠠ ᠪᠣᠯᠭᠤᠮᠵᠢᠯᠠᠨ ᠭᠢᠴᠢᠶᠡᠭᠰᠡᠨ ᠶᠤᠮ᠃ ︽ᠭᠦᠯ ᠭᠦᠨᠳᠤ ᠭᠦᠮᠤᠨ ᠤᠳᠠᠰᠤ ᠤᠷᠢᠶᠠᠪᠠᠯ ᠭᠡᠤᠭᠡᠳ ᠤᠨ | ᠭᠦᠢ ᠤᠷᠢᠶᠠᠯᠳᠤᠨᠠ︾᠂ ︽ᠭᠦᠯ ᠭᠦᠨᠳᠤ ᠭᠦᠮᠤᠨ ᠳᠠᠤᠯᠠᠢ ᠶᠢᠨ ᠮᠢᠬ᠎ᠠ ᠡᠳᠡᠪᠡᠯ ᠰᠡᠳᠡᠷᠭᠡᠢ ᠭᠡᠤᠭᠡᠳ ᠳᠦᠷᠦᠨᠡ︾ | ᠭᠡᠵᠤ ᠴᠡᠭᠡᠷᠯᠡᠳᠡᠭ ᠨᠢ ᠦᠷ᠎ᠡ ᠭᠡᠤᠭᠡᠳ ᠢ ᠡᠷᠡᠭᠦᠯ ᠴᠢᠭᠢᠷᠠᠭ ᠵᠠᠷ ᠳᠦᠷᠦᠭᠦᠯᠵᠤ ᠦᠰᠭᠡᠭᠦ ᠪᠠ ᠭᠦᠩᠭᠡᠵᠢᠭᠦ ᠦᠶ᠎ᠡ | ᠶᠢᠨ ᠪᠡᠷᠭᠡᠳᠡᠭᠦ ᠠᠴᠠ ᠭᠢᠴᠢᠶᠡᠨ ᠰᠡᠷᠡᠮᠵᠢᠭᠦᠯᠦᠭᠰᠡᠨ ᠪᠠᠶᠢᠨ᠎ᠠ᠃ ︽ᠭᠠᠳᠠᠨ᠎ᠠ ᠭᠡᠭᠡᠷ᠎ᠡ ᠤᠨᠳᠠᠪᠠᠯ ᠠᠮᠠ ᠬᠠᠵᠠᠶᠢᠨ᠎ᠠ︾ | ᠭᠡᠵᠤ ᠴᠡᠭᠡᠷᠯᠡᠨ ᠭᠠᠵᠠᠷ ᠤᠨ ᠴᠡᠭᠢᠭ ᠠᠴᠠ ᠡᠪᠡᠳᠴᠢᠨ ᠬᠠᠭᠤᠴᠢᠨ ᠤᠯᠬᠤ ᠶᠢ ᠰᠡᠷᠭᠡᠶᠢᠯᠡᠭᠰᠡᠨ ᠪᠠᠶᠢᠨ᠎ᠠ᠃ | ︵ᠬᠤᠶᠠᠷ︶ ᠠᠷᠢᠭᠤᠨ ᠴᠡᠪᠡᠷ ᠢ ᠡᠷᠭᠢᠮᠯᠡᠭᠦ ᠴᠡᠭᠡᠷ | ᠡᠪᠡᠳᠴᠢᠨ ᠡᠮᠭᠢᠭ ᠤᠨ ᠦᠨᠳᠤᠰᠤ ᠨᠢ ᠠᠷᠢᠭᠤᠨ ᠴᠡᠪᠡᠷ ᠪᠤᠰᠤ ᠠᠴᠠ ᠢᠷᠡᠨ᠎ᠡ᠃ ᠡᠷᠡᠭᠦᠯ ᠴᠢᠭᠢᠷᠠᠭ ᠪᠠᠶ᠎ᠠ | ᠮᠠᠬᠠᠪᠣᠳ ᠲᠠᠢ ᠪᠣᠯᠤᠶ᠎ᠠ ᠭᠡᠪᠡᠯ ᠠᠷᠢᠭᠤᠨ ᠴᠡᠪᠡᠷ ᠢ ᠡᠷᠭᠢᠮᠯᠡᠭᠦ ᠪᠣᠯ ᠰᠢᠨᠵᠢᠯᠡᠭᠦ ᠤᠬᠠᠭᠠᠨ ᠤ ᠤᠨᠤᠯ ᠮᠥᠨ᠃ ︽ | ᠬᠤᠷᠤᠭᠤ ᠭᠢᠮᠤᠰᠤ ᠪᠠᠨ ᠠᠮᠠᠨ ᠳᠠᠭᠠᠨ ᠭᠢᠪᠡᠯ ᠭᠠᠯᠵᠢᠭᠤ ᠡᠷᠭᠢᠭᠦᠦ ᠪᠤᠯᠤᠨ᠎ᠠ︾᠂ ︽ᠦᠰᠦ᠋ ᠰᠠᠭᠠᠬᠤ ᠳᠠᠭᠠᠨ ᠭᠠᠷ | ᠢᠶᠠᠨ ᠤᠭᠢᠶᠠᠯ ᠦᠭᠡᠢ ᠦᠯᠦᠨ ᠭᠭᠢᠷ ᠲᠠᠢ ᠰᠠᠭᠠᠪᠠᠯ ᠦᠨᠢᠶᠡᠨ ᠳᠡᠯᠡᠩ ᠬᠠᠪᠤᠳᠤᠨ᠎ᠠ︾ ︽ᠭᠡᠷ ᠲᠤ ᠨᠢᠰᠤ ᠰᠢᠯᠦᠰᠤ | ᠪᠠᠨ ᠬᠠᠶᠠᠬᠤ ᠶᠢ ᠴᠡᠭᠡᠷᠯᠡᠨ᠎ᠡ︾ ︽ᠮᠠᠯ ᠤᠨ ᠬᠠᠰᠢᠶ᠎ᠠ ᠰᠠᠷᠠᠪᠴᠢ ᠤᠶᠠᠭ᠎ᠠ ᠵᠡᠯᠡᠨ ᠳᠡᠭᠡᠷ᠎ᠡ ᠪᠠᠭᠠᠵᠤ ᠰᠢᠭᠡᠪᠡᠯ ᠳᠦᠯ | ᠳᠠᠭᠠᠬᠤ ᠦᠭᠡᠢ ᠪᠣᠯᠤᠨ᠎ᠠ᠂ ᠮᠠᠯ ᠤᠨ ᠭᠢᠰᠢᠭ ᠵᠠᠶᠢᠯᠠᠨ᠎ᠠ︾ ᠭᠡᠵᠤ ᠴᠡᠭᠡᠷᠯᠡᠨ᠎ᠡ᠃ ᠡᠨᠡ ᠨᠢ ᠠᠷᠢᠭᠤᠨ ᠴᠡᠪᠡᠷ ᠢ | ᠡᠷᠭᠢᠮᠯᠡᠨ ᠡᠪᠡᠳᠴᠢᠨ ᠪᠠᠺᠠᠲ᠋ᠤᠷ ᠤᠨ ᠦᠷᠡᠵᠢᠯ ᠠᠴᠠ ᠰᠡᠷᠭᠡᠶᠢᠯᠡᠭᠦ ᠵᠤᠷᠢᠯᠭ᠎ᠠ ᠲᠠᠢ ᠶᠤᠮ᠃ ︽ᠪᠠᠭᠤᠷᠢ ᠳᠡᠭᠡᠷ᠎ᠡ | ᠳᠠᠰᠤᠷᠬᠠᠢ ᠰᠠᠪᠯᠠᠷᠬᠠᠢ ᠬᠤᠭ ᠨᠤᠪᠰᠢ ᠪᠠᠨ ᠴᠡᠪᠡᠷᠯᠡᠭᠦ ᠦᠭᠡᠢ ᠪᠣᠯ ᠮᠠᠭᠤ ᠳᠤᠭᠠᠳᠠᠨ ᠱᠦᠭᠯᠡᠨᠡ︾᠂ ︽ᠱᠠᠮ | ᠰᠢᠭᠦᠷ᠂ ᠶᠤᠭᠳᠤ ᠪᠠᠨ ᠪᠠᠭᠤᠷᠢ ᠳᠡᠭᠡᠷ᠎ᠡ ᠪᠠᠨ ᠬᠠᠶᠠᠪᠠᠯ ᠴᠢᠳᠭᠦᠷ ᠢᠳᠡᠯᠡᠨᠡ︾ ᠭᠡᠵᠤ ᠴᠡᠭᠡᠷᠯᠡᠳᠡᠭ ᠨᠢ ᠮᠠᠨ ᠤ | ᠮᠤᠩᠭᠤᠯᠴᠤᠳ ᠪᠠᠭᠤᠭᠰᠠᠨ ᠰᠠᠭᠤᠷᠢᠰᠢᠯ ᠭᠠᠵ᠊ ᠠᠷ ᠲᠡᠭᠡᠨ ᠠᠯᠠᠭᠠᠨ ᠴᠢᠨᠡᠭᠡᠨ ᠦ ᠰᠡᠪ ᠦᠯᠡᠳᠡᠭᠡᠯ ᠦᠭᠡᠢ ᠴᠡᠪᠡᠷ | ᠴᠡᠮᠭᠡᠷ ᠶᠠᠪᠣᠳᠠᠭ ᠰᠠᠶᠢᠬᠠᠨ ᠠᠷᠠᠨᠰᠢᠨ ᠤ ᠪᠣᠳᠠᠳᠤ ᠢᠯᠡᠷᠡᠯ ᠮᠥᠨ᠃ ︽ᠨᠢᠯᠬ᠎ᠠ ᠭᠡᠤᠭᠡᠳ ᠤᠨ ᠪᠠᠭᠠᠰᠤ ᠶᠢ ᠮᠤᠳᠤ | ᠳᠦᠯᠡᠰᠢᠨ ᠳᠤ ᠤᠶᠢᠷᠠᠳᠤᠭᠤᠯᠵᠤ ᠭᠠᠯ ᠳᠤ ᠤᠷᠤᠪᠠᠯ ᠭᠠᠯ ᠪᠣᠷᠬᠠᠨ ᠠᠭᠤᠷᠯᠠᠨ᠎ᠠ︾᠂ ︽ᠮᠠᠯ ᠤᠨ ᠶᠠᠰᠤ᠂ ᠠᠷᠠᠰᠤ | ᠨᠤᠤᠰᠤ ᠳᠦᠯᠡᠭᠦ ᠶᠢ ᠴᠡᠭᠡᠷᠯᠡᠨ᠎ᠡ ᠠᠮᠢᠳᠤ ᠭᠦᠮᠤᠨ ᠤ ᠬᠤᠪᠴᠠᠰᠣ ᠬᠤᠨᠠᠷ ᠢ ᠳᠦᠯᠡᠭᠦ ᠢ ᠴᠡᠭᠡᠷᠯᠡᠨ᠎ᠡ᠂ ᠰᠤᠩᠭᠢᠨ᠎ᠠ | ᠰᠠᠷᠢᠮᠰᠤᠭ ᠤᠨ ᠬᠠᠯᠢᠰᠤ ᠶᠢ ᠰᠢᠳᠠᠭᠠᠪᠠᠯ ᠢᠮᠠᠭᠠᠨ ᠰᠦ ᠰᠢᠷᠭᠡᠨᠡ︾ ᠭᠡᠵᠤ ᠴᠡᠭᠡᠷᠯᠡᠳᠡᠭ ᠨᠢ ᠠᠭᠠᠷ᠂ ᠠᠭᠤᠷ | ᠠᠮᠢᠰᠬᠤᠯ ᠤᠨ ᠪᠣᠭᠢᠷᠳᠠᠯ ᠠᠴᠠ ᠡᠪᠡᠳᠴᠢᠨ ᠳᠠᠬᠤᠯ ᠤᠯᠬᠤ ᠶᠢ ᠰᠡᠷᠭᠡᠶᠢᠯᠡᠨ ᠵᠠᠶᠢᠯᠠᠰᠭᠢᠭᠰᠠᠨ ᠶᠠᠪᠣᠳᠠᠯ ᠪᠣᠯᠤᠨ᠎ᠠ᠃ | ᠭᠤᠷᠪᠠ᠂ ᠡᠭᠡ ᠪᠠᠶᠢᠭᠠᠯᠢ᠂ ᠠᠮᠢᠳᠠᠨ ᠤᠷᠭᠤᠮᠠᠯ ᠲᠠᠢ ᠬᠤᠯᠪᠤᠭᠳᠠᠭᠰᠠᠨ ᠴᠡᠭᠡᠷ | ᠡᠭᠡ ᠪᠠᠶᠢᠭᠠᠯᠢ ᠶᠢᠨ ᠠᠮᠢ ᠠᠬᠤᠢ ᠪᠣᠯ ᠬᠦᠮᠦᠨ ᠲᠦᠷᠦᠯᠬᠢᠳᠡᠨ ᠤ ᠣᠷᠣᠰᠢᠨ ᠲᠣᠭᠳᠠᠨᠢᠬᠤ ᠶᠢᠨ ᠡᠭᠡ ᠰᠣᠷᠪᠣᠯᠵᠢ | ᠮᠥᠨ᠃ ᠡᠨᠡ ᠨᠢ ᠣᠳᠣ ᠦᠶ᠎ᠡ ᠶᠢᠨ ᠪᠦᠬᠦ ᠪᠦᠮᠪᠦᠷᠴᠡᠭ ᠤᠨ ᠠᠩᠬᠠᠷᠠᠬᠤ ᠭᠤᠣᠯ ᠰᠡᠳᠦᠪ ᠪᠣᠯᠵᠣ ᠪᠠᠶᠢᠭ᠎ᠠ ᠶᠤᠮ᠃ | ᠬᠡᠳᠡᠯ᠎ᠡ ᠮᠠᠨ ᠤ ᠡᠪᠦᠭᠡ ᠲᠡᠬᠡᠳᠦᠰ ᠡᠭᠡ ᠪᠡᠶᠢᠭᠠᠯᠢ᠂ ᠠᠷᠢᠶᠠᠳᠠᠨ ᠠᠮᠢᠳᠠᠨ᠂ ᠡᠪᠡᠰᠦ ᠣᠷᠭᠤᠮᠠᠯ᠂ ᠬᠡᠷ ᠣᠷᠣᠨ | ᠢᠶᠠᠨ ᠬᠠᠶᠢᠷᠠᠯᠠᠨ ᠬᠠᠮᠠᠭᠠᠯᠠᠬᠤ ᠲᠦᠷᠦᠯᠬᠢ ᠶᠢᠨ ᠲᠡᠬᠡᠳᠦ ᠣᠬᠠᠮᠰᠠᠷ ᠲᠠᠢ ᠪᠠᠶᠢᠳᠠᠭ ᠶᠤᠮ᠃ | ︵ᠨᠢᠬᠡ︶ ᠡᠪᠡᠰᠦ ᠣᠷᠭᠤᠮᠠᠯ᠂ ᠭᠠᠵᠠᠷ ᠣᠰᠣᠨ ᠤ ᠴᠡᠬᠡᠷ | ︽ᠣᠷᠭᠤᠭ᠎ᠠ ᠴᠡᠴᠡᠭ᠂ ᠣᠷᠭᠤᠮᠠᠯ ᠤᠨ ᠦᠨᠳᠣᠰᠣ ᠶᠢ ᠲᠠᠰᠣᠯᠪᠠᠯ ᠨᠠᠰᠣ ᠣᠬᠤᠷᠳᠣᠨᠠ︾ ︽ᠮᠣᠳᠣ ᠰᠢᠷᠣᠢ ᠶᠢ | ᠲᠣᠷ᠎ᠡ ᠪᠠᠷ ᠬᠦᠨᠳᠣᠪᠡᠯ ᠭᠠᠷ ᠬᠦᠯ ᠲᠡᠬᠢᠷᠠᠨᠠ︾ ︽ᠪᠣᠯᠠᠭ ᠤᠨ ᠨᠢᠳᠦ ᠢ ᠮᠠᠯᠳᠠᠪᠠᠯ ᠨᠢᠳᠣ ᠰᠣᠬᠤᠷᠠᠨᠠ︾ ᠭᠡᠵᠤ | ᠴᠡᠬᠡᠷᠯᠡᠳᠡᠭ ᠨᠢ ᠡᠭᠡ ᠪᠠᠶᠢᠭᠠᠯᠢ ᠣᠩᠭᠤᠨ ᠲᠠᠷᠬᠠᠨ ᠢ ᠬᠠᠮᠠᠭᠠᠯᠠᠬᠤ ᠰᠠᠨᠠᠭ᠎ᠠ ᠲᠠᠢ ᠶᠤᠮ᠃ ︽ᠬᠠᠪᠣᠷ ᠭᠠᠵᠠᠷ ᠣᠰᠣ | ᠬᠡᠰᠬᠦ ᠦᠶ᠎ᠡ ᠳᠤ ᠭᠠᠵᠠᠷ ᠰᠢᠷᠣᠢ ᠶᠢ ᠬᠦᠨᠳᠡᠪᠡᠯ ᠯᠣᠣᠰ ᠰᠢᠪᠳᠠᠭ ᠠᠭᠤᠷᠯᠠᠨ᠎ᠠ︾ ᠭᠡᠵᠤ ᠴᠡᠬᠡᠷᠯᠡᠳᠡᠭ ᠨᠢ ᠬᠠᠪᠣᠷ | ᠪᠣᠯ ᠲᠦᠮᠡᠨ ᠪᠣᠳᠠᠰ ᠤᠨ ᠠᠮᠢᠯᠠᠯ ᠤᠨ ᠣᠯᠠᠷᠠᠯ ᠪᠢᠯᠡ᠃ ᠡᠪᠡᠰᠦ ᠣᠷᠭᠤᠮᠠᠯ ᠦᠨᠳᠦᠰᠦᠯᠡᠬᠦ ᠶᠢ ᠬᠠᠷᠰᠢᠯᠠᠬᠤ ᠠᠴᠠ | ᠬᠢᠴᠢᠶᠡᠨ ᠵᠠᠬᠢᠭᠰᠠᠨ ᠣᠴᠢᠷ ᠪᠣᠯᠣᠨ᠎ᠠ᠃ ︽ᠰᠦᠨᠢ ᠣᠷᠣᠢ ᠭᠤᠣᠯ ᠭᠤᠷᠤᠬ᠎ᠠ᠂ ᠨᠠᠮᠤᠭ ᠪᠣᠯᠠᠭ ᠠᠴᠠ ᠣᠰᠣ | ᠠᠪᠣᠪᠠᠯ ᠡᠪᠡᠳᠴᠢᠨ ᠢᠷᠡᠨ᠎ᠡ︾ ᠭᠡᠵᠤ ᠴᠡᠬᠡᠷᠯᠡᠳᠡᠭ ᠨᠢ ᠬᠠᠷᠠᠩᠭᠤᠢ ᠪᠦᠷᠦᠢ ᠭᠤᠣᠯ ᠤᠨ ᠣᠰᠣᠨ ᠳᠤ ᠣᠨᠠᠬᠤ | ᠪᠣᠶᠣ ᠠᠷᠢᠶᠠᠳᠠᠨ ᠠᠮᠢᠳᠠᠨ ᠤ ᠠᠶᠣᠯ ᠬᠡᠨᠡᠳᠡᠯ ᠠᠴᠠ ᠰᠡᠷᠬᠡᠶᠢᠯᠡᠬᠦ ᠵᠣᠷᠢᠯᠭ᠎ᠠ ᠲᠠᠢ ᠶᠤᠮ᠃ ︽ᠭᠠᠵᠠᠷ ᠭᠤᠶᠠᠳᠠᠬᠤ | ᠶᠢ ᠴᠡᠬᠡᠷᠯᠡᠨ᠎ᠡ᠂ ᠮᠠᠯ ᠪᠠᠷᠠᠭᠳᠠᠬᠤ ᠪᠣᠶᠣ ᠡᠷᠬᠢᠬᠦᠦ ᠡᠪᠡᠳᠴᠢᠨ ᠢᠷᠡᠨ᠎ᠡ︾ ︽ᠲᠣᠭᠰᠢᠨ ᠭᠠᠵᠠᠷ ᠮᠠᠯᠳᠠᠬᠤ᠂ ᠮᠣᠳᠣ | ᠣᠷᠭᠤᠮᠠᠯ ᠢ ᠣᠭᠳᠣᠯᠠᠬᠤ᠂ ᠣᠰᠣ ᠪᠣᠯᠠᠭ ᠢ ᠭᠦᠨᠳᠡᠭᠦ︾ ᠶᠢ ᠴᠡᠬᠡᠷᠯᠡᠨ᠎ᠡ᠃ ᠡᠨᠡ ᠨᠢ ᠮᠠᠨ ᠤ ᠮᠤᠩᠭᠤᠯᠴᠤᠳ | ᠳᠤᠷᠭᠠᠨ ᠦᠭᠡᠳᠡᠰᠤ ᠠᠴᠠ ᠭᠠᠵᠠᠷ ᠤᠨ ᠦᠭᠡᠳᠡᠰᠤ ᠭᠡᠵᠤ ᠭᠠᠵᠠᠷ ᠨᠤᠳᠤᠭ ᠢᠶᠠᠨ ᠠᠮᠢᠨ ᠭᠤᠤᠯ ᠲᠠᠢ ᠪᠠᠨ | ᠬᠤᠯᠪᠣᠨ ᠪᠣᠳᠤᠵᠤ᠂ ᠤᠤᠭᠤᠭᠰᠠᠨ ᠤᠰᠤ ᠷᠠᠰᠢᠶᠠᠨ᠂ ᠤᠨᠠᠭᠰᠠᠨ ᠰᠢᠷᠤᠢ ᠠᠯᠳᠠ ᠭᠡᠵᠤ ᠡᠷᠭᠢᠮᠯᠡᠨ ᠬᠠᠶᠢᠷᠠᠯᠠᠵᠤ | ᠰᠢᠳᠤᠭᠦ ᠵᠠᠩᠰᠢᠯ ᠲᠠᠢ᠃ | ︵ᠬᠤᠶᠠᠷ︶ ᠠᠷᠢᠶᠠᠳᠠᠨ ᠠᠮᠢᠳᠠᠨ ᠤ ᠴᠡᠭᠡᠷ | ︽ᠪᠣᠭᠱᠤᠷᠭ᠎ᠠ ᠰᠢᠪᠠᠭᠤᠨ ᠤ ᠦᠨᠳᠡᠭᠡ ᠳᠡᠭᠡᠷ᠎ᠡ ᠪᠡᠶ᠎ᠡ ᠶᠢᠨ ᠰᠡᠭᠦᠳᠡᠷ ᠢᠶᠠᠨ ᠭᠦᠷᠭᠡᠳᠡᠭ ᠦᠭᠡᠢ ᠡᠭᠡ ᠨᠢ | ᠭᠤᠯᠤᠴᠢᠬᠠᠳᠠᠭ᠃ ᠰᠢᠪᠠᠭᠤᠨ ᠤ ᠡᠭᠦᠷ ᠢ ᠡᠪᠳᠡᠳᠡᠭ ᠦᠭᠡᠢ᠂ ᠡᠪᠳᠡᠪᠡᠯ ᠬᠤᠵᠢᠮ ᠭᠡᠷ ᠦᠭᠡᠢ ᠪᠣᠯᠤᠨ᠎ᠠ︾᠂ ︽ | ᠭᠦᠷᠪᠡᠯ ᠢ ᠭᠤᠤᠴᠢᠯᠠᠳᠠᠭ ᠦᠭᠡᠢ᠂ ᠭᠦᠷᠪᠡᠯ ᠭᠠᠷ ᠭᠦᠯ ᠳᠤ ᠨᠠᠭᠠᠯᠳᠤᠪᠠᠯ ᠠᠯᠳᠠᠨ ᠬᠠᠶᠢᠴᠢ ᠪᠠᠷ ᠬᠠᠶᠢᠴᠢᠯᠠᠬᠤ | ᠠᠴᠠ ᠪᠢᠰᠢ ᠰᠠᠯᠳᠠᠭ ᠦᠭᠡᠢ︾᠂ ︽ᠳᠤᠭᠤᠷᠤᠤ ᠶᠢᠨ ᠳᠡᠭᠳᠡᠮᠡᠯ ᠢ ᠭᠤᠤᠴᠢᠯᠠᠵᠤ ᠦᠷᠭᠦᠭᠡᠳᠡᠭ ᠦᠭᠡᠢ᠂ | ᠳᠤᠭᠤᠷᠤᠤ ᠢᠷᠡᠵᠤ ᠳᠠᠯᠠᠪᠴᠢ ᠪᠠᠷ ᠢᠶᠠᠨ ᠳᠠᠰᠢᠳᠠᠭ︾᠂ ︽ᠦᠨᠡᠭᠡᠨ ᠨᠦᠭᠡ ᠶᠢ ᠮᠠᠯᠳᠠᠳᠠᠭ ᠦᠭᠡᠢ᠂ ᠦᠷ᠎ᠡ | ᠦᠳᠤᠰᠤ ᠪᠠᠷ ᠢᠶᠠᠨ ᠳᠠᠰᠤᠷᠠᠨ᠎ᠠ︾ ︽ᠪᠣᠭᠤ ᠠᠯᠠᠳᠠᠭ ᠦᠭᠡᠢ᠂ ᠪᠣᠶᠠᠨ ᠵᠠᠶᠢᠯᠠᠨ᠎ᠠ᠃ ᠮᠤᠭᠠᠢ ᠠᠯᠠᠪᠠᠯ ᠦᠷ᠎ᠡ | ᠦᠨᠳᠤᠰᠤ ᠦᠭᠡᠢ ᠪᠣᠯᠤᠨ᠎ᠠ︾ ᠭᠡᠵᠤ ᠴᠡᠭᠡᠷᠯᠡᠳᠡᠭ ᠨᠢ ᠡᠭᠡ ᠪᠠᠶᠢᠭᠠᠯᠢ ᠶᠢᠨ ᠠᠮᠢᠳᠠᠨ ᠭᠤᠤᠯᠳᠠᠨ ᠪᠦᠭᠦᠨ ᠢ ᠡᠰᠡᠨ | ᠮᠡᠨᠳᠤ ᠪᠠᠶᠢᠯᠭᠠᠬᠤ ᠶᠢᠨ ᠤᠴᠢᠷ ᠮᠠᠨ ᠤ ᠡᠪᠦᠭᠡ ᠳᠡᠭᠡᠳᠤᠰ ᠰᠡᠴᠡᠨ ᠴᠡᠯᠮᠡᠭ ᠤᠶᠤᠨ ᠤᠬᠠᠭᠠᠨ ᠢᠶᠠᠷ ᠢᠶᠠᠨ | ᠡᠷᠭᠢᠭᠦᠯᠵᠤ ᠳᠤᠭᠤᠷᠢᠭᠤᠯᠤᠨ ᠦᠷ᠎ᠡ ᠭᠡᠤᠭᠡᠳ ᠢᠶᠠᠨ ᠰᠤᠷᠭᠠᠨ ᠡᠯᠪᠡᠷᠡᠯ ᠵᠢᠷᠤᠮ ᠲᠠᠢ ᠶᠠᠪᠣᠬᠤ ᠶᠢ ᠭᠦᠮᠤᠵᠢᠭᠦᠯᠳᠡᠭ | ᠬᠠᠮᠤᠭ ᠪᠦᠳᠤᠮᠵᠢᠳᠠᠢ ᠤᠷᠠᠨ ᠠᠷᠭ᠎ᠠ ᠨᠢ ᠪᠣᠯᠤᠨ᠎ᠠ᠃ ︽ᠮᠤᠷᠢ ᠤᠨᠤᠭ᠎ᠠ ᠪᠠᠨ ᠨᠤᠭᠳᠤ ᠴᠤᠯᠪᠣᠭᠤᠷ ᠢᠶᠠᠷ ᠴᠤᠭᠢᠬᠤ | ᠶᠢ ᠮᠠᠯ ᠤᠨ ᠪᠣᠶᠠᠨ ᠭᠡᠰᠢᠭ ᠵᠠᠶᠢᠯᠠᠨ᠎ᠠ᠃ ᠰᠠᠭᠠᠭᠰᠠᠨ ᠦᠨᠢᠶ᠎ᠡ ᠪᠠᠨ ᠬᠠᠷᠢᠶᠠᠵᠤ ᠵᠤᠳᠤᠬᠤ ᠪᠠ ᠰᠠᠭᠠᠯᠢ ᠶᠢᠨ ᠮᠠᠯ | ᠢᠶᠠᠨ ᠭᠠᠳᠠᠭᠰᠢ ᠬᠤᠳᠠᠯᠳᠤᠬᠤ᠂ ᠠᠯᠠᠵᠤ ᠢᠳᠡᠭᠦ︾ ᠶᠢ ᠴᠡᠭᠡᠷᠯᠡᠳᠡᠭ ᠨᠢ᠂ ᠮᠤᠩᠭᠤᠯ ᠭᠦᠮᠤᠨ ᠮᠠᠯ ᠤᠨᠤᠭ᠎ᠠ ᠪᠠᠨ | ᠦᠪᠡᠷ ᠤᠨ ᠪᠡᠶ᠎ᠡ ᠰᠢᠭ ᠳᠤᠳᠤᠮᠳᠠᠨ ᠠᠷᠠᠴᠢᠯᠠᠵᠤ ᠬᠠᠶᠢᠷᠠᠯᠠᠳᠠᠭ ᠳᠤᠯᠠ ᠤᠨᠤᠭᠰᠠᠠ ᠮᠤᠷᠢᠨ ᠤ ᠡᠮᠡᠭᠡᠯ ᠢ ᠭᠦᠷᠳᠡᠯ᠎ᠡ | ᠭᠠᠵᠠᠷ ᠳᠠᠯᠪᠢᠳᠠᠭ ᠦᠭᠡᠢ ᠶᠤᠰᠤ ᠵᠢᠷᠤᠮ ᠲᠠᠢ ᠪᠠᠶᠢᠳᠠᠭ᠃ ᠮᠠᠯ ᠠᠬᠤᠢ ᠪᠠᠨ ᠦᠨᠢᠷ ᠦᠰᠭᠡᠨ ᠬᠠᠶᠢᠷᠠᠯᠠᠵᠤ | ᠬᠠᠮᠠᠭᠠᠯᠠᠬᠤ ᠰᠠᠶᠢᠬᠠᠨ ᠠᠷᠠᠨᠰᠢᠨ ᠲᠠᠢ ᠪᠣᠯᠭᠠᠬᠤ ᠶᠢᠨ ᠳᠦᠯᠦᠭᠡ ᠶᠤᠮ᠃ ᠮᠤᠩᠭᠤᠯᠴᠤᠳ ᠡᠷᠳᠡ ᠦᠶ᠎ᠡ ᠠᠴᠠ ᠠᠩ | ᠠᠩᠨᠠᠨ ᠮᠠᠯ ᠠᠬᠤᠢ ᠪᠠᠨ ᠳᠡᠵᠢᠭᠡᠵᠤ ᠢᠷᠡᠭᠰᠡᠨ ᠳᠡᠤᠭᠡ ᠲᠠᠢ᠃ ᠭᠡᠭᠦ ᠳᠤ ᠪᠠᠨ ᠬᠠᠷᠭᠤᠭᠰᠠᠨ ᠤᠴᠠᠷᠠᠭᠰᠠᠨ ᠳᠡᠷᠡ | ᠪᠦᠭᠦᠨ ᠢ ᠬᠠᠮᠢᠭ᠎ᠠ ᠨᠠᠮᠢᠶ᠎ᠠ ᠦᠭᠡᠢ ᠠᠯᠠᠵᠤ ᠭᠢᠲᠦᠲᠡᠭ ᠪᠢᠰᠢ᠃ ᠤᠯᠤᠭᠰᠠᠨ ᠤᠯᠵᠠ ᠪᠠᠨ ᠤᠯᠠᠨ ᠢᠶᠠᠷ ᠢᠶᠠᠨ | ᠬᠤᠪᠢᠶᠠᠳᠠᠭ᠂ ᠭᠠᠭᠴᠠᠭᠠᠷ ᠢᠶᠠᠨ ᠬᠠᠷᠠᠮᠨᠠᠨ ᠢᠳᠡᠭᠦ ᠶᠢ ᠴᠡᠭᠡᠷᠯᠡᠨ ᠳᠡᠭᠷᠢ ᠶᠢᠨ ᠭᠢᠰᠢᠭ ᠭᠡᠮᠡᠨ ᠠᠶᠢᠯ ᠭᠦᠷᠢᠶ᠎ᠡ ᠪᠠᠷ | ᠢᠶᠠᠨ ᠬᠤᠪᠢᠶᠠᠯᠴᠠᠨ ᠢᠳᠡᠭᠦ ᠵᠠᠩᠰᠢᠯ ᠲᠠᠢ ᠶᠤᠮ᠃ ᠨᠢᠯᠬ᠎ᠠ ᠵᠤᠯᠵᠠᠭᠠᠨ ᠠᠮᠢᠳᠠᠨ ᠢ ᠠᠩᠨᠠᠵᠤ ᠠᠯᠠᠬᠤ᠂ ᠠᠩ | ᠠᠮᠢᠳᠠᠨ ᠢ ᠳᠡᠷᠴᠢᠯᠭᠠᠨ ᠠᠯᠠᠬᠤ ᠶᠢ ᠴᠡᠭᠡᠷᠯᠡᠨ ᠵᠦᠷᠢᠴᠡᠪᠡᠰᠤ ᠨᠢᠭᠦᠯ ᠪᠣᠯᠵᠤ ᠳᠤᠯᠤᠭᠠᠨ ᠬᠠᠷ᠎ᠠ ᠳᠠᠮᠤ ᠶᠢᠨ | ᠢᠷᠤᠭᠠᠷ ᠲᠤ ᠤᠨᠠᠨ᠎ᠠ᠃ ᠡᠮ᠎ᠡ ᠭᠦᠷᠤᠭᠡᠰᠤ ᠶᠢ ᠠᠯᠠᠵᠤ ᠠᠩᠨᠠᠬᠤ ᠶᠢ ᠴᠡᠭᠡᠷᠯᠡᠨ᠎ᠡ᠃ ᠡᠨᠡ ᠨᠢ ᠠᠷᠢᠶᠠᠳᠠᠨ ᠠᠮᠢᠳᠠᠨ | ᠤ ᠦᠷ᠎ᠡ ᠦᠨᠳᠤᠰᠤ ᠬᠤᠮᠰᠠᠳᠠᠵᠤ ᠴᠦᠭᠡᠷᠡᠭᠦ ᠠᠴᠠ ᠭᠢᠴᠢᠶᠡᠭᠰᠡᠨ ᠤᠴᠢᠷ ᠪᠤᠯᠤᠨ᠎ᠠ᠃ ᠳᠡᠭᠡᠳᠤ ᠮᠤᠩᠭᠤᠯᠴᠤᠳ | ᠠᠵᠤ ᠠᠮᠢᠳᠤᠷᠠᠯ ᠤᠨ ᠵᠠᠩ ᠳᠠᠳᠬᠠᠯ ᠶᠤᠰᠤ ᠵᠢᠷᠤᠮ ᠳᠤ ᠪᠡᠯᠭᠡ ᠴᠡᠭᠡᠷ᠎ᠡ ᠤᠨ ᠶᠤᠰᠤᠨ ᠢ ᠶᠡᠭᠡᠳᠡ ᠴᠢᠬᠤᠯᠴᠢᠯᠠᠨ | ᠦᠶ᠎ᠡ ᠳᠠᠷᠠᠭᠠᠯᠠᠨ ᠤᠯᠠᠮᠵᠢᠯᠠᠵᠤ᠂ ᠦᠷ᠎ᠡ ᠬᠤᠶᠢᠴᠢᠰ ᠢᠶᠠᠨ ᠭᠦᠮᠦᠵᠢᠭᠦᠯᠦᠨ ᠰᠤᠷᠭᠠᠬᠤ ᠳᠤᠰᠬᠠᠢ ᠤᠷ᠎ᠠ ᠮᠡᠷᠭᠡᠰᠢᠯ | ᠢᠶᠠᠨ ᠪᠣᠯᠭᠠᠵᠤ᠂ ᠤᠯᠠᠨ ᠵᠤᠶᠢᠯ ᠤᠨ ᠪᠣᠯᠪᠠᠰᠤᠨ ᠰᠤᠶᠤᠯ ᠤᠨ ᠡᠭᠦᠳᠡ ᠨᠡᠭᠡᠭᠡᠵᠡᠢ᠃ ᠳᠤᠬᠠᠶᠢᠯᠠᠪᠠᠯ ᠠᠬᠠᠮᠠᠳ | ᠨᠠᠰᠤᠳᠠᠨ ᠢᠶᠠᠨ ᠭᠡᠷᠭᠢᠨ ᠭᠦᠨᠳᠤᠯᠡᠨ ᠭᠡᠤᠭᠡᠳ ᠳᠡᠭᠦᠤᠨᠡᠷ ᠢᠶᠠᠨ ᠬᠠᠶᠢᠷᠠᠯᠠᠬᠤ᠂ ᠨᠠᠶᠢᠵᠢ ᠨᠦᠭᠦᠳ᠂ ᠬᠤᠳᠠ | ᠭᠦᠷᠢᠶ᠎ᠡ ᠶᠢᠨ ᠬᠤᠭᠤᠷᠤᠨᠳᠤ ᠪᠠᠨ ᠶᠠᠪᠣᠯᠴᠠᠬᠤ ᠭᠦᠷᠳᠡᠯ᠎ᠡ ᠡᠪ ᠨᠠᠶᠢᠷ᠂ ᠡᠯᠪᠡᠷᠡᠯ ᠵᠢᠷᠤᠮ ᠢ ᠴᠢᠬᠤᠯᠴᠢᠯᠠᠨ ᠰᠠᠶᠢᠨ | ᠰᠠᠶᠢᠬᠠᠨ ᠬᠡᠪ ᠰᠤᠷᠳᠠᠯ ᠢ ᠪᠣᠢ ᠪᠣᠯᠭᠠᠵᠤ᠂ ᠠᠷᠢᠭᠤᠨ ᠭᠡᠭᠡᠨ ᠪᠤᠯᠪᠠᠰᠤᠨ ᠳᠡᠭᠡᠳᠤ ᠶᠢ ᠡᠷᠭᠢᠮᠯᠡᠨ᠂ ᠡᠪᠡᠳᠴᠢᠨ | ᠬᠠᠭᠤᠴᠢᠨ ᠢ ᠭᠢᠴᠢᠶᠡᠨ ᠰᠡᠷᠭᠡᠶᠢᠯᠡᠵᠤ ᠠᠶᠤᠯ ᠭᠡᠮᠳᠤᠯ ᠠᠴᠠ ᠵᠠᠶᠢᠯᠠᠰᠭᠢᠨ ᠮᠠᠯ ᠰᠦᠷᠦᠭ ᠲᠡᠭᠡᠨ ᠭᠢᠵᠠᠭᠠᠯᠠᠰᠢ ᠦᠭᠡᠢ | ᠬᠠᠶᠢᠷᠠᠳᠠᠢ ᠪᠠᠶᠢᠵᠤ ᠦᠨᠢᠷ ᠪᠠᠶᠠᠨ ᠦᠰᠭᠡᠨ ᠠᠷᠠᠴᠢᠯᠠᠵᠤ᠂ ᠡᠷᠭᠢᠮᠯᠡᠨ ᠨᠠᠨᠳᠢᠩᠨᠡᠵᠤ ᠭᠠᠢ ᠭᠠᠮᠰᠢᠭ ᠢ ᠰᠡᠷᠭᠡᠶᠢᠯᠡᠨ | ᠵᠠᠶᠢᠯᠠᠭᠤᠯᠵᠤ ᠦᠪ ᠭᠦᠷᠦᠩᠭᠡ ᠪᠠᠨ ᠨᠠᠨᠳᠢᠩᠨᠡᠨ ᠰᠠᠶᠢᠨ ᠰᠠᠶᠢᠬᠠᠨ ᠢ ᠡᠭᠦᠰᠭᠡᠵᠤ ᠪᠡᠯᠭᠡᠳᠡᠨ᠂ ᠮᠠᠭᠤ ᠮᠠᠭᠤᠬᠠᠢ ᠶᠢ | ᠳᠡᠪᠴᠢᠨ ᠴᠡᠭᠡᠷᠯᠡᠳᠡᠭ ᠪᠠᠶᠢᠵᠠᠢ᠃ ᠡᠨᠡ ᠨᠢ ᠤᠷᠳᠤ ᠤᠳᠠᠭᠠᠨ ᠳᠡᠤᠭᠡ ᠶᠢ ᠦᠩᠭᠡᠷᠡᠭᠡᠨ ᠳᠦᠯᠦᠪᠵᠢᠨ ᠳᠤᠭᠳᠠᠨᠢᠵᠤ | ᠨᠢᠭᠡᠨ ᠳᠤᠰᠬᠠᠢ ᠰᠡᠳᠤᠪᠳᠤ ᠰᠤᠶᠤᠯ — ᠴᠡᠭᠡᠷ ᠤᠨ ᠶᠤᠰᠤ ᠶᠢ ᠪᠣᠢ ᠪᠣᠯᠭᠠᠵᠤ ᠭᠦᠭᠵᠢᠭᠡᠳ ᠨᠡᠶᠢᠭᠡᠮ ᠤᠨ ᠵᠠᠩ | ᠰᠤᠷᠳᠠᠬᠤᠨ᠂ ᠭᠤᠸ᠎ᠠ ᠰᠠᠶᠢᠬᠠᠨ ᠤ ᠭᠦᠮᠦᠵᠢᠯ ᠢ ᠨᠦᠯᠦᠭᠡᠯᠡᠨ ᠪᠣᠳᠠᠳᠤ ᠠᠮᠢᠳᠤᠷᠠᠯ ᠤᠶᠢᠯᠡᠳᠤᠯᠭᠡ ᠶᠢᠨ ᠭᠡᠷᠡᠴᠢ | ᠪᠣᠯᠪᠠᠰᠤᠨ᠂ ᠰᠤᠶᠤᠯ ᠤᠨ ᠠᠤᠭ᠎ᠠ ᠪᠦᠳᠦᠭᠡᠭᠳᠡᠭᠦᠨ ᠪᠣᠯᠤᠭᠰᠠᠨ ᠪᠠᠶᠢᠨ᠎ᠠ᠃ ᠡᠪᠦᠭᠡ ᠳᠡᠭᠡᠳᠤᠰ ᠠᠴᠠ ᠤᠯᠠᠮᠵᠢᠯᠠᠨ | ᠵᠠᠯᠭᠠᠮᠵᠢᠯᠠᠵᠤ ᠢᠷᠡᠭᠰᠡᠨ ᠦᠪ ᠰᠤᠶᠤᠯ ᠢᠶᠠᠨ ᠦᠪᠯᠡᠨ ᠬᠠᠳᠠᠭᠠᠯᠠᠵᠤ ᠶᠠᠪᠣᠬᠤ ᠨᠢ ᠮᠠᠨ ᠤ ᠡᠨᠡ ᠡᠷᠡᠨ ᠤ | ᠮᠤᠩᠭᠤᠯᠴᠤᠳ ᠤᠨ ᠮᠦᠷᠦᠨ ᠳᠡᠭᠡᠷ᠎ᠡ ᠳᠠᠯᠪᠢᠭᠳᠠᠵᠤ ᠪᠠᠶᠢᠭ᠎ᠠ ᠭᠦᠨᠳᠤ ᠴᠢᠬᠤᠯᠠ ᠡᠭᠦᠷᠭᠡ ᠬᠠᠷᠢᠭᠤᠴᠠᠯᠭ᠎ᠠ ᠮᠦᠨ᠃ | ᠯᠠᠪᠯᠠᠯᠳᠠ ᠭᠢᠭᠰᠡᠨ ᠨᠤᠮ᠄ | 1. ᠨᠠᠷᠠᠨᠳᠤᠶᠠᠭ᠎ᠠ ᠶᠢᠨ ︽ᠮᠤᠩᠭᠤᠯ ᠤᠨ ᠤᠯᠠᠮᠵᠢᠯᠠᠯᠳᠤ ᠴᠡᠭᠡᠷ ᠶᠤᠰᠤᠨ︾ ᠭᠡᠭᠦ ᠨᠤᠮ᠃ ᠦᠪᠣᠷ ᠮᠤᠩᠭᠤᠯ ᠤᠨ | ᠠᠷᠠᠳ ᠤᠨ ᠭᠡᠪᠯᠡᠯ ᠤᠨ ᠬᠤᠷᠢᠶ᠎ᠠ ᠠᠴᠠ ᠭᠡᠪᠯᠡᠵᠡᠢ᠃ | 2. ᠴᠡᠪᠰᠢᠭ ᠪᠠᠭᠰᠢ ᠶᠢᠨ ︽ᠳᠠᠪᠤᠰᠤᠠᠭᠤᠪᠢ ᠬᠤᠰᠢᠭᠤᠨ ᠤ ᠡᠷᠳᠡ ᠡᠳᠤᠭᠡ︾ ᠭᠡᠭᠦ ᠨᠤᠮ᠃ ᠦᠨᠳᠤᠰᠤᠳᠡᠨ ᠤ | ᠭᠡᠪᠯᠡᠯ ᠤᠨ ᠬᠤᠷᠢᠶ᠎ᠠ ᠭᠡᠪᠯᠡᠵᠡᠢ᠃ | 3. ᠰᠠᠷᠠᠨᠬᠡᠷᠡᠯ ᠪᠠᠭᠰᠢ ᠶᠢᠨ ︽ᠳᠡᠭᠡᠳᠤ ᠮᠤᠩᠭᠤᠯ ᠤᠨ ᠵᠠᠩ ᠠᠭᠠᠯᠢ︾ ᠭᠡᠭᠦ ᠨᠤᠮ᠃ ᠦᠪᠣᠷ ᠮᠤᠩᠭᠤᠯ ᠤᠨ | ᠠᠷᠠᠳ ᠤᠨ ᠭᠡᠪᠯᠡᠯ ᠤᠨ ᠬᠤᠷᠢᠶ᠎ᠠ᠃ | 4. ᠨᠤᠳᠤᠭ ᠤᠨ ᠨᠠᠰᠤᠳᠠᠶᠢᠴᠤᠳ ᠠᠴᠠ ᠠᠰᠠᠭᠤᠨ ᠰᠤᠷᠪᠣᠯᠵᠢᠯᠠᠭᠰᠠᠨ᠃ | | |