ᠦᠢᠷᠡᠳ ᠤᠨ ᠬᠤᠱᠤᠳᠴᠤᠳ ᠤᠨ ᠦᠪᠡᠷᠮᠢᠴᠡ ᠣᠠᠴᠠᠯᠢᠭ ᠲᠠᠢ ᠵᠠᠩ ᠵᠠᠩᠰᠢᠯ ᠪᠤᠯᠬᠤ ︽ᠢᠷᠸ᠎ᠠ ᠲᠡᠮᠪᠡᠷᠡᠯ︾ ᠤᠨ ᠲᠤᠬᠠᠢ ᠦᠭᠦᠯᠡᠬᠦ ᠨᠢ
ᠨᠡᠶᠢᠲᠡᠯᠡᠭᠰᠡᠨ ᠴᠠᠭ᠄
2019/12/11
ᠬᠠᠪᠲᠤ ᠬᠠᠰᠠᠷ ᠤᠨ ᠬᠤᠶᠢᠴᠢ ᠦᠶ᠎ᠠ ᠪᠤᠯᠬᠤ ᠦᠢᠷᠡᠳ ᠤᠨ ᠬᠤᠱᠤᠳᠴᠤᠳ ᠡᠷᠲᠡ ᠲᠡᠭᠡᠲᠤ ᠶᠢᠨ ᠦᠶ᠎ᠡ ᠠᠴᠠ ᠨᠠᠭᠠᠰᠢ ᠢᠵᠠᠭᠤᠷ ᠮᠣᠩᠭᠤᠯ ᠵᠠᠩ ᠵᠠᠩᠰᠢᠯ ᠢᠶᠠᠨ ᠤᠯᠠᠮᠵᠢᠯᠠᠨ ᠬᠠᠲᠠᠭᠠᠯᠠᠭᠰᠠᠭᠠᠷ ᠢᠷᠡᠵᠡᠢ᠃ ᠲᠤᠤᠷ᠎ᠠ ᠰᠢᠠᠵᠢᠶᠠᠩ ᠪᠠᠶᠠᠠᠭᠤᠤᠯ ᠵᠧᠤ ᠶᠢᠨ ᠬᠤᠱᠤᠳ ᠤᠨ ᠵᠠᠩ ᠵᠠᠩᠰᠢᠯ ᠤᠨ ᠲᠤᠲᠤᠷ᠎ᠠ ᠦᠪᠡᠷᠮᠢᠴᠡ ᠣᠠᠴᠠᠯᠢᠭ ᠲᠠᠢ ᠵᠠᠩ ᠵᠠᠩᠰᠢᠯ ᠪᠤᠯᠬᠤ ︽ᠢᠷᠸ᠎ᠠ ᠲᠡᠮᠪᠡᠷᠡᠯ︾ ᠤᠨ ᠲᠤᠬᠠᠢ ᠲᠠᠨᠢᠯᠴᠠᠭᠤᠯᠤᠶ᠎ᠠ᠄ ︽ᠢᠷᠸ᠎ᠠ ᠤᠷᠢᠲᠤ ᠠᠴᠠ ᠵᠠᠩᠭᠠᠭ ᠲᠡᠭᠡᠷ᠎ᠡ ᠠᠴᠠ︾ ᠭᠡᠲᠡᠭ ᠦᠭᠡ ᠪᠠᠶᠢᠲᠠᠭ᠃ ︽ᠢᠷᠸ᠎ᠠ ᠲᠡᠮᠪᠡᠷᠡᠯ︾ ᠭᠡᠵᠤ ᠬᠡᠷᠡᠭ ᠶᠠᠪᠤᠲᠠᠯ ᠤᠨ ᠰᠠᠶᠢᠨ ᠰᠠᠶᠢᠬᠠᠨ ᠪᠦᠲᠦᠬᠦ ᠶᠢ ᠤᠷᠢᠳᠴᠢᠯᠠᠨ ᠵᠦᠩᠨᠡᠨ ᠢᠷᠦᠭᠡᠬᠦ ᠶᠢ ᠬᠡᠯᠡᠨ᠎ᠠ᠂ ᠡᠨᠡ ᠨᠢ ᠨᠢᠬᠡ ᠲᠠᠯ᠎ᠠ ᠪᠠᠷ ᠬᠦᠮᠦᠨ ᠳᠤ ᠵᠤᠷᠢᠭᠵᠢᠭᠤᠯᠤᠯ ᠪᠤᠯᠵᠤ᠂ ᠨᠦᠭᠦᠬᠡ ᠲᠠᠯ᠎ᠠ ᠪᠠᠷ ᠭᠦᠮᠦᠨ ᠳᠤ ᠲᠤᠲᠤᠭᠠᠲᠤ ᠰᠡᠳᠬᠢᠯ ᠤᠨ ᠲᠠᠶᠢᠪᠤᠰᠢᠷᠠᠯ ᠪᠤᠯᠲᠠᠭ᠃ ᠮᠠᠨ ᠤ ᠦᠢᠷᠡᠳ ᠤᠨ ᠬᠤᠱᠤᠳᠴᠤᠳ ᠢᠷᠸ᠎ᠠ ᠲᠡᠮᠪᠡᠷᠡᠯ ᠢ ᠡᠷᠬᠡᠮ ᠳᠤ ᠦᠵᠡᠵᠤ᠂ ︽ᠠᠰᠢᠲᠠ ᠶᠢᠨ ᠪᠡᠯᠭᠡ ᠠᠴᠠ ᠠᠮᠠᠨ ᠤ ᠪᠡᠯᠭᠡ︾ ᠭᠡᠵᠤ᠂ ᠠᠵᠢᠯ ᠠᠮᠢᠲᠤᠷᠠᠯ ᠤᠨ ᠠᠯᠢ ᠬᠦᠷᠢᠶ᠎ᠠ ᠳᠤ ᠪᠤᠯᠤᠨ ᠶᠠᠮᠠᠷ ᠨᠢᠭᠡ ᠬᠡᠷᠡᠭ ᠶᠠᠪᠤᠲᠠᠯ ᠢ ᠪᠤᠲᠤᠭᠡᠬᠦ ᠳᠡᠭᠡᠨ ᠦᠷ᠎ᠡ ᠳ᠋ᠦᠩ ᠨᠢ ᠰᠠᠶᠢᠨ ᠪᠤᠯᠬᠤ ᠶᠢ ᠢᠷᠦᠭᠡᠵᠤ ᠪᠡᠯᠭᠡᠲᠡᠲᠡᠭ ᠶᠤᠮ᠃ ᠭᠦᠮᠦᠨ ᠤ ᠭᠠᠲᠠᠭᠠᠲᠤ ᠰᠢᠯᠲᠡᠭᠠᠨ ᠤ ᠬᠠᠷᠰᠢᠯᠠᠯ ᠳᠤ ᠤᠴᠠᠷᠠᠭᠤᠯᠬᠤ ᠦᠭᠡᠢ ᠪᠠᠶᠢᠯᠭᠠᠬᠤ ᠢᠷᠸ᠎ᠠ ᠲᠡᠮᠪᠡᠷᠡᠯ ᠤᠨ ᠪᠤᠲᠤᠪᠤᠷᠢ ᠨᠢ ᠰᠠᠶᠢᠨ ᠢ ᠬᠦᠰᠡᠵᠤ ᠮᠠᠭᠤ ᠠᠴᠠ ᠵᠠᠶᠢᠯᠡᠰᠬᠢᠬᠦ ᠠᠴᠠ ᠡᠭᠦᠰᠦᠭᠰᠡᠨ ᠶᠤᠮ᠃ 1᠂ ᠴᠠᠭᠠᠨ ᠤ ᠨᠢᠭᠡᠨ ᠰᠢᠨ᠎ᠠ ᠳᠤ ᠡᠷᠲᠡ ᠪᠤᠰᠴᠤ ᠲᠡᠮᠪᠡᠷᠡᠯ ᠳᠤ ᠮᠦᠷᠭᠦᠪᠡᠯ ᠰᠢᠨ᠎ᠠ ᠵᠢᠯ ᠳᠡᠭᠡᠨ ᠬᠡᠢ ᠮᠤᠷᠢ ᠭᠦᠶᠦᠵᠤ ᠬᠡᠰᠢᠭ ᠪᠤᠶᠠᠨ ᠨᠡᠮᠡᠭᠲᠡᠵᠣ ᠬᠢᠭᠰᠡᠨ ᠠᠵᠢᠯ ᠪᠤᠲᠦᠮᠵᠢᠲᠡᠢ ᠪᠤᠯᠤᠨ᠎ᠠ ᠭᠡᠵᠤ ᠪᠠᠯᠰᠢᠶᠡᠲᠡᠭ᠃ 2᠂ ᠬᠢᠲᠤᠭ᠎ᠠ ᠶᠢᠨ ᠢᠷ ᠲᠡᠭᠡᠭᠰᠢ ᠬᠠᠨᠲᠤᠪᠠᠯ ᠮᠠᠭᠤ ᠢᠷᠸ᠎ᠠ ᠲᠠᠢ ᠭᠡᠲᠡᠭ᠃ 3᠂ ᠦᠨᠡᠭᠡᠨ ᠦᠪᠤᠷ ᠣᠷᠣᠭᠤ ᠶᠠᠪᠤᠪᠠᠯ ᠣᠯᠵᠠ ᠲᠠᠢ᠂ ᠦᠪᠤᠷ ᠠᠴᠠ ᠭᠠᠷᠴᠤ ᠶᠠᠪᠤᠪᠠᠯ ᠭᠠᠷᠤᠭᠤ ᠲᠠᠢ ᠭᠡᠵᠤ ᠢᠷᠦᠯᠠᠲᠠᠭ᠃ 4᠂ ᠭᠠᠷ ᠤᠨ ᠠᠯᠠᠭᠠᠨ ᠵᠠᠭᠠᠴᠢᠨᠠᠪᠠᠯ ᠮᠦᠩᠭᠦ ᠡᠲᠡᠯᠡᠨ᠎ᠠ ᠭᠡᠵᠤ ᠢᠷᠦᠯᠠᠲᠠᠭ᠃ 5᠂ ᠬᠦᠯ ᠤᠨ ᠲᠠᠪᠤᠭ ᠵᠠᠭᠠᠴᠢᠨᠠᠪᠠᠯ ᠬᠤᠯᠠ ᠵᠠᠮ ᠶᠠᠪᠤᠨ᠎ᠠ ᠭᠡᠵᠤ ᠢᠷᠦᠯᠠᠲᠠᠭ᠃ 6᠂ ᠰᠢᠯᠦᠰᠦᠨ ᠳᠡᠭᠡᠨ ᠴᠠᠬᠠᠪᠠᠯ ᠰᠢᠬᠡᠷ ᠢᠲᠡᠨ᠎ᠠ ᠣᠯᠵᠠ ᠲᠠᠢ ᠭᠡᠵᠤ ᠢᠷᠦᠯᠠᠲᠠᠭ᠃ 7᠂ ᠬᠦᠷᠦᠮ᠎ᠡ ᠶᠢᠨ ᠬᠤᠷᠮᠦᠢ ᠰᠢᠮᠠᠯᠠᠭᠲᠠᠪᠠᠯ ᠨᠢᠭᠡ ᠲᠠᠯ᠎ᠠ ᠶᠠᠪᠤᠨ᠎ᠠ ᠭᠡᠵᠤ ᠢᠷᠦᠯᠠᠲᠠᠭ᠃ 8᠂ ᠣᠷᠣᠨ ᠳᠤ ᠣᠷᠣᠵᠤ ᠲᠠᠭᠤᠤ ᠲᠠᠭᠤᠯᠠᠵᠤ ᠪᠤᠯᠬᠤ ᠦᠭᠡᠢ ᠮᠠᠭᠤ ᠢᠷᠸ᠎ᠠ ᠲᠠᠢ ᠭᠡᠲᠡᠭ᠃ ᠡᠨᠡ ᠨᠢ ᠬᠦᠮᠦᠨ ᠤ ᠠᠮᠠᠷᠠᠬᠤ ᠴᠠᠭ ᠢ ᠬᠠᠷᠰᠢᠯᠠᠬᠤ ᠦᠭᠡᠢ ᠭᠡᠰᠡᠨ ᠲᠠᠯᠲᠠ ᠰᠠᠨᠠᠭ᠎ᠠ ᠪᠤᠯᠤᠨ᠎ᠠ᠃ 9᠂ ᠴᠢᠨ᠋ᠸ᠎ᠡ ᠶᠢᠨ ᠱᠠᠭ᠎ᠠ ᠵᠡᠭᠦᠪᠡᠯ ᠭᠡᠭ ᠪᠠᠷᠴᠢᠳ ᠦᠭᠡᠢ᠂ ᠣᠯᠵᠠ ᠣᠮᠤᠭ ᠲᠠᠢ ᠶᠠᠪᠤᠨ᠎ᠠ ᠭᠡᠵᠤ ᠢᠷᠦᠯᠠᠲᠠᠭ᠃ 10᠂ ᠠᠰᠬᠤᠨ ᠣᠷᠣᠢ ᠰᠢᠷ᠎ᠠ ᠰᠢᠪᠠᠭᠤᠨ ᠤ ᠲᠠᠭᠤ ᠰᠣᠨᠣᠰᠪᠠᠯ ᠮᠠᠭᠤ ᠬᠡᠷᠡᠭ ᠲᠣᠬᠢᠶᠠᠯᠲᠤᠨ᠎ᠠ ᠭᠡᠵᠤ ᠰᠡᠵᠢᠲᠡᠭ᠃ ᠰᠢᠷ᠎ᠡ ᠰᠢᠪᠠᠭᠤᠨ ᠢ ᠦᠭᠦᠭᠰᠡᠨ ᠬᠦᠮᠦᠨ ᠤ ᠰᠦᠨᠡᠰᠤᠨ ᠭᠡᠲᠡᠭ᠃ 11᠂ ᠬᠠᠷᠢ ᠨᠤᠲᠤᠭ ᠬᠤᠯᠠ ᠭᠠᠵᠠᠷ ᠶᠠᠪᠤᠬᠤ ᠳᠤ ᠨᠤᠲᠤᠭ ᠤᠨ ᠢᠶᠠᠨ ᠰᠢᠷᠦᠢ ᠠᠴᠠ ᠠᠪᠴᠤ ᠶᠠᠪᠤᠲᠠᠭ᠃ ᠡᠨᠡ  ᠨᠢ ᠨᠤᠲᠤᠭ ᠤᠨ ᠬᠢᠨᠢ ᠰᠠᠪᠲᠠᠭ ᠰᠢᠪᠲᠠᠭ᠂ ᠠᠪᠤ ᠡᠵᠢ ᠶᠢᠨ ᠬᠢᠨᠢ ᠵᠠᠶᠠᠭᠠᠨ ᠰᠠᠬᠢᠭᠤᠯᠰᠤ ᠦᠷᠦᠰᠢᠶᠠᠵᠤ ᠬᠠᠶᠢᠷᠠᠯᠠᠨ ᠂ ᠬᠠᠷᠢ ᠨᠤᠲᠤᠭ ᠤᠨ ᠰᠠᠪᠲᠠᠭ ᠤᠨ ᠬᠤᠤᠷᠯᠠᠯ ᠠᠴᠠ ᠪᠠᠶ᠎ᠠ ᠪᠠᠨ ᠬᠠᠮᠠᠭᠠᠯᠠᠲᠠᠭ ᠭᠡᠵᠤ ᠦᠵᠡᠲᠡᠭ᠃ 12᠂ ᠠᠪᠤ ᠡᠵᠢ ᠶᠢᠨ ᠦᠶ᠎ᠡ ᠠᠴᠠ ᠲᠠᠬᠢᠵᠤ ᠰᠢᠲᠤᠵᠤ ᠪᠠᠶᠢᠭᠰᠠᠨ ᠪᠤᠷᠬᠠᠨ ᠰᠢᠲᠤᠭᠡᠨ᠂ ᠣᠪᠤᠭ᠎ᠠ ᠲᠠᠬᠢᠯᠭᠠᠨ ᠳᠤ ᠮᠦᠷᠭᠦᠵᠤ ᠰᠢᠲᠤᠪᠡᠯ ᠠᠪᠤ ᠡᠵᠢ ᠶᠢᠨ ᠵᠠᠶᠠᠭᠠᠨ ᠰᠠᠬᠢᠭᠤᠯᠰᠤᠨ ᠦᠷᠦᠰᠢᠶ᠋ᠰᠵᠤ ᠬᠠᠶᠢᠷᠠᠯᠠᠨ᠎ᠠ ᠭᠡᠲᠡᠭ᠃ 13᠂ ᠨᠢᠯᠬ᠎ᠠ ᠬᠡᠤᠬᠡᠳ ᠠᠶᠢᠯ ᠤᠨ ᠭᠡᠷ ᠲᠤ ᠪᠠᠭᠠᠪᠠᠯ ᠲᠡᠷᠡ ᠠᠶᠢᠯ ᠪᠠᠶᠠᠵᠢᠬᠤ ᠶᠢᠨ ᠲᠡᠮᠲᠡᠭ ᠭᠡᠵᠤ ᠪᠡᠯᠭᠡᠰᠢᠶᠠᠲᠡᠭ᠃ 14᠂ ᠭᠡᠷ ᠤᠨ ᠡᠭᠦᠲᠡᠨ ᠳᠤ ᠵᠦᠭᠡᠢ ᠡᠭᠦᠷᠯᠡᠪᠡᠯ ᠪᠡᠶᠡᠵᠢᠬᠤ ᠶᠢᠨ ᠲᠡᠮᠲᠡᠭ ᠭᠡᠵᠤ ᠪᠡᠯᠭᠡᠲᠡᠲᠡᠭ᠃ 15᠂ ᠠᠵᠢᠯ ᠪᠦᠲᠦᠭᠡᠬᠦ ᠪᠠᠷ ᠭᠠᠲᠠᠭᠰᠢ ᠶᠠᠪᠤᠬᠤ ᠵᠠᠮ ᠵᠠᠭᠤᠷ᠎ᠠ ᠲᠦᠭᠦᠷᠡᠭ ᠰᠠᠭᠤᠯᠠᠭ᠎ᠠ ᠲᠠᠢ ᠤᠰᠤᠨ᠂ ᠦᠰᠦ᠋ ᠡᠷᠭᠦᠭᠰᠡᠨ ᠬᠦᠮᠦᠨ ᠲᠠᠢ ᠬᠠᠷᠭᠤᠯᠲᠤᠪᠠᠯ ᠠᠵᠢᠯ ᠪᠦᠲᠤᠮᠵᠢᠲᠡᠢ ᠪᠤᠯᠤᠨ᠎ᠠ ᠭᠡᠵᠤ ᠪᠡᠯᠭᠡᠲᠡᠨ ᠬᠠᠷᠭᠤᠯᠲᠤᠭᠰᠠᠨ ᠤᠰᠤᠨ ᠪᠤᠶᠤ ᠦᠰᠦ᠋ ᠠᠴᠠ ᠠᠮᠠᠰᠠᠵᠤ ᠭᠠᠷᠲᠠᠭ᠃ 16᠂ ᠪᠤᠯᠤᠭᠰᠠᠨ ᠪᠤᠲᠠᠭᠠᠨ ᠠᠴᠠ ᠠᠮᠰᠠᠭᠠᠳ ᠭᠠᠷᠬᠤ ᠵᠠᠩᠰᠢᠯ ᠲᠠᠢ᠂ ᠰᠠᠨᠠᠭᠰᠠᠨ ᠬᠡᠷᠡᠭ ᠪᠦᠲᠦᠮᠵᠢ ᠲᠠᠢ ᠭᠡᠵᠤ ᠪᠡᠯᠬᠡᠰᠢᠶᠡᠲᠡᠭ᠃ 17᠂ ᠵᠠᠮ ᠵᠠᠭᠤᠷ᠎ᠠ ᠣᠪᠤᠭ᠎ᠠ ᠲᠠᠬᠢᠯᠭᠠᠨ ᠪᠠᠶᠢᠪᠠᠯ ᠮᠠᠰᠢᠨ ᠬᠦᠯᠭᠡᠨ ᠠᠴᠠ ᠪᠠᠨ ᠪᠠᠭᠤᠵᠤ᠂ ᠴᠢᠯᠠᠭᠤ ᠡᠷᠭᠦᠵᠤ ᠢᠷᠡᠭᠡᠳ ᠲᠠᠬᠢᠯᠭᠠᠨ ᠲᠡᠭᠡᠷ᠎ᠠ ᠲᠠᠯᠪᠢᠵᠤ᠂ ︽ᠣᠪᠤᠭᠠᠨ ᠶᠡᠭᠡ ᠲᠠᠨ ᠤ ᠪᠤᠯᠲᠤᠭᠠᠢ᠂ ᠣᠯᠵᠠ ᠶᠢᠨ ᠶᠡᠭᠡ ᠮᠠᠨ ᠤ ᠪᠤᠯᠲᠤᠭᠠᠢ︾ ᠭᠡᠵᠤ ᠢᠲᠡᠭᠡᠨ ᠴᠠᠭᠡᠨ ᠤ ᠵᠦᠢᠯ ᠪᠤᠶᠤ ᠳ᠋ᠠᠴᠢᠶᠠᠨ ᠮᠦᠩᠭᠦ ᠠᠴᠠ ᠲᠠᠬᠢᠯᠭᠠᠨ ᠳᠤ ᠲᠠᠪᠢᠵᠤ᠂ ᠠᠵᠢᠯ ᠦᠢᠯᠡᠰ ᠠᠮᠵᠢᠯᠲᠡᠲᠡᠢ ᠶᠠᠪᠤᠬᠤ ᠶᠢ ᠪᠡᠯᠭᠡᠲᠡᠲᠡᠭ᠃ 18᠂ ᠭᠠᠯ ᠢ ᠠᠷᠢᠭᠤᠨ ᠲᠡᠭᠡᠲᠤ ᠶᠢᠨ ᠪᠡᠯᠭᠡᠲᠡᠯ ᠳᠤ ᠦᠵᠡᠵᠤ᠂ ᠬᠡᠭᠡᠷ᠎ᠡ ᠭᠠᠲᠠᠨ᠎ᠠ ᠬᠤᠨᠤᠭᠰᠠᠨ ᠰᠠᠭᠤᠯᠠᠭ᠎ᠠ ᠰᠠᠪᠠ ᠪᠤᠯᠤᠨ ᠭᠠᠵᠠᠷ ᠲᠤ ᠤᠨᠠᠭᠰᠠᠨ ᠶᠠᠭᠤᠮᠠᠨ ᠪᠤᠯᠤᠨ ᠬᠦᠮᠦᠨ ᠤ ᠬᠢᠰᠭᠢᠯᠭᠡᠨ ᠳᠤ ᠣᠷᠣᠭᠰᠠᠨ ᠬᠤᠪᠴᠠᠰᠤ ᠬᠤᠨᠤᠷ ᠮᠠᠯᠠᠭᠠᠢ ᠶᠢ ᠴᠦᠮ ᠭᠠᠯ ᠢᠶᠠᠷ ᠠᠷᠢᠭᠤᠳᠬᠠᠭᠲᠠᠭ ᠶᠤᠮ᠃ 19᠂ ᠦᠯᠦᠨ ᠡᠯᠢᠬᠢᠨ ᠤ ᠨᠢᠭᠤᠷ ᠭᠠᠷ ᠤᠭᠢᠶᠠᠬᠰᠠᠨ ᠭᠭᠢᠷ ᠢ ᠬᠤᠯᠢᠵᠤ ᠪᠤᠯᠬᠤ ᠦᠭᠡᠢ᠃ ᠢᠩᠭᠢᠪᠡᠯ ᠭᠭᠢᠷ ᠨᠢ ᠨᠡᠶᠢᠯᠡᠭᠰᠡᠨ ᠬᠤᠶᠠᠷ ᠬᠦᠮᠦᠨ ᠨᠣᠣᠯᠲᠤᠨ᠎ᠠ ᠭᠡᠵᠤ ᠢᠷᠦᠯᠠᠲᠠᠭ᠃ 20᠂ ᠶᠠᠪᠤᠭᠰᠠᠨ ᠬᠦᠮᠦᠨ ᠤ ᠬᠤᠶᠢᠨ᠎ᠠ ᠠᠴᠠ᠂ ᠢᠷᠡᠬᠦ ᠭᠦᠮᠦᠨ ᠤ ᠡᠮᠤᠨ᠎ᠠ ᠠᠴᠠ ᠪᠤᠭ ᠦᠨᠡᠰᠤ ᠬᠠᠶᠠᠬᠤ᠂ ᠬᠠᠷ᠎ᠠ ᠤᠰᠤ ᠰᠠᠴᠤᠬᠤ ᠨᠢ ᠲᠡᠷᠠ ᠬᠦᠮᠦᠨ ᠳᠤ ᠪᠠᠷᠴᠢᠳ ᠤᠴᠠᠷᠠᠭᠤᠯᠤᠨ᠎ᠠ ᠭᠡᠵᠤ ᠢᠷᠦᠯᠠᠲᠠᠭ᠃ 21᠂ ᠡᠷᠡᠭᠲᠡᠢ ᠬᠦᠮᠦᠨ ᠦᠨᠡᠰᠤ ᠪᠤᠭ ᠠᠰᠠᠬᠠᠬᠤ ᠦᠭᠡᠢ ᠬᠡᠢ ᠮᠣᠷᠢ ᠬᠡᠪᠲᠡᠨ᠎ᠠ ᠭᠡᠵᠤ ᠢᠷᠦᠯᠠᠲᠠᠭ᠃ 22᠂ ᠭᠡᠷ ᠤᠨ ᠡᠭᠦᠲᠡᠨ ᠳᠤ ᠱᠠᠭᠠᠵᠠᠭᠠᠢ ᠰᠢᠪᠠᠭᠤ ᠱᠠᠭᠱᠢᠪᠠᠯ᠂ ᠭᠢᠢᠴᠢ ᠢᠷᠡᠬᠦ ᠶᠢᠨ ᠪᠡᠯᠡᠭ ᠲᠡᠮᠲᠡᠭ ᠭᠡᠵᠤ ᠪᠡᠯᠭᠡᠲᠡᠲᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号