ᠠᠯᠠᠱᠠ ᠬᠤᠱᠤᠳ ᠮᠤᠩᠭᠤᠯᠴᠤᠳ ᠤᠨ ᠬᠡᠤᠬᠡᠳ ᠤᠨ ᠰᠢᠢᠮᠡᠭ ᠲᠠᠷᠢᠬᠤ ᠶᠤᠰᠤᠨ
ᠨᠡᠶᠢᠲᠡᠯᠡᠭᠰᠡᠨ ᠴᠠᠭ᠄
2019/12/11
ᠠᠯᠠᠱᠠ ᠬᠤᠱᠤᠳ ᠮᠤᠩᠭᠤᠯᠴᠤᠳ ᠤᠨ ᠵᠡᠩᠰᠢᠯ ᠳᠤ ᠬᠡᠤᠬᠡᠳ ᠤᠨ ᠰᠠᠷ᠎ᠠ ᠲᠦᠭᠦᠷᠦᠭᠰᠡᠨ ᠪᠠᠶᠠᠷ ᠬᠡᠵᠦ ᠬᠢᠬᠦ ᠦᠬᠡᠢ᠂ ᠬᠠᠷᠢᠨ ᠬᠡᠤᠭᠡᠳ ᠨᠢ ᠨᠡᠯᠢᠶᠡᠳ ᠦᠬᠡᠯᠡᠢ ᠪᠤᠯᠤᠬᠰᠠᠨ ᠤ ᠲᠠᠷᠠᠭ᠎ᠠ ᠲᠦᠷᠦᠯ ᠰᠠᠳᠦᠨ ᠨᠠᠶᠢᠵᠠ ᠨᠦᠬᠦᠳ  ᠢᠶᠠᠨ ᠤᠷᠢᠵᠦ ᠬᠡᠤᠬᠡᠳ ᠤᠨ ᠰᠢᠢᠮᠡᠭ ᠬᠠᠶᠢᠴᠢᠯᠠᠬᠤ ︵ᠨᠡᠶᠢᠳᠡ ᠮᠤᠩᠭᠤᠯ ᠤᠨ ᠲᠤᠮᠳᠠ ᠦᠷᠪᠦᠭᠡ ᠬᠦᠨᠳᠡᠬᠦ ᠬᠡᠬᠦ ᠨᠢ ᠭᠤᠤᠯᠴᠠᠭᠤ︶ ᠶᠤᠰᠤᠯᠠᠯ ᠬᠢᠨ᠎ᠠ᠃ ᠠᠯᠠᠱᠠ ᠠᠷᠠᠳ ᠤᠨ ᠬᠡᠯᠡᠯᠬᠡ ᠪᠠᠷ ︽ᠰᠢᠢᠮᠡᠭ ᠲᠠᠷᠢᠬᠤ︾ ᠬᠡᠮᠡᠳᠡᠭ᠃ ᠰᠢᠢᠮᠡᠭ ᠲᠠᠷᠢᠬᠤ ᠨᠠᠰᠤ ᠪᠠ ᠶᠤᠰᠤᠯᠠᠯ ᠬᠢᠬᠦ ᠴᠠᠬ ᠤᠨ ᠲᠠᠯ᠎ᠠ ᠪᠠᠷ ᠠᠪᠴᠦ ᠬᠡᠯᠡᠪᠡᠯ ᠶᠡᠷᠦᠩᠬᠡᠢ ᠳᠡᠭᠡᠨ ᠬᠡᠤᠭᠡᠳ ᠭᠤᠷᠪᠠᠨ ᠨᠠᠰᠤ ᠬᠦᠢᠴᠡᠭᠰᠡᠨ ᠤ ᠲᠠᠷᠠᠭ᠎ᠠ 1 — 4 ᠳ᠋ᠤᠬᠡᠷ ᠰᠠᠷ᠎ᠠ ᠶᠢᠨ ᠬᠤᠭᠤᠷᠤᠨᠳᠦ᠂ ᠲᠠᠷᠤᠢ ᠵᠤᠨ ᠤ ᠠᠭᠤᠷ ᠤᠷᠤᠬᠤ  ᠠᠴᠠ ᠡᠮᠤᠨ᠎ᠠ ᠬᠢᠳᠡᠭ ᠠᠵᠢ᠃ ᠬᠡᠷᠪᠡ ᠶᠠᠮᠠᠷ ᠨᠢᠬᠡᠨ ᠰᠢᠯᠳᠠᠭᠠᠨ ᠢᠶᠠᠷ ᠭᠤᠷᠪᠡᠨ ᠨᠠᠰᠤᠨ ᠳᠤᠨᠢ ᠬᠢᠵᠦ ᠵᠠᠪᠳᠤᠬᠤ ᠦᠬᠡᠢ ᠪᠤᠯ ᠲᠠᠪᠤᠨ ᠨᠠᠰᠤ ᠪᠤᠶᠤ ᠲᠤᠯᠤᠭᠠᠨ ᠨᠠᠰᠤᠨ ᠲᠡᠬᠡᠷ᠎ᠡ ᠨᠢ ᠵᠠᠪᠠᠯ ᠬᠢᠬᠦ ᠶᠤᠰᠤᠳᠠᠢ ᠪᠢᠯᠠ᠃ ᠬᠡᠤᠭᠡᠳ ᠤᠨ ᠰᠢᠢᠮᠡᠭ ᠲᠠᠷᠢᠬᠤ ᠨᠠᠶᠢᠷ ᠲᠤ ᠬᠡᠤᠬᠡᠳ ᠤᠨ ᠨᠠᠭᠠᠴᠦ᠂ ᠠᠪᠠᠭ᠎ᠠ ᠶᠢᠨ ᠲᠦᠷᠦᠯ ᠰᠠᠳᠤᠨ ᠪᠦᠬᠦᠳᠡ ᠶᠢ  ᠨᠢ ᠵᠠᠯᠠᠬᠤ ᠪᠠᠷ ᠪᠠᠷᠠᠬᠤ ᠪᠠᠷ ᠦᠬᠡᠢ ᠤᠢᠢᠷ᠎ᠠ ᠵᠡᠷᠭᠡᠯᠡᠳᠡᠭᠡ ᠠᠶᠢᠯ ᠤᠨ ᠬᠦᠮᠦᠰ ᠢ ᠴᠤ ᠵᠠᠯᠠᠬᠤ ᠶᠤᠰᠤᠳᠠᠢ᠃ ᠬᠡᠤᠭᠡᠳ ᠤᠨ ᠰᠢᠢᠮᠡᠭ ᠢ ᠬᠠᠮᠤᠬ ᠲᠦᠷᠦᠬᠦᠦ ᠬᠠᠶᠢᠴᠢᠯᠠᠬᠤ ᠬᠦᠮᠦᠨ ᠨᠢ ᠵᠠᠪᠠᠯ ᠬᠡᠤᠭᠡᠳ ᠤᠨ ᠢᠪᠡᠬᠡᠯ ᠵᠢᠯ ᠲᠠᠢ ᠬᠦᠮᠦᠨ ᠪᠠᠶᠢᠬᠤ ᠬᠡᠷᠡᠭᠳᠡᠢ᠂ ᠮᠦᠨ ᠦᠷ᠎ᠡ ᠭᠡᠤᠭᠡᠳ᠂ ᠬᠡᠷ ᠪᠦᠯᠢ ᠪᠦᠳᠦᠨ᠂ ᠰᠠᠳᠤᠨ ᠲᠦᠷᠦᠯ ᠤᠯᠠᠨ᠂ ᠤᠯᠠᠨ ᠳᠠᠭᠠᠨ ᠬᠦᠨᠳᠦᠳᠡᠢ ᠠᠬᠠᠮᠠᠳ ᠬᠦᠮᠦᠨ ᠪᠠᠶᠢᠬᠤ ᠶᠢ ᠴᠢᠬᠤᠯᠠᠴᠢᠯᠠᠳᠠᠬ᠃ ᠬᠡᠤᠭᠡᠳ ᠤᠨ ᠰᠢᠢᠮᠡᠭ ᠲᠠᠷᠢᠬᠤ ᠡᠳᠦᠷ ᠴᠠᠬ ᠨᠢ ᠦᠯᠵᠡᠢ ᠲᠠᠢ ᠰᠠᠶᠢᠨ ᠡᠳᠦᠷ ᠴᠠᠭ ᠪᠠᠶᠢᠬᠤ ᠶᠢ ᠡᠷᠬᠢᠮᠯᠡᠳᠡᠭ ᠲᠤᠯᠠ ᠤᠷᠢᠳᠴᠢᠯᠠᠨ ᠰᠠᠶᠢᠨ ᠡᠳᠦᠷ ᠢ ᠦᠵᠡᠵᠦ ᠲᠤᠬᠳᠠᠭᠠᠳᠠᠬ ᠶᠤᠮ᠃ ᠲᠠᠶᠢᠮᠦ ᠠᠴᠠ ᠲᠤᠬᠳᠠᠭᠠᠬᠰᠠᠨ ᠲᠡᠷᠡ ᠡᠳᠦᠷ ᠲᠤᠨᠢ ᠬᠡᠶᠢᠴᠢᠨ ᠢᠶᠠᠨ ᠵᠠᠯᠠᠵᠦ ᠰᠢᠢᠮᠡᠭ ᠲᠠᠷᠢᠬᠤ ᠶᠤᠰᠤᠯᠠᠯ ᠢ ᠬᠦᠢᠴᠠᠳᠬᠡᠨ᠎ᠠ᠃ ᠶᠤᠰᠤᠯᠠᠯ ᠳᠤ ᠨᠢᠬᠡ ᠲᠠᠪᠠᠬ ᠲᠤ ᠦᠷ᠎ᠡ ᠲᠠᠷᠢᠶ᠎ᠠ᠂ ᠴᠢᠪᠠᠭ᠎ᠠ᠂ ᠵᠢᠮᠢᠰ᠂ ᠦᠷᠦᠮ᠎ᠡ ᠱᠦᠬᠦᠷᠮᠡᠭ ᠪᠤᠰᠤᠳ ᠴᠠᠭᠠᠨ ᠢᠳᠡᠬᠡᠨ ᠤ ᠵᠦᠢᠯ ᠢ ᠦᠷᠦᠵᠦ᠂ ᠲᠡᠭᠡᠷ᠎ᠡ ᠨᠢ ᠨᠢᠬᠡ ᠬᠠᠳᠠᠬ ᠲᠠᠢ ᠬᠠᠶᠢᠴᠢ ᠲᠠᠯᠪᠢᠬᠰᠠᠨ ᠪᠠᠶᠢᠳᠠᠬ᠃ ᠰᠢᠢᠮᠡᠭ ᠢᠶᠠᠨ ᠲᠠᠷᠢᠭᠤᠯᠬᠤ ᠬᠡᠤᠭᠡᠳ ᠨᠢ ᠲᠠᠷᠡ ᠲᠠᠪᠠᠬ ᠢ ᠪᠠᠷᠢᠵᠦ ᠢᠪᠡᠬᠡᠯᠳᠦ ᠬᠦᠮᠦᠨ ᠤ ᠪᠠᠨ ᠡᠮᠤᠨ᠎ᠠ ᠬᠦᠷᠴᠦ᠄ ︽ᠰᠢᠢᠮᠡᠭ ᠲᠠᠷᠢᠵᠦ ᠬᠠᠶᠢᠷᠠᠯᠠ︕︾ ᠬᠡᠬᠦ ᠳᠤ ᠲᠡᠷᠡ ᠬᠦᠮᠦᠨ ᠬᠠᠳᠠᠬ ᠢ ᠨᠢ ᠭᠠᠷ ᠲᠠᠭᠠᠨ ᠲᠡᠯᠬᠡᠵᠦ ᠬᠠᠶᠢᠴᠢ ᠶᠢ ᠨᠢ ᠪᠠᠷᠢᠭᠠᠳ ᠤᠷᠳᠦ ᠰᠠᠶᠢᠬᠠᠨ ᠢᠷᠤᠬᠡᠯ ᠲᠠᠯᠪᠢᠨ᠎ᠠ᠃ ᠢᠷᠦᠬᠡᠯ ᠤᠨ ᠲᠠᠷᠠᠭ᠎ᠠ ᠰᠢᠢᠮᠡᠭ ᠬᠠᠶᠢᠴᠢᠯᠠᠨ᠎ᠠ᠃ ᠰᠢᠢᠮᠡᠭ ᠬᠠᠶᠢᠴᠢᠯᠠᠭᠤᠯᠬᠤ ᠬᠡᠤᠭᠡᠳ ᠨᠢ ᠬᠦᠪᠡᠬᠦᠨ ᠪᠤᠯ ᠪᠡᠷᠡᠭᠤᠨ ᠰᠢᠨᠠ ᠠᠴᠠ ᠨᠢ᠂ ᠦᠬᠢᠨ ᠪᠤᠯ ᠵᠡᠬᠦᠨ ᠰᠢᠨᠠ ᠠᠴᠠ ᠨᠢ ᠡᠬᠢᠯᠡᠵᠦ ᠬᠦᠨᠳᠡᠨ᠂ ᠰᠢᠢᠮᠡᠭ ᠠᠴᠠ ᠨᠢ ᠵᠢᠭᠠᠬᠠ ᠬᠠᠶᠢᠴᠢᠯᠠᠵᠦ ᠠᠪᠤᠭᠠᠳ ᠲᠠᠪᠠᠬ ᠲᠡᠭᠡᠷ᠎ᠠ ᠲᠠᠯᠪᠢᠵᠦ᠂ ᠬᠠᠳᠠᠬ ᠢ  ᠨᠢ ᠪᠤᠴᠠᠭᠠᠵᠦ ᠦᠭᠬᠦ ᠳᠡᠭᠡᠨ ᠬᠠᠯᠠᠭᠤᠨ ᠬᠤᠰᠢᠭᠤᠳᠦ ᠮᠠᠯ ᠢ ᠦᠮᠴᠢ ᠪᠤᠯᠭᠠᠨ ᠦᠭᠬᠦ ᠪᠠᠷ ᠠᠮᠠᠯᠠᠳᠠᠬ᠃ ᠲᠠᠷᠠᠭ᠎ᠠ  ᠨᠢ ᠬᠤᠯᠠ ᠤᠢᠢᠷ᠎ᠠ ᠶᠢᠨ ᠵᠤᠴᠢᠨ᠂ ᠲᠦᠷᠦᠯ ᠰᠠᠳᠤᠨ᠂ ᠬᠠᠮᠤᠬ ᠰᠡᠬᠦᠯ ᠳᠤ ᠠᠪᠤ ᠡᠵᠢ ᠨᠢ ᠬᠠᠶᠢᠴᠢᠯᠠᠬᠤ ᠶᠤᠰᠤᠳᠡᠢ᠃ ᠬᠡᠬᠦ ᠳᠡᠭᠡᠨ ᠬᠡᠤᠬᠡᠳ ᠤᠨ ᠠᠪᠤ ᠨᠢ ᠵᠠᠪᠠᠯ ᠲᠤᠯᠤᠭᠠᠢ ᠶᠢᠨ ᠤᠷᠤᠢ ᠶᠢᠨ ᠬᠡᠰᠡᠭ ᠠᠴᠠ ᠨᠢ ᠬᠠᠶᠢᠴᠢᠯᠠᠬᠤ ᠵᠠᠩᠰᠢᠯ ᠲᠠᠢ᠃ ᠰᠢᠢᠮᠡᠭ ᠲᠠᠷᠢᠬᠰᠠᠨ ᠬᠦᠮᠦᠨ ᠪᠤᠯᠭᠠᠨ ᠬᠡᠤᠭᠡᠳ ᠲᠤ ᠦᠮᠴᠢ ᠶᠢᠨ ᠮᠠᠯ᠂ ᠪᠡᠯᠡᠭ ᠤᠨ ᠡᠳ᠋ ᠪᠤᠳᠠᠰ᠂ ᠵᠤᠭᠤᠰ ᠮᠦᠡᠭᠭᠦ ᠦᠭᠬᠦ ᠶᠤᠰᠤ ᠤᠴᠢᠷ ᠪᠤᠢ᠃ ᠡᠨᠡ ᠨᠠᠶᠢᠷ ᠲᠤ ᠬᠡᠤᠭᠡᠳ ᠤᠨ ᠨᠠᠭᠠᠴᠦ ᠨᠢ ᠵᠠᠪᠠᠯ ᠤᠷᠤᠯᠴᠠᠬᠤ ᠶᠤᠰᠤᠳᠠᠢ᠃ ᠬᠡᠷᠪᠡ ᠲᠦᠷᠦᠯ ᠰᠠᠳᠤᠨ ᠠᠴᠠ ᠠᠯᠢ ᠨᠢᠬᠡᠨ ᠬᠠᠷᠢᠯᠴᠠᠭ᠎ᠠ ᠨᠢᠬᠳᠠ ᠠᠬᠠᠮᠠᠳ ᠨᠢ ᠶᠠᠮᠡᠷ ᠨᠢᠬᠡᠨ ᠰᠢᠯᠳᠠᠭᠠᠨ ᠠᠴᠠ ᠢᠷᠡᠵᠦ ᠲᠡᠶᠢᠯᠦᠭᠰᠡᠨ ᠦᠬᠡᠢ ᠪᠤᠯ ᠲᠠᠬᠦᠨ ᠤ ᠬᠤᠪᠢ ᠨᠢ ᠦᠯᠡᠳᠡᠬᠡᠵᠦ ᠪᠠᠶᠢᠨ᠎ᠠ ᠬᠡᠳ ᠬᠡᠤᠭᠡᠳ ᠤᠨ ᠵᠤᠯᠠᠢ ᠳᠤ ᠵᠢᠭᠠᠬᠠᠨ ᠦᠰᠦ ᠦᠯᠡᠳᠡᠬᠡᠵᠦ ᠤᠷᠬᠢᠳᠠᠬ ᠶᠤᠮ᠃ ᠬᠡᠵᠢᠶ᠎ᠠ ᠲᠡᠷᠡ ᠬᠦᠮᠦᠨ ᠨᠢ ᠢᠷᠡᠭᠰᠡᠨ ᠠᠷᠤ ᠳᠤ ᠬᠠᠶᠢᠴᠢᠯᠠᠭᠤᠯᠳᠠᠬ ᠪᠢᠯᠠ᠃ ᠬᠠᠶᠢᠴᠢᠯᠠᠵᠦ ᠠᠪᠤᠬᠰᠠᠨ ᠬᠡᠤᠭᠡᠳ ᠤᠨ ᠦᠰᠦ ᠶᠢ ᠬᠠᠮᠢᠶ᠎ᠠ ᠨᠠᠮᠢᠶ᠎ᠠ ᠦᠬᠡᠢ ᠬᠠᠶᠠᠵᠦ ᠬᠦᠮᠦᠨ ᠠᠮᠢᠳᠠᠨ ᠢᠶᠠᠷ ᠬᠢᠰᠬᠢᠬᠦᠯᠵᠦ ᠪᠤᠯᠬᠤ ᠦᠬᠡᠢ᠂ ᠶᠠᠭᠤᠮᠠᠨ ᠳᠤ ᠪᠤᠭᠤᠭᠠᠳ ᠦᠨᠳᠦᠷ ᠭᠠᠵᠠᠷ ᠪᠤᠶᠤ ᠴᠡᠪᠡᠷ ᠭᠠᠵᠠᠷ ᠡᠰᠡᠭᠦᠯ᠎ᠡ ᠠᠭᠤᠯᠠᠨ ᠤᠷᠤᠢ ᠳᠤ ᠲᠠᠯᠪᠢᠳᠠᠬ ᠵᠠᠩᠰᠢᠯ ᠲᠠᠢ ᠪᠢᠯᠠ᠃ ᠬᠡᠤᠭᠡᠳ ᠤᠨ ᠰᠢᠢᠮᠡᠭ ᠲᠠᠷᠢᠬᠰᠠᠨ ᠤ ᠲᠠᠷᠠᠭ᠎ᠠ ᠬᠡᠶᠢᠴᠢᠳ ᠲᠡᠭᠡᠨ ᠴᠠᠢ ᠵᠠᠰᠠᠵᠦ ᠨᠠᠶᠢᠷ ᠡᠬᠢᠯᠠᠨ᠎ᠠ᠃ ᠬᠡᠤᠭᠡᠳ ᠤᠨ ᠠᠪᠤ ᠡᠵᠢ ᠨᠢ ᠬᠦᠨᠳᠦᠯᠡᠯ ᠤᠨ ᠶᠤᠰᠤ ᠬᠦᠢᠴᠡᠬᠡᠵᠦ ᠬᠡᠤᠭᠡᠳ ᠤᠨ ᠢᠪᠡᠬᠡᠯᠳᠦ ᠬᠦᠮᠦᠨ ᠠᠴᠠ ᠡᠬᠢᠯᠡᠨ ᠢᠷᠡᠭᠰᠡᠨ ᠵᠤᠴᠢᠳ ᠲᠠᠭᠠᠨ ᠠᠷᠢᠬᠢ ᠲᠡᠬᠡᠵᠢ ᠪᠠᠨ ᠵᠠᠰᠠᠵᠦ᠂ ᠲᠠᠭᠤᠤ ᠲᠠᠭᠤᠯᠠᠨ ᠨᠠᠶᠢᠷᠯᠠᠳᠠᠬ᠃ ᠪᠠᠷᠤᠬ ᠨᠢᠬᠡ ᠪᠦᠳᠦᠨ ᠡᠳᠦᠷ ᠤᠨ ᠨᠠᠶᠢᠷ ᠬᠢᠵᠦ᠂ ᠤᠭᠤᠴᠠ ᠰᠢᠬᠦᠰᠦ ᠪᠠᠨ ᠲᠠᠯᠪᠢᠨ᠂ ᠢᠷᠡᠭᠰᠡᠨ ᠬᠡᠶᠢᠴᠢᠨ ᠢᠶᠠᠨ ᠬᠦᠨᠳᠦᠯᠡᠨ ᠲᠠᠶᠢᠯᠠᠳᠠᠬ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号