ᠠᠯᠠᠱᠠ ᠮᠤᠩᠭᠤᠯᠴᠤᠳ ᠤᠨ ᠦᠷᠡᠰ ᠨᠠᠭᠠᠳᠤᠮ
ᠨᠡᠶᠢᠲᠡᠯᠡᠭᠰᠡᠨ ᠴᠠᠭ᠄
2019/12/11
ᠠᠯᠠᠱᠠ ᠮᠤᠩᠭᠤᠯᠴᠤᠳ ᠤᠨ ᠦᠷᠡᠰ ᠨᠠᠭᠠᠳᠤᠮ ᠪᠤᠯ ᠤᠳᠠᠭᠠᠨ ᠵᠢᠯ ᠤᠨ ᠲᠡᠤᠬᠡ ᠲᠠᠢ᠂ ᠤᠯᠠᠨ ᠲᠦᠮᠡᠨᠴᠢ ᠴᠢᠨᠡᠷ  ᠲᠠᠢ ᠬᠦᠳᠡᠯᠭᠡᠭᠡᠨ ᠶᠤᠮ᠃ ᠲᠡᠭᠷᠢ ᠲᠡᠳᠬᠦᠭᠴᠢ ᠶᠢᠨ 31 ︵1775︶ ᠳᠤ ᠯᠤᠪᠰᠠᠩᠳᠤᠷᠵᠢ ᠨᠤᠶᠠᠨ ᠴᠢᠩ ᠸᠠᠩ ᠤᠨ ᠰᠠᠭᠤᠷᠢᠨ ᠳᠤ ᠰᠠᠭᠤᠵᠤ᠂ ᠲᠦᠷᠦ ᠶᠢᠨ ᠭᠡᠭᠡ ᠲᠠᠢ ᠤᠷᠤᠭᠯᠠᠭᠠᠳ ᠠᠪᠤ ᠪᠤᠯᠤᠭᠰᠠᠨ ᠢ ᠳᠤᠷᠠᠰᠬᠠᠵᠤ᠂ ᠠᠩᠬᠠᠳᠤᠭᠠᠷ ᠤᠳᠠᠭᠠᠨ ᠤ ᠶᠡᠭᠡ ᠨᠠᠶᠢᠷ ᠲᠠᠯᠪᠢᠵᠤ᠂ ︽ᠦᠷᠡᠰ ᠤᠨ ᠳᠠᠭᠤᠤ︾ ᠵᠤᠬᠢᠶᠠᠭᠰᠠᠨ ᠶᠤᠮ᠃ ᠲᠡᠷᠡ ᠳᠠᠭᠤᠤ ᠳᠤ ︽ᠥᠨᠳᠦᠷ ᠶᠡᠭᠡ ᠠᠯᠠᠱᠠ ᠶᠢᠨ ᠠᠷᠤ ᠳᠤ᠂ ᠥᠷᠭᠡᠨ ᠰᠢᠷ᠎ᠠ ᠵᠡᠯ᠎ᠡ ᠪᠠᠨ ᠲᠠᠳᠠᠵᠤ᠂ ᠥᠡᠭᠭᠡ ᠵᠢᠰᠤᠮ ᠤᠨ ᠠᠳᠤᠭᠤᠳ ᠪᠠᠨ ᠪᠠᠷᠢᠵᠤ᠂ ᠦᠷᠡᠰ ᠨᠠᠶᠢᠷ ᠢᠶᠠᠨ ᠰᠠᠴᠤᠨ ᠵᠢᠷᠭᠠᠨ᠎ᠠ︾ ᠭᠡᠵᠤ ᠳᠠᠭᠤᠯᠠᠭᠰᠠᠨ ᠪᠠᠶᠢᠳᠠᠭ᠃ ᠥᠡᠭᠭᠡᠷᠡᠭᠰᠡᠨ ᠠᠴᠠ ᠠᠪᠤᠭᠠᠳ ᠠᠯᠠᠱᠠᠴᠤᠳ ᠵᠢᠯ ᠪᠤᠯᠭᠠᠨ ᠦᠷᠡᠰ ᠨᠠᠭᠠᠳᠤᠮ ᠡᠷᠬᠢᠯᠡᠵᠤ᠂ ᠡᠷ᠎ᠡ ᠶᠢᠨ ᠭᠤᠷᠪᠠᠨ ᠨᠠᠭᠠᠳᠤᠮ ᠰᠢᠯᠭᠠᠷᠠᠭᠤᠯᠤᠨ ᠠᠳᠠᠯᠢᠳᠬᠠᠳᠠᠭ ᠪᠠᠶᠢᠪᠡ᠃ ᠢᠡᠭᠬᠢᠬᠦ ᠳᠡᠭᠡᠨ ᠡᠨᠡ ᠬᠦ ᠨᠠᠭᠠᠳᠤᠮ ᠤᠨ ᠬᠤᠷᠠᠯ ᠢᠶᠠᠨ ᠶᠡᠭᠡ ᠦᠷᠡᠰ ︵ᠸᠠᠩ ᠤᠨ ᠦᠷᠡᠰ︶᠂ ᠪᠠᠭ᠎ᠠ ᠦᠷᠡᠰ ᠭᠡᠵᠤ ᠳᠤᠰ ᠳᠤᠰ ᠨᠡᠷᠡᠯᠡᠳᠡᠭ᠃ ᠶᠡᠭᠡ ᠦᠷᠡᠰ ᠭᠡᠳᠡᠭ ᠨᠢ ᠨᠤᠶᠠᠨ  ᠠᠴᠠ ᠡᠷᠬᠢᠯᠡᠭᠰᠡᠨ ᠨᠠᠭᠠᠳᠤᠮ ᠤᠨ ᠬᠤᠷᠠᠯ ᠢ ᠬᠡᠯᠡᠳᠡᠭ᠃ ᠪᠠᠭ᠎ᠠ ᠦᠷᠡᠰ ᠭᠡᠳᠡᠭ ᠨᠢ ᠨᠤᠶᠠᠨ ᠤ ᠤᠷᠳᠤᠨ ᠳᠤ ᠶᠠᠮᠠᠷ ᠨᠢᠭᠡᠨ ᠪᠡᠯᠭᠡ ᠳᠤᠷᠠᠰᠬᠠᠯ ᠳᠤ ᠵᠤᠷᠢᠭᠤᠯᠤᠨ ᠡᠷᠬᠢᠯᠡᠬᠦ ᠪᠤᠶᠤ ᠪᠠᠭ ᠰᠤᠮᠤ᠂ ᠰᠦᠮ᠎ᠡ ᠬᠡᠶᠢᠳ ᠠᠴᠠ ᠡᠷᠬᠢᠯᠡᠭᠰᠡᠨ ᠨᠠᠶᠢᠷ ᠨᠠᠭᠠᠳᠤᠮ ᠢ ᠵᠢᠭᠠᠳᠠᠭ᠃ ᠶᠡᠭᠡ ᠦᠷᠡᠰ ᠢ ᠬᠡᠳᠦᠨ ᠵᠢᠯ ᠨᠢᠭᠡ ᠤᠳᠠᠭ᠎ᠠ ᠡᠷᠬᠢᠯᠡᠳᠡᠭ ᠪᠦᠭᠡᠳ ᠵᠠᠪᠠᠯ ᠶᠠᠮᠤᠨ ᠬᠤᠲᠠ ᠶᠢᠨ ᠲᠤᠭᠲᠠᠭᠰᠠᠨ ᠭᠠᠵᠠᠷ ᠲᠤ ᠬᠢᠳᠡᠭ᠃ ᠢᠡᠭᠭᠢᠬᠦ ᠳᠡᠭᠡᠨ ᠠᠯᠠᠱᠠ ᠶᠢᠨ ᠨᠠᠢᠮᠠᠨ ᠰᠤᠮᠤ ᠵᠠᠬᠢᠷᠭ᠎ᠠ ᠶᠢ ᠵᠡᠭᠦᠨ ᠳᠦᠷᠪᠡ᠂ ᠪᠠᠷᠠᠭᠤᠨ ᠲᠦᠷᠪᠡ ᠭᠡᠵᠤ ᠬᠤᠪᠢᠶᠠᠭᠠᠳ᠂ ᠪᠠᠷᠠᠭᠤᠨ ᠳᠦᠷᠪᠡᠨ ᠰᠤᠮᠤ ᠶᠢ ᠨᠤᠶᠠᠨ ᠰᠤᠮᠤ᠂ ᠵᠡᠭᠦᠨ ᠳᠦᠷᠪᠡᠨ ᠰᠦᠮ᠎ᠡ ᠶᠢ ᠬᠠᠲᠤᠨ ᠰᠤᠮᠤ ᠭᠡᠵᠤ ᠨᠡᠷᠡᠯᠡᠨ ᠬᠤᠭᠤᠷᠤ ᠬᠤᠭᠤᠷᠤᠨᠳᠤ ᠪᠠᠨ ᠮᠦᠷᠦ᠋ᠢᠴᠡᠭᠡᠨ ᠲᠠᠯᠪᠢᠨ ᠦᠷᠡᠰ ᠨᠠᠭᠠᠳᠤᠮ ᠳᠤ ᠪᠡᠯᠡᠳᠬᠡᠳᠡᠭ ᠪᠠᠶᠢᠪᠠ᠃ ᠶᠡᠭᠡ ᠦᠷᠡᠰ ᠪᠤᠯᠬᠤ ᠠᠴᠠ ᠡᠮᠤᠨ᠎ᠡ ᠰᠤᠮᠤᠨ ᠵᠠᠩᠭᠢ ᠬᠠᠷᠢᠭᠤᠴᠠᠨ ᠡᠷ᠎ᠡ ᠶᠢᠨ ᠭᠤᠷᠪᠠᠨ ᠨᠠᠭᠠᠳᠤᠮ ᠤᠨ ᠪᠡᠯᠡᠳᠬᠡᠯ ᠰᠤᠷᠢᠯᠳᠠ ᠶᠢ ᠵᠠᠪᠠᠯ ᠨᠢᠭᠡ ᠰᠠᠷ᠎ᠠ ᠬᠢᠭᠰᠡᠨ ᠰᠠᠭᠤᠷᠢᠨ ᠳᠡᠭᠡᠷ᠎ᠡ ᠰᠠᠶᠢ ᠬᠢᠳᠡᠭ ᠪᠠᠶᠢᠵᠡᠢ᠃ ᠡᠨᠡ ᠨᠢ ᠲᠡᠭᠦᠨ ᠤ ᠥᠯᠠᠨ ᠲᠦᠮᠡᠨᠴᠢ ᠴᠢᠨᠠᠷ ᠢ ᠬᠠᠷᠠᠭᠤᠯᠵᠤ ᠪᠠᠶᠢᠭ᠎ᠠ ᠶᠤᠮ᠃ ᠦᠨᠡᠨ ᠳᠡᠭᠡᠨ ᠵᠢᠯ ᠪᠦᠷᠢ ᠶᠢᠨ ᠭᠠᠵᠠᠷ ᠪᠦᠬᠦᠨ ᠳᠤ ᠡᠷᠬᠢᠯᠡᠭᠰᠡᠨ ᠪᠠᠭ᠎ᠠ ᠦᠷᠡᠰ ᠮᠥᠨ ᠴᠤ ᠶᠡᠭᠡ ᠦᠷᠡᠰ ᠤᠨ ᠪᠡᠯᠡᠳᠬᠡᠯ ᠪᠤᠯᠳᠠᠭ ᠪᠠᠶᠢᠨ᠎ᠠ᠃ ᠡᠶᠢᠮᠤ ᠳᠡᠭᠡᠨ ︽ᠡᠭᠦᠯᠡ ᠲᠠᠲᠠᠨ ᠭᠦᠶᠦᠭᠴᠢ︾ ᠭᠡᠳᠡᠭ ᠠᠷᠭᠤᠮᠠᠭ ᠠᠭᠲᠠ ᠲᠠᠢ ᠵᠠᠯᠠᠭᠤ ᠶᠢᠨ ᠳᠠᠭᠤᠤ ᠳᠤ ︽ᠥᠲᠡᠯᠡᠶ᠎ᠡ ᠭᠡᠰᠡᠨ ᠭᠠᠵᠠᠷ ᠨᠢ ᠦᠷᠡᠰ ᠨᠠᠶᠢᠷ ᠤᠨ ᠳᠡᠨᠵᠢᠨ ᠲᠠᠢ ᠁︾ ᠭᠡᠵᠤ ᠳᠠᠭᠤᠯᠠᠳᠠᠭ ᠨᠢ ᠠᠯᠠᠱᠠᠠ ᠨᠤᠳᠤᠭ ᠲᠤ ᠪᠠᠭ᠎ᠠ ᠬᠡᠮᠵᠢᠶᠡᠨ ᠤ ᠦᠷᠡᠰ ᠨᠠᠭᠠᠳᠤᠮ  ᠢ ᠭᠠᠵᠠᠷ ᠪᠦᠬᠦᠨ ᠳᠤ ᠦᠷᠭᠡᠨ ᠳᠡᠯᠭᠡᠷ ᠬᠢᠳᠡᠭ ᠭᠡᠰᠡᠨ ᠢ ᠡᠳᠡᠭᠡᠷ ᠠᠴᠠ ᠮᠠᠳᠡᠵᠤ ᠪᠤᠯᠬᠤ ᠶᠤᠮ᠃ ᠴᠢᠯᠤᠭᠡᠯᠡᠭᠲᠡᠭᠰᠡᠨ ᠤ ᠲᠠᠷᠠᠭ᠎ᠠ᠂ ᠠᠯᠠᠱᠠ ᠶᠢᠨ ᠦᠷᠡᠰ ᠨᠠᠭᠠᠳᠤᠮ ᠪᠡᠶ᠎ᠡ ᠶᠢᠨ ᠲᠠᠮᠢᠷ ᠤᠨ ᠬᠦᠳᠡᠯᠭᠡᠭᠡᠨ ᠤ ᠠᠭᠤᠯᠭ᠎ᠠ ᠬᠡᠯᠪᠡᠷᠢ ᠪᠠᠷ ᠤᠯᠠᠮ ᠪᠠᠶᠠᠯᠢᠭᠵᠢᠨ ᠦᠷᠭᠡᠳᠴᠤ᠂ ᠠᠶᠢᠮᠠᠭ ᠬᠤᠰᠢᠭᠤ ᠰᠤᠮᠤ ᠭᠠᠴᠠᠭ᠎ᠠ ᠠᠴᠠ ᠡᠬᠢᠯᠡᠭᠡᠳ ᠬᠤᠪᠢ ᠬᠦᠮᠥᠨ ᠬᠦᠷᠲᠡᠯ᠎ᠡ ᠡᠷᠬᠢᠯᠡᠵᠤ᠂ ᠰᠤᠶᠤᠯ ᠬᠦᠮᠦᠵᠢᠯ᠂ ᠪᠡᠶ᠎ᠡ  ᠶᠢᠨ ᠲᠠᠮᠢᠷ᠂ ᠮᠠᠶᠢᠮᠠᠢ ᠠᠷᠠᠯᠵᠢᠶ᠎ᠠ ᠵᠡᠷᠭᠡ ᠶᠢ ᠬᠠᠮᠤᠷᠤᠭᠰᠠᠨ ᠰᠢᠨ᠎ᠠ ᠬᠡᠯᠪᠡᠷᠢ ᠪᠤᠯᠤᠭᠰᠠᠨ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号