| | ᠠᠯᠠᠱᠠ ᠬᠤᠱᠤᠳ ᠮᠤᠩᠭᠤᠯᠴᠤᠳ ᠬᠤᠰᠢᠭᠤᠨ ᠤ ᠶᠡᠭᠡ ᠨᠠᠶᠢᠷ ᠨᠠᠭᠠᠳᠤᠮ ᠢᠶᠠᠨ ︽ᠦᠷᠡᠰ ᠨᠠᠶᠢᠷ︾ ᠬᠡᠵᠦ | ᠨᠡᠷᠡᠶᠢᠳᠦᠭᠰᠡᠬᠡᠷ ᠢᠷᠡᠭᠰᠡᠨ ᠪᠠᠶᠢᠨ᠎ᠠ᠃ ︽ᠦᠷᠡᠰ ᠨᠠᠶᠢᠷ︾ ᠬᠡᠳᠡᠭ ᠨᠢ ᠬᠡᠷᠡᠭ ᠲᠡᠬᠡᠷ᠎ᠡ ᠪᠠᠨ ᠴᠢᠩᠬᠢᠰ ᠤᠨ | ᠦᠷᠡᠰ ᠤᠨ ᠲᠦᠷᠦ ᠶᠢᠨ ᠨᠠᠶᠢᠷ ᠬᠡᠰᠡᠨ ᠤᠳᠬ᠎ᠠ ᠲᠠᠢ ᠶᠤᠮ᠃ ᠡᠨᠡᠬᠦ ᠦᠪᠡᠳᠡᠭᠰᠢ ᠶᠡᠭᠡ ︽ᠦᠷᠡᠰ ᠨᠠᠶᠢᠷ︾ ᠢ | ᠡᠩ ᠤᠨ ᠨᠠᠭᠠᠳᠤᠮ ᠤᠨ ᠬᠤᠷᠡᠯ ᠰᠢᠬ ᠦᠷᠬᠦᠯᠵᠢ ᠬᠢᠳᠡᠭ ᠪᠢᠰᠢ᠂ ᠸᠡᠩ ᠨᠤᠶᠠᠳ ᠤᠨ ᠪᠤᠶᠤ ᠬᠤᠰᠢᠭᠤᠨ ᠤ ᠲᠤᠮᠤ | ᠶᠡᠭᠡ ᠬᠡᠷᠡᠭ ᠤᠴᠢᠷ ᠢ ᠲᠤᠷᠠᠰᠬᠠᠨ ᠲᠡᠮᠳᠡᠭᠯᠡᠨ ᠬᠢᠳᠡᠭ ᠪᠠᠶᠢᠵᠡᠢ᠃ ᠵᠢᠱᠢᠶᠡᠯᠠᠪᠡᠯ᠂ ᠠᠯᠠᠱᠠ ᠶᠢᠨ ᠭᠤᠷᠪᠡᠳᠤᠭᠠᠷ | ᠦᠶ᠎ᠡ ᠶᠢᠨ ᠨᠤᠶᠠᠨ ᠯᠤᠪᠰᠠᠩᠳᠤᠷᠵᠢ ᠴᠢᠨ ᠸᠡᠩ ᠤᠨ ᠰᠠᠭᠤᠷᠢᠨ ᠳᠤ ᠰᠠᠭᠤᠵᠦ᠂ ᠲᠦᠷᠦ ᠶᠢᠨ ᠬᠡᠬᠡ ᠯᠦᠭᠡ ᠤᠷᠤᠬ | ᠬᠤᠯᠪᠤᠵᠦ ᠲᠦᠷᠦ ᠶᠢᠨ ᠡᠹᠦ᠋ ᠪᠤᠯᠤᠬᠰᠠᠨ ᠬᠦᠨᠳᠦᠳᠦ ᠲᠤᠰᠢᠶᠠᠯ ᠬᠡᠷᠬᠡᠮ ᠴᠤᠯᠠ ᠤᠯᠤᠬᠰᠠᠨ ᠢ ᠲᠤᠷᠠᠰᠬᠠᠨ | ᠲᠡᠮᠳᠡᠭᠯᠡᠵᠦ 1766 ᠤᠨ ᠳᠤ ᠦᠷᠡᠰ ᠤᠨ ᠨᠠᠶᠢᠷ ᠬᠢᠵᠠᠢ᠃ ᠲᠤᠰ ᠨᠠᠶᠢᠷ ᠢ ᠠᠯᠠᠱᠠ ᠬᠤᠰᠢᠭᠤᠨ ᠤ ᠦᠯᠵᠡᠶᠢᠳᠦ | ᠮᠦᠷᠡᠨ ᠤ ᠡᠬᠢᠨ ᠳᠤ ᠬᠢᠭᠰᠡᠨ ᠪᠦᠬᠡᠳ ᠵᠠᠭᠤᠨ ᠴᠠᠭᠠᠨ ᠦᠷᠭᠦᠬᠡ ᠪᠠᠶᠢᠭᠤᠯᠵᠦ᠂ ᠲᠦᠮᠠᠨ ᠬᠦᠮᠦᠨ ᠴᠤᠬᠯᠠᠷᠠᠯᠠ | ᠬᠡᠵᠦ ᠲᠡᠤᠬᠡᠨ ᠳᠤ ᠲᠡᠮᠳᠡᠭᠯᠡᠵᠦ ᠪᠤᠢ᠃ ᠤᠢᠢᠷ᠎ᠠ ᠦᠶ᠎ᠠ ᠶᠢᠨ ᠪᠠᠶᠢᠳᠠᠯ ᠢ ᠬᠡᠯᠡᠪᠡᠯ᠂ ᠲᠡᠬᠡᠷ᠎ᠠ ᠵᠠᠭᠤᠨ ᠤ ᠭᠤᠴᠢᠭᠠᠳ | ᠤᠨ ᠤ ᠦᠶ᠎ᠡ ᠳᠤ ᠳ᠋ᠠᠨᠢᠵᠠᠨᠠ ᠴᠢᠨ ᠸᠡᠩ ᠤᠨ ᠰᠠᠭᠤᠷᠢᠨ ᠢ ᠵᠠᠯᠭᠠᠮᠵᠢᠯᠠᠬᠰᠠᠨ ᠤ ᠬᠠᠮᠳᠦ ᠤᠷᠤᠨ ᠨᠤᠳᠤᠬ ᠤᠨ | ᠠᠮᠤᠷ ᠢ ᠬᠠᠮᠠᠭᠠᠯᠠᠬᠤ ᠰᠧᠯᠢᠩ ᠤᠨ ᠲᠤᠰᠢᠶᠠᠯ ᠬᠠᠷᠢᠭᠤᠴᠠᠬᠰᠠᠨ ᠤ ᠲᠠᠷᠠᠭ᠎ᠠ᠂ 1937 ᠤᠨ ᠤ 7 ᠰᠠᠷ᠎ᠠ ᠳᠤ | ᠮᠦᠨ ᠦᠯᠵᠡᠶᠢᠳᠦ ᠮᠦᠷᠡᠨ ᠤ ᠦᠷᠡᠰ ᠤᠨ ᠲᠠᠯᠠᠪᠠᠢ ᠳᠤ ᠲᠦᠮᠡᠨ ᠬᠦᠮᠦᠨ ᠴᠤᠬᠯᠠᠷᠠᠬᠰᠠᠨ ᠦᠪᠡᠳᠡᠭᠰᠢ ᠶᠡᠭᠡ | ᠦᠷᠡᠰ ᠨᠠᠶᠢᠷ ᠬᠢᠵᠠᠢ᠃ | ᠮᠤᠩᠭᠤᠯᠴᠤᠳ ᠤᠨ ᠡᠷ᠎ᠠ ᠶᠢᠨ ᠭᠤᠷᠪᠡᠨ ᠨᠠᠭᠠᠳᠤᠮ ᠤᠨ ᠮᠦᠷᠦ᠋ᠢᠴᠡᠯᠬᠡ ᠪᠠᠷ ᠭᠤᠤᠯ ᠠᠭᠤᠯᠭ᠎ᠠ ᠪᠤᠯᠭᠠᠬᠰᠠᠨ | ᠠᠯᠠᠱᠠ ᠦᠷᠡᠰ ᠨᠠᠶᠢᠷ ᠨᠢ ᠤᠯᠠᠮᠵᠢᠯᠠᠬᠳᠠᠨ ᠬᠦᠭᠵᠢᠭᠰᠡᠭᠡᠷ ᠦᠷᠬᠡᠨ ᠤᠯᠠᠨ ᠮᠠᠯᠴᠢᠨ ᠲᠦᠮᠠᠨ ᠤ ᠦᠷᠨᠢᠯᠳᠦ ᠨᠠᠶᠢᠷ | ᠪᠤᠯᠵᠠᠢ᠃ ᠢᠯᠠᠩᠭᠤᠶ᠎ᠠ ᠠᠯᠠᠱᠠ ᠬᠤᠱᠤᠳ ᠬᠤᠰᠢᠭᠤ ᠨᠠᠶᠢᠷᠠᠮᠳᠠᠯ ᠢᠶᠠᠷ ᠴᠢᠯᠦᠬᠡᠯᠡᠭᠳᠡᠭᠰᠡᠨ ︵1949 ᠤᠨ︶ ᠤ | ᠲᠠᠷᠠᠭ᠎ᠠ ᠠᠯᠠᠱᠠ ᠬᠤᠰᠢᠭᠤᠨ ᠤ ᠮᠤᠩᠭᠤᠯ ᠤᠨ ᠦᠪᠡᠷᠳᠡᠬᠡᠨ ᠵᠠᠰᠠᠬᠤ ᠠᠷᠠᠳ ᠤᠨ ᠵᠠᠰᠠᠬ ᠤᠨ ᠤᠷᠳᠤᠨ | ᠪᠠᠶᠢᠭᠤᠯᠤᠬᠳᠠᠬᠰᠠᠨ ᠪᠡ ᠳ᠋ᠠᠨᠢᠵᠠᠨᠠ ᠠᠷᠠᠳ ᠤᠨ ᠵᠠᠰᠠᠬ ᠤᠨ ᠤᠷᠳᠤᠨ ᠤ ᠲᠡᠷᠢᠭᠦᠯᠡᠭᠴᠢ᠂ ᠯᠦᠸᠧ ᠪᠠᠳᠦᠮᠦ᠋ᠡᠭᠬᠡ | ᠳᠡᠳ᠋ ᠲᠡᠷᠢᠭᠦᠯᠡᠭᠴᠢ ᠪᠤᠯᠤᠬᠰᠠᠨ ᠵᠡᠷᠬᠡ ᠲᠦᠷᠦ ᠶᠢᠨ ᠶᠡᠭᠡ ᠪᠠᠶᠡᠷ ᠢ ᠪᠡᠯᠬᠡᠯᠡᠵᠦ 1952 ᠤᠨ ᠤ ᠨᠠᠮᠤᠷ ᠲᠦᠮᠠ | ᠬᠤᠶᠠᠷ ᠮᠢᠩᠭᠠᠨ ᠬᠦᠮᠦᠨ ᠤ ᠴᠤᠬᠯᠠᠭᠠᠨ ᠪᠤᠯᠵᠦ᠂ ᠠᠯᠠᠱᠠ ᠬᠤᠱᠤᠳ ᠬᠤᠰᠢᠭᠤᠨ ᠤ ᠨᠠᠭᠠᠳᠤᠮ ᠤᠨ ᠶᠡᠭᠡ ᠬᠤᠷᠡᠯ | ᠬᠢᠭᠰᠡᠨ ᠪᠢᠯᠠ᠃ ᠡᠨᠡ ᠦᠶ᠎ᠡ ᠠᠴᠠ ᠡᠬᠢᠯᠡᠵᠦ ︽ᠦᠷᠡᠰ ᠨᠠᠶᠢᠷ︾ ᠢ ︽ᠨᠠᠭᠠᠳᠤᠮ ᠤᠨ ᠶᠡᠭᠡ ᠬᠤᠷᠡᠯ︾ ᠬᠡᠵᠦ | ᠨᠡᠷᠡᠶᠢᠳᠬᠦ ᠪᠤᠯᠵᠠᠢ᠃ |