ᠠᠯᠠᠱᠠ ᠬᠤᠱᠤᠳᠴᠤᠳ ᠤᠨ ᠴᠠᠭᠠᠯᠠᠬᠤ ᠶᠤᠰᠤ
ᠨᠡᠶᠢᠲᠡᠯᠡᠭᠰᠡᠨ ᠴᠠᠭ᠄
2019/12/11
ᠠᠯᠠᠱᠠ ᠬᠤᠱᠤᠳᠴᠤᠳ ᠶᠡᠷᠤ ᠨᠢ ᠡᠪᠤᠯ ᠤᠨ ᠠᠳᠠᠭ ᠰᠠᠷ᠎ᠠ ᠶᠢ ᠬᠦᠬᠡᠬᠡ ︵ᠯᠠ︶ ᠰᠠᠷ᠎ᠠ ᠬᠡᠳ ᠲᠤᠰ ᠰᠠᠷ᠎ᠠ ᠶᠢᠨ ᠲᠤᠮᠳᠠᠴᠢ ᠠᠴᠠ ᠡᠬᠢᠯᠡᠨ ᠴᠠᠭᠠᠯᠠᠬᠤ ᠪᠡᠯᠡᠳᠬᠡᠯ ᠢᠶᠠᠨ ᠬᠢᠬᠦ ᠵᠤᠷᠰᠢᠯ ᠲᠠᠢ᠃ ᠡᠨᠡ ᠦᠶ᠎ᠡ ᠪᠠᠷ ᠲᠡᠳᠡ ᠢᠰᠡᠬᠡᠢ ᠬᠡᠷ  ᠢᠶᠠᠨ ᠲᠡᠬᠢᠵᠤ ᠵᠠᠰᠠᠨ ᠪᠠᠷᠢᠵᠤ᠂ ᠬᠡᠷ ᠲᠤᠳᠤᠷ᠎ᠠ ᠲᠡᠪᠢᠰᠴᠤ ᠪᠦᠬᠦᠢ ᠢᠰᠡᠬᠡᠢ ᠰᠢᠷᠢᠳᠡᠭ ᠢᠶᠠᠨ ᠬᠦᠪᠢᠵᠤ ᠴᠡᠪᠡᠷᠯᠡᠬᠦ ᠪᠤᠶᠤ ᠰᠤᠯᠢᠵᠤ ᠰᠢᠨᠡᠳᠬᠡᠳᠡᠭ᠃ ᠠᠪᠳᠠᠷ᠎ᠠ ᠬᠤᠷᠭᠤ ᠪᠠᠨ ᠬᠢᠯᠠᠯᠵᠠᠳᠠᠯ᠎ᠠ ᠵᠦᠯᠬᠦᠨ ᠴᠡᠪᠡᠷᠯᠡᠬᠦ ᠪᠦᠬᠡᠳ ᠪᠠᠶᠢᠰᠢᠩ ᠬᠡᠷ ᠲᠠᠢ ᠠᠶᠢᠯ ᠨᠢ ᠬᠡᠷ ᠤᠨ ᠤᠳᠤᠭ᠎ᠠ ᠲᠤᠭᠤᠰᠤ ᠶᠢ ᠰᠢᠷᠪᠢᠨ ᠠᠷᠴᠢᠵᠤ᠂ ᠬᠡᠷ ᠤᠷᠤᠨ᠂ ᠬᠤᠳᠳᠤᠭ ᠤᠰᠤ᠂ ᠬᠤᠷᠤᠭ᠎ᠠ ᠬᠠᠰᠢᠶ᠎ᠠ ᠶᠢᠨ ᠤᠷᠴᠢᠨ ᠲᠤᠭᠤᠷᠢᠨ ᠢ ᠴᠡᠪᠡᠷᠯᠡᠵᠤ ᠠᠷᠢᠭᠤᠳᠬᠠᠳᠠᠭ᠃ ᠡᠨᠡ ᠨᠢ ᠦᠡᠭᠬᠡᠷᠡᠭᠰᠡᠨ ᠤᠨ ᠤ ᠬᠤᠭ ᠪᠤᠷᠳᠠᠭ᠂ ᠯᠠᠢ ᠯᠤᠪᠰᠢ ᠶᠢ ᠠᠷᠢᠯᠭᠠᠵᠤ ᠴᠡᠪᠡᠷᠰᠢᠪᠠᠯ ᠢᠷᠡᠬᠦ ᠵᠢᠯ ᠳᠡᠭᠡᠨ ᠬᠡᠢ ᠮᠤᠷᠢ ᠲᠠᠢ ᠴᠤᠭ ᠰᠦᠯᠳᠡ ᠲᠠᠢ ᠶᠠᠪᠤᠬᠤ ᠪᠤᠯᠤᠨ᠎ᠠ ᠬᠡᠵᠤ ᠪᠡᠯᠬᠡᠰᠢᠶᠡᠭᠰᠡᠨ ᠤᠴᠢᠷ ᠪᠤᠯᠬᠤ ᠪᠢᠯᠠ᠃ ᠴᠠᠭᠠᠨ ᠰᠠᠷ᠎ᠠ ᠶᠢ ᠡᠨᠡ ᠮᠡᠳᠤ ᠪᠠᠷ ᠴᠡᠪᠡᠷ ᠠᠷᠢᠭᠤᠨ ᠢᠶᠠᠷ ᠤᠭᠳᠤᠬᠤ ᠨᠢ ᠤᠨ ᠤᠳᠠᠭᠠᠨ ᠳᠤ ᠨᠢᠬᠡᠨᠳᠡ ᠲᠠᠳᠬᠠᠯ ᠪᠤᠯᠤᠨ ᠬᠡᠪᠰᠢᠭᠰᠡᠨ ᠪᠠᠶᠢᠵᠠᠢ᠃ ᠴᠠᠭᠠᠯᠠᠬᠤ ᠶᠢᠨ ᠡᠮᠤᠨ᠎ᠡ ᠪᠦᠳᠤᠨ ᠡᠪᠤᠯ ᠠᠶᠠᠨ ᠳᠤ ᠶᠠᠪᠤᠭᠰᠠᠨ ᠵᠢᠩᠴᠢᠤᠨ᠂ ᠭᠠᠨᠵᠤᠭ᠎ᠠ ᠲᠦᠬᠦᠷᠡᠩ ᠪᠤᠴᠠᠨ ᠢᠷᠡᠭᠰᠡᠨ ᠪᠤᠯᠬᠤᠷ ᠬᠤᠳᠠ ᠤᠰᠤᠨ ᠳᠠᠭᠠᠨ ᠪᠠᠶᠠᠷ ᠴᠡᠩᠬᠡᠯ ᠤᠨ ᠠᠮᠢᠰᠬᠤᠯ ᠢ ᠤᠯᠠᠮ ᠴᠤ ᠨᠡᠮᠡᠭᠳᠡᠬᠦᠯᠦᠭᠰᠡᠨ ᠪᠠᠶᠢᠳᠠᠭ᠃ ᠮᠦᠨ ᠡᠨᠡ ᠦᠶ᠎ᠡ ᠪᠠᠷ ᠲᠡᠶᠢᠵᠢ ᠬᠠᠷᠠᠴᠤ ᠬᠡᠰᠡᠨ ᠦᠬᠡᠢ ᠠᠶᠢᠯ ᠠᠶᠢᠯ ᠢᠶᠠᠷ ᠢᠶᠠᠨ ᠬᠦᠷᠡᠩ ᠤᠯᠠᠭᠠᠨ ᠵᠢᠰᠤᠮ ᠤᠨ ᠭᠤᠶᠤ ᠰᠦᠷᠯᠢᠭ ᠪᠦᠬᠡᠳ ᠲᠠᠷᠭᠤ ᠰᠠᠶᠢᠳᠠᠢ ᠠᠳᠠ ᠶᠢ ᠡᠷᠳᠡ ᠠᠴᠠ ᠰᠢᠯᠢᠵᠤ ᠰᠤᠩᠭᠤᠭᠠᠤᠨ᠂ ᠰᠠᠶᠢᠳᠤᠷ ᠬᠠᠭᠰᠠᠭᠠᠵᠤ ᠰᠦᠢᠨ᠂ ᠬᠤᠳᠠ ᠲᠦᠷᠤᠯ᠂ ᠤᠢᠢᠷ᠎ᠡ ᠵᠡᠷᠬᠡᠯᠡᠳᠡᠭᠡ ᠠᠶᠢᠯ ᠰᠠᠭᠠᠬᠠᠯᠳᠠ ᠪᠠᠷ ᠰᠢᠨᠡᠯᠡᠬᠦ ᠶᠢᠨ ᠤᠨᠤᠯᠭ᠎ᠠ ᠪᠤᠯᠭᠠᠬᠤ ᠳᠤ ᠪᠡᠯᠡᠳᠬᠡᠳᠡᠭ᠃ ᠴᠠᠭᠠᠯᠠᠬᠤ ᠪᠡᠯᠡᠳᠬᠡᠯ ᠳᠤ᠂ ᠪᠦᠰᠡᠬᠦ᠋ᠢᠴᠤᠳ ᠨᠢ ᠪᠦᠬᠦ ᠬᠡᠷ ᠤᠨ ᠶᠡᠭᠡ ᠪᠠᠭ᠎ᠠ ᠬᠦᠭᠰᠢᠨ ᠵᠠᠯᠠᠭᠤ ᠬᠦᠮᠤᠨ ᠤ ᠰᠢᠨ᠎ᠡ  ᠶᠢᠨ ᠬᠤᠪᠴᠠᠰᠤ ᠤᠶᠤᠬᠤ᠂ ᠵᠠᠰᠠᠯ ᠴᠢᠮᠡᠭᠯᠡᠯ ᠤᠨ ᠵᠦᠢᠯᠡᠰ ᠢ ᠪᠡᠯᠡᠳᠬᠡᠬᠦ ᠳᠤ ᠱᠠᠯᠠᠪᠳᠠᠨ᠂ ᠪᠦᠰᠡᠳᠡᠶᠢᠴᠤᠳ ᠨᠢ ᠦᠬᠡᠷ᠎ᠡ ᠪᠤᠰᠤᠳ ᠲᠠᠢ ᠠᠪᠤᠯ ᠦᠭᠬᠦᠯ ᠤᠨ ᠶᠠᠪᠤᠳᠠᠯ ᠢ ᠴᠡᠪᠡᠷᠯᠡᠬᠦ᠂ ᠮᠠᠯ ᠤᠨᠤᠭ᠎ᠠ ᠤᠢᠢᠷᠠᠳᠤᠭᠤᠯᠬᠤ ᠠᠵᠢᠯ ᠳᠤ ᠶᠠᠭᠠᠷᠠᠯᠳᠤᠬᠤ ᠪᠢᠯᠠ᠃ ᠮᠦᠨ ᠬᠦᠭᠰᠢᠤᠨ ᠨᠢ ᠦᠪᠡᠷ ᠢᠶᠠᠨ ᠪᠤᠷᠤ ᠵᠢᠷᠤᠬᠠᠢᠢᠴᠢ ᠯᠠᠮᠠ ᠪᠠᠷ ᠬᠡᠷ ᠤᠨ ᠢᠶᠠᠨ ᠬᠦᠮᠤᠨ ᠢ ᠰᠢᠷᠤᠢ᠂ ᠲᠡᠮᠤᠷ᠂ ᠤᠭᠳᠠᠷᠭᠤᠢ᠂ ᠤᠰᠤ᠂ ᠠᠭᠤᠯᠠ᠂ ᠮᠤᠳᠤ᠂ ᠬᠡᠢ᠂ ᠭᠠᠯ ᠬᠡᠬᠦ ᠮᠡᠳᠤ ᠶᠢᠨ ᠨᠠᠢᠮᠠᠨ ᠰᠠᠭᠤᠳᠠᠯ ᠪᠤᠯᠤᠨ ᠰᠢᠨ᠎ᠡ ᠵᠢᠯ ᠤᠨ ᠮᠦᠷ ᠭᠠᠷᠭᠠᠬᠤ ᠵᠦᠭ ᠴᠢᠭ ᠢᠶᠠᠨ ᠦᠵᠡᠬᠦᠯᠳᠡᠭ ᠶᠤᠰᠤ ᠪᠠᠶᠢᠳᠠᠭ᠃ ᠮᠦᠨ ᠬᠦᠬᠡᠬᠡ ᠰᠠᠷ᠎ᠠ ᠶᠢᠨ ᠬᠤᠷᠢᠨ ᠭᠤᠷᠪᠠᠨ ᠳᠤ ᠬᠠᠷᠠᠴᠤᠤᠯ᠂ ᠬᠤᠷᠢᠨ ᠲᠦᠷᠪᠡᠨ ᠳᠤ ᠲᠡᠶᠢᠵᠢ ᠨᠠᠷ ᠲᠤᠰ ᠲᠤᠰ ᠭᠠᠯ ᠤᠨ ᠪᠤᠷᠬᠠᠨ ᠢ ᠤᠭᠳᠤᠵᠤ ᠡᠪᠴᠢᠬᠦᠤ ᠴᠢᠨᠡᠨ ᠭᠠᠯ ᠳᠠᠭᠠᠨ ᠡᠷᠬᠦᠵᠤ ᠭᠠᠯ ᠲᠠᠬᠢᠳᠠᠭ ᠶᠤᠰᠤᠳᠠᠢ᠃ ᠭᠠᠯ ᠢᠶᠠᠨ ᠲᠠᠬᠢᠭᠰᠠᠠ ᠤ ᠲᠠᠷᠠᠭ᠎ᠠ ᠪᠠᠷ ᠴᠠᠭᠠᠨ ᠰᠠᠷ᠎ᠠ ᠶᠢᠨ ᠪᠤᠭᠤᠷᠰᠤᠭ ᠰᠢᠷᠠᠬᠤ ᠠᠵᠢᠯ ᠳᠠᠭᠠᠨ ᠰᠢᠮᠳᠠᠬᠤ ᠪᠢᠯᠠ᠃ ᠴᠠᠭᠠᠨ ᠰᠠᠷ᠎ᠠ ᠶᠢᠨ ᠪᠤᠭᠤᠷᠰᠤᠭ ᠢ ᠠᠶᠢᠯ ᠪᠤᠯᠭᠠᠨ ᠶᠡᠷᠤ ᠳᠡᠭᠡᠨ ᠡᠯᠪᠡᠭ ᠲᠡᠯᠪᠡᠭ ᠬᠢᠵᠤ ᠪᠦᠬᠦᠯᠢ ᠴᠠᠭᠠᠨ ᠰᠠᠷ᠎ᠠ ᠢᠳᠡᠵᠤ ᠬᠦᠢᠴᠡᠬᠦ ᠪᠠᠷ ᠪᠡᠯᠡᠳᠬᠡᠳᠡᠭ ᠵᠤᠷᠰᠢᠯ ᠪᠠᠶᠢᠳᠠᠭ᠃ ᠨᠠᠩ ᠵᠠᠷᠢᠮ ᠠᠶᠢᠯ ᠨᠢ ᠴᠠᠭ᠎ᠠ ᠶᠢᠨ ᠪᠤᠭᠤᠷᠰᠤᠭ ᠢᠶᠠᠨ ᠬᠠᠪᠤᠷ ᠤᠨ ᠲᠤᠮᠳᠠ ᠰᠠᠷ᠎ᠠ ᠪᠤᠯᠳᠠᠯ᠎ᠠ ᠲᠤᠰᠬᠠᠢ ᠰᠠᠪᠠᠨ ᠳᠤ ᠬᠢᠵᠤ ᠲᠠᠯᠪᠢᠭᠠᠤᠨ᠂ ᠴᠠᠭᠠᠨ ᠰᠠᠷ᠎ᠠ ᠠᠭᠤᠯᠵᠠᠵᠤ ᠵᠤᠯᠭᠠᠭ᠎ᠠ ᠦᠬᠡᠢ ᠬᠡᠶᠢᠴᠢᠨ ᠳᠡᠭᠡᠨ ᠠᠮᠰᠠᠭᠤᠯᠳᠠᠭ᠃ ᠠᠯᠠᠱᠠ ᠬᠤᠱᠤᠳᠴᠤᠳ ᠶᠡᠷᠤ ᠨᠢ ᠴᠠᠭᠠᠨ ᠰᠠᠷ᠎ᠠ ᠶᠢ ᠬᠠᠮᠤᠭ ᠡᠯᠪᠡᠭ ᠪᠠᠶᠠᠯᠢᠭ ᠡᠳᠤᠷ ᠪᠤᠯᠭᠠᠵᠤ᠂ ᠨᠠᠮᠤᠷ ᠴᠠᠭ ᠨᠦᠬᠡᠴᠡᠯᠡᠭᠰᠡᠨ ᠰᠢᠷ᠎ᠠ ᠲᠤᠰᠤ᠂ ᠰᠠᠭᠠᠯᠢ ᠶᠢᠨ ᠠᠷᠢᠬᠢ᠂ ᠦᠷᠤᠮ ᠰᠢᠬᠦᠷᠡᠮᠡᠭ᠂ ᠰᠦ ᠠᠶᠢᠷᠠᠭ ᠵᠡᠷᠬᠡ ᠴᠠᠭᠠᠨ ᠢᠳᠡᠬᠡᠨ ᠤ ᠵᠦᠢᠯᠡᠰ ᠢᠶᠠᠨ ᠡᠨᠡ ᠦᠶ᠎ᠡ ᠪᠠᠷ ᠭᠠᠷᠭᠠᠵᠤ ᠡᠳ᠋ᠯᠡᠳᠡᠭ᠃ ᠮᠦᠨ ᠡᠴᠢᠬᠡ ᠡᠬᠡ ᠠᠬ᠎ᠠ ᠶᠡᠬᠡᠰ ᠪᠤᠯᠤᠨ ᠦᠷ᠎ᠡ ᠠᠴᠢ ᠨᠠᠷ ᠲᠠᠭᠠᠨ ᠪᠠᠷᠢᠬᠤ᠂ ᠦᠭᠬᠦ ᠪᠡᠯᠡᠭ ᠤᠨ ᠵᠦᠢᠯᠡᠰ ᠢᠶᠠᠨ ᠠᠯᠢ ᠡᠷᠳᠡᠨ ᠠᠴᠠ ᠪᠠᠯᠡᠳᠭᠡᠭᠰᠡᠨ ᠪᠠᠶᠢᠳᠠᠭ᠃ ᠡᠶᠢᠮᠤ ᠠᠴᠠ ᠠᠯᠠᠱᠠ ᠬᠤᠱᠤᠳᠴᠤᠳ ᠴᠠᠭᠠᠨ ᠰᠠᠷ᠎ᠠ ᠳᠤ ᠢᠳᠡᠬᠡᠨ ᠤᠮᠳᠠᠭᠠᠨ ᠡᠯᠪᠡᠭ ᠲᠡᠯᠪᠡᠭ ᠪᠠᠶᠢᠪᠠᠯ ᠲᠡᠷᠡ ᠵᠢᠯ ᠤᠨ ᠠᠯᠢᠪᠠ ᠶᠠᠭᠤᠮ᠎ᠠ ᠪᠦᠷ ᠯᠠ ᠡᠯᠪᠡᠭ ᠢᠯᠡᠬᠦᠴᠡ ᠪᠠᠶᠢᠬᠤ ᠶᠢᠨ ᠪᠡᠯᠬᠡ ᠬᠡᠵᠤ ᠦᠵᠡᠳᠡᠭ ᠤᠴᠢᠷ᠂ ᠪᠤᠯᠬᠤ ᠨᠦᠬᠦᠴᠡᠯ ᠳᠤ ᠢᠯᠡᠬᠦᠴᠡ ᠪᠡᠯᠡᠳᠬᠡᠬᠦ ᠵᠤᠷᠰᠢᠯ ᠲᠠᠢ ᠠᠵᠢ᠃ ᠬᠠᠷᠠᠨᠤᠳ ᠤᠪᠤᠭ ᠤᠨ ᠴᠦᠢᠮᠪᠤᠯ ᠭᠤᠸᠠᠢ ︽ᠠᠯᠠᠱᠠ ᠮᠤᠩᠭᠤᠯᠴᠤᠳ ᠤᠨ ᠵᠠᠩ ᠠᠭᠠᠯᠢ ᠶᠢᠨ ᠲᠤᠬᠠᠢ︾ ᠬᠡᠳᠡᠭ ᠨᠤᠮ ᠳᠠᠭᠠᠨ ᠠᠯᠠᠱᠠ ᠬᠤᠱᠤᠳᠴᠤᠳ ︽ᠪᠢᠳᠡᠬᠦᠨ ᠤ ᠰᠦᠨᠢ ᠠᠶᠢᠯ ᠪᠤᠯᠭᠠᠨ ᠮᠤᠩᠭᠤᠯ ᠬᠡᠷ ᠲᠡᠭᠡᠨ ᠪᠢᠳᠡᠬᠦᠤ ᠢᠰᠡᠬᠡᠢ ᠲᠡᠪᠢᠰᠴᠤ᠂ ᠪᠤᠷᠬᠠᠨ ᠤ ᠪᠠᠨ ᠡᠮᠤᠨᠡᠬᠦᠷ ᠬᠠᠳᠠᠭ ᠨᠢᠡᠳᠠᠷ ᠲᠠᠳᠠᠵᠤ᠂ ᠲᠠᠯᠠᠯᠭᠠᠨ ᠤ ᠰᠠᠩ ᠳᠠᠭᠠᠨ ᠪᠦᠬᠦ ᠵᠢᠯ ᠤᠨ ᠤᠯᠤᠭᠰᠠᠨ ᠡᠳ᠋ ᠡᠷᠳᠡᠨᠢᠰ ᠤᠨ ᠢᠶᠠᠨ ᠲᠡᠬᠡᠵᠢ᠂ ᠲᠠᠪᠤᠨ ᠲᠠᠷᠢᠶᠠᠨ ᠤ ᠦᠷ᠎ᠡ᠂ ᠰᠢᠬᠢᠷ ᠪᠤᠷᠠᠮ᠂ ᠰᠠᠭᠠᠯᠢ ᠰᠢᠮ᠎ᠡ ᠶᠢᠨ ᠲᠡᠬᠡᠵᠢ ᠵᠡᠷᠬᠡ ᠶᠢ ᠰᠢᠨ᠎ᠡ ᠪᠠᠷ ᠨᠡᠮᠡᠨ ᠲᠦᠬᠦᠷᠬᠡᠵᠤ ᠲᠠᠯᠠᠯᠭᠠᠨ ᠰᠤᠮᠤᠨ ᠳᠠᠭᠠᠨ ᠲᠠᠪᠤᠨ ᠦᠡᠭᠬᠡ ᠶᠢᠨ ᠲᠤᠷᠭ᠎ᠠ ᠲᠤᠷᠳᠤᠩ ᠪᠡ ᠲᠤᠷᠭᠠᠨ ᠬᠠᠳᠠᠭ ᠢ ᠨᠠᠮᠠᠨ ᠤᠶᠠᠵᠤ ᠲᠠᠯᠠᠯᠭᠠᠨ ᠤ ᠰᠠᠩ ᠲᠤᠳᠤᠷ᠎ᠠ ᠪᠠᠨ ᠬᠠᠳᠬᠤᠵᠤ ᠪᠤᠷᠬᠠᠨ ᠤ ᠬᠦᠡᠭᠭᠠᠷᠠᠪᠠ ᠶᠢᠨ ᠢᠶᠠᠨ ᠬᠠᠵᠠᠭᠤ ᠳᠤ ᠲᠤᠯᠢ ᠶᠢ ᠨᠢ ᠭᠤᠯᠤᠮᠳᠠ ᠦᠬᠡᠳᠡ ᠬᠠᠨᠳᠤᠭᠤᠯᠤᠨ ᠪᠤᠰᠬᠠᠨ ᠲᠠᠯᠪᠢᠳᠠᠭ᠃ ᠪᠤᠷᠬᠠᠨ ᠤ ᠨᠠᠭᠠᠭᠤᠷ ᠨᠢ ᠵᠠᠶᠠᠭᠠᠴᠢ ᠶᠢᠨ ᠪᠤᠭᠤᠷᠰᠤᠭ ᠬᠡᠵᠤ ᠲᠠᠪᠠᠭ ᠲᠠᠢ ᠪᠤᠭᠤᠷᠰᠤᠭ᠂ ᠰᠢᠬᠢᠷ᠂ ᠵᠢᠮᠢᠰ᠂ ᠦᠷᠤᠮ᠎ᠠ᠂ ᠰᠢᠬᠦᠷᠡᠮᠡᠭ᠂ ᠵᠦᠬᠡᠬᠡᠢ ᠲᠡᠷᠢᠬᠦᠳᠡᠨ ᠢ ᠱᠠᠮᠠᠨᠠᠨ ᠵᠡᠷᠬᠡᠯᠡᠵᠤ ᠪᠦᠳᠤᠨ ᠰᠦᠨᠢ ᠪᠠᠷ ᠰᠢᠷ᠎ᠠ ᠲᠤᠰᠤᠨ ᠤ ᠮᠦᠡᠭᠬᠡ ᠵᠤᠯᠠ ᠠᠰᠠᠭᠠᠳᠠᠭ ᠶᠤᠮ᠃ ᠪᠢᠳᠡᠬᠦᠨ ᠤ ᠰᠦᠨᠢ ᠤᠳᠤᠨ ᠮᠠᠴᠢᠤᠨ ᠬᠦᠢᠴᠡᠭᠰᠡᠨ ᠬᠤᠶᠢᠨ᠎ᠠ᠂ ᠭᠠᠯ ᠪᠤᠷᠬᠠᠨ ᠢᠶᠠᠨ ᠤᠭᠳᠤᠵᠤ᠂ ᠬᠤᠶᠢᠳᠤ ᠵᠢᠯ ᠳᠤ ᠪᠦᠬᠦ ᠬᠡᠷ ᠢᠶᠠᠷ ᠢᠶᠠᠨ ᠰᠠᠶᠢᠨ ᠰᠠᠶᠢᠬᠠᠨ ᠦᠬᠡᠳᠡᠯᠡᠵᠤ ᠶᠠᠪᠤᠬᠤ  ᠶᠢ ᠲᠠᠭᠠᠳᠬᠠᠨ ᠵᠠᠯᠪᠠᠷᠢᠵᠤ ᠭᠠᠯ ᠢᠶᠠᠨ ᠲᠠᠬᠢᠳᠠᠭ᠃ ᠬᠡᠪᠡᠴᠤ ᠬᠤᠷᠢᠨ ᠭᠤᠷᠪᠠᠨ᠂ ᠲᠦᠷᠪᠡᠨ ᠤ ᠭᠠᠯ ᠲᠠᠬᠢᠳᠠᠭ ᠰᠢᠭ᠋ ᠡᠪᠴᠢᠬᠦᠤ ᠪᠠᠷ ᠲᠠᠬᠢᠬᠤ ᠪᠤᠰᠤ ᠵᠦᠪᠬᠡᠨ ᠪᠤᠭᠤᠷᠰᠤᠭ᠂ ᠰᠢᠬᠢᠷ᠂ ᠵᠢᠮᠢᠰ ᠢᠶᠠᠷ ᠲᠦᠬᠦᠮ ᠲᠠᠬᠢᠳᠠᠭ᠃ ᠭᠠᠯ ᠲᠠᠬᠢᠯᠭᠠᠨ ᠤ ᠲᠠᠷᠠᠭ᠎ᠠ ᠮᠦᠨ ᠬᠤᠷᠢᠨ ᠭᠤᠷᠪᠠᠨ ᠲᠠᠢ ᠠᠳᠠᠯᠢ ᠪᠠᠷ ᠭᠠᠯ ᠲᠠᠬᠢᠯᠭᠠᠨ ᠤ ᠴᠠᠢ ᠶᠢ ᠤᠤᠭᠤᠳᠠᠭ ᠪᠢᠯᠠ᠃ ᠪᠢᠳᠡᠬᠦᠨ ᠤ ᠰᠦᠨᠢ᠂ ᠪᠢᠳᠡᠬᠦᠤ ᠬᠤᠭᠤᠯᠠ ᠬᠢᠵᠤ ᠪᠡᠯᠬᠡᠰᠢᠶᠠᠨ ᠠᠶᠢᠯ ᠪᠤᠯᠭᠠᠨ ᠵᠠᠪᠠᠯ ᠪᠤᠤᠰᠠ ᠪᠤᠭᠤᠵᠤ ᠢᠳᠡᠳᠡᠭ ᠶᠤᠮ᠃ ᠪᠤᠤᠰᠠ ᠶᠢᠨ ᠬᠡᠯᠪᠡᠷᠢ ᠨᠢ ︽ᠵᠢᠭᠠᠰᠤᠨ ᠪᠤᠤᠰᠠ︾᠂ ︽ᠡᠯᠡᠰᠤᠨ ᠲᠤᠭᠤᠢ ᠪᠤᠤᠰᠠ︾ ᠵᠡᠷᠬᠡ ᠪᠠᠶᠢᠳᠠᠭ᠃ ᠪᠤᠤᠰᠠ ᠪᠤᠭᠤᠬᠤ ᠳᠠᠭᠠᠨ ᠮᠦᠡᠭᠬᠦᠨ ᠪᠦᠯᠡᠵᠢᠭ ᠢ ᠪᠤᠤᠰᠠ ᠳᠤ ᠰᠢᠪᠰᠢᠨ ᠪᠤᠭᠤᠵᠤ᠂ ᠢᠳᠡᠬᠦ ᠦᠶ᠎ᠡ ᠲᠡᠷᠡ ᠨᠢ ᠬᠡᠨ ᠳᠤ ᠲᠠᠭᠠᠷᠠᠪᠠᠯ᠂ ᠲᠡᠷᠡ ᠬᠦᠮᠤᠨ ᠰᠢᠨ᠎ᠡ ᠵᠢᠯ ᠳᠤ ᠤᠯᠵᠠ ᠤᠮᠤᠭ ᠶᠡᠭᠡ ᠲᠠᠢ ᠬᠡᠵᠤ ᠪᠡᠯᠬᠡᠰᠢᠶᠡᠳᠡᠭ᠃ ᠪᠤᠤᠰᠠ  ᠪᠠᠨ ᠤᠳᠤᠨ ᠮᠠᠴᠢᠤᠨ ᠬᠦᠢᠴᠡᠬᠦ ᠳᠤ ᠢᠳᠡᠬᠦ ᠪᠦᠬᠡᠳ ᠢᠳᠡᠬᠦ ᠳᠡᠭᠡᠨ ᠭᠠᠳᠠᠨ᠎ᠠ ᠫᠤᠤᠵᠢᠩ ᠲᠠᠯᠪᠢᠳᠠᠭ᠃ ᠬᠡᠷᠪᠡ ᠵᠡᠷᠬᠡᠯᠡᠳᠡᠭᠡ ᠠᠶᠢᠯ ᠪᠠᠶᠢᠪᠠᠯ ᠲᠠᠪᠠᠭ ᠲᠠᠢ ᠪᠤᠤᠰᠠ ᠶᠢ ᠬᠠᠷᠢᠯᠴᠠᠨ ᠬᠦᠷᠬᠡᠵᠤ ᠠᠮᠰᠠᠭᠤᠯᠳᠠᠭ᠃ ᠪᠤᠤᠰᠠ ᠬᠦᠷᠬᠡᠬᠦ ᠳᠡᠭᠡᠨ ᠪᠦᠷᠬᠦᠬᠦᠯ ᠲᠡᠬᠡᠷ᠎ᠡ ᠨᠢ ᠬᠦᠵᠢ ᠠᠰᠠᠭᠠᠵᠤ ᠬᠠᠳᠬᠤᠬᠤ ᠪᠤᠶᠤ ᠭᠠᠯ ᠤᠨ ᠴᠤᠭ ᠲᠠᠯᠪᠢᠵᠤ ᠴᠢᠳᠬᠦᠷ ᠲᠤᠯᠢᠶᠠᠬᠤ ᠠᠴᠠ ᠰᠡᠷᠬᠡᠶᠢᠯᠡᠳᠡᠭ ᠬᠡᠨ᠎ᠡ᠃ ᠪᠢᠳᠡᠬᠦᠨ ᠤ ᠰᠦᠨᠢ ᠶᠢᠨ ᠬᠤᠭᠤᠯᠠ ᠠᠮᠳᠠ ᠰᠠᠶᠢᠨ ᠪᠠᠶᠢᠬᠤ ᠶᠢ ᠪᠡᠯᠬᠡᠰᠢᠶᠡᠳᠡᠭ ᠪᠦᠬᠡᠳ ᠪᠤᠤᠰᠠ ᠪᠠᠨ ᠴᠤ ᠵᠢᠩ ᠬᠦᠡᠳᠤᠷᠡᠳᠡᠯ᠎ᠡ ᠲᠠᠬᠢᠨ ᠲᠡᠬᠢᠨ ᠢᠳᠡᠳᠡᠭ ᠪᠠᠶᠢᠨ᠎ᠠ᠃ ᠤᠴᠢᠷ ᠨᠢ ᠪᠤᠤᠰᠠ ᠢᠳᠡᠭᠰᠠᠨ ᠬᠤᠶᠢᠨ᠎ᠠ ᠵᠠᠶᠠᠭᠠᠴᠢ ᠪᠤᠷᠬᠠᠨ ᠬᠦᠮᠤᠨ ᠪᠤᠯᠭᠠᠨ ᠢ ᠵᠢᠩᠨᠡᠵᠤ ᠦᠵᠡᠳᠡᠭ ᠶᠤᠮ ᠬᠡᠨ᠎ᠡ᠃ ᠬᠡᠨ ᠬᠠᠮᠤᠭ ᠤᠨ ᠬᠦᠡᠳᠤ ᠪᠤᠯ ᠲᠡᠷᠡ ᠬᠦᠮᠤᠨ ᠬᠤᠶᠢᠳᠤ ᠵᠢᠯ ᠳᠤ ᠠᠮᠤ ᠬᠦᠨᠡᠰᠤ ᠡᠯᠪᠡᠭ᠂ ᠠᠵᠦ ᠠᠮᠢᠳᠤᠷᠠᠯ ᠨᠢ ᠪᠠᠶᠠᠯᠢᠭ ᠰᠠᠶᠢᠬᠠᠨ ᠬᠡᠳᠡᠭ᠃ ᠪᠢᠳᠡᠬᠦᠨ ᠤ ᠰᠦᠨᠢ ᠠᠶᠢᠯ ᠪᠦᠬᠦᠨ ᠮᠠᠯᠯᠠᠭᠰᠠᠨ ᠮᠠᠯ ᠢᠶᠠᠨ ᠬᠡᠬᠡᠵᠤ ᠠᠯᠳᠠᠯ ᠦᠬᠡᠢ ᠪᠦᠷᠢᠨ ᠬᠤᠳᠠᠯᠠᠭᠤᠯᠵᠤ ᠬᠤᠨᠤᠳᠠᠭ᠃ ᠪᠠᠰᠠ ᠠᠮᠢᠳᠠᠨ ᠪᠦᠬᠦᠨ ᠢ ᠬᠤᠭᠤᠰᠤᠨ ᠬᠤᠨᠤᠭᠤᠯᠬᠤ ᠦᠬᠡᠢ ᠪᠦᠬᠡᠳ ᠰᠠᠪᠠ ᠪᠦᠬᠦᠨ ᠢ ᠬᠤᠭᠤᠰᠤᠨ ᠪᠠᠢᠯᠭᠠᠬᠤ ᠶᠤᠰᠤ ᠦᠬᠡᠢ ᠤᠴᠢᠷ ᠠᠴᠠ ᠲᠡᠵᠢᠬᠡᠪᠤᠷᠢ ᠮᠠᠯ ᠠᠴᠠ ᠡᠬᠢᠯᠡᠨ ᠮᠤᠤᠷ ᠨᠤᠬᠠᠢ ᠪᠠᠨ ᠬᠦᠷᠳᠡᠯ᠎ᠡ ᠠᠯᠢ ᠰᠠᠶᠢᠨ ᠬᠤᠭᠤᠯᠠ ᠪᠠᠷ ᠴᠠᠳᠳᠠᠯ᠎ᠠ ᠲᠡᠵᠢᠬᠡᠳᠡᠭ᠃ ᠠᠶᠢᠷᠠᠭ ᠤᠨ ᠪᠤᠳᠤᠩ ᠪᠤᠯᠤᠨ ᠴᠠᠭ᠎ᠠ ᠴᠢᠨᠠᠬᠤ ᠶᠡᠭᠡ ᠲᠤᠭᠤᠭᠠᠨ ᠳᠤ ᠪᠦᠷ ᠪᠢᠴᠢᠬᠠᠨ ᠴᠠᠭ᠎ᠠ ᠲᠤᠰᠤᠭᠠᠵᠤ᠂ ᠠᠷᠢᠬᠢ ᠨᠡᠷᠡᠳᠡᠭ ᠶᠤᠷᠬ᠎ᠠ ᠳᠠᠭᠠᠨ ᠪᠢᠴᠢᠬᠠᠨ ᠠᠷᠢᠬᠢ ᠲᠤᠰᠤᠭᠠᠨ᠂ ᠵᠢᠩᠯᠡᠬᠦᠷ ᠤᠨ ᠭᠤᠬᠠᠨ ᠳᠤ ᠪᠤᠭᠤᠷᠰᠤᠭ ᠡᠯᠬᠦᠵᠤ᠂ ᠲᠠᠷᠢᠶ᠎ᠠ ᠪᠤᠳᠠᠭ᠎ᠠ ᠬᠡᠮᠵᠢᠳᠡᠭ ᠰᠢᠡᠵᠢ ︵ᠱᠸᠡᠭ︶ ᠳᠤ ᠬᠦᠷᠳᠡᠯ᠎ᠡ ᠪᠤᠳᠠᠭ᠎ᠠ ᠬᠦᠨᠡᠰᠤ ᠲᠦᠬᠦᠷᠬᠡᠵᠤ ᠲᠠᠯᠪᠢᠳᠠᠭ᠃ ᠪᠢᠳᠡᠬᠦᠨ ᠤ ᠰᠦᠨᠢ ᠬᠡᠳᠤᠢ ᠬᠠᠷᠠᠩᠭᠤᠢ ᠪᠤᠯ ᠲᠡᠳᠤᠢ ᠰᠠᠶᠢᠨ ᠬᠡᠳᠡᠭ ᠪᠦᠬᠡᠳ ᠨᠤᠬᠠᠢ ᠬᠤᠴᠠᠬᠤ ᠦᠬᠡᠢ ᠪᠤᠯ ᠪᠡᠯᠭᠡ ᠲᠠᠢ ᠬᠡᠳᠡᠭ᠃ ᠪᠢᠳᠡᠬᠦᠨ ᠤ ᠰᠦᠨᠢ ᠠᠶᠢᠯ ᠲᠤᠭᠤᠷᠢᠬᠤ ᠶᠢ ᠶᠡᠭᠡ ᠴᠡᠬᠡᠷᠯᠡᠳᠡᠭ ᠃ ᠪᠢᠳᠡᠬᠦᠨ ᠤ ᠰᠦᠨᠢ ᠠᠴᠠ ᠴᠠᠭᠠᠨ ᠰᠠᠷ᠎ᠠ ᠶᠢᠨ ᠰᠢᠨ᠎ᠡ ᠶᠢᠨ ᠨᠢᠬᠡᠨ ᠬᠦᠷᠳᠡᠯ᠎ᠡ ᠬᠡᠷ ᠵᠠᠭᠤᠷ᠎ᠠ ᠬᠤᠭᠤᠷᠤᠡᠳᠤ ᠪᠠᠨ ᠬᠡᠷᠡᠯᠳᠤᠬᠦ ᠪᠤᠶᠤ ᠬᠠᠷᠢᠯᠴᠠᠨ ᠨᠢᠬᠡ ᠪᠠᠨ ᠬᠠᠷᠢᠶᠠᠬᠤ᠂ ᠮᠠᠭᠤᠯᠠᠬᠤ ᠪᠡᠯᠬᠡ ᠲᠡᠮᠪᠡᠷᠢᠯ ᠦᠬᠡᠢ ᠶᠠᠪᠤᠳᠠᠯ ᠢ ᠴᠡᠬᠡᠷᠯᠡᠵᠤ ᠪᠠᠶᠢᠳᠠᠭ᠃ ᠪᠢᠳᠡᠬᠦᠨ ᠤ ᠰᠦᠨᠢ ᠶᠡᠭᠡ ᠤᠷᠤᠢ ᠤᠡᠳᠠᠬᠤ ᠪᠤᠶᠤ ᠤᠡᠳᠠᠬᠤ ᠦᠬᠡᠢ ᠪᠠᠶᠢᠵᠤ᠂ ᠬᠦᠭᠰᠢᠤᠨ ᠨᠢ ᠦᠯᠢᠬᠡᠷ ᠬᠡᠯᠡᠬᠦ᠂ ᠵᠠᠯᠠᠭᠤ ᠪᠠᠭᠠᠴᠤᠳ ᠨᠢ ᠱᠠᠭ᠎ᠠ ᠨᠠᠭᠠᠳᠴᠤ ᠤᠨᠢᠰᠤᠭ᠎ᠠ ᠲᠠᠭᠠᠵᠠᠭᠠᠳᠠᠭ︾ ① ᠬᠡᠰᠡᠨ ᠪᠠᠶᠢᠳᠠᠭ᠃ ᠠᠯᠠᠱᠠ ᠬᠤᠱᠤᠳᠴᠤᠳ ᠨᠠᠶᠢᠳᠠ ᠮᠤᠩᠭᠤᠯ ᠤᠨ ᠠᠳᠠᠯᠢ ᠪᠠᠷ ᠵᠢᠯ ᠪᠦᠷᠢ ᠶᠢᠨ ᠬᠠᠪᠤᠷ ᠤᠨ ᠲᠡᠷᠢᠬᠦᠨ ᠰᠠᠷ᠎ᠠ ᠶᠢ ᠴᠠᠭᠠᠨ ᠰᠠᠷ᠎ᠠ ᠬᠡᠳᠡᠭ᠃ ᠡᠨᠡ ᠨᠢ ᠴᠠᠭᠠᠨ ᠦᠡᠭᠬᠡ ᠶᠢ ᠦᠡᠭᠬᠡ ᠪᠦᠬᠦᠨ ᠤ ᠡᠬᠡ ᠦᠡᠭᠬᠡ᠂ ᠴᠡᠪᠡᠷ ᠠᠷᠢᠭᠤᠨ ᠤ ᠤᠬᠢ ᠲᠡᠷᠢᠬᠦᠨ ᠬᠡᠵᠤ ᠪᠡᠯᠬᠡᠰᠢᠶᠡᠨ ᠦᠵᠡᠳᠡᠭ ᠠᠴᠠ ᠪᠤᠯᠵᠠᠢ᠃ ᠴᠠᠭᠠᠨ ᠰᠠᠷ᠎ᠠ ᠶᠢᠨ ᠡᠬᠢᠯᠡᠯᠳᠡ ᠶᠢ ᠠᠷᠪᠠᠨ ᠬᠤᠶᠠᠷ ᠡᠰᠢ ᠡᠷᠬᠡᠳᠡᠨ ᠢᠶᠠᠷ ᠬᠤᠪᠢᠶᠠᠪᠠᠯ ᠰᠦᠨᠢ ᠲᠦᠯᠢ ᠬᠤᠯᠤᠭᠠᠨ᠎ᠠ ᠴᠠᠭ ᠡᠬᠢᠯᠡᠵᠤ᠂ ᠲᠦᠷᠪᠡᠨ ᠲᠠᠪᠤᠨ ᠴᠠᠭ ᠤᠨ ᠦᠶ᠎ᠡ  ᠪᠠᠷ ᠪᠠᠷᠰ ᠴᠠᠭ ᠲᠤᠬᠢᠶᠠᠯᠳᠤᠬᠤ ᠪᠤᠯᠬᠤᠷ ᠡᠨᠡ ᠦᠶ᠎ᠡ ᠳᠤ ᠪᠡᠯᠡᠷ ᠬᠠᠷᠠᠩᠭᠤᠢ ᠶᠢᠨ ᠬᠦᠰᠢᠬᠡ ᠠᠯᠭᠤᠷ ᠢᠶᠠᠷ ᠨᠡᠬᠡᠬᠡᠭᠳᠡᠨ ᠪᠠᠶᠠᠷ ᠡᠰᠡᠨᠢᠯᠳᠤ ᠴᠠᠭᠠᠨ ᠰᠠᠷ᠎ᠠ ᠶᠢᠨ ᠰᠢᠨ᠎ᠡ ᠶᠢᠨ ᠨᠢᠬᠡᠨ ᠬᠤᠷᠸ᠎ᠠ ᠶᠢᠷᠳᠢᠡᠴᠤ ᠳᠤ ᠬᠡᠶᠢᠬᠦ ᠪᠤᠯᠬᠤᠷ᠂ ᠡᠨᠡ ᠵᠢᠯ ᠤᠨ ᠲᠡᠷᠢᠬᠦᠨ ᠰᠠᠷ᠎ᠠ ᠶᠢᠨ ᠦᠡᠭᠬᠡ ᠶᠢᠨ ᠲᠡᠷᠢᠬᠦᠨ ᠴᠠᠭᠠᠨ ᠢᠶᠠᠷ ᠵᠢᠰᠤᠯᠠᠵᠤ᠂ ᠡᠳᠤᠷ ᠤᠨ ᠡᠬᠢ ᠪᠠᠷᠰ  ᠢᠶᠠᠷ ᠳ᠋ᠤᠭᠠᠷᠯᠠᠬᠰᠠᠨ ᠪᠠᠶᠢᠳᠠᠭ ᠪᠢᠯᠠ᠃ ᠴᠠᠭᠠᠨ ᠰᠠᠷ᠎ᠠ ᠶᠢᠨ ᠪᠠᠶᠠᠷ ᠪᠤᠯ ᠮᠤᠩᠭᠤᠯᠴᠤᠳ ᠤᠨ ᠡᠷᠳᠡᠨ ᠠᠴᠠ ᠤᠯᠠᠮᠵᠢᠯᠠᠯ ᠲᠠᠢ ᠬᠠᠮᠤᠭ ᠤᠨ ᠲᠤᠮᠤ ᠪᠠᠶᠠᠷ ᠴᠡᠩᠬᠡᠯ ᠪᠤᠯᠬᠤ ᠤᠴᠢᠷ᠂ ᠠᠯᠠᠱᠠ ᠬᠤᠱᠤᠳᠴᠤᠳ ᠮᠦᠨ ᠦᠷᠬᠡᠨ ᠲᠡᠯᠬᠡᠷ ᠪᠠᠶᠠᠷ ᠶᠤᠰᠤᠯᠠᠯ ᠲᠠᠢ ᠪᠠᠷ ᠦᠪᠡᠳᠡᠭᠰᠢ ᠶᠡᠭᠡ ᠪᠠᠷ ᠲᠡᠮᠳᠡᠭᠯᠡᠳᠡᠭ ᠶᠤᠰᠤ ᠵᠠᠩᠰᠢᠯ ᠲᠠᠢ ᠪᠢᠯᠠ᠃ ᠡᠨᠡ ᠲᠤᠬᠠᠢ ᠬᠠᠷᠠᠨᠤᠳ ᠤᠪᠤᠭ ᠤᠨ ᠴᠦᠢᠮᠪᠤᠯ ᠤᠨ ︽ᠠᠯᠠᠱᠠ ᠮᠤᠩᠭᠤᠯᠴᠤᠳ ᠤᠨ ᠵᠠᠩ ᠠᠭᠠᠯᠢ︾ ᠳᠤ᠄ ᠴᠠᠭᠠᠨ ᠰᠠᠷ᠎ᠠ ᠶᠢᠨ ᠰᠢᠨ᠎ᠡ ᠶᠢᠨ ᠨᠢᠬᠡᠨ ᠤ ᠦᠷᠯᠤᠬᠡ ᠠᠶᠢᠯ ᠪᠤᠯᠭᠠᠨ ᠪᠦᠷ ᠨᠢᠬᠡᠨ ᠨᠢᠬᠡ ᠠᠴᠠ ᠪᠠᠨ ᠡᠷᠳᠡ ᠤᠷᠤᠯᠳᠤᠨ ᠪᠤᠰᠴᠠᠭᠠᠵᠤ᠂ ᠴᠤ᠋ ᠰᠢᠨ᠎ᠡ ᠬᠤᠪᠴᠠᠰᠤ ᠡᠮᠤᠰᠤᠨ᠂ ᠬᠡᠷ ᠤᠨ ᠤᠷᠴᠢᠮ ᠳᠠᠬᠢ ᠬᠠᠮᠤᠭ ᠤᠨ ᠦᠡᠳᠤᠷ ᠲᠤᠪᠤ ᠲᠡᠬᠡᠷ᠎ᠡ ᠭᠠᠷᠴᠤ ᠶᠡᠭᠡ ᠭᠠᠯ ᠲᠦᠯᠡᠨ ᠪᠤᠭᠤᠷᠰᠤᠭ᠂ ᠰᠢᠬᠢᠷ ᠵᠢᠮᠢᠰ᠂ ᠠᠷᠴᠠ ᠠᠷᠢᠬᠢ ᠵᠡᠷᠬᠡ ᠶᠢ ᠡᠷᠬᠦᠵᠤ᠂ ᠶᠠᠭᠤᠨ ᠤ ᠤᠷᠢᠳ ᠠᠯᠠᠱᠠ ᠶᠢᠨ ᠨᠠᠪᠳᠠᠭ ᠰᠢᠪᠳᠠᠭ ᠲᠤ ᠪᠠᠨ ᠲᠠᠭᠠᠳᠬᠠᠵᠤ᠂ ᠰᠠᠴᠤᠯᠢ ᠡᠷᠬᠦᠨ ᠮᠦᠷᠬᠦᠵᠤ᠂ ᠬᠦᠭᠰᠢᠤᠨ ᠠᠴᠠ ᠡᠬᠢᠯᠡᠨ ᠬᠡᠤᠬᠡᠳ ᠪᠠᠭᠠᠴᠤᠳ ᠬᠦᠷᠳᠡᠯ᠎ᠡ ᠬᠦᠮᠤᠨ ᠪᠦᠷᠢ ᠨᠢᠬᠡ ᠫᠤᠤᠵᠢᠩ ᠲᠠᠯᠪᠢᠳᠠᠭ ᠪᠦᠬᠡᠳ ᠲᠠᠭᠤᠨ ᠤ ᠶᠡᠭᠡ ᠪᠠᠭ᠎ᠠ ᠶᠢ ᠨᠢ ᠰᠢᠡᠵᠢᠳᠡᠭ ︵ᠬᠤᠵᠢᠮ ᠠᠪᠠ ᠶᠢᠨ ᠫᠤᠤ ᠴᠤ ᠬᠠᠷᠪᠤᠳᠠᠭ ᠪᠤᠯᠵᠠᠢ︶᠃ ᠰᠢᠨ᠎ᠡ ᠶᠢᠨ ᠨᠢᠬᠡᠨ ᠤ ᠦᠷᠯᠤᠬᠡ ᠡᠷᠳᠡ ᠬᠦᠭᠰᠢᠨ ᠨᠠᠰᠤᠳᠡᠤᠨ ᠲᠦᠷᠪᠡᠨ ᠵᠦᠭ ᠤᠨ ᠲᠡᠭᠷᠢ ᠶᠢᠨ ᠪᠠᠶᠢᠳᠠᠯ ᠢ ᠰᠢᠡᠵᠢᠵᠤ᠂ ᠡᠬᠦᠯᠡ ᠤᠨᠢᠶᠠᠷ ᠲᠠᠢ ᠪᠤᠯ ᠬᠤᠷ᠎ᠠ ᠪᠤᠷᠤᠭᠠᠨ ᠡᠯᠪᠡᠭ ᠦᠡᠭᠰᠢᠭ ᠵᠢᠯ ᠬᠡᠵᠤ᠂ ᠰᠠᠯᠬᠢ ᠰᠢᠭᠤᠷᠭᠠᠨ ᠦᠬᠡᠢ ᠨᠠᠮ ᠲᠤᠭᠳᠠᠭᠤᠨ ᠪᠠᠶᠢᠪᠠᠯ ᠨᠡᠶᠢᠬᠡᠮ ᠲᠤᠭᠳᠠᠭᠤᠨ ᠬᠡᠳᠡᠭ ᠶᠤᠮ᠃ ᠰᠠᠩ ᠰᠡᠷᠵᠢᠮ ᠢᠶᠠᠨ ᠡᠷᠬᠦᠵᠤ ᠬᠡᠷ ᠲᠤ ᠤᠷᠤᠵᠤ ᠢᠷᠡᠭᠰᠡᠨ ᠤ ᠲᠠᠷᠠᠭ᠎ᠠ ᠬᠡᠤᠬᠡᠳ ᠪᠠᠭᠠᠴᠤᠳ᠂ ᠲᠤᠤᠷ᠎ᠠ ᠦᠶ᠎ᠡ  ᠠᠴᠠ ᠪᠠᠨ ᠬᠠᠳᠠᠭ ᠪᠠᠷᠢᠵᠤ᠂ ᠡᠪᠦᠭᠡ ᠡᠮᠡᠭᠡ᠂ ᠠᠪᠤ ᠡᠵᠢ᠂ ᠠᠬ᠎ᠠ ᠶᠡᠬᠡᠰ ᠲᠡᠭᠡᠨ ︽ᠰᠠᠶᠢᠨ ᠰᠢᠨᠡᠯᠡᠪᠡᠤ︖︾ ᠬᠡᠵᠤ ᠵᠤᠯᠭᠠᠨ ᠮᠡᠡᠳᠤᠴᠢᠯᠠᠵᠤ᠂ ᠬᠦᠬᠦᠤᠷ ᠨᠠᠷᠠᠨ ᠲᠠᠮᠬᠢᠯᠠᠬᠤ ᠳᠤ ᠬᠦᠭᠰᠢᠤᠨ ᠨᠢ ᠦᠷ᠎ᠡ ᠬᠡᠤᠬᠡᠳ ᠲᠠᠢ ᠪᠠᠨ᠄ ︽ᠰᠠᠶᠢᠨ ᠰᠢᠨᠡᠯᠡᠪᠡᠤ︖ ᠫᠤᠤ ᠶᠢᠨ ᠲᠠᠭᠤᠨ ᠰᠠᠶᠢᠨ᠂ ᠪᠤᠤᠰᠠ ᠶᠢᠨ ᠠᠮᠳᠠ ᠰᠠᠶᠢᠨ ᠁︾ ᠬᠡᠬᠦ ᠮᠡᠳᠤ ᠪᠠᠷ ᠬᠠᠷᠢᠯᠴᠠᠨ ᠮᠡᠡᠳᠤᠴᠢᠯᠠᠵᠤ ᠪᠠᠷᠠᠭᠠᠤᠨ᠂ ᠲᠤᠯᠭᠠᠨ ᠲᠡᠬᠡᠷᠡᠬᠢ ᠲᠦᠷᠡᠯᠵᠡᠭᠰᠡᠨ ᠭᠠᠯ ᠢᠶᠠᠨ ᠲᠤᠭᠤᠷᠢᠵᠤ ᠰᠠᠭᠤᠭᠠᠤᠨ ᠰᠢᠨ᠎ᠡ ᠶᠢᠨ ᠴᠠᠢ ᠪᠠᠨ ᠤᠤᠭᠤᠵᠠᠭᠠᠳᠠᠭ ᠪᠢᠯᠠ᠃ ᠰᠢᠨ᠎ᠡ ᠶᠢᠨ ᠴᠠᠢ ᠶᠢᠨ ᠲᠠᠷᠠᠭ᠎ᠠ ᠲᠤᠤᠷ᠎ᠠ ᠦᠶ᠎ᠡ ᠠᠴᠠ ᠲᠡᠬᠡᠷ᠎ᠡ ᠦᠶ᠎ᠡ ᠳᠡᠭᠡᠨ ᠠᠷᠢᠬᠢ ᠵᠠᠰᠠᠵᠤ ᠪᠠᠷᠢᠭᠰᠠᠨ ᠤ ᠬᠤᠶᠢᠨ᠎ᠠ᠂ ᠠᠪᠤ ᠡᠵᠢ ᠠᠬ᠎ᠠ ᠶᠡᠬᠡᠰ ᠠᠴᠠ ᠬᠡᠤᠬᠡᠳ ᠤᠳ ᠲᠡᠭᠡᠨ ᠰᠢᠬᠢᠷ ᠵᠢᠮᠢᠰ᠂ ᠴᠢᠪᠠᠭ᠎ᠠ ᠶᠠᠩᠭᠠᠭ ᠤᠨ ᠵᠦᠢᠯ ᠲᠦᠬᠡᠬᠡᠵᠤ ᠦᠭᠳᠡᠭ᠃ ᠰᠢᠨ᠎ᠡ ᠶᠢᠨ ᠨᠢᠬᠡᠨ ᠳᠤ ᠠᠶᠢᠯ ᠪᠤᠯᠭᠠᠨ ᠬᠤᠳᠳᠤᠭ ᠤᠰᠤ ᠪᠠᠨ ᠲᠠᠬᠢᠭᠰᠠ ᠤ ᠬᠤᠶᠢᠨ᠎ᠠ ᠤᠰᠤ ᠠᠪᠳᠠᠭ᠃ ᠪᠠᠰᠠ ᠪᠤᠤᠷ᠎ᠠ ᠶᠢᠨ ᠢᠶᠠᠨ ᠰᠢᠯᠢᠨ ᠳᠤ ᠬᠠᠳᠠᠭ ᠤᠶᠠᠵᠤ᠂ ᠲᠡᠮᠡᠬᠡᠨ ᠬᠤᠳᠠᠨ ᠳᠠᠭᠠᠨ ᠠᠷᠴᠠ ᠰᠠᠩ ᠤᠩᠭᠤᠳᠤᠭᠤᠯᠤᠨ᠂ ᠫᠤᠤᠵᠢᠩ ᠲᠠᠯᠪᠢᠵᠤ᠂ ᠲᠡᠮᠡᠭᠡ ᠪᠠᠨ ᠴᠤᠭᠯᠠᠭᠤᠯᠤᠭᠰᠠᠨ ᠤ ᠬᠤᠶᠢᠨ᠎ᠠ ᠬᠦᠮᠤᠨ ᠪᠦᠷᠢ ᠦᠪᠡᠷ ᠤᠨ ᠬᠡᠢ ᠮᠤᠷᠢ ᠶᠢᠨ ᠵᠦᠭ ᠲᠤ ᠵᠢᠷᠭᠤᠭᠠᠨ ᠤ ᠭᠠᠵᠠᠷ ᠢᠶᠠᠷ ᠦᠰᠤᠷᠬᠡᠵᠤ ᠨᠢᠬᠡ ᠴᠡᠪᠡᠷ ᠰᠠᠶᠢᠬᠠᠨ ᠲᠤᠪᠤᠷᠬᠠᠭ ᠭᠠᠵᠠᠷ ᠢ ᠰᠤᠩᠭᠤᠵᠤ᠂ ᠭᠠᠯ ᠲᠦᠯᠡᠨ ᠠᠷᠴᠠ ᠰᠠᠩ ᠤᠭᠤᠬᠢᠭᠤᠯᠵᠤ᠂ ᠫᠤᠤ ᠲᠠᠯᠪᠢᠨ ᠬᠡᠢ ᠮᠤᠷᠢ ᠪᠠᠨ ᠬᠡᠶᠢᠰᠬᠡᠭᠰᠡᠨ ᠤ ᠬᠤᠶᠢᠨ᠎ᠠ ᠲᠠᠬᠢᠨ ᠵᠦᠪ ᠡᠷᠬᠢᠵᠤ ᠬᠡᠰᠢᠭ ᠪᠤᠶᠠᠨ ᠤ ᠪᠠᠨ ᠵᠦᠭ ᠠᠴᠠ ᠬᠠᠷᠢᠵᠤ ᠢᠷᠡᠳᠡᠭ᠃ ᠡᠬᠦᠨ ᠢ ᠮᠦᠷ ᠭᠠᠷᠭᠠᠬᠤ ᠬᠡᠵᠤ ᠬᠡᠯᠡᠳᠡᠭ᠃ ᠰᠢᠨ᠎ᠡ ᠶᠢᠨ ᠨᠢᠬᠡᠨ ᠳᠤ ᠢᠩᠬᠢᠵᠤ ᠮᠦᠷ ᠭᠠᠷᠭᠠᠴᠢᠬᠠᠪᠠᠯ ᠪᠦᠬᠦᠯᠢ ᠨᠢᠬᠡ ᠵᠢᠯ ᠳᠡᠭᠡᠨ ᠬᠤᠯᠠ ᠤᠢᠢᠷ᠎ᠠ ᠬᠠᠮᠢᠭ᠎ᠠ ᠶᠠᠪᠤᠭᠰᠠᠨ ᠴᠤ ᠵᠠᠮ ᠵᠠᠭᠤᠷ᠎ᠠ ᠪᠠᠨ ᠭᠠᠢ ᠪᠠᠷᠴᠢᠤᠨ ᠲᠤᠬᠢᠶᠠᠯᠳᠤᠬᠤ ᠦᠬᠡᠢ ᠪᠠᠷ ᠠᠵᠢᠯ ᠦᠢᠯᠡᠰ ᠨᠢ ᠰᠠᠨᠠᠭᠰᠠᠨ ᠶᠤᠰᠤᠭᠠᠷ ᠪᠦᠳᠤᠬᠡᠤᠨ ᠬᠠᠷᠢᠵᠤ ᠢᠷᠡᠨ᠎ᠡ ᠬᠡᠮᠡᠨ ᠪᠡᠯᠬᠡᠰᠢᠶᠡᠨ ᠬᠡᠯᠡᠳᠡᠭ ᠶᠤᠮ ② ᠬᠡᠵᠡᠢ᠃ ᠠᠯᠠᠱᠠ ᠬᠤᠱᠤᠳᠴᠤᠳ ᠴᠠᠭᠠᠨ ᠰᠠᠷ᠎ᠠ ᠶᠢᠨ ᠰᠢᠨ᠎ᠡ ᠶᠢᠨ ᠨᠢᠬᠡᠨ ᠳᠤ ᠡᠴᠢᠬᠡ ᠡᠬᠡ ᠲᠠᠢ ᠪᠠᠨ᠂ ᠰᠢᠨ᠎ᠡ ᠶᠢᠨ ᠬᠤᠶᠠᠷ ᠲᠤ ᠠᠬ᠎ᠠ ᠶᠡᠬᠡᠰ᠂ ᠡᠬᠡᠴᠢᠮᠡᠳ ᠲᠠᠢ ᠪᠠᠨ ᠰᠢᠨᠡᠯᠡᠵᠤ ᠰᠢᠨ᠎ᠡ ᠶᠢᠨ ᠭᠤᠷᠪᠠᠨ ᠠᠴᠠ ᠡᠬᠢᠯᠡᠨ ᠬᠤᠯᠠ ᠤᠢᠢᠷ᠎ᠠ  ᠶᠢᠨ ᠲᠦᠷᠤᠯ ᠲᠦᠷᠦᠭᠰᠡᠤᠨ᠂ ᠠᠡᠳᠠ ᠨᠠᠶᠢᠵᠠ ᠠᠶᠢᠯ ᠰᠠᠭᠠᠬᠠᠯᠳᠠ ᠪᠠᠷ ᠵᠤᠯᠭᠠᠵᠤ ᠰᠢᠨᠡᠯᠡᠳᠡᠭ ᠵᠤᠷᠰᠢᠯ ᠪᠠᠶᠢᠳᠠᠭ᠃ ᠡᠨᠡ ᠦᠶ᠎ᠡ ᠪᠠᠷ ᠠᠶᠢᠯ ᠠᠶᠢᠯ ᠡᠬᠡᠯᠵᠢ ᠪᠠᠷ ᠰᠢᠨ᠎ᠡ ᠶᠢᠨ ᠴᠠᠢ ᠬᠢᠵᠤ ᠬᠤᠯᠠ ᠤᠢᠢᠷ᠎ᠡ ᠶᠢᠨ ᠬᠡᠶᠢᠴᠢᠤᠨ ᠢᠶᠠᠨ ᠲᠠᠶᠢᠯᠠᠵᠤ ᠪᠠᠶᠠᠷ ᠨᠠᠶᠢᠷ ᠬᠢᠵᠤ ᠮᠠᠰᠢ ᠶᠡᠭᠡ ᠪᠠᠷ ᠴᠡᠩᠬᠡᠯᠳᠤᠨ ᠬᠦᠬᠡᠷᠤᠯᠳᠤᠬᠦ ᠪᠢᠯᠠ᠃ ᠵᠡᠬᠦᠯᠳᠡ᠄ ①② ︽ᠠᠯᠠᠱᠠ ᠲᠡᠦᠭᠡ ᠲᠠᠮᠳᠡᠭᠯᠡᠯ ᠤᠨ ᠮᠠᠲ᠋ᠧᠷᠢᠶᠠᠯ︾ ︵ᠬᠤᠶᠠᠷ︶ ᠤᠨ 26᠂ 267 ᠳ᠋ᠤᠭᠠᠷ ᠨᠢᠭᠤᠷ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号