ᠦᠢᠷᠡᠳ ᠮᠣᠩᠭᠤᠯᠴᠣᠳ ᠤᠨ ᠴᠠᠭᠠᠨ ᠤ ᠪᠠᠶᠠᠷ ᠲᠠᠢ ᠬᠤᠯᠪᠣᠭᠳᠠᠭᠰᠠᠨ ᠵᠡᠩ ᠦᠢᠯᠨ
ᠨᠡᠶᠢᠲᠡᠯᠡᠭᠰᠡᠨ ᠴᠠᠭ᠄
2019/12/11
  ᠴᠠᠭᠠᠨ ᠤ ᠪᠠᠶᠠᠷ ᠪᠣᠯ ᠨᠡᠶᠢᠳᠠ ᠮᠣᠩᠭᠤᠯᠴᠣᠳ ᠤᠨ ᠬᠠᠭᠤᠴᠢᠨ ᠵᠢᠯ ᠵᠶ᠋ᠡᠨ‌ᠦᠳᠠᠨ ᠮᠣᠷᠳᠠᠭᠤᠯᠵᠥ ᠰᠢᠨ᠎ᠠ ᠵᠢᠯ  ᠢᠶᠠᠨ ᠣᠭᠳᠣᠨ ᠢᠷᠡᠭᠦᠯᠦᠭᠰᠠᠨ ᠪᠠᠶᠠᠷ ᠮᠦᠨ᠂ ᠮᠦᠠᠴᠤ ᠦᠢᠷᠡᠳ ᠮᠣᠩᠭᠤᠯ ᠤᠨ ᠵᠣᠯᠨ ᠪᠠᠶᠠᠷ᠂ ᠴᠠᠭᠠᠨ ᠤ ᠪᠠᠶᠠᠷ᠂ ᠮᠠᠶᠢᠳᠠᠷ ᠤᠨ ᠪᠠᠶᠠᠷ ᠵᠡᠷᠭᠡ ᠭᠤᠷᠪᠠᠨ ᠪᠠᠶᠠᠷ ᠤᠨ ᠨᠢᠭᠡᠨ ᠪᠣᠯᠣᠨ᠎ᠠ᠃ ᠮᠣᠩᠭᠤᠯᠴᠣᠳ‌‍ᠰᠢᠨ᠎ᠠ ᠵᠢᠯ ᠤᠨ ᠴᠠᠭᠠᠨ ᠤ ᠪᠠᠶᠠᠷ ᠢ ᠦᠯᠵᠡᠢ ᠲᠡᠮᠪᠡᠷᠡᠯ ᠲᠠᠢ᠂ ᠣᠳᠬ᠎ᠠ ᠠᠭᠤᠯᠭ᠎ᠠ ᠲᠠᠢ ᠮᠦᠷᠳᠡᠭᠡᠨ ᠦᠪᠡᠷᠮᠢᠴᠨ ᠣᠠᠴᠠᠯᠢᠭ ᠲᠠᠢ ᠪᠠᠷ ᠦᠩᠭᠡᠷᠡᠭᠦᠯᠵᠥ᠂ ᠡᠯᠢᠭᠡᠨ ᠰᠠᠳᠣᠨ ᠲᠦᠷᠦᠯ ᠲᠦᠷᠦᠭᠰᠠᠳ ᠲᠡᠭᠡᠨ ᠰᠢᠨ᠎ᠠ ᠵᠢᠯ ‍ᠣᠨ‌ᠮᠠᠠᠳᠠᠭᠦᠴᠢᠯ ᠲᠠᠪᠰᠢᠭᠦᠯᠵᠥ ᠴᠠᠭᠠᠯᠠᠳᠠᠭ ᠵᠠᠩᠰᠢᠯ ᠲᠠᠢ ᠶᠣᠮ᠃ ᠨᠢᠭᠡ᠂ ᠴᠠᠭᠠᠨ ᠤ ᠡᠮᠣᠨᠡᠭᠢ ᠪᠡᠯᠡᠳᠭᠡᠯ ᠠᠵᠢᠯ ᠴᠠᠭᠠᠨ ᠤ ᠪᠠᠶᠠᠷ ᠪᠣᠯ ᠵᠢᠯ ᠤᠨ ᠡᠭᠢᠨ ᠤ ᠶᠡᠭᠡ ᠪᠠᠶᠠᠷ ᠪᠣᠯᠬᠤᠷ ᠡᠯᠪᠡᠭ ᠲᠡᠯᠪᠡᠭ ᠡᠩᠭᠡ ᠰᠠᠶᠢᠬᠠᠨ ᠦᠩᠭᠡᠷᠡᠭᠦᠯᠪᠠᠯ ᠢᠷᠡᠭᠦ ᠵᠢᠯ ᠳᠡᠭᠡᠨ ᠡᠪᠡᠳᠴᠢᠨ ᠭᠡᠮ ᠦᠭᠡᠢ ᠠᠷᠢᠭᠤᠨ ᠴᠡᠪᠡᠷ ᠪᠠᠶᠢᠵᠥ᠂ ᠭᠡᠰᠢᠭ ᠪᠣᠶᠠᠨ ᠢᠷᠡᠵᠥ ᠭᠢᠢᠮᠣᠷᠢ ᠲᠡᠯᠡᠰᠭᠦ ᠶᠢ ᠪᠡᠯᠭᠡᠰᠢᠶᠠᠵᠥ᠂ ᠠᠯᠢ ᠣᠯᠠᠨ ᠵᠡᠩ ᠦᠢᠯᠨ ᠶᠢ ᠰᠠᠶᠢᠬᠠᠨ ᠭᠦᠢᠴᠠᠳᠭᠡᠳᠡᠭ᠃ ᠴᠠᠭᠠᠨ ᠤ ᠡᠮᠣᠨ᠎ᠠ ᠶᠡᠭᠡ ᠡᠷᠳᠠ ᠠᠴᠠ ᠠᠪᠣᠭᠠᠳ ᠭᠭᠢᠷ‌ᠨᠣᠭᠤᠳ ᠢᠶᠠᠨ ᠣᠭᠢᠶᠠᠵᠥ᠂ ᠡᠭᠦᠳᠠᠨ ᠲᠡᠷᠽᠠ ᠪᠠᠨ ᠠᠷᠴᠢᠨ ᠭᠡᠷ ᠤᠨ ᠰᠠᠭᠰᠠᠷᠭ᠎ᠠ ᠪᠣᠭ ᠢ ᠱᠦᠷᠭᠦᠨ ᠠᠷᠢᠯᠭᠠᠵᠥ᠂ ᠬᠤᠷᠢᠶ᠎ᠠ ᠱᠦᠭ ᠢ ᠴᠡᠪᠡᠷᠯᠡᠨ ᠲᠢᠭᠯᠡᠵᠥ ᠂ ᠬᠠᠶᠢᠰᠣᠨ ᠲᠣᠯᠭ᠎ᠠ ᠪᠠᠨ ᠠᠷᠴᠢᠨ ᠭᠢᠯᠢᠯᠭᠡᠭᠦ ᠮᠠᠳᠤ ᠶᠡᠭᠡ ᠨᠠᠷᠢᠯᠢᠭ ᠠᠷᠢᠭᠤᠨ ᠴᠡᠪᠡᠷ ᠤᠨ ᠠᠵᠢᠯ ᠭᠡᠳᠡᠭ︔ ᠢᠩᠭᠡᠭᠦ ᠨᠢ ᠰᠢᠨ᠎ᠠ ᠵᠢᠯ ᠳᠤ ᠭᠭᠢᠷ ᠪᠣᠷᠳᠠᠭ ᠦᠭᠡᠢ ᠠᠷᠢᠭᠤᠨ ᠴᠠᠪᠠᠷ ᠪᠠᠶᠢᠪᠠᠯ ᠴᠡᠭᠡᠵᠢ ᠨᠢ ᠴᠡᠶᠢᠵᠥ᠂ ᠴᠡᠪᠡᠷᠭᠡᠨ ᠠᠮᠢᠳᠣᠷᠠᠵᠥ ᠴᠢᠳᠠᠨ᠎ᠠ ᠭᠡᠳᠡᠭ ᠪᠡᠯᠭᠡᠰᠢᠶᠠᠳᠡᠭ᠃ ᠨᠢᠭᠡ ᠵᠢᠯ ᠤᠨ ᠣᠯᠣᠭᠰᠠᠨ ᠵᠦᠭᠡᠭᠰᠠᠨ ᠢᠶᠠᠨ ᠲᠦᠷᠦᠯ ᠰᠠᠳᠣᠨ ᠨᠣᠳᠤᠭ ᠤᠨ ᠭᠦᠮᠦᠰ ᠲᠡᠭᠡᠨ ᠠᠮᠰᠠᠭᠤᠯᠵᠥ ᠢᠷᠡᠭᠦ ᠵᠢᠯ ᠤᠨ ᠦᠨᠢᠷ ᠪᠠᠶᠠᠨ ᠪᠣᠯᠬᠤ ᠶᠢ ᠪᠡᠯᠭᠡᠰᠢᠶᠡᠵᠥ ᠠᠷᠢᠭᠢ ᠮᠢᠬ᠎ᠠ ᠂ ᠪᠡᠯᠡᠭ ᠲᠡᠮᠣᠰᠤ ᠪᠣᠯᠣᠨ ᠪᠣᠽᠨ ᠢᠰᠭᠡᠵᠥ ᠪᠡᠯᠡᠳᠭᠡᠳᠡᠭ᠃ ᠰᠢᠨ᠎ᠠ ᠱᠠᠬᠠᠢ ᠡᠮᠣᠰᠴᠤ ᠰᠢᠨ᠎ᠠ ᠵᠠᠮ ᠢᠶᠠᠷ ᠶᠠᠪᠣᠵᠥ᠂ ᠰᠢᠨ᠎ᠠ ᠬᠤᠪᠴᠠᠰᠤ ᠡᠮᠣᠰᠴᠤ ᠰᠢᠨ᠎ᠠ ᠦᠢᠯᠠᠰ ᠪᠦᠳᠦᠭᠡᠭᠦ ᠭᠦᠰᠠᠯ ᠢᠶᠠᠷ ᠴᠠᠭᠠᠨ ᠳᠠᠭᠠᠨ ᠡᠮᠣᠰᠭᠦ ᠰᠢᠨ᠎ᠠ ᠬᠤᠪᠴᠠᠰᠤ ᠬᠤᠨᠠᠷ ᠢᠶᠠᠨ ᠪᠡᠯᠡᠳᠭᠡᠳᠡᠭ᠃ ᠦᠭᠡᠴᠨ ᠠᠪᠣᠴᠨ ᠲᠠᠢ ᠦᠩᠭᠡ ᠭᠡᠷᠡᠯ ᠲᠠᠢ ᠶᠠᠪᠣᠬᠤ ᠶᠢ ᠪᠡᠯᠭᠡᠰᠢᠶᠠᠵᠥ ᠡᠵᠢ ᠠᠪᠤ ᠡᠯᠢᠭᠡᠨ ᠰᠠᠳᠣᠨ ᠳᠠᠭᠠᠨ ᠲᠠᠳᠠᠬᠤ ᠠᠯᠴᠢᠭᠤᠷ ᠲᠠᠰᠣᠮ ᠡᠮᠣᠰᠭᠡᠯ ᠢᠶᠠᠨ ᠪᠡᠯᠡᠳᠭᠡᠳᠡᠭ᠃ ᠠᠶᠢᠮᠠᠭ ᠣᠯᠠᠨ ᠳᠠᠭᠠᠨ ᠠᠶᠢᠯᠴᠢᠯᠠᠨ ᠵᠣᠯᠭᠤᠬᠤ ᠴᠠᠯᠪᠡᠭ᠂ ᠬᠤᠷᠣᠬᠠᠢ ᠪᠣᠭᠤᠷᠰᠤᠭ᠂ ᠮᠣᠰᠢᠭᠢᠮᠣᠷ᠂ ᠺᠠᠪᠵᠠᠢ ᠭᠡᠭᠦ ᠶᠢᠨ ᠬᠠᠮᠳᠤ ᠲᠠᠪᠣᠨ ᠵᠦᠰᠣᠨ ᠮᠠᠯ ᠢ ᠲᠠᠭᠤᠷᠢᠶᠠᠯᠭᠠᠨ ᠭᠡᠵᠥ᠂ ᠲᠡᠭᠦᠨ ᠢᠶᠠᠷ ᠢᠶᠠᠨ ᠲᠡᠭᠡᠵᠢ ᠲᠠᠪᠢᠨ᠎ᠠ᠃ ᠪᠠᠰᠨ ᠭᠡᠶᠢᠴᠢ ᠲᠣᠭᠠᠬᠤ ᠳᠤ ᠲᠦᠭᠦᠮ ᠢ ᠪᠣᠳᠣᠵᠥ ᠪᠡᠩᠰᠢ ᠪᠣᠣᠽᠢ ᠪᠣᠭᠤᠵᠥ ᠭᠦᠷᠭᠡᠭᠡᠵᠥ ᠪᠡᠯᠡᠳᠭᠡᠳᠡᠭ︔ ᠡᠭᠦᠨ ᠠᠴᠠ ᠭᠠᠳᠠᠨ᠎ᠠ ᠪᠠᠰᠨ ᠢᠷᠡᠭᠦ ᠵᠢᠯ ᠳᠠᠭᠠᠨ ᠣᠯᠵᠨ‌ᠣᠷᠰᠢ ᠲᠠᠢ ᠪᠣᠯᠬᠤ ᠶᠢ ᠶᠣᠷᠯᠠᠵᠥ ᠦᠭᠡᠳᠠ ᠠᠮᠨ ᠲᠠᠢ ᠠᠶᠠᠭ᠎ᠠ ᠰᠠᠪᠠ ᠬᠤᠳᠣᠯᠳᠣᠨ ᠠᠪᠳᠠᠭ᠃ ᠬᠤᠶᠠᠷ᠂ ᠭᠤᠴᠢᠨ ᠤ ᠡᠳᠤᠷ ᠭᠤᠴᠢᠨ ᠪᠣᠯ ᠨᠢᠭᠡ ᠵᠢᠯ ᠤᠨ ᠬᠠᠮᠤᠭ ᠤᠨ ᠡᠴᠤᠰ ᠤᠨ ᠡᠳᠤᠷ ᠪᠣᠯᠣᠨ᠎ᠠ᠃ ᠡᠨ᠋ᠨ ᠡᠳᠤᠷ  ᠦᠷᠯᠦᠭᠡ ᠡᠷᠳᠠ ᠪᠣᠰᠴᠦ ᠪᠣᠷᠬᠠᠨ ᠳᠠᠭᠠᠨ ᠲᠡᠭᠡᠵᠢ ᠲᠠᠪᠢᠵᠥ᠂ ᠲᠡᠭᠢᠯ ᠵᠣᠯᠨ‌ᠡᠷᠭᠦᠵᠥ᠂ ᠰᠠᠩ ᠭᠦᠵᠢ ᠪᠠᠨ ᠣᠮᠠᠯᠭᠠᠳᠠᠭ᠃ ᠭᠤᠴᠢᠨ ᠤ ᠡᠳᠤᠷ ᠠᠪᠤ ᠡᠵᠢ᠂ ᠯᠠᠮᠨ ᠭᠡᠩᠭᠡᠢ᠂ ᠠᠬᠠᠮᠠᠳ ᠨᠠᠰᠣᠳᠠᠨ  ᠪᠣᠯᠣᠨ‌‍ᠰᠦ᠋ᠮ᠎ᠠ ᠳᠤ ᠣᠷᠢᠳᠴᠢᠯᠠᠨ ᠴᠠᠭᠠᠨ ᠭᠦᠷᠭᠡᠳᠡᠭ᠃ ᠣᠷᠣᠢ ᠨᠢ ᠬᠠᠯᠠᠭᠤᠨ ᠠᠮᠨ‌‍ᠪᠦ᠋ᠯᠢ ᠪᠠᠷ ᠢᠶᠠᠨ ᠴᠣᠭᠯᠠᠷᠠᠵᠥ᠂ ᠪᠣᠷᠣ ᠰᠢᠬᠦᠰᠦ ᠴᠢᠨᠠᠵᠤ᠂ ᠭᠠᠯ ᠳᠠᠭᠠᠨ ᠡᠷᠭᠦᠵᠥ᠂ ︽ᠬᠠᠭᠠᠨ ᠠᠪᠤ ᠶᠢᠨ ᠴᠡᠭᠢᠵᠥ ᠬᠤᠨᠣᠭᠰᠠᠨ ᠭᠠᠯ ᠭᠤᠯᠣᠮᠳᠠ᠂ ᠬᠠᠳᠣᠨ ᠡᠵᠢ  ᠶᠢᠨ ᠦᠯᠢᠶᠠᠵᠥ ᠬᠤᠨᠣᠭᠰᠠᠨ ᠭᠠᠯ ᠭᠤᠯᠣᠮᠳᠠ᠂ ᠦᠷᠦᠭᠡ ᠪᠠᠷ ᠦᠰᠦᠨ ᠭᠤᠭᠤᠵᠢᠵᠥ᠂ ᠲᠣᠳᠣᠭᠤ ᠪᠠᠷ ᠲᠣᠰᠣᠨ ᠭᠤᠭᠤᠵᠢᠵᠥ ᠦᠣᠷ ᠲᠣᠮᠳᠠ ᠠᠴᠠ ᠦᠭᠡᠭᠦ ᠲᠣᠰᠣ ᠪᠠᠷ ᠪᠣᠴᠠᠯᠳᠣᠭᠠᠢ︾ ᠭᠡᠵᠥ ᠢᠷᠦᠭᠡᠭᠦ ᠶᠢᠨ ᠬᠠᠮᠳᠤ ᠪᠠᠰᠨ ︽ᠠᠪᠤ ᠡᠵᠢ ᠶᠢᠨ ᠵᠢᠶᠠᠭᠠᠨ ᠰᠠᠭᠢᠭᠤᠯᠰᠣᠨ ᠮᠢᠨᠢ᠂ ᠠᠨᠢᠭᠰᠠᠨ ᠢᠶᠠᠨ ᠬᠠᠯᠢᠶᠠᠵᠥ ᠠᠳᠬᠤᠭᠰᠠᠨ ᠢᠶᠠᠨ ᠲᠠᠯᠪᠢᠭᠳᠣᠨ᠂ ᠨᠠᠭᠠᠷᠣ ᠪᠠᠨ ᠬᠠᠯᠢᠶᠠᠵᠥ ᠦᠷ᠎ᠡ ᠰᠠᠳᠣᠨ ᠠᠴᠢ ᠵᠢᠴᠢ ᠳᠡᠭᠡᠨ ᠭᠡᠰᠢᠭ ᠪᠣᠶᠠᠨ ᠢᠶᠠᠨ ᠬᠠᠶᠢᠷᠡᠯᠡᠵᠥ᠂ ᠴᠠᠭᠠᠷᠣ ᠪᠠᠨ ᠬᠠᠯᠢᠶᠠᠵᠥ ᠪᠣᠷᠬᠠᠨ ᠤ ᠬᠤᠳᠤᠭ ᠲᠤ ᠲᠦᠷᠦᠭᠳᠣᠨ︾ ᠭᠡᠵᠥ ᠢᠷᠦᠭᠡᠵᠥ ᠪᠣᠷᠬᠠᠨ ᠳᠠᠭᠠᠨ ᠲᠡᠭᠡᠵᠢ ᠲᠠᠪᠢᠭᠰᠠᠨ ᠤ ᠲᠠᠷᠠᠭ᠎ᠠ ᠲᠡᠭᠡᠭᠡᠳ ᠰᠠᠶ᠋‍‌ᠭᠠᠷ ᠭᠦᠷᠴᠤ ᠢᠳᠡᠨ᠎ᠡ᠃ ᠴᠢᠮᠡᠭᠡ ᠶᠢ ᠨᠢ ᠴᠣᠭᠢᠵᠥ ᠭᠡᠣᠭᠡᠳ ᠲᠡᠭᠡᠨ ᠢᠳᠡᠭᠦᠯᠵᠥ᠂ ᠶᠠᠰᠤ  ᠶᠢ ᠨᠢ ᠨᠣᠬᠠᠷ ᠳᠠᠭᠠᠨ ᠢᠳᠡᠭᠦᠯᠦᠨ᠎ᠡ᠃ ︽ᠭᠤᠴᠢᠨ‌ᠠᠰᠬᠤᠨ‌‍ᠪᠢᠳᠡᠭᠦᠦ ᠬᠤᠭᠤᠯᠨ ᠢᠳᠠᠪᠠᠯ ᠪᠣᠳᠣᠭᠰᠠᠨ ᠭᠡᠷᠡᠭ ᠪᠦᠳᠦᠮᠵᠢ ᠲᠠᠢ ᠪᠣᠯᠣᠨ᠎ᠠ︾ ᠭᠡᠵᠥ ᠪᠠᠩᠰᠢ ᠪᠣᠭᠤᠵᠥ ᠢᠳᠡᠳᠡᠭ᠃ ᠪᠠᠩᠰᠢ ᠪᠣᠭᠤᠬᠤ ᠳᠠᠭᠠᠨ ᠪᠠᠩᠰᠢ ᠶᠢᠨ ᠢᠶᠠᠨ ᠵᠠᠷᠢᠮ ᠳᠤ ᠨᠢ ᠶᠠᠷᠴᠠᠨ ᠮᠦᠩᠭᠦ᠂ ᠰᠢᠭᠡᠷ᠂ ᠴᠢᠪᠠᠭ᠎ᠠ᠂ ᠲᠠᠪᠣᠰᠣ ᠵᠡᠷᠭᠡ ᠶᠢ ᠪᠣᠭᠤᠵᠥ᠂ ᠡᠳᠡᠭᠡᠷ ᠪᠡᠩᠰᠢ ᠠᠴᠠ ᠣᠯᠵᠥ ᠢᠳᠡᠪᠠᠯ ᠢᠷᠡᠭᠦ ᠵᠢᠯ ᠳᠠᠭᠠᠨ ᠪᠣᠶᠠᠨ ᠬᠡᠰᠢᠭ ᠢᠷᠡᠨ᠎ᠡ ᠭᠡᠵᠥ  ᠪᠡᠯᠭᠡᠰᠢᠶᠠᠳᠡᠭ᠃ ︽ᠡᠨ᠋ᠨ ᠣᠷᠣᠢ ᠱᠣᠯᠣᠮ ᠪᠣᠷᠬᠠᠨ ᠬᠤᠶᠠᠷ ᠬᠠᠮᠳᠤ ᠢᠷᠡᠵᠥ ᠵᠢᠩ ᠲᠡᠷᠣᠳᠠᠭ ᠦᠭᠡᠢ ᠭᠦᠩᠭᠡᠨ ᠢ ᠨᠢ ᠠᠪᠣᠭᠠᠳ ᠶᠠᠪᠣᠨ᠎ᠠ ᠭᠡᠳᠡᠭ ᠲᠣᠮᠤᠭ ᠢᠶᠠᠷ ᠭᠡᠣᠭᠡᠳ ᠢ ᠠᠶᠣᠯᠭᠠᠵᠥ᠂ ᠲᠠᠳᠠᠨ ᠢ ᠴᠡᠳᠳᠠᠯ᠎ᠠ ᠢᠳᠠᠭᠦᠯᠵᠥ᠂ ᠦᠢᠯ ᠢ ᠨᠢ ᠲᠠᠷᠣᠳᠠᠭ᠃ ᠭᠤᠷᠪᠠ᠂ ᠴᠠᠭᠠᠯᠠᠬᠤ ᠵᠡᠩ ᠦᠢᠯᠨ 1᠂ ᠲᠡᠮᠪᠡᠷᠡᠯ ᠳᠤ ᠮᠦᠷᠭᠦᠭᠦ ᠨᠠᠷᠨ ᠭᠠᠷᠬᠤ ᠠᠴᠠ ᠣᠷᠢᠳᠠ ᠦᠰᠦ ᠲᠠᠢ ᠴᠡᠢ ᠪᠠᠨ ᠴᠠᠨᠠᠵᠥ ᠠᠪᠣᠭᠠᠳ ᠭᠠᠳᠠᠨ᠎ᠠ ᠭᠠᠷᠴᠤ ᠲᠡᠮᠪᠡᠷᠡᠯ ᠳᠤ ᠮᠦᠷᠭᠦᠳᠡᠭ᠃ ︽ᠲᠠᠮᠪᠠᠷᠠᠯ ᠳᠤ ᠮᠦᠷᠭᠦᠨ᠎ᠡ︾ ᠭᠡᠵᠥ ᠠᠶᠢᠯ ᠬᠤᠰᠢᠶ᠎ᠠ ᠪᠠᠷ ᠢᠶᠠᠨ ᠭᠦᠷᠡᠯᠴᠠᠨ ᠢᠷᠡᠵᠥ᠂ ᠦᠠᠳᠦᠷ ᠰᠢᠭ ᠴᠠᠪᠡᠷ ᠭᠠᠵᠠᠷ ᠲᠤ ᠭᠠᠷᠴᠤ ᠰᠢᠷᠳᠡᠭ ᠪᠠᠨ ᠲᠡᠪᠢᠰᠴᠤ᠂ ᠰᠢᠨ᠎ᠠ ᠴᠠᠨᠠᠭᠰᠠᠨ ᠦᠰᠦ ᠲᠠᠢ ᠴᠠᠢ᠂ ᠣᠯᠠᠨ ᠵᠦᠢᠯ ‍ᠣᠨ‌‍ᠪᠡᠯᠡᠭ ᠲᠡᠮᠣᠰᠣ᠂ ᠰᠠᠴᠣᠯᠢ ᠪᠠᠨ ᠠᠪᠴᠤ᠂ ᠰᠠᠩ ᠭᠦᠵᠢ ᠪᠠᠨ ᠣᠮᠠᠯᠭᠠᠨ᠂ ᠬᠠᠨ ᠭᠠᠵᠠᠷ ᠣᠰᠣᠨ ᠳᠠᠭᠠᠨ ᠴᠠᠢ᠂ ᠪᠡᠯᠡᠭ ᠠᠴᠠ ᠲᠡᠭᠡᠵᠢ ᠪᠠᠨ ᠡᠷᠭᠦᠵᠥ᠄ ︽ᠬᠠᠨ ᠭᠠᠵᠠᠷ ᠣᠰᠣᠨ ᠮᠢᠨᠢ︕ ᠡᠭᠡᠯ ᠪᠡᠶ᠎ᠡ  ᠵᠢᠨ‌ᠡᠩᠭᠡ ᠠᠮᠣᠭᠤᠯᠠᠩ ᠢ ᠦᠷᠢᠰᠢᠶᠠᠵᠥ ᠬᠠᠶᠢᠷᠢᠯᠠᠭᠳᠣᠨ᠂ ᠡᠳ᠋ ᠮᠠᠯ ‍ᠤᠨ‌ᠡᠯᠪᠡᠭ ᠪᠠᠶᠠᠨ ᠢ ᠠᠶᠢᠯᠠᠳᠬᠠᠵᠥ ᠬᠠᠶᠢᠷᠢᠯᠠᠭᠳᠣᠨ᠂ᠦᠷ᠎ᠡ ᠭᠡᠣᠭᠡᠳ  ᠢ ᠮᠢᠨᠢ ᠦᠷᠢᠰᠢᠶᠠᠵᠥ ᠬᠠᠶᠢᠷᠢᠯᠠᠭᠳᠣᠨ᠂ ᠭᠠᠢ ᠪᠠᠷᠴᠢᠳ ᠢ ᠠᠷᠢᠯᠭᠠᠵᠥ ᠬᠠᠶᠢᠷᠢᠯᠠᠭᠳᠣᠨ᠂ ᠴᠦᠳ ᠬᠠᠶᠢᠷᠬᠠᠨ︕︾ ᠭᠡᠵᠥ ᠲᠦᠷᠪᠡᠨ ᠵᠦᠭ ᠲᠤ ᠪᠣᠯᠣᠨ ᠲᠡᠭᠡᠳᠤ ᠲᠡᠭᠷᠢ᠂ ᠲᠣᠣᠷᠡᠳᠤ ᠭᠠᠵᠠᠷ ᠲᠤ ᠰᠠᠴᠣᠯᠢ ᠡᠷᠭᠦᠵᠥ᠂ ᠪᠦᠭᠦᠳᠡᠭᠡᠷ ᠢᠶᠠᠨ ᠮᠦᠷᠭᠦᠨ᠎ᠠ᠃ ᠡᠨ᠋ᠨ ᠨᠢ ᠰᠠᠭᠢᠭᠤᠯᠰᠣᠨ ᠭᠦᠴᠦᠳᠠᠨ ᠤ ᠦᠷᠢᠰᠢᠶᠠᠵᠥ ᠬᠠᠶᠢᠷᠢᠯᠠᠬᠤ ᠶᠢ ᠭᠦᠰᠠᠵᠥ ᠪᠠᠶᠢᠬᠤ ᠰᠠᠨᠠᠭ᠎ᠠ ᠪᠣᠯᠣᠨ᠎ᠠ᠃ ᠢᠩᠭᠡᠭᠡᠳ ᠬᠤᠭᠤᠷᠣᠠᠳᠤ ᠪᠠᠨ ᠴᠠᠢ ᠪᠠᠨ ᠣᠣᠭᠤᠵᠥ ᠰᠠᠴᠣᠯᠢ ᠪᠠᠨ ᠠᠮᠰᠠᠭᠠᠳ ᠭᠡᠷ ᠭᠡᠷ ᠲᠡᠭᠡᠨ ᠬᠠᠷᠢᠨ᠎ᠠ᠃ ᠴᠠᠭᠠᠨ ᠤ ᠨᠢᠭᠡᠨ ᠰᠢᠨ᠎ᠠ ᠳᠤ ᠡᠷᠳᠠ ᠪᠣᠰᠴᠤ ᠭᠡᠶᠢᠮᠣᠷᠢ ᠪᠠᠨ ᠲᠡᠯᠡᠰᠭᠡᠪᠡᠯ ᠰᠢᠨ᠎ᠠ ᠵᠢᠯ ᠳᠡᠭᠡᠨ ᠭᠡᠶᠢᠮᠣᠷᠢ ᠲᠡᠯᠡᠰᠴᠤ ᠬᠡᠰᠢᠭ ᠪᠣᠶᠠᠨ ᠲᠡᠯᠭᠡᠷᠡᠨ᠎ᠡ ᠭᠡᠵᠥ ᠪᠡᠯᠭᠡᠰᠢᠶᠠᠵᠥ ᠡᠷᠡᠭᠳᠠᠶᠢᠴᠣᠳ ᠮᠣᠷᠢ ᠣᠨᠣᠭᠠᠳ ᠰᠦᠮ᠎ᠠ ᠳᠤ ᠣᠴᠢᠵᠥ ᠲᠡᠮᠪᠠᠷᠠᠯ ᠳᠤ ᠮᠦᠷᠭᠦᠭᠦ ᠪᠣᠶᠣ ᠲᠠᠭᠢᠯᠭᠠᠨ ᠳᠤ ᠣᠴᠢᠨ᠎ᠠ᠃ ᠭᠡᠣᠭᠡᠳ ᠭᠠᠳᠠᠨ᠎ᠠ ᠭᠠᠷᠴᠤ ᠱᠠᠪᠠᠷ ᠭᠦᠳᠡᠯᠭᠡᠵᠥ᠂ ᠮᠣᠳᠣ ᠬᠤᠭᠤᠯᠠᠵᠥ ᠢᠷᠡᠳᠡᠭ᠃ ᠢᠩᠭᠡᠭᠦ ᠨᠢ ᠭᠠᠵᠠᠷ ᠣᠰᠣᠨ ᠤ ᠱᠠᠯᠳᠠᠭ ᠱᠠᠪᠠᠷ ᠡᠰᠠ ᠬᠠᠯᠳᠣᠬᠤ ᠶᠢ ᠶᠣᠷᠣᠯᠠᠵᠥ ᠪᠠᠶᠢᠨ᠎ᠠ᠃ ᠪᠠᠰᠨ‌‍ᠱᠣᠯᠣᠮ ᠴᠢᠳᠭᠦᠷ ᠢ ᠭᠦᠭᠡᠭᠡᠵᠥ ᠶᠠᠪᠣᠭᠤᠯᠬᠤ ᠵᠣᠷᠢᠯᠭ᠎ᠠ ᠪᠠᠷ ᠫᠣᠣ ᠬᠠᠭᠠᠵᠥ ᠡᠰᠠᠭᠦᠶᠢᠯ᠎ᠠ ᠫᠣᠣᠵᠢᠩ ᠬᠠᠭᠠᠯᠠᠨ᠎ᠠ᠃ 2᠂ ᠴᠠᠭᠠᠯᠠᠬᠤ ᠶᠣᠰᠣ ᠲᠡᠮᠪᠡᠷᠡᠯ ᠳᠤ ᠮᠦᠷᠭᠦᠵᠥ ᠭᠡᠷ ᠲᠡᠭᠡᠨ ᠢᠷᠡᠵᠥ᠂ ᠶᠠᠭᠤᠨ ᠤ ᠲᠡᠷᠢᠭᠦᠨ ᠳᠤ ᠭᠡᠷ ᠪᠦᠯᠢ ᠪᠠᠷ ᠢᠶᠠᠨ ᠡᠷᠡᠭᠦᠯ ᠮᠠᠠᠳᠤ᠂ ᠠᠵᠢᠯ ᠦᠢᠯᠠᠰ ᠨᠢ ᠠᠮᠵᠢᠯᠳᠣᠳᠠᠢ᠂ ᠠᠵᠥ ᠠᠮᠢᠳᠣᠷᠠᠯ ᠤ ᠦᠭᠡᠳᠠ ᠡᠰᠡᠷᠡᠭ ᠶᠠᠪᠣᠬᠤ ᠶᠢ ᠲᠠᠭᠠᠳᠬᠠᠨ ᠪᠣᠷᠬᠠᠨ  ᠳᠠᠭᠠᠨ ᠮᠦᠷᠭᠦᠨ᠎ᠡ᠃ ᠡᠭᠦᠨ ᠤ ᠲᠡᠷᠠᠭ᠎ᠠ ᠠᠪᠤ ᠡᠵᠢ ᠡᠴᠢᠭᠡ ᠡᠭᠡ ᠳᠠᠭᠠᠨ ᠴᠠᠭᠠᠯᠠᠨ᠎ᠠ᠂ ᠴᠠᠭᠠᠯᠠᠬᠤ  ᠳᠠᠭᠠᠨ᠄ ︽ᠰᠠᠶᠢᠨ ᠪᠠᠶᠢᠨ᠎ᠠ ᠲᠨ︖ ᠡᠪᠣᠯᠡᠭᠡᠢ ᠰᠠᠶᠢᠨ ᠭᠠᠷᠪᠠ ᠲᠨ︖ ᠭᠦᠪᠡᠭᠦᠨ ᠠᠴᠢᠨᠡᠷ ᠲᠨ ᠰᠠᠶᠢᠨ ᠪᠠᠶᠢᠨ᠎ᠠ ᠤᠤ︾ ᠭᠡᠵᠥ ᠮᠠᠠᠳᠣ ᠠᠰᠠᠭᠤᠵᠥ᠂ ᠪᠠᠷᠠᠭᠤᠨ ᠭᠠᠷ ᠤᠨ ᠢᠶᠠᠨ ᠦᠵᠦᠭᠦᠷ ᠢᠶᠠᠷ ᠬᠠᠨᠴᠤ ᠪᠠᠨ ᠪᠠᠷᠢᠵᠥ ᠠᠪᠣᠭᠠᠳ᠂ ᠪᠠᠷᠠᠭᠤᠨ ᠭᠠᠷ ᠢᠶᠠᠨ ᠦᠭᠴᠤ ᠴᠠᠭᠠᠯᠠᠬᠤ ᠳᠤ ᠠᠪᠤ ᠡᠵᠢ ᠠᠬ᠎ᠠ ᠶᠡᠭᠡᠰ ᠨᠢ᠄ ︽ᠮᠠᠠᠳᠤ︕ ᠣᠷᠳᠤ ᠨᠠᠰᠤ ᠲᠠᠢ ᠣᠳᠠᠭᠠᠨ ᠵᠢᠷᠭᠠᠯ ᠲᠠᠢ ᠪᠣᠯᠣ︾ ᠭᠡᠵᠥ ᠬᠤᠶᠠᠷ ᠭᠠᠷ ᠤᠨ ᠠᠯᠢᠬ᠎ᠠ ᠪᠠᠷ ᠵᠶ᠋ᠡᠨ‌‍ᠲ᠋ᠠᠰᠢᠨ᠎ᠠ᠃ ᠪᠠᠷᠠᠭᠤᠨ ᠭᠠᠷ ᠢᠶᠠᠨ ᠦᠭᠴᠤ ᠴᠠᠭᠠᠯᠠᠬᠤ ᠵᠢᠨ‌ᠣᠴᠢᠷ ᠪᠣᠯ᠄ ︽ᠣᠷᠢᠳᠠ ᠬᠠᠮ ᠰᠠᠭᠢᠭᠤᠯᠰᠣᠨ ᠮᠠᠩᠭᠤᠰ ᠤᠨ ᠣᠷᠣᠨ  ᠳᠤ ᠲᠣᠭᠰᠢᠨ ᠬᠠᠷ᠎ᠠ ᠮᠠᠩᠭᠤᠰ ᠲᠦᠷᠦᠭᠦ ᠶᠢ ᠣᠷᠢᠳᠴᠢᠯᠠᠨ ᠮᠡᠳᠡᠭᠡᠳ ᠮᠠᠩᠭᠤᠰ ᠤᠨ ᠬᠠᠭᠠᠨ ᠳᠤ ᠬᠠᠳᠣᠨ ᠪᠣᠯᠵᠥ ᠲᠡᠷᠡᠭᠦ ᠲᠣᠭᠰᠢᠨ ᠬᠠᠷ᠎ᠠ ᠮᠠᠩᠭᠤᠷ ᠢ ᠪᠡᠶ᠎ᠡ  ᠳᠡᠭᠡᠨ ᠲᠦᠷᠦᠭᠦᠯᠵᠥ ᠠᠪᠣᠭᠠᠳ ᠵᠢᠷᠭᠤᠭᠠᠨ ᠰᠠᠷ᠎ᠠ ᠪᠣᠯᠣᠭᠠᠳ ᠮᠠᠩᠭᠤᠷ ᠤᠨ ᠣᠷᠣᠨ ᠠᠴᠠ ᠵᠣᠯᠠᠵᠥ ᠭᠠᠷᠬᠤ ᠵᠠᠮ ᠵᠠᠭᠤᠷ᠎ᠠ ᠭᠡᠰᠣᠨ ᠳ᠋ᠦᠨᠢ ᠪᠠᠶᠢᠭᠰᠠᠨ ᠲᠡᠷᠡᠭᠦ ᠲᠣᠭᠰᠢᠨ ᠬᠠᠷ᠎ᠠ ᠮᠠᠩᠭᠤᠰ ᠨᠢ ᠲᠣᠳᠠᠭᠤ ᠭᠠᠷᠣᠭᠠᠳ ᠡᠭᠡ ᠪᠣᠯᠣᠭᠰᠠᠨ ᠬᠠᠮ ᠰᠠᠭᠢᠭᠤᠯᠰᠣᠨ ᠲᠠᠢ ᠪᠠᠶᠢᠯᠳᠣᠭᠦ ᠳᠤ ᠬᠠᠮ ᠰᠠᠭᠢᠭᠤᠯᠰᠣᠨ ᠴᠤ ᠲᠡᠭᠦᠨ ᠲᠠᠢ ᠰᠢᠷᠦᠭᠦᠨ ᠢᠶᠠᠷ ᠪᠠᠶᠢᠯᠳᠣᠵᠥ᠂ ᠡᠴᠤᠰ ᠲᠦᠨᠢ ᠬᠠᠮ ᠰᠠᠭᠢᠭᠤᠯᠰᠣᠨ ᠲᠡᠶᠢᠯᠡᠭᠡᠳ ᠨᠠᠷᠢᠨ ᠭᠠᠷᠬᠤ ᠶᠢᠨ ᠣᠷᠢᠳᠠ ᠬᠠᠷᠢᠵᠥ ᠳᠤ ᠠᠯᠢ ᠵᠦᠭ ᠤᠨ ᠪᠣᠷᠬᠠᠨ ᠰᠠᠭᠢᠭᠤᠯᠰᠣᠨ‌‍ᠲ᠋ᠣᠰᠴᠤ ᠢᠷᠡᠵᠡᠢ ᠮᠡᠡᠳᠣᠯᠠᠵᠠᠢ᠃ ᠴᠢᠰᠣ ᠪᠣᠯᠣᠭᠰᠠᠨ ᠭᠠᠷ  ᠢᠶᠠᠨ ᠣᠭᠢᠶᠠᠵᠥ ᠠᠮᠵᠢᠭᠰᠠᠨ ᠦᠭᠡᠢ ᠬᠠᠮ ᠰᠠᠭᠢᠭᠤᠯᠰᠣᠨ ᠠᠷᠭ᠎ᠠ ᠦᠭᠡᠢ ᠴᠢᠰᠣ ᠲᠠᠢ ᠭᠠᠷ ᠢᠶᠠᠨ ᠬᠠᠨᠴᠣ ᠪᠠᠷ ᠢᠶᠠᠨ ᠲᠠᠯᠳᠠᠯᠠᠵᠥ ᠮᠡᠡᠳᠦᠯᠡᠭᠰᠠᠨ ᠭᠡᠳᠡᠭ︾ ᠦᠯᠢᠭᠡᠷ ᠠᠴᠠ ᠢᠷᠡᠯ ᠲᠠᠢ ᠭᠡᠵᠥ ᠭᠦᠭᠰᠢᠳ ᠭᠡᠯᠡᠳᠡᠭ ᠪᠢᠯᠨ᠃ ᠰᠢᠨ᠎ᠠ ᠶᠢᠨ ᠨᠢᠭᠡᠨ ᠤ ᠴᠠᠢ ᠠᠴᠠ ᠵᠣᠯᠠᠭ‌ᠡᠷᠭᠦᠵᠥ᠂ ᠰᠠᠴᠣᠯᠢ ᠰᠠᠴᠣᠵᠥ᠂ ᠠᠪᠤ ᠡᠵᠢ ᠠᠴᠠ ᠪᠠᠨ ᠡᠭᠡᠯᠡᠨ ᠣᠣᠭᠤᠬᠤ ᠳᠤ ᠠᠪᠤ  ᠨᠢ᠄ ︽ᠪᠣᠣᠷ᠎ᠡ ᠵᠢᠯ ᠭᠠᠷᠴᠤ ᠪᠣᠳᠣᠭᠤᠨ ᠵᠢᠯ ᠣᠷᠣᠵᠥ᠂ ᠵᠠᠭᠤᠨ ᠵᠢᠯ ᠤᠨ ᠴᠠᠭᠠᠨ ᠭᠡᠵᠥ᠂ ᠭᠦᠪᠡᠭᠦᠳ ᠤᠨ ᠮᠢᠨᠢ ᠭᠡᠰᠢᠭ ᠪᠣᠶᠠᠨ ᠨᠢ ᠢᠷᠡᠵᠥ᠂ ᠭᠡᠶᠢᠮᠣᠷᠢ ᠰᠦᠯᠳᠠ ᠨᠢ ᠮᠠᠠᠳᠣᠵᠥ᠂ ᠨᠣᠮ ᠲᠠᠢ ᠡᠷᠳᠠᠮ ᠲᠠᠢ ᠰᠠᠶᠢᠨ ᠭᠦᠪᠡᠭᠦᠨ ︵ᠭᠡᠣᠭᠡᠨ︶ ᠪᠣᠯᠵᠥ᠂ ᠨᠣᠳᠤᠭ ᠤᠨ ᠲᠡᠭᠡᠳᠤ ᠪᠣᠯᠣᠭᠠᠳ ᠡᠨ᠋ᠨ ᠵᠢᠯ ᠳᠠᠭᠠᠨ ᠢᠩᠭᠡᠵᠥ ᠴᠠᠭᠠᠨ ᠭᠡᠵᠥ᠂ ᠡᠰᠡᠷᠭᠡᠨ ᠵᠢᠯ ᠳᠠᠭᠠᠨ ᠡᠭᠦᠨ ᠠᠴᠠ ᠶᠡᠭᠡ ᠴᠠᠭᠠᠨ ᠭᠡᠵᠥ᠂ ᠠᠮᠣᠷ ᠠᠮᠣᠭᠤᠯᠠᠩ ᠡᠳᠡᠯᠡᠭᠦ ᠪᠣᠯᠳᠣᠭᠠᠢ︾ ᠭᠡᠵᠥ ᠢᠷᠦᠭᠡᠳᠡᠭ᠃ ᠠᠳᠠᠯᠢ ᠨᠠᠰᠣ ᠲᠠᠢ ᠭᠦᠭᠰᠢᠨ ᠭᠦᠮᠣᠰ ᠬᠤᠭᠤᠷᠣᠠᠳᠤ ᠪᠠᠨ ᠨᠠᠰᠣᠮᠠᠢ ᠪᠠᠨ ᠰᠣᠯᠢᠯᠴᠠᠵᠥ᠂ ᠠᠯᠴᠢᠭᠤᠷ ᠬᠠᠳᠠᠭ ᠰᠣᠯᠢᠯᠴᠠᠵᠥ ᠮᠡᠡᠳᠣᠯᠡᠳᠡᠭ᠃ ᠪᠠᠭ᠎ᠠ ᠭᠡᠣᠭᠡᠳ ᠪᠣᠯ ᠣᠷᠢᠳᠠᠪᠠᠷ ᠠᠬ᠎ᠠ ᠶᠡᠭᠡᠰ ᠲᠠᠢ ᠪᠠᠨ ᠴᠠᠭᠠᠯᠴᠢᠭᠠᠳ ᠲᠣᠩᠭᠤᠷᠴᠠᠭ ᠲᠠᠢ ᠪᠡᠯᠡᠭ ︵ᠣᠷᠢᠳᠠ ᠴᠠᠭᠠᠨ ᠶᠠᠩᠪᠣᠣ ᠪᠠᠷ ᠪᠠᠭ᠎ᠠ ᠲᠣᠩᠭᠤᠷᠴᠠᠭ ᠣᠶᠠᠵᠥ ᠲᠣᠳᠣᠷ᠎ᠡ ᠨᠢ ᠪᠡᠯᠡᠭ ᠲᠡᠮᠣᠰᠤ᠂ ᠶᠠᠷᠳᠠᠨ ᠳᠠᠴᠠᠨ ᠲᠡᠪᠢᠵᠥ ᠭᠡᠣᠭᠡᠳ ᠲᠤ ᠵᠡᠭᠦᠯᠭᠡᠳᠡᠭ ᠪᠢᠯᠨ︶ ᠢᠶᠠᠨ ᠦᠭᠭᠦᠨ᠎ᠠ᠂ ᠪᠡᠯᠡᠭ ᠠᠴᠠ ᠨᠢ ᠠᠮᠰᠠᠭᠠᠳ ᠲᠡᠭᠢᠨ ᠦᠪᠡᠷ ᠤᠨ ᠢᠶᠠᠨ ᠰᠢᠭᠡᠷ ᠪᠡᠯᠡᠭ ᠠᠴᠠ ᠪᠣᠶᠣ ᠶᠠᠷᠴᠠᠨ ᠮᠣᠩᠭᠦ ᠲᠡᠪᠢᠵᠥ ᠢᠷᠦᠭᠡᠭᠡᠳ ᠡᠷᠭᠡᠭᠦᠯᠵᠥ ᠦᠭᠭᠦᠳᠡᠭ᠃ ᠨᠠᠰᠣᠨ ᠪᠠᠭ᠎ᠠ ᠪᠣᠯᠪᠠᠴᠤ ᠵᠢᠶᠠᠭᠠᠨ ᠶᠡᠭᠡ ᠪᠣᠯ ᠭᠠᠷ ᠢᠶᠠᠨ ᠦᠭᠴᠤ ᠴᠠᠭᠠᠯᠠᠨ᠎ᠠ᠃ 3᠂ ᠴᠠᠭ᠎ᠠ ᠭᠦᠷᠭᠡᠭᠦ ᠶᠣᠰᠣᠨ ᠬᠠᠭᠤᠴᠢᠨ ᠵᠢᠯ ᠢᠶᠠᠨ ᠦᠳᠡᠨ ᠮᠣᠷᠳᠠᠭᠤᠯᠵᠥ᠂ ᠰᠢᠨ᠎ᠠ ᠵᠢᠯ ᠢᠶᠠᠨ ᠣᠭᠳᠠᠨ ᠢᠷᠡᠭᠦᠯᠵᠥ᠂ ᠡᠯᠢᠭᠡ ᠪᠠᠷ ᠢᠶᠠᠨ ᠡᠩᠭᠡ ᠠᠮᠣᠭᠤᠯᠠᠩ᠂ ᠲᠦᠷᠦᠯ ᠢᠶᠠᠷ ᠢᠶᠠᠨ ᠲᠦᠪᠰᠢᠨ ᠠᠮᠣᠭᠤᠯᠠᠩ ᠭᠠᠷᠣᠭᠰᠠᠨ ᠳᠠᠭᠠᠨ ᠪᠠᠶᠠᠷᠯᠠᠵᠥ᠂ ᠠᠪᠤ ᠡᠵᠢ᠂ ᠠᠬᠠᠮᠠᠳ ᠶᠡᠭᠡᠰ᠂ ᠬᠠᠨᠢ ᠨᠦᠭᠦᠳ᠂ ᠬᠤᠳᠠ ᠠᠠᠳᠠ ᠲᠠᠢ ᠪᠠᠨ ᠣᠯᠠᠭᠠᠨ ᠴᠢᠷᠡᠢ ᠪᠠᠷ ᠢᠶᠠᠨ ᠠᠭᠤᠯᠵᠠᠵᠥ᠂ ᠣᠴᠢᠷ ᠲᠠᠢ ᠦᠭᠡ ᠪᠠᠨ ᠶᠠᠷᠢᠯᠴᠠᠵᠥ᠂ ᠠᠮᠣᠷ ᠢᠶᠠᠨ ᠠᠰᠠᠭᠤᠯᠴᠠᠵᠥ᠂ ᠠᠰᠢᠳᠠ ᠶᠢᠨ ᠵᠢᠷᠭᠠᠯ ᠢᠶᠠᠨ ᠪᠠᠯᠭᠡᠳᠡᠵᠥ᠂ ᠬᠠᠷᠢᠯᠴᠠᠨ ᠴᠠᠭ᠎ᠠ ᠪᠠᠷᠢᠬᠤ ᠵᠠᠩᠰᠢᠯ ᠲᠠᠢ ᠶᠣᠮ᠃ ᠴᠠᠭ᠎ᠠ ᠭᠦᠷᠭᠡᠭᠦ ᠭᠦᠮᠦᠨ ᠠᠶᠢᠯ ᠤᠨ ᠭᠡᠷ ᠲᠤ ᠣᠷᠣᠬᠤ ᠳᠠᠭᠠᠨ ᠵᠦᠪ ᠪᠡᠶ᠎ᠡ ᠪᠠᠷ ᠣᠷᠣᠵᠥ᠂ ᠲᠡᠯᠢᠩ ᠰᠠᠪᠠ ᠪᠠᠨ ᠲᠣᠭᠢᠷᠠᠮᠵᠢᠳᠠᠢ ᠪᠠᠶᠢᠷᠢ ᠳᠤ ᠲᠠᠪᠢᠵᠥ ᠪᠣᠯᠣᠭᠠᠳ ᠭᠡᠷ ᠤᠨ ᠭᠦᠮᠦᠰ ᠠᠴᠠ ᠮᠠᠠᠳᠤ ᠠᠰᠠᠭᠤᠵᠥ ᠴᠠᠭᠠᠯᠠᠨ᠎ᠠ᠃ ᠭᠡᠷᠪᠡ ᠠᠪᠤ ᠡᠵᠢ ᠪᠣᠶᠣ ᠠᠪᠠᠭ᠎ᠠ᠂ ᠠᠬ᠎ᠠ ᠨᠠᠷ ᠤᠨ ᠭᠡᠷ ᠲᠤ ᠪᠣᠯ ᠣᠷᠢᠳᠠᠪᠡᠷ ᠪᠣᠷᠬᠠᠨ  ᠳᠦᠨᠢ ᠮᠦᠷᠭᠦᠵᠥ ᠬᠠᠳᠠᠭ ᠲᠠᠳᠠᠨ᠎ᠠ᠂ ᠲᠡᠷᠠᠭ᠎ᠠ ᠨᠢ ᠭᠡᠷ ᠤᠨ ᠭᠦᠮᠦᠰ ᠲᠠᠢ ᠨᠢ ᠮᠠᠠᠳᠣ ᠠᠰᠠᠭᠤᠵᠥ ᠴᠠᠭᠠᠯᠠᠨ᠎ᠠ᠃ ᠭᠡᠷ ᠤᠨ ᠡᠵᠡᠨ ᠠᠴᠠ ᠴᠠᠭ᠎ᠠ  ᠭᠦᠷᠭᠡᠵᠥ ᠢᠷᠡᠭᠰᠠᠨ ᠵᠣᠯᠭᠠᠯᠴᠢᠨ ᠳᠤ ᠰᠠᠶᠢᠨ ᠰᠠᠶᠢᠬᠠᠨ ᠤ ᠪᠡᠯᠭᠡᠳᠡᠯ ᠲᠡᠪᠰᠢᠭᠦᠯᠵᠥ ᠮᠦᠩᠭᠦᠨ ᠠᠶᠠᠭ᠎ᠠ ᠳᠤ ᠠᠶᠠᠭᠠᠯᠠᠭᠰᠠᠨ ᠴᠢᠪᠠᠭ᠎ᠠ ᠲᠠᠢ ᠦᠰᠦᠨ ᠠᠴᠠ ᠣᠷᠢᠳᠠᠪᠡᠷ ᠠᠮᠰᠠᠭᠤᠯᠵᠥ ᠲᠠᠷᠠᠭ᠎ᠠ ᠨᠢ ᠴᠠᠢ ᠭᠡᠳᠡᠭ᠃ ᠵᠣᠯᠭᠠᠵᠥ ᠢᠷᠡᠭᠰᠠᠨ ᠭᠡᠶᠢᠴᠢ ᠴᠠᠢ ᠶᠢ ᠠᠮᠠᠰᠴᠤ ᠪᠣᠯᠣᠭᠠᠳ ᠪᠡᠯᠡᠭ  ᠢᠶᠠᠨ ᠭᠠᠷᠭᠠᠵᠥ᠂ ᠭᠡᠷ ᠤᠨ ᠡᠵᠡᠨ ᠤ ᠭᠠᠷ ᠲᠤ ᠦᠭᠴᠤ᠂ ᠠᠯᠴᠢᠭᠤᠷ ᠡᠮᠣᠰᠭᠡᠯ ᠢᠶᠠᠨ ᠲᠠᠳᠠᠳᠠᠭ᠃ ᠴᠠᠭᠠᠨ ᠪᠠᠷᠢᠬᠤ ᠳᠤ ᠨᠢᠭᠡ ᠠᠶᠢᠯ ᠤᠨ ᠵᠣᠯᠭᠠᠯ ᠲᠠᠢ ᠣᠴᠢᠳᠠᠭ᠂ ᠵᠣᠯᠭᠠᠬᠤ ᠳ᠋ᠠᠭᠠᠨ‌ᠣᠷᠢᠳᠡᠭᠢ ᠶᠣᠰᠣ ᠪᠠᠷ ᠪᠣᠯ ᠨᠢᠭᠡ ᠯᠣᠩᠬᠤ ᠠᠷᠢᠭᠢ᠂ ᠲᠠᠪᠣᠨ ᠴᠠᠯᠪᠡᠭ᠂ ᠭᠡᠳᠣᠨ ᠺᠠᠪᠵᠠᠢ᠂ ᠲᠠᠢ ᠲᠠᠢ ᠰᠢᠭᠡᠷ᠂ ᠭᠡᠪ ᠲᠠᠢ ᠴᠡᠢ᠂ ᠪᠡᠯᠡᠭ ᠲᠡᠮᠤᠰᠣ᠂ ᠠᠯᠴᠢᠭᠤᠷ ᠪᠣᠶᠣ ᠡᠮᠤᠰᠭᠡᠯ ᠵᠡᠷᠭᠡ ᠪᠣᠯᠤᠨ᠎ᠠ᠃ ᠡᠳᠤᠭᠡ ᠠᠮᠢᠳᠣᠷᠡᠯ ᠲᠡᠭᠡᠭᠰᠢᠯᠡᠵᠥ᠂ ᠵᠤᠯᠭᠠᠯ ᠤᠨ ᠪᠡᠯᠡᠭ ᠴᠣ᠋ ᠬᠤᠪᠢᠷᠠᠯᠳᠠ ᠲᠠᠢ ᠪᠣᠯᠣᠭᠰᠠᠨ ᠪᠠᠶᠢᠨ᠎ᠠ᠃ ᠠᠬᠠᠮᠠᠳ ᠨᠠᠰᠣ ᠲᠠᠢ ᠭᠦᠮᠦᠨ ᠪᠣᠯ ᠴᠠᠢ  ᠶᠢ ᠨᠢ ᠠᠮᠠᠰᠴᠤ ︽ᠣᠣᠭᠤᠳᠠᠭ ᠨᠢ ᠣᠯᠠᠭᠠᠨ ᠴᠡᠢ ᠪᠣᠯᠵᠥ᠂ ᠣᠨᠣᠳᠠᠭ ᠨᠢ ᠣᠯᠠᠭᠠᠨ ᠭᠡᠭᠡᠷ᠎ᠡ ᠮᠣᠷᠢᠨ ᠪᠣᠯᠵᠥ᠂ ᠰᠠᠨᠠᠭᠰᠠᠨ‌ᠨᠢ ᠪᠦᠳᠦᠵᠥ ᠰᠠᠭᠢᠭᠰᠠᠨ ᠤ ᠦᠷᠦᠰᠢᠶᠠᠵᠥ᠂ ᠠᠮᠣᠷ ᠠᠮᠣᠭᠤᠯᠠᠩ ᠡᠳᠡᠯᠨ ᠭᠡᠵᠥ︾ ᠢᠷᠦᠭᠡᠵᠥ ᠴᠠᠢ ᠪᠠᠨ ᠣᠣᠭᠤᠳᠠᠭ᠃ ᠭᠡᠷ ‍ᠣᠨ‌ᠡᠵᠡᠨ ᠠᠴᠠ ᠵᠣᠯᠭᠠᠯᠴᠢᠨ ᠤ ᠠᠪᠴᠢᠷᠠᠭᠰᠠᠨ ᠪᠡᠯᠡᠭ ᠠᠴᠠ ᠣᠷᠢᠳᠡᠪᠡᠷ ᠪᠣᠷᠬᠠᠨ ᠳᠠᠭᠠᠨ ᠲᠡᠭᠡᠵᠢ ᠲᠠᠪᠢᠭᠠᠳ ᠲᠠᠷᠠᠭ᠎ᠠ ᠨᠢ ᠭᠡᠷ ᠲᠤ ᠪᠠᠶᠢᠭᠰᠠᠨ ᠭᠦᠮᠦᠰ ᠲᠤ ᠵᠣᠯᠭᠠᠯᠴᠢᠨ ᠤ ᠠᠪᠴᠢᠷᠡᠭ᠌ᠰᠠᠨ ᠪᠡᠯᠡᠭ ᠠᠴᠠ ᠠᠮᠰᠠᠭᠤᠯᠵᠥ᠂ ᠠᠷᠢᠭᠢ ᠶᠢᠨ ᠠᠮᠨ ᠶᠢ ᠰᠠᠭᠦᠵᠥ᠂ ᠭᠠᠯ ᠳᠠᠭᠠᠨ ᠰᠠᠴᠣᠯᠢ ᠡᠷᠭᠦᠨ᠎ᠡ᠃ ᠢᠩᠭᠡᠭᠦ ᠶᠢᠨ ᠣᠴᠢᠷ ᠪᠣᠯ ᠭᠠᠯ ᠤᠨ ᠪᠣᠷᠬᠠᠨ ᠳᠠᠭᠠᠨ ᠵᠣᠴᠢᠨ ᠤ ᠠᠪᠴᠢᠷᠠᠭᠰᠠᠨ ᠢᠳᠠᠭᠡᠨ ᠤ ᠲᠡᠭᠡᠵᠢ ᠶᠢ ᠠᠮᠰᠠᠭᠤᠯᠵᠥ ᠪᠠᠶᠢᠬᠤ ᠣᠴᠢᠷ ᠲᠠᠢ ᠶᠣᠮ᠃ ᠪᠠᠰᠠ ᠭᠠᠳᠠᠨ᠎ᠠ ᠰᠠᠴᠣᠯᠢ ᠰᠠᠴᠤᠨ᠎ᠠ᠂ ᠭᠠᠳᠠᠨ᠎ᠠ ᠰᠠᠴᠣᠯᠢ ᠰᠠᠴᠣᠬᠤ ᠳᠤ ᠡᠭᠦᠳᠠᠨ ᠠᠴᠠ ᠭᠠᠷᠣᠯ ᠦᠭᠡᠢ ︽ᠠᠨᠢᠭᠰᠠᠨ ᠢᠶᠠᠨ ᠬᠠᠯᠢᠶᠠᠵᠥ ᠠᠳᠬᠤᠭᠰᠠᠨ  ᠢᠶᠠᠨ ᠲᠠᠪᠢᠵᠥ᠂ ᠨᠠᠭᠠᠷᠣ ᠪᠠᠨ ᠬᠠᠯᠢᠶᠠᠵᠥ ᠭᠡᠰᠢᠭ ᠪᠣᠶᠠᠨ ᠢᠶᠠᠨ ᠬᠠᠶᠢᠷᠢᠯᠠᠵᠥ ᠦᠷᠦᠰᠢᠶᠠᠭᠳᠣᠨ︕ ᠴᠦᠳ ᠬᠠᠶᠢᠷᠬᠠᠨ︾ ᠭᠡᠵᠥ ᠭᠡᠯᠡᠭᠡᠳ ᠡᠭᠦᠳᠠᠨ ᠤ ᠪᠠᠷᠠᠭᠤᠨ ᠪᠡᠶ᠎ᠡ ᠪᠠᠷ ᠭᠠᠷᠭᠠᠵᠥ ᠰᠠᠴᠣᠨ᠎ᠠ᠃ ᠢᠩᠭᠡᠵᠥ ᠪᠠᠶᠢᠬᠤ ᠨᠢ ᠬᠠᠨ ᠭᠠᠵᠠᠷ ᠣᠰᠣᠨ ᠳᠠᠭᠠᠨ ᠢᠳᠡᠭᠡᠨ ᠤ ᠲᠡᠭᠡᠵᠢ ᠶᠢ ᠡᠷᠭᠦᠵᠥ ᠪᠠᠶᠢᠬᠤ ᠶᠣᠰᠣ ᠪᠣᠯᠣᠨ᠎ᠠ᠃ ᠰᠠᠴᠣᠯᠢ ᠰᠠᠴᠣᠬᠤ ᠳᠤ ᠭᠡᠷ ‍ᠣᠨ‌ᠡᠵᠡᠨ‌ᠦᠪᠡᠷ ᠢᠶᠠᠨ ᠭᠦᠢᠴᠡᠳᠭᠡᠳᠡᠭ᠃ ᠪᠣᠰᠣᠳ ᠭᠦᠮᠦᠨ᠂ ᠢᠯᠡᠩᠭᠤᠶ᠎ᠠ ᠲᠦᠷᠦᠯ ᠰᠠᠳᠤᠨ ᠪᠣᠰᠣ ᠭᠦᠮᠦᠨ ᠢᠶᠠᠷ ᠭᠡᠯᠭᠡᠭᠦ ᠶᠣᠰᠣ ᠦᠭᠡᠢ᠃ ᠵᠠᠪᠠᠯ ᠦᠪᠡᠷ ᠤᠨ ᠭᠡᠣᠭᠡᠳ ᠪᠣᠯᠣᠨ ᠠᠴᠢ ᠦᠷᠡᠰ ᠢᠶᠠᠷ ᠢᠶᠠᠨ ᠭᠦᠢᠴᠡᠳᠭᠡᠳᠡᠭ᠃ ᠭᠡᠷ ᠤᠨ ᠡᠵᠡᠨ ᠲᠦᠷᠦᠭᠦᠯᠵᠥ ᠨᠢᠭᠡ ᠴᠦᠭᠦᠴᠨ ᠠᠷᠢᠭᠢ ᠭᠡᠵᠥ ᠠᠪᠣᠭᠠᠳ ᠦᠪᠡᠷ ᠢᠶᠠᠨ ᠠᠮᠰᠠᠭᠠᠳ ᠲᠠᠷᠠᠭ᠎ᠠ ᠨᠢ ᠭᠡᠷ ᠲᠤ ᠪᠠᠶᠢᠭᠰᠠᠨ ᠭᠦᠮᠦᠰ ᠤᠨ ᠠᠬᠠᠮᠠᠳ ᠠᠴᠠ ᠲᠡᠷᠡᠭᠠᠯᠠᠨ ᠵᠦᠪ ᠡᠷᠭᠡᠭᠦᠯᠵᠥ ᠠᠷᠢᠭᠢ ᠪᠠᠨ ᠠᠮᠰᠠᠭᠤᠯᠣᠨ᠎ᠠ᠃ ᠭᠡᠷᠪᠡ ᠢᠷᠡᠭᠰᠠᠨ ᠵᠣᠴᠢᠨ ᠨᠠᠰᠣ ᠵᠠᠶᠠᠭ᠎ᠠ ᠪᠠᠷ ᠪᠠᠭ᠎ᠠ ᠪᠣᠯ ᠭᠡᠷ ᠤᠨ ᠡᠵᠡᠨ ᠠᠴᠠ ︽ᠢᠷᠡᠭᠰᠠᠨ ᠢᠷᠡᠬᠦᠯᠦᠭᠰᠡᠨ ᠤ ᠭᠢᠰᠢᠭ ᠪᠣᠶᠠᠨ ᠢᠷᠡᠵᠥ᠂ ᠬᠡᠢ ᠮᠣᠷᠢ ᠭᠦᠶᠣᠵᠥ ᠠᠮᠣᠷ ᠠᠮᠣᠭᠤᠯᠠᠩ ᠡᠳ᠋ᠯᠨ︾ ᠭᠡᠵᠥ ᠢᠷᠣᠭᠡᠯ ᠲᠡᠯᠪᠢᠵᠥ ᠠᠷᠢᠭᠢ ᠪᠠᠨ ᠪᠠᠶᠠᠵᠢᠭᠠᠨ᠎ᠠ᠃ ᠵᠠᠯᠭᠠᠭᠠᠳ ᠭᠡᠷ ᠲᠤ ᠪᠠᠶᠢᠭᠰᠠᠨ ᠭᠦᠮᠦᠰ ᠲᠤ ᠴᠦᠮ ᠳᠤ ᠨᠢ ᠵᠣᠯᠭᠠᠯᠴᠢᠨ ᠤ ᠠᠪᠴᠢᠷᠠᠭᠰᠠᠨ ᠠᠷᠢᠭᠢ ᠠᠴᠠ ᠭᠡᠨ᠎ᠡ᠃ ᠲᠡᠭᠡᠭᠡᠳ ᠡᠨ᠋ᠨ ᠨᠢᠭᠡ ᠶᠣᠰᠣᠨ ᠲᠦᠭᠦᠷᠦᠭᠰᠠᠨ ᠤ ᠲᠠᠷᠠᠭ᠎ᠠ ᠭᠡᠷ ᠤᠨ ᠡᠵᠡᠨ ᠠᠴᠠ ᠦᠪᠡᠷ ‍ᠣᠨ‌‍ᠢᠶ᠋ᠡᠨ ᠭᠡᠷ ᠤᠨ ᠠᠷᠢᠭᠢ ᠶᠢ ᠭᠠᠷᠭᠠᠵᠥ ᠵᠣᠯᠭᠠᠯᠴᠢᠨ ᠳᠤ ᠭᠡᠨ᠎ᠡ᠃ ᠵᠣᠯᠭᠠᠯᠴᠢᠨ ᠡᠮᠣᠨᠠᠭᠢ ᠲᠠᠢ ᠠᠳᠠᠯᠢ ᠣᠯᠠᠨ ᠳᠤ ᠠᠮᠰᠠᠭᠤᠯᠣᠨ᠂ ᠭᠦᠭᠰᠢᠳ ᠤᠨ ᠢᠷᠦᠭᠡᠯ ᠢ ᠰᠢᠩᠭᠡᠭᠡᠭᠰᠠᠨ ᠤ ᠲᠡᠷᠠᠭ᠎ᠠ ᠣᠣᠭᠤᠬᠤ ᠴᠢᠳᠠᠯ ᠲᠠᠢ ᠪᠣᠯ ᠠᠷᠢᠭᠢ ᠪᠠᠨ ᠪᠠᠶᠠᠵᠢᠭᠠᠨ᠎ᠠ᠂ ᠣᠣᠭᠤᠵᠥ ᠴᠢᠳᠠᠬᠤ ᠦᠭᠡᠢ ᠪᠣᠯ ᠵᠦᠪ ᠢᠶᠠᠨ ᠭᠡᠯᠡᠵᠥ ᠭᠡᠷ ‍ᠣᠨ‌ᠡᠵᠡᠨ ᠳᠤ ᠭᠠᠷᠳᠠᠭᠤᠯᠵᠥ ᠦᠭᠭᠦᠨ᠎ᠠ᠃ ᠠᠳᠠ ᠣᠠᠴᠣᠭᠠᠶᠢᠯᠠᠨ ᠲᠣᠷᠠᠳᠣᠰᠢᠳᠠᠢ ᠨᠢ ᠠᠷᠢᠭᠢ ᠠᠮᠰᠠᠬᠤ ᠳᠤ ᠵᠠᠪᠠᠯ ᠮᠠᠯᠠᠭᠠᠢ ᠪᠠᠨ ᠡᠮᠣᠰᠴᠤ ᠠᠮᠣᠰᠣᠨ᠎ᠠ᠂ ᠭᠡᠷᠪᠡ ᠮᠠᠯᠠᠭᠠᠢ ᠦᠭᠡᠢ ᠪᠣᠯ ᠵᠡᠭᠦᠨ ᠭᠠᠷ ᠢᠶᠠᠷ ᠢᠶᠠᠨ ᠲᠣᠯᠣᠭᠠᠢ ᠪᠠᠨ ᠲᠠᠷᠣᠵᠥ ᠠᠮᠠᠰᠠᠨ᠎ᠠ᠃ ᠲᠠᠷᠠᠭ᠎ᠠ ᠨᠢ ᠪᠣᠶᠠᠨ ᠲᠠᠢ ᠪᠣᠳᠠᠭᠠᠨ ᠠᠴᠠ ᠪᠠᠨ ᠭᠡᠵᠥ ᠦᠭᠭᠦᠨ᠎ᠡ᠃ ᠪᠣᠶᠠᠨ ᠲᠠᠢ ᠪᠣᠳᠠᠭᠠᠨ ᠭᠡᠵᠥ ᠮᠢᠬ᠎ᠠ ᠴᠢᠨᠠᠵᠥ᠂ ᠲᠣᠳᠣᠷ᠎ᠡ ᠨᠢ ᠴᠢᠪᠠᠭ᠎ᠠ᠂ ᠦᠵᠣᠮ᠎ᠡ ᠲᠡᠪᠢᠵᠥ ᠭᠡᠭᠰᠠᠨ ᠲᠣᠳᠣᠷᠭ᠎ᠠ ᠪᠣᠳᠠᠭ᠎ᠠ ᠶᠢ ᠭᠡᠯᠡᠵᠥ ᠪᠠᠶᠢᠨ᠎ᠠ᠃ ᠬᠤᠳᠠ ᠬᠤᠭᠤᠯᠨ‌ᠢᠳᠡᠭᠡᠳ ᠨᠢᠭᠡ ᠪᠠᠷᠤᠭ ᠪᠣᠯᠣᠭᠰᠠᠨ ᠨᠢ ᠲᠠᠷᠠᠭ᠎ᠠ  ᠵᠣᠯᠭᠠᠯᠴᠢᠨ ᠠᠴᠠ ᠶᠠᠪᠣᠬᠤ ᠭᠡᠭᠰᠠᠨ ᠰᠠᠨᠠᠭ᠎ᠠ ᠪᠠᠨ ᠭᠡᠷ ᠤᠨ ᠡᠵᠡᠨ ᠳᠤ ᠭᠡᠯᠡᠵᠥ ᠮᠡᠳᠡᠭᠦᠯᠦᠨ᠎ᠡ᠃ ᠡᠨ᠋ᠨ ᠦᠶᠡᠰ ᠭᠡᠷ ᠤᠨ ᠡᠵᠡᠨ ᠠᠴᠠ ᠠᠯᠴᠢᠭᠤᠷ ᠲᠠᠰᠣᠮ ᠲᠠᠳᠠᠵᠥ᠂ ᠭᠠᠷ ᠢ ᠨᠢ ᠴᠠᠶᠢᠯᠭᠠᠵᠥ᠂ ᠬᠠᠷᠢᠭᠤ ᠰᠠᠪᠠ ᠲᠦᠷᠦᠵᠥ᠂ ᠠᠯᠴᠢᠭᠤᠷ ᠤᠨ ᠰᠠᠴᠣᠯ ᠭᠡᠵᠥ᠂ ᠮᠣᠷᠳᠠᠬᠤ ᠶᠢᠨ ᠡᠮᠣᠨᠡᠭᠢ ᠮᠣᠯᠣᠷ ᠬᠤᠨᠳᠠᠭ᠎ᠠ ᠲᠡᠪᠰᠢᠭᠦᠯᠳᠡᠭ᠃ ᠠᠯᠴᠢᠭᠤᠷ ᠲᠠᠰᠣᠮ ᠢ ᠬᠤᠷᠢᠶᠠᠵᠥ ᠠᠪᠣᠭᠰᠠᠨ ᠭᠦᠮᠦᠨ ᠨᠠᠰᠤ ᠵᠢᠯ᠂ ᠵᠠᠶᠠᠭ᠎ᠠ ᠪᠠᠷ ᠪᠠᠭ᠎ᠠ ᠪᠣᠯ ᠠᠬᠠᠮᠠᠳ ᠤᠨ ᠲᠠᠳᠠᠭᠰᠠᠨ ᠠᠯᠴᠢᠭᠤᠷ ᠢ ᠬᠤᠶᠠᠷ ᠭᠠᠷᠳᠠᠨ ᠲᠣᠰᠴᠤ ᠠᠪᠣᠭᠠᠳ ᠮᠠᠩᠨᠠᠢ ᠳᠠᠭᠠᠨ ᠠᠶᠢᠳᠣᠰ ᠭᠦᠷᠭᠡᠵᠥ ᠠᠪᠣᠳᠠᠭ᠃ ᠵᠣᠯᠭᠠᠯᠴᠢᠨ ᠤ ᠰᠠᠪᠠ ᠳᠤ ᠬᠤᠶᠠᠷ ᠴᠠᠯᠪᠡᠭ᠂ ᠭᠡᠪ ᠲᠠᠢ ᠴᠡᠢ᠂ ᠲᠠᠢ ᠲᠠᠢ ᠰᠢᠭᠡᠷ ᠵᠡᠷᠭᠡ ᠬᠠᠷᠢᠭᠤ ᠪᠡᠯᠡᠭ ᠲᠦᠷᠦᠳᠡᠭ᠃ ᠢᠩᠭᠡᠭᠦ ᠶᠢᠨ ᠣᠴᠢᠷ ᠪᠣᠯ ᠰᠠᠪᠠ ᠬᠤᠭᠤᠰᠣᠨ ᠶᠠᠪᠣᠪᠠᠯ ᠲᠣᠩᠭᠤᠷᠴᠠᠭ ᠨᠢ ︽ᠬᠤᠭᠤᠰᠣᠨ ᠠᠴᠠ ᠢᠷᠡᠪᠡ︾ ᠭᠡᠵᠥ ᠭᠡᠯᠡᠳᠡᠭ ᠭᠡᠨ᠎ᠡ᠂ ᠰᠢᠨ᠎ᠠ ᠵᠢᠯ ᠳᠤ ᠬᠤᠭᠤᠰᠣᠨ ᠨᠡᠷ᠎ᠡ ᠲᠠᠭᠤᠳᠠᠭᠤᠯᠬᠤ ᠦᠭᠡᠢ ᠶᠢᠨ ᠲᠦᠯᠦᠭᠡ ᠵᠡᠪᠡᠯ ᠬᠠᠷᠢᠭᠤ ᠰᠠᠪᠠ ᠦᠭᠳᠡᠭ ᠶᠣᠰᠣ ᠲᠠᠢ ᠶᠣᠮ᠃ ᠵᠣᠯᠭᠠᠯᠴᠢᠨ ᠭᠡᠷ ᠠᠴᠠ ᠭᠠᠷᠬᠤ ᠳᠤ ᠪᠦᠳᠦᠷᠡᠵᠥ ᠣᠨᠠᠬᠤ ᠠᠴᠠ ᠭᠡᠴᠢᠶᠠᠵᠥ᠂ ᠪᠠᠷᠠᠭᠤᠨ ᠪᠡᠶ᠎ᠡ ᠪᠠᠷ ᠭᠠᠷᠣᠨ᠎ᠠ᠃ ᠭᠡᠷ ‍ᠣᠨ‌ᠡᠵᠡᠨ ᠠᠴᠠ ᠵᠣᠯᠭᠠᠯᠴᠢᠨ ᠢ ᠡᠭᠦᠳᠠᠨ ᠳᠤ ᠭᠠᠷᠭᠠᠵᠥ ︽ᠰᠠᠶᠢᠨ ᠶᠠᠪᠣᠭᠳᠠᠨ᠂ ᠴᠠᠭᠠᠨ ᠬᠠᠭᠠᠯᠭ᠎ᠠ ᠪᠠᠷ ᠶᠠᠪᠣᠭᠳᠣᠨ᠂ ᠲᠡᠭᠢᠨ ᠴᠢᠯᠦᠭᠡ ᠪᠠᠷ ᠢᠶᠠᠨ ᠢᠷᠡᠭᠳᠣᠨ︾ ᠭᠡᠵᠥ ᠭᠡᠯᠡᠭᠦ ᠳᠤ ᠵᠣᠯᠭᠠᠯᠴᠢᠨ ᠠᠴᠠ᠄ ︽ᠰᠠᠶᠢᠨ ᠪᠠᠶᠢᠵᠥ ᠪᠠᠶᠢᠭᠳᠣᠨ᠂ ᠴᠠᠭᠠᠨ ᠢᠶᠠᠨ ᠰᠠᠶᠢᠨ ᠭᠡᠭᠳᠣᠨ᠂ ᠮᠠᠨ ᠤ ᠳᠤ ᠣᠳᠴᠤ ᠴᠠᠭᠠᠨ ᠤ ᠴᠠᠢ ᠣᠣᠭᠤᠭᠳᠣᠨ︾ ᠭᠡᠵᠥ ᠭᠡᠯᠡᠭᠡᠳ ᠶᠠᠪᠣᠳᠠᠭ᠃ 4᠂ ᠴᠠᠭ᠎ᠠ ᠲᠠᠶᠢᠯᠠᠬᠤ ᠶᠣᠰᠣᠨ ᠴᠠᠭᠠᠨ ᠶᠢᠨ ᠲᠠᠪᠣᠨ ᠰᠢᠨ᠎ᠠ  ᠪᠣᠶᠣ ᠠᠷᠪᠠᠨ ᠲᠠᠪᠣᠨ ᠳᠤ ᠴᠠᠭᠠᠨ ᠢᠶᠠᠨ ᠲᠡᠶᠢᠯᠡᠳᠠᠭ᠃ ᠴᠠᠭ᠎ᠠ ᠲᠠᠶᠢᠯᠠᠬᠤ ᠭᠡᠵᠥ ᠭᠤᠴᠢᠨ ᠳᠤ ᠲᠡᠪᠢᠭ᠌ᠰᠠᠨ ᠲᠡᠭᠡᠵᠢ ᠪᠣᠯᠣᠨ ᠴᠠᠭ᠎ᠠ ᠭᠦᠷᠭᠡᠵᠥ ᠢᠷᠡᠭᠰᠠᠨ ᠠᠶᠢᠯ ᠤᠨ ᠪᠡᠯᠡᠭ  ᠠᠴᠠ ᠲᠠᠪᠢᠭᠰᠠᠨ ᠲᠡᠭᠡᠵᠢ ᠪᠠᠨ ᠬᠤᠷᠢᠶᠠᠵᠥ ᠠᠬ᠎ᠠ ᠲᠠᠭᠦᠦ ᠲᠦᠷᠦᠯ ᠰᠠᠳᠣᠨ ᠢᠶᠠᠨ︽ᠴᠠᠭ᠎ᠠ ᠪᠠᠨ ᠲᠠᠶᠢᠯᠠᠵᠥ ᠪᠠᠶᠢᠨ᠎ᠠ︾ ᠭᠡᠳ ᠲᠠᠭᠤᠳᠠᠵᠥ᠂ ᠭᠢᠰᠢᠭ ᠲᠠᠢ ᠰᠠᠶᠢᠬᠠᠨ ᠲᠡᠭᠡᠵᠢ ᠶᠢᠨ ᠪᠡᠯᠡᠭ ᠢᠶᠠᠨ ᠢᠳᠡᠵᠥ᠂ ᠪᠣᠷᠣ ᠰᠢᠭᠦᠰᠤ ᠪᠠᠨ ᠵᠣᠭᠤᠭᠯᠠᠨ ᠪᠣᠯᠪᠠᠰᠣᠨ ᠵᠣᠭᠤᠭ ᠲᠡᠯᠭᠡᠵᠥ᠂ ᠰᠢᠨ᠎ᠠ ᠵᠢᠯ ᠤᠨ ᠠᠯᠢᠪᠠ ᠪᠦᠭᠦᠨ ᠰᠠᠶᠢᠨ ᠰᠠᠶᠢᠬᠠᠨ ᠪᠣᠯᠬᠤ ᠶᠢ ᠵᠦᠩᠨᠠᠨ ᠢᠷᠦᠭᠡᠳᠡᠭ ᠶᠣᠮ᠃ 5᠂ ᠴᠠᠭᠠᠨ ᠤᠨ ᠲᠣᠬᠠᠢ ᠪᠠᠯᠭᠡᠳᠡᠯ ᠪᠣᠯᠣᠨ ᠴᠡᠭᠡᠷᠯᠡᠯ ᠴᠠᠭᠠᠨ ᠤ ᠨᠢᠭᠡᠨ ᠰᠢᠨ᠎ᠠ ᠶᠢ ᠦᠯᠵᠡᠢ ᠲᠡᠮᠪᠡᠷᠡᠯ ᠲᠠᠢ ᠦᠩᠭᠡᠷᠡᠭᠦᠯᠭᠦ ᠶᠢ ᠨᠢᠭᠡ ᠵᠢᠯ ᠤᠨ ᠦᠯᠵᠡᠢ ᠪᠣᠶᠠᠨ ᠲᠠᠢ ᠬᠤᠯᠪᠣᠨ ᠦᠵᠡᠵᠥ᠂ ᠡᠨ᠋ᠨ ᠡᠳᠤᠷ ᠢ ᠠᠭᠤᠷᠯᠠᠵᠥ ᠭᠢᠯᠢᠩᠨᠠᠭᠦ ᠦᠭᠡᠢ᠂ ᠪᠠᠶᠠᠷ ᠪᠠᠶᠠᠰᠬᠤᠯᠠᠩ ᠲᠠᠢ ᠦᠩᠭᠡᠷᠡᠭᠦᠯᠳᠡᠭ᠃ ᠨᠢᠭᠡᠨ ᠰᠢᠨ᠎ᠠ ᠳᠤ ᠶᠠᠮᠠᠷ ᠭᠦᠮᠦᠨ ᠢᠷᠡᠭᠰᠠᠨ ᠴᠤ ᠠᠶᠠᠭ᠎ᠠ ᠶᠢᠨ ᠠᠮᠨ ᠵᠠᠭᠤᠯᠭᠠᠵᠥ ᠭᠠᠷᠭᠠᠬᠤ ᠶᠣᠰᠣ ᠲᠠᠢ᠃ ᠪᠠᠳᠢᠷᠴᠢ ᠪᠣᠯᠪᠠᠴᠤ ᠨᠢᠭᠡ ᠢᠳᠡᠰᠦᠨ ᠪᠣᠳᠠᠭ᠎ᠠ ᠢᠳᠡᠭᠦᠯᠵᠥ ᠭᠠᠷᠭᠠᠨ᠎ᠠ᠂ ᠡᠰᠡᠭᠦᠶᠢᠯ᠎ᠠ ᠬᠤᠭᠤᠰᠣᠨ ᠤ ᠭᠡᠨᠡᠷ ᠲᠣᠰᠴᠤ᠂ ᠬᠤᠭᠤᠰᠣᠷᠠᠨ᠎ᠠ ᠭᠡᠵᠥ ᠶᠣᠷᠣᠯᠠᠳᠠᠭ᠃ ᠨᠢᠭᠡᠨ ᠰᠢᠨ᠎ᠠ ᠳᠤ ᠡᠭᠦᠳᠠ ᠪᠠᠨ ᠦᠨᠢᠰᠦᠯᠠᠵᠥ ᠶᠠᠪᠣᠬᠤ ᠦᠭᠡᠢ᠂ ᠨᠢᠭᠡᠨ ᠰᠢᠨ᠎ᠠ ᠳᠤ ᠢᠷᠡᠭᠦ ᠭᠦᠮᠦᠨ ᠣᠯᠠᠨ ᠪᠣᠯ ᠡᠨ᠋ᠨ ᠵᠢᠯ ᠳᠡᠭᠡᠨ ︽ᠡᠭᠦᠳᠠᠨ ᠠᠴᠠ ᠡᠮᠡᠭᠡᠯ ᠲᠠᠢ ᠬᠠᠵᠠᠭᠠᠷ ᠲᠠᠢ ᠮᠣᠷᠢ ᠬᠤᠶᠢᠭᠤᠳᠠᠭ ᠦᠭᠡᠢ᠂ ᠡᠷᠭᠢᠨ ᠠᠴᠠ ᠡᠭᠡᠮ᠎ᠡ ᠲᠠᠢ ᠲᠠᠯᠣ ᠲᠠᠢ ᠭᠦᠮᠦᠨ ᠬᠤᠶᠢᠭᠤᠳᠠᠭ ᠦᠭᠡᠢ︾ ᠦᠨᠢᠷ ᠪᠠᠶᠠᠨ ᠪᠣᠯᠣᠨ᠎ᠠ ᠭᠡᠵᠥ ᠪᠡᠯᠭᠡᠰᠢᠶᠡᠳᠡᠭ᠃ ᠮᠠᠭᠤ ᠶᠣᠷ ᠲᠠᠢ ᠦᠭᠡ ᠭᠡᠯᠡᠭᠦ ᠶᠢ ᠴᠡᠭᠡᠷᠢᠯᠡᠨ᠎ᠡ᠃ ︽ᠶᠣᠷ ᠣᠷᠢᠳᠠ ᠠᠴᠠ ᠵᠡᠩᠭᠠᠭ ᠲᠡᠭᠡᠷ᠎ᠡ ᠠᠴᠠ︾ ᠭᠡᠳ ᠭᠡᠯᠡᠭᠡᠳ ᠪᠠᠶᠢᠪᠠᠯ ᠭᠡᠯᠡᠭᠰᠠᠨ ᠶᠣᠰᠣ ᠪᠠᠷ ᠢᠷᠡᠭᠦ ᠠᠴᠠ ᠡᠮᠢᠶᠠᠵᠥ᠂ ᠪᠡᠯᠭᠡ ᠰᠠᠶᠢᠳᠠᠢ ᠦᠭᠡ ᠭᠡᠯᠡᠳᠡᠭ᠃ ᠭᠦᠮᠦᠨ ᠬᠠᠷᠢᠶᠠᠵᠥ ᠬᠠᠷᠢᠶᠠᠯ ᠲᠡᠪᠢᠬᠤ ᠶᠢ ᠴᠡᠭᠡᠷᠯᠡᠨ᠎ᠡ᠃ ᠢᠷᠡᠭᠦ ᠵᠢᠯ ᠳᠤ ᠡᠪ ᠣᠶᠣ ᠲᠠᠢ ᠰᠠᠶᠢᠬᠠᠨ ᠶᠠᠪᠣᠬᠤ ᠶᠢ ᠭᠦᠰᠠᠨ ᠵᠦᠩᠨᠡᠵᠥ ᠪᠠᠶᠢᠬᠤ ᠵᠣᠯ ᠵᠢᠷᠭᠠᠯ ᠲᠠᠢ ᠴᠠᠭ ᠦᠶ᠎ᠡ ᠳᠤ ᠭᠡᠯᠡᠨ ᠨᠢ ᠭᠢᠯᠡᠡᠴᠨ ᠳᠤ ᠣᠨᠠᠪᠠᠯ ᠰᠢᠨ᠎ᠡ ᠵᠢᠯ ᠳᠠᠭᠠᠨ ᠮᠠᠭᠤ ᠪᠣᠯᠣᠨ᠎ᠠ ᠭᠡᠳᠡᠭ᠃ ᠨᠢᠭᠡᠨ ᠰᠢᠨ᠎ᠠ ᠳᠤ ᠠᠷᠭ᠎ᠠ ᠪᠠᠶᠢᠪᠠᠯ ᠡᠮ ᠲᠡᠩ ᠣᠣᠭᠤᠳᠠᠭ ᠦᠭᠡᠢ᠂ ᠨᠢᠭᠡᠨ ᠰᠢᠨ᠎ᠠ ᠳᠤ ᠡᠮ ᠣᠣᠭᠤᠪᠠᠯ ᠵᠢᠯ ᠤᠨ ᠲᠣᠭᠤᠰᠣᠨ ᠡᠮ ᠠᠴᠠ ᠰᠠᠯᠬᠤ ᠦᠭᠡᠢ ᠪᠣᠯᠣᠨ᠎ᠠ ᠭᠡᠵᠥ ᠶᠣᠷᠣᠯᠠᠵᠥ᠂ ᠨᠢᠭᠡ ᠡᠳᠤᠷ ᠵᠣᠭᠰᠣᠭᠠᠳᠠᠭ᠃ ᠦᠨᠡᠰᠣᠨ ᠪᠣᠭ ᠭᠠᠷᠭᠠᠬᠤ ᠦᠭᠡᠢ᠃ ᠮᠣᠩᠭᠤᠯᠴᠣᠳ ᠦᠨᠡᠰᠣᠨ ᠪᠣᠭ ᠢ ᠪᠠᠰᠨ ᠭᠢᠰᠢᠭ ᠤᠨ ᠨᠢᠭᠡ ᠬᠤᠪᠢᠯᠪᠣᠷᠢ ᠪᠠᠷ ᠦᠵᠡᠵᠥ᠂ ᠨᠢᠭᠡ ᠵᠢᠯ ᠤᠨ ᠡᠭᠡᠨ ᠤ ᠡᠳᠤᠷ ᠤᠨ ᠬᠤᠷᠠᠭᠰᠠᠨ ᠭᠢᠰᠢᠭ ᠢ ᠭᠡᠷ ᠲᠡᠭᠡᠨ ᠬᠠᠳᠠᠭᠠᠯᠠᠨ ᠨᠢᠭᠡ ᠬᠤᠨᠣᠭᠤᠯᠵᠥ᠂ ᠮᠠᠷᠭᠠᠰᠢ ᠨᠢ ᠭᠠᠷᠭᠠᠳᠠᠭ᠃ ᠵᠣᠴᠢᠨ ᠤ ᠡᠮᠣᠨ᠎ᠠ ᠠᠴᠠ ᠬᠤᠭᠤᠰᠣᠨ ᠰᠠᠭᠤᠯᠭ᠎ᠠ ᠡᠷᠭᠦᠵᠥ ᠭᠠᠷᠬᠤ ᠶᠢ ᠭᠡᠴᠢᠶᠠᠨ᠎ᠠ᠃ ᠭᠦᠮᠦᠰ ᠴᠠᠭ᠎ᠠ ᠭᠡᠵᠥ ᠠᠯᠢᠪᠠ ᠪᠦᠭᠦᠨ ᠲᠡᠭᠦᠰ ᠲᠦᠭᠦᠷᠦᠩ ᠪᠣᠯᠬᠤ ᠶᠢ ᠪᠡᠯᠭᠡᠰᠢᠶᠠᠵᠥ ᠪᠠᠶᠢᠬᠤ ᠦᠶ᠎ᠡ ᠳᠤ ᠭᠦᠮᠦᠰ ᠲᠤ ᠬᠤᠭᠤᠰᠣᠨ‌‍ᠰᠠᠭᠤᠯᠭ᠎ᠠ ᠡᠷᠭᠦᠵᠥ ᠬᠠᠷᠭᠠᠯᠳᠣᠪᠠᠯ ᠭᠦᠮᠦᠨ ᠤ ᠰᠠᠶᠢᠨ ᠰᠠᠶᠢᠬᠠᠨ ᠭᠦᠰᠠᠯ ᠳᠤ ᠰᠡᠵᠢᠭ ᠣᠷᠣᠭᠤᠯᠣᠨ᠎ᠠ᠂ ᠲᠡᠶᠢᠮᠣ ᠠᠴᠠ ᠰᠠᠭᠤᠯᠭ᠎ᠠ ᠪᠠᠨ ᠡᠷᠭᠦᠵᠥ ᠭᠠᠷᠬᠤ ᠠᠴᠠ ᠣᠷᠢᠳᠠ ᠭᠠᠳᠠᠨ᠎ᠠ ᠭᠦᠮᠦᠨ ᠢᠷᠡᠵᠥ ᠪᠠᠶᠢᠬᠤ ᠡᠰᠠᠭᠦ ᠶᠢ ᠬᠠᠯᠢᠶᠠᠵᠥ ᠠᠪᠣᠭᠠᠳ ᠭᠠᠷᠳᠠᠭ᠃ ᠴᠡᠢ ᠭᠡᠭᠦ ᠳᠡᠭᠡᠨ ᠠᠶᠠᠭ᠎ᠠ ᠪᠠᠨ ᠵᠦᠪ ᠡᠷᠭᠡᠭᠦᠯᠵᠥ ᠭᠡᠳᠡᠭ᠂ ᠵᠦᠪ ᠡᠷᠭᠡᠭᠦᠯᠵᠥ ᠭᠡᠪᠡᠯ ᠪᠣᠳᠣᠭᠰᠠᠨ ᠰᠠᠨᠠᠭᠰᠠᠨ ᠭᠡᠷᠡᠭ ᠪᠦᠳᠦᠨ᠎ᠡ ᠭᠡᠵᠥ ᠪᠡᠯᠭᠡᠰᠢᠶᠡᠳᠡᠭ᠃ ᠪᠣᠰᠣᠳ ᠲᠤ ᠲᠡᠰᠣᠷᠭᠡᠢ ᠠᠮᠨ ᠲᠠᠢ ᠠᠶᠠᠭ᠎ᠠ ᠳᠤ ᠴᠠᠢ  ᠭᠡᠭᠦ ᠶᠢ ᠴᠡᠭᠡᠷᠯᠡᠨ᠎ᠡ᠃ ᠭᠦᠮᠦᠨ ᠢ ᠭᠦᠡᠳᠦᠯᠦᠭᠰᠠᠨ ᠦᠭᠡᠢ ᠶᠠᠪᠣᠳᠠᠯ ᠪᠣᠯᠣᠨ᠎ᠠ᠃ ᠴᠦᠬᠦᠨ ᠨᠢ ᠠᠮᠰᠠᠷ᠂ ᠯᠣᠩᠬᠤ ᠶᠢᠨ ᠠᠮᠰᠠᠷ ᠢ ᠨᠢ ᠡᠭᠦᠳᠠᠨ ᠵᠦᠭ ᠬᠠᠯᠢᠶᠠᠯᠭᠠᠵᠥ ᠭᠡᠭᠦ ᠦᠭᠡᠢ᠂ ᠢᠩᠭᠡᠪᠡᠯ ᠣᠯᠵᠨ ᠣᠷᠣᠰᠢ ᠡᠭᠦᠳᠠ ᠪᠠᠷ ᠭᠠᠷᠣᠭᠠᠳ ᠶᠠᠪᠣᠴᠢᠬᠠᠨ᠎ᠠ ᠭᠡᠵᠥ ᠢᠷᠣᠯᠠᠵᠥ᠂ ᠵᠠᠪᠠᠯ ᠭᠡᠷ ᠤᠨ ᠡᠭᠦᠳᠠᠨ ᠤ ᠡᠰᠡᠷᠭᠦ ᠪᠠᠷᠠᠭᠠᠨ ᠲᠠᠯ᠎ᠠ ᠳᠤ ᠬᠠᠨᠳᠠᠭᠤᠯᠣᠨ ᠭᠡᠵᠥ᠂ ᠭᠢᠰᠢᠭ ᠢᠶᠠᠨ ᠬᠤᠷᠢᠶᠠᠵᠥ ᠪᠠᠶᠢᠨ᠎ᠠ ᠭᠡᠵᠥ ᠪᠡᠯᠭᠡᠰᠢᠶᠡᠳᠡᠭ᠃ ᠭᠤᠴᠢᠨ ᠠᠴᠠ ᠡᠮᠣᠨ᠎ᠡ ᠬᠠᠭᠤᠴᠢᠨ ᠵᠢᠯ ᠤᠨ ᠣᠣᠭᠤᠵᠥ ᠦᠯᠡᠳᠦᠭᠰᠠᠨ ᠡᠮ ᠲᠠᠩ  ᠪᠣᠯᠣᠨ ᠮᠠᠭᠤ ᠬᠠᠭᠤᠴᠢᠨ ᠬᠤᠪᠴᠠᠰᠤ ᠶᠢ ᠭᠠᠶᠢᠯᠠᠨ ᠬᠠᠶᠠᠳᠠᠭ᠃ ᠡᠪᠡᠳᠴᠢᠨ ᠭᠡᠮ ᠢ ᠬᠠᠶ᠋ᠢᠵᠥ᠂ ᠮᠠᠭᠤ ᠮᠠᠭᠤᠬᠠᠢ ᠪᠣᠵᠠᠷ ᠪᠣᠷᠳᠠᠭ ᠢ ᠬᠠᠶ᠋ᠢᠵᠥ ᠂ ᠰᠢᠨ᠎ᠠ ᠵᠢᠯ ᠳᠠᠭᠠᠨ ᠡᠪᠠᠳᠴᠢᠨ ᠭᠡᠮ ᠦᠭᠡᠢ ᠡᠷᠡᠭᠦᠯ ᠰᠠᠶᠢᠬᠠᠨ ᠠᠮᠢᠳᠣᠷᠠᠬᠤ ᠶᠢ ᠪᠡᠯᠭᠡᠰᠢᠶᠠᠵᠥ ᠪᠠᠶᠢᠳᠠᠭ᠃ ᠦᠷᠢ ᠦᠭᠡᠢ ᠦᠭᠡᠳᠠ ᠲᠠᠢ ᠶᠠᠪᠣᠬᠤ ᠶᠢ ᠪᠡᠯᠭᠡᠰᠢᠶᠠᠵᠥ ᠨᠢᠭᠡᠨ ᠰᠢᠨ᠎ᠠ ᠠᠴᠠ ᠣᠷᠢᠳᠠ ᠦᠷᠢᠨ ᠱᠠᠷᠢ ᠪᠠᠶᠢᠪᠠᠯ ᠬᠠᠷᠢᠭᠤᠯᠵᠥ ᠦᠭᠭᠦᠳᠡᠭ᠂ ᠡᠰᠠᠭᠦᠶᠢᠯ᠎ᠠ ᠦᠷᠢ ᠲᠠᠢ ᠪᠠᠨ ᠰᠢᠨ᠎ᠠ ᠵᠢᠯ ᠳᠤ ᠣᠷᠣᠪᠠᠯ ᠨᠢᠭᠡ ᠵᠢᠯ ᠦᠷᠢ ᠲᠦᠯᠦᠭᠡᠳ ᠭᠠᠷᠣᠨ᠎ᠠ ᠭᠡᠳᠡᠭ᠃ ᠨᠢᠭᠡᠨ ᠰᠢᠨ᠎ᠠ ᠳᠤ ᠭᠦᠮᠦᠨ ᠠᠴᠠ ᠦᠷᠦ ᠨᠡᠭᠡᠭᠦ ᠦᠭᠡᠢ᠃ ᠭᠦᠮᠦᠨ ᠪᠠᠰᠨ ᠰᠠᠶᠢᠨ ᠰᠠᠶᠢᠬᠠᠨ ᠢ ᠪᠣᠳᠣᠵᠥ᠂ ᠨᠢᠭᠡᠨ ᠰᠢᠨ᠎ᠠ ᠳᠤ ᠦᠷᠦ ᠬᠠᠷᠢᠭᠤᠯᠪᠠᠯ ᠨᠢᠭᠡ ᠵᠢᠯ ᠳᠡᠭᠡᠨ ᠦᠷᠢ ᠬᠠᠷᠢᠭᠤᠯᠵᠥ ᠰᠠᠭᠤᠬᠤ ᠶᠢ ᠪᠣᠳᠣᠵᠥ ᠪᠠᠶᠢᠯ᠎ᠠ ᠭᠡᠳ ᠪᠠᠰᠨ ᠦᠭᠭᠦ ᠦᠭᠡᠢ᠂ ᠲᠡᠶᠢᠮᠣ ᠠᠴᠠ ᠡᠰᠠ ᠰᠣᠷᠣᠭᠰᠠᠨ ᠨᠢ ᠰᠠᠶᠢᠨ᠃ ᠴᠠᠭ᠎ᠠ ᠲᠠᠰᠣᠯᠠᠵᠥ ᠪᠣᠯᠬᠤ ᠦᠭᠡᠢ᠃ ᠭᠦᠮᠦᠨ ᠮᠠᠠᠳᠣ ᠪᠠᠨ ᠲᠠᠪᠰᠢᠭᠦᠯᠵᠥ ᠴᠠᠭ᠎ᠠ ᠭᠦᠷᠭᠡᠵᠥ ᠢᠷᠡᠭᠰᠠᠨ ᠠᠶᠢᠯ ᠳᠤ ᠬᠠᠷᠢᠭᠤ ᠴᠠᠭ᠎ᠠ ᠭᠦᠷᠭᠡᠭᠦ ᠦᠭᠡᠢ ᠪᠣᠯ ᠭᠦᠡᠳᠣᠯᠡᠵᠥ ᠲᠣᠭᠠᠭᠰᠠᠨ ᠦᠭᠡᠢ ᠳᠤ ᠲᠣᠭᠠᠴᠢᠭᠳᠠᠨ᠎ᠠ ᠭᠡᠳ ᠵᠠᠪᠠᠯ ᠴᠠᠭᠠᠨ ᠰᠠᠷ᠎ᠠ ᠲᠣᠳᠣᠷ᠎ᠡ ᠬᠠᠷᠢᠭᠤ ᠴᠠᠭ᠎ᠠ ᠭᠦᠷᠭᠡᠭᠦ ᠶᠣᠰᠣ ᠲᠠᠢ ᠶᠣᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号