| | ᠮᠤᠩᠭᠤᠯ ᠮᠦᠰᠯᠢᠮᠴᠤᠤᠨ ᠭᠡᠳᠦ᠋ᠢᠪᠠᠷ ᠢᠰᠯᠠᠮ ᠤᠨ ᠱᠠᠰᠢᠨ ᠰᠢᠳᠤᠳᠡᠭ ᠪᠤᠯᠪᠠᠴᠤ ᠤᠯᠠᠨ ᠮᠤᠩᠭᠤᠯᠴᠤᠤᠨ ᠲᠠᠢ | ᠠᠳᠠᠯᠢ ᠪᠠᠷ ᠴᠠᠭᠠᠨ ᠰᠠᠷ᠎ᠠ ᠶᠢ ᠶᠡᠭᠡ ᠪᠠᠷ ᠪᠠᠯᠭᠡᠯᠠᠨ ᠤᠭᠳᠤᠳᠠᠭ ᠶᠤᠮ᠃ | ᠨᠢᠭᠡ᠂ ᠪᠠᠯᠠᠤᠡᠭᠡᠯ ᠠᠵᠢᠯ | ᠴᠠᠭᠠᠨ ᠰᠠᠷ᠎ᠠ ᠶᠢᠨ ᠪᠠᠯᠠᠤᠡᠭᠡᠯ ᠢ ᠪᠦᠬᠦ ᠵᠢᠯ ᠤᠨ ᠠᠵᠢᠯ ᠲᠤᠮᠳᠠ ᠪᠦᠷᠢᠨ ᠪᠤᠳᠤᠯᠬᠢᠯᠠᠳᠠᠭ ᠶᠤᠰᠤᠳᠠᠢ᠃ | 1. ᠠᠶᠠᠨ ᠠᠮᠵᠢᠭᠤᠯᠤᠨ ᠬᠢᠬᠦ | ᠨᠠᠮᠤᠷ ᠤᠨ ᠰᠠᠷᠢᠬᠦᠨ ᠤᠷᠤᠵᠤ ᠡᠪᠤᠯ ᠡᠬᠢᠯᠠᠮᠡᠭᠴᠠ ᠠᠶᠢᠯ ᠡᠷᠤᠭᠡ ᠬᠠᠷᠢᠯᠴᠠᠨ ᠬᠠᠮᠵᠢᠯᠴᠠᠵᠤ ᠦᠪᠠᠷᠰᠠᠤᠨ ᠤᠨ ᠢᠶᠠᠨ | ᠲᠠᠪᠤ ᠭᠤᠷᠪᠠᠨ ᠲᠠᠮᠡᠭᠡ ᠪᠠᠨ ᠨᠠᠶᠢᠯᠠᠬᠦᠯᠤᠨ ᠨᠢᠭᠡ ᠭᠠᠷ ︵10 — 15︶ ᠲᠠᠮᠡᠭᠡ ᠪᠤᠯᠭᠠᠵᠤ ᠲᠤᠰᠬᠠᠢ ᠬᠦᠮᠤᠨ | ᠬᠦᠯᠤᠰᠤᠯᠠᠨ ᠲᠠᠮᠡᠭᠡ ᠪᠠᠷ ᠢᠶᠠᠨ ᠵᠢᠷᠠᠳᠠᠢ ᠶᠢᠨ ᠲᠠᠪᠤᠰᠤ ᠶᠢ ᠠᠴᠢᠵᠤ ᠳ᠋ᠸᠡᠭᠺᠸᠤ᠂ ᠱᠠᠮᠪᠠ᠂ ᠰᠠᠨ ᠱᠸᠡᠭ ᠬᠦᠡᠭ᠂ | ᠱᠦᠬᠦᠨ ︵ᠨᠢᠩᠰᠢᠶᠠ ᠶᠢᠨ ᠵᠦᠡᠭ ᠸᠧᠢ︶ ᠳᠤ ᠬᠦᠷᠭᠡᠵᠤ ᠤᠯᠤᠭᠰᠠᠨ ᠮᠦᠡᠭᠬᠦ ᠵᠤᠭᠤᠰ ᠢᠶᠠᠷ ᠢᠶᠠᠨ ᠠᠮᠤ ᠬᠦᠨᠠᠰᠤ᠂ | ᠡᠳ᠋ ᠪᠠᠷᠠᠭ᠎ᠠ ᠬᠤᠳᠠᠯᠳᠤᠨ ᠠᠪᠳᠠᠭ᠃ ᠡᠨᠡ ᠨᠢ ᠡᠷᠤᠭᠡ ᠭᠡᠷ ᠤᠨ ᠪᠦᠬᠦ ᠵᠢᠯ ᠤᠨ ᠠᠮᠢᠳᠤᠷᠠᠯ ᠢᠶᠠᠨ | ᠲᠤᠬᠢᠷᠠᠭᠤᠯᠬᠤ ᠶᠢᠨ ᠬᠠᠮᠳᠤ ᠰᠢᠨ᠎ᠠ ᠵᠢᠯ ᠳᠤ ᠭᠡᠷᠡᠭᠯᠠᠬᠦ ᠠᠮᠤ ᠬᠦᠨᠠᠰᠤ᠂ ᠡᠮᠤᠰᠬᠦ ᠬᠤᠪᠴᠠᠰᠤ ᠬᠤᠨᠠᠷ ᠵᠠᠷᠭᠡ ᠶᠢ | ᠪᠦᠷᠢᠨ ᠪᠤᠳᠤᠯᠬᠢᠯᠠᠵᠤ᠂ ᠴᠠᠭᠠᠨ ᠰᠠᠷ᠎ᠠ ᠳᠤ ᠭᠡᠶᠢᠴᠢᠨ ᠵᠤᠴᠢᠨ ᠲᠠᠶᠢᠯᠠᠬᠤ ᠪᠠ ᠭᠡᠤᠭᠡᠤᠨ ᠪᠠᠭᠠᠴᠤᠤᠨ ᠲᠤ ᠪᠡᠯᠡᠭᠯᠠᠬᠦ | ᠵᠢᠮᠢᠰ ᠢ ᠴᠤ ᠪᠤᠳᠤᠯᠬᠢᠯᠠᠨ ᠴᠢᠪᠠᠭ᠎ᠠ᠂ ᠶᠠᠩᠭᠠᠭ᠂ ᠡᠯᠵᠢᠭᠡᠨ ᠴᠢᠬᠢ᠂ ᠮᠠ ᠲᠠᠩ᠂ ᠦᠵᠤᠮ᠂ ᠰᠢᠬᠢᠷ ᠵᠠᠷᠭᠡ ᠶᠢ | ᠡᠷᠳᠠ ᠠᠴᠠ ᠬᠤᠳᠠᠯᠳᠤᠨ ᠠᠪᠴᠤ ᠪᠠᠯᠠᠤᠡᠭᠡᠳᠡᠭ᠃ | 2. ᠢᠳᠠᠭᠡᠨ ᠤ ᠪᠠᠯᠠᠤᠡᠭᠡᠯ | ᠬᠤᠶᠠᠷ ᠴᠠᠰᠤ ᠶᠢᠨ ᠬᠤᠭᠤᠷᠤᠠᠳᠤ ᠠᠶᠢᠯ ᠡᠷᠤᠭᠡ ᠦᠪᠠᠷᠰᠠᠤᠨ ᠤᠨ ᠠᠵᠤ ᠠᠬᠤᠢ᠂ ᠠᠮᠢᠳᠤᠷᠠᠯ ᠤᠨ | ᠨᠦᠬᠦᠴᠠᠯ ᠢᠶᠠᠨ ᠦᠵᠠᠵᠤ ᠮᠢᠬ᠎ᠠ ᠢᠳᠠᠰᠢ ᠪᠠᠨ ᠡᠯᠪᠡᠭ ᠪᠠᠯᠠᠤᠠᠭᠡᠳᠡᠭ᠃ ᠬᠤᠨᠢ ᠢᠮᠠᠭ᠎ᠠ ᠦᠭᠡᠷ ᠠᠴᠠ ᠪᠠᠨ ᠢᠯᠠᠬᠦᠤ | ᠰᠢᠭ ᠵᠠᠷᠤᠵᠤ ︵ᠠᠯᠠᠵᠤ︶ ᠡᠪᠤᠯ ᠬᠠᠪᠤᠷ ᠤᠨ ᠮᠢᠬᠠᠨ ᠢᠳᠠᠰᠢ ᠬᠢᠬᠦ ᠶᠢᠨ ᠵᠠᠷᠭᠡ ᠪᠠᠷ ᠰᠢᠨ᠎ᠠ ᠶᠢᠨ ᠴᠠᠭᠠᠨ | ᠰᠠᠷ᠎ᠠ ᠳᠤ ᠭᠡᠶᠢᠴᠢᠨ ᠵᠤᠴᠢᠨ ᠲᠠᠶᠢᠯᠠᠬᠤ ᠳᠤ ᠭᠡᠷᠡᠭᠯᠠᠬᠦ ᠬᠤᠨᠢ ᠢᠮᠠᠭᠠᠨ ᠤᠭᠤᠴᠠ ᠶᠢ ᠴᠤ ᠪᠠᠯᠠᠤᠠᠭᠡᠬᠦ ᠭᠡᠷᠡᠭᠳᠠᠢ᠃ | ᠲᠠᠷᠨ ᠦᠶ᠎ᠠ ᠳᠤ ᠭᠡᠶᠢᠴᠢᠨ ᠤᠯᠠᠨ ᠴᠤᠭᠯᠠᠷᠠᠵᠤ ᠤᠭᠤᠴᠠ ᠤᠯᠠᠨ ᠭᠡᠷᠡᠭᠯᠠᠬᠦ ᠦᠶᠠᠰ ᠢᠮᠠᠭᠠᠨ ᠤᠭᠤᠴᠠ ᠴᠤ | ᠤᠷᠤᠯᠴᠠᠭᠤᠯᠳᠠᠭ ᠪᠠᠶᠢᠪᠠ᠃ ᠦᠡᠭᠭᠡᠷᠡᠭᠰᠠᠨ ᠳᠤ ᠠᠶᠢᠯ ᠡᠷᠤᠭᠡ ᠶᠢᠨ ᠠᠮᠢᠳᠤᠷᠠᠯ ᠲᠠᠶᠢᠮᠤ ᠡᠯᠪᠡᠭ ᠪᠢᠰᠢ᠂ ᠡᠩ ᠤᠨ | ᠴᠠᠭ ᠲᠠᠭᠠᠨ ᠶᠡᠭᠡ ᠭᠠᠮᠨᠠᠨ ᠠᠷᠪᠢᠯᠠᠵᠤ᠂ ᠵᠢᠯ ᠴᠠᠭᠠᠨ ᠰᠠᠷ᠎ᠠ ᠶᠢ ᠴᠢᠳᠠᠯ ᠤᠨ ᠬᠢᠷᠢ ᠪᠠᠷ ᠡᠯᠪᠡᠭ ᠲᠠᠯᠪᠡᠭ | ᠪᠠᠯᠠᠤᠡᠭᠡᠳᠡᠭ ᠵᠠᠩᠰᠢᠯ ᠲᠠᠢ᠃ ᠡᠶᠢᠮᠤ ᠠᠴᠠ ᠤᠯᠠᠨ ᠤ ᠲᠤᠮᠳᠠ ︽ᠴᠠᠬ ᠪᠤᠯᠭᠠᠨ ᠴᠠᠤᠠᠳᠠᠭ ᠦᠭᠡᠢ᠂ ᠴᠠᠭᠠᠨ | ᠰᠠᠷ᠎ᠠ ᠶᠢᠨ ᠰᠢᠨ᠎ᠠ ᠶᠢᠨ ᠨᠢᠭᠡᠨ ᠳᠤ ᠨᠢᠭᠡ ᠴᠠᠤᠠᠳᠠᠭ︔ ᠦᠷᠬᠦᠯᠵᠢ ᠴᠠᠤᠠᠳᠠᠭ ᠦᠭᠡᠢ᠂ ᠦᠭᠡᠷ ᠠᠯᠠᠬᠤ ᠳᠤ ᠶᠡᠭᠡ | ᠴᠠᠤᠠᠳᠠᠭ︾ ᠭᠡᠳᠡᠭ ᠦᠭᠡ ᠲᠠᠢ᠃ ᠡᠨᠡ ᠨᠢ ᠦᠡᠭᠭᠡᠷᠡᠭᠰᠠᠨ ᠤ ᠮᠠᠯᠴᠢᠤᠨ ᠤᠨ ᠠᠮᠢᠳᠤᠷᠠᠯ ᠤᠨ ᠪᠠᠶᠢᠳᠠᠯ ᠢ ᠪᠦᠷᠢᠨ | ᠲᠤᠰᠬᠠᠵᠤ ᠪᠠᠶᠢᠨ᠎ᠠ᠃ | 3. ᠭᠠᠯ ᠲᠠᠬᠢᠬᠤ | ᠯᠠ ᠰᠠᠷ᠎ᠠ ᠶᠢᠨ ᠬᠤᠷᠢᠨ ᠭᠤᠷᠪᠠᠨ ᠪᠤᠯᠤᠭᠰᠠᠭᠠᠷ ᠲᠠᠮᠡᠭᠡ ᠮᠠᠯ ᠢᠶᠠᠨ ᠡᠷᠳᠠᠭᠡᠨ ᠬᠤᠷᠢᠶᠠᠵᠤ ᠴᠤᠭᠯᠠᠭᠤᠯᠤᠨ᠂ ᠬᠤᠳᠠ | ᠰᠦᠷᠥᠭ ᠢᠶᠠᠨ ᠲᠦᠪᠬᠢᠨᠠᠬᠦᠯᠤᠭᠡᠤᠨ ᠲᠠᠶᠠᠭᠠᠷ ᠭᠡᠷ ᠲᠡᠭᠡᠨ ᠴᠤᠭᠯᠠᠷᠠᠵᠤ ᠢᠮᠠᠭ᠎ᠠ ᠶᠢᠨ ᠡᠪᠴᠢᠬᠦᠤ ᠪᠠᠨ ᠰᠠᠶᠢᠳᠤᠷ | ᠴᠢᠨᠠᠵᠤ ᠪᠤᠯᠭᠤᠭᠠᠤᠨ ᠮᠢᠬ᠎ᠠ ᠶᠢ ᠨᠢ ᠨᠠᠷᠢᠨ ᠰᠠᠶᠢᠬᠠᠨ ᠱᠤᠯᠤᠵᠤ ᠠᠪᠤᠭᠠᠤᠨ ᠡᠪᠴᠢᠬᠦᠨ ᠶᠠᠰᠤ ᠶᠢ ᠨᠢ ᠲᠠᠷᠨ | ᠶᠤᠰᠤᠭᠠᠷ ᠪᠠᠶᠢᠯᠭᠠᠵᠤ᠂ ᠲᠠᠪᠤᠨ ᠦᠡᠭᠭᠡ ᠶᠢᠨ ᠲᠤᠷᠭᠠᠨ ᠤᠳᠠᠰᠤ ᠪᠠᠷ ᠡᠪᠴᠢᠬᠦᠨ ᠶᠠᠰᠤᠨ ᠤ ᠠᠷᠠᠭ᠎ᠠ ᠰᠢᠳᠤ᠂ | ᠮᠦᠴᠢᠷ ᠢ ᠨᠢ ᠬᠤᠯᠪᠤᠨ ᠤᠷᠢᠶᠠᠵᠤ ᠴᠢᠮᠡᠭᠯᠠᠭᠡᠤᠨ ᠡᠪᠴᠢᠬᠦᠨ ᠶᠠᠰᠤᠨ ᠤ ᠤᠡᠭᠭᠤᠴᠠ ᠳᠤᠨᠢ ᠰᠢᠬᠢᠷ ᠵᠢᠮᠢᠰ᠂ ᠵᠤᠭᠤᠰ | ᠮᠦᠡᠭᠬᠦ᠂ ᠠᠷᠴᠠ᠂ ᠴᠠᠭᠠᠨ ᠢᠳᠠᠭᠡᠨ ᠤ ᠵᠦᠢᠯ ᠵᠠᠷᠭᠡ ᠦᠨᠤᠷ ᠠᠮᠳᠠ ᠲᠠᠢ ᠶᠠᠭᠤᠮ᠎ᠠ ᠰᠠᠪᠠᠯᠠᠵᠤ ᠴᠠᠭᠠᠨ | ᠴᠠᠭᠠᠰᠤ ᠪᠠᠷ ᠪᠤᠭᠤᠵᠤ ᠴᠤᠭᠯᠠᠭᠠᠤᠨ ᠲᠠᠭᠡᠷ᠎ᠠ ᠨᠢ ᠬᠠᠳᠠᠭ ᠲᠠᠯᠪᠢᠵᠤ ᠪᠠᠯᠠᠤᠠᠭᠡᠨ᠎ᠠ᠃ ᠲᠠᠷᠠᠭ᠎ᠠ ᠨᠢ ᠡᠪᠴᠢᠬᠦᠨ | ᠮᠢᠬ᠎ᠠ ᠶᠢ ᠨᠢ ᠵᠢᠵᠢᠭ ᠭᠡᠷᠴᠢᠵᠤ ᠤᠬ ᠱᠦᠯᠤᠨ ᠳᠤᠨᠢ ᠬᠢᠭᠡᠤᠨ ᠲᠤᠳᠤᠷᠭ᠎ᠠ᠂ ᠦᠵᠤᠮ᠂ ᠴᠢᠪᠠᠭ᠎ᠠ ᠶᠢ ᠬᠤᠯᠢᠵᠤ | ᠴᠢᠨᠠᠭᠠᠤᠨ ᠭᠠᠯ ᠤᠨ ᠲᠠᠬᠢᠯᠭ᠎ᠠ ᠶᠢᠨ ᠪᠤᠳᠠᠭ᠎ᠠ ᠬᠢᠵᠤ ᠪᠠᠯᠠᠤᠡᠭᠡᠨᠠ᠃ ᠪᠠᠯᠠᠤᠡᠭᠡᠯ ᠢᠶᠠᠨ ᠬᠢᠵᠤ ᠪᠠᠷᠠᠭᠠᠤᠨ ᠭᠠᠯ ᠳᠠᠭᠠᠨ | ᠲᠦᠯᠡᠭᠡ ᠮᠤᠳᠤ ᠨᠠᠮᠠᠵᠤ ᠬᠦᠭᠵᠢᠭᠡᠭᠡᠤᠨ ᠲᠠᠶᠠᠭᠠᠷ ᠪᠤᠰᠴᠤ ᠵᠤᠭᠰᠤᠭᠠᠤᠨ ᠭᠠᠯ ᠤᠨ ᠲᠤᠯᠭ᠎ᠠ ᠪᠠᠨ ᠵᠦᠪ ᠭᠤᠷᠪᠠ | ᠡᠷᠬᠢᠬᠦ ᠲᠤᠮᠳᠠ ᠬᠠᠶᠢᠯᠤᠭᠤᠯᠤᠭᠰᠠᠨ ᠰᠢᠷ᠎ᠠ ᠲᠤᠰᠤᠨ ᠳᠠᠭᠠᠨ ᠠᠷᠢᠬᠢ ᠬᠤᠯᠢᠵᠤ ᠭᠠᠯ ᠳᠠᠭᠠᠨ ᠪᠠᠭ᠎ᠠ ᠪᠠᠭ᠎ᠠ ᠪᠠᠷ | ᠲᠤᠰᠤᠭᠠᠤᠨ ᠲᠠᠬᠢᠳᠠᠭ᠃ ᠲᠠᠶᠠᠭᠠᠷ ᠲᠤᠰᠤᠭᠠᠵᠤ᠂ ᠠᠮᠠᠨ ᠳᠠᠭᠠᠨ ︽ᠤᠨ ᠵᠢᠯ ᠦᠡᠭᠰᠢᠵᠤ ᠤᠯᠠᠨ ᠲᠠᠶᠠᠭᠠᠷ ᠪᠠᠶᠠᠨ | ᠴᠢᠬᠢᠷᠠᠭ ᠪᠤᠯᠳᠤᠭᠠᠢ︕ ᠲᠠᠪᠤᠨ ᠬᠤᠰᠢᠭᠤ ᠮᠠᠯ ᠲᠠᠯ᠎ᠠ ᠲᠦᠬᠦᠷᠠᠵᠤ ᠲᠠᠮᠰᠤᠭ ᠢᠳᠠᠭᠡᠨ ᠭᠡᠷ ᠲᠦᠬᠦᠷᠠᠩ | ᠪᠤᠯᠳᠤᠭᠠᠢ︕ ᠪᠤᠶᠠᠨ ᠭᠡᠰᠢᠭ ᠨᠠᠮᠡᠭᠳᠠᠵᠤ ᠪᠤᠳᠠᠭ᠎ᠠ ᠬᠦᠨᠠᠰᠤ ᠡᠯᠪᠡᠭ ᠪᠤᠯᠳᠤᠭᠠᠢ︕ ᠁︾ ᠭᠡᠬᠦ ᠮᠠᠳᠤ | ᠢᠷᠤᠭᠡᠯ ᠵᠦᠡᠭᠨᠠᠯ ᠤᠨ ᠦᠭᠡ ᠪᠠ ᠬᠦᠰᠠᠯᠠᠩ ᠢᠶᠠᠨ ᠲᠠᠭᠠᠤᠠᠬᠠᠳᠠᠭ ᠶᠤᠰᠤᠳᠠᠢ᠃ ᠭᠠᠯ ᠢᠶᠠᠨ ᠲᠠᠬᠢᠵᠤ ᠪᠠᠷᠠᠭᠠᠤᠨ | ᠲᠠᠶᠠᠭᠠᠷ ᠲᠠᠬᠢᠯᠭ᠎ᠠ ᠶᠢᠨ ᠪᠤᠳᠠᠭ᠎ᠠ ᠪᠠᠨ ᠢᠳᠠᠵᠤ ᠬᠤᠭᠤᠯᠠᠯᠠᠳᠠᠭ᠃ ᠡᠨᠡ ᠡᠳᠤᠷ ᠠᠴᠠ ᠡᠬᠢᠯᠠᠵᠤ ᠭᠤᠷᠪᠠᠨ | ᠡᠳᠤᠷ ᠤᠨ ᠲᠤᠳᠤᠷ᠎ᠠ ᠬᠤᠬ ᠦᠨᠠᠰᠤ ᠬᠠᠶᠠᠬᠤ ᠦᠭᠡᠢ᠂ ᠡᠳ᠋ ᠪᠤᠳᠠᠰ ᠠᠯᠢᠪᠠ ᠶᠠᠭᠤᠮ᠎ᠠ ᠵᠢᠭᠡᠯᠠᠬᠦᠯᠬᠦ ᠪᠤᠶᠤ | ᠭᠠᠷᠭᠠᠬᠤ ᠶᠢ ᠴᠠᠭᠡᠷᠯᠠᠳᠡᠭ ᠶᠤᠰᠤᠳᠠᠢ᠃ | 4. ᠰᠢᠨ᠎ᠠ ᠶᠢᠨ ᠪᠤᠭᠤᠷᠰᠤᠭ ᠬᠢᠬᠦ | ᠯᠠ ᠰᠠᠷ᠎ᠠ ᠶᠢᠨ ᠬᠤᠷᠢᠨ ᠲᠠᠪᠤᠨ ᠪᠤᠯᠤᠭᠰᠠᠭᠠᠷ ᠰᠢᠨ᠎ᠠ ᠶᠢᠨ ᠪᠤᠭᠤᠷᠰᠤᠭ ᠬᠢᠨ᠎ᠠ ᠭᠡᠵᠤ ᠶᠡᠭᠡ ᠠᠵᠢᠯ ᠪᠠᠶᠢᠳᠠᠭ᠃ | ᠰᠢᠨ᠎ᠠ ᠶᠢᠨ ᠪᠤᠭᠤᠷᠰᠤᠭ ᠢ ᠴᠠᠭᠠᠨ ᠰᠠᠷ᠎ᠠ ᠲᠤᠳᠤᠷ᠎ᠠ ᠭᠡᠷ ᠤᠨ ᠬᠦᠮᠤᠰ ᠢᠳᠠᠬᠦ ᠪᠠ ᠭᠡᠶᠢᠴᠢᠨ ᠵᠤᠴᠢᠨ ᠲᠠᠶᠢᠯᠠᠵᠤ | ᠬᠦᠷᠬᠦ ᠭᠡᠮᠵᠢᠶ᠎ᠠ ᠪᠠᠷ ᠬᠢᠳᠡᠭ᠃ ᠪᠠᠷᠤᠭ ᠲᠠᠭᠠᠨ ᠲᠦᠴᠢ ᠲᠠᠪᠢᠨ ᠵᠢᠩ ᠭᠤᠯᠢᠷ ᠲᠤ ᠬᠤᠵᠢᠷ᠂ ᠬᠠᠷ᠎ᠠ ᠲᠤᠰᠤ | ᠬᠤᠯᠢᠵᠤ ᠬᠤᠸᠠᠵᠢᠶᠤᠤ ᠴᠢᠨᠠᠭᠰᠠᠨ ᠤᠰᠤ ᠪᠠᠷ ᠨᠤᠬᠤᠵᠤ ᠨᠠᠶᠢᠷᠠᠭᠤᠯᠤᠭᠠᠤᠨ᠂ ᠵᠤᠵᠠᠭᠠᠨ ᠰᠢᠬ ᠲᠠᠯᠭᠡᠵᠤ ᠤᠷᠳᠤ | ᠲᠦᠷᠪᠠᠯᠵᠢᠨ ︵ᠪᠠᠷᠤᠭ 3 — 4 ᠢᠮᠠᠬᠤ ᠦᠷᠭᠡᠨ᠂ 8 — 9 ᠢᠮᠠᠬᠤ ᠤᠷᠳᠤ︶ ᠭᠡᠷᠴᠢᠵᠤ᠂ ᠭᠤᠤᠯ | ᠲᠤᠮᠳᠠ ᠨᠢ 2 — 6 ᠤᠷᠳᠤᠯᠵᠢᠨ ᠨᠦᠭᠡ ᠭᠡᠷᠴᠢᠵᠤ᠂ ᠨᠢᠭᠡ ᠲᠠᠯ᠎ᠠ ᠶᠢᠨ ᠲᠤᠯᠤᠭᠠᠢ ᠶᠢ ᠭᠡᠷᠴᠢᠶᠠᠰᠤ | ᠲᠤᠮᠳᠠᠭᠤᠷ ᠡᠷᠬᠢᠬᠦᠯᠤᠨ ᠭᠠᠷᠭᠠᠭᠠᠤᠨ ᠡᠷᠬᠦᠯᠭᠡ ᠪᠤᠭᠤᠷᠰᠤᠭ ᠬᠢᠵᠤ ᠬᠠᠷ᠎ᠠ ᠲᠤᠰᠤᠨ ᠳᠤ ᠰᠢᠷᠠᠵᠤ ᠪᠤᠯᠭᠤᠳᠠᠭ᠃ | ᠪᠤᠭᠤᠷᠰᠤᠭ ᠢᠶᠠᠨ ᠡᠬᠢᠯᠠᠵᠤ ᠬᠢᠬᠦ ᠠᠴᠠ ᠡᠮᠤᠨ᠎ᠠ ᠨᠤᠬᠤᠭᠰᠠᠨ ᠭᠤᠯᠢᠷ ᠢᠶᠠᠷ ᠢᠶᠠᠨ ᠲᠠᠪᠤᠨ ᠬᠤᠰᠢᠭᠤ ᠮᠠᠯ ᠬᠢᠵᠤ | ᠲᠤᠰᠤᠨ ᠳᠤ ᠪᠤᠯᠭᠤᠭᠠᠤᠨ ᠮᠤᠩᠭᠤᠯ ᠭᠡᠷ ᠤᠨ ᠬᠠᠭᠠᠯᠭᠠᠨ ᠲᠠᠭᠡᠷ᠎ᠠ ᠲᠠᠯᠪᠢᠵᠤ᠂ ᠭᠡᠷ ᠤᠨ ᠭᠠᠳᠠᠨ᠎ᠠ ᠴᠠᠭᠠᠰᠤᠨ | ᠫᠤᠤᠵᠢᠩ ᠲᠠᠯᠪᠢᠭᠠᠤᠨ ᠪᠤᠭᠤᠷᠰᠤᠭ ᠢᠶᠠᠨ ᠭᠡᠤᠭᠡᠤᠨ ᠪᠠᠭᠠᠴᠤᠤᠨ ᠠᠬ᠎ᠠ ᠶᠠᠭᠡᠰ ᠲᠡᠭᠡᠨ ᠠᠷᠢᠬᠢ ᠪᠠᠷᠢᠵᠤ ᠰᠢᠨ᠎ᠠ | ᠡᠬᠢᠯᠠᠯ᠎ᠠ ᠭᠡᠬᠦ ᠤᠤᠠᠬ᠎ᠠ ᠲᠠᠢ᠃ | 5. ᠴᠠᠪᠠᠷᠯᠡᠭᠡ ᠬᠢᠬᠦ | ᠭᠤᠤᠯ ᠠᠵᠢᠯ ᠢᠶᠠᠨ ᠪᠠᠷᠠᠪᠠᠯ ᠴᠠᠪᠠᠷᠯᠡᠭᠡ ᠶᠢᠨ ᠠᠵᠢᠯ ᠢ ᠬᠢᠨ᠎ᠠ᠃ ᠭᠡᠷ ᠤᠨ ᠭᠠᠳᠠᠨ᠎ᠠ ᠬᠠᠰᠢᠶ᠎ᠠ ᠬᠤᠷᠢᠶ᠎ᠠ ᠪᠠᠨ | ᠴᠠᠪᠠᠷᠯᠠᠨ ᠠᠷᠢᠭᠤᠤᠠᠬᠠᠵᠤ᠂ ᠭᠡᠷ ᠬᠦᠷᠢᠶ᠎ᠠ ᠪᠠᠨ ᠴᠠᠪᠠᠷᠯᠠᠬᠦ ᠰᠢᠨ᠎ᠠ ᠭᠡᠷ ᠢᠶᠠᠨ ᠪᠠᠷᠢᠬᠤ ᠪᠠ ᠭᠡᠷ ᠤᠨ ᠬᠠᠶᠢᠰᠤ | ᠲᠤᠭᠤᠭ᠎ᠠ᠂ ᠠᠶᠠᠭ᠎ᠠ ᠰᠠᠪᠬ᠎ᠠ ᠲᠠᠪᠤᠷ᠎ᠠ ᠰᠠᠭᠤᠯᠭ᠎ᠠ ᠵᠠᠷᠭᠡ ᠭᠠᠯ ᠲᠤᠭᠤᠭᠠᠨ ᠤ ᠵᠦᠢᠯ ᠤᠳ ᠢᠶᠠᠨ ᠪᠦᠷ ᠤᠬᠢᠶᠠᠵᠤ | ᠵᠦᠯᠬᠦᠳᠡᠭ᠃ ᠤᠰᠤ ᠲᠦᠯᠡᠭᠡ ᠪᠠᠨ ᠴᠤ ᠡᠯᠪᠡᠭ ᠪᠠᠯᠠᠤᠡᠭᠡᠳᠡᠭ᠃ ᠬᠠᠮᠤᠭ ᠰᠠᠬᠦᠯ ᠳᠤ ᠬᠤᠪᠢ ᠪᠠᠶ᠎ᠠ ᠶᠢᠨ ᠠᠷᠢᠭᠤᠨ | ᠴᠠᠪᠠᠷ ᠢᠶᠠᠨ ᠰᠠᠶᠢᠨ ᠬᠢᠳᠡᠭ ᠶᠤᠰᠤᠳᠠᠢ᠃ | ᠬᠤᠶᠠᠷ᠃ ᠰᠢᠨᠠᠯᠠᠬᠦ ᠶᠤᠰᠤ | 1. ᠭᠡᠷ ᠲᠤᠳᠤᠷ᠎ᠠ ᠶᠢᠨ ᠰᠢᠨ᠎ᠠ ᠶᠢᠨ ᠶᠤᠰᠤ | ᠪᠢᠳᠠᠬᠦᠨ ᠤ ᠤᠷᠤᠢ ᠪᠤᠯᠤᠭᠰᠠᠭᠠᠷ ᠬᠤᠳᠠ ᠰᠦᠷᠥᠭ ᠢᠶᠠᠨ ᠡᠷᠳᠠᠭᠡᠨ ᠲᠦᠪᠬᠢᠨᠠᠬᠦᠯᠵᠤ᠂ ᠪᠢᠳᠠᠬᠦᠨ ᠤ ᠬᠤᠭᠤᠯᠨ | ᠪᠠᠩᠰᠢ ᠪᠤᠤᠵᠠ ᠪᠠᠨ ᠪᠤᠭᠤᠵᠤ ᠬᠠᠮᠳᠤ ᠳᠠᠭᠠᠨ ᠬᠤᠭᠤᠯᠠᠯᠠᠨ᠎ᠠ᠃ ᠬᠤᠭᠤᠯᠨ ᠶᠢᠨ ᠡᠮᠤᠨ᠎ᠠ ᠭᠡᠷ ᠤᠨ ᠭᠠᠳᠠᠨ᠎ᠠ | ᠴᠠᠭᠠᠰᠤᠨ ᠫᠤᠤᠵᠢᠩ ᠲᠠᠯᠪᠢᠵᠤ ᠬᠠᠭᠤᠴᠢᠨ ᠵᠢᠯ ᠢ ᠦᠳᠠᠵᠤ ᠰᠢᠨ᠎ᠠ ᠵᠢᠯ ᠢ ᠤᠭᠳᠤᠵᠤ ᠪᠠᠶᠢᠬᠤ ᠤᠬᠠᠭᠠᠨ ᠲᠠᠢ᠃ | ᠲᠠᠷᠠᠭ᠎ᠠ ᠪᠠᠷ ᠭᠡᠷ ᠤᠨ ᠭᠠᠳᠠᠨ᠎ᠠ ᠲᠦᠯᠡᠭᠡ ᠤᠳᠤ ᠤᠪᠤᠭᠠᠯᠠᠵᠤ ᠰᠦᠨᠢ ᠶᠢᠨ ᠲᠤᠷᠰᠢ ᠭᠠᠯ ᠨᠤᠴᠤᠭᠠᠨ ᠬᠠᠷᠠᠩᠭᠤᠢ | ᠰᠦᠨᠢ ᠶᠢ ᠭᠡᠷᠠᠯᠳᠤᠬᠦᠯᠳᠡᠭ᠃ ᠪᠢᠳᠠᠬᠦᠨ ᠤ ᠰᠦᠨᠢ ᠬᠦᠭᠰᠢᠨ ᠨᠠᠰᠤᠳᠠᠶᠢᠴᠤᠤᠨ ᠪᠠᠷᠤᠭ ᠤᠡᠳᠠᠳᠠᠭ ᠦᠭᠡᠢ | ᠵᠠᠩᠰᠢᠯ ᠲᠠᠢ᠃ ᠦᠷᠯᠤᠭᠡ ᠡᠷᠳᠠ ᠰᠤᠮᠤᠨ ᠭᠡᠭᠡ ᠲᠠᠳᠠᠬᠤ ᠦᠶ᠎ᠠ ᠳᠤ ᠤᠡᠳᠠᠭᠰᠠᠨ ᠬᠦᠮᠤᠰ ᠪᠤᠰᠴᠤ ᠲᠠᠶᠠᠭᠠᠷ | ᠨᠢᠭᠤᠷ ᠭᠠᠷ ᠢᠶᠠᠨ ᠤᠬᠢᠶᠠᠵᠤ ᠴᠠᠪᠠᠷᠯᠠᠭᠡᠤᠨ᠂ ᠰᠢᠨ᠎ᠠ ᠬᠤᠪᠴᠠᠰᠤ ᠬᠤᠨᠠᠷ ᠢᠶᠠᠨ ᠡᠮᠤᠰᠴᠤ᠂ ᠵᠠᠰᠠᠯ ᠴᠢᠮᠡᠭᠯᠠᠯ ᠢᠶᠠᠨ | ᠵᠠᠬᠦᠵᠤ ᠲᠠᠶᠠᠭᠠᠷ ᠬᠠᠮᠳᠤ ᠳᠠᠭᠠᠨ ᠴᠠᠶᠢᠯᠠᠳᠠᠭ᠃ ᠲᠠᠷᠠᠭ᠎ᠠ ᠪᠠᠷ ᠠᠴᠢ ᠦᠷ᠎ᠠ ᠪᠤᠯᠤᠭᠰᠠᠤᠨ ᠠᠪᠤ ᠡᠵᠢ ᠠᠬ᠎ᠠ | ᠶᠠᠭᠡᠰ ᠢᠶᠠᠨ ᠰᠠᠭᠤᠯᠭᠠᠵᠤ ᠠᠷᠢᠬᠢ ᠲᠠᠭᠡᠵᠢ ᠪᠠᠷᠢᠵᠤ᠂ ᠠᠬ᠎ᠠ ᠶᠠᠭᠡᠰ ᠴᠤ ᠦᠷ᠎ᠠ ᠠᠴᠢ ᠨᠠᠷ ᠲᠠᠭᠠᠨ ᠪᠡᠯᠡᠭ ᠬᠠᠳᠠᠭ | ᠪᠠᠷᠢᠳᠠᠭ ᠶᠤᠮ᠃ ᠡᠨᠡ ᠨᠢ ᠭᠡᠷ ᠲᠤᠳᠤᠷ᠎ᠠ ᠪᠠᠨ ᠰᠢᠨᠠᠯᠠᠵᠤ ᠪᠠᠶᠢᠭ᠎ᠠ ᠶᠤᠰᠤ ᠶᠤᠮ᠃ | 2. ᠰᠠᠩ ᠲᠠᠯᠪᠢᠬᠤ ᠮᠦᠷ ᠭᠠᠷᠭᠠᠬᠤ | ᠰᠢᠨ᠎ᠠ ᠶᠢᠨ ᠨᠢᠭᠡᠨ ᠤ ᠦᠷᠯᠤᠭᠡ ᠡᠷᠳᠠ ᠭᠡᠷ ᠲᠡᠭᠡᠨ ᠴᠠᠢ ᠪᠠᠨ ᠤᠤᠭᠤᠵᠤ ᠭᠡᠷ ᠲᠤᠳᠤᠷ᠎ᠠ ᠪᠠᠨ ᠰᠢᠨᠠᠯᠠᠵᠤ | ᠪᠠᠷᠠᠭᠠᠤᠨ ᠲᠠᠶᠠᠭᠠᠷ ᠭᠠᠷᠴᠤ ᠦᠡᠳᠤᠷ ᠰᠢᠭ ᠰᠢᠯᠢ ᠮᠠᠩᠬᠠᠨ ᠤ ᠤᠷᠤᠢ ᠲᠠᠭᠡᠷ᠎ᠠ ᠭᠠᠯ ᠨᠤᠴᠤᠭᠠᠨ ᠠᠷᠢᠬᠢ ᠠᠷᠴᠠ | ᠡᠷᠬᠦᠬᠦ᠂ ᠲᠡᠭᠷᠢ ᠭᠠᠵᠠᠷ ᠲᠤ ᠠᠷᠢᠬᠢ ᠡᠷᠬᠦᠬᠦ᠂ ᠠᠯᠠᠱᠠ ᠶᠠᠮᠤᠨ ᠵᠦᠭ ᠠᠷᠢᠬᠢ ᠰᠠᠴᠤᠭᠠᠤᠨ᠂ ᠰᠢᠨᠠᠯᠠᠵᠤ ᠪᠠᠶᠢᠬᠤ | ᠤᠬᠠᠭᠠᠨ ᠲᠠᠢ᠃ ᠲᠠᠷᠠᠭ᠎ᠠ ᠪᠠᠷ ᠴᠠᠭᠠᠰᠤᠨ ᠫᠤᠤᠵᠢᠩ ᠢ ᠨᠠᠯᠢᠶᠠᠤᠨ ᠲᠠᠯᠪᠢᠵᠤ ᠬᠦᠭᠰᠢᠨ ᠵᠠᠯᠠᠭᠤ ᠪᠦᠬᠦᠳᠠᠭᠡᠷ ᠶᠡᠭᠡ | ᠪᠠᠶᠠᠷᠯᠠᠨ ᠬᠦᠭᠡᠷᠤᠯᠳᠤᠳᠡᠭ ᠶᠤᠮ᠃ ᠡᠬᠦᠨ ᠢᠶᠠᠨ ᠰᠠᠩ ᠲᠠᠯᠪᠢᠨ᠎ᠠ ᠭᠡᠵᠤ ᠭᠡᠯᠠᠳᠡᠭ᠃ ᠢᠡᠭᠬᠢᠵᠤ ᠪᠠᠷᠠᠭᠠᠤᠨ ᠮᠦᠷ | ᠭᠠᠷᠭᠠᠨ᠎ᠠ ᠭᠡᠵᠤ ᠲᠠᠶᠠᠭᠠᠷ ᠲᠤᠰ ᠲᠤᠰ ᠤᠨ ᠤᠨᠤᠭ᠎ᠠ ᠪᠠᠨ ᠤᠨᠤᠵᠤ ᠦᠵᠠᠯᠭᠡ ᠦᠵᠠᠬᠦᠯᠦᠭᠰᠠᠨ ᠰᠢᠨ᠎ᠠ ᠶᠢᠨ | ᠨᠢᠭᠡᠨ ᠤ ᠲᠤᠰ ᠬᠦᠮᠤᠨ ᠤ ᠰᠠᠶᠢᠨ ᠵᠦᠭ ᠦᠭᠡᠳᠠ ᠪᠢᠴᠢᠬᠠᠨ ᠶᠠᠪᠤᠭᠠᠤᠨ ᠪᠤᠴᠠᠵᠤ ᠬᠠᠷᠢᠵᠤ ᠢᠷᠠᠬᠦ ᠪᠤᠶᠤ | ᠴᠠᠰᠢ ᠪᠠᠨ ᠶᠠᠪᠤᠵᠤ ᠲᠠᠶᠠᠭᠠᠷ ᠨᠠᠶᠢᠯᠠᠭᠡᠤᠨ ᠰᠢᠨ᠎ᠠ ᠶᠢᠨ ᠨᠢᠭᠡᠨ ᠳᠤ ᠠᠶᠢᠯᠴᠢᠯᠠᠵᠤ ᠤᠴᠢᠬᠤ ᠭᠡᠰᠠᠨ ᠠᠶᠢᠯ ᠳᠠᠭᠠᠨ | ᠰᠢᠭᠤᠤᠨ ᠤᠴᠢᠵᠤ ᠰᠢᠨᠠᠯᠠᠳᠡᠭ᠃ | 3. ᠠᠶᠢᠯ ᠳᠤ ᠤᠴᠢᠵᠤ ᠰᠢᠨᠠᠯᠠᠬᠦ ᠶᠤᠰᠤ | ᠰᠢᠨᠠᠯᠠᠬᠦ ᠶᠤᠰᠤ ᠨᠠᠯᠢᠶᠠᠤᠨ ᠨᠠᠷᠢᠨ ᠶᠤᠰᠤ ᠲᠦᠷᠢᠮ ᠢ ᠬᠦᠢᠴᠠᠤᠠᠭᠡᠳᠡᠭ᠃ ᠠᠶᠢᠯ ᠳᠤ ᠰᠢᠨᠠᠯᠠᠵᠤ ᠤᠴᠢᠬᠤ ᠳᠤ | ᠲᠠᠷᠨ ᠠᠶᠢᠯ ᠤᠨ ᠱᠤᠩ᠂ ᠵᠠᠯ᠎ᠠ ᠠᠴᠠ ᠵᠠᠢ ᠲᠠᠢ ᠰᠢᠬ ᠤᠨᠤᠭ᠎ᠠ ᠠᠴᠠ ᠪᠠᠨ ᠪᠠᠭᠤᠵᠤ ᠲᠠᠮᠡᠭᠡ ᠮᠤᠷᠢ ᠪᠠᠨ | ᠬᠦᠳᠤᠯᠵᠤ ᠢᠷᠠᠭᠡᠤᠨ ᠱᠤᠩ ᠪᠠ ᠵᠠᠯ᠎ᠠ ᠠᠴᠠ ᠨᠢ ᠤᠶᠠᠳᠠᠭ ᠶᠤᠰᠤᠳᠠᠢ᠃ ᠲᠠᠮᠡᠭᠡ ᠮᠤᠷᠢ ᠪᠠᠨ ᠤᠨᠤᠭᠠᠤᠨ | ᠠᠶᠢᠯ ᠤᠨ ᠭᠡᠷ ᠤᠨ ᠡᠬᠦᠳᠠ ᠪᠠᠷ ᠦᠡᠭᠭᠡᠷᠠᠬᠦ ᠪᠤᠶᠤ ᠱᠤᠩ ᠵᠠᠯ᠎ᠠ ᠲᠠᠭᠡᠷ᠎ᠠ ᠨᠢ ᠤᠴᠢᠵᠤ ᠪᠠᠭᠤᠬᠤ ᠪᠤᠯ ᠶᠤᠰᠤ ᠦᠭᠡᠢ | ᠂ ᠡᠨᠡ ᠠᠶᠢᠯ ᠢ ᠲᠤᠤᠷ᠎ᠠ ᠦᠵᠠᠵᠤ ᠪᠠᠶᠢᠬᠤ ᠪᠠᠷ ᠪᠤᠳᠤᠳᠠᠭ ᠲᠤᠯᠨ ᠡᠩ ᠤᠨ ᠴᠠᠬ ᠲᠤ ᠴᠤ ᠭᠡᠰᠠᠨ ᠬᠢᠴᠢᠶᠠᠬᠦ | ᠭᠡᠷᠡᠭᠳᠠᠢ ᠶᠤᠮ᠃ ᠡᠨᠡ ᠦᠶ᠎ᠠ ᠳᠤ ᠠᠶᠢᠯ ᠤᠨ ᠬᠦᠮᠤᠰ ᠭᠡᠷ ᠠᠴᠠ ᠪᠠᠨ ᠭᠠᠷᠴᠤ ᠢᠷᠠᠭᠡᠤᠨ ᠬᠠᠷᠢᠯᠴᠠᠨ ᠰᠠᠯᠧᠮ | ᠬᠢᠵᠤ ᠶᠤᠰᠤᠯᠠᠭᠠᠤᠨ ᠭᠡᠶᠢᠴᠢᠨ ᠤ ᠲᠠᠮᠡᠭᠡ ᠤᠨᠤᠭ᠎ᠠ ᠶᠢ ᠠᠪᠴᠤ ᠤᠶᠠᠬᠤ ᠪᠤᠶᠤ ᠨᠠᠩ ᠢᠯᠠᠩᠭᠤᠶ᠎ᠠ ᠬᠦᠭᠰᠢᠨ | ᠨᠠᠰᠤᠳᠠᠶᠢᠴᠤᠤᠨ᠂ ᠭᠡᠤᠭᠡᠤᠨ ᠲᠠᠬᠦᠷᠥᠭᠰᠠᠨ ᠠᠪᠠᠭᠠᠢ ᠪᠦᠰᠠᠬᠦ᠋ᠢᠴᠤᠤᠨ ᠢ ᠲᠤᠰᠴᠤ ᠠᠪᠤᠭᠠᠤᠨ ᠲᠠᠮᠡᠭᠡ ᠶᠢ ᠨᠢ | ᠭᠡᠪᠳᠠᠬᠦᠯᠵᠤ ᠬᠦᠮᠤᠨ ᠢ ᠪᠠᠭᠤᠯᠭᠠᠭᠠᠤᠨ ᠤᠨᠤᠭ᠎ᠠ ᠶᠢ ᠨᠢ ᠤᠶᠠᠵᠤ ᠦᠭᠬᠦ ᠵᠠᠷᠭᠡ ᠪᠤᠯ ᠪᠦᠷ ᠢᠷᠡᠭᠰᠠᠨ ᠭᠡᠶᠢᠴᠢᠨ ᠢ | ᠬᠦᠡᠳᠤᠤᠠᠭᠡᠵᠤ ᠪᠠᠶᠢᠭ᠎ᠠ ᠤᠴᠢᠷ ᠪᠤᠯᠤᠨ᠎ᠠ᠃ ᠢᠷᠡᠭᠰᠠᠨ ᠭᠡᠶᠢᠴᠢᠨ ᠠᠷᠢᠬᠢ ᠲᠠᠭᠡᠵᠢ᠂ ᠪᠠᠯᠡᠭ ᠤᠨ ᠲᠠᠯᠢᠩ ᠢᠶᠠᠨ | ᠠᠪᠴᠤ᠂ ᠭᠡᠷ ᠤᠨ ᠡᠵᠠᠨ ᠠᠴᠠ ᠵᠠ︕ ᠭᠡᠷ ᠲᠤ ᠮᠤᠷᠢᠯᠠ ᠭᠡᠰᠠᠨ ᠶᠤᠰᠤᠭᠠᠷ ᠶᠠᠪᠤᠵᠤ ᠮᠤᠩᠭᠤᠯ ᠭᠡᠷ ᠤᠨ ᠡᠬᠦᠳᠠ | ᠬᠦᠷᠬᠦ ᠳᠤ ᠠᠶᠢᠯ ᠤᠨ ᠭᠡᠤᠭᠡᠤᠨ ᠪᠠᠭᠠᠴᠤᠤᠨ ᠪᠤᠶᠤ ᠭᠡᠷ ᠤᠨ ᠡᠵᠠᠨ ᠮᠤᠩᠭᠤᠯ ᠭᠡᠷ ᠤᠨ ᠢᠰᠠᠭᠡᠢ ᠡᠬᠦᠳᠠ ᠶᠢ | ᠡᠷᠬᠦᠵᠤ ᠭᠡᠶᠢᠴᠢᠨ ᠢᠶᠠᠨ ᠵᠠᠯᠠᠨ ᠤᠷᠤᠭᠤᠯᠳᠠᠭ᠃ ᠭᠡᠶᠢᠴᠢᠨ ᠭᠡᠷ ᠲᠤ ᠤᠷᠤᠭᠠᠤᠨ ᠭᠡᠷᠪᠠ ᠬᠦᠭᠰᠢᠨ ᠠᠬᠠᠮᠠᠤᠨ | ᠬᠦᠮᠤᠨ ᠰᠠᠭᠤᠵᠤ ᠪᠠᠶᠢᠪᠠᠯ ᠤᠷᠢᠤᠨ ᠢᠶᠠᠷ ᠰᠠᠯᠧᠮ ᠬᠢᠵᠤ ᠶᠤᠰᠤᠯᠠᠭᠠᠤᠨ ᠬᠦᠬᠦᠤᠷ ᠢᠶᠠᠨ ᠭᠠᠷᠭᠠᠵᠤ ᠠᠶᠢᠯ ᠤᠨ | ᠬᠦᠮᠤᠰ ᠲᠠᠢ ᠲᠠᠮᠠᠬᠢᠯᠠᠵᠤ ᠪᠠᠷᠠᠭᠠᠤᠨ ᠰᠠᠶ᠋ᠢ ᠭᠡᠷ ᠤᠨ ᠪᠠᠷᠠᠭᠤᠨ ᠲᠠᠯ᠎ᠠ ᠪᠠᠷ ᠰᠠᠭᠤᠴᠠᠭᠠᠳᠠᠭ᠃ ᠲᠠᠮᠠᠬᠢᠯᠠᠬᠤ | ᠦᠶ᠎ᠠ ᠳᠤ ᠰᠠᠶᠢᠨ ᠰᠢᠨᠠᠯᠠᠪᠠᠤ︖ ᠰᠢᠨ᠎ᠠ ᠴᠠᠭ᠎ᠠ ᠰᠠᠶᠢᠨ︖ ᠮᠠᠯ ᠰᠦᠷᠥᠭ ᠰᠠᠶᠢᠨ︖ ᠭᠡᠬᠦ ᠮᠠᠳᠤ ᠪᠠᠯᠭᠡ ᠲᠠᠢ | ᠦᠭᠡ ᠭᠡᠯᠠᠵᠤ ᠮᠠᠡᠳᠤᠴᠢᠯᠠᠳᠡᠭ᠃ ᠦᠶ᠎ᠠ ᠶᠢᠨ ᠬᠦᠮᠤᠰ᠂ ᠬᠦᠭᠰᠢᠨ ᠬᠤᠭᠤᠷᠤᠡᠳᠤ ᠪᠠᠨ ᠨᠠᠭᠠᠳᠤᠮ ᠱᠤᠭ ᠭᠠᠷᠭᠠᠵᠤ | ᠪᠤᠤ ᠶᠢᠨ ᠲᠠᠭᠤ ᠰᠠᠶᠢᠨ᠂ ᠪᠤᠽᠢ ᠶᠢᠨ ᠠᠮᠳᠠ ᠰᠠᠶᠢᠨ︖ ᠲᠠᠪᠬᠤᠷ ᠨᠢᠳᠤᠯᠠᠵᠤ ᠲᠠᠷᠢ ᠪᠠᠷ ᠭᠡᠭᠡᠷᠠᠪᠠᠤ︖ ᠰᠢᠷ᠎ᠠ | ᠮᠠᠩᠭᠠᠷ ᠰᠠᠶᠢᠨ᠂ ᠰᠢᠷᠬ᠎ᠠ ᠰᠤᠷᠪᠢ ᠰᠠᠶᠢᠨ︖ ᠭᠡᠵᠤ ᠶᠡᠭᠡ ᠬᠦᠭᠡᠷᠤᠯᠳᠤᠨ ᠢᠨᠢᠶᠠᠳᠤᠮ ᠬᠢᠳᠡᠭ᠃ | ᠭᠡᠷ ᠤᠨ ᠡᠵᠠᠨ ᠭᠡᠶᠢᠴᠢᠨ ᠤ ᠡᠮᠤᠨ᠎ᠠ ᠰᠢᠷᠠᠭᠡᠨ ᠲᠠᠭᠡᠷ᠎ᠠ ᠲᠠᠪᠠᠭ ᠲᠠᠢ ᠪᠤᠭᠤᠷᠰᠤᠬ᠂ ᠴᠠᠭᠠᠨ ᠢᠳᠠᠭᠡᠨ ᠤ | ᠵᠦᠢᠯ ᠤᠳ ᠢᠶᠠᠨ ᠲᠠᠯᠪᠢᠵᠤ ᠴᠠᠢ ᠵᠠᠰᠠᠨ᠎ᠠ᠃ ᠭᠡᠶᠢᠴᠢᠨ ᠠᠶᠠᠭ᠎ᠠ ᠲᠠᠢ ᠴᠠᠢ ᠶᠢ ᠠᠪᠤᠭᠠᠤᠨ ᠤᠷᠢᠤᠨ ᠢᠶᠠᠷ ᠰᠢᠷᠠᠭᠡᠨ | ᠲᠠᠭᠡᠷ᠎ᠠ ᠨᠢ ᠲᠠᠯᠪᠢᠨ᠎ᠠ᠃ ᠢᠷᠡᠭᠰᠠᠨ ᠭᠡᠶᠢᠴᠢᠨ ᠪᠦᠬᠦᠳᠠ ᠳᠤ ᠴᠠᠢ ᠵᠠᠰᠠᠵᠤ ᠪᠠᠷᠠᠭᠠᠤᠨ ᠭᠡᠷ ᠤᠨ ᠡᠵᠠᠨ ᠠᠴᠠ ᠵᠠ︕ | ᠲᠠᠶᠠᠭᠠᠷ ᠴᠠᠢ ᠵᠤᠭᠤᠭᠯᠨ︕ ᠭᠡᠵᠤ ᠶᠠᠩ ᠬᠢᠬᠦ ᠳᠤ ᠢᠷᠡᠭᠰᠠᠨ ᠭᠡᠶᠢᠴᠢᠨ ᠠᠴᠠ ᠵᠠ︕ ᠲᠠᠶᠠᠭᠠᠷ ᠴᠠᠢ ᠵᠤᠭᠤᠭᠯᠨ | ᠭᠡᠵᠤ ᠬᠠᠷᠢᠭᠤ ᠶᠠᠩ ᠬᠢᠭᠡᠤᠨ ᠠᠶᠠᠭ᠎ᠠ ᠲᠠᠢ ᠴᠠᠢ ᠪᠠᠨ ᠠᠪᠴᠤ ᠤᠤᠭᠤᠨ᠎ᠠ᠃ ᠡᠨᠡ ᠲᠤᠮᠳᠠ ᠠᠶᠢᠯ ᠤᠨ ᠬᠦᠮᠤᠨ | ᠠᠯᠢ᠂ ᠴᠠᠢ ᠨᠠᠮᠠᠶ᠎ᠠ ᠭᠡᠵᠤ ᠤᠯᠠᠠᠳᠠ ᠶᠠᠩᠨᠠᠳᠠᠭ ᠶᠤᠮ᠃ ᠴᠠᠢ ᠪᠠᠨ ᠤᠤᠭᠤᠵᠤ ᠪᠠᠷᠠᠭᠠᠤᠨ ᠠᠶᠠᠭ᠎ᠠ ᠪᠠ ᠲᠠᠪᠠᠭ ᠲᠠᠢ | ᠪᠤᠭᠤᠷᠰᠤᠭ ᠴᠠᠭᠠᠨ ᠢᠳᠠᠭᠡᠨ ᠤ ᠵᠦᠢᠯ ᠤᠳ ᠲᠠᠭᠡᠭᠰᠢᠯᠠᠬᠦᠯᠤᠨ ᠠᠪᠴᠤ ᠭᠡᠷ ᠤᠨ ᠡᠵᠠᠨ ᠳᠤ ᠦᠭᠬᠦᠨ᠎ᠠ᠃ | ᠴᠢᠩᠬᠢᠭᠡᠤᠨ ᠢᠷᠡᠭᠰᠠᠨ ᠭᠡᠶᠢᠴᠢᠨ ᠯᠤᠩᠬᠤ ᠲᠠᠢ ᠠᠷᠢᠬᠢ ᠪᠠᠨ ᠭᠠᠷᠭᠠᠵᠤ ︵ᠵᠠᠷᠢᠮ ᠨᠢ ᠴᠠᠢ ᠤᠤᠭᠤᠬᠤ ᠠᠴᠠ ᠡᠮᠤᠨ᠎ᠠ | ᠭᠠᠷᠭᠠᠵᠤ ᠲᠠᠯᠪᠢᠳᠠᠭ ᠴᠤ ᠪᠤᠢ︶ ᠭᠡᠷ ᠤᠨ ᠡᠵᠠᠨ ᠳᠤ ᠵᠠ︕ ᠲᠠ ᠬᠤᠤ ᠬᠤᠨᠳᠠᠭ᠎ᠠ ᠪᠠᠨ ᠬᠠᠶᠢᠷᠠᠯᠨ ᠭᠡᠬᠦ ᠳᠤ | ᠬᠤᠤ ᠬᠤᠨᠳᠠᠭ᠎ᠠ ᠪᠠᠨ ᠦᠭᠳᠡᠭ᠃ ᠭᠡᠶᠢᠴᠢᠨ ᠬᠦᠮᠤᠨ ᠦᠪᠠᠷ ᠤᠨ ᠯᠤᠩᠬᠤ ᠲᠠᠢ ᠠᠷᠢᠬᠢ ᠠᠴᠠ ᠪᠠᠨ ᠠᠶᠢᠯ ᠤᠨ | ᠠᠷᠢᠬᠢᠨ ᠬᠤᠤ ᠳᠤ ᠪᠢᠴᠢᠬᠠᠨ ᠬᠢᠵᠤ᠂ ᠬᠤᠨᠳᠠᠭ᠎ᠠ ᠲᠦᠬᠦᠷᠭᠡᠭᠡᠤᠨ ᠭᠠᠯ᠂ ᠲᠡᠭᠷᠢ ᠦᠭᠡᠳᠠ ᠰᠠᠴᠤᠨ ᠠᠶᠢᠯ ᠤᠨ | ᠠᠬ᠎ᠠ ᠶᠠᠭᠡᠰ ᠠᠴᠠ ᠡᠬᠢᠯᠠᠨ ᠲᠠᠰ ᠲᠠᠷᠠᠭᠠᠯᠠᠯ ᠬᠦᠮᠤᠨ ᠪᠦᠬᠦᠨ ᠳᠤ ᠬᠤᠶᠠᠷ ᠬᠤᠨᠳᠠᠭ᠎ᠠ ᠠᠷᠢᠬᠢ ᠪᠠᠷᠢᠨ᠎ᠠ᠃ | ᠢᠷᠡᠭᠰᠠᠨ ᠭᠡᠶᠢᠴᠢᠨ ᠲᠠᠶᠠᠭᠠᠷ ᠠᠶᠢᠯ ᠤᠨ ᠬᠦᠮᠤᠰ ᠪᠦᠬᠦᠨ ᠳᠤ ᠪᠠᠷᠢᠵᠤ ᠪᠠᠷᠠᠭᠠᠤᠨ ᠬᠠᠳᠠᠭ ᠢᠶᠠᠨ ᠭᠠᠷᠭᠠᠵᠤ ᠠᠷᠢᠬᠢ | ᠪᠠᠷᠢᠭᠰᠠᠨ ᠶᠤᠰᠤᠭᠠᠷ ᠪᠦᠬᠦᠳᠠ ᠳᠤᠨᠢ ᠬᠠᠳᠠᠭ ᠪᠠᠷᠢᠨ᠎ᠠ᠃ ᠭᠡᠷᠪᠠ ᠭᠡᠨ ᠬᠦᠮᠤᠨ ᠳᠤ ᠪᠡᠯᠡᠭ ᠲᠠᠢ ᠪᠤᠯ ᠬᠠᠳᠠᠭ | ᠲᠠᠭᠡᠷ᠎ᠠ ᠪᠠᠨ ᠲᠠᠯᠪᠢᠭᠠᠤᠨ ᠲᠤᠮᠳᠠ ᠬᠦᠮᠤᠨ ᠳᠡᠭᠡᠨ ᠪᠠᠷᠢᠨ᠎ᠠ᠃ ᠬᠠᠳᠠᠭ ᠪᠠᠷᠢᠬᠤ ᠶᠤᠰᠤᠨ ᠪᠤᠯ ᠬᠠᠳᠠᠭ ᠤᠨ ᠠᠮᠨ ᠶᠢ | ᠵᠠᠪᠠᠯ ᠦᠭᠬᠦ ᠬᠦᠮᠤᠨ ᠦᠭᠡᠳᠠ ᠬᠠᠨᠳᠤᠭᠤᠯᠵᠤ ᠬᠤᠶᠠᠷ ᠭᠠᠷ ᠢᠶᠠᠷ ᠢᠶᠠᠨ ᠪᠠᠷᠢᠨ᠎ᠠ᠃ ᠬᠦᠯᠢᠶᠠᠨ ᠠᠪᠤᠭᠰᠠᠨ ᠬᠦᠮᠤᠨ | ᠮᠦᠨ ᠠᠳᠠᠯᠢ ᠪᠠᠷ ᠬᠤᠶᠠᠷ ᠭᠠᠷ ᠢᠶᠠᠷ ᠢᠶᠠᠨ ᠲᠤᠰᠴᠤ ᠠᠪᠤᠭᠠᠤᠨ ᠪᠠᠯᠡᠭ ᠢ ᠨᠢ ᠦᠯᠠᠳᠠᠭᠡᠨ᠂ ᠬᠠᠳᠠᠭ ᠤᠨ ᠠᠮᠠ ᠶᠢ | ᠡᠷᠬᠢᠬᠦᠯᠵᠤ ᠪᠤᠴᠠᠭᠠᠵᠤ ᠦᠭᠬᠦ ᠬᠦᠮᠤᠨ ᠦᠭᠡᠳᠠ ᠬᠠᠨᠳᠤᠭᠤᠯᠤᠭᠠᠤᠨ ᠬᠤᠶᠠᠷ ᠭᠠᠷ ᠢᠶᠠᠷ ᠢᠶᠠᠨ ᠪᠤᠴᠠᠭᠠᠨ ᠪᠠᠷᠢᠳᠠᠭ᠃ | ᠡᠨᠡ ᠪᠤᠯ ᠡᠩ ᠤᠨ ᠰᠢᠨᠠᠯᠠᠬᠦ ᠶᠤᠰᠤ ᠪᠤᠯᠤᠨ᠎ᠠ᠃ ᠬᠠᠳᠠᠭ ᠪᠠᠷᠢᠵᠤ ᠪᠠᠷᠠᠭᠠᠤᠨ ᠭᠡᠶᠢᠴᠢᠨ ᠰᠠᠭᠤᠴᠠᠭᠠᠵᠤ ᠪᠠᠯᠭᠡ | ᠲᠠᠮᠪᠠᠷᠢᠯ ᠲᠠᠢ ᠠᠯᠠᠱᠠ ᠨᠠᠶᠢᠷ ᠤᠨ ᠲᠠᠭᠤᠤ ᠠᠴᠠ ᠭᠤᠷᠪᠠᠨ ᠲᠠᠭᠤᠤ ᠲᠠᠭᠤᠯᠠᠵᠤ ᠪᠠᠷᠠᠭᠰᠠᠨ ᠬᠤᠶᠢᠨ᠎ᠠ ᠠᠶᠢᠯ ᠤᠨ | ᠬᠦᠮᠤᠨ ᠲᠠᠬᠢᠨ ᠵᠤᠷᠢᠭ ᠴᠠᠢ ᠬᠢᠵᠤ ᠵᠠᠰᠠᠳᠠᠭ᠃ ᠡᠨᠡ ᠴᠠᠢ ᠶᠢ ᠤᠤᠭᠤᠵᠤ ᠪᠠᠷᠠᠭᠰᠠᠨ ᠬᠤᠶᠢᠨ᠎ᠠ ᠲᠠᠭᠡᠵᠢ | ᠲᠠᠭᠡᠭᠰᠢᠯᠠᠬᠦᠯᠤᠨ᠎ᠠ ᠭᠡᠵᠤ ᠵᠠᠰᠠᠭᠰᠠᠨ ᠲᠠᠭᠡᠵᠢ ᠶᠢᠨ ᠯᠤᠩᠬᠤ ᠲᠠᠢ ᠠᠷᠢᠬᠢ ᠪᠠᠨ ᠭᠡᠷ ᠤᠨ ᠡᠵᠠᠨ ᠳᠤ ᠲᠤᠰᠢᠶᠠᠨ | ᠦᠭᠳᠡᠭ᠃ ᠠᠶᠢᠯ ᠤᠨ ᠬᠦᠮᠤᠨ ᠡᠨᠡ ᠲᠠᠭᠡᠵᠢ ᠶᠢᠨ ᠠᠷᠢᠬᠢ ᠶᠢ ᠠᠪᠤᠭᠠᠤᠨ ᠠᠷᠢᠬᠢ ᠶᠢ ᠨᠢ ᠶᠠᠬᠦᠯᠠᠭᠡᠤᠨ ᠯᠤᠩᠬᠤᠨ | ᠠᠮᠠᠰᠠᠷ ᠢ ᠴᠢᠪᠠᠭ᠎ᠠ ᠪᠠᠷ ᠪᠦᠭᠯᠠᠭᠡᠤᠨ ᠡᠵᠠᠨ ᠳᠤᠨᠢ ᠪᠤᠴᠠᠭᠠᠨ ᠦᠭᠳᠡᠭ᠃ ᠲᠠᠷᠨ ᠦᠶ᠎ᠠ ᠳᠤ ᠠᠶᠢᠯ ᠳᠤ ᠰᠢᠨᠠᠯᠠᠵᠤ | ᠤᠴᠢᠬᠤ ᠳᠤ ᠪᠦᠷ ᠨᠢᠭᠡ ᠵᠢᠩ ᠤᠨ ᠯᠤᠩᠬᠤᠨ ᠳᠤ ᠠᠷᠢᠬᠢ ᠰᠠᠪᠠᠯᠠᠭᠠᠤᠨ ᠭᠠᠷᠭᠠᠳᠠᠭ᠂ ᠭᠡᠷᠪᠠ ᠦᠷᠬᠦᠯᠵᠢᠯᠠᠨ | ᠤᠯᠠᠨ ᠠᠶᠢᠯ ᠳᠤ ᠠᠶᠢᠯᠴᠢᠯᠠᠬᠤ ᠪᠤᠯ ᠠᠷᠢᠬᠢᠨ ᠪᠤᠷᠪᠢ ᠳᠠᠭᠠᠨ ᠠᠷᠢᠬᠢ ᠰᠠᠪᠠᠯᠨᠨ ᠠᠪᠴᠤ ᠲᠠᠷᠨ ᠠᠶᠢᠯ ᠳᠤ | ᠯᠤᠩᠬᠤ ᠪᠠᠨ ᠲᠦᠬᠦᠷᠭᠡᠨ ᠠᠪᠤᠭᠠᠤᠨ ᠲᠠᠷᠠᠭ᠎ᠠ ᠠᠶᠢᠯ ᠳᠤ ᠲᠠᠭᠡᠵᠢ ᠲᠠᠯᠪᠢᠳᠠᠭ ᠪᠠᠶᠢᠪᠠ᠃ ᠠᠷᠢᠬᠢ ᠠᠷᠪᠢᠨ ᠠᠪᠴᠤ | ᠶᠠᠪᠤᠬᠤ ᠨᠢ ᠲᠦᠪᠡᠭ ᠢ ᠭᠡᠯᠠᠬᠦ ᠦᠭᠡᠢ᠂ ᠠᠷᠢᠬᠢ ᠬᠤᠪᠤᠷ ᠴᠠᠬ ᠲᠤ ᠵᠠᠮ ᠵᠠᠭᠤᠷ᠎ᠠ ᠪᠠᠨ ᠠᠰᠬᠠᠵᠤ ᠭᠤᠭᠤᠵᠢᠭᠤᠯᠤᠨ | ᠪᠦᠷᠢᠯᠭᠡᠳᠡᠭ ᠪᠤᠯᠬᠤᠷ ᠤᠯᠠᠨ ᠢᠶᠠᠷ ᠢᠶᠠᠨ ᠶᠠᠷᠢᠯᠴᠠᠵᠤ ᠵᠦᠪᠳᠠᠭᠡᠤᠨ ᠨᠢᠭᠡ ᠯᠤᠩᠬᠤ ᠠᠷᠢᠬᠢ ᠠᠪᠴᠤ ᠡᠨᠡ ᠠᠶᠢᠯ ᠳᠤ | ᠭᠠᠷᠭᠠᠭᠰᠠᠨ ᠪᠤᠯ ᠡᠨᠡ ᠠᠶᠢᠯ ᠠᠴᠠ ᠯᠤᠩᠬᠤ ᠶᠢ ᠨᠢ ᠲᠦᠬᠦᠷᠭᠡᠵᠤ ᠦᠭᠬᠦᠭᠡᠤᠨ ᠨᠦᠬᠦᠭᠡ ᠠᠶᠢᠯ ᠳᠤ ᠲᠠᠭᠡᠵᠢ | ᠲᠠᠯᠪᠢᠳᠠᠭ᠂ ᠲᠠᠬᠢᠨ ᠲᠠᠷᠨ ᠠᠶᠢᠯ ᠠᠴᠠ ᠯᠤᠩᠬᠤ ᠶᠢ ᠨᠢ ᠲᠦᠬᠦᠷᠭᠡᠵᠤ ᠦᠭᠬᠦ ᠪᠠᠷ ᠲᠤᠠᠠᠳᠠᠭᠠᠤᠨ ᠭᠡᠴᠢᠨᠠᠨ | ᠠᠶᠢᠯ ᠳᠤ ᠠᠶᠢᠯᠴᠢᠯᠠᠭᠰᠠᠨ ᠴᠤ ᠨᠢᠭᠡ ᠯᠤᠩᠬᠤ ᠠᠷᠢᠬᠢ ᠲᠠᠢ ᠪᠤᠯ ᠪᠦᠷ ᠪᠤᠯᠴᠢᠬᠠᠨ᠎ᠠ᠃ ᠡᠨᠡ ᠨᠢ ᠪᠤᠳᠠᠳᠠᠢ ᠠᠴᠠ | ᠡᠬᠦᠰᠤᠨ ᠪᠦᠷᠢᠯᠭᠡᠬᠦ ᠶᠢ ᠬᠢᠴᠢᠶᠠᠨ᠂ ᠤᠯᠠᠨ ᠪᠦᠬᠦᠳᠠ ᠳᠤ ᠴᠦᠮ ᠲᠦᠬᠦᠮ ᠪᠤᠯᠤᠭᠰᠠᠨ ᠶᠤᠮ᠃ | ᠠᠶᠢᠯ ᠠᠶᠢᠮᠠᠭ ᠤᠨ ᠠᠬ᠎ᠠ ᠲᠠᠬᠦᠤ ᠲᠦᠷᠤᠯ ᠪᠦᠷᠢ ᠢᠷᠠᠭᠡᠤᠨ ᠲᠠᠭᠡᠷᠠᠬᠢ ᠶᠤᠰᠤ ᠶᠢ ᠬᠦᠢᠴᠠᠤᠠᠭᠡᠵᠤ ᠪᠠᠷᠠᠭᠰᠠᠨ | ᠬᠤᠶᠢᠨ᠎ᠠ ᠭᠡᠷ ᠤᠨ ᠡᠵᠠᠨ ᠪᠦᠬᠦ ᠭᠡᠶᠢᠴᠢᠨ ᠢᠶᠠᠨ ᠨᠠᠶᠢᠷ ᠤᠨ ᠭᠡᠷ ᠲᠤ ᠵᠠᠯᠠᠨ ᠰᠠᠭᠤᠯᠭᠠᠵᠤ ᠤᠷᠢᠤᠨ ᠢᠶᠠᠷ ᠴᠠᠢ | ᠵᠠᠰᠠᠵᠤ᠂ ᠲᠠᠶᠠᠭᠠᠷ ᠤᠤᠭᠤᠵᠤ ᠪᠠᠷᠠᠭᠰᠠᠨ ᠬᠤᠶᠢᠨ᠎ᠠ ᠢᠷᠠᠬᠦᠯᠦᠭᠰᠠᠨ ᠠᠶᠢᠯ ᠰᠦᠡᠭ ︵ᠠᠷᠢᠬᠢ︶ ᠢᠶᠠᠨ ᠭᠠᠷᠭᠠᠵᠤ᠂ | ᠲᠠᠪᠠᠭ ᠲᠠᠢ ᠵᠢᠮᠢᠰ ᠢ ᠭᠡᠶᠢᠴᠢᠨ ᠤ ᠡᠮᠤᠨ᠎ᠠ ᠰᠢᠷᠠᠭᠡᠨ ᠲᠠᠭᠡᠷ᠎ᠠ ᠲᠠᠯᠪᠢᠵᠤ᠂ ᠬᠠᠷᠢᠭᠤ ᠲᠠᠭᠡᠵᠢ ᠭᠡᠵᠤ ᠢᠷᠡᠭᠰᠠᠨ | ᠭᠡᠶᠢᠴᠢᠨ ᠳᠤ ᠪᠦᠷ ᠨᠢᠭᠡ ᠬᠦᠮᠤᠨ ᠤ ᠬᠤᠶᠠᠷ ᠬᠤᠨᠳᠠᠭ᠎ᠠ ᠠᠷᠢᠬᠢ ᠪᠠᠷᠢᠵᠤ ᠨᠠᠶᠢᠷ ᠤᠨ ᠭᠤᠷᠪᠠᠨ ᠲᠠᠭᠤᠤ ᠲᠠᠭᠤᠯᠠᠨ᠎ᠠ | ᠃ | ᠬᠠᠷᠢᠭᠤ ᠲᠠᠭᠡᠵᠢ ᠶᠢᠨ ᠲᠠᠷᠠᠭ᠎ᠠ ᠭᠡᠶᠢᠴᠢᠨ ᠳᠡᠭᠡᠨ ᠪᠤᠳᠠᠭ᠎ᠠ ᠵᠠᠰᠠᠨ᠎ᠠ᠃ ᠲᠠᠷᠨ ᠦᠶ᠎ᠠ ᠳᠤ ᠪᠠᠷᠤᠭ ᠪᠠᠩᠰᠢ᠂ | ᠲᠤᠳᠤᠷᠭ᠎ᠠ᠂ ᠭᠤᠸ᠋ᠮᠢᠶᠠᠨ᠂ ᠬᠤᠯᠢᠭᠰᠠᠨ ᠬᠤᠯᠢᠮᠠᠭ ᠪᠤᠳᠠᠭ᠎ᠠ ᠪᠠᠶᠢᠳᠠᠭ᠂ ᠵᠠᠷᠢᠮ ᠠᠶᠢᠯ ᠴᠠᠭᠠᠨ ᠨᠤᠭᠤᠭ᠎ᠠ᠂ | ᠹᠸᠠᠲ᠋ᠢᠶᠤᠤᠷ᠂ ᠮᠢᠬ᠎ᠠ ᠲᠠᠢ ᠬᠤᠯᠢᠵᠤ ᠪᠤᠯᠭᠤᠭᠠᠭᠰᠠᠨ ᠱᠦᠯᠤ ᠲᠠᠢ ᠨᠤᠭᠤᠭ᠎ᠠ ᠬᠢᠵᠤ᠂ ᠲᠤᠳᠤᠷᠭ᠎ᠠ ᠶᠢ ᠱᠦᠬᠦᠵᠤ | ᠵᠢᠩᠨᠡᠭᠰᠠᠨ ᠰᠬᠠᠰᠠᠢ ᠪᠤᠳᠠᠭ᠎ᠠ ᠪᠠᠷ ᠵᠤᠴᠢᠯᠠᠬᠤ ᠴᠤ ᠪᠤᠢ᠃ ᠪᠤᠳᠠᠭᠠᠯᠠᠵᠤ ᠪᠠᠷᠠᠭᠠᠤᠨ ᠭᠡᠷ ᠤᠨ ᠡᠵᠠᠨ ᠠᠴᠠ ᠡᠬᠢᠯᠠᠵᠤ | ᠤᠯᠠᠨ ᠳᠤ ᠠᠷᠢᠬᠢ ᠪᠠᠷᠢᠭᠠᠤᠨ ᠲᠠᠭᠤᠤ ᠡᠬᠢᠯᠠᠳᠡᠭ᠃ ᠡᠨᠡ ᠦᠶ᠎ᠠ ᠳᠤ ᠢᠷᠡᠭᠰᠠᠨ ᠪᠠ ᠢᠷᠠᠬᠦᠯᠦᠭᠰᠠᠨ ᠬᠠᠮᠢᠭ᠎ᠠ | ᠦᠭᠡᠢ᠂ ᠭᠡᠨ ᠲᠠᠭᠤᠤ ᠡᠬᠢᠯᠠᠪᠠᠯ ᠲᠠᠶᠠᠭᠠᠷ ᠲᠠᠭᠤᠯᠠᠵᠤ᠂ ᠨᠢᠭᠡ ᠲᠠᠭᠤᠤ ᠪᠠᠷᠠᠪᠠᠯ ᠪᠠᠰᠠ ᠨᠢᠭᠡ ᠲᠠᠭᠤᠤ ᠡᠬᠢᠯᠠᠵᠤ᠂ | ᠪᠠᠭ᠎ᠠ ᠳᠠᠭᠠᠨ ᠬᠤᠶᠠᠷ ᠭᠤᠷᠪᠠᠨ ᠴᠠᠬ ᠠᠴᠠ ᠲᠠᠪᠤ ᠵᠢᠷᠭᠤᠭᠠᠨ ᠴᠠᠬ ᠤᠨ ᠨᠠᠶᠢᠷ ᠴᠠᠩᠭᠡᠯᠭᠡ ᠬᠢᠳᠡᠭ᠃ ᠭᠡᠷᠪᠠ ᠡᠨᠡ | ᠠᠶᠢᠯ ᠤᠨ ᠨᠠᠶᠢᠷ ᠤᠷᠤᠢ ᠲᠠᠭᠠᠷᠠᠭᠰᠠᠨ ᠪᠤᠯ ᠨᠢᠭᠡ ᠰᠦᠨᠢ ᠶᠢᠨ ᠨᠠᠶᠢᠷ ᠪᠤᠯᠳᠠᠭ ᠶᠤᠮ᠃ ᠬᠠᠮᠤᠭ ᠰᠠᠬᠦᠯ ᠳᠤ | ᠤᠭᠤᠴᠠ ᠲᠠᠯᠪᠢᠵᠤ ᠵᠤᠴᠢᠯᠠᠭᠠᠤᠨ᠂ ᠱᠦᠯᠤ ᠲᠠᠢ ᠰᠢᠩᠭᠡᠨ ᠪᠤᠳᠠᠭ᠎ᠠ ᠢᠳᠠᠭᠡᠤᠨ ᠡᠨᠡ ᠠᠶᠢᠯ ᠤᠨ ᠭᠡᠶᠢᠴᠢᠨ | ᠲᠠᠷᠬᠠᠳᠠᠭ᠃ ᠢᠷᠡᠭᠰᠠᠨ ᠭᠡᠶᠢᠴᠢᠨ ᠠᠷᠪᠢᠨ᠂ ᠤᠯᠠᠨ ᠤᠭᠤᠴᠠ ᠲᠠᠯᠪᠢᠬᠤ ᠳᠤ ᠬᠦᠷᠪᠠᠯ ᠢᠮᠠᠭᠠᠨ ᠤᠭᠤᠴᠠ ᠶᠢ ᠴᠤ | ᠤᠷᠤᠯᠴᠠᠭᠤᠯᠵᠤ ᠲᠠᠯᠪᠢᠳᠠᠭ ᠪᠠᠶᠢᠪᠠ᠃ ᠡᠨᠡ ᠨᠢ ᠲᠠᠷᠨ ᠦᠶ᠎ᠠ ᠳᠤ ᠬᠤᠨᠢ ᠴᠦᠭᠡᠨ ᠤᠭᠤᠴᠠ ᠬᠦᠷᠤᠯᠴᠠᠬᠦ ᠦᠭᠡᠢ | ᠪᠠᠶᠢᠳᠠᠯ ᠲᠤᠤᠷ᠎ᠠ ᠢᠮᠠᠭᠠᠨ ᠤᠭᠤᠴᠠ ᠴᠤ ᠭᠡᠷᠡᠭᠯᠠᠳᠡᠭ ᠪᠠᠶᠢᠭᠰᠠᠨ ᠶᠤᠮ᠃ ᠵᠠᠷᠢᠮ ᠦᠶᠠᠰ ᠭᠡᠨᠠᠤᠡᠳᠠ ᠬᠤᠶᠠᠷ | ᠭᠤᠷᠪᠠᠨ ᠬᠦᠮᠤᠨ ᠰᠢᠨᠠᠯᠠᠵᠤ ᠢᠷᠠᠪᠠᠯ ᠮᠠᠯ ᠤᠨ ᠨᠢᠭᠡ ᠬᠠ ︵ᠡᠮᠤᠨ᠎ᠠ ᠬᠦᠯ︶ ᠴᠢᠨᠠᠵᠤ ᠵᠤᠴᠢᠯᠠᠳᠠᠭ ᠤᠴᠢᠷ ᠴᠤ | ᠪᠤᠢ᠃ ᠠᠶᠢᠯ ᠤᠨ ᠭᠡᠶᠢᠴᠢᠨ ᠲᠠᠷᠬᠠᠬᠤ ᠶᠢᠨ ᠵᠠᠷᠭᠡ ᠢᠷᠡᠭᠰᠠᠨ ᠠᠶᠢᠯ ᠤᠨ ᠬᠦᠮᠤᠰ ᠬᠦᠬᠦᠤᠷ ᠭᠠᠷᠭᠠᠵᠤ ᠡᠯ᠎ᠠ ᠠᠶᠢᠯ | ᠡᠷᠤᠭᠡ ᠰᠢᠨ᠎ᠠ ᠶᠢᠨ ᠴᠠᠢ ᠭᠡᠵᠢᠶ᠎ᠠ ᠶᠢ ᠭᠡᠵᠢᠶ᠎ᠠ ᠬᠢᠬᠦ ᠪᠠᠨ ᠭᠡᠯᠠᠵᠤ ᠬᠠᠷᠢᠯᠴᠠᠨ ᠵᠠᠯᠠᠯᠭ᠎ᠠ ᠲᠠᠯᠪᠢᠳᠠᠭ᠂ ᠴᠢᠩᠬᠢᠭᠡᠤᠨ | ᠲᠠᠷᠨ ᠴᠠᠬ ᠲᠤᠨᠢ ᠲᠠᠷᠨ ᠠᠶᠢᠯ ᠤᠨ ᠰᠢᠨ᠎ᠠ ᠶᠢᠨ ᠴᠠᠢ ᠳᠤ ᠠᠶᠢᠯᠴᠢᠯᠠᠵᠤ ᠤᠴᠢᠳᠠᠭ ᠶᠤᠮ᠃ | ᠭᠤᠷᠪᠠ᠃ ᠵᠤᠯᠭᠠᠯᠳᠠ ᠶᠢᠨ ᠲᠠᠭᠡᠵᠢ | ᠤᠢᠢᠷ᠎ᠠ ᠲᠦᠷᠤᠯ ᠰᠠᠳᠤᠨ᠂ ᠠᠬ᠎ᠠ ᠶᠠᠭᠡᠰ ᠲᠡᠭᠡᠨ ᠤᠳᠠᠭᠠᠨ ᠵᠢᠯ ︵ᠭᠤᠷᠪᠠᠨ ᠵᠢᠯ ᠠᠴᠠ ᠲᠠᠭᠡᠭᠰᠢ︶ | ᠶᠠᠪᠤᠯᠴᠠᠭᠰᠠᠨ ᠦᠭᠡᠢ ᠪᠤᠯ᠂ ᠡᠨᠡ ᠵᠢᠯ ᠰᠢᠨᠠᠯᠠᠵᠤ ᠤᠴᠢᠬᠤ ᠳᠤ ᠵᠤᠯᠭᠠᠯᠳᠠ ᠶᠢᠨ ᠲᠠᠭᠡᠵᠢ ᠭᠡᠵᠤ ᠨᠢᠭᠡ ᠭᠡᠪ ᠤᠨ | ᠴᠠᠢ᠂ ᠬᠤᠶᠠᠷ ᠪᠤᠭᠤᠳᠠᠯ ᠪᠠᠭᠴᠠ᠂ ᠨᠢᠭᠡ ᠯᠤᠩᠬᠤ ᠠᠷᠢᠬᠢ ᠲᠠᠢ ᠤᠴᠢᠵᠤ ᠰᠢᠨᠠᠯᠠᠳᠡᠭ ᠶᠤᠰᠤᠳᠠᠢ᠃ ᠪᠠᠭᠴᠠ | ᠭᠡᠳᠡᠭ ᠨᠢ ᠨᠢᠭᠡ ᠪᠤᠭᠤᠳᠠᠯ ᠳᠤ ᠵᠢᠩ ᠬᠢᠷᠢᠳᠠᠢ ᠴᠢᠪᠠᠭ᠎ᠠ᠂ ᠶᠠᠩᠭᠠᠭ᠂ ᠡᠯᠵᠢᠭᠡᠨ ᠴᠢᠬᠢ᠂ ᠮᠦᠰᠤᠨ ᠰᠢᠬᠢᠷ | ᠮᠠᠳᠤ ᠶᠢ ᠴᠠᠭᠠᠨ ᠴᠠᠭᠠᠰᠤᠨ ᠳᠤ ᠪᠤᠭᠤᠵᠤ᠂ ᠲᠠᠭᠡᠷ᠎ᠠ ᠨᠢ ᠪᠠᠭ᠎ᠠ ᠰᠢᠬ ᠤᠷᠳᠤ ᠲᠦᠷᠪᠠᠯᠵᠢᠨ ᠤᠯᠠᠭᠠᠨ ᠴᠠᠭᠠᠰᠤ | ᠬᠠᠪᠴᠢᠭᠤᠯᠤᠭᠰᠠᠨ ᠪᠠᠶᠢᠳᠠᠭ᠃ ᠠᠶᠢᠯ ᠤᠨ ᠴᠠᠢ ᠤᠤᠭᠤᠵᠤ ᠪᠠᠷᠠᠭᠠᠤᠨ ᠠᠶᠠᠭ᠎ᠠ ᠪᠠᠨ ᠲᠠᠭᠡᠭᠰᠢᠯᠠᠬᠦᠯᠵᠤ ᠲᠠᠪᠠᠭ ᠲᠠᠢ | ᠪᠤᠭᠤᠷᠰᠤᠭ ᠢ ᠨᠢ ᠦᠯᠠᠳᠠᠭᠡᠵᠤ ᠲᠠᠭᠡᠷ᠎ᠠ ᠨᠢ ᠴᠠᠢ᠂ ᠬᠤᠶᠠᠷ ᠪᠠᠭᠴᠠ ᠪᠠᠨ ᠲᠠᠯᠪᠢᠭᠠᠤᠨ ᠲᠠᠭᠡᠵᠢ ᠪᠠᠨ ᠵᠠᠰᠠᠳᠠᠭ᠃ | ᠲᠠᠭᠡᠵᠢ ᠵᠠᠰᠠᠬᠤ ᠨᠢ ᠲᠠᠭᠡᠷᠠᠬᠢ ᠲᠠᠢ ᠠᠳᠠᠯᠢ ᠪᠠᠶᠢᠳᠠᠭ᠃ ᠲᠠᠭᠡᠵᠢ ᠪᠠᠨ ᠵᠠᠰᠠᠵᠤ ᠪᠠᠷᠠᠭᠠᠤᠨ ᠲᠠᠭᠡᠵᠢ ᠶᠢᠨ | ᠯᠤᠩᠬᠤ ᠲᠠᠢ ᠠᠷᠢᠬᠢ᠂ ᠵᠤᠯᠭᠠᠯᠳᠠ ᠶᠢᠨ ᠪᠠᠯᠡᠭ ᠢᠶᠠᠨ ᠲᠠᠪᠠᠭ ᠲᠠᠢ ᠪᠤᠭᠤᠷᠰᠤᠭ ᠢᠶᠠᠨ ᠬᠠᠮᠳᠤ ᠭᠡᠷ ᠤᠨ ᠡᠵᠠᠨ ᠳᠤ | ᠲᠠᠪᠰᠢᠬᠦᠯᠵᠤ ᠦᠭᠬᠦᠨ᠎ᠠ᠃ ᠭᠡᠷ ᠤᠨ ᠡᠵᠠᠨ ᠲᠤᠰᠴᠤ ᠠᠪᠤᠭᠠᠤᠨ ᠨᠢᠭᠡ ᠪᠠᠭᠴᠠ ᠶᠢ ᠨᠠᠭᠡᠭᠡᠵᠤ ᠤᠯᠠᠨ ᠳᠤ ᠨᠢᠭᠡ | ᠨᠢᠭᠡ ᠪᠠᠷ ᠪᠠᠷᠢᠬᠤ ᠳᠤ ᠬᠦᠮᠤᠨ ᠪᠦᠷᠢ ᠲᠠᠷᠨ ᠵᠢᠮᠢᠰ ᠠᠴᠠ ᠠᠪᠴᠤ ᠠᠮᠰᠠᠳᠠᠭ ᠶᠤᠰᠤᠳᠠᠢ᠃ ᠭᠡᠷ ᠤᠨ ᠡᠵᠠᠨ | ᠯᠤᠩᠬᠤ ᠲᠠᠢ ᠠᠷᠢᠬᠢ ᠶᠢ ᠨᠢ ᠶᠠᠬᠦᠯᠠᠵᠤ ᠠᠪᠤᠭᠠᠤᠨ ᠨᠢᠭᠡ ᠪᠤᠭᠤᠳᠠᠯ ᠪᠠᠭᠴᠠ ᠲᠠᠢ ᠬᠠᠮᠳᠤ ᠪᠤᠴᠠᠭᠠᠨ ᠦᠭᠳᠡᠭ ᠶᠤᠮ | ᠃ | ᠮᠤᠩᠭᠤᠯ ᠮᠦᠰᠯᠢᠮᠴᠤᠤᠨ ᠤᠨ ᠰᠢᠨᠠᠯᠠᠵᠤ ᠴᠠᠭᠠᠯᠠᠬᠤ ᠶᠢᠨ ᠶᠤᠰᠤᠨ ᠠᠯᠠᠱᠠ ᠮᠤᠩᠭᠤᠯᠴᠤᠤᠨ ᠲᠠᠢ | ᠦᠡᠳᠤᠰᠤᠨ ᠳᠡᠭᠡᠨ ᠠᠳᠠᠯᠢ ᠪᠠᠶᠢᠳᠠᠭ᠂ ᠵᠦᠷᠢᠭᠡ ᠲᠠᠢ ᠵᠦᠢᠯ ᠭᠡᠪᠠᠯ᠄ | 1. ᠬᠠᠷᠢᠯᠴᠠᠨ ᠮᠠᠡᠳᠤᠴᠢᠯᠠᠬᠦ ᠶᠤᠰᠤ ᠠᠳᠠᠯᠢ ᠦᠭᠡᠢ᠃ ᠮᠤᠩᠭᠤᠯ ᠮᠦᠰᠯᠢᠯᠴᠤᠤᠨ ᠬᠠᠷᠢᠯᠴᠠᠨ ᠰᠠᠯᠧᠮ ᠬᠢᠵᠤ | ᠶᠤᠰᠤᠯᠠᠳᠠᠭ᠃ ᠡᠨᠡ ᠨᠢ ᠬᠠᠷᠢᠯᠴᠠᠨ ᠠᠭᠤᠯᠵᠠᠬᠤ ᠳᠤ ᠬᠤᠶᠠᠷ ᠭᠠᠷ ᠢᠶᠠᠨ ᠤᠷᠤᠭᠰᠢ ᠪᠠᠨ ᠰᠤᠩᠭᠤᠨ ︽ᠢᠰᠠᠯᠢ︾ | ᠭᠡᠵᠤ ᠭᠡᠯᠠᠳᠡᠭ᠃ ᠤᠤᠠᠬ᠎ᠠ ᠨᠢ ᠠᠠᠰᠠᠯᠧᠮᠠᠯᠠᠶᠢᠬᠤᠨ ᠭᠡᠬᠦ ᠠᠷᠠᠪ ᠤᠨ ᠦᠭᠡ ᠶᠢ ᠲᠦᠬᠦᠮᠴᠢᠯᠠᠭᠡᠤᠨ ︽ᠢᠰᠠᠯᠢ︾ | ᠭᠡᠬᠦ ᠪᠤᠶᠤ ︽ᠠᠠᠰᠧᠯᠮᠤ︾ ᠭᠡᠳᠡᠭ᠃ | 2. ᠢᠳᠠᠵᠤ ᠤᠤᠭᠤᠬᠤ ᠳᠤ ᠵᠠᠪᠠᠯ ᠠᠬᠤᠡᠭ ᠵᠠᠷᠤᠭᠰᠠᠨ ︵ᠠᠯᠠᠭᠰᠠᠨ︶ ᠬᠤᠨᠢ ᠢᠮᠠᠭ᠎ᠠ ᠦᠭᠡᠷ ᠤᠨ ᠮᠢᠬ᠎ᠠ ᠶᠢ | ᠢᠳᠡᠳᠡᠭ᠂ ᠪᠤᠰᠤᠤᠨ ᠶᠠᠮᠠᠷᠴᠤ ᠬᠦᠮᠤᠨ ᠤ ᠵᠠᠷᠤᠭᠰᠠᠨ ᠮᠠᠯ ᠤᠨ ᠮᠢᠬ᠎ᠠ ᠶᠢ ᠢᠳᠡᠳᠡᠭ ᠦᠭᠡᠢ ᠴᠠᠭᠡᠷᠯᠠᠳᠡᠭ ᠶᠤᠮ᠃ | 3. ᠵᠠᠯᠠᠭᠤ ᠪᠠᠭᠠᠴᠤᠤᠨ ᠢ ᠠᠷᠢᠬᠢ ᠲᠠᠮᠠᠬᠢ ᠤᠤᠭᠤᠵᠤ ᠲᠠᠳᠠᠬᠤ ᠶᠢ ᠶᠡᠭᠡ ᠴᠢᠩᠭ᠎ᠠ ᠴᠠᠭᠡᠷᠯᠠᠬᠦᠯᠳᠡᠭ᠃ ᠭᠡᠷᠪᠠ | ᠠᠷᠢᠬᠢ ᠤᠤᠭᠤᠬᠤ ᠳᠤ ᠬᠦᠷᠪᠠᠯ ᠵᠠᠪᠠᠯ ᠬᠠᠵᠠᠭᠤ ᠲᠠᠯ᠎ᠠ ᠶᠢᠨ ᠠᠬᠠᠮᠠᠤᠨ ᠬᠦᠮᠤᠨ ᠠᠴᠠ ᠡᠨᠡ ᠵᠠᠯᠠᠭᠤ ᠶᠢᠨ ᠠᠪᠤ ᠡᠵᠢ | ᠠᠬ᠎ᠠ ᠶᠠᠭᠡᠰ ᠲᠤ ᠬᠦᠬᠦᠤᠷ ᠪᠠᠷᠢᠵᠤ ᠭᠤᠶᠤᠴᠢᠯᠠᠭᠠᠤᠨ ᠵᠦᠪᠰᠢᠶᠠᠷᠡᠭᠰᠠᠨ ᠬᠤᠶᠢᠨ᠎ᠠ ᠰᠠᠶ᠋ᠢ ᠬᠤᠷᠢᠮ ᠨᠠᠶᠢᠷ ᠪᠤᠶᠤ | ᠡᠩ ᠤᠨ ᠴᠠᠬ ᠲᠤ ᠠᠷᠢᠬᠢ ᠤᠤᠭᠤᠵᠤ ᠲᠠᠮᠠᠬᠢ ᠲᠠᠳᠠᠵᠤ ᠪᠤᠯᠳᠠᠭ ᠶᠤᠰᠤᠳᠠᠢ᠃ ᠡᠶᠢᠮᠤ ᠠᠴᠠ ᠲᠤᠬᠠᠢ ᠶᠢᠨ | ᠦᠶ᠎ᠠ ᠳᠤ ᠮᠤᠩᠭᠤᠯ ᠮᠦᠰᠯᠢᠮᠴᠤᠤᠨ ᠤᠨ ᠲᠤᠳᠤᠷ᠎ᠠ ᠠᠷᠢᠬᠢ ᠤᠤᠭᠤᠵᠤ ᠲᠠᠮᠠᠬᠢ ᠲᠠᠳᠠᠳᠠᠭ ᠬᠦᠮᠤᠨ ᠶᠡᠭᠡ ᠴᠦᠭᠡᠨ | ᠲᠤᠭ᠎ᠠ ᠶᠢ ᠡᠵᠠᠯᠠᠵᠤ ᠪᠠᠶᠢᠪᠠ᠃ | | |