ᠲᠠᠶᠢᠯᠤᠭ ᠠᠳᠠᠯᠠᠬᠤ ᠵᠠᠩ ᠤᠶᠢᠯᠡ ᠶᠢᠨ ᠲᠤᠬᠠᠢ
ᠨᠡᠶᠢᠲᠡᠯᠡᠭᠰᠡᠨ ᠴᠠᠭ᠄
2019/12/11
ᠮᠤᠩᠭᠤᠯᠴᠤᠤᠡ ᠠᠳᠠᠨ ᠲᠡᠮᠡᠭᠡ ᠪᠠᠨ ᠲᠤᠷᠤᠮ ᠳᠤ ᠨᠢ ᠰᠤᠷᠭᠠᠵᠤ᠂ ᠲᠠᠶᠢᠯᠤᠭ ᠲᠤ ᠨᠢ ᠠᠳᠠᠯᠠᠳᠠᠭ ᠶᠤᠮ᠂ ᠭᠤᠷᠪᠠᠳᠤ ᠳᠤ ᠨᠢ ᠰᠤᠷᠭᠠᠵᠤ᠂ ᠲᠦᠷᠪᠡᠳᠤ ᠪᠤᠯᠭᠠᠵᠤ ᠠᠳᠠᠯᠠᠳᠠᠭ᠃ ᠲᠠᠶᠢᠯᠤᠭ ᠠᠳᠠᠯᠠᠬᠤ ᠶᠢ ᠲᠠᠶᠢᠯᠤᠭ ᠴᠠᠭᠠᠯᠠᠬᠤ ᠂ ᠲᠠᠶᠢᠯᠤᠭ ᠬᠠᠭᠠᠷᠢᠬᠤ᠂ ᠲᠠᠶᠢᠯᠤᠭ ᠪᠦᠬᠡᠷᠡᠯᠡᠬᠦ ᠬᠡᠬᠦ ᠵᠡᠷᠬᠡ ᠪᠠᠷ ᠠᠳᠠᠯᠢ ᠥᠬᠡᠢ ᠨᠡᠷᠡᠯᠡᠵᠤ ᠪᠠᠶᠢᠳᠠᠭ᠃ ᠮᠤᠩᠭᠤᠯᠴᠤᠤᠡ ᠡᠷᠳᠡ ᠲᠡᠬᠡᠳᠤ ᠶᠢᠨ ᠥᠶ᠎ᠡ ᠠᠴᠠ ᠪᠠᠨ ᠲᠠᠶᠢᠯᠤᠭ ᠢᠶᠠᠨ ᠡᠪᠤᠯ ᠤᠨ ᠡᠬᠢᠨ ᠳᠤ ᠠᠳᠠᠯᠠᠳᠠᠭ ᠪᠠᠶᠢᠵᠡᠢ᠃ ᠡᠪᠤᠯ ᠤᠨ ᠡᠬᠢᠨ ᠳᠤ ᠠᠳᠠᠯᠠᠬᠤ ᠨᠢ᠂ ᠲᠠᠷᠭᠤᠨ ᠴᠢᠤᠡᠬᠤᠯᠠᠩ ᠴᠠᠭ ᠪᠤᠯᠬᠤᠷ ᠬᠠᠷᠰᠢᠬᠤ ᠪᠤᠶᠤ ᠬᠡᠮ ᠠᠷᠬᠠᠭ ᠬᠢᠯᠪᠠᠷ ᠰᠠᠭᠤᠬᠤ ᠥᠬᠡᠢ ᠵᠡᠷᠬᠡ ᠠᠷᠪᠢᠨ ᠰᠠᠶᠢᠨ ᠲᠠᠯ᠎ᠠ ᠲᠠᠢ ᠬᠡᠳᠡᠭ᠃ ᠶᠡᠭᠡ ᠬᠠᠮᠳᠤ ᠶᠢᠨ ᠥᠶ᠎ᠡ ᠠᠴᠠ ᠡᠬᠢᠯᠡᠬᠡᠤᠡ ᠤᠯᠠᠩᠬᠢ ᠭᠠᠵᠠᠷ ᠤᠳ ᠢᠶᠠᠷ ᠲᠠᠶᠢᠯᠤᠭ ᠠᠳᠠᠯᠠᠬᠤ ᠶᠢ ᠬᠠᠪᠤᠷ ᠥᠷᠢᠶ᠎ᠡ ᠬᠠᠭᠠᠷᠢᠬᠤ ᠲᠠᠢ ᠬᠠᠮᠳᠤ ᠳᠤ ᠨᠢ ᠬᠢᠳᠡᠭ ᠪᠤᠯᠵᠡᠢ᠂ ᠪᠤᠳᠤᠪᠠᠯ ᠬᠤᠶᠠᠷ ᠵᠤᠶᠢᠯ ᠤᠨ ᠠᠵᠢᠯ ᠢ ᠬᠠᠮᠳᠤᠤᠡᠬᠠᠭᠰᠠᠨ ᠪᠠᠶᠢᠵᠤ ᠲᠠᠭᠠᠷᠠᠨ᠎ᠠ᠃ ᠬᠠᠭᠤᠴᠢ ᠥᠬᠡᠨ ᠳᠤ᠂ ︽ᠬᠤᠶᠠᠷ ᠰᠠᠷ᠎ᠠ ᠶᠢᠨ ᠲᠠᠶᠢᠯᠤᠭ︾ ᠬᠡᠳᠡᠭ ᠥᠬᠡ ᠪᠠᠶᠢᠳᠠᠭ᠂ ᠡᠨᠡ ᠨᠢ ᠲᠠᠶᠢᠯᠤᠭ ᠬᠤᠶᠠᠷ ᠰᠠᠷ᠎ᠠ  ᠶᠢᠨ ᠥᠶ᠎ᠡ ᠳᠤ ᠤᠷᠤᠭ᠎ᠠ ᠤᠷᠤᠳᠠᠭ ᠶᠠᠪᠤᠳᠠᠯ ᠢ ᠵᠢᠭᠠᠵᠤ ᠪᠤᠢ᠃ ᠡᠶᠢᠮᠤ ᠠᠴᠠ ᠬᠠᠪᠤᠷ ᠲᠠᠶᠢᠯᠤᠭ ᠠᠳᠠᠯᠠᠬᠤ ᠳᠤ ᠰᠢᠷᠬ᠎ᠠ‌ᠨᠢ ᠢᠯᠡᠬᠦᠥ ᠬᠥᠨᠳᠤ ᠪᠤᠯᠳᠠᠭ᠂ ᠨᠦᠬᠦᠬᠡ ᠲᠠᠯ᠎ᠠ ᠪᠠᠷ᠂ ᠪᠡᠯᠴᠢᠬᠡᠷ ᠨᠢᠮᠬᠡᠨ᠂ ᠬᠠᠯᠠᠭᠤᠨ ᠰᠠᠯᠬᠢ ᠬᠦᠳᠡᠯᠳᠡᠭ  ᠠᠴᠠ ᠲᠠᠶᠢᠯᠤᠭ ᠠᠳᠠᠯᠠᠬᠤ ᠨᠢ᠂ ᠰᠢᠷᠬ᠎ᠠ ᠨᠢ ᠬᠥᠨᠳᠥᠷᠡᠬᠦ᠂ ᠬᠠᠷᠰᠢᠭ᠎ᠠ ᠰᠠᠭᠤᠬᠤ ᠮᠡᠳᠤ ᠶᠢᠨ ᠡᠮᠵᠢᠭ ᠪᠠᠭᠤᠷᠡᠢ ᠲᠠᠯ᠎ᠠ ᠲᠠᠢ ᠪᠠᠶᠢᠳᠠᠭ᠃ ᠬᠡᠷᠪᠡ ᠲᠠᠶᠢᠯᠤᠭ ᠢᠶᠠᠨ ᠬᠠᠪᠤᠷ ᠠᠳᠠᠯᠠᠬᠤ ᠳᠤ ᠬᠥᠷᠪᠡᠯ ᠲᠡᠬᠡᠷᠡᠬᠢ ᠪᠠᠶᠢᠳᠠᠯ ᠢ ᠬᠢᠴᠢᠶᠡᠯᠳᠡᠢ ᠲᠠᠶᠢᠯᠤᠭ ᠠᠳᠠᠯᠠᠬᠤ ᠳᠤ᠂ ᠬᠠᠭᠠᠷᠢᠬᠤ ᠠᠷᠭ᠎ᠠ᠂ ᠤᠨᠵᠢᠭᠤᠯᠵᠤ ᠲᠠᠯᠪᠢᠬᠤ ᠠᠷᠭ᠎ᠠ᠂ ᠰᠤᠭᠤᠯᠠᠬᠤ ᠠᠷᠭ᠎ᠠ ᠬᠡᠵᠤ ᠬᠡᠳᠤᠨ ᠵᠤᠶᠢᠯ ᠪᠠᠶᠢᠳᠠᠭ᠃ ᠬᠠᠭᠠᠷᠢᠬᠤ ᠠᠷᠭ᠎ᠠ ᠨᠢ᠂ ᠥᠷᠢᠶ᠎ᠡ ᠬᠠᠭᠠᠷᠢᠬᠤ ᠠᠷᠭ᠎ᠠ ᠲᠠᠢ ᠨᠡᠯᠢᠶᠡᠤᠡ ᠲᠦᠰᠦᠳᠡᠢ ᠪᠠᠶᠢᠳᠠᠭ᠂ ᠤᠯᠠᠨ ᠵᠤᠶᠢᠯ ᠤᠨ ᠤᠯᠠᠭᠠᠨ᠂ ᠴᠠᠭᠠᠨ ᠰᠤᠳᠠᠯ ᠰᠢᠷᠪᠤᠰᠥ ᠶᠢ ᠨᠢᠬᠡᠤᠡ ᠨᠢᠬᠡ ᠪᠠᠷ ᠢᠯᠭᠠᠨ ᠰᠠᠯᠭᠠᠵᠤ᠂ ᠲᠡᠮᠥᠷ ᠢᠶᠠᠷ ᠬᠠᠭᠠᠷᠢᠵᠤ ᠠᠪᠤᠳᠠᠭ᠂ ᠰᠢᠷᠬ᠎ᠠ ᠨᠢ ᠬᠦᠩᠬᠡᠨ ᠪᠠᠶᠢᠳᠠᠭ ᠪᠦᠬᠡᠤᠡ ᠠᠳᠠᠨ ᠲᠡᠮᠡᠬᠡᠨ ᠤ ᠪᠡᠶ᠎ᠡ ᠪᠠᠯᠳᠠᠷ᠂ ᠲᠦᠷᠢ ᠲᠦᠷᠬᠦ᠂ ᠴᠢᠳᠠᠯ ᠲᠡᠩᠬᠡ᠂ ᠠᠯᠬᠤᠭ᠎ᠠ ᠬᠥᠶᠥᠳᠡᠯ ᠳᠤ ᠮᠠᠰᠢ ᠠᠷᠪᠢᠨ ᠨᠦᠬᠦᠴᠡᠯ ᠪᠤᠯᠴᠤᠭ᠎ᠠ ᠪᠤᠢ ᠪᠤᠯᠭᠠᠵᠤ ᠦᠭᠬᠦᠳᠡᠭ ᠬᠡᠳᠡᠭ᠃ ᠤᠨᠵᠢᠭᠤᠯᠵᠤ ᠲᠠᠯᠪᠢᠬᠤ ᠠᠷᠭ᠎ᠠ ᠨᠢ᠂ ᠬᠠᠭᠠᠷᠢᠬᠤ ᠠᠷᠭ᠎ᠠ ᠶᠢᠨ ᠠᠯᠬᠤᠮ ᠲᠠᠷᠠᠭ᠎ᠠ ᠪᠠᠷ ᠬᠥᠢᠴᠢᠤᠡᠬᠡᠵᠤ᠂ ᠬᠠᠮᠤᠭ ᠰᠡᠬᠦᠯ ᠳᠤ ᠨᠢ ᠪᠦᠬᠡᠰᠥᠬᠡᠢ ᠶᠢ ᠨᠢ ᠨᠠᠷᠢᠨ ᠪᠦᠬᠡ ᠤᠳᠠᠰᠤ ᠪᠠᠷ ᠴᠢᠩᠭ᠎ᠠ ᠤᠶᠠᠵᠤ ᠲᠠᠯᠪᠢᠳᠠᠭ᠂ ᠡᠨᠡ ᠨᠢ ᠡᠳᠥᠷ ᠤᠨ ᠤᠳᠠᠭᠠᠨ ᠳᠤ ᠰᠢᠷᠬ᠎ᠠ ᠨᠢ ᠡᠳᠡᠬᠡᠷᠡᠵᠤ᠂ ᠪᠦᠬᠡᠰᠦᠬᠡᠢ ᠨᠢ ᠬᠠᠳᠠᠵᠤ ᠬᠦᠯᠳᠡᠬᠡᠤᠡ ᠲᠠᠰᠤᠷᠠᠵᠤ ᠤᠨᠠᠳᠠᠭ᠃ ᠰᠤᠭᠤᠯᠠᠬᠤ ᠠᠪᠬᠤ ᠠᠷᠭ᠎ᠠ ᠨᠢ᠂ ᠰᠢᠨᠡᠴᠢᠯᠡᠭᠰᠡᠨ ᠠᠷᠭ᠎ᠠ ᠪᠠᠶᠢᠵᠤ᠂ ᠰᠢᠭᠤᠤᠡ ᠬᠠᠭᠠᠯᠠᠵᠤ ᠰᠤᠭᠤᠯᠤᠨ ᠠᠪᠤᠳᠠᠭ ᠨᠡᠯᠢᠶᠡᠤᠡ ᠲᠦᠬᠦᠮ ᠠᠷᠭ᠎ᠠ ᠪᠤᠯᠤᠨ᠎ᠠ᠃ ᠮᠤᠩᠭᠤᠯᠴᠤᠤᠡ ᠲᠠᠶᠢᠯᠤᠭ ᠠᠳᠠᠯᠠᠬᠤ ᠠᠵᠢᠯ ᠢ ᠬᠢᠯᠢᠨᠴᠡ ᠤᠶᠢᠯᠡᠤᠡᠴᠤ ᠪᠠᠶᠢᠭ᠎ᠠ ᠶᠠᠪᠤᠳᠠᠯ ᠬᠡᠵᠤ ᠥᠵᠡᠳᠡᠭ ᠠᠴᠠ ᠬᠥᠮᠥᠨ ᠪᠦᠬᠦᠳᠡ ᠬᠢᠳᠡᠭ ᠥᠬᠡᠢ᠂ ᠨᠦᠬᠦᠬᠡ ᠲᠠᠯ᠎ᠠ ᠪᠠᠷ ᠮᠠᠰᠢ ᠶᠡᠭᠡ ᠮᠡᠷᠬᠡᠵᠢᠯ ᠤᠨ ᠴᠢᠨᠠᠷᠳᠡᠢ ᠪᠠᠶᠢᠳᠠᠭ ᠠᠴᠠ ᠲᠤᠰᠠᠬᠠᠢ ᠬᠥᠮᠥᠰ ᠬᠢᠵᠤ ᠬᠥᠢᠴᠢᠤᠡᠬᠡᠳᠡᠭ᠃ ᠲᠠᠶᠢᠯᠤᠭ ᠠᠳᠠᠯᠠᠬᠤ ᠳᠤ ᠡᠳᠥᠷ ᠥᠵᠡᠬᠦᠯᠳᠡᠭ ᠶᠤᠰᠤᠳᠡᠢ᠂ ᠤᠯᠠᠭᠠᠨ ᠂ ᠤᠯᠠᠭᠴᠢᠨ ᠡᠳᠥᠷ ᠢ ᠴᠡᠬᠡᠷᠯᠡᠳᠡᠭ᠃ ᠡᠳᠥᠷ ᠢᠶᠠᠨ ᠥᠵᠡᠬᠦᠯᠵᠤ ᠲᠤᠭᠳᠠᠭᠰᠠᠨ ᠤ ᠲᠠᠷᠠᠭ᠎ᠠ᠂ ᠲᠤᠰᠠᠬᠠᠢ ᠮᠡᠷᠬᠡᠵᠢᠯᠳᠡᠨ ᠢ ᠤᠷᠢᠵᠤ ᠵᠠᠯᠠᠳᠠᠭ ᠶᠤᠰᠤᠳᠡᠢ᠃ ᠲᠠᠶᠢᠯᠤᠭ ᠠᠳᠠᠯᠠᠬᠤ ᠠᠵᠢᠯ ᠢ ᠶᠡᠷᠦ ᠠᠴᠠ ᠤᠶᠢᠷ᠎ᠠ ᠬᠤᠳᠠᠯᠠᠷ  ᠢᠶᠠᠨ ᠬᠠᠮᠵᠡᠯᠴᠡᠨ ᠬᠥᠢᠴᠢᠤᠡᠬᠡᠳᠡᠭ ᠠᠴᠠ ᠠᠳᠠᠯᠠᠬᠤ ᠡᠳᠦᠷ ᠢᠶᠠᠨ ᠤᠶᠢᠷ᠎ᠠ ᠬᠤᠳᠠᠯᠠᠭᠠᠷ ᠲᠠᠭᠠᠨ ᠴᠢᠮᠡᠭᠡ ᠦᠭᠴᠤ ᠮᠡᠳᠡᠭᠳᠡᠳᠡᠭ ᠪᠢᠯᠡ᠃ ᠮᠤᠩᠭᠤᠯᠴᠤᠤᠡ ᠲᠠᠶᠢᠯᠤᠭ ᠤᠨ ᠢᠶᠠᠨ ᠪᠦᠬᠡᠰᠦᠬᠡᠢ ᠶᠢ ᠢᠳᠡᠳᠡᠭ ᠥᠬᠡᠢ᠂ ᠬᠠᠭᠠᠷᠢᠭᠤᠯ ᠤᠨ ᠢᠶᠠᠨ ᠭᠠᠯ ᠳᠤ ᠰᠢᠳᠠᠭᠠᠵᠤ ᠬᠠᠶ᠋ᠢᠳᠠᠭ ᠶᠤᠰᠤᠳᠡᠢ᠃ ᠵᠠᠷᠢᠮ ᠭᠠᠵᠠᠷ ᠤᠷᠤᠨ ᠳᠤ᠂ ᠨᠢᠬᠡ ᠪᠦᠬᠡᠰᠦᠬᠡᠢ ᠨᠢ ᠠᠪᠴᠤ᠂ ᠲᠠᠶᠢᠯᠤᠭ ‍ᠤᠨ‌‍ᠢᠶ᠋ᠠᠨ ᠰᠢᠯᠢᠨ ᠬᠥᠵᠥᠬᠦᠨ ᠳᠤ ᠨᠢ ᠵᠡᠬᠦᠵᠤ ᠲᠠᠯᠪᠢᠳᠠᠭ᠃ ᠲᠠᠶᠢᠯᠤᠭ ᠤᠨ ᠪᠦᠬᠡᠰᠦᠬᠡᠢ ᠶᠢ ᠢᠯᠡ ᠬᠠᠶ᠋ᠢᠳᠠᠭ ᠥᠬᠡᠢ᠂ ᠰᠢᠪᠠᠭᠤ᠂ ᠨᠤᠬᠠᠢ ᠵᠡᠷᠬᠡ ᠠᠮᠢᠳᠠᠨ ᠠᠷᠢᠶᠠᠳᠠᠨ ᠳᠤ ᠢᠳᠡᠬᠦᠯᠬᠦ ᠶᠢ ᠴᠡᠬᠡᠷᠯᠡᠳᠡᠭ ᠶᠤᠰᠤᠳᠡᠢ᠃ ᠠᠳᠠᠯᠠᠭᠴᠢ  ᠶᠢᠨ ᠪᠠᠭᠠᠵᠢ ᠬᠡᠷᠡᠭᠰᠡᠯ᠂ ᠭᠠᠷ ᠢᠶᠠᠨ ᠤᠬᠢᠶᠠᠭᠰᠠᠨ ᠤᠬᠢᠶᠠᠳᠠᠰᠤ ᠶᠢ ᠠᠰᠬᠠᠳᠠᠭ ᠥᠬᠡᠢ ᠡᠭᠰᠢᠶᠡᠳᠡᠭ ᠶᠤᠰᠤᠳᠡᠢ᠂ ᠬᠡᠷᠪᠡ ᠠᠳᠠᠯᠠᠭᠰᠠᠨ ᠲᠠᠶᠢᠯᠤᠭ ᠤᠨ ᠰᠢᠷᠬ᠎ᠠ ᠬᠠᠪᠤᠤᠡᠴᠤ ᠬᠥᠨᠳᠥᠷᠡᠪᠡᠯ᠂ ᠤᠬᠢᠶᠠᠳᠠᠰᠤ ᠪᠠᠷ ᠱᠠᠪᠰᠢᠵᠤ ᠤᠬᠢᠶᠠᠳᠠᠭ᠂ ᠢᠩᠬᠢᠪᠡᠯ ᠬᠠᠪᠤᠳᠠᠷ ᠨᠢ ᠪᠤᠴᠠᠳᠠᠭ ᠬᠡᠵᠤ ᠬᠠᠭᠤᠴᠢᠯᠠᠳᠠᠭ ᠪᠢᠯᠡ᠃ ᠠᠳᠠᠯᠠᠭᠰᠠᠨ ᠲᠠᠶᠢᠯᠤᠭ ᠢᠶᠠᠨ ᠬᠤᠶᠠᠷ ᠲᠤᠯᠤᠭᠠᠨ ᠬᠤᠨᠤᠭ ᠬᠡᠷ ᠠᠴᠠ ᠪᠠᠨ ᠤᠶᠢᠷ᠎ᠠ ᠰᠠᠶᠢᠨ ᠪᠡᠯᠴᠢᠬᠡᠷ ᠲᠤ ᠬᠠᠷᠠᠭᠤᠯᠵᠤ ᠬᠠᠷᠠᠳᠠᠭ᠂ ᠥᠷᠬᠦᠯᠵᠢ ᠬᠦᠳᠡᠯᠬᠡᠵᠤ᠂ ᠡᠳᠤᠷᠵᠢᠨ ᠬᠡᠪᠳᠡᠬᠦ᠂ ᠰᠢᠷᠬ᠎ᠠ ᠨᠢ ᠬᠥᠨᠳᠥᠷᠡᠬᠦ᠂ ᠢᠳᠡᠬᠦ ᠥᠬᠡᠢ ᠬᠠᠷᠰᠢᠬᠤ ᠵᠡᠷᠬᠡ ᠪᠠᠶᠢᠳᠠᠯ ᠢ ᠤᠷᠢᠤᠡᠴᠢᠯᠡᠨ ᠰᠡᠷᠬᠡᠶᠢᠯᠡᠳᠡᠭ᠃ ᠠᠳᠠᠯᠠᠬᠤ ᠠᠵᠢᠯ ᠪᠠᠷᠠᠭᠰᠠᠨ ᠤ ᠲᠠᠷᠠᠭ᠎ᠠ᠂ ᠠᠵᠢᠯᠯᠠᠭᠰᠠᠨ ᠬᠥᠮᠥᠰ ᠢᠶᠠᠨ ᠬᠡᠷ ᠲᠡᠭᠡᠨ ᠵᠠᠯᠠᠨ ᠤᠷᠤᠭᠤᠯᠵᠤ ᠵᠤᠴᠢᠯᠠᠳᠠᠭ ᠶᠤᠰᠤᠳᠡᠢ᠃ ᠲᠤᠰᠠᠬᠠᠢ ᠮᠡᠷᠬᠡᠵᠢᠯᠳᠡᠨ ᠢ ᠲᠡᠬᠡᠷ᠎ᠡ ᠰᠠᠭᠤᠳᠠᠯ ᠳᠤ ᠵᠠᠯᠠᠨ ᠰᠠᠭᠤᠯᠭᠠᠵᠤ ᠵᠤᠴᠢᠯᠠᠨ᠎ᠠ᠃ ᠡᠷᠳᠡ ᠲᠡᠬᠡᠳᠤ ᠶᠢᠨ ᠥᠶ᠎ᠡ ᠳᠤ ᠤᠯᠠᠭᠠᠨ ᠢᠳᠡᠬᠡᠨ ᠢ ᠴᠡᠬᠡᠷᠯᠡᠳᠡᠭ ᠪᠡᠶᠢᠵᠡᠢ᠃ ᠰᠥ ᠲᠠᠢ ᠴᠠᠢ ᠪᠠᠷᠢᠵᠤ᠂ ᠴᠠᠭᠠᠨ ᠢᠳᠡᠭᠡ ᠵᠤᠭᠠᠯᠠᠵᠤ᠂ ᠰᠠᠭᠠᠯᠢ ᠶᠢᠨ ᠠᠷᠢᠬᠢ ᠪᠠᠷᠢᠳᠠᠭ᠃ ᠠᠳᠠᠯᠠᠭᠴᠢ ᠪᠤᠴᠠᠬᠤ ᠳᠤ᠂ ᠭᠠᠷ ᠤᠨ ᠴᠠᠭᠠᠨ ᠪᠡᠯᠡᠭ ᠦᠭᠭᠦᠳᠡᠭ ᠶᠤᠰᠤᠳᠡᠢ᠃ ᠭᠠᠷ ᠤᠨ ᠴᠠᠭᠠᠨ ᠪᠡᠯᠡᠭ ᠨᠢ ᠶᠡᠷᠦ ᠠᠴᠠ ᠥᠷᠢᠶ᠎ᠡ ᠠᠭᠳᠠᠯᠠᠬᠤ ᠪᠠᠯᠡᠭ ᠲᠠᠢ ᠠᠳᠠᠯᠢᠪᠳᠡᠷ ᠪᠠᠶᠢᠳᠠᠭ᠃ ᠶᠠᠮᠠᠷ ᠪᠡᠯᠡᠭ ᠭᠠᠷᠳᠠᠭᠤᠯᠬᠤ ᠪᠠᠨ ᠬᠡᠷ ᠤᠨ ᠡᠵᠡᠨ ᠦᠪᠡᠷ ᠢᠶᠠᠨ ᠮᠡᠳᠡᠳᠡᠭ᠂ ᠪᠡᠯᠡᠭ ᠤᠨ ᠬᠡᠮᠵᠢᠶ᠎ᠡ ᠨᠢ᠂ ᠠᠳᠠᠯᠠᠭᠰᠠᠨ ᠲᠠᠶᠢᠯᠤᠭ ᠤᠨ ᠲᠤᠭ᠎ᠠ ᠪᠠᠷ ᠪᠤᠯᠳᠠᠭ᠃ ᠠᠳᠠᠯᠠᠭᠴᠢ ᠶᠡᠷᠤ ᠠᠴᠠ ᠭᠠᠷ ᠤᠨ ᠴᠠᠭᠠᠨ ᠪᠡᠯᠡᠭ ᠢ ᠶᠡᠭᠡ ᠪᠠᠭ᠎ᠠ ᠬᠡᠵᠤ ᠪᠤᠳᠤᠳᠠᠭ ᠥᠬᠡᠢ ᠬᠡᠳᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号