ᠬᠤᠷᠤᠯᠠᠢ ᠨᠤᠶᠠᠨ ᠢ ᠲᠠᠭᠠᠵᠦ ᠠᠯᠠᠱᠠ ᠳᠤ ᠢᠷᠡᠭᠰᠠᠠ ᠤᠪᠤᠭ ᠠᠶᠢᠮᠠᠭ ᠭᠢᠭᠡᠤᠠ ᠠᠯᠪᠠᠳᠤ ᠢᠷᠭᠡᠤᠠ
ᠨᠡᠶᠢᠲᠡᠯᠡᠭᠰᠡᠨ ᠴᠠᠭ᠄
2019/12/11
              ᠠᠯᠠᠱᠠ ᠬᠤᠱᠤᠳ ᠬᠤᠰᠢᠭᠤᠨ ᠤ ᠠᠩᠬᠠᠳᠤᠭᠠᠷ ᠵᠠᠰᠠᠬ ᠨᠤᠶᠠᠨ ᠬᠤᠷᠤᠯᠠᠢ ᠠᠩᠬᠠ ᠰᠢᠨᠵᠢᠶᠠᠩ ᠠᠴᠠ 1000 ᠭᠠᠷᠤᠢ ᠡᠷᠤᠭᠡ ᠶᠢᠨ 7000 ᠭᠠᠷᠤᠢ ᠬᠥᠮᠤᠨ ᠢᠶᠠᠨ ᠲᠠᠭᠠᠭᠤᠯᠤᠨ ᠢᠷᠡᠵᠡᠢ᠃ ᠡᠬᠦᠨ ᠤ ᠳᠤᠳᠤᠷ᠎ᠠ ᠮᠤᠩᠭᠤᠯ ᠥᠨᠳᠤᠰᠤᠳᠠᠨ ᠤ ᠪᠤᠷᠵᠢᠬᠢᠨ᠂ ᠥᠭᠡᠯᠡᠳ᠂ ᠲᠤᠷᠭᠤᠳ᠂ ᠪᠠᠭ᠎ᠠ ᠲᠤᠷᠭᠤᠳ᠂ ᠲᠥᠷᠪᠡᠳ᠂ ᠪᠠᠭ᠎ᠠ ᠲᠥᠷᠪᠡᠳ᠂ ᠵᠡᠬᠦᠨᠭᠠᠷ ︵ᠵᠥᠡᠭᠭᠠᠷ︶᠂ ᠬᠤᠶᠢᠳ᠂ ᠪᠠᠭ᠎ᠠ ᠬᠤᠶᠢᠳ᠂ ᠲᠤᠩᠮᠤᠳ᠂ ᠰᠢᠷᠮᠤᠳ᠂ ᠪᠠᠭ᠎ᠠ ᠰᠢᠷᠮᠤᠳ᠂ ᠪᠠᠷᠮᠤᠳ᠂ ᠤᠷᠳᠤᠰ᠂ ᠤᠷᠤᠰ᠂ ᠬᠠᠯᠬᠠᠰ᠂ ᠪᠥᠢᠰ᠂ ᠵᠠᠷᠳᠠᠬ᠂ ᠲᠤᠷᠯᠠᠮᠴᠤᠳ᠂ ᠠᠪᠠᠭ᠋ᠠᠰ᠂ ᠬᠥᠷᠤᠭᠡᠴᠢᠨ᠂ ᠠᠷᠠᠩᠭᠠᠨ᠂ ᠵᠠᠷᠮᠤᠳ᠂ ᠰᠠᠷᠠᠶᠢᠭᠤᠤᠯ᠂ ᠰᠢᠷ᠎ᠠ ᠮᠤᠩᠭᠤᠯᠮᠤᠳ᠂ ᠬᠠᠷ᠎ᠠ ᠮᠤᠩᠭᠤᠯᠮᠤᠳ᠂ ᠴᠡᠳᠡᠨ᠂ ᠮᠤᠷᠢᠨᠤᠳ᠂ ᠱᠠᠶᠢᠵᠢᠩ᠂ ᠤᠷᠤᠮᠪᠤ᠂ ᠨᠤᠬᠤᠨ᠂ ᠪᠠᠳᠤᠳ᠂ ᠬᠠᠨᠭ᠍ᠬᠢᠨ᠂ ᠪᠠᠶᠢᠰᠢᠩᠭᠤᠳ᠂ ᠴᠤᠷᠤᠰ᠂ ᠬᠤᠷᠠᠯᠳᠤᠨ᠂ ᠤᠷᠴᠢᠬ᠂ ᠲᠤᠯᠤᠨᠤᠳ᠂ ᠬᠠᠷᠭᠤᠳ᠂ ᠰᠤᠯᠤᠨ᠂ ᠰᠤᠤᠷᠢᠨ᠂ ᠬᠥᠷᠢᠶᠡᠳ᠂ ᠠᠩᠭᠤᠳ᠂ ᠵᠢᠷᠭᠤᠨᠤᠳ᠂ ᠤᠷᠠᠳ᠂ ᠪᠠᠷᠭᠤᠳ᠂  ᠬᠠᠳᠠᠨᠤᠳ᠂ ᠲᠠᠩᠭᠤᠳ᠂ ᠤᠷᠳᠤᠤᠮᠤᠳ᠂ ᠲᠥᠮᠡᠳ᠂ ᠴᠡᠷᠴᠡᠰ᠂ ᠶᠠᠷᠮᠤᠰ᠂ ᠲᠤᠯᠤᠳ᠂ ᠲᠠᠯᠠᠳ᠂ ᠤᠢᠢᠭᠤᠳ᠂ ᠭᠡᠤᠭᠡᠳ᠂ ᠴᠠᠬᠠᠷ᠂ ᠪᠠᠷᠠᠭᠤᠨᠭᠠᠷ᠂ ᠬᠠᠷᠠᠩᠭᠠᠨ᠂ ᠪᠤᠷᠢᠶᠠᠳ᠂ ᠰᠤᠯᠤᠩᠭᠤᠳ ᠁ ᠵᠡᠷᠭᠡ ᠵᠢᠷᠠᠨ ᠭᠡᠳᠤᠨ ᠤᠪᠤᠬᠳᠠᠨ ᠪᠠᠶᠢᠵᠡᠢ᠃ ᠬᠤᠳᠤᠩ ᠥᠨᠳᠤᠰᠤᠳᠠᠨ ᠤ ᠰᠠᠶᠢᠷᠢᠨ᠂ ᠠᠨᠳᠠᠵᠠ᠂ ᠬᠢᠷᠭᠠᠰ᠂ ᠪᠠᠷᠭᠤᠳ᠂ ᠬᠠᠯᠬᠤᠳ ᠵᠡᠷᠭᠡ ᠲᠠᠪᠤᠨ ᠤᠪᠤᠬᠳᠠᠨ ᠪᠠᠶᠢᠪᠠ᠃ ᠬᠤᠵᠢᠮ ᠨᠢ ᠬᠢᠳᠠᠳ ᠥᠨᠳᠤᠰᠤᠳᠠᠨ ᠤ ᠵᠠᠩ᠂ ᠮᠠ ᠬᠤᠶᠠᠷ ᠤᠪᠤᠬᠳᠠᠨ ᠨᠡᠮᠡᠭᠳᠡᠭᠰᠡᠨ ᠪᠥᠭᠡᠳ ᠮᠠᠨᠵᠤ ᠶᠢᠨ ᠬᠠᠭᠠᠨ ᠤ ᠬᠥᠡᠭᠵᠤ ᠶᠢᠨ ᠢᠨᠵᠢ ᠲᠠᠭᠠᠭᠤᠯᠢ ᠳᠤ ᠢᠷᠡᠭᠰᠡᠨ ᠮᠠᠨᠵᠤ ᠥᠨᠳᠤᠰᠤᠳᠠᠨ ᠤ ᠵᠠᠩ᠂ ᠯᠢ᠂ ᠰᠢᠶᠧ᠂ ᠸᠧᠢ᠂ ᠯᠢᠤ᠂ ᠵᠤᠤ᠂ ᠶᠢᠨ᠂ ᠰᠢᠤᠢ᠂ ᠬᠤᠸᠠᠩ᠂ ᠢᠤᠢ᠂ ᠸᠠᠩ ᠵᠡᠷᠭᠡ ᠠᠷᠪᠠᠨ ᠨᠢᠭᠡᠨ ᠤᠪᠤᠬᠳᠠᠨ ᠴᠥᠮ ᠥᠪᠡᠷ ᠢ ᠪᠠᠨ ᠮᠤᠩᠭᠤᠯ ᠥᠨᠳᠤᠰᠤᠳᠠᠨ ᠭᠡᠵᠤ ᠮᠡᠳᠡᠷᠡᠭᠰᠡᠭᠡᠷ ᠢᠷᠡᠭᠰᠡᠨ ᠲᠤᠯᠠ ᠮᠤᠩᠭᠤᠯᠴᠤᠳ ᠤᠨ ᠤᠪᠤᠬ ᠲᠤ ᠪᠠᠭᠳᠠᠬᠤ ᠠᠵᠢ᠃           ᠠᠯᠠᠱᠠ ᠮᠤᠩᠭᠤᠯᠴᠤᠳ ᠠᠩᠬ᠎ᠠ ᠰᠢᠨᠵᠢᠶᠠᠩ ᠠᠴᠠ ᠢᠷᠡᠬᠦ ᠳᠤ 7000 ᠬᠥᠮᠤᠨ ᠲᠠᠢ ᠪᠠᠶᠢᠬᠰᠠᠨ ᠪᠤᠯᠪᠠᠰᠤ ᠰᠡᠬᠦᠯᠡᠷ ᠰᠢᠨᠵᠢᠶᠠᠩ ᠠᠴᠠ ᠤᠷᠢᠳ ᠬᠤᠵᠢᠳ ᠲᠥᠷᠤᠯ ᠰᠠᠳᠤᠨ ᠢᠶᠠᠨ ᠡᠷᠢᠵᠤ ᠢᠷᠡᠭᠰᠡᠳ᠂ ᠲᠠᠶᠢᠨ ᠪᠠᠶᠢᠯᠳᠤᠭᠠᠨ ᠤ ᠲᠤᠮᠳᠠ ᠪᠠᠭᠤᠵᠤ ᠲᠠᠭᠠᠬᠰᠠᠳ ᠬᠢᠭᠡᠳ ᠪᠤᠰᠤᠳ ᠭᠠᠵᠠᠷ ᠠᠴᠠ ᠠᠯᠠᠱᠠ ᠶᠢᠨ ᠠᠷᠠᠳ ᠪᠤᠯᠬᠤ ᠪᠠᠷ ᠭᠤᠶᠤᠵᠤ ᠢᠷᠡᠭᠰᠡᠳ ᠨᠢ ᠬᠥᠮᠤᠨ ᠠᠮᠠ ᠶᠢᠨ ᠥᠰᠥᠯᠳᠠ ᠳᠤ ᠮᠠᠰᠢ ᠶᠡᠭᠡ ᠥᠢᠯᠠᠳᠤᠯ ᠥᠵᠠᠭᠦᠯᠥᠭᠰᠠᠠ ᠪᠠᠶᠢᠨ᠎ᠠ᠃ ᠡᠬᠦᠨ ᠤ ᠲᠤᠳᠤᠷᠠᠬᠢ ᠪᠤᠷᠵᠢᠬᠢᠨ ᠤᠪᠤᠬᠳᠠᠨ ᠠᠴᠠ ᠪᠤᠰᠤᠳ ᠨᠢ ᠴᠥᠮ ᠬᠠᠷᠠᠴᠤ ᠠᠷᠠᠳ ᠢᠷᠭᠡᠳ ᠪᠤᠯᠤᠨ᠎ᠠ᠃ ᠬᠠᠷᠠᠴᠤ ᠠᠷᠠᠳ ᠢᠷᠭᠡᠳ ᠤᠨ ᠲᠤᠳᠤᠷᠠᠬᠢ ᠵᠠᠰᠠᠬ ᠨᠤᠶᠠᠳ ᠲᠤ ᠬᠠᠷᠢᠶᠠᠯᠠᠬᠳᠠᠬᠤ ᠶᠢ ᠨᠢ ᠠᠯᠪᠠᠳᠤ ᠠᠷᠠᠳ ᠭᠡᠵᠤ᠂ ᠭᠡᠭᠡᠨ ᠬᠤᠳᠤᠬᠳᠤ ᠪᠤᠶᠤ ᠯᠠᠮᠠᠳᠠᠨ ᠳᠤ ᠬᠠᠷᠢᠶᠠᠯᠠᠬᠳᠠᠬᠤ ᠶᠢ ᠨᠢ ᠱᠠᠪᠢ ᠨᠠᠷ ᠭᠡᠵᠤ ᠲᠠᠭᠤᠳᠠᠳᠠᠬ ᠪᠠᠶᠢᠪᠠ᠃ ᠠᠯᠪᠠᠳᠤ ᠭᠡᠳᠡᠭ ᠨᠢ ᠡᠬᠦᠷᠭᠡ ᠬᠥᠢᠴᠡᠳᠭᠡᠭᠴᠢ ᠭᠡᠰᠡᠨ ᠤᠳᠬ᠎ᠠ ᠲᠠᠢ ᠪᠥᠭᠡᠳ ᠵᠠᠰᠠᠬ ᠨᠤᠶᠠᠳ ᠲᠤ ᠰᠢᠭᠤᠳ ᠵᠠᠬᠢᠷᠤᠬᠳᠠᠨ ᠠᠯᠪᠠ ᠲᠤᠰᠢᠶᠠᠳᠠᠬ᠃ ᠱᠠᠪᠢ ᠨᠠᠷ ᠭᠡᠳᠡᠭ ᠨᠢ ᠭᠡᠷᠡᠭ ᠲᠡᠭᠡᠷ᠎ᠠ ᠪᠠᠨ ᠯᠠᠮᠠ ᠬᠠᠷ᠎ᠠ ᠶᠢ ᠪᠠᠭᠳᠠᠭᠠᠬᠰᠠᠨ ᠠᠯᠪᠠᠳᠤ ᠮᠥᠨ ᠪᠥᠭᠡᠳ ᠭᠡᠭᠡᠨ ᠬᠤᠳᠤᠬᠳᠤ ᠪᠤᠶᠤ ᠯᠠᠮᠠᠳᠠᠨ ᠳᠤ ᠰᠢᠭᠤᠳ ᠵᠠᠬᠢᠷᠤᠬᠳᠠᠵᠤ ᠠᠯᠪᠠ ᠲᠤᠰᠢᠶᠠᠳᠠᠬ ᠶᠤᠮ᠃ ᠵᠠᠰᠠᠬ ᠨᠤᠶᠠᠳ ᠤᠨ ᠬᠠᠷᠢᠶᠠᠨ ᠤ ᠠᠯᠪᠠᠳᠤ ᠶᠢ ᠪᠤᠳᠤᠪᠠᠯ ᠱᠠᠪᠢ ᠨᠠᠷ ᠨᠢ ᠮᠠᠰᠢ ᠴᠥᠭᠡᠨ ᠲᠤᠭ᠎ᠠ ᠶᠢ ᠡᠵᠡᠯᠡᠨ᠎ᠠ᠃ ᠪᠤᠰᠤᠳ ᠬᠤᠰᠢᠭᠤᠨ ᠠᠴᠠ ᠨᠡᠬᠦᠳᠡᠯᠯᠡᠨ ᠢᠷᠡᠭᠡᠳ ᠲᠤᠰ ᠬᠤᠰᠢᠭᠤᠨ ᠳᠤ ᠨᠤᠳᠤᠬᠯᠠᠨ ᠰᠠᠭᠤᠵᠤ ᠪᠠᠶᠢᠭ᠎ᠠ ᠪᠤᠯᠪᠠᠴᠤ ᠰᠢᠷ᠎ᠠ ᠲᠠᠩᠰᠠ ᠳᠤ ᠤᠷᠤᠭᠠᠳᠤᠢ ᠮᠤᠩᠭᠤᠯ ᠬᠥᠮᠤᠨ ᠢ ᠴᠥᠮ ︽ᠴᠠᠭᠠᠴᠢᠨ︾ ᠭᠡᠵᠤ ᠲᠠᠭᠤᠳᠠᠳᠠᠬ ᠠᠵᠢ᠃ ᠶᠡᠷᠤ ᠨᠢ ᠠᠯᠠᠱᠠ ᠶᠢᠨ ᠨᠤᠳᠤᠬ ᠲᠠᠪᠢᠰᠭᠡᠷ ᠥᠷᠭᠡᠨ ᠠᠭᠤᠳᠠᠮ ᠪᠤᠯᠪᠠᠴᠤ ᠨᠢᠭᠡ ᠲᠠᠯ᠎ᠠ ᠪᠠᠷ ᠬᠤᠷ᠎ᠠ ᠪᠤᠷᠤᠭᠠᠨ ᠪᠠᠭ᠎ᠠ᠂ ᠤᠰᠤ ᠬᠤᠪᠤᠷ ᠤᠴᠢᠷ ᠠᠴᠠ ᠪᠤᠰᠤᠳ ᠬᠤᠰᠢᠭᠤ ᠨᠤᠳᠤᠬ ᠤᠨ ᠮᠠᠯᠴᠢᠳ ᠢ ᠤᠷᠤᠭᠤᠯᠵᠤ ᠢᠷᠡᠬᠦᠯᠬᠦ  ᠥᠭᠡᠢ᠂ ᠨᠥᠬᠦᠭᠡ ᠲᠠᠯ᠎ᠠ ᠪᠠᠷ ᠤᠷᠤᠨ ᠨᠤᠳᠤᠬ ᠤᠨ ᠠᠮᠤᠷ ᠲᠥᠪᠰᠢᠨ ᠢ ᠬᠠᠮᠠᠭᠠᠯᠠᠬᠤ ᠶᠢᠨ ᠲᠥᠯᠤᠭᠡ  ᠭᠠᠳᠠᠨᠠᠬᠢ ᠶᠢᠨ ᠬᠥᠮᠤᠰ ᠲᠤᠰ ᠬᠤᠰᠢᠭᠤᠨ ᠳᠤ ᠲᠤᠷ᠎ᠠ ᠲᠠᠪᠠ ᠪᠠᠷ ᠢᠶᠠᠨ ᠤᠷᠤᠵᠤ ᠢᠷᠡᠬᠦ ᠶᠢ ᠴᠠᠭᠠᠵᠠᠯᠠᠨ ᠬᠤᠷᠢᠬᠯᠠᠳᠠᠬ ᠪᠠᠶᠢᠵᠡᠢ᠃ ᠵᠢᠱᠢᠶᠡᠯᠡᠪᠡᠯ᠂ 1900 ᠤᠨ ᠤ 6 ᠳ᠋ᠤᠭᠠᠷ ᠰᠠᠷ᠎ᠠ ᠶᠢᠨ 27 ᠤ ᠡᠳᠤᠷ ᠬᠤᠰᠢᠭᠤ ᠲᠠᠮᠠᠭ᠎ᠠ ᠶᠢᠨ ᠶᠠᠮᠤᠨ ᠠᠴᠠ ᠱᠠᠰᠢᠨ ᠢ ᠪᠠᠳᠠᠷᠠᠭᠤᠯᠤᠬᠴᠢ ᠰᠥᠮ᠎ᠠ ᠳᠤ ᠥᠭᠬᠦᠭᠰᠡᠨ ᠵᠢᠭᠠᠪᠤᠷᠢ ᠳᠠᠭᠠᠨ᠄ ︽᠁ ᠲᠠᠩᠭᠤᠳ᠂ ᠬᠢᠳᠠᠳ᠂ ᠬᠠᠯᠬ᠎ᠠ᠂ ᠬᠠᠷᠠᠴᠢᠨ ᠵᠡᠷᠭᠡ ᠴᠠᠭᠠᠴᠢᠨ ᠯᠠᠮᠠ ᠮᠠᠨ ᠤ ᠬᠤᠰᠢᠭᠤᠨ ᠤ ᠲᠥᠷᠪᠡᠨ ᠶᠡᠭᠡ ᠰᠥᠮ᠎ᠠ ᠪᠠ ᠡᠯ᠎ᠠ ᠪᠠᠭ᠎ᠠ ᠰᠥᠮ ᠎ᠠ ᠳᠤ ᠥᠯᠡᠳᠡᠨ ᠰᠠᠭᠤᠵᠤ ᠭᠡᠷᠡᠭ ᠤᠷᠰᠢᠬ ᠲᠠᠳᠠᠵᠤ᠂ ᠨᠤᠳᠤᠬ ᠤᠨ ᠬᠥᠮᠤᠨ ᠳᠤ ᠬᠤᠯᠪᠤᠬᠳᠠᠭᠤᠯᠵᠤ ᠭᠡᠷᠡᠭ ᠲᠤ ᠴᠢᠷᠥᠭᠳᠡᠬᠦᠯᠬᠦ ᠶᠢ ᠪᠤᠯᠭᠤᠮᠵᠢᠯᠠᠬᠤ ᠭᠡᠷᠡᠭᠳᠡᠢ᠃ ᠁ ᠲᠥᠪᠡᠳ᠂ ᠬᠥᠭᠡᠨᠡᠭᠤᠷ ᠵᠡᠷᠭᠡ ᠭᠠᠵᠠᠷ ᠲᠤ ᠶᠠᠪᠤᠵᠤ ᠰᠤᠷᠤᠯᠴᠠᠬᠤ ᠲᠤᠷᠠᠳᠠᠢ ᠶᠢ ᠨᠢ ᠰᠠᠶᠢᠨ ᠲᠤᠷ᠎ᠠ ᠪᠠᠷ ᠨᠢ ᠪᠤᠯᠭᠠᠵᠤ᠂ ᠬᠤᠰᠢᠭᠤᠨ ᠤ ᠡᠮᠤᠨ᠎ᠠ ᠲᠠᠯ᠎ᠠ ᠶᠢᠨ ᠬᠢᠯᠢ ᠠᠴᠠ ᠭᠠᠷᠭᠠᠬᠤ ᠭᠡᠷᠡᠭᠳᠡᠢ︾ ᠭᠡᠵᠡᠢ᠃ ᠡᠶᠢᠮᠤ ᠪᠠᠶᠢᠳᠠᠯ ᠤᠨ ᠲᠤᠤᠷ᠎ᠠ᠂ ᠴᠠᠭᠠᠴᠢᠨ ᠪᠤᠯᠤᠨ ᠬᠢᠳᠠᠳ ᠬᠥᠮᠤᠨ ᠵᠢᠴᠢ ᠪᠤᠰᠤᠳ ᠴᠥᠭᠡᠨ ᠲᠤᠭᠠᠳᠤ ᠥᠨᠳᠤᠰᠤᠳᠠᠨ ᠤ ᠬᠥᠮᠤᠨ ᠭᠡᠷᠪᠡ ᠲᠤᠰ ᠬᠤᠰᠢᠭᠤᠨ ᠳᠤ ᠤᠷᠳᠤ ᠬᠤᠭᠤᠴᠠᠭ᠎ᠠ ᠪᠠᠷ ᠰᠠᠭᠤᠬᠤ ᠲᠤᠷᠠᠳᠠᠢ ᠪᠤᠯ ᠡᠨᠡ ᠬᠦ ᠲᠠᠷᠤᠯᠳᠠ ᠭᠠᠳᠠᠭᠤᠷᠴᠢᠯᠠᠯ ᠠᠴᠠ ᠵᠠᠶᠢᠯᠠᠰᠬᠢᠬᠦ ᠶᠢᠨ ᠲᠥᠯᠤᠭᠡ ᠲᠤᠰ ᠬᠤᠰᠢᠭᠤᠨ ᠤ ᠬᠠᠷᠢᠶᠠᠳᠤ ᠠᠷᠠᠳ ᠪᠤᠯᠬᠤ ᠪᠠᠷ ᠡᠷᠬᠦᠳᠡᠯ ᠪᠢᠴᠢᠳᠡᠭ᠃ ᠢᠡᠭᠬᠢᠭᠡᠳ ᠲᠤᠰ ᠤᠷᠤᠨ ᠤ ᠨᠢᠭᠡᠨ ᠲᠠᠨᠢᠳᠠᠬ ᠬᠥᠮᠤᠨ ᠲᠠᠢ ᠠᠬ᠎ᠠ ᠲᠡᠬᠦᠤ ᠪᠠᠷᠢᠯᠳᠤᠵᠤ᠂ ᠭᠡᠷ ᠪᠥᠯᠢ ᠳᠤᠨᠢ ᠪᠠᠭᠳᠠᠭᠠᠳ ᠲᠡᠬᠦᠨ ᠤ ᠤᠪᠤᠬ ᠢ ᠲᠠᠭᠠᠬᠤ ᠭᠡᠷᠡᠭᠳᠡᠢ᠃ ᠲᠡᠷᠡ ᠬᠦ ᠠᠬ᠎ᠠ ᠲᠡᠬᠦᠤ ᠪᠠᠷᠢᠯᠳᠤᠬᠰᠠᠨ ᠲᠤᠰ ᠤᠷᠤᠨ ᠤ ᠬᠥᠮᠤᠨ ᠨᠢ ᠪᠠᠳᠤᠯᠠᠬᠤ ᠬᠥᠮᠤᠨ ᠤ ᠬᠤᠪᠢ ᠪᠠᠷ ᠵᠠᠰᠠᠬ ᠨᠤᠶᠠᠳ ᠤᠨ ᠭᠠᠵᠠᠷ ᠮᠡᠳᠡᠬᠦᠯᠥᠭᠰᠡᠨ ᠤ ᠲᠠᠷᠠᠭ᠎ᠠ ᠲᠠᠮᠠᠭ᠎ᠠ ᠶᠢᠨ ᠶᠠᠮᠤᠨ ᠠᠴᠠ ᠪᠠᠶᠢᠴᠠᠭᠠᠵᠤ ᠥᠵᠡᠭᠡᠳ ᠠᠰᠠᠭᠤᠳᠠᠯ ᠥᠭᠡᠢ ᠪᠤᠯ ᠰᠢᠷ᠎ᠠ ᠲᠠᠩᠰᠠ ᠳᠤ ᠨᠡᠷ᠎ᠠ ᠲᠡᠮᠳᠡᠭᠯᠡᠵᠤ ᠠᠯᠪᠠᠳᠤ ᠠᠷᠠᠳ ᠪᠤᠯᠭᠠᠨ ᠬᠤᠷᠢᠶᠠᠨ ᠠᠪᠴᠤ ᠪᠤᠯᠤᠨ᠎ᠠ᠃          ᠬᠢᠳᠠᠳ ᠬᠥᠮᠤᠨ ᠲᠤᠰ ᠬᠤᠰᠢᠭᠤᠨ ᠳᠤ ᠨᠡᠬᠦᠳᠡᠯᠯᠡᠨ ᠢᠷᠡᠵᠤ ᠰᠠᠭᠤᠬᠤ ᠳᠤ ᠤᠯᠠᠩᠬᠢ ᠳᠠᠭᠠᠨ ᠮᠤᠩᠭᠤᠯᠴᠤᠳ ᠠᠴᠠ ᠭᠠᠵᠠᠷ ᠲᠥᠷᠢᠶᠡᠰᠤᠯᠡᠨ ᠲᠠᠷᠢᠶ᠎ᠠ ᠲᠠᠷᠢᠵᠤ ᠪᠤᠯᠬᠤ ᠠᠴᠠ ᠪᠢᠰᠢ᠂ ᠬᠠᠷᠢᠨ ᠭᠠᠵᠠᠷ ᠰᠢᠷᠤᠢ ᠡᠵᠡᠯᠡᠵᠤ᠂ ᠭᠡᠷ ᠪᠠᠶᠢᠰᠢᠩ ᠪᠠᠷᠢᠵᠤ ᠪᠤᠯᠬᠤ ᠥᠭᠡᠢ᠃ ᠭᠡᠷᠪᠡ ᠭᠡᠷ ᠪᠠᠶᠢᠰᠢᠩ ᠪᠠᠷᠢᠬᠤ ᠴᠢᠬᠤᠯᠠ ᠲᠠᠢ ᠪᠤᠯ ᠲᠥᠷᠤᠬᠦᠤ ᠭᠤᠷᠪᠠᠨ ᠵᠢᠯ ᠤᠨ ᠲᠤᠳᠤᠷ᠎ᠠ ᠪᠠᠷᠢᠬᠰᠠᠨ ᠰᠢᠨ᠎ᠠ ᠪᠠᠶᠢᠰᠢᠩ ᠠᠴᠠ ᠬᠥᠯᠥᠰᠤᠨ ᠮᠥᠡᠭᠬᠦ ᠬᠤᠷᠢᠶᠠᠬᠤ ᠥᠭᠡᠢ᠂ ᠭᠤᠷᠪᠠᠨ ᠵᠢᠯ ᠥᠡᠭᠭᠡᠷᠡᠪᠡᠯ ᠭᠡᠷ ᠪᠠᠶᠢᠰᠢᠩ ᠢ ᠲᠠᠷᠢᠶᠠᠨ ᠤ ᠡᠵᠡᠨ ᠤ ᠬᠥᠷᠤᠩᠭᠡ ᠪᠤᠯᠭᠠᠬᠤ ᠶᠢᠨ ᠬᠠᠮᠳᠤ ᠬᠥᠯᠥᠰᠤᠨ ᠤ ᠮᠥᠡᠭᠬᠦ ᠬᠤᠷᠢᠶᠠᠨ᠎ᠠ᠃ ᠬᠢᠳᠠᠳ ᠠᠷᠠᠳ ᠢᠷᠭᠡᠳ ᠪᠠᠰᠠ ᠲᠤᠰ ᠬᠤᠰᠢᠭᠤᠨ ᠤ ᠬᠠᠷᠢᠶᠠᠳᠤ ᠠᠯᠪᠠᠳᠤ ᠠᠷᠠᠳ ᠪᠤᠯᠬᠤ ᠪᠠᠷ ᠭᠤᠶᠤᠴᠢᠯᠠᠪᠠᠯ ᠮᠥᠨ ᠲᠡᠭᠡᠷ᠎ᠠ ᠲᠤᠷᠠᠳᠤᠬᠰᠠᠨ ᠮᠡᠳᠤ ᠭᠠᠷ ᠤᠨ ᠬᠥᠢᠴᠡᠳᠭᠡᠯ ᠬᠢᠬᠦ ᠶᠤᠰᠤᠳᠠᠢ ᠪᠥᠭᠡᠳ ᠵᠠᠪᠠᠯ ᠥᠨᠳᠤᠰᠤᠳᠠᠨ ᠢᠶᠠᠨ ᠥᠭᠡᠷᠡᠳᠤᠬᠦᠯᠥᠨ ᠮᠤᠩᠭᠤᠯ ᠳᠤ ᠪᠠᠭᠳᠠᠵᠤ ᠤᠷᠤᠭᠠᠳ ᠮᠤᠩᠭᠤᠯ ᠨᠡᠷ᠎ᠠ ᠲᠠᠢ ᠪᠤᠯᠬᠤ ᠭᠡᠷᠡᠭᠳᠡᠢ᠃ ᠢᠡᠭᠬᠢᠪᠡᠯ ᠰᠠᠶ᠋ᠢ ᠲᠤᠰ ᠬᠤᠰᠢᠭᠤᠨ ᠤ ᠵᠢᠩᠬᠢᠨᠢ ᠠᠯᠪᠠᠳᠤ ᠠᠷᠠᠳ ᠪᠤᠯᠤᠬᠰᠠᠨ ᠳᠤ ᠲᠤᠭᠠᠴᠠᠬᠳᠠᠵᠤ᠂ ᠠᠪᠠᠭᠠᠢ ᠠᠪᠴᠤ ᠭᠡᠷ ᠪᠥᠯᠢ ᠪᠤᠯᠵᠤ ᠪᠤᠯᠤᠨ᠎ᠠ᠃ ᠠᠷᠠᠳ ᠢᠷᠭᠡᠳ ᠠᠯᠪᠠᠳᠤ ᠱᠠᠪᠢ ᠨᠠᠷ ᠴᠥᠮ ᠢᠶᠠᠷ ᠢᠶᠠᠨ ᠬᠤᠪᠢ ᠶᠢᠨ ᠥᠮᠴᠢᠯᠡᠯ ᠲᠠᠢ ᠪᠥᠭᠡᠳ  ᠬᠤᠰᠢᠭᠤᠨ ᠤ ᠭᠡᠪᠴᠢᠶᠠᠨ ᠳᠤ ᠪᠠᠶᠢᠷᠢ ᠪᠡᠯᠴᠢᠭᠡᠷ ᠰᠢᠯᠢᠨ ᠮᠠᠯᠵᠢᠬᠤ ᠡᠷᠭᠡ ᠲᠠᠢ᠃ ᠪᠠᠰᠠ ᠪᠤᠳᠠ ᠶᠢᠨ ᠠᠯᠪᠠ ᠪᠠ ᠪᠤᠰᠤᠳ ᠠᠯᠢᠪᠠ ᠠᠯᠪᠠ ᠲᠤᠰᠢᠶᠠᠬᠤ ᠡᠬᠦᠷᠭᠡ ᠲᠠᠢ ᠪᠠᠶᠢᠳᠠᠬ ᠃ ᠬᠤᠰᠢᠭᠤᠨ ᠤ ᠰᠤᠮᠤ ᠪᠠᠬ ᠤᠨ ᠠᠷᠠᠳ ᠢᠷᠭᠡᠳ ᠪᠤᠯᠤᠨ ᠨᠤᠶᠠᠳ᠂ ᠭᠡᠭᠡᠨ ᠬᠤᠳᠤᠬᠳᠤᠨ ᠤ ᠰᠢᠭᠤᠳ ᠬᠠᠷᠢᠶᠠᠨ ᠤ ᠠᠯᠪᠠᠳᠤ ᠱᠠᠪᠢ ᠨᠠᠷ ᠥᠡᠭᠭᠡᠷᠡᠭᠰᠡᠨ ᠳᠤ ᠠᠯᠪᠠ ᠲᠤᠰᠢᠶᠠᠬᠤ ᠲᠠᠯ᠎ᠠ ᠪᠠᠷ ᠢᠯᠭᠠᠭ᠎ᠠ ᠲᠠᠢ ᠪᠠᠶᠢᠬᠰᠠᠨ ᠪᠥᠭᠡᠳ ᠰᠤᠮᠤ ᠪᠠᠬ ᠤᠨ ᠠᠷᠠᠳ ᠢᠷᠭᠡᠳ ᠰᠤᠮᠤ ᠪᠠᠬ ᠲᠠᠭᠠᠨ ᠠᠯᠪᠠ ᠲᠤᠰᠢᠶᠠᠵᠤ᠂ ᠨᠤᠶᠠᠳ᠂ ᠭᠡᠭᠡᠠ ᠬᠤᠳᠤᠬᠳᠤᠠ ᠤ ᠠᠯᠪᠠᠳᠤ ᠱᠠᠪᠢ ᠨᠠᠷ ᠤᠨ ᠲᠤᠰᠢᠶᠠᠬᠤ ᠠᠯᠪᠠᠨ ᠡᠬᠦᠷᠭᠡ ᠨᠢ ᠰᠤᠮᠤ ᠪᠠᠬ ᠤᠨ ᠬᠢ ᠶᠢ ᠪᠤᠳᠤᠪᠠᠯ ᠬᠥᠡᠭᠭᠡᠨ ᠰᠢᠭ ᠪᠠᠶᠢᠪᠠ᠃ 1945 ᠤᠨ ᠠᠴᠠ ᠬᠤᠶᠢᠰᠢ ᠨᠤᠶᠠᠳ᠂ ᠭᠡᠭᠡᠨ ᠬᠤᠳᠤᠬᠳᠤᠠ ᠤ ᠰᠢᠭᠤᠳ ᠬᠠᠷᠢᠶᠠᠯᠠᠬᠳᠠᠬᠤ ᠠᠯᠪᠠᠳᠤ ᠱᠠᠪᠢ ᠨᠠᠷ ᠤᠨ ᠲᠥᠷᠢᠮ ᠢ ᠬᠥᠴᠤᠨ ᠥᠭᠡᠢ ᠪᠤᠯᠭᠠᠬᠰᠠᠨ ᠲᠤᠯᠠ ᠠᠷᠠᠳ ᠢᠷᠭᠡᠳ ᠠᠯᠪᠠᠳᠤ ᠱᠠᠪᠢ ᠨᠠᠷ ᠪᠥᠬᠦᠳᠡᠭᠡᠷ ᠢᠶᠠᠨ ᠨᠢᠭᠡᠨ ᠠᠳᠠᠯᠢ ᠬᠤᠰᠢᠭᠤᠨ ᠤ ᠵᠠᠰᠠᠬ ᠤᠨ ᠤᠷᠳᠤᠨ ᠳᠤ ︵ᠰᠤᠮᠤ ᠪᠠᠬ ᠢᠶᠠᠷ ᠲᠡᠮᠵᠢᠭᠤᠯᠤᠨ︶ ᠠᠯᠪᠠ ᠭᠠᠶᠢᠯᠢ ᠲᠤᠰᠢᠶᠠᠬᠤ ᠪᠤᠯᠤᠬᠰᠠᠨ ᠪᠠᠶᠢᠯ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号