| | ᠨᠢᠭᠡ᠂ ᠬᠤᠶᠢᠳ ᠣᠪᠤᠭ ᠤᠨ ᠡᠭᠦᠰᠦᠯ ᠭᠠᠷᠤᠯ ᠬᠢᠭᠡᠳ ᠲᠡᠭᠦᠨ ᠤ ᠨᠡᠷᠡᠶᠢᠳᠦᠯ᠃ ᠬᠤᠶᠢᠳ ᠭᠡᠳᠡᠭ ᠪᠣᠯ ᠮᠣᠩᠭᠤᠯ | ᠲᠡᠣᠬᠡ ᠰᠣᠷᠪᠤᠯᠵᠢ ᠳᠤ ᠭᠠᠷᠳᠠᠭ ︽ᠣᠢ ᠶᠢᠨ ᠢᠷᠭᠡᠨ︾ ᠬᠡᠮᠡᠭᠳᠡᠭᠰᠡᠨ ᠣᠶᠢᠷᠡᠳ ᠮᠣᠩᠭᠤᠯ ᠤᠨ ᠨᠢᠭᠡᠨ ᠠᠶᠢᠮᠠᠭ | ᠪᠣᠯᠬᠤ ᠬᠤᠶᠢᠳ ᠠᠶᠢᠮᠠᠭ ᠤᠨ ᠨᠡᠷ᠎ᠡ ᠠᠴᠠ ᠡᠭᠦᠰᠦᠯ ᠭᠠᠷᠤᠯ ᠲᠠᠢ᠃ ᠳᠠᠷᠤᠢ ᠠᠶᠢᠮᠠᠭ ᠤᠨ ᠢᠶᠠᠨ ᠨᠡᠷ᠎ᠡ ᠪᠠᠷ | ᠣᠪᠤᠭ ᠢᠶᠠᠨ ᠪᠣᠯᠭᠠᠭᠰᠠᠨ ᠪᠠᠷᠠᠭᠤᠨ ᠮᠣᠩᠭᠤᠯ ᠤᠨ ᠣᠪᠤᠭ ᠶᠠᠰᠣᠳᠠᠳ ᠤᠨ ᠨᠢᠭᠡ ᠨᠢ ᠮᠦᠨ᠃ ᠬᠢᠲᠠᠳ ᠪᠢᠴᠢᠭ | ᠰᠤᠳᠤᠷ ᠤᠳ ᠲᠤ ︽辉特︾ ︽慧特︾ ᠭᠡᠬᠦᠴᠢᠯᠡᠨ ᠪᠢᠴᠢᠳᠡᠭ᠃ ᠬᠤᠶᠢᠳ ᠠᠶᠢᠮᠠᠭ ᠤᠨ ᠡᠭᠦᠰᠦᠯ | ᠭᠠᠷᠤᠯ ᠬᠢᠭᠡᠳ ᠬᠤᠶᠢᠳ ᠠᠶᠢᠮᠠᠭ ᠤᠨ ᠨᠡᠷᠡᠶᠢᠳᠦᠯ ᠤᠨ ᠲᠤᠬᠠᠢ ᠬᠡᠳᠦ ᠬᠡᠳᠦᠨ ᠠᠳᠠᠯᠢ ᠪᠣᠰᠣ ᠵᠦᠢᠯ ᠤᠨ ᠬᠡᠯᠡᠯᠭᠡ᠂ | ᠲᠡᠣᠬᠡ ᠲᠡᠮᠳᠡᠭᠯᠡᠯ ᠪᠠ ᠰᠤᠳᠤᠯᠭᠠᠨ ᠤ ᠦᠷ᠎ᠡ ᠳ᠋ᠦᠩ ᠵᠡᠷᠭᠡᠴᠡᠨ ᠣᠷᠤᠰᠢᠵᠦ ᠪᠠᠶᠢᠳᠠᠭ᠃ ᠬᠤᠶᠢᠳ ᠠᠶᠢᠮᠠᠭ ᠤᠨ | ᠡᠭᠦᠰᠦᠯ ᠭᠠᠷᠤᠯ ᠤᠨ ᠲᠤᠬᠠᠢ ᠬᠡᠯᠡᠪᠡᠯ ᠨᠢᠭᠡ ᠨᠢ ︽ᠮᠤᠩᠭᠤᠯ ᠤᠨ ᠨᠢᠭᠤᠴᠠ ᠲᠣᠪᠴᠢᠶᠠᠨ︾ ᠳᠤ ᠳᠤᠷᠠᠳᠤᠭᠰᠠᠨ | ᠴᠢᠩᠭᠢᠰ ᠬᠠᠭᠠᠨ ᠬᠠᠮᠤᠭ ᠠᠩᠬ᠎ᠠ ᠬᠡᠣᠬᠡᠳ ᠳᠡᠭᠦᠦ ᠨᠠᠷ ᠲᠡᠭᠡᠨ ᠦᠮᠴᠢ ᠬᠤᠪᠢᠶᠠᠬᠤ ᠳᠤ ᠴᠠᠭᠠᠳᠠᠢ ᠳᠤ ᠬᠤᠪᠢᠶᠠᠵᠦ | ᠦᠭᠭᠦᠭᠰᠡᠨ ᠠᠯᠪᠠᠲᠦ ︽ᠨᠠᠢᠮᠠᠨ ᠮᠢᠩᠭᠠᠨ ᠢᠷᠭᠡᠳ︾ ᠢ ᠬᠤᠶᠢᠳ ᠤᠨ ᠠᠶᠢᠮᠠᠭ ᠤᠨ ᠡᠭᠦᠰᠦᠯ ᠭᠠᠷᠤᠯ ᠭᠡᠵᠦ | ᠦᠵᠡᠳᠡᠭ᠃ ᠨᠦᠭᠦᠭᠡ ᠨᠢᠭᠡ ᠨᠢ ︽ᠡᠷᠳᠡᠨ ᠤ ᠮᠣᠩᠭᠤᠯ ᠤᠨ ᠬᠠᠭᠠᠳ ᠤᠨ ᠦᠨᠳᠦᠰᠦᠨ ᠤ ᠶᠡᠭᠡ ᠰᠢᠷ᠎ᠠ ᠲᠤᠭᠤᠵᠢ | ᠣᠷᠤᠰᠢᠪᠠ︾ ᠪᠠᠷ ᠡᠰᠢ ᠪᠠᠷᠢᠮᠲᠠ ᠪᠣᠯᠭᠠᠨ ᠬᠤᠶᠢᠳ ᠠᠶᠢᠮᠠᠭ ᠤᠨ ᠠᠬᠠᠯᠠᠭᠴᠢ ᠨᠢ ᠣᠶᠢᠷᠠᠳ ᠤᠨ ᠬᠤᠳᠤᠭ᠎ᠠ | ᠪᠠᠬᠢ ᠶᠢᠨ ᠬᠤᠶᠠᠷ ᠬᠦᠪᠡᠭᠦᠨ ᠢᠨᠠᠯᠴᠢ ᠪᠠ ᠲᠦᠷᠦᠯᠴᠢ ᠮᠦᠨ ᠭᠡᠵᠦ ᠦᠵᠡᠳᠡᠭ᠃ ᠪᠠᠰᠠ ᠨᠢᠭᠡ ᠨᠢ ︽ | ᠬᠠᠭᠠᠳ ᠤᠨ ᠦᠨᠳᠦᠰᠦᠨ ᠤ ᠡᠷᠳᠡᠨᠢ ᠶᠢᠨ ᠳᠣᠪᠴᠢ︾ ᠪᠣᠯᠤᠨ ᠯᠣᠪᠰᠠᠩᠳᠠᠨᠽᠠᠨ ᠤ ︽ᠠᠯᠲᠠᠨ ᠳᠣᠪᠴᠢ︾ ᠳᠠᠬᠢ | ︽ᠲᠤᠸᠠ ᠰᠣᠬᠤᠷ ᠤᠨ ᠳᠦᠷᠪᠡᠨ ᠬᠦᠪᠡᠭᠦᠨ ᠳᠦᠷᠪᠡᠨ ᠣᠶᠢᠷᠠᠳ ᠢ ᠪᠦᠷᠢᠯᠳᠦᠭᠦᠯᠪᠡ︾ ᠭᠡᠰᠡᠨ ᠢ ᠦᠨᠳᠦᠰᠦᠯᠡᠨ | ᠬᠤᠶᠢᠳ ᠠᠶᠢᠮᠠᠭ ᠪᠤᠯ ᠲᠤᠸᠠ ᠰᠣᠬᠤᠷ ᠤᠨ ᠭᠤᠷᠪᠠᠳᠤᠭᠠᠷ ᠬᠦᠪᠡᠭᠦᠨ ᠡᠮᠨᠢᠭ ᠤᠨ ᠬᠤᠶᠢᠴᠢᠰ ᠮᠦᠨ ᠭᠡᠵᠦ ᠪᠣᠢ᠃ | ᠡᠭᠦᠨ ᠠᠴᠠ ᠭᠠᠳᠠᠨ᠎ᠠ ᠲᠣᠳᠤ ᠮᠣᠩᠭᠤᠯ ᠲᠡᠤᠬᠡ ᠶᠢᠨ ᠰᠣᠷᠪᠤᠯᠵᠢ ᠪᠢᠴᠢᠭ ᠤᠳ ᠲᠤ ᠬᠤᠶᠢᠳ ᠠᠶᠢᠮᠠᠭ ᠪᠣᠯ | ᠮᠤᠩᠭᠤᠯ ᠠᠴᠠ ᠰᠠᠯᠵᠦ ᠭᠠᠷᠴᠦ ᠢᠷᠡᠭᠰᠡᠨ ᠴᠢᠩᠭᠢᠰ ᠬᠠᠭᠠᠨ ᠤ ᠬᠤᠶᠢᠴᠢ ᠦᠶ᠎ᠡ ᠪᠣᠯᠬᠤ ᠶᠠᠪᠠᠭᠠᠨ ᠮᠡᠷᠭᠡᠨ ᠤ | ᠬᠤᠶᠢᠴᠢᠰ ᠭᠡᠳᠡᠭ ᠲᠡᠮᠳᠡᠭᠯᠡᠯ ᠴᠦ ᠪᠣᠢ᠃ ᠬᠤᠶᠢᠳ ᠣᠪᠤᠭ ᠤᠨ ᠳᠠᠭᠤᠳᠠᠯᠭ᠎ᠠ ᠪᠢᠴᠢᠯᠭᠡ ᠶᠢᠨ ᠬᠤᠪᠢᠷᠠᠯ ᠭᠡᠪᠡᠯ | ᠬᠤᠶᠢᠳ ᠭᠡᠳᠡᠭ ᠦᠭᠡ ᠪᠣᠯ ᠵᠦᠭ ᠴᠢᠭ ᠤᠨ ᠢᠯᠭᠠᠯ ᠢ ᠵᠢᠭᠠᠭᠰᠠᠨ ᠬᠤᠶᠢᠲᠦ ᠭᠡᠰᠡᠨ ᠦᠭᠡᠨ ᠤ ᠬᠤᠪᠢᠷᠠᠯ ᠮᠦᠨ | ᠭᠡᠵᠦ ᠣᠯᠠᠩᠬᠢ ᠡᠷᠳᠡᠮᠳᠡᠨ ᠵᠦᠪᠰᠢᠶᠡᠷᠡᠵᠦ ᠪᠣᠢ᠃ ᠭᠡᠬᠦ ᠳᠤ ᠠᠳᠠᠯᠢ ᠪᠣᠰᠣ ᠲᠡᠣᠬᠡᠨ ᠴᠠᠭ ᠦᠶ᠎ᠡ᠂ ᠠᠳᠠᠯᠢ ᠪᠣᠰᠤ | ᠪᠦᠰᠡ ᠨᠤᠲᠤᠭ ᠲᠤ ᠬᠤᠶᠢᠳ᠂ ᠬᠤᠶᠢᠳ ᠳᠤᠯᠤᠭᠠᠨ᠂ ᠬᠤᠶᠢᠳ ᠴᠦᠬᠦᠷᠦᠭ᠂ ᠶᠡᠭᠡ ᠬᠤᠶᠢᠳ᠂ ᠪᠠᠭ᠎ᠠ ᠬᠤᠶᠢᠳ | ᠂ ᠴᠠᠭᠠᠨ ᠮᠣᠷᠢᠲᠦ ᠶᠢᠨ ᠬᠤᠶᠢᠳ ᠭᠡᠵᠦ ᠠᠳᠠᠯᠢ ᠪᠣᠰᠤ ᠳᠠᠭᠤᠳᠠᠬᠤ ᠠᠴᠠ ᠭᠠᠳᠠᠨ᠎ᠠ ᠵᠠᠷᠢᠮ ᠬᠦᠮᠦᠰ ᠬᠤᠶᠢᠳ | ᠭᠡᠳᠡᠭ ᠦᠭᠡ ᠪᠣᠯ ᠮᠣᠩᠭᠤᠯ ᠤᠨ ᠡᠷᠲᠡᠨ ᠤ ᠦᠭᠡ ᠪᠣᠯᠬᠤ ᠣᠶᠢᠷᠠᠳ ᠬᠡᠯᠡᠯᠭᠡ ᠶᠢᠨ ᠬᠤᠨᠢ ᠶᠢ ᠬᠤᠢ ᠭᠡᠵᠦ ᠬᠡᠯᠡᠳᠡᠭ | ᠦᠭᠡᠨ ᠤ ᠠᠷᠤ ᠳᠤ ᠣᠯᠠᠨ ᠲᠤᠭᠠᠨ ᠤ ᠳᠠᠭᠠᠪᠤᠷᠢ ᠵᠠᠯᠭᠠᠭᠠᠳ ᠬᠤᠶᠢᠳ ᠪᠣᠯᠤᠭᠰᠠᠨ ᠭᠡᠵᠦ ᠦᠵᠡᠳᠡᠭ ᠴᠦ ᠪᠣᠢ᠃ | ᠤᠭᠰᠠᠭᠠᠲᠠᠨ ᠤ ᠡᠭᠦᠰᠦᠯ ᠭᠠᠷᠤᠯ ᠢᠵᠠᠭᠤᠷ ᠢ ᠬᠠᠶᠢᠬᠤ ᠪᠣᠯ ᠨᠡᠯᠦᠭᠡᠷ ᠶᠡᠭᠡ ᠮᠦᠷᠲᠡᠭᠡᠨ ᠬᠦᠨ ᠨᠠᠷᠢᠨ | ᠰᠤᠳᠤᠯᠭᠠᠨ ᠤ ᠠᠵᠢᠯ ᠲᠤᠯᠠ ᠡᠭᠦᠨ ᠳᠤ ᠣᠷᠢᠶᠠᠯᠳᠤᠬᠤ ᠠᠷᠭ᠎ᠠ ᠦᠭᠡᠢ ᠶᠤᠮ᠃ | ᠬᠤᠶᠠᠷ᠂ ᠬᠤᠶᠢᠳ ᠠᠶᠢᠮᠠᠭ ᠤᠨ ᠪᠠᠶᠢᠷᠢ ᠰᠠᠭᠤᠷᠢ ᠬᠢᠭᠡᠳ ᠲᠡᠭᠦᠨ ᠤ ᠦᠢᠯᠡ ᠬᠡᠷᠡᠭ ᠤᠨ ᠲᠣᠪᠴᠢ᠃ ᠬᠤᠶᠢᠳ | ᠠᠶᠢᠮᠠᠭ ᠨᠢ ᠠᠩᠬ᠎ᠠ ᠶᠡᠭᠡ ᠮᠣᠩᠭᠤᠯ ᠬᠠᠭᠠᠨᠲᠦ ᠤᠯᠤᠰ ᠠᠴᠠ ᠡᠮᠦᠨ᠎ᠡ 12 ᠳ᠋ᠤᠭᠠᠷ ᠵᠠᠭᠤᠨ ᠤ ᠠᠳᠠᠭ᠂ 13 | ᠳ᠋ᠤᠭᠠᠷ ᠵᠠᠭᠤᠨ ᠤ ᠡᠬᠢ ᠪᠠᠷ ᠣᠶᠢᠷᠠᠳ ᠠᠶᠢᠮᠠᠭ ᠤᠨ ᠤᠤᠭᠠᠨ ᠪᠦᠷᠢᠯᠳᠦᠭᠦᠨ ᠪᠦᠭᠡᠳ ᠲᠣᠯᠤᠭᠠᠶᠢᠯᠠᠭᠴᠢ ᠶᠢᠨ | ᠬᠤᠪᠢ ᠪᠠᠷ ᠲᠡᠣᠬᠡᠨ ᠳᠠᠪᠴᠠᠩ ᠳᠤ ᠢᠯᠡᠷᠡᠨ ᠭᠠᠷᠤᠭᠰᠠᠨ ᠴᠠᠭ ᠠᠴᠠ ᠪᠠᠨ 18 ᠳ᠋ᠤᠭᠠᠷ ᠵᠠᠭᠤᠨ ᠤ ᠳᠣᠣᠷᠠᠲᠦ | ᠬᠠᠭᠠᠰ ᠤᠨ ᠦᠶ᠎ᠡ᠂ ᠳᠠᠷᠤᠢ ᠴᠢᠩ ᠤᠯᠤᠰ ᠤᠨ ᠦᠶᠡᠰ ᠣᠶᠢᠷᠠᠳ ᠮᠤᠩᠭᠤᠯ ᠵᠠᠳᠠᠷᠠᠲᠠᠯᠠ ᠣᠶᠢᠷᠠᠳ ᠤᠨ | ᠪᠦᠷᠢᠯᠳᠦᠭᠦᠨ ᠠᠶᠢᠮᠠᠭ ᠪᠠᠶᠢᠭᠰᠠᠨ ᠤᠷᠲᠤ ᠤᠳᠠᠭᠠᠨ ᠲᠡᠣᠬᠡ ᠲᠠᠢ ᠠᠶᠢᠮᠠᠭ ᠤᠭᠰᠠᠭ᠎ᠠ ᠮᠦᠨ᠃ ᠬᠤᠶᠢᠳ ᠠᠶᠢᠮᠠᠭ | 12 ᠳ᠋ᠤᠭᠠᠷ ᠵᠠᠭᠤᠨ ᠤ ᠠᠳᠠᠭ᠂ 13 ᠳ᠋ᠤᠭᠠᠷ ᠵᠠᠭᠤᠨ ᠤ ᠡᠬᠢᠨ ᠳᠠᠬᠢ ᠮᠤᠩᠭᠤᠯ ᠤᠨ ᠦᠨᠳᠦᠷᠯᠢᠭ ᠲᠠᠬᠢ | ᠨᠡᠭᠦᠳᠡᠯᠴᠢᠨ ᠠᠶᠢᠮᠠᠭ ᠤᠳ ᠤᠨ ᠪᠠᠶᠢᠷᠢ ᠰᠠᠭᠤᠷᠢ ᠪᠣᠯᠢᠶᠠᠯᠳᠣᠭᠰᠠᠨ ᠲᠡᠮᠡᠴᠡᠭᠡᠨ ᠤ ᠳᠤᠮᠳᠠ ᠲᠡᠮᠦᠵᠢᠨ ᠤ ᠡᠰᠡᠷᠭᠦᠦ | ᠪᠦᠯᠦᠭ ᠲᠤ ᠵᠣᠭᠰᠣᠵᠦ᠂ ᠲᠡᠮᠦᠵᠢᠨ ᠲᠠᠢ ᠡᠰᠡᠷᠭᠦᠴᠡᠯᠳᠦᠨ ᠲᠤᠯᠤᠯᠳᠤᠵᠤ ᠪᠠᠶᠢᠭᠰᠠᠨ ᠢᠶᠠᠨ 1207 ᠣᠨ ᠳᠤ | ᠶᠡᠭᠡ ᠮᠣᠩᠭᠤᠯ ᠬᠠᠭᠠᠨᠲᠦ ᠤᠯᠤᠰ ᠲᠤ ᠪᠠᠭᠤᠵᠦ ᠦᠭᠭᠦᠨ ᠳᠠᠭᠠᠵᠦ᠂ ᠬᠤᠵᠢᠮ ᠤᠨ ᠮᠣᠩᠭᠤᠯ ᠤᠨ ᠶᠡᠭᠡ | ᠨᠢᠭᠡᠳᠦᠯ ᠳᠤ ᠬᠦᠴᠦ ᠪᠠᠨ ᠡᠷᠭᠦᠵᠦ᠂ ᠭᠠᠪᠢᠶ᠎ᠠ ᠪᠠᠶᠢᠭᠤᠯᠤᠨ ᠵᠢᠳᠬᠦᠯ ᠦᠵᠡᠭᠦᠯᠵᠦ ᠶᠠᠪᠤᠭᠰᠠᠨ ᠲᠤᠯᠠ ᠬᠤᠵᠢᠮ ᠤᠨ | ᠬᠤᠶᠢᠳ ᠠᠶᠢᠮᠠᠭ ᠤᠨ ᠢᠵᠠᠭᠤᠷᠲᠠᠨ ᠮᠣᠩᠭᠤᠯ ᠬᠠᠭᠠᠨᠲᠦ ᠣᠯᠣᠰ ᠤᠨ ᠦᠶ᠎ᠡ ᠳᠤ ᠦᠶ᠎ᠡ ᠳᠠᠷᠠᠭᠠᠯᠠᠨ ᠴᠢᠩᠭᠢᠰ ᠤᠨ | ᠠᠯᠲᠠᠨ ᠣᠷᠤᠭ ᠤᠨ ᠬᠢᠨ ᠲᠠᠢ ᠬᠤᠳᠠ ᠤᠷᠤᠭ ᠤᠨ ᠬᠤᠯᠪᠤᠭ᠎ᠠ ᠪᠠᠶᠢᠭᠤᠯᠤᠨ ᠣᠯᠤᠰ ᠲᠦᠷᠦ ᠶᠢᠨ ᠲᠠᠯ᠎ᠠ ᠪᠠᠷ | ᠨᠡᠯᠢᠶᠡᠳ ᠡᠷᠬᠡᠰᠢᠶᠡᠬᠦ ᠬᠦᠴᠦᠨ ᠲᠠᠢ ᠪᠣᠯᠵᠦ᠂ ᠶᠡᠷᠦᠨᠢ ᠬᠦᠴᠦᠷᠬᠡᠭ ᠠᠶᠢᠮᠠᠭ ᠤᠨ ᠡᠩᠨᠡᠭᠡᠨ ᠳᠤ ᠪᠠᠭᠳᠠᠵᠦ᠂ | ᠣᠶᠢᠷᠠᠳ ᠠᠶᠢᠮᠠᠭ ᠤᠨ ᠭᠤᠣᠯ ᠴᠣᠭᠴᠠ ᠪᠦᠷᠢᠯᠳᠦᠭᠦᠨ ᠨᠢ ᠪᠠᠶᠢᠭᠰᠠᠨ ᠪᠣᠯᠪᠠᠴᠦ ᠶᠤᠸᠠᠨ ᠤᠯᠤᠰ ᠤᠨ ᠡᠬᠢᠨ ᠤ | ᠦᠶ᠎ᠡ ᠳᠤ ᠪᠣᠯᠤᠭᠰᠠᠨ ᠠᠷᠢᠠᠠᠪᠤᠬᠠ ᠪᠣᠯᠤᠨ ᠬᠤᠪᠢᠯᠠᠢ ᠠᠬ᠎ᠠ ᠳᠡᠭᠦᠦ ᠬᠤᠶᠠᠷ ᠤᠨ ᠬᠠᠭᠠᠨ ᠰᠠᠭᠤᠷᠢᠨ | ᠪᠤᠯᠢᠶᠠᠯᠳᠤᠭᠰᠠᠨ ᠤᠯᠤᠰ ᠲᠦᠷᠦ ᠶᠢᠨ ᠲᠡᠮᠡᠴᠡᠯ ᠳᠤ ᠠᠷᠢᠠᠠᠪᠤᠬᠠ ᠶᠢ ᠳᠡᠮᠵᠢᠭᠡᠳ ᠢᠯᠠᠭᠳᠠᠭᠰᠠᠨ ᠠᠴᠠ ᠬᠤᠵᠢᠮ ᠤᠨ | ᠬᠠᠭᠠᠨ ᠬᠤᠪᠢᠯᠠᠢ ᠪᠠ ᠲᠡᠭᠦᠨ ᠤ ᠬᠤᠶᠢᠴᠢᠰ ᠲᠤ ᠢᠲᠡᠭᠡᠯ ᠬᠦᠨᠳᠦ ᠪᠠᠭᠤᠷᠠᠵᠦ ᠤᠯᠤᠰ ᠲᠦᠷᠦ ᠶᠢᠨ | ᠳᠠᠪᠴᠠᠩ ᠠᠴᠠ ᠬᠤᠯᠠᠳᠬᠤ ᠶᠢ ᠳᠠᠭᠠᠯᠳᠤᠨ ᠬᠦᠴᠦᠨ ᠴᠢᠳᠠᠯ ᠨᠢ ᠤᠶᠠᠳᠠᠵᠦ᠂ ᠣᠶᠢᠷᠠᠳ ᠠᠶᠢᠮᠠᠭ ᠤᠨ | ᠲᠣᠯᠤᠭᠠᠶᠢᠯᠠᠭᠴᠢ ᠶᠢᠨ ᠰᠠᠭᠤᠳᠠᠯ ᠴᠦ ᠴᠣᠷᠤᠰ ᠠᠶᠢᠮᠠᠭ ᠤᠨ ᠭᠠᠷ ᠲᠤ ᠰᠢᠯᠵᠢᠵᠦ 14 ᠳ᠋ᠤᠭᠡᠷ ᠵᠠᠭᠤᠨ ᠤ | ᠰᠡᠭᠦᠯᠴᠢ ᠠᠴᠠ 18 ᠳ᠋ᠤᠭᠠᠷ ᠵᠠᠭᠤᠨ ᠤ ᠳᠡᠭᠡᠳᠦ ᠬᠠᠭᠠᠰ ᠦᠶ᠎ᠡ ᠬᠦᠷᠲᠡᠯᠡᠬᠢ ᠬᠤᠭᠤᠴᠠᠭᠠᠨ ᠳᠠᠬᠢ ᠮᠢᠩ ᠤᠯᠤᠰ | ᠬᠢᠭᠡᠳ ᠬᠤᠶᠢᠲᠦ ᠶᠤᠸᠠᠨ ᠣᠯᠣᠰ ᠤᠨ ᠬᠤᠭᠤᠷᠤᠨᠳᠤᠬᠢ ᠲᠠᠶᠢᠨ ᠳᠠᠵᠢᠨ ᠪᠠ ᠵᠡᠭᠦᠨ ᠮᠣᠩᠭᠤᠯ ᠤᠨ ᠹᠸᠣᠳᠠᠯ ᠤᠨ | ᠢᠵᠠᠭᠤᠷᠲᠠᠳ ᠪᠠ ᠣᠶᠢᠷᠠᠳ ᠤᠨ ᠲᠡᠮᠡᠴᠡᠭᠡᠨ ᠤ ᠳᠤᠮᠳᠠ᠂ ᠬᠤᠶᠢᠳ ᠠᠶᠢᠮᠠᠭ ᠳᠡᠮᠡᠢ ᠶᠡᠭᠡ ᠦᠢᠯᠡᠳᠦᠯ ᠦᠵᠡᠭᠦᠯᠵᠦ | ᠴᠢᠳᠠᠭᠰᠠᠨ ᠦᠭᠡᠢ ᠶᠠᠪᠤᠭᠰᠠᠭᠠᠷ ᠮᠢᠩ ᠤᠯᠤᠰ ᠤᠨ ᠰᠡᠭᠦᠯᠴᠢ᠂ ᠴᠢᠩ ᠤᠯᠤᠰ ᠤᠨ ᠡᠬᠢᠨ ᠦᠶ᠎ᠡ ᠪᠣᠯᠬᠤ ᠳᠤ | ᠬᠦᠴᠦ ᠲᠠᠮᠢᠷ ᠨᠢ ᠤᠯᠠᠮ ᠮᠠᠭᠤᠲᠠᠵᠦ ᠪᠡᠶ᠎ᠡ ᠪᠠᠨ ᠳᠠᠭᠠᠭᠠᠬᠤ ᠴᠢᠳᠠᠪᠤᠷᠢ ᠨᠢ ᠰᠤᠯᠠᠷᠠᠵᠦ᠂ ᠵᠠᠷᠢᠮ ᠨᠢ ᠪᠣᠰᠤᠳ ᠤᠨ | ᠬᠠᠷᠢᠶᠠᠨ ᠳᠤ ᠪᠠᠭᠳᠠᠯᠴᠠᠵᠦ᠂ ᠵᠠᠷᠢᠮ ᠨᠢ ᠪᠣᠰᠤᠳ ᠤᠨ ᠬᠠᠪᠢᠷᠭᠠᠨ ᠳᠤ ᠪᠠᠷᠠᠳᠠᠵᠤ ᠪᠠᠶᠢᠭᠰᠠᠨ ᠦᠩᠭᠡᠷᠡᠯᠲᠡ ᠲᠠᠢ | ᠪᠣᠯᠪᠠᠴᠦ ᠲᠡᠷᠡ ᠨᠢ ᠭᠤᠣᠯ ᠨᠡᠭᠦᠳᠡᠯᠯᠡᠨ ᠮᠠᠯᠵᠢᠬᠤ ᠣᠷᠤᠰᠢᠨ ᠨᠤᠲᠤᠭᠯᠠᠬᠤ ᠭᠠᠵᠠᠷ ᠨᠤᠲᠤᠭ ᠤᠨ ᠬᠤᠪᠢ ᠠᠴᠠ | ᠢᠯᠡᠷᠡᠵᠦ ᠪᠠᠶᠢᠭᠰᠠᠨ ᠠᠴᠠ ᠪᠢᠰᠢ ᠤᠯᠤᠰ ᠲᠦᠷᠦ ᠶᠢᠨ ᠲᠠᠯ᠎ᠠ ᠪᠠᠷ ᠬᠠᠰᠢᠯᠠ ᠣᠶᠢᠷᠠᠳ ᠤᠨ ᠨᠢᠭᠡᠨ ᠪᠦᠷᠢᠯᠳᠦᠭᠦᠨ | ᠠᠶᠢᠮᠠᠭ ᠤᠨ ᠪᠠᠶᠢᠷᠢ ᠰᠠᠭᠤᠷᠢ ᠪᠠᠨ ᠠᠯᠳᠠᠭᠠᠳ ᠦᠭᠡᠢ ᠣᠷᠤᠰᠢᠭᠰᠠᠭᠠᠷ ᠢᠷᠡᠭᠰᠡᠨ ᠪᠦᠭᠡᠳ 18 ᠳ᠋ᠤᠭᠠᠷ ᠵᠠᠭᠤᠨ ᠤ | ᠲᠤᠮᠳᠠᠴᠢ ᠦᠶ᠎ᠡ ᠪᠠᠷ ᠬᠤᠶᠢᠳ ᠠᠶᠢᠮᠠᠭ ᠲᠤᠯᠤᠭᠠᠢ ᠦᠨᠳᠡᠶᠢᠵᠦ᠂ ᠬᠦᠮᠦᠨ ᠠᠮᠠ ᠣᠯᠠᠨ ᠲᠠᠢ ᠬᠦᠴᠦᠷᠭᠡᠭ | ᠠᠶᠢᠮᠠᠭ ᠤᠨ ᠬᠤᠪᠢ ᠪᠠᠷ ᠣᠶᠢᠷᠠᠳ ᠤᠨ ᠭᠤᠣᠯ ᠪᠦᠷᠢᠯᠳᠦᠭᠦᠨ ᠤ ᠨᠢᠭᠡ ᠨᠢ ᠪᠣᠯᠵᠦ ᠣᠶᠢᠷᠠᠳ ᠮᠣᠩᠭᠤᠯ ᠤᠨ | ᠲᠣᠲᠤᠭᠠᠳᠦ ᠳᠠᠭᠠᠨ ᠤᠯᠤᠰ ᠲᠦᠷᠦ ᠶᠢᠨ ᠲᠠᠪᠴᠠᠩ ᠳᠤ ᠦᠰᠦᠷᠦᠯᠳᠦᠨ ᠭᠠᠳᠠᠭᠠᠳᠤ ᠳᠠᠭᠠᠨ ᠮᠠᠨᠵᠦ ᠶᠢᠨ | ᠲᠦᠷᠢᠮᠡᠬᠡᠶᠢᠯᠡᠭᠴᠢᠳ ᠲᠠᠢ ᠰᠢᠭᠤᠷᠬᠠᠢ ᠡᠰᠡᠷᠭᠦᠴᠡᠯᠳᠦᠨ ᠲᠡᠮᠡᠴᠡᠯᠳᠦᠭᠰᠡᠨ ᠪᠢᠯᠡ᠃ ᠶᠡᠷᠦ ᠶᠢᠨ ᠦᠭᠡᠨ ᠳᠤ ︽ᠡᠩᠭᠡ | ᠠᠮᠤᠭᠤᠯᠠᠩ ᠬᠠᠭᠠᠨ ᠤ ᠬᠠᠮᠤᠭ ᠤᠨ ᠦᠰᠢᠶ᠎ᠡ ᠲᠠᠢ ᠬᠦᠮᠦᠨ ᠪᠣᠯ ᠭᠠᠯᠳᠠᠨ ᠪᠣᠱᠤᠭᠲᠦ᠂ ᠲᠡᠭᠷᠢ ᠳᠡᠳᠭᠦᠭᠴᠢ | ᠬᠠᠭᠠᠨ ᠤ ᠬᠠᠮᠤᠭ ᠤᠨ ᠬᠤᠷᠤᠰᠳᠠᠭ ᠬᠦᠮᠦᠨ ᠪᠣᠯ ᠠᠮᠤᠷᠰᠠᠨᠠᠭ᠎ᠠ︾ ᠭᠡᠳᠡᠭ ᠨᠢ ᠤᠴᠢᠷ ᠲᠠᠢ ᠦᠭᠡ ᠮᠦᠨ᠃ | ᠮᠠᠨᠵᠦ ᠶᠢᠨ ᠬᠠᠭᠠᠳ ᠠᠷᠭᠠᠳᠠᠬᠤ᠂ ᠲᠠᠲᠠᠬᠤ᠂ ᠠᠶᠤᠯᠭᠠᠬᠤ ᠭᠤᠷᠪᠠ ᠪᠠᠷ ᠲᠠᠪᠤᠬᠠᠨ ᠵᠢᠯ ᠤᠨ ᠳᠤᠲᠣᠷ᠎ᠠ ᠵᠡᠭᠦᠨ | ᠮᠤᠩᠭᠤᠯ ᠢ ᠳᠠᠭᠠᠭᠤᠯᠵᠦ᠂ ᠮᠣᠩᠭᠤᠯ ᠤᠨ ᠯᠢᠭᠳᠡᠨ ᠬᠠᠭᠠᠨ ᠢ ᠭᠠᠭᠴᠠ ᠰᠦᠷ ᠢᠶᠠᠷ ᠠᠶᠤᠯᠭᠠᠵᠦ᠂ ᠬᠠᠶᠢᠷᠠᠲᠠᠢ | ᠬᠠᠲᠤᠨ᠂ ᠬᠠᠭᠠᠨ ᠵᠠᠯᠭᠠᠮᠵᠢᠯᠠᠬᠤ ᠬᠦᠪᠡᠭᠦᠨ ᠢᠶᠠᠨ ᠣᠷᠬᠢᠭᠠᠳ ᠲᠤᠲᠠᠭᠠᠯᠭᠠᠭᠰᠠᠨ᠃ ᠬᠤᠷᠢᠬᠠᠨ ᠵᠢᠯ ᠤᠨ | ᠬᠤᠭᠤᠷᠤᠨᠳᠦ ᠦᠪᠦᠷ ᠮᠣᠩᠭᠤᠯ ᠤᠨ ᠬᠤᠷᠢᠨ ᠳᠦᠷᠪᠡᠨ ᠠᠶᠢᠮᠠᠭ ᠢ ᠭᠠᠷ ᠲᠠᠭᠠᠨ ᠣᠷᠤᠭᠤᠯᠵᠦ ᠶᠠᠮᠠᠷ ᠴᠦ ᠵᠡᠪᠰᠡᠭ | ᠬᠦᠳᠡᠯᠭᠡᠭᠰᠡᠨ ᠦᠭᠡᠢ ᠣᠷᠠᠨ ᠦᠭᠡ ᠣᠲᠤᠭ᠎ᠠ ᠵᠢᠩᠰᠡ ᠬᠤᠶᠡᠷ ᠢᠶᠠᠷ ᠠᠷᠤ ᠮᠣᠩᠭᠤᠯ ᠤᠨ ᠨᠠᠶᠠᠨ ᠵᠢᠷᠭᠤᠭᠠᠨ | ᠬᠤᠰᠢᠭᠤ ᠶᠢ ᠬᠤᠷᠢᠶᠠᠮᠵᠢᠯᠠᠭᠰᠠᠨ ᠠᠲᠠᠯ᠎ᠠ ᠪᠠᠷᠠᠭᠤᠨ ᠮᠣᠩᠭᠤᠯ ᠬᠡᠮᠡᠬᠦ ᠣᠶᠢᠷᠠᠳ ᠨᠢ ᠬᠠᠷᠢᠨ ᠮᠠᠨᠵᠦ ᠲᠠᠢ ᠵᠠᠭᠤ | ᠭᠠᠷᠤᠢ ᠵᠢᠯ ᠡᠰᠡᠷᠭᠦᠴᠡᠯᠳᠦᠨ ᠭᠤᠷᠪᠠᠨ ᠦᠶ᠎ᠡ ᠶᠢᠨ ᠬᠠᠭᠠᠨ ᠤ ᠰᠠᠨᠠᠭᠠᠨ ᠤ ᠡᠪᠡᠳᠴᠢᠨ ᠪᠣᠯᠵᠦ ᠬᠤᠶᠠᠷ ᠦᠶ᠎ᠡ ᠶᠢᠨ | ᠬᠠᠭᠠᠨ ᠬᠡᠳᠦᠨ ᠤᠳᠠᠭ᠎ᠠ ᠪᠡᠶ᠎ᠡ ᠪᠠᠷ ᠶᠡᠭᠡ ᠴᠡᠷᠢᠭ ᠬᠦᠳᠡᠯᠭᠡᠨ ᠬᠡᠮᠵᠢᠶᠡᠯᠡᠰᠢ ᠦᠭᠡᠢ ᠦᠷᠡᠭᠳᠡᠯ ᠰᠦᠢᠳᠦᠯ ᠭᠠᠷᠭᠠᠨ | ᠬᠠᠮᠤᠭ ᠤᠨ ᠰᠡᠭᠦᠯ ᠳᠤ ᠵᠡᠪᠰᠡᠭ ᠤᠨ ᠬᠦᠴᠦ ᠪᠠᠷ ᠯᠠ ᠰᠠᠶ᠋ᠢ ᠳᠠᠷᠤᠵᠦ ᠠᠪᠤᠭᠰᠠᠨ ᠶᠣᠮ᠃ ᠡᠨᠡ ᠶᠡᠭᠡ ᠬᠠᠷᠠᠰᠠᠯᠲᠤ | ᠠᠯᠠᠯᠳᠤᠭᠠᠨ ᠳᠤ ᠬᠤᠶᠢᠳ ᠠᠶᠢᠮᠠᠭ ᠣᠶᠢᠷᠠᠳ ᠮᠣᠩᠭᠤᠯᠴᠤᠳ ᠲᠠᠢ ᠬᠠᠮᠲᠦ ᠪᠠᠷ ᠴᠣᠬᠤᠮ ᠵᠢᠩᠬᠢᠨᠢ | ᠦᠨᠳᠦᠰᠦᠲᠡᠨ ᠤ ᠪᠠᠨ ᠡᠷᠬᠡ ᠮᠡᠳᠡᠯ ᠡᠬᠡ ᠣᠷᠤᠨ ᠤ ᠪᠠᠨ ᠡᠩᠭᠡ ᠲᠠᠶᠢᠪᠤᠩ ᠢᠶᠠᠨ ᠬᠠᠷᠠᠮᠨᠠᠵᠦ᠂ ᠬᠠᠯᠠᠭᠤᠨ ᠠᠮᠢ ᠪᠠᠨ | ᠦᠷᠡᠭᠳᠡᠭᠦᠯᠦᠨ ᠪᠦᠯᠢᠶᠡᠨ ᠴᠢᠰᠣ ᠪᠠᠨ ᠠᠰᠬᠠᠷᠠᠭᠤᠯᠤᠨ ᠠᠶᠢᠮᠠᠭ ᠤᠭᠰᠠᠭ᠎ᠠ ᠪᠠᠨ ᠪᠠᠯᠠᠷᠠᠲᠠᠯ᠎ᠠ ᠪᠠᠨ ᠭᠠᠳᠠᠭᠠᠳᠦ ᠶᠢᠨ | ᠲᠦᠷᠢᠮᠡᠬᠡᠶᠢᠯᠡᠭᠴᠢᠳ ᠲᠠᠢ ᠰᠢᠭᠤᠷᠬᠠᠢ ᠲᠡᠮᠡᠴᠡᠭᠰᠡᠨ ᠠᠷᠠᠳ ᠲᠦᠮᠡᠨ ᠤ ᠨᠢᠭᠡ ᠨᠢ ᠮᠦᠨ᠃ ᠭᠡᠬᠦ ᠳᠤ ᠰᠡᠭᠦᠯ ᠤᠨ | ᠦᠶ᠎ᠡ ᠳᠤ ᠬᠤᠶᠢᠳ ᠤᠨ ᠢᠵᠠᠭᠤᠷᠲᠠᠳ ᠡᠷᠬᠡ ᠵᠡᠷᠭᠡ ᠳᠤ ᠤᠯᠠᠶᠢᠰᠢᠷᠠᠵᠦ ᠲᠣᠲᠤᠭᠠᠳᠦ ᠶᠢᠨ ᠦᠷᠢᠰᠦᠯᠳᠦᠭᠡᠨ | ᠲᠤᠮᠳᠠ ᠵᠦᠢ ᠪᠣᠰᠤ ᠶᠢᠨ ᠭᠡᠨᠡᠨ ᠭᠡᠮᠲᠦ ᠠᠷᠭ᠎ᠠ ᠠᠪᠴᠠᠯ ᠢ ᠬᠡᠷᠡᠭᠯᠡᠵᠦ᠂ ᠬᠤᠲᠠᠨ ᠳᠠᠭᠠᠨ ᠴᠢᠨ᠋ᠸ᠎ᠠ ᠬᠦᠲᠦᠯᠦᠨ | ᠣᠷᠤᠭᠤᠯᠵᠦ᠂ ᠪᠠᠷᠠᠭᠤᠨ ᠮᠤᠩᠭᠤᠯ ᠤᠨ ᠰᠦᠢᠷᠡᠯ ᠢ ᠲᠦᠷᠭᠡᠳᠭᠡᠭᠰᠡᠨ ᠴᠢᠰᠤᠲᠦ ᠰᠤᠷᠭᠠᠮᠵᠢ ᠶᠢ ᠬᠡᠨ ᠬᠦᠮᠦᠨ | ᠬᠡᠵᠢᠶ᠎ᠡ ᠴᠦ ᠭᠡᠰᠡᠨ ᠳᠠᠯᠳᠠᠯᠠᠵᠦ ᠪᠣᠯᠬᠤ ᠦᠭᠡᠢ ᠪᠢᠯᠡ᠃ | ᠭᠤᠷᠪᠠ᠂ ᠣᠶᠢᠷᠠᠳ ᠤᠨ ᠨᠡᠭᠦᠳᠡᠯ ᠬᠢᠭᠡᠳ ᠬᠤᠶᠢᠳ ᠠᠶᠢᠮᠠᠭ ᠤᠨ ᠡᠵᠡᠮᠰᠢᠯ ᠨᠤᠲᠤᠭ ᠤᠨ ᠲᠦᠢᠮᠤ᠃ ᠬᠤᠶᠢᠳ | ᠠᠶᠢᠮᠠᠭ ᠨᠢ ᠣᠶᠢᠷᠠᠳ ᠮᠣᠩᠭᠤᠯ ᠤᠨ ᠤᠤᠭᠠᠨ ᠠᠶᠢᠮᠠᠭ ᠤᠨ ᠨᠢᠭᠡ ᠪᠣᠯᠬᠤ ᠪᠦᠭᠡᠳ ᠲᠡᠣᠬᠡ ᠶᠢᠨ ᠤᠯᠠᠷᠢᠯ | ᠬᠤᠪᠢᠰᠤᠯ ᠤᠨ ᠳᠤᠮᠳᠠ ᠣᠶᠢᠷᠠᠳ ᠠᠴᠠ ᠠᠩᠭᠢᠵᠢᠷᠠᠵᠦ ᠪᠠᠶᠢᠭ᠎ᠠ ᠦᠭᠡᠢ ᠶᠢᠨ ᠬᠤᠪᠢ ᠳᠤ ᠣᠶᠢᠷᠠᠳ ᠮᠣᠩᠭᠤᠯ ᠤᠨ | ᠡᠵᠡᠮᠰᠢᠯ ᠨᠤᠲᠤᠭ ᠲᠤ ᠬᠤᠶᠢᠳ ᠠᠶᠢᠮᠠᠭ ᠪᠠᠭᠲᠠᠯᠴᠠᠭᠰᠠᠭᠠᠷ ᠢᠷᠡᠭᠰᠡᠨ ᠪᠢᠯᠡ᠃ ᠲᠡᠣᠬᠡ ᠲᠡᠮᠳᠡᠭᠯᠡᠯ ᠢ | ᠦᠨᠳᠦᠰᠦᠯᠡᠪᠡᠯ᠄ ︽ᠣᠢ ᠶᠢᠨ ᠢᠷᠭᠡᠳ︾ ᠬᠡᠮᠡᠭᠳᠡᠭᠰᠡᠨ ᠣᠶᠢᠷᠠᠳ ᠮᠣᠩᠭᠤᠯ 12 ᠳ᠋ᠤᠭᠠᠷ ᠵᠠᠭᠤᠨ ᠤ ᠦᠶ᠎ᠡ ᠳᠤ | ᠶᠧᠨᠢᠰᠢ ᠭᠤᠤᠯ ᠤᠨ ᠳᠡᠭᠡᠳᠦ ᠤᠷᠤᠰᠬᠠᠯ ᠤᠨ ᠰᠢᠰᠢᠭᠡᠳ ᠭᠤᠣᠯ᠂ ᠨᠠᠢᠮᠠᠨ ᠮᠦᠷᠡᠨ ᠤ ᠤᠷᠤᠰᠬᠠᠯ ᠣᠷᠤᠨ᠂ | ᠮᠣᠩᠭᠤᠯ ᠤᠨ ᠦᠨᠳᠦᠷᠯᠢᠭ ᠤᠨ ᠬᠤᠶᠢᠲᠦ ᠬᠡᠰᠡᠭ ᠪᠠᠶᠢᠭᠠᠯ ᠨᠠᠭᠤᠷ ᠤᠨ ᠡᠮᠦᠨ᠎ᠡ ᠦᠵᠦᠭᠦᠷ ᠤᠨ ᠵᠡᠭᠦᠨ ᠪᠠᠷᠠᠭᠤᠨ | ᠪᠡᠶ᠎ᠡ ᠳᠤ ᠪᠠᠶᠢᠭᠰᠠᠨ ᠠᠴᠠ ᠪᠠᠨ ᠪᠠᠷᠠᠭᠤᠨᠰᠢ ᠰᠢᠯᠵᠢᠵᠦ ᠪᠠᠶᠢᠭᠠᠯ ᠨᠠᠭᠤᠷ ᠤᠨ ᠪᠠᠷᠠᠭᠤᠨ ᠲᠠᠯ᠎ᠠ ᠳᠤ ᠨᠤᠲᠤᠭᠯᠠᠵᠦ | ᠪᠠᠶᠢᠭᠰᠠᠨ ᠪᠠᠶᠢᠨ᠎ᠠ᠃ 13 ᠳ᠋ᠤᠭᠠᠷ ᠵᠠᠭᠤᠨ ᠤ ᠰᠡᠭᠦᠯᠴᠢ ᠶᠢᠨ ᠦᠶ᠎ᠡ ᠪᠠᠷ ᠣᠶᠢᠷᠠᠳ ᠠᠶᠢᠮᠠᠭ ᠣᠢ | ᠲᠠᠶᠢᠭ᠎ᠠ ᠠᠴᠠ ᠪᠠᠨ ᠨᠡᠭᠦᠳᠡᠯᠯᠡᠨ ᠭᠠᠷᠴᠦ ᠪᠠᠷᠠᠭᠤᠨᠰᠢᠯᠠᠨ ᠠᠯᠲᠠᠢ ᠶᠢᠨ ᠨᠢᠷᠤᠭᠤᠨ ᠤ ᠣᠷᠴᠢᠨ ᠣᠴᠢᠵᠦ | ᠨᠤᠲᠤᠭᠯᠠᠬᠤ ᠳᠤ ᠬᠤᠶᠢᠳ ᠤᠳ ᠪᠠᠰᠠ ᠪᠠᠭᠲᠠᠯᠴᠠᠵᠦ ᠪᠠᠶᠢᠭᠰᠠᠨ ᠨᠢ ᠳᠠᠮᠵᠢᠭ ᠦᠭᠡᠢ᠃ 15 ᠳ᠋ᠤᠭᠠᠷ ᠵᠠᠭᠤᠨ ᠤ | ᠳᠣᠣᠷᠠᠳᠦ ᠬᠠᠭᠠᠰ ᠦᠶ᠎ᠡ ᠠᠴᠠ ᠬᠤᠶᠢᠰᠢ ᠳᠠᠶᠠᠨ ᠬᠠᠭᠠᠨ ᠪᠣᠯᠤᠨ ᠲᠡᠭᠦᠨ ᠤ ᠬᠤᠶᠢᠴᠢ ᠦᠶ᠎ᠡ ᠶᠢᠨ ᠬᠢᠨ | ᠣᠶᠢᠷᠠᠳ ᠢ ᠴᠡᠷᠢᠭ ᠤᠨ ᠬᠦᠴᠦ ᠪᠠᠷ ᠰᠢᠬᠠᠵᠦ ᠪᠠᠶᠢᠭᠠᠳ ᠭᠤᠪᠢ ᠶᠢᠨ ᠬᠤᠶᠢᠲᠦ ᠲᠠᠯ᠎ᠠ ᠠᠴᠠ ᠠᠭᠠᠵᠢᠮ ᠢᠶᠠᠷ | ᠪᠠᠷᠠᠭᠤᠨᠰᠢ ᠰᠢᠯᠵᠢᠭᠦᠯᠵᠦ 16 ᠳ᠋ᠤᠭᠠᠷ ᠵᠠᠭᠤᠨ ᠤ ᠡᠴᠦᠰ ᠪᠣᠯᠬᠤ ᠳᠤ ᠦᠭᠡᠯᠡᠳ᠂ ᠪᠠᠭᠠᠲᠤᠳ᠂ ᠬᠤᠶᠢᠳ᠂ | ᠴᠠᠷᠭᠤᠳ ᠬᠠᠩᠭᠠᠢ ᠠᠭᠤᠯᠠ ᠶᠢᠨ ᠡᠷᠭᠢ ᠠᠴᠠ ᠬᠦᠩᠬᠦᠢ᠂ ᠵᠠᠪᠬᠠᠨ ᠭᠤᠣᠯ ᠤᠨ ᠰᠠᠪᠠ ᠭᠠᠵᠠᠷ ᠪᠣᠯᠤᠨ ᠵᠠᠯᠮᠠᠨ | ᠬᠠᠷ᠎ᠠ ᠠᠭᠤᠯᠠ ᠶᠢᠨ ᠡᠷᠭᠢ ᠬᠦᠷᠳᠡᠯᠡᠬᠢ ᠣᠷᠤᠨ ᠳᠤ ᠨᠡᠭᠦᠳᠡᠯᠯᠡᠨ ᠮᠡᠯᠵᠢᠵᠦ ᠪᠠᠶᠢᠭᠰᠠᠨ ᠦᠶ᠎ᠡ ᠳᠤ ᠬᠤᠶᠢᠳ | ᠠᠶᠢᠮᠠᠭ ᠨᠢ ᠬᠠᠩᠭᠠᠢ ᠠᠭᠤᠯᠠ ᠶᠢᠨ ᠨᠠᠷᠠᠨ ᠪᠠᠯ ᠵᠠᠪᠬᠠᠨ ᠭᠤᠤᠯ ᠤᠨ ᠰᠠᠪᠠ ᠭᠠᠵᠠᠷ ᠲᠠᠬᠢ ᠬᠠᠷᠠᠭᠠᠨ᠎ᠠ᠂ | ᠲᠠᠷᠪᠠᠭᠠᠲᠠᠢ᠂ ᠶᠠᠷ ᠠᠴᠠ ᠪᠠᠷᠠᠭᠤᠨ ᠬᠤᠶᠢᠰᠢ ᠠᠯᠲᠠᠨ ᠳᠡᠪᠰᠢ ᠠᠭᠤᠯᠠ᠂ ᠲᠠᠷᠪᠠᠭᠠᠲᠠᠢ ᠶᠢᠨ ᠵᠡᠭᠦᠨᠳᠡᠬᠢ ᠴᠣᠷᠭᠤ᠂ | ᠪᠣᠷᠤ ᠪᠤᠷᠭᠠᠰᠤᠨ ᠵᠡᠷᠭᠡ ᠭᠠᠵᠠᠷ ᠲᠤ ᠨᠤᠲᠤᠭᠯᠠᠵᠦ ᠪᠠᠶᠢᠭᠰᠠᠨ ᠪᠢᠯᠡ᠃ 17 ᠳ᠋ᠤᠭᠠᠷ ᠵᠠᠭᠤᠨ ᠤ ᠡᠬᠢᠨ ᠦᠶ᠎ᠡ ᠳᠤ | ᠬᠤᠶᠢᠳ ᠤᠳ ᠡᠷᠴᠢᠰ ᠭᠤᠣᠯ ᠪᠠ ᠣᠪᠢ ᠭᠤᠣᠯ ᠤᠨ ᠳᠤᠮᠳᠠ ᠳᠡᠭᠡᠳᠦ ᠤᠷᠤᠰᠬᠠᠯ ᠤᠨ ᠣᠷᠤᠨ ᠳᠤ ᠨᠡᠭᠦᠳᠡᠯᠯᠡᠨ | ᠮᠠᠯᠵᠢᠵᠦ ᠪᠠᠶᠢᠭᠰᠠᠨ ᠪᠢᠯᠡ᠃ ᠮᠢᠩ ᠤᠯᠤᠰ ᠤᠨ ᠰᠡᠭᠦᠯᠴᠢ᠂ ᠴᠢᠩ ᠤᠯᠤᠰ ᠤᠨ ᠡᠬᠢᠨ ᠦᠶ᠎ᠡ ᠳᠤ ᠬᠦᠷᠬᠦ ᠳᠤ᠂ | ᠬᠤᠶᠢᠳ ᠠᠶᠢᠮᠠᠭ ᠤᠨ ᠬᠦᠴᠦ ᠲᠠᠮᠢᠷ ᠤᠶᠠᠳᠠᠭᠰᠠᠨ ᠠᠴᠠ ᠪᠡᠶ᠎ᠡ ᠪᠠᠨ ᠳᠠᠭᠠᠭᠠᠬᠤ ᠴᠢᠳᠠᠪᠤᠷᠢ ᠨᠢ ᠰᠤᠯᠠᠷᠠᠵᠦ ᠵᠠᠷᠢᠮ | ᠦᠶ᠎ᠡ ᠳᠤ ᠦᠭᠡᠷ᠎ᠡ ᠠᠶᠢᠮᠠᠭ ᠢ ᠪᠠᠷᠠᠳᠠᠨ ᠨᠡᠭᠦᠳᠡᠯᠯᠡᠨ ᠮᠠᠯᠵᠢᠵᠦ ᠪᠠᠶᠢᠭᠰᠠᠨ ᠪᠢᠯᠡ᠃ ᠬᠤᠵᠢᠮ ᠤᠨ ᠦᠶ᠎ᠡ ᠳᠤ | ᠬᠤᠶᠢᠳ ᠠᠶᠢᠮᠠᠭ ᠤᠨ ᠵᠠᠷᠢᠮ ᠨᠢ ᠳᠦᠷᠪᠡᠳ ᠠᠶᠢᠮᠠᠭ ᠤᠨ ᠬᠠᠷᠢᠶᠠᠲᠦ ᠪᠣᠯᠵᠦ ᠲᠠᠷᠪᠠᠭᠠᠲᠠᠢ ᠶᠢᠨ ᠭᠠᠵᠠᠷ | ᠨᠤᠲᠤᠭᠯᠠᠵᠦ ᠪᠠᠶᠢᠭᠰᠠᠨ ᠪᠠ ᠵᠠᠷᠢᠮ ᠨᠢ ᠴᠣᠷᠤᠰ ᠤᠨ ᠭᠠᠯᠳᠠᠨᠳᠤᠷᠵᠢ ᠳᠤ ᠲᠦᠰᠢᠭᠯᠡᠨ ᠡᠷᠢᠶᠡᠨ ᠬᠠᠪᠢᠷᠭ᠎ᠠ ᠶᠢᠨ | ᠭᠠᠵᠠᠷ ᠰᠠᠭᠤᠵᠦ ᠪᠠᠶᠢᠭᠰᠠᠨ ᠳᠡᠮᠳᠡᠭᠯᠡᠯ ᠪᠣᠢ᠃ | ᠳᠦᠷᠪᠡ᠂ ᠣᠶᠢᠷᠠᠳ ᠮᠣᠩᠭᠤᠯ ᠤᠨ ᠬᠠᠭᠠᠷᠠᠯ ᠬᠢᠭᠡᠳ ᠬᠤᠶᠢᠳ ᠠᠶᠢᠮᠠᠭ ᠤᠨ ᠪᠣᠲᠠᠷᠠᠯ᠃ 18 ᠳ᠋ᠤᠭᠠᠷ ᠵᠠᠭᠤᠨ ᠤ | ᠲᠠᠪᠢᠭᠠᠳ ᠣᠨ ᠤ ᠰᠡᠭᠦᠯᠴᠢ ᠶᠢᠨ ᠮᠠᠨᠵᠦ ᠶᠢᠨ ᠵᠡᠭᠦᠠᠭᠠᠷ ᠨᠣᠲᠤᠭ ᠲᠠᠬᠢ ᠲᠦᠷᠢᠮᠡᠬᠡᠶᠢᠯᠡᠨ ᠡᠵᠡᠯᠡᠯᠲᠡ ᠳᠠᠷᠤᠢ | ᠮᠠᠨᠵᠦ ᠶᠢᠨ ᠣᠶᠢᠷᠠᠳ ᠤᠨ ᠠᠷᠠᠳ ᠲᠦᠮᠡᠨ ᠳᠤ ᠶᠠᠪᠤᠭᠤᠯᠤᠭᠰᠠᠨ ᠶᠡᠭᠡ ᠬᠢᠲᠤᠯᠭ᠎ᠠ ᠯᠡ ᠬᠤᠶᠢᠳ ᠠᠶᠢᠮᠠᠭ ᠲᠤ | ᠰᠦᠢᠷᠡᠯ ᠤᠨ ᠴᠢᠨᠠᠷᠲᠠᠢ ᠴᠣᠬᠢᠯᠲᠠ ᠪᠣᠯᠵᠦ ᠬᠤᠶᠢᠳ ᠠᠶᠢᠮᠠᠭ ᠲᠠᠨᠤᠭ ᠢᠶᠠᠨ ᠪᠠᠷᠠᠵᠦ ᠲᠠᠭᠠᠷᠴᠤᠭ ᠢᠶᠠᠨ ᠭᠦᠪᠢᠵᠦ | ᠠᠯᠠᠭᠳᠠᠨ ᠬᠢᠲᠤᠭᠳᠠᠵᠦ᠂ ᠰᠠᠷᠨᠢᠨ ᠪᠤᠲᠠᠷᠠᠵᠦ᠂ ᠠᠮᠢ ᠵᠣᠯᠪᠠᠭᠰᠠᠨ ᠬᠡᠳᠦ ᠨᠢ ᠬᠦᠮᠦᠨ ᠤ ᠭᠠᠵᠠᠷ ᠬᠦᠨᠳᠡᠯᠡᠨ ᠤ | ᠨᠤᠲᠤᠭ ᠲᠤ ᠠᠶᠢᠮᠠᠭ ᠤᠨ ᠨᠡᠷ᠎ᠡ ᠨᠢ ᠣᠪᠤᠭ ᠪᠣᠯᠤᠨ ᠦᠯᠡᠳᠡᠵᠦ ᠪᠠᠶᠢᠭ᠎ᠠ ᠨᠢ ᠡᠨᠡ ᠪᠣᠯᠪᠠᠴᠦ 17 ᠳ᠋ᠤᠭᠠᠷ | ᠵᠠᠭᠤᠨ ᠤ ᠦᠶ᠎ᠡ ᠠᠴᠠ ᠭᠠᠵᠠᠷ ᠠᠪᠴᠦ ᠡᠭᠢᠯᠡᠭᠰᠡᠨ ᠣᠶᠢᠷᠠᠳ ᠤᠨ ᠢᠵᠠᠭᠤᠷᠳᠠᠳ ᠤᠨ ᠳᠣᠲᠤᠭᠠᠳᠦ ᠶᠢᠨ | ᠵᠦᠷᠢᠴᠡᠯᠳᠦᠭᠡᠨ ᠲᠡᠮᠡᠴᠡᠯ ᠪᠠ ᠲᠣᠷᠭᠤᠳ᠂ ᠳᠦᠷᠪᠡᠳ᠂ ᠬᠤᠱᠤᠳ ᠤᠨ ᠭᠠᠳᠠᠭᠰᠢ ᠨᠡᠭᠦᠳᠡᠯᠯᠡᠯᠲᠡ᠂ ᠭᠠᠯᠳᠠᠨ | ᠪᠣᠱᠤᠭᠲᠦ ᠬᠠᠭᠠᠨ ᠤ ᠬᠠᠵᠠᠭᠤ ᠬᠠᠪᠢᠷᠭ᠎ᠠ ᠪᠠᠨ ᠬᠠᠳᠤᠷᠠᠭᠰᠠᠨ ᠬᠠᠲᠠᠭᠤ ᠲᠦᠷᠪᠡᠯᠲᠡ᠂ ᠨᠡᠩ ᠢᠯᠠᠩᠭᠤᠶ᠎ᠠ | ᠰᠡᠭᠦᠯᠴᠢ ᠶᠢᠨ ᠦᠶ᠎ᠡ ᠶᠢᠨ ᠨᠢᠮᠠᠳᠣᠷᠵᠢ᠂ ᠳᠠᠸᠠᠴᠢ᠂ ᠠᠮᠤᠷᠰᠠᠨᠠᠭ᠎ᠠ ᠨᠠᠷ ᠤᠨ ᠬᠠᠭᠠᠨ ᠰᠠᠭᠤᠷᠢᠨ ᠪᠤᠯᠢᠶᠠᠯᠳᠤᠭᠰᠠᠨ | ᠲᠡᠮᠡᠴᠡᠯ ᠨᠢ ᠣᠶᠢᠷᠠᠳ ᠮᠣᠩᠭᠤᠯ ᠤᠨ ᠬᠠᠭᠠᠷᠠᠯ᠂ ᠵᠡᠭᠦᠠᠭᠠᠷ ᠬᠠᠭᠠᠨᠲᠦ ᠤᠯᠤᠰ ᠤᠨ ᠮᠦᠬᠦᠯ ᠢ ᠰᠠᠭᠤᠷᠢᠯᠠᠭᠰᠠᠨ ᠢᠶᠠᠷ | ᠪᠠᠷᠠᠬᠤ ᠦᠭᠡᠢ ᠬᠤᠶᠢᠳ ᠠᠶᠢᠮᠠᠭ ᠤᠨ ᠪᠤᠲᠠᠷᠠᠯ ᠢ ᠡᠬᠢᠯᠡᠭᠦᠯᠦᠭᠰᠡᠨ ᠪᠢᠯᠡ᠃ ᠡ᠊ᠡᠳᠡ ᠵᠦᠪᠬᠡᠨ ᠲᠡᠲᠡᠵᠦ ᠬᠡᠯᠡᠬᠦ ᠳᠤ | 1628 ᠤᠨ ︵ᠲᠡᠭᠷᠢ ᠶᠢᠨ ᠰᠡᠴᠡᠨ ᠤ 2 ᠳ᠋ᠤᠭᠠᠷ ᠣᠨ︶ ᠳᠤ ᠲᠣᠷᠭᠤᠳ ᠳᠦᠷᠪᠡᠳ ᠠᠶᠢᠮᠠᠭ ᠢ ᠳᠠᠭᠠᠵᠦ᠂ | ᠢᠵᠢᠯ ᠵᠠᠢ ᠪᠠ ᠬᠠᠯᠬ᠎ᠠ ᠳᠤ ᠬᠡᠳᠦᠢ ᠬᠤᠶᠢᠳ ᠠᠶᠢᠮᠠᠭ ᠤᠨ ᠬᠦᠮᠦᠰ ᠳᠠᠭᠠᠯᠳᠤᠨ ᠣᠴᠢᠭᠰᠠᠨ ᠪᠠ 1636 ᠣᠨ ︵ | ᠳᠡᠭᠡᠳᠦ ᠡᠷᠳᠡᠮᠲᠦ ᠶᠢᠨ ᠠᠩᠬᠠᠳᠤᠭᠠᠷ ᠣᠨ︶ ᠤ ᠦᠶ᠎ᠡ ᠳᠤ ᠬᠤᠱᠤᠳ ᠢ ᠳᠠᠭᠠᠵᠦ ᠬᠡᠳᠦᠢ ᠬᠤᠶᠢᠳ ᠤᠳ | ᠬᠦᠬᠡᠨᠠᠭᠤᠷ ᠲᠤ ᠣᠴᠢᠭᠰᠠᠨ ᠪᠠ 1670 ᠣᠨ ︵ᠡᠩᠭᠡ ᠠᠮᠤᠭᠤᠯᠠᠩ ᠤᠨ 9 ᠳ᠋ᠣᠭᠡᠷ ᠣᠨ︶ ᠠᠴᠠ 1680 | ᠭᠠᠳ ᠣᠨ ᠤ ᠬᠤᠭᠤᠷᠤᠨᠳᠦ ᠭᠠᠯᠳᠠᠨ ᠪᠣᠱᠤᠭᠲᠦ ᠶᠢᠨ ᠲᠦᠷᠪᠡᠯᠲᠡ ᠳᠤ ᠪᠠᠰᠠ ᠬᠡᠳᠦᠢ ᠬᠤᠶᠢᠳ ᠬᠦᠬᠡᠨᠠᠭᠤᠷ᠂ | ᠠᠯᠠᠱᠠ᠂ ᠬᠠᠯᠬ᠎ᠠ᠂ ᠢᠵᠢᠯ ᠵᠠᠢ ᠵᠡᠷᠭᠡ ᠭᠠᠵᠠᠷ ᠣᠷᠤᠨ ᠳᠤ ᠲᠦᠷᠪᠡᠵᠦ ᠣᠴᠢᠭᠰᠠᠨ ᠭᠡᠳᠡᠭ ᠤᠨ ᠲᠤᠬᠠᠢ | ᠲᠣᠳᠤᠷᠬᠠᠢ ᠲᠤᠭ᠎ᠠ ᠪᠠᠷᠢᠮᠲᠠ ᠦᠭᠡᠢ ᠪᠣᠯᠪᠠᠴᠦ ᠬᠤᠶᠢᠳ ᠤᠳ ᠤᠨ ᠬᠦᠮᠦᠨ ᠠᠮᠠ ᠶᠢᠨ ᠲᠠᠷᠬᠠᠯᠲᠠ ᠨᠢ ᠪᠤᠰᠤᠳ | ᠠᠶᠢᠮᠠᠭ ᠤᠨ ᠬᠦᠮᠦᠰ ᠲᠠᠢ ᠴᠦᠬᠡᠨ ᠪᠢᠰᠢ ᠬᠤᠯᠢᠯᠳᠤᠵᠦ ᠪᠠᠶᠢᠭᠰᠠᠨ ᠭᠡᠳᠡᠭ ᠢ ᠭᠡᠷᠡᠴᠢᠯᠡᠵᠦ ᠪᠣᠢ᠃ ᠡᠭᠦᠨ ᠠᠴᠠ | ᠬᠤᠵᠢᠮ ᠭᠡᠬᠦ ᠳᠤ 1750 ᠣᠨ ︵ᠲᠡᠭᠷᠢ ᠳᠡᠳᠬᠦᠭᠴᠢ ᠶᠢᠨ 15 ᠳ᠋ᠤᠭᠠᠷ ᠣᠨ︶ ᠠᠴᠠ ᠡᠬᠢᠯᠡᠨ ᠵᠡᠭᠦᠠᠭᠠᠷ ᠤᠨ | ᠵᠠᠶᠢᠰᠠᠩ ᠰᠠᠭᠠᠷᠠᠯ᠂ ᠳᠦᠷᠪᠡᠳ ᠤᠨ ᠭᠤᠷᠪᠠᠨ ᠴᠡᠷᠡᠩ ︵ᠴᠡᠷᠡᠩ᠂ ᠴᠡᠷᠡᠩᠠᠤᠪᠠᠰᠢ᠂ ᠴᠡᠷᠡᠩᠮᠦ᠋ᠩᠬᠡ︶᠂ | ᠬᠤᠱᠤᠳ ᠤᠨ ᠪᠠᠯᠵᠤᠤᠷ ᠵᠡᠷᠭᠡ ᠪᠣᠰᠤᠳ ᠠᠶᠢᠮᠠᠭ ᠢ ᠳᠠᠭᠠᠵᠦ ᠮᠠᠨᠵᠦ ᠳᠤ ᠣᠷᠤᠵᠦ ᠦᠭᠭᠦᠭᠰᠡᠨ ᠪᠠ ᠭᠡᠨᠳᠦᠨᠵᠠᠪ᠂ | ᠠᠮᠤᠷᠰᠠᠨᠠᠭ᠎ᠠ᠂ ᠠᠪᠲᠠᠰᠢ᠂ ᠯᠣᠪᠽᠠᠩ᠂ ᠲᠠᠮᠠᠷᠢᠨ ᠵᠡᠷᠭᠡ ᠬᠤᠶᠢᠳ ᠤᠨ ᠳᠠᠶᠢᠵᠢ ᠨᠠᠷ ᠦᠪᠡᠷ ᠦᠪᠡᠷ ᠤᠨ | ᠬᠠᠷᠢᠶᠠᠳᠦ ᠪᠠᠨ ᠳᠠᠭᠠᠭᠤᠯᠤᠨ ᠮᠠᠨᠵᠦ ᠳᠤ ᠪᠠᠭᠤᠵᠦ ᠦᠭᠬᠦ ᠳᠤ ᠨᠡᠩ ᠣᠯᠠᠨ ᠲᠣᠭᠠᠨ ᠤ ᠬᠤᠶᠢᠳ ᠤᠳ ᠪᠠᠶᠢᠭᠰᠠᠨ | ᠭᠡᠳᠡᠭ ᠢ ᠬᠤᠵᠢᠮ ᠤᠨ ᠦᠢᠯᠡ ᠬᠡᠷᠡᠭ ᠲᠣᠳᠤᠷᠠᠭᠤᠯᠵᠦ ᠪᠠᠶᠢᠨ᠎ᠠ᠃ 18 ᠳ᠋ᠤᠭᠠᠷ ᠵᠠᠭᠤᠨ ᠤ ᠳᠣᠣᠷ᠎ᠠ ᠬᠠᠭᠠᠰ | ᠦᠶ᠎ᠡ ᠳᠤ ᠮᠠᠨᠵᠦ ᠶᠢᠨ ᠲᠦᠷᠦ ᠮᠣᠩᠭᠤᠯ ᠨᠤᠲᠤᠭ ᠲᠤ ᠬᠤᠰᠢᠭᠤ ᠴᠢᠭᠤᠯᠭᠠᠨ ᠪᠠᠶᠢᠭᠤᠯᠬᠤ ᠳᠤ ᠬᠤᠶᠢᠳ ᠤᠳ ᠢ | ᠵᠠᠭ ᠭᠤᠣᠯ ᠤᠨ ᠡᠬᠢ ᠪᠢᠳᠤᠷᠢᠶ᠎ᠠ ᠨᠠᠭᠤᠷ ᠤᠨ ᠴᠢᠭᠤᠯᠭᠠᠨ ᠳᠤ ᠨᠢᠭᠡ ᠬᠤᠰᠢᠭᠤ᠂ ᠰᠠᠶᠢᠨ ᠵᠠᠶᠠᠭᠠᠲᠦ ᠶᠢᠨ ᠵᠡᠭᠦᠨ | ᠭᠠᠷ ᠤᠨ ᠴᠢᠭᠤᠯᠭᠠᠨ ᠳᠤ ︽ᠪᠠᠭᠠᠲᠤᠷ ᠭᠦᠩ ᠤᠨ ᠬᠤᠰᠢᠭᠤ︾ ᠭᠡᠵᠦ ᠨᠢᠭᠡ ᠬᠤᠰᠢᠭᠤ᠂ ᠰᠠᠶᠢᠨ ᠵᠠᠶᠠᠭᠠᠲᠦ ᠶᠢᠨ | ᠪᠠᠷᠠᠭᠤᠨ ᠭᠠᠷ ᠤᠨ ᠴᠢᠭᠤᠯᠭᠠᠨ ᠳᠤ ︽ᠰᠦᠵᠢᠭᠲᠦ ᠭᠦᠩ ᠤᠨ ᠬᠤᠰᠢᠭᠤ︾ ᠭᠡᠵᠦ ᠨᠢᠭᠡ ᠬᠤᠰᠢᠭᠤ᠂ | ᠬᠦᠬᠡᠨᠠᠭᠤᠷ ᠲᠤ ︽ᠲᠤᠨᠳᠤᠭ ᠭᠦᠩ ᠤᠨ ᠬᠤᠰᠢᠭᠤ︾ ᠭᠡᠵᠦ ᠨᠢᠭᠡ ᠬᠤᠰᠢᠭᠤ᠂ ᠬᠦᠯᠦᠨ ᠪᠤᠶᠢᠷ ᠲᠤ ︽ᠶᠡᠭᠡ | ᠮᠢᠩᠭᠠᠨ ᠬᠤᠰᠢᠭᠤ︾ ᠭᠡᠵᠦ ᠨᠢᠭᠡ ᠬᠤᠰᠢᠭᠤ ᠨᠡᠶᠢᠲᠡ ᠲᠠᠪᠤᠨ ᠬᠤᠶᠢᠳ ᠤᠨ ᠬᠤᠰᠢᠭᠤ ᠶᠢ ᠪᠠᠶᠢᠭᠤᠯᠤᠭᠰᠠᠨ ᠠᠴᠠ | ᠦᠵᠡᠪᠡᠯ ᠲᠤᠬᠠᠢ ᠶᠢᠨ ᠦᠶ᠎ᠡ ᠵᠡᠭᠦᠠᠭᠠᠷ ᠨᠤᠲᠤᠭ ᠠᠴᠠ ᠨᠡᠭᠦᠳᠡᠯᠯᠡᠵᠦ ᠰᠢᠯᠵᠢᠵᠦ ᠲᠤᠲᠠᠭᠠᠵᠦ ᠳᠦᠷᠪᠡᠵᠦ | ᠭᠠᠷᠤᠭᠰᠠᠨ ᠬᠤᠶᠢᠳ ᠠᠶᠢᠮᠠᠭ ᠤᠨ ᠬᠦᠮᠦᠰ ᠲᠡᠶᠢᠮᠦ ᠴᠦ ᠴᠦᠬᠡᠨ ᠪᠢᠰᠢ ᠭᠡᠳᠡᠭ ᠢ ᠬᠠᠷᠠᠭᠤᠯᠵᠦ ᠪᠣᠢ᠃ ᠡᠳᠡᠭᠡᠷ | ᠪᠣᠯ ᠵᠦᠪᠬᠡᠨ ᠨᠡᠷ᠎ᠡ ᠲᠦᠷᠦ ᠲᠠᠢ ᠬᠦᠮᠦᠰ ᠤᠨ ᠲᠡᠣᠬᠡ ᠰᠣᠷᠪᠤᠯᠵᠢ ᠳᠤ ᠦᠯᠡᠳᠡᠭᠳᠡᠭᠰᠡᠨ ᠪᠠᠷᠢᠮᠲᠠ ᠬᠢᠭᠡᠳ | ᠮᠡᠨᠵᠦ ᠶᠢᠨ ᠵᠠᠰᠠᠭ ᠵᠠᠬᠢᠷᠭᠠᠨ ᠤ ᠪᠠᠶᠢᠭᠤᠯᠤᠮᠵᠢ ᠳᠤ ᠬᠠᠷᠢᠶᠠᠯᠠᠭᠳᠠᠭᠰᠠᠨ ᠬᠦᠮᠦᠰ ᠤᠨ ᠲᠤᠭ᠎ᠠ ᠬᠢᠵᠠᠭᠠᠷ ᠲᠡᠳᠦᠢ | ᠬᠠᠷᠢᠨ ᠵᠢᠩᠭᠢᠨᠢ ᠣᠯᠠᠨ ᠲᠣᠭᠠᠨ ᠤ ᠳᠠᠶᠢᠨ ᠳᠠᠵᠢᠨ ᠤ ᠬᠦᠯ ᠳᠤ ᠳᠦᠷᠪᠡᠵᠦ ᠪᠤᠲᠠᠷᠠᠭᠰᠠᠨ ᠡᠩ ᠤᠨ ᠠᠷᠠᠳ᠂ | ᠴᠡᠷᠢᠭ ᠤᠨ ᠠᠯᠪᠠᠨ ᠳᠤ ᠳᠠᠲᠠᠭᠳᠠᠵᠦ ᠨᠤᠲᠤᠭ ᠤᠰᠤᠨ ᠠᠴᠠ ᠰᠠᠯᠤᠭᠰᠠᠨ᠂ ᠮᠠᠨᠵᠦ ᠶᠢᠨ ᠶᠡᠭᠡ ᠬᠢᠲᠤᠯᠭ᠎ᠠ ᠳᠤ ᠠᠮᠢ | ᠡᠷᠡᠰᠳᠡᠭᠰᠡᠨ ᠪᠠ ᠵᠡᠭᠦᠠᠭᠠᠷ ᠤᠨ ᠳᠠᠶᠢᠨ ᠤ ᠳᠠᠷᠠᠭ᠎ᠠ ᠡᠯ᠎ᠡ ᠭᠠᠵᠠᠷ ᠴᠦᠯᠡᠭᠳᠡᠭᠰᠡᠨ ᠬᠦᠮᠦᠰ ᠭᠡᠪᠡᠯ ᠨᠡᠩ ᠣᠯᠠᠨ | ᠪᠠᠶᠢᠬᠤ ᠶᠣᠰᠤᠲᠠᠢ᠃ ᠮᠠᠨᠵᠤ ᠶᠢᠨ ᠡᠷᠬᠡ ᠪᠠᠷᠢᠭᠴᠢᠳ ᠮᠤᠩᠭᠤᠯ ᠬᠦᠮᠥᠨ ᠢ ᠠᠷᠭᠠᠯᠠᠵᠤ ᠠᠷᠬᠠᠯᠠᠵᠤ᠂ ᠬᠠᠷᠠᠳᠠᠵᠤ | ᠰᠡᠵᠢᠭᠯᠡᠵᠦ᠂ ᠠᠯᠠᠵᠤ ᠬᠢᠳᠤᠬᠤ ᠳᠠᠭᠠᠨ ᠪᠠᠷᠠᠭᠤᠨ ᠮᠤᠩᠭᠤᠯ ᠳᠤ ᠬᠠᠮᠤᠭ ᠤᠨ ᠬᠠᠳᠠᠭᠤ ᠬᠠᠨᠳᠤᠭᠰᠠᠨ᠂ ᠪᠠᠷᠠᠭᠤᠨ | ᠮᠤᠩᠭᠤᠯ ᠤᠨ ᠳᠤᠳᠤᠷ᠎ᠠ ᠠᠴᠠ ᠬᠤᠶᠢᠳ ᠬᠦᠮᠦᠰ ᠢ ᠬᠠᠮᠤᠭ ᠤᠨ ᠭᠡᠷᠴᠡᠭᠡᠢ ᠪᠠᠷ ᠳᠠᠷᠤᠩᠭᠤᠶᠢᠯᠠᠭᠰᠠᠨ ᠪᠠᠶᠢᠳᠠᠭ᠃ | ᠮᠠᠨᠵᠤ ᠴᠢᠩ ᠵᠡᠭᠦᠠᠭᠠᠷ ᠢ ᠡᠵᠡᠯᠡᠬᠦ ᠳᠡᠭᠡᠨ 60 ᠲᠦᠮᠡᠨ ᠤᠶᠢᠷᠠᠳ ᠢ ᠬᠢᠳᠤᠵᠤ ᠵᠦᠪᠬᠡᠨ ᠠᠭᠤᠯᠠ ᠬᠠᠳᠠᠨ ᠳᠤ | ᠨᠢᠭᠤᠭᠳᠠᠨᠵᠤ ᠠᠮᠢ ᠵᠤᠯᠪᠠᠭᠰᠠᠨ ᠡᠬᠡᠨᠡᠷ ᠬᠡᠣᠬᠡᠳ᠂ ᠬᠦᠭᠰᠢᠳ ᠵᠡᠮᠳᠡᠭ ᠠᠴᠠ ᠦᠭᠡᠷ᠎ᠡ ᠡᠷ᠎ᠡ ᠪᠦᠰᠡᠳᠠᠢ ᠬᠦᠮᠦᠨ ᠤ | ᠪᠠᠷ᠎ᠠ ᠳᠠᠰᠤᠷᠠᠵᠤ᠂ ᠵᠡᠭᠦᠠᠭᠠᠷ ᠨᠤᠳᠤᠭ ᠡᠵᠡᠬᠦ᠋ᠢᠷᠡᠭᠰᠡᠨ ᠭᠡᠳᠡᠭ ᠲᠡᠤᠬᠡ ᠲᠠᠢ᠃ ᠲᠡᠷᠡ ᠶᠡᠭᠡ ᠬᠢᠳᠤᠯᠭ᠎ᠠ ᠳᠤ ᠭᠤᠤᠯ | ᠬᠤᠶᠢᠳ ᠠᠶᠢᠮᠠᠭ ᠪᠤᠯᠤᠨ ᠵᠡᠭᠦᠠᠭᠠᠷ ᠠᠶᠢᠮᠠᠭ ᠤᠨ ᠬᠦᠮᠦᠰ ᠢᠯᠡᠬᠦᠤ ᠠᠮᠢ ᠡᠷᠡᠰᠳᠡᠭᠰᠡᠨ ᠭᠡᠬᠦ ᠳᠤ ᠢᠯᠡᠬᠦᠳᠡᠬᠦ ᠦᠭᠡᠢ | ᠃ ᠤᠴᠢᠷ ᠨᠢ ᠨᠢᠭᠡ ᠳᠤ ᠵᠡᠭᠦᠠᠭᠠᠷ ᠤᠨ ᠪᠤᠰᠤᠯᠭ᠎ᠠ ᠶᠢ ᠬᠤᠶᠢᠳ ᠤᠨ ᠲᠠᠶᠢᠵᠢ ᠠᠮᠤᠷᠰᠠᠨᠠᠭ᠎ᠠ ᠡᠭᠦᠰᠭᠡᠨ | ᠤᠳᠤᠷᠢᠳᠤᠭᠰᠠᠨ᠃ ᠬᠤᠶᠠᠷ ᠲᠤ ᠪᠤᠰᠤᠯᠭ᠎ᠠ ᠵᠡᠭᠦᠠᠭᠠᠷ ᠤᠨ ᠨᠤᠳᠤᠭ ᠲᠤ ᠡᠭᠦᠰᠴᠤ᠂ ᠮᠦᠨ ᠲᠡᠷᠡ ᠨᠤᠳᠤᠭ ᠲᠤ | ᠳᠠᠷᠤᠩᠭᠤᠶᠢᠯᠠᠭᠳᠠᠭᠰᠠᠨ᠂ ᠭᠤᠷᠪᠠ ᠳᠤ᠂ ᠲᠤᠬᠠᠢ ᠶᠢᠨ ᠦᠶ᠎ᠡ ᠳᠤ ᠲᠤᠷᠭᠤᠳ ᠤᠯᠠᠩᠬᠢ ᠨᠢ ᠢᠵᠢᠯ ᠵᠠᠢ ᠳᠤ᠂ | ᠬᠤᠱᠤᠳ ᠤᠨ ᠶᠡᠬᠡᠩᠬᠢ ᠨᠢ ᠬᠦᠬᠡᠨᠠᠭᠤᠷ ᠲᠤ᠂ ᠲᠦᠷᠪᠡᠳ ᠤᠨ ᠬᠠᠭᠠᠰ ᠨᠢ ᠢᠵᠢᠯ ᠵᠠᠢ ᠪᠠ ᠬᠠᠯᠬ᠎ᠠ ᠳᠤ | ᠨᠡᠭᠦᠴᠢᠬᠡᠭᠰᠡᠨ ᠤᠷᠢᠳᠠᠯ ᠳᠤᠤᠷ᠎ᠠ ᠪᠤᠰᠤᠯᠭ᠎ᠠ ᠳᠤ ᠪᠤᠰᠤᠳ ᠠᠶᠢᠮᠠᠭ ᠤᠨ ᠬᠦᠮᠦᠰ ᠤᠷᠤᠯᠴᠠᠭᠰᠠᠨ ᠪᠤᠯᠪᠠᠴᠤ ᠭᠤᠤᠯ | ᠬᠦᠴᠦ ᠨᠢ ᠬᠤᠶᠢᠳ ᠪᠠ ᠵᠡᠭᠦᠠᠭᠠᠷ ᠠᠶᠢᠮᠠᠭ ᠤᠨ ᠬᠦᠮᠦᠰ ᠪᠠᠶᠢᠭᠰᠠᠨ ᠨᠢ ᠢᠯᠡᠷᠬᠡᠢ᠃ ᠡᠬᠦᠨ ᠤ ᠤᠯᠠᠮ ᠠᠴᠠ | ᠮᠠᠨᠵᠤ ᠶᠢᠨ ᠡᠷᠬᠡ ᠪᠠᠷᠢᠭᠴᠢᠳ ᠬᠤᠶᠢᠳ ᠬᠦᠮᠦᠰ ᠪᠠ ᠵᠡᠭᠦᠠᠭᠠᠷ ᠬᠦᠮᠦᠰ ᠢ ᠬᠠᠮᠤᠭ ᠤᠨ ᠬᠡᠷᠴᠡᠭᠡᠢ ᠪᠠᠷ ᠠᠯᠠᠨ | ᠬᠢᠳᠤᠵᠤ᠂ ᠶᠠᠯᠠᠯᠠᠨ ᠴᠦᠯᠡᠵᠤ᠂ ᠪᠤᠲᠠᠷᠠᠭᠠᠨ ᠰᠠᠷᠨᠢᠭᠤᠯᠵᠤ᠂ ᠤᠭᠰᠠᠭ᠎ᠠ ᠤᠳᠤᠮ ᠢ ᠨᠢ ᠦᠭᠡᠢ ᠬᠢᠬᠦ ᠪᠠᠷ ᠵᠤᠷᠢᠯᠭ᠎ᠠ | ᠪᠤᠯᠭᠠᠭᠰᠠᠨ ᠲᠤᠯᠠ ᠬᠤᠵᠢᠮ ᠤᠨ ᠤᠯᠠᠨ ᠲᠦᠷᠦ ᠶᠢᠨ ᠰᠤᠯᠢᠭᠳᠠᠯ ᠳᠤ ᠴᠤ ᠡᠨᠡ ᠬᠤᠶᠠᠷ ᠠᠶᠢᠮᠠᠭ ᠵᠢᠭᠠᠭᠳᠠᠭᠰᠠᠨ | ᠭᠠᠵᠠᠷ ᠨᠤᠳᠤᠭ ᠦᠭᠡᠢ᠂ ᠠᠶᠢᠮᠠᠭ ᠤᠭᠰᠠᠭᠠᠨ ᠤ ᠬᠢᠨᠢ ᠨᠡᠷ᠎ᠡ ᠪᠠᠷ ᠨᠡᠷᠡᠶᠢᠳᠦᠭᠰᠡᠨ ᠵᠠᠰᠭ ᠵᠠᠬᠢᠷᠭᠠᠨ ᠤ ᠪᠠᠶᠢᠭᠤᠯᠤᠮᠵᠢ | ᠴᠤ ᠦᠭᠡᠢ᠂ ᠤᠯᠠ ᠮᠦᠷ ᠨᠢ ᠪᠠᠯᠠᠷᠠᠵᠤ ᠪᠠᠶᠢᠭ᠎ᠠ ᠠᠶᠢᠮᠠᠭ ᠤᠭᠰᠠᠭ᠎ᠠ ᠪᠤᠯᠵᠤ ᠪᠢᠯᠡ᠃ | ᠳᠡᠪᠤ᠂ ᠬᠤᠶᠢᠳ ᠤᠪᠤᠭᠳᠡᠡ ᠤ ᠳᠠᠷᠬᠠᠠ ᠰᠠᠭᠤᠷᠢᠰᠢᠵᠤ ᠪᠠᠶᠢᠭ᠎ᠠ ᠭᠠᠵᠠᠷ ᠤᠷᠤᠠ᠃ ᠮᠤᠩᠭᠤᠯ ᠤᠨ ᠲᠡᠤᠬᠡ᠂ ᠵᠠᠩ | ᠦᠢᠯᠡ ᠰᠤᠳᠤᠯᠤᠭᠠᠴᠢ᠂ ᠤᠷᠤᠨ ᠨᠤᠳᠤᠭ ᠤᠨ ᠤᠶᠢᠯᠠᠯᠭ᠎ᠠ ᠶᠢᠨ ᠡᠷᠳᠡᠮᠲᠡᠨ ᠮᠢᠭᠭᠠᠳ᠂ ᠱ᠊ · ᠲᠦᠩᠰᠢᠭ ︽ᠮᠠᠨᠵᠤ | ᠨᠠᠷ ᠬᠤᠶᠢᠳ ᠢ ᠠᠮᠤᠷᠰᠠᠨᠠᠭ᠎ᠠ ᠶᠢᠨ ᠬᠡᠷᠡᠭ ᠤᠴᠢᠷ ᠢᠶᠠᠷ ᠳᠠᠷᠤᠩᠭᠤᠶᠢᠯᠠᠨ ᠬᠢᠳᠤᠵᠤ ᠶᠡᠬᠡᠳᠡ ᠠᠯᠠᠵᠤ ᠤᠰᠠᠳᠬᠠᠭᠠᠳ | ᠦᠯᠡᠳᠡᠭᠰᠡᠨ ᠢ ᠨᠢ ᠠᠷᠤ ᠬᠠᠯᠬ᠎ᠠ᠂ ᠦᠪᠦᠷ ᠮᠤᠩᠭᠤᠯ ᠤᠷᠴᠢᠮ ᠤᠨ ᠮᠤᠵᠢ ᠳᠤ ᠲᠠᠷᠬᠠᠭᠠᠨ ᠴᠦᠯᠡᠭᠰᠡᠨ ᠢᠶᠠᠷ | ᠪᠡᠶ᠎ᠡ ᠪᠠᠨ ᠳᠠᠭᠠᠭᠠᠭᠰᠠᠨ ᠤᠪᠤᠭ ᠠᠶᠢᠮᠠᠭ ᠤᠨ ᠬᠡᠯᠪᠡᠷᠢ ᠠᠯᠳᠠᠭᠳᠠᠪᠡ︾ 【1】 ᠭᠡᠵᠤ ᠲᠡᠮᠳᠡᠭᠯᠡᠭᠰᠡᠨ ᠨᠢ | ᠬᠤᠶᠢᠳ ᠠᠶᠢᠮᠠᠭ ᠤᠨ ᠦᠩᠭᠡᠷᠡᠭᠰᠡᠨ ᠦᠢᠯᠡ ᠬᠡᠷᠡᠭ ᠪᠠ ᠤᠳᠤ ᠶᠢᠨ ᠲᠠᠷᠬᠠᠨ ᠪᠤᠲᠠᠷᠠᠯᠲᠠ ᠶᠢ ᠦᠨᠡᠨ ᠮᠦᠨ ᠢᠶᠠᠷ | ᠳ᠋ᠦᠩᠨᠡᠭᠰᠡᠨ ᠤ ᠬᠤᠷᠢᠶᠠᠩᠭᠤᠶᠢᠯᠠᠯ ᠮᠦᠨ ᠭᠡᠵᠦ ᠬᠡᠯᠡᠬᠦ ᠳᠤ ᠢᠯᠡᠬᠦᠳᠡᠬᠦ ᠦᠭᠡᠢ᠃ ᠮᠠᠨᠵᠦ ᠶᠢᠨ ᠲᠦᠷᠦ ᠮᠣᠩᠭᠤᠯ ᠢ | ᠳᠠᠷᠤᠩᠭᠤᠶᠢᠯᠠᠨ ᠬᠢᠲᠤᠬᠤ᠂ ᠪᠤᠲᠠᠷᠠᠭᠠᠨ ᠰᠠᠯᠭᠠᠬᠤ᠂ ᠴᠦᠯᠡᠨ ᠵᠠᠶᠢᠯᠠᠭᠤᠯᠬᠤ ᠪᠤᠳᠤᠯᠭ᠎ᠠ ᠶᠢᠨ ᠦᠷ᠎ᠡ ᠳ᠋ᠦᠩ ᠳᠤ | ᠬᠤᠶᠢᠳ ᠠᠶᠢᠮᠠᠭ ᠤᠨ ᠬᠦᠮᠦᠰ ᠠᠶᠢᠮᠠᠭ ᠤᠨ ᠬᠠᠷᠢᠶ᠎ᠠ ᠪᠠᠨ ᠠᠯᠳᠠᠵᠦ᠂ ᠤᠯᠤᠰ ᠤᠨ ᠳᠣᠲᠤᠭᠠᠳᠦ ᠭᠠᠳᠠᠭᠠᠲᠦ ᠳᠠᠬᠢ | ᠣᠯᠠᠨ ᠭᠠᠵᠠᠷ ᠲᠤ ᠳ᠋ᠠᠰᠢ ᠶᠢᠨ ᠲᠠᠷᠢᠶ᠎ᠠ ᠰᠢᠬ ᠰᠠᠴᠤᠭᠳᠠᠵᠦ᠂ ᠣᠳᠤ ᠵᠦᠪᠬᠡᠨ ᠠᠶᠢᠮᠠᠭ ᠤᠨ ᠨᠡᠷ᠎ᠡ ᠪᠠᠨ ᠦᠪᠡᠷ ᠤᠨ | ᠣᠪᠤᠭ ᠪᠣᠯᠭᠠᠨ᠂ ᠬᠤᠶᠢᠳ ᠤᠪᠤᠭᠲᠠᠨ ᠤ ᠬᠤᠪᠢ ᠪᠠᠷ ᠣᠷᠤᠰᠢᠵᠦ ᠪᠣᠢ᠃ ᠣᠳᠤ ᠶᠢᠨ ᠪᠢᠳᠡᠨ ᠤ ᠮᠡᠳᠡᠵᠦ ᠪᠠᠶᠢᠭ᠎ᠠ | ᠬᠤᠶᠢᠳ ᠤᠨ ᠲᠠᠷᠬᠠᠯᠲᠠ ᠭᠡᠪᠡᠯ ᠮᠠᠨ ᠤ ᠤᠯᠤᠰ ᠤᠨ ᠬᠦᠬᠡᠨᠠᠭᠤᠷ ᠮᠣᠵᠢ ᠶᠢᠨ ᠭᠦᠩ ᠾᠧ ᠰᠢᠶᠠᠨ ᠢᠶᠠᠷ ᠭᠤᠣᠯ | ᠪᠣᠯᠭᠠᠭᠰᠠᠨ ᠤᠭ ᠤᠨ ᠳᠡᠭᠡᠳᠦ ᠮᠣᠩᠭᠤᠯ ᠤᠨ ᠬᠤᠰᠢᠭᠤᠳ ᠢᠶᠠᠷ ᠴᠦᠬᠡᠨ ᠪᠠᠷᠤᠭ ᠪᠣᠢ᠃ ᠳᠡᠳᠡ ᠪᠣᠯ 1636 | — 1637 ᠣᠨ ᠳᠤ ᠬᠤᠱᠤᠳ ᠤᠨ ᠭᠦᠦᠰᠢ ᠬᠠᠭᠠᠨ ᠢ ᠳᠠᠭᠠᠵᠦ ᠬᠦᠬᠡᠨᠠᠭᠤᠷ ᠲᠤ ᠣᠴᠢᠭᠰᠠᠨ ᠬᠤᠶᠢᠳ ᠤᠨ | ᠲᠠᠶᠢᠵᠢ ᠳ᠋ᠢᠪᠠ ᠶᠢᠨ ᠬᠠᠷᠢᠶᠠᠲᠦ ᠪᠠ ᠬᠤᠵᠢᠮ ᠤᠨ ᠭᠠᠯᠳᠠᠨ ᠪᠣᠱᠤᠭᠲᠦ ᠶᠢᠨ ᠦᠶ᠎ᠡ ᠳᠤ ᠳᠦᠷᠪᠡᠵᠦ ᠣᠴᠢᠭᠰᠠᠨ | ᠬᠤᠶᠢᠳ ᠠᠶᠢᠮᠠᠭ ᠤᠨ ᠬᠦᠮᠦᠰ ᠤᠨ ᠦᠷ᠎ᠡ ᠬᠤᠶᠢᠴᠢᠰ ᠮᠦᠨ᠃ ᠬᠠᠷᠠᠮᠦ᠋ᠷᠡᠨ ᠮᠣᠵᠢ ᠶᠢᠨ ᠴᠢᠴᠢᠬᠠᠷ ᠬᠤᠲᠠ ᠶᠢᠨ | ᠹᠦ᠋ ᠢᠦᠢ ᠰᠢᠶᠠᠨ ᠤ ᠹᠦ᠋ ᠬᠠᠢ ᠪᠠᠯᠭᠠᠰᠤᠨ ᠳᠤ ᠶᠡᠭᠡ ᠮᠢᠩᠭᠠᠨ ᠵᠡᠷᠭᠡ ᠳᠦᠷᠪᠡᠨ ᠣᠪᠤᠭ ᠤᠨ ᠬᠤᠶᠢᠳ | ᠠᠶᠢᠮᠠᠭ ᠠᠴᠠ ᠭᠠᠷᠤᠯ ᠲᠠᠢ ᠬᠤᠶᠠᠷ ᠮᠢᠩᠭ᠎ᠠ ᠭᠠᠷᠤᠢ ᠬᠦᠮᠦᠰ ᠣᠷᠤᠰᠢᠨ ᠰᠠᠭᠤᠷᠢᠰᠢᠵᠦ ᠪᠣᠢ᠃ ᠲᠡᠳᠡᠨ ᠪᠣᠯ | 1754 ᠣᠨ ︵ᠲᠡᠭᠷᠢ ᠳᠡᠳᠭᠦᠭᠴᠢ ᠶᠢᠨ 19 ᠳ᠋ᠤᠭᠡᠷ ᠣᠨ︶ ᠪᠣᠯᠤᠨ 1755 ᠣᠨ ︵ᠲᠡᠭᠷᠢ ᠳᠡᠳᠭᠦᠭᠴᠢ ᠶᠢᠨ | 20 ᠳ᠋ᠤᠭᠠᠷ ᠣᠨ︶ ᠳᠤ ᠮᠠᠨᠵᠦ ᠳᠤ ᠳᠠᠭᠠᠬᠤ ᠪᠠᠷ ᠣᠴᠢᠭᠰᠠᠨ ᠬᠤᠶᠢᠳ ᠠᠶᠢᠮᠠᠭ ᠤᠨ ᠲᠠᠶᠢᠵᠢ ᠠᠪᠲᠠᠰᠢ ᠪᠣᠯᠤᠨ | ᠪᠠᠰᠠᠩ ᠤᠨ ᠬᠠᠷᠢᠶᠠᠲᠦ ᠪᠣᠯᠤᠨ᠎ᠠ᠃ ᠰᠢᠨᠵᠢᠶᠠᠩ ᠤᠨ ᠣᠶᠢᠷᠠᠳ ᠮᠣᠩᠭᠤᠯᠴᠤᠳ ᠤᠨ ᠣᠷᠤᠰᠢᠨ ᠰᠠᠭᠤᠵᠦ ᠪᠠᠶᠢᠭ᠎ᠠ | ᠰᠢᠶᠠᠨ ᠨᠤᠭᠤᠳ ᠢᠶᠠᠷ ᠦᠪᠡᠷ ᠢ ᠪᠠᠨ ᠬᠤᠶᠢᠳ ᠠᠶᠢᠮᠠᠭ ᠠᠴᠠ ᠡᠭᠦᠰᠦᠯ ᠭᠠᠷᠤᠯ ᠲᠠᠢ ᠭᠡᠳᠡᠭ ᠬᠦᠮᠦᠰ ᠪᠠᠶᠢᠳᠠᠭ᠃ | ᠳᠡᠲᠡᠨ ᠪᠣᠯ ᠵᠡᠭᠦᠠᠭᠠᠷ ᠤᠨ ᠳᠠᠶᠢᠨ ᠤ ᠦᠶ᠎ᠡ ᠳᠤ ᠵᠡᠭᠦᠠᠭᠠᠷ ᠨᠤᠲᠤᠭ ᠲᠤ ᠦᠯᠡᠳᠡᠭᠰᠡᠨ ᠪᠣᠶᠤ ᠲᠠᠶᠢᠨ ᠤ ᠳᠠᠷᠠᠭ᠎ᠠ | ᠪᠤᠴᠠᠵᠦ ᠢᠷᠡᠭᠰᠡᠨ ᠬᠤᠶᠢᠳ ᠠᠶᠢᠮᠠᠭ ᠤᠨ ᠬᠦᠮᠦᠰ ᠤᠨ ᠬᠤᠶᠢᠴᠢᠰ ᠮᠦᠨ᠃ ᠦᠪᠦᠷ ᠮᠣᠩᠭᠤᠯ ᠤᠨ ᠰᠢᠯᠢ ᠶᠢᠨ | ᠭᠤᠣᠯ ᠠᠶᠢᠮᠠᠭ ᠤᠨ ᠤᠭ ᠤᠨ ᠴᠠᠬᠠᠷ ᠤᠨ ᠬᠡᠳᠦᠨ ᠬᠤᠰᠢᠭᠤᠨ ᠤ ᠦᠭᠡᠯᠡᠳ ᠤᠨ ᠳᠣᠮᠳᠠ ᠬᠡᠰᠡᠭ ᠬᠤᠶᠢᠳ | ᠣᠪᠤᠭᠲᠠᠨ ᠪᠠᠶᠢᠳᠠᠭ᠃ ᠲᠡᠳᠡᠨ ᠪᠣᠯ 1690 ᠣᠨ ︵ᠡᠩᠭᠡ ᠠᠮᠤᠭᠤᠯᠠᠩ ᠤᠨ 29 ᠳ᠋ᠤᠭᠡᠷ ᠣᠨ︶ ᠤ ᠦᠶ᠎ᠡ ᠳᠤ | ᠭᠠᠯᠳᠠᠨ ᠪᠣᠱᠤᠭᠲᠦ ᠶᠢᠨ ᠴᠡᠷᠢᠭ ᠠᠴᠠ ᠪᠤᠲᠠᠷᠠᠨ ᠲᠠᠰᠤᠷᠠᠵᠦ ᠦᠯᠡᠳᠡᠭᠰᠡᠨ ᠬᠤᠶᠢᠳ ᠠᠶᠢᠮᠠᠭ ᠤᠨ ᠬᠦᠮᠦᠰ ᠪᠠ | ᠬᠤᠵᠢᠮ ᠤᠨ 1750 ᠭᠠᠳ ᠣᠨ ᠠᠴᠠ ᠬᠤᠶᠢᠰᠢ ᠮᠠᠨᠵᠦ ᠶᠢᠨ ᠲᠦᠷᠦ ᠠᠴᠠ ᠨᠡᠭᠦᠯᠭᠡᠵᠦ ᠴᠦᠯᠡᠭᠰᠡᠨ | ᠣᠶᠢᠷᠠᠳ ᠤᠨ ᠳᠣᠲᠤᠷᠠᠬᠢ ᠬᠤᠶᠢᠳ ᠠᠶᠢᠮᠠᠭ ᠤᠨ ᠬᠦᠮᠦᠰ ᠤᠨ ᠦᠷ᠎ᠡ ᠬᠤᠶᠢᠴᠢᠰ ᠮᠦᠨ᠃ ᠡᠭᠦᠨ ᠠᠴᠠ ᠭᠠᠳᠠᠨ᠎ᠠ | ᠦᠪᠦᠷ ᠮᠣᠩᠭᠤᠯ ᠤᠨ ᠵᠠᠷᠢᠮ ᠬᠤᠰᠢᠭᠤᠳ ᠢᠶᠠᠷ ᠬᠠᠶᠠ ᠨᠢᠭᠡ ᠬᠡᠳᠦ ᠪᠠᠷ ᠪᠠᠶᠢᠭ᠎ᠠ ᠬᠤᠶᠢᠳ ᠣᠪᠤᠭᠲᠠᠳ ᠪᠣᠯ | ᠵᠡᠬᠦᠠᠭᠠᠷ ᠤᠨ ᠳᠠᠶᠢᠨ ᠤ ᠳᠠᠷᠠᠭ᠎ᠠ ᠮᠠᠨᠵᠦ ᠶᠢᠨ ᠲᠦᠷᠦ ᠵᠠᠰᠠᠭ ᠤᠨ ᠠᠯᠪᠠᠳᠠᠯᠭ᠎ᠠ ᠪᠠᠷ ᠨᠡᠭᠦᠯᠭᠡᠵᠦ ᠣᠴᠢᠭᠤᠯᠤᠭᠰᠠᠨ | ᠬᠤᠶᠢᠳ ᠠᠶᠢᠮᠠᠭ ᠤᠨ ᠬᠤᠶᠢᠴᠢᠰ ᠮᠦᠨ᠃ ᠦᠪᠦᠷ ᠮᠣᠩᠭᠤᠯ ᠤᠨ ᠠᠯᠠᠱᠠ ᠠᠶᠢᠮᠠᠭ ᠤᠨ ᠠᠯᠠᠱᠠ ᠪᠠᠷᠠᠭᠤᠨ | ᠬᠤᠰᠢᠭᠤ᠂ ᠠᠯᠠᠱᠠ ᠵᠡᠭᠦᠨ ᠬᠤᠰᠢᠭᠤ ᠪᠣᠯ ᠣᠳᠤ ᠶᠢᠨ ᠬᠤᠶᠢᠳ ᠣᠪᠤᠭᠲᠠᠨ ᠤ ᠨᠡᠯᠢᠶᠡᠳ ᠲᠦᠪᠯᠡᠷᠡᠵᠦ ᠪᠠᠶᠢᠭ᠎ᠠ | ᠭᠠᠵᠠᠷ ᠨᠤᠲᠤᠭ ᠮᠦᠨ᠃ ᠭᠡᠬᠦ ᠳᠤ ᠲᠡᠳᠡᠨ ᠤ ᠠᠯᠠᠱᠠ ᠳᠤ ᠢᠷᠡᠭᠰᠡᠨ ᠴᠠᠭ ᠬᠤᠭᠤᠴᠠᠭ᠎ᠠ᠂ ᠵᠠᠮ ᠮᠦᠷ ᠨᠢ ᠠᠳᠠᠯᠢ | ᠦᠭᠡᠢ ᠪᠣᠯᠤᠯᠲᠠᠢ᠃ ᠣᠳᠤ ᠶᠢᠨ ᠠᠯᠠᠱᠠ ᠪᠠᠷᠠᠭᠤᠨ ᠬᠤᠰᠢᠭᠤᠨ ᠤ ᠳᠠᠮᠰᠣᠭᠪᠤᠯᠠᠭ ᠰᠣᠮᠤ᠂ ᠮᠦᠩᠭᠦᠨᠪᠤᠯᠠᠭ ᠰᠤᠮᠤ᠂ | ᠠᠯᠳ᠋ᠬᠠᠣᠪᠤᠭᠠ ᠰᠣᠮᠤ ᠭᠢᠬᠡᠳ ᠠᠯᠠᠱᠠ ᠵᠡᠭᠦᠨ ᠬᠤᠰᠢᠭᠤᠨ ᠤ ᠪᠠᠶᠠᠨᠨᠢᠷᠤᠭᠤᠨ ᠰᠤᠮᠤ᠂ ᠬᠤᠩᠭᠤᠷᠠᠦ᠋ᠯᠦᠩ | ᠰᠤᠮᠣ ᠪᠠᠷ ᠭᠤᠣᠯ ᠪᠣᠯᠭᠠᠭᠰᠠᠨ ᠬᠤᠶᠢᠲᠦ ᠪᠡᠶ᠎ᠡ ᠶᠢᠨ ᠰᠣᠮᠤ ᠪᠠᠷ ᠨᠡᠯᠢᠶᠡᠳ ᠬᠤᠶᠢᠳ ᠤᠳ ᠲᠦᠪᠯᠡᠷᠡᠵᠦ ᠪᠣᠢ᠂ | ᠲᠡᠳᠡ ᠪᠣᠯ 1677 ᠤᠨ ︵ᠡᠩᠭᠡ ᠠᠮᠤᠭᠤᠯᠠᠩ ᠤᠨ 16 ᠳ᠋ᠤᠭᠠᠷ ᠣᠨ︶ ᠤ ᠦᠶ᠎ᠡ ᠪᠠᠷ ᠵᠡᠭᠦᠠᠭᠠᠷ ᠤᠨ ᠲᠠᠶᠢᠵᠢ | ᠬᠠᠨᠳᠦ ᠪᠠ ᠡᠷᠳᠡᠨᠢ ᠬᠤᠰᠢᠭᠤᠴᠢ ᠶᠢ ᠳᠠᠭᠠᠵᠦ ᠡᠵᠡᠨ᠎ᠡ ᠪᠠᠷ ᠳᠠᠮᠵᠢᠨ ᠠᠯᠠᠱᠠ ᠳᠤ ᠢᠷᠡᠭᠰᠡᠨ ᠬᠤᠶᠢᠳ ᠪᠠ ᠮᠦᠨ | ᠲᠡᠷᠡ ᠦᠶᠡᠰ ᠢᠶᠠᠷ ᠬᠤᠱᠤᠳ ᠤᠨ ᠭᠠᠯᠳᠠᠨᠳᠣᠷᠵᠢ ᠶᠢ ᠳᠠᠭᠠᠵᠦ ᠠᠯᠠᠱᠠ ᠳᠤ ᠢᠷᠡᠭᠰᠡᠨ ᠬᠤᠶᠢᠳ ᠤᠨ ᠲᠠᠶᠢᠵᠢ | ᠯᠣᠪᠽᠠᠩ ᠤᠨ ᠬᠠᠷᠢᠶᠠᠲᠦ ᠶᠢᠨ ᠠᠯᠠᠱᠠ ᠳᠤ ᠦᠯᠡᠳᠡᠵᠦ ᠬᠤᠴᠤᠷᠤᠭᠰᠠᠨ ᠬᠦᠮᠦᠰ ᠤᠨ ᠬᠤᠶᠢᠴᠢᠰ ᠮᠦᠨ ᠪᠣᠯᠤᠯᠲᠠᠢ | ᠃ ᠨᠦᠭᠦᠭᠡ ᠨᠢᠭᠡ ᠪᠦᠯᠦᠭ ᠨᠢ 1670 ᠭᠠᠳ ᠣᠨ ᠤ ᠰᠡᠭᠦᠯᠴᠢ᠂ 1680 ᠭᠠᠳ ᠣᠨ ᠤ ᠡᠬᠢ ᠪᠠᠷ | ᠬᠤᠱᠤᠳ ᠤᠨ ᠡᠷᠬᠡ ᠵᠢᠨᠦᠩ ᠬᠤᠷᠤᠯᠠᠢ ᠶᠢ ᠳᠠᠭᠠᠵᠦ ᠠᠯᠠᠱᠠ ᠳᠤ ᠢᠷᠡᠭᠰᠡᠨ ᠬᠤᠶᠢᠳ ᠠᠶᠢᠮᠠᠭ ᠤᠨ ᠬᠤᠶᠢᠴᠢᠰ | ᠮᠦᠨ᠃ ᠪᠠᠰᠠ ᠨᠢᠭᠡ ᠪᠦᠯᠦᠭ ᠨᠢ ᠣᠳᠣ ᠶᠢᠨ ᠠᠯᠠᠱᠠ ᠵᠡᠭᠦᠨ ᠬᠤᠰᠢᠭᠤᠨ ᠤ ᠪᠠᠷᠠᠭᠤᠨ ᠪᠡᠶ᠎ᠡ ᠶᠢᠨ ᠨᠤᠲᠤᠭ ᠪᠤᠯᠬᠤ | ᠤᠨᠳᠤᠷᠤᠯᠲᠦ ᠰᠣᠮᠤ᠂ ᠲᠡᠭᠷᠢ ᠡᠯᠡᠰᠦ ᠰᠤᠮᠤ ᠪᠠᠷ ᠠᠵᠦ ᠲᠦᠷᠦᠵᠦ ᠪᠠᠶᠢᠭ᠎ᠠ ᠬᠤᠶᠢᠳ ᠤᠳ ᠪᠣᠯ 1680 ᠭᠠᠳ | ᠣᠨ ᠤ ᠦᠶ᠎ᠡ ᠪᠠᠷ ᠬᠤᠱᠤᠳ ᠤᠨ ᠸᠴᠢᠷᠲᠦ ᠰᠡᠴᠡᠨ ᠬᠠᠨ ᠤ ᠣᠮᠪᠤᠯᠤ ᠯᠤᠪᠰᠠᠩᠭᠤᠮᠪᠤ ︵ᠯᠣᠪᠰᠠᠩᠭᠤᠮᠪᠤ ᠷᠠᠪᠲᠠᠨ︶ | ᠢ ᠳᠠᠭᠠᠵᠦ ᠪᠠᠭ᠎ᠠ ᠬᠤᠵᠢᠮᠳᠠᠭᠤ ᠰᠢᠭ᠋ ᠠᠯᠠᠱᠠ ᠳᠤ ᠢᠷᠡᠭᠰᠡᠨ ᠬᠤᠶᠢᠳ ᠠᠶᠢᠮᠠᠭ ᠤᠨ ᠬᠤᠶᠢᠴᠢ ᠦᠶ᠎ᠡ ᠮᠦᠨ | ᠭᠡᠳᠡᠭ᠃ ᠡᠭᠦᠨ ᠠᠴᠠ ᠭᠠᠳᠠᠨ᠎ᠠ ᠣᠷᠤᠰ ᠤᠨ ᠬᠤᠯᠪᠤᠭᠠᠨ ᠤ ᠬᠠᠯᠢᠮᠠᠭ ᠤᠯᠤᠰ ᠲᠤ ᠬᠤᠶᠢᠳ ᠠᠶᠢᠮᠠᠭ ᠤᠨ | ᠬᠦᠮᠦᠰ ᠤᠨ ᠤᠯᠠ ᠮᠦᠷ ᠪᠠᠶᠢᠨ᠎ᠠ ᠭᠡᠰᠡᠨ ᠮᠡᠳᠡᠭᠡ ᠪᠣᠢ᠃ ᠲᠡᠳᠡ ᠪᠣᠯ 1628 ᠣᠨ ︵ᠲᠡᠭᠷᠢ ᠶᠢᠨ ᠰᠡᠴᠡᠨ ᠤ 2 | ᠳ᠋ᠤᠭᠠᠷ ᠣᠨ︶ ᠳᠤ ᠲᠣᠷᠭᠤᠳ ᠪᠠ ᠳᠦᠷᠪᠡᠳ ᠠᠶᠢᠮᠠᠭ ᠲᠠᠢ ᠬᠠᠮᠲᠦ ᠣᠴᠢᠭᠰᠠᠨ ᠪᠣᠶᠤ 1676 ᠣᠨ ︵ᠡᠩᠭᠡ | ᠠᠮᠤᠭᠤᠯᠠᠩ ᠤᠨ 15 ᠳ᠋ᠤᠭᠠᠷ ᠣᠨ︶ ᠤ ᠦᠶ᠎ᠡ ᠪᠠᠷ ᠸᠴᠢᠷᠲᠦ ᠰᠡᠴᠡᠨ ᠬᠠᠨ ᠤ ᠬᠠᠲᠤᠨ ᠳᠣᠷᠵᠢᠷᠠᠪᠳᠠᠨ ᠤ | ᠳᠠᠭᠠᠭᠤᠯᠭ᠎ᠠ ᠪᠠᠷ ᠢᠵᠢᠯ ᠵᠠᠢ ᠳᠤ ᠣᠴᠢᠭᠰᠠᠨ ᠬᠤᠶᠢᠳ ᠤᠳ ᠤᠨ ᠬᠤᠶᠢᠴᠢᠰ ᠮᠦᠨ᠃ ᠣᠳᠤ ᠮᠣᠩᠭᠤᠯ | ᠤᠯᠤᠰ ᠤᠨ ᠭᠤᠪᠢ ᠠᠯᠲᠠᠢ ᠠᠶᠢᠮᠠᠭ ᠤᠨ ᠰᠢᠷᠭ᠎ᠠ ᠰᠣᠮᠤ ᠪᠠᠷ ᠬᠡᠰᠡᠭ ᠬᠤᠶᠢᠳ ᠣᠪᠤᠭᠲᠠᠨ ᠪᠣᠢ᠂ ᠳᠡᠳᠡᠨ ᠪᠣᠯ | ᠤᠭ ᠨᠢ ᠬᠤᠱᠤᠳ ᠠᠶᠢᠮᠠᠭ ᠤᠨ ᠭᠠᠯᠳᠠᠨᠳᠣᠷᠵᠢ ᠶᠢ ᠳᠠᠭᠠᠵᠦ ᠠᠯᠠᠱᠠ ᠳᠤ ᠣᠴᠢᠭᠠᠳ ᠪᠤᠴᠠᠭᠰᠠᠨ ᠬᠤᠶᠢᠳ ᠤᠨ | ᠲᠠᠶᠢᠵᠢ ᠯᠣᠪᠽᠠᠩ ᠤᠨ ᠬᠠᠷᠢᠶᠠᠲᠦ ᠮᠦᠨ᠃ ᠪᠠᠰᠠ ᠮᠣᠩᠭᠤᠯ ᠤᠯᠤᠰ ᠤᠨ ᠣᠪᠰᠦ ᠠᠶᠢᠮᠠᠭ ᠤᠨ ᠲᠦᠪ | ᠤᠯᠠᠭᠠᠠᠭᠤᠮᠤ ᠣᠷᠴᠢᠮ ᠬᠡᠰᠡᠭ ᠬᠤᠶᠢᠳ ᠤᠳ ᠪᠣᠢ᠂ ᠲᠡᠳᠡᠨ ᠪᠣᠯ 1753 ᠤᠨ ︵ᠳᠡᠭᠷᠢ ᠳᠡᠳᠭᠦᠭᠴᠢ ᠶᠢᠨ 18 | ᠳ᠋ᠤᠭᠠᠷ ᠣᠨ︶ ᠳᠤ ᠳᠦᠷᠪᠡᠳ ᠤᠨ ᠭᠤᠷᠪᠠᠨ ᠴᠠᠷᠠᠨ ᠢ ᠳᠠᠭᠠᠵᠦ ᠬᠠᠯᠬ᠎ᠠ ᠳᠤ ᠣᠴᠢᠭᠰᠠᠨ ᠬᠤᠶᠢᠳ ᠤᠨ ᠲᠠᠶᠢᠵᠢ | ᠭᠡᠨᠳᠦᠨᠵᠠᠪ᠂ ᠭᠦᠮᠵᠠᠪ᠂ ᠢᠰᠢᠭᠡ ᠨᠠᠷ ᠤᠨ ᠬᠠᠷᠢᠶᠠᠲᠦ ᠮᠦᠨ᠃ ᠪᠠᠰᠠ ᠨᠢᠭᠡ ᠬᠡᠰᠡᠭ ᠨᠢ ᠲᠡᠭᠦᠨ ᠠᠴᠠ ᠬᠤᠵᠢᠭᠤ | 1755 ᠤᠨ ︵ᠳᠡᠭᠷᠢ ᠳᠡᠳᠭᠦᠭᠴᠢ ᠶᠢᠨ 20 ᠳ᠋ᠤᠭᠠᠷ ᠤᠨ︶ ᠤ ᠦᠶ᠎ᠡ ᠳᠤ ᠮᠠᠨᠵᠦ ᠳᠤ ᠳᠠᠭᠠᠵᠦ ᠣᠷᠤᠭᠰᠠᠨ | ᠲᠠᠮᠠᠷᠢᠨ ᠤ ᠬᠠᠷᠢᠶᠠᠲᠦ ᠮᠦᠨ᠃ ᠡᠭᠦᠨ ᠠᠴᠠ ᠭᠠᠳᠠᠨ᠎ᠠ ᠣᠳᠣ ᠶᠢᠨ ᠮᠣᠩᠭᠤᠯ ᠤᠯᠤᠰ ᠤᠨ ᠣᠪᠰᠤ ᠠᠶᠢᠮᠠᠭ ᠤᠨ | ᠪᠠᠶᠠᠳ᠂ ᠳᠦᠷᠪᠡᠳ ᠤᠨ ᠳᠣᠲᠤᠷ᠎ᠠ᠂ ᠪᠠᠶ᠋ᠬᠠᠦ᠋ᠯᠦᠭᠡᠢ ᠠᠶᠢᠮᠠᠭ ᠤᠨ ᠦᠭᠡᠯᠡᠳ ᠤᠨ ᠳᠣᠲᠤᠷ᠎ᠠ᠂ ᠭᠤᠪᠢ ᠠᠯᠲᠠᠢ | ᠠᠶᠢᠮᠠᠭ ᠤᠨ ᠤᠷᠢᠶᠠᠩᠬᠠᠢ ᠶᠢᠨ ᠳᠣᠲᠤᠷ᠎ᠠ᠂ ᠬᠤᠪᠲᠦ ᠠᠶᠢᠮᠠᠭ ᠤᠨ ᠲᠣᠷᠭᠤᠳ ᠤᠨ ᠳᠣᠮᠳᠠ ᠬᠤᠶᠢᠳ ᠣᠪᠤᠭ ᠲᠠᠢ | ᠬᠦᠮᠦᠰ ᠲᠠᠷᠬᠠᠵᠦ ᠪᠠᠶᠢᠳᠠᠭ᠃ ᠲᠡᠳᠡᠨ ᠪᠣᠯ ᠢᠷᠡᠯᠲᠡ ᠨᠢ ᠠᠳᠠᠯᠢ ᠦᠭᠡᠢ᠂ ᠠᠳᠠᠯᠢ ᠪᠣᠰᠣ ᠴᠠᠭ ᠦᠶ᠎ᠡ ᠳᠤ | ᠦᠭᠡᠷ᠎ᠡ ᠦᠭᠡᠷ᠎ᠡ ᠵᠠᠮ ᠮᠦᠷ ᠢᠶᠠᠷ ᠬᠠᠯᠬ᠎ᠠ ᠳᠤ ᠣᠴᠢᠭᠰᠠᠨ ᠬᠤᠶᠢᠳ ᠠᠶᠢᠮᠠᠭ ᠤᠨ ᠬᠤᠶᠢᠴᠢᠰ ᠮᠦᠨ᠃ ᠡᠭᠦᠨ ᠳᠤ | ᠶᠡᠬᠡᠩᠬᠢ ᠨᠢ 1637 ᠤᠨ ︵ᠳᠡᠭᠷᠢ ᠶᠢᠨ ᠰᠡᠴᠡᠨ ᠤ 10 ᠳ᠋ᠤᠭᠠᠷ ᠣᠨ︶ ᠳᠤ ᠳᠦᠷᠪᠡᠳ ᠠᠶᠢᠮᠠᠭ ᠢ ᠳᠠᠭᠠᠵᠦ | ᠣᠴᠢᠭᠰᠠᠨ ᠪᠠ 1750 ᠤᠨ ︵ᠳᠡᠭᠷᠢ ᠳᠡᠳᠭᠦᠭᠴᠢ ᠶᠢᠨ 15 ᠳ᠋ᠤᠭᠠᠷ ᠤᠨ︶ ᠤ ᠦᠶ᠎ᠡ ᠠᠴᠠ ᠬᠤᠶᠢᠰᠢ | ᠵᠡᠭᠦᠠᠭᠠᠷ ᠠᠴᠠ ᠳᠦᠷᠪᠡᠵᠦ ᠣᠴᠢᠭᠰᠠᠨ ᠪᠠ ᠲᠣᠷᠭᠤᠳ ᠢ ᠳᠠᠭᠠᠵᠦ ᠢᠵᠢᠯ ᠵᠠᠢ ᠠᠴᠠ ᠪᠤᠴᠠᠵᠦ ᠢᠷᠡᠭᠰᠡᠨ | ᠬᠤᠶᠢᠳ ᠤᠨ ᠦᠷ᠎ᠡ ᠬᠤᠶᠢᠴᠢᠰ ᠮᠦᠨ᠃ ᠡᠭᠦᠨ ᠠᠴᠠ ᠭᠠᠳᠠᠨ᠎ᠠ ᠴᠦᠬᠡᠨ ᠬᠡᠳᠦ ᠨᠢ ᠲᠡᠣᠬᠡᠨ ᠳᠠᠬᠢ ᠤᠶᠢᠷᠠᠳ | ᠠᠶᠢᠮᠠᠭ ᠤᠨ ᠪᠠᠷᠠᠭᠤᠨᠰᠢ ᠰᠢᠯᠵᠢᠬᠦ ᠳᠤ ᠵᠠᠮ ᠵᠠᠭᠤᠷ᠎ᠠ ᠪᠠᠨ ᠦᠯᠡᠳᠡᠵᠦ ᠬᠤᠴᠤᠷᠤᠭᠰᠠᠨ ᠪᠣᠶᠤ ᠨᠡᠭᠦᠳᠡᠯ ᠮᠠᠯᠵᠢᠯ ᠤᠨ | ᠵᠠᠮ ᠮᠦᠷ᠂ ᠳᠠᠶᠢᠨ ᠳᠠᠵᠢᠨ ᠤ ᠬᠦᠯ ᠢᠶᠠᠷ ᠬᠤᠪᠢ ᠬᠤᠪᠢ ᠪᠠᠷ ᠢᠶᠠᠨ ᠳᠦᠷᠪᠡᠵᠦ ᠣᠴᠢᠭᠰᠠᠨ ᠪᠣᠶᠤ | ᠰᠢᠨᠵᠢᠶᠠᠩ ᠤᠨ ᠴᠡᠷᠢᠭ ᠤᠨ ᠡᠷᠬᠡᠲᠡᠨ ᠤ ᠡᠵᠡᠮᠰᠢᠯ ᠤᠨ ᠦᠶ᠎ᠡ ᠳᠤ ᠳᠤᠲᠠᠭᠠᠵᠦ ᠵᠠᠶᠢᠯᠠᠵᠦ ᠣᠴᠢᠭᠰᠠᠨ ᠬᠤᠶᠢᠳ | ᠠᠶᠢᠮᠠᠭ ᠤᠨ ᠬᠦᠮᠦᠰ ᠤᠨ ᠦᠷ᠎ᠡ ᠬᠤᠶᠢᠴᠢᠰ ᠪᠠᠶᠢᠵᠦ ᠪᠣᠯᠤᠨ᠎ᠠ᠃ ᠶᠡᠷᠦᠨᠢ ᠮᠣᠩᠭᠤᠯ ᠤᠯᠤᠰ ᠲᠤ ᠪᠠᠶᠢᠭ᠎ᠠ | ᠣᠶᠢᠷᠠᠳ ᠤᠳ ᠪᠣᠯ ᠤᠷᠲᠦ ᠤᠳᠠᠭᠠᠨ ᠲᠡᠣᠬᠡ ᠶᠢᠨ ᠶᠠᠪᠤᠴᠠ ᠳᠤ ᠣᠯᠠᠨ ᠲᠠᠪᠤᠨ ᠰᠢᠯᠲᠠᠭᠠᠨ ᠢᠶᠠᠷ ᠣᠯᠠᠨ ᠴᠦᠬᠡᠨ | ᠠᠳᠠᠯᠢ ᠪᠣᠰᠤ ᠤᠳᠠᠭ᠎ᠠ ᠳᠠᠷᠠᠭ᠎ᠠ ᠪᠠᠷ ᠣᠷᠤᠵᠦ ᠭᠠᠷᠣᠭᠰᠠᠨ ᠲᠡᠣᠬᠡ ᠲᠠᠢ ᠲᠤᠯᠠ ᠲᠡᠳᠡᠨ ᠤ ᠲᠤᠮᠳᠠ ᠬᠤᠶᠢᠳ | ᠠᠶᠢᠮᠠᠭ ᠤᠨ ᠬᠦᠮᠦᠰ ᠪᠠᠶᠢᠭ᠎ᠠ ᠨᠢ ᠣᠳᠣ ᠶᠢᠨ ᠮᠣᠩᠭᠤᠯ ᠤᠯᠤᠰ ᠲᠤ ᠪᠠᠶᠢᠭ᠎ᠠ ᠬᠤᠶᠢᠳ ᠣᠪᠤᠭᠲᠠᠨ ᠤ ᠢᠷᠡᠯ ᠮᠦᠨ | ᠪᠠᠶᠢᠬᠤ ᠶᠣᠰᠤᠲᠠᠢ᠃ | | |