ᠪᠤᠷᠬᠠᠨ ᠤ ᠱᠠᠰᠢᠨ 17 ᠳ᠋ᠤᠭᠠᠷ ᠵᠠᠭᠤᠨ ᠤ ᠡᠬᠢ ᠪᠠᠷ ᠤᠢᠢᠷᠡᠳ ᠲᠤ ᠳᠡᠯᠭᠡᠷᠡᠪᠡ
ᠨᠡᠶᠢᠲᠡᠯᠡᠭᠰᠡᠨ ᠴᠠᠭ᠄
2019/12/11
ᠤᠨ ᠲᠤᠭᠠᠯᠠᠯ ᠤᠨ 1616 ᠤᠨ ᠳᠤ ᠰᠢᠨᠵᠢᠶᠠᠩ ᠳᠤ ᠰᠠᠭᠤᠭ᠎ᠠ ᠲᠦᠷᠪᠡᠨ ᠤᠢᠢᠷᠡᠳ ᠡᠬᠢᠯᠡᠨ ᠪᠤᠷᠬᠠᠨ ᠤ ᠱᠠᠰᠢᠨ ᠢ ᠬᠦᠯᠢᠶᠠᠨ ᠠᠪᠴᠠᠢ᠃ ᠲᠤᠬᠠᠢ ᠶᠢᠨ ᠦᠶ᠎ᠠ ᠳᠤ ᠪᠠᠷᠠᠭᠤᠨ ᠮᠤᠩᠭᠤᠯ ᠤᠨ ᠬᠤᠱᠤᠳ ᠠᠶᠢᠮᠠᠭ ᠤᠨ ᠲᠦᠷᠦᠬᠦᠤ ᠪᠠᠶᠢᠪᠠᠭᠠᠰ ᠠᠴᠠ ᠵᠠᠩᠬᠢᠶ᠎ᠠ ᠬᠤᠳᠤᠭᠲᠦ ︵ᠴᠠᠭᠠᠨ ᠨᠤᠮᠤᠨ ᠬᠠᠭᠠᠨ︶ ᠶᠢ ᠪᠠᠷᠠᠭᠤᠨ ᠮᠤᠩᠭᠤᠯ ᠳᠤ ᠪᠤᠷᠬᠠᠨ ᠤ ᠱᠠᠰᠢᠨ ᠢ ᠲᠡᠯᠬᠡᠷᠡᠬᠦᠯᠬᠦ ᠪᠠᠷ ᠵᠠᠯᠠᠪᠠ᠃ ᠪᠠᠶᠢᠪᠠᠭᠠᠰ ᠤᠨ ᠨᠦᠯᠦᠬᠡᠯᠡᠯ ᠢᠶᠠᠷ ᠡᠯ᠎ᠠ ᠠᠶᠢᠮᠠᠭ ᠤᠨ ᠲᠦᠷᠦᠬᠦᠴᠤᠳ ᠵᠠᠯᠭ᠎ᠠ ᠵᠠᠯᠭ᠎ᠠ ᠪᠠᠷ ᠱᠠᠰᠢᠨ ᠰᠢᠳᠦᠵᠦ᠂ ᠲᠦᠷᠪᠡᠨ ᠤᠢᠢᠷᠡᠳ ᠤᠨ 32 ᠨᠤᠶᠠᠳ ᠲᠤ ᠲᠤᠰᠪᠤᠷᠢ ᠨᠢᠬᠡ ᠬᠦᠪᠡᠬᠦᠨ ᠢᠶᠠᠨ ᠪᠠᠨᠳᠢ ᠪᠤᠯᠭᠠᠪᠠ᠃ ᠲᠦᠷᠪᠡᠨ ᠤᠢᠢᠷᠡᠳ ᠤᠨ ᠴᠢᠭᠤᠯᠭᠠᠨ ᠤ ᠲᠠᠷᠤᠭ᠎ᠠ ᠪᠠᠶᠢᠭᠰᠠᠨ ᠪᠠᠶᠢᠪᠠᠭᠠᠰ ᠬᠠᠭᠠᠨ ᠲᠡᠷᠡ ᠦᠶ᠎ᠠ ᠳᠤ ᠬᠦᠪᠡᠬᠦᠨ ᠪᠠᠶᠢᠭᠰᠠᠨ ᠦᠬᠡᠢ ᠠᠴᠠ ᠲᠦᠷᠪᠡᠨ ᠤᠢᠢᠷᠡᠳ ᠤᠨ ᠶᠡᠭᠡ ᠰᠠᠴᠠᠨ ᠬᠦᠡᠭᠬᠦᠢ ᠵᠠᠶᠠᠭᠠᠭᠴᠢ ᠶᠢᠨ ᠶᠡᠭᠡ ᠬᠦᠪᠡᠬᠦᠨ ᠪᠠᠪᠠᠭ᠋ᠠᠨ ᠤ ᠲᠠᠪᠤᠳᠤᠭᠠᠷ ᠬᠦᠪᠡᠬᠦᠨ ᠢ ᠦᠷᠡᠴᠢᠯᠠᠨ ᠠᠪᠴᠦ᠂ ᠦᠪᠡᠷ ᠤᠨ ᠦᠷ᠎ᠠ ᠶᠢᠨ ᠢᠶᠠᠨ ᠤᠷᠤᠨ ᠳᠤ 17 ᠲᠠᠢ ᠪᠠᠨᠳᠢ ᠪᠤᠯᠭᠠᠵᠠᠢ᠃ ᠲᠤᠰ ᠪᠠᠨᠳᠢ ᠨᠢ ᠬᠤᠵᠢᠮ ᠮᠠᠨᠽᠤᠰᠢᠷᠢ ᠬᠤᠳᠤᠭᠲᠦ ᠠᠴᠠ ︽ᠤᠭᠳᠠᠷᠭᠤᠢ ᠶᠢᠨ ᠲᠠᠯᠠᠢ︾ ᠬᠡᠮᠡᠬᠦ ᠤᠳᠬ᠎ᠠ ᠲᠠᠢ ᠨᠠᠮᠬᠠᠢᠢᠵᠠᠮᠰᠦ ᠬᠡᠳᠡᠭ ᠰᠠᠬᠢᠯ ᠤᠨ ᠨᠡᠷ᠎ᠠ ᠤᠯᠪᠠ᠃ ᠲᠡᠷᠡ ᠪᠤᠯ ᠠᠯᠳᠡᠷᠲᠦ ᠽᠠᠶ᠎ᠠ ᠪᠠᠨᠳᠢᠳᠠ ᠮᠦᠨ᠃ ᠲᠡᠷᠡ ᠪᠤᠯ ᠪᠤᠷᠬᠠᠨ ᠤ ᠱᠠᠰᠢᠨ ᠢ ᠲᠡᠯᠬᠡᠷᠡᠬᠦᠯᠬᠦ ᠲᠠᠯ᠎ᠠ ᠪᠠᠷ ᠶᠡᠬᠡᠬᠡᠨ ᠠᠵᠢᠯ ᠬᠢᠭᠰᠡᠨ ᠱᠠᠰᠢᠨ ᠤ ᠵᠢᠳᠬᠦᠯᠳᠠᠨ ᠶᠤᠮ᠃ ᠲᠦᠷᠦᠪᠠᠶᠢᠬᠤ ᠬᠦᠦᠰᠢ ᠬᠠᠭᠠᠨ ᠤ ᠠᠬ᠎ᠠ ᠪᠠᠶᠢᠪᠠᠭᠠᠰ ᠬᠦᠪᠡᠬᠦᠨ ᠦᠬᠡᠢ ᠲᠤᠯᠠ ᠲᠦᠷᠦᠪᠠᠶᠢᠬᠤ ᠶᠢᠨ ᠲᠦᠷᠪᠡᠳᠦᠬᠡᠷ ᠬᠦᠪᠡᠬᠦᠨ ᠪᠠᠶᠠᠨ ᠠᠪᠤᠭᠠᠢ ᠠᠶᠤᠰᠢ ︵ᠲᠠᠯᠠᠢ ᠤᠪᠠᠰᠢ︶ ᠶᠢ ᠬᠦᠪᠡᠬᠦᠨ ᠢᠶᠠᠷ ᠡᠷᠬᠦᠨ ᠠᠪᠴᠠᠢ᠃ ᠪᠠᠶᠠᠨ ᠠᠪᠤᠭᠠᠢ ᠠᠶᠤᠰᠢ ᠶᠢᠨ ᠲᠦᠷᠪᠡᠳᠦᠬᠡᠷ ᠬᠦᠪᠡᠬᠦᠨ ᠬᠤᠷᠤᠯᠢ ᠠᠶᠢᠮᠠᠭ ᠤᠯᠠᠨ ᠢᠶᠠᠨ ᠤᠳᠤᠷᠢᠳᠴᠦ᠂ ︽ᠪᠠᠭᠠᠳᠤᠷ ᠡᠷᠬᠡ ᠵᠢᠨᠤᠩ︾ ᠬᠡᠮᠡᠨ ᠴᠤᠯᠠ ᠡᠷᠬᠦᠭᠳᠡᠪᠡ᠃ ᠬᠤᠵᠢᠮ ᠨᠢ ᠪᠠᠶᠢᠪᠠᠭᠠᠰ ᠠᠴᠠ ᠸᠴᠢᠷᠪᠠᠲᠦ᠂ ᠠᠪᠠᠯᠠᠢ ᠬᠡᠬᠦ ᠬᠤᠶᠡᠷ ᠬᠦᠪᠡᠬᠦᠨ ᠲᠠᠢ ᠪᠤᠯᠵᠦ᠂ ᠠᠬᠠᠮᠠᠳ ᠬᠦᠪᠡᠬᠦᠨ ᠢ ᠨᠢ ᠰᠠᠴᠠᠨ ᠬᠠᠨ ᠬᠡᠵᠦ ᠲᠠᠭᠤᠳᠠᠳᠠᠭ᠃ 1666 ᠤᠨ ᠳᠤ ᠲᠡᠷᠡ ᠲᠦᠪᠡᠳ ᠲᠤ ᠤᠴᠢᠬᠤ ᠳᠤ ᠲᠠᠯᠠᠢ ᠯᠠᠮᠠ ᠠᠴᠠ ︽ᠸᠴᠢᠷᠪᠠᠲᠦ ᠰᠠᠴᠠᠨ︾ ᠬᠡᠬᠦ ᠴᠤᠯᠠ ᠶᠢ ᠡᠷᠬᠦᠵᠠᠢ᠃ 1635 ᠤᠨ ᠳᠤ ᠲᠦᠪᠡᠳ ᠤᠨ ᠰᠢᠷ᠎ᠠ ᠶᠢᠨ ᠱᠠᠰᠢᠨ ᠨᠢ ᠤᠯᠠᠭᠠᠨ ᠤ ᠱᠠᠰᠢᠨ ᠳᠤ ᠬᠦᠴᠦ ᠲᠠᠷᠤᠭᠳᠠᠵᠦ᠂ ᠤᠰᠠᠳᠬᠤ ᠬᠡᠮᠵᠢᠶᠠᠨ ᠳᠤ ᠬᠦᠷᠦᠭᠰᠡᠨ ᠳᠤ ᠰᠢᠷ᠎ᠠ ᠶᠢᠨ ᠱᠠᠰᠢᠨ ᠤ ᠡᠳᠡᠬᠡᠳ ᠠᠴᠠ ᠲᠦᠷᠪᠡᠨ ᠤᠢᠢᠷᠡᠳ ᠲᠤ ᠡᠯᠴᠢ ᠢᠯᠡᠬᠡᠵᠦ ᠲᠤᠰᠠᠯᠠᠮᠵᠢ ᠭᠤᠶᠤᠪᠠ᠃ ᠲᠦᠷᠦᠪᠠᠶᠢᠬᠤ 1636 ᠤᠨ ᠤ ᠡᠪᠤᠯ ᠬᠦᠬᠡᠨᠡᠭᠤᠷ ᠲᠤ ᠬᠦᠷᠴᠦ᠂ ᠲᠠᠷᠠᠭ᠎ᠠ ᠬᠠᠪᠤᠷ ᠨᠢ ᠬᠦᠬᠡᠨᠡᠭᠤᠷ ᠢ ᠡᠵᠡᠯᠡᠵᠦ᠂ ᠤᠯᠠᠭᠠᠨ ᠤ ᠱᠠᠰᠢᠨ ᠢ ᠲᠡᠮᠵᠢᠵᠦ ᠪᠠᠶᠢᠭ᠎ᠠ ᠬᠠᠯᠬ᠎ᠠ ᠶᠢᠨ ᠴᠤᠭᠲᠦ ᠲᠠᠶᠢᠵᠢ ᠲᠠᠢ ᠤᠯᠠᠭᠠᠨ ᠬᠤᠰᠢᠭᠤ ᠬᠡᠬᠦ ᠭᠠᠵᠡᠷ ᠲᠤᠯᠤᠯᠳᠤᠭᠠᠳ ᠲᠡᠬᠦᠨ ᠢ ᠮᠦᠬᠦᠬᠡᠵᠦ᠂ ᠬᠦᠬᠡᠨᠡᠭᠤᠷ ᠢ ᠡᠵᠡᠯᠡᠬᠡᠳ ᠲᠠᠷᠠᠭ᠎ᠠ ᠪᠠᠷ ᠲᠦᠪᠡᠳ ᠢ ᠡᠵᠡᠯᠡᠵᠦ᠂ ᠤᠯᠠᠭᠠᠨ ᠤ ᠱᠠᠰᠢᠨ ᠢ ᠪᠦᠷᠢᠮᠦᠰᠦᠨ ᠤᠰᠠᠳᠬᠠᠵᠦ᠂ ᠰᠢᠷ᠎ᠠ ᠶᠢᠨ ᠱᠠᠰᠢᠨ ᠢ ᠬᠦᠭᠵᠢᠬᠡᠵᠦ ᠰᠠᠭᠤᠪᠠ᠃ ᠠᠯᠠᠱᠠ ᠦᠬᠡᠯᠡᠳ ᠬᠤᠰᠢᠭᠤᠨ ᠳᠤ ᠰᠢᠷ᠎ᠠ ᠶᠢᠨ ᠱᠠᠰᠢᠨ ᠢ ᠶᠡᠭᠡ ᠪᠠᠷ ᠲᠡᠯᠬᠡᠷᠡᠬᠦᠯᠬᠦ ᠳᠤ᠂ ᠭᠤᠤᠯ ᠬᠦᠴᠦ ᠨᠡᠮᠡᠷᠢ ᠦᠵᠡᠬᠦᠯᠦᠭᠰᠡᠨ ᠬᠦᠮᠦᠰ ᠪᠤᠯ ᠵᠢᠷᠭᠤᠳᠤᠭᠠᠷ ᠲᠦᠷᠢ ᠶᠢᠨ ᠲᠠᠯᠠᠢ ᠯᠠᠮᠠ ᠼᠠᠩᠶᠠᠩᠵᠠᠮᠰᠦ᠂ ᠳ᠋ᠧᠰᠡᠷᠢᠳ ᠯᠠᠮᠠᠳᠠᠨ ᠠᠭᠸᠠᠩᠯ᠊ ᡁᠦᠨᠲᠦᠪᠳᠡᠷᠵᠢ᠂ ᠳ᠋ᠤᠪᠽᠠᠩ ᠬᠤᠳᠤᠭᠲᠦ ᠯᠤᠪᠰᠠᠩᠳᠠᠮᠪᠢᠭᠤᠮᠪᠤ᠂ ᠭᠠᠨᠵᠤᠤᠷᠪᠠ ᠪᠠᠭᠰᠢ ᠵᠠᠮᠢᠶᠠᠩᠬᠠᠢᠢᠳᠤᠪᠴᠦ᠋ᠢᠵᠢᠵᠠᠮᠰᠦ ᠵᠡᠷᠬᠡ ᠬᠡᠬᠡᠨ ᠬᠤᠳᠤᠭᠲᠦ ᠪᠤᠯᠤᠨ ᠱᠠᠪᠷᠤᠩ ᠤᠳ ᠪᠤᠯᠤᠨ᠎ᠠ᠃ ᠠᠯᠠᠱᠠ ᠬᠤᠰᠢᠭᠤ ᠠᠪᠤᠤ ᠨᠤᠶᠠᠨ ᠤ ᠦᠶ᠎ᠠ ᠠᠴᠠ ᠡᠬᠢᠯᠡᠨ ᠰᠢᠷ᠎ᠠ ᠶᠢᠨ ᠱᠠᠰᠢᠨ ᠤ ᠰᠦᠮ᠎ᠠ ᠬᠡᠶᠢᠳ ᠢ ᠤᠯᠠᠨ ᠲᠤᠭ᠎ᠠ ᠪᠠᠷ ᠪᠠᠶᠢᠭᠤᠯᠪᠠ᠃ ᠠᠯᠠᠱᠠ ᠳᠤ ᠰᠢᠷ᠎ᠠ ᠶᠢᠨ ᠱᠠᠰᠢᠨ ᠶᠡᠭᠡ ᠪᠠᠷ ᠲᠡᠯᠬᠡᠷᠡᠵᠦ᠂ ᠬᠤᠶᠡᠷ ᠲᠦᠮᠡ ᠬᠦᠷᠬᠦ ᠮᠤᠩᠭᠤᠯ ᠬᠦᠮᠦᠨ ᠲᠠᠢ ᠬᠤᠰᠢᠭᠤᠨ ᠳᠤ ᠯᠠᠮᠠ ᠬᠤᠸᠠᠷᠠᠭ ᠤᠨ ᠠᠵᠢᠯ ᠬᠢᠵᠦ ᠪᠠᠶᠢᠬᠤ ᠱᠠᠪᠢ ᠨᠡᠷ ᠤᠨ ᠲᠤᠭ᠎ᠠ ᠬᠠᠮᠤᠭ ᠤᠯᠠᠨ ᠳᠠᠭᠠᠨ 6370 ᠨᠡᠷ᠎ᠠ ᠳᠤ ᠬᠦᠷᠦᠭᠰᠡᠨ ᠪᠠᠶᠢᠨ᠎ᠠ᠃ ᠠᠯᠠᠱᠠ ᠳᠤ ᠪᠤᠷᠬᠠᠨ ᠤ ᠱᠠᠰᠢᠨ ᠲᠡᠯᠬᠡᠷᠡᠭᠰᠡᠨ ᠨᠢ ᠰᠢᠨᠵᠢᠶᠠᠩ ᠠᠴᠠ ᠡᠬᠢ ᠲᠠᠢ᠃ 1677 ᠤᠨ ︵ᠡᠩᠬᠡ ᠠᠮᠤᠭᠤᠯᠠᠩ ᠤᠨ ᠠᠷᠪᠠᠨ ᠵᠢᠷᠭᠤᠳᠤᠭᠠᠷ ᠤᠨ︶ ᠳᠤ ᠬᠤᠷᠤᠯᠢ ᠪᠠᠷᠠᠭᠤᠨ ᠲᠤᠤᠯᠢ ᠠᠴᠠ ᠬᠠᠷᠢᠶᠠᠲᠦ ᠤᠯᠠᠨ ᠢᠶᠠᠨ ᠲᠠᠭᠠᠭᠤᠯᠵᠦ ᠬᠦᠬᠡᠨᠡᠭᠤᠷ ᠢᠶᠠᠷ ᠭᠠᠷᠴᠦ ᠭᠠᠨᠰᠦ ᠶᠢᠨ ᠰᠢᠷ᠎ᠠ ᠲᠠᠯ᠎ᠠ ᠪᠠᠷ ᠲᠠᠭᠠᠷᠢᠵᠦ᠂ ᠠᠯᠠᠱᠠ ᠳᠤ ᠢᠷᠡᠬᠦ ᠳᠡᠭᠡᠨ ᠰᠢᠳᠦᠬᠡᠨ ᠤ ᠲᠠᠬᠢᠯᠴᠢ ᠯᠠᠮᠠ ᠮᠠᠨᠢᠴᠢ ᠯᠠᠮᠠ ᠪᠠ ᠬᠠᠯᠬ᠎ᠠ ᠶᠢᠨ ᠨᠠᠮᠺᠢᠪᠠᠯ ᠷᠠᠪᠵᠢᠮᠪᠠ ᠲᠡᠷᠢᠬᠦᠳᠡᠢ ᠬᠤᠶᠡᠷ ᠵᠠᠭᠤ ᠰᠢᠬᠠᠮ ᠯᠠᠮᠠ ᠶᠢ ᠲᠠᠭᠠᠭᠤᠯᠵᠦ ᠢᠷᠡᠵᠠᠢ᠃ ᠮᠠᠨᠢᠴᠢ ᠯᠠᠮᠠ ᠪᠤᠯ ᠤᠤᠯ ᠳᠠᠭᠠᠨ ᠲᠦᠪᠡᠳ ᠤᠨ ᠯ᠊ ᡁᠠᠰᠠ ᠶᠢᠨ ᠲᠡᠬᠦᠷᠬᠡ ᠶᠢᠨ ᠺᠡᠴᠢ ᠤᠷᠤᠨ ᠤ ᠨᠢᠬᠡ ᠤᠷᠤᠨ ᠤ ᠪᠠᠭ᠎ᠠ ᠰᠢᠮ᠎ᠠ ᠶᠢᠨ ᠱᠠᠪᠷᠤᠩ ᠪᠠᠶᠢᠪᠠ᠃ ᠲᠡᠷᠡ ᠲᠦᠪᠡᠳ ᠤᠨ ᠡᠬᠡ ᠪᠡᠷᠢᠠᠠᠴᠢ ᠳ᠋ᠧᠰᠡᠷᠢᠳ ᠬᠤᠳᠤᠭᠲᠦ ᠰᠠᠩᠵᠠᠶᠢᠵᠠᠮᠰᠦ ᠶᠢᠨ ᠲᠤᠮᠢᠯᠠᠭ᠎ᠠ ᠪᠠᠷ ᠤᠢᠢᠷᠡᠳ ᠤᠨ ᠴᠠᠸᠡᠩᠷᠡᠪᠳᠡᠨ ᠤ ᠲᠠᠷᠬᠡᠳᠠ ᠪᠠᠶᠢᠵᠦ ᠪᠠᠶᠢᠭᠠᠳ ᠰᠡᠬᠦᠯᠡᠷ ᠬᠤᠷᠤᠯᠢ ᠶᠢᠨ ᠬᠠᠵᠠᠭᠤ ᠳᠤ ᠬᠦᠷᠴᠦ ᠰᠢᠳᠦᠭᠳᠡᠵᠠᠢ᠃ ᠡᠶᠢᠮᠦ ᠠᠴᠠ ᠬᠤᠷᠤᠯᠢ ᠢᠯᠠᠭᠳᠠᠵᠦ᠂ ᠭᠠᠯᠳᠠᠨ ᠤ ᠲᠠᠶᠢᠨ ᠠᠴᠠ ᠲᠤᠳᠠᠭᠠᠵᠦ ᠠᠯᠠᠱᠠ ᠳᠤ ᠢᠷᠡᠬᠦ ᠳᠤ ᠮᠠᠨᠢᠴᠢ ᠯᠠᠮᠠ ᠮᠦᠨ ᠲᠠᠭᠠᠨ ᠢᠷᠡᠵᠦ ᠰᠢᠳᠦᠬᠡᠨ ᠤ ᠯᠠᠮᠠ ᠪᠤᠯᠪᠠ᠃ ᠮᠠᠨᠢᠴᠢ ᠯᠠᠮᠠ ᠶᠢᠨ ᠬᠤᠪᠢᠯᠭᠠᠨ ᠨᠠᠶᠢᠳᠠ ᠠᠷᠪᠠᠨ ᠨᠢᠬᠡᠨ ᠦᠶ᠎ᠠ ᠪᠤᠯᠤᠭᠰᠠᠨ ᠲᠡᠤᠬᠡ ᠲᠠᠢ᠃ ᠠᠯᠠᠱᠠ ᠳᠤ ᠢᠷᠡᠭᠰᠡᠨ ᠠᠴᠠ ᠬᠤᠶᠢᠰᠢ 1984 ᠤᠨ ᠪᠤᠯᠳᠠᠯ᠎ᠠ ᠨᠠᠶᠢᠳᠠ ᠲᠦᠷᠪᠠᠨ ᠲᠦᠷᠢ ᠶᠢ ᠲᠤᠳᠤᠷᠠᠭᠤᠯᠤᠭᠰᠠᠨ ᠪᠠᠶᠢᠨ᠎ᠠ᠃ ᠪᠤᠰᠤᠳ ᠲᠦᠷᠢ ᠨᠢ ᠪᠦᠷ ᠡᠨᠡᠳᠬᠡᠭ᠂ ᠲᠦᠪᠡᠳ ᠤᠨ ᠤᠷᠤᠨ ᠳᠤ ᠲᠤᠳᠤᠷᠡᠵᠠᠢ᠃ ᠬᠤᠷᠤᠯᠢ ᠶᠢ ᠲᠠᠭᠠᠵᠦ ᠠᠯᠠᠱᠠ ᠳᠤ ᠢᠷᠡᠭᠰᠡᠨ ᠮᠠᠨᠢᠴᠢ ᠯᠠᠮᠠ ᠶᠢ ᠠᠭᠸᠠᠩᠳᠠᠨᠵᠢᠨᠸᠠᠩᠵᠢᠯ ᠬᠡᠳᠡᠭ᠂ ᠬᠤᠶᠡᠳᠤᠭᠠᠷ ᠲᠦᠷᠢ ᠨᠢ ᠯᠤᠪᠰᠠᠩᠯᠡᠭᠳᠡᠯ ᠬᠡᠳᠡᠭ᠂ ᠭᠤᠷᠪᠠᠳᠤᠭᠠᠷ ᠲᠦᠷᠢ ᠨᠢ ᠨᠠᠸᠠᠩᠵᠢᠨᠸᠠᠩᠵᠢᠯ ᠬᠡᠳᠡᠭ᠂ ᠲᠦᠷᠪᠡᠳᠦᠬᠡᠷ ᠲᠦᠷᠢ ᠨᠢ ᠠᠭᠸᠠᠩᠲᠦᠪᠳᠡᠨᠸᠠᠩᠴᠤᠭ ᠬᠡᠳᠡᠭ᠃ 1697 ᠤᠨ ᠳᠤ ᠬᠤᠷᠤᠯᠢ ᠠᠯᠠᠱᠠ ᠬᠤᠰᠢᠭᠤ ᠶᠢ ᠪᠠᠶᠢᠭᠤᠯᠬᠤ ᠳᠤ ᠮᠠᠨᠢᠴᠢ ᠯᠠᠮᠠ ᠬᠤᠷᠤᠯᠢ ᠨᠤᠶᠠᠨ ᠤ ᠬᠡᠷ ᠤᠨ ᠰᠦᠮ᠎ᠠ ᠶᠢᠨ ᠰᠠᠩ ᠲᠠᠬᠢᠯ ᠤᠨ ᠯᠠᠮᠠ ᠶᠢᠨ ᠲᠤᠰᠢᠶᠠᠯ ᠢ ᠡᠬᠦᠷᠬᠡᠯᠡᠵᠦ᠂ ᠬᠤᠰᠢᠭᠤᠨ ᠤ ᠲᠡᠬᠡᠲᠦ ᠵᠡᠷᠬᠡ ᠶᠢᠨ ᠮᠦᠷᠬᠦᠯ ᠤᠨ ᠯᠠᠮᠠ ᠪᠤᠯᠬᠤ ᠪᠦᠬᠡᠳ ᠠᠯᠠᠱᠠ ᠶᠢᠨ ᠬᠠᠮᠤᠭ ᠠᠩᠬᠠᠨ ᠤ ᠱᠠᠪᠷᠤᠩ ᠤᠨ ᠨᠢᠬᠡ ᠨᠢ ᠪᠤᠯᠵᠠᠢ᠃ 1731 ᠤᠨ ᠤ ᠲᠦᠷᠪᠡᠳᠦᠬᠡᠷ ᠰᠠᠷ᠎ᠠ ᠶᠢᠨ ᠠᠷᠪᠠᠨ ᠬᠤᠶᠡᠷ ᠤᠨ ᠡᠳᠦᠷ᠂ ᠠᠪᠤᠤ ᠨᠤᠶᠠᠨ ᠬᠦᠬᠡᠨᠡᠭᠤᠷ ᠠᠴᠠ ᠠᠯᠠᠱᠠ ᠨᠤᠳᠤᠭ ᠲᠠᠭᠠᠨ ᠡᠬᠡᠵᠦ ᠢᠷᠡᠬᠡᠳ ᠵᠢᠷᠭᠤᠳᠤᠭᠠᠷ ᠰᠠᠷ᠎ᠠ ᠶᠢᠨ ᠬᠤᠷᠢᠨ ᠵᠢᠷᠭᠤᠭᠠᠨ ᠳᠤ ᠦᠯᠵᠡᠶᠢᠲᠦ ᠮᠦᠷᠡᠨ ᠤ ᠬᠦᠪᠡᠬᠡᠨ ᠳᠤ ᠲᠦᠪ ᠶᠠᠮᠤᠨ ᠢᠶᠠᠨ ᠪᠠᠶᠢᠭᠤᠯᠤᠨ ᠰᠠᠭᠤᠵᠦ᠂ ᠬᠤᠯᠠᠳᠠᠬᠢᠨ ᠢ ᠲᠤᠭᠳᠠᠭᠠᠭᠴᠢ ᠬᠤᠷᠢᠶ᠎ᠠ ᠳᠤ ᠰᠦᠮ᠎ᠠ ᠶᠢ ᠪᠠᠶᠢᠭᠤᠯᠪᠠ᠃ ᠡᠨᠡ ᠪᠤᠯ ᠤᠳᠤᠬᠢ ᠶᠢᠨ ᠶᠠᠮᠤᠨ ᠬᠡᠶᠢᠳ ᠮᠦᠨ᠃ ᠶᠠᠮᠤᠨ ᠬᠡᠶᠢᠳ ᠴᠦ ᠠᠯᠠᠱᠠ ᠬᠤᠱᠤᠳ ᠬᠤᠰᠢᠭᠤᠨ ᠤ ᠬᠠᠮᠤᠭ ᠤᠨ ᠠᠩᠬᠠᠨ ᠤ ᠪᠤᠷᠬᠠᠨ ᠤ ᠱᠠᠰᠢᠨ ᠤ ᠰᠦᠮ᠎ᠠ ᠬᠡᠶᠢᠳ ᠪᠤᠯᠤᠨ᠎ᠠ᠃ ᠠᠪᠤᠤ ᠨᠤᠶᠠᠨ ᠮᠠᠨᠢᠴᠢ ᠯᠠᠮᠠ ᠠᠭᠸᠠᠩᠳᠠᠨᠵᠢᠨᠸᠠᠩᠵᠢᠯ ᠢ ᠲᠤᠰ ᠰᠦᠮ᠎ᠠ ᠶᠢᠨ ᠲᠡᠷᠢᠬᠦᠨ ᠯᠠᠮᠠ ᠪᠠᠷ ᠡᠷᠬᠦᠮᠵᠢᠯᠡᠨ ᠭᠠᠱᠤᠭ ᠪᠢᠴᠢᠭ ᠦᠭᠴᠠᠢ᠃ ᠬᠤᠷᠤᠯᠢ ᠠᠯᠠᠱᠠ ᠨᠤᠳᠤᠭ ᠲᠤ ᠢᠷᠡᠬᠦ ᠳᠤ ᠨᠠᠮᠺᠠᠪᠠᠯ ᠬᠡᠭᠴᠢ ᠬᠠᠯᠬ᠎ᠠ ᠶᠢᠨ ᠲᠦᠰᠢᠶᠠᠲᠦ ᠠᠶᠢᠮᠠᠭ ᠤᠨ ᠬᠦᠮᠦᠨ ᠲᠠᠭᠠᠵᠦ ᠢᠷᠡᠬᠡᠳ ᠬᠤᠷᠤᠯᠢ ᠶᠢ ᠲᠠᠮᠵᠢᠵᠦ᠂ ᠰᠠᠴᠠᠨ ᠮᠡᠷᠬᠡᠨ ᠠᠷᠭ᠎ᠠ ᠤᠬᠠᠭᠠᠨ ᠰᠡᠳᠤᠵᠦ᠂ ᠬᠤᠷᠤᠯᠢ ᠶᠢᠨ ᠢᠳᠡᠬᠡᠯ ᠢ ᠤᠯᠵᠦ᠂ ᠲᠡᠬᠦᠨ ᠤ ᠰᠢᠳᠡᠷ ᠲᠤ ᠠᠵᠢᠯᠯᠠᠵᠦ᠂ ᠲᠠᠮ ᠪᠤᠯᠵᠦ ᠴᠢᠬᠤᠯᠠ ᠦᠢᠯᠡᠳᠦᠯ ᠦᠵᠡᠬᠦᠯᠦᠭᠰᠡᠨ ᠠᠴᠠ ᠬᠤᠷᠤᠯᠢ ᠨᠤᠶᠠᠨ ᠨᠠᠮᠺᠠᠪᠠᠯ ᠤᠨ ᠭᠠᠪᠢᠶ᠎ᠠ ᠶᠢ ᠢᠯᠡᠷᠬᠡᠶᠢᠯᠡᠵᠦ᠂ ᠦᠶ᠎ᠠ ᠤᠯᠠᠷᠢᠨ ᠵᠠᠯᠭᠠᠮᠵᠢᠯᠠᠬᠤ ᠲᠠᠭᠠᠨ ᠴᠤᠯᠠ ᠭᠠᠰᠤᠭ ᠪᠢᠴᠢᠭ ᠱᠠᠩᠨᠠᠵᠦ᠂ ᠬᠤᠰᠢᠭᠤ ᠨᠤᠳᠤᠭ ᠲᠠᠭᠠᠨ ᠠᠯᠪᠠ ᠤᠯᠠᠭ᠎ᠠ ᠦᠬᠡᠢ ᠡᠷᠬᠡ ᠲᠤᠷ᠎ᠠ ᠪᠠᠷ ᠨᠢ ᠶᠠᠪᠤᠭᠤᠯᠵᠠᠢ᠃ ᠲᠡᠬᠦᠨ ᠤ ᠬᠤᠶᠢᠴᠢᠰ ᠲᠠᠷᠬᠠᠨ ᠴᠤᠯᠠ ᠶᠢ ᠨᠢ ᠲᠤᠯᠤᠭᠠᠨ ᠦᠶ᠎ᠠ ᠵᠠᠯᠭᠠᠮᠵᠢᠯᠠᠭᠠᠳ ᠵᠠᠯᠭᠠᠮᠵᠢᠯᠠᠬᠤ ᠬᠦᠮᠦᠨ ᠦᠬᠡᠢ ᠳᠡᠭᠡᠨ ᠲᠠᠰᠤᠷᠠᠪᠠ᠃ ᠨᠠᠮᠺᠠᠪᠠᠯ ᠤᠨ ᠷᠡᠪᠵᠢᠮᠪᠠ ᠴᠤᠯᠠ ᠶᠢ ᠲᠡᠬᠦᠨ ᠢ ᠠᠮᠳᠤᠤ ᠲᠦᠪᠡᠳ ᠤᠨ ᠤᠷᠤᠨ ᠳᠤ ᠰᠤᠳᠤᠷ ᠲᠠᠷᠨᠢ ᠶᠢᠨ ᠶᠤᠰᠤᠨ ᠳᠤ ᠰᠢᠯᠭᠠᠷᠠᠭᠰᠠᠨ ᠤᠴᠢᠷ ᠲᠤ ᠲᠠᠪᠤᠳᠤᠭᠠᠷ ᠲᠠᠯᠠᠢ ᠯᠠᠮᠠ ᠠᠴᠠ ᠬᠠᠶᠢᠷᠠᠯᠠᠵᠠᠢ᠃ ᠲᠡᠬᠦᠨ ᠠᠴᠠ ᠭᠠᠳᠠᠨ᠎ᠠ᠂ ᠬᠤᠷᠤᠯᠢ ᠠᠯᠠᠱᠠ ᠨᠤᠳᠤᠭ ᠲᠤ ᠰᠠᠭᠤᠬᠤ ᠳᠠᠭᠠᠨ ᠤᠭ ᠨᠤᠳᠤᠭ ᠰᠢᠨᠵᠢᠶᠠᠩ ᠠᠴᠠ ︽ᠯ᠊ ᡁᠠᠮᠦ ᠶᠢᠨ ᠬᠦᠷᠦᠭ︾᠂ ︽ᠨᠠᠷᠲ᠋ᠠᠩ ᠭᠠᠨᠵᠤᠤᠷ︾᠂ ︽ᠬᠡᠬᠡᠨ ᠬᠦᠦᠰᠢ ᠬᠠᠭᠠᠨ ᠤ ᠬᠦᠷᠦᠭ︾ ᠲᠡᠷᠢᠬᠦᠳᠡᠨ ᠢ ᠠᠪᠴᠢᠷᠡᠵᠦ ᠦᠷᠬᠦᠬᠡ ᠳᠡᠭᠡᠨ ᠰᠢᠳᠦᠵᠦ ᠪᠠᠶᠢᠵᠠᠢ᠃ ᠡᠶᠢᠮᠦ ᠠᠴᠠ ᠠᠯᠠᠱᠠ ᠳᠤ ᠪᠤᠷᠬᠠᠨ ᠤ ᠱᠠᠰᠢᠨ ᠤ ᠲᠡᠯᠬᠡᠷᠡᠭᠰᠡᠨ ᠨᠢ ᠰᠢᠨᠵᠢᠶᠠᠩ ᠠᠴᠠ ᠡᠬᠢ ᠲᠠᠢ ᠬᠡᠵᠦ ᠬᠡᠯᠡᠵᠦ ᠪᠤᠯᠤᠨ᠎ᠠ᠃ ᠠᠪᠤᠤ ᠨᠤᠶᠠᠨ ᠄ ᠬᠤᠯᠠᠳᠠᠬᠢᠨ ᠢ ᠲᠤᠭᠳᠠᠭᠠᠭᠴᠢ ᠬᠤᠷᠢᠶ᠎ᠠ ᠲᠤᠳᠤᠷ᠎ᠠ ᠪᠠᠶᠢᠭᠰᠠᠨ ᠲᠠᠪᠤᠨ ᠲᠠᠰᠤᠯᠭ᠎ᠠ ᠰᠦᠮ᠎ᠠ ᠳᠤ ᠭᠤᠷᠪᠠᠨ ᠲᠠᠰᠤᠯᠭ᠎ᠠ ᠰᠠᠷᠠᠪᠴᠢ ᠦᠷᠬᠡᠳᠬᠡᠨ ᠪᠠᠷᠢᠵᠠᠢ᠂ ᠤᠳᠤ ᠶᠢᠨ ᠪᠠᠶᠢᠭ᠎ᠠ ᠲᠦᠷᠪᠠᠨ ᠮᠠᠬᠠᠷᠠᠨᠽᠠ ᠶᠢᠨ ᠭᠤᠷᠪᠠᠨ ᠲᠠᠰᠤᠯᠭ᠎ᠠ ᠰᠦᠮ᠎ᠠ ᠪᠤᠯ ᠤᠭ ᠰᠦᠮ᠎ᠠ ᠪᠤᠯᠤᠨ᠎ᠠ᠃ ᠪᠤᠰᠤᠳ ᠰᠦᠮ᠎ᠠ ᠶᠢ ᠰᠤᠶᠤᠯ ᠤᠨ ᠬᠤᠪᠢᠰᠬᠠᠯ ᠳᠤ ᠲᠠᠯᠬᠢᠭᠳᠠᠵᠠᠢ᠃ ᠬᠤᠯᠠᠳᠠᠬᠢᠨ ᠢ ᠲᠤᠭᠳᠠᠭᠠᠭᠴᠢ ᠬᠤᠷᠢᠶ᠎ᠠ ᠶᠢᠨ ᠭᠠᠳᠠᠨ᠎ᠠ ᠪᠠᠰᠠ ᠬᠠᠷ᠎ᠠ ᠯᠤᠤᠰ ᠤᠨ ᠰᠦᠮ᠎ᠠ᠂ ᠤᠳᠠᠴᠢ ᠶᠢᠨ ᠰᠦᠮ᠎ᠠ᠂ ᠳ᠋ᠠᠷ᠎ᠠ ᠡᠬᠡ ᠶᠢᠨ ᠰᠦᠮ᠎ᠠ ᠵᠡᠷᠬᠡ ᠪᠠᠷᠢᠯᠭ᠎ᠠ ᠤᠳ ᠪᠤᠢ᠃ ᠯᠤᠪᠰᠠᠩᠳᠤᠷᠵᠢ ᠨᠤᠶᠠᠨ᠄ ᠪᠠᠷᠠᠭᠤᠨ ᠬᠡᠶᠢᠳ ᠢ ᠰᠢᠨᠡᠳᠬᠡᠵᠦ᠂ ᠲᠤᠪᠵᠢᠯᠢᠩ ᠤᠨ ᠰᠦᠮ᠎ᠠ ᠶᠢ ᠪᠠᠷᠢᠪᠠ᠃ ᠸᠠᠩᠴᠢᠨᠪᠠᠮᠪᠡᠷ ᠨᠤᠶᠠᠨ᠄ ᠰᠠᠭᠤᠷᠢᠨ ᠳᠤ ᠰᠠᠭᠤᠭᠰᠠᠨ ᠤ ᠲᠠᠷᠠᠭ᠎ᠠ ᠤᠤᠯ ᠤᠨ ᠪᠠᠶᠢᠭᠰᠠᠨ ᠡᠯ᠎ᠠ ᠪᠠᠷᠢᠯᠭ᠎ᠠ ᠶᠢ ᠵᠠᠰᠠᠵᠦ᠂ ᠰᠦᠮ᠎ᠠ ᠲᠤᠭᠠᠡᠭ ᠢ ᠰᠢᠨᠡᠳᠬᠡᠪᠡ᠃ ᠲᠡᠷᠡ ᠪᠠᠰᠠ ᠬᠤᠳᠠ ᠶᠢᠨ ᠪᠠᠷᠠᠭᠤᠨ ᠴᠡᠴᠡᠷᠯᠢᠭ ᠲᠤ ᠳ᠋ᠠᠷ᠎ᠠ ᠡᠬᠡ ᠶᠢᠨ ᠰᠦᠮ᠎ᠠ ᠪᠠᠷᠢᠵᠦ᠂ ᠮᠠᠮᠪᠠ᠂ ᠠᠭᠪᠠ᠂ ᠳ᠋ᠦᠡᠭᠬᠦᠷ ᠲᠤᠭᠠᠡᠭ ᠬᠢᠬᠡᠳ ᠴᠠᠮ ᠤᠨ ᠬᠦᠷᠢᠶ᠎ᠠ ᠶᠢ ᠵᠠᠰᠠᠨ ᠪᠠᠷᠢᠵᠠᠢ᠃ ᠡᠬᠦᠨ ᠠᠴᠠ ᠭᠠᠳᠠᠨ᠎ᠠ ᠬᠠᠷ᠎ᠠ ᠯᠤᠤᠰ ᠤᠨ ᠰᠦᠮ᠎ᠠ᠂ ᠯᠤ᠋ ᠪᠠᠨ ᠮᠢᠶᠤᠤ᠂ ᠯᠤᠤ ᠽᠢ ᠮᠢᠶᠤᠤ ᠵᠡᠷᠬᠡ ᠰᠦᠮ᠎ᠠ ᠶᠢ ᠪᠠᠷᠢᠬᠤ ᠶᠢᠨ ᠬᠠᠮᠲᠦ ᠶᠠᠮᠤᠨ ᠰᠦᠮ᠎ᠠ ᠳᠤ ᠵᠦᠡᠭ ᠬᠡᠨᠭᠬᠡᠷᠬᠡ ᠶᠢᠨ ᠠᠰᠠᠷ ᠢ ᠪᠠᠷᠢᠵᠠᠢ᠃ ᠮᠠ᠊ ᡁᠠᠪᠠᠯᠠ ᠨᠤᠶᠠᠨ᠄ ᠪᠠᠭ᠎ᠠ ᠤᠳᠠᠴᠢ ᠶᠢᠨ 9 ᠲᠠᠰᠤᠯᠭ᠎ᠠ ᠪᠠᠶᠢᠰᠢᠩ ᠬᠢᠬᠡᠳ ᠪᠠᠷᠠᠭᠤᠨ ᠵᠡᠬᠦᠨ ᠲᠠᠯ᠎ᠠ ᠳᠤᠨᠢ ᠸᠠᠭᠠᠷ ᠨᠢᠷᠤᠭᠤ ᠲᠠᠢ᠂ ᠲᠤᠰᠪᠤᠷᠢ ᠭᠤᠷᠪᠠᠨ ᠲᠠᠰᠤᠯᠭ᠎ᠠ ᠪᠠᠶᠢᠰᠢᠩ ᠪᠠᠷᠢᠵᠦ᠂ ᠬᠠᠷ᠎ᠠ ᠯᠤᠤᠰ ᠤᠨ ᠰᠦᠮ᠎ᠠ ᠶᠢ 9 ᠲᠠᠰᠤᠯᠭ᠎ᠠ ᠪᠠᠷᠢᠪᠠ᠃ ᠡᠬᠦᠨ ᠠᠴᠠ ᠭᠠᠳᠠᠨ᠎ᠠ ᠪᠠᠰᠠ ᠦᠡᠭᠬᠡᠷᠡᠭᠰᠡᠨ ᠨᠤᠶᠠᠨ ᠳᠤ ᠰᠦᠮ᠎ᠠ ᠲᠤᠭᠠᠡᠭ ᠪᠠᠷᠢᠵᠦ ᠦᠭᠬᠦᠭᠰᠡᠨ ᠪᠠᠶᠢᠨ᠎ᠠ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号