ᠡᠵᠡᠨ᠎ᠡ ᠶᠢᠨ ᠬᠠᠭᠤᠴᠢᠨ ᠲᠤᠷᠭᠤᠳ
ᠨᠡᠶᠢᠲᠡᠯᠡᠭᠰᠡᠨ ᠴᠠᠭ᠄
2019/12/11
           ᠡᠵᠡᠨ᠎ᠡ ᠶᠢᠨ ᠬᠠᠭᠤᠴᠢᠨ ᠲᠤᠷᠭᠤᠳᠴᠤᠳ ᠢ ᠦᠬᠦᠯᠡᠬᠦ ᠳᠤ᠂ ᠠᠷᠠᠪᠵᠤᠤᠷ ᠢ ᠡ᠊ᠩ  ᠲᠡᠷᠢᠬᠦᠨ ᠳᠤ ᠲᠤᠷᠠᠳᠬᠤ ᠶᠤᠰᠤᠲᠠᠢ ᠪᠢᠯᠡ᠃ ᠴᠢᠩ ᠤᠯᠤᠰ ᠤᠨ ᠡ᠊ᠩᠭᠡ ᠠᠮᠤᠭᠤᠯᠠᠩ ᠤᠨ ᠭᠤᠴᠢᠨ ᠲᠤᠯᠤᠭᠠᠨ ᠤᠨ ᠳᠤ᠂ ᠢᠵᠢᠯ ᠮᠦ᠋ᠷᠡᠡ ᠤ ᠲᠤᠷᠭᠤᠳ ᠤᠨ ᠶᠡᠭᠡ ᠬᠠᠭᠠᠨ ᠠᠶᠤᠰᠢ ᠠᠷᠠᠪᠵᠤᠤᠷ ᠢ ᠲᠠᠯᠠᠢ ᠯᠠᠮ᠎ᠠ ᠳᠤ ᠪᠠᠷᠠᠭᠠᠳᠠᠨ ᠮᠦᠷᠬᠦᠯ ᠬᠢᠵᠦ ᠯᠠᠮ᠎ᠠ ᠶᠢᠨ ᠱᠠᠰᠢᠨ ᠵᠠᠯᠠᠵᠤ ᠢᠷᠡᠬᠦᠯᠬᠦ ᠶᠢ ᠲᠤᠰᠢᠶᠠᠨ ᠲᠤᠮᠢᠯᠠᠭᠰᠠᠨ ᠳᠤ᠂ ᠲᠡᠷᠡ 500 ᠴᠡᠷᠢᠭ ᠠᠯᠪᠠᠲᠤ ᠲᠠᠭᠠᠭᠤᠯᠤᠨ ᠮᠠᠨᠤ ᠲᠤᠬᠤᠢ ᠠᠴᠠ ᠲᠦᠪᠡᠳ ᠲᠤ ᠬᠦᠷᠴᠠᠢ᠃ 5 ᠵᠢᠯ ᠬᠢᠷᠢᠲᠠᠢ ᠪᠤᠶᠠᠨ ᠨᠤᠮ ᠦᠢᠯᠡᠳᠦᠬᠡᠳ ᠪᠤᠴᠠᠬᠤ ᠵᠠᠮ ᠢᠶᠠᠨ ᠡᠯᠬᠦᠬᠦ ᠭᠡᠰᠡᠨ ᠳᠤ ︽ᠰᠠᠨᠵᠠᠪ ᠤᠨ ᠬᠡᠷᠡᠭ ᠤᠴᠢᠷ︾ ᠡᠬᠦᠰᠴᠦ᠂ ᠲᠡᠳᠡᠨ ᠤ ᠪᠤᠴᠠᠬᠤ ᠵᠠᠮ ᠬᠠᠭᠠᠭᠳᠠᠭᠰᠠᠠ ᠪᠠᠶᠢᠨ᠎ᠠ᠃ ᠡᠬᠦᠨ ᠠᠴᠠ ᠪᠤᠯᠵᠤ ᠠᠷᠠᠪᠵᠤᠤᠷ ᠨᠤᠶᠠᠨ ᠠᠷᠭ᠎ᠠ ᠪᠤᠰᠤ ᠪᠡᠭᠡᠵᠢᠩ ᠳᠤ ᠡᠯᠴᠢ ᠵᠠᠷᠤᠨ ᠲᠤᠰᠠᠯᠠᠮᠵᠢ ᠭᠤᠶᠤᠭᠰᠠᠨ ᠳᠤ᠂ ᠲᠠᠶᠢᠴᠢᠩ ᠬᠦᠷᠦᠨ ᠠᠷᠠᠪᠵᠤᠤᠷ ᠲᠤ ᠬᠤᠱᠦᠢ ᠪᠠᠶᠢᠰᠠ ᠱᠠᠩᠨᠠᠭᠰᠠᠨ ᠲᠡᠳᠦᠢ ᠦᠭᠡᠢ  ᠪᠠᠰᠠ ᠪᠤᠭᠤᠮᠲᠠ ᠶᠢᠨ ᠭᠠᠳᠠᠨᠠᠬᠢ ᠳ᠋ᠠᠩ ᠤᠨ ᠭᠤᠤᠯ᠂ ᠰᠡᠷᠳᠡᠩ ᠵᠡᠷᠭᠡ ᠭᠠᠵᠠᠷ ᠲᠤ ᠨᠤᠲᠤᠭ  ᠵᠢᠭᠠᠵᠤ ᠰᠠᠭᠤᠯᠭᠠᠨ ᠦᠪᠡᠷᠰᠡᠳ ᠤᠨ ᠢᠶᠠᠨ ᠭᠠᠳᠠᠭᠠᠲᠤ ᠬᠠᠷᠢᠯᠴᠠᠭᠠᠨ ᠤ ᠪᠠᠭᠠᠵᠢ ᠪᠤᠯᠭᠠᠵᠠᠢ᠃         ᠡᠩᠬᠡ ᠠᠮᠤᠭᠤᠯᠠᠩ ᠤᠨ ᠲᠠᠪᠢᠨ ᠳᠠᠪᠤᠳᠤᠭᠠᠷ ᠤᠨ ᠳᠤ ᠠᠷᠠᠪᠵᠤᠤᠷ ᠬᠤᠱᠦᠢ ᠪᠠᠶᠢᠰᠠ ︽ᠶᠡᠭᠡ ᠴᠡᠷᠢᠭ ᠢ ᠲᠠᠭᠠᠨ ᠨᠢᠭᠡᠨ ᠮᠦᠷᠦᠨ ᠤ ᠬᠦᠴᠦᠨ ᠡᠷᠬᠦᠰᠦᠭᠡᠢ︾ ᠬᠡᠵᠦ ᠡᠷᠬᠦᠳᠡᠯ ᠭᠠᠷᠭᠠᠭᠰᠠᠨ ᠳᠤ᠂ ︽500 ᠴᠡᠷᠢᠭ ᠲᠠᠶᠢᠴᠢᠯᠠᠨ ᠭᠠᠰ ᠭᠡᠬᠦ ᠭᠠᠵᠠᠷ ᠲᠤ ᠬᠦᠷᠴᠦ᠂ ᠵᠠᠬᠦᠠᠭᠠᠷ ᠤᠨ ᠲᠤᠪᠲᠤᠯᠤᠯᠲᠠ ᠶᠢ ᠰᠡᠷᠭᠡᠶᠢᠯᠡ︾ ᠬᠡᠮᠡᠬᠦ ᠵᠠᠷᠯᠢᠭ ᠤᠴᠢᠭᠰᠠᠨ ᠪᠤᠯᠪᠠᠴᠤ  ᠲᠡᠷᠡ ᠲᠡᠮᠡᠢ ᠤᠳᠠᠯ ᠦᠭᠡᠢ ᠡᠪᠡᠳᠴᠢᠨ ᠢᠶᠠᠷ ᠨᠠᠰᠤ ᠪᠠᠷᠠᠪᠠ᠃ ᠠᠷᠠᠪᠵᠤᠤᠷ ᠤᠨ ᠵᠡᠷᠭᠡ ᠬᠡᠷᠬᠡᠮ ᠢ ᠠᠬᠠᠮᠠᠳ ᠬᠦᠪᠡᠬᠦᠨ ᠳ᠋ᠠᠨᠵᠦ᠋ᠩ ᠨᠢ ᠵᠠᠯᠭᠠᠮᠵᠢᠯᠠᠨ ᠬᠤᠱᠤᠢ ᠪᠠᠶᠢᠰᠠ ᠪᠤᠯᠵᠤ᠂ ᠨᠠᠶᠢᠷᠠᠯᠲᠤ ᠲᠦᠪ ᠤᠨ ᠲᠤᠯᠤᠳᠤᠭᠠᠷ ᠤᠨ ᠳᠤ ᠪᠡᠭᠡᠵᠢᠩ ᠳᠤ ᠬᠦᠷᠴᠦ ᠱᠢᠽᠦ᠋ᠩ ᠬᠠᠭᠠᠨ ᠳᠤ ᠪᠠᠷᠠᠭᠠᠯᠠᠬᠠᠭᠰᠠᠠ ᠳᠤ᠂  ᠲᠦᠷᠦ ᠶᠢᠨ ᠪᠠᠶᠢᠯᠡ ᠪᠠᠷ ᠡᠷᠬᠦᠮᠵᠢᠯᠡᠵᠡᠢ᠃ ᠨᠠᠶᠢᠷᠠᠯᠲᠤ ᠲᠦᠪ ᠤᠨ ᠶᠢᠰᠤᠳᠤᠭᠡᠷ ᠤᠨ ᠳᠤ  ᠳ᠋ᠠᠨᠵᠦ᠋ᠩ ᠵᠠᠬᠦᠠᠭᠠᠷ ᠲᠤ ᠲᠤᠪᠲᠤᠯᠤᠭᠳᠠᠬᠤ ᠠᠴᠠ ᠪᠠᠨ ᠠᠶᠤᠨ ᠡᠮᠢᠶᠡᠵᠦ ᠴᠢᠩ ᠤᠨ ᠲᠦᠷᠦ ᠳᠤ ᠲᠤᠳᠤᠭᠰᠢ ᠨᠡᠬᠦᠬᠦ ᠡᠷᠬᠦᠳᠡᠯ ᠭᠠᠷᠭᠠᠭᠰᠠᠨ ᠳᠤ᠂ ᠱᠠᠨ ᠭᠠᠨ ᠤ ᠪᠦᠬᠦᠳᠡ ᠶᠢ ᠵᠠᠬᠢᠷᠤᠭᠴᠢ ᠰᠠᠶᠢᠳ ᠴᠠᠯᠠᠩᠬ᠎ᠠ ᠳ᠋ᠠᠨᠵᠦ᠋ᠩ ᠨᠠᠷ ᠲᠤ ᠠᠯᠠᠭ ᠠᠭᠤᠯᠠ ᠠᠯᠲᠠᠨ ᠲᠡᠪᠰᠢ ᠳᠤ ᠭᠠᠵᠠᠷ ᠵᠢᠭᠠᠨ ᠦᠭᠴᠦ ᠨᠤᠲᠤᠭᠯᠠᠭᠤᠯᠵᠡᠢ᠃ ᠨᠠᠶᠢᠷᠠᠯᠲᠤ ᠲᠦᠪ ᠤᠨ ᠠᠷᠪᠠᠨ ᠨᠢᠭᠡᠳᠤᠭᠡᠷ ᠤᠨ ᠳᠤ ︽ᠮᠠᠨ ᠤ ᠤᠳᠤ ᠶᠢᠨ ᠰᠠᠭᠤᠵᠤ ᠪᠠᠶᠢᠬᠤ ᠡᠷᠪᠡᠬᠡᠢ ᠬᠡᠮᠡᠭᠴᠢ ᠭᠠᠵᠠᠷ ᠤᠰᠤ ᠬᠤᠪᠤᠷ᠂ ᠬᠠᠪᠤᠷ ᠴᠠᠰᠤ ᠬᠠᠶᠢᠯᠤᠭᠰᠠᠨ ᠤ ᠳᠠᠷᠠᠭ᠎ᠠ ᠰᠠᠭᠤᠬᠤ ᠳᠤ ᠪᠡᠷᠭᠡ ᠁︾ ᠬᠡᠬᠦ ᠮᠡᠲᠤ ᠪᠠᠷ ᠳᠡᠭᠡᠭᠰᠢ ᠮᠡᠳᠡᠬᠦᠯᠵᠦ᠂ ᠭᠠᠨ ᠵᠧᠦ ᠶᠢᠨ ᠬᠠᠷᠢᠶᠠᠨ ᠳᠠᠬᠢ ᠪᠡᠶᠡᠨ ᠬᠠᠷ᠎ᠠ ᠠᠭᠤᠯᠠ ᠬᠢᠭᠡᠳ ᠬᠠᠷᠰᠢ ᠪᠤᠷᠠᠭᠲᠤ ᠳᠤ ᠲᠦᠷ ᠨᠤᠲᠤᠭᠯᠠᠬᠤ ᠪᠠᠷ ᠭᠤᠶᠤᠴᠢᠯᠠᠭᠰᠠᠠ ᠳᠤ ᠵᠦᠪᠰᠢᠶᠡᠷᠡᠯ ᠤᠯᠵᠠᠢ᠃ ᠲᠡᠷᠡ ᠬᠠᠷᠢᠶᠠᠲᠤ ᠠᠯᠪᠠᠲᠤ ᠲᠠᠢ ᠪᠠᠨ ᠡᠪᠤᠯ ᠳᠡᠭᠡᠨ ᠠᠯᠠᠭ ᠠᠭᠤᠯᠠ ᠠᠯᠲᠠᠨ ᠲᠡᠪᠰᠢ᠂ ᠡᠷᠪᠡᠬᠡᠢ ᠵᠡᠷᠭᠡ ᠭᠠᠵᠠᠷ ᠢᠶᠠᠷ ᠰᠠᠭᠤᠷᠢᠰᠢᠨ ᠮᠠᠯᠵᠢᠵᠤ᠂ ᠵᠤᠨ ᠳᠠᠭᠠᠨ ᠰᠢᠶᠠ ᠺᠧᠦ ᠬᠠᠭᠠᠯᠭ᠎ᠠ ᠶᠢᠨ ᠲᠤᠲᠤᠨ᠎ᠠ ᠤᠷᠤᠵᠤ᠂ ᠪᠠᠶᠠᠨ ᠬᠠᠷ᠎ᠠ ᠠᠭᠤᠯᠠ᠂ ᠬᠠᠷᠰᠢ ᠪᠤᠷᠠᠭᠲᠤ ᠪᠠᠷ ᠤᠲᠤᠷᠯᠠᠨ ᠮᠠᠯᠵᠢᠵᠤ ᠪᠠᠶᠢᠵᠡᠢ᠃ ᠨᠠᠶᠢᠷᠠᠯᠲᠤ ᠲᠦᠪ ᠤᠨ ᠠᠷᠪᠠᠨ ᠭᠤᠷᠪᠠᠳᠤᠭᠠᠷ ᠤᠨ ᠳᠤ ᠳ᠋ᠠᠨᠵᠦ᠋ᠩ ᠪᠠᠶᠢᠯᠡ ᠬᠠᠷᠢᠶᠠᠲᠤ ᠠᠯᠪᠠᠲᠤ ᠲᠠᠢ ᠪᠠᠨ ᠬᠠᠷ᠎ᠠ ᠭᠤᠤᠯ ᠤᠨ ᠤᠷᠤᠰᠬᠠᠯ ᠢ ᠤᠷᠤᠭᠤᠳᠠᠨ ᠲᠠᠭᠠᠵᠤ ᠤᠪᠤᠨ ᠴᠤᠪᠤᠨ ᠨᠡᠬᠦᠳᠡᠯᠯᠡᠨ ᠶᠠᠪᠤᠭᠰᠠᠭᠠᠷ ᠡᠵᠡᠨ᠎ᠡ ᠳᠤ ᠲᠠᠬᠢᠨᠲᠠ ᠡᠷᠬᠢᠨ ᠢᠷᠡᠵᠦ ᠡᠨᠡᠬᠦ ᠭᠠᠵᠠᠷ ᠨᠤᠲᠤᠭ ᠢᠶᠠᠷ ᠡᠴᠤᠰ ᠤᠨ ᠦᠷᠲᠡᠭᠡ ᠪᠠᠨ ᠪᠤᠯᠭᠠᠵᠠᠢ᠃ ᠲᠡᠭᠷᠢ ᠲᠡᠳᠬᠦᠭᠴᠢ ᠶᠢᠨ ᠲᠠᠪᠤᠳᠤᠭᠠᠷ ᠤᠨ ᠳᠤ ᠳ᠋ᠠᠨᠵᠦ᠋ᠩ ᠲᠠᠭᠠᠯᠠᠯ ᠲᠡᠬᠦᠰᠴᠦ᠂ ᠲᠡᠭᠦᠨ ᠤ ᠶᠡᠭᠡ ᠬᠦᠤ ᠯᠤᠪᠰᠠᠩᠳᠠᠷᠵᠠ ᠵᠡᠷᠭᠡ ᠬᠡᠷᠬᠡᠮ ᠢ ᠨᠢ  ᠵᠠᠯᠭᠠᠮᠵᠢᠯᠠᠨ ᠲᠦᠷᠦ ᠶᠢᠨ ᠪᠠᠶᠢᠯᠡ ᠰᠠᠭᠤᠭᠰᠠᠨ ᠪᠤᠯᠪᠠᠴᠤ ᠨᠠᠰᠤ ᠪᠠᠭ᠎ᠠ ᠠᠴᠠ ᠪᠤᠯᠵᠤ᠂ ᠴᠢᠩ ᠤᠯᠤᠰ ᠤᠨ ᠭᠠᠳᠠᠭᠠᠲᠤ ᠮᠤᠩᠭᠤᠯ ᠤᠨ ᠲᠦᠷᠦ ᠶᠢ ᠵᠠᠰᠠᠬᠤ ᠶᠠᠪᠤᠳᠠᠯ ᠤᠨ ᠶᠠᠮᠤᠨ ᠠᠴᠠ ᠲᠤᠰᠬᠠᠢ ᠲᠦᠰᠢᠮᠡᠯ ᠲᠤᠮᠢᠯᠠᠨ ᠠᠶᠢᠮᠠᠭ ᠤᠭᠰᠠᠭᠠᠨ ᠤ ᠬᠢᠨᠢ ᠲᠤᠲᠤᠭᠠᠲᠤ ᠬᠡᠷᠡᠭ ᠤᠴᠢᠷ ᠢ ᠤᠷᠤᠯᠠᠨ ᠬᠦᠢᠴᠡᠳᠬᠡᠵᠦ ᠪᠠᠶᠢᠵᠡᠢ᠃          ᠲᠡᠭᠷᠢ ᠲᠡᠳᠬᠦᠭᠴᠢ ᠶᠢᠨ ᠠᠷᠪᠠᠨ ᠲᠤᠯᠤᠳᠤᠭᠠᠷ ᠤᠨ ᠳᠤ ᠴᠢᠩ ᠤᠨ ᠵᠠᠰᠠᠭ ᠠᠴᠠ ᠡᠨᠡᠬᠦ ᠲᠦᠰᠢᠮᠡᠯ ᠢᠶᠠᠨ ᠪᠣᠴᠠᠭᠠᠠ ᠠᠪᠠᠴᠢᠭᠰᠠᠠ ᠪᠠ ᠲᠠᠷᠠᠭ᠎ᠠ ᠵᠢᠯ ᠨᠢ ᠯᠤᠪᠰᠠᠩᠳᠠᠷᠵᠠ ᠳᠤ ᠬᠤᠰᠢᠭᠤᠨ ᠤ ᠵᠠᠰᠠᠭ ᠤᠨ ᠡᠷᠭᠡ ᠤᠯᠭᠤᠨ᠂ ᠮᠠᠨᠵᠤ ᠮᠤᠩᠭᠤᠯ ᠦᠰᠦᠭ ᠬᠠᠪᠰᠤᠷᠭᠠᠭᠰᠠᠨ ︽ᠬᠠᠭᠤᠴᠢᠨ ᠲᠤᠷᠭᠤᠳ ᠬᠤᠰᠢᠭᠤ ᠶᠢ ᠵᠠᠬᠢᠷᠬᠤ ᠵᠠᠰᠠᠭ ᠤᠨ ᠲᠠᠮᠠᠭ᠎ᠠ ︾ ᠬᠡᠮᠡᠬᠦ ᠮᠦᠩᠬᠦᠨ ᠲᠠᠮᠠᠭ᠎ᠠ ᠪᠠᠭᠤᠯᠭᠠᠨ ︽ᠡᠵᠡᠨ᠎ᠡ ᠬᠠᠭᠤᠴᠢᠨ ᠲᠤᠷᠭᠤᠳ ᠤᠨᠴᠠᠭᠠᠢ ᠬᠤᠰᠢᠭᠤ︾ ᠬᠡᠮᠡᠨ ᠨᠡᠷᠡᠶᠢᠳᠴᠦ᠂ ᠲᠠᠶᠢᠴᠢᠩ ᠬᠦᠷᠦᠨ ᠤ  ᠭᠠᠳᠠᠭᠠᠳᠤ ᠮᠤᠩᠭᠤᠯ ᠤᠨ ᠲᠦᠷᠦ ᠶᠢ ᠵᠠᠰᠠᠬᠤ ᠶᠠᠪᠤᠳᠠᠯ ᠤᠨ ᠶᠠᠮᠤᠨ ᠳᠤ ᠬᠠᠮᠢᠶᠠᠷᠤᠭᠳᠠᠬᠤ ︽ᠲᠦᠪ ᠤᠨ ᠰᠢᠭᠤᠳ ᠬᠠᠷᠢᠶᠠᠲᠤ ᠪᠠᠶᠢᠭᠤᠯᠤᠯᠭ᠎ᠠ︾ ᠪᠤᠯᠵᠡᠢ᠃ ᠢᠩᠬᠢᠭᠰᠡᠨ ᠢᠶᠠᠷ᠂ ᠡᠬᠡ ᠨᠤᠲᠤᠭ ᠲᠠᠭᠠᠨ ᠡᠷᠬᠢᠵᠦ ᠬᠠᠷᠢᠵᠤ ᠴᠢᠳᠠᠯ ᠦᠭᠡᠢ ᠪᠤᠰᠤᠳ ᠤᠨ ᠦᠷᠦᠰᠢᠶᠡᠯ ᠬᠠᠶᠢᠷ᠎ᠠ ᠪᠠᠷ  ᠪᠠᠭᠤᠳᠠᠯ ᠦᠷᠲᠡᠭᠡ ᠰᠤᠯᠢᠨ᠂ ᠲᠠᠪᠢᠭᠠᠳ ᠵᠢᠯ ᠴᠠᠭᠠᠴᠢᠯᠠᠭᠰᠠᠠ ᠲᠤᠷᠭᠤᠳ ᠤᠨ ᠡᠨᠡᠬᠦ ᠦᠨᠦᠴᠢᠨ ᠰᠠᠯᠠᠭ᠎ᠠ ᠬᠦᠮᠦᠰ ᠡᠴᠤᠰ ᠲᠡᠭᠡᠨ ᠦᠪᠡᠷ ᠤᠨ ᠭᠡᠰᠡᠨ ᠤᠷᠤᠩᠨᠠᠬᠤ ᠬᠤᠰᠢᠭᠤ ᠨᠤᠲᠤᠭ ᠲᠠᠢ ᠪᠤᠯᠣᠭᠰᠠᠠ ᠪᠠᠶᠢᠨ᠎ᠠ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号